ᠮᠣᠩᠭᠤᠯ ᠪᠢᠴᠢᠭ ᠬᠢᠲᠠᠳ
ᠠᠩᠭᠯᠢ
ᠶᠠᠫᠤᠨ
    mongolpad ᠪᠣᠯ ᠮᠣᠩᠭᠤᠯ ᠪᠢᠴᠢᠭ᠎ᠦᠨ ᠣᠯᠠᠨ ᠤᠯᠤᠰ᠎ᠤᠨ ᠪᠠᠷᠢᠮᠵᠢᠶ᠎ᠠ᠎ᠶᠢ ᠦᠨᠳᠦᠰᠦᠯᠡᠨ Java ᠫᠷᠤᠭ᠍ᠷᠠᠮ᠎ᠤᠨ ᠬᠡᠯᠡ᠎ᠪᠡᠷ ᠪᠦᠲᠦᠭᠡᠭᠰᠡᠨ ᠤᠢᠭᠤᠷᠵᠢᠨ ᠮᠣᠩᠭᠤᠯ ᠪᠢᠴᠢᠭ᠎ᠦᠨ ᠪᠢᠴᠢᠭᠯᠡᠭᠦᠷ ᠪᠣᠯᠤᠨ᠎ᠠ᠃ ᠣᠳᠤ ᠳᠡᠭᠡᠷ᠎ᠡ᠎ᠪᠡᠨ ᠲᠤᠷᠰᠢᠯᠲᠠ᠎ᠶᠢᠨ ᠱᠠᠲᠤᠨ᠎ᠳᠤ ᠪᠠᠢᠵᠤ᠂ ᠮᠣᠩᠭᠤᠯ ᠪᠢᠴᠢᠭ᠎ᠢ ᠺᠣᠮᠫᠢᠦ᠋ᠲᠧᠷ᠎ᠲᠦ ᠣᠷᠤᠭᠤᠯᠬᠤ ᠪᠤᠶᠤ ᠰᠦᠯᠵᠢᠶᠡᠨ᠎ᠦ ᠨᠢᠭᠤᠷ ᠨᠠᠢᠷᠠᠭᠤᠯᠬᠤ᠎ᠳᠤ ᠵᠣᠷᠢᠭᠤᠯᠤᠨ ᠪᠦᠲᠦᠭᠡᠭᠰᠡᠨ᠎ᠶᠦᠮ᠃ ᠡᠭᠦᠨ᠎ᠡᠴᠡ ᠬᠣᠢᠰᠢ ᠠᠯᠬᠤᠮ ᠳᠠᠷᠠᠭ᠎ᠠ᠎ᠲᠠᠢ᠎ᠪᠠᠷ ᠰᠠᠢᠵᠢᠷᠠᠭᠤᠯᠤᠨ᠎ᠠ᠃
    ᠲᠤᠰ ᠪᠢᠴᠢᠭᠯᠡᠭᠦᠷ᠎ᠢ ᠬᠡᠷᠡᠭᠯᠡᠬᠦ᠎ᠳᠦ Java(ᠬᠡᠪᠯᠡᠯ 6᠊᠎ᠡᠴᠡ ᠳᠡᠭᠡᠭᠰᠢ) ᠳᠠᠪᠴᠠᠩ ᠴᠢᠬᠤᠯᠠᠲᠠᠢ᠃ Java ᠳᠠᠪᠴᠠᠩ᠎ᠢ Apple᠊᠎ᠦᠨ Java ᠰᠦᠯᠵᠢᠶ᠎ᠡ᠎ᠡᠴᠡ ᠪᠠᠭᠤᠯᠭᠠᠨ ᠠᠪᠴᠤ ᠰᠠᠭᠤᠯᠭᠠᠭᠠᠷᠠᠢ᠃
    mongolpad ᠁᠁᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ zip ᠹᠠᠢᠯ᠎ᠢᠶᠠᠨ ᠳᠡᠯᠭᠡᠭᠡᠭᠰᠡᠨ᠎ᠦ ᠳᠠᠷᠠᠭ᠎ᠠ mnglpad.sh ᠵᠠᠷᠯᠢᠭ᠎ᠢ ᠭᠦᠢᠴᠡᠳᠭᠡᠨ᠎ᠡ᠃ mnglpad.sh ᠵᠠᠷᠯᠢᠭ᠎ᠢ ᠭᠦᠢᠴᠡᠳᠭᠡᠬᠦ᠎ᠳᠦ mnglpad.sh ᠹᠠᠢᠯ᠎ᠨᠢ ᠭᠦᠢᠴᠡᠳᠭᠡᠭᠳᠡᠬᠦ ᠣᠨᠴᠠᠯᠢᠭ᠎ᠲᠠᠢ ᠪᠠᠢᠬᠤ ᠬᠡᠷᠡᠭᠲᠡᠢ᠃
    #chmod +r mnglpad.sh
    ᠬᠡᠷᠡᠭᠯᠡᠬᠦ ᠠᠷᠭ᠎ᠠ᠎ᠨᠢ Readme.txt ᠹᠠᠢᠯ᠎ᠢ ᠦᠵᠡᠭᠡᠷᠡᠢ᠃
    ※ᠲᠤᠰ ᠰᠣᠹᠲ ᠠᠯᠮᠠᠰ᠎ᠤᠨ ᠲᠢᠭ᠎ᠡᠴᠡ ᠪᠤᠰᠤᠳ ᠮᠣᠩᠭᠤᠯ ᠪᠢᠴᠢᠭ᠎ᠦᠨ ᠲᠢᠭ᠎ᠢ ᠬᠡᠷᠡᠭᠯᠡᠵᠦ ᠳᠡᠢᠯᠬᠦ᠎ᠦᠭᠡᠢ᠃

    ᠬᠡᠰᠡᠭ ᠵᠢᠱ᠌ᠢᠶ᠎ᠡ ᠵᠢᠷᠤᠭ᠎ᠤᠳ


ᠠᠯᠮᠠᠰ ᠺᠣᠮᠫᠠᠨᠢ
email : mongol@almas.co.jp
tel : +81-3-5688-2081
fax : +81-3-5688-2082