ᠮᠣᠩᠭᠤᠯ ᠪᠢᠴᠢᠭ ᠬᠢᠲᠠᠳ
ᠠᠩᠭᠯᠢ
ᠶᠠᠫᠤᠨ
ᠪᠤᠴᠠᠬᠤ
Windows
ᠤᠷᠠᠯᠢᠭ ᠲᠢᠭ᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠎ᠢᠶᠡᠨ C:\Windows\fonts ᠳᠣᠣᠷ᠎ᠠ ᠲᠠᠯᠪᠢᠨ᠎ᠠ᠃
    XP ᠬᠡᠷᠡᠭᠯᠡᠵᠦ ᠪᠠᠢᠪᠠᠯ ᠳᠣᠣᠷᠠᠬᠢ ᠰᠣᠹᠲ᠎ᠢ ᠣᠷᠤᠭᠤᠯᠬᠤ ᠴᠢᠬᠤᠯᠠᠲᠠᠢ᠃ ᠰᠠᠭᠤᠯᠭᠠᠬᠤ ᠠᠷᠭ᠎ᠠ᠎ᠨᠢ readme.txt ᠹᠠᠢᠯ᠎ᠢ ᠦᠵᠡᠭᠡᠷᠡᠢ᠃ ᠪᠠᠭᠤᠯᠭᠠᠶ᠎ᠠ

Mac OS X
ᠤᠷᠠᠯᠢᠭ ᠲᠢᠭ᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠎ᠢᠶᠡᠨ ~Library/Fonts ᠳᠣᠣᠷ᠎ᠠ ᠲᠠᠯᠪᠢᠨ᠎ᠠ᠃
    ᠳᠠᠬᠢᠨ login ᠬᠢᠬᠦ ᠴᠢᠬᠤᠯᠠᠲᠠᠢ᠃

ᠪᠢ ᠮᠣᠩᠭᠤᠯ ᠬᠥᠮᠦᠨ
  ᠴ᠂ ᠴᠢᠮᠡᠳ
ᠠᠷᠭᠠᠯ᠎ᠤᠨ ᠤᠲᠤᠭ᠎ᠠ ᠪᠤᠷᠭᠢᠯᠤᠭᠰᠠᠨ
ᠮᠠᠯᠴᠢᠨ᠎ᠤ ᠭᠡᠷ᠎ᠲᠦ ᠲᠥᠷᠦᠭᠰᠡᠨ ᠪᠢ
ᠠᠲᠠᠷ ᠬᠡᠭᠡᠷ᠎ᠡ ᠨᠤᠲᠤᠭ᠎ᠢᠶᠠᠨ
ᠥᠯᠦᠭᠡᠢ᠎ᠮᠢᠨᠢ ᠭᠡᠵᠦ ᠪᠣᠳᠤᠳᠠᠭ
ᠴᠡᠩᠬᠡᠷ ᠮᠠᠨᠠᠨ ᠰᠤᠭᠤᠨᠠᠭᠯᠠᠭᠰᠠᠨ
ᠠᠯᠤᠰ᠎ᠤᠨ ᠪᠠᠷ᠎ᠠ᠎ᠶᠢ ᠰᠢᠷᠲᠡᠭᠡᠳ
ᠴᠡᠯᠡᠭᠡᠷ ᠰᠠᠢᠬᠠᠨ ᠨᠤᠲᠤᠭ᠎ᠢᠶᠠᠨ
ᠰᠡᠳᠭᠢᠯ ᠪᠠᠬᠠᠳᠤᠨ ᠬᠠᠷᠠᠬᠤ᠎ᠳᠤ
ᠦᠯᠢᠶᠡᠵᠦ ᠪᠠᠢᠭ᠎ᠠ ᠰᠠᠯᠬᠢ᠎ᠨᠢ
ᠦᠨᠦᠰᠦᠭᠡᠳ ᠪᠠᠢᠭ᠎ᠠ᠎ᠴᠤ᠎ᠶᠤᠮ᠎ᠰᠢᠭ᠋
ᠥᠷᠦᠰᠢᠶᠡᠯᠲᠦ ᠡᠵᠢ᠎ᠶᠢᠨ᠎ᠮᠢᠨᠢ ᠭᠠᠷ
ᠢᠯᠪᠢᠭᠡᠳ ᠪᠠᠢᠭ᠎ᠠ᠎ᠴᠤ᠎ᠶᠤᠮ᠎ᠰᠢᠭ᠋
ᠡᠨᠡᠷᠢᠩᠭᠦᠢ ᠰᠠᠢᠬᠠᠨ ᠰᠠᠨᠠᠭᠳᠠᠬᠤ᠎ᠳᠤ
ᠡᠯᠢᠭᠡ ᠵᠢᠷᠦᠬᠡ᠎ᠮᠢᠨᠢ ᠳᠣᠭᠳᠣᠯᠵᠣ
ᠬᠣᠣᠰ᠎ᠦᠭᠡᠢ ᠪᠠᠶᠠᠷ᠎ᠤᠨ ᠨᠢᠯᠪᠤᠰᠤ
ᠬᠣᠶᠠᠷ ᠨᠢᠳᠦ᠎ᠶᠢ᠎ᠮᠢᠨᠢ ᠪᠦᠷᠬᠦᠳᠡᠭ
ᠥᠷᠭᠡᠨ ᠰᠠᠢᠬᠠᠨ ᠨᠤᠲᠤᠭ᠎ᠤᠨ᠎ᠢᠶᠠᠨ
ᠡᠪᠴᠢᠭᠦᠨ ᠳᠡᠭᠡᠷ᠎ᠡ᠎ᠨᠢ ᠲᠥᠷᠥᠭᠡᠳ
ᠥᠨᠢᠷ ᠠᠭᠤᠳᠠᠮ ᠲᠠᠯ᠎ᠠ᠎ᠶᠢᠨ᠎ᠢᠶᠠᠨ
ᠥᠩᠭᠡᠲᠦ ᠠᠮᠢᠳᠤᠷᠠᠯ᠎ᠤᠨ ᠲᠥᠯᠦᠭᠡ
ᠠᠮᠢ ᠪᠡᠶ᠎ᠡ᠎ᠪᠡᠨ ᠵᠣᠷᠢᠭᠤᠯᠳᠠᠭ
ᠠᠷᠢᠭᠤᠨ ᠨᠠᠨᠳᠢᠨ ᠵᠠᠩᠰᠢᠯ᠎ᠲᠠᠢ
ᠡᠪᠦᠭᠡᠳ ᠬᠥᠭᠰᠢᠳ ᠳᠡᠭᠡᠳᠦᠰ᠎ᠦᠨ᠎ᠮᠢᠨᠢ
ᠦᠷ᠎ᠡ᠎ᠪᠡᠨ ᠭᠡᠵᠦ ᠨᠠᠢᠳᠠᠭᠠᠳ
ᠦᠯᠡᠳᠡᠭᠡᠵᠦ ᠨᠠᠳᠠ᠎ᠳᠤ ᠥᠭᠭᠦᠭᠰᠡᠨ
ᠥᠨᠢᠷ ᠮᠣᠩᠭᠤᠯ ᠣᠷᠤᠨ᠎ᠤ
ᠨᠠᠷᠠ᠎ᠨᠢ ᠨᠠᠮᠠᠢ ᠭᠡᠢᠭᠦᠯᠵᠦ
ᠨᠠᠷᠢᠨ ᠰᠠᠯᠬᠢ᠎ᠨᠢ ᠦᠯᠢᠶᠡᠵᠦ
ᠨᠠᠮᠢᠷᠠᠭ᠎ᠠ ᠬᠤᠷ᠎ᠠ᠎ᠨᠢ ᠲᠡᠵᠢᠭᠡᠵᠦ
ᠨᠠᠢᠷᠲᠠᠢ ᠰᠠᠢᠬᠠᠨ ᠣᠷᠤᠨ᠎ᠮᠢᠨᠢ
ᠨᠠᠳᠠ᠎ᠲᠠᠢ ᠬᠤᠪᠢ ᠨᠢᠭᠡᠲᠡᠢ ᠪᠠᠢᠳᠠᠭ᠎ᠲᠤᠯᠠ
ᠤᠨᠠᠭᠰᠠᠨ ᠡᠨᠡ ᠨᠤᠲᠤᠭ᠎ᠢᠶᠠᠨ ᠪᠢ
ᠥᠪᠡᠷ᠎ᠦᠨ ᠪᠡᠶ᠎ᠡ᠎ᠰᠢᠭ ᠬᠠᠢᠷᠠᠯᠠᠵᠤ
ᠤᠭᠢᠶᠠᠭᠰᠠᠨ ᠲᠤᠩᠭᠠᠯᠠᠭ ᠮᠥᠷᠡᠨ᠎ᠢᠶᠡᠨ ᠪᠢ
ᠡᠬᠡ᠎ᠶᠢᠨ ᠰᠦ᠋᠎ᠰᠢᠭ ᠰᠠᠨᠠᠳᠠᠭ
ᠡᠨᠡ ᠨᠤᠲᠤᠭ᠎ᠲᠠᠭᠠᠨ ᠪᠢ ᠡᠵᠡᠨ᠎ᠨᠢ᠎ᠶᠦᠮ
ᠡᠩᠬᠦᠷᠡᠢᠯᠡᠯ᠎ᠳᠦ᠎ᠨᠢ ᠥᠰᠦᠭᠰᠡᠨ ᠬᠦᠦ᠎ᠨᠢ᠎ᠶᠦᠮ
ᠢᠷᠡᠭᠡᠳᠦᠢ᠎ᠶᠢ᠎ᠨᠢ ᠲᠦᠮᠡᠨ᠎ᠲᠡᠢ᠎ᠪᠡᠨ ᠪᠣᠰᠭᠠᠯᠴᠠᠬᠤ
ᠶᠡᠬᠡ ᠡᠭᠦᠷᠭᠡ ᠬᠦᠯᠢᠶᠡᠭᠰᠡᠨ᠎ᠶᠦᠮ
ᠬᠡᠷᠪᠡ ᠬᠥᠮᠦᠨ ᠡᠭᠡ ᠣᠷᠤᠨ᠎ᠢᠶᠠᠨ
ᠬᠠᠮᠤᠭ᠎ᠠᠴᠠ ᠦᠨᠡᠲᠡᠢ ᠭᠡᠳᠡᠭ ᠪᠣᠯ
ᠬᠡᠭᠡᠷ᠎ᠡ ᠲᠠᠯ᠎ᠠ ᠨᠤᠲᠤᠭ᠎ᠢᠶᠠᠨ
ᠶᠠᠭᠤ᠎ᠠᠴᠠ᠎ᠴᠤ ᠢᠯᠡᠭᠦᠦ ᠰᠠᠨᠠᠳᠠᠭ ᠪᠣᠯ
ᠠᠵᠢᠯᠯᠠᠬᠤ ᠬᠥᠳᠡᠯᠬᠦ ᠪᠦᠷᠢ᠎ᠳᠡᠭᠡᠨ
ᠠᠷᠠᠳ ᠲᠦᠮᠡᠨ᠎ᠦ᠎ᠪᠡᠨ ᠲᠥᠯᠦᠭᠡ ᠪᠣᠯ
ᠠᠯᠬᠤᠬᠤ ᠭᠢᠰᠭᠢᠬᠦ ᠪᠣᠯᠭᠠᠨ᠎ᠳᠠᠭᠠᠨ
ᠠᠤᠭ᠎ᠠ ᠣᠷᠤᠨ᠎ᠤ᠎ᠪᠠᠨ ᠲᠥᠯᠦᠭᠡ ᠪᠣᠯ
ᠠᠯᠲᠠᠨ ᠰᠢᠷᠤᠢ ᠤᠷᠤᠭᠤ᠎ᠪᠠᠨ ᠳᠠᠭᠠᠷᠢᠭᠰᠠᠨ
ᠠᠲᠠᠭᠠᠲᠠᠨ᠎ᠤ ᠬᠣᠣᠷᠲᠤ ᠰᠤᠮᠤ᠎ᠶᠢ
ᠠᠶᠤᠰᠢ᠎ᠰᠢᠭ᠋ ᠴᠡᠭᠡᠵᠢ᠎ᠪᠡᠷ᠎ᠢᠶᠡᠨ ᠲᠠᠭᠯᠠᠨ
ᠠᠮᠢ᠎ᠪᠠᠨ ᠥᠭᠬᠦ᠎ᠡᠴᠡ ᠪᠤᠴᠠᠬᠤ᠎ᠦᠭᠡᠢ ᠪᠣᠯ
ᠡᠨᠡ ᠬᠥᠮᠦᠨ ᠮᠣᠩᠭᠤᠯ ᠬᠥᠮᠦᠨ
ᠡᠬᠡ ᠣᠷᠤᠨ᠎ᠳᠠᠭᠠᠨ ᠬᠠᠢᠷᠠᠲᠠᠢ ᠬᠥᠮᠦᠨ
ᠡᠨᠡ ᠬᠠᠢᠷ᠎ᠠ᠎ᠨᠢ ᠮᠣᠩᠭᠤᠯᠴᠤᠳ᠎ᠲᠤ
ᠡᠷᠲᠡᠨ᠎ᠡᠴᠡ ᠬᠡᠪᠰᠢᠭᠰᠡᠨ ᠬᠠᠢᠷ᠎ᠠ ᠭᠡᠨ᠎ᠡ
ᠪᠢ ᠮᠣᠩᠭᠤᠯ ᠬᠥᠮᠦᠨ ᠪᠣᠯᠬᠣᠷ
ᠪᠢᠳᠤᠷᠶ᠎ᠠ ᠨᠤᠲᠤᠭ᠎ᠤᠨ᠎ᠢᠶᠠᠨ ᠲᠥᠯᠦᠭᠡ
ᠠᠮᠢ ᠪᠡᠶ᠎ᠡ᠂ ᠪᠦᠬᠦ ᠨᠠᠰᠤ᠎ᠪᠠᠨ
ᠠᠪᠴᠤ ᠪᠠᠢᠭ᠎ᠠ ᠠᠮᠢᠰᠭᠤᠭ᠎ᠠ᠎ᠪᠠᠨ
ᠣᠷᠭᠢᠯᠵᠤ ᠪᠠᠢᠭ᠎ᠠ ᠵᠣᠷᠢᠭ᠎ᠢᠶᠠᠨ
ᠠᠯᠢ᠎ᠶᠢ᠎ᠨᠢ᠎ᠴᠤ ᠬᠠᠢᠷᠠᠯᠠᠯ᠎ᠦᠭᠡᠢ ᠵᠣᠷᠢᠭᠤᠯᠤᠨ᠎ᠠ
ᠲᠥᠷᠦᠯᠬᠢ ᠨᠤᠲᠤᠭ᠎ᠢᠶᠠᠨ ᠭᠡᠢᠭᠦᠯᠦᠭᠰᠡᠨ
ᠨᠠᠷᠠᠨ᠎ᠤ ᠲᠤᠶᠠᠭᠠᠨ᠎ᠳᠤ ᠬᠠᠢᠷᠠᠲᠠᠢ ᠪᠢ
ᠲᠦᠪᠰᠢᠨ ᠲᠠᠯ᠎ᠠ᠎ᠳᠠᠭᠠᠨ ᠴᠤᠤᠷᠢᠶᠠᠲᠤᠭᠰᠠᠨ
ᠡᠭᠡᠰᠢᠭᠲᠦ ᠲᠠᠭᠤᠨ᠎ᠳᠤ ᠳᠤᠷᠠᠲᠠᠢ ᠪᠢ
ᠬᠠᠨᠠᠭᠠᠷ ᠴᠢᠯᠦᠭᠡᠲᠦ ᠨᠤᠲᠤᠭ᠎ᠢᠶᠠᠨ
ᠬᠠᠷᠠᠬᠤ ᠳᠣᠲᠣᠮ᠎ᠢᠶᠠᠨ ᠪᠠᠶᠠᠰᠴᠤ ᠪᠠᠢᠨ᠎ᠠ
ᠬᠠᠯᠠᠭᠤᠨ ᠠᠮᠢ᠎ᠪᠠᠨ ᠲᠦᠢᠬᠦ᠎ᠦᠭᠡᠢ
ᠵᠢᠳᠭᠦᠬᠦ ᠵᠣᠷᠢᠭ ᠨᠡᠮᠡᠭᠳᠡᠵᠦ ᠪᠠᠢᠨ᠎ᠠ᠃
ᠠᠯᠮᠠᠰ ᠺᠣᠮᠫᠠᠨᠢ
email : mongol@almas.co.jp
tel : +81-3-5688-2081
fax : +81-3-5688-2082