Mongolian White
Font Name : Mongolian
White
Font Type : AAT
Font Encoding :
UNICODE
Font Version : 1.0
Font Maker : Almas
Inc.
Release Date :
2011/11
Copyright : Almas
Inc.
License Agrrement : Free
for individuals to use, It is not allowed to sale or
provide in terms of any kinds of charges.
Download File
ᠺᠣᠮᠫᠢᠦ᠋ᠲ᠋ᠧᠷ
ᠺᠣᠮᠫᠢᠦ᠋ᠲ᠋ᠧᠷ ᠪᠣᠯ ᠴᠣ᠋ ᠰᠢᠨ᠎ᠡ ᠪᠣᠲᠤᠯᠭ᠎ᠠ ᠢᠢᠨ ᠮᠠᠰᠢᠨ ᠮᠦᠨ᠃ ᠲᠡᠷᠡ ᠨᠢ
ᠬᠦᠮᠦᠨ ᠦ ᠳᠠᠷᠢᠬᠢᠨ ᠤ ᠠᠵᠢᠯᠯᠠᠭ᠎ᠠ ᠶᠢ ᠳᠠᠭᠤᠷᠢᠶᠠᠵᠤ ᠲᠥᠯᠦᠪᠯᠡᠨ
ᠭᠠᠷᠭᠠᠭᠰᠠᠨ ᠨᠢᠭᠡ ᠵᠦᠢᠯ ᠦᠨ ᠡᠯᠧᠺᠲ᠋ᠷᠦᠨ ᠪᠠᠭᠠᠵᠢ ᠪᠣᠯᠣᠨ᠎ᠠ᠃
ᠺᠣᠮᠫᠢᠦ᠋ᠲ᠋ᠧᠷ ᠬᠦᠮᠦᠨ ᠦ ᠳᠠᠷᠢᠬᠢ ᠲᠠᠢ ᠠᠳᠠᠯᠢ ᠪᠡᠷ ᠰᠤᠷᠠᠭ ᠳᠣᠬᠢᠶ᠎ᠠ ᠶᠢ
ᠬᠠᠳᠠᠭᠠᠯᠠᠵᠤ ᠴᠢᠳᠠᠬᠤ ᠪᠡᠷ ᠪᠠᠷᠠᠬᠤ ᠦᠭᠡᠢ᠂ ᠪᠠᠰᠠ ᠬᠠᠳᠠᠭᠠᠯᠠᠭᠳᠠᠵᠤ
ᠪᠠᠢᠢᠭ᠎ᠠ ᠰᠤᠷᠠᠭ ᠳᠣᠬᠢᠶᠠᠨ ᠳᠤ ᠵᠣᠬᠢᠬᠤ ᠬᠡᠮᠵᠢᠶᠡᠨ ᠤ ᠯᠣᠭᠢᠭ
ᠵᠦᠢᠴᠢᠯᠡᠯ ᠦᠨ ᠠᠵᠢᠯᠯᠠᠭ᠎ᠠ ᠪᠠ ᠮᠠᠭᠠᠳᠯᠠᠯᠲᠠ ᠦᠭᠴᠦ ᠴᠢᠳᠠᠨ᠎ᠠ᠃ ᠡᠨᠡ
ᠮᠡᠲᠦ ᠪᠡᠷ ᠺᠣᠮᠫᠢᠦ᠋ᠲ᠋ᠧᠷ ᠬᠦᠮᠦᠨ ᠦ ᠣᠶᠤᠨ ᠤ ᠬᠥᠳᠡᠯᠮᠦᠷᠢ ᠶᠢ ᠣᠷᠣᠯᠠᠵᠤ
ᠴᠢᠳᠠᠳᠠᠭ ᠲᠤᠯᠠ ᠲᠡᠭᠦᠨ ᠢ ᠪᠠᠰᠠ ᠡᠯᠧᠺᠲ᠋ᠷᠦᠨ ᠳᠠᠷᠢᠬᠢ ᠭᠡᠵᠦ
ᠨᠡᠷᠡᠯᠡᠳᠡᠭ᠃
1946 ᠣᠨ ᠳᠤ ᠠᠩᠬᠠᠨ ᠤ ᠺᠣᠮᠫᠢᠦ᠋ᠲ᠋ᠧᠷ ᠢ ᠡᠭᠦᠳᠦᠨ ᠭᠠᠷᠭᠠᠪᠠ᠃ ᠠᠩᠬᠠᠨ ᠤ
ᠺᠣᠮᠫᠢᠦ᠋ᠲ᠋ᠧᠷ ᠦᠨ ᠬᠥᠨᠳᠦ ᠨᠢ 30 ᠲᠤᠨ᠂ ᠡᠵᠡᠯᠡᠭᠦ ᠵᠠᠢ ᠨᠢ ᠬᠡᠳᠦ ᠬᠡᠳᠦᠨ
ᠥᠷᠥᠭᠡ᠂ ᠰᠧᠺᠦ᠋ᠨ᠋ᠳ᠋ ᠪᠦᠷᠢ ᠪᠠᠷᠤᠭ 5000 ᠤᠳᠠᠭ᠎ᠠ ᠪᠣᠳᠤᠯᠭ᠎ᠠ
ᠪᠣᠳᠤᠨ᠎ᠠ᠃
ᠡᠯᠧᠺᠲ᠋ᠷᠦᠨ ᠮᠡᠷᠭᠡᠵᠢᠯ ᠦᠨ ᠬᠥᠭᠵᠢᠯᠲᠡ ᠶᠢ ᠳᠠᠭᠠᠯᠳᠤᠨ ᠺᠣᠮᠫᠢᠦ᠋ᠲ᠋ᠧᠷ
ᠣᠯᠠᠮ ᠣᠯᠠᠮ ᠢᠢᠡᠷ ᠵᠢᠵᠢᠭ᠍ᠷᠡᠨ᠂ ᠪᠣᠳᠤᠬᠤ ᠬᠤᠷᠳᠤᠴᠠ ᠨᠢ ᠳᠠᠰᠤᠷᠠᠯᠲᠠ ᠦᠭᠡᠢ
ᠲᠥᠷᠭᠡᠰᠴᠦ ᠪᠠᠢᠢᠨ᠎ᠠ᠃ ᠣᠳᠣ ᠰᠧᠺᠦ᠋ᠨ᠋ᠳ᠋ ᠪᠦᠷᠢ ᠳᠦ ᠬᠡᠳᠦᠨ ᠠᠷᠪᠠᠨ ᠲᠥᠮᠡᠨ
ᠤᠳᠠᠭ᠎ᠠ᠂ ᠬᠡᠳᠦᠨ ᠮᠢᠩᠭᠠᠨ ᠲᠥᠮᠡᠨ ᠤᠳᠠᠭ᠎ᠠ ᠪᠣᠳᠤᠯᠭ᠎ᠠ ᠪᠣᠳᠤᠬᠤ
ᠺᠣᠮᠫᠢᠦ᠋ᠲ᠋ᠧᠷ ᠪᠣᠢ ᠪᠣᠯᠪᠠ᠃ ᠲᠣᠮᠤ ᠬᠡᠯᠪᠡᠷᠢ ᠢᠢᠨ ᠥᠨᠳᠦᠷ ᠬᠤᠷᠳᠤᠴᠠ ᠲᠠᠢ
ᠺᠣᠮᠫᠢᠦ᠋ᠲ᠋ᠧᠷ ᠰᠧᠺᠦ᠋ᠨ᠋ᠳ᠋ ᠪᠦᠷᠢ ᠬᠡᠴᠢᠨᠡᠨ ᠳ᠋ᠦᠩᠰᠢᠭᠤᠷ ᠤᠳᠠᠭ᠎ᠠ
ᠪᠣᠳᠤᠯᠭ᠎ᠠ ᠪᠣᠳᠤᠵᠤ ᠠᠮᠵᠢᠨ᠎ᠠ᠃
ᠺᠣᠮᠫᠢᠦ᠋ᠲ᠋ᠧᠷ ᠨᠢ ᠪᠣᠳᠤᠭᠤᠷ᠂ ᠬᠠᠳᠠᠭᠠᠯᠠᠭᠤᠷ᠂ ᠡᠵᠡᠮᠰᠢᠭᠦᠷ᠂
ᠣᠷᠤᠭᠤᠯᠤᠭᠤᠷ᠂ ᠭᠠᠷᠭᠠᠭᠤᠷ ᠵᠡᠷᠭᠡ ᠲᠠᠪᠤᠨ ᠬᠡᠰᠡᠭ ᠢᠢᠡᠷ
ᠪᠥᠷᠢᠯᠳᠦᠵᠡᠢ᠃
ᠺᠣᠮᠫᠢᠦ᠋ᠲ᠋ᠧᠷ ᠦᠨ ᠪᠣᠳᠤᠭᠤᠷ ᠪᠣᠯ ᠪᠣᠳᠤᠯᠭ᠎ᠠ ᠪᠣᠳᠤᠬᠤ ᠪᠠᠭᠠᠵᠢ ᠮᠦᠨ᠃
ᠬᠠᠳᠠᠭᠠᠯᠠᠭᠤᠷ ᠪᠣᠯ ᠵᠦᠢᠯ ᠪᠦᠷᠢ ᠢᠢᠨ ᠲᠣᠭ᠎ᠠ ᠪᠠᠷᠢᠮᠲᠠ ᠶᠢ ᠬᠠᠳᠠᠭᠠᠯᠠᠨ᠎ᠠ᠃
ᠡᠵᠢᠮᠰᠢᠭᠦᠷ ᠪᠣᠯ ᠬᠡᠰᠡᠭ ᠪᠦᠷᠢ ᠢᠢᠨ ᠠᠵᠢᠯᠯᠠᠭ᠎ᠠ ᠶᠢ ᠵᠠᠬᠢᠷᠴᠤ
ᠵᠢᠯᠤᠭᠤᠳᠬᠤ ᠪᠠ ᠲᠣᠭ᠎ᠠ ᠪᠠᠷᠢᠮᠲᠠ ᠶᠢ ᠬᠠᠮᠢᠶᠠᠷᠬᠤ ᠦᠢᠯᠡᠲᠦᠯ ᠲᠠᠢ᠃
ᠣᠷᠤᠭᠤᠯᠤᠭᠤᠷ ᠢᠢᠡᠷ ᠳᠠᠮᠵᠢᠭᠤᠯᠵᠤ ᠡᠯ᠎ᠡ ᠵᠦᠢᠯ ᠦᠨ ᠲᠣᠭ᠎ᠠ ᠪᠠᠷᠢᠮᠲᠠ ᠪᠡᠨ
ᠺᠣᠮᠫᠢᠦ᠋ᠲ᠋ᠧᠷ ᠲᠦ ᠮᠡᠳᠡᠭᠳᠡᠭᠡᠳ᠂ ᠭᠠᠷᠭᠠᠭᠤᠷ ᠢᠢᠡᠷ ᠳᠠᠮᠵᠢᠭᠤᠯᠵᠤ
ᠺᠣᠮᠫᠢᠦ᠋ᠲ᠋ᠧᠷ ᠦᠨ ᠪᠣᠳᠤᠵᠤ ᠭᠠᠷᠭᠠᠭᠰᠠᠨ ᠦᠷ᠎ᠡ ᠳ᠋ᠦᠩ ᠢ ᠮᠡᠳᠡᠵᠦ
ᠠᠪᠳᠠᠭ᠃
ᠺᠣᠮᠫᠢᠦ᠋ᠲ᠋ᠧᠷ ᠢ ᠠᠪᠤᠷᠭᠤ ᠺᠣᠮᠫᠢᠦ᠋ᠲ᠋ᠧᠷ᠂ ᠲᠣᠮᠤ ᠺᠣᠮᠫᠢᠦ᠋ᠲ᠋ᠧᠷ᠂ ᠳᠣᠮᠳᠠ
ᠺᠣᠮᠫᠢᠦ᠋ᠲ᠋ᠧᠷ᠂ ᠵᠢᠵᠢᠭ᠌ ᠺᠣᠮᠫᠢᠦ᠋ᠲ᠋ᠧᠷ᠂ ᠪᠢᠴᠢᠯ ᠺᠣᠮᠫᠢᠦ᠋ᠲ᠋ᠧᠷ ᠭᠡᠵᠦ
ᠬᠣᠪᠢᠶᠠᠨ᠎ᠠ᠃ ᠣᠳᠣᠬᠠᠨ ᠳᠤ ᠪᠢᠴᠢᠯ ᠺᠣᠮᠫᠢᠦ᠋ᠲ᠋ᠧᠷ ᠲᠥᠭᠡᠮᠡᠯᠵᠢᠵᠦ ᠪᠠᠢᠢᠨ᠎ᠠ᠃
ᠳᠡᠯᠡᠬᠡᠢ ᠢᠢᠨ ᠤᠯᠤᠰ ᠣᠷᠣᠨ ᠥᠪᠡᠷ ᠥᠪᠡᠷ ᠦᠨ ᠬᠡᠷᠡᠭᠴᠡᠭᠡ ᠪᠡᠷ ᠠᠲᠠᠯᠢ ᠪᠣᠰᠤ
ᠲᠡᠮᠳᠡᠭ ᠲᠠᠢ᠂ ᠠᠲᠠᠯᠢ ᠪᠣᠰᠤ ᠭᠡᠯᠪᠡᠷᠢ ᠲᠠᠢ ᠪᠢᠴᠢᠯ ᠺᠣᠮᠫᠢᠦ᠋ᠲ᠋ᠧᠷ ᠦᠳ ᠢ
ᠦᠢᠯᠡᠳᠦᠭᠰᠡᠨ ᠶᠣᠮ᠃
ᠺᠣᠮᠫᠢᠦ᠋ᠲ᠋ᠧᠷ ᠦᠨ ᠲᠣᠭ᠎ᠠ ᠪᠣᠳᠤᠬᠤ ᠬᠤᠷᠳᠤᠴᠠ ᠨᠢ ᠲᠥᠷᠭᠡᠨ ᠪᠠᠢᠢᠳᠠᠭ᠃
ᠬᠡᠳᠦᠢ ᠪᠣᠳᠤᠯᠢᠶᠠᠨᠲᠠᠢ ᠠᠰᠠᠭᠤᠳᠠᠯ ᠪᠣᠯᠤᠭᠰᠠᠨ ᠴᠤ ᠵᠦᠪᠬᠡᠨ
ᠫᠷᠤᠭ᠍ᠷᠠᠮ ᠢᠢᠡᠨ ᠠᠩᠬᠠᠨ ᠤ ᠲᠣᠭ᠎ᠠ ᠪᠠᠷᠢᠮᠲᠠ ᠲᠠᠢ ᠪᠡᠨ ᠬᠠᠮᠲᠤ
ᠺᠣᠮᠫᠢᠦ᠋ᠲ᠋ᠧᠷ ᠲᠦ ᠮᠡᠳᠡᠭᠳᠡᠪᠡᠯ ᠲᠡᠷᠡ ᠨᠢ ᠬᠦᠮᠦᠨ ᠦ ᠬᠦᠴᠦ ᠪᠡᠷ
ᠨᠠᠢᠢᠷᠠᠭᠤᠯᠤᠨ ᠵᠣᠬᠢᠶᠠᠭᠰᠠᠨ ᠫᠷᠤᠭ᠍ᠷᠠᠮ ᠤᠨ ᠶᠣᠰᠤ ᠪᠡᠷ ᠲᠣᠭ᠎ᠠ
ᠪᠠᠷᠢᠮᠲᠠ ᠶᠢ ᠪᠣᠳᠤᠵᠤ᠂ ᠠᠰᠠᠭᠤᠳᠠᠯ ᠢ ᠠᠯᠬᠤᠮ ᠠᠯᠬᠤᠮ ᠢᠢᠡᠷ ᠰᠢᠢᠳᠪᠦᠷᠢᠯᠡᠵᠦ
ᠭᠠᠷᠭᠠᠳᠠᠭ᠃
ᠬᠡᠷᠪᠡ ᠬᠦᠮᠦᠰ ᠺᠣᠮᠫᠢᠦ᠋ᠲ᠋ᠧᠷ ᠲᠦ ᠶᠠᠮᠠᠷ ᠨᠢᠭᠡᠨ ᠪᠠᠷᠢᠯᠭ᠎ᠠ ᠪᠣᠶᠥ
ᠨᠠᠷᠢᠯᠢᠭ ᠮᠠᠰᠢᠨ ᠤ ᠵᠢᠷᠤᠭ ᠲᠥᠯᠥᠪᠯᠡᠭᠡ ᠢᠢᠨ ᠫᠷᠤᠭ᠍ᠷᠠᠮ ᠢ ᠤᠭᠰᠠᠷᠠᠨ
ᠲᠠᠭᠠᠷᠠᠭᠤᠯᠪᠠᠯ᠂ ᠺᠣᠮᠫᠢᠦ᠋ᠲ᠋ᠧᠷ ᠬᠦᠮᠦᠰ ᠦᠨ ᠱᠠᠭᠠᠷᠳᠠᠯᠭ᠎ᠠ ᠶᠢ ᠦᠨᠳᠦᠰᠦᠯᠡᠨ
ᠡᠯ᠎ᠡ ᠵᠦᠢᠯ ᠦᠨ ᠬᠩᠭᠠᠮᠵᠢᠲᠠᠢ ᠦᠯᠢᠭᠡᠷ ᠵᠢᠷᠤᠭ ᠪᠠ ᠲᠣᠭ᠎ᠠ ᠪᠠᠷᠢᠮᠲᠠ ᠶᠢ
ᠳᠠᠷᠤᠢ ᠲᠥᠷᠭᠡᠨ ᠳᠤᠷᠠᠳᠤᠨ ᠭᠠᠷᠭᠠᠭᠠᠳ ᠬᠦᠮᠦᠰ ᠢᠢᠡᠷ ᠰᠤᠩᠭᠤᠯᠲᠠ
ᠬᠢᠯᠭᠡᠳᠡᠭ᠃
ᠬᠡᠷᠪᠡ ᠪᠢᠳᠡ ᠠᠵᠤ ᠠᠬᠤᠢᠢᠯᠠᠯ ᠤᠨ ᠬᠠᠮᠢᠶᠠᠷᠤᠯᠲᠠ ᠢᠢᠨ ᠫᠷᠤᠭ᠍ᠷᠠᠮ ᠢ
ᠲᠠᠭᠠᠷᠠᠭᠤᠯᠪᠠᠯ᠂ ᠲᠡᠷᠡ ᠨᠢ ᠱᠠᠭᠠᠷᠳᠠᠯᠭ᠎ᠠ ᠶᠣᠰᠤ ᠪᠡᠷ ᠦᠢᠯᠡᠳᠪᠦᠷᠢᠯᠡᠭᠦ
ᠲᠥᠯᠥᠪᠯᠡᠭᠡ ᠶᠢ ᠨᠠᠢᠢᠷᠠᠭᠤᠯᠵᠤ ᠭᠠᠷᠭᠠᠬᠤ ᠪᠡᠷ ᠪᠠᠷᠠᠬᠤ ᠦᠭᠡᠢ ᠪᠠᠰᠠ
ᠦᠢᠯᠡᠳᠪᠦᠷᠢᠯᠡᠭᠦ ᠬᠦᠰᠦᠨᠦᠭᠲᠦ᠂ ᠬᠠᠮᠢᠶᠠᠷᠤᠯᠲᠠ ᠢᠢᠨ ᠰᠠᠩ ᠤᠨ
ᠬᠠᠳᠠᠭᠠᠯᠠᠮᠵᠢ ᠪᠠ ᠡᠳ᠋ ᠬᠥᠷᠥᠩᠭᠡ ᠵᠡᠷᠭᠡ ᠲᠠᠯ᠎ᠠ ᠪᠡᠷ ᠬᠢ ᠮᠠᠲ᠋ᠧᠷᠢᠶᠠᠯ
ᠪᠣᠯᠤᠨ ᠲᠣᠭ᠎ᠠ ᠪᠠᠷᠢᠮᠲᠠ ᠶᠢ ᠬᠠᠩᠭᠠᠨ ᠥᠭᠴᠦ ᠴᠢᠳᠠᠨ᠎ᠠ᠃
ᠬᠡᠷᠪᠡ ᠪᠢᠳᠡ ᠺᠣᠮᠫᠢᠦ᠋ᠲ᠋ᠧᠷ ᠲᠦ ᠰᠢᠲᠠᠷ᠎ᠠ ᠲᠠᠯᠪᠢᠬᠤ ᠫᠷᠤᠭ᠍ᠷᠠᠮ
ᠲᠠᠭᠠᠷᠠᠭᠤᠯᠪᠠᠯ᠂ ᠲᠡᠷᠡ ᠨᠢ ᠬᠦᠮᠦᠨ ᠲᠠᠢ ᠰᠢᠲᠠᠷ᠎ᠠ ᠮᠦᠴᠡᠬᠡᠷᠭᠡᠵᠦ
ᠴᠢᠳᠠᠨ᠎ᠠ᠃ ᠺᠣᠮᠫᠢᠦ᠋ᠲ᠋ᠧᠷ ᠮᠠᠰᠢ ᠣᠬᠤᠷ ᠬᠣᠭᠤᠴᠠᠭᠠᠨ ᠳᠣᠲᠤᠷ᠎ᠠ ᠪᠣᠢ ᠪᠦᠬᠦᠢ
ᠰᠢᠲᠠᠷ᠎ᠠ ᠶᠢᠨ ᠶᠠᠪᠤᠬᠤ ᠵᠠᠮ ᠢ ᠨᠢᠭᠡ ᠤᠳᠠᠭ᠎ᠠ ᠪᠣᠳᠤᠨ ᠭᠠᠷᠭᠠᠵᠤ ᠬᠠᠮᠤᠭ ᠤᠨ
ᠳᠣᠬᠢᠲᠠᠢ ᠶᠠᠪᠤᠬᠤ ᠵᠠᠮ ᠢ ᠰᠤᠩᠭᠤᠳᠠᠭ ᠪᠣᠯᠬᠤᠷ ᠬᠥᠮᠦᠰ ᠵᠦᠩᠳᠡᠭᠡᠨ
ᠢᠯᠠᠭᠳᠠᠴᠢᠬᠠᠳᠠᠭ ᠪᠢᠯᠡ᠃
ᠺᠣᠮᠫᠢᠦ᠋ᠲ᠋ᠧᠷ ᠬᠦᠮᠦᠰ ᠲᠦ ᠡᠯ᠎ᠡ ᠵᠦᠢᠯ ᠦᠨ ᠰᠢᠨᠵᠢᠯᠡᠭᠦ ᠤᠬᠠᠭᠠᠨ ᠤ ᠲᠣᠭ᠎ᠠ
ᠪᠠᠷᠢᠮᠲᠠ ᠶᠢ ᠣᠯᠭᠤᠨ᠂ ᠠᠯᠪᠠᠨ ᠭᠡᠷ ᠲᠤ ᠨᠠᠷᠢᠨ ᠪᠢᠴᠢᠭᠡᠴᠢ ᠰᠢᠭ᠌ ᠬᠦᠮᠦᠨ ᠢ
ᠬᠠᠪᠰᠤᠷᠤᠨ ᠮᠠᠲ᠋ᠧᠷᠢᠶᠠᠯ ᠡᠮᠬᠢᠳᠭᠡᠨ ᠪᠣᠲᠤᠯᠭ᠎ᠠ ᠪᠣᠳᠤᠵᠤ ᠪᠠᠢᠢᠨ᠎ᠠ᠃
ᠺᠣᠮᠫᠢᠦ᠋ᠲ᠋ᠧᠷ ᠲᠦ ᠲᠥᠰᠢᠭ᠍ᠯᠡᠨ ᠰᠤᠷᠤᠭᠴᠢᠳ ᠭᠡᠷ ᠡᠴᠡ ᠪᠡᠨ ᠬᠢᠴᠢᠶᠡᠯ
ᠰᠣᠨᠤᠰᠴᠤ ᠰᠤᠷᠤᠯᠭ᠎ᠠ ᠶᠢᠨ ᠬᠢᠷᠢ ᠪᠦᠲᠦᠮᠵᠢ ᠪᠡᠨ ᠰᠢᠯᠭᠠᠨ ᠪᠠᠢᠢᠴᠠᠭᠠᠵᠤ
ᠪᠣᠯᠣᠨ᠎ᠠ᠃
ᠺᠣᠮᠫᠢᠦ᠋ᠲ᠋ᠧᠷ ᠲᠥᠷᠭᠡᠨ ᠪᠣᠳᠤᠵᠤ ᠣᠨᠤᠪᠴᠢᠲᠠᠢ ᠠᠵᠢᠯᠯᠠᠨ᠎ᠠ᠃ ᠲᠡᠷᠡ ᠨᠢ
ᠬᠦᠮᠦᠨ ᠦ ᠬᠦᠴᠦ ᠶᠢ ᠠᠷᠪᠢᠯᠠᠨ᠂ ᠠᠵᠢᠯ ᠤᠨ ᠪᠦᠲᠦᠮᠵᠢ ᠶᠢ ᠳᠡᠭᠡᠭᠰᠢᠯᠡᠭᠦᠯᠵᠦ᠂
ᠣᠳᠣᠬᠢᠴᠢᠯᠠᠭᠰᠠᠨ ᠠᠵᠤ ᠠᠮᠢᠳᠤᠷᠠᠯ ᠳᠤ ᠰᠢᠨ᠎ᠡ ᠬᠦᠷᠢᠶ᠎ᠡ ᠬᠡᠪᠴᠢᠶ᠎ᠡ ᠣᠯᠭᠤᠨ
ᠥᠭᠴᠡᠢ᠃
If your system can not properly show
the mongolian above, please download the font file and
install it on your system. If you are using Apple Mac OS X ,
please download AAT type font. If you are using Windows,
please download open type font. If you are using Linux or
Unix, you need to find OpenType font rendering engine module
to show the mongolian correctly.