ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠳᠥᠷᠪᠡᠨ ᠴᠠᠭ᠎ᠤᠨ ᠲᠠᠯ᠎ᠠ

-

ᠢᠨᠠᠭ᠎ᠤᠨ ᠰᠠᠢᠬᠠᠨ ᠬᠠᠷᠠᠴᠠ᠎ᠰᠢᠭ᠋

ᠢᠷᠭᠤᠢ ᠨᠢᠳᠦᠯᠡᠨ ᠮᠦᠰᠢᠶᠡᠵᠦ ᠪᠠᠢᠨ᠎ᠠ

ᠬᠠᠩᠰᠢ᠎ᠶᠢᠨ ᠨᠣᠭᠤᠭ᠎ᠠ ᠨᠢᠷᠠᠢᠯᠠᠭᠰᠠᠨ

ᠬᠠᠪᠤᠷ᠎ᠤᠨ ᠲᠠᠯ᠎ᠠ᠎ᠮᠢᠨᠢ ᠨᠢᠯᠬᠠᠷᠠᠨ᠎ᠠ

 

ᠤᠷᠲᠤ᠎ᠶᠢᠨ ᠰᠠᠢᠬᠠᠨ ᠳᠠᠭᠤᠤ᠎ᠰᠢᠭ᠋

ᠤᠬᠠᠭᠠᠨ ᠰᠠᠨᠠᠭ᠎ᠠ ᠰᠠᠷᠠᠭᠤᠯᠰᠢᠨ᠎ᠠ

ᠵᠠᠭᠤᠨ ᠪᠡᠷ᠎ᠡ᠎ᠪᠡᠷ ᠳᠤᠨᠢᠶᠠᠷᠲᠤᠭᠰᠠᠨ

ᠵᠤᠨ᠎ᠤ ᠲᠠᠯ᠎ᠠ᠎ᠮᠢᠨᠢ ᠤᠨᠢᠶᠠᠷᠲᠤᠨ᠎ᠠ

 

ᠨᠠᠷᠠᠨ᠎ᠤ ᠰᠠᠢᠬᠠᠨ ᠰᠠᠴᠤᠷᠠᠭ᠎ᠰᠢᠭ᠋

ᠨᠠᠢ᠍ᠮᠠᠨ ᠵᠦᠭ᠎ᠲᠡᠭᠡᠨ ᠲᠤᠶᠠᠭᠠᠷᠠᠭᠰᠠᠨ

ᠨᠠᠮᠢᠷᠠᠭᠰᠠᠨ ᠲᠠᠷᠢᠶ᠎ᠠ ᠨᠠᠢᠭᠤᠭᠤᠯᠤᠭᠰᠠᠨ

ᠨᠠᠮᠤᠷ᠎ᠤᠨ ᠲᠠᠯ᠎ᠠ᠎ᠮᠢᠨᠢ ᠰᠢᠷᠭᠠᠯᠲᠤᠨ᠎ᠠ

 

ᠴᠠᠭᠠᠨ ᠰᠠᠢᠬᠠᠨ ᠰᠡᠳᠭᠢᠯ᠎ᠰᠢᠭ

ᠴᠠᠰᠤᠨ ᠴᠠᠢᠳᠠᠮ ᠠᠯᠤᠰᠯᠠᠵᠤ ᠪᠠᠢᠨ᠎ᠠ

ᠡᠪᠦᠷ᠎ᠦᠨ ᠢᠯᠴᠢ᠎ᠪᠡᠨ ᠴᠠᠩᠲᠤᠭᠤᠯᠤᠭᠰᠠᠨ

ᠡᠪᠦᠯ᠎ᠦᠨ ᠲᠠᠯ᠎ᠠ᠎ᠮᠢᠨᠢ ᠴᠠᠪᠴᠠᠢᠨ᠎ᠠ

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082