ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠪᠢ ᠮᠣᠩᠭᠤᠯ ᠬᠥᠮᠦᠨ

ᠴ᠂ ᠴᠢᠮᠡᠳ

ᠠᠷᠭᠠᠯ᠎ᠤᠨ ᠤᠲᠤᠭ᠎ᠠ ᠪᠤᠷᠭᠢᠯᠤᠭᠰᠠᠨ

ᠮᠠᠯᠴᠢᠨ᠎ᠤ ᠭᠡᠷ᠎ᠲᠦ ᠲᠥᠷᠦᠭᠰᠡᠨ ᠪᠢ

ᠠᠲᠠᠷ ᠬᠡᠭᠡᠷ᠎ᠡ ᠨᠤᠲᠤᠭ᠎ᠢᠶᠠᠨ

ᠥᠯᠦᠭᠡᠢ᠎ᠮᠢᠨᠢ ᠭᠡᠵᠦ ᠪᠣᠳᠤᠳᠠᠭ᠃

 

ᠴᠡᠩᠬᠡᠷ ᠮᠠᠨᠠᠨ ᠰᠤᠭᠤᠨᠠᠭᠯᠠᠭᠰᠠᠨ

ᠠᠯᠤᠰ᠎ᠤᠨ ᠪᠠᠷ᠎ᠠ᠎ᠶᠢ ᠰᠢᠷᠲᠡᠭᠡᠳ

ᠴᠡᠯᠡᠭᠡᠷ ᠰᠠᠢᠬᠠᠨ ᠨᠤᠲᠤᠭ᠎ᠢᠶᠠᠨ

ᠰᠡᠳᠭᠢᠯ ᠪᠠᠬᠠᠳᠤᠨ ᠬᠠᠷᠠᠬᠤ᠎ᠳᠤ

ᠦᠯᠢᠶᠡᠵᠦ ᠪᠠᠢᠭ᠎ᠠ ᠰᠠᠯᠬᠢ᠎ᠨᠢ

ᠦᠨᠦᠰᠦᠭᠡᠳ ᠪᠠᠢᠭ᠎ᠠ᠎ᠴᠤ᠎ᠶᠤᠮ᠎ᠰᠢᠭ᠋

ᠥᠷᠦᠰᠢᠶᠡᠯᠲᠦ ᠡᠵᠢ᠎ᠶᠢᠨ᠎ᠮᠢᠨᠢ ᠭᠠᠷ

ᠢᠯᠪᠢᠭᠡᠳ ᠪᠠᠢᠭ᠎ᠠ᠎ᠴᠤ᠎ᠶᠤᠮ᠎ᠰᠢᠭ᠋

ᠡᠨᠡᠷᠢᠩᠭᠦᠢ ᠰᠠᠢᠬᠠᠨ ᠰᠠᠨᠠᠭᠳᠠᠬᠤ᠎ᠳᠤ

ᠡᠯᠢᠭᠡ ᠵᠢᠷᠦᠬᠡ᠎ᠮᠢᠨᠢ ᠳᠣᠭᠳᠣᠯᠵᠣ

ᠬᠣᠣᠰ᠎ᠦᠭᠡᠢ ᠪᠠᠶᠠᠷ᠎ᠤᠨ ᠨᠢᠯᠪᠤᠰᠤ

ᠬᠣᠶᠠᠷ ᠨᠢᠳᠦ᠎ᠶᠢ᠎ᠮᠢᠨᠢ ᠪᠦᠷᠬᠦᠳᠡᠭ᠃

 

ᠥᠷᠭᠡᠨ ᠰᠠᠢᠬᠠᠨ ᠨᠤᠲᠤᠭ᠎ᠤᠨ᠎ᠢᠶᠠᠨ

ᠡᠪᠴᠢᠭᠦᠨ ᠳᠡᠭᠡᠷ᠎ᠡ᠎ᠨᠢ ᠲᠥᠷᠥᠭᠡᠳ

ᠥᠨᠢᠷ ᠠᠭᠤᠳᠠᠮ ᠲᠠᠯ᠎ᠠ᠎ᠶᠢᠨ᠎ᠢᠶᠠᠨ

ᠥᠩᠭᠡᠲᠦ ᠠᠮᠢᠳᠤᠷᠠᠯ᠎ᠤᠨ ᠲᠥᠯᠦᠭᠡ

ᠠᠮᠢ ᠪᠡᠶ᠎ᠡ᠎ᠪᠡᠨ ᠵᠣᠷᠢᠭᠤᠯᠳᠠᠭ

ᠠᠷᠢᠭᠤᠨ ᠨᠠᠨᠳᠢᠨ ᠵᠠᠩᠰᠢᠯ᠎ᠲᠠᠢ

ᠡᠪᠦᠭᠡᠳ ᠬᠥᠭᠰᠢᠳ ᠳᠡᠭᠡᠳᠦᠰ᠎ᠦᠨ᠎ᠮᠢᠨᠢ

ᠦᠷ᠎ᠡ᠎ᠪᠡᠨ ᠭᠡᠵᠦ ᠨᠠᠢᠳᠠᠭᠠᠳ

ᠦᠯᠡᠳᠡᠭᠡᠵᠦ ᠨᠠᠳᠠ᠎ᠳᠤ ᠥᠭᠭᠦᠭᠰᠡᠨ

ᠥᠨᠢᠷ ᠮᠣᠩᠭᠤᠯ ᠣᠷᠤᠨ᠎ᠤ

ᠨᠠᠷᠠ᠎ᠨᠢ ᠨᠠᠮᠠᠢ ᠭᠡᠢᠭᠦᠯᠵᠦ

ᠨᠠᠷᠢᠨ ᠰᠠᠯᠬᠢ᠎ᠨᠢ ᠦᠯᠢᠶᠡᠵᠦ

ᠨᠠᠮᠢᠷᠠᠭ᠎ᠠ ᠬᠤᠷ᠎ᠠ᠎ᠨᠢ ᠲᠡᠵᠢᠭᠡᠵᠦ

ᠨᠠᠢᠷᠲᠠᠢ ᠰᠠᠢᠬᠠᠨ ᠣᠷᠤᠨ᠎ᠮᠢᠨᠢ

ᠨᠠᠳᠠ᠎ᠲᠠᠢ ᠬᠤᠪᠢ ᠨᠢᠭᠡᠲᠡᠢ ᠪᠠᠢᠳᠠᠭ᠎ᠲᠤᠯᠠ

ᠤᠨᠠᠭᠰᠠᠨ ᠡᠨᠡ ᠨᠤᠲᠤᠭ᠎ᠢᠶᠠᠨ ᠪᠢ

ᠥᠪᠡᠷ᠎ᠦᠨ ᠪᠡᠶ᠎ᠡ᠎ᠰᠢᠭ ᠬᠠᠢᠷᠠᠯᠠᠵᠤ

ᠤᠭᠢᠶᠠᠭᠰᠠᠨ ᠲᠤᠩᠭᠠᠯᠠᠭ ᠮᠥᠷᠡᠨ᠎ᠢᠶᠡᠨ ᠪᠢ

ᠡᠬᠡ᠎ᠶᠢᠨ ᠰᠦ᠋᠎ᠰᠢᠭ ᠰᠠᠨᠠᠳᠠᠭ᠃

 

ᠡᠨᠡ ᠨᠤᠲᠤᠭ᠎ᠲᠠᠭᠠᠨ ᠪᠢ ᠡᠵᠡᠨ᠎ᠨᠢ᠎ᠶᠦᠮ

ᠡᠩᠬᠦᠷᠡᠢᠯᠡᠯ᠎ᠳᠦ᠎ᠨᠢ ᠥᠰᠦᠭᠰᠡᠨ ᠬᠦᠦ᠎ᠨᠢ᠎ᠶᠦᠮ

ᠢᠷᠡᠭᠡᠳᠦᠢ᠎ᠶᠢ᠎ᠨᠢ ᠲᠦᠮᠡᠨ᠎ᠲᠡᠢ᠎ᠪᠡᠨ ᠪᠣᠰᠭᠠᠯᠴᠠᠬᠤ

ᠶᠡᠬᠡ ᠡᠭᠦᠷᠭᠡ ᠬᠦᠯᠢᠶᠡᠭᠰᠡᠨ᠎ᠶᠦᠮ᠃

 

ᠬᠡᠷᠪᠡ ᠬᠥᠮᠦᠨ ᠡᠭᠡ ᠣᠷᠤᠨ᠎ᠢᠶᠠᠨ

ᠬᠠᠮᠤᠭ᠎ᠠᠴᠠ ᠦᠨᠡᠲᠡᠢ ᠭᠡᠳᠡᠭ ᠪᠣᠯ

ᠬᠡᠭᠡᠷ᠎ᠡ ᠲᠠᠯ᠎ᠠ ᠨᠤᠲᠤᠭ᠎ᠢᠶᠠᠨ

ᠶᠠᠭᠤ᠎ᠠᠴᠠ᠎ᠴᠤ ᠢᠯᠡᠭᠦᠦ ᠰᠠᠨᠠᠳᠠᠭ ᠪᠣᠯ

ᠠᠵᠢᠯᠯᠠᠬᠤ ᠬᠥᠳᠡᠯᠬᠦ ᠪᠦᠷᠢ᠎ᠳᠡᠭᠡᠨ

ᠠᠷᠠᠳ ᠲᠦᠮᠡᠨ᠎ᠦ᠎ᠪᠡᠨ ᠲᠥᠯᠦᠭᠡ ᠪᠣᠯ

ᠠᠯᠬᠤᠬᠤ ᠭᠢᠰᠭᠢᠬᠦ ᠪᠣᠯᠭᠠᠨ᠎ᠳᠠᠭᠠᠨ

ᠠᠤᠭ᠎ᠠ ᠣᠷᠤᠨ᠎ᠤ᠎ᠪᠠᠨ ᠲᠥᠯᠦᠭᠡ ᠪᠣᠯ

ᠠᠯᠲᠠᠨ ᠰᠢᠷᠤᠢ ᠤᠷᠤᠭᠤ᠎ᠪᠠᠨ ᠳᠠᠭᠠᠷᠢᠭᠰᠠᠨ

ᠠᠲᠠᠭᠠᠲᠠᠨ᠎ᠤ ᠬᠣᠣᠷᠲᠤ ᠰᠤᠮᠤ᠎ᠶᠢ

ᠠᠶᠤᠰᠢ᠎ᠰᠢᠭ᠋ ᠴᠡᠭᠡᠵᠢ᠎ᠪᠡᠷ᠎ᠢᠶᠡᠨ ᠲᠠᠭᠯᠠᠨ

ᠠᠮᠢ᠎ᠪᠠᠨ ᠥᠭᠬᠦ᠎ᠡᠴᠡ ᠪᠤᠴᠠᠬᠤ᠎ᠦᠭᠡᠢ ᠪᠣᠯ

ᠡᠨᠡ ᠬᠥᠮᠦᠨ ᠮᠣᠩᠭᠤᠯ ᠬᠥᠮᠦᠨ

ᠡᠬᠡ ᠣᠷᠤᠨ᠎ᠳᠠᠭᠠᠨ ᠬᠠᠢᠷᠠᠲᠠᠢ ᠬᠥᠮᠦᠨ

ᠡᠨᠡ ᠬᠠᠢᠷ᠎ᠠ᠎ᠨᠢ ᠮᠣᠩᠭᠤᠯᠴᠤᠳ᠎ᠲᠤ

ᠡᠷᠲᠡᠨ᠎ᠡᠴᠡ ᠬᠡᠪᠰᠢᠭᠰᠡᠨ ᠬᠠᠢᠷ᠎ᠠ ᠭᠡᠨ᠎ᠡ᠃

 

ᠪᠢ ᠮᠣᠩᠭᠤᠯ ᠬᠥᠮᠦᠨ ᠪᠣᠯᠬᠣᠷ

ᠪᠢᠳᠤᠷᠶ᠎ᠠ ᠨᠤᠲᠤᠭ᠎ᠤᠨ᠎ᠢᠶᠠᠨ ᠲᠥᠯᠦᠭᠡ

ᠠᠮᠢ ᠪᠡᠶ᠎ᠡ᠂ ᠪᠦᠬᠦ ᠨᠠᠰᠤ᠎ᠪᠠᠨ

ᠠᠪᠴᠤ ᠪᠠᠢᠭ᠎ᠠ ᠠᠮᠢᠰᠭᠤᠭ᠎ᠠ᠎ᠪᠠᠨ

ᠣᠷᠭᠢᠯᠵᠤ ᠪᠠᠢᠭ᠎ᠠ ᠵᠣᠷᠢᠭ᠎ᠢᠶᠠᠨ

ᠠᠯᠢ᠎ᠶᠢ᠎ᠨᠢ᠎ᠴᠤ ᠬᠠᠢᠷᠠᠯᠠᠯ᠎ᠦᠭᠡᠢ ᠵᠣᠷᠢᠭᠤᠯᠤᠨ᠎ᠠ᠃

 

ᠲᠥᠷᠦᠯᠬᠢ ᠨᠤᠲᠤᠭ᠎ᠢᠶᠠᠨ ᠭᠡᠢᠭᠦᠯᠦᠭᠰᠡᠨ

ᠨᠠᠷᠠᠨ᠎ᠤ ᠲᠤᠶᠠᠭᠠᠨ᠎ᠳᠤ ᠬᠠᠢᠷᠠᠲᠠᠢ ᠪᠢ

ᠲᠦᠪᠰᠢᠨ ᠲᠠᠯ᠎ᠠ᠎ᠳᠠᠭᠠᠨ ᠴᠤᠤᠷᠢᠶᠠᠲᠤᠭᠰᠠᠨ

ᠡᠭᠡᠰᠢᠭᠲᠦ ᠲᠠᠭᠤᠨ᠎ᠳᠤ ᠳᠤᠷᠠᠲᠠᠢ ᠪᠢ

ᠬᠠᠨᠠᠭᠠᠷ ᠴᠢᠯᠦᠭᠡᠲᠦ ᠨᠤᠲᠤᠭ᠎ᠢᠶᠠᠨ

ᠬᠠᠷᠠᠬᠤ ᠳᠣᠲᠣᠮ᠎ᠢᠶᠠᠨ ᠪᠠᠶᠠᠰᠴᠤ ᠪᠠᠢᠨ᠎ᠠ

ᠬᠠᠯᠠᠭᠤᠨ ᠠᠮᠢ᠎ᠪᠠᠨ ᠲᠦᠢᠬᠦ᠎ᠦᠭᠡᠢ

ᠵᠢᠳᠭᠦᠬᠦ ᠵᠣᠷᠢᠭ ᠨᠡᠮᠡᠭᠳᠡᠵᠦ ᠪᠠᠢᠨ᠎ᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082