ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠮᠢᠨᠦ ᠨᠤᠲᠤᠭ

ᠳ᠋᠊᠂ ᠨᠠᠴᠤᠭᠳᠣᠷᠵᠢ

ᠬᠡᠨᠲᠡᠢ᠂ ᠬᠠᠩᠭᠠᠢ᠂ ᠰᠢᠶᠠᠨ᠎ᠤ ᠥᠨᠳᠦᠷ ᠰᠠᠢᠬᠠᠨ ᠨᠢᠷᠤᠭᠤ᠎ᠨᠤᠭᠤᠳ

ᠬᠣᠢᠲᠤ ᠵᠦᠭ᠎ᠦᠨ ᠴᠢᠮᠡᠭ ᠪᠣᠯᠤᠭᠰᠠᠨ ᠣᠢ ᠬᠥᠪᠴᠢ ᠠᠭᠤᠯᠠ᠎ᠨᠤᠭᠤᠳ

ᠮᠠᠨᠠᠨ᠂ ᠰᠢᠷᠭ᠎ᠠ᠂ ᠨᠣᠮᠢᠨ᠎ᠤ ᠥᠷᠭᠡᠨ ᠶᠡᠬᠡ ᠭᠣᠪᠢ᠎ᠨᠤᠭᠤᠳ

ᠡᠮᠦᠨ᠎ᠡ ᠵᠦᠭ᠎ᠦᠨ ᠮᠠᠩᠯᠠᠢ ᠪᠣᠯᠤᠭᠰᠠᠨ ᠡᠯᠡᠰᠦᠨ ᠮᠠᠩᠬᠠᠨ ᠳᠠᠯᠠᠢ᠎ᠨᠤᠭᠤᠳ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠬᠡᠷᠦᠯᠦᠨ᠂ ᠤᠨᠤᠨ᠂ ᠲᠤᠤᠯᠠ᠎ᠶᠢᠨ ᠲᠤᠩᠭᠠᠯᠠᠭ ᠠᠷᠢᠭᠤᠨ ᠮᠥᠷᠡᠨ ᠨᠤᠭᠦᠳ

ᠬᠣᠲᠠᠯᠠ ᠣᠯᠠᠨ᠎ᠤ ᠡᠮ ᠪᠣᠯᠤᠭᠰᠠᠨ ᠭᠣᠷᠤᠬ᠎ᠠ ᠪᠤᠯᠠᠭ ᠷᠠᠰᠢᠶᠠᠨ᠎ᠨᠤᠭᠤᠳ

ᠬᠥᠪᠰᠦᠭᠦᠯ᠂ ᠤᠪᠰᠤ᠂ ᠪᠤᠢᠷ᠎ᠤᠨ ᠭᠦᠨ ᠴᠡᠩᠬᠡᠷ ᠨᠠᠭᠤᠷ᠎ᠤᠳ

ᠬᠥᠮᠦᠨ ᠮᠠᠯ᠎ᠤᠨ ᠤᠮᠳᠠᠭ᠎ᠠ ᠪᠣᠯᠤᠭᠰᠠᠨ ᠲᠣᠭᠤᠷᠢᠮ ᠪᠦᠷᠢᠳᠦ ᠤᠰᠤ᠎ᠨᠤᠭᠤᠳ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠣᠷᠬᠤᠨ᠂ ᠰᠡᠯᠡᠩᠭᠡ᠂ ᠬᠥᠬᠦ᠎ᠶᠢᠨ ᠣᠨᠴᠠ ᠰᠠᠢᠬᠠᠨ ᠭᠣᠣᠯ᠎ᠤᠳ

ᠠᠭᠤᠷᠬᠠᠢ ᠪᠠᠶᠠᠯᠢᠭ᠎ᠤᠨ ᠣᠬᠢ ᠣᠯᠠᠨ ᠠᠭᠤᠯᠠ ᠳᠠᠪᠠᠭ᠎ᠠ᠎ᠨᠤᠭᠤᠳ

ᠬᠠᠭᠤᠴᠢᠨ ᠬᠥᠰᠢᠶ᠎ᠡ ᠳᠤᠷᠠᠰᠭᠠᠯ ᠬᠣᠲᠠ ᠪᠠᠯᠭᠠᠳ᠎ᠤᠨ ᠰᠠᠭᠤᠷᠢ᠎ᠨᠤᠭᠤᠳ

ᠬᠣᠯᠠ ᠭᠠᠵᠠᠷ ᠣᠳᠤᠭᠰᠠᠨ ᠬᠠᠷᠭᠤᠢ ᠳᠠᠷᠳᠠᠩ ᠵᠠᠮ᠎ᠤᠳ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠬᠣᠯᠠᠬᠢ ᠭᠠᠵᠠᠷ᠎ᠠᠴᠠ ᠭᠢᠯᠠᠯᠵᠠᠭᠰᠠᠨ ᠴᠠᠰᠤᠲᠤ ᠥᠨᠳᠦᠷ ᠬᠠᠢᠷᠬᠠᠨ᠎ᠨᠤᠭᠤᠳ

ᠬᠥᠬᠡ ᠲᠡᠭᠷᠢ ᠴᠡᠯᠡᠢᠭᠰᠡᠨ ᠬᠥᠳᠡᠭᠡ ᠬᠡᠭᠡᠷ᠎ᠡ ᠴᠠᠢᠳᠠᠮ᠎ᠤᠳ

ᠬᠣᠯᠠ᠎ᠶᠢᠨ ᠪᠠᠷ᠎ᠠ ᠬᠠᠷᠠᠭᠳᠠᠭᠰᠠᠨ ᠨᠣᠶᠠᠨ ᠱᠣᠪᠬᠤ ᠰᠠᠷᠢᠳᠠᠭ᠎ᠤᠳ

ᠬᠥᠮᠦᠨ᠎ᠦ ᠰᠡᠳᠭᠢᠯ ᠲᠡᠨᠢᠢᠭᠰᠡᠨ ᠠᠭᠤᠳᠠᠮ ᠠᠮᠢᠰᠭᠤᠯᠲᠤ ᠲᠠᠯ᠎ᠠ᠎ᠨᠤᠭᠤᠳ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠬᠠᠩᠭᠠᠢ ᠭᠣᠪᠢ᠎ᠶᠢᠨ ᠬᠣᠭᠤᠷᠤᠨᠳᠤ ᠬᠠᠯᠬ᠎ᠠ᠎ᠶᠢᠨ ᠠᠭᠤᠳᠠᠮ ᠨᠤᠲᠤᠭ

ᠬᠠᠷ᠎ᠠ ᠪᠠᠭ᠎ᠠ ᠨᠠᠰᠤᠨ᠎ᠠᠴᠠ᠎ᠪᠠᠨ ᠬᠦᠨᠳᠦᠯᠡᠨ ᠭᠤᠯᠳᠤ ᠳᠠᠪᠬᠢᠭᠰᠠᠨ ᠭᠠᠵᠠᠷ

ᠭᠥᠷᠦᠭᠡᠰᠦ ᠠᠷᠢᠶᠠᠲᠠᠨ ᠠᠪᠠᠯᠠᠭᠰᠠᠨ ᠤᠷᠲᠤ ᠤᠷᠲᠤ ᠰᠢᠯᠢ ᠨᠤᠭᠦᠳ

ᠬᠦᠯᠦᠭ ᠮᠣᠷᠢᠨ ᠤᠷᠤᠯᠳᠤᠭᠰᠠᠨ ᠬᠥᠨᠳᠡᠢ ᠰᠠᠢᠬᠠᠨ ᠬᠣᠭᠤᠯᠠᠢ᠎ᠨᠤᠭᠤᠳ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠰᠠᠯᠬᠢᠨ᠎ᠤ ᠦᠵᠦᠭᠦᠷ᠎ᠲᠦ ᠨᠠᠢᠭᠤᠭᠰᠠᠨ ᠰᠣᠷᠭᠤᠭ ᠨᠠᠷᠢᠨ ᠨᠣᠭᠤᠭ᠎ᠠ᠎ᠲᠠᠢ

ᠰᠠᠷᠠᠭᠤᠯ ᠲᠠᠯ᠎ᠠ᠎ᠳᠤ ᠢᠷᠠᠯᠵᠠᠭᠰᠠᠨ ᠰᠣᠨᠢᠨ ᠶᠠᠩᠵᠤ᠎ᠶᠢᠨ ᠵᠡᠷᠭᠡᠯᠭᠡᠨ᠎ᠲᠡᠢ

ᠰᠠᠢᠨ ᠡᠷᠡᠰ ᠴᠤᠭᠯᠠᠷᠠᠭᠰᠠᠨ ᠪᠠᠢᠴᠠ ᠪᠡᠷᠬᠡ ᠭᠠᠵᠠᠷ᠎ᠲᠠᠢ

ᠰᠦᠯᠳᠡ ᠲᠠᠬᠢᠯᠭ᠎ᠠ ᠤᠯᠠᠷᠢᠭᠰᠠᠨ ᠰᠦᠮᠪᠦᠷ ᠶᠡᠬᠡ ᠣᠪᠤᠭ᠎ᠠ᠎ᠲᠠᠢ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

 

ᠨᠠᠷᠢᠨ ᠡᠪᠡᠰᠦ ᠤᠷᠭᠤᠭᠰᠠᠨ ᠮᠠᠯ᠎ᠤᠨ ᠰᠠᠢᠬᠠᠨ ᠪᠡᠯᠴᠢᠭᠡᠷ᠎ᠲᠡᠢ

ᠨᠠᠰᠢ ᠴᠠᠰᠢ ᠰᠦᠯᠵᠢᠭᠰᠡᠨ ᠲᠡᠨᠢᠭᠡᠷ ᠰᠠᠢᠬᠠᠨ ᠨᠢᠷᠤᠭᠤ᠎ᠲᠠᠢ

ᠳᠥᠷᠪᠡᠨ ᠴᠠᠭ᠎ᠤᠨ ᠤᠯᠠᠷᠢᠯ᠎ᠳᠤ ᠳᠤᠷ᠎ᠠ᠎ᠪᠠᠷ᠎ᠢᠶᠠᠨ ᠨᠡᠭᠦᠬᠦ ᠨᠤᠲᠤᠭ᠎ᠲᠠᠢ

ᠲᠠᠪᠤᠨ ᠵᠦᠢᠯ᠎ᠦᠨ ᠲᠠᠷᠢᠶᠠᠨ᠎ᠤ ᠬᠥᠷᠦᠰᠦ ᠰᠢᠷᠤᠢᠲᠤ ᠭᠠᠵᠠᠷ᠎ᠲᠠᠢ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠥᠯᠦᠭᠡᠢ ᠰᠠᠢᠬᠠᠨ ᠠᠭᠤᠯᠠᠨ᠎ᠳᠤ ᠡᠪᠦᠭᠡᠳ᠎ᠢ ᠲᠠᠯᠪᠢᠭᠰᠠᠨ ᠭᠠᠵᠠᠷ

ᠦᠷ᠎ᠡ ᠠᠴᠢ ᠬᠡᠦᠬᠡᠳ᠎ᠦᠨ ᠦᠷᠡᠵᠢᠵᠦ ᠥᠰᠦᠭᠰᠡᠨ ᠣᠷᠤᠨ

ᠲᠠᠪᠤᠨ ᠬᠣᠰᠢᠭᠤ ᠮᠠᠯ᠎ᠤᠳ ᠳᠦᠭᠦᠷᠡᠩ ᠪᠡᠯᠴᠢᠭᠰᠡᠨ ᠨᠤᠲᠤᠭ

ᠮᠣᠩᠭᠤᠯ ᠬᠥᠮᠦᠨ ᠪᠢᠳᠡᠨ᠎ᠦ ᠰᠡᠳᠭᠢᠯ᠎ᠢ ᠰᠣᠷᠤᠭᠰᠠᠨ ᠣᠷᠤᠨ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠡᠪᠦᠯ᠎ᠦᠨ ᠲᠠᠰᠭᠢᠮ᠎ᠠ ᠴᠠᠭ᠎ᠲᠤ ᠴᠠᠰᠤᠨ ᠮᠥᠰᠦᠨ ᠪᠦᠷᠬᠦᠭᠡᠳ

ᠪᠣᠯᠤᠷ ᠰᠢᠯ᠎ᠦᠨ ᠥᠩᠭᠡ ᠭᠢᠯᠲᠠᠭᠠᠨᠠᠵᠤ ᠭᠢᠯᠠᠯᠵᠠᠭᠰᠠᠨ ᠣᠷᠤᠨ

ᠵᠤᠨ᠎ᠤ ᠨᠠᠢᠷᠲᠠᠢ ᠤᠯᠠᠷᠢᠯ᠎ᠳᠤ ᠴᠡᠴᠡᠭ ᠨᠠᠪᠴᠢ ᠳᠡᠯᠭᠡᠷᠡᠭᠡᠳ

ᠵᠢᠭᠦᠷᠲᠡᠨ ᠰᠢᠪᠠᠭᠤ ᠬᠣᠯᠠ᠎ᠠᠴᠠ ᠢᠷᠡᠵᠦ ᠭᠠᠩᠭᠠᠷ ᠭᠣᠩᠭᠤᠷ ᠳᠣᠩᠭᠤᠳᠤᠭᠰᠠᠨ ᠣᠷᠤᠨ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠠᠯᠲᠠᠢ ᠬᠢᠩᠭᠠᠨ᠎ᠤ ᠵᠠᠪᠰᠠᠷ᠎ᠲᠤ ᠠᠲᠠᠷ ᠪᠠᠶᠠᠯᠢᠭ ᠣᠷᠤᠨ

ᠠᠪᠤ ᠡᠵᠢ᠎ᠶᠢᠨ᠎ᠮᠢᠨᠢ ᠣᠷᠤᠰᠢᠭᠰᠠᠨ ᠠᠰᠢᠳᠠ᠎ᠶᠢᠨ ᠵᠠᠶᠠᠭᠠᠭᠰᠠᠨ ᠣᠷᠤᠨ

ᠠᠯᠲᠠᠨ ᠨᠠᠷᠠᠨ᠎ᠤ ᠲᠤᠶᠠᠭᠠᠨ᠎ᠳᠤ ᠡᠩᠬᠡᠵᠢᠨ ᠲᠣᠭᠲᠠᠨᠢᠭᠰᠠᠨ ᠭᠠᠵᠠᠷ

ᠮᠥᠩᠭᠦᠨ ᠰᠠᠷᠠᠨ᠎ᠤ ᠭᠡᠷᠡᠯ᠎ᠳᠦ ᠮᠥᠩᠬᠡᠵᠢᠨ ᠭᠢᠯᠠᠯᠵᠠᠭᠰᠠᠨ ᠭᠠᠵᠠᠷ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠾᠦᠩᠨᠦ ᠰᠢᠶᠦ᠋ᠩᠨᠦ᠎ᠶᠢᠨ ᠦᠶ᠎ᠡ᠎ᠡᠴᠡ ᠬᠥᠭᠰᠢᠳ ᠡᠪᠦᠭᠡᠳ᠎ᠦᠨ᠎ᠮᠢᠨᠢ ᠨᠤᠲᠤᠭ

ᠬᠥᠬᠡ ᠮᠣᠩᠭᠤᠯ᠎ᠤᠨ ᠴᠠᠭ᠎ᠲᠤ ᠬᠦᠴᠦᠷᠬᠡᠭ ᠪᠣᠯᠤᠭᠰᠠᠨ ᠣᠷᠤᠨ

ᠣᠨ ᠣᠨ᠎ᠳᠤ ᠢᠳᠡᠭᠡᠰᠢᠵᠦ ᠣᠯᠠᠨ ᠵᠢᠯ᠎ᠳᠦ ᠳᠠᠰᠤᠭᠰᠠᠨ ᠨᠤᠲᠤᠭ

ᠣᠳᠣ᠎ᠶᠢᠨ ᠰᠢᠨ᠎ᠡ ᠮᠣᠩᠭᠤᠯ᠎ᠤᠨ ᠤᠯᠠᠭᠠᠨ ᠲᠤᠭ ᠪᠦᠷᠬᠦᠭᠰᠡᠨ ᠣᠷᠤᠨ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠥᠰᠦᠭᠰᠡᠨ ᠲᠥᠷᠦᠭᠰᠡᠨ ᠪᠢᠳᠡᠨ᠎ᠦ ᠦᠨᠳᠦᠰᠦᠨ᠎ᠦ ᠬᠠᠢᠷᠠᠲᠠᠢ ᠨᠤᠲᠤᠭ

ᠥᠩᠭᠡᠯᠵᠡᠭᠴᠢ ᠳᠠᠢᠰᠤᠨ ᠢᠷᠡᠪᠡᠰᠦ ᠦᠳᠲᠡᠷ ᠢᠰᠭᠦᠯᠦᠨ ᠬᠥᠭᠡᠭᠡᠮᠦᠢ

ᠬᠤᠪᠢᠲᠠᠢ ᠡᠬᠡ ᠣᠷᠤᠨ᠎ᠳᠠᠭᠠᠨ ᠬᠤᠪᠢᠰᠭᠠᠯᠲᠤ ᠤᠯᠤᠰ᠎ᠢᠶᠠᠨ ᠮᠠᠨᠳᠤᠭᠤᠯᠵᠤ

ᠬᠣᠢᠴᠢ᠎ᠶᠢᠨ ᠰᠢᠨ᠎ᠡ ᠶᠢᠷᠲᠢᠨᠴᠦ ᠳᠡᠭᠡᠷ᠎ᠡ ᠬᠦᠨᠳᠦᠲᠡᠢ ᠭᠠᠪᠢᠶ᠎ᠠ᠎ᠶᠢ ᠪᠠᠢᠭᠤᠯᠤᠶ᠎ᠠ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

 

ᠮᠣᠩᠭᠤᠯ ᠭᠡᠳᠡᠭ ᠨᠢᠭᠡ ᠨᠡᠷ᠎ᠡ ᠶᠢᠷᠲᠢᠨᠴᠦ᠎ᠶᠢᠨ ᠴᠢᠬᠢᠨ᠎ᠡ ᠳᠠᠭᠤᠷᠢᠰᠭᠠᠯ᠎ᠲᠠᠢ

ᠮᠣᠩᠭᠤᠯ᠎ᠤᠨ ᠲᠥᠯᠦᠭᠡ ᠭᠡᠳᠡᠭ ᠰᠠᠨᠠᠭ᠎ᠠ ᠪᠢᠳᠡᠨ᠎ᠦ ᠵᠢᠷᠦᠬᠡᠨ᠎ᠳᠦ ᠬᠣᠯᠪᠤᠭ᠎ᠠ᠎ᠲᠠᠢ

ᠥᠰᠬᠦ᠎ᠡᠴᠡ ᠰᠤᠷᠤᠭᠰᠠᠨ ᠦᠨᠳᠦᠰᠦᠨ ᠬᠡᠯᠡ ᠮᠠᠷᠲᠠᠵᠤ ᠪᠣᠯᠤᠰᠢ᠎ᠦᠭᠡᠢ ᠰᠣᠶᠤᠯ

ᠦᠬᠦᠲᠡᠯ᠎ᠡ ᠣᠷᠤᠰᠢᠬᠤ ᠲᠥᠷᠦᠯᠬᠢ ᠨᠤᠲᠤᠭ ᠰᠠᠯᠵᠤ ᠪᠣᠯᠤᠰᠢ᠎ᠦᠭᠡᠢ ᠣᠷᠤᠨ

ᠡᠨᠡ ᠪᠣᠯ ᠮᠢᠨᠦ ᠲᠥᠷᠦᠭᠰᠡᠨ ᠨᠤᠲᠤᠭ

ᠮᠣᠩᠭᠤᠯ᠎ᠤᠨ ᠰᠠᠢᠬᠠᠨ ᠣᠷᠤᠨ

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082