ᠮᠣᠩᠭᠤᠯ ᠪᠢᠴᠢᠭ ᠬᠢᠲᠠᠳ
ᠠᠩᠭᠯᠢ
ᠶᠠᠫᠤᠨ
ᠪᠤᠴᠠᠬᠤ
Windows
ᠴᠠᠭᠠᠨ ᠲᠢᠭ᠁᠁᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠎ᠢᠶᠡᠨ C:\Windows\fonts ᠳᠣᠣᠷ᠎ᠠ ᠲᠠᠯᠪᠢᠨ᠎ᠠ᠃
    XP ᠬᠡᠷᠡᠭᠯᠡᠵᠦ ᠪᠠᠢᠪᠠᠯ ᠳᠣᠣᠷᠠᠬᠢ ᠰᠣᠹᠲ᠎ᠢ ᠣᠷᠤᠭᠤᠯᠬᠤ ᠴᠢᠬᠤᠯᠠᠲᠠᠢ᠃ ᠰᠠᠭᠤᠯᠭᠠᠬᠤ ᠠᠷᠭ᠎ᠠ᠎ᠨᠢ readme.txt ᠹᠠᠢᠯ᠎ᠢ ᠦᠵᠡᠭᠡᠷᠡᠢ᠃ ᠪᠠᠭᠤᠯᠭᠠᠶ᠎ᠠ

Mac OS X ᠴᠠᠭᠠᠨ ᠲᠢᠭ᠁᠁᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠎ᠢᠶᠡᠨ ~Library/Fonts ᠳᠣᠣᠷ᠎ᠠ ᠲᠠᠯᠪᠢᠨ᠎ᠠ᠃
    ᠳᠠᠬᠢᠨ login ᠬᠢᠬᠦ ᠴᠢᠬᠤᠯᠠᠲᠠᠢ᠃

ᠺᠣᠮᠫᠢᠦ᠋ᠲᠧᠷ
  ᠺᠣᠮᠫᠢᠦ᠋ᠲᠧᠷ ᠪᠣᠯ ᠴᠣ᠋ ᠰᠢᠨ᠎ᠡ ᠪᠣᠲᠤᠯᠭ᠎ᠠ᠎ᠶᠢᠨ ᠮᠠᠰᠢᠨ ᠮᠥᠨ᠃ ᠲᠡᠷᠡ᠎ᠨᠢ ᠬᠥᠮᠦᠨ᠎ᠦ ᠲᠠᠷᠢᠬᠢᠨ᠎ᠤ ᠠᠵᠢᠯᠯᠠᠭ᠎ᠠ᠎ᠶᠢ ᠳᠠᠭᠤᠷᠢᠶᠠᠵᠤ ᠲᠥᠯᠦᠪᠯᠡᠨ ᠭᠠᠷᠭᠠᠭᠰᠠᠨ ᠨᠢᠭᠡ ᠵᠦᠢᠯ᠎ᠦᠨ ᠡᠯᠧᠺᠲᠷᠦᠨ ᠪᠠᠭᠠᠵᠢ ᠪᠣᠯᠤᠨ᠎ᠠ᠃
  ᠺᠣᠮᠫᠢᠦ᠋ᠲᠧᠷ ᠬᠥᠮᠦᠨ᠎ᠦ ᠲᠠᠷᠢᠬᠢ᠎ᠲᠠᠢ ᠠᠳᠠᠯᠢ᠎ᠪᠠᠷ ᠰᠤᠷᠠᠭ ᠳᠣᠬᠢᠶ᠎ᠠ᠎ᠶᠢ ᠬᠠᠳᠠᠭᠠᠯᠠᠵᠤ ᠴᠢᠳᠠᠬᠤ᠎ᠪᠠᠷ ᠪᠠᠷᠠᠬᠤ᠎ᠦᠭᠡᠢ᠂ ᠪᠠᠰᠠ ᠬᠠᠳᠠᠭᠠᠯᠠᠭᠳᠠᠵᠤ ᠪᠠᠢᠭ᠎ᠠ ᠰᠤᠷᠠᠭ ᠳᠣᠬᠢᠶᠠᠨ᠎ᠳᠤ ᠵᠣᠬᠢᠬᠤ ᠬᠡᠮᠵᠢᠶᠡᠨ᠎ᠦ ᠯᠣᠭᠢᠭ ᠵᠦᠢᠴᠢᠯᠡᠯ᠎ᠦᠨ ᠠᠵᠢᠯᠯᠠᠭ᠎ᠠ᠎ᠪᠠ ᠮᠠᠭᠠᠳᠯᠠᠯᠲᠠ ᠥᠭᠴᠦ ᠴᠢᠳᠠᠨ᠎ᠠ᠃ ᠡᠨᠡ ᠮᠡᠲᠦ᠎ᠪᠡᠷ ᠺᠣᠮᠫᠢᠦ᠋ᠲᠧᠷ ᠬᠥᠮᠦᠨ᠎ᠦ ᠣᠶᠤᠨ᠎ᠤ ᠬᠥᠳᠡᠯᠮᠦᠷᠢ᠎ᠶᠢ ᠣᠷᠤᠯᠠᠵᠤ ᠴᠢᠳᠠᠳᠠᠭ ᠲᠤᠯᠠ ᠲᠡᠭᠦᠨ᠎ᠢ ᠪᠠᠰᠠ ᠡᠯᠧᠺᠲᠷᠦᠨ ᠲᠠᠷᠢᠬᠢ ᠭᠡᠵᠦ ᠨᠡᠷᠡᠯᠡᠳᠡᠭ᠃
  1946 ᠣᠨ᠎ᠳᠤ ᠠᠩᠬᠠᠨ᠎ᠤ ᠺᠣᠮᠫᠢᠦ᠋ᠲᠧᠷ᠎ᠢ ᠡᠭᠦᠳᠦᠨ ᠭᠠᠷᠭᠠᠪᠠ᠃ ᠠᠩᠬᠠᠨ᠎ᠤ ᠺᠣᠮᠫᠢᠦ᠋ᠲᠧᠷ᠎ᠦᠨ ᠬᠦᠨᠳᠦ᠎ᠨᠢ 30 ᠲᠣᠨ᠂ ᠡᠵᠡᠯᠡᠬᠦ ᠵᠠᠢ᠎ᠨᠢ ᠬᠡᠳᠦ ᠬᠡᠳᠦᠨ ᠥᠷᠦᠭᠡ᠂ ᠰᠧᠺᠦ᠋ᠨ᠋ᠳ᠋ ᠪᠦᠷᠢ ᠪᠠᠷᠤᠭ 5000 ᠤᠳᠠᠭ᠎ᠠ ᠪᠣᠳᠤᠯᠭ᠎ᠠ ᠪᠣᠳᠤᠨ᠎ᠠ᠃
  ᠡᠯᠧᠺᠲᠷᠦᠨ ᠮᠡᠷᠭᠡᠵᠢᠯ᠎ᠦᠨ ᠬᠥᠭᠵᠢᠯᠲᠡ᠎ᠶᠢ ᠳᠠᠭᠠᠯᠳᠤᠨ ᠺᠣᠮᠫᠢᠦ᠋ᠲᠧᠷ ᠤᠯᠠᠮ ᠤᠯᠠᠮ᠎ᠢᠶᠠᠷ ᠵᠢᠵᠢᠭ᠍ᠷᠡᠨ᠂ ᠪᠣᠳᠤᠬᠤ ᠬᠤᠷᠳᠤᠴᠠ᠎ᠨᠢ ᠲᠠᠰᠤᠷᠠᠯᠲᠠ᠎ᠦᠭᠡᠢ ᠲᠥᠷᠭᠡᠰᠴᠦ ᠪᠠᠢᠨ᠎ᠠ᠃ ᠣᠳᠣ ᠰᠧᠺᠦ᠋ᠨ᠋ᠳ᠋ ᠪᠦᠷᠢ᠎ᠳᠦ ᠬᠡᠳᠦᠨ ᠠᠷᠪᠠᠨ ᠲᠦᠮᠡᠨ ᠤᠳᠠᠭ᠎ᠠ᠂ ᠬᠡᠳᠦᠨ ᠮᠢᠩᠭᠠᠨ ᠲᠦᠮᠡᠨ ᠤᠳᠠᠭ᠎ᠠ ᠪᠣᠳᠤᠯᠭ᠎ᠠ ᠪᠣᠳᠤᠬᠤ ᠺᠣᠮᠫᠢᠦ᠋ᠲᠧᠷ ᠪᠣᠢ ᠪᠣᠯᠪᠠ᠃ ᠲᠣᠮᠤ ᠬᠡᠯᠪᠡᠷᠢ᠎ᠶᠢᠨ ᠥᠨᠳᠦᠷ ᠬᠤᠷᠳᠤᠴᠠ᠎ᠲᠠᠢ ᠺᠣᠮᠫᠢᠦ᠋ᠲᠧᠷ ᠰᠧᠺᠦ᠋ᠨ᠋ᠳ᠋ ᠪᠦᠷᠢ ᠬᠡᠴᠢᠨᠡᠨ ᠳ᠋ᠦᠩᠰᠢᠭᠤᠷ ᠤᠳᠠᠭ᠎ᠠ ᠪᠣᠳᠤᠯᠭ᠎ᠠ ᠪᠣᠳᠤᠵᠤ ᠠᠮᠵᠢᠨ᠎ᠠ᠃
  ᠺᠣᠮᠫᠢᠦ᠋ᠲᠧᠷ᠎ᠨᠢ ᠪᠣᠳᠤᠭᠤᠷ᠂ ᠬᠠᠳᠠᠭᠠᠯᠠᠭᠤᠷ᠂ ᠡᠵᠡᠮᠰᠢᠭᠦᠷ᠂ ᠣᠷᠤᠭᠤᠯᠤᠭᠤᠷ᠂ ᠭᠠᠷᠭᠠᠭᠤᠷ ᠵᠡᠷᠭᠡ ᠲᠠᠪᠤᠨ ᠬᠡᠰᠡᠭ᠎ᠢᠶᠡᠷ ᠪᠦᠷᠢᠯᠳᠦᠵᠡᠢ᠃
  ᠺᠣᠮᠫᠢᠦ᠋ᠲᠧᠷ᠎ᠦᠨ ᠪᠣᠳᠤᠭᠤᠷ ᠪᠣᠯ ᠪᠣᠳᠤᠯᠭ᠎ᠠ ᠪᠣᠳᠤᠬᠤ ᠪᠠᠭᠠᠵᠢ ᠮᠥᠨ᠃ ᠬᠠᠳᠠᠭᠠᠯᠠᠭᠤᠷ ᠪᠣᠯ ᠵᠦᠢᠯ ᠪᠦᠷᠢ᠎ᠶᠢᠨ ᠲᠣᠭ᠎ᠠ ᠪᠠᠷᠢᠮᠲᠠ᠎ᠶᠢ ᠬᠠᠳᠠᠭᠠᠯᠠᠨ᠎ᠠ᠃ ᠡᠵᠢᠮᠰᠢᠭᠦᠷ ᠪᠣᠯ ᠬᠡᠰᠡᠭ ᠪᠦᠷᠢ᠎ᠶᠢᠨ ᠠᠵᠢᠯᠯᠠᠭ᠎ᠠ᠎ᠶᠢ ᠵᠠᠬᠢᠷᠴᠤ ᠵᠢᠯᠤᠭᠤᠳᠬᠤ᠎ᠪᠠ ᠲᠣᠭ᠎ᠠ ᠪᠠᠷᠢᠮᠲᠠ᠎ᠶᠢ ᠬᠠᠮᠢᠶᠠᠷᠬᠤ ᠦᠢᠯᠡᠳᠦᠯ᠎ᠲᠡᠢ᠃ ᠣᠷᠤᠭᠤᠯᠤᠭᠤᠷ᠎ᠢᠶᠠᠷ ᠳᠠᠮᠵᠢᠭᠤᠯᠵᠤ ᠡᠯ᠎ᠡ ᠵᠦᠢᠯ᠎ᠦᠨ ᠲᠣᠭ᠎ᠠ ᠪᠠᠷᠢᠮᠲᠠ᠎ᠪᠠᠨ ᠺᠣᠮᠫᠢᠦ᠋ᠲᠧᠷ᠎ᠲᠦ ᠮᠡᠳᠡᠭᠳᠡᠭᠡᠳ᠂ ᠭᠠᠷᠭᠠᠭᠤᠷ᠎ᠢᠶᠠᠷ ᠳᠠᠮᠵᠢᠭᠤᠯᠵᠤ ᠺᠣᠮᠫᠢᠦ᠋ᠲᠧᠷ᠎ᠦᠨ ᠪᠣᠳᠤᠵᠤ ᠭᠠᠷᠭᠠᠭᠰᠠᠨ ᠦᠷ᠎ᠡ ᠳ᠋ᠦᠩ᠎ᠢ ᠮᠡᠳᠡᠵᠦ ᠠᠪᠳᠠᠭ᠃
  ᠺᠣᠮᠫᠢᠦ᠋ᠲᠧᠷ᠎ᠢ ᠠᠪᠤᠷᠭᠤ ᠺᠣᠮᠫᠢᠦ᠋ᠲᠧᠷ᠂ ᠲᠣᠮᠤ ᠺᠣᠮᠫᠢᠦ᠋ᠲᠧᠷ᠂ ᠳᠤᠮᠳᠠ ᠺᠣᠮᠫᠢᠦ᠋ᠲᠧᠷ᠂ ᠵᠢᠵᠢᠭ ᠺᠣᠮᠫᠢᠦ᠋ᠲᠧᠷ᠂ ᠪᠢᠴᠢᠯ ᠺᠣᠮᠫᠢᠦ᠋ᠲᠧᠷ ᠭᠡᠵᠦ ᠬᠤᠪᠢᠶᠠᠨ᠎ᠠ᠃ ᠣᠳᠣᠬᠠᠨ᠎ᠳᠤ ᠪᠢᠴᠢᠯ ᠺᠣᠮᠫᠢᠦ᠋ᠲᠧᠷ ᠲᠥᠭᠡᠮᠡᠯᠵᠢᠵᠦ ᠪᠠᠢᠨ᠎ᠠ᠃ ᠳᠡᠯᠡᠬᠡᠢ᠎ᠶᠢᠨ ᠤᠯᠤᠰ ᠣᠷᠤᠨ ᠥᠪᠡᠷ ᠥᠪᠡᠷ᠎ᠦᠨ ᠬᠡᠷᠡᠭᠴᠡᠭᠡ᠎ᠪᠡᠷ ᠠᠳᠠᠯᠢ ᠪᠤᠰᠤ ᠲᠡᠮᠳᠡᠭ᠎ᠲᠡᠢ᠂ ᠠᠳᠠᠯᠢ ᠪᠤᠰᠤ ᠬᠡᠯᠪᠡᠷᠢ᠎ᠲᠡᠢ ᠪᠢᠴᠢᠯ ᠺᠣᠮᠫᠢᠦ᠋ᠲᠧᠷ᠎ᠦᠳ᠎ᠢ ᠦᠢᠯᠡᠳᠦᠭᠰᠡᠨ᠎ᠶᠦᠮ᠃
  ᠺᠣᠮᠫᠢᠦ᠋ᠲᠧᠷ᠎ᠦᠨ ᠲᠣᠭ᠎ᠠ ᠪᠣᠳᠤᠬᠤ ᠬᠤᠷᠳᠤᠴᠠ᠎ᠨᠢ ᠲᠦᠷᠭᠡᠨ ᠪᠠᠢᠳᠠᠭ᠃ ᠬᠡᠳᠦᠢ ᠪᠤᠳᠤᠯᠢᠶᠠᠨᠲᠠᠢ ᠠᠰᠠᠭᠤᠳᠠᠯ ᠪᠣᠯᠤᠭᠰᠠᠨ᠎ᠴᠤ ᠵᠥᠪᠬᠡᠨ ᠫᠷᠤᠭ᠍ᠷᠠᠮ᠎ᠢᠶᠠᠨ ᠠᠩᠬᠠᠨ᠎ᠤ ᠲᠣᠭ᠎ᠠ ᠪᠠᠷᠢᠮᠲᠠ᠎ᠲᠠᠢ᠎ᠪᠠᠨ ᠬᠠᠮᠲᠤ ᠺᠣᠮᠫᠢᠦ᠋ᠲᠧᠷ᠎ᠲᠦ ᠮᠡᠳᠡᠭᠳᠡᠪᠡᠯ ᠲᠡᠷᠡ᠎ᠨᠢ ᠬᠥᠮᠦᠨ᠎ᠦ ᠬᠦᠴᠦ᠎ᠪᠡᠷ ᠨᠠᠢᠷᠠᠭᠤᠯᠤᠨ ᠵᠣᠬᠢᠶᠠᠭᠰᠠᠨ ᠫᠷᠤᠭ᠍ᠷᠠᠮ᠎ᠤᠨ ᠶᠣᠰᠤ᠎ᠪᠠᠷ ᠲᠣᠭ᠎ᠠ ᠪᠠᠷᠢᠮᠲᠠ᠎ᠶᠢ ᠪᠣᠳᠤᠵᠤ᠂ ᠠᠰᠠᠭᠤᠳᠠᠯ᠎ᠢ ᠠᠯᠬᠤᠮ ᠠᠯᠬᠤᠮ᠎ᠢᠶᠠᠷ ᠰᠢᠢᠳᠪᠦᠷᠢᠯᠡᠵᠦ ᠭᠠᠷᠭᠠᠳᠠᠭ᠃
  ᠬᠡᠷᠪᠡ ᠬᠥᠮᠦᠰ ᠺᠣᠮᠫᠢᠦ᠋ᠲᠧᠷ᠎ᠲᠦ ᠶᠠᠮᠠᠷ ᠨᠢᠭᠡᠨ ᠪᠠᠷᠢᠯᠭ᠎ᠠ ᠪᠣᠶᠥ ᠨᠠᠷᠢᠯᠢᠭ ᠮᠠᠰᠢᠨ᠎ᠤ ᠵᠢᠷᠤᠭ ᠲᠥᠯᠦᠪᠯᠡᠭᠡ᠎ᠶᠢᠨ ᠫᠷᠤᠭ᠍ᠷᠠᠮ᠎ᠢ ᠤᠭᠰᠠᠷᠠᠨ ᠲᠠᠭᠠᠷᠠᠭᠤᠯᠪᠠᠯ᠂ ᠺᠣᠮᠫᠢᠦ᠋ᠲᠧᠷ ᠬᠥᠮᠦᠰ᠎ᠦᠨ ᠱᠠᠭᠠᠷᠳᠠᠯᠭ᠎ᠠ᠎ᠶᠢ ᠦᠨᠳᠦᠰᠦᠯᠡᠨ ᠡᠯ᠎ᠡ ᠵᠦᠢᠯ᠎ᠦᠨ ᠬᠩᠭᠠᠮᠵᠢᠲᠠᠢ ᠦᠯᠢᠭᠡᠷ ᠵᠢᠷᠤᠭ᠎ᠪᠠ ᠲᠣᠭ᠎ᠠ ᠪᠠᠷᠢᠮᠲᠠ᠎ᠶᠢ ᠳᠠᠷᠤᠢ ᠲᠦᠷᠭᠡᠨ ᠳᠤᠷᠠᠳᠤᠨ ᠭᠠᠷᠭᠠᠭᠠᠳ ᠬᠥᠮᠦᠰ᠎ᠢᠶᠡᠷ ᠰᠣᠩᠭᠤᠯᠲᠠ ᠬᠢᠯᠭᠡᠳᠡᠭ᠃
  ᠬᠡᠷᠪᠡ ᠪᠢᠳᠡ ᠠᠵᠤ ᠠᠬᠤᠢᠯᠠᠯ᠎ᠤᠨ ᠬᠠᠮᠢᠶᠠᠷᠤᠯᠲᠠ᠎ᠶᠢᠨ ᠫᠷᠤᠭ᠍ᠷᠠᠮ᠎ᠢ ᠲᠠᠭᠠᠷᠠᠭᠤᠯᠪᠠᠯ᠂ ᠲᠡᠷᠡ᠎ᠨᠢ ᠱᠠᠭᠠᠷᠳᠠᠯᠭ᠎ᠠ ᠶᠣᠰᠤ᠎ᠪᠠᠷ ᠦᠢᠯᠡᠳᠪᠦᠷᠢᠯᠡᠬᠦ ᠲᠥᠯᠦᠪᠯᠡᠭᠡ᠎ᠶᠢ ᠨᠠᠢᠷᠠᠭᠤᠯᠵᠤ ᠭᠠᠷᠭᠠᠬᠤ᠎ᠪᠠᠷ ᠪᠠᠷᠠᠬᠤ ᠎ᠦᠭᠡᠢ ᠪᠠᠰᠠ ᠦᠢᠯᠡᠳᠪᠦᠷᠢᠯᠡᠬᠦ ᠬᠦᠰᠦᠨᠦᠭᠲᠦ᠂ ᠬᠠᠮᠢᠶᠠᠷᠤᠯᠲᠠ᠎ᠶᠢᠨ ᠰᠠᠩ᠎ᠤᠨ ᠬᠠᠳᠠᠭᠠᠯᠠᠮᠵᠢ᠎ᠪᠠ ᠡᠳ᠋ ᠬᠥᠷᠦᠩᠭᠡ ᠵᠡᠷᠭᠡ ᠲᠠᠯ᠎ᠠ᠎ᠪᠠᠷ᠎ᠬᠢ ᠮᠠᠲᠧᠷᠢᠶᠠᠯ ᠪᠣᠯᠤᠨ ᠲᠣᠭ᠎ᠠ ᠪᠠᠷᠢᠮᠲᠠ᠎ᠶᠢ ᠬᠠᠩᠭᠠᠨ ᠥᠭᠴᠦ ᠴᠢᠳᠠᠨ᠎ᠠ᠃
  ᠬᠡᠷᠪᠡ ᠪᠢᠳᠡ ᠺᠣᠮᠫᠢᠦ᠋ᠲᠧᠷ᠎ᠲᠦ ᠰᠢᠲᠠᠷ᠎ᠠ ᠲᠠᠯᠪᠢᠬᠤ ᠫᠷᠤᠭ᠍ᠷᠠᠮ ᠲᠠᠭᠠᠷᠠᠭᠤᠯᠪᠠᠯ᠂ ᠲᠡᠷᠡ᠎ᠨᠢ ᠬᠥᠮᠦᠨ᠎ᠲᠡᠢ ᠰᠢᠲᠠᠷ᠎ᠠ ᠮᠦᠴᠡᠬᠡᠷᠭᠡᠵᠦ ᠴᠢᠳᠠᠨ᠎ᠠ᠃ ᠺᠣᠮᠫᠢᠦ᠋ᠲᠧᠷ ᠮᠠᠰᠢ ᠣᠬᠤᠷ ᠬᠤᠭᠤᠴᠠᠭᠠᠨ ᠳᠣᠲᠤᠷ᠎ᠠ ᠪᠣᠢ ᠪᠦᠬᠦᠢ ᠰᠢᠲᠠᠷ᠎ᠠ᠎ᠶᠢᠨ ᠶᠠᠪᠤᠬᠤ ᠵᠠᠮ᠎ᠢ ᠨᠢᠭᠡ ᠤᠳᠠᠭ᠎ᠠ ᠪᠣᠳᠤᠨ ᠭᠠᠷᠭᠠᠵᠤ ᠬᠠᠮᠤᠭ᠎ᠤᠨ ᠲᠣᠬᠢᠲᠠᠢ ᠶᠠᠪᠤᠬᠤ ᠵᠠᠮ᠎ᠢ ᠰᠣᠩᠭᠤᠳᠠᠭ ᠪᠣᠯᠬᠤᠷ ᠬᠥᠮᠦᠰ ᠵᠥᠩᠳᠡᠭᠡᠨ ᠢᠯᠠᠭᠳᠠᠴᠢᠬᠠᠳᠠᠭ ᠪᠢᠯᠡ᠃
  ᠺᠣᠮᠫᠢᠦ᠋ᠲᠧᠷ ᠬᠥᠮᠦᠰ᠎ᠲᠦ ᠡᠯ᠎ᠡ ᠵᠦᠢᠯ᠎ᠦᠨ ᠰᠢᠨᠵᠢᠯᠡᠬᠦ ᠤᠬᠠᠭᠠᠨ᠎ᠤ ᠲᠣᠭ᠎ᠠ ᠪᠠᠷᠢᠮᠲᠠ᠎ᠶᠢ ᠣᠯᠭᠤᠨ᠂ ᠠᠯᠪᠠᠨ ᠭᠡᠷ᠎ᠲᠦ ᠨᠠᠷᠢᠨ ᠪᠢᠴᠢᠭᠡᠴᠢ ᠎ᠰᠢᠭ ᠬᠥᠮᠦᠨ᠎ᠢ ᠬᠠᠪᠰᠤᠷᠤᠨ ᠮᠠᠲᠧᠷᠢᠶᠠᠯ ᠡᠮᠬᠢᠳᠭᠡᠨ ᠪᠣᠲᠤᠯᠭ᠎ᠠ ᠪᠣᠳᠤᠵᠤ ᠪᠠᠢᠨ᠎ᠠ᠃ ᠺᠣᠮᠫᠢᠦ᠋ᠲᠧᠷ᠎ᠲᠦ ᠲᠥᠰᠢᠭ᠍ᠯᠡᠨ ᠰᠤᠷᠤᠭᠴᠢᠳ ᠭᠡᠷ᠎ᠡᠴᠡ᠎ᠪᠡᠨ ᠬᠢᠴᠢᠶᠡᠯ ᠰᠣᠨᠤᠰᠴᠤ ᠰᠤᠷᠤᠯᠭ᠎ᠠ᠎ᠶᠢᠨ ᠬᠢᠷᠢ ᠪᠦᠲᠦᠮᠵᠢ᠎ᠪᠡᠨ ᠰᠢᠯᠭᠠᠨ ᠪᠠᠢᠴᠠᠭᠠᠵᠤ ᠪᠣᠯᠤᠨ᠎ᠠ᠃
  ᠺᠣᠮᠫᠢᠦ᠋ᠲᠧᠷ ᠲᠦᠷᠭᠡᠨ ᠪᠣᠳᠤᠵᠤ ᠣᠨᠤᠪᠴᠢᠲᠠᠢ ᠠᠵᠢᠯᠯᠠᠨ᠎ᠠ᠃ ᠲᠡᠷᠡ᠎ᠨᠢ ᠬᠥᠮᠦᠨ᠎ᠦ ᠬᠦᠴᠦ᠎ᠶᠢ ᠠᠷᠪᠢᠯᠠᠨ᠂ ᠠᠵᠢᠯ᠎ᠤᠨ ᠪᠦᠲᠦᠮᠵᠢ᠎ᠶᠢ ᠳᠡᠭᠡᠭᠰᠢᠯᠡᠭᠦᠯᠵᠦ᠂ ᠣᠳᠣᠬᠢᠴᠢᠯᠠᠭᠰᠠᠨ ᠠᠵᠤ ᠠᠮᠢᠳᠤᠷᠠᠯ᠎ᠳᠤ ᠰᠢᠨ᠎ᠡ ᠬᠦᠷᠢᠶ᠎ᠡ ᠬᠡᠪᠴᠢᠶ᠎ᠡ ᠣᠯᠭᠤᠨ ᠥᠭᠴᠡᠢ᠃
ᠠᠯᠮᠠᠰ ᠺᠣᠮᠫᠠᠨᠢ
email : mongol@almas.co.jp
tel : +81-3-5688-2081
fax : +81-3-5688-2082