ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠳᠡᠯᠡᠬᠡᠢ ᠡᠵᠢ

-

ᠡᠵᠡᠨ ᠪᠢᠳᠡᠨ᠎ᠦ ᠠᠯᠲᠠᠨ ᠬᠥᠮᠦᠷᠭᠡ

ᠡᠩ᠎ᠦᠭᠡᠢ ᠲᠠᠩᠰᠣᠭ ᠪᠠᠢᠭᠠᠯᠢ᠎ᠳᠠᠭᠠᠨ ᠬᠠᠢᠷᠠᠲᠠᠢ

ᠡᠷᠡᠨ ᠵᠠᠭᠤᠨ ᠪ ᠨᠠᠷᠠᠨ ᠳ᠋ᠧᠩᠯᠦ

ᠡᠷᠳᠡᠮᠲᠦ ᠬᠥᠮᠦᠨ ᠪ ᠪᠦᠲᠦᠭᠡᠯ᠎ᠳᠦ ᠬᠠᠢᠷᠠᠲᠠᠢ

 

ᠬᠥᠮᠦᠨ ᠲᠥᠷᠦᠯᠬᠢᠲᠡᠨ᠎ᠢ ᠬᠡᠪᠡᠯᠢ᠎ᠡᠴᠡ᠎ᠪᠡᠨ ᠲᠥᠷᠦᠭᠦᠯᠵᠦ

ᠬᠦᠦ᠎ᠶᠢᠨ ᠶᠣᠰᠤᠭᠠᠷ ᠡᠯᠢᠭᠡᠨ᠎ᠳᠡᠭᠡᠨ ᠲᠡᠪᠡᠷᠢᠭᠰᠡᠨ

ᠳᠡᠯᠡᠬᠡᠢ ᠡᠵᠢ ᠲᠠᠨ᠎ᠳᠠᠭᠠᠨ ᠪᠢᠳᠡ ᠬᠠᠢᠷᠠᠲᠠᠢ

ᠳᠡᠯᠡᠬᠡᠢ ᠡᠵᠢ ᠲᠠᠨ᠎ᠳᠠᠭᠠᠨ ᠬᠠᠢᠷᠠᠲᠠᠢ ᠪᠣᠯᠬᠣᠷ

ᠳᠡᠯᠡᠬᠡᠢ ᠡᠵᠢ ᠲᠠ ᠮᠥᠩᠬᠡ ᠨᠠᠰᠣᠲᠠᠢ

 

ᠲᠦᠮᠡᠨ ᠦᠶ᠎ᠡ᠎ᠶᠢᠨ ᠪᠠᠭᠠᠲᠣᠷᠯᠢᠭ ᠲᠣᠣᠯᠢᠰ

ᠲᠡᠭᠦᠯᠳᠡᠷ ᠪᠠᠶᠠᠨ ᠲᠡᠥᠬᠡᠨ᠎ᠳᠡᠭᠡᠨ ᠬᠠᠢᠷᠠᠲᠠᠢ

ᠣᠨᠢᠰᠤᠨ ᠬᠦᠯᠦᠭ᠎ᠢᠶᠡᠷ ᠣᠷᠤᠨ ᠵᠠᠢ᠎ᠵᠢ ᠢᠯᠠᠭᠰᠠᠨ

ᠣᠶᠤᠨ ᠪᠢᠯᠢᠭᠲᠦ ᠬᠥᠮᠦᠰ᠎ᠲᠦ ᠬᠠᠢᠷᠠᠲᠠᠢ

 

ᠬᠥᠮᠦᠨ ᠲᠥᠷᠦᠯᠬᠢᠲᠡᠨ᠎ᠢ ᠬᠡᠪᠡᠯᠢ᠎ᠡᠴᠡ᠎ᠪᠡᠨ ᠲᠥᠷᠦᠭᠦᠯᠵᠦ

ᠬᠦᠦ᠎ᠶᠢᠨ ᠶᠣᠰᠤᠭᠠᠷ ᠡᠯᠢᠭᠡᠨ᠎ᠳᠡᠭᠡᠨ ᠲᠡᠪᠡᠷᠢᠭᠰᠡᠨ

ᠳᠡᠯᠡᠬᠡᠢ ᠡᠵᠢ ᠲᠠᠨ᠎ᠳᠠᠭᠠᠨ ᠪᠢᠳᠡ ᠬᠠᠢᠷᠠᠲᠠᠢ

ᠳᠡᠯᠡᠬᠡᠢ ᠡᠵᠢ ᠲᠠᠨ᠎ᠳᠠᠭᠠᠨ ᠬᠠᠢᠷᠠᠲᠠᠢ ᠪᠣᠯᠬᠣᠷ

ᠳᠡᠯᠡᠬᠡᠢ ᠡᠵᠢ ᠲᠠ ᠮᠥᠩᠬᠡ ᠨᠠᠰᠣᠲᠠᠢ

 

ᠣᠯᠠᠨ᠎ᠤ ᠳᠤᠮᠳᠠ᠎ᠠᠴᠠ ᠢᠵᠢᠯᠢ᠎ᠪᠡᠨ ᠬᠠᠢᠭᠰᠠᠨ

ᠣᠩᠭ᠋ᠣᠨ ᠵᠠᠯᠠᠭᠤ ᠬᠦᠰᠡᠯ᠎ᠳᠡᠭᠡᠨ ᠬᠠᠢᠷᠠᠲᠠᠢ

ᠬᠣᠣᠰ᠎ᠦᠭᠡᠢ ᠪᠦᠬᠦᠨ᠎ᠢ ᠲᠡᠪᠡᠷᠢᠵᠦ ᠣᠭᠲᠣᠬᠣ

ᠬᠣᠢᠴᠢ ᠦᠶ᠎ᠡ᠎ᠶᠢᠨ ᠢᠲᠡᠭᠡᠯ᠎ᠳᠦ ᠬᠠᠢᠷᠠᠲᠠᠢ

 

ᠬᠥᠮᠦᠨ ᠲᠥᠷᠦᠯᠬᠢᠲᠡᠨ᠎ᠢ ᠬᠡᠪᠡᠯᠢ᠎ᠡᠴᠡ᠎ᠪᠡᠨ ᠲᠥᠷᠦᠭᠦᠯᠵᠦ

ᠬᠦᠦ᠎ᠶᠢᠨ ᠶᠣᠰᠤᠭᠠᠷ ᠡᠯᠢᠭᠡᠨ᠎ᠳᠡᠭᠡᠨ ᠲᠡᠪᠡᠷᠢᠭᠰᠡᠨ

ᠳᠡᠯᠡᠬᠡᠢ ᠡᠵᠢ ᠲᠠᠨ᠎ᠳᠠᠭᠠᠨ ᠪᠢᠳᠡ ᠬᠠᠢᠷᠠᠲᠠᠢ

ᠳᠡᠯᠡᠬᠡᠢ ᠡᠵᠢ ᠲᠠᠨ᠎ᠳᠠᠭᠠᠨ ᠬᠠᠢᠷᠠᠲᠠᠢ ᠪᠣᠯᠬᠣᠷ

ᠳᠡᠯᠡᠬᠡᠢ ᠡᠵᠢ ᠲᠠ ᠮᠥᠩᠬᠡ ᠨᠠᠰᠣᠲᠠᠢ

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082