ᠮᠣᠩᠭᠤᠯ ᠪᠢᠴᠢᠭ ᠬᠢᠲᠠᠳ
ᠠᠩᠭᠯᠢ
ᠶᠠᠫᠤᠨ

ᠠᠪᠢᠶ᠎ᠠ ᠭᠡᠭᠡᠭᠳᠡᠬᠦ ᠦᠵᠡᠭᠳᠡᠯ

ᠮᠣᠩᠭᠤᠯ ᠦᠰᠦᠭ᠎ᠦᠨ ᠵᠥᠪ ᠪᠢᠴᠢᠯᠭᠡ᠎ᠶᠢᠨ ᠳᠦᠷᠢᠮ᠎ᠳᠦ᠂ ᠦᠭᠡ᠎ᠶᠢᠨ ᠦᠨᠳᠦᠰᠦᠨ᠎ᠳᠦ ᠳᠠᠭᠠᠪᠤᠷᠢ ᠵᠠᠯᠭᠠᠬᠤ᠎ᠳᠤ ᠵᠠᠷᠢᠮ ᠦᠭᠡ᠎ᠶᠢᠨ ᠡᠴᠦᠰ᠎ᠦᠨ ᠠᠪᠢᠶ᠎ᠠ᠎ᠨᠢ ᠭᠡᠭᠡᠭᠳᠡᠳᠡᠭ᠂ ᠡᠭᠦᠨ᠎ᠢ ᠠᠪᠢᠶ᠎ᠠ ᠭᠡᠭᠡᠭᠳᠡᠬᠦ ᠦᠵᠡᠭᠳᠡᠯ ᠭᠡᠨ᠎ᠡ᠃

① «᠊ᠨ(n)»᠎ᠢᠶᠠᠷ ᠲᠡᠭᠦᠰᠦᠭᠰᠡᠨ ᠦᠭᠡ᠎ᠶᠢᠨ ᠬᠣᠢᠨ᠎ᠠ ᠵᠠᠷᠢᠮ ᠳᠠᠭᠠᠪᠤᠷᠢ᠎ᠶᠢ ᠵᠠᠯᠭᠠᠬᠤ᠎ᠳᠤ «᠊ᠨ(n)»᠎ᠨᠢ ᠭᠡᠭᠡᠭᠳᠡᠳᠡᠭ᠃ ᠵᠢᠱ᠌ᠢᠶᠡᠯᠡᠪᠡᠯ : ᠰᠠᠢᠨ - ᠰᠠᠢᠳ᠂ ᠣᠯᠠᠨ - ᠣᠯᠠᠭᠤᠯᠠ᠂ ᠴᠠᠭᠠᠨ - ᠴᠠᠭᠠᠪᠤᠷ᠂ ᠬᠥᠮᠦᠨ - ᠬᠥᠮᠦᠰ ᠭᠡᠬᠦ ᠮᠡᠲᠦ᠃

② ᠵᠠᠷᠢᠮ ᠦᠢᠯᠡ ᠦᠭᠡ᠎ᠶᠢᠨ ᠬᠣᠢᠨ᠎ᠠ ᠲᠡᠮᠳᠡᠭ ᠦᠭᠡ ᠪᠦᠲᠦᠭᠡᠬᠦ ᠳᠠᠭᠠᠪᠤᠷᠢ «᠊ᠬᠠᠢ᠂ ᠊ᠬᠡᠢ»᠎ᠶᠢ ᠵᠠᠯᠭᠠᠬᠤ᠎ᠳᠤ ᠦᠭᠡ᠎ᠶᠢᠨ ᠡᠴᠦᠰ᠎ᠦᠨ «ᠠ(a)᠂ ᠡ(e)»᠎ᠨᠢ ᠭᠡᠭᠡᠭᠳᠡᠳᠡᠭ᠃ ᠵᠢᠱ᠌ᠢᠶᠡᠯᠡᠪᠡᠯ : ᠪᠠᠯᠠᠷᠠ - ᠪᠠᠯᠠᠷᠬᠠᠢ᠂ ᠬᠠᠭᠠᠷᠠ - ᠬᠠᠭᠠᠷᠬᠠᠢ᠂ ᠨᠡᠪᠲᠡᠷᠡ - ᠨᠡᠪᠲᠡᠷᠬᠡᠢ᠂ ᠢᠯᠡᠷᠡ - ᠢᠯᠡᠷᠬᠡᠢ ᠭᠡᠬᠦ ᠮᠡᠲᠦ᠃

③ ᠭᠡᠢᠭᠦᠯᠦᠭᠴᠢ «᠊ᠷ(r)᠂ ᠊ᠯ(l)᠂ ᠊ᠩ(ng)᠂ ᠊ᠭ(g)»᠎ᠢᠶᠠᠷ ᠲᠡᠭᠦᠰᠦᠭᠰᠡᠨ ᠵᠠᠷᠢᠮ ᠦᠭᠡᠨ᠎ᠳᠦ ᠵᠠᠷᠢᠮ ᠳᠠᠭᠠᠪᠤᠷᠢ᠎ᠶᠢ ᠵᠠᠯᠭᠠᠬᠤ᠎ᠳᠤ «᠊ᠷ(r)᠂ ᠊ᠯ(l)᠂ ᠊ᠩ(ng)᠂ ᠊ᠭ(g)»᠎ᠨᠢ ᠭᠡᠭᠡᠭᠳᠡᠳᠡᠭ᠃ ᠵᠢᠱ᠌ᠢᠶᠡᠯᠡᠪᠡᠯ : ᠬᠣᠶᠠᠷ - ᠬᠣᠶᠠᠭᠤᠯᠠ᠂ ᠲᠦᠰᠢᠮᠡᠯ - ᠲᠦᠰᠢᠮᠡᠳ᠂ ᠬᠦᠷᠡᠩ - ᠬᠦᠷᠡᠭᠴᠢ᠂ ᠣᠮᠤᠭ - ᠣᠮᠤᠷᠬ᠎ᠠ ᠭᠡᠬᠦ ᠮᠡᠲᠦ᠃

ᠡᠭᠦᠨ᠎ᠡᠴᠡ ᠭᠠᠳᠠᠨ᠎ᠠ᠂ ᠤᠷᠲᠤ ᠡᠭᠡᠰᠢᠭ «ᠤ᠋ᠤ»᠎ᠪᠠᠷ ᠲᠡᠭᠦᠰᠦᠭᠰᠡᠨ ᠦᠭᠡ᠎ᠶᠢᠨ ᠳᠠᠷᠠᠭ᠎ᠠ ᠳᠠᠭᠠᠪᠤᠷᠢ ᠵᠠᠯᠭᠠᠬᠤ᠎ᠳᠤ ᠰᠡᠭᠦᠯᠴᠢ᠎ᠶᠢᠨ «᠊ᠤ»᠎ᠨᠢ ᠭᠡᠭᠡᠭᠳᠡᠳᠡᠭ᠃ ᠵᠢᠱ᠌ᠢᠶᠡᠯᠡᠪᠡᠯ : ᠳᠠᠭᠤᠤ - ᠳᠠᠭᠤᠯᠠ᠂ ᠬᠦᠵᠦᠭᠦᠦ - ᠬᠦᠵᠦᠭᠦᠳᠡ ᠭᠡᠬᠦ ᠮᠡᠲᠦ᠃ ᠬᠣᠣᠰ ᠡᠭᠡᠰᠢᠭ «᠊ᠠᠢ(ai)»᠎ᠪᠠᠷ ᠲᠡᠭᠦᠰᠦᠭᠰᠡᠨ ᠵᠠᠷᠢᠮ ᠦᠭᠡ᠎ᠶᠢᠨ ᠬᠣᠢᠨ᠎ᠠ ᠣᠯᠠᠨ ᠲᠣᠭᠠᠨ᠎ᠤ ᠳᠠᠭᠠᠪᠤᠷᠢ «᠊ᠳ(d)᠂ ᠊ᠰ(s)»᠎ᠢ ᠵᠠᠯᠭᠠᠪᠠᠯ «ᠢ᠋(i)»᠎ᠨᠢ ᠭᠡᠭᠡᠭᠳᠡᠳᠡᠭ᠃ ᠵᠢᠱ᠌ᠢᠶᠡᠯᠡᠪᠡᠯ : ᠨᠣᠬᠠᠢ - ᠨᠣᠬᠠᠳ᠂ ᠨᠣᠬᠠᠢ - ᠨᠣᠬᠠᠰ ᠭᠡᠬᠦ ᠮᠡᠲᠦ᠃

ᠠᠯᠮᠠᠰ ᠺᠣᠮᠫᠠᠨᠢ
email : mongol@almas.co.jp
tel : +81-3-5688-2081
fax : +81-3-5688-2082