ᠮᠣᠩᠭᠣᠯ ᠪᠢᠴᠢᠭ᠌

ᠡᠷᠢᠶ᠎ᠡ  
ᠪᠤᠴᠠᠬᠤ

ᠰᠠᠷᠠ ᠲᠠᠢ ᠰᠥᠨᠢ ᠶᠢᠨ ᠳᠠᠭᠤᠤ

 ᠤ᠂ ᠶᠠᠪᠤᠬᠤᠭᠤᠯᠠᠩ

ᠨᠠᠷᠠᠨ ᠤ ᠬᠣᠭᠤᠷᠤᠨᠳᠤ ᠰᠠᠷᠠᠨ ᠪᠠᠢᠷᠢᠯᠠᠬᠤ

ᠨᠠᠷᠠᠯᠠᠭ ᠬᠣᠷᠸ᠎ᠠ ᠭᠡᠷᠡᠯ ᠦᠨ ᠬᠤᠪᠢᠲᠠᠢ᠃

ᠨᠠᠰᠤᠨ ᠤ ᠬᠣᠭᠤᠷᠤᠨᠳᠤ ᠳᠤᠷᠠᠯᠠᠨ ᠬᠠᠢᠷᠠᠯᠠᠬᠤ

ᠠᠮᠠᠷᠠᠭ ᠰᠡᠳᠭᠢᠯ ᠬᠠᠨᠢ ᠶᠢᠨ ᠵᠣᠯ ᠲᠠᠢ᠃

 

ᠣᠳᠤᠳ ᠲᠣᠬᠢᠶᠠᠭᠰᠠᠨ ᠨᠣᠮᠢᠨ ᠲᠡᠭᠷᠢ ᠳᠦ

ᠣᠩᠭᠤᠨ ᠰᠠᠷᠠᠨ ᠮᠥᠩᠬᠡ ᠰᠣᠨᠳᠤᠭᠤᠢ᠃

ᠣᠷᠴᠢᠯᠠᠩ ᠳᠤ ᠵᠠᠶᠠᠭᠠᠭᠰᠠᠨ ᠡᠨᠡᠬᠡᠨ ᠨᠠᠰᠤᠨ ᠳᠤ

ᠮᠢᠨᠦ ᠠᠮᠠᠷᠠᠭ ᠡᠭᠦᠷᠢᠳᠡ ᠣᠨᠴᠤᠭᠤᠢ᠃

 

ᠢᠷᠭᠤᠢᠲᠤ ᠳᠡᠯᠡᠬᠡᠢ ᠢᠢ ᠰᠦ᠋ ᠰᠢᠭ᠌ ᠭᠡᠢᠭᠦᠯᠳᠡᠭ

ᠢᠯᠭᠤᠨ ᠰᠠᠷᠠᠨ ᠳᠤ ᠬᠥᠮᠦᠨ ᠳᠤᠷᠠᠲᠠᠢ᠃

ᠶᠠᠷᠢᠬᠤ ᠨᠢ ᠬᠦᠷᠲᠡᠯ᠎ᠡ ᠳᠠᠭᠤᠤ ᠰᠢᠭ ᠳᠤᠭᠤᠯᠳᠠᠳᠠᠭ

ᠢᠨᠠᠭᠬᠠᠨ ᠴᠢᠮ᠎ᠠ ᠳᠤ ᠪᠠᠨ ᠪᠢ ᠬᠠᠢᠷᠠᠲᠠᠢ᠃

 

ᠨᠠᠷᠠᠨ ᠤ ᠬᠣᠭᠤᠷᠤᠨᠳᠤ ᠰᠠᠷᠠᠨ ᠪᠠᠢᠷᠢᠯᠠᠬᠤ

ᠨᠠᠷᠠᠯᠠᠭ ᠬᠣᠷᠸ᠎ᠠ ᠭᠡᠷᠡᠯ ᠦᠨ ᠬᠤᠪᠢᠲᠠᠢ᠃

ᠨᠠᠰᠤᠨ ᠤ ᠬᠣᠭᠤᠷᠤᠨᠳᠤ ᠳᠤᠷᠠᠯᠠᠨ ᠬᠠᠢᠷᠠᠯᠠᠬᠤ

ᠠᠮᠠᠷᠠᠭ ᠰᠡᠳᠭᠢᠯ ᠬᠠᠨᠢ ᠶᠢᠨ ᠬᠤᠪᠢᠲᠠᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082