ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠰᠣᠶᠤᠯ᠎ᠢ ᠭᠠᠢᠠᠬᠪᠠ

ᠳ᠋᠊᠂ ᠨᠠᠴᠤᠭᠳᠣᠷᠵᠢ

ᠬᠠᠪᠤᠷ᠎ᠤᠨ ᠬᠤᠷᠴᠠ ᠨᠠᠷᠠᠨ᠎ᠳᠤ ᠡᠪᠦᠯ᠎ᠦᠨ ᠬᠣᠩᠭᠠᠷᠯᠠᠭᠰᠠᠨ ᠴᠠᠰᠤ ᠬᠠᠢᠯᠵᠤ᠂ ᠭᠠᠵᠠᠷ᠎ᠤᠨ᠎ᠬᠥᠷᠦᠰᠦ᠎ᠶᠢ ᠴᠢᠭᠢᠭᠳᠦᠭᠦᠯᠦᠨ᠂ ᠥᠰᠬᠦ ᠲᠥᠯᠵᠢᠬᠦ ᠨᠣᠭᠤᠭᠠᠨ᠎ᠤ ᠰᠢᠮ᠎ᠡ᠎ᠶᠢ ᠥᠭᠬᠦ᠎ᠨᠢ ᠰᠠᠢᠰᠢᠶᠠᠯᠲᠠᠢ ᠪᠣᠯᠪᠠᠴᠤ᠂ ᠲᠡᠷᠭᠡᠴᠢ ᠯᠣᠪᠰᠠᠩ᠎ᠤᠨ ᠵᠤᠨ᠎ᠤ ᠬᠠᠯᠠᠭᠤᠨ᠎ᠳᠤ ᠬᠥᠯᠦᠰᠦ᠎ᠪᠡᠨ ᠤᠷᠤᠰᠭᠠᠵᠣ᠂ ᠡᠪᠦᠯ᠎ᠦᠨ ᠬᠦᠢᠲᠡᠨ᠎ᠳᠦ ᠬᠤᠷᠤᠭᠤ᠎ᠪᠠᠨ ᠬᠥᠯᠳᠡᠭᠡᠵᠦ ᠣᠯᠤᠭᠰᠠᠨ ᠮᠠᠭᠤ ᠭᠤᠲᠤᠯ᠎ᠢ ᠰᠢᠪᠠᠬᠠᠢᠳᠠᠨ ᠳᠦᠭᠦᠷᠭᠡᠬᠦ᠎ᠨᠢ ᠬᠠᠢᠷᠠᠯᠠᠯᠲᠠᠢ᠃

ᠬᠠᠰᠠᠭ ᠲᠡᠷᠭᠡᠨ᠎ᠦ ᠬᠢᠬᠤᠨᠠᠬᠤ ᠲᠤᠲᠤᠮ ᠯᠣᠪᠰᠠᠩ᠎ᠤᠨ ᠰᠡᠳᠭᠢᠯ ᠤᠢᠳᠭᠠᠷᠯᠠᠵᠣ᠂ ᠬᠦᠷᠡᠩ ᠱᠠᠷ᠎ᠤᠨ ᠬᠠᠱᠠᠩᠨᠠᠬᠣ ᠪᠦᠷᠢ ᠲᠡᠭᠦᠨ᠎ᠦ ᠠᠭᠤᠷ ᠬᠦᠷᠦᠨ᠎ᠡ᠃ ᠯᠣᠪᠰᠠᠩ ᠬᠡᠳᠦᠢᠪᠡᠷ ᠥᠰᠬᠦ ᠨᠠᠰᠤᠨ᠎ᠠᠴᠠ ᠦᠬᠡᠷ ᠲᠡᠷᠭᠡ᠎ᠪᠡᠷ ᠨᠥᠬᠦᠷ ᠬᠢᠵᠦ᠂ ᠡᠵᠡᠭᠦᠢ ᠬᠡᠭᠡᠷ᠎ᠡ᠎ᠪᠡᠷ ᠭᠡᠷ ᠬᠢᠵᠦ ᠳᠠᠳᠤᠭᠰᠠᠨ ᠪᠣᠯᠪᠠᠴᠤ ᠬᠥᠭᠡᠷᠦᠬᠦᠢ ᠵᠠᠢᠯᠠᠭᠤᠯ᠂ ᠬᠥᠮᠦᠨ᠎ᠦ ᠦᠷ᠎ᠡ ᠲᠤᠯᠠ ᠠᠮᠠᠷᠠᠬᠤ ᠴᠠᠳᠬᠤ ᠴᠠᠭ᠎ᠢ ᠶᠠᠭᠤᠨ ᠦᠯᠦ ᠬᠦᠰᠡᠨ᠎ᠡ᠃

ᠠᠷᠪᠠᠨ ᠭᠤᠷᠪᠠᠨ ᠨᠠᠰᠤᠨ᠎ᠠᠴᠠ ᠲᠠᠪᠢᠨ ᠵᠢᠷᠭᠤᠭᠠᠨ ᠨᠠᠰᠤ᠎ᠶᠢ ᠬᠦᠷᠲᠡᠯ᠎ᠡ ᠰᠢᠷ᠎ᠠ᠎ᠶᠢᠨ ᠭᠣᠣᠯ ᠪᠠ ᠤᠯᠠᠭᠠᠨᠪᠠᠭᠠᠲᠤᠷ ᠬᠣᠶᠠᠷ᠎ᠤᠨ᠎ᠬᠣᠭᠤᠷᠤᠨᠳᠤ ᠳᠠᠠᠠᠪᠠ᠎ᠶᠢᠨ ᠡᠪᠡᠰᠦ᠎ᠶᠢ ᠵᠥᠭᠡᠭᠡᠵᠦ᠂ ᠪᠠᠯᠳᠠᠨ᠎ᠤ ᠲᠦᠯᠡᠭᠡ᠎ᠶᠢ ᠲᠡᠭᠡᠭᠡᠭᠰᠡᠭᠡᠷ ᠡᠳᠦᠢ ᠬᠥᠷᠦᠭᠰᠡᠨ ᠲᠤᠯᠠ ᠵᠠᠮ᠎ᠳᠠᠬᠢ ᠠᠭᠤᠯᠠ ᠲᠠᠪᠠᠭ᠎ᠠ᠎ᠶᠢ ᠠᠨᠳᠠᠬᠤ᠎ᠦᠭᠡᠢ᠂ ᠡᠩᠬᠦᠯ ᠳᠣᠩᠬᠤᠯ᠎ᠢ᠎ᠴᠤ ᠡᠨᠳᠡᠬᠦ᠎ᠦᠭᠡᠢ᠂ ᠨᠦᠬᠡᠨ᠎ᠡᠴᠡ ᠭᠠᠷᠴᠤ ᠬᠣᠰᠭᠢᠷᠬᠣ ᠲᠠᠷᠪᠠᠭ᠎ᠠ᠎ᠶᠢ᠎ᠴᠤ ᠪᠠᠷᠤᠭ ᠲᠠᠨᠢᠬᠤ ᠪᠥᠭᠡᠳ ᠨᠢᠰᠦᠨ ᠥᠩᠭᠡᠷᠡᠵᠦ ᠣᠳᠬᠤ ᠰᠢᠪᠠᠭᠤ᠎ᠶᠢ᠎ᠴᠤ ᠲᠥᠯᠦᠪ ᠮᠡᠳᠡᠨ᠎ᠡ᠃ ᠬᠠᠭᠤᠴᠢᠨ ᠬᠥᠮᠦᠨ᠎ᠦ ᠶᠠᠷᠢᠶ᠎ᠠ᠎ᠶᠢ ᠶᠡᠬᠡᠲᠡ ᠰᠣᠨᠤᠰᠴᠤ᠂ ᠬᠡᠳᠦᠨ ᠠᠷᠪᠠᠨ ᠵᠢᠯ ᠨᠡᠯᠢᠶᠡᠳ ᠶᠠᠭᠤᠮ᠎ᠠ᠎ᠶᠢ ᠥᠩᠭᠡᠷᠡᠭᠦᠯᠦᠭᠰᠡᠨ ᠲᠤᠯᠠ ᠬᠥᠭᠰᠢᠨ ᠲᠣᠯᠤᠭᠠᠢ ᠰᠦᠷᠡᠬᠡᠢ ᠬᠠᠰᠢᠷᠵᠢᠵᠠᠢ᠃ ᠬᠠᠷᠠᠭ᠎ᠠ᠎ᠶᠢᠨ ᠭᠣᠣᠯ᠎ᠳᠤ ᠬᠣᠨᠤᠭᠠᠳ᠂ ᠪᠣᠷᠤᠭ᠎ᠠ᠎ᠶᠢᠨ ᠭᠣᠣᠯ᠎ᠳᠤ ᠦᠳᠡᠯᠡᠬᠦ᠎ᠪᠡᠷ ᠶᠠᠪᠤᠬᠤ᠎ᠳᠤ ᠬᠠᠷᠠᠬᠠᠨ ᠪᠠᠭ᠎ᠠ ᠦᠳᠡ᠎ᠶᠢᠨ ᠦᠶ᠎ᠡ ᠪᠥᠭᠡᠳ ᠯᠣᠪᠰᠠᠩ ᠡᠷᠲᠡ ᠪᠣᠰᠤᠭᠰᠠᠠ᠎ᠳᠠᠭᠠᠨ ᠭᠠᠨᠩᠰᠠᠷᠠᠲᠠᠯ᠎ᠠ ᠡᠪᠰᠢᠶᠡᠠ᠂ ᠤᠷᠲᠤ ᠵᠠᠮ᠎ᠳᠤ ᠮᠠᠴᠤᠯᠬᠢᠯᠠᠨ ᠠᠯᠬᠤᠯᠠᠬᠤ᠎ᠨᠢ ᠬᠡᠳᠦᠢᠪᠡᠷ ᠵᠦᠳᠡᠭᠦᠷᠢ᠎ᠲᠡᠢ ᠪᠣᠯᠪᠠᠴᠤ᠂ ᠤᠷᠢᠬᠠᠨ ᠰᠠᠯᠬᠢ ᠡᠮᠦᠨ᠎ᠡ᠎ᠡᠴᠡ᠎ᠨᠢ ᠵᠥᠭᠡᠯᠡᠡ ᠦᠯᠢᠶᠡᠵᠦ᠂ ᠦᠳᠡ᠎ᠶᠢᠨ ᠨᠠᠷᠠ ᠤᠭᠤᠴᠠ ᠤᠷᠤᠭᠤ ᠲᠥᠭᠡᠨᠡᠬᠦ᠎ᠳᠦ ᠪᠠᠰᠠ᠎ᠴᠤ ᠨᠢᠭᠡ ᠵᠢᠷᠭᠠᠯ᠎ᠰᠢᠭ᠋ ᠰᠠᠨᠠᠭᠳᠠᠨ᠎ᠠ᠃

ᠬᠡᠳᠦᠨ ᠦᠬᠡᠷ᠎ᠢᠶᠡᠨ ᠭᠠᠷ᠎ᠢᠶᠠᠷ ᠨᠢᠭᠡᠨᠲᠡ ᠭᠤᠶᠠᠳᠠᠵᠤ᠂ ᠠᠮᠠ᠎ᠪᠠᠷ ᠬᠡᠳᠦᠨᠲᠡ ᠭᠣᠣᠭᠯᠠᠠᠠᠰᠠᠭᠠᠷ ᠰᠠᠨᠠᠮᠰᠠᠷ᠎ᠦᠭᠡᠢ ᠶᠠᠪᠤᠲᠠᠯ᠎ᠠ᠂ ᠠᠷᠤ ᠲᠠᠯ᠎ᠠ᠎ᠳᠤ ᠱᠤᠤᠭᠢᠬᠤ ᠴᠢᠮᠡᠭᠡ ᠭᠠᠷᠤᠨ᠎ᠠ᠃ ᠴᠣᠴᠢᠨ ᠭᠡᠳᠡᠷᠭᠦ ᠠᠵᠢᠭᠯᠠᠪᠠᠯ ᠬᠥᠲᠦᠯᠦᠭᠰᠡᠨ ᠬᠡᠳᠦᠨ ᠦᠬᠡᠷ ᠲᠡᠷᠭᠡ ᠬᠡᠪ᠎ᠢᠶᠡᠷ ᠳᠤᠪ ᠳᠤᠭᠤᠢ ᠴᠤᠪᠤᠷᠠᠯᠳᠤᠨ ᠶᠠᠪᠤᠬᠤ ᠲᠤᠯᠠ ᠰᠡᠳᠭᠢᠯ᠎ᠨᠢ ᠲᠠᠢᠳᠭᠤᠷᠠᠵᠤ ᠴᠢᠨᠠᠭᠰᠢ ᠠᠯᠬᠤᠯᠠᠪᠠ᠃ ᠭᠡᠲᠡᠯ᠎ᠡ ᠱᠤᠤᠭᠢᠬᠤ ᠴᠢᠮᠡᠭᠡ ᠤᠯᠠᠮ᠎ᠢᠶᠠᠷ ᠶᠡᠬᠡᠳᠴᠦ᠂ ᠬᠣᠭᠤᠰᠤᠨ ᠣᠭᠲᠠᠷᠭᠤᠢ᠎ᠳᠤ ᠬᠦᠷᠴᠢᠭᠢᠨᠡᠨ ᠬᠤᠷᠴᠢᠭᠢᠨᠠᠬᠤ᠎ᠳᠤ ᠯᠣᠪᠰᠠᠩ᠎ᠤᠨ ᠰᠡᠳᠭᠢᠯ ᠰᠡᠷ ᠬᠢᠵᠦ᠂ ᠨᠢᠳᠦ᠎ᠪᠡᠨ ᠰᠣᠷᠲᠠᠢᠨ᠂ ᠴᠢᠬᠢ᠎ᠪᠡᠨ ᠰᠡᠷᠪᠡᠢᠨ ᠡᠯᠳᠡᠪ ᠶᠠᠭᠤᠮ᠎ᠠ ᠪᠣᠳᠤᠭᠳᠠᠨ《 ᠬᠠᠪᠤᠷ᠎ᠤᠨ ᠡᠬᠢᠨ ᠰᠠᠷ᠎ᠠ᠎ᠳᠤ ᠲᠡᠭᠷᠢ ᠳᠤᠤᠭᠠᠷᠳᠠᠭ᠎ᠦᠭᠡᠢ᠎ᠶᠤᠮᠰᠠᠨ᠃ ᠭᠠᠯᠠᠪ ᠶᠡᠭᠦᠷᠡᠨ᠎ᠡ ᠭᠡᠭᠴᠢ᠎ᠨᠢ ᠠᠷᠠᠢ ᠪᠣᠯᠤᠭ᠎ᠠ᠎ᠦᠭᠡᠢ᠎ᠶᠤᠮ ᠪᠠᠢᠭ᠎ᠠ》 ᠭᠡᠵᠦ ᠰᠠᠨᠠᠵᠤ ᠵᠢᠷᠦᠬᠡ᠎ᠨᠢ ᠳᠣᠭᠳᠤᠯᠤᠨ᠂ ᠳᠥᠷᠪᠡᠨ ᠵᠦᠭ ᠨᠠᠢ᠍ᠮᠠᠨ ᠵᠣᠪᠬᠢᠰ᠎ᠲᠤ ᠠᠵᠢᠭᠯᠠᠪᠠᠯ᠂ ᠡᠭᠦᠯᠡ᠎ᠦᠭᠡᠢ᠂ ᠪᠣᠷᠤᠭᠠᠨ᠎ᠴᠤ᠎ᠦᠭᠡᠢ᠂ ᠬᠥᠮᠦᠨ ᠠᠮᠢᠲᠠᠨ᠎ᠴᠤ᠎ᠦᠭᠡᠢ᠂ ᠰᠢᠷᠤᠢ᠎ᠴᠤ᠎ᠦᠭᠡᠢ᠂ ᠲᠣᠭᠤᠰᠤ᠎ᠴᠤ᠎ᠦᠭᠡᠢ᠂ ᠠᠯᠢᠪᠠ ᠪᠠᠢᠳᠠᠯ ᠨᠠᠮ ᠬᠦᠮ᠂ ᠬᠠᠮᠤᠭ ᠶᠠᠭᠤᠮ᠎ᠠ ᠬᠡᠪ ᠬᠡᠪ᠎ᠢᠶᠡᠷ ᠪᠠᠢᠲᠠᠯ᠎ᠠ᠂ ᠰᠣᠨᠤᠰᠬᠤ ᠲᠤᠲᠤᠮ ᠥᠨᠦᠬᠢ ᠳᠠᠭᠤ᠎ᠨᠢ ᠤᠯᠠᠮ ᠣᠢᠷᠠᠲᠤᠨ᠂ ᠣᠷᠤᠢ ᠳᠡᠭᠡᠭᠦᠷ᠎ᠨᠢ ᠬᠦᠷᠴᠢᠭᠢᠨᠡᠬᠦ᠎ᠳᠦ ᠳᠡᠭᠡᠭᠰᠢ ᠬᠠᠷᠠᠪᠠᠯ ᠬᠠᠷᠢᠨ ᠨᠢᠭᠡ ᠲᠣᠮᠤ ᠰᠢᠪᠠᠭᠤ ᠮᠡᠲᠦ ᠶᠠᠭᠤᠮ᠎ᠠ ᠨᠢᠰᠦᠨ ᠶᠠᠪᠤᠨ᠎ᠠ᠃ ᠲᠡᠷᠭᠡᠴᠢ ᠯᠣᠪᠰᠠᠩ ᠲᠠᠪᠢᠨ ᠬᠡᠳᠦᠨ ᠨᠠᠰᠤ ᠬᠦᠷᠲᠡᠯ᠎ᠡ᠎ᠪᠡᠨ ᠲᠡᠢᠮᠦ ᠲᠣᠮᠤ ᠰᠢᠪᠠᠭᠤ ᠦᠵᠡᠭᠡ᠎ᠦᠭᠡᠢ᠂ ᠬᠡᠳᠦᠢᠪᠡᠷ ᠬᠠᠨ ᠭᠠᠷᠤᠳᠢ ᠭᠡᠳᠡᠭ ᠨᠢᠭᠡᠨ ᠲᠣᠮᠤ ᠰᠢᠪᠠᠭᠤ ᠪᠠᠢᠳᠠᠭ᠎ᠶᠤᠮ ᠭᠡᠵᠦ ᠰᠣᠨᠤᠰᠤᠭᠰᠠᠨ ᠪᠣᠯᠪᠠᠴᠤ᠂ ᠪᠠᠰᠠ ᠡᠨᠡ ᠲᠢᠪ᠎ᠲᠦ ᠪᠠᠢᠳᠠᠭ᠎ᠦᠭᠡᠢ ᠭᠡᠵᠦ ᠶᠠᠷᠢᠳᠠᠭ ᠲᠤᠯᠠ ᠠᠳᠠᠯᠢᠳᠭᠠᠰᠢ᠎ᠦᠭᠡᠢ᠂ ᠳᠡᠮᠡᠢ᠎ᠯᠡ ᠭᠠᠢᠬᠠᠨ᠂ ᠳᠠᠬᠢᠨ ᠰᠠᠢᠨ᠎ᠢᠶᠠᠷ ᠠᠵᠢᠭᠯᠠᠶ᠎ᠠ ᠭᠡᠲᠡᠯ᠎ᠡ᠂ ᠡᠨᠡ ᠭᠱᠠᠨ᠎ᠳᠤ ᠲᠡᠷᠲᠡᠭᠡ ᠠᠭᠤᠯᠠ᠎ᠶᠢᠨ ᠴᠠᠭᠠᠨ᠎ᠠ ᠳᠠᠯᠳᠠ ᠣᠷᠤᠵᠠᠢ᠃

ᠡᠨᠡᠬᠡᠨ ᠵᠠᠭᠤᠷ᠎ᠠ ᠯᠣᠪᠰᠨᠩ ᠨᠢᠭᠡ ᠦᠶ᠎ᠡ ᠵᠢᠭᠲᠡᠢ ᠰᠣᠨᠢᠨ ᠪᠣᠯᠤᠭᠠᠳ ᠵᠡᠭᠦᠳᠦᠯᠡᠭᠰᠡᠨ ᠪᠠ ᠦᠵᠡᠭᠰᠡᠨ ᠬᠣᠶᠠᠷ᠎ᠤᠨ ᠠᠯᠢ᠎ᠨᠢ ᠪᠢᠯᠡ ᠭᠡᠵᠦ ᠡᠷᠭᠢᠴᠡᠭᠦᠯᠵᠦ᠂ ᠴᠢᠳᠭᠦᠷ᠎ᠶᠦᠮ᠎ᠦᠦ᠂ ᠬᠤᠪᠢᠯᠭᠠᠨ᠎ᠶᠤᠮ᠎ᠤᠤ ᠭᠡᠵᠦ ᠮᠤᠬᠤᠷ ᠰᠦᠰᠦᠭ᠎ᠦᠨ ᠡᠭᠦᠳᠡ᠎ᠡᠴᠡ ᠭᠠᠢᠬᠠᠭᠰᠠᠭᠠᠷ ᠶᠠᠭᠤ᠎ᠴᠤ ᠪᠣᠯᠪᠠᠴᠤ᠂ ᠤᠯᠠᠭᠠᠨᠪᠠᠭᠠᠲᠤᠷ ᠬᠣᠲᠠᠨ᠎ᠳᠤ ᠣᠴᠢᠭᠠᠳ ᠴᠢᠪᠠᠭᠠᠨᠴᠠ᠎ᠨᠠᠷ᠎ᠲᠤ ᠶᠠᠷᠢᠵᠤ᠂ ᠴᠠᠢ᠎ᠶᠢ᠎ᠨᠢ ᠤᠤᠭᠤᠬᠤ ᠰᠣᠨᠢᠨ᠎ᠲᠠᠢ ᠪᠣᠯᠪᠠ ᠭᠡᠵᠦ ᠪᠣᠳᠤᠭᠠᠳ᠂ ᠦᠬᠡᠷ ᠲᠡᠷᠭᠡ᠎ᠪᠡᠨ ᠭᠣᠣᠭᠯᠠᠨ ᠤᠷᠤᠭᠰᠢ ᠶᠠᠪᠤᠯ᠎ᠠ᠃

ᠤᠳᠠᠯ᠎ᠦᠭᠡᠢ ᠣᠯᠠᠭᠠᠨᠪᠠᠭᠠᠲᠤᠷ ᠬᠣᠲᠠᠨ᠎ᠳᠤ ᠢᠷᠡᠪᠡ᠃ ᠤᠷᠵᠢᠳᠤᠷ᠎ᠤᠨ ᠦᠵᠡᠭᠰᠡᠨ᠎ᠢᠶᠡᠨ ᠠᠪᠠᠭᠠᠢ ᠬᠡᠦᠬᠡᠳ᠎ᠲᠦ ᠶᠠᠷᠢᠶ᠎ᠠ ᠭᠡᠲᠡᠯ᠎ᠡ᠂ ᠬᠠᠷᠢᠨ ᠤᠷᠢᠳᠠ᠎ᠠᠴᠠ᠎ᠨᠢ ᠤᠭᠲᠤᠵᠣ ᠠᠪᠤᠭᠠᠳ᠂ 《 ᠮᠠᠨ᠎ᠤ ᠬᠦᠷᠢᠶᠡᠨ᠎ᠳᠦ ᠨᠢᠰᠳᠡᠭ ᠲᠡᠷᠭᠡ ᠭᠡᠭᠴᠢ ᠰᠣᠨᠢᠨ ᠲᠡᠷᠭᠡ ᠢᠷᠡᠭᠰᠡᠨ 》ᠭᠡᠵᠦ ᠬᠡᠦᠬᠡᠳ᠎ᠦᠳ᠎ᠨᠢ ᠬᠦᠷ ᠬᠦᠷ ᠭᠡᠵᠦ ᠳᠠᠭᠤᠷᠢᠶᠠᠨ ᠪᠠᠷᠬᠢᠷᠠᠯᠳᠤᠵᠤ᠂ ᠬᠥᠭᠰᠢᠳ᠎ᠨᠢ《 ᠰᠦᠷᠡᠬᠡᠢ᠎ᠶᠦᠮ᠂ ᠬᠠᠴᠢᠨ᠎ᠶᠤᠮ 》 ᠭᠡᠵᠦ ᠵᠠᠯᠪᠠᠷᠢᠯᠳᠤᠨ ᠪᠠᠢᠬᠤ᠎ᠳᠤ ᠯᠣᠪᠰᠨᠩ ᠬᠡᠳᠦᠢᠨ᠎ᠦ ᠲᠣᠬᠢ ᠬᠥᠮᠦᠨ ᠲᠤᠯᠠ ᠳᠡᠮᠡᠢ ᠴᠠᠯᠴᠢᠬᠤ᠎ᠪᠠᠨ ᠪᠠᠢᠵᠤ᠂ ᠳᠠᠷᠤᠢ ᠨᠢᠭᠡ ᠲᠠᠨᠢᠬᠤ ᠵᠠᠯᠠᠭᠤ᠂ ᠠᠯᠪᠠᠨ᠎ᠤ ᠬᠥᠮᠦᠨ᠎ᠲᠡᠢ᠎ᠪᠡᠨ ᠠᠭᠤᠯᠵᠠᠨ ᠠᠰᠠᠭᠤᠵᠤ᠂ ᠡᠨᠡ᠎ᠬᠦ ᠨᠢᠰᠳᠡᠭ ᠲᠡᠷᠭᠡ᠎ᠨᠢ ᠬᠥᠮᠦᠨ᠎ᠦ ᠠᠷᠭ᠎ᠠ ᠤᠬᠠᠭᠠᠨ᠂ ᠡᠷᠳᠡᠮ ᠰᠣᠶᠤᠯ᠎ᠤᠨ ᠡᠭᠦᠳᠡᠨ᠎ᠡᠴᠡ ᠪᠦᠲᠦᠭᠰᠡᠨ ᠪᠣᠯᠬᠤ ᠪᠦᠬᠦᠢᠯᠡ ᠤᠴᠢᠷ᠎ᠢ ᠣᠯᠵᠤ ᠰᠣᠨᠤᠰᠤᠭᠠᠳ ᠶᠡᠬᠡᠲᠡ ᠭᠠᠢᠬᠠᠵᠤ ᠬᠥᠳᠡᠭᠡ᠎ᠶᠢᠨ ᠪᠠᠢᠳᠠᠯ᠎ᠳᠤ ᠮᠤᠩᠬᠠᠷᠠᠨ ᠰᠠᠭᠤᠵᠤ᠂ ᠬᠦᠳᠡᠬᠢ ᠵᠠᠩᠰᠢᠯ᠎ᠢᠶᠠᠷ ᠨᠢᠭᠡ ᠨᠠᠰᠤ᠎ᠶᠢ ᠪᠠᠷᠠᠬᠤ᠎ᠦᠭᠡᠢ᠂ ᠬᠥᠯ ᠬᠦᠷᠬᠦ ᠭᠠᠵᠠᠷ ᠶᠠᠪᠤᠵᠤ᠂ ᠤᠬᠠᠭᠠᠨ ᠬᠦᠷᠬᠦ ᠶᠠᠭᠤᠮ᠎ᠠ᠎ᠠ᠎ᠶᠢ ᠦᠵᠡᠪᠡᠯ᠂ ᠡᠷᠳᠡᠮ ᠰᠣᠶᠤᠯ ᠭᠡᠭᠴᠢ ᠶᠡᠬᠡ ᠰᠠᠢᠬᠠᠨ᠎ᠶᠤᠮ ᠪᠠᠢᠨ᠎ᠠ ᠭᠡᠵᠦ ᠮᠡᠳᠡᠪᠡᠴᠦ᠂ ᠡᠨᠡ ᠪᠡᠶ᠎ᠡ ᠬᠥᠭᠰᠢᠷᠡᠭᠰᠡᠨ ᠲᠤᠯᠠ ᠢᠷᠡᠬᠦ ᠵᠢᠯ᠎ᠡᠴᠡ ᠠᠵᠢᠯ᠎ᠳᠤ ᠣᠷᠤᠬᠤ ᠭᠡᠵᠦ ᠪᠠᠢᠭᠰᠠᠨ ᠠᠷᠪᠠᠨ ᠬᠣᠶᠠᠷ ᠨᠠᠰᠤ᠎ᠲᠠᠢ ᠬᠦᠦ᠎ᠪᠡᠨ ᠰᠤᠷᠭᠠᠭᠤᠯᠢ᠎ᠳᠤ ᠬᠥᠭᠡᠭᠡᠨ ᠶᠠᠪᠤᠭᠤᠯᠵᠠᠢ᠃

1930 ᠣᠨ

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082