ᠮᠣᠩᠭᠤᠯ ᠪᠢᠴᠢᠭ ᠬᠢᠲᠠᠳ
ᠠᠩᠭᠯᠢ
ᠶᠠᠫᠤᠨ
    2012ᠵᠢᠯ᠎ᠦᠨ2ᠳ᠋ᠤᠭᠠᠷ ᠰᠠᠷ᠎ᠠ᠎ᠶᠢᠨ12᠊᠎ᠦᠨ ᠡᠳᠦᠷ Android᠎ᠲᠦ ᠬᠡᠷᠡᠭᠯᠡᠵᠦ ᠪᠣᠯᠳᠠᠭ ᠮᠣᠩᠭᠤᠯ ᠰᠣᠹᠲMongolianTypeWriter᠊᠎ᠢᠶᠡᠨ ᠦᠨ᠎ᠡ ᠲᠥᠯᠦᠪᠦᠷᠢ ᠎ᠦᠭᠡᠢ᠎ᠪᠡᠷ ᠨᠡᠢᠲᠡᠯᠡᠪᠡ᠃
    ᠲᠤᠰ ᠰᠣᠹᠲ᠎ᠨᠢ ᠤᠢᠭᠤᠷᠵᠢᠨ ᠮᠣᠩᠭᠤᠯ ᠦᠰᠦᠭ᠎ᠢ ᠪᠣᠰᠤᠭ᠎ᠠ᠎ᠪᠠᠷ ᠪᠢᠴᠢᠵᠦ ᠪᠣᠯᠬᠤ ᠮᠥᠷᠲᠡᠭᠡᠨ᠂ ᠪᠢᠴᠢᠭᠰᠡᠨ ᠠᠭᠤᠯᠭ᠎ᠠ᠎ᠪᠠᠨ ᠬᠠᠳᠠᠭᠠᠯᠠᠬᠤ᠂ ᠬᠠᠳᠠᠭᠠᠯᠠᠭᠰᠠᠨ ᠠᠭᠤᠯᠭ᠎ᠠ᠎ᠪᠠᠨ ᠤᠩᠰᠢᠵᠤ ᠭᠠᠷᠭᠠᠬᠤ᠂ ᠺᠣᠫᠢ᠂ ᠫᠠᠰᠲ᠂ ᠵᠢᠷᠤᠭ᠎ᠢᠶᠠᠷ ᠢᠮᠧᠯ ᠬᠦᠷᠭᠡᠬᠦ ᠵᠡᠷᠭᠡ ᠴᠢᠳᠠᠪᠤᠷᠢ᠎ᠲᠠᠢ᠎ᠶᠤᠮ᠃
    Android Market᠊᠎ᠡᠴᠡ ᠪᠠᠭᠤᠯᠭᠠᠨ ᠠᠪᠴᠤ ᠬᠡᠷᠡᠭᠯᠡᠬᠦ᠎ᠶᠢ ᠬᠦᠰᠡᠵᠦ ᠪᠠᠢᠨ᠎ᠠ᠃ ᠬᠠᠢᠬᠤ ᠵᠠᠩᠭᠢᠯᠠᠭ᠎ᠠ᠎ᠶᠢᠨ ᠦᠭᠡ᠎ᠨᠢ type writer᠎ᠶᠤᠮ᠃

    ᠬᠡᠰᠡᠭ ᠵᠢᠱ᠌ᠢᠶ᠎ᠡ ᠵᠢᠷᠤᠭ᠎ᠤᠳ

Android phone ᠨᠢᠭᠡ ᠬᠣᠶᠠᠷ ᠭᠤᠷᠪᠠ ᠳᠥᠷᠪᠡ ᠲᠠᠪᠤ ᠵᠢᠷᠭᠤᠭ᠎ᠠ
Android Tablet     ᠨᠢᠭᠡ ᠬᠣᠶᠠᠷ ᠭᠤᠷᠪᠠ

ᠳᠠᠷᠤᠪᠴᠢ᠎ᠶᠢᠨ ᠪᠠᠢᠷᠢ


Icon᠊᠎ᠦᠨ ᠲᠠᠢᠯᠪᠤᠷᠢ
Open
ᠬᠠᠳᠠᠭᠠᠯᠠᠭᠰᠠᠨ ᠠᠭᠤᠯᠭ᠎ᠠ᠎ᠪᠠᠨ ᠢᠯᠡᠷᠡᠭᠦᠯᠦᠨ᠎ᠡ᠃
Edit
ᠠᠭᠤᠯᠭ᠎ᠠ ᠨᠡᠮᠡᠬᠦ ᠪᠤᠶᠤ ᠥᠭᠡᠷᠠᠴᠢᠯᠡᠭᠦ᠎ᠳᠦ ᠬᠡᠷᠡᠭᠯᠡᠨ᠎ᠡ᠃ ᠠᠩᠬ᠎ᠠ ᠡᠬᠢᠯᠡᠬᠦ᠎ᠳᠦ « ᠲᠣᠣᠷ ᠰᠦᠯᠵᠢᠶ᠎ᠡ » ᠭᠡᠬᠦ ᠵᠣᠬᠢᠶᠠᠯ ᠵᠢᠱ᠌ᠢᠶ᠎ᠡ ᠪᠣᠯᠵᠤ ᠢᠯᠡᠷᠡᠨ᠎ᠡ᠃ ᠡᠭᠦᠨ᠎ᠢ ᠪᠠᠯᠠᠯᠤᠭᠰᠠᠨ᠎ᠤ ᠳᠠᠷᠠᠭ᠎ᠠ ᠥᠪᠡᠷ᠎ᠦᠨ ᠠᠭᠤᠯᠭ᠎ᠠ᠎ᠪᠠᠨ ᠪᠢᠴᠢᠭᠡᠷᠡᠢ᠃ ᠠᠭᠤᠯᠭ᠎ᠠ᠎ᠪᠠᠨ ᠬᠠᠳᠠᠭᠠᠯᠠᠭᠰᠠᠨ᠎ᠤ ᠳᠠᠷᠠᠭ᠎ᠠ ᠲᠤᠰ ᠵᠣᠬᠢᠶᠠᠯ ᠳᠠᠬᠢᠵᠤ ᠢᠯᠡᠷᠡᠬᠦ᠎ᠦᠭᠡᠢ᠃ ᠳᠠᠷᠤᠭᠤᠯ ᠦᠵᠡᠭᠳᠡᠭᠰᠡᠨ᠎ᠦ ᠳᠠᠷᠠᠭ᠎ᠠ ᠠᠩᠭᠯᠢ ᠦᠰᠦᠭ᠎ᠢ ᠠᠰᠢᠭᠯᠠᠨ ᠮᠣᠩᠭᠤᠯ ᠦᠰᠦᠭ ᠪᠢᠴᠢᠨ᠎ᠡ᠃ ᠪᠢᠴᠢᠭᠳᠡᠭᠰᠡᠨ ᠦᠭᠡ᠎ᠨᠢ ᠤᠷᠢᠳᠠᠪᠠᠷ ᠵᠡᠭᠦᠨ ᠲᠠᠯ᠎ᠠ᠎ᠳᠤ ᠢᠯᠡᠷᠡᠵᠦ᠂ ᠬᠣᠭᠤᠰᠤᠨ ᠳᠠᠷᠤᠪᠴᠢ᠎ᠶᠢ ᠳᠠᠷᠤᠭᠰᠠᠨ᠎ᠤ ᠳᠠᠷᠠᠭ᠎ᠠ ᠭᠣᠣᠯ ᠠᠭᠤᠯᠭ᠎ᠠ᠎ᠳᠤ ᠨᠡᠮᠡᠭᠳᠡᠨ᠎ᠡ᠃ Edit᠎ᠢ ᠲᠠᠬᠢᠨ ᠰᠣᠩᠭᠤᠪᠠᠯ ᠳᠠᠷᠤᠭᠤᠯ ᠨᠢᠭᠤᠭᠳᠠᠨ᠎ᠡ᠃ ᠠᠭᠤᠯᠭ᠎ᠠ᠎ᠨᠢ ᠨᠢᠭᠡ ᠬᠠᠭᠤᠳᠠᠰᠤ ᠳᠦᠭᠦᠷᠦᠭᠡᠳ ᠬᠡᠰᠡᠭ ᠠᠭᠤᠯᠭ᠎ᠠ᠎ᠨᠢ ᠦᠵᠡᠭᠳᠡᠬᠦ᠎ᠪᠡᠨ ᠪᠠᠢᠪᠠᠯ᠂ ᠨᠢᠭᠡ ᠬᠤᠷᠤᠭᠤ᠎ᠪᠠᠷ ᠵᠡᠭᠦᠨᠰᠢ ᠪᠠᠷᠠᠭᠤᠨᠰᠢ ᠢᠯᠢᠪᠡᠯ ᠢᠯᠪᠢᠭᠰᠡᠨ ᠵᠦᠭ᠎ᠲᠦ ᠰᠢᠯᠵᠢᠨ᠎ᠡ᠃ ᠲᠤᠰ ᠰᠣᠹᠲ᠎ᠲᠤ ᠵᠣᠬᠢᠶᠠᠯ᠎ᠤᠨ ᠳᠤᠮᠳᠠ ᠨᠠᠢᠷᠠᠭᠤᠯᠵᠤ ᠴᠢᠳᠠᠪᠤᠷᠢ ᠪᠠᠢᠬᠤ᠎ᠦᠭᠡᠢ ᠲᠤᠯᠠ ᠬᠠᠮᠤᠭ ᠰᠡᠭᠦᠯ᠎ᠳᠦ ᠪᠠᠯᠠᠯᠵᠤ ᠵᠠᠰᠠᠬᠤ ᠪᠣᠶᠥ ᠵᠡᠭᠦᠨ ᠲᠠᠯ᠎ᠠ ᠵᠠᠪᠠᠯ ᠵᠥᠪ ᠪᠢᠴᠢᠵᠦ ᠨᠡᠮᠡᠭᠡᠷᠡᠢ᠃
   ᠰᠠᠢᠨ ᠪᠠᠢᠨ᠎ᠠ᠎ᠤᠤ ?(saiin baiinAaSvv ? )
   ᠮᠣᠩᠭᠤᠯ(M) ᠠᠩᠭᠯᠢ(E) ᠪᠢᠴᠢᠯᠭᠡ ᠰᠣᠯᠢᠪᠴᠢᠯᠠᠨ᠎ᠡ᠃
Copy
   ᠪᠢᠴᠢᠭᠰᠡᠨ ᠠᠭᠤᠯᠭ᠎ᠠ᠎ᠪᠠᠨ ᠴᠡᠭᠡᠵᠢᠯᠡᠨ᠎ᠡ᠃
Paste
   ᠴᠡᠭᠡᠵᠢᠯᠡᠭᠰᠡᠨ ᠠᠭᠤᠯᠭ᠎ᠠ᠎ᠪᠠᠨ ᠢᠯᠡᠷᠡᠭᠦᠯᠦᠨ᠎ᠡ᠃
Clear
   ᠪᠢᠴᠢᠭᠰᠡᠨ ᠠᠭᠤᠯᠭ᠎ᠠ᠎ᠪᠠᠨ ᠪᠠᠯᠠᠯᠤᠨ᠎ᠠ᠃
Save
   ᠪᠢᠴᠢᠭᠰᠡᠨ ᠠᠭᠤᠯᠭ᠎ᠠ᠎ᠪᠠᠨ ᠬᠠᠳᠠᠭᠠᠯᠠᠨ᠎ᠠ᠃
Save as image
   ᠪᠢᠴᠢᠭᠰᠡᠨ ᠠᠭᠤᠯᠭ᠎ᠠ᠎ᠪᠠᠨ PNG(ᠡᠳᠦᠷ+ᠴᠠᠭ᠎ᠤᠨ ᠨᠡᠷ᠎ᠡ᠎ᠲᠡᠢ) ᠵᠢᠷᠤᠭ᠎ᠢᠶᠠᠷ MTWriter᠎ᠲᠤ ᠬᠠᠳᠠᠭᠠᠯᠠᠨ᠎ᠠ᠃
Send mail as image
   ᠢᠮᠧᠯ ᠬᠦᠷᠭᠡᠨ᠎ᠡ᠃ ᠣᠳᠣᠬᠠᠨ᠎ᠳᠤ ᠢᠮᠧᠯ᠎ᠦᠨ ᠠᠭᠤᠯᠭ᠎ᠠ᠎ᠶᠢ ᠮᠣᠩᠭᠤᠯ᠎ᠢᠶᠠᠷ ᠢᠯᠡᠷᠡᠭᠦᠯᠬᠦ ᠰᠣᠹᠲ ᠴᠥᠭᠡᠨ ᠲᠤᠯᠠ ᠲᠤᠰ ᠰᠣᠹᠲ᠎ᠲᠤ PNG ᠵᠢᠷᠤᠭ᠎ᠢᠶᠠᠷ Mail ᠬᠦᠷᠭᠡᠨ᠎ᠡ᠃
Send mail as text
   ᠢᠮᠧᠯ ᠬᠦᠷᠭᠡᠨ᠎ᠡ᠃ ᠣᠳᠣᠬᠠᠨ᠎ᠳᠤ ᠢᠮᠧᠯ᠎ᠦᠨ ᠠᠭᠤᠯᠭ᠎ᠠ᠎ᠶᠢ ᠮᠣᠩᠭᠤᠯ᠎ᠢᠶᠠᠷ ᠢᠯᠡᠷᠡᠭᠦᠯᠬᠦ ᠰᠣᠹᠲ ᠴᠥᠭᠡᠨ ᠲᠤᠯᠠ ᠲᠤᠰ ᠰᠣᠹᠲ᠎ᠲᠤ TXT ᠹᠠᠢᠯ᠎ᠢᠶᠠᠷ ᠬᠦᠷᠭᠡᠨ᠎ᠡ᠃
Change Font
   ᠦᠰᠦᠭ᠎ᠦᠨ ᠲᠢᠭ ᠬᠣᠪᠢᠷᠠᠭᠠᠨ᠎ᠠ᠃
   Mongolian White
      ᠴᠠᠭᠠᠨ ᠲᠢᠭ
   Mongolian Writing
      ᠭᠠᠷ ᠪᠢᠴᠢᠮᠡᠯ ᠲᠢᠭ
   Mongolian Art
   ᠤᠷᠠᠯᠢᠭ ᠲᠢᠭ
Help
   ᠲᠤᠰ ᠬᠠᠪᠰᠤᠷᠤᠯᠭ᠎ᠠ᠎ᠶᠢ ᠢᠯᠡᠷᠠᠭᠦᠯᠡᠨ᠎ᠡ᠃
Key layout
   ᠳᠠᠷᠤᠪᠴᠢ᠎ᠶᠢᠨ ᠪᠠᠢᠷᠢ᠎ᠶᠢ ᠢᠯᠡᠷᠡᠭᠦᠯᠦᠨ᠎ᠡ᠃
Cancel
   ᠡᠨᠡ ᠤᠳᠠᠭᠠᠨ᠎ᠤ ᠰᠣᠩᠭᠤᠯᠲᠠ᠎ᠪᠠᠨ ᠬᠦᠴᠦᠨ᠎ᠦᠭᠡᠢ ᠪᠣᠯᠭᠠᠨ᠎ᠠ᠃
Quit
   ᠫᠷᠤᠭ᠍ᠷᠠᠮ᠎ᠢ ᠲᠡᠭᠦᠰᠭᠡᠨ᠎ᠡ᠃

ᠣᠨᠴᠤᠭᠤᠢ ᠳᠦᠷᠰᠦ᠎ᠶᠢᠨ ᠲᠤᠬᠠᠢ
᠊ᠨ(n)᠂ ᠊ᠯ(l)᠂ ᠊ᠷ(r)᠂ ᠊ᠮ(m)᠂ ᠊ᠢ(ᠶ)᠂ ᠊ᠸ᠋(ᠸ)᠂ ᠊ᠭ(h)᠂ ᠊ᠭ᠋ (g) ᠵᠡᠷᠭᠡ᠎ᠶᠢᠨ ᠳᠠᠷᠠᠭ᠎ᠠ ᠪᠢᠴᠢᠭᠳᠡᠬᠦ ᠠ᠂ ᠡ᠎ᠶᠢᠨ ᠴᠠᠴᠤᠯᠭ᠎ᠠ᠎ᠶᠢ A(ᠲᠣᠮᠤ)᠊᠎ᠢᠶᠡᠷ ᠬᠣᠯᠪᠤᠵᠤ ᠪᠢᠴᠢᠨ᠎ᠡ᠃
   ᠪᠠᠢᠨ᠎ᠠ(baiinAa)᠂ ᠥᠭᠭᠦᠨ᠎ᠡ(oggunAe)
   ᠲᠠᠯ᠎ᠠ(talAa)᠂ ᠢᠷᠡᠯ᠎ᠡ(irelAe)
   ᠰᠠᠷ᠎ᠠ(sarAa)᠂ ᠦᠷ᠎ᠡ(urAe)
   ᠤᠷᠮ᠎ᠠ(vrmAa)᠂ ᠰᠦᠮ᠎ᠡ(sumAe)
   ᠲᠠᠷᠢᠶ᠎ᠠ(tariyAa)᠂ ᠦᠶ᠎ᠡ(uyAe)
   ᠭᠤᠸ᠎ᠠ(gwWAa)
   ᠪᠠᠬ᠎ᠠ(bahAa)
   ᠪᠠᠭ᠎ᠠ(bagAa)
ᠬᠠᠷᠢ ᠭᠠᠷᠤᠯᠲᠠᠢ ᠦᠭᠡᠨ᠎ᠦ ᠳᠣᠣᠷ᠎ᠠ ᠪᠢᠴᠢᠭᠳᠡᠬᠦ ᠣ(4) ᠊ᠣ᠋=(wD) ᠣ(5) ᠊ᠣ᠋=(vD)
   ᠲᠣᠺᠢᠣ᠋(twkiwD)᠂ ᠺᠢᠨᠣ᠋(kinvD)
᠎ᠢ ᠡᠭᠡᠰᠢᠭ᠎ᠦᠨ ᠳᠠᠷᠠᠭ᠎ᠠ ᠪᠢᠴᠢᠭᠳᠡᠬᠦ ᠊ᠭ᠍᠊=(gG)᠂ ᠊ᠭ=(gF)
   ᠪᠢᠴᠢᠭᠳᠡᠬᠦ(biqigGdehu)᠂ ᠪᠢᠴᠢᠭ(biqigF)
ᠬᠠᠷᠢ ᠭᠠᠷᠤᠯᠲᠠᠢ ᠦᠭᠡ᠎ᠶᠢᠨ ᠳᠤᠮᠳᠠ ᠪᠢᠴᠢᠭᠳᠡᠬᠦ ᠲ=(tD)
   ᠮᠠᠲᠧᠷᠢᠶᠠᠯ(matDEriyal)᠂ ᠢᠨᠲᠧᠷᠨᠠᠼᠢᠤᠨᠠᠯ(intDErnacivnal)
ᠦᠭᠡ᠎ᠶᠢᠨ ᠡᠬᠢᠨ᠎ᠳᠦ ᠪᠢᠴᠢᠭᠳᠡᠬᠦ ᠳ=(dD)
   ᠳ᠋ᠦᠩᠨᠡᠯᠲᠡ(dDuNnelte)
ᠴᠢᠩᠭ᠎ᠠ ᠬᠥᠨᠳᠡᠢ ᠬᠣᠯᠢᠯᠳᠤᠭᠰᠠᠨ ᠬᠥᠮᠦᠨ᠎ᠦ ᠨᠡᠷ᠎ᠡ᠎ᠳᠦ ᠪᠢᠴᠢᠭᠳᠡᠬᠦ ᠊ᠥ᠋᠊(6᠂ 7)=(oD᠂ uD)᠂ ᠊ᠥ᠌᠊(6᠂ 7)=(oF᠂ uF)
   ᠨᠠᠰᠤᠨᠪᠦ᠋ᠬᠡ(nasvnbuDhe)᠂ ᠪᠠᠲᠤᠥ᠌ᠯᠵᠢ(batvoFlji)
ᠭ ᠭᠡᠢᠭᠦᠯᠦᠭᠴᠢ᠎ᠶᠢᠨ ᠦᠭᠡ᠎ᠶᠢᠨ ᠳᠤᠮᠳᠠ ᠣᠷᠤᠬᠤ ᠊ᠭ᠋᠊᠂ ᠊ᠭ᠋᠂ ᠳᠦᠷᠰᠦ᠎ᠨᠢ ᠰ᠊᠂ ᠊ᠳ᠊ ᠬᠣᠶᠠᠷ ᠭᠡᠢᠭᠦᠯᠦᠭᠴᠢ᠎ᠶᠢᠨ ᠳᠠᠷᠠᠭ᠎ᠠ ᠣᠷᠤᠬᠤ᠎ᠳᠤ᠎ᠪᠠᠨ ᠳᠤᠰᠤᠯ᠎ᠢᠶᠠᠨ ᠣᠷᠬᠢᠳᠠᠭ᠎ᠶᠤᠮ᠃
   ᠳᠠᠰᠭᠠᠯ(tasgal)᠂ ᠳᠠᠳᠭᠠᠯ(dadgal)

ᠳᠠᠭᠠᠪᠣᠷᠢ᠎ᠶᠢᠨ ᠲᠤᠬᠠᠢ
   ᠰᠠᠯᠤᠩᠭᠢᠳᠠ ᠪᠢᠴᠢᠬᠦ ᠳᠠᠭᠠᠪᠥᠷᠢ᠎ᠶᠢ ᠮᠥᠷ᠎ᠦᠨ ᠡᠬᠢᠨ᠎ᠳᠦ ᠢᠯᠡᠷᠡᠭᠦᠯᠬᠦ᠎ᠦᠭᠡᠢ᠎ᠶᠢᠨ ᠲᠥᠯᠦᠭᠡ ᠡᠮᠦᠨᠡᠬᠢ ᠦᠭᠡ᠎ᠲᠡᠢ᠎ᠪᠡᠨ S(ᠲᠣᠮᠤ)᠎ᠪᠡᠷ ᠬᠣᠯᠪᠤᠵᠤ ᠪᠢᠴᠢᠬᠦ ᠴᠢᠬᠤᠯᠠᠲᠠᠢ᠃ ᠳᠠᠭᠠᠪᠤᠷᠢ᠎ᠨᠢ ᠳᠠᠪᠬᠤᠷᠯᠠᠭᠳᠠᠨ ᠬᠡᠷᠡᠭᠯᠡᠭᠳᠡᠭᠰᠡᠨ ᠦᠶ᠎ᠡ᠎ᠳᠦ᠎ᠴᠦ ᠬᠣᠭᠤᠷᠤᠨᠳᠤ᠎ᠨᠢ S(ᠲᠣᠮᠤ)᠎ᠪᠡᠷ ᠬᠣᠯᠪᠤᠵᠤ ᠪᠢᠴᠢᠨ᠎ᠡ᠃
   ᠳᠦᠷᠰᠦ᠎ᠪᠡᠷ(dursuSber)
   ᠦᠭᠡ᠎ᠶᠢᠨ(ugeSyin)
   ᠳᠠᠭᠤᠳᠠᠯᠭ᠎ᠠ᠎ᠪᠠᠷ᠎ᠢᠶᠠᠨ(dagvdalgAaSberSyien)

Syin ᠊᠎ᠦᠨ
   ᠡᠭᠡᠰᠢᠭ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Svn ᠊᠎ᠦᠨ
   (᠊ᠨ)᠎ᠡᠴᠡ ᠪᠤᠰᠤᠳ ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Sv ᠊᠎ᠦᠨ
   (᠊ᠨ) ᠳᠡᠪᠢᠰᠭᠡᠷ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Sdv ᠊᠎ᠳᠦ
Sdvr ᠊᠎ᠳᠦᠷ    ᠡᠭᠡᠰᠢᠭ ᠪᠠ (᠊ᠨ᠂ ᠊ᠮ᠂ ᠊ᠯ᠂ ᠊ᠩ) ᠵᠡᠷᠭᠡ ᠵᠥᠭᠡᠯᠡᠨ ᠳᠡᠪᠢᠰᠭᠡᠷ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Stv᠊᠎ᠳᠦ
Stvr ᠊᠎ᠳᠦᠷ
   (᠊ᠪ᠂ ᠊ᠭ᠂ ᠊ᠷ᠂ ᠊ᠰ᠂ ᠊ᠳ)ᠵᠡᠷᠭᠡ ᠬᠠᠲᠠᠭᠤ ᠳᠡᠪᠢᠰᠭᠡᠷ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Syi ᠊᠎ᠢ
   ᠡᠭᠡᠰᠢᠭ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Si ᠊᠎ᠢ
   ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Seqe ᠊᠎ᠡᠴᠡ
   ᠡᠭᠡᠰᠢᠭ ᠭᠡᠢᠭᠦᠯᠦᠭᠴᠢ ᠢᠯᠭᠠᠯ᠎ᠦᠭᠡᠢ ᠬᠡᠷᠡᠭᠯᠡᠨ᠎ᠡ
Sber ᠊᠎ᠢᠶᠡᠷ
   ᠡᠭᠡᠰᠢᠭ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Syier ᠊᠎ᠢᠶᠡᠷ
   ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Stai ᠊᠎ᠲᠡᠢ
   ᠡᠭᠡᠰᠢᠭ ᠭᠡᠢᠭᠦᠯᠦᠭᠴᠢ ᠢᠯᠭᠠᠯ᠎ᠦᠭᠡᠢ ᠬᠡᠷᠡᠭᠯᠡᠨ᠎ᠡ᠃
SlvgAa ᠊᠎ᠯᠦᠭᠡ
   ᠴᠢᠩᠭ᠎ᠠ ᠦᠭᠡᠨ᠎ᠦ ᠳᠠᠷᠠᠭ᠎ᠠ ᠬᠡᠷᠡᠭᠯᠡᠨ᠎ᠡ᠃
Slvge ᠊᠎ᠯᠤᠭᠡ
   ᠬᠥᠨᠳᠡᠢ ᠦᠭᠡᠨ᠎ᠦ ᠳᠠᠷᠠᠭ᠎ᠠ ᠬᠡᠷᠡᠭᠯᠡᠨ᠎ᠡ᠃
Snvgvd ᠊᠎ᠦᠳ
Snvgud ᠊᠎ᠨᠤᠭᠦᠳ
   ᠡᠭᠡᠰᠢᠭ ᠪᠠ (᠊ᠨ) ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠴᠢᠩᠭ᠎ᠠ ᠬᠥᠨᠳᠡᠢ᠎ᠶᠢ ᠢᠯᠭᠠᠵᠤ ᠬᠡᠷᠡᠭᠯᠡᠨ᠎ᠡ
Svd ᠊᠎ᠦᠳ
   (᠊ᠨ)᠎ᠡᠴᠡ ᠪᠤᠰᠤᠳ ᠭᠡᠢᠭᠦᠯᠦᠭᠴᠢ᠎ᠪᠡᠷ ᠲᠡᠭᠦᠰᠦᠭᠰᠡᠨ ᠨᠡᠷ᠎ᠡ ᠦᠭᠡᠨ᠎ᠳᠦ ᠬᠡᠷᠡᠭᠯᠡᠨ᠎ᠡ
Sben ᠊᠎ᠢᠶᠡᠨ
   ᠡᠭᠡᠰᠢᠭ᠎ᠢᠶᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Syien ᠊᠊᠎ᠢᠶᠡᠨ
   ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠬᠡᠷᠡᠭᠯᠡᠨ᠎ᠡ
Smini ᠊᠎ᠮᠢᠨᠢ
   ᠨᠢᠭᠡᠳᠦᠭᠡᠷ ᠪᠡᠶ᠎ᠡ᠎ᠳᠦ ᠬᠡᠷᠡᠭᠯᠡᠨ᠎ᠡ
Sqini ᠊᠎ᠴᠢᠨᠢ
   ᠬᠣᠶᠠᠳᠤᠭᠠᠷ ᠪᠡᠶ᠎ᠡ᠎ᠳᠦ ᠬᠡᠷᠡᠭᠯᠡᠨ᠎ᠡ
Sni ᠊᠎ᠨᠢ
   ᠭᠤᠷᠪᠠᠳᠤᠭᠠᠷ ᠪᠡᠶ᠎ᠡ᠎ᠳᠦ ᠬᠡᠷᠡᠭᠯᠡᠨ᠎ᠡ
ᠠᠯᠮᠠᠰ ᠺᠣᠮᠫᠠᠨᠢ
email : mongol@almas.co.jp
tel : +81-3-5688-2081
fax : +81-3-5688-2082