ᠮᠣᠩᠭᠣᠯ ᠪᠢᠴᠢᠭ᠌

ᠡᠷᠢᠶ᠎ᠡ  
ᠪᠤᠴᠠᠬᠤ

ᠡᠷᠳᠡᠨᠢ

-

ᠠᠮᠳᠠᠲᠤ ᠢᠳᠡᠭᠡᠨ ᠢ ᠳᠡᠭᠡᠵᠢᠯᠡᠵᠦ

ᠠᠷᠪᠠᠢ ᠪᠤᠭᠤᠳᠠᠢ ᠶᠢ ᠬᠥᠮᠥᠷᠭᠡᠯᠡᠵᠦ

ᠠᠭᠤᠤ ᠪᠠᠶᠠᠨ ᠢ ᠪᠡᠯᠭᠡᠯᠡᠨ

ᠠᠯᠲᠠ ᠰᠣᠪᠣᠳ ᠢᠶᠡᠷ ᠪᠥᠭᠡᠯᠵᠢᠳᠡᠭ

ᠬᠤᠯᠤᠭᠠᠨ᠎ᠠ ᠶᠢᠨ ᠡᠷᠳᠡᠨᠢ ᠴᠢᠬᠢ ᠲᠠᠢ᠃

 

ᠠᠴᠢᠶ᠎ᠠ ᠬᠥᠰᠭᠡ ᠲᠡᠭᠡᠭᠡᠵᠦ

ᠠᠷᠠᠯᠲᠤ ᠲᠡᠷᠭᠡ ᠰᠢᠯᠢᠳᠡᠵᠦ

ᠠᠮᠠᠷᠠᠬᠤ ᠠᠨᠢᠬᠤ ᠶᠢ ᠣᠮᠠᠷᠲᠠᠨ

ᠠᠮᠢ ᠪᠡᠨ ᠴᠦᠯᠡᠵᠦ ᠵᠢᠳᠭᠦᠳᠡᠭ

ᠦᠬᠡᠷ ᠡᠷᠳᠡᠨᠢ ᠶᠢᠨ ᠰᠡᠭᠡᠷ ᠲᠠᠢ᠃

 

ᠬᠠᠨ ᠣᠷᠭᠢᠯ ᠢᠶᠡᠷ ᠬᠠᠷᠠᠢᠵᠦ

ᠬᠠᠪᠴᠢᠯ ᠵᠢᠯᠠᠭ᠎ᠠ ᠳᠦ ᠨᠣᠢᠷᠰᠣᠵᠤ

ᠬᠠᠮᠤᠭ ᠠᠷᠢᠶᠠᠲᠠᠨ ᠢ ᠵᠠᠬᠢᠷᠥᠨ

ᠬᠠᠷᠭᠤᠢ ᠵᠠᠮ ᠢ ᠰᠠᠬᠢᠳᠠᠭ

ᠪᠠᠷᠰ ᠡᠷᠳᠡᠨᠢ ᠶᠢᠨ ᠬᠢᠮᠣᠰᠣ ᠲᠠᠢ᠃

 

ᠡᠳᠦᠷ ᠰᠦᠨᠢ ᠦᠭᠡᠢ ᠪᠦᠭᠭᠦᠵᠦ

ᠡᠪᠦᠯ ᠵᠤᠨ ᠦᠭᠡᠢ ᠶᠠᠭᠠᠷᠠᠵᠤ

ᠡᠮᠦᠨ᠎ᠡ ᠠᠷᠤ ᠦᠭᠡᠢ ᠪᠤᠵᠢᠭᠢᠨᠠᠨ

ᠡᠪᠡᠰᠦ ᠤᠷᠭᠤᠮᠠᠯ ᠢ ᠪᠦᠷᠢᠳᠭᠡᠳᠡᠭ

ᠲᠠᠤᠯᠠᠢ ᠡᠷᠳᠡᠨᠢ ᠶᠢᠨ ᠬᠠᠮᠠᠷ ᠲᠠᠢ᠃

 

ᠠᠭᠠᠳᠠᠷ ᠤᠨ ᠡᠭᠦᠯᠡ ᠶᠢ ᠬᠥᠯᠭᠡᠯᠡᠵᠦ

ᠠᠶᠤᠩᠭ᠎ᠠ ᠴᠠᠬᠢᠯᠭᠠᠨ ᠢ ᠳᠠᠢᠴᠢᠯᠠᠵᠤ

ᠷᠠᠰᠢᠶᠠᠨ ᠬᠤᠷ᠎ᠠ ᠶᠢ ᠰᠣᠶᠣᠷᠬᠠᠨ

ᠠᠮᠢᠲᠠᠨ ᠪᠦᠭᠦᠨ ᠢ ᠢᠪᠡᠭᠡᠳᠡᠭ

ᠯᠤᠤ ᠡᠷᠳᠡᠨᠢ ᠶᠢᠨ ᠬᠦᠵᠦᠭᠦᠦ ᠲᠠᠢ᠃

 

ᠡᠵᠡᠭᠦᠢ ᠬᠡᠭᠡᠷ᠎ᠡ ᠶᠢ ᠲᠣᠣᠷᠯᠠᠵᠣ

ᠡᠷᠬᠢ ᠭᠠᠩᠭ᠎ᠠ ᠶᠢ ᠰᠦᠯᠵᠢᠵᠦ

ᠡᠯᠡᠰᠦ ᠰᠢᠷᠣᠢ ᠨᠡᠪᠲᠡᠯᠦᠨ

ᠡᠴᠢᠨ᠎ᠡ ᠲᠠᠯ᠎ᠠ ᠶᠢ ᠪᠠᠢᠴᠠᠭᠠᠳᠠᠭ

ᠮᠣᠭᠠᠢ ᠡᠷᠳᠡᠨᠢ ᠶᠢᠨ ᠨᠢᠳᠦ ᠲᠠᠢ᠃

 

ᠠᠶᠠᠨ ᠤ ᠵᠠᠮ ᠢ ᠳᠣᠪᠴᠢᠯᠡᠵᠦ

ᠠᠯᠤᠰ ᠭᠠᠵᠠᠷ ᠢ ᠣᠢᠷᠠᠲᠤᠭᠤᠯᠵᠤ

ᠠᠨᠳᠠ ᠨᠦᠬᠦᠳ ᠢ ᠵᠣᠯᠭᠠᠭᠤᠯᠤᠨ

ᠠᠵᠢᠯ ᠶᠠᠪᠤᠳᠠᠯ ᠢ ᠪᠦᠲᠦᠭᠡᠳᠡᠭ

ᠮᠣᠷᠢ ᠡᠷᠳᠡᠨᠢ ᠶᠢᠨ ᠬᠤᠨᠳᠤᠯᠠᠢ ᠲᠠᠢ᠃

 

ᠲᠥᠭᠡᠭᠰᠡᠨ ᠣᠳᠣ ᠰᠢᠭ ᠢᠷᠡᠢᠵᠦ

ᠲᠥᠪᠰᠢᠨ ᠲᠠᠯ᠎ᠠ ᠶᠢ ᠪᠦᠷᠬᠦᠵᠦ

ᠲᠥᠭᠡᠮᠡᠯ ᠪᠤᠶᠠᠨ ᠢ ᠳᠠᠯᠠᠯᠥᠨ

ᠲᠥᠮᠡᠨ ᠣᠯᠠᠨ ᠢ ᠳᠤᠯᠠᠭᠠᠯᠠᠳᠠᠭ

ᠬᠤᠨᠢ ᠡᠷᠳᠡᠨᠢ ᠶᠢᠨ ᠨᠣᠣᠰᠣ ᠲᠠᠢ᠃

 

ᠠᠭᠯᠠᠭ ᠣᠢ ᠳᠥ ᠨᠤᠲᠤᠭᠯᠠᠵᠤ

ᠠᠯᠢᠮ᠎ᠠ ᠵᠢᠮᠢᠰ ᠢᠶᠡᠷ ᠬᠣᠭᠣᠯᠠᠯᠠᠵᠤ

ᠠᠰᠬ᠎ᠠ ᠬᠠᠳᠠᠨ ᠳᠤ ᠲᠣᠭᠯᠠᠯᠳᠣᠨ

ᠠᠪᠠᠷᠢᠬᠤ ᠬᠠᠷᠠᠢᠬᠤ ᠶᠢ ᠪᠣᠯᠪᠠᠰᠤᠷᠠᠳᠠᠭ

ᠪᠡᠴᠢᠨ ᠡᠷᠳᠡᠨᠢ ᠶᠢᠨ ᠭᠣᠶ᠎ᠠ ᠲᠠᠢ᠃

 

ᠬᠠᠷ᠎ᠠ ᠥᠷᠯᠥᠭᠡ ᠪᠡᠷ ᠬᠠᠰᠬᠢᠷᠴᠤ

ᠬᠠᠷᠠᠩᠭᠤᠢ ᠬᠥᠰᠢᠭᠡ ᠶᠢ ᠢᠷᠠᠵᠦ

ᠬᠠᠲᠠᠭᠤ ᠳᠠᠭᠤᠨ ᠢᠶᠡᠷ ᠵᠠᠩᠳᠤᠷᠤᠨ

ᠬᠠᠮᠤᠭ ᠣᠯᠠᠨ ᠢ ᠰᠡᠷᠢᠭᠡᠳᠡᠭ

ᠳᠠᠬᠢᠶ᠎ᠠ ᠡᠷᠳᠡᠨᠢ ᠶᠢᠨ ᠥᠪᠥᠩ ᠲᠠᠢ᠃

 

ᠠᠢᠯ ᠬᠣᠲᠠ ᠶᠢ ᠮᠠᠨᠠᠵᠤ

ᠠᠶᠤᠯᠲᠤ ᠳᠠᠢᠰᠥᠨ ᠢ ᠰᠡᠷᠭᠡᠢᠯᠡᠵᠦ

ᠠᠵᠢᠭ ᠰᠡᠵᠢᠭ᠌ ᠡᠪᠦᠷᠯᠡᠨ

ᠠᠯᠤᠰ ᠤᠨ ᠠᠨᠢᠷ ᠢ ᠴᠢᠩᠨᠠᠳᠠᠭ

ᠨᠣᠬᠠᠢ ᠡᠷᠳᠡᠨᠢ ᠶᠢᠨ ᠪᠤᠷᠪᠢ ᠲᠠᠢ᠃

 

ᠠᠭᠠᠵᠢᠭᠤ ᠲᠠᠢᠪᠤᠭᠤ ᠪᠡᠷ ᠠᠯᠬᠤᠯᠠᠵᠤ

ᠠᠷᠭ᠎ᠠ ᠪᠣᠳᠤᠯᠭ᠎ᠠ ᠶᠢ ᠪᠢᠰᠢᠯᠭᠠᠵᠤ

ᠠᠯᠢᠪᠠ ᠪᠦᠬᠦᠢ ᠶᠢ ᠨᠢᠭᠲᠠᠯᠠᠨ

ᠠᠯᠲᠠᠨ ᠳᠡᠯᠡᠭᠡᠢ ᠶᠢ ᠰᠢᠨᠵᠢᠯᠡᠳᠡᠭ

ᠭᠬᠠᠠᠢ ᠡᠷᠳᠡᠨᠢ ᠶᠢᠨ ᠰᠡᠭᠦᠯ ᠲᠠᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082