ᠮᠣᠩᠭᠤᠯ ᠪᠢᠴᠢᠭ ᠬᠢᠲᠠᠳ
ᠠᠩᠭᠯᠢ
ᠶᠠᠫᠤᠨ
    2011ᠵᠢᠯ᠎ᠦᠨ11ᠳ᠋ᠤᠭᠡᠷ ᠰᠠᠷ᠎ᠠ᠎ᠶᠢᠨ22᠊᠎ᠦᠨ ᠡᠳᠦᠷ iPad᠂ iPhone᠂ iPod touch ᠵᠡᠷᠭᠡ᠎ᠳᠦ ᠬᠡᠷᠡᠭᠯᠡᠵᠦ ᠪᠣᠯᠳᠠᠭ iOS ᠮᠣᠩᠭᠤᠯ ᠰᠣᠹᠲMongolianTypeWriter᠊᠎ᠢᠶᠡᠨ ᠦᠨ᠎ᠡ ᠲᠥᠯᠦᠪᠦᠷᠢ ᠎ᠦᠭᠡᠢ᠎ᠪᠡᠷ ᠨᠡᠢᠲᠡᠯᠡᠪᠡ᠃
    ᠲᠤᠰ ᠰᠣᠹᠲ᠎ᠨᠢ ᠤᠢᠭᠤᠷᠵᠢᠨ ᠮᠣᠩᠭᠤᠯ ᠦᠰᠦᠭ᠎ᠢ ᠪᠣᠰᠤᠭ᠎ᠠ᠎ᠪᠠᠷ ᠪᠢᠴᠢᠵᠦ ᠪᠣᠯᠬᠤ ᠮᠥᠷᠲᠡᠭᠡᠨ᠂ ᠪᠢᠴᠢᠭᠰᠡᠨ ᠠᠭᠤᠯᠭ᠎ᠠ᠎ᠪᠠᠨ ᠬᠠᠳᠠᠭᠠᠯᠠᠬᠤ᠂ ᠬᠠᠳᠠᠭᠠᠯᠠᠭᠰᠠᠨ ᠠᠭᠤᠯᠭ᠎ᠠ᠎ᠪᠠᠨ ᠤᠩᠰᠢᠵᠤ ᠭᠠᠷᠭᠠᠬᠤ᠂ ᠺᠣᠫᠢ᠂ ᠫᠠᠰᠲ᠂ ᠵᠢᠷᠤᠭ᠎ᠢᠶᠠᠷ ᠢᠮᠧᠯ ᠬᠦᠷᠭᠡᠬᠦ ᠵᠡᠷᠭᠡ ᠴᠢᠳᠠᠪᠤᠷᠢ᠎ᠲᠠᠢ᠎ᠶᠤᠮ᠃
    Apple᠊᠎ᠦᠨ AppStore᠎ᠡᠴᠡ ᠪᠠᠭᠤᠯᠭᠠᠨ ᠠᠪᠴᠤ ᠬᠡᠷᠡᠭᠯᠡᠬᠦ᠎ᠶᠢ ᠬᠦᠰᠡᠵᠦ ᠪᠠᠢᠨ᠎ᠠ᠃ ᠬᠠᠢᠬᠤ ᠵᠠᠩᠭᠢᠯᠠᠭ᠎ᠠ᠎ᠶᠢᠨ ᠦᠭᠡ᠎ᠨᠢ almas ᠪᠤᠶᠤ mongol᠎ᠶᠤᠮ᠃

    ᠬᠡᠰᠡᠭ ᠵᠢᠱ᠌ᠢᠶ᠎ᠡ ᠵᠢᠷᠤᠭ᠎ᠤᠳ

iPhone ᠨᠢᠭᠡ ᠬᠣᠶᠠᠷ ᠭᠤᠷᠪᠠ ᠳᠥᠷᠪᠡ ᠲᠠᠪᠤ
iPad     ᠨᠢᠭᠡ ᠬᠣᠶᠠᠷ ᠭᠤᠷᠪᠠ ᠳᠥᠷᠪᠡ

ᠳᠠᠷᠤᠪᠴᠢ᠎ᠶᠢᠨ ᠪᠠᠢᠷᠢ


Icon᠊᠎ᠦᠨ ᠲᠠᠢᠯᠪᠤᠷᠢ
ᠬᠠᠳᠠᠭᠠᠯᠠᠭᠰᠠᠨ ᠠᠭᠤᠯᠭ᠎ᠠ᠎ᠪᠠᠨ ᠢᠯᠡᠷᠡᠭᠦᠯᠦᠨ᠎ᠡ᠃
ᠠᠭᠤᠯᠭ᠎ᠠ ᠨᠡᠮᠡᠬᠦ ᠪᠤᠶᠤ ᠥᠭᠡᠷᠠᠴᠢᠯᠡᠭᠦ᠎ᠳᠦ ᠬᠡᠷᠡᠭᠯᠡᠨ᠎ᠡ᠃ ᠠᠩᠬ᠎ᠠ ᠡᠬᠢᠯᠡᠬᠦ᠎ᠳᠦ « ᠲᠣᠣᠷ ᠰᠦᠯᠵᠢᠶ᠎ᠡ » ᠭᠡᠬᠦ ᠵᠣᠬᠢᠶᠠᠯ ᠵᠢᠱ᠌ᠢᠶ᠎ᠡ ᠪᠣᠯᠵᠤ ᠢᠯᠡᠷᠡᠨ᠎ᠡ᠃ ᠡᠭᠦᠨ᠎ᠢ ᠪᠠᠯᠠᠯᠤᠭᠰᠠᠨ᠎ᠤ ᠳᠠᠷᠠᠭ᠎ᠠ ᠥᠪᠡᠷ᠎ᠦᠨ ᠠᠭᠤᠯᠭ᠎ᠠ᠎ᠪᠠᠨ ᠪᠢᠴᠢᠭᠡᠷᠡᠢ᠃ ᠠᠭᠤᠯᠭ᠎ᠠ᠎ᠪᠠᠨ ᠬᠠᠳᠠᠭᠠᠯᠠᠭᠰᠠᠨ᠎ᠤ ᠳᠠᠷᠠᠭ᠎ᠠ ᠲᠤᠰ ᠵᠣᠬᠢᠶᠠᠯ ᠳᠠᠬᠢᠵᠤ ᠢᠯᠡᠷᠡᠬᠦ᠎ᠦᠭᠡᠢ᠃ ᠳᠠᠷᠤᠭᠤᠯ ᠦᠵᠡᠭᠳᠡᠭᠰᠡᠨ᠎ᠦ ᠳᠠᠷᠠᠭ᠎ᠠ ᠠᠩᠭᠯᠢ ᠦᠰᠦᠭ᠎ᠢ ᠠᠰᠢᠭᠯᠠᠨ ᠮᠣᠩᠭᠤᠯ ᠦᠰᠦᠭ ᠪᠢᠴᠢᠨ᠎ᠡ᠃ ᠪᠢᠴᠢᠭᠳᠡᠭᠰᠡᠨ ᠦᠭᠡ᠎ᠨᠢ ᠤᠷᠢᠳᠠᠪᠠᠷ ᠵᠡᠭᠦᠨ ᠲᠠᠯ᠎ᠠ᠎ᠳᠤ ᠢᠯᠡᠷᠡᠵᠦ᠂ ᠬᠣᠭᠤᠰᠤᠨ ᠳᠠᠷᠤᠪᠴᠢ᠎ᠶᠢ ᠳᠠᠷᠤᠭᠰᠠᠨ᠎ᠤ ᠳᠠᠷᠠᠭ᠎ᠠ ᠭᠣᠣᠯ ᠠᠭᠤᠯᠭ᠎ᠠ᠎ᠳᠤ ᠨᠡᠮᠡᠭᠳᠡᠨ᠎ᠡ᠃ ᠭᠣᠣᠯ ᠠᠭᠤᠯᠭ᠎ᠠ ᠳᠡᠭᠡᠷ᠎ᠡ ᠳᠣᠶᠢᠪᠠᠯ ᠳᠠᠷᠤᠭᠤᠯ ᠨᠢᠭᠤᠭᠳᠠᠨ᠎ᠡ᠃ ᠠᠭᠤᠯᠭ᠎ᠠ᠎ᠨᠢ ᠨᠢᠭᠡ ᠬᠠᠭᠤᠳᠠᠰᠤ ᠳᠦᠭᠦᠷᠦᠭᠡᠳ ᠬᠡᠰᠡᠭ ᠠᠭᠤᠯᠭ᠎ᠠ᠎ᠨᠢ ᠦᠵᠡᠭᠳᠡᠬᠦ᠎ᠪᠡᠨ ᠪᠠᠢᠪᠠᠯ᠂ ᠨᠢᠭᠡ ᠬᠤᠷᠤᠭᠤ᠎ᠪᠠᠷ ᠵᠡᠭᠦᠨᠰᠢ ᠪᠠᠷᠠᠭᠤᠨᠰᠢ ᠢᠯᠢᠪᠡᠯ ᠢᠯᠪᠢᠭᠰᠡᠨ ᠵᠦᠭ᠎ᠲᠦ ᠰᠢᠯᠵᠢᠨ᠎ᠡ᠃
  ᠰᠠᠢᠨ ᠪᠠᠢᠨ᠎ᠠ᠎ᠤᠤ ?(saiin baiinAaSvv ? )
ᠮᠣᠩᠭᠤᠯ(M) ᠠᠩᠭᠯᠢ(E) ᠪᠢᠴᠢᠯᠭᠡ ᠰᠣᠯᠢᠪᠴᠢᠯᠠᠨ᠎ᠡ᠃
iPhone iPod touch᠊᠎ᠦᠨ ᠦᠶ᠎ᠡ᠎ᠳᠦ ᠬᠠᠮᠤᠭ ᠡᠮᠦᠨᠡᠬᠢ ᠣᠷᠤᠨ᠎ᠳᠤ ᠰᠢᠯᠵᠢᠨ᠎ᠡ᠃
iPad᠊᠎ᠦᠨ ᠦᠶ᠎ᠡ᠎ᠳᠦ 10 ᠦᠭᠡ ᠡᠮᠥᠨᠡᠰᠢ ᠰᠢᠯᠵᠢᠨ᠎ᠡ᠃ 2 ᠰᠧᠺᠦ᠋ᠨ᠋ᠳ᠋ ᠳᠠᠷᠤᠭᠰᠠᠨ᠎ᠤ ᠳᠠᠷᠠᠭ᠎ᠠ ᠬᠤᠷᠤᠭᠤ᠎ᠪᠠᠨ ᠰᠠᠯᠭᠠᠯ᠎ᠦᠭᠡᠢ ᠬᠥᠳᠡᠯᠭᠡᠪᠡᠯ 10 ᠦᠭᠡ᠎ᠪᠡᠷ ᠬᠤᠷᠳᠤᠨ ᠡᠮᠥᠨᠡᠰᠢ ᠰᠢᠯᠵᠢᠨ᠎ᠡ᠃
ᠳᠡᠭᠡᠭᠰᠢ᠎ᠪᠡᠨ ᠨᠢᠭᠡ ᠣᠷᠤ ᠰᠢᠯᠵᠢᠨ᠎ᠡ᠃
2 ᠰᠧᠺᠦ᠋ᠨ᠋ᠳ᠋ ᠳᠠᠷᠤᠭᠰᠠᠨ᠎ᠤ ᠳᠠᠷᠠᠭ᠎ᠠ ᠬᠤᠷᠤᠭᠤ᠎ᠪᠠᠨ ᠰᠠᠯᠭᠠᠯ᠎ᠦᠭᠡᠢ ᠬᠥᠳᠡᠯᠭᠡᠪᠡᠯ 1 ᠦᠭᠡ᠎ᠪᠡᠷ ᠬᠤᠷᠳᠤᠨ ᠳᠡᠭᠡᠭᠰᠢ᠎ᠪᠡᠨ ᠰᠢᠯᠵᠢᠨ᠎ᠡ᠃
ᠳᠣᠷᠤᠭᠰᠢ᠎ᠪᠠᠨ ᠨᠢᠭᠡ ᠣᠷᠤᠨ ᠰᠢᠯᠵᠢᠨ᠎ᠡ᠃
2 ᠰᠧᠺᠦ᠋ᠨ᠋ᠳ᠋ ᠳᠠᠷᠤᠭᠰᠠᠨ᠎ᠤ ᠳᠠᠷᠠᠭ᠎ᠠ ᠬᠤᠷᠤᠭᠤ᠎ᠪᠠᠨ ᠰᠠᠯᠭᠠᠯ᠎ᠦᠭᠡᠢ ᠬᠥᠳᠡᠯᠭᠡᠪᠡᠯ 1 ᠦᠭᠡ᠎ᠪᠡᠷ ᠬᠤᠷᠳᠤᠨ ᠳᠣᠷᠤᠭᠰᠢ᠎ᠪᠠᠨ ᠰᠢᠯᠵᠢᠨ᠎ᠡ᠃
iPhone ᠪᠠ iPod touch᠊᠎ᠦᠨ ᠦᠶ᠎ᠡ᠎ᠳᠦ ᠬᠠᠮᠤᠭ ᠬᠣᠢᠨ᠎ᠡ ᠣᠷᠤᠨ᠎ᠳᠤ ᠰᠢᠯᠵᠢᠨ᠎ᠡ᠃
iPad᠊᠎ᠦᠨ ᠦᠶ᠎ᠡ᠎ᠳᠦ 10 ᠦᠭᠡ ᠬᠣᠢᠨ᠎ᠡ ᠰᠢᠯᠵᠢᠨ᠎ᠡ᠃ 2 ᠰᠧᠺᠦ᠋ᠨ᠋ᠳ᠋ ᠎ᠡᠴᠡ ᠤᠷᠲᠤ ᠳᠠᠷᠤᠭᠰᠠᠨ᠎ᠤ ᠳᠠᠷᠠᠭ᠎ᠠ ᠬᠤᠷᠤᠭᠤ᠎ᠪᠠᠨ ᠰᠠᠯᠭᠠᠯ᠎ᠦᠭᠡᠢ ᠬᠥᠳᠡᠯᠭᠡᠪᠡᠯ 10 ᠦᠭᠡ᠎ᠪᠡᠷ ᠬᠤᠷᠳᠤᠨ ᠬᠣᠢᠰᠢ ᠰᠢᠯᠵᠢᠨ᠎ᠡ᠃
ᠪᠢᠴᠢᠭᠰᠡᠨ ᠠᠭᠤᠯᠭ᠎ᠠ᠎ᠪᠠᠨ ᠴᠡᠭᠡᠵᠢᠯᠡᠨ᠎ᠡ᠃
ᠴᠡᠭᠡᠵᠢᠯᠡᠭᠰᠡᠨ ᠠᠭᠤᠯᠭ᠎ᠠ᠎ᠪᠠᠨ ᠢᠯᠡᠷᠡᠭᠦᠯᠦᠨ᠎ᠡ᠃
ᠪᠢᠴᠢᠭᠰᠡᠨ ᠠᠭᠤᠯᠭ᠎ᠠ᠎ᠪᠠᠨ ᠪᠠᠯᠠᠯᠤᠨ᠎ᠠ᠃
ᠪᠢᠴᠢᠭᠰᠡᠨ ᠠᠭᠤᠯᠭ᠎ᠠ᠎ᠪᠠᠨ ᠬᠠᠳᠠᠭᠠᠯᠠᠨ᠎ᠠ᠃
ᠢᠮᠧᠯ ᠬᠦᠷᠭᠡᠨ᠎ᠡ᠃ ᠣᠳᠣᠬᠠᠨ᠎ᠳᠤ ᠢᠮᠧᠯ᠎ᠦᠨ ᠠᠭᠤᠯᠭ᠎ᠠ᠎ᠶᠢ ᠮᠣᠩᠭᠤᠯ᠎ᠢᠶᠠᠷ ᠢᠯᠡᠷᠡᠭᠦᠯᠬᠦ ᠰᠣᠹᠲ ᠴᠥᠭᠡᠨ ᠲᠤᠯᠠ ᠲᠤᠰ ᠰᠣᠹᠲ᠎ᠲᠤ PNG ᠵᠢᠷᠤᠭ᠎ᠢᠶᠠᠷ ᠬᠦᠷᠭᠡᠨ᠎ᠡ᠃
ᠲᠤᠰ ᠬᠠᠪᠰᠤᠷᠤᠯᠭ᠎ᠠ᠎ᠶᠢ ᠢᠯᠡᠷᠠᠭᠦᠯᠡᠨ᠎ᠡ᠃
ᠪᠤᠰᠤᠳ ᠰᠣᠩᠭᠤᠯᠲᠠ᠎ᠶᠢ ᠢᠯᠡᠷᠠᠭᠦᠯᠦᠨ᠎ᠡ (iPhone ᠪᠠ iPod touch)᠃


ᠣᠨᠴᠤᠭᠤᠢ ᠳᠦᠷᠰᠦ᠎ᠶᠢᠨ ᠲᠤᠬᠠᠢ
᠊ᠨ(n)᠂ ᠊ᠯ(l)᠂ ᠊ᠷ(r)᠂ ᠊ᠮ(m)᠂ ᠊ᠢ(ᠶ)᠂ ᠊ᠸ᠋(ᠸ)᠂ ᠊ᠭ(h)᠂ ᠊ᠭ᠋ (g) ᠵᠡᠷᠭᠡ᠎ᠶᠢᠨ ᠳᠠᠷᠠᠭ᠎ᠠ ᠪᠢᠴᠢᠭᠳᠡᠬᠦ ᠠ᠂ ᠡ᠎ᠶᠢᠨ ᠴᠠᠴᠤᠯᠭ᠎ᠠ᠎ᠶᠢ A(ᠲᠣᠮᠤ)᠊᠎ᠢᠶᠡᠷ ᠬᠣᠯᠪᠤᠵᠤ ᠪᠢᠴᠢᠨ᠎ᠡ᠃
  ᠪᠠᠢᠨ᠎ᠠ(baiinAa)᠂ ᠥᠭᠭᠦᠨ᠎ᠡ(oggunAe)
  ᠲᠠᠯ᠎ᠠ(talAa)᠂ ᠢᠷᠡᠯ᠎ᠡ(irelAe)
  ᠰᠠᠷ᠎ᠠ(sarAa)᠂ ᠦᠷ᠎ᠡ(urAe)
  ᠤᠷᠮ᠎ᠠ(vrmAa)᠂ ᠰᠦᠮ᠎ᠡ(sumAe)
  ᠲᠠᠷᠢᠶ᠎ᠠ(tariyAa)᠂ ᠦᠶ᠎ᠡ(uyAe)
  ᠭᠤᠸ᠎ᠠ(gwWAa)
  ᠪᠠᠬ᠎ᠠ(bahAa)
  ᠪᠠᠭ᠎ᠠ(bagAa)
ᠬᠠᠷᠢ ᠭᠠᠷᠤᠯᠲᠠᠢ ᠦᠭᠡᠨ᠎ᠦ ᠳᠣᠣᠷ᠎ᠠ ᠪᠢᠴᠢᠭᠳᠡᠬᠦ ᠣ(4) ᠊ᠣ᠋=(wD) ᠣ(5) ᠊ᠣ᠋=(vD)
  ᠲᠣᠺᠢᠣ᠋(twkiwD)᠂ ᠺᠢᠨᠣ᠋(kinvD)
᠎ᠢ ᠡᠭᠡᠰᠢᠭ᠎ᠦᠨ ᠳᠠᠷᠠᠭ᠎ᠠ ᠪᠢᠴᠢᠭᠳᠡᠬᠦ ᠊ᠭ᠍᠊=(gG)᠂ ᠊ᠭ=(gF)
  ᠪᠢᠴᠢᠭᠳᠡᠬᠦ(biqigGdehu)᠂ ᠪᠢᠴᠢᠭ(biqigF)
ᠬᠠᠷᠢ ᠭᠠᠷᠤᠯᠲᠠᠢ ᠦᠭᠡ᠎ᠶᠢᠨ ᠳᠤᠮᠳᠠ ᠪᠢᠴᠢᠭᠳᠡᠬᠦ ᠲ=(tD)
  ᠮᠠᠲᠧᠷᠢᠶᠠᠯ(matDEriyal)᠂ ᠢᠨᠲᠧᠷᠨᠠᠼᠢᠤᠨᠠᠯ(intDErnacivnal)
ᠦᠭᠡ᠎ᠶᠢᠨ ᠡᠬᠢᠨ᠎ᠳᠦ ᠪᠢᠴᠢᠭᠳᠡᠬᠦ ᠳ=(dD)
  ᠳ᠋ᠦᠩᠨᠡᠯᠲᠡ(dDuNnelte)
ᠴᠢᠩᠭ᠎ᠠ ᠬᠥᠨᠳᠡᠢ ᠬᠣᠯᠢᠯᠳᠤᠭᠰᠠᠨ ᠬᠥᠮᠦᠨ᠎ᠦ ᠨᠡᠷ᠎ᠡ᠎ᠳᠦ ᠪᠢᠴᠢᠭᠳᠡᠬᠦ ᠊ᠥ᠋᠊(6᠂ 7)=(oD᠂ uD)᠂ ᠊ᠥ᠌᠊(6᠂ 7)=(oF᠂ uF)
  ᠨᠠᠰᠤᠨᠪᠦ᠋ᠬᠡ(nasvnbuDhe)᠂ ᠪᠠᠲᠤᠥ᠌ᠯᠵᠢ(batvoFlji)
ᠭ ᠭᠡᠢᠭᠦᠯᠦᠭᠴᠢ᠎ᠶᠢᠨ ᠦᠭᠡ᠎ᠶᠢᠨ ᠳᠤᠮᠳᠠ ᠣᠷᠤᠬᠤ ᠊ᠭ᠋᠊᠂ ᠊ᠭ᠋᠂ ᠳᠦᠷᠰᠦ᠎ᠨᠢ ᠰ᠊᠂ ᠊ᠳ᠊ ᠬᠣᠶᠠᠷ ᠭᠡᠢᠭᠦᠯᠦᠭᠴᠢ᠎ᠶᠢᠨ ᠳᠠᠷᠠᠭ᠎ᠠ ᠣᠷᠤᠬᠤ᠎ᠳᠤ᠎ᠪᠠᠨ ᠳᠤᠰᠤᠯ᠎ᠢᠶᠠᠨ ᠣᠷᠬᠢᠳᠠᠭ᠎ᠶᠤᠮ᠃
  ᠳᠠᠰᠭᠠᠯ(tasgal)᠂ ᠳᠠᠳᠭᠠᠯ(dadgal)


ᠳᠠᠭᠠᠪᠣᠷᠢ᠎ᠶᠢᠨ ᠲᠤᠬᠠᠢ
ᠰᠠᠯᠤᠩᠭᠢᠳᠠ ᠪᠢᠴᠢᠬᠦ ᠳᠠᠭᠠᠪᠥᠷᠢ᠎ᠶᠢ ᠮᠥᠷ᠎ᠦᠨ ᠡᠬᠢᠨ᠎ᠳᠦ ᠢᠯᠡᠷᠡᠭᠦᠯᠬᠦ ᠎ᠦᠭᠡᠢ᠎ᠶᠢᠨ ᠲᠥᠯᠦᠭᠡ ᠡᠮᠦᠨᠡᠬᠢ ᠦᠭᠡ᠎ᠲᠡᠢ᠎ᠪᠡᠨ S(ᠲᠣᠮᠤ)᠎ᠪᠡᠷ ᠬᠣᠯᠪᠤᠵᠤ ᠪᠢᠴᠢᠬᠦ ᠴᠢᠬᠤᠯᠠᠲᠠᠢ᠃ ᠳᠠᠭᠠᠪᠤᠷᠢ᠎ᠨᠢ ᠳᠠᠪᠬᠤᠷᠯᠠᠭᠳᠠᠨ ᠬᠡᠷᠡᠭᠯᠡᠭᠳᠡᠭᠰᠡᠨ ᠦᠶ᠎ᠡ᠎ᠳᠦ᠎ᠴᠦ ᠬᠣᠭᠤᠷᠤᠨᠳᠤ᠎ᠨᠢ S(ᠲᠣᠮᠤ)᠎ᠪᠡᠷ ᠬᠣᠯᠪᠤᠵᠤ ᠪᠢᠴᠢᠨ᠎ᠡ᠃
  ᠳᠦᠷᠰᠦ᠎ᠪᠡᠷ(dursuSber)
  ᠦᠭᠡ᠎ᠶᠢᠨ(ugeSyin)
  ᠳᠠᠭᠤᠳᠠᠯᠭ᠎ᠠ᠎ᠪᠠᠷ᠎ᠢᠶᠠᠨ(dagvdalgAaSberSyien)

ᠠᠷᠭ᠎ᠠ ᠳᠠᠭᠠᠪᠤᠷᠢ ᠲᠠᠢᠯᠪᠤᠷᠢ
Syin ᠊᠎ᠦᠨ ᠡᠭᠡᠰᠢᠭ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Svn ᠊᠎ᠦᠨ (᠊ᠨ)᠎ᠡᠴᠡ ᠪᠤᠰᠤᠳ ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Sv ᠊᠎ᠦᠨ (᠊ᠨ) ᠳᠡᠪᠢᠰᠭᠡᠷ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Sdv
Sdvr
᠊᠎ᠳᠦ
᠊᠎ᠳᠦᠷ
ᠡᠭᠡᠰᠢᠭ ᠪᠠ (᠊ᠨ᠂ ᠊ᠮ᠂ ᠊ᠯ᠂ ᠊ᠩ) ᠵᠡᠷᠭᠡ ᠵᠥᠭᠡᠯᠡᠨ ᠳᠡᠪᠢᠰᠭᠡᠷ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Stv
Stvr
᠊᠎ᠳᠦ
᠊᠎ᠳᠦᠷ
(᠊ᠪ᠂ ᠊ᠭ᠂ ᠊ᠷ᠂ ᠊ᠰ᠂ ᠊ᠳ)ᠵᠡᠷᠭᠡ ᠬᠠᠲᠠᠭᠤ ᠳᠡᠪᠢᠰᠭᠡᠷ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Syi ᠊᠎ᠢ ᠡᠭᠡᠰᠢᠭ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Si ᠊᠎ᠢ ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Seqe ᠊᠎ᠡᠴᠡ ᠡᠭᠡᠰᠢᠭ ᠭᠡᠢᠭᠦᠯᠦᠭᠴᠢ ᠢᠯᠭᠠᠯ᠎ᠦᠭᠡᠢ ᠬᠡᠷᠡᠭᠯᠡᠨ᠎ᠡ
Sber ᠊᠎ᠢᠶᠡᠷ ᠡᠭᠡᠰᠢᠭ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Syier ᠊᠎ᠢᠶᠡᠷ ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Stai
SlvgAa
Slvge
᠊᠎ᠲᠡᠢ
᠊᠎ᠯᠦᠭᠡ
᠊᠎ᠯᠤᠭᠡ
ᠡᠭᠡᠰᠢᠭ ᠭᠡᠢᠭᠦᠯᠦᠭᠴᠢ ᠢᠯᠭᠠᠯ᠎ᠦᠭᠡᠢ ᠬᠡᠷᠡᠭᠯᠡᠨ᠎ᠡ᠃
ᠴᠢᠩᠭ᠎ᠠ ᠦᠭᠡᠨ᠎ᠦ ᠳᠠᠷᠠᠭ᠎ᠠ(᠎ᠯᠤᠭ᠎ᠠ)
ᠬᠥᠨᠳᠡᠢ ᠦᠭᠡᠨ᠎ᠦ ᠳᠠᠷᠠᠭ᠎ᠠ(ᠯᠤᠭᠡ)
Snvgvd
Snvgud
᠊᠎ᠦᠳ
᠊᠎ᠨᠤᠭᠦᠳ
ᠡᠭᠡᠰᠢᠭ ᠪᠠ (᠊ᠨ) ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠴᠢᠩᠭ᠎ᠠ ᠬᠥᠨᠳᠡᠢ᠎ᠶᠢ ᠢᠯᠭᠠᠵᠤ ᠬᠡᠷᠡᠭᠯᠡᠨ᠎ᠡ
Svd ᠊᠎ᠦᠳ (᠊ᠨ)᠎ᠡᠴᠡ ᠪᠤᠰᠤᠳ ᠭᠡᠢᠭᠦᠯᠦᠭᠴᠢ᠎ᠪᠡᠷ ᠲᠡᠭᠦᠰᠦᠭᠰᠡᠨ ᠨᠡᠷ᠎ᠡ ᠦᠭᠡᠨ᠎ᠳᠦ ᠬᠡᠷᠡᠭᠯᠡᠨ᠎ᠡ
Sben ᠊᠎ᠢᠶᠡᠨ ᠡᠭᠡᠰᠢᠭ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Syien ᠊᠊᠎ᠢᠶᠡᠨ ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Smini ᠊᠎ᠮᠢᠨᠢ ᠨᠢᠭᠡᠳᠦᠭᠡᠷ ᠪᠡᠶ᠎ᠡ᠎ᠳᠦ ᠬᠡᠷᠡᠭᠯᠡᠨ᠎ᠡ
Sqini ᠊᠎ᠴᠢᠨᠢ ᠬᠣᠶᠠᠳᠤᠭᠠᠷ ᠪᠡᠶ᠎ᠡ᠎ᠳᠦ ᠬᠡᠷᠡᠭᠯᠡᠨ᠎ᠡ
Sni ᠊᠎ᠨᠢ ᠭᠤᠷᠪᠠᠳᠤᠭᠠᠷ ᠪᠡᠶ᠎ᠡ᠎ᠳᠦ ᠬᠡᠷᠡᠭᠯᠡᠨ᠎ᠡ

ᠠᠯᠮᠠᠰ ᠺᠣᠮᠫᠠᠨᠢ
email : mongol@almas.co.jp
tel : +81-3-5688-2081
fax : +81-3-5688-2082