ᠮᠣᠩᠭᠤᠯ ᠪᠢᠴᠢᠭ ᠬᠢᠲᠠᠳ
ᠠᠩᠭᠯᠢ
ᠶᠠᠫᠤᠨ
ᠪᠤᠴᠠᠬᠤ

ᠠᠯᠲᠠᠨᠰᠦ᠋ᠬᠡ᠎ᠶᠢᠨ UNICODE᠊᠎ᠦᠨ ᠲᠤᠬᠠᠢ ᠶᠠᠷᠢᠶ᠎ᠠ

*ᠤᠭ ᠰᠢᠩᠭᠡᠭᠡᠯᠲᠡ᠎ᠡᠴᠡ ᠬᠠᠰᠤᠭᠰᠠᠨ ᠬᠡᠰᠡᠭ ᠪᠠᠢᠨ᠎ᠠ



ᠵᠠ ᠨᠥᠬᠦᠳ ᠡ ᠰᠠᠢᠨ ᠪᠠᠢᠵᠠᠭᠠᠨ᠎ᠠ᠎ᠤᠤ᠂ ᠲᠠ ᠪᠦᠬᠦᠨ᠎ᠳᠦ ᠥᠨᠦᠳᠦᠷ᠎ᠦᠨ ᠮᠡᠨᠳᠦ ᠬᠦᠷᠭᠡᠶ᠎ᠡ᠃

(ᠬᠠᠰᠤᠭᠰᠠᠨ ᠬᠡᠰᠡᠭ ᠪᠠᠢᠨ᠎ᠠ )

UNICODE ᠭᠡᠳᠡᠭ᠎ᠨᠢ ᠮᠣᠩᠭᠤᠯ ᠬᠡᠯᠡᠨ᠎ᠦ ᠪᠠᠷᠢᠮᠵᠢᠶ᠎ᠠ ᠺᠣᠳ᠋ ᠭᠡᠳᠡᠭ ᠰᠢᠦ᠎ᠳᠡ᠂ ᠡᠭᠦᠨ᠎ᠦ ᠲᠤᠬᠠᠢ ᠪᠢ ᠪᠣᠯ ᠠᠩᠬᠠᠷᠤᠭᠠᠳ ᠣᠯᠠᠨ ᠵᠢᠯ ᠪᠣᠯᠵᠤ ᠪᠠᠢᠭ᠎ᠠ᠎ᠶᠤᠮ ᠡ᠃

ᠶᠠᠭᠠᠬᠢᠬᠤ᠎ᠤᠤ ᠪᠢ ᠡᠨᠡ ᠲᠠᠯ᠎ᠠ᠎ᠪᠠᠷ ᠮᠡᠷᠭᠡᠵᠢᠯ ᠪᠠᠢᠬᠤ᠎ᠦᠭᠡᠢ ᠶᠡᠬᠡ ᠰᠠᠨᠠᠭ᠎ᠠ ᠵᠣᠪᠠᠵᠤ ᠶᠠᠪᠤᠳᠠᠭ᠎ᠤᠨ ᠨᠢᠭᠡ᠃ ᠭᠡᠪᠡᠴᠦ ᠪᠣᠯ ᠠᠩᠬᠠᠷᠳᠠᠭ᠂ ᠢᠩᠭᠢᠭᠡᠳ ᠣᠷᠴᠢᠮ ᠪᠣᠯ ᠡᠨᠡ ᠲᠠᠯ᠎ᠠ᠎ᠶᠢᠨ ᠶᠠᠷᠢᠶ᠎ᠠ ᠬᠡᠯᠡᠯᠴᠡᠭᠡ ᠭᠠᠷᠴᠤ ᠪᠠᠢᠨ᠎ᠠ᠂ ᠶᠠᠭᠠᠬᠢᠭᠠᠳ ᠭᠡᠪᠡᠯ ᠣᠷᠴᠢᠮ ᠲᠡᠷᠡ《ᠶᠠᠷᠢᠭᠴᠢ》ᠭᠡᠳᠡᠭ ᠬᠥᠮᠦᠨ ᠮᠥᠨ ᠬᠣᠯᠪᠤᠭᠠᠨ᠎ᠳᠤ ᠶᠠᠷᠢᠭᠰᠠᠨ ᠪᠠᠢᠨ᠎ᠠ᠃ ᠲᠡᠭᠡᠭᠡᠳ ᠲᠡᠷᠡ᠎ᠨᠢ ᠮᠥᠨ ᠰᠢᠩᠭᠡᠭᠡᠯᠲᠡ᠎ᠶᠢᠨ ᠬᠡᠯᠪᠡᠷᠢ᠎ᠪᠡᠷ ᠶᠠᠪᠤᠭᠠᠳ ᠣᠯᠠᠨ ᠨᠡᠢᠲᠡ᠎ᠳᠦ ᠳᠡᠯᠭᠡᠷᠡᠭᠰᠡᠨ᠃ ᠲᠡᠭᠡᠪᠡᠯ ᠡᠨᠡ ᠦᠭᠡ ᠶᠠᠭᠠᠬᠢᠭᠠᠳ ᠡᠢᠮᠦ ᠶᠡᠬᠡ ᠳᠡᠯᠭᠡᠷᠡᠪᠡ︖ ᠶᠠᠭᠠᠬᠢᠭᠠᠳ ᠡᠢᠮᠦ ᠣᠯᠠᠨ ᠬᠥᠮᠦᠨ ᠠᠩᠬᠠᠷᠤᠭᠠᠳ᠂ ᠶᠠᠷᠢᠭᠠᠳ ᠪᠠᠢᠨ᠎ᠠ ᠪᠤᠢ ᠭᠡᠰᠡᠨ᠎ᠢ ᠪᠢᠳᠡ ᠰᠢᠨᠵᠢᠬᠦ ᠬᠡᠷᠡᠭᠲᠡᠢ᠂ ᠬᠠᠷᠢᠨ ᠡᠨᠡ ᠬᠥᠮᠦᠨ ᠶᠠᠭᠠᠬᠢᠭᠠᠳ ᠢᠩᠭᠢᠵᠦ ᠠᠭᠤᠷᠯᠠᠪᠠ︖ ᠶᠠᠭᠠᠬᠢᠭᠠᠳ ᠬᠥᠮᠦᠨ᠎ᠦ ᠨᠡᠷ᠎ᠡ᠎ᠶᠢ᠎ᠨᠢ ᠳᠤᠷᠠᠳᠤᠭᠠᠳ ᠬᠠᠷᠢᠶᠠᠪᠠ ᠭᠡᠰᠡᠨ᠎ᠨᠢ ᠬᠣᠶᠠᠳᠤᠭᠠᠷ ᠳᠡᠰ᠎ᠦᠨ ᠠᠰᠠᠭᠤᠳᠠᠯ᠃ ᠨᠢᠭᠡᠳᠦᠭᠡᠷ᠎ᠲᠦ᠎ᠨᠢ ᠡᠨᠡ ᠬᠥᠮᠦᠨ ᠶᠠᠭᠠᠬᠢᠭᠠᠳ ᠢᠩᠭᠢᠵᠦ ᠶᠡᠬᠡ ᠠᠭᠤᠷᠯᠠᠪᠠ ᠭᠡᠳᠡᠭ᠎ᠢ᠎ᠨᠢ ᠪᠢᠳᠡ ᠤᠬᠤᠴᠢᠯᠠᠬᠤ ᠬᠡᠷᠡᠭᠲᠡᠢ ᠪᠠᠢᠨ᠎ᠠ᠃ ᠡᠨᠡ ᠬᠥᠮᠦᠨ᠎ᠰᠢᠭ ᠠᠭᠤᠷᠯᠠᠵᠤ ᠪᠠᠢᠭ᠎ᠠ ᠬᠥᠮᠦᠨ ᠬᠡᠳᠦᠢ ᠪᠠᠢᠳᠠᠭ ᠪᠣᠯ ᠭᠡᠳᠡᠭ᠎ᠢ ᠪᠢᠳᠡᠨ ᠪᠣᠳᠤᠯᠬᠢᠯᠠᠬᠤ ᠬᠡᠷᠡᠭᠲᠡᠢ ᠪᠠᠢᠨ᠎ᠠ᠃

ᠡᠢᠮᠦ᠎ᠡᠴᠡ ᠪᠢᠳᠡ ᠪᠣᠯ ᠶᠠᠭᠠᠬᠢᠭᠰᠠᠨ᠎ᠯᠠ᠎ᠳᠠ᠂ ᠪᠢ ᠪᠠᠰᠠ ᠶᠡᠬᠡ ᠠᠭᠤᠷᠯᠠᠭᠰᠠᠨ᠂ ᠲᠠ ᠪᠦᠬᠦᠨ᠎ᠳᠦ᠎ᠪᠡᠨ ᠰᠢᠭᠤᠳ ᠬᠡᠯᠡᠨ᠎ᠡ᠃ ᠠᠭᠤᠷᠯᠠᠭᠰᠠᠨ ᠭᠡᠬᠦ᠎ᠡᠴᠡ ᠢᠯᠡᠭᠦᠦ ᠪᠤᠬᠢᠨᠢᠳᠤᠭᠰᠠᠨ᠂ ᠪᠠᠴᠢᠮᠳᠠᠭᠰᠠᠨ᠃ ᠬᠥᠮᠦᠨ ᠭᠡᠰᠡᠨ᠎ᠴᠢᠨᠢ ᠶᠠᠩᠵᠤ ᠪᠣᠯᠭᠠᠨ᠎ᠤ ᠰᠡᠳᠭᠢᠯᠭᠡ ᠪᠠᠢᠳᠠᠭ ᠰᠢᠳᠡ᠂ ᠪᠢ ᠪᠠᠰᠠ ᠲᠡᠢᠮᠦ ᠰᠡᠳᠭᠢᠯᠭᠡ ᠪᠠᠢᠵᠤ ᠥᠩᠭᠡᠷᠡᠭᠰᠡᠨ᠂ ᠣᠳᠣ᠎ᠴᠤ ᠭᠡᠰᠡᠨ ᠪᠠᠢᠨ᠎ᠠ᠃ ᠣᠳᠣ ᠡᠳᠡᠭᠡᠷ ᠬᠣᠨᠤᠭ᠎ᠤᠨ ᠰᠣᠨᠤᠰᠤᠭᠰᠠᠨ ᠪᠠᠢᠳᠠᠯ᠎ᠢᠶᠠᠷ ᠦᠵᠡᠬᠦ᠎ᠳᠦ ᠡᠢᠮᠦᠷᠬᠦ ᠰᠠᠨᠠᠭ᠎ᠠ ᠵᠣᠪᠠᠵᠤ ᠴᠢᠨᠠᠭᠰᠢᠯᠠᠪᠠᠯ᠁ ᠬᠥᠮᠦᠨ ᠭᠡᠰᠡᠨ᠎ᠴᠢᠨᠢ ᠶᠠᠩᠵᠤ ᠶᠠᠩᠵᠤ᠎ᠶᠢᠨ ᠵᠠᠩᠲᠠᠢ ᠬᠥᠮᠦᠨ ᠪᠠᠢᠨ᠎ᠠ᠎ᠯᠠ᠎ᠳᠠ᠃ ᠵᠠᠷᠢᠮ᠎ᠨᠢ ᠶᠡᠬᠡ ᠯᠠᠪᠳᠠᠭᠤᠨ ᠠᠭᠤᠷᠯᠠᠭᠰᠠᠨ ᠪᠣᠯᠪᠠᠴᠤ ᠮᠡᠳᠡᠭᠳᠡᠬᠦ᠎ᠦᠭᠡᠢ᠂ ᠵᠠᠷᠢᠮ᠎ᠨᠢ ᠠᠭᠤᠷᠯᠠᠪᠠᠯ ᠨᠢᠭᠡ ᠴᠠᠭ᠎ᠤᠨ ᠠᠭᠤᠷ᠎ᠢᠶᠠᠷ ᠵᠢᠭᠠᠬᠠᠨ ᠰᠢᠷᠦᠭᠦᠨ ᠦᠭᠡ ᠬᠡᠯᠡᠴᠢᠬᠡᠨ᠎ᠡ᠃ ᠭᠡᠪᠡᠴᠦ ᠪᠢᠳᠡ ᠲᠡᠷᠡ ᠬᠥᠮᠦᠨ ᠶᠠᠭᠠᠬᠢᠭᠠᠳ ᠲᠡᠢᠮᠦ ᠵᠠᠩ᠎ᠲᠠᠢ ᠪᠤᠢ ᠭᠡᠰᠡᠨ᠎ᠡᠴᠡ ᠢᠯᠡᠭᠦᠦ ᠶᠠᠭᠠᠬᠢᠭᠠᠳ ᠲᠡᠷᠡ ᠬᠥᠮᠦᠨ᠎ᠦ ᠵᠠᠩ᠎ᠢ ᠬᠥᠳᠡᠯᠭᠡᠴᠢᠬᠡᠪᠡ᠎ᠦᠦ ᠭᠡᠳᠡᠭ᠎ᠢ ᠪᠣᠳᠤᠯᠬᠢᠯᠠᠬᠤ ᠬᠡᠷᠡᠭᠲᠡᠢ ᠪᠠᠢᠨ᠎ᠠ᠃ ᠵᠠ ᠢᠩᠭᠢᠭᠡᠳ ᠶᠠᠭᠤ᠎ᠶᠤᠮ ᠪᠤᠢ ᠭᠡᠳᠡᠭ ᠪᠣᠯ UNICODE᠎ᠲᠡᠭᠡᠨ ᠣᠷᠤᠶ᠎ᠠ᠃ ᠡᠨᠡ ᠠᠵᠢᠯ ᠪᠣᠯ ᠮᠣᠩᠭᠤᠯᠴᠤᠳ᠎ᠤᠨ ᠬᠥᠮᠦᠨ ᠪᠣᠯᠭᠠᠨ᠎ᠤ ᠵᠠᠪᠠᠯ ᠪᠣᠳᠤᠬᠤ ᠠᠵᠢᠯ ᠪᠣᠯᠵᠠᠢ᠂ ᠣᠳᠣ ᠪᠢᠳᠡᠨ ᠳᠡᠯᠡᠬᠡᠢ᠎ᠶᠢᠨ ᠪᠣᠯᠪᠠᠰᠤᠷᠠᠯ᠎ᠠᠴᠠ ᠬᠣᠴᠤᠷᠴᠤ ᠭᠣᠭᠤᠵᠢᠭᠳᠠᠵᠤ ᠬᠡᠳᠦᠨ ᠵᠢᠯ ᠶᠠᠪᠤᠨ᠎ᠠ᠎ᠪᠤᠢ᠃

ᠲᠡᠭᠡᠭᠡᠳ ᠲᠡᠷᠡ ᠤᠯᠠᠭᠠᠨ ᠲᠠᠮᠠᠭ᠎ᠠ᠎ᠲᠠᠢ ᠢᠯᠡᠷᠬᠡᠢᠯᠡᠯ᠎ᠳᠦ ᠭᠠᠷᠭᠠᠭᠰᠠᠨ ᠳᠤᠮᠳᠠᠳᠤ ᠤᠯᠤᠰ᠎ᠤᠨ ᠮᠣᠩᠭᠤᠯ ᠬᠡᠯᠡ ᠪᠢᠴᠢᠭ᠎ᠦᠨ ᠰᠢᠨᠵᠢᠯᠡᠭᠡᠨ᠎ᠦ ᠨᠡᠢᠭᠡᠮᠯᠢᠭ᠎ᠲᠦ ᠪᠢ ᠪᠠᠶᠠᠷᠯᠠᠵᠤ ᠪᠠᠢᠨ᠎ᠠ᠃ ᠲᠡᠷᠡ ᠨᠡᠢᠭᠡᠮᠯᠢᠭ ᠥᠨᠦᠳᠦᠷ ᠠᠷᠠᠳ ᠲᠦᠮᠡᠨ᠎ᠳᠦ᠎ᠪᠡᠨ ᠬᠠᠨᠳᠤᠵᠤ ᠡᠢᠮᠦ ᠢᠯᠡᠷᠬᠡᠢᠯᠡᠯ ᠭᠠᠷᠭᠠᠵᠤ ᠪᠠᠢᠭ᠎ᠠ ᠪᠣᠯ ᠰᠠᠢᠨ ᠶᠠᠪᠤᠳᠠᠯ᠂ ᠡᠢᠮᠦ ᠨᠢᠭᠡᠨ ᠲᠣᠮᠤ ᠨᠡᠢᠭᠡᠮᠯᠢᠭ ᠪᠢᠳᠡᠨ᠎ᠦ ᠡᠮᠦᠨ᠎ᠡ᠎ᠡᠴᠡ ᠡᠨᠡ ᠠᠵᠢᠯ᠎ᠢ ᠬᠢᠵᠦ ᠪᠠᠢᠨ᠎ᠠ ᠰᠢᠦ ᠭᠡᠳᠡᠭ᠎ᠢ ᠬᠥᠮᠦᠨ ᠪᠣᠯᠭᠠᠨ ᠣᠯᠵᠤ ᠮᠡᠳᠡᠯ᠎ᠡ᠃ ᠲᠡᠭᠡᠭᠡᠳ ᠥᠩᠭᠡᠷᠡᠭᠰᠡᠨ᠎ᠦ ᠠᠵᠢᠯ᠎ᠢ ᠪᠠᠰᠠ ᠪᠢᠳᠡ ᠬᠦᠨᠳᠦᠳᠭᠡᠨ ᠨᠤᠲᠠᠯᠠᠵᠤ ᠪᠠᠢᠨ᠎ᠠ᠃ ᠲᠡᠳᠡ᠎ᠨᠡᠷ᠎ᠴᠢᠨᠢ ᠦᠨᠡᠬᠡᠷ ᠣᠯᠠᠨ ᠠᠵᠢᠯ ᠬᠢᠭᠰᠡᠨ ᠪᠠᠢᠨ᠎ᠠ᠂ ᠨᠠᠶᠠᠭᠠᠳ ᠣᠨ᠎ᠠᠴᠠ ᠡᠬᠢᠯᠡᠵᠦ ᠬᠢᠭᠰᠡᠨ ᠪᠠᠢᠨ᠎ᠠ᠃ ᠡᠨᠡ᠎ᠶᠢ᠎ᠴᠢᠨᠢ ᠢᠩᠭᠢᠵᠦ ᠶᠠᠷᠢᠭᠰᠠᠨ᠎ᠠᠴᠠ ᠪᠢᠳᠡᠨ ᠮᠡᠳᠡᠵᠦ ᠪᠠᠢᠨ᠎ᠠ᠂ ᠶᠠᠷᠢᠭᠰᠠᠨ᠎ᠦᠭᠡᠢ ᠪᠣᠯ ᠬᠡᠳᠦᠢ ᠬᠥᠮᠦᠨ ᠮᠡᠳᠡᠬᠦ᠎ᠦᠭᠡᠢ ᠰᠠᠭᠤᠬᠤ᠎ᠶᠤᠮ ᠪᠠᠢᠨ᠎ᠠ᠃ ᠬᠥᠭᠡᠷᠦᠬᠦᠢ ᠲᠡᠳᠦᠢ ᠣᠯᠠᠨ ᠡᠷᠳᠡᠮᠲᠡᠳ ᠲᠡᠳᠦᠢ ᠣᠯᠠᠨ ᠠᠵᠢᠯ ᠬᠢᠭᠰᠡᠨ᠎ᠢ ᠢᠩᠭᠢᠵᠦ ᠶᠠᠷᠢᠭᠠᠳ᠎ᠯᠠ᠂ ᠶᠠᠷᠢᠭᠰᠠᠨ᠎ᠤ ᠳᠤᠮᠳᠠ ᠭᠠᠷᠴᠤ ᠪᠠᠢᠭ᠎ᠠ ᠪᠢᠵᠡ᠎ᠳᠡ᠃ ᠡᠢᠮᠦ᠎ᠡᠴᠡ ᠲᠡᠷᠡ ᠣᠯᠠᠨ ᠰᠠᠢᠬᠠᠨ ᠠᠵᠢᠯ᠎ᠢ ᠬᠢᠭᠰᠡᠨ ᠰᠠᠢᠬᠠᠨ ᠡᠷᠳᠡᠮᠲᠡᠳ᠂ ᠴᠣᠢᠵᠤᠩᠵᠠᠪ ᠪᠠᠭᠰᠢ ᠲᠦᠷᠦᠭᠦᠦ᠎ᠲᠡᠢ᠂ ᠨᠠᠰᠤᠨ᠌ᠤ᠋ᠷᠲᠤ ᠪᠠᠭᠰᠢ ᠁ ᠮᠠᠨ᠎ᠤ ᠣᠳᠣ ᠮᠡᠳᠡᠳᠡᠭ᠎ᠡᠴᠡ ᠡᠳᠡᠭᠡᠷ ᠪᠠᠭᠰᠢ᠎ᠨᠠᠷ᠂ ᠡᠨᠡ ᠪᠦᠬᠦ ᠪᠠᠭᠰᠢ᠎ᠨᠠᠷ᠎ᠲᠤ ᠲᠠᠯᠠᠷᠬᠠᠬᠤ ᠬᠡᠷᠡᠭᠲᠡᠢ ᠪᠠᠢᠨ᠎ᠠ᠃ ᠲᠡᠷᠡ ᠬᠥᠳᠡᠯᠮᠦᠷᠢ᠎ᠶᠢ᠎ᠨᠢ ᠬᠦᠨᠳᠦᠳᠭᠡᠵᠦ᠂ ᠪᠠᠶᠠᠷᠯᠠᠵᠤ᠂ ᠪᠠᠶᠠᠷᠯᠠᠭᠰᠠᠨ ᠰᠡᠳᠭᠢᠯᠭᠡ᠎ᠪᠡᠨ ᠢᠯᠡᠳᠭᠡᠵᠦ ᠪᠠᠢᠨ᠎ᠠ᠃

ᠭᠡᠬᠦ᠎ᠳᠦ᠎ᠪᠡᠨ ᠲᠡᠦᠬᠡᠨ ᠴᠠᠭ ᠦᠶ᠎ᠡ᠎ᠶᠢᠨ ᠠᠰᠠᠭᠤᠳᠠᠯ᠎ᠢ ᠲᠡᠦᠬᠡᠨ᠎ᠳᠦ᠎ᠨᠢ ᠣᠴᠢᠵᠤ ᠣᠢᠯᠠᠭᠠᠬᠤ ᠬᠡᠷᠡᠭᠲᠡᠢ᠂ ᠥᠨᠦᠳᠦᠷ᠎ᠦᠨ ᠶᠠᠩᠵᠤ᠎ᠪᠠᠷ ᠣᠢᠯᠠᠭᠠᠵᠤ ᠪᠣᠯᠬᠤ᠎ᠦᠭᠡᠢ ᠪᠠᠢᠬᠤ ᠠ᠋᠃ ᠨᠠᠶᠠᠭᠠᠳ ᠣᠨ᠂ ᠶᠢᠷᠡᠭᠡᠳ ᠣᠨ᠎ᠤ ᠦᠶ᠎ᠡ᠎ᠪᠡᠷ ᠺᠣᠮᠫᠢᠦ᠋ᠲᠧᠷ ᠶᠡᠬᠡ ᠬᠥᠭᠵᠢᠭᠡ᠎ᠦᠭᠡᠢ᠂ ᠦᠨᠡᠨ᠎ᠳᠦ᠎ᠪᠡᠨ ᠺᠣᠮᠫᠢᠦ᠋ᠲᠧᠷ᠎ᠲᠡᠢ ᠠᠢᠯ ᠡᠷᠦᠬᠡ ᠭᠡᠰᠡᠨ᠎ᠴᠦ ᠪᠠᠰᠠ ᠳᠡᠮᠡᠢ ᠪᠠᠢᠭᠰᠠᠨ᠎ᠦᠭᠡᠢ᠂ ᠲᠣᠮᠤ ᠲᠣᠮᠤ ᠪᠠᠢᠭᠤᠯᠭ᠎ᠠ᠎ᠪᠠᠷ ᠰᠠᠶᠢ ᠪᠠᠢᠭᠰᠠᠨ ᠪᠠᠢᠬ᠎ᠠ᠃ ᠲᠡᠢᠮᠦᠷᠬᠦ ᠴᠠᠭ ᠦᠶ᠎ᠡ᠎ᠳᠦ UNICODE ᠊᠎ᠢ ᠡᠬᠢᠯᠡᠵᠦ ᠬᠢᠭᠰᠡᠨ ᠪᠠᠢᠬ᠎ᠠ᠃ ᠣᠳᠣ ᠪᠢᠳᠡ ᠪᠣᠯ ᠬᠥᠮᠦᠨ ᠪᠣᠯᠭᠠᠨ ᠪᠦᠷ ᠰᠦᠯᠵᠢᠶᠡᠨ᠎ᠳᠦ ᠣᠷᠤᠳᠠᠭ ᠪᠣᠯᠴᠢᠬᠠᠭᠰᠠᠨ ᠪᠠᠢᠨ᠎ᠠ ᠰᠢᠳᠡ᠃

ᠢᠩᠭᠢᠬᠦᠯᠡᠷ ᠣᠳᠣ᠎ᠶᠢᠨ ᠨᠥᠬᠦᠴᠡᠯ᠎ᠢᠶᠡᠷ ᠲᠡᠷᠡ ᠦᠶ᠎ᠡ᠎ᠶᠢᠨ ᠬᠥᠮᠦᠰ᠎ᠦᠨ ᠬᠢᠭᠰᠡᠨ᠎ᠢ ᠬᠡᠮᠵᠢᠨ᠎ᠡ ᠭᠡᠰᠡᠨ᠎ᠴᠢᠨᠢ ᠪᠠᠰᠠ ᠪᠤᠷᠤᠭᠤᠳᠠᠨ᠎ᠠ᠂ ᠲᠡᠦᠬᠡ᠎ᠶᠢ ᠪᠣᠯ ᠬᠠᠰᠢ ᠲᠡᠦᠬᠡ᠎ᠶᠢᠨ ᠴᠠᠭ ᠦᠶ᠎ᠡ᠎ᠳᠦ᠎ᠨᠢ ᠣᠴᠢᠭᠠᠳ ᠬᠡᠮᠵᠢᠨ᠎ᠡ᠃ ᠲᠡᠷᠡ ᠲᠡᠦᠬᠡᠨ ᠴᠠᠭ ᠦᠶ᠎ᠡ᠎ᠳᠦ ᠲᠡᠳᠡᠭᠡᠷ ᠬᠥᠮᠦᠰ ᠲᠡᠳᠡᠭᠡᠷ ᠠᠵᠢᠯ᠎ᠢ ᠬᠢᠭᠰᠡᠨ ᠠᠮᠠᠷ᠎ᠦᠭᠡᠢ᠎ᠯᠠ ᠭᠡᠵᠦ ᠪᠢᠳᠡᠨ ᠪᠣᠳᠤᠵᠤ ᠪᠠᠢᠨ᠎ᠠ᠃᠎ᠭᠡᠪᠡᠴᠦ ᠪᠢᠳᠡᠨ ᠣᠳᠣ ᠨᠢᠭᠡᠯᠡ ᠶᠠᠭᠤᠮ᠎ᠠ᠎ᠶᠢ ᠪᠣᠳᠤᠶ᠎ᠠ᠃ ᠶᠠᠭᠤ ᠪᠣᠳᠤᠶ᠎ᠠ ᠭᠡᠪᠡᠯ ᠥᠨᠦᠳᠦᠷ ᠡᠢᠮᠦ ᠪᠣᠯᠤᠭᠰᠠᠨ ᠪᠠᠢᠨ᠎ᠠ᠂ ᠪᠢᠳᠡ ᠥᠨᠦᠳᠦᠷ ᠣᠳᠣ ᠬᠤᠷᠳᠤᠨ ᠮᠣᠩᠭᠤᠯ ᠦᠰᠦᠭ᠎ᠢᠶᠡᠨ ᠭᠠᠷ ᠤᠲᠠᠰᠤ᠎ᠶᠢ ᠪᠠᠭᠲᠠᠭᠠᠭᠰᠠᠨ ᠪᠦᠬᠦ ᠢᠨᠲᠧᠷᠨᠧᠲ᠎ᠦᠨ ᠲᠠᠪᠴᠠᠩ᠎ᠳᠤ ᠬᠡᠷᠡᠭᠯᠡᠶ᠎ᠡ᠃ ᠥᠭᠡᠷ᠎ᠡ ᠤᠯᠤᠰ᠎ᠤᠳ ᠬᠡᠷᠡᠭᠯᠡᠭᠡᠳ ᠪᠢᠳᠡ ᠠᠲᠠᠭᠠᠷᠬᠠᠵᠤ ᠪᠠᠢᠨ᠎ᠠ᠂ ᠶᠠᠭᠠᠷᠠᠵᠤ ᠪᠠᠢᠨ᠎ᠠ᠂ ᠡᠢᠮᠦ᠎ᠯᠡ ᠰᠡᠳᠭᠢᠯᠭᠡ ᠪᠠᠢᠭ᠎ᠠ᠃

ᠲᠡᠭᠡᠪᠡᠯ ᠪᠠᠰᠠ ᠣᠨᠳᠣᠣ ᠨᠢᠭᠡ ᠠᠰᠠᠭᠤᠳᠠᠯ ᠭᠠᠷᠴᠤ ᠢᠷᠡᠭᠡᠳ ᠪᠠᠢᠭ᠎ᠠ᠂ ᠶᠠᠭᠠᠬᠢᠵᠤ ᠬᠢᠨ᠎ᠡ᠎ᠦᠦ︖ ᠶᠠᠭᠤ ᠬᠢᠨ᠎ᠡ᠎ᠦᠦ︖ᠬᠡᠨ ᠬᠡᠨ ᠶᠠᠭᠤ ᠬᠢᠨ᠎ᠡ᠎ᠦᠦ︖ ᠭᠡᠳᠡᠭ ᠠᠰᠠᠭᠤᠳᠠᠯ᠃ ᠡᠨᠡ ᠠᠰᠠᠭᠤᠳᠠᠯ᠎ᠢ ᠪᠡᠶ᠎ᠡ᠎ᠡᠴᠡ᠎ᠪᠡᠨ ᠡᠷᠢᠶ᠎ᠡ᠂ ᠪᠢ ᠪᠣᠯ ᠵᠠᠭᠤᠴᠢᠯᠠᠪᠤᠷᠢ᠎ᠳᠤ ᠠᠵᠢᠯᠯᠠᠳᠠᠭ᠂ ᠤᠬᠠᠭᠤᠯᠭ᠎ᠠ ᠬᠢᠳᠡᠭ ᠬᠥᠮᠦᠨ᠂ ᠡᠢᠮᠦ᠎ᠡᠴᠡ ᠪᠢ ᠪᠣᠯ ᠤᠬᠠᠭᠤᠯᠭ᠎ᠠ᠎ᠪᠠᠨ᠎ᠯᠠ ᠬᠢᠶ᠎ᠡ ᠭᠡᠵᠦ ᠪᠣᠳᠤᠵᠤ ᠪᠠᠢᠨ᠎ᠠ᠃ ᠥᠭᠡᠷ᠎ᠡ ᠶᠠᠭᠤᠮ᠎ᠠ ᠴᠢᠳᠠᠬᠤ᠎ᠦᠭᠡᠢ᠂ ᠪᠢ ᠮᠡᠷᠭᠡᠵᠢᠯ ᠴᠢᠳᠠᠳᠠᠭ ᠪᠣᠯ ᠲᠡᠷᠡ ᠮᠡᠷᠭᠡᠵᠢᠯ᠎ᠳᠦ᠎ᠨᠢ ᠣᠷᠤᠶ᠎ᠠ ᠭᠡᠵᠦ ᠦᠨᠡᠨ ᠪᠣᠳᠤᠵᠤ ᠪᠠᠢᠨ᠎ᠠ᠃ ᠭᠡᠪᠡᠴᠦ ᠪᠢ ᠴᠢᠳᠠᠬᠤ᠎ᠦᠭᠡᠢ᠂ ᠡᠢᠮᠦ᠎ᠡᠴᠡ ᠪᠢ ᠤᠬᠠᠭᠤᠯᠭ᠎ᠠ᠎ᠪᠠᠨ᠎ᠯᠠ ᠬᠢᠶ᠎ᠡ᠃ ᠤᠬᠠᠭᠤᠯᠭ᠎ᠠ᠎ᠶᠢᠨ ᠵᠣᠷᠢᠯᠭ᠎ᠠ ᠶᠠᠭᠤ ᠪᠣᠢ ᠭᠡᠳᠡᠭ᠎ᠢ ᠮᠡᠳᠡᠬᠦ ᠬᠡᠷᠡᠭᠲᠡᠢ᠂ ᠠᠷᠠᠳ ᠣᠯᠠᠨ᠎ᠳᠤ᠎ᠪᠠᠨ ᠲᠠᠨᠢᠭᠤᠯᠤᠶ᠎ᠠ᠂ ᠳᠠᠷᠤᠭ᠎ᠠ᠎ᠨᠠᠷ᠎ᠲᠠᠭᠠᠨ ᠰᠣᠨᠤᠰᠭᠠᠶ᠎ᠠ᠃ ᠠᠯᠪᠠᠨ ᠪᠠᠢᠭᠤᠯᠭ᠎ᠠ᠎ᠳᠤ᠎ᠪᠠᠨ ᠰᠣᠨᠤᠰᠭᠠᠶ᠎ᠠ᠃ ᠡᠨᠡ ᠠᠯᠲᠠᠨᠰᠦ᠋ᠬᠡ᠎ᠰᠢᠭ ᠬᠥᠮᠦᠰ ᠶᠠᠭᠤ ᠪᠣᠳᠤᠵᠤ ᠪᠠᠢᠭ᠎ᠠ ᠭᠡᠳᠡᠭ᠎ᠢᠶᠡᠨ ᠮᠡᠳᠡᠭᠦᠯᠦᠶ᠎ᠡ᠃ ᠪᠢᠳᠡ ᠶᠠᠭᠤ ᠪᠣᠳᠤᠵᠤ ᠪᠠᠢᠬᠤ᠎ᠪᠠᠨ ᠬᠥᠮᠦᠨ᠎ᠳᠦ ᠶᠠᠷᠢᠬᠤ᠎ᠦᠭᠡᠢ ᠪᠠᠢᠭᠠᠳ ᠪᠠᠢᠵᠤ ᠪᠣᠯᠬᠤ᠎ᠦᠭᠡᠢ ᠰᠢᠳᠡ᠃ ᠶᠠᠷᠢᠵᠤ ᠪᠠᠢᠵᠤ᠂ ᠰᠣᠨᠤᠰᠴᠤ ᠪᠠᠢᠵᠤ ᠤᠬᠠᠭᠠᠨ᠎ᠢ᠎ᠨᠢ ᠣᠯᠤᠨ᠎ᠠ ᠲᠡᠢᠮᠦ ᠡ᠃ ᠵᠠ ᠡᠨᠡ᠎ᠶᠢ ᠰᠣᠨᠤᠰᠪᠠᠯ ᠶᠠᠳᠠᠵᠤ ᠡᠨᠡ᠎ᠶᠢ ᠬᠠᠮᠢᠶᠠᠷᠴᠤ ᠪᠠᠢᠭ᠎ᠠ ᠳᠠᠷᠤᠭ᠎ᠠ᠎ᠨᠠᠷ ᠪᠠᠰᠠ ᠨᠢᠭᠡ ᠶᠠᠭᠤᠮ᠎ᠠ ᠪᠣᠯᠭᠠᠨ᠎ᠠ᠂ 《ᠮᠠᠨ᠎ᠤ ᠮᠣᠩᠭᠤᠯᠴᠤᠳ᠎ᠴᠢᠨᠢ ᠡᠢᠮᠦ ᠪᠣᠯᠵᠤ ᠪᠠᠢᠭ᠎ᠠ᠎ᠶᠤᠮ ᠪᠠᠢᠨ᠎ᠠ》ᠭᠡᠵᠦ ᠲᠡᠢᠮᠦ ᠡ᠃ ᠣᠳᠣ ᠪᠢᠳᠡ᠎ᠴᠢᠨᠢ ᠱᠠᠯᠠᠪᠳᠠᠬᠤ᠎ᠦᠭᠡᠢ ᠪᠣᠯᠬᠤ᠎ᠦᠭᠡᠢ᠂ ᠵᠠ ᠮᠠᠨᠠᠢ ᠮᠡᠷᠭᠡᠵᠢᠯᠲᠡᠳ ᠶᠠᠭᠠᠷᠠᠨ᠎ᠠ᠃ ᠣᠳᠣ ᠡᠨᠡ᠎ᠴᠢᠨᠢ ᠠᠷᠠᠳ᠎ᠤᠨ ᠱᠠᠭᠠᠷᠳᠠᠯᠭ᠎ᠠ ᠪᠣᠯ ᠰᠦᠷᠡᠬᠡᠢ ᠶᠡᠬᠡ ᠪᠣᠯᠤᠭᠰᠠᠨ ᠪᠠᠢᠨ᠎ᠠ ᠰᠢᠦ᠃ ᠣᠳᠣ ᠪᠢᠳᠡ ᠬᠢᠬᠦ᠎ᠦᠭᠡᠢ ᠪᠣᠯᠬᠤ᠎ᠦᠭᠡᠢ᠃ ᠥᠩᠭᠡᠷᠡᠭᠰᠡᠨ᠎ᠳᠦ ᠵᠢᠭᠠᠬᠠᠨ ᠬᠣᠢᠷᠭᠤᠰᠢᠳᠠᠭ ᠪᠠᠢᠭᠰᠠᠨ ᠪᠣᠯ ᠣᠳᠣ ᠡᠳᠦᠷᠵᠢᠨ ᠰᠥᠨᠢᠵᠢᠨ ᠠᠵᠢᠯᠯᠠᠳᠠᠭ ᠪᠣᠯᠤᠨ᠎ᠠ᠃ ᠥᠩᠭᠡᠷᠡᠭᠰᠡᠨ᠎ᠳᠦ ᠥᠭᠡᠷ᠎ᠡ ᠲᠥᠷᠦᠯ ᠵᠦᠢᠯ᠎ᠢ ᠡᠮᠦᠨ᠎ᠡ ᠲᠠᠯᠪᠢᠳᠠᠭ ᠪᠠᠢᠭᠰᠠᠨ ᠪᠣᠯ ᠣᠳᠣ ᠶᠠᠭᠤᠨ᠎ᠤ ᠡᠮᠦᠨ᠎ᠡ UNICODE ᠮᠣᠩᠭᠤᠯ ᠬᠡᠯᠡᠨ᠎ᠦ ᠳᠡᠯᠡᠬᠡᠢ᠎ᠶᠢᠨ ᠪᠠᠷᠢᠮᠵᠢᠶ᠎ᠠ᠎ᠶᠢ ᠲᠡᠷᠢᠭᠦᠨ᠎ᠳᠦ ᠲᠠᠯᠪᠢᠨ᠎ᠠ᠃ ᠬᠡᠷᠪᠡ ᠥᠭᠡᠷ᠎ᠡ ᠵᠦᠢᠯ᠎ᠳᠦ ᠪᠡᠯᠡ ᠶᠡᠬᠡ ᠣᠷᠤᠭᠤᠯᠳᠠᠭ ᠪᠠᠢᠭᠰᠠᠨ ᠪᠣᠯ ᠣᠳᠣ ᠪᠦᠬᠦ ᠪᠡᠯᠡ᠎ᠪᠡᠨ ᠬᠤᠷᠢᠶᠠᠵᠤ ᠪᠠᠢᠵᠤ ᠬᠠᠮᠤᠭ᠎ᠤᠨ ᠠᠷᠠᠳ ᠲᠦᠮᠡᠨ᠎ᠦ ᠬᠦᠰᠡᠵᠦ ᠪᠠᠢᠭ᠎ᠠ UNICODE ᠭᠡᠳᠡᠭ ᠲᠥᠷᠦᠯ ᠵᠦᠢᠯ᠎ᠳᠦ ᠣᠷᠤᠭᠤᠯᠤᠨ᠎ᠠ᠃ ᠲᠡᠢᠮᠦ ᠡ᠂ ᠡᠨᠡ ᠲᠠᠯ᠎ᠠ ᠳᠡᠭᠡᠷ᠎ᠡ ᠮᠡᠷᠭᠡᠵᠢᠯᠲᠡᠨ ᠳᠤᠲᠠᠵᠤ ᠪᠠᠢᠭᠰᠠᠨ ᠪᠣᠯ ᠮᠡᠷᠭᠡᠵᠢᠯᠲᠡᠨ ᠠᠭᠤᠳᠠᠯᠵᠤ ᠠᠪᠴᠢᠷᠠᠨ᠎ᠠ᠃ ᠥᠨᠳᠦᠷ ᠴᠠᠯᠢᠩ ᠥᠭᠭᠦᠨ᠎ᠡ᠃ ᠲᠡᠢᠮᠦ ᠡ᠂ ᠡᠢᠮᠦᠷᠬᠦ ᠦᠷ᠎ᠡ ᠳ᠋ᠦᠩ ᠭᠠᠷᠭᠠᠬᠤ᠎ᠶᠢᠨ ᠲᠥᠯᠦᠭᠡ ᠪᠢ ᠡᠨᠳᠡ ᠶᠠᠷᠢᠵᠤ ᠪᠠᠢᠭ᠎ᠠ᠃

ᠮᠠᠨᠠᠢ ᠮᠣᠩᠭᠤᠯ ᠦᠰᠦᠭ ᠪᠣᠯ ᠪᠣᠰᠤᠭ᠎ᠠ᠂ ᠳᠡᠯᠡᠬᠡᠢ᠎ᠳᠦ ᠭᠠᠭᠴᠠᠬᠠᠨ᠂ ᠡᠨᠡ ᠪᠣᠰᠤᠭ᠎ᠠ ᠭᠡᠳᠡᠭ ᠳᠡᠭᠡᠷ᠎ᠡ᠎ᠪᠡᠨ ᠪᠠᠰᠠ ᠬᠡᠴᠡᠭᠦᠦ ᠪᠠᠢᠬᠤ ᠠ᠋᠃ ᠳᠡᠭᠡᠷ᠎ᠡ᠎ᠨᠢ ᠡᠬᠢᠨ ᠳᠤᠮᠳᠠ ᠠᠳᠠᠭ᠎ᠲᠤ ᠣᠷᠤᠳᠠᠭ ᠭᠤᠷᠪᠠᠨ ᠬᠤᠪᠢᠷᠠᠯ᠎ᠲᠠᠢ᠂ ᠳᠡᠭᠡᠷ᠎ᠡ᠎ᠨᠢ ᠣᠯᠠᠨ ᠢᠵᠢᠯ ᠳᠦᠷᠰᠦ᠎ᠲᠡᠢ ᠦᠭᠡ ᠪᠠᠢᠳᠠᠭ ᠰᠢᠳᠡ᠂ 《ᠠ》ᠭᠡᠳᠡᠭ᠎ᠢ᠎ᠴᠢᠨᠢ ᠣᠯᠠᠨ ᠨᠥᠬᠦᠳ ᠣᠯᠠᠨ ᠶᠠᠷᠢᠭᠰᠠᠨ ᠰᠢᠳᠡ᠂ ᠳᠠᠪᠲᠠᠬᠤ᠎ᠦᠭᠡᠢ᠃ 《ᠠ》ᠭᠡᠳᠡᠭ᠎ᠴᠢᠨᠢ ᠳᠤᠮᠳᠠ ᠣᠷᠤᠬᠤ᠎ᠶᠤᠮ ᠪᠣᠯ 《ᠨ》ᠳᠡᠪᠢᠰᠭᠡᠷ ᠪᠠᠰᠠ ᠪᠣᠯᠵᠤ ᠪᠣᠯᠬᠤ᠎ᠶᠤᠮ ᠰᠢᠳᠡ᠃ ᠲᠡᠭᠡᠪᠡᠯ ᠪᠠᠰᠠ 《ᠣ》《᠎ᠤ》ᠪᠠᠢᠨ᠎ᠠ᠂ 《ᠥ》《᠎ᠦ》ᠪᠠᠢᠨ᠎ᠠ᠂ 《ᠳ》《ᠲ》ᠪᠠᠢᠨ᠎ᠠ᠂ 《ᠬ》《ᠭ》ᠪᠠᠢᠨ᠎ᠠ᠂ 《ᠬ》《ᠭ》᠎ᠴᠦ ᠣᠳᠣ ᠵᠥᠷᠢᠶ᠎ᠡ᠎ᠲᠡᠢ᠂ ᠢᠩᠭᠢᠭᠡᠳ ᠣᠯᠠᠨ ᠠᠳᠠᠯᠢ ᠳᠦᠷᠰᠦ᠎ᠲᠡᠢ ᠦᠭᠡ᠎ᠨᠦᠭᠦᠳ ᠪᠠᠢᠬᠤ᠎ᠶᠤᠮ ᠪᠠᠢᠨ᠎ᠠ᠃ ᠳᠠᠬᠢᠭᠠᠳ ᠨᠢᠭᠡ ᠬᠦᠴᠢᠷᠳᠡᠯ᠎ᠨᠢ ᠳᠦᠷᠰᠦ᠎ᠨᠢ ᠨᠢᠭᠡ ᠶᠠᠩᠵᠤ᠂ ᠳᠠᠭᠤᠳᠠᠬᠤ᠎ᠨᠢ ᠨᠢᠭᠡ ᠶᠠᠩᠵᠤ᠎ᠶᠢᠨ ᠶᠠᠪᠤᠳᠠᠯ ᠪᠠᠢᠨ᠎ᠠ᠂ ᠢᠩᠭᠢᠬᠦᠯᠡᠷ ᠳᠦᠷᠰᠦ᠎ᠪᠡᠷ ᠣᠷᠤᠭᠤᠯᠬᠤ᠎ᠳᠤ ᠵᠠᠷᠢᠮ ᠳᠠᠭᠤᠳᠠᠯᠭ᠎ᠠ᠎ᠨᠢ ᠵᠥᠷᠢᠴᠢᠬᠡᠨ᠎ᠡ᠂ ᠳᠠᠭᠤᠳᠠᠯᠭ᠎ᠠ᠎ᠪᠠᠷ ᠣᠷᠤᠭᠤᠯᠬᠤ᠎ᠳᠤ ᠵᠠᠷᠢᠮ ᠳᠦᠷᠰᠦ᠎ᠨᠢ ᠵᠥᠷᠢᠴᠢᠬᠡᠨ᠎ᠡ᠃ ᠵᠠ ᠡᠨᠡ ᠪᠣᠯ ᠮᠡᠷᠭᠡᠵᠢᠯ᠎ᠦᠨ ᠲᠠᠯ᠎ᠠ᠎ᠶᠢᠨ ᠬᠥᠮᠦᠰ᠎ᠲᠦ ᠬᠡᠳᠦᠢ ᠬᠦᠴᠢᠷ ᠪᠣᠯᠳᠠᠭ᠎ᠢ ᠪᠢ ᠬᠠᠵᠠᠭᠤ᠎ᠠᠴᠠ᠎ᠨᠢ ᠣᠢᠯᠠᠭᠠᠵᠤ ᠪᠠᠢᠨ᠎ᠠ᠎ᠯᠠ᠎ᠳᠠ᠃ ᠭᠡᠪᠡᠴᠦ ᠡᠨᠡ ᠬᠦᠴᠢᠷ ᠪᠠᠢᠯ᠎ᠠ ᠭᠡᠰᠡᠨ᠎ᠴᠦ ᠪᠢᠳᠡ ᠬᠦᠴᠢᠷ᠎ᠢ ᠳᠠᠪᠠᠬᠤ ᠡᠷᠴᠢ ᠵᠣᠷᠢᠭ ᠪᠠᠢᠬᠤ ᠬᠡᠷᠡᠭᠲᠡᠢ᠃ ᠡᠨᠡ ᠬᠦᠴᠢᠷ᠎ᠢ ᠮᠠᠨ᠎ᠤ ᠡᠷᠳᠡᠮᠲᠡᠨ᠂ ᠣᠨᠴᠠᠭᠠᠢᠯᠠᠨ ᠣᠳᠣ ᠭᠠᠷᠴᠤ ᠪᠠᠢᠭ᠎ᠠ ᠵᠠᠯᠠᠭᠤᠴᠤᠳ᠎ᠮᠢᠨᠢ ᠳᠠᠪᠠᠵᠤ ᠴᠢᠳᠠᠨ᠎ᠠ ᠭᠡᠳᠡᠭ᠎ᠢ ᠪᠢ ᠶᠠᠭᠤᠨ᠎ᠤ ᠡᠮᠦᠨ᠎ᠡ ᠢᠲᠡᠭᠡᠵᠦ ᠪᠠᠢᠨ᠎ᠠ᠃

ᠬᠣᠶᠠᠳᠤᠭᠠᠷ᠎ᠨᠢ ᠣᠳᠣ ᠦᠨᠡᠨᠳᠡᠭᠡᠨ UNICODE ᠊᠎ᠦᠨ ᠲᠤᠬᠠᠢ ᠰᠢᠪᠡᠬᠦ ᠠᠷᠭ᠎ᠠ ᠭᠠᠷᠴᠢᠬᠠᠭᠰᠠᠨ ᠪᠠᠢᠨ᠎ᠠ ᠰᠢᠳᠡ᠂ 《ᠠᠯᠮᠠᠰ》ᠺᠣᠮᠫᠠᠨᠢ᠃ ᠲᠡᠷᠡ᠎ᠴᠢᠨᠢ ᠪᠦᠷ UNICODE ᠊᠎ᠢ ᠬᠡᠷᠡᠭᠯᠡᠵᠦ ᠪᠠᠢᠭ᠎ᠠ᠃ ᠭᠡᠪᠡᠴᠦ ᠮᠠᠨ᠎ᠤ ᠮᠣᠩᠭᠤᠯᠴᠤᠳ ᠣᠯᠠᠨ ᠵᠢᠯ 《ᠮᠥᠩᠬᠡ ᠭᠠᠯ》᠂ ᠣᠳᠣ ᠲᠡᠷᠡ《ᠥᠪᠦᠷ ᠮᠣᠩᠭᠤᠯ᠎ᠤᠨ ᠶᠡᠬᠡ ᠰᠤᠷᠭᠠᠭᠤᠯᠢ᠎ᠶᠢᠨ ᠪᠢᠴᠢᠯᠭᠡ᠎ᠶᠢᠨ ᠠᠷᠭ᠎ᠠ》᠂ 《ᠰᠠᠢᠨᠪᠢᠯᠢᠭ》ᠵᠡᠷᠭᠡ᠎ᠶᠢ ᠬᠡᠷᠡᠭᠯᠡᠵᠦ ᠰᠤᠷᠤᠭᠰᠠᠨ ᠪᠣᠯᠬᠤᠷ ᠲᠡᠷᠡ᠎ᠡᠴᠡ᠎ᠪᠡᠨ ᠰᠠᠯᠵᠤ ᠶᠠᠳᠠᠵᠤ ᠪᠠᠢᠨ᠎ᠠ᠃ ᠲᠡᠳᠡᠭᠡᠷ ᠠᠷᠭ᠎ᠠ᠎ᠨᠤᠭᠤᠳ ᠪᠣᠯ ᠠᠷᠠᠳ ᠲᠦᠮᠡᠨ᠎ᠳᠦ ᠶᠡᠬᠡ ᠲᠤᠰᠠ ᠦᠵᠡᠭᠦᠯᠦᠭᠰᠡᠨ᠂ ᠠᠷᠪᠠ ᠬᠣᠷᠢᠨ ᠵᠢᠯ ᠳᠠᠯᠠᠢ ᠪᠠᠶᠠᠨ ᠦᠰᠦᠭ ᠪᠢᠴᠢᠭ ᠲᠡᠭᠦᠨ᠎ᠢᠶᠡᠷ ᠲᠡᠮᠳᠡᠭᠯᠡᠭᠳᠡᠭᠰᠡᠨ᠂ ᠲᠡᠦᠬᠡᠨ᠎ᠳᠦ ᠪᠠᠯᠠᠷᠠᠰᠢ᠎ᠦᠭᠡᠢ ᠭᠠᠪᠢᠶ᠎ᠠ᠎ᠲᠠᠢ ᠪᠢᠴᠢᠯᠭᠡ᠎ᠨᠦᠭᠦᠳ᠃ ᠮᠢᠨᠦ ᠬᠤᠪᠢ᠎ᠬᠥᠮᠦᠨ᠎ᠤ᠎ᠴᠤ ᠭᠡᠰᠡᠨ ᠮᠥᠩᠬᠡ ᠭᠠᠯ᠎ᠢᠶᠠᠷ ᠬᠡᠳᠦᠢ ᠵᠣᠬᠢᠶᠠᠯ ᠪᠢᠴᠢᠯᠭᠡ᠎ᠨᠦᠭᠦᠳ ᠪᠠᠢᠬᠤ ᠭᠡᠰᠡᠨ᠎ᠢᠶᠡᠨ ᠪᠢ ᠥᠪᠡᠷ᠎ᠢᠶᠡᠨ᠎ᠴᠦ ᠮᠡᠳᠡᠬᠦ᠎ᠦᠭᠡᠢ᠃ ᠡᠢᠮᠦ᠎ᠡᠴᠡ ᠲᠡᠳᠡ᠎ᠨᠡᠷ᠎ᠦᠨ ᠭᠠᠪᠢᠶ᠎ᠠ᠎ᠳᠤ ᠪᠠᠰᠠ ᠪᠢᠳᠡ ᠶᠠᠭᠤᠨ᠎ᠤ ᠤᠷᠢᠳ ᠲᠠᠯᠠᠷᠬᠠᠬᠤ ᠬᠡᠷᠡᠭᠲᠡᠢ ᠪᠠᠢᠨ᠎ᠠ᠃ ᠭᠡᠪᠡᠴᠦ ᠲᠡᠳᠡᠭᠡᠷ ᠪᠢᠴᠢᠯᠭᠡ᠎ᠨᠦᠭᠦᠳ ᠮᠠᠨᠢ ᠮᠡᠷᠭᠡᠵᠢᠯ᠎ᠦᠨ ᠲᠠᠯ᠎ᠠ᠎ᠳᠤ᠂ ᠪᠢ ᠪᠣᠯ ᠬᠦᠰᠡᠬᠦ᠎ᠨᠢ ᠰᠢᠳᠡ᠂ ᠮᠡᠷᠭᠡᠵᠢᠯ᠎ᠦᠨ ᠲᠠᠯ᠎ᠠ᠎ᠳᠤ UNICODE ᠤᠷᠤᠭᠤ ᠣᠢᠷᠠᠲᠤᠭᠠᠷᠠᠢ᠎ᠯᠠ ᠭᠡᠰᠡᠨ᠎ᠬᠦᠰᠡᠯ᠎ᠲᠡᠢ ᠪᠠᠢᠨ᠎ᠠ᠃ ᠮᠥᠩᠬᠡ ᠭᠠᠯ ᠪᠣᠯ UNICODE᠎ᠲᠠᠢ ᠠᠳᠠᠯᠢ ᠲᠠᠯ᠎ᠠ ᠶᠡᠬᠡ ᠠᠷᠪᠢᠨ ᠪᠠᠢᠨ᠎ᠠ᠂ ᠲᠡᠭᠡᠪᠡᠯ ᠲᠡᠷᠡ ᠪᠦᠬᠦᠨ᠎ᠢ ᠪᠦᠷᠢᠮᠦᠰᠦᠨ ᠠᠳᠠᠯᠢ ᠪᠣᠯᠭᠠᠬᠤ ᠮᠡᠷᠭᠡᠵᠢᠯ᠎ᠦᠨ ᠰᠢᠪᠲᠤᠯᠤᠯᠲᠠ ᠬᠢᠵᠦ ᠳᠡᠢᠯᠦᠨ᠎ᠡ᠎ᠦᠦ᠎ᠦᠭᠡᠢ᠎ᠦᠦ᠂ ᠬᠢᠵᠦ ᠳᠡᠢᠯᠳᠡᠭ᠎ᠶᠦᠮ ᠪᠣᠯ ᠲᠦᠷᠭᠡᠨ ᠬᠢᠭᠡᠷᠡᠢ ᠭᠡᠵᠦ ᠪᠢᠳᠡᠨ ᠬᠦᠰᠡᠮᠡᠷ ᠪᠠᠢᠨ᠎ᠠ᠂ ᠨᠥᠭᠦᠭᠡ ᠲᠠᠯ᠎ᠠ ᠳᠡᠭᠡᠷ᠎ᠡ ᠪᠢᠳᠡᠨᠡᠷ ᠣᠳᠣ ᠬᠡᠳᠦᠢ ᠬᠦᠴᠢᠷ᠎ᠲᠡᠢ ᠪᠣᠯᠪᠠᠴᠤ ᠠᠯᠮᠠᠰ᠎ᠢᠶᠠᠷ ᠪᠢᠴᠢᠵᠦ ᠰᠤᠷᠤᠶ᠎ᠠ᠃ ᠣᠳᠣ ᠪᠢ ᠪᠣᠯ ᠬᠦᠴᠢᠷ᠎ᠲᠡᠢ ᠭᠡᠳ ᠬᠣᠢᠰᠢ᠎ᠨᠢ ᠲᠠᠯᠪᠢᠭᠠᠳ ᠨᠡᠯᠢᠶᠡᠳ ᠤᠳᠠᠭᠠᠨ ᠰᠤᠷᠤᠭ᠎ᠠ᠎ᠦᠭᠡᠢ᠃ ᠭᠡᠪᠡᠴᠦ ᠥᠨᠦᠳᠦᠷ᠎ᠡᠴᠡ ᠡᠬᠢᠯᠡᠵᠦ ᠰᠤᠷᠤᠶ᠎ᠠ ᠭᠡᠵᠦ ᠪᠣᠳᠤᠵᠤ ᠬᠢᠵᠦ ᠪᠠᠢᠨ᠎ᠠ᠃ ᠮᠠᠨ᠎ᠤ ᠲᠧᠯᠸᠢᠰ ᠪᠠᠰᠠ ᠲᠡᠷᠡ᠎ᠶᠢ ᠤᠭᠰᠠᠷᠠᠴᠢᠬᠠᠭᠰᠠᠨ ᠪᠠᠢᠨ᠎ᠠ᠂ ᠮᠠᠨ᠎ᠤ ᠵᠠᠯᠠᠭᠤᠴᠤᠳ ᠰᠤᠷᠴᠢᠬᠠᠭᠠᠳ ᠬᠢᠵᠦ ᠪᠠᠢᠨ᠎ᠠ᠃ ᠡᠢᠮᠦ᠎ᠡᠴᠡ ᠪᠢᠳᠡ ᠠᠯᠮᠠᠰ ᠪᠢᠴᠢᠯᠭᠡ᠎ᠶᠢᠨ ᠠᠷᠭ᠎ᠠ᠎ᠪᠠᠷ ᠪᠢᠴᠢᠶ᠎ᠡ᠂ ᠡᠭᠦᠨ᠎ᠡᠴᠡ ᠬᠣᠢᠰᠢ᠂ ᠪᠦᠭᠦᠳᠡᠭᠡᠷ᠎ᠢᠶᠡᠨ᠂ ᠠᠷᠠᠳ ᠣᠯᠠᠨ᠎ᠢᠶᠠᠷ᠎ᠢᠶᠠᠨ ᠳᠡᠮᠵᠢᠶ᠎ᠡ᠃ ᠬᠦᠴᠢᠷ ᠭᠡᠵᠦ ᠪᠢᠲᠡᠭᠡᠢ ᠬᠣᠢᠰᠢ᠎ᠪᠠᠨ ᠰᠠᠭᠤᠶ᠎ᠠ᠃ ᠪᠢᠳᠡ ᠠᠯᠮᠠᠰ᠎ᠢᠶᠠᠷ ᠪᠢᠴᠢᠵᠦ ᠰᠤᠷᠴᠤ ᠪᠠᠢᠪᠠᠯ UNICODE᠎ᠲᠤ ᠨᠢᠭᠡ ᠠᠯᠬᠤᠮ ᠣᠢᠷᠠᠲᠤᠵᠤ ᠪᠠᠢᠨ᠎ᠠ ᠭᠡᠰᠡᠨ ᠦᠭᠡ᠃ ᠡᠢᠮᠦ᠎ᠡᠴᠡ ᠠᠯᠮᠠᠰ ᠺᠣᠮᠫᠠᠨᠢ᠎ᠶᠢᠨ ᠲᠡᠷᠡ ᠰᠠᠢᠬᠠᠨ UNICODE ᠊᠎ᠢᠶᠡᠷ ᠬᠢᠭᠰᠡᠨ ᠪᠢᠴᠢᠯᠭᠡ᠎ᠶᠢ ᠰᠤᠳᠤᠯᠵᠤ ᠭᠠᠷᠭᠠᠭᠰᠠᠨ᠂ ᠬᠡᠷᠡᠭᠯᠡᠭᠡᠨ᠎ᠳᠦ ᠣᠷᠤᠭᠤᠯᠤᠭᠰᠠᠨ ᠬᠥᠮᠦᠰ᠎ᠢ᠎ᠴᠦ ᠡᠨᠳᠡ ᠲᠠᠯᠠᠷᠬᠠᠵᠤ ᠪᠠᠢᠨ᠎ᠠ᠃ ᠭᠡᠪᠡᠴᠦ ᠬᠡᠷᠡᠭᠯᠡᠭᠡᠨ᠎ᠦ ᠲᠠᠯ᠎ᠠ᠎ᠳᠤ ᠶᠠᠭᠠᠬᠢᠭᠠᠳ ᠬᠦᠴᠢᠷ ᠪᠠᠢᠨ᠎ᠠ ᠪᠤᠢ ᠭᠡᠪᠡᠯ ᠪᠢᠳᠡ《ᠮᠥᠩᠬᠡ ᠭᠠᠯ》᠎ᠳᠦ ᠳᠡᠩᠳᠡᠭᠦᠦ ᠳᠠᠰᠴᠠᠢ᠂ 《ᠰᠠᠢᠨᠪᠢᠯᠢᠭ》᠎ᠲᠦ ᠳᠡᠩᠳᠡᠭᠦᠦ ᠳᠠᠰᠴᠠᠢ᠂ ᠲᠡᠳᠡ ᠪᠣᠯ ᠪᠢᠳᠡᠨ᠎ᠳᠦ ᠦᠨᠡᠨ ᠠᠮᠠᠷᠬᠠᠨ ᠬᠡᠷᠡᠭᠯᠡᠳᠡᠭ ᠠᠷᠭ᠎ᠠ᠎ᠪᠠᠷ᠎ᠨᠢ ᠵᠣᠬᠢᠶᠠᠭᠠᠳ ᠥᠭᠴᠡᠢ᠂ ᠭᠡᠪᠡᠴᠦ ᠠᠷᠭ᠎ᠠ᠎ᠦᠭᠡᠢ ᠪᠢᠳᠡ ᠢᠨᠲᠧᠷᠨᠧᠲ᠎ᠲᠦ ᠣᠷᠤᠨ᠎ᠠ ᠭᠡᠳ ᠪᠦᠭᠦᠳᠡᠭᠡᠷ᠎ᠢᠶᠡᠨ ᠬᠦᠰᠡᠵᠦ ᠪᠠᠢᠭ᠎ᠠ᠎ᠶᠤᠮ᠎ᠴᠢᠨᠢ ᠪᠢᠳᠡ ᠢᠨᠲᠧᠷᠨᠧᠲ᠎ᠲᠦ ᠣᠷᠤᠵᠤ ᠴᠢᠳᠠᠬᠤ ᠠᠷᠭ᠎ᠠ᠎ᠶᠢ ᠬᠡᠷᠡᠭᠯᠡᠶ᠎ᠡ᠂ ᠪᠢᠳᠡ《 ᠠᠯᠮᠠᠰ》 ᠭᠡᠳᠡᠭ ᠡᠨᠡ ᠠᠷᠭ᠎ᠠ᠎ᠶᠢ ᠶᠠᠭᠤᠨ᠎ᠤ ᠤᠷᠢᠳ ᠰᠤᠷᠤᠶ᠎ᠠ᠂ ᠢᠩᠭᠢᠵᠦ ᠬᠦᠰᠡᠵᠦ ᠪᠠᠢᠨ᠎ᠠ᠂ ᠡᠷᠭᠢᠭᠡᠳ ᠠᠯᠮᠠᠰ ᠮᠠᠨᠢ ᠪᠠᠰᠠ ᠮᠡᠷᠭᠡᠵᠢᠯ᠎ᠦᠨ ᠲᠠᠯ᠎ᠠ᠎ᠳᠤ ᠰᠠᠢᠵᠢᠷᠠᠭᠤᠯᠵᠤ ᠪᠣᠯᠳᠠᠭ ᠪᠣᠯ ᠰᠠᠢᠵᠢᠷᠠᠭᠤᠯᠤᠭᠠᠷᠠᠢ ᠭᠡᠳᠡᠭ ᠬᠦᠰᠡᠯ᠎ᠢ ᠲᠠᠯᠪᠢᠶ᠎ᠠ᠂ ᠠᠷᠠᠳ ᠣᠯᠠᠨ᠎ᠳᠤ ᠬᠡᠷᠡᠭᠯᠡᠬᠦ᠎ᠳᠦ ᠤᠯᠠᠮ ᠠᠮᠠᠷᠬᠠᠨ ᠪᠣᠯᠭᠠᠭᠠᠷᠠᠢ ᠭᠡᠰᠡᠨ ᠬᠦᠰᠡᠯ᠎ᠢ ᠲᠠᠯᠪᠢᠶ᠎ᠠ᠃ ᠢᠩᠭᠢᠬᠦ᠎ᠶᠦᠮ ᠪᠣᠯ ᠡᠨᠡ ᠠᠵᠢᠯ ᠠᠷᠠᠢ ᠭᠠᠢᠭᠤᠢ ᠪᠣᠯᠬᠤ᠎ᠶᠤᠮ᠎ᠳᠠ ᠭᠡᠵᠦ ᠪᠣᠳᠤᠵᠤ ᠪᠠᠢᠨ᠎ᠠ᠃

ᠬᠡᠷᠪᠡ ᠡᠨᠡ᠎ᠶᠢ ᠬᠠᠮᠢᠶᠠᠷᠤᠯᠲᠠ᠎ᠶᠢᠨ ᠪᠠᠢᠭᠤᠯᠭ᠎ᠠ᠎ᠳᠤ ᠶᠠᠷᠢᠬᠤ ᠪᠣᠯ᠂ ᠤᠯᠠᠭᠠᠨ ᠲᠠᠮᠠᠭ᠎ᠠ᠎ᠲᠠᠢ ᠪᠢᠴᠢᠭ᠎ᠢ ᠳᠠᠷᠤᠮᠠᠯᠯᠠᠭᠰᠠᠨ ᠮᠠᠨ᠎ᠤ《ᠳᠤᠮᠳᠠᠳᠤ ᠤᠯᠤᠰ᠎ᠤᠨ ᠮᠣᠩᠭᠤᠯ ᠬᠡᠯᠡ ᠪᠢᠴᠢᠭ᠎ᠦᠨ ᠰᠢᠨᠵᠢᠯᠡᠭᠡᠨ᠎ᠦ ᠨᠡᠢᠭᠡᠮᠯᠢᠭ》ᠮᠠᠨᠢ ᠪᠠᠰᠠ ᠭᠠᠷᠴᠤ ᠢᠷᠡᠭᠡᠳ᠂ ᠲᠠᠢᠯᠤᠮᠵᠢ ᠦᠷᠭᠦᠯᠵᠢ ᠬᠢᠭᠡᠷᠡᠢ᠂ ᠪᠢᠳᠡ ᠪᠠᠰᠠ ᠲᠠ᠎ᠨᠠᠷ᠎ᠤᠨ ᠰᠠᠨᠠᠭ᠎ᠠ᠎ᠶᠢ ᠣᠢᠯᠠᠭᠠᠶ᠎ᠠ᠃ ᠮᠠᠨ᠎ᠤ ᠤᠯᠤᠰ᠎ᠪᠣᠯ ᠢᠩᠭᠢᠭᠡᠳ ᠳᠠᠷᠤᠭ᠎ᠠ᠎ᠨᠢ ᠳᠠᠷᠤᠭ᠎ᠠ᠎ᠪᠠᠷ᠎ᠢᠶᠠᠨ᠂ ᠠᠷᠠᠳ᠎ᠨᠢ ᠠᠷᠠᠳ᠎ᠢᠶᠠᠷ᠎ᠢᠶᠠᠨ᠂ ᠪᠠᠢᠭᠤᠯᠭ᠎ᠠ᠎ᠨᠢ ᠪᠠᠢᠭᠤᠯᠭ᠎ᠠ᠎ᠪᠠᠷ᠎ᠢᠶᠠᠨ᠂ ᠠᠵᠢᠯᠴᠢᠨ᠎ᠨᠢ ᠠᠵᠢᠯᠴᠢᠨ᠎ᠢᠶᠠᠷ᠎ᠢᠶᠠᠨ ᠰᠠᠯᠤᠭᠠᠳ ᠣᠯᠠᠨ ᠵᠢᠯ ᠪᠣᠯᠤᠭᠰᠠᠨ ᠰᠢᠦ᠎ᠳᠡ᠃ ᠪᠢᠳᠡ ᠣᠳᠣ ᠨᠡᠢᠯᠡᠵᠦ ᠰᠤᠷᠤᠶ᠎ᠠ᠂ ᠪᠠᠢᠭᠤᠯᠭ᠎ᠠ᠎ᠴᠤ ᠭᠡᠰᠡᠨ ᠬᠥᠮᠦᠨ ᠰᠢᠳᠡ᠂ ᠪᠢᠳᠡ ᠶᠠᠭᠤ ᠬᠢᠵᠦ ᠪᠠᠢᠨ᠎ᠠ ᠭᠡᠳᠡᠭ᠎ᠢᠶᠡᠨ ᠠᠷᠠᠳ ᠣᠯᠠᠨ᠎ᠳᠤ᠎ᠪᠠᠨ ᠬᠡᠯᠡᠶ᠎ᠡ᠂ ᠮᠡᠳᠡᠭᠦᠯᠦᠶ᠎ᠡ᠃ ᠬᠦᠴᠢᠷ ᠶᠠᠭᠤ ᠪᠠᠢᠨ᠎ᠠ᠎ᠤᠤ ᠠᠷᠠᠳ ᠣᠯᠠᠨ᠎ᠠᠴᠠ᠎ᠪᠠᠨ ᠭᠤᠶᠤᠵᠤ᠎ᠴᠤ ᠪᠣᠯᠤᠨ᠎ᠠ ᠰᠢᠳᠡ᠂ ᠮᠡᠷᠭᠡᠵᠢᠯᠲᠡᠨ ᠳᠤᠲᠠᠵᠤ ᠪᠠᠢᠨ᠎ᠠ᠂ ᠨᠡᠷ᠎ᠡ᠎ᠪᠡᠨ ᠮᠡᠳᠡᠭᠦᠯᠦᠭᠡᠷᠡᠢ ᠭᠡᠵᠦ ᠪᠣᠯᠤᠨ᠎ᠠ ᠰᠢᠳᠡ᠃ ᠢᠩᠭᠢᠵᠦ ᠬᠠᠮᠲᠤ᠎ᠪᠠᠷ᠎ᠢᠶᠠᠨ ᠰᠡᠳᠭᠢᠯ ᠨᠢᠭᠡᠲᠡᠢ᠎ᠪᠡᠷ ᠠᠵᠢᠯᠯᠠᠶ᠎ᠠ᠃ ᠬᠡᠷᠪᠡ ᠠᠯᠪᠠᠨ ᠪᠠᠢᠭᠤᠯᠤᠯᠭ᠎ᠠ ᠪᠡᠯᠡ ᠮᠥᠩᠭᠦ ᠶᠡᠬᠡᠲᠡᠢ᠎ᠶᠦᠮ ᠪᠣᠯ ᠨᠧᠲ ᠤᠷᠤᠭᠤ ᠢᠯᠡᠭᠦᠦ ᠣᠷᠤᠭᠤᠯᠤᠭᠠᠷᠠᠢ ᠭᠡᠵᠦ ᠬᠦᠰᠡᠵᠦ ᠪᠠᠢᠨ᠎ᠠ᠃

ᠵᠠ ᠮᠠᠨ᠎ᠤ ᠨᠠᠮ᠎ᠵᠠᠰᠠᠭ᠎ᠠᠴᠠ ᠪᠣᠯ ᠡᠨᠡ ᠠᠵᠢᠯ᠎ᠢ ᠶᠡᠬᠡ᠎ᠪᠡᠷ ᠬᠦᠨᠳᠦᠳᠭᠡᠵᠦ ᠪᠠᠢᠭ᠎ᠠ ᠭᠡᠳᠡᠭ᠎ᠢ ᠪᠣᠯ ᠪᠢ ᠪᠡᠶ᠎ᠡ᠎ᠪᠡᠷ᠎ᠢᠶᠡᠨ ᠥᠩᠭᠡᠷᠡᠭᠡᠭᠰᠡᠨ᠃ ᠪᠢ ᠣᠳᠣ ᠪᠠᠭᠠᠲᠤᠷ ᠲᠡᠷᠢᠭᠦᠯᠡᠭᠴᠢ᠎ᠶᠢᠨ ᠵᠠᠰᠠᠭ᠎ᠤᠨ ᠣᠷᠳᠤᠨ᠎ᠤ ᠢᠯᠡᠳᠭᠡᠯ᠎ᠢ ᠳᠣᠯᠤᠭᠠᠨ ᠵᠢᠯ ᠰᠢᠭᠤᠳ ᠨᠡᠪᠲᠡᠷᠡᠭᠦᠯᠦᠭᠰᠡᠨ᠃ ᠵᠢᠯ ᠪᠣᠯᠭᠠᠨ ᠡᠨᠡ ᠲᠤᠬᠠᠢ ᠳᠤᠷᠠᠳᠳᠠᠭ᠂ ᠣᠨᠴᠠᠭᠠᠢᠯᠠᠨ ᠥᠩᠭᠡᠷᠡᠭᠰᠡᠨ ᠭᠤᠷᠪᠠᠨ ᠵᠢᠯ ᠪᠣᠯ ᠲᠣᠮᠤ ᠲᠣᠮᠤ ᠬᠡᠪᠴᠢᠶ᠎ᠡ᠎ᠪᠡᠷ ᠮᠣᠩᠭᠤᠯ ᠬᠡᠯᠡᠨ᠎ᠦ ᠰᠤᠷᠠᠭ ᠵᠠᠩᠭᠢ᠎ᠶᠢ ᠳᠤᠷᠠᠳᠤᠭᠰᠠᠨ ᠪᠠᠢᠨ᠎ᠠ᠂ ᠡᠢᠮᠦ᠎ᠡᠴᠡ ᠮᠠᠨ᠎ᠤ ᠵᠠᠰᠠᠭ᠎ᠠᠴᠠ ᠪᠣᠯ ᠶᠡᠬᠡ᠎ᠪᠡᠷ ᠬᠦᠨᠳᠦᠳᠭᠡᠵᠦ ᠪᠠᠢᠭ᠎ᠠ᠃ ᠲᠡᠭᠡᠭᠡᠳ 2014 ᠣᠨ᠎ᠠᠴᠠ ᠵᠢᠯ ᠪᠦᠷᠢ 3000ᠲᠦᠮᠡᠨ ᠲᠥᠭᠦᠷᠢᠭ᠎ᠦᠨ ᠲᠤᠰᠭᠠᠢ ᠵᠠᠷᠤᠳᠠᠯ ᠭᠠᠷᠭᠠᠵᠤ ᠥᠭᠭᠦᠭᠰᠡᠨ ᠪᠠᠢᠨ᠎ᠠ᠃ ᠣᠳᠤ ᠡᠨᠡ᠎ᠶᠢ ᠨᠡᠮᠡᠪᠡᠯ 9000ᠲᠦᠮᠡᠨ ᠲᠥᠭᠦᠷᠢᠭ ᠪᠢᠵᠡ᠎ᠳᠡ᠃ ᠣᠳᠣ ᠠᠯᠪᠠᠨ᠎ᠤ ᠠᠵᠢᠯ ᠣᠯᠠᠨ ᠪᠠᠢᠭ᠎ᠠ᠃ ᠭᠡᠪᠡᠴᠦ ᠡᠨᠡ 9000ᠲᠦᠮᠡᠨ ᠲᠥᠭᠦᠷᠢᠭ UNICODE ᠊᠎ᠦᠨ ᠰᠤᠳᠤᠯᠭᠠᠨ᠎ᠳᠤ ᠬᠢᠷᠢ ᠵᠡᠷᠭᠡ ᠣᠷᠤᠵᠤ ᠪᠠᠢᠨ᠎ᠠ᠎ᠪᠤᠢ︖ ᠪᠢᠳᠡ ᠵᠢᠭᠠᠬᠠᠨ ᠢᠯᠡᠭᠦᠦ᠎ᠶᠢ᠎ᠨᠢ ᠣᠷᠤᠭᠤᠯᠵᠤ ᠪᠣᠯᠤᠨ᠎ᠠ᠎ᠤᠤ᠎ᠦᠭᠡᠢ᠎ᠤᠤ︖ ᠭᠡᠰᠡᠨ ᠬᠦᠰᠡᠯ᠎ᠢ ᠡᠨᠳᠡ ᠲᠠᠯᠪᠢᠵᠤ ᠪᠠᠢᠨ᠎ᠠ᠃ ᠡᠭᠦᠨ᠎ᠡᠴᠡ ᠥᠭᠡᠷ᠎ᠡ ᠲᠥᠷᠦᠯ ᠵᠦᠢᠯ᠎ᠢ ᠵᠢᠭᠠᠬᠠᠨ ᠬᠣᠢᠨ᠎ᠠ ᠲᠠᠯᠪᠢᠵᠤ ᠪᠣᠯᠤᠨ᠎ᠠ᠎ᠤᠤ᠎ᠦᠭᠡᠢ᠎ᠤᠤ ᠭᠡᠳᠡᠭ ᠡᠢᠮᠦ ᠬᠦᠰᠡᠯ ᠲᠠᠯᠪᠢᠵᠤ ᠪᠠᠢᠨ᠎ᠠ᠃

ᠡᠢᠮᠦ᠎ᠡᠴᠡ ᠮᠢᠨᠦ ᠣᠢᠯᠠᠭᠠᠭᠰᠠᠨ᠎ᠢᠶᠠᠷ ᠮᠠᠨ᠎ᠤ ᠨᠠᠮ ᠵᠠᠰᠠᠭ᠎ᠤᠨ ᠪᠣᠳᠤᠯᠭ᠎ᠠ ᠪᠣᠯ ᠡᠨᠡ ᠠᠷᠠᠳ ᠣᠯᠠᠨ᠎ᠤ ᠰᠠᠨᠠᠭᠠᠰᠢᠷᠠᠵᠤ ᠪᠠᠢᠭ᠎ᠠ UNICODE᠎ᠲᠤ ᠪᠣᠯ ᠬᠡᠵᠢᠶᠡᠨᠡᠢ ᠣᠷᠤᠵᠤ ᠢᠷᠡᠭᠰᠡᠨ᠂ ᠮᠥᠩᠭᠦ ᠵᠣᠭᠤᠰ᠎ᠲᠠᠢ᠎ᠪᠠᠨ ᠣᠷᠤᠭᠠᠳ ᠢᠷᠡᠭᠰᠡᠨ᠃ ᠣᠳᠣ ᠮᠠᠨ᠎ᠤ ᠨᠠᠮ ᠵᠠᠰᠠᠭ᠎ᠤᠨ ᠪᠠᠢᠭᠤᠯᠭ᠎ᠠ ᠪᠣᠯ ᠪᠦᠭᠦᠳᠡᠭᠡᠷ᠎ᠢᠶᠡᠨ ᠠᠵᠢᠯᠯᠠᠵᠤ ᠪᠠᠢᠭ᠎ᠠ᠃ ᠮᠣᠩᠭᠤᠯ ᠬᠡᠯᠡ ᠪᠢᠴᠢᠭ᠎ᠦᠨ ᠵᠥᠪᠯᠡᠯ(ᠨᠡᠢᠭᠡᠮᠯᠢᠭ) ᠪᠠᠰᠠ ᠶᠡᠬᠡ ᠣᠯᠠᠨ ᠲᠥᠷᠦᠯ ᠵᠦᠢᠯ᠎ᠢ ᠨᠡᠢᠭᠡᠮ ᠤᠷᠤᠭᠤ ᠬᠠᠨᠳᠤᠵᠤ ᠠᠵᠢᠯᠯᠠᠭᠤᠯᠵᠤ ᠪᠠᠢᠨ᠎ᠠ᠂ ᠤᠴᠢᠷ᠎ᠨᠢ ᠥᠪᠡᠷ᠎ᠢᠶᠡᠨ ᠪᠣᠯ ᠡᠨᠡ᠎ᠶᠢ ᠬᠢᠵᠦ ᠳᠡᠢᠯᠬᠦ᠎ᠦᠭᠡᠢ ᠰᠢᠳᠡ᠂ ᠡᠨᠡ ᠮᠡᠷᠭᠡᠵᠢᠯ᠎ᠦᠨ ᠡᠳ᠋᠎ᠢ᠃ ᠡᠨᠡ᠎ᠴᠢᠨᠢ ᠣᠳᠣ ᠶᠡᠬᠡ ᠰᠠᠢᠬᠠᠨ ᠠᠷᠭ᠎ᠠ᠂ ᠨᠡᠢᠭᠡᠮ ᠳᠡᠭᠡᠷ᠎ᠡ ᠶᠡᠬᠡ ᠰᠠᠢᠬᠠᠨ ᠺᠣᠮᠫᠠᠨᠢ᠎ᠨᠤᠭᠤᠳ ᠪᠠᠢᠭ᠎ᠠ ᠰᠢᠦ᠎ᠳᠡ᠂ ᠮᠢᠨᠦ ᠬᠡᠯᠡᠵᠦ ᠪᠠᠢᠭ᠎ᠠ《ᠠᠯᠮᠠᠰ》ᠺᠣᠮᠫᠠᠨᠢ ᠵᠡᠷᠭᠡ᠂ ᠡᠳᠡᠭᠡᠷ ᠵᠠᠯᠠᠭᠤᠴᠤᠳ᠎ᠢᠶᠠᠷ ᠭᠣᠣᠯᠯᠠᠭᠰᠠᠨ ᠺᠣᠮᠫᠠᠨᠢ᠎ᠨᠤᠭᠤᠳ᠎ᠤᠨ ᠬᠦᠴᠦᠨ᠎ᠢ ᠠᠰᠢᠭᠯᠠᠵᠤ᠂ ᠮᠡᠷᠭᠡᠵᠢᠯ᠎ᠢ᠎ᠨᠢ ᠠᠰᠢᠭᠯᠠᠵᠤ᠂ ᠮᠥᠩᠭᠦ᠎ᠶᠢ᠎ᠨᠢ ᠮᠠᠨ᠎ᠤ ᠵᠠᠰᠠᠭ ᠲᠥᠷᠦ᠎ᠡᠴᠡ ᠥᠭᠴᠦ᠂ ᠡᠨᠡ ᠠᠵᠢᠯ᠎ᠢ ᠡᠷᠴᠢᠮᠲᠡᠢ ᠬᠢᠬᠦ᠎ᠶᠦᠮ ᠪᠣᠯ ᠪᠡᠶᠡᠯᠡᠬᠦ᠎ᠦᠭᠡᠢ ᠭᠡᠰᠡᠨ ᠶᠠᠪᠤᠳᠠᠯ ᠪᠠᠢᠬᠤ᠎ᠦᠭᠡᠢ ᠭᠡᠵᠦ ᠰᠠᠨᠠᠵᠤ ᠪᠠᠢᠨ᠎ᠠ᠃ ᠡᠢᠮᠦ᠎ᠡᠴᠡ ᠨᠠᠮ ᠵᠠᠰᠠᠭ᠎ᠤᠨ ᠲᠠᠯ᠎ᠠ᠎ᠠᠴᠠ᠁ᠭᠡᠰᠡᠨ ᠠᠵᠢᠯ᠎ᠳᠤ ᠨᠡᠩ ᠢᠯᠡᠭᠦᠦ ᠪᠡᠯᠡ ᠣᠷᠤᠭᠤᠯᠤᠭᠠᠷᠠᠢ ᠭᠡᠰᠡᠨ ᠬᠦᠰᠡᠯ᠎ᠢ ᠲᠠᠯᠪᠢᠵᠤ ᠪᠠᠢᠨ᠎ᠠ᠃

ᠵᠠ ᠡᠷᠭᠢᠭᠡᠳ ᠨᠢᠭᠡ᠎ᠨᠢ ᠪᠣᠯ UNICODE ᠊᠎ᠦᠨ ᠪᠠᠢᠭᠤᠯᠭ᠎ᠠ᠂ ᠣᠯᠠᠨ ᠤᠯᠤᠰ᠎ᠤᠨ ᠪᠠᠷᠢᠮᠵᠢᠶᠠᠴᠢᠯᠠᠯ᠎ᠤᠨ ᠪᠠᠢᠭᠤᠯᠭ᠎ᠠ ᠪᠠᠢᠭ᠎ᠠ ᠰᠢᠳᠡ᠃ ᠳᠣᠲᠤᠷ᠎ᠠ᠎ᠨᠢ ᠪᠠᠰᠠ ᠠᠷᠪᠢᠨ ᠺᠣᠮᠫᠠᠨᠢ᠎ᠨᠤᠭᠤᠳ ᠪᠠᠢᠵᠤ ᠪᠠᠢᠨ᠎ᠠ᠃ Microsoft᠎ᠴᠤ᠎ᠶᠤᠮ᠎ᠤᠤ᠂ ᠠᠯᠮᠤᠷᠠᠳ᠎ᠴᠤ᠎ᠶᠤᠮ᠎ᠤᠤ᠂ IBM᠎ᠴᠤ᠎ᠶᠤᠮ᠎ᠤᠤ ᠭᠡᠳ ᠣᠯᠠᠨ ᠺᠣᠮᠫᠠᠨᠢ᠎ᠨᠤᠭᠤᠳ ᠪᠠᠢᠵᠤ ᠪᠠᠢᠨ᠎ᠠ᠃ ᠵᠠ ᠲᠡᠳᠡᠭᠡᠷ ᠺᠣᠮᠫᠠᠨᠢ᠎ᠨᠤᠭᠤᠳ᠎ᠲᠠᠢ ᠮᠠᠨ᠎ᠤ ᠭᠠᠳᠠᠭᠠᠳᠤ᠎ᠳᠤ ᠣᠯᠠᠨ ᠪᠠᠢᠭ᠎ᠠ ᠨᠠᠢᠵᠠ᠎ᠨᠠᠷ ᠢᠯᠡᠭᠦᠦ ᠬᠠᠷᠢᠯᠴᠠᠵᠤ᠂ ᠢᠩᠭᠢᠵᠦ ᠲᠡᠳᠡᠨ᠎ᠦ ᠪᠠᠢᠳᠠᠯ᠎ᠢ᠎ᠴᠤ ᠴᠠᠭ ᠲᠤᠬᠠᠢ᠎ᠳᠤ᠎ᠨᠢ ᠳᠠᠮᠵᠢᠭᠤᠯᠵᠤ᠂ ᠮᠠᠨ᠎ᠤ ᠮᠣᠩᠭᠤᠯ ᠬᠡᠯᠡ᠎ᠶᠢ ᠨᠢᠭᠡ ᠴᠢᠬᠤᠯᠠᠴᠢᠯᠠᠵᠤ ᠦᠵᠡᠭᠡᠷᠡᠢ᠂ ᠣᠳᠣ ᠮᠠᠨ᠎ᠤ ᠮᠣᠩᠭᠤᠯ ᠬᠡᠯᠡ ᠡᠢᠮᠦ ᠪᠣᠯᠤᠭᠠᠳ ᠪᠠᠢᠨ᠎ᠠ ᠰᠢᠦ᠎ᠳᠡ᠂ ᠬᠣᠴᠤᠷᠤᠭᠠᠳ᠃ ᠲᠠᠨᠠᠷ ᠡᠭᠦᠨ᠎ᠢ ᠡᠳᠦᠷ ᠲᠤᠲᠤᠮ᠎ᠤᠨ ᠠᠵᠢᠯ ᠳᠤᠮᠳᠠ᠎ᠪᠠᠨ ᠣᠷᠤᠭᠤᠯ ᠠ᠋᠂ ᠡᠢᠮᠦ ᠵᠣᠬᠢᠴᠠᠭᠤᠯᠬᠤ ᠠᠵᠢᠯ᠎ᠢ ᠬᠢᠬᠦ᠎ᠶᠢ ᠬᠦᠰᠡᠵᠦ ᠪᠠᠢᠨ᠎ᠠ᠃ ᠣᠳᠣ ᠮᠠᠨ᠎ᠤ ᠥᠷᠯᠦᠭ ᠳᠡᠭᠦᠦ ᠭᠡᠵᠦ ᠵᠠᠯᠠᠭᠤ ᠲᠡᠨᠳᠡ ᠠᠵᠢᠯᠯᠠᠵᠤ ᠪᠠᠢᠭ᠎ᠠ᠂ ᠶᠡᠬᠡ ᠢᠳᠡᠪᠬᠢᠲᠡᠢ ᠣᠯᠠᠨ ᠪᠢᠳᠡᠨ᠎ᠳᠦ ᠰᠤᠷᠠᠭ ᠵᠠᠩᠭᠢ᠎ᠶᠢ ᠬᠠᠩᠭᠠᠭᠰᠠᠨ᠃ ᠲᠡᠭᠦᠨ᠎ᠦ ᠰᠢᠭᠤᠳ ᠤᠳᠤᠷᠢᠳᠤᠯᠭ᠎ᠠ᠎ᠨᠢ ᠶᠠᠭ UNICODE ᠊᠎ᠢ ᠬᠠᠮᠢᠶᠠᠷᠳᠠᠭ ᠳᠠᠷᠤᠭ᠎ᠠ ᠪᠠᠢᠵᠤ ᠪᠠᠢᠭ᠎ᠠ᠂ ᠡᠨᠡ UNICODE ᠊᠎ᠢ ᠬᠠᠮᠢᠶᠠᠷᠳᠠᠭ ᠳᠠᠷᠤᠭ᠎ᠠ ᠪᠠᠰᠠ ᠥᠪᠦᠷ ᠮᠣᠩᠭᠤᠯ᠎ᠳᠤ ᠵᠢᠯ ᠪᠣᠯᠭᠠᠨ ᠢᠷᠡᠵᠦ ᠪᠠᠢᠨ᠎ᠠ ᠭᠡᠵᠦ ᠪᠠᠢᠨ᠎ᠠ᠃ ᠲᠡᠭᠡᠪᠡᠯ ᠪᠢᠳᠡ ᠰᠠᠨᠠᠭᠤᠯᠤᠶ᠎ᠠ᠂ ᠥᠪᠦᠷ ᠮᠣᠩᠭᠤᠯ᠎ᠤᠨ ᠤᠳᠤᠷᠢᠳᠤᠯᠭ᠎ᠠ᠎ᠨᠠᠷ᠎ᠮᠢᠨᠢ᠂ ᠮᠠᠨ᠎ᠤ ᠳᠤᠮᠳᠠᠳᠤ ᠤᠯᠤᠰ᠎ᠤᠨ ᠮᠣᠩᠭᠤᠯ ᠬᠡᠯᠡᠨ᠎ᠦ ᠰᠢᠨᠵᠢᠯᠡᠭᠡᠨ᠎ᠦ ᠨᠡᠢᠭᠡᠮᠯᠢᠭ ᠮᠠᠨᠢ᠂ ᠡᠨᠡ ᠵᠢᠯ ᠲᠡᠷᠡ ᠳᠠᠷᠤᠭ᠎ᠠ ᠢᠷᠡᠬᠦ᠎ᠳᠦ ᠨᠢᠭᠡ ᠬᠦᠯᠢᠶᠡᠨ ᠠᠪᠴᠤ ᠬᠠᠮᠢᠶ᠎ᠠ ᠪᠦᠬᠦᠢ ᠲᠠᠯ᠎ᠠ᠎ᠶᠢ ᠣᠷᠤᠯᠴᠠᠭᠤᠯᠤᠭᠰᠠᠨ ᠲᠤᠰᠭᠠᠢ ᠬᠤᠷᠠᠯ᠎ᠬᠢᠬᠦ᠎ᠶᠢ ᠬᠦᠰᠡᠵᠦ ᠪᠠᠢᠨ᠎ᠠ᠃ ᠲᠡᠷᠡ ᠳᠠᠷᠤᠭ᠎ᠠ᠎ᠳᠤ ᠮᠠᠨᠠᠢ ᠮᠣᠩᠭᠤᠯ ᠬᠡᠯᠡᠨ᠎ᠦ ᠬᠡᠷᠡᠭᠯᠡᠭᠡᠨ᠎ᠦ ᠪᠠᠢᠳᠠᠯ᠎ᠢ ᠲᠠᠨᠢᠯᠴᠠᠭᠤᠯᠵᠤ᠂ ᠠᠷᠤ ᠲᠠᠯ᠎ᠠ᠎ᠶᠢᠨ ᠬᠦᠰᠡᠯ᠎ᠢ ᠲᠤᠰᠭᠠᠵᠤ᠂ ᠶᠠᠭᠤ ᠬᠡᠷᠡᠭᠲᠡᠢ ᠪᠣᠯ ᠶᠠᠭᠤ᠎ᠶᠢ᠎ᠨᠢ ᠬᠠᠩᠭᠠᠵᠤ ᠵᠠᠰᠠᠭ᠎ᠤᠨ ᠲᠠᠯ᠎ᠠ᠎ᠠᠴᠠ ᠡᠢᠮᠦ ᠠᠵᠢᠯ ᠬᠢᠬᠦ᠎ᠶᠢ ᠬᠦᠰᠡᠵᠦ ᠪᠠᠢᠨ᠎ᠠ᠃ ᠢᠩᠭᠢᠭᠡᠳ ᠲᠡᠷᠡ ᠤᠳᠤᠷᠢᠳᠤᠯᠭ᠎ᠠ᠎ᠪᠠᠷ ᠳᠠᠮᠵᠢᠭᠤᠯᠵᠤ ᠲᠡᠷᠡ ᠣᠯᠠᠨ ᠤᠯᠤᠰ᠎ᠤᠨ ᠪᠠᠷᠢᠮᠵᠢᠶ᠎ᠠ ᠣᠳᠣ ᠪᠢᠳᠡ ᠶᠡᠬᠡ ᠰᠠᠭᠤᠷᠢ᠎ᠪᠠᠨ ᠲᠠᠯᠪᠢᠵᠤ ᠭᠡᠷ᠎ᠢᠶᠡᠨ ᠬᠦᠷᠲᠡᠯ᠎ᠡ ᠪᠠᠷᠢᠴᠢᠬᠠᠭᠰᠠᠨ ᠰᠢᠦ᠃ ᠳᠣᠲᠤᠷ᠎ᠠ᠎ᠨᠢ ᠣᠳᠣ ᠵᠢᠱ᠌ᠢᠶᠡᠯᠡᠪᠡᠯ ᠡᠨᠡ ᠨᠠᠰᠤᠨ᠌ᠤ᠋ᠷᠲᠤ ᠪᠠᠭᠰᠢ᠂ ᠴᠣᠢᠵᠤᠩᠵᠠᠪ ᠪᠠᠭᠰᠢ ᠲᠦᠷᠦᠭᠦᠦ᠎ᠲᠡᠢ ᠲᠡᠳᠡᠭᠡᠷ ᠪᠠᠭᠰᠢ ᠡᠨᠡ ᠠᠰᠠᠷ᠎ᠢ᠎ᠴᠢᠨᠢ ᠪᠠᠷᠢᠭᠠᠳ ᠭᠡᠷ᠎ᠢ᠎ᠴᠢᠨᠢ ᠪᠠᠷᠢᠭᠠᠳ ᠲᠠᠯᠪᠢᠴᠢᠬᠠᠭᠰᠠᠨ ᠪᠠᠢᠨ᠎ᠠ ᠰᠢᠦ᠎ᠳᠡ᠃ ᠡᠢᠮᠦ᠎ᠡᠴᠡ ᠲᠡᠳᠡᠨ᠎ᠦ ᠪᠠᠷᠢᠭᠰᠠᠨ ᠡᠨᠡ ᠭᠡᠷ ᠳᠣᠲᠤᠷ᠎ᠠ (ᠬᠠᠰᠤᠭᠰᠠᠨ ᠬᠡᠰᠡᠭ ᠪᠠᠢᠨ᠎ᠠ ) ᠶᠠᠭᠤ ᠬᠡᠷᠡᠭᠲᠡᠢ ᠪᠠᠢᠨ᠎ᠠ᠎ᠤᠤ︖ ᠤᠤᠯ᠎ᠤᠨ ᠶᠠᠭᠤ᠎ᠶᠢ᠎ᠨᠢ᠎ᠦᠭᠡᠢ ᠪᠣᠯᠭᠠᠭᠠᠳ᠂ ᠰᠢᠨ᠎ᠡ ᠶᠠᠭᠤ ᠣᠷᠤᠭᠤᠯᠬᠤ ᠬᠡᠷᠡᠭᠲᠡᠢ ᠪᠤᠢ︖ ᠡᠢᠮᠦ ᠠᠵᠢᠯ᠎ᠢ ᠬᠢᠶ᠎ᠡ ᠭᠡᠵᠦ ᠪᠣᠳᠤᠵᠤ ᠪᠠᠢᠨ᠎ᠠ᠃ ᠶᠡᠬᠡ ᠲᠠᠯ᠎ᠠ ᠳᠡᠭᠡᠷ᠎ᠡ ᠪᠣᠯ ᠪᠠᠷᠤᠭ ᠪᠦᠬᠦ ᠲᠠᠯ᠎ᠠ᠎ᠪᠠᠷ ᠥᠭᠡᠷᠡᠴᠢᠯᠡᠵᠦ᠂ ᠰᠢᠨ᠎ᠡ᠎ᠪᠡᠷ UNICODE ᠵᠣᠬᠢᠶᠠᠨ᠎ᠠ ᠭᠡᠳᠡᠭ ᠪᠣᠯ ᠬᠡᠷᠡᠭ᠎ᠦᠭᠡᠢ ᠪᠠᠢᠬ᠎ᠠ ᠭᠡᠵᠦ ᠰᠠᠨᠠᠵᠤ ᠪᠠᠢᠨ᠎ᠠ᠃ ᠤᠤᠯ᠎ᠤᠨ ᠵᠣᠬᠢᠶᠠᠭᠰᠠᠨ ᠳᠡᠭᠡᠷ᠎ᠡ᠂ ᠣᠳᠣ ᠮᠡᠷᠭᠡᠵᠢᠯ᠎ᠦᠨ ᠲᠠᠯ᠎ᠠ᠎ᠪᠠᠷ ᠴᠣᠬᠤᠮ ᠬᠢᠷᠢ ᠵᠡᠷᠭᠡ ᠳᠡᠮᠵᠢᠬᠦ᠎ᠶᠢ ᠮᠡᠳᠡᠬᠦ᠎ᠦᠭᠡᠢ᠂ ᠪᠣᠯᠳᠠᠭ᠎ᠶᠤᠮ ᠪᠣᠯ ᠣᠳᠣ ᠲᠡᠢᠮᠦ ᠡ᠂ ᠣᠳᠣ ᠡᠨᠡ ᠳᠤᠮᠳᠠ ᠣᠷᠤᠬᠤ ᠳᠦᠷᠰᠦ᠎ᠶᠦᠮ᠎ᠦᠦ︖ ᠡᠰᠡᠬᠦᠯ᠎ᠡ ᠡᠨᠡ ᠢᠵᠢᠯ ᠳᠦᠷᠰᠦᠲᠡᠢ ᠦᠭᠡ᠎ᠨᠦᠭᠦᠳ᠎ᠢ ᠶᠠᠭᠠᠬᠢᠬᠤ ᠪᠤᠢ︖ ᠡᠨᠡ᠎ᠶᠢ ᠮᠡᠷᠭᠡᠵᠢᠯ᠎ᠦᠨ ᠲᠠᠯ᠎ᠠ᠎ᠪᠠᠷ ᠶᠠᠭᠠᠬᠢᠵᠤ ᠰᠢᠢᠳᠪᠦᠷᠢᠯᠡᠨ᠎ᠡ᠎ᠦᠦ ᠭᠡᠳᠡᠭ᠎ᠢ ᠲᠡᠷᠡ ᠵᠣᠬᠢᠶᠠᠨ ᠪᠠᠢᠭᠤᠯᠤᠯᠲᠠ᠎ᠲᠠᠢ᠂ ᠮᠠᠨ᠎ᠤ ᠡᠨᠳᠡ᠎ᠡᠴᠡ ᠲᠤᠰᠭᠠᠢ ᠮᠡᠷᠭᠡᠵᠢᠯᠲᠡᠨ ᠬᠠᠮᠵᠢᠯᠴᠠᠵᠤ ᠬᠢᠬᠦ᠎ᠶᠢ ᠬᠦᠰᠡᠵᠦ ᠪᠠᠢᠨ᠎ᠠ᠂ ᠲᠡᠭᠦᠯᠳᠡᠷᠵᠢᠭᠦᠯᠬᠦ᠎ᠶᠢ ᠬᠦᠰᠡᠵᠦ ᠪᠠᠢᠨ᠎ᠠ᠃ ᠣᠳᠣ ᠬᠡᠷᠡᠭᠯᠡᠵᠦ ᠪᠣᠯᠬᠤ᠎ᠦᠭᠡᠢ ᠪᠠᠢᠭ᠎ᠠ ᠪᠢᠰᠢ ᠰᠢᠦ᠂ ᠬᠡᠷᠡᠭᠯᠡᠵᠦ ᠪᠣᠯᠵᠤ ᠪᠠᠢᠨ᠎ᠠ ᠰᠢᠦ᠎ᠳᠡ᠃ ᠭᠡᠪᠡᠴᠦ ᠶᠡᠬᠡ ᠬᠦᠴᠢᠷ᠎ᠲᠡᠢ ᠪᠠᠢᠭ᠎ᠠ᠂ ᠲᠡᠷᠡ ᠬᠦᠴᠢᠷ᠎ᠦᠳ᠎ᠢ᠎ᠨᠢ᠂ ᠲᠡᠢᠮᠦ ᠡ ᠬᠦᠴᠢᠷ ᠠᠰᠠᠭᠤᠳᠠᠯ᠎ᠤᠳ᠎ᠢ᠎ᠨᠢ᠂ (ᠬᠠᠰᠤᠭᠰᠠᠨ ᠬᠡᠰᠡᠭ ᠪᠠᠢᠨ᠎ᠠ ) ᠵᠠᠰᠠᠬᠤ ᠦᠶ᠎ᠡ᠎ᠳᠦ᠎ᠨᠢ ᠶᠠᠮᠠᠷ ᠶᠠᠮᠠᠷ ᠶᠠᠭᠤᠮ᠎ᠠ᠎ᠶᠢ᠎ᠨᠢ ᠬᠠᠮᠢᠭ᠎ᠠ ᠲᠠᠯᠪᠢᠨ᠎ᠠ᠎ᠤᠤ︖ ᠵᠣᠴᠢᠨ᠎ᠤ ᠥᠷᠦᠭᠡᠨ᠎ᠳᠦ ᠶᠠᠭᠤ ᠲᠠᠯᠪᠢᠨ᠎ᠠ᠎ᠤᠤ︖ ᠲᠧᠯᠸᠢᠰ᠎ᠢᠶᠡᠨ ᠶᠠᠮᠠᠷ ᠲᠧᠯᠸᠢᠰ ᠠᠪᠤᠨ᠎ᠠ᠎ᠤᠤ︖ ᠲᠣᠭᠤᠭᠠᠨ ᠭᠡᠷ᠎ᠲᠦ᠎ᠪᠡᠨ ᠶᠠᠭᠤ ᠲᠠᠯᠪᠢᠨ᠎ᠠ᠎ᠤᠤ︖ ᠤᠨᠲᠠᠯᠭ᠎ᠠ᠎ᠶᠢᠨ ᠥᠷᠦᠭᠡᠨ᠎ᠳᠦ᠎ᠪᠡᠨ ᠶᠠᠭᠤ ᠲᠠᠯᠪᠢᠨ᠎ᠠ᠎ᠤᠤ︖ ᠵᠠ᠂ ᠢᠩᠭᠢᠭᠡᠳ ᠮᠠᠨ᠎ᠤ UNICODE ᠊᠎ᠦᠨ ᠮᠣᠩᠭᠤᠯ ᠬᠡᠯᠡᠨ᠎ᠦ ᠲᠠᠰᠤᠭ᠎ᠢ ᠨᠢᠭᠡ ᠰᠠᠢᠬᠠᠨ ᠵᠠᠰᠠᠵᠤ ᠰᠢᠨᠡᠳᠭᠡᠭᠡᠳ᠂ ᠬᠡᠷᠡᠭᠯᠡᠭᠴᠢᠳ᠎ᠲᠦ ᠬᠡᠷᠡᠭᠯᠡᠬᠦ᠎ᠳᠦ ᠤᠯᠠᠮ ᠭᠣᠶᠤ ᠪᠣᠯᠭᠠᠭᠠᠳ ᠥᠭᠬᠦ᠎ᠶᠢ ᠬᠦᠰᠡᠵᠦ ᠪᠠᠢᠨ᠎ᠠ᠃ ᠡᠨᠡ᠎ᠶᠢ ᠪᠣᠯ ᠵᠠᠰᠠᠭ᠎ᠤᠨ ᠲᠠᠯ᠎ᠠ᠎ᠠᠴᠠ ᠲᠡᠷᠢᠭᠦᠯᠡᠵᠦ ᠰᠤᠳᠤᠯᠭᠠᠨ᠎ᠤ ᠪᠠᠢᠭᠤᠯᠭ᠎ᠠ ᠭᠣᠣᠯᠯᠠᠵᠤ᠂ ᠡᠷᠳᠡᠮᠲᠡᠨ ᠮᠡᠷᠭᠡᠵᠢᠯᠲᠡᠳ ᠬᠠᠮᠵᠢᠯᠴᠠᠵᠤ ᠬᠢᠬᠦ ᠠᠵᠢᠯ᠂ ᠵᠠᠰᠠᠭ᠎ᠤᠨ ᠲᠠᠯ᠎ᠠ᠎ᠠᠴᠠ ᠡᠨᠡ ᠲᠠᠯ᠎ᠠ᠎ᠶᠢᠨ ᠪᠡᠯᠡ ᠮᠥᠩᠭᠦ᠎ᠶᠢ ᠭᠦᠢᠴᠡᠳ ᠬᠠᠩᠭᠠᠬᠤ᠎ᠶᠢ ᠬᠦᠰᠡᠵᠦ ᠪᠠᠢᠨ᠎ᠠ᠃ ᠪᠢᠳᠡᠨ᠎ᠦ ᠪᠣᠯ ᠵᠢᠯ ᠪᠣᠯᠭᠠᠨ 3000 ᠲᠦᠮᠡᠨ ᠲᠥᠭᠦᠷᠢᠭ ᠭᠡᠳᠡᠭ ᠰᠢᠳᠡ᠂ ᠲᠡᠷᠡ ᠪᠠᠰᠠ ᠶᠠᠷᠢᠶᠠᠨ᠎ᠦᠭᠡᠢ ᠣᠯᠠᠨ ᠶᠠᠩᠵᠤ᠎ᠶᠢᠨ ᠲᠥᠯᠦᠪᠯᠡᠭᠡ ᠪᠠᠢᠭ᠎ᠠ ᠪᠠᠢᠬᠤ ᠠ᠋᠃ ᠭᠡᠪᠡᠴᠦ ᠪᠣᠯᠬᠤ ᠨᠥᠬᠦᠴᠡᠯ᠎ᠦᠨ ᠳᠣᠲᠤᠷ᠎ᠠ ᠮᠠᠨ᠎ᠤ UNICODE ᠊᠎ᠦᠨ ᠠᠵᠢᠯ ᠳᠣᠲᠤᠷ᠎ᠠ ᠢᠯᠡᠭᠦᠦ ᠪᠡᠯᠡ ᠣᠷᠤᠭᠤᠯᠬᠤ᠎ᠶᠢ ᠬᠦᠰᠡᠵᠦ ᠪᠠᠢᠨ᠎ᠠ᠃

ᠵᠠ᠂ ᠣᠳᠣ ᠮᠢᠨᠦ UNICODE ᠊᠎ᠦᠨ ᠲᠠᠯ᠎ᠠ᠎ᠪᠠᠷ ᠶᠠᠷᠢᠬᠤ ᠪᠣᠯ ᠡᠳᠦᠢ᠎ᠯᠡ ᠪᠠᠢᠨ᠎ᠠ᠃ ᠡᠢᠮᠦ ᠣᠯᠠᠨ ᠨᠥᠬᠦᠳ ᠠᠩᠬᠠᠷᠤᠯ ᠲᠠᠯᠪᠢᠭᠰᠠᠨ᠎ᠳᠤ ᠪᠠᠶᠠᠷᠯᠠᠵᠤ ᠪᠠᠢᠨ᠎ᠠ᠃ ᠣᠳᠣ ᠡᠢᠮᠦ ᠰᠠᠢᠬᠠᠨ ᠴᠠᠭ ᠪᠣᠯᠤᠭᠰᠠᠨ᠂ ᠵᠠᠰᠠᠭ ᠲᠥᠷᠦ᠎ᠡᠴᠡ ᠢᠩᠭᠢᠵᠦ ᠬᠦᠨᠳᠦᠳᠭᠡᠵᠦ ᠦᠵᠡᠵᠦ ᠪᠠᠢᠨ᠎ᠠ᠃ ᠠᠷᠠᠳ ᠣᠯᠠᠨ ᠢᠩᠭᠢᠵᠦ ᠬᠠᠯᠠᠭᠤᠨ᠎ᠲᠠᠢ ᠣᠷᠤᠯᠴᠠᠵᠤ ᠪᠠᠢᠨ᠎ᠠ᠃ ᠡᠷᠳᠡᠮᠲᠡᠨ ᠮᠡᠷᠭᠡᠵᠢᠯᠲᠡᠳ ᠶᠡᠬᠡ ᠢᠳᠡᠪᠬᠢᠲᠡᠢ ᠰᠤᠳᠤᠯᠭᠠᠨ ᠬᠢᠵᠦ ᠪᠠᠢᠨ᠎ᠠ᠃ ᠪᠢ ᠦᠵᠡᠪᠡᠯ ᠲᠠᠯ᠎ᠠ ᠲᠠᠯ᠎ᠠ᠎ᠶᠢᠨ ᠨᠥᠬᠦᠴᠡᠯ ᠪᠦᠷᠢᠳᠦᠭᠰᠡᠨ ᠪᠠᠢᠨ᠎ᠠ᠃ ᠬᠢᠲᠠᠳ᠎ᠢᠶᠠᠷ ᠪᠠᠢᠳᠠᠭ ᠰᠢᠳᠡ᠂ ᠲᠡᠭᠷᠢ᠎ᠶᠢᠨ ᠴᠠᠭ᠂ ᠭᠠᠵᠠᠷ᠎ᠤᠨ ᠵᠦᠢ᠂ ᠬᠥᠮᠦᠨ᠎ᠦ ᠰᠠᠨᠠᠭ᠎ᠠ ᠭᠡᠳ ᠨᠡᠢᠯᠡᠭᠰᠡᠨ᠂ ᠡᠢᠮᠦ ᠰᠠᠢᠬᠠᠨ ᠴᠠᠭ ᠢᠷᠡᠵᠡᠢ ᠭᠡᠵᠦ ᠪᠣᠳᠤᠵᠤ ᠪᠠᠢᠨ᠎ᠠ᠃ ᠡᠢᠮᠦ᠎ᠡᠴᠡ ᠲᠠᠯ᠎ᠠ ᠲᠠᠯ᠎ᠠ᠎ᠶᠢᠨ ᠪᠦᠬᠦ ᠰᠠᠢᠬᠠᠨ ᠵᠦᠢᠯ ᠨᠡᠢᠯᠡᠵᠦ ᠪᠠᠢᠭ᠎ᠠ ᠪᠣᠯᠬᠤᠷ ᠮᠠᠨ᠎ᠤ ᠬᠦᠰᠡᠯ ᠪᠣᠯᠤᠭᠰᠠᠨ ᠣᠯᠠᠨ ᠤᠯᠤᠰ᠎ᠤᠨ ᠮᠣᠩᠭᠤᠯ ᠬᠡᠯᠡᠨ᠎ᠦ ᠦᠰᠦᠭ᠎ᠦᠨ ᠺᠣᠳ᠋ ᠮᠠᠨᠢ ᠡᠷᠲᠡ ᠡᠳᠦᠷ ᠮᠡᠨᠳᠦᠯᠡᠨ᠎ᠡ ᠭᠡᠵᠦ ᠢᠲᠡᠭᠡᠵᠦ ᠪᠠᠢᠨ᠎ᠠ᠃ ᠲᠠ ᠪᠦᠬᠦᠨ᠎ᠴᠦ ᠭᠡᠰᠡᠨ ᠰᠡᠳᠭᠢᠯ᠎ᠢᠶᠡᠷ᠎ᠢᠶᠡᠨ ᠳᠡᠮᠵᠢᠭᠡᠷᠡᠢ ᠭᠡᠵᠦ ᠬᠦᠰᠡᠵᠦ ᠪᠠᠢᠨ᠎ᠠ᠃

ᠵᠠ᠂ ᠪᠠᠶᠠᠷᠯᠠᠭᠰᠠᠨ ᠰᠢᠤ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082