ᠮᠣᠩᠭᠤᠯ ᠪᠢᠴᠢᠭ |
![]() |
ᠬᠢᠲᠠᠳ ᠠᠩᠭᠯᠢ ᠶᠠᠫᠤᠨ |
(1) ᠮᠣᠩᠭᠤᠯ ᠦᠰᠦᠭ᠎ᠦᠨ ᠦᠶ᠎ᠡ᠎ᠶᠢᠨ ᠪᠦᠲᠦᠴᠡ
ᠮᠣᠩᠭᠤᠯ ᠦᠰᠦᠭ᠎ᠦᠨ ᠦᠶ᠎ᠡ᠎ᠨᠢ ᠵᠠᠪᠠᠯ ᠡᠭᠡᠰᠢᠭ᠎ᠢᠶᠡᠷ ᠭᠣᠣᠯᠯᠠᠨ ᠪᠦᠲᠦᠬᠦ ᠪᠥᠭᠡᠳ ᠲᠥᠷᠦᠯᠬᠢ ᠬᠡᠯᠡᠨ᠎ᠦ ᠦᠭᠡᠰ᠎ᠢ ᠬᠣᠯᠪᠤᠨ ᠪᠢᠴᠢᠬᠦ᠎ᠳᠦ ( «ᠲᠡᠷᠰᠯᠡᠭᠦᠦ»᠂ «ᠪᠠᠷᠰ» ᠭᠡᠬᠦ ᠮᠡᠲᠦ᠎ᠶᠢᠨ ᠣᠨᠴᠤᠭᠤᠢ ᠦᠭᠡᠰ᠎ᠢ ᠭᠠᠷᠭᠠᠪᠠᠯ) ᠶᠡᠷᠦᠩᠬᠡᠢ᠎ᠳᠡᠭᠡᠨ ᠭᠡᠢᠭᠦᠯᠦᠭᠴᠢ ᠨᠢᠭᠡᠪᠦᠷᠢ᠎ᠶᠢᠨ ᠬᠣᠢᠨ᠎ᠠ ᠪᠤᠶᠤ ᠡᠮᠦᠨ᠎ᠡ᠎ᠨᠢ ᠨᠢᠭᠡ ᠡᠭᠡᠰᠢᠭ ᠪᠠᠢᠬᠤ ᠶᠣᠰᠤᠲᠠᠢ᠃ ᠭᠡᠢᠭᠦᠯᠦᠭᠴᠢ ᠪᠡᠶ᠎ᠡ᠎ᠪᠡᠨ ᠳᠠᠭᠠᠭᠠᠵᠤ ᠦᠶ᠎ᠡ ᠪᠦᠲᠦᠭᠡᠵᠦ ᠴᠢᠳᠠᠳᠠᠭ᠎ᠦᠭᠡᠢ ᠪᠥᠭᠡᠳ ᠨᠢᠭᠡ ᠦᠶ᠎ᠡ᠎ᠶᠢᠨ ᠳᠣᠲᠤᠷ᠎ᠠ ᠨᠡᠢᠯᠡᠮᠡᠯ ᠭᠡᠢᠭᠦᠯᠦᠭᠴᠢ ᠦᠨᠳᠦᠰᠦᠨ᠎ᠳᠡᠭᠡᠨ ᠣᠷᠤᠳᠠᠭ᠎ᠦᠭᠡᠢ ᠪᠢᠯᠡ (ᠵᠢᠭᠡᠯᠡᠭᠡ ᠦᠭᠡ ᠡᠭᠦᠨ᠎ᠳᠦ ᠪᠠᠭᠲᠠᠬᠤ᠎ᠦᠭᠡᠢ)᠃
① ᠭᠠᠭᠴᠠ ᠡᠭᠡᠰᠢᠭᠲᠡᠢ ᠦᠶ᠎ᠡ᠃ ᠵᠢᠱ᠌ᠢᠶᠡᠯᠡᠪᠡᠯ : ᠥ᠂ ᠣ᠊᠂ ᠠ᠂ ᠡ᠊᠂ ᠢ᠊ ᠭᠡᠬᠦ ᠮᠡᠲᠦ᠃
② ᠭᠡᠢᠭᠦᠯᠦᠭᠴᠢ + ᠡᠭᠡᠰᠢᠭ᠎ᠢᠶᠡᠷ ᠪᠦᠲᠦᠭᠰᠡᠨ ᠦᠶ᠎ᠡ᠃ ᠵᠢᠱ᠌ᠢᠶᠡᠯᠡᠪᠡᠯ : ᠲᠠ᠂ ᠴᠢ᠂ ᠪᠢ᠂ ᠰᠦ᠋᠂ ᠮᠥ᠊᠂ ᠬᠣ᠊᠂ ᠊ᠲᠠ᠂ ᠊ᠪᠠ᠊᠂ᠲᠤ ᠭᠡᠬᠦ ᠮᠡᠲᠦ᠃
③ ᠭᠡᠢᠭᠦᠯᠦᠭᠴᠢ + ᠡᠭᠡᠰᠢᠭ + ᠭᠡᠢᠭᠦᠯᠦᠭᠴᠢ᠎ᠪᠡᠷ ᠪᠦᠲᠦᠭᠰᠡᠨ ᠦᠶ᠎ᠡ᠃ ᠵᠢᠱ᠌ᠢᠶᠡᠯᠡᠪᠡᠯ : ᠨᠠᠮ᠂ ᠭᠠᠯ᠂ ᠮᠠᠯ᠊᠂ ᠊ᠴᠢᠨ᠊᠂ ᠊ᠭᠠᠰ᠂ ᠊ᠮᠠᠨ᠊᠂ ᠲᠡᠨ᠊᠂ ᠊ᠬᠠᠨ᠊᠂ ᠵᠥᠭ᠊ ᠭᠡᠬᠦ ᠮᠡᠲᠦ᠃
④ ᠡᠭᠡᠰᠢᠭ + ᠭᠡᠢᠭᠦᠯᠦᠭᠴᠢ᠎ᠪᠡᠷ ᠪᠦᠲᠦᠭᠰᠡᠨ ᠦᠶ᠎ᠡ᠃ ᠵᠢᠱ᠌ᠢᠶᠡᠯᠡᠪᠡᠯ : ᠡᠳ᠋᠂ ᠣᠨ᠂ ᠢᠮ᠊᠂ ᠡᠪ᠂ ᠡᠯ᠊᠂ ᠠᠯ᠊᠂ ᠥᠨ᠊ ᠭᠡᠬᠦ ᠮᠡᠲᠦ᠃
⑤ ᠭᠡᠢᠭᠦᠯᠦᠭᠴᠢ + ᠡᠭᠡᠰᠢᠭ + ᠭᠡᠢᠭᠦᠯᠦᠭᠴᠢ + ᠭᠡᠢᠭᠦᠯᠦᠭᠴᠢ᠎ᠪᠡᠷ ᠪᠦᠲᠦᠭᠰᠡᠨ ᠦᠶ᠎ᠡ᠃ ᠡᠨᠡ᠎ᠨᠢ ᠵᠥᠪᠬᠡᠨ ᠣᠨᠴᠤᠭᠤᠢ ᠦᠭᠡᠰ᠎ᠲᠦ ᠪᠠᠢᠳᠠᠭ᠃ ᠵᠢᠱ᠌ᠢᠶᠡᠯᠡᠪᠠᠯ : ᠲᠡᠷᠰ᠊(ᠲᠡᠷᠰᠯᠡᠭᠦᠦ)᠂ ᠪᠠᠷᠰ᠂ ᠠᠷᠰ᠊ (ᠠᠷᠰᠯᠠᠨ) ᠭᠡᠬᠦ ᠮᠡᠲᠦ᠃
ᠣᠳᠣ ᠦᠶ᠎ᠡ᠎ᠶᠢᠨ ᠮᠣᠩᠭᠤᠯ ᠬᠡᠯᠡᠨ᠎ᠦ ᠡᠷᠭᠦᠯᠲᠡ᠎ᠨᠢ ᠶᠡᠷᠦᠩᠬᠡᠢ᠎ᠳᠡᠭᠡᠨ ᠦᠭᠡ᠎ᠶᠢᠨ ᠨᠢᠭᠡᠳᠦᠭᠡᠷ ᠦᠶ᠎ᠡ᠎ᠳᠦ ᠪᠠᠢᠳᠠᠭ ᠲᠤᠯᠠ ᠨᠢᠭᠡᠳᠦᠭᠡᠷ ᠦᠶ᠎ᠡ᠎ᠳᠦ ᠵᠠᠪᠠᠯ ᠡᠭᠡᠰᠢᠭ ᠣᠷᠤᠬᠤ ᠬᠡᠷᠡᠭᠲᠡᠢ᠂ ᠲᠤᠰ ᠡᠭᠡᠰᠢᠭ᠎ᠦᠨ ᠡᠮᠦᠨ᠎ᠡ ᠨᠡᠢᠯᠡᠮᠡᠯ ᠭᠡᠢᠭᠦᠯᠦᠭᠴᠢ ᠣᠷᠤᠳᠠᠭᠦᠭᠡᠢᠶᠤᠮ᠃ ᠵᠠᠷᠢᠮ ᠡᠷᠲᠡᠨ᠎ᠦ ᠵᠢᠭᠡᠯᠡᠭᠡ ᠦᠭᠡ᠂ ᠵᠢᠱ᠌ᠢᠶᠡᠯᠡᠪᠡᠯ «ᠰᠢᠯᠦᠭ» ᠭᠡᠳᠡᠭ ᠬᠠᠷᠢ ᠭᠠᠷᠤᠯ᠎ᠲᠠᠢ ᠦᠭᠡ᠎ᠶᠢ ᠡᠬᠢᠨ᠎ᠳᠡᠭᠡᠨ «ᠱᠯᠦᠺ» ᠬᠡᠮᠡᠨ ᠤᠭ ᠳᠠᠭᠤᠳᠠᠯᠭ᠎ᠠ᠎ᠪᠠᠷ᠎ᠨᠢ ᠪᠠᠭᠤᠯᠭᠠᠭᠰᠠᠨ᠎ᠠᠴᠠ ᠨᠢᠭᠡᠳᠦᠭᠡᠷ ᠦᠶ᠎ᠡ᠎ᠶᠢᠨ ᠡᠭᠡᠰᠢᠭ᠎ᠦᠨ ᠡᠮᠦᠨ᠎ᠡ ᠨᠡᠢᠯᠡᠮᠡᠯ ᠭᠡᠢᠭᠦᠯᠦᠭᠴᠢ ᠣᠷᠤᠵᠠᠢ᠃ ᠡᠨᠡ᠎ᠨᠢ ᠮᠣᠩᠭᠤᠯ ᠬᠡᠯᠡᠨ᠎ᠦ ᠣᠨᠴᠠᠯᠢᠭᠲᠤ ᠨᠡᠢᠴᠡᠬᠦ᠎ᠦᠭᠡᠢ ᠪᠣᠯᠬᠣᠷ ᠬᠣᠵᠢᠮ ᠠᠭᠠᠵᠢᠮ᠎ᠢᠶᠠᠷ ᠮᠣᠩᠭᠤᠯ ᠬᠡᠯᠡᠨ᠎ᠦ ᠳᠣᠲᠤᠭᠠᠳᠤ ᠵᠢᠮ᠎ᠡ ᠬᠠᠤᠯᠢ᠎ᠶᠢ ᠳᠠᠭᠠᠵᠤ᠂ ᠨᠢᠭᠡᠳᠦᠭᠡᠷ ᠦᠶ᠎ᠡ᠎ᠳᠦ ᠡᠭᠡᠰᠢᠭᠲᠡᠢ ᠳᠠᠭᠤᠳᠠᠵᠤ᠂ ᠡᠨᠡᠬᠦ ᠳᠠᠭᠤᠳᠠᠯᠭ᠎ᠠ᠎ᠶᠢᠨ ᠶᠣᠰᠤᠭᠠᠷ «ᠰᠢᠯᠦᠭ» ᠬᠡᠮᠡᠨ ᠪᠢᠴᠢᠬᠦ ᠪᠣᠯᠵᠠᠢ᠃ ᠡᠭᠦᠨᠲᠡᠢ ᠠᠳᠠᠯᠢ᠎ᠪᠠᠷ᠂ ᠬᠠᠷᠢ ᠭᠠᠷᠤᠯ᠎ᠲᠠᠢ «ᠪᠷᠢᠭᠠᠳ᠋» ᠭᠡᠳᠡᠭ ᠦᠭᠡ᠎ᠶᠢᠨ ᠡᠬᠢᠨ᠎ᠦ ᠦᠶ᠎ᠡ᠎ᠳᠦ ᠨᠡᠢᠯᠡᠮᠡᠯ ᠭᠡᠢᠭᠦᠯᠦᠭᠴᠢᠲᠡᠢ ᠪᠣᠯᠪᠠᠴᠤ ᠮᠣᠩᠭᠤᠯ ᠶᠠᠷᠢᠶᠠᠨ᠎ᠤ ᠬᠡᠯᠡᠨ᠎ᠳᠦ «barigad»ᠭᠡᠵᠦ ᠤᠩᠰᠢᠳᠠᠭ ᠲᠤᠯᠠ᠂ ᠮᠣᠩᠭᠤᠯ ᠬᠡᠯᠡᠨ᠎ᠳᠡᠬᠢ ᠪᠣᠳᠠᠲᠠᠢ ᠳᠠᠭᠤᠳᠠᠯᠭᠠᠶᠢᠨᠢ ᠦᠨᠳᠦᠰᠦᠯᠡᠵᠦ᠂ ᠣᠳᠣ ᠲᠡᠭᠦᠨ᠎ᠢ «ᠪᠠᠷᠢᠭᠠᠳᠠ» ᠬᠡᠮᠡᠨ ᠥᠭᠡᠷᠡᠴᠢᠯᠡᠵᠦ ᠪᠢᠴᠢᠬᠦ ᠪᠣᠯᠤᠯ᠎ᠠ᠃ ᠭᠡᠪᠡᠴᠦ᠂ «ᠰᠲ᠋ᠠᠯᠢᠨ᠂ ᠹᠷᠠᠨᠼᠢ᠂ ᠭ᠋ᠷᠧᠭ» ᠭᠡᠬᠦ ᠵᠡᠷᠭᠡ ᠬᠠᠷᠢ ᠭᠠᠷᠤᠯ᠎ᠲᠠᠢ ᠲᠤᠰᠭᠠᠢ ᠨᠡᠷ᠎ᠡ ᠦᠭᠡᠰ᠎ᠢ ᠤᠭ᠎ᠤᠨ ᠳᠠᠭᠤᠳᠠᠯᠭ᠎ᠠ᠎ᠪᠠᠷ᠎ᠨᠢ ᠪᠠᠭᠤᠯᠭᠠᠨ ᠪᠢᠴᠢᠳᠡᠭ᠃
(2) ᠮᠣᠩᠭᠤᠯ ᠬᠡᠯᠡᠨ᠎ᠦ ᠡᠭᠡᠰᠢᠭ ᠵᠣᠬᠢᠴᠠᠬᠤ ᠶᠣᠰᠤ
① ᠴᠢᠩᠭ᠎ᠠ᠂ ᠬᠥᠨᠳᠡᠢ ᠡᠭᠡᠰᠢᠭ᠎ᠢᠶᠡᠷ ᠵᠣᠬᠢᠴᠠᠬᠤ : ᠴᠢᠩᠭ᠎ᠠ ᠡᠭᠡᠰᠢᠭ ᠠ᠊(ɑ)᠂ ᠣ᠊(o)᠂ ᠤ᠊(u) ᠨᠢᠭᠡ ᠦᠭᠡᠨ᠎ᠳᠦ ᠣᠷᠤᠵᠤ ᠴᠢᠩᠭᠠᠦᠭᠡᠶᠢ ᠪᠦᠲᠦᠭᠡᠵᠦ᠂ ᠬᠥᠨᠳᠡᠢ ᠡᠭᠡᠰᠢᠭ ᠡ᠊(e)᠂ ᠥ᠊(ö)᠂ ᠦ᠊(ü) ᠨᠢᠭᠡ ᠦᠭᠡᠨ᠎ᠳᠦ ᠣᠷᠤᠵᠤ ᠬᠥᠨᠳᠡᠢ ᠦᠭᠡ᠎ᠶᠢ ᠪᠦᠲᠦᠭᠡᠳᠡᠭ᠃ ᠰᠠᠭᠠᠷᠮᠠᠭ ᠡᠭᠡᠰᠢᠭ ᠢ᠊(i) ᠴᠢᠩᠭ᠎ᠠ᠂ ᠬᠥᠨᠳᠡᠢ ᠦᠭᠡᠨ᠎ᠳᠦ ᠴᠥᠮ ᠣᠷᠤᠵᠤ ᠪᠣᠯᠤᠨ᠎ᠠ᠃ ᠶᠡᠷᠦ᠎ᠶᠢᠨ ᠪᠠᠢᠳᠠᠯ ᠳᠣᠣᠷ᠎ᠠ ᠴᠢᠩᠭ᠎ᠠ᠂ ᠬᠥᠨᠳᠡᠢ ᠡᠭᠡᠰᠢᠭ ᠨᠢᠭᠡ ᠦᠭᠡᠨ᠎ᠳᠦ ᠬᠤᠳᠭᠤᠨ ᠣᠷᠤᠵᠤ ᠪᠣᠯᠬᠤ᠎ᠦᠭᠡᠢ᠃
② ᠤᠷᠤᠭᠤᠯ᠎ᠢᠶᠠᠷ ᠵᠣᠬᠢᠴᠠᠬᠤ : ᠤᠷᠤᠭᠤᠯᠤᠨ ᠴᠢᠩᠭ᠎ᠠ ᠡᠭᠡᠰᠢᠭ ᠣ᠊(o)᠎ᠶᠢᠨ ᠳᠠᠷᠠᠭ᠎ᠠ ᠪᠤᠰᠤᠳ ᠴᠢᠩᠭ᠎ᠠ ᠡᠭᠡᠰᠢᠭ ᠣᠷᠤᠵᠤ ᠪᠣᠯᠬᠤ ᠪᠣᠯᠪᠠᠴᠤ᠂ ᠪᠤᠰᠤᠳ ᠴᠢᠩᠭ᠎ᠠ ᠡᠭᠡᠰᠢᠭ᠎ᠦᠨ ᠳᠠᠷᠠᠭ᠎ᠠ ᠣ᠊(o) ᠣᠷᠤᠵᠤ ᠪᠣᠯᠬᠤ᠎ᠦᠭᠡᠢ᠃ ᠬᠥᠨᠳᠡᠢ ᠡᠭᠡᠰᠢᠭ ᠥ᠊(ö)᠎ᠶᠢᠨ ᠳᠠᠷᠠᠭ᠎ᠠ ᠪᠤᠰᠤᠳ ᠬᠥᠨᠳᠡᠢ ᠡᠭᠡᠰᠢᠭ ᠣᠷᠤᠵᠤ ᠪᠣᠯᠬᠤ ᠪᠣᠯᠪᠠᠴᠤ ᠪᠤᠰᠤᠳ ᠬᠥᠨᠳᠡᠢ ᠡᠭᠡᠰᠢᠭ᠎ᠦᠨ ᠳᠠᠷᠠᠭ᠎ᠠ ᠥ᠊(ö) ᠣᠷᠤᠵᠤ ᠪᠣᠯᠬᠤ᠎ᠦᠭᠡᠢ᠃
(3) ᠡᠭᠡᠰᠢᠭ ᠪᠠ ᠭᠡᠢᠭᠦᠯᠦᠭᠴᠢ᠎ᠶᠢᠨ ᠵᠣᠬᠢᠴᠠᠯ
ᠮᠣᠩᠭᠤᠯ ᠬᠡᠯᠡᠨ᠎ᠦ ᠵᠥᠪ ᠪᠢᠴᠢᠬᠦ ᠳᠦᠷᠢᠮ᠎ᠳᠦ ᠭᠡᠢᠭᠦᠯᠦᠭᠴᠢ ᠭ(g)᠂ ᠬ(x)᠎ᠢ ᠬᠣᠶᠠᠷ ᠵᠦᠢᠯ᠎ᠢᠶᠡᠷ ᠪᠢᠴᠢᠳᠡᠭ᠃ ᠴᠢᠩᠭ᠎ᠠ ᠡᠭᠡᠰᠢᠭ ᠠ᠊(a)᠂ ᠣ᠊(o)᠂ ᠤ᠊(u)᠎ᠲᠠᠢ ᠤᠶᠠᠯᠳᠤᠬᠤ ᠦᠶ᠎ᠡ᠎ᠳᠦ ᠭᠠ᠊(ga)᠂ ᠭᠣ᠊(go)᠂ ᠭᠤ᠊(gu)᠂ ᠬᠠ᠊(xa)᠂ ᠬᠣ᠊(xo)᠂ ᠬᠤ᠊(xu) ᠭᠡᠵᠦ ᠪᠢᠴᠢᠨ᠎ᠡ᠃ ᠬᠥᠨᠳᠡᠢ ᠡᠭᠡᠰᠢᠭ ᠡ᠊(e)᠂ ᠥ᠊(ö)᠂ ᠦ᠊(ü)᠎ᠲᠠᠢ ᠤᠶᠠᠯᠳᠤᠬᠤ ᠦᠶ᠎ᠡ᠎ᠳᠦ ᠭᠡ᠊(ge)᠂ ᠭᠥ᠊(gö)᠂ ᠭᠦ᠊(gü)᠂ ᠬᠡ᠊(xe)᠂ ᠬᠥ᠊(xö)᠂ ᠬᠦ᠊(xü) ᠭᠡᠵᠦ ᠪᠢᠴᠢᠨ᠎ᠡ᠃ ᠢ᠊(i) ᠡᠭᠡᠰᠢᠭᠲᠡᠢ ᠤᠶᠠᠯᠳᠤᠬᠤ᠎ᠳᠤ ᠭᠢ᠊(gi)᠂ ᠬᠢ᠊(xi)᠎ᠶᠢᠨ ᠬᠡᠯᠪᠡᠷᠢ᠎ᠪᠡᠷ ᠪᠢᠴᠢᠳᠡᠭ᠃
ᠡᠭᠦᠨ᠎ᠡᠴᠡ ᠭᠠᠳᠠᠨ᠎ᠠ᠂ ᠮᠣᠩᠭᠤᠯ ᠬᠡᠯᠡᠨ᠎ᠳᠦ ᠪᠠᠰᠠ ᠭᠡᠢᠭᠦᠯᠦᠭᠴᠢ ᠵᠣᠬᠢᠴᠠᠬᠤ ᠦᠵᠡᠭᠳᠡᠯ ᠪᠣᠢ᠃ ᠵᠢᠱ᠌ᠢᠶᠡᠯᠡᠪᠡᠯ : ᠊ᠪ(b)᠂ ᠊ᠭ ᠊ᠭ(g)᠂ ᠊ᠷ(r)᠂ ᠊ᠰ(s)᠂ ᠊ᠳ(d)᠎ᠢᠶᠡᠷ ᠲᠡᠭᠦᠰᠦᠭᠰᠡᠨ ᠦᠭᠡ᠎ᠶᠢᠨ ᠬᠣᠢᠨ᠎ᠠ ᠲ(t)᠂ ᠴ(č)᠎ᠢᠶᠠᠷ ᠡᠬᠢᠯᠡᠭᠰᠡᠨ ᠳᠠᠭᠠᠪᠤᠷᠢ ᠵᠠᠯᠭᠠᠳᠠᠭ᠃ ᠵᠢᠱ᠌ᠢᠶᠡᠯᠡᠪᠡᠯ : ᠠᠪᠴᠤ᠂ ᠭᠠᠷᠴᠤ᠂ ᠥᠭᠴᠦ᠂ ᠭᠠᠷ᠎ᠲᠤ᠂ ᠬᠦᠷᠴᠡᠢ ᠭᠡᠬᠦ ᠮᠡᠲᠦ᠃ ᠬᠠᠷᠢᠨ ᠡᠭᠡᠰᠢᠭ ᠪᠣᠯᠤᠨ ᠊ᠨ(n)᠂ ᠊ᠮ(m)᠂ ᠊ᠯ(l)᠂ ᠊ᠩ(ng)᠎ᠢᠶᠡᠷ ᠲᠡᠭᠦᠰᠦᠭᠰᠡᠨ ᠦᠭᠡ᠎ᠶᠢᠨ ᠬᠣᠢᠨ᠎ᠠ ᠳ(d)᠂ ᠵ(j)᠎ᠢᠶᠡᠷ ᠡᠬᠢᠯᠡᠭᠰᠡᠨ ᠳᠠᠭᠠᠪᠤᠷᠢ ᠵᠠᠯᠭᠠᠳᠠᠭ᠃ ᠵᠢᠱ᠌ᠢᠶᠡᠯᠡᠪᠡᠯ : ᠣᠷᠤᠨ᠎ᠳᠤ᠂ ᠡᠮ᠎ᠳᠦ᠂ ᠮᠠᠯ᠎ᠳᠤ᠂ ᠰᠠᠩ᠎ᠳᠤ᠂ ᠢᠷᠡᠵᠡᠢ᠂ ᠶᠠᠪᠤᠵᠠᠢ ᠭᠡᠬᠦ ᠮᠡᠲᠦ᠃
ᠷᠠ᠊(ra)᠂ ᠷᠢ᠊(ri)᠎ᠪᠡᠷ ᠲᠡᠭᠦᠰᠦᠭᠰᠡᠨ ᠦᠢᠯᠡ ᠦᠭᠡ᠎ᠶᠢᠨ ᠬᠣᠢᠨ᠎ᠠ ᠭᠡᠢᠭᠦᠯᠦᠭᠴᠢ «ᠷ(r)» ᠣᠷᠤᠯᠴᠠᠭᠰᠠᠨ ᠳᠠᠭᠠᠪᠤᠷᠢ᠎ᠶᠢ ᠵᠠᠯᠭᠠᠬᠤ᠎ᠳᠤ «ᠷ»᠎ᠨᠢ ᠣᠯᠠᠩᠬᠢ᠎ᠳᠠᠭᠠᠨ «ᠯ(l)» ᠪᠣᠯᠤᠨ ᠬᠤᠪᠢᠷᠠᠳᠠᠭ᠃ ᠡᠨᠡ ᠪᠣᠯ ᠨᠢᠭᠡ ᠵᠦᠢᠯ᠎ᠦᠨ ᠠᠪᠢᠶ᠎ᠠ ᠣᠨᠳᠣᠣᠰᠢᠬᠤ ᠦᠵᠡ