ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠮᠣᠩᠭᠤᠯ ᠦᠰᠦᠭ᠎ᠮᠢᠨᠢ ᠰᠠᠢᠬᠠᠨ

ᠲ᠂ ᠳᠡᠯᠭᠡᠷᠰᠠᠩ

ᠠᠮᠲᠠᠷᠠᠬᠨ ᠰᠢᠮᠳᠡᠷᠬᠡᠨ ᠤᠩᠰᠢᠬᠤ᠎ᠳᠤ

ᠠᠶᠠᠯᠭᠤ ᠳᠠᠭᠤᠨ᠎ᠤ᠎ᠬᠢᠨᠢ ᠢᠷᠠᠭᠤᠬᠠᠨ ᠭᠡᠵᠦ᠂

ᠠᠯᠭᠤᠷ ᠰᠠᠢᠬᠠᠨ ᠪᠢᠴᠢᠬᠦ᠎ᠳᠦ

ᠠᠴᠤᠭ ᠰᠢᠯᠪᠢ᠎ᠶᠢᠨ ᠬᠢᠨᠢ ᠡᠪᠯᠢᠭᠬᠡᠨ ᠭᠡᠵᠦ᠃

 

ᠤᠷᠪᠠᠭᠤᠯᠤᠨ ᠡᠷᠭᠢᠭᠦᠯᠦᠨ ᠤᠩᠰᠢᠬᠤ᠎ᠳᠤ

ᠤᠷᠤᠰᠤᠮ᠎ᠠ ᠲᠣᠳᠤᠬᠠᠨ ᠰᠣᠨᠤᠰᠲᠠᠬᠤ ᠭᠡᠵᠦ᠂

ᠤᠳᠭ᠎ᠠ᠎ᠪᠠᠷ᠎ᠨᠢ ᠪᠠᠭᠤᠯᠭᠠᠵᠤ ᠪᠢᠴᠢᠬᠦ᠎ᠳᠦ

ᠤᠷᠠᠯᠢᠭ ᠭᠣᠶᠤᠬᠠᠨ ᠬᠠᠷᠠᠭᠳᠠᠬᠤ ᠭᠡᠵᠦ᠃

 

ᠶᠠᠩᠵᠤ ᠪᠦᠷᠢ᠎ᠶᠢᠨ ᠠᠶᠠᠯᠭᠤ᠎ᠶᠢ

ᠪᠦᠷᠢᠨ ᠲᠡᠮᠳᠡᠭᠯᠡᠳᠡᠭ ᠦᠰᠦᠭ ᠰᠢᠦ

ᠶᠠᠭᠠᠷᠠᠵᠤ ᠲᠡᠪᠡᠳᠡᠭᠰᠡᠨ ᠦᠶ᠎ᠡ᠎ᠳᠦ

ᠲᠠᠲᠠᠯᠠᠵᠤ ᠪᠣᠯᠳᠠᠭ᠎ᠴᠤ ᠦᠰᠦᠭ ᠰᠢᠦ᠃

 

ᠡᠭᠡᠰᠢᠭ ᠭᠡᠢᠭᠦᠯᠦᠭᠴᠢ ᠬᠠᠮᠵᠢᠮᠠᠨᠵᠢᠨ

ᠦᠶ᠎ᠡ ᠪᠦᠷᠢᠯᠳᠦᠨ ᠲᠣᠭᠳᠠᠳᠠᠭ ᠰᠢᠦ

ᠦᠶ᠎ᠡ᠎ᠨᠢ ᠦᠶ᠎ᠡ᠎ᠲᠡᠢ᠎ᠪᠡᠨ ᠨᠡᠢᠯᠡᠮᠡᠨᠵᠢᠨ

ᠦᠭᠡ ᠦᠰᠦᠭ ᠪᠦᠲᠦᠳᠡᠭ ᠰᠢᠦ᠃

 

ᠴᠠᠭᠠᠨ ᠲᠣᠯᠤᠭᠠᠢ᠎ᠶᠢ ᠡᠵᠡᠮᠰᠢᠪᠡᠯ

ᠴᠠᠭᠠᠰᠢ᠎ᠨᠢ ᠦᠰᠦᠭᠯᠡᠯ᠎ᠳᠦ ᠣᠷᠤᠳᠠᠭ ᠰᠢᠦ᠂

ᠦᠰᠦᠭᠯᠡᠯ᠎ᠳᠦ ᠣᠷᠤᠵᠤ ᠴᠠᠭᠠᠷᠠᠪᠠᠯ

ᠦᠯᠢᠭᠡᠷ᠎ᠦᠨ ᠨᠣᠮ ᠤᠩᠰᠢᠳᠠᠭ ᠰᠢᠦ᠃

 

ᠦᠭᠡ᠎ᠪᠡᠨ ᠶᠠᠷᠢᠳᠠᠭ ᠬᠥᠮᠦᠨ

ᠦᠰᠦᠭ᠎ᠢ᠎ᠨᠢ ᠰᠤᠷᠠᠬᠤ᠎ᠳᠤ ᠳᠥᠬᠦᠮ ᠰᠢᠦ᠂

ᠦᠰᠦᠭ᠎ᠢ᠎ᠨᠢ ᠮᠡᠳᠡᠳᠡᠭ ᠬᠥᠮᠦᠨ

ᠪᠢᠴᠢᠭ᠎ᠲᠡᠢ ᠪᠣᠯᠬᠤ᠎ᠳᠤ ᠬᠢᠯᠪᠠᠷ ᠰᠢᠦ᠃

 

ᠮᠠᠨ᠎ᠤ ᠮᠣᠩᠭᠤᠯ ᠦᠰᠦᠭ ᠭᠡᠭᠴᠢ

ᠮᠠᠩᠯᠠᠢ ᠰᠠᠢᠬᠠᠨ ᠪᠠᠢᠳᠠᠭ ᠰᠢᠦ᠂

ᠮᠠᠰᠢ ᠡᠷᠲᠡ ᠵᠣᠬᠢᠶᠠᠭᠳᠠᠭᠠᠳ

ᠮᠠᠷᠲᠠᠭᠳᠠᠯ᠎ᠦᠭᠡᠢ ᠬᠡᠷᠡᠭᠯᠡᠭᠳᠡᠭᠰᠡᠭᠡᠷ ᠰᠢᠦ᠃

 

ᠮᠣᠷᠤᠩᠬᠠᠢ ᠮᠣᠰᠢᠭᠠᠢ ᠦᠰᠦᠭ ᠭᠡᠵᠦ

ᠮᠡᠳᠡᠯᠭᠡ ᠮᠡᠭᠦᠰᠴᠦᠳ ᠭᠦᠳᠭᠡᠪᠡᠴᠦ

ᠮᠣᠯᠤᠷ ᠡᠷᠳᠡᠨᠢ᠎ᠶᠢᠨ ᠦᠰᠦᠭ᠎ᠢᠶᠡᠨ

ᠮᠣᠩᠭᠤᠯ ᠬᠦᠦ ᠪᠢ ᠰᠤᠷᠤᠨ᠎ᠠ᠃

 

ᠠᠷᠢᠶᠠᠲᠠᠨ ᠰᠢᠪᠠᠭᠤᠨ᠎ᠤ ᠬᠡᠯᠡ ᠭᠡᠵᠦ

ᠠᠳᠭᠠᠭ ᠰᠠᠨᠠᠭᠠᠲᠠᠨ ᠵᠠᠵᠢᠭᠤᠳᠠᠭᠤᠯᠪᠠᠴᠤ᠂

ᠠᠪᠤ ᠳᠡᠭᠡᠳᠦᠰ᠎ᠦᠨ ᠬᠡᠯᠡ᠎ᠪᠡᠨ

ᠠᠯᠳᠠᠯ᠎ᠦᠭᠡᠢ ᠪᠢ ᠡᠵᠡᠮᠰᠢᠨ᠎ᠡ!

 

ᠭᠠᠢᠬᠠᠮᠰᠢᠭᠲᠤ ᠰᠠᠢᠬᠠᠨ ᠬᠡᠯᠡ᠎ᠪᠡᠨ

ᠭᠠᠩᠭᠠᠩ ᠰᠠᠢᠬᠠᠨ ᠦᠰᠦᠭ᠎ᠢᠶᠡᠨ

ᠭᠠᠯᠪᠠ ᠶᠡᠭᠦᠷᠡᠲᠡᠯ᠎ᠡ ᠬᠡᠷᠡᠭᠯᠡᠭᠡᠳ

ᠭᠠᠯ ᠭᠣᠯᠤᠮᠲᠠ᠎ᠪᠠᠨ ᠬᠥᠭᠵᠢᠭᠦᠯᠦᠨ᠎ᠡ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082