ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠰᠦᠨᠡᠰᠦ᠎ᠶᠢ᠎ᠮᠢᠨᠢ ᠳᠠᠯᠠᠯᠤᠭᠰᠠᠨ ᠬᠠᠢᠷ᠎ᠠ

ᠠᠮᠢᠨ᠌ᠦ᠌ᠨᠳᠦᠷ

ᠭᠠᠨᠵᠤᠭ᠎ᠠ ᠨᠢᠭᠡᠳᠦᠭᠡᠷ ᠳᠤᠮᠳᠠᠳᠤ ᠰᠤᠷᠭᠠᠭᠤᠯᠢ᠎ᠶᠢᠨ

82᠊᠎ᠳ᠋ᠤᠭᠠᠷ ᠬᠤᠭᠤᠴᠠᠭᠠᠨ᠎ᠤ ᠬᠥᠳᠡᠭᠡ᠎ᠶᠢᠨ ᠮᠣᠩᠭᠤᠯ ᠠᠩᠭᠢ᠎ᠶᠢᠨ

ᠰᠤᠷᠤᠭᠴᠢᠳ᠎ᠤᠨ 2008 ᠣᠨ᠎ᠤ ᠭᠠᠨᠵᠤᠭ᠎ᠠ᠎ᠶᠢᠨ ᠨᠠᠢᠷ᠎ᠲᠤ ᠳᠤᠷᠠᠰᠭᠠᠪᠠᠢ

ᠪᠣᠲᠤᠭᠤ᠎ᠪᠠᠨ ᠰᠠᠨᠠᠭᠰᠠᠨ ᠢᠩᠭᠡ᠎ᠶᠢᠨ ᠪᠣᠢᠯᠠᠯᠭ᠎ᠠ᠎ᠪᠠᠷ ᠡᠭᠡᠰᠢᠭᠯᠡᠵᠦ ᠪᠠᠢᠨ᠎ᠠ

ᠪᠣᠳᠤᠯ᠎ᠤᠨ ᠬᠠᠢᠷ᠎ᠠ᠎ᠪᠠᠨ ᠪᠢ ᠪᠢᠴᠢᠭ᠎ᠢᠶᠡᠷ᠎ᠢᠶᠡᠨ ᠤᠶᠠᠩᠭᠠᠯᠠᠵᠤ ᠪᠠᠢᠨ᠎ᠠ

ᠪᠡᠶ᠎ᠡ᠎ᠪᠡᠷ᠎ᠢᠶᠡᠨ ᠡᠰᠡ ᠠᠭᠤᠯᠵᠠᠵᠤ ᠴᠢᠳᠠᠬᠤ ᠬᠠᠷᠠᠮᠰᠠᠯ᠎ᠢᠶᠠᠨ ᠡᠪᠦᠷᠯᠡᠭᠡᠳ

ᠪᠢᠯᠢᠭ᠎ᠦᠨ ᠰᠢᠮ᠎ᠡ᠎ᠪᠡᠨ ᠳᠡᠭᠡᠵᠢᠯᠡᠵᠦ ᠲᠠᠨᠠᠷ᠎ᠲᠠᠢ᠎ᠪᠠᠨ ᠵᠣᠯᠭᠠᠵᠤ ᠪᠠᠢᠨ᠎ᠠ᠃

 

ᠡᠷᠢᠯ᠎ᠦᠨ ᠰᠢᠲᠦᠭᠡᠨ ᠡᠯᠡᠰᠦᠨ ᠨᠤᠲᠤᠭ᠎ᠴᠢᠨᠢ ᠬᠠᠯᠠᠭᠤᠬᠠᠨ ᠪᠠᠢᠨᠠᠤ ︖

ᠡᠯᠢᠭᠡᠨ ᠬᠠᠢᠷᠠᠲᠤ ᠡᠬᠡ ᠰᠤᠷᠭᠠᠭᠤᠯᠢ᠎ᠴᠢᠨᠢ ᠲᠣᠳᠤᠨᠤᠬᠠᠨ ᠪᠠᠢᠨᠠᠤ ︖

ᠦᠷᠴᠢᠯᠡᠭᠡ ᠳᠦᠭᠦᠷᠦᠭᠰᠡᠨ ᠡᠪᠦᠭᠡᠵᠢᠶᠡᠷ ᠪᠠᠭᠰᠢ᠎ᠨᠠᠷ᠎ᠴᠢᠨᠢ ᠲᠡᠩᠬᠡᠯᠡᠭᠦᠨ ᠪᠠᠢᠨᠠᠤ ︖

ᠦᠷ᠎ᠡ ᠰᠤᠷᠤᠭᠴᠢ ᠲᠠᠨᠠᠷ᠎ᠮᠢᠨᠢ ᠠᠮᠤᠭᠤᠯᠠᠩ ᠪᠠᠢᠨᠠᠤ ︖

 

ᠡᠬᠡ ᠰᠤᠷᠭᠠᠭᠤᠯᠢ᠎ᠶᠢᠨ᠎ᠢᠶᠠᠨ 50 ᠵᠢᠯ᠎ᠳᠦ ᠪᠠᠶᠠᠷ ᠬᠦᠷᠭᠡᠵᠦ ᠪᠣᠢ

ᠡᠷᠬᠢᠮ ᠲᠠᠨᠠᠷ᠎ᠤᠨ ᠵᠣᠯᠭᠠᠯᠲᠠ᠎ᠶᠢᠨ ᠨᠠᠢᠷ᠎ᠲᠤ ᠡᠯᠢᠭᠡᠨ ᠬᠠᠢᠷ᠎ᠠ᠎ᠪᠠᠨ ᠳᠡᠪᠰᠢᠭᠦᠯᠦᠶ᠎ᠡ ︕

ᠡᠩᠬᠡ ᠵᠢᠷᠭᠠᠯ ᠥᠯᠵᠡᠢ ᠪᠤᠶᠠᠨ᠎ᠴᠢᠨᠢ ᠥᠨᠢᠳᠡ ᠣᠷᠤᠰᠢᠬᠤ ᠪᠣᠯᠲᠤᠭᠠᠢ

ᠡᠪᠳᠡᠷᠡᠰᠢ᠎ᠦᠭᠡᠢ ᠪᠠᠲᠤ ᠨᠥᠬᠦᠷᠯᠡᠯ᠎ᠴᠢᠨᠢ ᠡᠭᠦᠷᠢᠳᠡ ᠪᠠᠲᠤᠳᠬᠤ ᠪᠣᠯᠲᠤᠭᠠᠢ᠃

ᠬᠤᠷᠤᠭᠤ ᠳᠠᠷᠤᠨ ᠲᠣᠭᠠᠯᠠᠬᠤᠶ᠎ᠠ ᠬᠣᠷᠢᠨ ᠨᠠᠢ᠍ᠮᠠᠨ ᠵᠢᠯ᠎ᠦᠨ ᠡᠮᠦᠨ᠎ᠡ

ᠬᠣᠷᠢᠳᠤᠭᠠᠷ ᠵᠠᠭᠤᠨ᠎ᠤ ᠨᠠᠶᠠᠨ ᠣᠨ᠎ᠤ ᠨᠠᠮᠤᠷ

ᠬᠣᠢᠲᠤ ᠬᠣᠰᠢᠭᠤᠨ᠎ᠤ ᠳᠦᠷᠪᠡᠨ ᠵᠦᠭ᠎ᠦᠨ ᠬᠥᠳᠡᠭᠡ᠎ᠶᠢᠨ ᠮᠣᠩᠭᠤᠯ ᠬᠡᠦᠬᠡᠳ

ᠬᠣᠰᠢᠭᠤᠨ ᠲᠥᠪ ᠭᠠᠨᠵᠤᠭ᠎ᠠ᠎ᠳᠤ ᠬᠤᠪᠢ ᠵᠠᠶᠠᠭ᠎ᠠ᠎ᠪᠠᠨ ᠬᠠᠮᠲᠤᠳᠭᠠᠪᠠᠢ᠃

 

ᠲᠡᠷᠡ ᠦᠶ᠎ᠡ ᠴᠢᠪ ᠬᠡᠮᠡᠨ ᠲᠡᠦᠬᠡᠨ ᠰᠢᠯᠵᠢᠯᠲᠡ᠎ᠶᠢᠨ ᠱᠠᠲᠤ

ᠲᠥᠷᠦ ᠤᠯᠤᠰ᠎ᠤᠨ ᠥᠭᠡᠷᠡᠴᠢᠯᠡᠯᠲᠡ ᠨᠡᠭᠡᠭᠡᠯᠲᠡ᠎ᠶᠢᠨ ᠲᠡᠷᠢᠭᠦᠨ ᠵᠠᠩᠭᠢᠯᠠᠭ᠎ᠠ᠎ᠶᠢᠨ ᠦᠶ᠎ᠡ

ᠲᠥᠯᠵᠢᠬᠦ ᠬᠠᠪᠤᠷ᠎ᠤᠨ ᠡᠰᠡᠨᠢᠯ᠎ᠦᠨ ᠰᠠᠯᠬᠢ ᠡᠷᠴᠢᠲᠡᠢ ᠴᠢᠩᠭ᠎ᠠ ᠦᠯᠢᠶᠡᠪᠡᠴᠦ

ᠲᠥᠯᠦᠪᠯᠡᠭᠡᠲᠤ ᠠᠵᠤ ᠠᠬᠤᠢ᠎ᠶᠢᠨ ᠪᠣᠲᠤᠯᠭ᠎ᠠ ᠮᠥᠨ ᠲᠡᠷᠡ ᠢᠳᠡᠨ᠎ᠳᠡᠭᠡᠨ᠃

 

ᠬᠡᠪᠴᠢᠶ᠎ᠡ᠎ᠲᠡᠢ ᠪᠣᠳᠠᠰ ᠬᠡᠮᠵᠢᠶ᠎ᠡ᠎ᠲᠡᠢ ᠪᠤᠳᠠᠭ᠎ᠠ ᠬᠣᠴᠤᠷᠤᠩᠭᠤᠢ ᠶᠠᠳᠠᠭᠤ ᠳᠦᠷᠰᠦ

ᠬᠣᠲᠠ ᠬᠥᠳᠡᠭᠡ ᠬᠠᠮᠢᠭ᠎ᠠ ᠭᠠᠵᠠᠷ᠎ᠤᠨ ᠨᠡᠢᠭᠡᠮ ᠨᠡᠢᠲᠡ᠎ᠶᠢᠨ ᠰᠢᠨᠵᠢ

ᠬᠡᠪᠰᠢᠮᠡᠯ ᠦᠵᠡᠯ ᠬᠠᠭᠤᠴᠢᠨ᠎ᠤ ᠪᠣᠳᠤᠯ ᠬᠤᠤᠲᠤᠤ ᠮᠤᠩᠬᠠᠭ ᠵᠠᠩᠰᠢᠯ

ᠬᠥᠮᠦᠰ᠎ᠢ ᠪᠠᠯᠠᠢᠷᠠᠭᠤᠯᠵᠤ ᠬᠥᠭᠵᠢᠯ᠎ᠦᠨ ᠵᠠᠮ᠎ᠢ ᠬᠦᠴᠦᠲᠡᠢ ᠬᠠᠰᠢᠵᠤ ᠠᠭᠰᠠᠨ᠃

 

ᠰᠤᠷᠭᠠᠨ ᠬᠥᠮᠦᠵᠢᠯ ᠰᠡᠷᠭᠦᠨ ᠠᠮᠢᠯᠠᠵᠤ ᠰᠣᠷᠭᠤᠭ ᠠᠮᠢᠰᠭᠤᠯ ᠪᠢᠯᠬᠠᠮ᠎ᠠ ᠠᠪᠠᠴᠤ

ᠰᠤᠷᠭᠠᠭᠤᠯᠢ᠎ᠶᠢᠨ ᠬᠦᠷᠢᠶᠡᠨ᠎ᠳᠦ ᠬᠠᠭᠤᠴᠢᠨ ᠡᠪᠳᠡᠷᠬᠡᠢ ᠬᠡᠳᠦᠬᠡᠨ ᠮᠥᠷ ᠪᠠᠢᠰᠢᠩ

ᠰᠤᠷᠬᠤ ᠵᠣᠷᠢᠭ ᠰᠤᠷᠤᠯᠴᠠᠬᠤ ᠰᠤᠷᠲᠠᠯ ᠰᠦᠷ ᠳᠠᠯᠠᠢᠴᠠᠲᠠᠢ ᠠᠭᠰᠠᠨ᠎ᠴᠤ

ᠰᠤᠷᠤᠭᠴᠢ᠎ᠶᠢᠨ ᠠᠮᠢᠳᠤᠷᠠᠯ ᠬᠤᠪᠴᠠᠰᠤ ᠨᠢᠮᠭᠡᠨ ᠬᠣᠳᠤᠭᠤᠳᠤ ᠭᠡᠳᠡᠰᠦ ᠥᠯᠦᠰᠭᠦᠯᠡᠩ᠃

 

ᠬᠥᠬᠡᠭᠡ ᠡᠪᠦᠯ᠎ᠦᠨ ᠬᠠᠪᠲᠠᠰᠤᠨ ᠬᠠᠨᠵᠤ ᠬᠠᠪᠢᠷᠭ᠎ᠠ ᠨᠡᠪᠲᠡ ᠵᠢᠩᠬᠢᠨᠡᠬᠦᠶ᠎ᠡ

ᠬᠥᠳᠡᠭᠡ᠎ᠶᠢᠨ ᠬᠡᠦᠬᠡᠳ᠎ᠦᠨ ᠬᠦᠰᠡᠯᠡᠩ᠎ᠦᠨ ᠭᠠᠯ᠎ᠢ ᠬᠥᠭᠡᠷᠭᠡ ᠲᠠᠲᠠᠨ ᠳᠦᠷᠡᠯᠵᠡᠭᠦᠯᠪᠡᠢ

ᠬᠥᠬᠡ ᠮᠣᠩᠭᠤᠯ᠎ᠤᠨ ᠬᠠᠲᠠᠭᠤ ᠴᠢᠨᠠᠷ᠎ᠢ ᠬᠥᠪᠴᠢ ᠪᠡᠶᠡᠨ᠎ᠳᠡᠭᠡᠨ ᠴᠢᠩᠭᠠᠯᠠᠭᠠᠳ

ᠬᠥᠯᠦᠭ᠎ᠦᠨ ᠵᠢᠯᠤᠭᠤ᠎ᠪᠠᠨ ᠬᠥᠨᠳᠦᠷᠯᠡᠨ ᠬᠣᠯᠠ᠎ᠶᠢᠨ ᠠᠶᠠᠨ᠎ᠳᠠᠭᠠᠨ ᠮᠣᠷᠳᠠᠭᠰᠠᠨ᠃

 

ᠦᠷ᠎ᠦᠨ ᠴᠣᠯᠮᠤᠨ᠎ᠲᠠᠢ ᠤᠷᠤᠯᠳᠤᠵᠤ ᠦᠳᠡᠰᠢ᠎ᠶᠢᠨ ᠰᠠᠷᠠ᠎ᠲᠠᠢ ᠨᠠᠢᠵᠠᠯᠠᠷᠤᠨ

ᠦᠶ᠎ᠡ᠎ᠶᠢᠨ ᠨᠥᠬᠦᠳ᠎ᠯᠤᠭᠡ᠎ᠶᠢᠨ ᠥᠷᠢᠰᠦᠯᠳᠦᠭᠡᠨ ᠦᠨᠡᠨ ᠳᠠᠢᠨ᠎ᠤ ᠲᠠᠯᠠᠪᠤᠷ ᠠ᠋

ᠡᠴᠢᠭᠡ᠎ᠶᠢᠨ ᠰᠤᠷᠭᠠᠯ ᠡᠬᠡ᠎ᠶᠢᠨ ᠬᠠᠢᠷ᠎ᠠ᠎ᠪᠠᠨ ᠡᠪᠴᠢᠭᠦᠨ᠎ᠳᠡᠭᠡᠨ ᠴᠢᠩᠭ᠎ᠠ ᠬᠠᠳᠠᠷᠤᠨ

ᠡᠷᠡᠮᠡᠬᠡᠢ ᠵᠣᠷᠢᠭ᠎ᠢᠶᠠᠷ ᠡᠷᠳᠡᠮ᠎ᠦᠨ ᠪᠠᠷᠲᠠᠭ᠎ᠠ᠎ᠶᠢ ᠠᠵᠢᠭ᠎ᠦᠭᠡᠢ ᠲᠤᠭᠤᠯᠤᠭᠰᠠᠨ ᠰᠢᠦ᠃

 

ᠬᠥᠯ᠎ᠦᠭᠡᠢ ᠡᠷᠳᠡᠮ᠎ᠦᠨ ᠳᠠᠯᠠᠢ᠎ᠳᠤ ᠲᠣᠨᠤᠵᠤ ᠳᠡᠭᠳᠡᠵᠦ ᠶᠠᠪᠤᠯ᠎ᠠ

ᠬᠥᠪᠡᠭᠡ᠎ᠦᠭᠡᠢ ᠮᠡᠳᠡᠯᠭᠡ᠎ᠶᠢᠨ ᠠᠶᠠᠨ᠎ᠳᠤ ᠲᠥᠭᠡᠷᠢᠵᠦ ᠲᠣᠭᠰᠢᠵᠤ ᠶᠠᠪᠤᠯ᠎ᠠ

ᠰᠤᠷᠤᠭᠰᠠᠨ ᠳᠤᠨᠳᠠᠭᠤᠷ᠎ᠢ ᠰᠥᠰᠦ᠎ᠪᠡᠷ ᠳᠦᠭᠦᠷᠭᠡᠵᠦ ᠰᠠᠭᠤᠷᠢ ᠨᠢᠮᠭᠡᠨ᠎ᠢ ᠴᠢᠷᠮᠠᠢᠯᠭ᠎ᠠ᠎ᠪᠠᠷ ᠵᠤᠵᠠᠭᠠᠯᠠᠭᠤᠯᠵᠤ

ᠰᠤᠷᠬᠤ᠎ᠪᠠᠷ ᠵᠢᠷᠭᠠᠯ ᠰᠤᠷᠤᠯᠴᠠᠬᠤ᠎ᠪᠠᠷ ᠪᠠᠶᠠᠰᠤᠯ ᠪᠣᠯᠭᠠᠨ ᠲᠡᠮᠡᠴᠡᠵᠦ ᠶᠠᠪᠤᠯ᠎ᠠ᠃

 

ᠬᠦᠴᠢᠷ᠎ᠢᠶᠡᠨ ᠬᠤᠪᠢᠶᠠᠯᠴᠠᠨ ᠬᠠᠷᠢᠯᠴᠠᠨ ᠲᠤᠰᠠᠯᠠᠬᠤ᠎ᠨᠤᠭᠤᠳ᠎ᠤᠨ ᠨᠥᠬᠦᠷᠯᠡᠯ ᠵᠤᠵᠠᠭᠠᠨ

ᠬᠦᠨᠡᠰᠦ᠎ᠪᠡᠨ ᠲᠥᠭᠡᠭᠡᠯᠴᠡᠨ ᠬᠥᠯᠦᠰᠦ᠎ᠪᠡᠨ ᠨᠡᠢᠯᠡᠭᠦᠯᠦᠭᠰᠡᠨ ᠠᠬ᠎ᠠ ᠳᠡᠭᠦᠦ᠎ᠶᠢᠨ ᠬᠠᠢᠷ᠎ᠠ ᠬᠠᠯᠠᠭᠤᠨ

ᠬᠠᠷᠢᠭᠤᠴᠠᠯᠭ᠎ᠠ ᠰᠠᠢᠲᠠᠢ ᠪᠠᠭᠰᠢ᠎ᠨᠠᠷ᠎ᠤᠨ ᠬᠥᠮᠦᠵᠢᠯ ᠰᠤᠷᠭᠠᠯ ᠬᠠᠲᠠᠭᠤ

ᠬᠠᠯᠠᠭᠤᠨ ᠥᠯᠦᠭᠡᠢ ᠬᠠᠢᠷᠠᠲᠤ ᠰᠤᠷᠭᠠᠭᠤᠯᠢ᠎ᠶᠢᠨ᠎ᠮᠢᠨᠢ ᠬᠠᠮᠢᠶᠠᠷᠤᠯᠲᠠ ᠶᠣᠰᠤ ᠴᠢᠩᠭ᠎ᠠ᠃

 

ᠰᠤᠷᠭᠠᠬᠤ᠎ᠳᠤ ᠴᠥᠬᠦᠷᠡᠬᠦ᠎ᠦᠭᠡᠢ ᠰᠤᠷᠲᠠᠯ᠎ᠢ ᠪᠠᠭᠰᠢ᠎ᠨᠠᠷ᠎ᠴᠢᠨᠢ ᠪᠠᠷᠢᠮᠲᠠᠯᠠᠵᠤ

ᠰᠤᠷᠬᠤ᠎ᠳᠤ ᠬᠠᠯᠠᠰᠢᠷᠠᠬᠤ᠎ᠦᠭᠡᠢ ᠵᠣᠷᠢᠭ ᠰᠠᠨᠠᠭ᠎ᠠ᠎ᠶᠢ ᠰᠤᠷᠤᠭᠴᠢ ᠲᠠᠨᠠᠷ ᠪᠠᠳᠠᠷᠠᠭᠤᠯᠤᠭᠰᠠᠨ

ᠰᠣᠶᠤᠯ᠎ᠤᠨ ᠳᠠᠯᠠᠢ᠎ᠳᠤ ᠰᠤᠪᠤᠳ ᠱᠦᠭᠦᠬᠦ᠎ᠪᠡᠷ ᠰᠥᠰᠦ᠎ᠶᠢ ᠬᠠᠮᠲᠤ ᠵᠠᠩᠳᠤᠷᠤᠨ

ᠰᠤᠷᠤᠭᠴᠢ ᠪᠠᠭᠰᠢ᠎ᠶᠢᠨ ᠠᠷᠢᠭᠤᠨ ᠨᠥᠬᠦᠷᠯᠡᠯ ᠰᠤᠷᠤᠯᠴᠠᠯᠭ᠎ᠠ᠎ᠶᠢᠨ ᠳᠤᠮᠳᠠ ᠪᠠᠲᠤᠵᠢᠭᠰᠠᠨ᠃

 

ᠦᠢᠯᠡ᠎ᠪᠡᠨ ᠪᠠᠷᠠᠭᠰᠠᠨ᠎ᠨᠢ ᠣᠯᠠᠨ ᠪᠣᠯᠬᠤᠷ ᠦᠯᠢᠭᠡᠷ᠎ᠦᠨ ᠤᠴᠢᠷ ᠤᠷᠲᠤ᠎ᠶᠤᠮ

ᠡᠪᠬᠡᠷᠡᠭᠰᠡᠨ ᠬᠣᠭᠤᠯᠠᠢ᠎ᠪᠠᠷ ᠡᠭᠡᠰᠢᠭᠯᠡᠭᠰᠡᠨ ᠪᠣᠯᠬᠤᠷ ᠳᠠᠭᠤᠤ᠎ᠶᠢᠨ ᠥᠩᠭᠡ ᠢᠷᠠᠭᠤᠬᠠᠨ᠎ᠶᠤᠮ᠃

ᠥᠩᠭᠡᠷᠡᠭᠰᠡᠨ ᠡᠳᠦᠷ᠎ᠦᠳ᠎ᠢ ᠡᠷᠭᠢᠴᠡᠭᠦᠯᠬᠦᠶ᠎ᠡ ᠭᠠᠢᠬᠠᠮᠰᠢᠭᠲᠤ ᠣᠨ ᠰᠠᠷ᠎ᠠ ᠦᠯᠡᠮᠵᠢ

ᠦᠶ᠎ᠡ᠎ᠶᠢᠨ᠎ᠨᠦᠭᠦᠳ ᠠᠭᠤᠯᠵᠠᠪᠠᠰᠤ ᠶᠠᠷᠢᠯᠴᠠᠬᠤ ᠰᠡᠳᠦᠪ ᠣᠯᠠᠨ᠎ᠶᠤᠮ᠃

 

ᠬᠣᠶᠠᠷᠬᠠᠨ ᠵᠢᠯ᠎ᠦᠨ ᠬᠤᠭᠤᠴᠠᠭ᠎ᠠ ᠠᠪᠠᠴᠤ ᠳᠤᠷᠠᠰᠤᠮᠵᠠᠲᠠᠢ ᠬᠡᠷᠡᠭ᠎ᠦᠳ ᠣᠯᠠᠨ

ᠬᠠᠲᠠᠭᠤᠵᠢᠯᠲᠠᠢ ᠲᠡᠮᠡᠴᠡᠵᠦ ᠶᠠᠪᠤᠭᠰᠠᠨ ᠬᠠᠷᠭᠤᠢ ᠵᠠᠮ᠎ᠮᠢᠨᠢ ᠳᠤᠷᠠᠢᠮ᠎ᠠ ᠠ᠋

ᠬᠦᠰᠡᠯᠡᠩ᠎ᠢᠶᠡᠨ ᠮᠥᠷᠳᠡᠭᠰᠡᠨ ᠵᠠᠮ᠎ᠴᠢᠨᠢ ᠲᠡᠷᠡ ᠦᠶ᠎ᠡ᠎ᠡᠴᠡ ᠰᠤᠨᠤᠯᠵᠠᠭᠰᠠᠨ

ᠬᠥᠮᠦᠨ ᠪᠣᠯᠬᠤ᠎ᠶᠢᠨ ᠶᠣᠰᠤᠨ᠎ᠢ ᠲᠡᠷᠡ ᠦᠶ᠎ᠡ᠎ᠡᠴᠡ ᠰᠠᠶᠢ ᠤᠬᠠᠭᠰᠠᠨ᠃

 

ᠭᠠᠩᠭᠠᠩ ᠵᠠᠯᠠᠭᠤ ᠨᠠᠰᠤ᠎ᠴᠢᠨᠢ ᠭᠠᠯᠲᠠᠢ ᠴᠣᠭᠲᠠᠢ ᠥᠩᠭᠡᠷᠡᠭᠰᠡᠨ

ᠭᠠᠢᠬᠠᠮᠰᠢᠭᠲᠤ ᠣᠯᠠᠨ ᠲᠡᠮᠳᠡᠭᠯᠡᠯ᠎ᠢ ᠪᠢᠳᠡ ᠭᠠᠷ᠎ᠢᠶᠠᠷ᠎ᠢᠶᠠᠨ ᠪᠢᠴᠢᠭᠯᠡᠭᠰᠡᠨ

ᠬᠠᠨᠵᠤᠭ᠎ᠠ ᠰᠤᠷᠭᠠᠭᠤᠯᠢ᠎ᠶᠢᠨ ᠠᠯᠳᠠᠷ᠎ᠢ ᠪᠢᠳᠡ ᠬᠠᠮᠲᠤ᠎ᠪᠠᠷ ᠮᠠᠨᠳᠤᠭᠤᠯᠤᠭᠰᠠᠨ

ᠬᠠᠨᠵᠤᠭ᠎ᠠ ᠰᠤᠷᠭᠠᠭᠤᠯᠢ᠎ᠶᠢᠨ ᠲᠡᠦᠬᠡ᠎ᠶᠢ ᠪᠢᠳᠡ ᠬᠠᠮᠲᠤ᠎ᠪᠠᠷ ᠪᠦᠲᠦᠭᠡᠭᠰᠡᠨ᠎ᠰᠡᠨ᠃

 

ᠡᠩᠭᠡᠷ᠎ᠢᠶᠡᠨ ᠢᠷᠠᠭᠰᠠᠨ ᠡᠵᠢ᠎ᠶᠢᠨ ᠬᠠᠢᠷ᠎ᠠ᠎ᠶᠢ ᠰᠦᠨᠡᠰᠦ᠎ᠶᠢ ᠳᠠᠭᠤᠳᠠᠯ᠎ᠠ ᠭᠡᠪᠡᠦ ︖

ᠡᠷᠳᠡᠮ᠎ᠢ ᠰᠢᠮᠡᠭᠰᠡᠨ ᠰᠤᠷᠤᠭᠴᠢᠳ᠎ᠤᠨ ᠬᠠᠢᠷ᠎ᠠ᠎ᠶᠢ ᠰᠦᠨᠡᠰᠦ᠎ᠶᠢ ᠳᠠᠯᠠᠯᠤᠯ᠎ᠠ ᠭᠡᠬᠦ᠎ᠦᠦ ︖

ᠡᠬᠡ ᠰᠤᠷᠭᠠᠭᠤᠯᠢ᠎ᠪᠠᠨ ᠡᠷᠢᠭᠡᠳ ᠣᠴᠢᠳᠠᠭ ᠰᠤᠷᠤᠭᠴᠢ᠎ᠶᠢᠨ ᠰᠡᠳᠭᠢᠯ ᠠᠷᠢᠭᠤᠨ

ᠡᠭᠡᠨᠡᠭᠰᠢᠭᠡᠳ ᠪᠠᠢᠳᠠᠭ ᠦᠶ᠎ᠡ᠎ᠶᠢᠨ᠎ᠨᠦᠭᠦᠳ᠎ᠦᠨ ᠡᠯᠢᠭᠡᠨ ᠬᠠᠢᠷ᠎ᠠ ᠬᠠᠯᠠᠭᠤᠨ᠃

 

ᠭᠠᠯᠠᠭᠤ ᠭᠠᠷᠪᠠᠯ ᠰᠡᠭᠦᠳᠡᠷ᠎ᠲᠡᠢ ᠭᠡᠳᠡᠭ ᠡᠪᠦᠭᠡᠳ᠎ᠦᠨ ᠦᠭᠡ ᠦᠨᠡᠲᠡᠢ ᠰᠢᠦ

ᠭᠠᠵᠠᠷ᠎ᠤᠨ ᠬᠣᠯᠠ ᠭᠠᠯᠢᠷᠠᠪᠠᠴᠤ ᠭᠠᠨᠵᠤᠭ᠎ᠠ᠎ᠪᠠᠨ ᠰᠠᠨᠠᠬᠤ᠎ᠨᠢ ᠲᠠᠭᠠᠷᠠᠨ᠎ᠠ

ᠭᠠᠰᠢᠭᠤᠨ ᠬᠥᠯᠦᠰᠦᠨ᠎ᠳᠦ ᠳᠡᠪᠲᠦᠭᠳᠡᠭᠰᠡᠨ᠎ᠢᠶᠡᠨ ᠡᠰᠡ ᠮᠠᠷᠲᠠᠪᠠᠰᠤ

ᠭᠠᠪᠢᠶ᠎ᠠ ᠪᠠᠢᠭᠤᠯᠵᠤ ᠵᠢᠳᠭᠦᠯ ᠦᠵᠡᠭᠦᠯᠦᠨ ᠦᠢᠯᠡᠰ ᠪᠦᠲᠦᠭᠡᠵᠦ ᠴᠢᠳᠠᠬᠤ᠎ᠶᠤᠮ᠃

 

ᠬᠥᠮᠦᠨ᠎ᠦ ᠨᠠᠰᠤᠨ᠎ᠤ ᠳᠠᠪᠠᠭ᠎ᠠ ᠭᠡᠵᠦ ᠳᠥᠴᠢᠨ ᠨᠠᠰᠤᠨ᠎ᠤ ᠡᠷᠡᠨ᠎ᠶᠦᠮ

ᠬᠦᠨᠳᠦ ᠨᠦᠰᠡᠷ ᠡᠭᠦᠷᠭᠡ ᠳᠠᠷᠤᠭᠠᠰᠤ ᠬᠣᠶᠠᠷ ᠮᠥᠷᠦᠨ᠎ᠳᠦ᠎ᠴᠢᠨᠢ ᠲᠠᠯᠪᠢᠭᠠᠰᠤᠲᠠᠢ

ᠬᠣᠷᠢᠨ ᠵᠢᠯ᠎ᠦᠨ ᠲᠡᠮᠡᠴᠡᠭᠡᠨ᠎ᠢᠶᠡᠨ ᠬᠦᠴᠢᠷ᠎ᠦᠨ ᠭᠣᠣᠯ᠎ᠢ ᠲᠤᠭᠤᠯᠤᠯ᠎ᠠ ᠭᠡᠪᠡᠯ

ᠬᠣᠢᠰᠢᠲᠠ᠎ᠶᠢᠨ ᠤᠭᠲᠤᠬᠤ ᠮᠥᠷᠦᠢᠴᠡᠭᠡᠨ᠎ᠢ ᠬᠥᠯ᠎ᠦᠭᠡᠢ ᠳᠠᠯᠠᠢ ᠭᠡᠵᠦ ᠪᠣᠳᠤ᠃

 

ᠠᠪᠤ ᠡᠵᠢ᠎ᠶᠢ᠎ᠪᠡᠨ ᠠᠴᠢᠯᠠᠬᠤ ᠴᠠᠭ᠎ᠴᠢᠨᠢ ᠣᠳᠤ ᠰᠠᠶᠢᠬᠠᠨ ᠡᠬᠢᠯᠡᠵᠡᠢ

ᠠᠩᠭ᠎ᠠ ᠬᠡᠦᠬᠡᠳ᠎ᠢᠶᠡᠨ ᠥᠰᠭᠡᠬᠦ ᠡᠭᠦᠷᠭᠡ᠎ᠴᠢᠨᠢ ᠵᠠᠢᠯᠠᠭᠤᠯᠵᠤ ᠪᠣᠯᠤᠰᠢ᠎ᠦᠭᠡᠢ ᠪᠣᠯᠵᠠᠢ

ᠠᠵᠢᠯ ᠦᠢᠯᠡᠰ᠎ᠴᠢᠨᠢ ᠦᠷ᠎ᠡ ᠪᠦᠲᠦᠭᠡᠯ᠎ᠢᠶᠡᠨ ᠴᠠᠭ᠎ᠲᠠᠢ ᠬᠦᠯᠢᠶᠡᠵᠦ ᠪᠣᠢ

ᠠᠮᠢᠳᠤᠷᠠᠯ᠎ᠤᠨ ᠲᠡᠮᠡᠴᠡᠭᠡᠨ ᠳᠠᠯᠠᠯᠤᠯᠭ᠎ᠠ ᠬᠤᠷᠤᠢᠯᠠᠨ ᠲᠠᠨᠠᠷ᠎ᠢ ᠤᠭᠲᠤᠵᠤ ᠪᠣᠢ᠃

 

ᠥᠩᠭᠡᠷᠡᠭᠰᠡᠨ᠎ᠦ ᠠᠮᠵᠢᠯᠲᠠ᠎ᠳᠠᠭᠠᠨ ᠬᠠᠨᠤᠭᠰᠠᠳ᠎ᠢ ᠡᠭᠡᠯ ᠪᠡᠷᠲᠡᠭᠴᠢᠨ ᠬᠡᠮᠡᠳᠡᠭ

ᠦᠷᠭᠦᠯᠵᠢᠯᠡᠨ ᠡᠰᠡ ᠳᠠᠪᠰᠢᠭᠰᠠᠳ᠎ᠢ ᠥᠴᠦᠬᠡᠨ ᠡᠷ᠎ᠡ᠎ᠳᠦᠷ ᠲᠣᠭᠠᠴᠠᠮᠤᠢ

ᠡᠷᠡᠮᠡᠬᠡᠢ ᠡᠷ᠎ᠡ᠎ᠶᠢ ᠡᠳᠦᠷ᠎ᠢᠶᠡᠷ ᠪᠢᠰᠢ ᠬᠠᠷᠢᠨ ᠨᠠᠰᠤ᠎ᠪᠠᠷ ᠰᠢᠯᠭᠠᠳᠠᠭ ᠰᠢᠦ

ᠡᠨᠡ ᠪᠡᠶ᠎ᠡ᠎ᠪᠡᠨ ᠶᠠᠮᠠᠷ ᠪᠣᠯᠬᠤ᠎ᠶᠢ ᠵᠢᠷᠠ ᠬᠦᠷᠪᠡᠯ ᠰᠠᠶᠢ ᠮᠡᠳᠡᠮᠦᠢ᠃

 

ᠬᠥᠷᠰᠢ ᠤᠯᠤᠰ ᠶᠠᠫᠤᠨ᠎ᠳᠤ ᠠᠢᠯᠴᠢᠯᠠᠭᠠᠳ ᠬᠣᠶᠠᠷ ᠰᠠᠷ᠎ᠠ ᠪᠣᠯᠤᠯ᠎ᠠ

ᠬᠥᠭᠵᠢᠭᠰᠡᠨ ᠤᠯᠤᠰ᠎ᠢ ᠨᠢᠳᠦ᠎ᠪᠡᠷ᠎ᠢᠶᠡᠨ ᠦᠵᠡᠭᠡᠳ ᠬᠦᠴᠦᠲᠡᠢ ᠰᠡᠷᠡᠯᠲᠡ ᠣᠯᠪᠠᠢ

ᠬᠥᠮᠦᠨ᠎ᠦ ᠥᠪᠡᠷ᠎ᠦᠨ ᠵᠥᠷᠢᠶ᠎ᠡ᠎ᠶᠢ ᠦᠨᠡᠨ ᠪᠣᠳᠠᠲᠠᠢ ᠣᠢᠯᠭᠠᠷᠤᠨ

ᠬᠥᠭᠵᠢᠬᠦ ᠪᠣᠯ ᠰᠠᠶᠢ ᠬᠠᠲᠠᠭᠤ ᠶᠣᠰᠤ᠎ᠶᠢ ᠰᠡᠵᠢᠭ᠎ᠦᠭᠡᠢ ᠢᠲᠡᠭᠡᠪᠡᠢ᠃

 

ᠬᠡᠯᠡᠭᠰᠡᠨ᠎ᠳᠡᠭᠡᠨ ᠪᠠᠶᠠᠷᠯᠠᠭᠠᠳ ᠭᠡᠭᠡᠷᠡᠭᠰᠡᠨ᠎ᠳᠡᠭᠡᠨ ᠴᠠᠳᠬᠤ ᠪᠣᠯ ᠬᠠᠭᠤᠴᠢᠨ ᠬᠦᠦ᠎ᠶᠢᠨ ᠳᠦᠷᠢ

ᠬᠡᠪ᠎ᠢᠶᠡᠨ ᠰᠠᠬᠢᠭᠠᠳ ᠬᠡᠪᠰᠢᠮᠡᠯ ᠶᠠᠪᠤᠪᠠᠯ ᠬᠣᠴᠤᠷᠤᠩᠭᠤᠢ ᠶᠠᠳᠠᠭᠤ᠎ᠶᠢᠨ ᠰᠢᠨᠵᠢ

ᠬᠡᠳᠦ ᠮᠡᠳᠡᠭᠰᠡᠨ᠎ᠳᠡᠭᠡᠨ ᠬᠥᠭᠡᠷᠴᠦ ᠠᠭᠠᠰᠢᠯᠠᠪᠠᠯ ᠬᠤᠳᠳᠤᠭ᠎ᠤᠨ ᠮᠡᠯᠡᠬᠡᠢ᠎ᠶᠢᠨ ᠴᠢᠳᠠᠯ

ᠬᠥᠮᠦᠨ᠎ᠡᠴᠡ ᠰᠤᠷᠤᠯᠴᠠᠵᠤ ᠬᠦᠴᠦᠯᠡᠨ ᠴᠢᠷᠮᠠᠢᠪᠠᠯ ᠬᠦᠴᠦᠷᠬᠡᠭ ᠶᠠᠪᠤᠬᠤ᠎ᠶᠢᠨ ᠰᠠᠭᠤᠷᠢ᠃

 

ᠥᠪᠡᠷ᠎ᠦᠨ ᠪᠡᠶ᠎ᠡ᠎ᠪᠡᠨ ᠳᠡᠭᠡᠭᠰᠢᠯᠡᠭᠦᠯᠦᠶ᠎ᠡ ᠭᠡᠪᠡᠯ ᠥᠷᠭᠦᠯᠵᠢᠲᠡ ᠰᠤᠷᠴᠤ ᠶᠠᠪᠤ ᠠ᠋

ᠦᠷ᠎ᠡ ᠬᠡᠦᠬᠡᠳ᠎ᠢᠶᠡᠨ ᠡᠷᠭᠦᠶ᠎ᠡ ᠭᠡᠪᠡᠯ ᠡᠷᠳᠡᠮ ᠨᠣᠮ᠎ᠳᠤᠷ ᠰᠢᠨᠤᠭᠤᠯ ᠠ᠋

ᠤᠯᠤᠰ ᠦᠨᠳᠦᠰᠦᠲᠡᠨ᠎ᠢᠶᠡᠨ ᠬᠥᠭᠵᠢᠭᠦᠯᠦᠶ᠎ᠡ ᠭᠡᠪᠡᠯ ᠰᠢᠨᠵᠢᠯᠡᠬᠦ ᠤᠬᠠᠭᠠᠨ᠎ᠢ ᠴᠢᠬᠤᠯᠠᠴᠢᠯᠠ

ᠥᠷᠦᠭᠡᠯ ᠪᠤᠰᠤᠳ᠎ᠠᠴᠠ ᠤᠷᠢᠲᠠᠶ᠎ᠠ ᠭᠡᠪᠡᠯ ᠥᠭᠡᠷᠡᠴᠢᠯᠡᠯᠲᠡ ᠰᠢᠨᠡᠴᠢᠯᠡᠯᠲᠡ᠎ᠶᠢ ᠡᠷᠬᠢᠮᠯᠡ᠃

 

ᠠᠭᠤᠯᠵᠠᠵᠤ ᠵᠣᠯᠭᠠᠭᠰᠠᠨ ᠨᠠᠢᠷ᠎ᠢᠶᠠᠨ ᠤᠳᠭ᠎ᠠ᠎ᠲᠠᠢ ᠰᠠᠢᠬᠠᠨ ᠥᠩᠭᠡᠷᠡᠭᠡᠷᠡᠢ

ᠤᠴᠠᠷᠠᠵᠤ ᠲᠤᠯᠭᠠᠷᠠᠭᠰᠠᠨ ᠲᠤᠷᠰᠢᠯᠭ᠎ᠠ᠎ᠪᠠᠨ ᠠᠭᠤᠵᠢᠷᠠᠲᠠᠯ᠎ᠠ ᠰᠠᠢᠬᠠᠨ ᠵᠣᠭᠤᠭᠲᠠᠭᠠᠷᠠᠢ

ᠥᠪᠡᠷ ᠪᠤᠰᠤᠳ᠎ᠤᠨ ᠥᠩᠭᠡᠷᠡᠯᠲᠡ ᠭᠡᠵᠦ ᠦᠨᠡᠲᠡᠢ ᠴᠡᠨᠡᠲᠡᠢ ᠨᠣᠮ ᠰᠢᠦ

ᠡᠭᠦᠨᠴᠡ ᠬᠣᠢᠰᠢᠲᠠ᠎ᠶᠢᠨ ᠵᠠᠮ᠎ᠳᠤ᠎ᠴᠢᠨᠢ ᠴᠠᠮᠬᠠᠭ ᠲᠡᠮᠳᠡᠭ ᠪᠣᠯᠳᠠᠭ ᠰᠢᠦ᠃

 

ᠬᠡᠳᠡᠷ ᠲᠣᠭᠰᠢᠨ ᠬᠠᠵᠢᠭ ᠵᠥᠷᠢᠭᠦᠦ ᠪᠣᠯ ᠪᠠᠭᠰᠢ᠎ᠶᠢᠨ᠎ᠴᠢᠨᠢ ᠮᠢᠨᠦ ᠳᠦᠷᠢ᠎ᠶᠦᠮ

ᠬᠡᠯᠡᠬᠦ ᠦᠭᠡ᠎ᠨᠢ ᠬᠠᠲᠠᠭᠤ ᠪᠣᠯ ᠬᠡᠵᠢᠶᠡᠳᠡ ᠪᠠᠷᠢᠮᠲᠠᠯᠠᠭᠰᠠᠨ ᠵᠠᠩᠰᠢᠯ᠎ᠶᠤᠮ

ᠰᠤᠷᠤᠭᠰᠠᠨ᠎ᠮᠢᠨᠢ ᠨᠢᠮᠭᠡᠨ ᠠᠪᠠᠴᠤ ᠶᠠᠪᠤᠭᠰᠠᠨ᠎ᠮᠢᠨᠢ ᠤᠷᠲᠤ᠎ᠶᠤᠮ

ᠰᠥᠰᠦ᠎ᠶᠢ ᠠᠮᠲᠠᠯᠠᠵᠤ ᠭᠠᠰᠢᠭᠤᠨ᠎ᠢ ᠵᠠᠯᠭᠢᠭᠰᠠᠨ ᠳᠠᠪᠲᠠᠯᠲᠠ ᠥᠩᠭᠡᠷᠡᠯᠲᠡ᠎ᠮᠢᠨᠢ ᠣᠯᠠᠨ᠎ᠶᠤᠮ᠃

 

ᠪᠠᠭᠰᠢ ᠬᠥᠮᠦᠨ᠎ᠦ ᠨᠢᠳᠦᠨ᠎ᠳᠦ ᠰᠤᠷᠤᠭᠴᠢ ᠬᠡᠵᠢᠶᠡᠳᠡ ᠪᠠᠯᠴᠢᠷ᠎ᠶᠤᠮ

ᠪᠠᠭ᠎ᠠ ᠮᠡᠳᠡᠪᠡᠴᠦ ᠰᠤᠷᠭᠠᠬᠤ ᠪᠣᠯ ᠪᠠᠭᠰᠢ ᠬᠥᠮᠦᠨ᠎ᠦ ᠡᠭᠦᠷᠭᠡ᠎ᠶᠦᠮ

ᠡᠮᠦᠨ᠎ᠡ ᠭᠠᠷᠤᠭᠰᠠᠨ ᠴᠢᠬᠢ᠎ᠡᠴᠡ ᠬᠣᠢᠨ᠎ᠠ ᠤᠷᠭᠤᠭᠰᠠᠨ ᠡᠪᠡᠷ ᠤᠷᠲᠤ ᠪᠢᠰᠢᠦ︖

ᠡᠩᠭᠦᠷᠡᠢ ᠰᠤᠷᠤᠭᠴᠢᠳ᠎ᠤᠨ᠎ᠢᠶᠠᠨ ᠳᠠᠪᠰᠢᠯᠲᠠ᠎ᠳᠤ ᠪᠠᠭᠰᠢ ᠪᠣᠯᠤᠭᠰᠠᠳ ᠪᠠᠶᠠᠷᠯᠠᠬᠤ᠎ᠶᠤᠮ᠃

 

ᠬᠣᠯᠠ᠎ᠶᠢᠨ ᠪᠠᠷ᠎ᠠ ᠭᠠᠨᠵᠤᠭ᠎ᠠ᠎ᠮᠢᠨᠢ ᠳᠠᠯᠠᠢ᠎ᠶᠢᠨ ᠴᠠᠭᠠᠨ᠎ᠠ ᠰᠦᠮᠡᠯᠵᠡᠩᠬᠡᠨ ᠪᠣᠢ

ᠬᠠᠢᠷᠠᠲᠤ ᠰᠤᠷᠤᠭᠴᠢᠳ᠎ᠤᠨ᠎ᠮᠢᠨᠢ ᠬᠥᠭᠡᠷᠦᠬᠦᠢ ᠴᠢᠷᠠᠢ ᠪᠣᠳᠤᠯ᠎ᠤᠨ ᠰᠠᠨᠰᠠᠷ᠎ᠲᠤ ᠢᠨᠢᠶᠡᠩᠭᠦᠢ ᠪᠣᠢ

ᠬᠡᠯᠡᠯᠴᠡᠬᠦ ᠳᠠᠭᠤᠨ ᠶᠠᠷᠢᠯᠴᠠᠬᠤ ᠶᠠᠷᠢᠶ᠎ᠠ᠎ᠴᠢᠨᠢ ᠴᠢᠬᠢᠨ ᠰᠣᠨᠤᠷ᠎ᠲᠤ᠎ᠮᠢᠨᠢ ᠳᠤᠭᠤᠯᠳᠠᠵᠤ ᠪᠣᠢ

ᠬᠠᠢᠷ᠎ᠠ᠎ᠶᠢᠨ ᠴᠠᠯᠮ᠎ᠠ ᠰᠠᠨᠠᠯ᠎ᠤᠨ ᠰᠤᠭᠤᠨᠠᠭ ᠵᠢᠷᠦᠬᠡᠨ ᠣᠭᠤᠰᠤᠷ᠎ᠠᠴᠠ ᠴᠢᠩᠭᠠᠭᠠᠵᠤ ᠪᠣᠢ᠃

 

ᠬᠡᠷᠡᠭ᠎ᠡᠴᠡ ᠭᠠᠷᠤᠭᠰᠠᠨ ᠬᠥᠭᠰᠢᠨ ᠬᠥᠮᠦᠨ᠎ᠦ ᠣᠶᠤᠨ᠎ᠨᠢ ᠬᠡᠳᠦᠢ ᠰᠡᠷᠭᠡᠭ ᠪᠢᠯᠡ

ᠬᠥᠳᠡᠭᠡ᠎ᠶᠢᠨ ᠪᠠᠭᠰᠢ᠎ᠶᠢᠨ ᠬᠦᠳᠡᠬᠢ ᠲᠠᠷᠢᠬᠢᠨ᠎ᠳᠤ ᠬᠡᠳᠦᠢ ᠶᠠᠭᠤᠮ᠎ᠠ᠎ᠲᠠᠢ ᠪᠢᠯᠡ

ᠬᠠᠢᠷ᠎ᠠ᠎ᠶᠢᠨ ᠳᠠᠯᠠᠯᠤᠯᠭ᠎ᠠ᠎ᠳᠤ ᠬᠠᠲᠠᠩᠭᠢᠷ ᠪᠡᠶ᠎ᠡ᠎ᠶᠢᠨ ᠰᠦᠨᠡᠰᠦ ᠰᠡᠷᠭᠦᠭᠰᠡᠨ ᠪᠣᠯᠬᠤᠷ

ᠬᠠᠲᠠᠭᠰᠠᠨ ᠣᠶᠤᠨ᠎ᠠᠴᠠ ᠰᠦ᠋ ᠲᠣᠰᠤᠯᠠᠨ ᠰᠡᠳᠭᠢᠯ᠎ᠦᠨ ᠬᠠᠯᠭᠢᠶ᠎ᠠ ᠴᠢᠳᠭᠤᠪᠠᠢ᠃

 

ᠬᠣᠯᠪᠤᠭ᠎ᠠ᠎ᠴᠤ ᠪᠢᠰᠢ᠂ ᠰᠢᠯᠦᠭ᠎ᠴᠦ ᠪᠢᠰᠢ᠂ ᠶᠠᠭᠤ᠎ᠴᠤ ᠪᠣᠯᠤᠭ

ᠬᠣᠯᠠ᠎ᠶᠢᠨ᠎ᠨᠤᠭᠤᠳ ᠲᠠᠨᠠᠷ᠎ᠲᠠᠭᠠᠨ ᠰᠡᠳᠭᠢᠯ᠎ᠦᠨ ᠳᠡᠭᠡᠵᠢ᠎ᠪᠡᠨ ᠡᠷᠭᠦᠯ᠎ᠡ

ᠬᠤᠪᠢᠷᠠᠰᠢ᠎ᠦᠭᠡᠢ ᠨᠥᠬᠦᠷᠯᠡᠯ᠎ᠮᠢᠨᠢ ᠮᠠᠨᠳᠤᠲᠤᠭᠠᠢ᠂ ᠬᠤᠸᠠᠷ ᠴᠡᠴᠡᠭ᠎ᠰᠢᠭ ᠳᠡᠯᠭᠡᠷᠡᠲᠦᠭᠡᠢ

ᠬᠤᠪᠠᠬᠠᠢᠷᠠᠰᠢ᠎ᠦᠭᠡᠢ ᠬᠤᠪᠢ ᠪᠤᠶᠠᠨ᠎ᠴᠢᠨᠢ ᠨᠡᠮᠡᠭᠳᠡᠲᠦᠭᠡᠢ᠂ ᠬᠠᠨᠠᠭᠠᠷ ᠳᠠᠯᠠᠢ᠎ᠰᠢᠭ᠋ ᠨᠡᠯᠦᠢᠲᠦᠭᠡᠢ᠃

 

2008ᠣᠨ᠎ᠤ 8ᠰᠠᠷ᠎ᠠ᠎ᠶᠢᠨ8᠊᠎ᠦᠨ ᠡᠳᠦᠷ

ᠶᠠᠫᠤᠨ ᠤᠯᠤᠰ᠎ᠤᠨ ᠰᠢᠺᠣᠺᠤ ᠠᠷᠠᠯ᠎ᠤᠨ

ᠠᠢᠬᠢᠮᠠᠢ ᠰᠢᠶᠠᠨ᠎ᠤ ᠰᠠᠢᠵᠢᠶᠣ᠋ ᠬᠣᠲᠠ᠎ᠳᠤ ᠨᠠᠢᠷᠠᠭᠤᠯᠪᠠᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082