ᠮᠣᠩᠭᠤᠯ ᠪᠢᠴᠢᠭ ᠬᠢᠲᠠᠳ
ᠠᠩᠭᠯᠢ
ᠶᠠᠫᠤᠨ

ᠮᠣᠩᠭᠤᠯ ᠦᠰᠦᠭ᠎ᠦᠨ ᠲᠢᠭ᠎ᠢᠶᠡᠨ ᠥᠭᠡᠷᠡᠴᠢᠯᠡᠵᠡᠢ᠃

1᠂ ᠰᠠᠯᠤᠩᠭᠢᠳᠠ ᠪᠢᠴᠢᠬᠦ ᠳᠠᠭᠠᠪᠤᠷᠢ᠎ᠶᠢ ᠴᠢᠩᠭ᠎ᠠ ᠬᠥᠨᠳᠡᠢ ᠢᠯᠭᠠᠨ ᠲᠣᠳᠤᠷᠠᠭᠤᠯᠵᠤ ᠴᠢᠳᠠᠬᠤ ᠪᠣᠯᠭᠠᠵᠠᠢ᠃

ᠰᠠᠯᠤᠩᠭᠢᠳᠠ ᠪᠢᠴᠢᠬᠦ ᠳᠠᠭᠠᠪᠤᠷᠢ᠎ᠶᠢᠨ ᠬᠦᠰᠦᠨᠦᠭ᠎ᠲᠦ ᠦᠵᠡᠭᠡᠷᠡᠢ᠃


2᠂ ᠬᠣᠣᠰ ᠡᠭᠡᠰᠢᠭ ᠠᠢ(ai)᠂ ᠡᠢ(ei)᠂ ᠣᠢ(oi)᠂ ᠤᠢ(ui)᠂ ᠦᠶ᠎ᠡ(öi ᠬᠣᠶᠠᠳᠤᠭᠠᠷ ᠦᠶ᠎ᠡ᠎ᠡᠴᠡ ᠬᠣᠢᠰᠢ)᠂ ᠦᠢ(üi ᠬᠣᠶᠠᠳᠤᠭᠠᠷ ᠦᠶ᠎ᠡ᠎ᠡᠴᠡ ᠬᠣᠢᠰᠢ) ᠵᠡᠷᠭᠡ᠎ᠶᠢ ᠵᠥᠪ᠎ᠢᠶᠡᠷ ᠲᠣᠳᠤᠯᠠᠵᠤ ᠴᠢᠳᠠᠬᠤ ᠪᠣᠯᠭᠠᠵᠠᠢ᠃

ᠠᠩᠬ᠎ᠠ ᠡᠬᠢᠯᠡᠬᠦ᠎ᠳᠦ Microsoft Baiti᠎ᠲᠠᠢ ᠠᠳᠠᠯᠢ ᠪᠣᠯᠭᠠᠬᠤ᠎ᠶᠢ ᠵᠣᠷᠢᠵᠤ᠂ ᠳᠡᠭᠡᠷ᠎ᠡ ᠳᠤᠷᠠᠳᠤᠭᠰᠠᠨ ᠬᠣᠣᠰ ᠡᠭᠡᠰᠢᠭ᠎ᠦᠨ 《᠊ᠢ᠌᠊》᠊᠎ᠢ ᠣᠯᠠᠩᠬᠢ ᠬᠥᠮᠦᠰ ᠬᠣᠶᠠᠷ 《ii》᠊᠎ᠦᠨ ᠬᠡᠯᠪᠡᠷᠢ᠎ᠪᠡᠷ ᠣᠷᠤᠭᠤᠯᠵᠤ ᠪᠠᠢᠭᠰᠠᠨ ᠪᠣᠯᠤᠯᠲᠠᠢ᠃

ᠲᠦᠷᠦᠭᠦᠬᠡᠨ᠎ᠳᠦ᠂ Microsoft Baiti᠊᠎ᠢ ᠬᠢᠵᠦ ᠪᠠᠢᠭ᠎ᠠ ᠬᠠᠷᠢᠭᠤᠴᠠᠯᠭᠠᠲᠠᠨ᠎ᠲᠠᠢ ᠬᠠᠷᠢᠴᠠᠭ᠎ᠠ ᠠᠪᠴᠤ᠂ ᠡᠨᠡ ᠲᠤᠬᠠᠢ ᠯᠠᠪᠯᠠᠬᠤ᠎ᠳᠤ᠂ ᠮᠣᠩᠭᠤᠯ ᠰᠤᠳᠤᠯᠭᠠᠨ᠎ᠤ ᠡᠷᠳᠡᠮᠲᠡᠳ ᠠᠷᠪᠠᠨ ᠭᠤᠷᠪᠠᠳᠤᠭᠠᠷ ᠵᠠᠭᠤᠨ᠎ᠤ ᠦᠶ᠎ᠡ᠎ᠶᠢᠨ ᠮᠣᠩᠭᠤᠯ ᠬᠡᠯᠡᠨ ᠵᠦᠢ᠎ᠶᠢ ᠦᠨᠳᠦᠰᠦᠯᠡᠵᠦ᠂ ᠬᠣᠣᠰ ᠡᠭᠡᠰᠢᠭ 《ai,ei,oi,ui,öi,üi 》᠊᠎ᠢ ᠣᠷᠤᠭᠤᠯᠬᠤ᠎ᠳᠠᠭᠠᠨ 《ayi,eyi,oyi,uyi,öyi,üyi》 ᠭᠡᠵᠦ ᠬᠣᠶᠠᠷ ᠡᠭᠡᠰᠢᠭ᠎ᠦᠨ ᠳᠤᠮᠳᠠ᠎ᠨᠢ 《ᠶ》᠊᠎ᠢ ᠬᠠᠪᠴᠢᠭᠤᠯᠬᠤ᠎ᠪᠠᠷ ᠲᠣᠭᠲᠠᠭᠠᠭᠰᠠᠨ᠎ᠶᠤᠮ ᠭᠡᠨ᠎ᠡ᠃

ᠬᠠᠯᠬ᠎ᠠ ᠮᠣᠩᠭᠤᠯᠴᠤᠳ᠎ᠮᠢᠨᠢ ᠤᠢᠭᠤᠷᠵᠢᠨ ᠮᠣᠩᠭᠤᠯ ᠪᠢᠴᠢᠭ᠎ᠢᠶᠡᠨ ᠰᠡᠷᠭᠦᠭᠡᠬᠦ᠎ᠳᠡᠭᠡᠨ ᠮᠥᠨ ᠡᠨᠡᠬᠦ ᠳᠦᠷᠢᠮ᠎ᠦᠨ ᠶᠣᠰᠤᠭᠠᠷ ᠪᠠᠷᠢᠮᠵᠢᠶ᠎ᠠ ᠲᠣᠭᠲᠠᠭᠠᠬᠤ ᠲᠥᠯᠦᠪᠯᠡᠭᠡ᠎ᠲᠡᠢ᠎ᠶᠦᠮ ᠭᠡᠨ᠎ᠡ᠃

ᠭᠡᠲᠡᠯ᠎ᠡ ᠡᠨᠡᠬᠦ ᠲᠣᠭᠲᠠᠭᠠᠯ᠎ᠢ᠎ᠨᠢ ᠤᠢᠭᠤᠷᠵᠢᠨ ᠦᠰᠦᠭ᠎ᠢᠶᠡᠨ ᠬᠡᠷᠡᠭᠯᠡᠵᠦ ᠪᠠᠢᠭ᠎ᠠ ᠮᠣᠩᠭᠤᠯᠴᠤᠳ᠎ᠤᠨ ᠣᠯᠠᠩᠬᠢ᠎ᠨᠢ ᠮᠡᠳᠡᠬᠦ᠎ᠦᠭᠡᠢ ᠤᠴᠢᠷ᠎ᠠᠴᠠ ᠴᠥᠮ ᠳᠦᠷᠰᠦ᠎ᠶᠢᠨ ᠲᠠᠯ᠎ᠠ᠎ᠶᠢᠨ ᠵᠥᠪ ᠣᠨᠤᠪᠴᠢᠲᠠᠢ᠎ᠶᠢ ᠪᠣᠳᠤᠯᠬᠢᠯᠠᠵᠤ᠂ 《aii,eii,oii,uii,öii,üii》 ᠭᠡᠵᠦ ᠬᠡᠷᠡᠭᠯᠡᠴᠢᠬᠡᠭᠰᠡᠨ ᠪᠠᠢᠳᠠᠭ᠎ᠶᠤᠮ᠃

ᠳᠡᠭᠡᠷ᠎ᠡ ᠳᠤᠷᠠᠳᠤᠭᠰᠠᠨ ᠪᠠᠢᠳᠠᠯ᠎ᠢ ᠪᠦᠬᠦ ᠲᠠᠯ᠎ᠠ᠎ᠪᠠᠷ ᠪᠣᠳᠤᠯᠬᠢᠯᠠᠵᠤ᠂ ᠬᠡᠷᠡᠭᠯᠡᠭᠴᠢᠳ᠎ᠦᠨ ᠣᠯᠠᠨ ᠲᠠᠯ᠎ᠠ᠎ᠶᠢᠨ ᠬᠠᠩᠭᠠᠵᠤ ᠴᠢᠳᠠᠬᠤ ᠵᠣᠷᠢᠯᠭ᠎ᠠ᠎ᠪᠠᠷ ᠪᠢᠳᠡ ᠳᠡᠭᠡᠷᠡᠬᠢ ᠪᠠᠢᠳᠠᠯ᠎ᠳᠤ ᠴᠥᠮ ᠲᠣᠬᠢᠷᠠᠭᠰᠠᠨ ᠢᠯᠭᠠᠨ ᠲᠣᠳᠤᠷᠠᠭᠤᠯᠬᠤ ᠰᠢᠰᠲᠧᠮ᠎ᠢ ᠬᠢᠵᠦ᠂ ᠦᠰᠦᠭ᠎ᠦᠨ ᠲᠢᠭ᠎ᠢᠶᠡᠨ ᠥᠭᠡᠷᠡᠴᠢᠯᠡᠭᠰᠡᠨ᠎ᠶᠦᠮ᠃

① ᠣᠷᠴᠢᠨ ᠴᠠᠭ᠎ᠤᠨ ᠮᠣᠩᠭᠤᠯ ᠬᠡᠯᠡᠨ ᠵᠦᠢ᠎ᠶᠢᠨ ᠶᠣᠰᠤᠭᠠᠷ 《᠊ᠢ》 ᠣᠷᠤᠯᠴᠠᠭᠰᠠᠨ ᠬᠣᠣᠰ ᠡᠭᠡᠰᠢᠭ᠎ᠢ 《ai,ei,oi,ui,öi,üi》 ᠭᠡᠵᠦ ᠪᠢᠴᠢᠬᠦ᠎ᠨᠢ ᠵᠥᠪ ᠤᠴᠢᠷ᠎ᠠᠴᠠ ᠮᠠᠨ᠎ᠤ ᠲᠢᠭ᠎ᠢ ᠬᠡᠷᠡᠭᠯᠡᠪᠡᠯ ᠢᠩᠭᠢᠵᠦ ᠪᠢᠴᠢᠭᠡᠷᠡᠢ᠃

② ᠮᠣᠩᠭᠤᠯ ᠰᠤᠳᠤᠯᠭᠠᠨ᠎ᠤ ᠡᠷᠳᠡᠮᠲᠡᠳ᠎ᠮᠢᠨᠢ ᠰᠤᠳᠤᠯᠭᠠᠨ᠎ᠤ ᠬᠡᠷᠡᠭᠴᠡᠭᠡ᠎ᠪᠡᠨ ᠦᠨᠳᠦᠰᠦᠯᠡᠵᠦ᠂ ᠡᠷᠲᠡᠨ᠎ᠦ ᠮᠣᠩᠭᠤᠯ ᠬᠡᠯᠡᠨ ᠵᠦᠢ᠎ᠶᠢᠨ ᠶᠣᠰᠤᠭᠠᠷ 《ayi,eyi,oyi,uyi,öyi,üyi》 ᠭᠡᠬᠦ ᠮᠡᠲᠦ᠎ᠪᠡᠷ ᠪᠢᠴᠢᠵᠦ ᠪᠣᠯᠤᠨ᠎ᠠ᠃

③《aii,eii,oii,uii,öii,üii》 ᠭᠡᠵᠦ ᠪᠢᠴᠢᠵᠦ ᠪᠠᠢᠭᠰᠠᠨ᠎ᠢᠶᠠᠨ ᠵᠣᠭᠰᠤᠵᠤ᠂ 《ai,ei,oi,ui,öi,üi》 ᠪᠤᠶᠤ 《ayi,eyi,oyi,uyi,öyi,üyi》 ᠭᠡᠬᠦ ᠮᠡᠲᠦ᠎ᠪᠡᠷ ᠪᠢᠴᠢᠭᠡᠷᠡᠢ᠃

④《᠊ᠢ》 ᠣᠷᠤᠯᠴᠠᠭᠰᠠᠨ ᠬᠣᠣᠰ ᠡᠭᠡᠰᠢᠭ᠎ᠢ 《ayi,eyi,oyi,uyi,öyi,üyi》 ᠭᠡᠵᠦ ᠪᠢᠴᠢᠬᠦ᠎ᠨᠢ ᠦᠭᠡ᠎ᠶᠢᠨ ᠳᠤᠮᠳᠠ ᠣᠷᠤᠬᠤ 《᠊ᠶᠢ᠊》᠊᠎ᠢ ᠪᠢᠴᠢᠬᠦ᠎ᠲᠡᠢ ᠵᠥᠷᠢᠴᠡᠯ ᠭᠠᠷᠬᠤ ᠤᠴᠢᠷ᠎ᠠᠴᠠ᠂ ᠦᠭᠡ᠎ᠶᠢᠨ ᠳᠤᠮᠳᠠ ᠣᠷᠤᠬᠤ 《᠊ᠶᠢ᠍᠊》 ᠣᠷᠤᠭᠰᠠᠨ ᠦᠰᠦᠭ᠎ᠦᠳ᠎ᠦᠨ 《᠊ᠶᠢ᠍᠊》᠊᠎ᠦᠨ ᠠᠷᠤ᠎ᠳᠤ᠎ᠨᠢ FVS3᠊᠎ᠢ ᠨᠡᠮᠡᠵᠦ ᠢᠯᠭᠠᠨ ᠲᠣᠳᠤᠯᠠᠨ᠎ᠠ᠃

ᠵᠢᠱ᠌ᠢᠶᠡᠯᠡᠪᠡᠯ :

ᠰᠠᠶᠢᠬᠠᠨ(sayiGhan)

ᠮᠠᠶᠢ᠍ᠭ(mayiGg)

ᠵᠠᠶᠢᠭ(jayiGg)

ᠳᠣᠶᠢᠬᠤ(dwyiGhv)

ᠳᠠᠶᠢᠭ(dayiGg)

ᠰᠡᠶᠢ᠍ᠭ(seyiGgF) ᠭᠡᠬᠦ ᠮᠡᠲᠦ᠃

ᠵᠠᠷᠢᠮ ᠣᠨᠴᠤᠭᠤᠢ᠎ᠦᠰᠦᠭ᠂ ᠵᠢᠱ᠌ᠢᠶᠡᠯᠡᠪᠡᠯ

ᠨᠠᠢ᠍ᠮᠠ naiGma

ᠨᠠᠮᠠᠶ᠋ᠢ namayDi

ᠴᠢᠮᠠᠶ᠋ᠢ qimayDi ᠭᠡᠵᠦ ᠲᠤᠰᠪᠤᠷᠢ ᠢᠯᠭᠠᠨ ᠲᠣᠳᠤᠯᠠᠨ᠎ᠠ᠃


3᠂ ᠡᠭᠡᠰᠢᠭ 《᠎ᠢ(i)》᠊᠎ᠦᠨ ᠳᠠᠷᠠᠭ᠎ᠠ ᠳᠡᠪᠢᠰᠭᠡᠷ ᠦᠰᠦᠭ 《᠊ᠭ᠍᠊(᠊ᠭ)》 ᠣᠷᠤᠭᠰᠠᠨ ᠦᠰᠦᠭ᠎ᠦᠨ 80% ᠣᠷᠴᠢᠮ᠎ᠢ ᠵᠥᠪ᠎ᠢᠶᠡᠷ ᠲᠣᠳᠤᠯᠠᠵᠤ ᠴᠢᠳᠠᠬᠤ ᠪᠣᠯᠭᠠᠵᠠᠢ᠃

ᠮᠡᠷᠭᠡᠵᠢᠯ᠎ᠦᠨ ᠬᠢᠵᠠᠭᠠᠷᠯᠠᠯ᠎ᠠᠴᠠ ᠪᠣᠯᠵᠤ᠂ ᠪᠦᠬᠦᠯᠢ ᠦᠰᠦᠭ᠎ᠦᠨ ᠴᠢᠩᠭ᠎ᠠ ᠬᠥᠨᠳᠡᠢ᠎ᠶᠢ ᠢᠯᠭᠠᠵᠤ ᠴᠢᠳᠠᠬᠤ᠎ᠦᠭᠡᠢ ᠤᠴᠢᠷ᠎ᠠᠴᠠ ᠲᠦᠷᠦᠭᠦᠬᠡᠨ 《᠎ᠢ(i)》᠊᠎ᠦᠨ ᠲᠠᠷᠠᠭ᠎ᠠ ᠣᠷᠤᠬᠤ 《᠊ᠭ᠍᠊》 ᠪᠠ 《᠊ᠭ》᠎ᠢ ᠵᠥᠪ ᠲᠣᠳᠤᠯᠠᠬᠤ᠎ᠶᠢᠨ ᠲᠥᠯᠦᠭᠡ 《igG》 ᠪᠤᠶᠤ《 igF》᠊᠎ᠢ ᠬᠡᠷᠡᠭᠯᠡᠵᠦ ᠪᠠᠢᠭᠰᠠᠨ᠎ᠶᠤᠮ᠃

ᠣᠳᠣ᠂ Microsoft ᠬᠢᠭᠡᠳ Apple᠎ᠳᠦ ᠪᠦᠷ ᠵᠣᠬᠢᠴᠠᠭᠤᠯᠬᠤ᠎ᠪᠠᠷ 《᠎ᠢ(i)》᠊᠎ᠦᠨ ᠳᠠᠷᠠᠭ᠎ᠠ ᠣᠷᠤᠬᠤ ᠳᠡᠪᠢᠰᠭᠡᠷ ᠦᠰᠦᠭ 《᠊ᠭ᠍᠊》 ᠪᠠ 《᠊ᠭ》 ᠵᠢᠴᠢ ᠲᠡᠭᠦᠨ᠎ᠦ ᠡᠮᠦᠨ᠎ᠡ ᠬᠣᠢᠨᠠᠬᠢ ᠨᠢᠭᠡ ᠦᠶ᠎ᠡ᠎ᠶᠢᠨ ᠳᠣᠲᠤᠷᠠᠬᠢ ᠡᠭᠡᠰᠢᠭ᠎ᠦᠨ ᠴᠢᠩᠭ᠎ᠠ ᠬᠥᠨᠳᠡᠢ᠎ᠶᠢ ᠵᠥᠪ ᠲᠣᠳᠤᠯᠠᠵᠤ ᠴᠢᠳᠠᠬᠤ ᠪᠣᠯᠭᠠᠵᠠᠢ᠃

ᠢᠩᠭᠢᠭᠡᠳ ᠪᠠᠷᠤᠭ 80% ᠣᠷᠴᠢᠮ᠎ᠤᠨ ᠦᠰᠦᠭ᠎ᠢ ᠵᠥᠪ ᠲᠣᠳᠤᠯᠠᠵᠤ ᠴᠢᠳᠠᠬᠤ ᠪᠣᠯᠤᠭᠰᠠᠨ᠎ᠶᠤᠮ᠃ ᠦᠯᠡᠳᠡᠭᠰᠡᠨ 20%ᠣᠷᠴᠢᠮ᠎ᠤᠨ ᠦᠰᠦᠭ᠎ᠢ ᠪᠠᠢᠳᠠᠯ᠎ᠳᠤ ᠵᠣᠬᠢᠴᠠᠭᠤᠯᠤᠨ ᠮᠥᠨ ᠤᠤᠯ᠎ᠤᠨ ᠡᠷᠡᠨ᠎ᠠ--《igG》 ᠪᠤᠶᠤ《 igF》᠎ᠪᠠᠷ ᠲᠣᠳᠤᠯᠠᠨ᠎ᠠ᠃

ᠲᠠᠢᠯᠪᠤᠷᠢ : D=FVS1(180B)᠂ F=FVS2(180C)᠂ G=FVS3(180D)

ᠠᠯᠮᠠᠰ ᠺᠣᠮᠫᠠᠨᠢ
email : mongol@almas.co.jp
tel : +81-3-5688-2081
fax : +81-3-5688-2082