ᠮᠣᠩᠭᠤᠯ ᠪᠢᠴᠢᠭ ᠬᠢᠲᠠᠳ
ᠠᠩᠭᠯᠢ
ᠶᠠᠫᠤᠨ
ᠪᠤᠴᠠᠬᠤ
Windows
ᠭᠠᠷ ᠪᠢᠴᠢᠮᠡᠯ ᠲᠢᠭ᠁᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠎ᠢᠶᠡᠨ C:\Windows\fonts ᠳᠣᠣᠷ᠎ᠠ ᠲᠠᠯᠪᠢᠨ᠎ᠠ᠃
    XP ᠬᠡᠷᠡᠭᠯᠡᠵᠦ ᠪᠠᠢᠪᠠᠯ ᠳᠣᠣᠷᠠᠬᠢ ᠰᠣᠹᠲ᠎ᠢ ᠣᠷᠤᠭᠤᠯᠬᠤ ᠴᠢᠬᠤᠯᠠᠲᠠᠢ᠃
ᠰᠠᠭᠤᠯᠭᠠᠬᠤ ᠠᠷᠭ᠎ᠠ᠎ᠨᠢ readme.txt ᠹᠠᠶᠢᠯ᠎ᠢ ᠦᠵᠡᠭᠡᠷᠡᠢ᠃ ᠪᠠᠭᠤᠯᠭᠠᠶ᠎ᠠ

Mac OS X
ᠭᠠᠷ ᠪᠢᠴᠢᠮᠡᠯ ᠲᠢᠭ᠁᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠎ᠢᠶᠡᠨ ~Library/Fonts ᠳᠣᠣᠷ᠎ᠠ ᠲᠠᠯᠪᠢᠨ᠎ᠠ᠃
    ᠳᠠᠬᠢᠨ login ᠬᠢᠬᠦ ᠴᠢᠬᠤᠯᠠᠲᠠᠢ᠃

ᠮᠣᠩᠭᠤᠯ ᠦᠰᠦᠭ᠎ᠮᠢᠨᠢ ᠰᠠᠶᠢᠬᠠᠨ
  ᠲ᠂ ᠳᠡᠯᠭᠡᠷᠰᠠᠩ
ᠠᠮᠲᠠᠷᠠᠬᠨ ᠰᠢᠮᠳᠡᠷᠬᠡᠨ ᠤᠩᠰᠢᠬᠤ᠎ᠳᠤ
ᠠᠶᠠᠯᠭᠤ ᠳᠠᠭᠤᠨ᠎ᠤ᠎ᠬᠢᠨᠢ ᠢᠷᠠᠭᠤᠬᠠᠨ ᠭᠡᠵᠦ᠂
ᠠᠯᠭᠤᠷ ᠰᠠᠶᠢᠬᠠᠨ ᠪᠢᠴᠢᠬᠦ᠎ᠳᠦ
ᠠᠴᠤᠭ ᠰᠢᠯᠪᠢ᠎ᠶᠢᠨ ᠬᠢᠨᠢ ᠡᠪᠯᠢᠭ᠍ᠬᠡᠨ ᠭᠡᠵᠦ᠃

ᠤᠷᠪᠠᠭᠤᠯᠤᠨ ᠡᠷᠭᠢᠭᠦᠯᠦᠨ ᠤᠩᠰᠢᠬᠤ᠎ᠳᠤ
ᠤᠷᠤᠰᠤᠮ᠎ᠠ ᠲᠣᠳᠤᠬᠠᠨ ᠰᠣᠨᠤᠰᠲᠠᠬᠤ ᠭᠡᠵᠦ᠂
ᠤᠳᠭ᠎ᠠ᠎ᠪᠠᠷ᠎ᠨᠢ ᠪᠠᠭᠤᠯᠭᠠᠵᠤ ᠪᠢᠴᠢᠬᠦ᠎ᠳᠦ
ᠤᠷᠠᠯᠢᠭ ᠭᠣᠶᠤᠬᠠᠨ ᠬᠠᠷᠠᠭᠳᠠᠬᠤ ᠭᠡᠵᠦ᠃

ᠶᠠᠩᠵᠤ ᠪᠦᠷᠢ᠎ᠶᠢᠨ ᠠᠶᠠᠯᠭᠤ᠎ᠶᠢ
ᠪᠦᠷᠢᠨ ᠲᠡᠮᠳᠡᠭᠯᠡᠳᠡᠭ ᠦᠰᠦᠭ ᠰᠢᠦ
ᠶᠠᠭᠠᠷᠠᠵᠤ ᠲᠡᠪᠡᠳᠡᠭᠰᠡᠨ ᠦᠶ᠎ᠡ᠎ᠳᠦ
ᠲᠠᠲᠠᠯᠠᠵᠤ ᠪᠣᠯᠳᠠᠭ᠎ᠴᠤ ᠦᠰᠦᠭ ᠰᠢᠦ᠃

ᠡᠭᠡᠰᠢᠭ ᠭᠡᠢᠭᠦᠯᠦᠭᠴᠢ ᠬᠠᠮᠵᠢᠮᠠᠨᠵᠢᠨ
ᠦᠶ᠎ᠡ ᠪᠦᠷᠢᠯᠳᠦᠨ ᠲᠣᠭᠳᠠᠳᠠᠭ ᠰᠢᠦ
ᠦᠶ᠎ᠡ᠎ᠨᠢ ᠦᠶ᠎ᠡ᠎ᠲᠡᠢ᠎ᠪᠡᠨ ᠨᠡᠢᠯᠡᠮᠡᠨᠵᠢᠨ
ᠦᠭᠡ ᠦᠰᠦᠭ ᠪᠦᠲᠦᠳᠡᠭ ᠰᠢᠦ᠃

ᠴᠠᠭᠠᠨ ᠲᠣᠯᠤᠭᠠᠢ᠎ᠶᠢ ᠡᠵᠡᠮᠰᠢᠪᠡᠯ
ᠴᠠᠭᠠᠰᠢ᠎ᠨᠢ ᠦᠰᠦᠭᠯᠡᠯ᠎ᠳᠦ ᠣᠷᠤᠳᠠᠭ ᠰᠢᠦ᠂
ᠦᠰᠦᠭᠯᠡᠯ᠎ᠳᠦ ᠣᠷᠤᠵᠤ ᠴᠠᠭᠠᠷᠠᠪᠠᠯ
ᠦᠯᠢᠭᠡᠷ᠎ᠦᠨ ᠨᠣᠮ ᠤᠩᠰᠢᠳᠠᠭ ᠰᠢᠦ᠃

ᠦᠭᠡ᠎ᠪᠡᠨ ᠶᠠᠷᠢᠳᠠᠭ ᠬᠥᠮᠦᠨ
ᠦᠰᠦᠭ᠎ᠢ᠎ᠨᠢ ᠰᠤᠷᠠᠬᠤ᠎ᠳᠤ ᠳᠥᠬᠦᠮ ᠰᠢᠦ᠂
ᠦᠰᠦᠭ᠎ᠢ᠎ᠨᠢ ᠮᠡᠳᠡᠳᠡᠭ ᠬᠥᠮᠦᠨ
ᠪᠢᠴᠢᠭ᠎ᠲᠡᠢ ᠪᠣᠯᠬᠤ᠎ᠳᠤ ᠬᠢᠯᠪᠠᠷ ᠰᠢᠦ᠃

ᠮᠠᠨ᠎ᠤ ᠮᠣᠩᠭᠤᠯ ᠦᠰᠦᠭ ᠭᠡᠭᠴᠢ
ᠮᠠᠩᠯᠠᠢ ᠰᠠᠶᠢᠬᠠᠨ ᠪᠠᠢᠳᠠᠭ ᠰᠢᠦ᠂
ᠮᠠᠰᠢ ᠡᠷᠲᠡ ᠵᠣᠬᠢᠶᠠᠭᠳᠠᠭᠠᠳ
ᠮᠠᠷᠲᠠᠭᠳᠠᠯ᠎ᠦᠭᠡᠢ ᠬᠡᠷᠡᠭᠯᠡᠭᠳᠡᠭᠰᠡᠭᠡᠷ ᠰᠢᠦ᠃

ᠮᠣᠷᠤᠩᠬᠠᠢ ᠮᠣᠰᠢᠭᠠᠢ ᠦᠰᠦᠭ ᠭᠡᠵᠦ
ᠮᠡᠳᠡᠯᠭᠡ ᠮᠡᠭᠦᠰᠴᠦᠳ ᠭᠦᠳᠭᠡᠪᠡᠴᠦ
ᠮᠣᠯᠤᠷ ᠡᠷᠳᠡᠨᠢ᠎ᠶᠢᠨ ᠦᠰᠦᠭ᠎ᠢᠶᠡᠨ
ᠮᠣᠩᠭᠤᠯ ᠬᠦᠦ ᠪᠢ ᠰᠤᠷᠤᠨ᠎ᠠ᠃

ᠠᠷᠢᠶᠠᠲᠠᠨ ᠰᠢᠪᠠᠭᠤᠨ᠎ᠤ ᠬᠡᠯᠡ ᠭᠡᠵᠦ
ᠠᠳᠭᠠᠭ ᠰᠠᠨᠠᠭᠠᠲᠠᠨ ᠵᠠᠵᠢᠭᠤᠳᠠᠭᠤᠯᠪᠠᠴᠤ᠂
ᠠᠪᠤ ᠳᠡᠭᠡᠳᠦᠰ᠎ᠦᠨ ᠬᠡᠯᠡ᠎ᠪᠡᠨ
ᠠᠯᠳᠠᠯ᠎ᠦᠭᠡᠢ ᠪᠢ ᠡᠵᠡᠮᠰᠢᠨ᠎ᠡ!

ᠭᠠᠢᠬᠠᠮᠰᠢᠭᠲᠤ ᠰᠠᠶᠢᠬᠠᠨ ᠬᠡᠯᠡ᠎ᠪᠡᠨ
ᠭᠠᠩᠭᠠᠩ ᠰᠠᠶᠢᠬᠠᠨ ᠦᠰᠦᠭ᠎ᠢᠶᠡᠨ
ᠭᠠᠯᠪᠠ ᠶᠡᠭᠦᠷᠡᠲᠡᠯ᠎ᠡ ᠬᠡᠷᠡᠭᠯᠡᠭᠡᠳ
ᠭᠠᠯ ᠭᠣᠯᠤᠮᠲᠠ᠎ᠪᠠᠨ ᠬᠥᠭᠵᠢᠭᠦᠯᠦᠨ᠎ᠡ᠃
ᠠᠯᠮᠠᠰ ᠺᠣᠮᠫᠠᠨᠢ
email : mongol@almas.co.jp
tel : +81-3-5688-2081
fax : +81-3-5688-2082