ᠮᠣᠩᠭᠣᠯ ᠪᠢᠴᠢᠭ᠌

ᠡᠷᠢᠶ᠎ᠡ  

ᠵᠢᠷᠤᠮᠲᠤ ᠶᠢᠨ ᠪᠠᠷᠢᠮᠵᠢᠶ᠎ᠠ ᠺᠣᠳ᠋ ᠶᠢᠨ ᠲᠤᠬᠠᠢ ᠠᠰᠠᠭᠤᠯᠲᠠ ᠬᠠᠷᠢᠭᠤᠯᠲᠠ ᠶᠢᠨ ᠡᠮᠬᠢᠳᠭᠡᠯ

ᠰᠠᠢᠨ ᠪᠠᠢᠵᠠᠭᠠᠨ᠎ᠠ ᠤᠤ︖ ᠪᠢ ᠡᠨᠳᠡ ᠤᠯᠠᠨ ᠮᠣᠩᠭᠤᠯ ᠪᠢᠴᠢᠭ᠌ ᠦᠨ ᠢᠨᠲ᠋ᠧᠷᠨᠧᠲ ᠦᠨ ᠰᠦᠯᠵᠢᠶ᠎ᠡ ᠪᠡᠷ ᠴᠢᠯᠦᠭᠡᠲᠡᠢ ᠨᠡᠪᠲᠡᠷᠡᠬᠦ᠂ ᠬᠡᠷᠡᠭᠯᠡᠬᠦ ᠲᠠᠯ᠎ᠠ ᠠᠴᠠ Unicode ᠤᠨ ᠲᠤᠬᠠᠢ ᠣᠷᠴᠢᠮ ᠤᠨ ᠳᠤᠤᠯᠢᠶᠠᠨ ᠱᠤᠤᠭᠢᠶᠠᠨ ᠪᠠᠢᠳᠠᠯ ᠳᠣᠣᠷ᠎ᠠ ᠴᠣᠬᠤᠮ ᠶᠠᠮᠠᠷ ᠠᠰᠠᠭᠤᠳᠠᠯ ᠣᠷᠤᠰᠢᠭᠠᠳ ᠪᠠᠢᠭ᠎ᠠ᠂ ᠶᠠᠭᠠᠬᠢᠭᠠᠳ ᠣᠳᠤ ᠪᠣᠯᠲᠠᠯ᠎ᠠ ᠮᠣᠩᠭᠤᠯ ᠪᠢᠴᠢᠭ᠌ ᠦᠨ ᠺᠣᠮᠫᠢᠦ᠋ᠲ᠋ᠧᠷᠴᠢᠯᠠᠬᠤ ᠠᠰᠠᠭᠤᠳᠠᠯ ᠤᠯᠠᠨ ᠤᠯᠤᠰ ᠤᠨ ᠬᠣᠯᠪᠤᠭ᠎ᠠ ᠰᠦᠯᠵᠢᠶ᠎ᠡ ᠪᠡᠷ ᠬᠡᠷᠡᠭᠯᠡᠭᠳᠡᠭᠡ ᠥᠬᠡᠢ ᠠᠰᠠᠭᠤᠳᠠᠯ᠂ ᠣᠳᠤ ᠪᠣᠯᠲᠠᠯ᠎ᠠ ᠭᠦᠢᠴᠡᠳ ᠰᠠᠢᠬᠠᠨ ᠰᠢᠢᠳᠪᠦᠷᠢᠯᠡᠭᠳᠡᠭᠡ ᠥᠬᠡᠢ ᠵᠡᠷᠭᠡ ᠤᠴᠢᠷ ᠰᠢᠯᠲᠠᠭᠠᠨ ᠢ ᠤᠯᠬᠤ ᠭᠡᠰᠡᠨ ᠵᠣᠷᠢᠯᠭ᠎ᠠ ᠪᠠᠷ ᠡᠨᠡ ᠪᠦᠯᠦᠭ ᠢ ᠪᠠᠢᠭᠤᠯᠵᠤ᠂ ᠲᠠ ᠪᠦᠬᠦᠨ ᠢ ᠤᠷᠢᠵᠤ ᠪᠠᠢᠨ᠎ᠠ᠃ ᠲᠠᠨᠠᠷ ᠡᠨᠡ ᠪᠦᠯᠦᠭ ᠲᠦ ᠡᠨᠡ ᠲᠤᠬᠠᠢ ᠶᠠᠮᠠᠷ ᠠᠰᠠᠭᠤᠯᠲᠠ ᠪᠠᠢᠪᠠᠯ ᠠᠰᠠᠭᠤᠵᠤ᠂ ᠲᠡᠭᠦᠨ ᠢ ᠮᠡᠳᠡᠬᠦ ᠬᠥᠮᠦᠨ ᠪᠠᠢᠪᠠᠯ ᠨᠠᠷᠢᠨ ᠲᠠᠢᠯᠪᠤᠷᠢᠯᠠᠭᠠᠳ ᠥᠭᠬᠦ ᠪᠣᠯᠪᠠ ᠤᠤ ᠭᠡᠵᠦ ᠬᠦᠰᠡᠵᠦ ᠪᠠᠢᠨ᠎ᠠ᠃ (ᠠ᠊᠂ ᠭᠤᠸᠠᠢ)

(ᠡᠨᠳᠡ ᠠᠰᠠᠭᠤᠯᠲᠠ ᠲᠠᠯᠪᠢᠭᠰᠠᠨ ᠬᠥᠮᠦᠰ ᠦᠨ ᠨᠡᠷ᠎ᠡ ᠶᠢ ᠲᠥᠯᠦᠭᠡᠨ ᠦ ᠲᠡᠮᠳᠡᠭ ᠢᠶᠡᠷ ᠲᠡᠮᠳᠡᠭᠯᠡᠪᠡ᠃ )

ᠨᠢᠭᠡ᠂ ᠠᠰᠠᠭᠤᠯᠲᠠ (ᠡ᠊᠂ ᠭᠤᠸᠠᠢ)

ᠣᠳᠤ ᠠᠮᠧᠷᠢᠺᠠ ᠳᠤ ᠰᠠᠭᠤᠵᠤ ᠪᠠᠢᠭ᠎ᠠ᠂ ᠥᠪᠦᠷ ᠮᠣᠩᠭᠤᠯ ᠳᠤ ᠪᠠᠢᠬᠤ ᠳᠤ ᠪᠠᠨ ᠮᠣᠩᠭᠤᠯ ᠬᠡᠯᠡᠨ ᠦ ᠮᠡᠷᠭᠡᠵᠢᠯ ᠲᠡᠢ ᠮᠣᠩᠭᠤᠯ ᠬᠡᠯᠡᠨ ᠦ ᠰᠠᠯᠪᠤᠷᠢ ᠠᠴᠠ ᠲᠡᠭᠦᠰᠦᠭᠰᠡᠨ᠂ ᠠᠮᠧᠷᠢᠺᠠ ᠳᠤ ᠢᠷᠡᠭᠡᠳ ᠺᠣᠮᠫᠢᠦ᠋ᠲ᠋ᠧᠷ ᠦᠨ ᠴᠢᠭᠯᠡᠯ ᠢᠶᠡᠷ ᠰᠤᠷᠤᠯᠴᠠᠨ ᠣᠳᠤ ᠺᠣᠮᠫᠢᠦ᠋ᠲ᠋ᠧᠷ ᠦᠨ ᠠᠵᠢᠯ ᠬᠢᠵᠦ ᠪᠠᠢᠨ᠎ᠠ᠃

ᠠ᠊᠂ ᠭᠤᠸᠠᠢ ᠶᠢᠨ ᠶᠠᠷᠢᠭᠰᠠᠨ ᠰᠢᠭ ᠡᠨᠡ ᠪᠦᠯᠦᠭ ᠪᠣᠯ ᠮᠣᠩᠭᠤᠯ ᠪᠢᠴᠢᠭ᠌ ᠢ Unicode ᠲᠦ ᠶᠠᠭᠠᠬᠢᠵᠤ ᠣᠷᠤᠭᠤᠯᠵᠤ᠂ ᠶᠠᠭᠠᠬᠢᠵᠤ ᠬᠡᠷᠡᠭᠯᠡᠵᠦ᠂ ᠶᠠᠭᠠᠬᠢᠵᠤ ᠡᠨᠡ ᠪᠠᠷᠢᠮᠵᠢᠶ᠎ᠠ ᠶᠢ ᠪᠠᠷᠢᠵᠤ᠂ ᠣᠳᠤ ᠶᠢᠨ ᠺᠣᠮᠫᠢᠦ᠋ᠲ᠋ᠧᠷ ᠦᠨ ᠴᠠᠭ ᠡᠷᠡᠨ ᠳᠦ᠂ ᠶᠠᠭᠠᠬᠢᠵᠤ ᠡᠨᠡ ᠰᠠᠢᠬᠠᠨ ᠪᠠᠭᠠᠵᠢ ᠶᠢ ᠦᠷ᠎ᠡ ᠪᠦᠲᠦᠮᠵᠢᠲᠡᠢ ᠬᠡᠷᠡᠭᠯᠡᠬᠦ ᠪᠤᠢ ᠭᠡᠰᠡᠨ ᠲᠠᠯ᠎ᠠ ᠳᠤ ᠦᠵᠡᠯ ᠪᠣᠳᠤᠯ ᠢᠶᠠᠨ ᠰᠣᠯᠢᠯᠴᠠᠬᠤ ᠳᠤ ᠪᠡᠯᠡᠨ ᠪᠠᠢᠨ᠎ᠠ᠃

ᠠᠰᠠᠭᠤᠯᠲᠠ ᠨᠢᠭᠡ

Unicode ᠡᠴᠡ ᠪᠢᠳᠡᠨ ᠦ ᠮᠣᠩᠭᠤᠯ ᠦᠰᠦᠭ ᠪᠢᠴᠢᠭ᠌ ᠲᠦ ᠠᠷᠪᠠᠨ ᠵᠢᠷᠭᠤᠭᠠᠲᠤ ᠶᠢᠨ 1800 ᠡᠴᠡ 11 ᠣᠷᠤᠨ ᠵᠠᠢ (1ᠣᠷᠤᠨ ᠳᠤ 16 ᠵᠢᠵᠢᠭ᠌ ᠣᠷᠤᠨ ᠪᠠᠢᠨ᠎ᠠ) ᠥᠭᠭᠦᠭᠰᠡᠨ ᠰᠢᠭ᠌ ᠪᠠᠢᠨ᠎ᠠ᠃ ᠲᠡᠭᠦᠨ ᠢ Unicode ᠶᠢᠨ Basic Form ᠭᠡᠬᠦ ᠰᠢᠭ᠌᠃ ᠲᠡᠷᠡ ᠳᠣᠲᠤᠷ᠎ᠠ ᠮᠠᠨ ᠤ ᠮᠣᠩᠭᠤᠯ ᠪᠢᠴᠢᠭ᠌ ᠪᠣᠯ ᠨᠢᠭᠡ ᠪᠦᠯᠦᠭ ᠨᠢ ᠨᠢᠭᠡ ᠤᠯᠠᠨ ᠬᠤᠪᠢᠷᠠᠯ ᠠᠴᠠ ᠭᠠᠭᠴᠠᠬᠠᠨ ᠨᠢᠭᠡᠯᠡ ᠳᠦᠷᠰᠦ ᠨᠢ ᠣᠷᠤᠭᠰᠠᠨ ᠪᠠᠢᠨ᠎ᠠ᠃ ᠵᠠᠷᠢᠮ ᠨᠢ ᠳᠡᠭᠡᠷ᠎ᠡ ᠣᠷᠤᠭᠰᠠᠨ᠂ ᠵᠠᠷᠢᠮ ᠨᠢ ᠳᠡᠭᠡᠷ᠎ᠡ ᠣᠷᠤᠭᠰᠠᠨ᠂ ᠵᠠᠷᠢᠮ ᠨᠢ ᠳᠤᠮᠳᠠ ᠣᠷᠤᠭᠰᠠᠨ᠂ ᠵᠠᠷᠢᠮ ᠨᠢ ᠠᠳᠠᠭ ᠲᠤ ᠣᠷᠤᠭᠰᠠᠨ ᠳᠦᠷᠰᠦ ᠪᠠᠢᠨ᠎ᠠ᠃ ᠴᠠᠭᠠᠨ ᠲᠣᠯᠤᠭᠠᠢ ᠶᠢᠨ ᠳᠣᠲᠤᠷ᠎ᠠ ᠠᠴᠠ ᠪᠦᠬᠦ ᠬᠤᠪᠢᠷᠠᠯ ᠨᠢ ᠪᠦᠭᠦᠳᠡᠭᠡᠷ ᠣᠷᠤᠭ᠎ᠠ ᠦᠭᠡᠢ᠂ ᠤᠯᠠᠨ ᠬᠤᠪᠢᠷᠠᠯᠲᠠ ᠶᠢᠨ ᠳᠤᠮᠳᠠ ᠠᠴᠠ ᠵᠥᠪᠬᠡᠨ ᠭᠠᠭᠴᠠ ᠨᠢᠭᠡᠯᠡ ᠬᠤᠪᠢᠷᠠᠯ ᠨᠢ ᠣᠷᠤᠭᠠᠳ ᠪᠤᠰᠤᠳ ᠨᠢ ᠣᠷᠤᠭ᠎ᠠ ᠦᠭᠡᠢ ᠪᠠᠢᠨ᠎ᠠ᠃ ᠲᠡᠭᠡᠭᠡᠳ ᠬᠠᠷᠢᠨ᠂ ᠠᠯᠢ ᠭᠠᠯᠢ ᠥᠰᠦᠭ᠂ ᠮᠠᠨᠵᠤ ᠪᠠ ᠲᠣᠳᠤ ᠦᠰᠦᠭ ᠦᠳ ᠪᠠᠰᠠ ᠣᠷᠤᠴᠢᠬᠠᠭᠰᠠᠨ ᠪᠠᠢᠨ᠎ᠠ᠃

ᠠᠰᠠᠭᠤᠯᠲᠠ ᠬᠣᠶᠠᠷ

Unicode ᠦᠨ Basic Form ᠦᠨ ᠳᠣᠲᠤᠷ᠎ᠠ ᠣᠷᠤᠭᠤᠯᠬᠤ ᠳᠤ ᠶᠡᠷᠦ ᠨᠢ ᠠᠳᠠᠯᠢᠬᠠᠨ ᠦᠶ᠎ᠡ ᠪᠤᠶᠤ ᠠᠪᠢᠶ᠎ᠠ ᠤᠯᠠᠨ ᠬᠤᠪᠢᠷᠠᠯ ᠲᠠᠢ ᠪᠠᠢᠪᠠᠯ ᠲᠡᠳᠡᠭᠡᠷ ᠬᠤᠪᠢᠷᠠᠯ ᠤᠨ ᠳᠣᠲᠤᠷ᠎ᠠ ᠠᠴᠠ ᠭᠠᠭᠴᠠ ᠨᠢᠭᠡ ᠶᠢ ᠯᠡ ᠣᠷᠤᠭᠤᠯᠵᠤ ᠪᠣᠯᠤᠨ᠎ᠠ ᠭᠡᠰᠡᠨ᠂ ᠣᠯᠠᠨ ᠬᠤᠪᠢᠷᠠᠯ ᠤᠳ ᠢ ᠲᠡᠷᠡ ᠶᠠᠩᠵᠤ ᠪᠠᠷ ᠨᠢ ᠪᠦᠭᠦᠳᠡ ᠶᠢ ᠣᠷᠤᠭᠤᠯᠵᠤ ᠪᠣᠯᠬᠤ ᠦᠭᠡᠢ ᠭᠡᠬᠦ ᠡᠢᠮᠦ ᠨᠢᠭᠡ ᠳᠦᠷᠢᠮ ᠲᠡᠢ ᠭᠡᠰᠡᠨ᠃ ᠡᠭᠦᠨ ᠢ ᠴᠣᠬᠤᠮ ᠲᠤᠬᠠᠢ ᠶᠢᠨ ᠦᠶ᠎ᠡ ᠳᠦ ᠮᠣᠩᠭᠤᠯ ᠪᠢᠴᠢᠭ᠌ ᠢ Unicode ᠲᠦ ᠥᠭᠬᠦ ᠦᠶ᠎ᠡ ᠳᠦ᠂ ᠬᠥᠮᠦᠰ ᠪᠢᠳᠡᠨᠡᠷ ᠢ ᠴᠣᠬᠤᠮ ᠶᠠᠭᠠᠬᠢᠵᠤ ᠣᠢᠯᠠᠭᠠᠵᠤ ᠪᠠᠢᠭᠰᠠᠨ ᠪᠣᠢ︖ ᠮᠠᠨ ᠤ ᠮᠣᠩᠭᠤᠯ ᠦᠰᠦᠭ ᠪᠢᠴᠢᠭ᠌ ᠦᠨ ᠡᠨᠡ ᠲᠠᠯ᠎ᠠ ᠪᠠᠷ ᠰᠤᠳᠤᠯᠭ᠎ᠠ ᠬᠢᠳᠡᠭ ᠡᠷᠳᠡᠮᠲᠡᠨ ᠪᠠᠭᠰᠢ ᠨᠠᠷ ᠪᠠ ᠺᠣᠮᠫᠢᠦ᠋ᠲ᠋ᠧᠷ ᠦᠨ ᠲᠠᠯ᠎ᠠ ᠶᠢᠨ ᠲᠤᠬᠠᠢ ᠶᠢᠨ ᠦᠶ᠎ᠡ ᠶᠢᠨ ᠮᠡᠷᠭᠡᠵᠢᠯ ᠲᠡᠢ ᠬᠥᠮᠦᠰ ᠲᠡᠷᠡ ᠳᠦᠷᠢᠮ ᠢ ᠶᠠᠭᠠᠬᠢᠵᠤ ᠣᠢᠯᠠᠭᠠᠭᠰᠠᠨ ᠪᠤᠢ︖ ᠲᠡᠷᠡ ᠳᠦᠷᠢᠮ ᠦᠨ ᠲᠠᠯ᠎ᠠ ᠪᠠᠷ Unicode ᠲᠠᠢ ᠶᠠᠭᠠᠬᠢᠵᠤ ᠶᠠᠷᠢᠯᠴᠠᠭᠰᠠᠨ᠂ ᠴᠣᠬᠤᠮ ᠶᠠᠭ ᠳᠦᠷᠢᠮ ᠨᠢ ᠶᠠᠮᠠᠷ ᠪᠠᠢᠭᠰᠠᠨ ᠭᠡᠳᠡᠭ ᠦᠨ ᠲᠤᠬᠠᠢ ᠶᠠᠷᠢᠵᠤ ᠥᠭᠬᠦ ᠪᠣᠯᠪᠠ ᠤᠤ︖

ᠠᠰᠠᠭᠤᠯᠲᠠ ᠭᠤᠷᠪᠠ

Unicode ᠦᠨ 1800 ᠶᠢᠨ ᠲᠡᠷᠡ ᠬᠡᠰᠡᠭ ᠲᠦ ᠮᠠᠨ ᠤ ᠪᠤᠰᠤᠳ ᠮᠣᠩᠭᠤᠯ ᠪᠢᠴᠢᠭ᠌ ᠦᠨ ᠥᠭᠡᠷ᠎ᠡ ᠬᠤᠪᠢᠷᠠᠯ ᠤᠳ ᠵᠢᠱᠢᠶᠡᠯᠡᠪᠡᠯ᠄ 《ᠠ᠊᠂ ᠡ᠊ 》ᠵᠡᠷᠭᠡ ᠶᠢᠨ ᠳᠤᠮᠳᠠ ᠣᠷᠤᠭᠰᠠᠨ᠂ ᠳᠣᠣᠷ᠎ᠠ ᠣᠷᠤᠭᠰᠠᠨ ᠣᠯᠠᠨ ᠬᠤᠪᠢᠷᠠᠯ ᠤᠳ ᠲᠡᠷᠡ ᠪᠦᠭᠦᠳᠡᠭᠡᠷ ᠣᠷᠤᠭᠰᠠᠨ ᠦᠭᠡᠢ᠃ ᠦᠯᠡᠳᠡᠭᠰᠡᠨ ᠬᠡᠰᠡᠭ ᠢ ᠨᠢ ᠳᠠᠬᠢᠭᠠᠳ ᠥᠭᠡᠷ᠎ᠡ ᠭᠠᠵᠠᠷ᠂ ᠪᠦᠷ ᠬᠣᠢᠰᠢ ᠪᠠᠷ ᠥᠭᠡᠷ᠎ᠡ ᠣᠷᠤᠨ ᠵᠠᠢ ᠥᠭᠭᠦᠭᠰᠡᠨ ᠰᠢᠭ᠌ ᠪᠠᠢᠨ᠎ᠠ᠃ ᠲᠡᠷᠡ ᠳᠣᠲᠤᠷ᠎ᠠ ᠨᠢ ᠮᠠᠨ ᠤ ᠪᠤᠰᠤᠳ ᠬᠤᠪᠢᠷᠠᠯ ᠤᠳ ᠪᠦᠭᠦᠳᠡᠭᠡᠷ ᠣᠷᠤᠴᠢᠬᠠᠭᠰᠠᠨ ᠤᠤ︖ ᠪᠦᠭᠦᠳᠡ ᠶᠢ ᠥᠭᠭᠦᠭᠰᠡᠨ ᠦᠦ︖

ᠢᠨᠲ᠋ᠧᠷᠨᠧᠲ ᠡᠴᠡ ᠣᠯᠵᠤ ᠬᠠᠷᠠᠵᠤ ᠪᠠᠢᠭ᠎ᠠ ᠳᠣᠲᠤᠷ᠎ᠠ ᠮᠠᠨ ᠤ ᠥᠭᠡᠷ᠎ᠡ ᠬᠤᠪᠢᠷᠠᠯ ᠤᠳ Unicode ᠦᠨ ᠠᠯᠢ ᠨᠢᠭᠡ ᠳᠣᠲᠤᠷ᠎ᠠ ᠨᠢ ᠪᠠᠢᠭ᠎ᠠ ᠪᠣᠯ︖ ᠲᠡᠢᠮᠦ ᠶᠠᠭᠤᠮ᠎ᠠ ᠬᠠᠷᠠᠭᠳᠠᠬᠤ ᠦᠭᠡᠢ ᠪᠠᠢᠨ᠎ᠠ᠃ ᠬᠡᠷᠪᠡ ᠲᠡᠳᠡᠭᠡᠷ ᠦᠳ ᠢ ᠣᠷᠤᠭᠤᠯᠴᠢᠬᠠᠭᠰᠠᠨ ᠪᠠᠢᠪᠠᠯ Uincode ᠲᠦ ᠪᠠᠢᠳᠠᠭ ᠳᠥᠷᠪᠡᠨ ᠣᠷᠤᠨᠲᠤ ᠳ᠋ᠤᠭᠠᠷ ᠢ ᠨᠢ᠂ ᠲᠡᠳᠡᠭᠡᠷ ᠪᠠᠷᠢᠮᠵᠢᠶ᠎ᠠ ᠶᠢ ᠨᠢ ᠬᠠᠮᠢᠭ᠎ᠠ ᠠᠴᠠ ᠣᠯᠵᠤ ᠦᠵᠡᠳᠡᠭ ᠪᠤᠢ︖ ᠵᠢᠱᠢᠶᠡᠯᠡᠪᠡᠯ᠄ ᠳᠣᠣᠷ᠎ᠠ ᠣᠷᠤᠭᠰᠠᠨ《᠎ ᠠ》ᠭᠡᠵᠦ ᠪᠤᠳᠤᠪᠠᠯ ᠡᠮᠦᠨᠡᠰᠢ ᠪᠡᠨ ᠴᠠᠴᠤᠯᠭ᠎ᠠ᠂ ᠠᠷᠤᠨᠰᠢ ᠪᠠᠨ ᠣᠷᠬᠢᠴᠠ ᠪᠠᠢᠨ᠎ᠠ᠃ ᠡᠳᠡᠭᠡᠷ ᠨᠢ ᠲᠤᠰ ᠲᠤᠰ ᠳᠠᠭᠠᠨ ᠥᠪᠡᠷ ᠥᠪᠡᠷ ᠢ ᠪᠡᠨ ᠢᠯᠡᠳᠭᠡᠭᠳᠡᠬᠦ ᠶᠣᠰᠤᠲᠠᠢ᠃ ᠲᠡᠭᠡᠪᠡᠯ ᠲᠡᠷᠡ ᠢᠯᠡᠳᠭᠡᠭᠳᠡᠵᠤ ᠪᠠᠢᠭ᠎ᠠ ᠲᠣᠭ᠎ᠠ ᠨᠤᠭᠤᠳ ᠨᠢ ᠬᠠᠮᠢᠭ᠎ᠠ ᠪᠠᠢᠨ᠎ᠠ︖ ᠴᠣᠢᠵᠤᠩᠵᠠᠪ ᠪᠠᠭᠰᠢ ᠶᠢᠨ ᠨᠣᠮ ᠳᠤ ᠲᠡᠭᠦᠨ ᠢ ᠰᠠᠨᠠᠯ ᠪᠣᠯᠭᠠᠨ ᠳᠡᠪᠰᠢᠭᠦᠯᠦᠭᠰᠡᠨ ᠰᠢᠭ᠌ ᠪᠢᠴᠢᠵᠦ ᠪᠠᠢᠨ᠎ᠠ᠂ ᠲᠡᠭᠡᠪᠡᠯ ᠲᠡᠷᠡ ᠰᠠᠨᠠᠯ ᠤᠨ ᠲᠥᠰᠦᠪ ᠢ Unicode ᠦᠨ ᠲᠠᠯ᠎ᠠ ᠳᠤ ᠬᠦᠯᠢᠶᠡᠵᠦ ᠠᠪᠤᠭᠰᠠᠨ ᠤᠤ︖ ᠡᠰᠡᠬᠦᠯ᠎ᠡ ᠠᠪᠬᠤ ᠲᠤᠬᠠᠢ ᠶᠠᠷᠢᠯᠴᠠᠵᠤ ᠪᠠᠢᠨ᠎ᠠ ᠤᠤ︖

Unicode ᠢ ᠪᠣᠯ Unicode ᠦᠨ ᠬᠣᠶᠠᠷ ᠪᠠᠢᠭᠤᠯᠭ᠎ᠠ ᠭᠣᠣᠯᠳᠠᠵᠤ ᠬᠢᠵᠦ ᠪᠠᠢᠨ᠎ᠠ᠂ ᠨᠢᠭᠡ ᠨᠢ᠂ Unicode Consortium、ᠨᠥᠭᠦᠭᠡ ᠨᠢ UTC(Unicode Technical Committee - Unicode ᠦᠨ ᠲᠧᠭᠨᠢᠭ ᠦᠨ ᠺᠣᠮᠢᠰ )᠂ ᠡᠨᠡ ᠬᠣᠶᠠᠷ ᠪᠠᠢᠭᠤᠯᠭ᠎ᠠ ᠠᠴᠠ ᠬᠥᠮᠦᠰ ᠲᠤᠰᠭᠠᠢ ᠮᠣᠩᠭᠤᠯ ᠪᠢᠴᠢᠭ᠌ ᠦᠨ ᠲᠤᠬᠠᠢ᠂ ᠮᠣᠩᠭᠤᠯ ᠪᠢᠴᠢᠭ᠌ ᠢ Unicode ᠲᠦ ᠣᠷᠤᠭᠤᠯᠬᠤ ᠲᠠᠯ᠎ᠠ ᠳᠤ ᠲᠤᠰᠭᠠᠢ ᠡᠨᠡ ᠲᠠᠯ᠎ᠠ ᠶᠢᠨ ᠠᠵᠢᠯ ᠢ ᠬᠦᠯᠢᠶᠡᠵᠦ ᠠᠪᠤᠭᠠᠳ ᠮᠣᠩᠭᠤᠯᠴᠤᠳ ᠲᠠᠢ ᠬᠠᠮᠲᠤᠷᠠᠵᠤ ᠠᠵᠢᠯᠯᠠᠵᠤ ᠪᠠᠢᠭ᠎ᠠ ᠬᠥᠮᠦᠨ ᠪᠠᠢᠨ᠎ᠠ ᠤᠤ︖

Greg Eck᠂ Andrew Glass᠂ Aaron Bell ᠵᠡᠷᠭᠡ ᠭᠤᠷᠪᠠᠨ ᠬᠥᠮᠦᠨ ᠶᠠᠮᠠᠷ ᠡᠭᠦᠷᠭᠡ ᠲᠤᠰᠢᠶᠠᠯ ᠲᠠᠢ᠂ ᠮᠣᠩᠭᠤᠯ ᠪᠢᠴᠢᠭ᠌ ᠦᠨ ᠲᠤᠬᠠᠢ ᠬᠢᠷᠢ ᠵᠡᠷᠭᠡ ᠮᠡᠳᠡᠳᠡᠭ ᠦᠦ︖ ᠲᠡᠳᠡᠨᠡᠷ ᠲᠦ ᠴᠣᠢᠵᠤᠩᠵᠠᠪ ᠪᠠᠭᠰᠢ᠂ ᠪᠠᠰᠠ ᠪᠤᠰᠤᠳ ᠬᠥᠮᠦᠰ ᠪᠠᠢᠩᠭᠤ ᠰᠠᠨᠠᠯ ᠵᠥᠪᠯᠡᠯᠭᠡ ᠥᠭᠳᠡᠭ ᠪᠠᠢᠬ᠎ᠠ ᠭᠡᠵᠦ ᠪᠤᠳᠤᠵᠤ ᠪᠠᠢᠨ᠎ᠠ᠃ ᠶᠠᠭᠠᠬᠢᠭᠠᠳ ᠭᠡᠪᠡᠯ 2016ᠣᠨ ᠤ ᠳᠤᠮᠳᠠᠴᠢ ᠪᠠᠷ ᠪᠠᠲᠤᠯᠠᠭᠳᠠᠬᠤ ᠶᠣᠰᠤᠲᠠᠢ ᠨᠢᠭᠡ ᠲᠥᠰᠦᠯ ᠪᠣᠯᠭᠠᠵᠤ᠂ ᠴᠣᠢᠵᠤᠩᠵᠠᠪ ᠭᠤᠸᠠᠢ ᠪᠠᠷᠤᠭ ᠯᠠ ᠡᠨᠡ ᠭᠤᠷᠪᠠᠨ ᠬᠥᠮᠦᠨ ᠢᠶᠡᠷ ᠳᠠᠮᠵᠢᠭᠤᠯᠵᠤ Unicode ᠦᠨ ᠮᠡᠷᠭᠡᠵᠢᠯ ᠦᠨ ᠺᠣᠮᠢᠰ ᠲᠤ ᠳᠡᠪᠰᠢᠭᠦᠯᠦᠭᠰᠡᠨ ᠰᠢᠭ᠌ ᠪᠠᠢᠨ᠎ᠠ᠃ ᠡᠨᠡ ᠳᠡᠪᠰᠢᠭᠦᠯᠦᠭᠰᠡᠨ ᠰᠢᠨ᠎ᠡ ᠲᠥᠰᠦᠪ ᠦᠨ ᠲᠤᠬᠠᠢ ᠠᠰᠠᠭᠤᠯᠲᠠ ᠭᠡᠪᠡᠯ᠄

ᠮᠣᠩᠭᠤᠯ ᠪᠢᠴᠢᠭ᠌ ᠦᠨ ᠬᠠᠮᠤᠭ ᠤᠨ ᠡᠬᠢᠨ ᠦ ᠬᠦᠰᠦᠨᠦᠭᠲᠦ ᠳᠡᠬᠢ Basic Form ᠳᠣᠲᠤᠷ᠎ᠠ ᠣᠷᠤᠵᠤ ᠴᠢᠳᠠᠭ᠎ᠠ ᠦᠭᠡᠢ ᠪᠤᠰᠤᠳ ᠬᠤᠪᠢᠷᠠᠯ ᠤᠳ Unicode ᠤᠨ ᠠᠯᠢ ᠨᠢᠭᠡ ᠬᠡᠰᠡᠭ ᠳᠣᠲᠤᠷ᠎ᠠ ᠨᠢ (ᠬᠣᠢᠰᠢᠳᠠ ᠭᠡᠰᠡᠨ ᠴᠦ ᠬᠠᠮᠢᠶ᠎ᠠ ᠦᠭᠡᠢ)ᠣᠷᠤᠨ ᠵᠠᠢ ᠣᠯᠤᠭᠠᠳ ᠪᠠᠢᠨ᠎ᠠ ᠤᠤ︖ ᠡᠰᠡᠬᠦᠯ᠎ᠡ ᠣᠷᠤᠭᠤᠯᠬᠤ ᠭᠡᠵᠦ ᠲᠥᠰᠦᠯ ᠭᠠᠷᠭᠠᠵᠤ ᠬᠦᠰᠡᠯ ᠲᠠᠯᠪᠢᠵᠤ ᠪᠠᠢᠨ᠎ᠠ ᠤᠤ︖ ᠬᠡᠷᠪᠡ ᠣᠷᠤᠴᠢᠬᠠᠭᠰᠠᠨ ᠪᠠᠢᠪᠠᠯ ᠲᠡᠷᠡ ᠨᠢ ᠮᠣᠩᠭᠤᠯ ᠪᠢᠴᠢᠭ᠌ ᠪᠦᠭᠦᠳᠡᠭᠡᠷ ᠢᠶᠡᠨ Unicode ᠲᠦ ᠬᠠᠮᠢᠶ᠎ᠠ ᠦᠭᠡᠢ ᠰᠠᠢᠬᠠᠨ ᠣᠷᠤᠴᠢᠬᠠᠭᠰᠠᠨ ᠭᠡᠵᠦ ᠣᠢᠯᠠᠭᠠᠵᠤ ᠪᠣᠯᠤᠨ᠎ᠠ ᠤᠤ︖

ᠬᠡᠷᠪᠡ ᠪᠦᠭᠦᠳᠡᠭᠡᠷ Unicode ᠲᠦ ᠣᠷᠤᠴᠢᠬᠠᠭᠰᠠᠨ᠂ Unicode ᠲᠦ ᠠᠰᠠᠭᠤᠳᠠᠯ ᠦᠭᠡᠢ᠂ ᠡᠬᠢᠨ ᠦ Basic Form ᠳᠣᠲᠤᠷ᠎ᠠ ᠨᠢ ᠣᠷᠤᠵᠤ ᠴᠢᠳᠠᠭ᠎ᠠ ᠦᠭᠡᠢ ᠴᠤ ᠥᠭᠡᠷ᠎ᠡ ᠭᠠᠵᠠᠷ ᠪᠠᠢᠭ᠎ᠠ ᠳᠤ ᠬᠦᠷᠪᠡᠯ᠂ ᠡᠭᠦᠨ ᠢ ᠶᠠᠭᠠᠬᠢᠵᠤ ᠣᠷᠤᠭᠤᠯᠬᠤ ᠲᠤᠬᠠᠢ᠂ Input Method(输入法) ᠶᠢ ᠮᠠᠨ ᠤ ᠮᠥᠩᠬᠡ ᠭᠠᠯ᠂ ᠰᠠᠢᠨᠪᠢᠯᠢᠭ᠌ ᠵᠡᠷᠭᠡ ᠨᠢ Unicode ᠦᠨ ᠪᠠᠷᠢᠮᠵᠢᠶ᠎ᠠ ᠶᠢ ᠳᠠᠭᠠᠬᠤ ᠦᠭᠡᠢ ᠪᠠᠢᠨ᠎ᠠ ᠭᠡᠵᠦ ᠣᠢᠯᠠᠭᠠᠵᠤ ᠪᠣᠯᠤᠨ᠎ᠠ ᠤᠤ︖ ᠲᠡᠭᠡᠪᠡᠯ ᠣᠳᠤ ᠪᠣᠯᠲᠠᠯ᠎ᠠ Unicode ᠦᠨ ᠪᠠᠷᠢᠮᠵᠢᠶ᠎ᠠ ᠶᠢ ᠲᠠᠭᠠᠵᠤ ᠪᠠᠷᠢᠮᠲᠠᠯᠠᠭᠰᠠᠨ Input Method(输入法) ᠬᠢᠬᠦ ᠰᠣᠹᠲ ᠪᠠᠢᠨ᠎ᠠ ᠤᠤ︖

ᠬᠠᠷᠢᠭᠤᠯᠲᠠ (ᠵᠢᠷᠤᠮᠲᠤ)

ᠪᠢ ᠡᠨᠳᠡ ᠡ᠊᠂ ᠭᠤᠸᠠᠢ ᠶᠢᠨ ᠠᠩᠬᠠᠨ ᠤ ᠠᠰᠠᠭᠤᠯᠲᠠ ᠶᠢ ᠬᠠᠷᠢᠭᠤᠯᠤᠶ᠎ᠠ᠃ ᠶᠠᠭᠠᠬᠢᠭᠠᠳ ᠭᠡᠪᠡᠯ ᠪᠢ ᠶᠡᠷᠡᠭᠡᠳ ᠣᠨ ᠤ ᠦᠶ᠎ᠡ ᠳᠤ Unicode ᠪᠠᠷᠢᠮᠵᠢᠶ᠎ᠠ (ISO 10646 ᠪᠠᠷᠢᠮᠵᠢᠶ᠎ᠠ) ᠶᠢ ᠲᠣᠭᠲᠠᠭᠠᠬᠤ ᠦᠶ᠎ᠡ ᠶᠢᠨ ᠲᠥᠰᠦᠪᠯᠡᠯ ᠦᠨ ᠪᠦᠯᠦᠭ ᠲᠦ ᠠᠵᠢᠯᠯᠠᠵᠤ ᠪᠠᠢᠭᠰᠠᠨ᠃ ᠡᠨᠡ ᠲᠥᠰᠦᠪ(Unicode ᠲᠦ ᠮᠠᠨ ᠤ ᠮᠣᠩᠭᠤᠯ ᠦᠰᠦᠭ ᠪᠢᠴᠢᠭ᠌ ᠢᠶᠡᠨ ᠣᠷᠤᠭᠤᠯᠬᠤ ᠲᠥᠰᠦᠪ ) ᠢ 1992~1993 ᠣᠨ ᠤ ᠦᠶ᠎ᠡ ᠡᠴᠡ ᠡᠬᠢᠯᠡᠨ ᠬᠢᠭᠰᠡᠨ ᠪᠠᠢᠨ᠎ᠠ᠃ ᠠᠩᠬ᠎ᠠ ᠡᠬᠢᠯᠡᠬᠦ ᠳᠦ ᠪᠡᠨ ᠬᠥᠬᠡᠬᠣᠲᠠ ᠳᠤ ᠪᠠᠢᠭᠰᠠᠨ ᠡᠷᠳᠡᠮᠲᠡᠳ᠂ ᠪᠡᠭᠡᠵᠢᠩ ᠳᠦ ᠪᠠᠢᠭᠰᠠᠨ ᠡᠷᠳᠡᠮᠲᠡᠳ᠂ ᠰᠢᠨᠵᠢᠶᠠᠩ ᠤᠨ ᠡᠷᠳᠡᠮᠲᠡᠳ ᠢᠶᠡᠷ ᠪᠦᠷᠢᠯᠳᠦᠵᠦ ᠪᠠᠢᠭᠰᠠᠨ ᠶᠤᠮ᠃ ᠳᠠᠷᠠᠭ᠎ᠠ ᠨᠢ ᠤᠯᠠᠭᠠᠨᠪᠠᠭᠠᠲᠤᠷ ᠠᠴᠠ ᠮᠣᠩᠭᠤᠯ ᠤᠨ ᠡᠷᠳᠡᠮᠲᠡᠳ ᠂ ᠵᠠᠯᠭᠠᠭ᠎ᠠ ᠪᠠᠷ ᠮᠠᠺᠠᠣ᠋ ᠳᠦ ᠪᠠᠢᠭᠰᠠᠨ ᠮᠣᠩᠭᠤᠯ ᠤᠨ ᠡᠷᠳᠡᠮᠲᠡᠨ᠂ ᠭᠧᠷᠮᠠᠨ ᠤ ᠡᠷᠳᠡᠮᠲᠡᠨ ᠣᠷᠤᠯᠴᠠᠵᠤ ᠢᠷᠡᠭᠰᠡᠨ ᠪᠠᠢᠨ᠎ᠠ᠃

ᠲᠤᠰ ᠲᠥᠰᠦᠪ ᠢ ᠬᠢᠬᠦ ᠳᠦ ᠪᠡᠨ ᠪᠢᠳᠡ ᠪᠦᠲᠦᠨ ᠨᠠᠢ᠍ᠮᠠᠨ ᠵᠢᠯ ᠶᠠᠷᠢᠯᠴᠠᠭᠰᠠᠨ(1992~1999ᠣᠨ ᠬᠦᠷᠲᠡᠯ᠎ᠡ )ᠶᠤᠮ᠃ ᠲᠤᠰ ᠲᠥᠰᠦᠪᠯᠡᠯ ᠢ ᠬᠢᠬᠦ ᠳᠦ ᠪᠡᠨ ᠪᠢᠳᠡ ᠶᠠᠭ ᠡ᠊᠂ ᠭᠤᠸᠠᠢ ᠶᠢᠨ ᠶᠠᠷᠢᠭᠰᠠᠨ ᠢᠶᠠᠷ ᠶᠠᠭᠠᠬᠢᠵᠤ ᠣᠷᠤᠭᠤᠯᠪᠠᠯ ᠬᠠᠮᠤᠭ ᠤᠨ ᠰᠠᠢᠨ ᠪᠤᠢ ᠭᠡᠳᠡᠭ ᠤᠯᠠᠨ ᠵᠦᠢᠯ ᠦᠨ ᠮᠠᠷᠭᠤᠭᠠᠨ ᠪᠠᠢᠭᠰᠠᠨ ᠶᠤᠮ᠃ ᠲᠡᠷᠡ ᠦᠶ᠎ᠡ ᠳᠦ ᠪᠢ ᠪᠠᠰᠠ ᠺᠣᠮᠫᠢᠦ᠋ᠲ᠋ᠧᠷ ᠦᠨ ᠮᠡᠷᠭᠡᠵᠢᠯᠲᠡᠨ ᠭᠡᠰᠡᠨ ᠡᠭᠦᠳᠡᠨ ᠡᠴᠡ᠂ ᠳᠠᠬᠢᠭᠠᠳ ᠮᠢᠨᠦ ᠪᠠᠭᠰᠢ᠂ ᠭᠠᠷᠤᠳᠢ ᠪᠠᠭᠰᠢ᠂ ᠲᠤᠬᠠᠢ ᠶᠢᠨ ᠦᠶ᠎ᠡ ᠶᠢᠨ ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠺᠣᠮᠫᠢᠦ᠋ᠲ᠋ᠧᠷ ᠦᠨ ᠰᠠᠯᠪᠤᠷᠢ ᠶᠢᠨ ᠸᠴᠢᠷ ᠪᠠᠭᠰᠢ ᠵᠡᠷᠭᠡ ᠺᠣᠮᠫᠢᠦ᠋ᠲ᠋ᠧᠷ ᠦᠨ ᠮᠡᠷᠭᠡᠵᠢᠯ ᠳᠠᠢ ᠮᠠᠨ ᠤ ᠬᠡᠳᠦᠭᠦᠯᠡ ᠪᠣᠯ ᠪᠦᠷ ᠮᠣᠩᠭᠤᠯ ᠦᠰᠦᠭ ᠢ ᠪᠠᠷᠢᠮᠵᠢᠶ᠎ᠠ ᠪᠣᠯᠭᠠᠨ ᠺᠣᠮᠫᠢᠦ᠋ᠲ᠋ᠧᠷ ᠲᠦ ᠣᠷᠤᠭᠤᠯᠬᠤ ᠳᠤ ᠵᠠᠪᠠᠯ ᠳᠦᠷᠰᠦ ᠪᠡᠷ ᠬᠢᠪᠡᠯ ᠬᠠᠮᠤᠭ ᠤᠨ ᠰᠠᠢᠨ᠂ ᠶᠣᠰᠤᠨ ᠳᠤ ᠨᠢ ᠨᠡᠢᠴᠡᠨ᠎ᠡ ᠭᠡᠵᠦ ᠨᠡᠯᠢᠶᠡᠳ ᠴᠢᠬᠤᠯᠠᠴᠢᠯᠠᠭᠰᠠᠨ ᠪᠠᠢᠨ᠎ᠠ᠃ ᠤᠴᠢᠷ ᠨᠢ ᠡᠨᠡ ᠪᠣᠯ ᠦᠰᠦᠭ ᠪᠢᠴᠢᠭ᠌ ᠦᠨ ᠪᠠᠷᠢᠮᠵᠢᠶ᠎ᠠ ᠪᠠᠢᠨ᠎ᠠ᠃ ᠲᠡᠭᠡᠬᠦ ᠪᠡᠷ ᠢᠶᠡᠨ ᠳᠦᠷᠰᠦ ᠪᠡᠷ ᠬᠢᠬᠦ ᠨᠢ ᠶᠠᠭ ᠪᠠᠷᠢᠮᠵᠢᠶ᠎ᠠ ᠲᠣᠭᠲᠠᠭᠠᠬᠤ ᠦᠨᠳᠦᠰᠦᠨ ᠶᠣᠰᠤᠨ ᠳᠤ ᠨᠢ ᠨᠡᠢᠴᠡᠵᠦ ᠪᠠᠢᠭ᠎ᠠ ᠶᠤᠮ᠃ ᠭᠡᠪᠡᠴᠦ 4᠂ 5 ᠵᠢᠯ ᠦᠨ ᠮᠠᠷᠭᠤᠭᠠᠨ᠂ ᠡᠰᠡᠬᠦᠯ᠎ᠡ ᠪᠠᠰᠠ ᠡᠯ᠎ᠡ ᠵᠦᠢᠯ ᠦᠨ ᠰᠢᠯᠲᠠᠭᠠᠨ ᠠᠴᠠ ᠪᠣᠯᠤᠭᠠᠳ᠂ ᠬᠠᠮᠤᠭ ᠰᠡᠭᠦᠯ ᠳᠦ ᠪᠡᠨ ᠠᠪᠢᠶ᠎ᠠ ᠪᠠᠷ ᠪᠠᠷᠢᠮᠵᠢᠶ᠎ᠠ ᠪᠣᠯᠭᠠᠨ ᠲᠣᠭᠲᠠᠭᠠᠬᠤ ᠲᠥᠰᠦᠪ ᠨᠢ ᠤᠯᠠᠨ ᠤ ᠨᠢᠭᠡᠳᠦᠭᠰᠡᠨ ᠰᠠᠨᠠᠯ ᠪᠣᠯᠤᠭᠰᠠᠨ ᠪᠠᠢᠨ᠎ᠠ᠃

ᠲᠡᠭᠡᠪᠡᠯ ᠳᠦᠷᠰᠦ ᠪᠡᠷ ᠬᠢᠬᠦ ᠭᠡᠳᠡᠭ ᠪᠣᠯ ᠦᠨᠡᠨ ᠳᠦ ᠪᠡᠨ ᠨᠢᠭᠡ ᠳᠦᠷᠰᠦ ᠨᠢᠭᠡ ᠺᠣᠳ᠋ ᠲᠠᠢ ᠪᠠᠢᠳᠠᠭ᠃ ᠵᠢᠱᠢᠶᠡᠯᠡᠪᠡᠯ᠄ ᠮᠠᠨ ᠤ ᠬᠢᠲᠠᠳ ᠬᠡᠯᠡᠨ ᠳᠦ ᠪᠠᠢᠳᠠᠭ 《银行的行》᠂ 《行走的行》᠂ ᠡᠳᠡᠭᠡᠷ ᠦᠳ ᠨᠢ ᠪᠦᠷ ᠤᠯᠠᠨ ᠳᠠᠭᠤᠳᠠᠯᠭᠠᠲᠤ ᠦᠰᠦᠭ ᠪᠣᠯᠬᠤ ᠮᠥᠷᠲᠡᠭᠡᠨ Unicode ᠲᠦ ᠪᠦᠷ ᠨᠢᠭᠡᠯᠡ ᠺᠣᠳ᠋ ᠢᠶᠠᠷ ᠪᠠᠷᠢᠮᠵᠢᠶᠠᠯᠠᠪᠠ᠃ ᠡᠳᠡᠭᠡᠷ ᠣᠯᠠᠨ ᠳᠠᠭᠤᠳᠠᠯᠭ᠎ᠠ ᠲᠠᠢ ᠦᠰᠦᠭ ᠦᠳ ᠢ ᠪᠦᠷ ᠨᠢᠭᠡᠯᠡ Unicode ᠺᠣᠳ᠋ ᠢᠶᠠᠷ ᠣᠷᠤᠭᠤᠯᠬᠤ ᠨᠢ ᠲᠠᠭᠠᠷᠠᠨ᠎ᠠ ᠭᠡᠵᠦ ᠪᠢ ᠦᠵᠡᠵᠦ ᠪᠠᠢᠨ᠎ᠠ᠃ ᠢᠩᠭᠢᠪᠡᠯ ᠰᠠᠶᠢ ᠺᠣᠮᠫᠢᠦ᠋ᠲ᠋ᠧᠷ ᠳᠡᠭᠡᠷ᠎ᠡ ᠶᠠᠭᠤᠮ᠎ᠠ ᠡᠷᠢᠬᠦ ᠳᠦ ᠪᠡᠨ ᠣᠨᠴᠠᠭᠠᠢᠯᠠᠨ ᠡᠨᠡ ᠶᠠᠭᠤ ᠪᠤᠢ ᠭᠡᠳᠡᠭ ᠢ ᠬᠥᠮᠦᠨ ᠳᠦ ᠦᠵᠡᠭᠳᠡᠭᠰᠡᠨ ᠳᠦᠷᠰᠦ ᠶᠠᠭᠤ ᠪᠠᠢᠪᠠᠯ ᠺᠣᠮᠫᠢᠦ᠋ᠲ᠋ᠧᠷ ᠳᠣᠲᠤᠷ᠎ᠠ ᠲᠡᠭᠦᠨ ᠲᠡᠢ ᠵᠣᠬᠢᠴᠠᠭᠰᠠᠨ ᠨᠢᠭᠡᠯᠬᠡᠨ ᠺᠣᠳ᠋ ᠪᠠᠢᠬᠤ ᠭᠡᠳᠡᠭ ᠨᠢ ᠬᠠᠮᠤᠭ ᠤᠨ ᠰᠠᠢᠨ ᠲᠥᠰᠦᠪ ᠪᠣᠯᠤᠨ᠎ᠠ᠃ ᠭᠡᠪᠡᠴᠦ ᠲᠡᠷᠡ ᠦᠶ᠎ᠡ ᠳᠦ Unicode ᠲᠦ ᠪᠣᠯ ᠮᠣᠩᠭᠤᠯ ᠦᠰᠦᠭ ᠢ ᠠᠪᠢᠶ᠎ᠠ ᠪᠠᠷ ᠣᠷᠤᠭᠤᠯᠬᠤ ᠲᠥᠰᠦᠪ ᠨᠢ ᠨᠢᠭᠡᠳᠦᠯᠲᠡᠢ ᠰᠠᠨᠠᠯ ᠪᠣᠯᠤᠭᠰᠠᠨ ᠪᠠᠢᠨ᠎ᠠ᠃

Unicode ᠭᠡᠳᠡᠭ ᠪᠣᠯ ᠡᠬᠢᠨ ᠳᠦ ᠪᠡᠨ 16Bit 2 Byte ᠪᠠᠷ ᠨᠢᠭᠡ ᠥᠰᠦᠭ ᠢ ᠲᠡᠮᠳᠡᠭᠯᠡᠵᠦ᠂ ᠨᠡᠢᠲᠡ 65536 ᠦᠰᠦᠭ ᠦᠨ ᠣᠷᠤᠨ ᠪᠠᠢᠳᠠᠭ᠃ ᠲᠡᠭᠦᠨ ᠦ ᠳᠣᠲᠤᠷ᠎ᠠ 65000 ᠣᠷᠴᠢᠮ ᠤᠨ ᠦᠰᠦᠭ ᠢ ᠲᠣᠭᠲᠠᠭᠠᠵᠤ ᠳᠡᠢᠯᠦᠨ᠎ᠡ ᠭᠡᠵᠦ ᠪᠠᠢᠭᠰᠠᠨ ᠶᠤᠮ᠃ ᠡᠭᠦᠨ ᠢ ᠪᠡᠨ Unicode ᠦᠨ ᠬᠠᠮᠤᠭ ᠡᠷᠲᠡᠨ ᠦ ᠪᠠᠷᠢᠮᠵᠢᠶ᠎ᠠ᠂ ᠳᠠᠷᠤᠢ BMP(Basic Multilingual Plane) ᠭᠡᠵᠦ᠂ ᠬᠢᠲᠠᠳ ᠢᠶᠠᠷ ᠢᠶᠠᠨ 《基本平面》 ᠭᠡᠨ᠎ᠡ᠃ ᠡᠨᠡ ᠳᠣᠲᠤᠷ᠎ᠠ ᠡᠯ᠎ᠡ ᠤᠯᠤᠰ ᠤᠨ ᠥᠰᠦᠭ ᠪᠢᠴᠢᠭ᠌ ᠦᠨ Unicode ᠪᠠᠷᠢᠮᠵᠢᠶ᠎ᠠ ᠪᠦᠷ ᠶᠠᠭ ᠲᠡᠷᠡ ᠦᠶ᠎ᠡ ᠳᠦ ᠲᠣᠭᠲᠠᠭᠠᠭᠳᠠᠵᠤ ᠢᠷᠡᠵᠦ ᠪᠠᠢᠭᠰᠠᠨ᠃ ᠲᠡᠭᠡᠭᠡᠳ CJK (Chinese Japanese Korea) ᠵᠡᠷᠭᠡ ᠭᠤᠷᠪᠠᠨ ᠬᠡᠯᠡᠡ ᠳᠦ ᠬᠡᠷᠡᠭᠯᠡᠭᠳᠡᠬᠦ ᠬᠢᠲᠠᠳ ᠥᠰᠦᠭ (ᠲᠤᠬᠠᠢ ᠶᠢᠨ ᠦᠶ᠎ᠡ ᠳᠦ ᠸᠢᠶᠧᠲ᠋ᠨᠠᠮ ᠪᠠᠰᠠ ᠪᠠᠢᠭᠰᠠᠨ ᠪᠣᠯᠪᠠᠴᠤ ᠬᠢᠲᠠᠳ ᠦᠰᠦᠭ ᠢ ᠬᠡᠷᠡᠭᠯᠡᠬᠦ ᠦᠭᠡᠢ ᠪᠣᠯᠤᠭᠠᠳ ᠰᠡᠭᠦᠯ ᠳᠦ ᠨᠢ ᠭᠠᠷᠴᠢᠬᠠᠭᠰᠠᠨ) ᠨᠡᠢᠲᠡ ᠭᠤᠷᠪᠠᠨ ᠲᠦᠮᠡ ᠣᠷᠴᠢᠮ ᠤᠨ ᠣᠷᠤᠨ ᠢ ᠡᠵᠡᠯᠡᠭᠰᠡᠨ ᠪᠠᠢᠨ᠎ᠠ᠃

ᠲᠡᠭᠡᠭᠡᠳ ᠳᠡᠯᠡᠬᠡᠢ ᠳᠡᠭᠡᠷᠡᠬᠢ ᠤᠯᠠᠨ ᠥᠰᠦᠭ ᠪᠢᠴᠢᠭ᠌ ᠦᠨ ᠳᠣᠲᠤᠷ᠎ᠠ ᠮᠣᠩᠭᠤᠯ ᠦᠰᠦᠭ ᠢ ᠡᠨᠡ ᠣᠯᠠᠨ ᠤᠯᠤᠰ ᠤᠨ ᠪᠠᠷᠢᠮᠵᠢᠶ᠎ᠠ ᠳᠤ ᠣᠷᠤᠭᠤᠯᠬᠤ ᠦᠭᠡᠢ ᠪᠣᠯ ᠪᠣᠯᠬᠤ ᠦᠭᠡᠢ ᠭᠡᠳᠡᠭ ᠢ ᠪᠦᠭᠦᠳᠡᠭᠡᠷ ᠪᠦᠷ ᠮᠡᠳᠡᠷᠡᠵᠦ ᠪᠠᠢᠭᠰᠠᠨ ᠪᠣᠯᠪᠠᠴᠤ ᠶᠠᠭᠠᠬᠢᠵᠤ ᠣᠷᠤᠭᠤᠯᠬᠤ ᠲᠤᠬᠠᠢ ᠲᠥᠰᠦᠪ ᠢ ᠮᠠᠨ ᠤ ᠳᠡᠭᠡᠭᠰᠢ ᠮᠡᠳᠡᠭᠦᠯᠬᠦ ᠳᠤᠭᠤᠢᠯᠠᠩ ᠳᠤ ᠳᠠᠭᠠᠭᠠᠯᠭᠠᠵᠠᠢ᠃ ᠡᠨᠡ ᠲᠥᠰᠦᠪ ᠮᠡᠳᠡᠭᠦᠯᠬᠦ ᠳᠤᠭᠤᠢᠯᠠᠩ ᠨᠢ ᠭᠣᠣᠯᠳᠠᠭᠤ  ᠮᠠᠨ ᠤ ᠤᠯᠤᠰ ᠠᠴᠠ ᠪᠠᠨ 《国家民委》᠂ 《国家信息标准化委员会》᠂ ᠥᠪᠦᠷ ᠮᠣᠩᠭᠤᠯ ᠤᠨ 《民委》᠂ ᠬᠥᠬᠡᠬᠣᠲᠠ ᠳᠤ ᠪᠠᠢᠭᠰᠠᠨ ᠡᠷᠳᠡᠮᠲᠡᠳ(ᠺᠣᠮᠫᠢᠦ᠋ᠲ᠋ᠧᠷ ᠦᠨ ᠲᠥᠪ ᠡᠴᠡ ᠭᠠᠷᠤᠳᠢ ᠪᠠᠭᠰᠢ ᠪᠠ ᠪᠢ᠂ ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠴᠣᠢᠵᠤᠩᠵᠠᠪ ᠪᠠᠭᠰᠢ᠂ ᠬᠤᠸᠠᠱᠠᠪᠤᠤ ᠪᠠᠭᠰᠢ᠂ ᠸᠴᠢᠷ ᠪᠠᠭᠰᠢ᠂ ᠨᠠᠰᠤᠨᠤ᠋ᠷᠲᠤ ᠪᠠᠭᠰᠢ᠂ ᠨᠡᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ ᠡᠴᠡ ᠪᠠᠭᠠᠲᠤᠷ ᠪᠠᠭᠰᠢ᠂ ᠰᠢᠨᠵᠢᠶᠠᠩ ᠤᠨ 《民委》᠂ ᠰᠢᠨᠵᠢᠶᠠᠩ ᠶᠡᠬᠡ ᠰᠤᠷᠭᠠᠭᠤᠯᠢ ᠠᠴᠠ ᠪᠠᠰᠠ ᠣᠷᠤᠯᠴᠠᠭᠴᠢ ᠪᠠᠭᠰᠢ ᠪᠠᠢᠭᠰᠠᠨ ᠶᠤᠮ᠃ ᠡᠳᠡᠭᠡᠷ ᠪᠠᠭᠰᠢᠨᠠᠷ ᠡᠷᠳᠡᠮᠲᠡᠳ ᠬᠠᠮᠲᠤᠷᠠᠨ ᠲᠤᠰ ᠲᠥᠰᠦᠪ ᠢ ᠭᠠᠷᠭᠠᠭᠰᠠᠨ ᠪᠠᠢᠨ᠎ᠠ᠃ ᠲᠡᠭᠡᠭᠡᠳ ᠡᠨᠡ ᠣᠷᠤᠭᠤᠯᠬᠤ ᠲᠥᠰᠦᠪ ᠢ ᠬᠢᠵᠦ ᠪᠠᠢᠭ᠎ᠠ ᠶᠠᠪᠤᠴᠠ ᠶᠢᠨ ᠳᠤᠮᠳᠠ Unicode ᠦᠨ BMP ᠲᠠᠯᠠᠪᠠᠢ ᠳᠡᠭᠡᠷ᠎ᠡ ᠦᠯᠡᠳᠡᠭᠡᠵᠦ ᠥᠭᠭᠦᠭᠰᠡᠨ ᠨᠢ 256 ᠣᠷᠤᠨ᠂ ᠲᠡᠭᠦᠨ ᠢ 1 Block ᠭᠡᠵᠦ ᠬᠡᠯᠡᠨ᠎ᠡ᠂ ᠳᠠᠷᠤᠢ U1800-U18FF ᠬᠦᠷᠲᠡᠯᠡᠬᠢ 256 ᠣᠷᠤᠨ ᠢ ᠦᠯᠡᠳᠡᠭᠡᠵᠦ ᠥᠭᠭᠦᠭᠰᠡᠨ ᠭᠡᠵᠦ ᠪᠠᠢᠵᠠᠢ᠃ ᠲᠡᠭᠡᠭᠡᠳ ᠡᠨᠡ 256 ᠣᠷᠤᠨ ᠳᠡᠭᠡᠷ᠎ᠡ ᠲᠠᠨᠠᠷ ᠮᠣᠩᠭᠤᠯ ᠦᠰᠦᠭ ᠢ ᠣᠷᠤᠭᠤᠯᠬᠤ ᠠᠵᠢᠯ ᠢ ᠬᠢᠭᠡᠷᠡᠢ ᠭᠡᠰᠡᠨ ᠶᠤᠮ᠃ ᠡᠨᠡ ᠨᠢ ᠲᠤᠬᠠᠢ ᠶᠢᠨ ᠦᠶ᠎ᠡ ᠶᠢᠨ ᠬᠠᠮᠤᠭ ᠤᠨ ᠳᠥᠭᠦᠮ ᠱᠠᠭᠠᠷᠳᠠᠯᠭ᠎ᠠ ᠪᠠᠢᠭᠰᠠᠨ ᠲᠤᠯᠠ ᠮᠠᠨ ᠤ ᠤᠯᠠᠨ ᠢᠶᠠᠷ ᠢᠶᠠᠨ ᠶᠠᠷᠢᠯᠴᠠᠭᠠᠳ ᠲᠥᠰᠦᠪ ᠦᠨ ᠦᠨᠳᠦᠰᠦᠨ ᠲᠣᠭᠲᠠᠭᠠᠬᠤ ᠠᠷᠭ᠎ᠠ  ᠠᠪᠢᠶ᠎ᠠ ᠪᠠᠷ ᠣᠷᠤᠭᠤᠯᠬᠤ ᠴᠢᠭᠯᠡᠯ ᠳᠡᠭᠡᠷ᠎ᠡ ᠨᠢᠭᠡᠳᠦᠭᠰᠡᠨ ᠪᠠᠢᠨ᠎ᠠ᠃ ᠲᠤᠬᠠᠢ ᠶᠢᠨ ᠦᠶ᠎ᠡ ᠳᠦ ᠮᠠᠨ ᠤ ᠤᠯᠤᠰ ᠠᠴᠠ ᠮᠣᠩᠭᠤᠯ ᠪᠢᠴᠢᠭ᠌ ᠢ Unicode ᠲᠦ ᠣᠷᠤᠭᠤᠯᠬᠤ ᠳᠤ ᠮᠣᠩᠭᠤᠯ ᠲᠠᠢ ᠬᠠᠮᠢᠶᠠᠳᠠᠬᠤ ᠥᠰᠦᠭ ᠪᠢᠴᠢᠭ᠌ ᠢ ᠪᠦᠬᠦᠨ ᠢ ᠣᠷᠤᠭᠤᠯᠬᠤ ᠬᠡᠷᠡᠭᠲᠡᠢ ᠭᠡᠵᠦ ᠱᠠᠭᠠᠷᠳᠠᠵᠠᠢ᠃ ᠡᠭᠦᠨ ᠳᠦ ᠲᠣᠳᠤ ᠮᠣᠩᠭᠤᠯ ᠦᠰᠦᠭ ᠪᠣᠯᠤᠨ ᠰᠢᠪᠡᠭᠡ᠂ ᠮᠠᠨᠵᠤ ᠵᠡᠷᠭᠡ ᠮᠣᠩᠭᠤᠯ ᠪᠢᠴᠢᠭ᠌ ᠡᠴᠡ ᠢᠷᠡᠯᠲᠡ ᠲᠡᠢ ᠦᠰᠦᠭ ᠪᠢᠴᠢᠭ᠌ ᠪᠠᠭᠲᠠᠭᠳᠠᠵᠤ ᠪᠤᠢ᠃

ᠡᠨᠡ ᠪᠠᠷᠢᠮᠵᠢᠶ᠎ᠠ ᠶᠢᠨ ᠲᠡᠦᠬᠡᠨ (ᠥᠩᠭᠡᠷᠡᠭᠰᠡᠨ) ᠦ ᠶᠠᠪᠤᠳᠠᠯ ᠤᠨ ᠲᠤᠬᠠᠢ ᠮᠡᠳᠡᠵᠦ ᠪᠠᠢᠭ᠎ᠠ ᠬᠥᠮᠦᠰ ᠭᠡᠪᠡᠯ ᠴᠣᠢᠵᠤᠩᠵᠠᠪ ᠪᠠᠭᠰᠢ᠂ ᠨᠠᠰᠤᠨᠤ᠋ᠷᠲᠤ ᠪᠠᠭᠰᠢ ᠵᠡᠷᠭᠡ ᠪᠠᠭᠰᠢᠨᠠᠷ ᠪᠣᠯᠤᠨ᠎ᠠ᠃ ᠭᠡᠪᠡᠴᠦ ᠡᠭᠦᠨ ᠡᠴᠡ ᠭᠠᠳᠠᠨ᠎ᠠ ᠪᠤᠰᠤᠳ ᠰᠠᠨᠠᠯ ᠪᠠᠢᠭᠰᠠᠨ ᠬᠥᠮᠦᠰ ᠦᠨ ᠶᠠᠷᠢᠬᠤ ᠶᠢ ᠣᠯᠵᠤ ᠰᠣᠨᠤᠰᠤᠭ᠎ᠠ ᠦᠭᠡᠢ ᠪᠠᠢᠬ᠎ᠠ ᠭᠡᠵᠦ ᠪᠤᠳᠤᠵᠤ ᠪᠠᠢᠨ᠎ᠠ᠃

ᠲᠤᠬᠠᠢ ᠶᠢᠨ ᠦᠶ᠎ᠡ ᠳᠦ ᠴᠣᠢᠵᠤᠩᠵᠠᠪ ᠪᠠᠭᠰᠢ ᠪᠠ ᠨᠠᠰᠤᠨᠤ᠋ᠷᠲᠤ ᠪᠠᠭᠰᠢ ᠬᠣᠶᠠᠭᠤᠯᠠ ᠲᠤᠰ ᠲᠥᠰᠦᠪ ᠦᠨ ᠭᠣᠣᠯ ᠡᠭᠡ ᠨᠣᠣᠷᠠᠭ ᠤᠨ ᠬᠠᠷᠢᠭᠤᠴᠠᠯᠭᠠᠲᠠᠨ ᠪᠣᠯᠤᠭᠰᠠᠨ ᠪᠠ ᠸᠴᠢᠷ ᠪᠠᠭᠰᠢ᠂ ᠭᠠᠷᠤᠳᠢ ᠪᠠᠭᠰᠢ ᠪᠠ ᠨᠠᠳᠠᠲᠠᠢ ᠬᠠᠮᠲᠤ ᠰᠠᠨᠠᠯ ᠥᠭᠳᠡᠭ ᠲᠠᠯ᠎ᠠ ᠡᠰᠡᠬᠦᠯ᠎ᠡ᠂ ᠡᠭᠦᠨ ᠢ ᠶᠠᠭᠠᠬᠢᠵᠤ ᠬᠢᠪᠡᠯ ᠲᠠᠭᠠᠷᠠᠬᠤ ᠲᠤᠬᠠᠢ ᠰᠠᠨᠠᠯ ᠤᠯᠠᠨ ᠭᠠᠷᠭᠠᠵᠤ ᠪᠠᠢᠭᠰᠠᠨ ᠪᠥᠭᠡᠳ ᠵᠠᠷᠢᠮ ᠠᠰᠠᠭᠤᠳᠠᠯ ᠳᠡᠭᠡᠷ᠎ᠡ ᠨᠡᠯᠢᠶᠡᠳ ᠮᠠᠷᠭᠤᠭᠠᠨ ᠪᠣᠯᠵᠤ ᠪᠠᠢᠭᠰᠠᠨ ᠶᠤᠮ᠃

ᠣᠳᠤ ᠶᠢᠨ ᠮᠣᠩᠭᠤᠯ Unicode ᠪᠠᠷᠢᠮᠵᠢᠶ᠎ᠠ ᠶᠢ ᠲᠣᠭᠲᠠᠭᠠᠭᠰᠠᠨ ᠰᠢᠯᠲᠠᠭᠠᠨ ᠤ ᠲᠤᠬᠠᠢ ᠶᠠᠷᠢᠪᠠᠯ᠂ ᠮᠠᠨ ᠳᠤ 256 ᠣᠷᠤ ᠥᠭᠴᠡᠢ᠃ ᠡᠨᠡ 256 ᠣᠷᠤ ᠨᠢ ᠮᠣᠩᠭᠤᠯ ᠥᠰᠦᠭ ᠦᠨ ᠳᠦᠷᠰᠦ ᠶᠢ ᠣᠷᠤᠭᠤᠯᠬᠤ ᠳᠤ ᠮᠠᠰᠢ ᠬᠦᠷᠦᠯᠴᠡᠬᠦ ᠦᠭᠡᠢ ᠪᠠᠢᠨ᠎ᠠ᠃ ᠲᠡᠭᠡᠪᠡᠯ ᠶᠠᠭᠠᠬᠢᠵᠤ ᠣᠷᠤᠭᠤᠯᠪᠠᠯ ᠲᠠᠭᠠᠷᠠᠬᠤ ᠲᠤᠬᠠᠢ Unicode ᠦᠨ ᠡᠷᠳᠡᠮᠲᠡᠳ ᠡᠴᠡ ᠠᠰᠠᠭᠤᠭᠰᠠᠨ ᠳᠤ᠂ ᠭᠣᠣᠯᠳᠠᠭᠤ  ᠠᠷᠠᠪ ᠦᠰᠦᠭ ᠢ ᠳᠠᠭᠤᠷᠢᠶᠠᠵᠤ ᠬᠢᠭᠡᠷᠡᠢ ᠭᠡᠰᠡᠨ ᠬᠠᠷᠢᠭᠤᠯᠲᠠ (ᠪᠡᠭᠡᠵᠢᠨᠭ᠌ ᠡᠴᠡ ᠳᠡᠯᠡᠬᠡᠢ ᠶᠢᠨ ᠬᠤᠷᠠᠯ ᠳᠤ ᠣᠷᠤᠯᠴᠠᠭᠰᠠᠨ ᠬᠥᠮᠦᠰ ᠢᠶᠡᠷ ᠳᠠᠮᠵᠢᠨ) ᠢᠷᠡᠭᠰᠡᠨ ᠭᠡᠨ᠎ᠡ᠃ ᠠᠷᠠᠪ ᠥᠰᠦᠭ ᠪᠣᠯ ᠭᠤᠷᠪᠠᠨ ᠬᠤᠪᠢᠷᠠᠯ ᠪᠠᠢᠵᠤ᠂ 《ᠢᠵᠢᠯ ᠳᠠᠭᠤᠳᠠᠯᠭᠠᠲᠤ ᠳᠦᠷᠰᠦ ᠣᠨᠳᠤᠤ》 ᠦᠭᠡᠨ ᠦ ᠦᠵᠡᠭᠳᠡᠯ ᠴᠦ ᠣᠯᠠᠨ᠂ ᠲᠡᠭᠦᠨ ᠢ ᠬᠢᠬᠦ ᠠᠷᠭ᠎ᠠ ᠪᠣᠯ ᠬᠤᠪᠢᠷᠠᠯ ᠢ ᠨᠢ ᠪᠠᠷᠢᠮᠵᠢᠶ᠎ᠠ ᠺᠣᠳ᠋ ᠲᠤ ᠣᠷᠤᠭᠤᠯᠬᠤ ᠦᠭᠡᠢ᠂ ᠭᠠᠭᠴᠠᠬᠠᠨ ᠦᠰᠦᠭ ᠦᠨ ᠲᠥᠯᠦᠭᠡᠯᠡᠭᠴᠢ ᠵᠢ ᠣᠷᠤᠭᠤᠯᠬᠤ ᠭᠡᠳᠡᠭ ᠶᠣᠰᠤ ᠪᠠᠢᠭᠰᠠᠨ ᠶᠤᠮ ᠭᠡᠨ᠎ᠡ᠃ ᠮᠣᠩᠭᠤᠯ ᠦᠰᠦᠭ ᠠᠷᠠᠪ ᠦᠰᠦᠭ ᠲᠡᠢ ᠨᠡᠯᠢᠶᠡᠳ ᠣᠯᠠᠨ ᠲᠥᠰᠲᠡᠢ ᠲᠠᠯ᠎ᠠ ᠪᠠᠢᠬᠤ ᠤᠴᠢᠷ ᠠᠴᠠ ᠰᠤᠳᠤᠯᠭᠠᠨ ᠮᠣᠩᠭᠤᠯ ᠪᠢᠴᠢᠭ᠌ ᠢ Unicode ᠲᠦ ᠣᠷᠤᠭᠤᠯᠬᠤ ᠳᠤ 《ᠠᠷᠠᠪ ᠦᠰᠦᠭ ᠢ ᠳᠠᠭᠤᠷᠢᠶᠠᠵᠤ ᠬᠢᠭᠡᠷᠡᠢ》 ᠭᠡᠰᠡᠨ ᠵᠢᠭᠠᠪᠤᠷᠢ ᠥᠭᠭᠦᠭᠰᠡᠨ ᠪᠠᠢᠬ᠎ᠠ ᠭᠡᠵᠦ ᠪᠢ ᠦᠵᠡᠵᠦ ᠪᠠᠢᠨ᠎ᠠ᠃

ᠡᠨᠡ ᠨᠢ ᠮᠠᠨ ᠤ ᠮᠣᠩᠭᠤᠯ ᠦᠰᠦᠭ ᠪᠢᠴᠢᠭ᠌ ᠦᠨ ᠡᠷᠳᠡᠮᠲᠡᠨ ᠴᠣᠢᠵᠤᠩᠵᠠᠪ ᠪᠠᠭᠰᠢ᠂ ᠨᠠᠰᠤᠨᠤ᠋ᠷᠲᠤ ᠪᠠᠭᠰᠢ ᠵᠡᠷᠭᠡ ᠬᠡᠯᠡ ᠰᠤᠳᠤᠯᠭᠠᠨ ᠤ ᠪᠠᠭᠰᠢ ᠨᠠᠷ ᠤᠨ ᠰᠠᠨᠠᠯ ᠳᠤ ᠨᠡᠢᠴᠡᠭᠰᠡᠨ ᠤᠴᠢᠷ ᠠᠴᠠ ᠣᠳᠤ ᠶᠢᠨ ᠠᠪᠢᠶ᠎ᠠ ᠪᠠᠷ ᠣᠷᠤᠭᠤᠯᠬᠤ ᠲᠥᠰᠦᠪ ᠨᠢ ᠭᠣᠣᠯᠳᠠᠯᠭ᠎ᠠ ᠪᠣᠯᠵᠤ ᠢᠷᠡᠪᠡ᠃ ᠰᠡᠭᠦᠯ ᠳᠦ ᠨᠢ 1995 ᠣᠨ ᠠᠴᠠ ᠬᠣᠢᠰᠢ ᠠᠪᠢᠶ᠎ᠠ ᠪᠠᠷ ᠣᠷᠤᠭᠤᠯᠬᠤ ᠲᠥᠰᠦᠪ ᠢ ᠶᠠᠭᠠᠬᠢᠵᠤ ᠰᠠᠢᠵᠢᠷᠠᠭᠤᠯᠬᠤ ᠪᠠ ᠦᠢᠯᠡᠳᠦᠨ ᠪᠦᠲᠦᠭᠡᠬᠦ ᠲᠤᠬᠠᠢ ᠣᠯᠠᠨ ᠶᠠᠷᠢᠯᠴᠠᠵᠤ ᠰᠠᠨᠠᠯ ᠰᠣᠯᠢᠯᠴᠠᠭᠰᠠᠨ ᠪᠠᠢᠯ᠎ᠠ᠃ Unicode ᠲᠦ ᠶᠠᠭᠠᠬᠢᠵᠤ ᠲᠥᠰᠦᠪ ᠭᠠᠷᠭᠠᠪᠠᠯ ᠪᠢᠳᠡ ᠬᠡᠷᠡᠭᠯᠡᠬᠦ ᠳᠦ ᠬᠠᠮᠤᠭ ᠠᠮᠠᠷᠬᠠᠨ ᠪᠤᠢ ᠭᠡᠳᠡᠭ ᠦᠨ ᠲᠤᠬᠠᠢ ᠮᠢᠨᠦ ᠦᠵᠡᠯᠲᠡ ᠪᠡᠨ ᠪᠢ ᠵᠥᠪ ᠪᠠᠢᠭᠰᠠᠨ ᠭᠡᠵᠦ ᠦᠵᠡᠨ᠎ᠡ᠃ ᠬᠠᠮᠤᠭ ᠡᠴᠦᠰ ᠲᠦ ᠪᠡᠨ ᠠᠪᠢᠶ᠎ᠠ ᠪᠠᠷ ᠣᠷᠤᠭᠤᠯᠬᠤ ᠲᠤᠰ ᠲᠥᠰᠦᠪ ᠢ 《ᠪᠣᠯᠤᠨ᠎ᠠ》 ᠭᠡᠵᠦ ᠬᠡᠯᠡᠭᠰᠡᠨ ᠪᠣᠯᠪᠠᠴᠤ᠂ ᠢᠩᠭᠢᠵᠦ ᠣᠷᠤᠭᠤᠯᠪᠠᠯ ᠮᠠᠨ ᠤ ᠮᠣᠩᠭᠤᠯ ᠦᠰᠦᠭ ᠪᠢᠴᠢᠭ᠌ ᠠᠳᠠᠭ ᠲᠤ ᠪᠠᠨ ᠠᠷᠪᠠᠨ ᠵᠢᠯ ᠬᠣᠴᠤᠷᠤᠨ᠎ᠠ ᠭᠡᠵᠦ ᠶᠠᠷᠢᠵᠤ ᠪᠠᠢᠭᠰᠠᠨ ᠶᠤᠮ᠃ 1995 ᠣᠨ ᠳᠤ ᠡᠨᠡ ᠣᠴᠢᠷ ᠢ ᠶᠠᠷᠢᠯᠴᠠᠵᠤ ᠪᠠᠢᠭᠰᠠᠨ ᠤᠴᠢᠷ ᠠᠴᠠ ᠪᠠᠷᠤᠭ 2005 ᠣᠨ ᠪᠣᠯᠲᠠᠯ᠎ᠠ ᠪᠢᠳᠡ ᠡᠨᠡ ᠪᠠᠷᠢᠮᠵᠢᠶ᠎ᠠ ᠶᠢ ᠪᠣᠳᠠᠲᠤ ᠬᠡᠷᠡᠭᠯᠡᠭᠡᠨ ᠳᠦ ᠠᠰᠢᠭᠯᠠᠵᠤ ᠳᠡᠢᠯᠬᠦ ᠦᠭᠡᠢ ᠭᠡᠵᠦ ᠶᠠᠷᠢᠵᠤ ᠥᠩᠭᠡᠷᠡᠭᠰᠡᠨ ᠨᠢ ᠦᠨᠡᠨ ᠶᠤᠮ᠃ ᠲᠤᠰ ᠶᠠᠷᠢᠶ᠎ᠠ ᠶᠢ ᠬᠥᠬᠡᠬᠠᠳᠠ ᠶᠢᠨ ᠵᠠᠷᠢᠮ ᠳᠠᠷᠤᠭ᠎ᠠ ᠨᠠᠷ ᠪᠠᠰᠠ ᠰᠣᠨᠤᠰᠴᠤ ᠥᠩᠭᠡᠷᠡᠭᠰᠡᠨ ᠭᠡᠵᠦ ᠶᠠᠷᠢᠵᠤ ᠪᠠᠢᠨ᠎ᠠ᠃ ᠮᠢᠨᠦ ᠶᠠᠷᠢᠭᠰᠠᠨ ᠰᠢᠭ ᠠᠷᠪᠠᠨ ᠵᠢᠯ᠂ ᠠᠷᠪᠠᠨ ᠲᠠᠪᠤᠨ ᠵᠢᠯ ᠪᠢᠰᠢ᠂ ᠬᠠᠷᠢᠨ ᠬᠣᠷᠢᠨ ᠵᠢᠯ ᠦᠨ ᠳᠠᠷᠠᠭᠠᠬᠢ ᠥᠨᠦᠳᠦᠷ ᠰᠠᠶᠢ ᠡᠬᠢᠯᠡᠵᠦ ᠬᠡᠷᠡᠭᠯᠡᠭᠳᠡᠮᠡᠷ ᠪᠣᠯᠤᠭᠠᠳ ᠪᠠᠢᠨ᠎ᠠ᠃ ᠲᠤᠬᠠᠢ ᠶᠢᠨ ᠦᠶ᠎ᠡ ᠶᠢᠨ ᠮᠢᠨᠦ ᠢᠩᠭᠢᠵᠦ ᠬᠢᠪᠡᠯ ᠬᠦᠴᠢᠷᠲᠡᠢ ᠪᠠᠢᠨ᠎ᠠ ᠭᠡᠰᠡᠨ ᠨᠢ ᠰᠢᠰᠲ᠋ᠧᠮ ᠦᠨ ᠳᠡᠰ ᠦᠨ ᠦᠢᠯᠡᠳᠬᠦ ᠠᠷᠭ᠎ᠠ ᠭᠡᠵᠦ ᠭᠠᠷᠴᠤ ᠢᠷᠡᠭᠡ ᠥᠬᠡᠢ ᠳᠡᠭᠡᠷ᠎ᠡ ᠪᠡᠨ ᠪᠠᠰᠠᠴᠤ ᠣᠨᠴᠠᠭᠠᠢ ᠬᠦᠴᠢᠷᠲᠡᠢ ᠭᠡᠳᠡᠭ ᠨᠢ ᠦᠨᠳᠦᠰᠦᠯᠡᠯ ᠪᠣᠯᠵᠤ ᠪᠠᠢᠭᠰᠠᠨ ᠢ ᠲᠤᠬᠠᠢ ᠶᠢᠨ ᠦᠶ᠎ᠡ ᠶᠢᠨ ᠵᠠᠷᠢᠮ ᠡᠷᠳᠡᠮᠲᠡᠳ ᠭᠦᠢᠴᠡᠳ ᠮᠡᠳᠡᠷᠡᠵᠦ ᠴᠢᠳᠠᠭ᠎ᠠ ᠥᠬᠡᠢ ᠨᠢ ᠬᠠᠷᠠᠮᠰᠠᠯᠲᠠᠢ᠃ ᠣᠯᠠᠩᠬᠢ Operating System ᠨᠢ ᠰᠢᠢᠳᠪᠦᠷᠢᠯᠡᠵᠦ ᠳᠡᠢᠯᠬᠦ ᠦᠭᠡᠢ ᠪᠡᠷ ᠪᠠᠷᠠᠬᠤ ᠥᠬᠡᠢ᠂ ᠮᠠᠨ ᠤ ᠮᠣᠩᠭᠤᠯᠴᠤᠳ ᠤᠨ ᠥᠪᠡᠷᠰᠡᠳ ᠦᠨ ᠬᠢᠬᠦ ᠴᠢᠳᠠᠪᠤᠷᠢ ᠴᠤ ᠪᠦᠷᠢᠳᠦᠭᠡ ᠥᠬᠡᠢ ᠪᠠᠢᠭᠰᠠᠨ ᠨᠢ ᠬᠡᠷᠡᠭᠯᠡᠭᠡᠨ ᠳᠦ ᠣᠷᠤᠬᠤ ᠲᠠᠯ᠎ᠠ ᠪᠠᠷ ᠬᠣᠵᠢᠭᠳᠠᠭᠰᠠᠨ ᠭᠣᠣᠯ ᠰᠢᠯᠲᠠᠭᠠᠨ ᠪᠣᠯᠤᠭᠰᠠᠨ ᠭᠡᠵᠦ ᠪᠢ ᠦᠵᠡᠨ᠎ᠡ︕ ᠬᠡᠳᠦᠢᠪᠡᠷ ᠲᠤᠬᠠᠢ ᠶᠢᠨ ᠦᠶ᠎ᠡ ᠳᠦ ᠡᠰᠡᠷᠭᠦᠴᠡᠵᠦ ᠪᠠᠢᠭᠰᠠᠨ ᠪᠣᠯᠪᠠᠴᠤ ᠣᠳᠤ ᠡᠨᠡ ᠪᠠᠷᠢᠮᠵᠢᠶ᠎ᠠ ᠨᠢ ISO ᠪᠠ Unicode ᠲᠤ ᠣᠷᠤᠴᠢᠬᠠᠭᠰᠠᠨ ᠤ ᠳᠠᠷᠠᠭᠠᠬᠢ ᠡᠨᠡ ᠴᠠᠭ ᠦᠶ᠎ᠡ ᠳᠦ ᠪᠢᠳᠡ ᠡᠨᠡ ᠪᠠᠷᠢᠮᠵᠢᠶ᠎ᠠ ᠶᠢ ᠨᠢᠭᠡᠮᠦᠰᠦᠨ ᠦᠭᠡᠢᠰᠭᠡᠵᠦ ᠪᠤᠷᠤᠭᠤᠳᠭᠠᠬᠤ ᠪᠢᠰᠢ᠂ ᠬᠠᠷᠢᠨ ᠰᠠᠢᠵᠢᠷᠠᠭᠤᠯᠵᠤ ᠳᠡᠭᠡᠭᠰᠢᠯᠡᠭᠦᠯᠬᠦ ᠪᠡᠷ ᠴᠢᠷᠮᠠᠢᠬᠤ ᠬᠡᠷᠡᠭᠲᠡᠢ ᠭᠡᠵᠦ ᠦᠵᠡᠨ᠎ᠡ᠃

ᠳᠠᠷᠠᠭ᠎ᠠ ᠳᠤ ᠨᠢ ᠲᠠᠨᠢᠯᠴᠠᠭᠤᠯᠬᠤ ᠴᠢᠬᠤᠯᠠᠲᠠᠢ ᠨᠢ Unicode ᠪᠠᠷᠢᠮᠵᠢᠶ᠎ᠠ ᠳᠤ ᠣᠷᠤᠭᠰᠠᠨ ᠬᠡᠰᠡᠭ ᠢ ᠬᠢᠲᠠᠳ ᠢᠶᠠᠷ 《名义字符》 ᠭᠡᠳᠡᠭ᠂ ᠳᠡᠯᠭᠡᠷᠡᠭᠦᠯᠬᠦ᠂ ᠦᠵᠡᠭᠦᠯᠬᠦ ᠪᠠ ᠳᠠᠷᠤᠮᠠᠯᠯᠠᠬᠤ ᠨᠥᠭᠦᠭᠡ ᠬᠡᠰᠡᠭ ᠢ ᠨᠢ 《显现字符》 ᠭᠡᠳᠡᠭ ᠶᠤᠮ᠃ ᠡᠨᠡ ᠬᠣᠶᠠᠷ ᠤᠨ ᠬᠣᠭᠤᠷᠤᠨᠳᠤ ᠪᠠᠨ ᠬᠤᠪᠢᠷᠠᠭᠤᠯᠬᠤ ᠳᠦᠷᠢᠮ (Mapping) ᠪᠠᠢᠳᠠᠭ᠃ ᠮᠣᠩᠭᠤᠯ ᠦᠰᠦᠭ ᠦᠨ ᠪᠠᠷᠢᠮᠵᠢᠶ᠎ᠠ ᠶᠢᠨ ᠣᠷᠤᠭᠰᠠᠨ ᠭᠤᠴᠢᠨ ᠲᠠᠪᠤᠨ ᠮᠣᠩᠭᠤᠯ ᠦᠰᠦᠭ ᠢᠶᠡᠨ ᠠᠰᠢᠭᠯᠠᠵᠤ ᠪᠠᠢᠭᠠᠳ ᠮᠣᠩᠭᠤᠯ ᠪᠢᠴᠢᠭ᠌ ᠲᠦ ᠬᠡᠷᠡᠭᠯᠡᠭᠳᠡᠬᠦ ᠣᠯᠠᠨ ᠳᠦᠷᠰᠦ ᠶᠢ ᠪᠡᠨ ᠶᠠᠭᠠᠬᠢᠵᠤ ᠭᠠᠷᠭᠠᠬᠤ ᠪᠤᠢ ᠭᠡᠳᠡᠭ ᠦᠨ ᠲᠤᠬᠠᠢ ᠠᠷᠪᠢᠨ ᠰᠤᠳᠤᠯᠤᠯ ᠬᠢᠵᠦ FVS (Free Variant Selector) 《变形显现字符的选择》 ᠭᠡᠰᠡᠨ ᠬᠠᠪᠰᠤᠷᠤᠯᠭ᠎ᠠ ᠲᠡᠮᠳᠡᠭ ᠭᠤᠷᠪᠠ ᠶᠢ ᠣᠷᠤᠭᠤᠯᠤᠭᠰᠠᠨ ᠪᠠᠢᠨ᠎ᠠ᠃ ᠡᠭᠦᠨ ᠡᠴᠡ ᠭᠠᠳᠠᠨ᠎ᠠ ᠪᠠᠰᠠ ᠳᠣᠣᠷ᠎ᠠ ᠣᠷᠤᠬᠤ ᠳᠤ ᠪᠠᠨ ᠰᠠᠯᠭᠠᠵᠤ ᠪᠢᠴᠢᠬᠦ 《ᠠ᠊᠂ ᠡ᠊》 ᠶᠢ ᠢᠯᠭᠠᠬᠤ ᠶᠢᠨ ᠲᠥᠯᠦᠭᠡ MVS(Mongolian Vowel Separator) ᠭᠡᠰᠡᠨ ᠬᠠᠪᠰᠤᠷᠤᠯᠭ᠎ᠠ ᠲᠡᠮᠳᠡᠭ ᠢ ᠲᠣᠭᠲᠠᠭᠠᠪᠠ᠃

ᠳᠡᠭᠡᠷᠡᠬᠢ ᠲᠠᠨᠢᠯᠴᠠᠭᠤᠯᠭ᠎ᠠ ᠪᠣᠯ Unicode ᠤᠨ ᠲᠥᠰᠦᠪ ᠢ ᠶᠠᠮᠠᠷ ᠪᠠᠢᠳᠠᠯ ᠳᠣᠣᠷ᠎ᠠ ᠶᠠᠭᠠᠬᠢᠵᠤ ᠬᠢᠭᠰᠡᠨ ᠪᠣᠢ ᠭᠡᠳᠡᠭ ᠠᠰᠠᠭᠤᠯᠲᠠ ᠳᠤ ᠬᠠᠷᠢᠭᠤᠯᠲᠠ ᠥᠭᠭᠦᠭᠰᠡᠨ ᠶᠤᠮ᠃

ᠲᠤᠬᠠᠢ ᠶᠢᠨ ᠦᠶ᠎ᠡ ᠳᠦ ᠭᠠᠭᠴᠠᠬᠠᠨ 《名义字符》 ᠶᠢᠨ ᠬᠡᠰᠡᠭ ᠢ ᠨᠢ ISO 10646 ᠤᠯᠠᠨ ᠤᠯᠤᠰ ᠤᠨ ᠪᠠᠷᠢᠮᠵᠢᠶ᠎ᠠ ᠳᠤ ᠣᠷᠤᠭᠤᠯᠤᠭᠠᠳ ᠬᠤᠪᠢᠷᠠᠯᠲᠠ ᠶᠢᠨ ᠬᠡᠰᠡᠭ ᠨᠢ ISO 10646 ᠤᠯᠠᠨ ᠤᠯᠤᠰ ᠤᠨ ᠪᠠᠷᠢᠮᠵᠢᠶ᠎ᠠ ᠳᠤ ᠣᠷᠤᠭᠤᠯᠵᠤ ᠳᠡᠢᠯᠦᠭᠰᠡᠨ ᠦᠭᠡᠢ᠃ ᠶᠠᠭᠠᠬᠢᠭᠠᠳ ᠣᠷᠤᠭᠤᠯᠵᠤ ᠳᠡᠢᠯᠦᠭᠰᠡᠨ ᠥᠬᠡᠢ ᠰᠢᠯᠲᠠᠭᠠᠨ ᠢ ᠪᠢ ᠪᠠᠰᠠ ᠰᠠᠢᠨ ᠮᠡᠳᠡᠬᠦ ᠥᠬᠡᠢ᠃ ISO 10646 ᠪᠠᠷᠢᠮᠵᠢᠶ᠎ᠠ ᠶᠢᠨ ᠬᠡᠰᠡᠭ ᠲᠦ ᠬᠤᠪᠢᠷᠠᠯᠲᠠ ᠶᠢᠨ ᠬᠡᠰᠡᠭ ᠢ ᠲᠤᠰᠭᠠᠢᠯᠠᠨ ᠲᠣᠭᠲᠠᠭᠠᠬᠤ ᠪᠢᠰᠢ᠂ ᠬᠠᠷᠢᠨ ᠬᠡᠷᠡᠭᠯᠡᠯᠲᠡ ᠶᠢᠨ ᠪᠠᠷᠢᠮᠵᠢᠶ᠎ᠠ ᠪᠣᠯᠬᠤ Unicode ᠦᠨ ᠬᠡᠰᠡᠭ ᠲᠦ ᠲᠣᠳᠤᠷᠬᠠᠢᠯᠠᠨ ᠲᠣᠭᠲᠠᠭᠠᠳᠠᠭ ᠶᠤᠮ ᠤᠤ︖ ᠪᠢᠳᠡ ᠪᠠᠰᠠ ᠲᠣᠳᠤᠷᠬᠠᠢ ᠤᠬᠠᠭᠠᠨ ᠢ ᠨᠢ ᠣᠯᠤᠭᠰᠠᠨ ᠥᠬᠡᠢ᠃

ᠲᠡᠷᠡ ᠬᠤᠪᠢᠷᠠᠯ ᠳᠦᠷᠰᠦ ᠶᠢ ᠲᠡᠮᠳᠡᠭᠯᠡᠬᠦ ᠪᠠ ᠬᠤᠪᠢᠷᠠᠭᠤᠯᠬᠤ ᠳᠦᠷᠢᠮ ᠢ ᠦᠨᠡᠨ ᠳᠦ ᠪᠡᠨ 1995 ᠣᠨ ᠠᠴᠠ ᠰᠡᠭᠦᠯᠴᠢ ᠪᠢᠳᠡ ᠪᠦᠷ ᠶᠠᠷᠢᠯᠴᠠᠵᠤ ᠪᠠᠢᠭᠰᠠᠨ᠃ ᠲᠡᠷᠡ ᠦᠶ᠎ᠡ ᠳᠦ ᠮᠣᠩᠭᠤᠯ ᠥᠰᠦᠭ ᠦᠨ ᠳᠡᠭᠡᠷ᠎ᠡ᠂ ᠳᠤᠮᠳᠠ᠂ ᠳᠣᠣᠷ᠎ᠠ ᠣᠷᠤᠬᠤ ᠳᠦᠷᠰᠦ ᠶᠢ ᠬᠤᠪᠢᠷᠠᠭᠤᠯᠬᠤ ᠬᠤᠪᠢᠷᠠᠯᠲᠠ ᠶᠢᠨ ᠠᠷᠭ᠎ᠠ ᠵᠢᠴᠢ ᠬᠤᠪᠢᠷᠠᠯᠲᠠ ᠶᠢᠨ ᠬᠦᠰᠦᠨᠦᠭᠲᠦ ᠶᠢ ᠪᠦᠷ ᠬᠢᠭᠰᠡᠨ ᠪᠠᠢᠨ᠎ᠠ᠃ ᠭᠡᠬᠦ ᠳᠦ ᠪᠡᠨ ᠲᠡᠷᠡ ᠨᠢ ᠶᠠᠭᠠᠬᠢᠭᠠᠳ Unicode ᠦᠨ ᠲᠥᠰᠦᠪ ᠲᠦ ᠣᠷᠤᠵᠤ ᠴᠢᠳᠠᠭᠰᠠᠨ ᠦᠭᠡᠢ ᠰᠢᠯᠲᠠᠭᠠᠨ ᠢ ᠨᠢ ᠪᠢ ᠲᠣᠳᠤ ᠮᠡᠳᠡᠬᠦ ᠦᠭᠡᠢ ᠪᠠᠢᠨ᠎ᠠ᠃ ᠡᠨᠡ ᠨᠢ ᠴᠣᠬᠤᠮ ᠠᠮᠧᠷᠢᠺᠠ ᠳᠤ ᠬᠦᠷᠦᠭᠰᠡᠨ ᠡᠷᠳᠡᠮᠲᠡᠳ ᠦᠨ ᠶᠠᠷᠢᠭᠰᠠᠨ ᠠᠷᠭ᠎ᠠ ᠨᠢ ᠲᠠᠭᠠᠷᠠᠭᠰᠠᠨ ᠦᠭᠡᠢ ᠶᠤᠮ ᠤᠤ︖ ᠡᠰᠡᠬᠦᠯ᠎ᠡ ᠬᠦᠯᠢᠶᠡᠵᠦ ᠪᠠᠢᠭᠠᠷᠠᠢ ᠭᠡᠰᠡᠨ ᠶᠤᠮ ᠤᠤ︖ ᠡᠰᠡᠬᠦᠯ᠎ᠡ ᠶᠠᠮᠠᠷ ᠨᠢᠭᠡᠨ ᠰᠢᠯᠲᠠᠭᠠᠨ ᠠᠴᠠ ᠪᠣᠯᠤᠭᠠᠳ ᠲᠡᠭᠦᠨ ᠢ ᠣᠷᠤᠭᠤᠯᠤᠭᠰᠠᠨ ᠦᠭᠡᠢ ᠭᠡᠳᠡᠭ ᠢ ᠲᠣᠳᠤᠷᠬᠠᠢ ᠮᠡᠳᠡᠬᠦ ᠥᠬᠡᠢ᠃ ᠮᠢᠨᠦ ᠬᠤᠪᠢ ᠬᠥᠮᠦᠨ ᠦ ᠦᠵᠡᠬᠦ ᠪᠡᠷ ᠡᠳᠡᠭᠡᠷ ᠢ ᠣᠷᠤᠭᠤᠯᠬᠤ ᠦᠭᠡᠢ ᠪᠣᠯ ᠪᠠᠷᠢᠮᠵᠢᠶ᠎ᠠ ᠪᠦᠷᠢᠨ ᠪᠤᠰᠤ ᠪᠣᠯᠤᠨ᠎ᠠ᠃ ᠪᠠᠷᠢᠮᠵᠢᠶ᠎ᠠ ᠶᠢ ᠪᠦᠷᠢᠨ ᠪᠦᠲᠦᠨ ᠪᠣᠯᠭᠠᠶ᠎ᠠ ᠭᠡᠪᠡᠯ ᠵᠠᠪᠠᠯ ᠲᠡᠷᠡ ᠬᠦᠰᠦᠨᠦᠭᠲᠦ ᠪᠠᠢᠬᠤ ᠬᠡᠷᠡᠭᠲᠡᠢ᠃ ᠣᠯᠠᠨ ᠢᠶᠠᠷ ᠢᠶᠠᠨ ᠬᠠᠮᠲᠤᠷᠠᠨ ᠠᠵᠢᠯᠯᠠᠵᠤ ᠪᠠᠢᠭᠰᠠᠨ ᠲᠡᠷᠡ ᠬᠦᠰᠦᠨᠦᠭᠲᠦ ᠭᠡᠪᠡᠯ 2002 ᠣᠨ ᠳᠤ ᠴᠣᠢᠵᠤᠩᠵᠠᠪ ᠪᠠᠭᠰᠢ ᠠᠴᠠ 《蒙古文编码》 ᠭᠡᠳᠡᠭ ᠨᠣᠮ ᠳᠤᠷ ᠬᠡᠪᠯᠡᠭᠦᠯᠦᠨ ᠨᠡᠢᠲᠡᠯᠡᠭᠦᠯᠦᠭᠰᠡᠨ ᠪᠠᠢᠨ᠎ᠠ᠃ ᠲᠣᠰ ᠬᠦᠰᠦᠨᠦᠭᠲᠦ ᠶᠢ ᠪᠠᠰᠠ ᠮᠠᠺᠠᠣ᠋ ᠳᠦ ᠪᠠᠢᠭᠰᠠᠨ ᠮᠣᠩᠭᠤᠯ ᠤᠨ ᠡᠷᠳᠡᠮᠲᠡᠨ ᠡᠷᠳᠡᠨᠢᠴᠢᠮᠡᠭ ᠨᠡᠷ ᠦᠨ TR170 ᠭᠡᠳᠡᠭ ᠨᠡᠷ᠎ᠡ ᠪᠡᠷ ᠨᠡᠢᠲᠡᠯᠡᠭᠰᠡᠨ ᠮᠠᠲ᠋ᠧᠷᠢᠶᠠᠯ ᠢ ᠢᠨᠲ᠋ᠧᠷᠨᠧᠲ ᠡᠴᠡ ᠪᠠᠭᠤᠯᠭᠠᠵᠤ ᠪᠣᠯᠤᠨ᠎ᠠ᠃

ᠣᠨᠤᠯ ᠤᠨ ᠲᠠᠯ᠎ᠠ ᠪᠠᠷ ᠡᠨᠳᠡ ᠬᠦᠷᠲᠡᠯ᠎ᠡ ᠰᠤᠳᠤᠯᠵᠤ᠂ 1999 ᠣᠨ ᠳᠤ ISO 10646 ᠳᠦ ᠣᠷᠤᠭᠤᠯᠵᠤ᠂ 2000ᠣᠨ ᠳᠤ Unicode ᠲᠦ ᠣᠷᠤᠭᠤᠯᠵᠠᠢ᠃ Unicode ᠪᠠᠷᠢᠮᠵᠢᠶ᠎ᠠ ᠪᠣᠯ ISO 10646 ᠪᠠᠷᠢᠮᠵᠢᠶ᠎ᠠ ᠵᠢ ᠦᠨᠳᠦᠰᠦᠯᠡᠨ ᠡᠯ᠎ᠡ ᠬᠡᠷᠡᠭᠯᠡᠭᠡᠨ ᠦ ᠰᠢᠰᠲ᠋ᠧᠮ ᠬᠢᠳᠡᠭ ᠺᠣᠮᠫᠠᠨᠢ ᠪᠠᠷ ᠪᠦᠷᠢᠯᠳᠦᠭᠰᠡᠨ Unicode Consortium ᠳᠦ ᠬᠡᠷᠡᠭᠵᠢᠭᠦᠯᠬᠦ ᠬᠡᠮᠵᠢᠶᠡᠨ ᠳᠦ ᠬᠦᠷᠭᠡᠬᠦ ᠪᠡᠷ ᠲᠣᠭᠲᠠᠭᠠᠳᠠᠭ ᠪᠠᠷᠢᠮᠵᠢᠶ᠎ᠠ ᠪᠣᠯᠤᠨ᠎ᠠ᠃ ᠡᠢᠮᠦ ᠡᠴᠡ 1999 ᠣᠨ ᠳᠤ ISO 10646 ᠪᠠᠷᠢᠮᠵᠢᠶ᠎ᠠ ᠶᠢᠨ ᠬᠡᠪᠯᠡᠯ ᠳᠦ ᠣᠷᠤᠭᠠᠳ᠂ ᠲᠠᠬᠢᠨ 2000 ᠣᠨ ᠳᠤ Unicode 3.0 ᠳᠤ ᠣᠷᠤᠭᠰᠠᠨ ᠪᠠᠢᠨ᠎ᠠ᠃ ᠲᠡᠭᠡᠭᠡᠳ ᠲᠡᠷᠡ ᠦᠶ᠎ᠡ ᠳᠦ ᠪᠠᠰᠠ Unicode ᠪᠠᠷᠢᠮᠵᠢᠶ᠎ᠠ ᠨᠢ ᠴᠤ BMP ᠡᠴᠡ ᠪᠠᠨ ᠥᠷᠭᠡᠳᠭᠡᠭᠳᠡᠭᠡ ᠦᠭᠡᠢ ᠪᠠᠢᠭᠰᠠᠨ᠃

ᠬᠡᠳᠦᠢᠪᠡᠷ ᠲᠤᠬᠠᠢ ᠶᠢᠨ ᠦᠶ᠎ᠡ ᠳᠦ ᠬᠤᠪᠢᠯᠪᠤᠷᠢ ᠥᠰᠦᠭ ᠦᠨ ᠬᠦᠰᠦᠨᠦᠭᠲᠦ ᠪᠠ ᠬᠤᠪᠢᠷᠠᠯᠲᠠ ᠶᠢᠨ ᠠᠷᠭ᠎ᠠ ᠲᠥᠰᠦᠪ ᠪᠠᠢᠭᠰᠠᠨ ᠪᠣᠯᠪᠠᠴᠤ ᠪᠦᠷᠢᠨ ᠪᠦᠲᠦᠨ ᠰᠠᠢᠬᠠᠨ ᠪᠠᠷᠢᠮᠵᠢᠶ᠎ᠠ ᠪᠣᠯᠵᠤ ᠴᠢᠳᠠᠭ᠎ᠠ ᠦᠭᠡᠢ᠃ ᠲᠡᠭᠦᠨ ᠦ ᠳᠣᠲᠤᠷ᠎ᠠ᠂ ᠣᠨᠴᠠᠭᠠᠢᠯᠠᠨ 《ᠮᠣᠩᠭᠤᠯ ᠦᠰᠦᠭ ᠡᠢᠮᠦ ᠪᠠᠢᠳᠠᠭ ᠨᠢ ᠣᠯᠠᠨ ᠤ ᠮᠡᠳᠡᠭᠡᠵᠢ ᠶᠢᠨ ᠬᠡᠷᠡᠭ ᠪᠢᠰᠢ ᠦᠦ》 ᠭᠡᠳᠡᠭ ᠦᠵᠡᠯᠲᠡ ᠪᠡᠷ᠂ ᠣᠯᠠᠨ ᠤ ᠮᠡᠳᠡᠭᠡᠵᠢ ᠶᠢᠨ ᠬᠡᠰᠡᠭ ᠢ ᠪᠦᠷ ᠳᠥᠬᠦᠮᠴᠢᠯᠡᠭᠡᠳ᠂ ᠣᠨᠴᠠᠭᠠᠢ ᠬᠡᠰᠡᠭ ᠢ ᠯᠡ ᠲᠣᠳᠤᠷᠬᠠᠢᠯᠠᠨ ᠲᠡᠮᠳᠡᠭᠯᠡᠭᠰᠡᠨ ᠡᠴᠡ ᠮᠣᠩᠭᠤᠯ ᠬᠥᠮᠦᠨ ᠦᠵᠡᠪᠡᠯ ᠮᠡᠳᠡᠳᠡᠭ ᠪᠣᠯᠪᠠᠴᠤ᠂ ᠭᠠᠳᠠᠭᠠᠳᠤ ᠶᠢᠨ ᠬᠥᠮᠦᠨ ᠦᠵᠡᠭᠡᠳ ᠮᠡᠳᠡᠳᠡᠭ ᠦᠭᠡᠢ ᠪᠣᠯᠵᠤ᠂ ᠠᠩᠬ᠎ᠠ ᠬᠢᠭᠰᠡᠨ ᠰᠢᠰᠲ᠋ᠧᠮ ᠨᠢ ᠬᠡᠷᠡᠭᠯᠡᠭᠡᠨ ᠳᠦ ᠣᠷᠤᠬᠤ ᠬᠡᠮᠵᠢᠶᠡᠨ ᠳᠦ ᠬᠦᠷᠴᠦ ᠳᠡᠢᠯᠬᠦ ᠥᠬᠡᠢ ᠪᠣᠯᠵᠠᠢ᠃ ᠡᠭᠦᠨ ᠢᠶᠡᠷ ᠪᠠᠷᠠᠬᠤ ᠥᠬᠡᠢ ᠪᠠᠰᠠ᠂ ᠮᠠᠨ ᠤ ᠮᠣᠩᠭᠤᠯᠴᠤᠳ ᠤᠨ ᠲᠠᠨᠢᠯᠲᠠ ᠪᠠᠷ ᠢᠩᠭᠢᠵᠦ ᠣᠢᠯᠠᠭᠠᠭᠰᠠᠨ ᠴᠤ ᠪᠣᠯᠤᠨ᠎ᠠ᠂ ᠲᠡᠭᠡᠵᠦ ᠣᠢᠯᠠᠭᠠᠭᠰᠠᠨ ᠴᠤ ᠪᠣᠯᠤᠨ᠎ᠠ ᠭᠡᠰᠡᠨ ᠲᠣᠳᠤᠷᠬᠠᠢ ᠪᠤᠰᠤ ᠲᠣᠭᠲᠠᠭᠠᠯ᠂ ᠲᠠᠢᠯᠪᠤᠷᠢ ᠭᠦᠢᠴᠡᠳ ᠥᠬᠡᠢ ᠵᠢᠭᠰᠠᠭᠠᠯᠲᠠ ᠨᠡᠯᠢᠶᠡᠳ ᠣᠯᠠᠨ ᠪᠠᠢᠭᠰᠠᠨ ᠪᠠᠢᠨ᠎ᠠ᠃ ᠪᠠᠷᠢᠮᠵᠢᠶ᠎ᠠ ᠭᠡᠳᠡᠭ ᠪᠣᠯ ᠨᠢᠭᠡᠯᠡ ᠵᠦᠢᠯ ᠦᠨ ᠣᠢᠯᠠᠭᠠᠯᠲᠠ ᠪᠠᠢᠪᠠᠯ ᠬᠠᠮᠤᠭ ᠤᠨ ᠰᠠᠢᠨ᠂ ᠬᠠᠮᠤᠭ ᠤᠨ ᠲᠣᠳᠤᠷᠬᠠᠢ ᠪᠠᠢᠬᠤ ᠳᠤ᠂ ᠮᠣᠩᠭᠤᠯ ᠪᠢᠴᠢᠭ᠌ ᠤᠨ Unicode ᠪᠠᠷᠢᠮᠵᠢᠶᠠᠨ ᠳᠤ ᠬᠠᠷᠢᠨ ᠣᠯᠠᠨ ᠵᠦᠢᠯ ᠦᠨ ᠣᠢᠯᠠᠭᠠᠯᠲᠠ ᠭᠠᠷᠴᠤ ᠢᠷᠡᠭᠡᠳ᠂ ᠥᠪᠡᠷ ᠥᠪᠡᠷ ᠦᠨ ᠢᠶᠡᠨ ᠣᠢᠯᠠᠭᠠᠯᠲᠠ ᠪᠠᠷ ᠢᠶᠠᠨ ᠬᠢᠭᠰᠡᠨ ᠦ ᠳᠠᠷᠠᠭ᠎ᠠ ᠪᠤᠰᠤᠳ ᠬᠥᠮᠦᠨ ᠦ ᠭᠢ ᠲᠡᠢ ᠠᠳᠠᠯᠢ ᠦᠭᠡᠢ ᠪᠣᠯᠵᠤ ᠬᠣᠭᠤᠷᠤᠨᠳᠤ ᠪᠠᠨ ᠨᠢᠭᠡᠳᠦᠯ ᠥᠬᠡᠢ ᠪᠣᠯᠬᠤ᠂ ᠮᠠᠨ ᠤ ᠬᠢᠭᠰᠡᠨ ᠨᠢ ᠥᠭᠡᠷ᠎ᠡ ᠭᠠᠵᠠᠷ ᠣᠴᠢᠪᠠᠯ ᠨᠢᠭᠡ ᠬᠡᠰᠡᠭ ᠪᠤᠷᠤᠭᠤ ᠦᠰᠦᠭ ᠭᠠᠷᠴᠤ᠂ ᠥᠭᠡᠷ᠎ᠡ ᠬᠥᠮᠦᠨ ᠦ ᠬᠢᠭᠰᠡᠨ ᠨᠢ ᠮᠠᠨ ᠤ ᠡᠨᠳᠡ ᠪᠠᠰᠠ ᠪᠤᠷᠤᠭᠤ ᠥᠰᠦᠭ ᠪᠣᠯᠬᠤ ᠤᠴᠢᠷ ᠠᠴᠠ ᠬᠡᠷᠡᠭᠯᠡᠭᠴᠢᠳ ᠢ ᠬᠤᠤᠳᠤᠤᠷᠠᠭᠤᠯᠵᠤ ᠪᠠᠢᠬᠤ ᠨᠢ ᠣᠳᠤ ᠶᠢᠨ ᠦᠵᠡᠭᠳᠡᠯ ᠪᠣᠯᠤᠨ᠎ᠠ᠃ ᠡᠭᠦᠨ ᠡᠴᠡ ᠭᠠᠳᠠᠨ᠎ᠠ ᠮᠡᠷᠭᠡᠵᠢᠯ ᠦᠨ ᠲᠠᠯ᠎ᠠ ᠪᠠᠷ ᠬᠢ ᠠᠰᠠᠭᠤᠳᠠᠯ ᠪᠠᠰᠠ ᠣᠷᠤᠰᠢᠨ᠎ᠠ᠃ ᠵᠢᠱᠢᠶᠡᠯᠡᠪᠡᠯ᠂ NNBSP ᠭᠡᠳᠡᠭ ᠲᠡᠮᠳᠡᠭ ᠢ ᠮᠣᠩᠭᠤᠯ ᠪᠢᠴᠢᠭ᠌ ᠦᠨ ᠲᠡᠢᠨ ᠢᠯᠭᠠᠯ ᠤᠨ ᠳᠠᠭᠠᠪᠤᠷᠢ ᠶᠢᠨ ᠡᠮᠦᠨ᠎ᠡ ᠬᠡᠷᠡᠭᠯᠡᠭᠰᠡᠨ ᠨᠢ Unicode ᠤᠨ ᠣᠭ ᠲᠣᠭᠲᠠᠭᠠᠯ ᠪᠠ ᠮᠣᠩᠭᠤᠯ ᠪᠢᠴᠢᠭ᠌ ᠦᠨ ᠱᠠᠭᠠᠷᠳᠠᠯᠭ᠎ᠠ ᠶᠢᠨ ᠬᠣᠭᠤᠷᠤᠨᠳᠤᠬᠢ ᠵᠥᠷᠢᠶ᠎ᠡ ᠨᠢ ᠡᠯ᠎ᠡ ᠵᠦᠢᠯ ᠦᠨ ᠰᠢᠰᠲ᠋ᠧᠮ ᠳᠡᠭᠡᠷ᠎ᠡ ᠪᠤᠷᠤᠭᠤ ᠭᠠᠷᠬᠤ ᠰᠢᠯᠲᠠᠭᠠᠨ ᠪᠣᠯᠵᠤ ᠪᠠᠢᠨ᠎ᠠ᠃ ᠡᠳᠡᠭᠡᠷ ᠨᠢ ᠣᠳᠤ ᠶᠢᠨ Unicode ᠮᠣᠩᠭᠤᠯ ᠪᠢᠴᠢᠭ᠌ ᠦᠨ ᠪᠠᠷᠢᠮᠵᠢᠶ᠎ᠠ ᠳᠤ ᠣᠷᠤᠰᠢᠵᠤ ᠪᠠᠢᠭ᠎ᠠ ᠠᠰᠠᠭᠤᠳᠠᠯ ᠪᠤᠶᠤ ᠪᠣᠳᠠᠲᠤ ᠪᠠᠢᠳᠠᠯ ᠪᠣᠯᠵᠤ ᠪᠠᠢᠭ᠎ᠠ ᠪᠣᠯᠪᠠᠴᠤ ᠨᠢᠭᠡ ᠨᠢᠭᠡ ᠪᠡᠷ ᠬᠡᠯᠡᠯᠴᠡᠨ ᠰᠤᠳᠤᠯᠵᠤ ᠪᠠᠢᠭᠠᠳ ᠰᠢᠢᠳᠪᠦᠷᠢᠯᠡᠭᠳᠡᠵᠦ ᠢᠷᠡᠵᠦ ᠪᠠᠢᠨ᠎ᠠ᠃

ᠤᠯᠠᠨ ᠢᠶᠠᠷ ᠢᠶᠠᠨ ᠴᠢᠷᠮᠠᠢᠵᠤ ᠪᠠᠢᠭᠠᠳ ᠮᠣᠩᠭᠤᠯ ᠦᠰᠦᠭ ᠪᠢᠴᠢᠭ᠌ ᠦᠨ ᠢᠶᠡᠨ ᠪᠠᠷᠢᠮᠵᠢᠶ᠎ᠠ ᠶᠢ ᠬᠥᠭᠵᠢᠭᠦᠯᠵᠦ᠂ ᠰᠠᠢᠵᠢᠷᠠᠭᠤᠯᠵᠤ᠂ ᠨᠡᠩ ᠢᠯᠡᠭᠦᠦ ᠲᠤᠤᠱᠯᠠᠭᠤᠯᠵᠤ᠂ ᠥᠷᠭᠡᠳᠭᠡᠨ ᠬᠡᠷᠡᠭᠯᠡᠬᠦ ᠶᠢ ᠬᠦᠰᠡᠵᠦ ᠪᠠᠢᠨ᠎ᠠ᠃

ᠤᠯᠠᠨ ᠢᠶᠠᠷ ᠢᠶᠠᠨ ᠣᠳᠤ ᠶᠠᠭ ᠰᠠᠢᠬᠠᠨ ᠬᠥᠲᠦᠯᠦᠯᠴᠡᠨ ᠭᠠᠷᠴᠤ ᠢᠷᠡᠵᠦ ᠪᠠᠢᠨ᠎ᠠ᠃ ᠮᠣᠩᠭᠤᠯ ᠦᠰᠦᠭ ᠤᠨ Unicode ᠪᠠᠷᠢᠮᠵᠢᠶ᠎ᠠ ᠶᠢ ᠡᠬᠢᠯᠡᠭᠡᠳ ᠬᠢᠬᠦ ᠶᠢᠨ ᠦᠶ᠎ᠡ ᠳᠦ ᠪᠠ ᠬᠢᠬᠦ ᠳᠤᠮᠳᠠ᠂ ᠡᠨᠡ ᠪᠠᠷᠢᠮᠵᠢᠶ᠎ᠠ ᠶᠢ ᠬᠥᠮᠦᠰ ᠣᠢᠯᠠᠭᠠᠬᠤ ᠦᠭᠡᠢ ᠪᠠᠢᠭᠰᠠᠨ ᠠᠴᠠ ᠪᠠᠨ ᠣᠢᠯᠠᠭᠠᠬᠤ ᠪᠣᠯᠵᠤ᠂ ᠣᠢᠯᠠᠭᠠᠭᠰᠠᠨ ᠠᠴᠠ ᠪᠠᠨ ᠰᠠᠢᠨ ᠮᠡᠳᠡᠵᠦ᠂ ᠳᠠᠷᠠᠭ᠎ᠠ ᠪᠠᠷ ᠨᠢ ᠡᠬᠢᠯᠡᠨ ᠬᠡᠷᠡᠭᠯᠡᠳᠡᠭ᠃ ᠭᠡᠪᠡᠴᠦ ᠬᠡᠷᠡᠭᠯᠡᠭᠰᠡᠨ ᠦ ᠳᠠᠷᠠᠭ᠎ᠠ ᠪᠠᠰᠠ ᠡᠢᠮᠦ ᠲᠡᠢᠮᠦ ᠠᠰᠠᠭᠤᠳᠠᠯ ᠣᠷᠤᠰᠢᠵᠤ ᠪᠠᠢᠬᠤ ᠶᠢ ᠮᠡᠳᠡᠷᠡᠵᠦ᠂ ᠶᠠᠭᠠᠬᠢᠭᠠᠳ ᠡᠢᠮᠦ ᠣᠯᠠᠨ ᠠᠰᠠᠭᠤᠳᠠᠯ ᠪᠠᠢᠳᠠᠭ ᠪᠣᠢ ᠭᠡᠵᠦ ᠴᠦ ᠪᠤᠳᠤᠭᠳᠠᠨ᠎ᠠ᠃ ᠲᠡᠭᠦᠨ ᠦ ᠳᠠᠷᠠᠭ᠎ᠠ ᠪᠠᠷ ᠥᠪᠡᠷ ᠦᠨ ᠪᠦᠬᠦ ᠬᠦᠴᠦ ᠪᠡᠨ ᠵᠣᠷᠢᠭᠤᠯᠵᠤ ᠬᠥᠭᠵᠢᠭᠦᠯᠦᠶ᠎ᠡ᠂ ᠰᠠᠢᠵᠢᠷᠠᠭᠤᠯᠤᠶ᠎ᠠ ᠭᠡᠵᠦ ᠪᠤᠳᠤᠬᠤ ᠬᠥᠮᠦᠨ ᠴᠤ ᠡᠳᠦᠷ ᠢᠷᠡᠬᠦᠶ᠎ᠡ ᠨᠡᠮᠡᠭᠳᠡᠵᠦ ᠪᠠᠢᠨ᠎ᠠ᠃ ᠡᠳᠡᠭᠡᠷ ᠪᠣᠳᠤᠯ ᠨᠢ ᠪᠦᠷ ᠮᠠᠨ ᠤ ᠣᠢᠯᠠᠭᠠᠯᠲᠠ ᠪᠠ ᠬᠥᠭᠵᠢᠯᠲᠡ ᠶᠢᠨ ᠶᠠᠪᠤᠴᠠ ᠳᠤ ᠪᠠᠢᠭ᠎ᠠ ᠲᠦᠭᠡᠮᠡᠯ ᠦᠵᠡᠭᠳᠡᠯ ᠪᠣᠯᠵᠤ ᠪᠠᠢᠨ᠎ᠠ᠃ ᠲᠡᠢᠮᠦ ᠡᠴᠡ ᠤᠯᠠᠨ ᠢᠶᠠᠷ ᠢᠶᠠᠨ ᠴᠢᠷᠮᠠᠢᠵᠤ ᠡᠨᠡ Unicode  ᠪᠠᠷᠢᠮᠵᠢᠶ᠎ᠠ ᠪᠠᠨ ᠰᠠᠢᠵᠢᠷᠠᠭᠤᠯᠤᠨ᠂ ᠬᠠᠮᠢᠭ᠎ᠠ ᠬᠢᠭᠰᠡᠨ ᠴᠦ ᠪᠦᠷ ᠠᠳᠠᠯᠢᠬᠠᠨ ᠪᠣᠯᠳᠠᠭ ᠪᠠᠷᠢᠮᠵᠢᠶ᠎ᠠ ᠪᠣᠯᠭᠠᠬᠤ ᠪᠠᠷ᠂ ᠬᠡᠨ ᠬᠥᠮᠦᠨ ᠦᠵᠡᠭᠰᠡᠨ ᠴᠦ ᠣᠢᠯᠠᠭᠠᠯᠲᠠ ᠨᠢ ᠨᠢᠭᠡᠯᠡ ᠪᠠᠢᠳᠠᠭ ᠬᠡᠮᠵᠢᠶᠡᠨ ᠳᠦ ᠬᠦᠷᠲᠡᠯ᠎ᠡ ᠰᠠᠢᠵᠢᠷᠠᠭᠤᠯᠤᠶ᠎ᠠ ᠭᠡᠵᠦ ᠪᠤᠳᠤᠵᠤ ᠪᠠᠢᠨ᠎ᠠ᠃

ᠲᠡᠭᠡᠭᠡᠳ ᠮᠣᠩᠭᠤᠯ Unicode ᠪᠠᠷᠢᠮᠵᠢᠶ᠎ᠠ ᠶᠢ ᠰᠠᠢᠵᠢᠷᠠᠭᠤᠯᠬᠤ ᠲᠠᠯ᠎ᠠ ᠪᠠᠷ W3C ᠶᠢᠨ ᠤᠷᠢᠯᠲᠠ ᠪᠠᠷ ᠨᠢᠳᠤᠨᠤᠨ ᠵᠤᠨ ᠠᠴᠠ ᠡᠬᠢᠯᠡᠨ ᠡᠯ᠎ᠡ ᠲᠠᠯ᠎ᠠ ᠶᠢᠨ ᠡᠷᠳᠡᠮᠲᠡᠳ ᠦᠨ ᠶᠠᠷᠢᠯᠴᠠᠭᠠᠨ ᠶᠠᠪᠤᠭᠳᠠᠵᠤ ᠪᠠᠢᠨ᠎ᠠ᠃ ᠡᠨᠡ ᠶᠠᠷᠢᠯᠴᠠᠭᠠᠨ ᠤ ᠬᠥᠲᠦᠯᠦᠭᠴᠢ Microsoft ᠺᠣᠮᠫᠠᠨᠢ ᠶᠢᠨ Greg Eck ᠭᠡᠳᠡᠭ ᠬᠥᠮᠦᠨ ᠰᠢᠩᠭᠠᠫᠣᠷ ᠲᠤ ᠪᠠᠢᠨ᠎ᠠ᠃ ᠪᠢᠳᠡ ᠪᠠᠰᠠ ᠲᠡᠳᠡᠨᠡᠷ ᠲᠡᠢ ᠨᠡᠯᠢᠶᠡᠳ ᠣᠯᠠᠨ ᠠᠰᠠᠭᠤᠳᠠᠯ ᠢ ᠰᠢᠢᠳᠪᠦᠷᠢᠯᠡᠬᠦ ᠪᠡᠷ ᠶᠠᠷᠢᠯᠴᠠᠵᠤ ᠪᠠᠢᠨ᠎ᠠ᠃ ᠡᠨᠡ ᠶᠠᠷᠢᠯᠴᠠᠭᠠᠨ ᠤ ᠳᠠᠪᠴᠠᠩ ᠳᠤ᠂ ᠮᠣᠩᠭᠤᠯ ᠤᠯᠤᠰ ᠤᠨ ᠪᠣᠯᠤᠷ ᠰᠣᠹᠲ ᠤᠨ ᠪᠠᠳᠠᠷᠠᠯ ᠣᠷᠤᠯᠴᠠᠵᠤ ᠪᠠᠢᠨ᠎ᠠ᠃ Microsoft ᠺᠣᠮᠫᠠᠨᠢ ᠶᠢᠨ Aaron Bell᠂ Apple ᠺᠣᠮᠫᠠᠨᠢ ᠶᠢᠨ Peter Lofting᠂ Google ᠺᠣᠮᠫᠠᠨᠢ ᠳᠤ ᠮᠣᠩᠭᠤᠯ ᠹᠣᠨᠲ ᠬᠢᠵᠦ ᠥᠭᠭᠦᠭᠰᠡᠨ Toshio Omagari (ᠶᠠᠫᠤᠨ ᠬᠥᠮᠦᠨ᠂ ᠠᠯᠮᠠᠰ ᠺᠣᠮᠫᠠᠨᠢ ᠳᠤ ᠢᠷᠡᠭᠡᠳ ᠶᠠᠷᠢᠯᠴᠠᠵᠤ ᠥᠩᠭᠡᠷᠡᠭᠰᠡᠨ)᠂ Kamal Mansour ᠵᠡᠷᠭᠡ ᠤᠯᠤᠰ ᠭᠠᠳᠠᠨᠠᠬᠢ ᠡᠷᠳᠡᠮᠲᠡᠳ ᠣᠷᠤᠯᠴᠠᠵᠤ ᠪᠠᠢᠨ᠎ᠠ᠃ ᠡᠭᠦᠨ ᠡᠴᠡ ᠪᠤᠰᠤᠳ ᠪᠠᠰᠠ ᠤᠯᠠᠨ ᠮᠣᠩᠭᠤᠯ ᠡᠷᠳᠡᠮᠲᠡᠳ ᠪᠠᠢᠨ᠎ᠠ᠃ ᠥᠪᠦᠷ ᠮᠣᠩᠭᠤᠯ ᠠᠴᠠ ᠴᠣᠢᠵᠤᠩᠵᠠᠪ ᠪᠠᠭᠰᠢ᠂ ᠨᠠᠰᠤᠨᠤ᠋ᠷᠲᠤ ᠪᠠᠭᠰᠢ᠂ ᠮᠥᠩᠬᠡ ᠭᠠᠯ ᠤᠨ ᠬᠦᠰᠡᠯ᠂ ᠬᠦᠴᠦᠲᠦ ᠨᠡᠷ ᠪᠦᠷ ᠣᠷᠤᠯᠴᠠᠵᠤ ᠪᠠᠢᠨ᠎ᠠ᠃ ᠨᠡᠢᠲᠡ ᠮᠣᠩᠭᠤᠯ ᠰᠢᠰᠲ᠋ᠧᠮ ᠬᠢᠳᠡᠭ ᠪᠤᠶᠤ ᠮᠣᠩᠭᠤᠯ ᠬᠡᠯᠡᠨ ᠦ ᠡᠷᠳᠡᠮᠲᠡᠳ ᠳᠥᠴᠢ ᠲᠠᠪᠢᠨ ᠬᠥᠮᠦᠨ ᠣᠷᠤᠯᠴᠠᠵᠤ ᠪᠠᠢᠭ᠎ᠠ ᠶᠤᠮ᠃

ᠵᠠᠯᠭᠠᠭᠠᠳ᠂ 2016 ᠣᠨ ᠤ ᠳᠤᠮᠳᠠᠴᠢ ᠪᠠᠷ ᠰᠢᠨ᠎ᠡ Unicode 9.0 ᠬᠡᠪᠯᠡᠯ ᠭᠠᠷᠬᠤ ᠪᠠᠷ ᠪᠣᠯᠤᠭᠠᠳ ᠪᠠᠢᠨ᠎ᠠ᠃ ᠡᠭᠦᠨ ᠳᠦ Greg Eck ᠮᠠᠨ ᠤ ᠰᠠᠨᠠᠯ ᠢ ᠨᠢᠭᠡᠳᠭᠡᠭᠡᠳ UTC ᠳᠤ ᠴᠢᠨᠠᠭᠰᠢ ᠪᠠᠨ ᠮᠡᠳᠡᠭᠦᠯᠵᠦ ᠪᠠᠢᠨ᠎ᠠ᠃ ᠲᠡᠷᠡ ᠪᠣᠯ ᠶᠠᠭ UTC ᠶᠢᠨ ᠡᠷᠳᠡᠮᠲᠡᠨ ᠦ ᠨᠢᠭᠡ ᠨᠢ ᠪᠣᠯᠬᠤ ᠤᠴᠢᠷ ᠠᠴᠠ ᠪᠤᠰᠤᠳ ᠡᠷᠳᠡᠮᠲᠡᠳ ᠲᠡᠢ ᠰᠢᠭᠤᠳ ᠶᠠᠷᠢᠯᠴᠠᠵᠤ ᠰᠠᠨᠠᠯ ᠰᠣᠯᠢᠯᠴᠠᠵᠤ ᠪᠠᠢᠨ᠎ᠠ᠃ ᠶᠠᠭᠠᠬᠢᠭᠠᠳ ᠭᠡᠪᠡᠯ᠂ ᠤᠯᠠᠨ ᠬᠡᠯᠡᠯᠴᠡᠭᠡᠷ ᠭᠠᠷᠤᠭᠰᠠᠨ ᠤ ᠳᠠᠷᠠᠭ᠎ᠠ᠂ ᠬᠡᠯᠡᠯᠴᠡᠭᠡᠷ ᠦᠨ ᠳᠤᠮᠳᠠ ᠤᠯᠠᠨ ᠢᠶᠠᠷ ᠢᠶᠠᠨ ᠨᠢᠭᠡᠳᠦᠭᠰᠡᠨ ᠲᠠᠯ᠎ᠠ ᠶᠢ ᠬᠠᠮᠲᠤ ᠳᠤ ᠨᠢ ᠨᠡᠢᠯᠡᠭᠦᠯᠦᠨ ᠡᠮᠬᠢᠳᠭᠡᠭᠡᠳ UTC ᠳᠤ ᠣᠴᠢᠵᠤ ᠲᠠᠨᠢᠯᠴᠠᠭᠤᠯᠤᠨ᠂ UTC ᠳᠤ ᠵᠥᠪᠰᠢᠶᠡᠷᠡᠭᠳᠡᠭᠰᠡᠨ ᠦ ᠳᠠᠷᠠᠭ᠎ᠠ ᠬᠠᠮᠤᠭ ᠰᠡᠭᠦᠯ ᠳᠦ ᠨᠢ Unicode ᠦᠨ ᠨᠠᠢᠷᠠᠭᠤᠯᠤᠭᠴᠢ ᠠᠴᠠ ᠰᠢᠨ᠎ᠡ ᠬᠡᠪᠯᠡᠯ ᠳᠦ ᠣᠷᠤᠭᠤᠯᠬᠤ ᠨᠢ Unicode ᠪᠠᠷᠢᠮᠵᠢᠶ᠎ᠠ ᠶᠢᠨ ᠵᠠᠰᠠᠯᠲᠠ ᠣᠷᠤᠭᠤᠯᠬᠤ ᠪᠠ ᠰᠢᠨ᠎ᠡ ᠪᠡᠷ ᠲᠣᠭᠲᠠᠭᠠᠭᠳᠠᠬᠤ ᠠᠯᠬᠤᠮ ᠪᠣᠯᠤᠨ᠎ᠠ᠃

ᠡᠳᠡᠭᠡᠷ ᠡᠷᠳᠡᠮᠲᠡᠳ ᠵᠢᠴᠢ ᠮᠣᠩᠭᠤᠯ ᠥᠰᠦᠭ ᠦᠨ Unicode ᠪᠠᠷᠢᠮᠵᠢᠶ᠎ᠠ ᠶᠢᠨ ᠲᠠᠯ᠎ᠠ ᠪᠠᠷ ᠰᠣᠨᠢᠷᠬᠠᠯᠲᠠᠢ ᠪᠥᠭᠡᠳ ᠬᠤᠪᠢ ᠬᠤᠪᠢᠨ ᠳᠤ ᠪᠠᠨ ᠰᠢᠰᠲ᠋ᠧᠮ ᠪᠠ ᠹᠣᠨᠲ ᠦᠢᠯᠡᠳᠪᠦᠷᠢᠯᠡᠵᠦ ᠪᠠᠢᠭ᠎ᠠ ᠤᠯᠠᠨ ᠪᠦᠭᠦᠳᠡᠭᠡᠷ ᠢᠶᠠᠷ ᠢᠶᠠᠨ ᠬᠠᠷᠢᠯᠴᠠᠨ ᠬᠠᠮᠵᠢᠯᠴᠠᠵᠤ᠂ ᠬᠠᠷᠢᠯᠴᠠᠨ ᠬᠠᠪᠰᠤᠷᠴᠤ ᠪᠠᠢᠭᠠᠳ ᠮᠣᠩᠭᠤᠯ ᠦᠰᠦᠭ ᠪᠢᠴᠢᠭ᠌ ᠤᠨ ᠡᠣᠯᠠᠨ ᠤᠯᠤᠰ ᠤᠨ ᠪᠠᠷᠢᠮᠵᠢᠶ᠎ᠠ ᠪᠠᠨ ᠤᠯᠠᠮ ᠰᠠᠢᠵᠢᠷᠠᠭᠤᠯᠵᠤ᠂ ᠤᠯᠠᠮ ᠬᠤᠷᠳᠤᠨ ᠠᠰᠢᠭᠯᠠᠯᠲᠠ ᠳᠤ ᠣᠷᠤᠭᠤᠯᠬᠤ ᠪᠠ ᠳᠡᠯᠭᠡᠷᠡᠭᠦᠯᠦᠨ ᠥᠷᠭᠡᠵᠢᠭᠦᠯᠵᠦ᠂ ᠲᠦᠭᠡᠮᠡᠯᠵᠢᠭᠦᠯᠦᠨ ᠲᠤᠤᠱᠯᠠᠭᠤᠯᠬᠤ ᠶᠢ ᠬᠦᠰᠡᠵᠦ ᠪᠠᠢᠨ᠎ᠠ᠃

ᠲᠠᠯᠠᠷᠬᠠᠯ (ᠡ᠊᠂ ᠭᠤᠸᠠᠢ)

ᠵᠢᠷᠤᠮᠲᠤ ᠭᠤᠸᠠᠢ ᠳᠤ ᠪᠠᠨ ᠶᠡᠬᠡ ᠪᠠᠶᠠᠷᠯᠠᠭᠰᠠᠨ ᠰᠢᠦ᠂ ᠲᠠ Unicode ᠦᠨ ᠡᠨᠡ ᠲᠥᠰᠦᠯ ᠶᠠᠭᠠᠬᠢᠵᠤ ᠡᠬᠢᠯᠡᠵᠦ᠂ ᠶᠠᠭᠠᠬᠢᠵᠤ ᠬᠡᠷᠡᠭᠯᠡᠭᠰᠡᠨ᠂ ᠣᠳᠤ ᠶᠠᠮᠠᠷ ᠪᠠᠢᠳᠠᠯ ᠲᠠᠢ ᠪᠠᠢᠭ᠎ᠠ ᠲᠠᠯ᠎ᠠ ᠪᠠᠷ ᠮᠠᠰᠢ ᠨᠠᠷᠢᠨ᠂ ᠣᠢᠯᠠᠭᠠᠮᠵᠢᠲᠠᠢ ᠬᠠᠷᠢᠭᠤᠯᠲᠠ ᠥᠭᠭᠦᠭᠰᠡᠨ ᠳᠦ ᠲᠤᠩ ᠪᠠᠶᠠᠷᠯᠠᠯ᠎ᠠ᠃

ᠲᠠᠨ ᠤ ᠺᠣᠮᠫᠠᠨᠢ ᠶᠢᠨ Web Site ᠳᠦ ᠣᠷᠤᠭᠠᠳ᠂ Unicode ᠢᠶᠡᠷ ᠮᠣᠩᠭᠤᠯ ᠦᠰᠦᠭ ᠢ ᠶᠠᠭᠠᠬᠢᠵᠤ ᠺᠣᠮᠫᠢᠦ᠋ᠲ᠋ᠧᠷ ᠲᠦ ᠣᠷᠤᠭᠤᠯᠬᠤ ᠲᠤᠬᠠᠢ᠂ ᠲᠠᠨᠠᠷ ᠤᠨ ᠬᠢᠭᠰᠡᠨ ᠲᠡᠷᠡ ᠠᠵᠢᠯ ᠤᠨ ᠲᠠᠨᠢᠯᠴᠠᠭᠤᠯᠭ᠎ᠠ ᠶᠢᠨ ᠲᠤᠬᠠᠢ ᠣᠯᠵᠤ ᠬᠠᠷᠠᠯ᠎ᠠ᠃ ᠪᠠᠰᠠ ᠲᠠᠨ ᠤ ᠲᠡᠷᠡ ᠰᠣᠹᠲ ᠤᠳ ᠢ ᠺᠣᠮᠫᠢᠦ᠋ᠲ᠋ᠧᠷ ᠲᠦ ᠪᠡᠨ ᠰᠠᠭᠤᠯᠭᠠᠵᠤ ᠠᠵᠢᠯᠯᠠᠭᠤᠯᠵᠤ ᠦᠵᠡᠯ᠎ᠡ᠂ ᠶᠡᠬᠡ ᠰᠠᠢᠬᠠᠨ ᠠᠵᠢᠯᠯᠠᠵᠤ ᠪᠠᠢᠨ᠎ᠠ᠃

ᠬᠣᠶᠠᠷ᠂ ᠠᠰᠠᠭᠤᠯᠲᠠ(ᠢ᠊᠂ ᠭᠤᠸᠠᠢ)

ᠲᠣᠳᠤᠷᠬᠠᠢᠯᠠᠬᠤ ᠤᠴᠢᠷ᠄

ᠮᠡᠷᠭᠡᠵᠢᠯ ᠦᠨ ᠠᠰᠠᠭᠤᠳᠠᠯ ᠪᠠ ᠬᠡᠷᠡᠭᠯᠡᠭᠡᠨ ᠦ ᠠᠰᠠᠭᠤᠳᠠᠯ ᠢ ᠢᠯᠭᠠᠵᠤ ᠦᠵᠡᠬᠦ ᠬᠡᠷᠡᠭᠲᠡᠢ᠃ ᠮᠣᠩᠭᠤᠯ ᠦᠰᠦᠭ ᠦᠨ ᠺᠣᠳ᠋ ᠤᠨ ᠠᠰᠠᠭᠤᠳᠠᠯ ᠭᠡᠪᠡᠯ᠂ ᠨᠢᠭᠡ ᠳᠦ᠂ ᠲᠧᠭᠨᠢᠭ ᠦᠨ ᠠᠰᠠᠭᠤᠳᠠᠯ ᠪᠠᠢᠨ᠎ᠠ᠃ ᠳᠠᠷᠤᠢ ᠮᠣᠩᠭᠤᠯ ᠦᠰᠦᠭ ᠢ ᠶᠠᠭᠠᠬᠢᠵᠤ Unicode ᠲᠤ ᠣᠷᠤᠭᠤᠯᠬᠤ᠂ ᠶᠠᠭᠠᠬᠢᠵᠤ ᠲᠡᠳᠡᠨ ᠲᠡᠢ ᠬᠠᠷᠢᠴᠠᠬᠤ ᠲᠤᠬᠠᠢ ᠺᠣᠮᠫᠢᠦ᠋ᠲ᠋ᠧᠷ ᠦᠨ ᠮᠡᠷᠭᠡᠵᠢᠯ ᠲᠡᠢ ᠬᠥᠮᠦᠰ ᠬᠣᠭᠤᠷᠤᠨᠳᠤ ᠪᠠᠨ ᠬᠠᠷᠢᠯᠴᠠᠬᠤ ᠴᠢᠬᠤᠯᠠᠲᠠᠢ ᠪᠠᠢᠨ᠎ᠠ᠃

ᠨᠥᠭᠦᠭᠡ ᠲᠠᠯ᠎ᠠ ᠪᠠᠷ᠂ ᠮᠣᠩᠭᠤᠯ ᠦᠰᠦᠭ ᠪᠢᠴᠢᠭ᠌ ᠢ ᠺᠣᠮᠫᠢᠦ᠋ᠲ᠋ᠧᠷ ᠲᠦ ᠶᠠᠭᠠᠬᠢᠵᠤ ᠬᠡᠷᠡᠭᠯᠡᠬᠦ ᠲᠤᠬᠠᠢ᠂ ᠬᠡᠷᠡᠭᠯᠡᠭᠡᠨ ᠦ ᠲᠠᠯ᠎ᠠ ᠶᠢᠨ ᠠᠰᠠᠭᠤᠳᠠᠯ ᠪᠠᠢᠨ᠎ᠠ᠃ ᠵᠢᠱᠢᠶᠡᠯᠡᠪᠡᠯ᠄ ᠪᠢ ᠮᠣᠩᠭᠤᠯ ᠦᠰᠦᠭ ᠣᠷᠤᠭᠤᠯᠳᠠᠭ ᠬᠥᠮᠦᠨ ᠦ ᠬᠤᠪᠢ ᠠᠴᠠ ᠠᠪᠴᠤ ᠬᠡᠯᠡᠪᠡᠯ Word ᠪᠤᠶᠤ Note ᠳᠡᠭᠡᠷ᠎ᠡ ᠮᠥᠩᠬᠡ ᠰᠣᠹᠲ᠂ MNote ᠵᠡᠷᠭᠡ ᠰᠣᠹᠲ ᠢ ᠬᠡᠷᠡᠭᠯᠡᠬᠦ ᠴᠢᠬᠤᠯᠠᠲᠠᠢ ᠪᠠᠢᠭ᠎ᠠ ᠲᠠᠯ᠎ᠠ ᠳᠤ ᠨᠢ ᠪᠢ ᠤᠬᠠᠭᠠᠨ ᠢ ᠨᠢ ᠰᠠᠢᠨ ᠤᠯᠬᠤ ᠦᠭᠡᠢ ᠪᠠᠢᠨ᠎ᠠ᠃

ᠠᠰᠠᠭᠤᠯᠲᠠ

1᠂ ᠦᠰᠦᠭ ᠪᠠ ᠳᠦᠷᠰᠦ᠂ ᠠᠪᠢᠶ᠎ᠠ ᠪᠠ ᠳᠦᠷᠰᠦ ᠭᠡᠵᠦ ᠪᠠᠢᠭ᠎ᠠ ᠨᠢ ᠴᠣᠬᠤᠮ ᠶᠠᠮᠠᠷ ᠢᠯᠭᠠᠭ᠎ᠠ ᠲᠠᠢ ᠦᠭᠡ ᠪᠤᠢ︖ ᠳᠦᠷᠰᠦ ᠭᠡᠳᠡᠭ ᠨᠢ ᠮᠣᠩᠭᠤᠯ ᠦᠰᠦᠭ ᠦᠨ ᠶᠠᠭᠤ ᠶᠢ ᠶᠠᠷᠢᠵᠤ ᠪᠠᠢᠬᠤ ᠪᠤᠢ︖

2᠂ 95᠂ 96 ᠣᠨ ᠤ ᠦᠶ᠎ᠡ ᠪᠡᠷ ᠮᠣᠩᠭᠤᠯ ᠦᠰᠦᠭ ᠦᠨ ᠬᠤᠪᠢᠷᠠᠯᠲᠠ ᠶᠢᠨ ᠠᠷᠭ᠎ᠠ ᠮᠠᠶᠢᠭ ᠪᠤᠶᠤ ᠬᠤᠪᠢᠷᠠᠯᠲᠠ ᠶᠢᠨ ᠬᠦᠰᠦᠨᠦᠭ ᠢ ᠪᠦᠷ ᠭᠠᠷᠭᠠᠭᠰᠠᠨ ᠭᠡᠵᠦ ᠬᠡᠯᠡᠵᠦ ᠪᠠᠢᠭᠰᠠᠨ᠃ ᠡᠨᠳᠡ ᠶᠠᠷᠢᠵᠤ ᠪᠠᠢᠭ᠎ᠠ ᠬᠤᠪᠢᠷᠠᠯᠲᠠ ᠶᠢᠨ ᠬᠦᠰᠦᠨᠦᠭ ᠭᠡᠳᠡᠭ ᠨᠢ ᠮᠣᠩᠭᠤᠯ ᠦᠰᠦᠭ ᠦᠨ Unicode ᠦᠨ BMP ᠲᠦ ᠣᠷᠤᠭᠰᠠᠨ ᠲᠠᠢ ᠶᠠᠮᠠᠷ ᠢᠯᠭᠠᠭ᠎ᠠ ᠲᠠᠢ ᠪᠤᠢ︖ ᠬᠦᠰᠦᠨᠦᠭ ᠭᠡᠳᠡᠭ ᠨᠢ ᠴᠣᠬᠤᠮ Unicode ᠦᠨ ᠶᠠᠭᠤ ᠶᠢ ᠶᠠᠷᠢᠵᠤ ᠪᠠᠢᠬᠤ ᠪᠤᠢ︖

3᠂ 《名义字符》᠂ 《显现字符》 ᠭᠡᠳᠡᠭ ᠨᠢ ᠠᠩᠭ᠍ᠯᠢ ᠪᠠᠷ ᠶᠠᠭᠤ ᠭᠡᠵᠦ ᠬᠡᠯᠡᠬᠦ ᠪᠤᠢ︖

ᠪᠢ ᠣᠳᠤ ᠥᠪᠡᠷ ᠢᠶᠡᠨ Unicode ᠦᠨ ᠲᠤᠬᠠᠢ ᠨᠣᠮ ᠤᠩᠰᠢᠵᠤ ᠪᠠᠢᠭ᠎ᠠ ᠶᠤᠮ᠃ ᠲᠡᠭᠡᠭᠡᠳ ᠺᠣᠳ᠋ ᠲᠤ ᠣᠷᠤᠭᠤᠯᠤᠭᠰᠠᠨ ᠤ ᠳᠠᠷᠠᠭ᠎ᠠ ᠦᠰᠦᠭ ᠪᠢᠴᠢᠭ᠌ ᠢᠶᠡᠨ ᠶᠠᠭᠠᠬᠢᠵᠤ ᠢᠯᠡᠷᠡᠭᠦᠯᠬᠦ ᠲᠠᠯ᠎ᠠ ᠪᠠᠷ᠂ ᠶᠠᠮᠠᠷ ᠠᠷᠭ᠎ᠠ ᠮᠠᠶᠢᠭ ᠢᠶᠠᠷ ᠢᠯᠡᠷᠡᠭᠦᠯᠵᠦ ᠪᠠᠢᠬᠤ ᠶᠢ ᠴᠢᠨᠠᠭᠰᠢᠳᠠ ᠪᠠᠨ ᠣᠢᠯᠠᠭᠠᠬᠤ ᠰᠠᠨᠠᠭᠠᠲᠠᠢ᠃

4᠂ ᠮᠣᠩᠭᠤᠯ ᠦᠰᠦᠭ ᠦᠨ ᠠᠪᠢᠶᠠᠨ ᠤ ᠮᠠᠶᠢᠭ ᠢᠶᠠᠷ Unicode ᠲᠤ 1999 — 2000 ᠣᠨ ᠤ ᠦᠶ᠎ᠡ ᠪᠡᠷ ᠣᠷᠤᠭᠰᠠᠨ᠃ ᠥᠭᠡᠷ᠎ᠡ ᠪᠡᠷ ᠬᠡᠯᠡᠪᠡᠯ BMP ᠲᠦ ᠣᠷᠤᠭᠰᠠᠨ ᠭᠡᠳᠡᠭ᠃ ᠭᠡᠲᠡᠯ᠎ᠡ ᠣᠳᠤ ᠪᠣᠯᠲᠠᠯ᠎ᠠ OS (Operaiting System) ᠳᠡᠭᠡᠷ᠎ᠡ ᠳᠤᠷ᠎ᠠ ᠪᠠᠷ ᠢᠶᠠᠨ ᠬᠡᠷᠡᠭᠯᠡᠭᠳᠡᠳᠡᠭ ᠲᠡᠢᠮᠦ ᠦᠰᠦᠭ ᠪᠠᠰᠠ ᠭᠠᠷᠴᠤ ᠢᠷᠡᠭᠡ ᠦᠭᠡᠢ ᠪᠠᠢᠭᠰᠠᠭᠠᠷ᠃ ᠡᠭᠦᠨ ᠦ ᠰᠢᠯᠲᠠᠭᠠᠨ ᠨᠢ ᠶᠠᠭᠤ ᠪᠤᠢ︖ ᠶᠠᠭᠠᠬᠢᠭᠠᠳ ᠪᠣᠢ︖ ᠡᠭᠦᠨ ᠦ ᠲᠤᠬᠠᠢ ᠳᠡᠯᠭᠡᠷᠡᠭᠦᠯᠦᠭᠡᠳ ᠲᠠᠢᠯᠪᠤᠷᠢᠯᠠᠬᠤ ᠪᠣᠯᠪᠠ ᠤᠤ︖ ᠳᠠᠷᠤᠢ 《ᠮᠥᠩᠬᠡ ᠭᠠᠯ》ᠪᠤᠶᠤ ᠥᠪᠡᠷ ᠦᠨ MNote ᠢᠶᠡᠷ ᠢᠶᠡᠨ ᠵᠢᠱᠢᠶ᠎ᠡ ᠲᠠᠲᠠᠨ ᠲᠠᠢᠯᠪᠤᠷᠢᠯᠠᠵᠤ ᠥᠭᠬᠦ ᠪᠣᠯᠪᠠ ᠤᠤ︖

ᠲᠤᠬᠠᠢ ᠶᠢᠨ ᠦᠶ᠎ᠡ ᠳᠦ ᠠᠪᠢᠶ᠎ᠠ ᠪᠠᠷ ᠣᠷᠤᠭᠤᠯᠬᠤ ᠶᠤᠮ ᠤᠤ︖ ᠳᠦᠷᠰᠦ ᠪᠡᠷ ᠣᠷᠤᠭᠤᠯᠬᠤ ᠶᠤᠮ ᠤᠤ ᠭᠡᠵᠦ ᠮᠠᠷᠭᠤᠯᠳᠤᠭᠠᠨ ᠪᠣᠯᠤᠭᠠᠳ᠂ ᠡᠴᠦᠰ ᠲᠦ ᠪᠡᠨ ᠤᠯᠠᠨ ᠢᠶᠠᠷ ᠢᠶᠠᠨ ᠠᠪᠢᠶ᠎ᠠ ᠪᠠᠷ ᠣᠷᠤᠭᠤᠯᠬᠤ ᠪᠠᠷ ᠵᠥᠪᠰᠢᠶᠡᠷᠡᠭᠰᠡᠨ ᠭᠡᠰᠡᠨ᠃ ᠲᠡᠭᠡᠭᠡᠳ ᠲᠡᠷᠡ ᠦᠶ᠎ᠡ ᠳᠦ ᠢᠩᠭᠢᠵᠦ ᠣᠷᠤᠭᠤᠯᠪᠠᠯ᠂ ᠮᠣᠩᠭᠤᠯ ᠦᠰᠦᠭ ᠢ ᠺᠣᠮᠫᠢᠦ᠋ᠲ᠋ᠧᠷ ᠳᠣᠲᠤᠷ᠎ᠠ 10 -15 ᠵᠢᠯ ᠬᠡᠷᠡᠭᠯᠡᠵᠦ ᠴᠢᠳᠠᠬᠤ ᠦᠭᠡᠢ ᠭᠡᠵᠦ ᠶᠠᠷᠢᠭᠰᠠᠨ ᠭᠡᠰᠡᠨ᠃ ᠪᠠᠰᠠ 20 ᠵᠢᠯ ᠦᠨ ᠳᠠᠷᠠᠭ᠎ᠠ ᠮᠠᠨᠤᠰ ᠰᠠᠶᠢ ᠡᠭᠦᠨ ᠢ ᠤᠯᠠᠨ ᠮᠠᠶᠢᠭ ᠢᠶᠠᠷ ᠬᠡᠷᠡᠭᠯᠡᠵᠦ ᠴᠢᠳᠠᠬᠤ ᠬᠡᠮᠵᠢᠶᠡᠨ ᠳᠦ ᠬᠦᠷᠴᠦ ᠪᠠᠢᠨ᠎ᠠ ᠭᠡᠵᠦ ᠶᠠᠷᠢᠭᠰᠠᠨ᠃ OS (Operaiting System) ᠡᠭᠦᠨ ᠢ ᠳᠡᠮᠵᠢᠬᠦ ᠦᠭᠡᠢ ᠪᠣᠯᠤᠭᠰᠠᠨ ᠭᠡᠵᠦ ᠶᠠᠷᠢᠵᠤ ᠪᠠᠢᠭᠰᠠᠨ᠃ ᠲᠡᠭᠡᠪᠡᠯ ᠡᠭᠦᠨ ᠦ ᠲᠤᠬᠠᠢ ᠳᠡᠯᠭᠡᠷᠡᠭᠦᠯᠦᠨ ᠶᠠᠷᠢᠵᠤ ᠥᠭᠴᠦ ᠪᠣᠯᠤᠨ᠎ᠠ ᠤ᠋ᠤ︖

《ᠮᠥᠩᠬᠡ ᠭᠠᠯ》 ᠢᠶᠡᠷ ᠵᠢᠱᠢᠶᠡᠯᠡᠪᠡᠯ᠄ Microsoft ᠳᠡᠭᠡᠷ᠎ᠡ ᠬᠡᠷᠡᠭᠯᠡᠵᠦ ᠪᠣᠯᠬᠤ ᠪᠣᠯᠪᠠᠴᠤ Wivdows ᠢ ᠵᠠᠪᠠᠯ ᠬᠢᠲᠠᠳ ᠰᠢᠰᠲ᠋ᠧᠮ ᠢᠶᠡᠷ ᠰᠣᠯᠢᠵᠤ ᠬᠢᠬᠦ ᠦᠭᠡᠢ ᠪᠣᠯ ᠮᠣᠩᠭᠤᠯ ᠦᠰᠦᠭ ᠢᠶᠡᠨ ᠣᠷᠤᠭᠤᠯᠬᠤ ᠳᠤ ᠶᠡᠬᠡ ᠬᠡᠴᠡᠭᠦᠦ ᠪᠠᠢᠳᠠᠭ᠃ ᠵᠠᠪᠠᠯ ᠬᠢᠲᠠᠳ ᠤᠨ OS ᠳᠤ ᠨᠢ ᠣᠷᠤᠭᠤᠯᠬᠤ ᠦᠭᠡᠢ ᠪᠣᠯ ᠪᠣᠯᠬᠤ ᠦᠭᠡᠢ᠃ ᠡᠨᠡ ᠨᠢ ᠴᠣᠬᠤᠮ ᠶᠠᠮᠠᠷ ᠤᠬᠠᠭᠠᠨ ᠲᠠᠢ ᠪᠤᠢ︖

Unicode ᠪᠠᠷᠢᠮᠵᠢᠶ᠎ᠠ ᠶᠢᠨ 9.0 ᠬᠡᠪᠯᠡᠯ ᠦᠨ ᠲᠤᠬᠠᠢ᠂  Greg Eck ᠭᠡᠳᠡᠭ ᠬᠥᠮᠦᠨ ᠲᠥᠰᠦᠯ ᠬᠢᠭᠡᠳ UTC ᠳᠦ ᠳᠡᠪᠰᠢᠭᠦᠯᠦᠭᠰᠡᠨ ᠪᠠᠢᠨ᠎ᠠ ᠭᠡᠵᠦ ᠶᠠᠷᠢᠵᠤ ᠪᠠᠢᠭᠰᠠᠨ᠃ ᠪᠢ Unicode 9᠍.0 ᠶᠢᠨ ᠲᠤᠬᠠᠢ ᠬᠠᠢᠵᠤ ᠦᠵᠡᠵᠦ ᠪᠠᠢᠭ᠎ᠠ ᠪᠣᠯᠪᠠᠴᠤ Greg Eck ᠤᠨ ᠳᠡᠪᠰᠢᠭᠦᠯᠦᠭᠰᠡᠨ ᠮᠠᠲ᠋ᠧᠷᠢᠶᠠᠯ ᠬᠠᠷᠠᠭᠳᠠᠬᠤ ᠦᠭᠡᠢ ᠪᠠᠢᠨ᠎ᠠ᠃ ᠴᠣᠬᠤᠮ ᠥᠨᠦ ᠵᠢᠯ ᠳᠦ ᠪᠡᠨ ᠰᠠᠷ᠎ᠠ ᠶᠢᠨ ᠬᠤᠷᠠᠯ ᠳᠤ ᠣᠷᠤᠵᠤ ᠳᠡᠢᠯᠬᠦ ᠪᠣᠯ ᠤ᠋ᠤ︖ ᠡᠨᠡ ᠲᠤᠬᠠᠢ ᠮᠡᠳᠡᠬᠦ ᠬᠥᠮᠦᠨ ᠡᠴᠡ ᠬᠠᠷᠢᠭᠤᠯᠲᠠ ᠬᠦᠰᠡᠶ᠎ᠡ︕

ᠬᠠᠷᠢᠭᠤᠯᠲᠠ(ᠵᠢᠷᠤᠮᠲᠤ)

ᠨᠢᠭᠡ ᠳᠦ᠂ Unicode ᠢ ᠺᠣᠮᠫᠢᠦ᠋ᠲ᠋ᠧᠷ ᠲᠦ ᠣᠷᠤᠭᠤᠯᠤᠭᠠᠳ ᠬᠡᠷᠡᠭᠯᠡᠬᠦ ᠬᠡᠮᠵᠢᠶᠡᠨ ᠳᠦ ᠬᠦᠷᠭᠡᠶ᠎ᠡ ᠭᠡᠪᠡᠯ ᠲᠧᠭᠨᠢᠭ ᠦᠨ ᠲᠠᠯ᠎ᠠ ᠪᠠᠷ ᠠᠩᠬᠠᠨ ᠤ ᠠᠯᠬᠤᠮ ᠢᠶᠠᠨ ᠠᠯᠬᠤᠬᠤ ᠦᠭᠡᠢ ᠪᠣᠯ ᠪᠣᠯᠬᠤ ᠦᠭᠡᠢ᠃ ᠲᠡᠭᠡᠭᠡᠳ 15-20 ᠵᠢᠯ ᠦᠨ ᠬᠤᠭᠤᠴᠠᠭ᠎ᠠ ᠬᠡᠷᠡᠭᠰᠡᠭᠰᠡᠨ ᠪᠠᠢᠨ᠎ᠠ᠃ ᠲᠤᠰ ᠠᠯᠬᠤᠮ ᠢ ᠠᠯᠬᠤᠬᠤ ᠳᠤ ᠪᠠᠨ ᠨᠡᠯᠢᠶᠡᠳ ᠬᠦᠴᠢᠷᠳᠡᠭᠰᠡᠨ ᠪᠣᠯᠬᠤᠷ ᠤᠯᠠᠨ ᠬᠡᠷᠡᠭᠯᠡᠭᠡᠨ ᠳᠦ ᠬᠡᠷᠡᠭᠯᠡᠬᠦ ᠳᠦ ᠳᠥᠬᠦᠮ ᠦᠭᠡᠢ ᠲᠠᠯ᠎ᠠ ᠤᠯᠠᠨ ᠪᠠᠢᠨ᠎ᠠ᠃

ᠬᠣᠶᠠᠷ ᠲᠤ᠂ ᠤᠯᠠᠨ ᠤ ᠮᠡᠳᠡᠭᠡᠵᠢ ᠪᠡᠷ MNote ᠪᠠ ᠮᠠᠨ ᠤ Home Page ᠳᠡᠭᠡᠷ᠎ᠡ ᠲᠠᠯᠪᠢᠵᠤ ᠪᠠᠢᠭ᠎ᠠ ᠪᠣᠯ ᠭᠤᠷᠪᠠᠨ ᠵᠢᠯ ᠦᠨ ᠡᠮᠦᠨᠡᠬᠢ ᠪᠦᠲᠦᠭᠡᠭᠳᠡᠬᠦᠨ ᠪᠣᠯᠤᠨ᠎ᠠ᠃ ᠡᠨᠡ ᠭᠤᠷᠪᠠᠨ ᠵᠢᠯ ᠳᠦ ᠪᠢᠳᠡ ᠪᠠᠰᠠ ᠥᠪᠦᠷ ᠮᠣᠩᠭᠤᠯ ᠤᠨ ᠰᠤᠷᠭᠠᠨ ᠬᠥᠮᠦᠵᠢᠯ ᠦᠨ ᠬᠡᠪᠯᠡᠯ ᠦᠨ ᠬᠣᠷᠢᠶ᠎ᠠ᠂ ᠬᠡᠪᠯᠡᠯ ᠦᠨ ᠪᠦᠯᠦᠭᠯᠡᠯ ᠲᠡᠢ ᠬᠠᠮᠲᠤᠷᠠᠨ᠂ ᠳᠡᠯᠡᠬᠡᠢ ᠨᠡᠷᠡᠮᠵᠢᠲᠦ ᠺᠣᠮᠫᠠᠨᠢ ᠶᠢ ᠪᠠᠨ ᠪᠠᠢᠭᠤᠯᠤᠭᠰᠠᠨ ᠪᠠᠢᠨ᠎ᠠ᠃ ᠲᠡᠭᠡᠭᠡᠳ ᠲᠤᠰ ᠺᠣᠮᠫᠠᠨᠢ ᠳᠤ ᠪᠠᠨ ᠣᠯᠠᠩᠬᠢ ᠰᠤᠳᠤᠯᠭᠠᠨ ᠤ ᠠᠵᠢᠯ ᠢ ᠪᠠᠨ ᠬᠢᠭᠡᠳ ᠤᠯᠠᠨ ᠳᠤ ᠬᠡᠷᠡᠭᠯᠡᠭᠦᠯᠬᠦ ᠪᠡᠷ ᠨᠡᠢᠲᠡᠯᠡᠨ ᠭᠠᠷᠭᠠᠵᠤ ᠪᠠᠢᠭ᠎ᠠ ᠶᠤᠮ᠃ ᠭᠡᠪᠡᠴᠦ ᠡᠨᠡ ᠳᠣᠲᠤᠷ᠎ᠠ ᠪᠠᠰᠠ ᠮᠠᠨ ᠤ ᠤᠯᠤᠰ ᠤᠨ ᠡᠯ᠎ᠡ ᠵᠦᠢᠯ ᠦᠨ ᠲᠣᠭᠲᠠᠭᠠᠯ ᠠᠴᠠ ᠪᠣᠯᠤᠭᠠᠳ᠂ ᠵᠠᠷᠢᠮ ᠪᠦᠲᠦᠭᠡᠭᠳᠡᠬᠦᠨ ᠢ ᠢᠶᠡᠨ ᠮᠠᠨ ᠤ ᠠᠯᠮᠠᠰ ᠺᠣᠮᠫᠠᠨᠢ ᠠᠴᠠ ᠰᠢᠭᠤᠳ ᠭᠠᠷᠭᠠᠵᠤ ᠪᠣᠯᠬᠤ ᠦᠭᠡᠢ᠂ ᠵᠠᠪᠠᠯ ᠳᠡᠯᠡᠬᠡᠢ ᠺᠣᠮᠫᠠᠨᠢ ᠠᠴᠠ ᠭᠠᠷᠭᠠᠬᠤ ᠬᠡᠷᠡᠭᠲᠡᠢ᠃ ᠪᠠᠰᠠ ᠵᠠᠷᠢᠮ ᠢ ᠨᠢ ᠪᠦᠲᠦᠭᠡᠭᠳᠡᠬᠦᠨ ᠪᠣᠯᠭᠠᠭᠠᠳ ᠰᠠᠯᠪᠤᠷᠢ ᠰᠠᠯᠠᠭ᠎ᠠ ᠮᠥᠴᠢᠷ ᠲᠦ ᠯᠡ ᠬᠡᠷᠡᠭᠯᠡᠵᠦ ᠪᠣᠯᠬᠤ ᠠᠴᠠ ᠪᠢᠰᠢ᠂ ᠥᠭᠡᠷ᠎ᠡ ᠭᠠᠵᠠᠷ ᠬᠡᠷᠡᠭᠯᠡᠵᠦ ᠪᠣᠯᠬᠤ ᠦᠭᠡᠢ ᠭᠡᠬᠦ ᠮᠡᠲᠦ ᠶᠢᠨ ᠤᠯᠠᠨ ᠵᠦᠢᠯ ᠦᠨ ᠳᠦᠷᠢᠮ ᠲᠣᠭᠲᠠᠭᠠᠯ ᠪᠠᠢᠳᠠᠭ ᠠᠴᠠ ᠮᠠᠨ ᠤ ᠰᠦᠯᠵᠢᠶᠡᠨ ᠳᠡᠭᠡᠷᠡᠬᠢ ᠪᠦᠲᠦᠭᠳᠡᠬᠦᠨ ᠪᠦᠷ ᠨᠡᠯᠢᠶᠡᠳ ᠬᠠᠭᠤᠴᠢᠷᠠᠭᠰᠠᠨ ᠪᠠᠢᠨ᠎ᠠ᠃ ᠬᠡᠷᠪᠡ ᠬᠡᠷᠡᠭᠴᠡᠭᠡ ᠲᠡᠢ ᠪᠣᠯ ᠳᠡᠯᠡᠬᠡᠢ ᠺᠣᠮᠫᠠᠨᠢ ᠶᠢᠨ ᠰᠦᠯᠵᠢᠶᠡᠨ ᠡᠴᠡ ᠡᠷᠢᠵᠦ ᠦᠵᠡᠬᠦ ᠪᠤᠶᠤ ᠮᠠᠨ ᠲᠠᠢ ᠰᠢᠭᠤᠳ ᠬᠠᠷᠢᠯᠴᠠᠭᠠᠷᠠᠢ ︕

ᠲᠠᠨ ᠤ ᠶᠠᠷᠢᠭᠰᠠᠨ ᠰᠢᠭ ᠢᠶᠠᠷ ᠤᠭᠰᠠᠷᠠᠨ ᠣᠷᠤᠭᠤᠯᠤᠭᠰᠠᠭᠠᠷ ᠠᠮᠠᠷᠬᠠᠨ ᠬᠡᠷᠡᠭᠯᠡᠵᠦ ᠴᠢᠳᠠᠬᠤ ᠪᠦᠲᠦᠭᠡᠭᠳᠡᠬᠦᠨ ᠤᠯᠠᠨ ᠭᠠᠷᠴᠤ ᠢᠷᠡᠵᠦ ᠪᠠᠢᠨ᠎ᠠ᠃ ᠳᠠᠷᠠᠭ᠎ᠠ ᠪᠠᠷ ᠪᠢ ᠲᠤᠰ ᠴᠤᠭᠯᠠᠷᠠᠯ ᠳᠤ ᠮᠠᠨ ᠤ ᠰᠢᠨ᠎ᠡ ᠪᠦᠲᠦᠭᠡᠭᠳᠡᠬᠦᠨ ᠢᠶᠡᠨ ᠶᠠᠪᠤᠭᠤᠯᠵᠤ ᠥᠭᠭᠦᠶ᠎ᠡ᠃ ᠮᠠᠨ ᠤ ᠡᠨᠳᠡ Windows ᠳᠡᠭᠡᠷᠡᠬᠢ ᠮᠣᠩᠭᠤᠯ IME ᠭᠡᠵᠦ ᠪᠠᠢᠳᠠᠭ᠃ ᠲᠤᠰ ᠣᠷᠤᠭᠤᠯᠬᠤ ᠠᠷᠭ᠎ᠠ ᠨᠢ Microsoft ᠦᠨ Office ᠳᠡᠭᠡᠷ᠎ᠡ ᠬᠡᠷᠡᠭᠯᠡᠵᠦ ᠪᠣᠯᠤᠨ᠎ᠠ᠃ ᠮᠠᠨ ᠤ ᠹᠣᠨᠲ ᠪᠣᠯ Office ᠶᠢᠨ 2007᠂ 2010ᠳᠡᠭᠡᠷ᠎ᠡ ᠪᠦᠷ ᠶᠠᠮᠠᠷ ᠴᠤ ᠰᠠᠭᠠᠳ ᠦᠭᠡᠢ ᠠᠵᠢᠯᠯᠠᠵᠤ ᠴᠢᠳᠠᠨ᠎ᠠ᠃ ᠣᠳᠣᠬᠠᠨ ᠳᠤ ᠪᠠᠨ ᠬᠠᠭᠤᠴᠢᠨ ᠹᠣᠨᠲ ᠨᠢ 2013-2016 ᠳᠡᠭᠡᠷ᠎ᠡ ᠵᠢᠭᠠᠬᠠᠨ ᠠᠰᠠᠭᠤᠳᠠᠯ ᠭᠠᠷᠴᠤ ᠪᠠᠢᠬᠤ ᠪᠣᠯᠪᠠᠴᠤ᠂ ᠰᠢᠨ᠎ᠡ ᠹᠣᠨᠲ ᠪᠣᠯ ᠠᠰᠠᠭᠤᠳᠠᠯ ᠢ ᠰᠢᠢᠳᠪᠦᠷᠢᠯᠡᠵᠦ ᠴᠢᠳᠠᠭᠰᠠᠨ ᠪᠠᠢᠨ᠎ᠠ᠃ Microsoft Office ᠢ ᠬᠡᠷᠡᠭᠯᠡᠶ᠎ᠡ ᠭᠡᠪᠡᠯ ᠬᠤᠳᠠᠯᠳᠤᠵᠤ ᠠᠪᠬᠤ ᠴᠢᠬᠤᠯᠠᠲᠠᠢ᠂ ᠮᠠᠨ ᠤ ᠤᠯᠤᠰ ᠲᠤ ᠪᠠᠭ᠎ᠠ ᠦᠨ᠎ᠡ ᠥᠨᠳᠦᠷ ᠤᠴᠢᠷ ᠠᠴᠠ OpenOffice ᠢ ᠮᠣᠩᠭᠤᠯ ᠢᠶᠠᠷ ᠬᠢᠭᠡᠳ ᠮᠠᠨ ᠤ ᠺᠣᠮᠫᠠᠨᠢ ᠶᠢᠨ HomePage ᠳᠡᠭᠡᠷ᠎ᠡ ᠡᠴᠡ ᠪᠠᠭᠤᠯᠭᠠᠵᠤ ᠬᠡᠷᠡᠭᠯᠡᠬᠦ ᠳᠤ ᠪᠡᠯᠡᠬᠡᠨ ᠪᠣᠯᠭᠠᠭᠠᠳ ᠪᠠᠢᠨ᠎ᠠ᠃ ᠣᠳᠣᠬᠠᠨ ᠳᠤ ᠪᠠᠨ ᠭᠠᠳᠠᠭᠰᠢ ᠪᠠᠨ ᠮᠡᠳᠡᠭᠦᠯᠵᠦ ᠦᠭᠡᠢ ᠪᠣᠯᠪᠠᠴᠤ᠂ ᠴᠢᠬᠤᠯᠠᠲᠠᠢ ᠬᠥᠮᠦᠰ ᠬᠡᠷᠡᠭᠯᠡᠶ᠎ᠡ ᠭᠡᠪᠡᠯ ᠪᠢᠳᠡ ᠲᠠᠨᠢᠯᠴᠠᠭᠤᠯᠵᠤ ᠪᠠᠢᠨ᠎ᠠ᠃ ᠡᠨᠡ ᠬᠣᠶᠠᠷ ᠢ ᠪᠢ ᠳᠠᠷᠠᠭ᠎ᠠ ᠪᠠᠷ ᠪᠦᠷ ᠶᠠᠪᠤᠭᠤᠯᠵᠤ ᠥᠭᠭᠦᠶ᠎ᠡ᠃

ᠦᠰᠦᠭ ᠪᠠ ᠳᠦᠷᠰᠦ᠂ ᠠᠪᠢᠶ᠎ᠠ ᠪᠠ ᠳᠦᠷᠰᠦ ᠶᠢᠨ ᠲᠤᠬᠠᠢ ᠬᠠᠷᠢᠭᠤᠯᠲᠠ᠄

ᠠᠪᠢᠶ᠎ᠠ ᠶᠢ ᠲᠡᠮᠳᠡᠭᠯᠡᠭᠰᠡᠨ ᠲᠡᠮᠳᠡᠭ ᠢ ᠦᠰᠦᠭ ᠭᠡᠵᠦ᠂ ᠦᠰᠦᠭ ᠦᠨ ᠬᠤᠪᠢᠷᠠᠭᠰᠠᠨ ᠬᠤᠪᠢᠷᠠᠯᠲᠠ ᠨᠢ ᠳᠦᠷᠰᠦ ᠪᠣᠯᠤᠨ᠎ᠠ ᠭᠡᠵᠦ ᠪᠢ ᠲᠠᠢᠯᠪᠤᠷᠢᠯᠠᠵᠤ ᠪᠠᠢᠨ᠎ᠠ᠃

ᠠᠪᠢᠶ᠎ᠠ᠂ ᠳᠠᠷᠤᠢ 《ᠠ᠊ 》 ᠭᠡᠪᠡᠯ 《ᠠ᠊ 》 ᠶᠢ ᠶᠠᠭᠠᠬᠢᠵᠤ ᠲᠡᠮᠳᠡᠭᠯᠡᠬᠦ ᠪᠤᠢ ᠭᠡᠵᠦ᠂ ᠤᠯᠠᠨ ᠢᠶᠠᠷ ᠢᠶᠠᠨ ᠤᠭ ᠳᠦᠷᠰᠦ ᠶᠢᠨ 《ᠠ》 ᠪᠤᠶᠤ ᠡᠰᠡᠬᠦᠯ᠎ᠡ ᠳᠡᠭᠡᠷ᠎ᠡ ᠣᠷᠤᠬᠤ᠂ ᠳᠤᠮᠳᠠ ᠣᠷᠤᠬᠤ᠂ ᠳᠣᠣᠷ᠎ᠠ ᠣᠷᠤᠬᠤ ᠨᠢ ᠶᠠᠭᠤ ᠪᠠᠢᠨ᠎ᠠ ᠭᠡᠳᠡᠭ᠃ ᠲᠡᠷᠡ ᠪᠦᠭᠦᠳᠡ ᠶᠢ ᠳᠦᠷᠰᠦ ᠭᠡᠵᠦ ᠶᠠᠷᠢᠵᠤ ᠪᠠᠢᠨ᠎ᠠ᠃ ᠡᠨᠡ ᠨᠢ ᠦᠶ᠎ᠡ ᠭᠡᠵᠦ ᠶᠠᠷᠢᠪᠠᠯ ᠪᠠᠰᠠ ᠨᠡᠯᠢᠶᠡᠳ ᠵᠠᠢᠲᠠᠢ ᠪᠣᠯᠴᠢᠬᠠᠨ᠎ᠠ᠃ ᠨᠢᠭᠡ ᠦᠶ᠎ᠡ ᠳᠦ ᠭᠤᠷᠪᠠᠨ ᠠᠪᠢᠶ᠎ᠠ᠂ ᠳᠥᠷᠪᠡᠨ ᠠᠪᠢᠶ᠎ᠠ ᠪᠠᠢᠬᠤ ᠪᠣᠯᠤᠯᠴᠠᠭ᠎ᠠ ᠲᠠᠢ ᠪᠣᠯᠬᠤᠷ ᠣᠯᠠᠩᠬᠢ ᠳᠤ ᠪᠠᠨ ᠺᠣᠮᠫᠢᠦ᠋ᠲ᠋ᠧᠷ ᠲᠦ ᠦᠶ᠎ᠡ ᠪᠡᠷ ᠣᠷᠤᠭᠤᠯᠬᠤ ᠳᠤ ᠬᠦᠴᠢᠷᠲᠡᠢ᠃ ᠥ᠊᠂ ᠭᠤᠸᠠᠢ ᠶᠢᠨ ᠶᠠᠷᠢᠭᠰᠠᠨ ᠰᠢᠭ ᠢᠶᠠᠷ᠂ ᠦᠶ᠎ᠡ ᠪᠡᠷ ᠣᠷᠤᠭᠤᠯᠤᠶ᠎ᠠ ᠭᠡᠪᠡᠯ ᠨᠡᠯᠢᠶᠡᠳ ᠤᠯᠠᠨ ᠲᠠᠯ᠎ᠠ ᠶᠢ ᠪᠣᠳᠤᠯᠬᠢᠯᠠᠬᠤ ᠴᠢᠬᠤᠯᠠᠲᠠᠢ᠃ ᠲᠡᠢᠮᠦ ᠡᠴᠡ ᠠᠪᠢᠶᠠᠨ ᠤ ᠬᠤᠪᠢᠷᠠᠯᠲᠠ ᠶᠢ ᠳᠦᠷᠰᠦ ᠪᠡᠷ ᠣᠷᠤᠭᠤᠯᠤᠨ᠎ᠠ᠃ ᠳᠦᠷᠰᠦ ᠪᠡᠷ ᠣᠷᠤᠭᠤᠯᠪᠠᠯ ᠵᠠᠷᠢᠮ ᠳᠤ ᠪᠠᠨ᠂ ᠵᠢᠱᠢᠶᠡᠯᠡᠪᠡᠯ ᠄《ᠪᠠ᠊᠂ ᠫᠠ᠊》 ᠵᠡᠷᠭᠡ᠎ ᠶᠢ ᠳᠦᠷᠰᠦ ᠪᠡᠷ ᠣᠷᠤᠭᠤᠯᠤᠭᠰᠠᠨ ᠴᠤ ᠦᠶ᠎ᠡ ᠪᠡᠷ ᠨᠢᠭᠡ ᠨᠢᠭᠡ ᠪᠡᠷ ᠳᠦᠷᠰᠦ ᠪᠣᠯᠭᠠᠬᠤ ᠴᠢᠬᠤᠯᠠᠲᠠᠢ᠃ 《ᠮᠥᠩᠬᠡ ᠭᠠᠯ》 ᠪᠣᠯ ᠹᠣᠨᠲ ᠤᠨ ᠠᠷᠭ᠎ᠠ ᠪᠠᠷ ᠬᠣᠶᠠᠷ ᠲᠡᠰᠢ ᠪᠡᠨ ᠰᠠᠯᠭᠠᠴᠢᠬᠠᠭᠠᠳ ᠪᠣᠯᠳᠠᠭ ᠮᠠᠶᠢᠭ ᠢᠶᠠᠷ ᠬᠢᠭᠰᠡᠨ ᠪᠣᠯᠪᠠᠴᠤ᠂ ᠪᠢᠳᠡ ᠬᠢᠬᠦ ᠳᠦ ᠪᠡᠨ 《ᠪᠠ᠊᠂ ᠫᠠ᠊᠂ ᠪᠣ᠊᠂ ᠫᠣ᠊》 ᠵᠡᠷᠭᠡ ᠶᠢ ᠪᠦᠷ ᠲᠤᠰᠭᠠᠢ ᠳᠦᠷᠰᠦ ᠪᠣᠯᠭᠠᠭᠠᠳ ᠶᠠᠪᠤᠭᠤᠯᠵᠤ ᠪᠠᠢᠨ᠎ᠠ᠃ ᠲᠡᠢᠮᠦ ᠡᠴᠡ ᠮᠠᠨ ᠤ ᠬᠡᠯᠡᠳᠡᠭ ᠳᠦᠷᠰᠦ ᠶᠢᠨ ᠳᠣᠲᠤᠷ᠎ᠠ ᠠᠪᠢᠶᠠᠨ ᠤ ᠲᠡᠮᠳᠡᠭ ᠪᠠᠢᠨ᠎ᠠ᠃ ᠡᠳᠡᠭᠡᠷ ᠢ Unicode ᠳᠣᠲᠤᠷ᠎ᠠ ᠣᠷᠤᠭᠤᠯᠤᠭᠰᠠᠨ ᠤ ᠳᠠᠷᠠᠭ᠎ᠠ᠂ ᠬᠢᠲᠠᠳ ᠢᠶᠠᠷ 《名义字符》 (ᠠᠩᠭ᠍ᠯᠢ ᠪᠠᠷ Unicode Code Point) 《显现字符》 ᠭᠡᠳᠡᠭ ᠢ ᠠᠩᠭ᠍ᠯᠢ ᠪᠠᠷ Presentation Form ᠪᠤᠶᠤ Variant Form ᠭᠡᠵᠦ ᠶᠠᠷᠢᠳᠠᠭ᠃

ᠮᠣᠩᠭᠤᠯ ᠥᠰᠦᠭ ᠦᠨ ᠬᠤᠪᠢᠷᠠᠯᠲᠠ ᠶᠢᠨ ᠬᠦᠰᠦᠨᠦᠭᠲᠦ ᠶᠢᠨ ᠲᠤᠬᠠᠢ ᠬᠠᠷᠢᠭᠤᠯᠲᠠ᠄

1995 ᠣᠨ ᠠᠴᠠ ᠰᠡᠭᠦᠯ ᠳᠦ᠂ ᠮᠠᠨ ᠤ ᠶᠠᠷᠢᠯᠴᠠᠵᠤ ᠪᠠᠢᠭᠰᠠᠨ ᠮᠣᠩᠭᠤᠯ ᠥᠰᠦᠭ ᠦᠨ ᠬᠤᠪᠢᠷᠠᠯᠲᠠ ᠶᠢᠨ ᠬᠦᠰᠦᠨᠦᠭᠲᠦ ᠪᠠᠢᠳᠠᠭ ᠶᠤᠮ᠃ ᠡᠨᠡ ᠬᠦᠰᠦᠨᠦᠭᠲᠦ ᠶᠢ ᠬᠢᠲᠠᠳ ᠢᠶᠠᠷ 《蒙古文名义字符到显现字符的转换规则》 ᠭᠡᠵᠦ ᠣᠷᠴᠢᠭᠤᠯᠵᠤ ᠪᠠᠢᠨ᠎ᠠ᠃ ᠠᠩᠭ᠍ᠯᠢ ᠪᠠᠷ Mapping Table of Mongolian Code Point to Presentation Form ᠭᠡᠵᠦ ᠶᠠᠷᠢᠳᠠᠭ᠃

ᠲᠡᠭᠡᠪᠡᠯ ᠵᠠᠯᠭᠠᠭᠠᠳ ᠪᠢ ᠮᠣᠩᠭᠤᠯ ᠪᠢᠴᠢᠭ᠌ ᠦᠨ Unicode ᠪᠠᠷᠢᠮᠵᠢᠶ᠎ᠠ ᠶᠢ ᠠᠪᠢᠶ᠎ᠠ ᠪᠠᠷ ᠣᠷᠤᠭᠤᠯᠬᠤ ᠪᠠᠷ ᠲᠣᠭᠲᠠᠭᠠᠭᠰᠠᠨ ᠤ ᠳᠠᠷᠠᠭ᠎ᠠ ᠶᠠᠭᠠᠬᠢᠭᠠᠳ ᠲᠡᠷᠡ ᠳᠠᠷᠤᠢ ᠳᠤ ᠨᠢ ᠰᠢᠰᠲ᠋ᠧᠮ ᠬᠢᠵᠦ ᠳᠡᠢᠯᠬᠦ ᠦᠭᠡᠢ ᠪᠠᠢᠭᠰᠠᠨ ᠭᠡᠳᠡᠭ ᠦᠨ ᠲᠤᠬᠠᠢ ᠵᠢᠭᠠᠬᠠᠨ ᠶᠠᠷᠢᠶ᠎ᠠ᠃

ᠲᠡᠷᠡ ᠦᠶ᠎ᠡ ᠳᠦ Windows 95᠂ Windows 98 ᠪᠤᠶᠤ ᠲᠡᠭᠦᠨ ᠡᠴᠡ ᠡᠮᠦᠨ᠎ᠡ ᠮᠠᠨ ᠤ ᠶᠠᠷᠢᠯᠴᠠᠵᠤ ᠪᠠᠢᠭᠰᠠᠨ ᠦᠶ᠎ᠡ ᠳᠦ ᠪᠣᠯ Dos ᠡᠰᠡᠬᠦᠯ᠎ᠡ Windows 3.0 ᠭᠡᠬᠦ OS ᠰᠢᠰᠲ᠋ᠧᠮ ᠦᠨ ᠦᠶ᠎ᠡ  ᠪᠣᠯᠤᠨ᠎ᠠ᠃ Operating System ᠦᠨ ᠬᠠᠮᠤᠭ ᠠᠩᠬᠠᠨ ᠤ ᠱᠠᠳᠤᠨ ᠳᠡᠭᠡᠷ᠎ᠡ ᠡᠴᠡ Unicode Code Point ᠡᠴᠡ ᠮᠠᠨ ᠤ ᠮᠣᠩᠭᠤᠯ ᠦᠰᠦᠭ ᠢᠶᠡᠨ ᠢᠯᠡᠷᠡᠭᠦᠯᠦᠶ᠎ᠡ (Presentation Form ᠢ ᠭᠠᠷᠭᠠᠶ᠎ᠠ) ᠭᠡᠪᠡᠯ Operating System ᠦᠨ ᠳᠣᠲᠤᠷ᠎ᠠ ᠣᠨᠴᠠᠭᠠᠢ ᠲᠡᠭᠦᠨ ᠢ ᠦᠢᠯᠡᠳᠬᠦ ᠰᠣᠹᠲ  ᠬᠢᠬᠦ ᠬᠡᠷᠡᠭᠲᠡᠢ᠃ ᠲᠡᠭᠡᠭᠡᠳ ᠲᠡᠷᠡ ᠰᠣᠹᠲ ᠢ ᠬᠢᠬᠦ ᠳᠦ ᠳᠣᠩ ᠬᠦᠴᠢᠷᠲᠡᠢ ᠪᠠᠢᠭᠰᠠᠨ ᠤ ᠳᠡᠭᠡᠷ᠎ᠡ ᠰᠢᠰᠲ᠋ᠧᠮ ᠪᠦᠷᠢ ᠳᠡᠭᠡᠷ᠎ᠡ ᠥᠭᠡᠷ᠎ᠡ ᠥᠭᠡᠷ᠎ᠡ ᠪᠡᠷ ᠬᠢᠬᠦ ᠥᠬᠡᠢ ᠪᠣᠯᠬᠤ ᠥᠬᠡᠢ᠃ ᠰᠢᠰᠲ᠋ᠧᠮ ᠪᠦᠷᠢ ᠳᠦ ᠨᠢᠭᠡ ᠨᠢᠭᠡ ᠪᠡᠷ ᠬᠢᠶ᠎ᠡ ᠭᠡᠪᠡᠯ ᠨᠡᠩ ᠬᠦᠴᠢᠷᠲᠡᠢ ᠪᠥᠭᠡᠳ ᠪᠤᠳᠤᠯᠢᠶᠠᠨᠲᠠᠢ ᠤᠴᠢᠷ ᠪᠣᠯᠵᠤ᠂ ᠳᠡᠯᠡᠬᠡᠢ ᠳᠡᠭᠡᠷᠡᠬᠢ ᠡᠯ᠎ᠡ ᠲᠣᠮᠤ ᠺᠣᠮᠫᠠᠨᠢ ᠴᠤ ᠡᠨᠡ ᠲᠠᠯ᠎ᠠ ᠪᠠᠷ ᠠᠷᠠᠪ ᠬᠡᠯᠡ ᠪᠤᠶᠤ ᠪᠤᠰᠤᠳ ᠬᠡᠯᠡ ᠪᠡᠷ ᠲᠤᠷᠰᠢᠨ ᠰᠤᠳᠤᠯᠵᠤ ᠪᠠᠢᠭᠰᠠᠨ ᠦᠶ᠎ᠡ ᠪᠢᠯᠡ᠃ ᠭᠡᠪᠡᠴᠦ ᠳᠡᠮᠡᠢ ᠰᠠᠢᠨ ᠪᠦᠲᠦᠭᠡᠭᠳᠡᠬᠦᠨ ᠪᠠᠢᠬᠤ ᠦᠭᠡᠢ ᠤᠴᠢᠷ ᠠᠴᠠ᠂ ᠪᠠᠰᠠ Unicode ᠦᠨ BMP ᠦᠨ ᠣᠷᠤᠨ ᠤ ᠲᠣᠭ᠎ᠠ ᠨᠢ ᠬᠢᠵᠠᠭᠠᠷ ᠲᠠᠢ ᠪᠠᠢᠭᠰᠠᠨ ᠪᠣᠯᠬᠤᠷ ᠪᠥᠬᠦ ᠳᠡᠯᠡᠬᠡᠢ ᠶᠢᠨ ᠦᠭᠡ ᠬᠡᠯᠡ ᠥᠰᠦᠭ ᠪᠢᠴᠢᠭ᠌ ᠢ ᠪᠦᠷ ᠡᠨᠡ ᠪᠠᠷᠢᠮᠵᠢᠶ᠎ᠠ ᠳᠤ ᠣᠷᠤᠭᠤᠯᠬᠤ ᠳᠤ ᠡᠨᠡ ᠬᠤᠪᠢᠷᠠᠯᠲᠠ ᠶᠢᠨ ᠠᠷᠭ᠎ᠠ ᠠᠴᠠ ᠪᠤᠰᠤᠳ ᠰᠠᠢᠨ ᠠᠷᠭ᠎ᠠ ᠪᠠᠢᠭᠰᠠᠨ ᠥᠬᠡᠢ᠃ ᠡᠨᠡ Unicode ᠤᠨ BMP  ᠢ ᠮᠠᠨ ᠤ ᠨᠤᠲᠤᠭ ᠳᠡᠪᠢᠰᠭᠡᠷ ᠲᠡᠢ ᠠᠳᠠᠯᠢᠪᠲᠤᠷ ᠭᠡᠵᠦ ᠪᠢᠳᠡ ᠶᠡᠷᠦᠳᠡᠭᠡᠨ ᠶᠠᠷᠢᠳᠠᠭ᠃ ᠡᠨᠡ ᠨᠤᠲᠤᠭ ᠳᠡᠪᠢᠰᠭᠡᠷ ᠢ ᠳᠡᠯᠡᠬᠡᠢ ᠳᠡᠭᠡᠷᠡᠬᠢ ᠡᠯ᠎ᠡ ᠬᠡᠯᠡ ᠨᠦᠭᠦᠳ ᠬᠤᠪᠢᠶᠠᠯᠴᠠᠨ᠂ ᠮᠠᠨ ᠤ ᠮᠣᠩᠭᠤᠯ ᠥᠰᠦᠭ ᠪᠢᠴᠢᠭ᠌ ᠦᠨ ᠬᠤᠪᠢᠶᠠᠵᠤ ᠣᠯᠤᠭᠰᠠᠨ ᠨᠢ 256 ᠣᠷᠤᠨ ᠪᠠᠢᠯ᠎ᠠ᠃ ᠮᠠᠨ ᠤ ᠮᠣᠩᠭᠤᠯ ᠥᠰᠦᠭ ᠢᠶᠡᠨ ᠠᠪᠢᠶ᠎ᠠ ᠪᠠᠷ ᠣᠷᠤᠭᠤᠯᠤᠭᠰᠠᠨ ᠤ ᠳᠠᠷᠠᠭ᠎ᠠ 35 ᠣᠷᠤᠨ ᠪᠠᠢᠪᠠᠯ ᠤᠢᠭᠤᠷᠵᠢᠨ ᠮᠣᠩᠭᠤᠯ ᠥᠰᠦᠭ ᠲᠦ ᠪᠡᠨ ᠭᠦᠢᠴᠡᠴᠢᠬᠡᠬᠦ ᠪᠠᠢᠨ᠎ᠠ᠃ ᠴᠢᠭ᠌ ᠲᠡᠮᠳᠡᠭ᠂ ᠬᠤᠪᠢᠯᠪᠤᠷᠢ ᠶᠢᠨ ᠲᠡᠮᠳᠡᠭ᠂ ᠲᠣᠭ᠎ᠠ ᠵᠡᠷᠭᠡ ᠣᠷᠤᠭᠰᠠᠨ ᠴᠤ ᠲᠡᠢᠮᠦ ᠣᠯᠠᠨ ᠪᠢᠰᠢ ᠪᠣᠯᠬᠤᠷ ᠦᠯᠡᠳᠡᠭᠡᠭᠰᠡᠨ ᠢ ᠨᠢ ᠪᠤᠰᠤᠳ ᠬᠡᠯᠡ ᠳᠦ ᠥᠭᠴᠢᠬᠡᠭᠰᠡᠨ᠃ ᠲᠡᠭᠡᠭᠡᠳ ᠮᠠᠨᠠᠢᠬᠢᠨ ᠣᠳᠤ 11 Block 176 ᠣᠷᠤᠨ ᠤ 156 ᠣᠷᠤᠨ ᠢ ᠨᠢ ᠲᠣᠳᠤᠷᠬᠠᠢᠯᠠᠨ ᠲᠣᠭᠲᠠᠭᠠᠭᠠᠳ᠂ ᠡᠨᠡ 156 ᠣᠷᠤ ᠪᠠᠨ ᠬᠡᠷᠡᠭᠯᠡᠨ ᠮᠣᠩᠭᠤᠯ ᠪᠢᠴᠢᠭ᠌ ᠪᠠ ᠲᠣᠳᠤ᠂ ᠰᠢᠪᠡᠭᠡ᠂ ᠮᠠᠨᠵᠤ᠂ ᠠᠯᠢ ᠭᠠᠯᠢ ᠵᠡᠷᠭᠡ ᠶᠢ ᠪᠡᠨ ᠰᠢᠢᠳᠪᠦᠷᠢᠯᠡᠵᠦ ᠪᠠᠢᠨ᠎ᠠ᠃

ᠲᠡᠭᠡᠭᠡᠳ ᠡᠭᠦᠨ ᠢ ᠰᠢᠢᠳᠪᠦᠷᠢᠯᠡᠬᠦ ᠠᠷᠭ᠎ᠠ ᠶᠢ ᠬᠠᠮᠤᠭ ᠰᠡᠭᠦᠯ ᠳᠦ ᠨᠢ 2000 ᠪᠤᠶᠤ 2002 ᠣᠨ ᠤ ᠣᠷᠴᠢᠮ ᠢᠶᠠᠷ Microsoft ᠪᠤᠯᠤᠨ Adobe ᠬᠣᠶᠠᠷ ᠺᠣᠮᠫᠠᠨᠢ ᠠᠴᠠ ᠬᠤᠪᠢᠯᠪᠤᠷᠢ ᠳᠦᠷᠰᠦ ᠶᠢ ᠶᠠᠭᠠᠬᠢᠵᠤ ᠭᠠᠷᠭᠠᠬᠤ ᠲᠤᠬᠠᠢ ᠹᠣᠨᠲ ᠤᠨ ᠲᠧᠭᠨᠢᠭ ᠮᠡᠷᠭᠡᠵᠢᠯ ᠦᠨ ᠪᠠᠷᠢᠮᠵᠢᠶ᠎ᠠ (OpenType Font Spacepation) ᠶᠢ ᠲᠣᠭᠲᠠᠭᠠᠭᠠᠳ ᠨᠡᠢᠲᠡᠯᠡᠭᠰᠡᠨ ᠪᠠᠢᠨ᠎ᠠ᠃

ᠲᠡᠭᠦᠨ ᠦ ᠳᠠᠷᠠᠭ᠎ᠠ ᠪᠠᠷ Microsoft ᠠᠷᠠᠪ ᠬᠡᠯᠡ ᠪᠠ ᠢᠨᠳᠢᠺ ᠵᠡᠷᠭᠡ ᠤᠯᠠᠨ ᠵᠦᠢᠯ ᠦᠨ ᠬᠤᠪᠢᠷᠠᠯ ᠤᠨ ᠠᠷᠭ᠎ᠠ ᠶᠢ ᠬᠡᠷᠡᠭᠯᠡᠬᠦ ᠥᠬᠡᠢ ᠪᠡᠷ ᠪᠣᠯᠬᠤ ᠥᠬᠡᠢ ᠦᠰᠦᠭ ᠪᠢᠴᠢᠭ᠌ ᠨᠦᠭᠦᠳ ᠢ ᠰᠢᠢᠳᠪᠦᠷᠢᠯᠡᠵᠦ ᠡᠬᠢᠯᠡᠵᠡᠢ᠃ ᠡᠨᠡ ᠲᠠᠯ᠎ᠠ ᠪᠠᠷ ᠪᠢ ᠪᠠᠰᠠ ᠨᠠᠷᠢᠨ ᠶᠠᠪᠤᠴᠠ ᠶᠢ ᠨᠢ ᠰᠠᠢᠬᠠᠨ ᠮᠡᠳᠡᠬᠦ ᠥᠬᠡᠢ ᠪᠠᠢᠨ᠎ᠠ᠃

ᠮᠠᠨ ᠤ ᠮᠣᠩᠭᠤᠯ ᠪᠢᠴᠢᠭ᠌ ᠢ ᠬᠡᠵᠢᠶ᠎ᠡ ᠡᠬᠢᠯᠡᠨ ᠦᠢᠯᠡᠳᠦᠭᠰᠡᠨ ᠢ Microsoft ᠦᠨ ᠰᠦᠯᠵᠢᠶ᠎ᠡ ᠡᠴᠡ ᠦᠵᠡᠪᠡᠯ 2005 ᠣᠨ ᠳᠤ ᠮᠣᠩᠭᠤᠯ ᠤᠨ Project ᠪᠤᠶᠤ ᠡᠰᠡᠬᠦᠯ᠎ᠡ ᠲᠡᠭᠦᠨ ᠦ ᠲᠥᠰᠦᠪ ᠢ ᠨᠢ ᠭᠠᠷᠭᠠᠭᠠᠳ 2007 ᠣᠨ ᠤ Windows Vista ᠳᠡᠭᠡᠷ᠎ᠡ ᠣᠷᠤᠭᠤᠯᠤᠭᠰᠠᠨ ᠪᠠᠢᠨ᠎ᠠ᠃

ᠣᠳᠤ ᠪᠢᠳᠡᠨᠡᠷ Unicode 9.0 ᠳᠡᠭᠡᠷ᠎ᠡ ᠮᠣᠩᠭᠤᠯ ᠥᠰᠦᠭ ᠦᠨ ᠪᠠᠷᠢᠮᠵᠢᠶ᠎ᠠ ᠶᠢᠨ ᠪᠦᠬᠦᠢᠯᠡ ᠬᠤᠪᠢᠯᠪᠤᠷᠢ ᠬᠦᠰᠦᠨᠦᠭᠲᠦ ᠵᠢ ᠣᠷᠤᠭᠤᠯᠬᠤ ᠪᠠ ᠵᠠᠷᠢᠮ ᠭᠦᠢᠴᠡᠳ ᠥᠬᠡᠢ ᠪᠠᠢᠭᠰᠠᠨ ᠵᠦᠢᠯᠡᠰ ᠢ ᠰᠠᠢᠵᠢᠷᠠᠭᠤᠯᠬᠤ ᠲᠠᠯ᠎ᠠ ᠪᠠᠷ ᠨᠢᠭᠡ ᠵᠢᠯ ᠬᠠᠭᠠᠰ ᠣᠷᠴᠢᠮ W3C ᠶᠢᠨ ᠡᠷᠳᠡᠮᠲᠡᠳ ᠦᠨ ᠬᠡᠯᠡᠯᠴᠡᠭᠡ ᠪᠡᠷ ᠳᠠᠮᠵᠢᠨ ᠰᠠᠢᠵᠢᠷᠠᠭᠤᠯᠬᠤ ᠵᠠᠰᠠᠯᠲᠠ ᠬᠢᠭᠡᠳ ᠭᠠᠷᠭᠠᠬᠤ ᠭᠡᠵᠦ ᠴᠢᠷᠮᠠᠢᠵᠤ ᠪᠠᠢᠨ᠎ᠠ᠃ ᠡᠨᠡ ᠲᠥᠰᠦᠪ ᠦᠨ ᠠᠭᠤᠯᠭ᠎ᠠ ᠪᠣᠯ ᠮᠢᠨᠦ ᠳᠡᠭᠡᠷ᠎ᠡ ᠤᠳᠠᠭ᠎ᠠ ᠶᠠᠪᠤᠭᠤᠯᠵᠤ ᠥᠭᠭᠦᠭᠰᠡᠨ ᠰᠦᠯᠵᠢᠶ᠎ᠡ http://www.unicode.org/L2/L2016/16051-mongolian-ref.pdf  ᠡᠴᠡ ᠣᠯᠵᠤ ᠪᠠᠭᠤᠯᠭᠠᠵᠤ ᠪᠣᠯᠤᠨ᠎ᠠ᠃ ᠡᠨᠡ ᠳᠣᠲᠤᠷ᠎ᠠ Greg Eck ᠤᠨ ᠬᠠᠮᠤᠭ ᠰᠡᠭᠦᠯ ᠦᠨ ᠤᠳᠠᠭᠠᠨ ᠤ ᠵᠠᠰᠠᠯᠲᠠ ᠣᠷᠤᠭᠤᠯᠤᠭᠰᠠᠨ PDF ᠪᠣᠯ ᠳᠠᠷᠤᠢ ᠲᠤᠰ ᠤᠳᠠᠭᠠᠨ ᠤ ᠲᠥᠰᠦᠪ ᠪᠣᠯᠤᠨ᠎ᠠ᠃ ᠲᠣᠰ ᠲᠥᠰᠦᠪ ᠪᠣᠯ ᠮᠠᠨ ᠤ ᠣᠳᠤ ᠶᠢᠨ ᠬᠡᠷᠡᠭᠯᠡᠭᠡᠨ ᠪᠠ ᠡᠯ᠎ᠡ ᠲᠠᠯ᠎ᠠ᠂ ᠡᠯ᠎ᠡ ᠰᠠᠯᠠᠭ᠎ᠠ ᠮᠥᠴᠢᠷ ᠦᠨ ᠱᠠᠭᠠᠷᠳᠠᠯᠭ᠎ᠠ ᠵᠢ ᠪᠦᠷᠢᠮᠦᠰᠦᠨ ᠰᠠᠢᠬᠠᠨ ᠬᠠᠩᠭᠠᠭᠰᠠᠨ ᠲᠥᠰᠦᠪ ᠪᠣᠯᠬᠤᠷ᠂ ᠡᠨᠡ ᠲᠥᠰᠦᠪ ᠦᠨ ᠤᠷᠤᠭᠰᠢᠲᠠᠢ ᠰᠠᠢᠬᠠᠨ ᠦᠨᠡᠯᠡᠭᠳᠡᠬᠦ ᠶᠢ ᠬᠦᠰᠡᠨ ᠬᠦᠯᠢᠶᠡᠵᠦ ᠪᠠᠢᠨ᠎ᠠ᠃

ᠳᠡᠭᠡᠷᠡᠬᠢ ᠮᠠᠲ᠋ᠧᠷᠢᠶᠠᠯ ᠪᠣᠯ Unicode ᠦᠨ ᠨᠠᠢᠷᠠᠭᠤᠯᠤᠭᠴᠢ ᠶᠢᠨ ᠡᠮᠬᠢᠳᠭᠡᠭᠰᠡᠨ ᠮᠠᠲ᠋ᠧᠷᠢᠶᠠᠯ ᠪᠣᠯᠤᠨ᠎ᠠ᠃ ᠲᠡᠭᠡᠪᠡᠯ ᠡᠭᠦᠨ ᠡᠴᠡ ᠬᠣᠢᠰᠢ ᠤᠯᠠᠨ ᠬᠡᠷᠡᠭᠯᠡᠭᠡᠨ ᠳᠦ ᠡᠨᠡ ᠪᠠᠷᠢᠮᠵᠢᠶ᠎ᠠ ᠶᠢ ᠬᠡᠷᠡᠭᠯᠡᠭᠡᠳ ᠲᠣᠰ ᠲᠣᠰ ᠤᠨ ᠰᠢᠰᠲ᠋ᠧᠮ ᠳᠦ ᠪᠡᠨ ᠬᠡᠷᠡᠭᠵᠢᠭᠦᠯᠬᠦ ᠳᠦ ᠭᠦᠷᠪᠡᠯ ᠮᠠᠨ ᠤ ᠮᠣᠩᠭᠤᠯ ᠪᠢᠴᠢᠭ᠌ ᠰᠠᠶᠢ ᠳᠡᠯᠡᠬᠡᠢ ᠳᠡᠭᠡᠷ᠎ᠡ ᠬᠠᠷᠰᠢ ᠰᠠᠭᠠᠳ ᠥᠬᠡᠢ ᠳᠡᠯᠭᠡᠷᠡᠩᠭᠦᠢ ᠬᠡᠷᠡᠭᠯᠡᠭᠳᠡᠵᠦ ᠳᠡᠢᠯᠦᠨ᠎ᠡ᠃ ᠡᠨᠡ ᠲᠠᠯ᠎ᠠ ᠪᠠᠷ ᠪᠢᠳᠡ ᠪᠠᠰᠠ Microsoft᠂ Apple᠂ Google ᠵᠡᠷᠭᠡ ᠳᠣᠮᠤ ᠵᠢᠯᠤᠭᠤᠳᠬᠤ ᠰᠢᠰᠲ᠋ᠧᠮ (OS) ᠬᠢᠳᠡᠭ ᠺᠣᠮᠫᠠᠨᠢ ᠶᠢᠨ ᠮᠡᠷᠭᠡᠵᠢᠯᠲᠡᠳ ᠲᠡᠢ ᠬᠠᠷᠢᠯᠴᠠᠵᠤ ᠪᠠᠢᠨ᠎ᠠ᠃ ᠣᠳᠤ ᠳᠤ ᠪᠠᠨ ᠥᠷᠭᠡᠨ ᠬᠡᠷᠡᠭᠯᠡᠭᠳᠡᠳᠡᠭ ᠡᠨᠡ ᠭᠤᠷᠪᠠᠨ ᠺᠣᠮᠫᠠᠨᠢ ᠶᠢᠨ ᠭᠠᠷ ᠤᠲᠠᠰᠤᠨ ᠤ ᠵᠢᠯᠤᠭᠤᠳᠬᠤ ᠰᠢᠰᠲ᠋ᠧᠮ Windows᠂ iOS᠂ Android ᠪᠠᠢᠨ᠎ᠠ᠃ ᠪᠠᠰᠠ PC ᠵᠢᠯᠤᠭᠤᠳᠬᠤ ᠰᠢᠰᠲ᠋ᠧᠮ Windows᠂ Mac OS X ᠪᠠ Open Source OS Linux ᠪᠠᠢᠨ᠎ᠠ᠃ ᠳᠠᠷᠠᠭᠠᠴᠢ ᠪᠠᠷ ᠥᠭᠡᠷ᠎ᠡ ᠭᠠᠷᠴᠤ ᠢᠷᠡᠪᠡᠯ ᠪᠠᠰᠠ ᠪᠣᠳᠤᠯᠬᠢᠯᠠᠵᠤ ᠪᠣᠯᠬᠤ ᠪᠣᠯᠪᠠᠴᠤ ᠤᠷᠢᠳᠠᠪᠠᠷ ᠡᠨᠡ ᠵᠢᠷᠭᠤᠭᠠᠨ ᠵᠦᠢᠯ ᠦᠨ ᠵᠢᠯᠤᠭᠤᠳᠬᠤ ᠰᠢᠰᠲ᠋ᠧᠮ ᠳᠡᠭᠡᠷ᠎ᠡ ᠮᠣᠩᠭᠤᠯ ᠦᠰᠦᠭ ᠢᠶᠡᠨ ᠰᠠᠢᠬᠠᠨ ᠣᠷᠤᠭᠤᠯᠤᠭᠠᠳ᠂ ᠺᠣᠮᠫᠢᠦ᠋ᠲ᠋ᠧᠷ ᠪᠤᠶᠤ ᠪᠤᠰᠤᠳ ᠮᠠᠰᠢᠨ ᠠᠪᠬᠤ ᠶᠢᠨ ᠦᠶ᠎ᠡ ᠳᠦ ᠪᠡᠨ ᠪᠦᠷ ᠮᠣᠩᠭᠤᠯ ᠪᠢᠴᠢᠭ᠌ ᠦᠨ ᠹᠣᠨᠲ ᠪᠠ ᠣᠷᠤᠭᠤᠯᠬᠤ ᠠᠷᠭ᠎ᠠ ᠤᠭᠰᠠᠷᠠᠭᠠᠳ ᠪᠠᠢᠳᠠᠭ ᠬᠡᠮᠵᠢᠶᠡᠨ ᠳᠦ ᠬᠦᠷᠭᠡᠭᠡᠳ ᠳᠡᠢᠯᠪᠡᠯ ᠮᠠᠨ ᠤ ᠮᠣᠩᠭᠤᠯ ᠦᠰᠦᠭ ᠪᠢᠴᠢᠭ᠌ ᠦᠨ ᠬᠡᠷᠡᠭᠯᠡᠯᠲᠡ ᠨᠡᠩ ᠥᠷᠭᠡᠵᠢᠵᠦ ᠳᠡᠢᠯᠬᠦ ᠪᠠᠢᠬ᠎ᠠ ᠭᠡᠵᠦ ᠪᠤᠳᠤᠵᠤ ᠪᠠᠢᠨ᠎ᠠ᠃ ᠲᠡᠭᠡᠭᠡᠳ ᠮᠣᠩᠭᠤᠯ Unicode ᠤᠨ ᠡᠨᠡ ᠪᠠᠷᠢᠮᠵᠢᠶ᠎ᠠ ᠶᠢ ᠰᠠᠢᠵᠢᠷᠠᠭᠤᠯᠵᠤ᠂ ᠲᠤᠤᠱᠯᠠᠭᠤᠯᠬᠤ ᠶᠢᠨ ᠲᠥᠯᠦᠭᠡ ᠬᠠᠯᠠᠰᠢᠷᠠᠯ ᠥᠬᠡᠢ ᠴᠢᠷᠮᠠᠢᠵᠤ ᠪᠠᠢᠭ᠎ᠠ ᠡᠷᠳᠡᠮᠲᠡᠳ᠂ ᠮᠡᠷᠭᠡᠵᠢᠯᠲᠡᠳ᠂ ᠡᠯ᠎ᠡ ᠱᠠᠳᠤᠨ ᠤ ᠠᠯᠪᠠᠨ ᠪᠠᠢᠭᠤᠯᠤᠯᠭ᠎ᠠ᠂ ᠥᠷᠭᠡᠨ ᠣᠯᠠᠨ ᠮᠣᠩᠭᠤᠯᠴᠤᠳ ᠪᠠ ᠲᠠᠢᠯᠪᠤᠷᠢᠯᠠᠨ ᠤᠬᠠᠭᠤᠯᠵᠤ ᠪᠠᠢᠭ᠎ᠠ ᠨᠡᠷᠡᠲᠦ ᠬᠥᠨᠳᠦᠲᠦ ᠪᠠᠭᠰᠢ ᠨᠠᠷ ᠳᠠᠭᠠᠨ ᠴᠢᠩ ᠰᠡᠳᠭᠢᠯ ᠦᠨ ᠲᠠᠯᠠᠷᠬᠠᠯ ᠢᠶᠠᠨ ᠬᠦᠷᠭᠡᠵᠦ ᠪᠠᠢᠨ᠎ᠠ᠃

ᠮᠠᠨ ᠤ ᠤᠯᠤᠰ ᠤᠨ ᠳᠣᠲᠤᠷᠠᠬᠢ ᠺᠣᠮᠫᠠᠨᠢ ᠨᠤᠭᠤᠳ ᠪᠠᠰᠠ ᠡᠨᠡ ᠲᠠᠯ᠎ᠠ ᠪᠠᠷ ᠴᠢᠷᠮᠠᠢᠨ ᠠᠵᠢᠯᠯᠠᠵᠤ ᠪᠠᠢᠨ᠎ᠠ᠃ ᠪᠢᠳᠡ ᠣᠯᠠᠨ ᠪᠦᠭᠦᠳᠡᠭᠡᠷ ᠡᠨᠡ ᠲᠠᠯ᠎ᠠ ᠪᠠᠷ ᠬᠦᠴᠦ ᠪᠡᠨ ᠬᠠᠮᠲᠤᠳᠭᠠᠨ᠂ ᠬᠡᠳᠦᠢᠪᠡᠷ ᠥᠷᠢᠰᠦᠯᠳᠦᠭᠡᠨ ᠴᠦ ᠪᠠᠢᠭ᠎ᠠ ᠪᠣᠯᠪᠠᠴᠤ ᠪᠠᠰᠠ ᠬᠠᠮᠲᠤ ᠳᠤ ᠪᠠᠨ ᠨᠢᠭᠡ ᠨᠢᠭᠡ ᠪᠡᠷ ᠶᠠᠷᠢᠯᠴᠠᠵᠤ ᠪᠠᠢᠭᠠᠳ ᠢᠵᠢᠯ ᠪᠤᠰᠤ ᠰᠠᠨᠠᠯ ᠢᠶᠠᠨ ᠨᠢᠭᠡᠳᠭᠡᠵᠦ᠂ ᠮᠠᠨ ᠤ ᠥᠷᠭᠡᠨ ᠣᠯᠠᠨ ᠬᠡᠷᠡᠭᠯᠡᠭᠴᠢᠳ ᠲᠡᠬᠡᠨ ᠨᠢᠭᠡ ᠶᠢ ᠨᠢ ᠵᠠᠷᠤᠪᠠᠯ ᠥᠭᠡᠷ᠎ᠡ ᠶᠢ ᠨᠢ ᠵᠠᠷᠤᠵᠤ ᠳᠡᠢᠯᠬᠦ ᠦᠭᠡᠢ ᠭᠡᠰᠡᠨ ᠬᠦᠴᠢᠷᠳᠡᠯᠲᠡᠢ ᠪᠠᠢᠳᠠᠯ ᠢ ᠪᠦᠷᠢᠮᠦᠰᠦᠨ ᠰᠢᠢᠳᠪᠦᠷᠢᠯᠡᠵᠦ ᠥᠭᠬᠦ ᠶᠢᠨ ᠲᠥᠯᠦᠭᠡ᠂ ᠪᠦᠬᠦ ᠢᠵᠢᠯ ᠪᠤᠰᠤ ᠦᠵᠡᠭᠳᠡᠯ ᠦᠳ ᠢ ᠨᠢᠭᠡᠳᠭᠡᠪᠡᠯ ᠰᠠᠢᠨ ᠭᠡᠵᠦ ᠪᠤᠳᠤᠵᠤ ᠪᠠᠢᠨ᠎ᠠ᠃ ᠭᠡᠪᠡᠴᠦ ᠡᠨᠡ ᠳᠣᠲᠤᠷ᠎ᠠ ᠪᠠᠰᠠ ᠰᠠᠨᠠᠯ ᠵᠥᠷᠢᠵᠦ᠂ ᠪᠢᠳᠡ ᠢᠩᠭᠢᠵᠦ ᠬᠢᠪᠡᠯ ᠣᠯᠠᠨ ᠮᠣᠩᠭᠤᠯᠴᠤᠳ ᠳᠠᠭᠠᠨ ᠰᠠᠢᠨᠲᠠᠢ ᠭᠡᠵᠦ ᠪᠤᠳᠤᠵᠤ ᠪᠠᠢᠬᠤ ᠳᠤ᠂ ᠥᠭᠡᠷ᠎ᠡ ᠪᠠᠭᠰᠢ ᠨᠠᠷ ᠲᠡᠭᠡᠵᠦ ᠬᠢᠵᠦ ᠪᠣᠯᠬᠤ ᠥᠬᠡᠢ ᠭᠡᠵᠦ ᠬᠥᠰᠢᠵᠦ ᠪᠠᠢᠬᠤ ᠨᠢ ᠴᠤ ᠤᠯᠠᠨ ᠬᠡᠳᠦᠨ ᠲᠠᠯ᠎ᠠ ᠪᠠᠢᠨ᠎ᠠ᠃ ᠡᠳᠡᠭᠡᠷ ᠨᠢ ᠪᠦᠷ ᠲᠡᠢᠮᠦ ᠲᠣᠮᠤ ᠠᠰᠠᠭᠤᠳᠠᠯ ᠪᠢᠰᠢ᠃ ᠬᠥᠭᠵᠢᠯᠲᠡ ᠶᠢᠨ ᠵᠦᠭ ᠴᠢᠭᠯᠡᠯ ᠳᠦ ᠠᠪᠴᠤ ᠬᠡᠯᠡᠪᠡᠯ ᠬᠠᠷᠢᠨ ᠵᠢᠵᠢᠭᠬᠡᠨ ᠤᠴᠢᠷ ᠪᠠᠢᠨ᠎ᠠ᠃ ᠡᠭᠦᠨ ᠳᠦ ᠵᠦᠭ ᠴᠢᠭᠯᠡᠯ ᠢᠶᠡᠨ ᠰᠠᠢᠨ ᠨᠢᠭᠡᠳᠭᠡᠭᠡᠳ᠂ ᠵᠢᠵᠢᠭ᠌ ᠤᠴᠢᠷ ᠢᠶᠠᠨ ᠶᠠᠷᠢᠯᠴᠠᠵᠤ ᠪᠠᠢᠭᠠᠳ ᠰᠢᠢᠳᠪᠦᠷᠢᠯᠡᠭᠰᠡᠨ ᠦ ᠳᠠᠷᠠᠭ᠎ᠠ᠂ ᠮᠠᠨ ᠤ ᠮᠣᠩᠭᠤᠯᠴᠤᠳ ᠳᠠᠭᠠᠨ ᠦᠢᠯᠡᠴᠢᠯᠡᠵᠦ ᠳᠡᠢᠯᠬᠦ ᠪᠠᠷᠢᠮᠵᠢᠶ᠎ᠠ ᠪᠣᠯᠬᠤ ᠨᠢ ᠶᠠᠷᠢᠶᠠᠨ ᠦᠭᠡᠢ ᠭᠡᠵᠦ ᠪᠤᠳᠤᠵᠤ ᠪᠠᠢᠨ᠎ᠠ᠃ ᠬᠡᠳᠦᠢᠪᠡᠷ ᠣᠳᠤ ᠶᠢᠨ ᠰᠠᠨᠠᠯ ᠨᠢᠭᠡᠳᠬᠦ ᠥᠬᠡᠢ ᠣᠯᠠᠨ ᠣᠴᠢᠷ ᠤᠳ ᠢ ᠵᠢᠯ ᠬᠠᠭᠠᠰ ᠤᠨ ᠬᠤᠭᠤᠴᠠᠭ᠎ᠠ ᠬᠡᠷᠡᠭᠰᠡᠨ Greg Eck ᠨᠠᠷ ᠲᠠᠢ ᠶᠠᠷᠢᠯᠴᠠᠭᠰᠠᠨ ᠤ ᠳᠠᠷᠠᠭ᠎ᠠ ᠪᠦᠷ ᠨᠢᠭᠡ ᠨᠢᠭᠡ ᠪᠡᠷ ᠰᠠᠨᠠᠯ ᠨᠢᠭᠡᠳᠦᠭᠡᠳ ᠢᠷᠡᠭᠰᠡᠨ ᠪᠠᠢᠨ᠎ᠠ᠃ ᠡᠭᠦᠨ ᠦ ᠳᠣᠲᠤᠷ᠎ᠠ ᠨᠢᠭᠡ ᠬᠠᠮᠤᠭ ᠤᠨ ᠶᠡᠬᠡ ᠬᠦᠴᠢᠷᠳᠡᠯ ᠪᠣᠯᠤᠭᠰᠠᠨ ᠨᠢ ᠪᠣᠯ ᠮᠣᠩᠭᠤᠯ ᠪᠢᠴᠢᠭ᠌ ᠲᠦ ᠬᠣᠣᠰ ᠡᠭᠡᠰᠢᠭ ᠪᠠᠢᠬᠤ ᠪᠠ ᠡᠰᠡᠬᠦᠯ᠎ᠡ ᠬᠣᠣᠰ ᠡᠭᠡᠰᠢᠭ ᠪᠠᠢᠬᠤ ᠦᠭᠡᠢ ᠭᠡᠰᠡᠨ ᠬᠡᠯᠡᠨ ᠵᠦᠢ ᠶᠢᠨ ᠲᠠᠯ᠎ᠠ ᠪᠠᠷ ᠬᠢ ᠵᠥᠪ ᠪᠢᠴᠢᠯᠭᠡ ᠶᠢᠨ ᠲᠤᠬᠠᠢ ᠮᠠᠷᠭᠤᠭᠠᠨ ᠨᠢ ᠬᠡᠴᠡᠭᠦᠦ ᠪᠠᠢᠨ᠎ᠠ᠃ ᠮᠠᠨ ᠤ ᠳᠤᠮᠳᠠᠳᠤ᠂ ᠪᠠᠭ᠎ᠠ ᠰᠤᠷᠭᠠᠭᠤᠯᠢ ᠳᠤ ᠪᠦᠷ ᠬᠣᠣᠰ ᠡᠭᠡᠰᠢᠭ ᠪᠠᠢᠨ᠎ᠠ ᠭᠡᠵᠦ ᠵᠢᠭᠠᠵᠤ ᠪᠠᠢᠨ᠎ᠠ᠃ ᠪᠠᠰᠠ ᠵᠠᠭᠤᠨ ᠤ ᠨᠠᠶᠠ ᠶᠡᠷᠡ ᠡᠴᠡ ᠳᠡᠭᠡᠭᠰᠢ ᠬᠥᠮᠦᠰ ᠪᠦᠷ ᠬᠣᠣᠰ ᠡᠭᠡᠰᠢᠭ ᠳᠠᠢ ᠰᠤᠷᠴᠤ ᠬᠡᠷᠡᠭᠯᠡᠭᠰᠡᠭᠡᠷ ᠢᠷᠡᠭᠰᠡᠨ ᠢ ᠣᠯᠠᠨ ᠢᠶᠠᠷ ᠢᠶᠠᠨ ᠪᠦᠷ ᠮᠡᠳᠡᠵᠦ ᠪᠠᠢᠨ᠎ᠠ᠃ ᠭᠡᠪᠡᠴᠦ ᠡᠷᠲᠡᠨ ᠦ ᠬᠡᠯᠡᠨ ᠵᠦᠢ᠂ ᠡᠷᠲᠡᠨ ᠦ ᠪᠢᠴᠢᠭ᠌ ᠲᠦ ᠬᠣᠣᠰ ᠡᠭᠡᠰᠢᠭ ᠥᠬᠡᠢ ᠪᠡᠷ ᠲᠠᠢᠯᠪᠤᠷᠢᠯᠠᠵᠤ ᠪᠠᠢᠬᠤ ᠨᠢ ᠪᠠᠰᠠ ᠦᠨᠡᠨ ᠭᠡᠳᠡᠭ ᠢ ᠪᠢᠳᠡ ᠪᠠᠰᠠ ᠪᠦᠷᠢᠮᠦᠰᠦᠨ ᠣᠢᠯᠠᠭᠠᠭᠰᠠᠨ ᠶᠤᠮ᠃ ᠡᠭᠦᠨ ᠳᠦ ᠠᠯᠢ ᠨᠢ ᠵᠥᠪ ᠠᠯᠢ ᠨᠢ ᠪᠤᠷᠤᠭᠤ ᠭᠡᠬᠦ ᠶᠢᠨ ᠠᠷᠭ᠎ᠠ ᠥᠬᠡᠢ  ᠭᠡᠰᠡᠨ ᠴᠦ ᠣᠳᠤ ᠶᠢᠨ ᠬᠡᠷᠡᠭᠯᠡᠭᠳᠡᠵᠦ ᠪᠠᠢᠭ᠎ᠠ ᠪᠠᠢᠳᠠᠯ ᠢ ᠬᠦᠨᠳᠦᠳᠭᠡᠵᠦ ᠰᠢᠰᠲ᠋ᠧᠮ ᠬᠢᠬᠦ ᠨᠢ ᠵᠥᠪ ᠭᠡᠵᠦ ᠪᠢ ᠦᠵᠡᠨ᠎ᠡ᠃ ᠮᠠᠨ ᠤ ᠺᠣᠮᠫᠢᠦ᠋ᠲ᠋ᠧᠷ ᠦᠨ ᠮᠡᠷᠭᠡᠵᠢᠯᠲᠡᠨ ᠳᠦ ᠠᠪᠴᠤ ᠬᠡᠯᠡᠪᠡᠯ᠂ ᠵᠥᠪ ᠪᠢᠴᠢᠯᠭᠡ ᠶᠢᠨ ᠠᠰᠠᠭᠤᠳᠠᠯ ᠪᠣᠯ ᠬᠡᠯᠡᠨ ᠦ ᠠᠰᠠᠭᠤᠳᠠᠯ᠂ ᠬᠠᠷᠢᠨ ᠺᠣᠮᠫᠢᠦ᠋ᠲ᠋ᠧᠷ ᠦᠨ ᠠᠰᠠᠭᠤᠳᠠᠯ ᠪᠢᠰᠢ᠃ ᠮᠢᠨᠦ ᠦᠵᠡᠬᠦ ᠪᠡᠷ ᠪᠢᠳᠡ ᠡᠨᠡ ᠬᠣᠶᠠᠷ ᠲᠠᠯ᠎ᠠ ᠶᠢ ᠪᠦᠷ ᠳᠡᠮᠵᠢᠭᠡᠳ ᠬᠣᠶᠠᠭᠤᠯᠠ ᠶᠢ ᠪᠦᠷ ᠭᠠᠷᠭᠠᠵᠤ ᠳᠡᠢᠯᠬᠦ ᠬᠡᠮᠵᠢᠶᠡᠨ ᠳᠦ ᠬᠦᠷᠭᠡᠭᠡᠳ ᠲᠠᠯᠪᠢᠪᠠᠯ ᠪᠣᠯᠴᠢᠬᠠᠳᠠᠭ ᠭᠡᠵᠦ ᠪᠣᠳᠤᠳᠠᠭ᠃ ᠭᠡᠪᠡᠴᠦ ᠠᠯᠢ ᠨᠢ ᠤᠯᠠᠨ ᠬᠡᠷᠡᠭᠯᠡᠭᠳᠡᠵᠦ᠂ ᠠᠯᠢ ᠨᠢ ᠳᠤᠲᠠᠭᠤ ᠬᠡᠷᠡᠭᠯᠡᠭᠳᠡᠬᠦ ᠭᠡᠬᠦ ᠲᠠᠯ᠎ᠠ ᠪᠠᠷ ᠠᠯᠢ ᠶᠢ ᠨᠢ ᠡᠮᠦᠨ᠎ᠡ ᠲᠠᠯᠪᠢᠵᠤ᠂ ᠠᠯᠢ ᠶᠢ ᠨᠢ ᠬᠣᠢᠨ᠎ᠠ ᠲᠠᠯᠪᠢᠨ᠎ᠠ ᠭᠡᠰᠡᠨ ᠰᠠᠨᠠᠯ ᠤᠨ ᠵᠥᠷᠢᠶ᠎ᠡ ᠪᠠᠢᠨ᠎ᠠ᠃ ᠡᠨᠡ ᠲᠠᠯ᠎ᠠ ᠪᠠᠷ ᠶᠠᠷᠢᠯᠴᠠᠭᠠᠳ ᠣᠭ ᠲᠤ ᠪᠠᠨ ᠵᠠᠭᠤᠨ ᠤ ᠶᠡᠷᠡ ᠣᠷᠴᠢᠮ ᠤᠨ ᠨᠢᠭᠡᠳᠦᠯᠲᠡᠢ᠂ ᠵᠠᠭᠤᠨ ᠤ ᠠᠷᠪᠠ ᠣᠷᠴᠢᠮ ᠤᠨ ᠰᠠᠨᠠᠯ ᠤᠨ ᠵᠥᠷᠢᠶ᠎ᠡ ᠳᠠᠢ ᠪᠠᠢᠭᠰᠠᠨ ᠬᠤᠪᠢᠷᠠᠭᠤᠯᠬᠤ ᠠᠷᠭ᠎ᠠ ᠶᠢᠨ ᠪᠠᠷᠢᠮᠵᠢᠶ᠎ᠠ ᠶᠢ ᠣᠳᠤ ᠵᠠᠭᠤᠨ ᠤ ᠶᠡᠷᠡᠨ ᠨᠠᠢ᠍ᠮᠠ ᠠᠴᠠ ᠶᠡᠷᠡ ᠶᠢᠰᠦ ᠬᠦᠷᠲᠡᠯ᠎ᠡ ᠨᠢᠭᠡᠳᠦᠮᠡᠷ ᠪᠣᠯᠤᠭᠠᠳ ᠢᠷᠡᠵᠦ ᠪᠠᠢᠨ᠎ᠠ᠃ ᠪᠠᠶᠠᠷᠯᠠᠭᠤᠰᠢᠳᠠᠢ ᠣᠴᠢᠷ ᠭᠡᠵᠦ ᠦᠵᠡᠵᠦ ᠪᠠᠢᠨ᠎ᠠ᠃ ᠡᠨᠡ ᠰᠠᠢᠨ ᠦᠷ᠎ᠡ ᠳ᠋ᠦ᠋ᠩ ᠢ ᠯᠠᠪ ᠡᠰᠡᠷᠭᠦᠴᠡᠬᠦ ᠬᠥᠮᠦᠨ ᠪᠠᠢᠬᠤ ᠥᠬᠡᠢ ᠭᠡᠵᠦ ᠪᠢ ᠪᠣᠳᠤᠵᠤ ᠪᠠᠢᠨ᠎ᠠ᠃ ᠡᠰᠡᠷᠭᠦᠴᠡᠬᠦ ᠬᠥᠮᠦᠨ ᠭᠠᠷᠴᠤ ᠢᠷᠡᠭᠰᠡᠨ ᠴᠦ ᠴᠥᠭᠡᠨ ᠲᠣᠭ᠎ᠠ ᠪᠣᠯᠬᠤ ᠶᠤᠮ ᠭᠡᠵᠦ ᠪᠢ ᠪᠠᠲᠤ ᠢᠲᠡᠭᠡᠵᠦ᠂ ᠡᠰᠡᠷᠭᠦᠴᠡᠬᠦ ᠰᠠᠨᠠᠯ ᠪᠠᠢᠪᠠᠯ W3C ᠶᠢᠨ ᠳᠣᠣᠷᠠᠬᠢ ᠬᠡᠯᠡᠯᠴᠡᠭᠡᠷ ᠰᠠᠨᠠᠯ ᠢᠶᠠᠨ ᠳᠡᠪᠰᠢᠭᠦᠯᠵᠦ᠂ ᠣᠯᠠᠨ ᠡᠷᠳᠡᠮᠲᠡᠳ ᠲᠦ ᠡᠷᠭᠦᠭᠰᠡᠨ ᠰᠠᠨᠠᠯ ᠢᠶᠠᠨ ᠵᠥᠪ ᠭᠡᠵᠦ ᠦᠨᠡᠯᠡᠭᠳᠡᠬᠦ ᠬᠦᠷᠲᠡᠯ᠎ᠡ ᠲᠠᠢᠯᠪᠤᠷᠢᠯᠠᠬᠤ ᠬᠡᠷᠡᠭᠲᠡᠢ ᠪᠢᠰᠢ ᠦᠦ ᠭᠡᠵᠦ ᠪᠣᠳᠤᠨ᠎ᠠ᠃

ᠠᠰᠠᠭᠤᠯᠲᠠ (ᠡ᠊᠂ ᠭᠤᠸᠠᠢ)

Unicode ᠠᠴᠠ ᠮᠠᠨ ᠤ ᠮᠣᠩᠭᠤᠯ ᠦᠰᠦᠭ ᠲᠦ ᠥᠭᠭᠦᠭᠰᠡᠨ ᠺᠣᠳ᠋ ᠤᠨ ᠣᠷᠤᠨ ᠲᠣᠭ᠎ᠠ ᠶᠢ ᠠᠩᠬ᠎ᠠ ᠡᠬᠢᠨ ᠳᠦ ᠪᠡᠨ ᠴᠣᠬᠤᠮ ᠳᠤ ᠪᠠᠨ ᠮᠣᠩᠭᠤᠯ ᠳᠤ ᠬᠡᠳᠦᠢ ᠥᠭᠬᠦ ᠶᠣᠰᠤᠲᠠᠢ ᠪᠤᠢ ᠭᠡᠳᠡᠭ ᠢ ᠬᠡᠨ ᠲᠣᠭᠲᠠᠭᠠᠭᠰᠠᠨ ᠪᠣᠢ︖ ᠮᠣᠩᠭᠤᠯᠴᠤᠳ ᠥᠪᠡᠷ ᠢᠶᠡᠨ ᠮᠠᠨ ᠳᠤ ᠡᠳᠦᠢ ᠬᠡᠷᠡᠭᠲᠡᠢ ᠭᠡᠵᠦ ᠱᠠᠭᠠᠷᠳᠠᠭᠰᠠᠨ ᠶᠤᠮ ᠤᠤ︖ ᠡᠰᠡᠬᠦᠯ᠎ᠡ  Unicode ᠦᠨ ᠲᠠᠯ᠎ᠠ ᠶᠢᠨ ᠬᠢᠨ ᠲᠠᠨᠠᠷ ᠲᠤ ᠡᠳᠦᠢ ᠡᠴᠡ ᠢᠯᠡᠭᠦᠦ ᠥᠭᠬᠦ ᠦᠭᠡᠢ ᠭᠡᠰᠡᠨ ᠶᠤᠮ ᠤ᠋ᠤ︖ ᠴᠣᠬᠤᠮ ᠶᠠᠮᠠᠷ ᠰᠢᠯᠲᠠᠭᠠᠨ ᠢᠶᠠᠷ ᠶᠠᠭᠠᠬᠢᠵᠤ ᠡᠳᠦᠢ ᠲᠣᠭᠠᠨ ᠤ ᠡᠨᠡᠬᠦ ᠺᠣᠳ᠋ ᠢ ᠮᠠᠨ ᠳᠤ ᠥᠭᠭᠦᠭᠰᠡᠨ ᠪᠤᠢ︖ ᠣᠷᠤᠨ ᠲᠣᠭ᠎ᠠ ᠬᠢᠵᠠᠭᠠᠷᠲᠠᠢ ᠭᠡᠪᠡᠯ ᠶᠠᠭᠠᠬᠢᠭᠠᠳ ᠬᠢᠲᠠᠳ ᠦᠰᠦᠭ᠂ ᠰᠣᠯᠤᠩᠭᠤᠰ ᠦᠰᠦᠭ ᠲᠦ ᠵᠡᠷᠭᠡ ᠪᠦᠷ ᠬᠡᠳᠦᠨ ᠲᠦᠮᠡᠨ ᠣᠷᠤᠨ ᠲᠣᠭ᠎ᠠ ᠥᠭᠭᠦᠭᠰᠡᠨ ᠪᠠᠢᠬᠤ ᠳᠤ᠂ ᠬᠡᠯᠡᠨ ᠦ ᠬᠢᠨᠢ ᠱᠠᠭᠠᠷᠳᠠᠯᠭ᠎ᠠ ᠪᠠᠢᠬᠤ ᠶᠤᠮ ᠪᠣᠯ ᠪᠠᠰᠠ ᠲᠡᠷᠡ ᠣᠷᠤᠨ ᠲᠣᠭ᠎ᠠ ᠶᠢ ᠥᠭᠴᠦ ᠪᠠᠢᠬᠤ ᠰᠢᠭ᠃ ᠶᠠᠭᠠᠬᠢᠬᠤ ᠳᠤ ᠪᠠᠨ ᠮᠠᠨ ᠤ ᠮᠣᠩᠭᠤᠯᠴᠤᠳ ᠲᠤ ᠵᠠᠭᠤ ᠭᠠᠷᠤᠢᠬᠠᠨ ᠥᠭᠴᠢᠬᠡᠭᠡᠳ ᠪᠠᠰᠠ ᠵᠠᠪᠠᠯ ᠣᠷᠤᠨ ᠲᠣᠭ᠎ᠠ ᠠᠷᠪᠢᠯᠠᠨ᠎ᠠ ᠭᠡᠳᠡᠭ ᠭᠠᠴᠢᠭᠳᠠᠯ ᠳᠤ ᠲᠤᠯᠭᠠᠷᠠᠭᠰᠠᠨ ᠪᠤᠢ︖

ᠮᠣᠩᠭᠤᠯ ᠪᠢᠴᠢᠭ᠌ ᠢ ᠪᠣᠯ ᠠᠪᠢᠶ᠎ᠠ ᠪᠠᠷ ᠣᠷᠤᠭᠤᠯᠤᠭᠰᠠᠨ ᠭᠡᠨ᠎ᠡ᠃ ᠭᠡᠬᠦ ᠳᠦ ᠪᠡᠨ ᠶᠠᠭ ᠬᠡᠷᠡᠭᠯᠡᠭᠡᠨ ᠳᠤᠮᠳᠠ ᠠᠪᠴᠤ ᠬᠡᠯᠡᠪᠡᠯ ᠪᠠᠭ᠎ᠠ ᠶᠠᠷᠰᠢᠭ ᠲᠠᠢ ᠪᠣᠯᠤᠭᠠᠳ ᠪᠠᠢᠨ᠎ᠠ᠃ ᠵᠢᠱᠢᠶᠡᠯᠡᠪᠡᠯ᠄ ᠣᠳᠤ ᠶᠢᠨ ᠬᠡᠷᠡᠭᠯᠡᠯ ᠳᠦ ᠣᠷᠤᠵᠤ ᠪᠠᠢᠬᠤ ᠰᠢᠰᠲ᠋ᠧᠮ ᠪᠤᠶᠤ ᠰᠣᠹᠲ ᠳᠡᠭᠡᠷ᠎ᠡ ᠪᠢᠴᠢᠬᠦ ᠵᠡᠷᠭᠡ ᠳᠦ ᠨᠡᠯᠢᠶᠡᠳ ᠶᠠᠷᠰᠢᠭ ᠲᠠᠢ ᠰᠢᠭ ᠰᠠᠨᠠᠭᠳᠠᠵᠤ ᠪᠠᠢᠨ᠎ᠠ᠃

Unicode ᠦᠨ ᠳᠣᠲᠤᠷ᠎ᠠ ᠡᠯ᠎ᠡ ᠬᠤᠪᠢᠯᠪᠤᠷᠢ ᠳᠦᠷᠰᠦ ᠨᠢ ᠪᠦᠭᠦᠳᠡᠭᠡᠷ ᠢᠶᠡᠨ ᠰᠠᠢᠬᠠᠨ ᠣᠷᠤᠴᠢᠬᠠᠭᠰᠠᠨ ᠪᠠᠢᠪᠠᠯ᠂ ᠦᠰᠦᠭ ᠣᠷᠤᠭᠤᠯᠬᠤ ᠠᠷᠭ᠎ᠠ(输入法) ᠵᠡᠷᠭᠡ ᠶᠢ ᠶᠠᠩᠵᠤᠯᠠᠵᠤ ᠪᠣᠯᠬᠤ ᠯᠠ ᠪᠠᠢᠬᠤ ᠤᠴᠢᠷ ᠠᠴᠠ ᠪᠢᠴᠢᠬᠦ ᠳᠦ ᠠᠮᠠᠷ ᠠᠷᠭ᠎ᠠ ᠣᠯᠳᠠᠵᠤ ᠪᠣᠯᠬᠤ ᠪᠠᠢᠬ᠎ᠠ ᠭᠡᠵᠦ ᠪᠤᠳᠤᠵᠤ ᠪᠠᠢᠨ᠎ᠠ᠃

ᠰᠣᠨᠢᠷᠬᠠᠯᠲᠠᠢ ᠠᠰᠠᠭᠤᠳᠠᠯ ᠭᠡᠪᠡᠯ᠂

ᠴᠣᠢᠵᠤᠩᠵᠠᠪ ᠭᠤᠸᠠᠢ ᠶᠢᠨ 2000ᠣᠨ ᠳᠤ ᠨᠡᠢᠲᠡᠯᠡᠭᠰᠡᠨ 《蒙古文编码》 ᠭᠡᠳᠡᠭ ᠨᠣᠮ ᠢ ᠬᠢᠲᠠᠳ ᠢᠶᠠᠷ ᠬᠡᠪᠯᠡᠭᠰᠡᠨ ᠭᠡᠳᠡᠭ ᠨᠢ ᠶᠡᠬᠡ ᠰᠣᠨᠢᠨ ᠪᠠᠢᠨ᠎ᠠ᠃ ᠮᠣᠩᠭᠤᠯ ᠢᠶᠠᠷ ᠪᠠᠢᠭ᠎ᠠ ᠪᠣᠯ ᠤᠤ︖ ᠮᠣᠩᠭᠤᠯ ᠬᠡᠯᠡᠨ ᠦ ᠠᠪᠢᠶ᠎ᠠ᠂ ᠦᠰᠦᠭ ᠭᠡᠵᠦ ᠶᠡᠬᠡ ᠨᠠᠷᠢᠨ ᠪᠤᠳᠤᠯᠢᠶᠠᠨᠲᠠᠢ᠂ ᠬᠤᠪᠢᠷᠠᠯ ᠵᠡᠷᠭᠡ ᠲᠡᠢᠮᠦ ᠤᠯᠠᠨ ᠶᠠᠭᠤᠮ᠎ᠠ ᠶᠢ ᠬᠢᠲᠠᠳ ᠢᠶᠠᠷ ᠢᠯᠡᠳᠭᠡᠨ᠎ᠡ ᠭᠡᠵᠦ ᠬᠡᠴᠡᠭᠦᠦ ᠠᠰᠠᠭᠤᠳᠠᠯ ᠭᠡᠵᠦ ᠪᠤᠳᠤᠵᠤ ᠪᠠᠢᠨ᠎ᠠ᠃ ᠬᠢᠲᠠᠳ ᠢᠶᠠᠷ ᠢᠯᠡᠳᠭᠡᠬᠦ ᠳᠦ ᠣᠢᠯᠠᠭᠠᠭᠳᠠᠬᠤ ᠳᠤ ᠬᠡᠴᠡᠭᠦᠦ᠂ ᠡᠬᠡ ᠬᠡᠯᠡᠨ ᠦ ᠲᠠᠯ᠎ᠠ ᠪᠠᠷ ᠬᠢᠲᠠᠳ ᠬᠡᠯᠡ ᠪᠣᠯ ᠮᠠᠰᠢ ᠬᠥᠰᠢᠭᠦᠨ᠂ ᠤᠷᠠᠯᠢᠭ ᠪᠢᠰᠢ᠂ ᠬᠡᠯᠡᠨ ᠵᠦᠢ ᠶᠢᠨ ᠲᠠᠯ᠎ᠠ ᠪᠠᠷ ᠳᠥᠭᠦᠮᠬᠡᠨ ᠶᠤᠮ᠃ ᠲᠡᠢᠮᠦ ᠪᠠᠢᠳᠠᠯ ᠤᠨ ᠳᠣᠣᠷ᠎ᠠ ᠶᠠᠭᠠᠬᠢᠬᠤ ᠳᠤ ᠪᠠᠨ ᠵᠠᠪᠠᠯ ᠬᠢᠲᠠᠳ ᠢᠶᠠᠷ ᠢᠯᠡᠳᠭᠡᠳᠡᠭ ᠪᠤᠢ︖ ᠲᠡᠭᠡᠭᠡᠳ ᠡᠴᠦᠰ ᠲᠦ ᠪᠡᠨ ᠶᠠᠮᠠᠷ ᠠᠷᠭ᠎ᠠ ᠮᠠᠶᠢᠭ ᠢᠶᠠᠷ ᠠᠩᠭ᠍ᠯᠢ ᠬᠡᠯᠡ ᠪᠡᠷ ᠣᠷᠴᠢᠭᠤᠯᠤᠨ Unicode ᠦᠨ ᠬᠥᠮᠦᠰ ᠦᠨ ᠠᠩᠬᠠᠷᠤᠯ ᠳᠤ ᠬᠦᠷᠦᠭᠰᠡᠨ ᠪᠣᠯ ᠭᠡᠵᠦ ᠪᠤᠳᠤᠵᠤ ᠪᠠᠢᠨ᠎ᠠ᠃

ᠳᠠᠷᠠᠭᠠᠨ ᠳᠤ ᠨᠢ ᠬᠡᠳᠦᠨ ᠮᠡᠷᠭᠡᠵᠢᠯ ᠦᠨ ᠠᠰᠠᠭᠤᠯᠲᠠ ᠠᠰᠠᠭᠤᠶ᠎ᠠ᠃

1. Unicode ᠦᠨ ᠳᠣᠲᠤᠷᠠᠬᠢ MVS ᠭᠡᠵᠦ ᠪᠠᠢᠳᠠᠭ᠂ ᠲᠡᠷᠡ ᠨᠢ MongolianVowel Selector ᠭᠡᠵᠦ ᠡᠭᠡᠰᠢᠭ ᠢ ᠰᠣᠩᠭᠤᠵᠤ ᠣᠷᠤᠭᠤᠯᠬᠤ ᠳᠤ ᠬᠡᠷᠡᠭᠯᠡᠳᠡᠭ ᠺᠣᠳ᠋ ᠪᠠᠢᠭ᠎ᠠ᠃ MongolPad ᠢ ᠬᠡᠷᠡᠭᠯᠡᠭᠡᠳ 《ᠪᠠᠢᠨ᠎ᠠ》 ᠭᠡᠳᠡᠭ ᠦᠰᠦᠭ ᠢ ᠶᠠᠭᠠᠬᠢᠵᠤ ᠣᠷᠤᠭᠤᠯᠬᠤ ᠪᠤᠢ︖ 《ᠠ》 ᠲᠤᠰᠠᠭᠠᠷ ᠢᠶᠠᠨ Unicode ᠳᠣᠲᠤᠷ᠎ᠠ ᠪᠠᠢᠳᠠᠭ ᠤᠤ︖

2. FVS1᠂ 2᠂ 3 ᠬᠣᠭᠤᠷᠤᠨᠳᠤ ᠪᠠᠨ ᠶᠠᠮᠠᠷ ᠢᠯᠭᠠᠭ᠎ᠠ ᠲᠠᠢ ᠪᠤᠢ︖ ᠶᠠᠮᠠᠷ ᠪᠠᠢᠳᠠᠯ ᠳᠣᠣᠷ᠎ᠠ ᠶᠠᠭᠠᠬᠢᠵᠤ ᠬᠡᠷᠡᠭᠯᠡᠳᠡᠭ ᠪᠤᠢ︖ ᠡᠭᠦᠨ ᠢ ᠣᠷᠤᠭᠤᠯᠤᠭᠰᠠᠨ ᠤ ᠤᠭ ᠵᠣᠷᠢᠯᠭ᠎ᠠ ᠨᠢ ᠶᠠᠮᠠᠷ ᠠᠰᠠᠭᠤᠳᠠᠯ ᠢ ᠰᠢᠢᠳᠪᠦᠷᠢᠯᠡᠬᠦ ᠭᠡᠰᠡᠨ ᠪᠤᠢ︖ ᠲᠡᠭᠡᠭᠡᠳ ᠡᠨᠡᠬᠦ ᠭᠤᠷᠪᠠ ᠶᠢᠨ ᠬᠡᠷᠡᠭᠯᠡᠭᠳᠡᠬᠦ ᠲᠠᠯ᠎ᠠ ᠪᠠᠷ ᠲᠣᠳᠤᠷᠬᠠᠢᠯᠠᠯᠲᠠ ᠬᠢᠵᠦ ᠥᠭᠬᠦ ᠪᠣᠯᠪᠠ ᠤᠤ︖

3. 256 ᠺᠣᠳ᠋ ᠪᠤᠶᠤ ᠣᠷᠤᠨ ᠵᠠᠢ ᠥᠭᠭᠦᠭᠰᠡᠨ ᠦᠨᠳᠦᠰᠦᠯᠡᠯ ᠨᠢ ᠶᠠᠭᠤ ᠪᠤᠢ︖

4. ᠪᠠᠭ᠎ᠠ ᠰᠤᠷᠭᠠᠭᠤᠯᠢ ᠶᠢᠨ ᠬᠢᠴᠢᠶᠡᠯ ᠦᠨ ᠪᠢᠴᠢᠭ᠌ ᠦᠨ ᠴᠠᠭᠠᠨ ᠲᠣᠯᠤᠭᠠᠢ ᠵᠢᠴᠢ ᠬᠤᠪᠢᠷᠠᠯ᠂ ᠳᠡᠪᠢᠰᠭᠡᠷ ᠦᠰᠦᠭ ᠪᠠ ᠭᠠᠯᠢᠭ ᠦᠰᠦᠭ ᠦᠳ ᠢ ᠲᠡᠷᠡ ᠶᠠᠩᠵᠤ ᠪᠠᠷ ᠨᠢ ᠣᠷᠤᠭᠤᠯᠤᠭᠰᠠᠨ ᠪᠣᠯ ᠬᠡᠳᠦᠢ ᠰᠠᠢᠬᠠᠨ ᠪᠣᠢ︖

5. ᠣᠨᠴᠠᠭᠠᠢᠯᠠᠨ 《ᠲᠤᠭᠤᠯᠭᠠᠨ ᠪᠠᠷ》 ᠢᠶᠡᠷ ᠰᠠᠭᠤᠷᠢ ᠪᠣᠯᠭᠠᠨ᠂ 《ᠲᠤᠭᠤᠯᠭᠠᠨ ᠪᠠᠷ》 ᠦᠨ ᠬᠡᠰᠡᠭ ᠪᠦᠷᠢ ᠶᠢᠨ ᠲᠣᠭ᠎ᠠ ᠪᠠᠷ Unicode ᠦᠨ ᠣᠷᠤᠨ ᠲᠣᠭ᠎ᠠ ᠭᠤᠶᠤᠴᠢᠯᠠᠭᠰᠠᠨ ᠪᠣᠯ ᠲᠠᠭᠠᠷᠠᠬᠤ ᠪᠠᠢᠬ᠎ᠠ ᠭᠡᠵᠦ ᠪᠣᠳᠤᠨ᠎ᠠ᠃

6. ᠠᠯᠢ ᠭᠠᠯᠢ ᠵᠡᠷᠭᠡ ᠳᠡᠭᠡᠷ᠎ᠡ ᠦᠶ᠎ᠡ ᠶᠢᠨ ᠦᠰᠦᠭ ᠪᠢᠴᠢᠭ᠌ ᠢ ᠣᠷᠤᠭᠤᠯᠤᠭᠰᠠᠨ ᠤ ᠤᠴᠢᠷ ᠤᠳᠭ᠎ᠠ ᠨᠢ ᠶᠠᠭᠤ ᠪᠤᠢ︖ ᠮᠣᠩᠭᠤᠯ ᠦᠰᠦᠭ ᠢ Unicode ᠲᠦ ᠣᠷᠤᠭᠤᠯᠬᠤ ᠳᠤ ᠵᠠᠪᠠᠯ ᠤᠯᠠᠨ ᠵᠦᠢᠯ ᠦᠨ ᠶᠠᠭᠤᠮ᠎ᠠ ᠶᠢ ᠬᠢᠵᠦ ᠴᠢᠳᠠᠬᠤ ᠪᠠᠷ ᠣᠷᠤᠭᠤᠯᠬᠤ ᠬᠡᠷᠡᠭᠲᠡᠢ᠃ ᠮᠣᠩᠭᠤᠯ ᠦᠰᠦᠭ ᠢ ᠦᠶ᠎ᠡ ᠪᠡᠷ ᠣᠷᠤᠭᠤᠯᠪᠠᠯ ᠠᠰᠢᠭ ᠲᠠᠢ ᠲᠠᠯ᠎ᠠ ᠤᠯᠠᠨ ᠪᠣᠯᠪᠠᠴᠤ᠂ ᠠᠪᠢᠶ᠎ᠠ ᠪᠠᠷ ᠪᠢᠴᠢᠬᠦ ᠴᠢᠬᠤᠯᠠᠲᠠᠢ ᠦᠶ᠎ᠡ ᠭᠠᠷᠴᠤ ᠢᠷᠡᠳᠡᠭ ᠪᠥᠭᠡᠳ ᠣᠷᠤᠭᠤᠯᠬᠤ ᠳᠤ ᠶᠡᠬᠡ ᠬᠦᠴᠢᠷᠲᠡᠢ ᠪᠠᠢᠬ᠎ᠠ᠃

7.ᠮᠣᠩᠭᠤᠯ ᠦᠰᠦᠭ ᠢ ᠶᠠᠭᠠᠬᠢᠭᠠᠳ ᠦᠶ᠎ᠡ ᠪᠡᠷ ᠣᠷᠤᠭᠤᠯᠤᠭᠰᠠᠨ ᠦᠭᠡᠢ᠂ ᠠᠪᠢᠶ᠎ᠠ ᠪᠠᠷ ᠣᠷᠤᠭᠤᠯᠤᠭᠰᠠᠨ ᠪᠤᠢ︖

8.ᠪᠢ ᠲᠠᠨ ᠳᠤ ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠵᠣᠬᠢᠶᠠᠭᠰᠠᠨ 《ᠮᠣᠩᠭᠤᠯ ᠬᠢᠲᠠᠳ ᠳᠣᠯᠢ》 (ᠰᠢᠷ᠎ᠠ ᠳᠣᠯᠢ ᠭᠡᠵᠦ ᠴᠦ ᠬᠡᠯᠡᠨ᠎ᠡ) ᠶᠢᠨ ᠠᠷᠤ ᠳᠠᠬᠢ ᠴᠠᠭᠠᠨ ᠲᠣᠯᠤᠭᠠᠢ ᠶᠢᠨ ᠬᠦᠰᠦᠨᠦᠭᠲᠦ ᠶᠢ ᠶᠠᠪᠤᠭᠤᠯᠵᠤ ᠥᠭᠪᠡ᠃ ᠴᠣᠬᠤᠮ ᠡᠨᠡ ᠬᠦᠰᠦᠨᠦᠭᠲᠦ ᠶᠢᠨ ᠴᠠᠭᠠᠨ ᠲᠣᠯᠤᠭᠠᠢ ᠶᠢ Unicode ᠲᠦ ᠣᠷᠤᠭᠤᠯᠤᠭᠰᠠᠨ ᠪᠣᠯ ᠪᠣᠯᠴᠢᠬᠠᠬᠤ ᠪᠢᠰᠢ ᠦᠦ ︖

9.ᠮᠢᠨᠦ ᠯᠠᠪᠯᠠᠭᠰᠠᠨ ᠢᠶᠠᠷ ᠰᠣᠯᠤᠩᠭᠤᠰ ᠥᠰᠦᠭ ᠪᠣᠯ ᠪᠠᠰᠠ ᠠᠪᠢᠶᠠᠲᠤ ᠥᠰᠦᠭ ᠪᠠᠢᠨ᠎ᠠ᠃ ᠭᠡᠪᠡᠴᠦ Unicode ᠲᠦ ᠰᠣᠯᠤᠩᠭᠤᠰ ᠥᠰᠦᠭ ᠢ ᠪᠦᠷ ᠳᠦᠷᠰᠦ ᠪᠡᠷ ᠣᠷᠤᠭᠤᠯᠤᠭᠠᠳ ᠬᠡᠳᠦᠨ ᠵᠠᠭᠤᠨ ᠣᠷᠤᠨ ᠡᠵᠡᠯᠡᠭᠰᠡᠨ ᠪᠠᠢᠬᠤ ᠳᠤ᠂ ᠮᠠᠨ ᠤ ᠮᠣᠩᠭᠤᠯ ᠥᠰᠦᠭ ᠢ ᠳᠦᠷᠰᠦ ᠪᠡᠷ ᠣᠷᠤᠭᠤᠯᠵᠤ ᠳᠡᠢᠯᠦᠭᠰᠡᠨ ᠥᠬᠡᠢ ᠰᠢᠯᠲᠠᠭᠠᠨ ᠨᠢ ᠶᠠᠭᠤ ᠪᠣᠢ︖

10. ᠰᠢᠪᠡᠭᠡ᠂ ᠲᠣᠳᠤ(ᠠᠮᠢᠳᠤ ᠬᠡᠯᠡ)᠂ ᠮᠠᠨᠵᠤ᠂ ᠠᠯᠢ ᠭᠠᠯᠢ(ᠡᠷᠲᠡᠨ ᠦ ᠬᠡᠯᠡ) ᠵᠡᠷᠭᠡ ᠦᠰᠦᠭ ᠦᠳ ᠢ ᠣᠷᠤᠭᠤᠯᠤᠭᠰᠠᠨ ᠤ ᠦᠨᠳᠦᠰᠦᠯᠡᠯ ᠨᠢ ᠶᠠᠭᠤ ᠪᠤᠢ︖ ᠶᠠᠮᠠᠷ ᠤᠴᠢᠷ ᠠᠴᠠ ᠣᠷᠤᠭᠤᠯᠤᠭᠰᠠᠨ ᠪᠤᠢ︖ ᠡᠨᠡ ᠨᠢ ᠲᠤᠬᠠᠢ ᠶᠢᠨ ᠦᠶ᠎ᠡ ᠳᠦ ᠶᠠᠮᠠᠷ ᠶᠠᠷᠢᠯᠴᠠᠭᠠᠨ᠂ ᠮᠠᠷᠭᠤᠭᠠᠨ᠂ ᠵᠥᠷᠢᠴᠡᠯᠳᠦᠭᠡᠨ ᠢ ᠥᠩᠭᠡᠷᠡᠭᠡᠭᠰᠡᠨ ᠪᠤᠢ ︖

ᠬᠠᠷᠢᠭᠤᠯᠲᠠ(ᠵᠢᠷᠤᠮᠲᠤ)

ᠤᠷᠢᠳᠠᠪᠠᠷ ᠬᠡᠳᠦᠨ ᠲᠤᠰᠭᠠᠢ ᠲᠡᠮᠳᠡᠭ ᠣᠷᠤᠭᠰᠠᠨ ᠢ ᠲᠠᠢᠯᠪᠤᠷᠢᠯᠠᠶ᠎ᠠ᠃ ᠮᠣᠩᠭᠤᠯ ᠪᠢᠴᠢᠭ᠌ ᠦᠨ Unicode ᠪᠠᠷᠢᠮᠵᠢᠶᠠᠨ ᠳᠤ MVS᠂ FVS(Free Variant Selector)1᠂ 2᠂ 3 ᠭᠡᠵᠦ ᠪᠠᠢᠳᠠᠭ᠂ ᠡᠳᠡᠭᠡᠷ ᠦᠨ ᠢᠯᠭᠠᠭ᠎ᠠ ᠭᠡᠪᠡᠯ᠂ MVS ᠭᠡᠳᠡᠭ ᠨᠢ ᠳᠣᠣᠷ᠎ᠠ ᠣᠷᠤᠬᠤ ᠳᠤ ᠪᠠᠨ ᠰᠠᠯᠭᠠᠵᠤ ᠪᠢᠴᠢᠳᠡᠭ《ᠠ᠊᠂ ᠡ᠊》 ᠶᠢᠨ ᠡᠮᠦᠨ᠎ᠡ ᠨᠢ ᠬᠡᠷᠡᠭᠯᠡᠳᠡᠭ ᠲᠤᠰᠭᠠᠢ ᠲᠡᠮᠳᠡᠭ ᠪᠣᠯᠤᠨ᠎ᠠ᠃ ᠲᠡᠭᠦᠨ ᠢ ᠮᠠᠨ ᠤ ᠠᠯᠮᠠᠰ ᠤᠨ ᠣᠷᠤᠭᠤᠯᠬᠤ ᠠᠷᠭ᠎ᠠ ᠳᠤ ᠪᠣᠯ 《Shift-A》 ᠪᠠᠷ ᠣᠷᠤᠭᠤᠯᠳᠠᠭ᠃ ᠮᠠᠨ ᠤ ᠤᠯᠤᠰ ᠤᠨ ᠪᠠᠷᠢᠮᠵᠢᠶ᠎ᠠ ᠳᠤ ᠪᠣᠯ 《︱》 ᠲᠡᠮᠳᠡᠭ ᠢᠶᠡᠷ ᠣᠷᠤᠭᠤᠯᠵᠤ ᠪᠠᠢᠨ᠎ᠠ᠃ 《ᠠ᠊᠂ ᠡ᠊》ᠵᠢ ᠰᠠᠯᠭᠠᠵᠤ ᠪᠢᠴᠢᠬᠦ ᠦᠶ᠎ᠡ ᠳᠦ 《Shift-A》 ᠭᠡᠵᠦ ᠴᠡᠭᠡᠵᠢᠯᠡᠬᠦ ᠳᠦ ᠠᠮᠤᠷ ᠢ ᠪᠤᠳᠤᠵᠤ ᠪᠢᠳᠡ 《Shift-A》 ᠪᠠᠷ ᠣᠷᠤᠭᠤᠯᠬᠤ ᠪᠠᠷ ᠲᠣᠭᠲᠠᠭᠠᠵᠠᠢ᠃

ᠳᠠᠷᠠᠭ᠎ᠠ ᠳᠤ ᠨᠢ NNBSP (Narrow No-Break Space) ᠭᠡᠳᠡᠭ ᠲᠤᠰᠭᠠᠢ ᠲᠡᠮᠳᠡᠭ ᠢ ᠪᠣᠯ ᠲᠡᠢᠨ ᠢᠯᠭᠠᠯ ᠤᠨ ᠳᠠᠭᠠᠪᠤᠷᠢ ᠶᠢᠨ ᠡᠮᠦᠨ᠎ᠡ ᠬᠡᠷᠡᠭᠯᠡᠵᠦ᠂ ᠳᠡᠭᠡᠷᠡᠬᠢ ᠦᠭᠡ ᠪᠡᠨ ᠳᠠᠭᠠᠵᠤ ᠨᠢᠭᠡ ᠪᠦᠲᠦᠨ ᠦᠭᠡ ᠪᠣᠯᠤᠭᠠᠳ ᠮᠥᠷ ᠰᠣᠯᠢᠭᠳᠠᠬᠤ ᠦᠶ᠎ᠡ ᠳᠦ ᠬᠣᠭᠤᠷᠤᠨᠳᠤ ᠪᠠᠨ ᠲᠠᠰᠤᠷᠠᠬᠤ ᠥᠬᠡᠢ ᠪᠠᠢᠬᠤ ᠶᠢ ᠪᠠᠲᠤᠯᠠᠳᠠᠭ᠃ ᠡᠨᠡ ᠲᠡᠮᠳᠡᠭ ᠢ ᠮᠠᠨ ᠤ ᠠᠯᠮᠠᠰ ᠤᠨ ᠣᠷᠤᠭᠤᠯᠬᠤ ᠠᠷᠭ᠎ᠠ ᠳᠤ ᠪᠣᠯ 《Shift-S》 ᠪᠠᠷ ᠣᠷᠤᠭᠤᠯᠳᠠᠭ᠃ ᠮᠠᠨ ᠤ ᠤᠯᠤᠰ ᠤᠨ ᠪᠠᠷᠢᠮᠵᠢᠶ᠎ᠠ ᠳᠤ ᠪᠣᠯ《-》ᠲᠡᠮᠳᠡᠭ ᠢᠶᠡᠷ ᠣᠷᠤᠭᠤᠯᠵᠤ ᠪᠠᠢᠨ᠎ᠠ᠃ ᠪᠠᠢᠭᠠᠯᠢ ᠶᠢᠨ ᠰᠢᠨᠵᠢᠯᠡᠬᠦ ᠤᠬᠠᠭᠠᠨ ᠤ ᠮᠣᠩᠭᠤᠯ ᠮᠠᠲ᠋ᠧᠷᠢᠶᠠᠯ ᠢ ᠣᠷᠤᠭᠤᠯᠬᠤ ᠦᠶ᠎ᠡ ᠳᠦ ᠬᠠᠰᠤᠬᠤ ᠲᠡᠮᠳᠡᠭ ᠢ ᠶᠡᠷᠦᠮᠳᠡᠭ ᠵᠠᠷᠤᠳᠠᠭ ᠠᠴᠠ ᠪᠢᠳᠡ 《Shift-S》 ᠪᠠᠷ ᠣᠷᠤᠭᠤᠯᠬᠤ ᠪᠠᠷ ᠲᠣᠭᠲᠠᠭᠠᠵᠠᠢ᠃

ᠬᠠᠮᠤᠭ ᠰᠡᠭᠦᠯ ᠳᠦ ᠨᠢ FVS1᠂ 2᠂ 3 ᠭᠡᠳᠡᠭ ᠨᠢ ᠶᠠᠭ ᠮᠣᠩᠭᠤᠯ ᠬᠡᠯᠡᠨ ᠦ ᠨᠢᠭᠡ ᠠᠪᠢᠶ᠎ᠠ ᠶᠢ ᠲᠡᠮᠳᠡᠭᠯᠡᠭᠰᠡᠨ ᠦᠰᠦᠭ ᠦᠨ ᠦᠭᠡ ᠶᠢᠨ ᠡᠬᠢᠨ ᠂ ᠳᠤᠮᠳᠠ᠂ ᠠᠳᠠᠭ ᠲᠤ ᠣᠷᠤᠭᠰᠠᠨ ᠤ ᠰᠡᠭᠦᠯᠡᠷ ᠬᠤᠪᠢᠷᠠᠯᠲᠠ ᠪᠠᠢᠬᠤ ᠦᠭᠡᠢ ᠪᠣᠯ ᠲᠡᠷᠡ ᠠᠪᠢᠶᠠᠨ ᠤ ᠣᠭ ᠺᠣᠳ᠋ ᠢᠶᠠᠷ ᠢᠶᠠᠨ ᠪᠣᠯᠴᠢᠬᠠᠳᠠᠭ᠃ ᠭᠡᠲᠡᠯ᠎ᠡ᠂ ᠵᠢᠱᠢᠶᠡᠯᠡᠪᠡᠯ ᠳᠡᠭᠡᠷ᠎ᠡ ᠣᠷᠤᠬᠤ ᠳᠦᠷᠰᠦ ᠨᠢ ᠬᠣᠶᠠᠳᠤᠭᠠᠷ ᠬᠤᠪᠢᠷᠠᠯᠲᠠ ᠪᠠᠢᠨ᠎ᠠ ᠭᠡᠪᠡᠯ FVS1 ᠶᠢ ᠬᠡᠷᠡᠭᠯᠡᠨ᠎ᠡ᠃ ᠭᠤᠷᠪᠠᠳᠤᠭᠠᠷ ᠬᠤᠪᠢᠷᠠᠯᠲᠠ ᠪᠠᠢᠨ᠎ᠠ ᠭᠡᠪᠡᠯ FVS2 ᠶᠢ ᠬᠡᠷᠡᠭᠯᠡᠨ᠎ᠡ᠃ ᠳᠥᠷᠪᠡᠳᠦᠭᠡᠷ ᠬᠤᠪᠢᠷᠠᠯᠲᠠ ᠪᠠᠢᠨ᠎ᠠ ᠭᠡᠪᠡᠯ FVS3 ᠶᠢ ᠬᠡᠷᠡᠭᠯᠡᠨ᠎ᠡ ᠭᠡᠬᠦ ᠮᠠᠶᠢᠭ ᠢᠶᠠᠷ ᠲᠣᠭᠲᠠᠭᠠᠭᠰᠠᠨ ᠪᠠᠢᠨ᠎ᠠ᠃ ᠭᠡᠪᠡᠴᠦ ᠡᠨᠡ ᠨᠢ ᠡᠬᠢᠨ ᠳᠦ ᠪᠡᠨ ᠠᠯᠢ ᠨᠢ ᠬᠣᠶᠠᠳᠤᠭᠠᠷ᠂ ᠠᠯᠢ ᠨᠢ ᠭᠤᠷᠪᠠᠳᠤᠭᠠᠷ ᠭᠡᠳᠡᠭ ᠨᠢ ᠴᠣᠢᠵᠤᠩᠵᠠᠪ ᠪᠠᠭᠰᠢ ᠶᠢᠨ 《蒙古文编码》 ᠳᠣᠲᠤᠷ᠎ᠠ ᠨᠢᠭᠡ ᠬᠡᠰᠡᠭ ᠣᠨᠴᠠᠭᠠᠢᠯᠠᠨ ᠲᠡᠮᠳᠡᠭᠯᠡᠭᠰᠡᠨ ᠪᠣᠯᠪᠠᠴᠤ ᠪᠠᠰᠠ ᠭᠦᠢᠴᠡᠳ ᠪᠤᠰᠤ ᠪᠠᠢᠵᠤ᠂ ᠲᠡᠷᠡ ᠲᠠᠯ᠎ᠠ ᠪᠠᠷ ᠣᠳᠤ ᠳᠤ ᠪᠠᠨ Unicode 9.0 ᠬᠡᠪᠯᠡᠯ ᠳᠡᠭᠡᠷ᠎ᠡ ᠣᠷᠤᠭᠤᠯᠤᠨ᠎ᠠ ᠭᠡᠵᠦ ᠴᠢᠷᠮᠠᠢᠵᠤ ᠪᠠᠢᠬᠤ ᠨᠢ ᠪᠦᠷ FVS1᠂ 2᠂ 3 ᠶᠢ ᠴᠣᠬᠤᠮ ᠠᠯᠢ ᠠᠯᠢ ᠥᠰᠦᠭ ᠲᠦ ᠶᠠᠭᠠᠬᠢᠵᠤ ᠬᠡᠷᠡᠭᠯᠡᠬᠦ ᠲᠤᠬᠠᠢ ᠲᠣᠳᠤᠷᠬᠠᠢ ᠪᠠᠷᠢᠮᠵᠢᠶᠠᠯᠠᠬᠤ ᠭᠡᠵᠦ ᠪᠠᠢᠨ᠎ᠠ᠃ ᠠᠯᠢ ᠦᠶ᠎ᠡ ᠳᠦ ᠨᠢ ᠬᠣᠶᠠᠳᠤᠭᠠᠷ ᠠᠴᠠ ᠬᠣᠢᠰᠢᠬᠢ ᠳᠦᠷᠰᠦ ᠶᠢ ᠬᠡᠯᠡᠨ ᠯᠣᠭᠢᠭ ᠢ ᠬᠡᠷᠡᠭᠯᠡᠵᠦ ᠪᠠᠢᠭᠠᠳ ᠰᠢᠭᠤᠳ ᠭᠠᠷᠭᠠᠬᠤ ᠪᠣᠢ᠂ ᠠᠯᠢ ᠦᠶ᠎ᠡ ᠳᠦ ᠵᠠᠪᠠᠯ ᠡᠨᠡ FVS ᠬᠤᠪᠢᠯᠪᠤᠷᠢ ᠲᠡᠮᠳᠡᠭ ᠢ ᠵᠠᠷᠤᠬᠤ ᠦᠭᠡᠢ ᠪᠣᠯ ᠪᠣᠯᠬᠤ ᠦᠭᠡᠢ ᠪᠤᠢ ᠭᠡᠰᠡᠨ ᠢ Unicode ᠪᠠᠷᠢᠮᠵᠢᠶ᠎ᠠ ᠲᠣᠭᠲᠠᠭᠠᠯ ᠳᠤ ᠨᠡᠮᠡᠵᠦ ᠲᠣᠭᠲᠠᠭᠠᠬᠤ ᠭᠡᠵᠦ ᠪᠠᠢᠨ᠎ᠠ᠃ FVS1᠂ 2᠂ 3 ᠵᠢ ᠮᠠᠨ ᠤ ᠠᠯᠮᠠᠰ ᠤᠨ ᠣᠷᠤᠭᠤᠯᠬᠤ ᠠᠷᠭ᠎ᠠ ᠳᠤ ᠪᠣᠯ 《Shift-D》᠂ 《Shift-F》᠂ 《Shift-G》 ᠵᠡᠷᠭᠡ ᠳᠠᠷᠠᠭᠠᠯᠠᠭᠰᠠᠨ ᠳᠠᠷᠤᠭᠤᠯ ᠢᠶᠠᠷ ᠣᠷᠤᠭᠤᠯᠳᠠᠭ᠃ ᠮᠠᠨ ᠤ ᠤᠯᠤᠰ ᠤᠨ ᠪᠠᠷᠢᠮᠵᠢᠶ᠎ᠠ ᠳᠤ ᠪᠣᠯ《'》᠂ 《"》᠂ 《`》ᠭᠤᠷᠪᠠᠨ ᠲᠡᠮᠳᠡᠭ ᠢᠶᠡᠷ ᠣᠷᠤᠭᠤᠯᠵᠤ ᠪᠠᠢᠨ᠎ᠠ᠃ ᠮᠣᠩᠭᠤᠯ ᠪᠢᠴᠢᠭ᠌ ᠰᠢᠢᠳᠪᠦᠷᠢᠯᠡᠬᠦ ᠰᠣᠹᠲ ᠫᠷᠤᠭ᠍ᠷᠠᠮ ᠪᠢᠴᠢᠬᠦ ᠳᠦ ᠳᠠᠩ ᠬᠠᠰᠢᠯᠲᠠ᠂ ᠳᠠᠪᠬᠤᠷ ᠬᠠᠰᠢᠯᠲᠠ ᠵᠢ ᠶᠡᠷᠦᠮᠳᠡᠭ ᠵᠠᠷᠤᠳᠠᠭ ᠠᠴᠠ ᠪᠢᠳᠡ 《Shift-D》᠂ 《Shift-F》᠂ 《Shift-G》 ᠪᠠᠷ ᠣᠷᠤᠭᠤᠯᠬᠤ ᠪᠠᠷ ᠲᠣᠭᠲᠠᠭᠠᠵᠠᠢ᠃ ᠡᠳᠡᠭᠡᠷ ᠨᠢ ᠴᠡᠭᠡᠵᠢᠯᠡᠬᠦ ᠳᠦ ᠪᠠᠰᠠ ᠠᠮᠠᠷᠬᠠᠨ ᠬᠡᠷᠡᠭᠯᠡᠬᠦ ᠳᠦ ᠳᠥᠭᠦᠮ ᠰᠠᠢᠨ ᠳᠠᠢ ᠲᠠᠯ᠎ᠠ ᠪᠠᠢᠬᠤ ᠶᠢ ᠬᠡᠷᠡᠭᠯᠡᠭᠡ ᠶᠢᠨ ᠳᠤᠮᠳᠠ ᠰᠠᠢᠨ ᠮᠡᠳᠡᠬᠦ ᠪᠠᠢᠬ᠎ᠠ᠃ ᠪᠠᠰᠠ ᠮᠠᠨ ᠤ 《ᠰᠡᠴᠡᠨ ᠪᠢᠷ》 ᠣᠷᠤᠭᠤᠯᠬᠤ ᠠᠷᠭ᠎ᠠ ᠳᠤ ᠡᠳᠡᠭᠡᠷ ᠲᠤᠰᠭᠠᠢ ᠲᠡᠮᠳᠡᠭ ᠦᠳ ᠢ ᠣᠨᠴᠠᠭᠠᠢᠯᠠᠨ ᠬᠡᠷᠡᠭᠯᠡᠬᠦ ᠥᠬᠡᠢ ᠪᠡᠷ ᠥᠰᠦᠭ ᠣᠷᠤᠭᠤᠯᠵᠤ ᠳᠡᠢᠯᠬᠦ ᠪᠡᠷ ᠬᠢᠭᠰᠡᠨ ᠪᠠᠢᠨ᠎ᠠ᠃

ᠳᠠᠷᠠᠭ᠎ᠠ ᠳᠤ ᠨᠢ ᠲᠡᠷᠡ ᠦᠶ᠎ᠡ ᠶᠢᠨ 256 ᠭᠡᠳᠡᠭ ᠲᠣᠭ᠎ᠠ ᠨᠢ ᠶᠠᠭᠠᠬᠢᠵᠤ ᠭᠠᠷᠴᠤ ᠢᠷᠡᠭᠰᠡᠨ ᠢ ᠪᠢᠳᠡ ᠪᠠᠰᠠ ᠲᠣᠳᠤᠷᠬᠠᠢ ᠮᠡᠳᠡᠬᠦ ᠦᠭᠡᠢ᠃ ᠪᠢᠳᠡ ᠡᠨᠡ ᠲᠤᠬᠠᠢ ᠬᠤᠷᠠᠯ ᠢ ᠬᠢᠵᠦ ᠪᠠᠢᠭ᠎ᠠ ᠦᠶ᠎ᠡ ᠳᠦ Unicode ᠦᠨ ᠲᠠᠯ᠎ᠠ ᠠᠴᠠ ᠣᠯᠤᠭᠰᠠᠨ ᠴᠢᠮᠡᠭᠡ ᠭᠡᠵᠦ ᠬᠡᠯᠡᠵᠦ ᠪᠣᠯᠤᠨ᠎ᠠ᠃ ᠲᠡᠷᠡ ᠦᠶ᠎ᠡ ᠳᠦ ᠡᠢᠮᠦᠷᠬᠦ ᠴᠢᠮᠡᠭᠡ ᠶᠢ ᠪᠢᠳᠡ ᠥᠪᠡᠰᠦᠪᠡᠨ ᠣᠯᠵᠤ ᠳᠡᠢᠯᠬᠦ ᠦᠭᠡᠢ᠃ ᠢᠨᠲ᠋ᠧᠷᠨᠧᠲ ᠵᠡᠷᠭᠡ ᠪᠠᠰᠠ ᠪᠠᠢᠭᠰᠠᠨ ᠦᠭᠡᠢ ᠤᠴᠢᠷ ᠠᠴᠠ ᠵᠥᠪᠬᠡᠨ ᠮᠠᠨ ᠤ ᠤᠯᠤᠰ ᠤᠨ 《信息标准化委员会》 ᠳᠥᠬᠦᠮᠴᠢᠯᠡᠭᠡᠳ 《信标委》 ᠭᠡᠳᠡᠭ ᠭᠠᠵᠠᠷ ᠤᠨ ᠬᠥᠮᠦᠰ ᠬᠤᠷᠠᠯ ᠳᠤ ᠨᠢ ᠣᠷᠤᠯᠴᠠᠵᠤ᠂ Unicode ᠦᠨ ᠡᠷᠳᠡᠮᠲᠡᠳ ᠲᠡᠢ ᠶᠠᠷᠢᠯᠴᠠᠵᠤ ᠪᠠᠢᠭᠠᠳ ᠰᠣᠨᠤᠰᠴᠤ ᠢᠷᠡᠭᠰᠡᠨ ᠪᠠᠢᠬ᠎ᠠ ᠭᠡᠵᠦ ᠪᠣᠳᠤᠨ᠎ᠠ᠃ ᠲᠠᠬᠢᠨ ᠪᠠᠰᠠ Unicode ᠤᠨ ᠭᠠᠷᠭᠠᠭᠰᠠᠨ ᠡᠯ᠎ᠡ ᠵᠦᠢᠯ ᠦᠨ ᠮᠠᠲ᠋ᠧᠷᠢᠶᠠᠯ ᠢ ᠠᠪᠴᠢᠷᠠᠭᠠᠳ ᠤᠯᠤᠰ ᠤᠨ ᠳᠣᠲᠤᠷ᠎ᠠ ᠪᠠᠨ ᠣᠷᠴᠢᠭᠤᠯᠬᠤ ᠪᠤᠶᠤ ᠣᠢᠯᠠᠭᠠᠭᠠᠳ ᠮᠠᠨ ᠳᠤ ᠳᠠᠮᠵᠢᠭᠤᠯᠵᠤ ᠪᠠᠢᠭᠰᠠᠨ ᠶᠤᠮ᠃ ᠲᠡᠢᠮᠦ ᠡᠴᠡ ᠲᠡᠷᠡ ᠦᠶ᠎ᠡ ᠳᠦ 《信标委》 ᠶᠢᠨ ᠬᠢᠲᠠᠳ ᠬᠥᠮᠦᠰ ᠡᠴᠡ ᠮᠠᠨ ᠤ ᠮᠣᠩᠭᠤᠯ ᠦᠰᠦᠭ ᠪᠢᠴᠢᠭ᠌ ᠢ ᠶᠠᠭᠠᠬᠢᠵᠤ ᠣᠷᠤᠭᠤᠯᠬᠤ ᠲᠤᠬᠠᠢ ᠪᠡᠭᠡᠵᠢᠩ ᠡᠴᠡ ᠵᠢᠭᠠᠪᠤᠷᠢ ᠭᠠᠷᠭᠠᠵᠤ᠂ ᠡᠰᠡᠬᠦᠯ᠎ᠡ ᠮᠠᠨ ᠤ ᠬᠤᠷᠠᠯ ᠳᠤ ᠪᠡᠶ᠎ᠡ ᠪᠡᠷ ᠢᠷᠡᠵᠦ ᠵᠢᠯᠤᠭᠤᠳᠤᠨ ᠰᠤᠳᠤᠯᠵᠤ ᠪᠠᠢᠭᠰᠠᠨ ᠶᠤᠮ᠃ ᠲᠡᠢᠮᠦ ᠡᠴᠡ ᠮᠣᠩᠭᠤᠯᠴᠤᠳ ᠡᠭᠦᠨ ᠢ ᠪᠡᠨ ᠶᠠᠭᠠᠬᠢᠵᠤ ᠣᠷᠤᠭᠤᠯᠬᠤ ᠶᠢ ᠶᠠᠷᠢᠯᠴᠠᠨ᠎ᠠ ᠭᠡᠪᠡᠯ ᠠᠩᠭ᠍ᠯᠢ ᠪᠠᠷ ᠰᠢᠭᠤᠳ Unicode ᠤᠨ ᠡᠷᠳᠡᠮᠲᠡᠳ ᠲᠦ ᠵᠠᠬᠢᠳᠠᠯ ᠪᠢᠴᠢᠵᠦ᠂ ᠴᠢᠯᠦᠭᠡ ᠲᠡᠢ ᠬᠠᠷᠢᠴᠠᠵᠤ ᠳᠡᠢᠯᠬᠦ ᠦᠭᠡᠢ ᠪᠠᠢᠵᠠᠢ᠃ ᠥᠪᠡᠷᠰᠡᠳ ᠦᠨ ᠰᠠᠨᠠᠯ ᠢᠶᠠᠨ ᠬᠢᠲᠠᠳ ᠢᠶᠠᠷ ᠪᠢᠴᠢᠭᠡᠳ ᠣᠷᠴᠢᠭᠤᠯᠵᠤ ᠶᠠᠪᠤᠭᠤᠯᠵᠤ ᠪᠠᠢᠭᠰᠠᠨ᠃ ᠲᠡᠷᠡ ᠦᠶ᠎ᠡ ᠳᠦ ᠢᠮᠧᠯ ᠪᠠᠰᠠ ᠪᠠᠢᠬᠤ ᠦᠭᠡᠢ᠂ ᠵᠥᠪᠬᠡᠨ ᠥᠪᠡᠷᠰᠡᠳ ᠦᠨ ᠬᠢᠲᠠᠳ ᠢᠶᠠᠷ ᠪᠢᠴᠢᠭᠰᠡᠨ ᠶᠠᠭᠤᠮ᠎ᠠ ᠪᠠᠨ ᠪᠡᠭᠡᠵᠢᠩ ᠳᠦ ᠶᠠᠪᠤᠭᠤᠯᠤᠨ᠂ ᠲᠠᠬᠢᠨ ᠪᠡᠭᠡᠵᠢᠩ ᠳᠡᠬᠢ ᠬᠥᠮᠦᠰ ᠠᠩᠭ᠍ᠯᠢ ᠪᠠᠷ ᠣᠷᠴᠢᠭᠤᠯᠤᠨ UTC ᠶᠢᠨ ᠡᠷᠳᠡᠮᠲᠡᠳ ᠲᠦ ᠶᠠᠪᠤᠭᠤᠯᠬᠤ ᠪᠤᠶᠤ ᠥᠪᠡᠷᠰᠡᠳ ᠢᠶᠡᠷ ᠢᠶᠡᠨ ᠣᠷᠴᠢᠭᠤᠯᠤᠭᠠᠳ ᠪᠡᠭᠡᠵᠢᠩ ᠢᠶᠡᠷ ᠳᠠᠮᠵᠢᠨ ᠶᠠᠪᠤᠭᠤᠯᠵᠤ ᠪᠠᠢᠭᠰᠠᠨ ᠶᠤᠮ᠃ ᠭᠡᠬᠦ ᠳᠦ ᠪᠡᠨ ᠨᠢᠭᠡ ᠵᠢᠯ᠂ ᠬᠣᠶᠠᠷ ᠵᠢᠯ᠂ ᠭᠤᠷᠪᠠᠨ ᠵᠢᠯ ᠭᠡᠬᠦ ᠮᠡᠲᠦ ᠪᠡᠷ ᠰᠤᠨᠵᠢᠷᠠᠨ ᠶᠠᠷᠢᠯᠴᠠᠵᠤ ᠪᠠᠢᠭᠰᠠᠨ ᠶᠤᠮ᠃

ᠡᠢᠮᠦ ᠣᠴᠢᠷ ᠡᠴᠡ ᠮᠠᠨ ᠤ ᠲᠡᠷᠡ ᠦᠶ᠎ᠡ ᠳᠦ ᠣᠯᠤᠭᠰᠠᠨ ᠴᠢᠮᠡᠭᠡ ᠪᠣᠯ ᠤᠯᠠᠨ ᠢᠶᠠᠷ ᠢᠶᠠᠨ ᠡᠨᠡ ᠨᠢᠭᠡ ᠭᠠᠵᠠᠷ ᠳᠡᠪᠢᠰᠭᠡᠷ ᠢ ᠪᠤᠯᠢᠶᠠᠯᠳᠤᠭᠠᠳ᠂ ᠮᠠᠨ ᠤ ᠮᠣᠩᠭᠤᠯ ᠪᠢᠴᠢᠭ᠌ ᠲᠤ ᠨᠢᠭᠡ Block ᠦᠯᠡᠳᠡᠭᠡᠵᠦ ᠥᠭᠴᠡᠢ ᠭᠡᠬᠦ ᠮᠡᠲᠦ ᠶᠢᠨ ᠬᠡᠰᠡᠭ ᠪᠣᠰᠠᠭ ᠴᠢᠮᠡᠭᠡ ᠯᠡ ᠪᠠᠢᠯ᠎ᠠ᠃ ᠨᠢᠭᠡ Block ᠭᠡᠳᠡᠭ ᠪᠣᠯ 256 ᠣᠷᠤᠨ ᠲᠠᠢ᠃ ᠡᠨᠡ ᠨᠢ ᠪᠠᠷᠤᠭ ᠮᠣᠩᠭᠤᠯ ᠪᠢᠴᠢᠭ᠌ ᠲᠦ 256 ᠣᠷᠤ ᠦᠯᠡᠳᠡᠭᠡᠭᠡᠳ ᠮᠣᠩᠭᠤᠯ ᠤᠨ ᠪᠠᠷᠢᠮᠵᠢᠶ᠎ᠠ ᠶᠢ ᠲᠣᠭᠲᠠᠭᠠᠬᠤ ᠠᠴᠠ ᠡᠮᠦᠨ᠎ᠡ ᠡᠨᠡ ᠣᠷᠤᠨ ᠢ ᠬᠡᠷᠡᠭᠯᠡᠵᠦ ᠪᠣᠯᠬᠤ ᠦᠭᠡᠢ ᠭᠡᠰᠡᠨ ᠪᠠᠢᠬ᠎ᠠ ᠭᠡᠵᠦ ᠪᠣᠳᠤᠨ᠎ᠠ᠃ ᠮᠠᠨ ᠤ ᠮᠣᠩᠭᠤᠯ ᠦᠰᠦᠭ ᠪᠢᠴᠢᠭ᠌ ᠦᠨ ᠪᠠᠷᠢᠮᠵᠢᠶ᠎ᠠ ᠳᠤ ᠪᠣᠯ ᠲᠤᠬᠠᠢ ᠶᠢᠨ ᠦᠶ᠎ᠡ ᠳᠦ ᠭᠠᠭᠴᠠᠬᠠᠨ ᠮᠣᠩᠭᠤᠯ ᠭᠡᠳ ᠪᠠᠰᠠ ᠪᠣᠯᠬᠤ ᠪᠢᠰᠢ᠂ ᠭᠣᠣᠯᠳᠠᠭᠤ ᠮᠠᠨ ᠤ ᠤᠯᠤᠰ ᠤᠨ ᠳᠦᠷᠦ ᠶᠢᠨ ᠪᠣᠳᠤᠯᠭ᠎ᠠ ᠶᠢᠨ ᠶᠣᠰᠤᠭᠠᠷ ᠡᠯ᠎ᠡ ᠴᠥᠭᠡᠨ ᠲᠣᠭᠠᠲᠤ ᠦᠨᠳᠦᠰᠦᠲᠡᠨ᠂ ᠬᠡᠳᠦᠢᠪᠡᠷ ᠰᠢᠪᠡᠭᠡ᠂ ᠮᠠᠨᠵᠤ ᠦᠨᠳᠦᠰᠦᠲᠡᠨ ᠬᠥᠮᠦᠨ ᠦ ᠲᠣᠭ᠎ᠠ ᠪᠠᠷ ᠪᠠᠭ᠎ᠠ ᠪᠣᠯᠪᠠᠴᠤ ᠥᠪᠡᠰᠦᠪᠡᠨ ᠦᠰᠦᠭ ᠪᠢᠴᠢᠭ᠌ ᠲᠡᠢ᠂ ᠡᠳᠡᠭᠡᠷ ᠦᠰᠦᠭ ᠪᠢᠴᠢᠭ᠌ ᠢ ᠨᠢ ᠮᠣᠩᠭᠤᠯ ᠥᠰᠦᠭ ᠳᠠᠢ ᠬᠠᠮᠲᠤ  ᠣᠷᠤᠭᠤᠯᠵᠤ ᠥᠭᠭᠦᠨ᠎ᠡ ᠭᠡᠳ ᠴᠢᠷᠮᠠᠢᠭᠰᠠᠨ ᠨᠢ ᠮᠠᠨ ᠤ ᠤᠯᠤᠰ ᠤᠨ 《国家民委》 ᠪᠠᠢᠨ᠎ᠠ᠃ ᠠᠯᠢ ᠭᠠᠯᠢ ᠥᠰᠦᠭ ᠪᠣᠯ ᠬᠠᠮᠤᠭ ᠰᠡᠭᠦᠯ ᠳᠦ ᠨᠢ ᠭᠠᠷᠴᠤ ᠢᠷᠡᠭᠰᠡᠨ᠃ ᠠᠪᠢᠶ᠎ᠠ ᠪᠠᠷ ᠣᠷᠤᠭᠤᠯᠬᠤ ᠪᠠᠷ ᠲᠣᠭᠲᠠᠴᠢᠬᠠᠭᠰᠠᠨ ᠤ ᠳᠠᠷᠠᠭ᠎ᠠ ᠮᠠᠨ ᠤ ᠮᠣᠩᠭᠤᠯ ᠤᠨ 256 ᠣᠷᠤᠨ ᠪᠠᠢᠬᠤ ᠶᠤᠮ ᠴᠢᠨᠢ᠂ ᠬᠡᠳᠦᠢᠪᠡᠷ ᠡᠷᠲᠡᠨ ᠦ ᠬᠡᠯᠡ ᠪᠣᠯᠪᠠᠴᠤ ᠣᠷᠤᠭᠤᠯᠴᠢᠬᠠᠶ᠎ᠠ ᠭᠡᠵᠡᠢ᠃ ᠶᠠᠭ ᠦᠨᠡᠨ ᠳᠦ ᠪᠡᠨ BMP ᠳᠦ ᠪᠣᠯ ᠵᠠᠪᠠᠯ ᠠᠮᠢᠳᠤ ᠬᠡᠯᠡ ᠶᠢ ᠣᠷᠤᠭᠤᠯᠬᠤ ᠬᠡᠷᠡᠭᠲᠡᠢ ᠭᠡᠵᠦ ᠪᠠᠢᠭᠰᠠᠨ ᠃ ᠮᠠᠨ ᠤ ᠠᠯᠢ ᠭᠠᠯᠢ ᠥᠰᠦᠭ ᠪᠠᠰᠠ BMP ᠳᠤ ᠣᠷᠤᠭᠰᠠᠨ ᠨᠢ ᠦᠨᠡᠨ ᠳᠦ ᠪᠡᠨ ᠲᠠᠭᠠᠷᠠᠬᠤ ᠦᠭᠡᠢ ᠶᠠᠪᠤᠳᠠᠯ ᠭᠡᠵᠦ ᠪᠢ ᠦᠵᠡᠨ᠎ᠡ᠃ Unicode ᠲᠦ ᠣᠳᠤ ᠪᠣᠯ BMP ᠠᠴᠠ ᠪᠠᠨ ᠨᠡᠮᠡᠭᠳᠡᠭᠡᠳ Supplementary Plane ᠭᠡᠵᠦ ᠭᠠᠷᠴᠤ ᠢᠷᠡᠭᠡᠳ ᠡᠯ᠎ᠡ ᠬᠡᠯᠡᠨ ᠦ ᠡᠷᠲᠡᠨ ᠦ ᠥᠰᠦᠭ ᠪᠢᠴᠢᠭ᠌ ᠢ ᠣᠷᠤᠭᠤᠯᠵᠤ ᠪᠠᠢᠨ᠎ᠠ᠃ ᠲᠡᠢᠮᠦ ᠡᠴᠡ ᠠᠯᠢ ᠭᠠᠯᠢ ᠥᠰᠦᠭ ᠢ ᠰᠠᠯᠭᠠᠵᠤ ᠣᠷᠤᠭᠤᠯᠤᠭᠰᠠᠨ ᠪᠣᠯ ᠰᠠᠢᠨ ᠪᠠᠢᠭᠰᠠᠨ ᠭᠡᠵᠦ ᠴᠦ ᠪᠣᠳᠤᠨ᠎ᠠ᠃ BMP ᠲᠤ ᠣᠳᠤ ᠶᠢᠨ ᠬᠥᠮᠦᠰ ᠮᠡᠳᠡᠬᠦ ᠦᠭᠡᠢ ᠶᠠᠭᠤᠮ᠎ᠠ ᠶᠢ ᠣᠷᠤᠭᠤᠯᠴᠢᠬᠠᠭᠠᠳ᠂ ᠰᠢᠰᠲ᠋ᠧᠮ ᠬᠢᠬᠦ ᠳᠦ ᠬᠦᠴᠢᠷᠳᠡᠭᠡᠳ ᠬᠠᠷᠰᠢ ᠰᠠᠭᠠᠳ ᠪᠣᠯᠵᠤ ᠪᠠᠢᠬᠤ ᠨᠢ ᠴᠤ ᠦᠨᠡᠨ ᠪᠠᠢᠨ᠎ᠠ᠃ ᠲᠡᠢᠮᠦ ᠪᠢᠰᠢ ᠪᠣᠯ ᠮᠠᠨ ᠤ ᠺᠣᠮᠫᠢᠦ᠋ᠲ᠋ᠧᠷ ᠰᠤᠳᠤᠯᠳᠠᠭ ᠮᠣᠩᠭᠤᠯᠴᠤᠳ ᠡᠨᠡ ᠬᠡᠳᠦᠨ ᠠᠮᠢᠳᠤ ᠬᠡᠯᠡ ᠶᠢ ᠺᠣᠮᠫᠢᠦ᠋ᠲ᠋ᠧᠷ ᠲᠦ ᠣᠷᠤᠭᠤᠯᠤᠨ᠎ᠠ ᠭᠡᠪᠡᠯ ᠪᠠᠰᠠ ᠲᠡᠢᠮᠦ ᠬᠦᠴᠢᠷ ᠠᠰᠠᠭᠤᠳᠠᠯ ᠪᠢᠰᠢ᠃ ᠡᠨᠡ ᠠᠯᠢ ᠭᠠᠯᠢ ᠥᠰᠦᠭ ᠢ ᠣᠯᠠᠩᠬᠢ ᠬᠥᠮᠦᠰ ᠮᠡᠳᠡᠬᠦ ᠦᠭᠡᠢ᠃ ᠠᠯᠢ ᠭᠠᠯᠢ ᠥᠰᠦᠭ ᠢ ᠰᠠᠢᠨ ᠮᠡᠳᠡᠳᠡᠭ ᠨᠢ ᠬᠣᠶᠠᠷ ᠭᠤᠷᠪᠠᠨ ᠬᠥᠮᠦᠨ ᠡᠴᠡ ᠬᠡᠲᠦᠷᠡᠬᠦ ᠦᠭᠡᠢ᠃ ᠳᠠᠷᠤᠢ᠂ ᠴᠣᠢᠵᠤᠩᠵᠠᠪ ᠪᠠᠭᠰᠢ᠂ 《ᠨᠡᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ》 (社会科学院) ᠦᠨ ᠱᠣᠩᠬᠤᠷ ᠪᠠᠭᠰᠢ᠂ ᠪᠠᠲᠤ ᠪᠠᠭᠰᠢ ᠵᠡᠷᠭᠡ ᠪᠣᠯᠤᠨ᠎ᠠ᠃ ᠠᠩᠬ᠎ᠠ ᠡᠬᠢᠨ ᠳᠦ ᠪᠡᠨ ᠴᠣᠢᠵᠤᠩᠵᠠᠪ ᠪᠠᠭᠰᠢ᠂ ᠱᠣᠩᠬᠤᠷ ᠪᠠᠭᠰᠢ ᠲᠠᠢ ᠶᠠᠷᠢᠯᠴᠠᠨ ᠣᠷᠤᠭᠤᠯᠤᠭᠰᠠᠨ ᠭᠡᠵᠦ ᠰᠣᠨᠤᠰᠪᠠ᠃ ᠬᠣᠵᠢᠮ ᠨᠢ ᠪᠢᠳᠡ ᠪᠠᠰᠠ ᠡᠨᠡ ᠠᠯᠢ ᠭᠠᠯᠢ ᠥᠰᠦᠭ ᠢ ᠣᠷᠤᠭᠤᠯᠤᠶ᠎ᠠ ᠭᠡᠳ ᠡᠳᠡᠭᠡᠷ ᠪᠠᠭᠰᠢ ᠨᠠᠷ ᠢ ᠡᠷᠢᠨ ᠶᠠᠷᠢᠯᠴᠠᠵᠤ ᠥᠩᠭᠡᠷᠡᠭᠰᠡᠨ ᠶᠤᠮ᠃ ᠬᠡᠳᠦᠢᠪᠡᠷ ᠴᠣᠢᠵᠤᠩᠵᠠᠪ ᠪᠠᠭᠰᠢ ᠪᠠᠷ ᠳᠡᠮᠡᠢ ᠰᠠᠢᠬᠠᠨ ᠵᠢᠭᠠᠯᠭᠠᠵᠤ ᠴᠢᠳᠠᠭᠰᠠᠨ ᠥᠬᠡᠢ ᠪᠣᠯᠪᠠᠴᠤ ᠱᠣᠩᠬᠤᠷ ᠪᠠᠭᠰᠢ ᠪᠠ ᠪᠠᠲᠤ ᠪᠠᠭᠰᠢ ᠨᠠᠳᠠᠳᠤ ᠰᠠᠢᠬᠠᠨ ᠵᠢᠭᠠᠵᠤ ᠥᠭᠭᠦᠭᠰᠡᠨ ᠪᠥᠭᠡᠳ ᠰᠢᠯᠭᠠᠵᠤ ᠥᠭᠭᠦᠭᠰᠡᠨ ᠶᠤᠮ᠃ ᠪᠢᠳᠡ ᠥᠪᠡᠷᠰᠡᠳ ᠢᠶᠡᠨ ᠳᠡᠮᠡᠢ ᠰᠠᠢᠨ ᠮᠡᠳᠡᠬᠦ ᠥᠬᠡᠢ ᠣᠴᠢᠷ ᠠᠴᠠ ᠮᠠᠨ ᠤ ᠬᠢᠭᠰᠡᠨ ᠹᠣᠨᠲ ᠤᠨ ᠠᠯᠢ ᠭᠠᠯᠢ ᠶᠢᠨ ᠬᠡᠰᠡᠭ ᠲᠦ ᠪᠠᠰᠠ ᠡᠢᠮᠦ ᠲᠡᠢᠮᠦ ᠠᠯᠳᠠᠭ᠎ᠠ ᠳᠤᠲᠠᠭᠳᠠᠯ ᠪᠠᠢᠵᠤ ᠴᠤ ᠮᠡᠳᠡᠨ᠎ᠡ᠃

ᠶᠠᠭ ᠶᠣᠰᠤᠨ ᠳᠤ ᠪᠠᠨ ᠠᠯᠢ ᠭᠠᠯᠢ ᠥᠰᠦᠭ ᠦᠳ ᠢ Unicode ᠪᠠᠷᠢᠮᠵᠢᠶ᠎ᠠ ᠳᠤ ᠣᠨᠴᠠᠭᠠᠢ ᠰᠠᠯᠭᠠᠵᠤ ᠲᠠᠯᠪᠢᠭᠰᠠᠨ ᠪᠣᠯ ᠲᠠᠭᠠᠷᠠᠨ᠎ᠠ ᠭᠡᠵᠦ ᠪᠤᠳᠤᠵᠤ ᠪᠠᠢᠨ᠎ᠠ᠃ ᠪᠢᠳᠡ ᠪᠠᠰᠠ ᠮᠣᠩᠭᠤᠯ ᠹᠣᠨᠲ ᠬᠢᠬᠦ ᠳᠦ ᠪᠡᠨ ᠬᠣᠶᠠᠷ ᠵᠦᠢᠯ ᠦᠨ ᠹᠣᠨᠲ ᠬᠢᠭᠰᠡᠨ ᠪᠠᠢᠨ᠎ᠠ᠃ ᠨᠢᠭᠡ ᠨᠢ᠂ ᠭᠠᠭᠴᠠᠬᠠᠨ ᠮᠣᠩᠭᠤᠯ ᠥᠰᠦᠭ ᠳᠠᠢ ᠹᠣᠨᠲ ᠪᠠᠢᠵᠤ᠂ ᠨᠥᠭᠦᠭᠡ ᠨᠢ ᠮᠣᠩᠭᠤᠯ᠂ ᠲᠣᠳᠤ᠂ ᠰᠢᠪᠡᠭᠡ᠂ ᠮᠠᠨᠵᠤ᠂ ᠠᠯᠢ ᠭᠠᠯᠢ ᠶᠢ ᠣᠷᠤᠭᠤᠯᠤᠭᠰᠠᠨ Universal ᠮᠣᠩᠭᠤᠯ ᠹᠣᠨᠲ ᠪᠣᠯᠤᠨ᠎ᠠ᠃ ᠲᠡᠭᠡᠪᠡᠯ Unicode ᠲᠦ UTC ᠳᠡᠬᠢ ᠡᠷᠳᠡᠮᠲᠡᠳ ᠲᠡᠢ ᠶᠠᠷᠢᠯᠴᠠᠬᠤ ᠦᠶᠡᠰ ᠮᠠᠨ ᠤ ᠮᠣᠩᠭᠤᠯᠴᠤᠳ᠂ ᠣᠨᠴᠠᠭᠠᠢᠯᠠᠨ ᠥᠪᠦᠷ ᠮᠣᠩᠭᠤᠯᠴᠤᠳ ᠠᠩᠭ᠍ᠯᠢ ᠬᠡᠯᠡ ᠪᠡᠷ ᠶᠠᠷᠢᠯᠴᠠᠵᠤ ᠳᠡᠢᠯᠬᠦ ᠬᠥᠮᠦᠰ ᠲᠡᠢᠮᠦ ᠤᠯᠠᠨ ᠪᠠᠢᠬᠤ ᠦᠭᠡᠢ᠂ ᠺᠣᠮᠫᠢᠦ᠋ᠲ᠋ᠧᠷ ᠦᠨ ᠪᠠ ᠮᠣᠩᠭᠤᠯ ᠥᠰᠦᠭ ᠪᠢᠴᠢᠭ᠌ ᠦᠨ ᠬᠠᠮᠢᠶ᠎ᠠ ᠪᠦᠬᠦᠢ ᠲᠤᠰᠭᠠᠢ ᠮᠡᠷᠭᠡᠵᠢᠯ ᠢ ᠰᠤᠷᠤᠯᠴᠠᠭᠰᠠᠨ ᠬᠥᠮᠦᠰ ᠪᠠᠰᠠ ᠲᠡᠢᠮᠦ ᠤᠯᠠᠨ ᠪᠠᠢᠭᠰᠠᠨ ᠦᠭᠡᠢ᠃ ᠮᠢᠨᠦ ᠮᠡᠳᠡᠵᠦ ᠪᠠᠢᠬᠤ ᠪᠠᠷ ᠶᠡᠷᠡᠭᠡᠳ ᠣᠨ ᠤ ᠦᠶ᠎ᠡ ᠳᠦ ᠠᠷᠪᠠᠭᠠᠳ ᠬᠥᠮᠦᠨ ᠡᠴᠡ ᠬᠡᠲᠦᠷᠡᠬᠦ ᠦᠭᠡᠢ ᠪᠠᠢᠭᠰᠠᠨ ᠶᠤᠮ᠃ ᠡᠭᠦᠨ ᠢ ᠬᠢᠳᠡᠭ ᠡᠳᠡᠭᠡᠷ ᠠᠷᠪᠠᠭᠠᠳ ᠬᠥᠮᠦᠰ ᠨᠢ ᠪᠠᠰᠠ ᠠᠩᠭ᠍ᠯᠢ ᠬᠡᠯᠡᠨ ᠳᠦ ᠪᠡᠨ ᠨᠡᠪᠲᠡᠷᠡᠬᠦ ᠦᠭᠡᠢ ᠪᠠᠢᠵᠤ᠂ ᠣᠷᠴᠢᠭᠤᠯᠤᠭᠴᠢ ᠴᠢᠬᠤᠯᠠᠲᠠᠢ ᠪᠠᠢᠭᠰᠠᠨ᠃ ᠡᠷᠭᠢᠭᠡᠳ ᠪᠠᠰᠠ ᠰᠢᠭᠤᠳ ᠬᠠᠷᠢᠯᠴᠠᠵᠤ ᠳᠡᠢᠯᠬᠦ ᠦᠭᠡᠢ᠂ ᠪᠡᠭᠡᠵᠢᠩ ᠢᠶᠡᠷ ᠳᠠᠮᠵᠢᠬᠤ ᠬᠡᠷᠡᠭᠲᠡᠢ ᠪᠠᠢᠭᠰᠠᠨ ᠶᠤᠮ᠃ ᠡᠢᠮᠦ ᠣᠯᠠᠨ ᠬᠦᠴᠢᠷᠳᠡᠯ ᠦᠨ ᠳᠤᠮᠳᠠ ᠪᠢᠳᠡ ᠪᠠᠰᠠ ᠴᠢᠳᠠᠬᠤ ᠶᠢᠨ ᠬᠢᠷᠢ ᠪᠡᠷ ᠮᠣᠩᠭᠤᠯ ᠦᠰᠦᠭ ᠪᠢᠴᠢᠭ᠌ ᠢᠶᠡᠨ ᠬᠤᠷᠳᠤᠬᠠᠨ ᠳᠡᠯᠡᠬᠡᠢ ᠶᠢᠨ ᠪᠠᠷᠢᠮᠵᠢᠶᠠᠨ ᠳᠤ ᠣᠷᠤᠭᠤᠯᠤᠭᠠᠳ ᠳᠡᠢᠯᠪᠡᠯ ᠮᠠᠨ ᠤ ᠦᠨᠳᠦᠰᠦᠲᠡᠨ ᠦ ᠦᠭᠡ ᠬᠡᠯᠡ ᠦᠰᠦᠭ ᠪᠢᠴᠢᠭ᠌ ᠬᠥᠭᠵᠢᠵᠦ ᠳᠡᠢᠯᠦᠨ᠎ᠡ ᠭᠡᠰᠡᠨ ᠵᠣᠷᠢᠯᠲᠠ ᠪᠠᠷ 92—99 ᠣᠨ ᠬᠦᠷᠲᠡᠯ᠎ᠡ ᠨᠠᠢ᠍ᠮᠠᠨ ᠶᠢᠰᠦᠨ ᠵᠢᠯ ᠰᠢᠬᠠᠮ ᠬᠤᠭᠤᠴᠠᠭ᠎ᠠ ᠬᠡᠷᠡᠭᠯᠡᠨ ᠴᠢᠷᠮᠠᠢᠭᠰᠠᠨ ᠪᠠᠢᠨ᠎ᠠ᠃ ᠡᠭᠦᠨ ᠦ ᠳᠣᠲᠤᠷ᠎ᠠ ᠮᠢᠨᠦ ᠬᠤᠪᠢ ᠬᠥᠮᠦᠨ ᠪᠣᠯ 98 ᠣᠨ ᠳᠤ ᠶᠠᠫᠤᠨ ᠳᠤ ᠭᠠᠷᠴᠤ᠂ ᠰᠡᠭᠦᠯ ᠦᠨ ᠦᠶ᠎ᠡ ᠶᠢᠨ ᠬᠡᠯᠡᠯᠴᠡᠭᠡᠷ ᠋ᠲᠤ ᠣᠷᠤᠯᠴᠠᠵᠤ ᠴᠢᠳᠠᠭᠰᠠᠨ ᠥᠬᠡᠢ ᠶᠤᠮ ᠃

ᠳᠠᠷᠠᠭ᠎ᠠ ᠳᠤ ᠨᠢ ᠲᠤᠭᠤᠯᠭᠠᠠ ᠪᠠᠷ ᠤᠨ ᠳᠦᠷᠰᠦ ᠪᠡᠷ ᠪᠠᠷᠢᠮᠵᠢᠶ᠎ᠠ ᠪᠣᠯᠭᠠᠭᠰᠠᠨ ᠪᠣᠯ ᠬᠡᠳᠦᠢ ᠰᠠᠢᠬᠠᠨ ᠪᠣᠢ ᠭᠡᠰᠡᠨ ᠠᠰᠠᠭᠤᠳᠠᠯ ᠢ ᠬᠠᠷᠢᠭᠤᠯᠤᠶ᠎ᠠ᠃ ᠳᠡᠭᠡᠷ᠎ᠡ ᠮᠢᠨᠦ ᠬᠡᠯᠡᠭᠰᠡᠨ ᠳᠦᠷᠰᠦ ᠪᠡᠷ ᠬᠢᠬᠦ ᠲᠥᠰᠦᠪ ᠭᠡᠪᠡᠯ ᠶᠠᠭ ᠲᠡᠷᠡ ᠲᠤᠭᠤᠯᠭᠠᠠ ᠪᠠᠷ ᠤᠨ ᠳᠦᠷᠰᠦ ᠵᠢ ᠵᠢᠭᠠᠵᠤ ᠪᠠᠢᠨ᠎ᠠ᠃ ᠲᠤᠭᠤᠯᠭᠠᠨ ᠪᠠᠷ ᠪᠣᠯ ᠨᠢᠭᠡ ᠨᠢᠭᠡ ᠵᠢᠵᠢᠭ᠌ ᠵᠢᠵᠢᠭ᠌ ᠬᠡᠰᠡᠭ ᠳᠦᠷᠰᠦ ᠪᠡᠷ ᠪᠦᠷᠢᠯᠳᠦᠭᠰᠡᠨ ᠶᠤᠮ᠃ ᠲᠡᠭᠦᠨ ᠢ ᠪᠢᠳᠡ ᠳᠦᠷᠰᠦ ᠭᠡᠵᠦ ᠶᠠᠷᠢᠳᠠᠭ᠃ ᠪᠢᠳᠡ ᠪᠣᠯ ᠶᠠᠭ ᠲᠡᠷᠡ ᠳᠦᠷᠰᠦ ᠨᠦᠭᠦᠳ ᠢ Unicode ᠲᠦ ᠣᠷᠤᠭᠤᠯᠴᠢᠬᠠᠪᠠᠯ ᠪᠣᠯᠴᠢᠬᠠᠬᠤ ᠪᠢᠰᠢ ᠦᠦ ᠭᠡᠰᠡᠨ ᠶᠤᠮ᠃ ᠲᠤᠬᠠᠢ ᠶᠢᠨ ᠦᠶ᠎ᠡ ᠳᠦ ᠳᠦᠷᠰᠦ ᠶᠢᠨ ᠠᠷᠭ᠎ᠠ ᠪᠠᠷ ᠬᠢᠭᠡᠳ ᠪᠠᠰᠠ ᠬᠡᠷᠡᠭᠯᠡᠵᠦ ᠪᠠᠢᠭᠰᠠᠨ ᠺᠣᠮᠫᠢᠦ᠋ᠲ᠋ᠧᠷ ᠰᠢᠰᠲ᠋ᠧᠮ ᠤᠯᠠᠨ ᠪᠠᠢᠵᠠᠢ᠃ ᠵᠢᠱᠢᠶᠡᠯᠡᠪᠡᠯ᠄ ᠹᠠᠩ ᠵᠧᠩ᠂ ᠬᠤᠸᠠ ᠭᠤᠸᠠᠩ᠂ ᠰᠢᠩ ᠬᠠᠨ ᠵᠡᠷᠭᠡ ᠬᠡᠪᠯᠡᠯ ᠦᠨ ᠰᠢᠰᠲ᠋ᠧᠮ ᠪᠦᠷ ᠳᠦᠷᠰᠦ ᠶᠢᠨ ᠠᠷᠭ᠎ᠠ ᠪᠠᠷ ᠬᠢᠵᠦ ᠪᠠᠢᠭᠰᠠᠨ᠃ ᠲᠡᠢᠮᠦ ᠡᠴᠡ ᠲᠡᠷᠡ ᠶᠣᠰᠤᠭᠠᠷ ᠨᠢ ᠳᠦᠷᠰᠦ ᠪᠡᠷ ᠣᠷᠤᠭᠤᠯᠴᠢᠬᠠᠪᠠᠯ ᠬᠠᠮᠤᠭ ᠤᠨ ᠰᠠᠢᠨ ᠭᠡᠵᠦ ᠬᠦᠰᠡᠯ ᠲᠠᠯᠪᠢᠵᠤ ᠪᠠᠢᠭᠰᠠᠨ ᠶᠤᠮ᠃ ᠨᠡᠩ ᠣᠨᠴᠠᠭᠠᠢᠯᠠᠨ ᠪᠢᠳᠡ ᠪᠠᠰᠠ ᠬᠡᠳᠦ ᠤᠳᠠᠭ᠎ᠠ ᠮᠠᠨ ᠤ ᠳᠤᠷᠠᠳᠤᠯᠭ᠎ᠠ ᠲᠥᠰᠦᠪ 《提案》 ᠪᠠᠨ ᠳᠡᠭᠡᠷ᠎ᠡ ᠱᠠᠳᠤᠨ ᠳᠤ ᠶᠠᠪᠤᠭᠤᠯᠵᠤ ᠪᠠᠢᠭᠰᠠᠨ ᠶᠤᠮ᠃ ᠬᠠᠷᠠᠮᠰᠠᠯ ᠲᠠᠢ ᠨᠢ ᠬᠣᠵᠢᠮ ᠤᠨ ᠦᠶ᠎ᠡ ᠪᠣᠯᠤᠭᠠᠳ ᠠᠪᠢᠶ᠎ᠠ ᠪᠠᠷ ᠣᠷᠤᠭᠤᠯᠬᠤ ᠴᠢᠭᠯᠡᠯ ᠳᠦ ᠨᠢᠭᠡᠳᠦᠭᠰᠡᠨ ᠡᠴᠡ ᠪᠣᠯᠵᠤ ᠣᠳᠤ ᠶᠢᠨ ᠮᠣᠩᠭᠤᠯ Unicode ᠪᠠᠷᠢᠮᠵᠢᠶ᠎ᠠ ᠪᠣᠯᠵᠤ ᠪᠠᠢᠨ᠎ᠠ᠃

ᠳᠠᠬᠢᠭᠠᠳ ᠳᠦᠷᠰᠦ ᠪᠡᠷ ᠣᠷᠤᠭᠤᠯᠤᠨ᠎ᠠ ᠭᠡᠪᠡᠯ ᠵᠠᠪᠠᠯ ᠲᠤᠯᠭᠠᠷᠠᠬᠤ ᠠᠰᠠᠭᠤᠳᠠᠯ ᠭᠡᠪᠡᠯ《ᠣ᠊(4)ᠤ᠊(5)》ᠵᠡᠷᠭᠡ ᠢᠵᠢᠯ ᠪᠤᠰᠤ ᠳᠠᠭᠤᠳᠠᠯᠭ᠎ᠠ ᠲᠠᠢ ᠦᠰᠦᠭ ᠢ ᠲᠡᠮᠳᠡᠭᠯᠡᠭᠰᠡᠨ ᠢᠵᠢᠯ ᠳᠦᠷᠰᠦ ᠢᠯᠡᠷᠡᠨ᠎ᠡ᠃ ᠡᠳᠡᠭᠡᠷ ᠢᠵᠢᠯ ᠳᠦᠷᠰᠦ ᠶᠢ Unicode ᠲᠦ ᠣᠷᠤᠭᠤᠯᠬᠤ ᠳᠤ ᠳᠣᠩ ᠬᠦᠴᠢᠷ ᠲᠤᠯᠭᠠᠷᠠᠨ᠎ᠠ᠃ ᠢᠵᠢᠯ ᠳᠦᠷᠰᠦ ᠶᠢᠨ ᠲᠤᠬᠠᠢ Unicode ᠳᠣᠲᠤᠷ᠎ᠠ ᠣᠨᠴᠠᠭᠠᠢ ᠴᠢᠩᠭ᠎ᠠ ᠱᠠᠭᠠᠷᠳᠠᠯᠭ᠎ᠠ ᠲᠠᠢ ᠶᠤᠮ᠃ Unicode ᠦᠨ Code Point ᠲᠦ ᠢᠵᠢᠯᠬᠡᠨ ᠳᠦᠷᠰᠦ ᠬᠣᠶᠠᠷ ᠺᠣᠳ᠋ ᠠᠪᠴᠤ ᠪᠣᠯᠬᠤ ᠦᠭᠡᠢ ᠭᠡᠰᠡᠨ ᠴᠢᠩᠭ᠎ᠠ ᠲᠣᠭᠲᠠᠭᠠᠯ ᠲᠠᠢ᠃ Unicode ᠣᠳᠤ ᠳᠤ ᠪᠠᠨ12 ᠲᠦᠮᠡ ᠭᠠᠷᠤᠢ ᠪᠣᠯᠤᠭᠠᠳ ᠪᠠᠢᠨ᠎ᠠ᠃ ᠡᠳᠡᠭᠡᠷ 12 ᠲᠦᠮᠡᠨ ᠥᠰᠦᠭ ᠳᠦᠷᠰᠦ ᠨᠢ ᠪᠦᠷ ᠠᠳᠠᠯᠢ ᠪᠤᠰᠤ ᠪᠠᠢᠳᠠᠭ ᠶᠤᠮ᠃ ᠳᠡᠭᠡᠷᠡᠬᠢ ᠰᠢᠯᠲᠠᠭᠠᠨ ᠠᠴᠠ ᠪᠣᠯᠵᠤ ᠠᠪᠢᠶ᠎ᠠ ᠪᠠᠷ ᠣᠷᠤᠭᠤᠯᠬᠤ ᠪᠠᠷ ᠲᠣᠭᠲᠠᠭᠰᠠᠨ ᠴᠤ Code Point ᠳᠣᠲᠤᠷ᠎ᠠ ᠣᠷᠤᠬᠤ ᠮᠣᠩᠭᠤᠯ ᠥᠰᠦᠭ ᠦᠨ ᠬᠦᠰᠦᠨᠦᠭᠲᠦ ᠶᠢᠨ 《ᠣ᠊(4)᠂ ᠤ᠊(5)》 ᠶᠢ ᠠᠳᠠᠯᠢ ᠪᠤᠰᠤ ᠳᠦᠷᠰᠦ ᠪᠡᠷ ᠲᠡᠮᠳᠡᠭᠯᠡᠵᠦ ᠪᠠᠢᠨ᠎ᠠ᠃ ᠳᠠᠷᠤᠢ 《ᠣ᠊(4)》 ᠶᠢ ᠨᠢ ᠤᠭ ᠳᠦᠷᠰᠦ ᠪᠡᠷ ᠲᠡᠮᠳᠡᠭᠯᠡᠭᠡᠳ᠂ 《ᠤ᠊(5)》 ᠶᠢ ᠨᠢ ᠳᠡᠭᠡᠷ᠎ᠡ ᠣᠷᠤᠬᠤ ᠳᠦᠷᠰᠦ ᠪᠡᠷ ᠲᠡᠮᠳᠡᠭᠯᠡᠵᠦ ᠪᠠᠢᠭᠠᠳ ᠰᠠᠶᠢ 《ᠣ᠊(4)᠂ ᠤ᠊(5)》 ᠶᠢ ᠬᠣᠶᠠᠷ ᠺᠣᠳ᠋ ᠣᠯᠤᠭᠰᠠᠨ ᠪᠠᠢᠨ᠎ᠠ᠃

ᠶᠠᠭ ᠶᠣᠰᠤᠨ ᠳᠤ ᠪᠠᠨ ᠮᠠᠨ ᠤ ᠰᠠᠨᠠᠯ ᠢᠶᠠᠷ ᠪᠣᠯ ᠠᠪᠢᠶ᠎ᠠ ᠪᠠᠷ ᠲᠡᠮᠳᠡᠭᠯᠡᠭᠰᠡᠨ ᠴᠦ ᠢᠵᠢᠯ ᠳᠦᠷᠰᠦ ᠲᠡᠢ 《ᠣ᠊(4)᠂ ᠤ᠊(5)》᠂ 《ᠥ᠊(6)᠂ ᠦ᠊(7)》 ᠶᠢ ᠨᠢᠭᠡᠯᠡ ᠨᠢᠭᠡᠯᠡ ᠠᠪᠴᠢᠬᠠᠶ᠎ᠠ ᠭᠡᠵᠦ ᠪᠣᠳᠤᠵᠤ ᠪᠠᠢᠭᠰᠠᠨ ᠶᠤᠮ᠃ ᠭᠡᠪᠡᠴᠦ 《ᠨᠢᠭᠡᠯᠡ ᠠᠪᠤᠪᠠᠯ ᠪᠣᠯᠬᠤ ᠦᠭᠡᠢ》 ᠭᠡᠰᠡᠨ ᠬᠡᠯᠡᠨ ᠦ ᠡᠷᠳᠡᠮᠲᠡᠳ ᠦᠨ ᠰᠠᠨᠠᠯ ᠢᠶᠠᠷ ᠲᠤᠰ ᠪᠦᠷᠢ ᠬᠣᠶᠠᠷ ᠠᠪᠬᠤ ᠪᠠᠷ ᠲᠣᠭᠲᠠᠭᠰᠠᠨ ᠪᠠᠢᠨ᠎ᠠ᠃

ᠮᠣᠩᠭᠤᠯ ᠥᠰᠦᠭ ᠢᠶᠡᠨ Unicode ᠲᠦ ᠳᠦᠷᠰᠦ ᠪᠡᠷ ᠣᠷᠤᠭᠤᠯᠬᠤ ᠳᠤ 《ᠮᠣᠩᠭᠤᠯ ᠬᠢᠲᠠᠳ ᠲᠣᠯᠢ ᠪᠢᠴᠢᠭ᠌》 ᠦᠨ ᠠᠷᠤ ᠳᠤ ᠲᠡᠮᠳᠡᠭᠯᠡᠭᠰᠡᠨ ᠰᠢᠭ᠌ ᠬᠦᠰᠦᠨᠦᠭᠲᠦ ᠪᠡᠷ ᠣᠷᠤᠭᠤᠯᠪᠠᠯ ᠭᠦᠢᠴᠡᠳ ᠰᠢᠭ᠌ ᠬᠠᠷᠠᠭᠳᠠᠳᠠᠭ ᠪᠣᠯᠪᠠᠴᠤ᠂ ᠲᠡᠷᠡ ᠬᠦᠰᠦᠨᠦᠭᠲᠦ ᠳᠣᠲᠤᠷ᠎ᠠ ᠮᠠᠨ ᠤ ᠣᠳᠤ ᠪᠠᠷ ᠢᠶᠠᠨ ᠬᠡᠯᠡᠬᠦ Ligature(ᠵᠠᠯᠭᠠᠮᠠᠯ ᠥᠰᠦᠭ) ᠭᠡᠳᠡᠭ ᠪᠠᠭᠲᠠᠬᠤ ᠥᠬᠡᠢ᠃ Ligature ᠭᠡᠳᠡᠭ ᠨᠢ ᠬᠣᠶᠠᠷ ᠦᠰᠦᠭ ᠨᠡᠢᠯᠡᠭᠡᠳ ᠨᠢᠭᠡ ᠳᠦᠷᠰᠦ ᠪᠣᠯᠬᠤ ᠵᠢ ᠵᠢᠭᠠᠨ᠎ᠠ᠃ ᠵᠢᠱᠢᠶᠡᠯᠡᠪᠡᠯ 《ᠪᠠ᠊᠂ ᠪᠡ᠊᠂ ᠪᠢ᠊᠂ ᠪᠣ᠊᠁᠊》ᠵᠡᠷᠭᠡ᠂ ᠡᠳᠡᠭᠡᠷ ᠢ ᠪᠢᠳᠡ ᠪᠣᠯ ᠮᠣᠩᠭᠤᠯ ᠦᠰᠦᠭ ᠦᠨ ᠹᠣᠨᠲ ᠬᠢᠬᠦ ᠦᠶ᠎ᠡ ᠳᠦ ᠨᠢᠭᠡ ᠳᠦᠷᠰᠦ ᠭᠡᠵᠦ ᠦᠵᠡᠨ᠎ᠡ᠃ ᠡᠢᠮᠦ ᠵᠠᠯᠭᠠᠮᠠᠯ ᠳᠦᠷᠰᠦ ᠶᠢ ᠵᠠᠪᠠᠯ ᠨᠢᠷᠤᠭᠤᠨ ᠤ ᠬᠡᠰᠡᠭ ᠢᠶᠡᠷ ᠰᠠᠯᠭᠠᠪᠠᠯ ᠰᠠᠶᠢ ᠠᠰ ᠠᠰ ᠲᠤ ᠨᠢ ᠦᠵᠡᠬᠦ ᠳᠦ ᠶᠠᠭᠤ ᠪᠤᠢ ᠭᠡᠳᠡᠭ ᠢ ᠳᠣᠪ ᠲᠣᠳᠤᠷᠬᠠᠢ ᠮᠡᠳᠡᠳᠡᠭ᠃ ᠬᠡᠷᠪᠡ ᠡᠳᠡᠭᠡᠷ ᠵᠠᠯᠭᠠᠮᠠᠯ ᠥᠰᠦᠭ ᠦᠳ ᠢ ᠨᠢᠷᠤᠭᠤ ᠳᠡᠭᠡᠷ᠎ᠡ ᠪᠡᠨ ᠰᠠᠯᠬᠤ ᠪᠢᠰᠢ᠂ ᠬᠠᠷᠢᠨ ᠥᠭᠡᠷ᠎ᠡ ᠭᠠᠵᠠᠷ ᠢᠶᠠᠷ ᠢᠶᠠᠨ ᠰᠠᠯᠪᠠᠯ᠂ ᠵᠢᠱᠢᠶᠡᠯᠡᠪᠡᠯ᠄《ᠪᠠ᠊》 ᠶᠢᠨ ᠠᠷᠤ ᠠᠷᠤ ᠲᠠᠯ᠎ᠠ ᠶᠢᠨ ᠲᠣᠭᠤᠷᠢᠭ ᠤᠨ ᠲᠡᠨᠳᠡ ᠡᠴᠡ ᠪᠡᠨ ᠰᠠᠯᠪᠠᠯ᠂ ᠶᠠᠭ ᠳᠤᠲᠠᠭᠤ ᠳᠣᠷᠭᠤᠨ ᠶᠠᠭᠤᠮ᠎ᠠ ᠰᠢᠭ ᠰᠠᠨᠠᠭᠳᠠᠳᠠᠭ ᠪᠢᠰᠢ ᠦᠦ᠃ ᠪᠠᠰᠠ ᠠᠰ ᠠᠰ ᠲᠤ ᠨᠢ ᠦᠵᠡᠪᠡᠯ 《ᠤ》 ᠨᠢ 《᠊ᠤ》 ᠳᠠᠢ ᠠᠳᠠᠯᠢᠬᠠᠨ ᠪᠣᠯᠵᠤ ᠬᠤᠳᠭᠤᠯᠳᠤᠬᠤ ᠠᠶᠤᠯ ᠳᠠᠢ ᠭᠡᠵᠦ ᠪᠢ ᠦᠵᠡᠨ᠎ᠡ᠃

ᠪᠢ ᠪᠠᠰᠠ ᠶᠠᠭ ᠰᠠᠢᠬᠠᠨ ᠰᠣᠯᠤᠩᠭᠤᠰ ᠤᠨ ᠵᠢᠱᠢᠶ᠎ᠠ ᠶᠢ ᠲᠠᠲᠠᠶ᠎ᠠ ᠭᠡᠵᠦ ᠪᠣᠳᠤᠵᠤ ᠪᠠᠢᠵᠠᠢ᠃ Unicode ᠦᠨ BMP ᠢ ᠡᠬᠢᠯᠡᠨ ᠲᠣᠭᠲᠠᠭᠠᠬᠤ ᠦᠶ᠎ᠡ ᠳᠦ ᠡᠯ᠎ᠡ ᠤᠯᠤᠰ ᠤᠨ ᠤᠯᠤᠰ ᠤᠨ ᠪᠠᠢᠭᠤᠯᠤᠯᠭ᠎ᠠ᠂ ᠵᠠᠰᠠᠭ ᠤᠨ ᠣᠷᠳᠤᠨ ᠤ ᠲᠠᠯ᠎ᠠ ᠠᠴᠠ ᠣᠨᠴᠠᠭᠠᠢ ᠮᠥᠩᠭᠦ ᠭᠠᠷᠭᠠᠨ ᠳᠡᠯᠡᠬᠡᠢ ᠶᠢᠨ ᠬᠤᠷᠠᠯ ᠳᠤ ᠣᠷᠤᠯᠴᠠᠨ᠂ Unicode ᠦᠨ BMP ᠭᠡᠳᠡᠭ ᠡᠨᠡ ᠲᠠᠯᠠᠪᠠᠢ ᠶᠢᠨ ᠣᠷᠤᠨ ᠢ ᠭᠠᠵᠠᠷ ᠳᠡᠪᠢᠰᠭᠡᠷ ᠪᠤᠯᠢᠶᠠᠯᠳᠤᠵᠤ ᠪᠠᠢᠬᠤ ᠲᠠᠢ ᠠᠳᠠᠯᠢ ᠪᠠᠷ ᠪᠤᠯᠢᠶᠠᠯᠳᠤᠵᠤ ᠪᠠᠢᠭᠰᠠᠨ᠃ ᠲᠡᠷᠡ ᠦᠶ᠎ᠡ ᠳᠦ ᠡᠮᠦᠨᠡᠳᠦ ᠰᠣᠯᠤᠩᠭᠤᠰ ᠪᠠᠰᠠ ᠠᠵᠤ ᠠᠬᠤᠢ ᠶᠢᠨ ᠲᠠᠯ᠎ᠠ ᠪᠠᠷ ᠨᠡᠯᠢᠶᠡᠳ ᠬᠦᠴᠦᠷᠬᠡᠭ ᠪᠠᠢᠭᠰᠠᠨ ᠪᠥᠭᠡᠳ ᠰᠣᠯᠤᠩᠭᠤᠰ ᠬᠥᠮᠦᠰ ᠦᠨ ᠶᠠᠷᠢᠬᠤ ᠳᠤ ᠰᠣᠯᠤᠩᠭᠤᠰ ᠦᠰᠦᠭ ᠲᠦ ᠨᠢᠭᠡ ᠨᠢᠭᠡ ᠳᠦᠷᠰᠦ ᠬᠡᠳᠦᠢᠪᠡᠷ ᠠᠪᠢᠶ᠎ᠠ ᠶᠢ ᠲᠡᠮᠳᠡᠭᠯᠡᠭᠡᠳ᠂ ᠬᠣᠶᠠᠷ᠂ ᠭᠤᠷᠪᠠᠨ ᠠᠪᠢᠶ᠎ᠠ ᠨᠡᠢᠯᠡᠭᠡᠳ ᠨᠢᠭᠡ ᠦᠰᠦᠭ ᠪᠣᠯᠵᠤ ᠪᠠᠢᠬᠤ ᠪᠥᠬᠦ ᠳᠦᠷᠰᠦ ᠶᠢ ᠪᠦᠷ ᠲᠤᠰ ᠲᠤᠰ ᠲᠤ ᠨᠢ ᠦᠰᠦᠭ ᠪᠣᠯᠭᠠᠨ ᠬᠦᠴᠦᠯᠡᠨ ᠣᠷᠤᠭᠤᠯᠴᠢᠬᠠᠭᠰᠠᠨ (500600 ᠭᠠᠷᠤᠢ) ᠶᠤᠮ᠃

ᠳᠠᠷᠠᠭ᠎ᠠ ᠳᠤ ᠨᠢ᠂ ᠪᠠᠰᠠ ᠡᠮᠦᠨᠡᠳᠦ ᠰᠣᠯᠤᠩᠭᠤᠰ ᠲᠤᠬᠠᠢ ᠶᠢᠨ ᠦᠶ᠎ᠡ ᠳᠦ ᠤᠯᠤᠰ ᠨᠢ ᠪᠠᠶᠠᠨ ᠬᠦᠴᠦᠷᠬᠡᠭ᠂ ᠳᠡᠯᠡᠬᠡᠢ ᠶᠢᠨ ᠬᠤᠷᠠᠯ ᠳᠡᠭᠡᠷ᠎ᠡ ᠦᠭᠡ ᠬᠡᠯᠡᠬᠦ ᠡᠷᠬᠡ ᠶᠡᠬᠡ ᠪᠠᠢᠭᠰᠠᠨ (ᠮᠢᠨᠦ ᠦᠵᠡᠯᠲᠡ) ᠪᠣᠯᠬᠤᠷ ᠰᠣᠯᠤᠩᠭᠤᠰ ᠥᠰᠦᠭ ᠲᠤ ᠬᠡᠷᠡᠭᠯᠡᠬᠦ ᠬᠢᠲᠠᠳ ᠦᠰᠦᠭ ᠭᠡᠵᠦ ᠪᠠᠰᠠ ᠬᠡᠳᠦᠨ ᠮᠢᠩᠭ᠎ᠠ ᠭᠠᠷᠤᠢ ᠣᠷᠤᠭᠤᠯᠤᠭᠰᠠᠨ ᠪᠠᠢᠨ᠎ᠠ᠃ ᠡᠳᠡᠭᠡᠷ ᠬᠢᠲᠠᠳ ᠥᠰᠦᠭ ᠦᠳ ᠨᠢ CJK(Chinese Japanese Korean) ᠭᠡᠰᠡᠨ Unicode ᠳᠣᠲᠤᠷᠠᠬᠢ ᠬᠡᠰᠡᠭ ᠲᠦ ᠣᠷᠤᠭᠰᠠᠨ ᠪᠠᠢᠨ᠎ᠠ᠃ ᠳᠣᠲᠤᠷ᠎ᠠ ᠨᠢ ᠰᠢᠩᠭᠠᠫᠣᠷ᠂ ᠰᠢᠶᠠᠩᠭᠠᠩ᠂ ᠲᠠᠢᠸᠠᠨ᠂ ᠶᠠᠫᠤᠨ᠂ ᠰᠣᠯᠤᠩᠭᠤᠰ ᠵᠡᠷᠭᠡ ᠤᠯᠤᠰ ᠣᠷᠤᠨ ᠳᠤ ᠬᠡᠷᠡᠭᠯᠡᠳᠡᠭ ᠬᠢᠲᠠᠳ ᠦᠰᠦᠭ ᠦᠨ ᠲᠤᠬᠠᠢ ᠪᠦᠭᠦᠳᠡᠭᠡᠷ ᠢᠶᠡᠨ ᠶᠠᠷᠢᠯᠴᠠᠨ ᠨᠢᠭᠡᠳᠭᠡᠭᠡᠳ ᠣᠷᠤᠭᠤᠯᠤᠭᠰᠠᠨ ᠪᠠᠢᠨ᠎ᠠ᠃ ᠬᠠᠮᠤᠭ ᠡᠬᠢᠨ ᠳᠦ ᠪᠡᠨ ᠭᠤᠷᠪᠠᠨ ᠲᠦᠮᠡ ᠣᠷᠴᠢᠮ ᠤᠨ ᠣᠷᠤᠨ ᠢ ᠲᠡᠳᠡᠨᠡᠷ ᠪᠦᠷ ᠡᠵᠡᠯᠡᠭᠡᠳ ᠠᠪᠴᠢᠬᠠᠭᠰᠠᠨ ᠶᠤᠮ᠃ ᠰᠡᠭᠦᠯ ᠳᠦ ᠨᠢ ᠡᠮᠦᠨᠡᠳᠦ ᠰᠣᠯᠤᠩᠭᠤᠰ ᠬᠢᠲᠠᠳ ᠦᠰᠦᠭ ᠢ ᠬᠡᠷᠡᠭᠯᠡᠬᠦ ᠪᠡᠨ ᠪᠠᠢᠵᠤ ᠣᠳᠤ ᠶᠢᠨ ᠬᠡᠷᠡᠭᠯᠡᠵᠦ ᠪᠠᠢᠭ᠎ᠠ ᠰᠣᠯᠤᠩᠭᠤᠰ ᠪᠢᠴᠢᠭ᠌ ᠨᠢ ᠬᠢᠲᠠᠳ ᠦᠰᠦᠭ ᠨᠢᠭᠡ ᠴᠦ ᠬᠡᠷᠡᠭᠯᠡᠬᠦ ᠪᠡᠨ ᠪᠠᠢᠴᠢᠬᠠᠭᠰᠠᠨ ᠪᠠᠢᠳᠠᠯ ᠪᠣᠯᠵᠤ ᠪᠠᠢᠨ᠎ᠠ᠃

ᠡᠨᠡ ᠪᠠᠢᠳᠠᠯ ᠳᠣᠣᠷ᠎ᠠ ᠮᠠᠨ ᠤ ᠮᠣᠩᠭᠤᠯ ᠦᠰᠦᠭ ᠢ ᠣᠷᠤᠭᠤᠯᠬᠤ ᠭᠡᠰᠡᠨ ᠪᠣᠯᠪᠠᠴᠤ ᠲᠤᠬᠠᠢ ᠶᠢᠨ ᠦᠶ᠎ᠡ ᠳᠦ ᠮᠠᠨ ᠤ ᠤᠯᠤᠰ ᠪᠠ ᠥᠪᠡᠷᠲᠡᠭᠡᠨ ᠵᠠᠰᠠᠬᠤ ᠣᠷᠤᠨ ᠤ ᠠᠵᠤ ᠠᠬᠤᠢ ᠶᠢᠨ ᠲᠠᠯ᠎ᠠ ᠪᠠᠷ ᠳᠣᠷᠤᠢ ᠪᠠᠭᠤᠷᠠᠢ᠂ ᠲᠠᠨᠢᠯᠲᠠ ᠶᠢᠨ ᠲᠠᠯ᠎ᠠ ᠪᠠᠷ ᠭᠦᠢᠴᠡᠳ ᠪᠠᠢᠭᠰᠠᠨ ᠥᠬᠡᠢ᠃ ᠡᠭᠦᠨ ᠡᠴᠡ ᠭᠠᠳᠠᠨ᠎ᠠ ᠪᠠᠰᠠ ᠮᠠᠨ ᠤ ᠮᠣᠩᠭᠤᠯᠴᠤᠳ ᠲᠡᠷᠡ ᠦᠶ᠎ᠡ ᠳᠦ ᠥᠪᠡᠰᠦᠪᠡᠨ ᠰᠢᠭᠤᠳ ᠶᠠᠷᠢᠵᠤ ᠳᠡᠢᠯᠬᠦ ᠦᠭᠡᠢ᠃ ᠭᠠᠳᠠᠭᠠᠳᠤ ᠬᠡᠯᠡᠨ ᠦ ᠲᠠᠯ᠎ᠠ ᠪᠠᠷ ᠪᠠᠭᠤᠷᠠᠢ ᠪᠠᠢᠭᠰᠠᠨ ᠵᠡᠷᠭᠡ ᠤᠯᠠᠨ ᠲᠠᠯ᠎ᠠ ᠶᠢᠨ ᠰᠢᠯᠲᠠᠭᠠᠨ ᠪᠠᠢᠨ᠎ᠠ ᠭᠡᠵᠦ ᠪᠢ ᠦᠵᠡᠨ᠎ᠡ᠃

ᠣᠳᠣᠬᠠᠨ ᠳᠤ ᠪᠠᠨ ᠮᠠᠨ ᠤ ᠮᠣᠩᠭᠤᠯᠴᠤᠳ ᠥᠪᠡᠷᠰᠡᠳ ᠢᠶᠡᠷ ᠢᠶᠡᠨ ᠰᠢᠭᠤᠳ ᠳᠡᠯᠡᠬᠡᠢ ᠳᠡᠭᠡᠷᠡᠬᠢ ᠡᠷᠳᠡᠮᠲᠡᠳ ᠲᠡᠢ ᠶᠠᠷᠢᠯᠴᠠᠵᠤ ᠳᠡᠢᠯᠬᠦ ᠪᠣᠯᠤᠭᠰᠠᠨ ᠨᠢ ᠶᠡᠬᠡ ᠰᠠᠢᠨ ᠤᠴᠢᠷ ᠪᠠᠢᠨ᠎ᠠ᠃ ᠠᠩᠬᠠᠨ ᠳᠤ ᠪᠠᠨ ᠡᠨᠡ ᠲᠠᠯ᠎ᠠ ᠪᠠᠷ ᠠᠩᠭ᠍ᠯᠢ ᠪᠠᠷ ᠰᠢᠭᠤᠳ ᠶᠠᠷᠢᠯᠴᠠᠵᠤ ᠳᠡᠢᠯᠬᠦ ᠬᠥᠮᠦᠨ ᠴᠥᠭᠡᠨ ᠪᠠᠢᠨ᠎ᠠ ᠭᠡᠵᠦ ᠪᠢ ᠶᠡᠬᠡ ᠰᠠᠨᠠᠭ᠎ᠠ ᠵᠣᠪᠠᠵᠤ ᠪᠠᠢᠭᠰᠠᠨ ᠶᠤᠮ᠃ ᠣᠳᠤ ᠠᠮᠧᠷᠢᠺᠠ ᠵᠡᠷᠭᠡ ᠭᠠᠳᠠᠭᠠᠳᠤ ᠤᠯᠤᠰ ᠲᠤ ᠪᠠᠢᠭ᠎ᠠ ᠲᠠᠨᠠᠷ ᠲᠠᠢ ᠪᠠᠨ ᠲᠠᠨᠢᠯᠴᠠᠭᠰᠠᠨ ᠨᠢ ᠶᠡᠬᠡ ᠰᠠᠢᠨ ᠤᠴᠢᠷ ᠪᠣᠯᠤᠨ᠎ᠠ᠃ ᠨᠡᠩ ᠢᠯᠡᠭᠦᠦ ᠮᠠᠨ ᠤ ᠡᠳᠡᠭᠡᠷ ᠠᠩᠭ᠍ᠯᠢ ᠬᠡᠯᠡ ᠭᠦᠢᠴᠡᠳ ᠪᠤᠰᠤ ᠲᠠᠯ᠎ᠠ ᠶᠢ ᠲᠠᠨᠠᠷ ᠬᠠᠪᠰᠤᠷᠤᠭᠠᠳ᠂ ᠬᠠᠮᠲᠤᠪᠠᠷ ᠢᠶᠠᠨ ᠬᠦᠴᠦ ᠪᠡᠨ ᠨᠢᠭᠡᠳᠭᠡᠨ᠂ ᠮᠠᠨ ᠤ ᠮᠣᠩᠭᠤᠯ ᠥᠰᠦᠭ ᠪᠢᠴᠢᠭ᠌ ᠦᠨ ᠡᠨᠡ ᠪᠠᠷᠢᠮᠵᠢᠶ᠎ᠠ ᠪᠠᠨ ᠰᠠᠢᠵᠢᠷᠠᠭᠤᠯᠬᠤ ᠪᠠᠷ UTC᠂ W3C ᠶᠢᠨ ᠡᠷᠳᠡᠮᠲᠡᠳ ᠲᠡᠢ ᠬᠡᠯᠡᠯᠴᠡᠵᠦ᠂ ᠡᠯ᠎ᠡ ᠵᠢᠯᠤᠭᠤᠳᠤᠯᠭ᠎ᠠ ᠶᠢᠨ ᠰᠢᠰᠲ᠋ᠧᠮ ᠦᠨ ᠺᠣᠮᠫᠠᠨᠢ ᠶᠢᠨ ᠮᠡᠷᠭᠡᠵᠢᠯᠲᠡᠨ ᠳᠠᠢ ᠬᠠᠷᠢᠯᠴᠠᠵᠤ ᠪᠠᠢᠭᠠᠳ ᠮᠠᠨ ᠤ ᠮᠣᠩᠭᠤᠯ ᠪᠢᠴᠢᠭ᠌ ᠤᠨ ᠹᠣᠨᠲ ᠪᠠ ᠣᠷᠤᠭᠤᠯᠬᠤ ᠠᠷᠭ᠎ᠠ ᠵᠡᠷᠭᠡ ᠪᠡᠨ ᠰᠢᠰᠲ᠋ᠧᠮ ᠦᠨ ᠳᠡᠰ ᠲᠦ ᠣᠷᠤᠭᠤᠯᠵᠤ ᠮᠣᠩᠭᠤᠯᠴᠤᠳ ᠲᠤ ᠪᠠᠨ ᠪᠡᠯᠡᠨ ᠪᠣᠯᠭᠠᠵᠤ ᠲᠠᠯᠪᠢᠬᠤ ᠪᠠᠷ ᠰᠠᠢᠨ ᠴᠢᠷᠮᠠᠢᠶ᠎ᠠ ᠭᠡᠵᠦ ᠪᠤᠳᠤᠵᠤ ᠪᠠᠢᠨ᠎ᠠ᠃

ᠶᠠᠭᠠᠬᠢᠭᠠᠳ ᠦᠶ᠎ᠡ ᠪᠡᠷ ᠬᠢᠭᠰᠡᠨ ᠦᠭᠡᠢ ᠠᠪᠢᠶ᠎ᠠ ᠪᠠᠷ ᠬᠢᠭᠰᠡᠨ ᠪᠤᠢ ᠭᠡᠰᠡᠨ ᠠᠰᠠᠭᠤᠯᠲᠠ ᠳᠤ ᠪᠢ ᠲᠣᠰ ᠪᠦᠯᠦᠭ ᠲᠦ ᠶᠠᠷᠢᠭᠰᠠᠨ ᠬᠠᠷᠢᠭᠤᠯᠲᠠ ᠪᠠᠢᠭᠰᠠᠨ ᠢ ᠡᠨᠳᠡ ᠪᠢᠴᠢᠯ᠎ᠡ᠃ ᠡᠨᠡ ᠬᠠᠷᠢᠭᠤᠯᠲᠠ ᠶᠠᠭ ᠮᠢᠨᠦ ᠬᠠᠷᠢᠭᠤᠯᠤᠶ᠎ᠠ ᠭᠡᠰᠡᠨ ᠳᠠᠢ ᠠᠳᠠᠯᠢ ᠪᠠᠢᠨ᠎ᠠ᠃

(ᠦ᠊᠂ ᠭᠤᠸᠠᠢ ᠶᠢᠨ ᠬᠠᠷᠢᠭᠤᠯᠲᠠ) ᠶᠠᠭᠠᠬᠢᠭᠠᠳ ᠦᠶ᠎ᠡ ᠪᠡᠷ ᠬᠢᠭᠰᠡᠨ ᠦᠭᠡᠢ ᠠᠪᠢᠶ᠎ᠠ ᠪᠠᠷ ᠬᠢᠭᠰᠡᠨ ᠪᠤᠢ ᠭᠡᠪᠡᠯ᠂ 《ᠦᠶ᠎ᠡ》 ᠨᠢ ᠦᠰᠦᠭ ᠳᠣᠲᠤᠷᠠᠬᠢ ᠲᠡᠰ ᠨᠢ ᠥᠨᠳᠦᠷ ᠪᠣᠯᠪᠠᠴᠤ᠂ ᠠᠮᠢᠳᠤᠯᠢᠭ ᠴᠢᠨᠠᠷ ᠨᠢ ᠠᠪᠢᠶ᠎ᠠ ᠶᠢ ᠬᠦᠷᠬᠦ ᠦᠭᠡᠢ ᠪᠠᠢᠳᠠᠭ᠃ ᠨᠥᠭᠦᠭᠡ ᠲᠠᠯ᠎ᠠ ᠪᠠᠷ ᠮᠣᠩᠭᠤᠯ ᠦᠰᠦᠭ ᠲᠤᠰ ᠪᠡᠶ᠎ᠡ ᠨᠢ ᠦᠶᠡᠲᠦ ᠦᠰᠦᠭ ᠪᠢᠰᠢ᠂ ᠬᠠᠷᠢᠨ ᠠᠪᠢᠶᠠᠨ ᠤ ᠦᠰᠦᠭ᠂ ᠲᠡᠢᠮᠦ ᠡᠴᠡ ᠠᠪᠢᠶ᠎ᠠ ᠪᠠᠷ ᠪᠢᠴᠢᠬᠦ ᠨᠢ ᠦᠰᠦᠭ ᠦᠨ (ᠬᠡᠯᠡᠨ ᠦ) ᠦᠨ ᠬᠢᠨᠢ ᠣᠨᠴᠠᠯᠢᠭ ᠲᠤ ᠤᠯᠠᠮ ᠲᠣᠬᠢᠷᠠᠨ᠎ᠠ᠃ ᠲᠡᠢᠮᠦ ᠡᠴᠡ ᠲᠡᠭᠡᠵᠦ ᠬᠢᠭᠰᠡᠨ ᠪᠠᠢᠨ᠎ᠠ᠃ ᠵᠢᠱᠢᠶᠡᠯᠡᠪᠡᠯ᠄ ᠭᠠᠳᠠᠭᠠᠳᠤ ᠵᠢᠭᠡᠯᠡᠭᠡ ᠦᠭᠡ ᠶᠢ ᠪᠢᠴᠢᠬᠦ ᠳᠦ ᠦᠶᠡᠲᠦ ᠦᠰᠦᠭ ᠢᠶᠡᠷ ᠪᠢᠴᠢᠵᠦ ᠳᠡᠢᠯᠬᠦ ᠦᠭᠡᠢ᠂ ᠡᠭᠦᠨ ᠡᠴᠡ ᠭᠠᠳᠠᠨ᠎ᠠ ᠦᠶᠡᠲᠦ ᠦᠰᠦᠭ ᠢ ᠣᠷᠤᠭᠤᠯᠬᠤ ᠳᠤ ᠵᠥᠪᠬᠡᠨ ᠴᠠᠭᠠᠨ ᠲᠣᠯᠤᠭᠠᠢ ᠶᠢ ᠣᠷᠤᠭᠤᠯᠤᠭᠠᠳ ᠬᠦᠷᠬᠦ ᠦᠭᠡᠢ ᠪᠢᠰᠢ ᠦᠦ᠃ ᠪᠠᠰᠠ ᠵᠠᠯᠭᠠᠭᠠᠳ᠂ ᠦᠶᠡᠲᠦ ᠦᠰᠦᠭ ᠪᠣᠯ ᠳᠡᠪᠢᠰᠭᠡᠷ ᠵᠠᠯᠭᠠᠭᠰᠠᠨ ᠪᠤᠶᠤ ᠬᠣᠣᠰ ᠡᠭᠡᠰᠢᠭ ᠣᠷᠤᠭᠰᠠᠨ ᠵᠡᠷᠭᠡ ᠦᠰᠦᠭ ᠢ ᠣᠷᠤᠭᠤᠯᠬᠤ ᠦᠶ᠎ᠡ ᠳᠦ ᠲᠡᠳᠡᠭᠡᠷ ᠢ ᠨᠢᠭᠡ ᠦᠶ᠎ᠡ ᠪᠡᠷ ᠣᠷᠤᠭᠤᠯᠬᠤ ᠬᠡᠷᠡᠭᠲᠡᠢ᠃ ᠲᠡᠢᠮᠦ ᠡᠴᠡ ᠪᠤᠳᠤᠯᠢᠶᠠᠨ ᠤ ᠴᠢᠨᠠᠷ ᠨᠢ ᠠᠪᠢᠶ᠎ᠠ ᠠᠴᠠ ᠬᠤᠯᠠ ᠢᠯᠡᠭᠦᠦ ᠪᠣᠯᠭᠠᠵᠤ ᠮᠡᠳᠡᠨ᠎ᠡ᠃

ᠮᠠᠨᠵᠤ᠂ ᠰᠢᠪᠡᠭᠡ᠂ ᠲᠣᠳᠤ ᠦᠰᠦᠭ ᠢ ᠣᠷᠤᠭᠤᠯᠤᠭᠰᠠᠨ ᠲᠤᠬᠠᠢ ᠭᠡᠪᠡᠯ᠂ ᠭᠠᠳᠠᠭᠠᠳᠤ ᠬᠥᠮᠦᠨ ᠦ ᠨᠢᠳᠦᠨ ᠳᠦ ᠡᠳᠡᠭᠡᠷ ᠦᠰᠦᠭ ᠦᠳ ᠨᠢ ᠦᠨᠡᠨ ᠳᠦ ᠪᠡᠨ ᠨᠢᠭᠡᠯᠡ ᠦᠰᠦᠭ ᠭᠡᠵᠦ ᠦᠵᠡᠵᠦ ᠪᠠᠢᠨ᠎ᠠ᠃ ᠨᠥᠭᠦᠭᠡ ᠲᠠᠯ᠎ᠠ ᠪᠠᠷ ᠮᠠᠨᠵᠤ᠂ ᠰᠢᠪᠡᠭᠡ᠂ ᠲᠣᠳᠤ ᠦᠰᠦᠭ ᠪᠣᠯ ᠶᠠᠭ ᠶᠣᠰᠤᠨ ᠳᠤ ᠪᠠᠨ ᠭᠣᠣᠯ ᠬᠡᠰᠡᠭ ᠨᠢ ᠪᠦᠷ ᠮᠣᠩᠭᠤᠯ ᠦᠰᠦᠭ ᠲᠡᠢ ᠠᠳᠠᠯᠢᠬᠠᠨ ᠶᠤᠮ᠃ ᠡᠨᠡ ᠬᠡᠳᠦᠨ ᠵᠦᠢᠯ ᠦᠨ ᠦᠰᠦᠭ ᠢ ᠨᠢᠭᠡ ᠺᠣᠳ᠋ ᠤᠨ ᠣᠷᠤᠨ ᠵᠠᠢ ᠳᠤ ᠣᠷᠤᠭᠤᠯᠪᠠᠯ ᠮᠣᠩᠭᠤᠯ ᠺᠣᠳ᠋ ᠢ ᠠᠷᠪᠢᠯᠠᠵᠤ ᠪᠣᠯᠤᠨ᠎ᠠ᠃ ᠨᠥᠭᠦᠭᠡ ᠲᠠᠯ᠎ᠠ ᠪᠠᠷ ᠮᠣᠩᠭᠤᠯ ᠡᠷᠳᠡᠮᠲᠡᠳ ᠶᠠᠭᠠᠬᠢᠭᠠᠳ ᠲᠡᠭᠦᠨ ᠢ ᠣᠷᠤᠭᠤᠯᠤᠭᠰᠠᠨ ᠪᠤᠢ ᠭᠡᠪᠡᠯ᠂ ᠪᠠᠰᠠ ᠲᠣᠳᠤ ᠦᠰᠦᠭ ᠢ ᠪᠣᠯ ᠰᠢᠨᠵᠢᠶᠠᠩ ᠳᠠᠬᠢ ᠮᠣᠩᠭᠤᠯᠴᠤᠳ ᠬᠡᠷᠡᠭᠯᠡᠵᠦ ᠪᠠᠢᠭ᠎ᠠ ᠶᠤᠮ᠂ ᠲᠡᠢᠮᠦ ᠡᠴᠡ ᠲᠣᠳᠤ ᠦᠰᠦᠭ ᠢ ᠪᠣᠯ ᠯᠠᠪᠲᠠᠢ ᠣᠷᠤᠭᠤᠯᠤᠨ᠎ᠠ᠃ ᠵᠠᠯᠭᠠᠭᠠᠳ ᠮᠠᠨᠵᠤ ᠦᠰᠦᠭ ᠦᠨ ᠲᠤᠬᠠᠢ᠂ ᠮᠠᠨ ᠤ ᠮᠣᠩᠭᠤᠯ ᠬᠡᠯᠡᠨ ᠦ ᠬᠡᠰᠡᠭ ᠰᠤᠷᠪᠤᠯᠵᠢ ᠪᠢᠴᠢᠭ᠌ ᠢ ᠪᠦᠷ ᠮᠠᠨᠵᠤ ᠦᠰᠦᠭ ᠢᠶᠡᠷ ᠪᠢᠴᠢᠭᠰᠡᠨ ᠪᠠᠢᠨ᠎ᠠ᠃ ᠮᠣᠩᠭᠤᠯ ᠬᠥᠮᠦᠨ ᠦ ᠲᠡᠦᠬᠡᠨ ᠳᠦ ᠮᠠᠨᠵᠤ ᠦᠰᠦᠭ ᠢ ᠬᠡᠷᠡᠭᠯᠡᠨ ᠮᠣᠩᠭᠤᠯ ᠬᠡᠯᠡ ᠪᠡᠨ ᠲᠡᠮᠳᠡᠭᠯᠡᠭᠰᠡᠨ ᠤᠳᠠᠭ᠎ᠠ ᠴᠤ ᠪᠤᠢ᠃

ᠮᠠᠨ ᠤ ᠣᠳᠤ ᠶᠢᠨ ᠬᠡᠷᠡᠭᠯᠡᠵᠦ ᠪᠠᠢᠭ᠎ᠠ ᠮᠣᠩᠭᠤᠯ ᠦᠰᠦᠭ ᠦᠨ ᠴᠠᠭᠠᠨ ᠲᠣᠯᠤᠭᠠᠢ ᠶᠢᠨ ᠨᠢᠭᠡ ᠬᠡᠰᠡᠭ ᠨᠢ ᠮᠠᠨᠵᠤ ᠦᠰᠦᠭ ᠡᠴᠡ ᠠᠪᠴᠢᠷᠠᠭᠠᠳ ᠮᠣᠩᠭᠤᠯ ᠦᠰᠦᠭ ᠢᠶᠡᠨ ᠥᠭᠡᠷᠡᠴᠢᠯᠡᠭᠰᠡᠨ ᠤᠳᠠᠭ᠎ᠠ ᠴᠤ ᠪᠤᠢ᠃ ᠲᠡᠢᠮᠦ ᠡᠴᠡ ᠮᠠᠨ ᠤ ᠣᠳᠤ ᠶᠢᠨ ᠬᠡᠷᠡᠭᠯᠡᠵᠦ ᠪᠠᠢᠭ᠎ᠠ ᠮᠣᠩᠭᠤᠯ ᠦᠰᠦᠭ ᠦᠨ ᠳᠣᠲᠤᠷ᠎ᠠ ᠮᠠᠨᠵᠤ ᠦᠰᠦᠭ ᠦᠨ ᠣᠷᠤ ᠮᠥᠷ ᠬᠠᠷᠠᠭᠳᠠᠨ᠎ᠠ᠃ ᠨᠥᠭᠦᠭᠡ ᠲᠠᠯ᠎ᠠ ᠪᠠᠷ ᠮᠣᠩᠭᠤᠯ ᠬᠥᠮᠦᠨ ᠤᠯᠠᠨ ᠰᠤᠷᠪᠤᠯᠵᠢ ᠪᠢᠴᠢᠭ᠌ ᠢᠶᠡᠨ ᠮᠠᠨᠵᠤ ᠦᠰᠦᠭ ᠢᠶᠡᠷ ᠪᠢᠴᠢᠵᠡᠢ᠃ ᠤᠯᠠᠨ ᠤᠯᠤᠰ ᠤᠨ ᠬᠣᠯᠪᠤᠭᠠᠨ ᠤ ᠪᠠᠢᠭᠤᠯᠤᠮᠵᠢ ᠨᠤᠭᠤᠳ ᠪᠣᠯ ᠪᠦᠬᠦ ᠳᠡᠯᠡᠬᠡᠢ ᠶᠢᠨ ᠦᠰᠦᠭ ᠪᠦᠬᠦᠢ ᠶᠠᠭᠤᠮᠠᠰ ᠢ ᠪᠦᠬᠦᠨ ᠢ ᠪᠦᠷᠢᠳᠭᠡᠯᠭᠡᠬᠦ ᠰᠠᠨᠠᠭᠠᠲᠠᠢ᠃ ᠶᠠᠭ ᠰᠠᠢᠬᠠᠨ ᠮᠣᠩᠭᠤᠯ ᠬᠥᠮᠦᠨ ᠡᠭᠦᠨ ᠢ ᠮᠡᠳᠡᠬᠦ ᠪᠣᠯᠬᠤᠷ (ᠮᠠᠨᠵᠤ ᠬᠥᠮᠦᠨ ᠡᠭᠦᠨ ᠢ ᠪᠡᠨ ᠰᠠᠢᠨ ᠮᠡᠳᠡᠬᠦ ᠦᠭᠡᠢ) ᠨᠢᠭᠡᠮᠦᠰᠦᠨ ᠮᠣᠩᠭᠤᠯ ᠬᠥᠮᠦᠨ ᠢᠶᠡᠷ ᠬᠢᠯᠭᠡᠭᠰᠡᠨ ᠪᠠᠢᠨ᠎ᠠ᠃

ᠰᠡᠭᠦᠯ ᠦᠨ ᠦᠭᠡ

ᠳᠡᠭᠡᠷ᠎ᠡ ᠪᠠᠰᠠ ᠨᠢᠭᠡ  ᠨᠥᠬᠦᠷ ᠡᠴᠡ 《ᠮᠠᠨ ᠤ ᠡᠳᠡᠭᠡᠷ ᠶᠠᠷᠢᠯᠴᠠᠭᠰᠠᠨ ᠠᠭᠤᠯᠭ᠎ᠠ ᠨᠤᠭᠤᠳ ᠢ ᠪᠢᠲᠡᠭᠡᠢ ᠭᠠᠳᠠᠭᠰᠢ ᠪᠠᠨ ᠭᠠᠷᠭᠠᠭᠠᠷᠠᠢ︕》 ᠭᠡᠵᠦ ᠬᠡᠯᠡᠵᠦ ᠪᠠᠢᠭᠰᠠᠨ᠃ ᠪᠠᠰᠠ ᠥ᠊᠂ ᠭᠤᠸᠠᠢ ᠠᠴᠠ 《ᠡᠳᠡᠭᠡᠷ ᠠᠭᠤᠯᠭ᠎ᠠ ᠶᠢ ᠡᠮᠬᠢᠳᠭᠡᠵᠦ ᠭᠠᠳᠠᠨ᠎ᠠ ᠪᠤᠰᠤᠳ ᠲᠤ ᠲᠠᠨᠢᠯᠴᠠᠭᠤᠯᠬᠤ ᠮᠠᠲ᠋ᠧᠷᠢᠶᠠᠯ ᠪᠢᠴᠢᠵᠦ ᠪᠣᠯᠤᠨ᠎ᠠ ᠤᠤ︖》 ᠭᠡᠵᠦ ᠠᠰᠠᠭᠤᠵᠤ ᠪᠠᠢᠭᠰᠠᠨ᠃ ᠡᠨᠡ ᠲᠤᠬᠠᠢ᠂ ᠮᠢᠨᠦ ᠶᠠᠷᠢᠭᠰᠠᠨ ᠠᠭᠤᠯᠭ᠎ᠠ ᠶᠢ ᠬᠡᠨ ᠬᠡᠵᠢᠶ᠎ᠡ ᠶᠠᠭᠠᠬᠢᠵᠤ ᠡᠮᠬᠢᠳᠭᠡᠵᠦ ᠭᠠᠳᠠᠭᠰᠢ ᠪᠠᠨ ᠲᠠᠯᠪᠢᠭᠰᠠᠨ (ᠬᠡᠷᠡᠭᠯᠡᠭᠰᠡᠨ) ᠴᠤ ᠬᠠᠮᠢᠶ᠎ᠠ ᠦᠭᠡᠢ᠃ ᠤᠴᠢᠷ ᠨᠢ ᠪᠢ ᠬᠡᠵᠢᠶᠡᠳᠡ ᠠᠯᠢ ᠨᠢᠭᠡ ᠬᠥᠮᠦᠨ ᠢ ᠨᠢ ᠮᠠᠭᠤᠯᠠᠵᠤ᠂ ᠳᠠᠭᠠᠷᠢᠬᠤ ᠭᠡᠬᠦ ᠤᠴᠢᠷ ᠤᠳ ᠢ ᠶᠠᠷᠢᠳᠠᠭ ᠦᠭᠡᠢ ᠶᠤᠮ᠃ ᠭᠡᠪᠡᠴᠦ ᠤᠯᠠᠨ ᠳᠤ ᠨᠢᠭᠡ ᠨᠠᠢᠳᠠᠬᠤ ᠤᠴᠢᠷ ᠭᠡᠪᠡᠯ ᠮᠢᠨᠦ ᠶᠠᠷᠢᠭᠰᠠᠨ ᠠᠴᠠ ᠬᠡᠰᠡᠭ ᠪᠣᠰᠠᠭ ᠢ ᠨᠢ ᠠᠪᠴᠤ ᠬᠡᠷᠡᠭᠯᠡᠨ ᠤᠳᠭ᠎ᠠ ᠣᠨᠳᠤᠤ ᠪᠣᠯᠬᠤ ᠠᠴᠠ ᠬᠢᠴᠢᠶᠡᠭᠡᠷᠡᠢ᠃ ᠳᠠᠷᠤᠢ ᠬᠡᠰᠡᠭ ᠪᠣᠰᠠᠭ ᠠᠭᠤᠯᠭ᠎ᠠ ᠶᠢ ᠠᠪᠤᠭᠠᠳ ᠬᠡᠷᠡᠭᠦᠯ ᠮᠠᠷᠭᠤᠭᠠᠨ ᠤ ᠦᠨᠳᠦᠰᠦ ᠪᠣᠯᠭᠠᠬᠤ ᠶᠢ ᠬᠢᠴᠢᠶᠡᠭᠡᠷᠡᠢ᠃

ᠪᠢ ᠶᠡᠷᠦᠳᠡᠭᠡᠨ ᠥᠷᠢᠰᠦᠯᠳᠦᠬᠦ ᠡᠴᠡ ᠠᠶᠤᠬᠤ ᠦᠭᠡᠢ᠃ ᠭᠡᠪᠡᠴᠦ ᠬᠤᠪᠢ ᠬᠥᠮᠦᠨ ᠢ ᠳᠠᠭᠠᠷᠢᠵᠤ ᠮᠠᠭᠤᠯᠠᠵᠤ ᠬᠡᠯᠡᠬᠦ ᠦᠭᠡᠢ᠃ ᠪᠢᠳᠡ ᠪᠣᠯ ᠶᠣᠰᠤ ᠪᠠᠨ ᠶᠠᠷᠢᠭᠠᠳ ᠤᠴᠢᠷ ᠢᠶᠠᠨ ᠬᠢᠵᠦ ᠦᠢᠯᠡᠰ ᠢᠶᠡᠨ ᠪᠦᠲᠦᠭᠡᠳᠡᠭ᠃ ᠲᠡᠢᠮᠦ ᠡᠴᠡ ᠡᠳᠡᠭᠡᠷ ᠶᠠᠷᠢᠶᠠᠨ ᠤ ᠳᠤᠮᠳᠠ ᠮᠢᠨᠦ ᠶᠠᠷᠢᠭᠰᠠᠨ ᠢ ᠡᠮᠬᠢᠳᠭᠡᠭᠡᠳ ᠤᠯᠠᠨ ᠳᠤ ᠳᠡᠯᠭᠡᠷᠡᠭᠦᠯᠦᠨ ᠲᠠᠨᠢᠯᠴᠠᠭᠤᠯᠤᠶ᠎ᠠ ᠭᠡᠪᠡᠯ ᠪᠢ ᠨᠡᠩ ᠪᠠᠶᠠᠷᠯᠠᠨ᠎ᠠ᠃ ᠶᠠᠫᠤᠨ ᠤ ᠠᠵᠢᠯ ᠶᠠᠭᠠᠷᠠᠤ ᠤᠴᠢᠷ ᠠᠴᠠ ᠪᠢ ᠬᠠᠶᠠ ᠲᠠᠨᠠᠷ ᠤᠨ ᠠᠰᠠᠭᠤᠯᠲᠠ ᠶᠢ ᠴᠠᠭ ᠲᠤᠬᠠᠢ ᠳᠤ ᠨᠢ ᠬᠠᠷᠢᠭᠤᠯᠵᠤ ᠳᠡᠢᠯᠬᠦ ᠦᠭᠡᠢ ᠮᠠᠭᠠᠳ᠂ ᠠᠭᠤᠴᠢᠯᠠᠭᠠᠷᠠᠢ︕

ᠮᠣᠩᠭᠤᠯ ᠦᠰᠦᠭ ᠪᠢᠴᠢᠭ᠌ ᠢᠶᠡᠨ Unicode ᠲᠦ ᠶᠠᠭᠠᠬᠢᠵᠤ ᠣᠷᠤᠭᠤᠯᠬᠤ ᠲᠤᠬᠠᠢ ᠪᠢ ᠨᠢᠭᠡ ᠨᠠᠰᠤ ᠪᠠᠷ ᠢᠶᠠᠨ ᠰᠤᠳᠤᠯᠵᠤ ᠰᠤᠷᠤᠯᠴᠠᠵᠤ ᠢᠷᠡᠭᠰᠡᠨ ᠬᠥᠮᠦᠨ ᠶᠤᠮ᠃ ᠡᠭᠦᠨ ᠦ ᠲᠤᠬᠠᠢ ᠨᠡᠯᠢᠶᠡᠳ ᠣᠯᠠᠨ ᠠᠰᠠᠭᠤᠯᠲᠠ ᠳᠤ ᠬᠠᠷᠢᠭᠤᠯᠲᠠ ᠥᠭᠴᠦ ᠳᠡᠢᠯᠬᠦ ᠪᠠᠢᠬ᠎ᠠ ᠭᠡᠵᠦ ᠪᠣᠳᠤᠬᠤ ᠪᠠᠷ ᠥᠪᠡᠷ ᠦᠨ ᠪᠣᠳᠤᠭᠰᠠᠨ ᠢᠶᠠᠨ ᠬᠠᠷᠢᠭᠤᠯᠲᠠ ᠪᠣᠯᠭᠠᠨ ᠥᠭᠴᠦ ᠣᠯᠠᠨ ᠤ ᠣᠢᠯᠠᠭᠠᠯᠲᠠ ᠶᠢ ᠳᠡᠭᠡᠭᠰᠢᠯᠡᠭᠦᠯᠦᠶ᠎ᠡ ᠭᠡᠵᠦ ᠪᠤᠳᠤᠵᠤ ᠪᠠᠢᠨ᠎ᠠ᠃

ᠮᠠᠨ ᠤ ᠠᠯᠮᠠᠰ ᠺᠣᠮᠫᠠᠨᠢ 2010 ᠣᠨ ᠠᠴᠠ ᠡᠬᠢᠯᠡᠨ ᠹᠣᠨᠲ ᠤᠨ ᠠᠷᠭ᠎ᠠ ᠪᠠᠷ ᠮᠣᠩᠭᠤᠯ ᠪᠢᠴᠢᠭ᠌ ᠢᠶᠡᠨ ᠣᠳᠤ ᠶᠢᠨ ᠶᠡᠷᠦᠮᠳᠡᠭ ᠬᠡᠷᠡᠭᠯᠡᠭᠳᠡᠳᠡᠭ ᠵᠢᠯᠤᠭᠤᠳᠬᠤ ᠰᠢᠰᠲ᠋ᠧᠮ ᠳᠡᠭᠡᠷ᠎ᠡ ᠭᠠᠷᠭᠠᠬᠤ ᠪᠠᠷ OpenType ᠪᠠ AAT ᠹᠣᠨᠲ ᠬᠢᠵᠦ ᠭᠠᠷᠭᠠᠭᠰᠠᠨ ᠪᠠᠢᠨ᠎ᠠ᠃ ᠣᠳᠤ Microsoft ᠺᠣᠮᠫᠠᠨᠢ ᠶᠢᠨ Windows᠂ Apple ᠺᠣᠮᠫᠠᠨᠢ ᠶᠢᠨ Mac OS X᠂ Open Source ᠤ ᠵᠢᠯᠤᠭᠤᠳᠬᠤ ᠰᠢᠰᠲ᠋ᠧᠮ Linux ᠪᠠ ᠭᠠᠷ ᠤᠲᠠᠰᠤᠨ ᠤ ᠵᠢᠯᠤᠭᠤᠳᠬᠤ ᠰᠢᠰᠲ᠋ᠧᠮ Apple ᠺᠣᠮᠫᠠᠨᠢ ᠶᠢᠨ iOS ᠰᠢᠰᠲ᠋ᠧᠮ᠂ Google ᠺᠣᠮᠫᠠᠨᠢ ᠶᠢᠨ Android ᠰᠢᠰᠲ᠋ᠧᠮ᠂ Microsoft ᠺᠣᠮᠫᠠᠨᠢ ᠶᠢᠨ Windows Phone ᠳᠡᠭᠡᠷ᠎ᠡ ᠪᠦᠷ ᠰᠠᠢᠬᠠᠨ ᠬᠥᠳᠡᠯᠵᠦ ᠴᠢᠳᠠᠬᠤ ᠪᠠᠷ ᠪᠠᠷᠠᠬᠤ ᠥᠬᠡᠢ ᠬᠠᠷᠰᠢ ᠰᠠᠭᠠᠳ ᠥᠬᠡᠢ ᠬᠡᠷᠡᠭᠯᠡᠭᠳᠡᠵᠦ ᠳᠡᠢᠯᠬᠦ ᠬᠡᠮᠵᠢᠶᠡᠨ ᠳᠦ ᠬᠦᠷᠴᠦ ᠪᠠᠢᠨ᠎ᠠ᠃ ᠡᠭᠦᠨ ᠡᠴᠡ ᠭᠠᠳᠠᠨ᠎ᠠ ᠪᠢᠳᠡ ᠪᠠᠰᠠ ᠣᠯᠠᠨ ᠲᠠᠯ᠎ᠠ ᠶᠢᠨ ᠬᠡᠷᠡᠭᠯᠡᠭᠡᠨ ᠦ ᠰᠣᠹᠲ ᠪᠠ ᠰᠢᠰᠲ᠋ᠧᠮ ᠦᠳ ᠢ ᠵᠣᠬᠢᠶᠠᠨ ᠪᠦᠲᠦᠭᠡᠵᠦ ᠪᠠᠢᠨ᠎ᠠ᠃ ᠬᠡᠷᠪᠡ ᠰᠣᠨᠢᠷᠬᠠᠯᠲᠠᠢ ᠪᠣᠯ ᠮᠠᠨ ᠤ ᠠᠯᠮᠠᠰ ᠺᠣᠮᠫᠠᠨᠢ ᠶᠢᠨ ᠰᠦᠯᠵᠢᠶ᠎ᠡ ᠪᠠ ᠳᠡᠯᠡᠬᠡᠢ ᠺᠣᠮᠫᠠᠨᠢ ᠶᠢᠨ ᠰᠦᠯᠵᠢᠶ᠎ᠡ ᠡᠴᠡ ᠡᠷᠢᠵᠦ ᠠᠪᠤᠭᠠᠳ ᠬᠡᠷᠡᠭᠯᠡᠭᠡᠷᠡᠢ︕ ᠮᠠᠨᠤᠰ ᠲᠠᠢ ᠰᠢᠭᠤᠳ ᠬᠠᠷᠢᠯᠴᠠᠭᠰᠠᠨ ᠴᠤ ᠪᠣᠯᠤᠨ᠎ᠠ᠃

2016 ᠤᠨ ᠤ 3 ᠰᠠᠷ᠎ᠠ ᠶᠢᠨ6 ᠦ ᠡᠳᠦᠷ

ᠠᠯᠮᠠᠰ ᠺᠣᠮᠫᠠᠨᠢ
email : mongol@almas.co.jp
tel : +81-3-5688-2081
fax : +81-3-5688-2082