ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠬᠠᠯᠬ᠎ᠠ᠎ᠶᠢᠨ ᠭᠣᠣᠯ

ᠪ᠂ ᠶᠠᠪᠤᠬᠤᠭᠤᠯᠠᠩ

ᠡᠴᠢᠭᠡ᠎ᠶᠢᠨ ᠴᠠᠭᠠᠨ ᠥᠷᠭᠦᠭᠡᠨ᠎ᠦ

ᠡᠭᠡᠯᠢᠲᠡᠢ ᠠᠭᠤᠵᠢᠮ ᠬᠠᠶᠠᠭ᠎ᠠ᠎ᠰᠢᠭ᠋

ᠲᠤᠵᠢ᠎ᠳᠠᠭᠠᠨ ᠴᠡᠯᠡᠢᠬᠦ ᠳᠣᠷᠤᠨ᠎ᠠ᠎ᠶᠢᠨ ᠲᠠᠯ᠎ᠠ

ᠲᠤᠭᠣᠯᠬᠤ ᠲᠤᠰᠤᠮ ᠠᠭᠤᠵᠢᠷᠠᠨ᠎ᠠ᠃

 

ᠳᠣᠷᠤᠨ᠎ᠠ᠎ᠶᠢᠨ ᠲᠠᠯ᠎ᠠ᠎ᠶᠢᠨ ᠬᠠᠶᠠᠭᠠᠨ᠎ᠳᠤ

ᠳᠠᠢᠴᠢᠨ ᠡᠴᠢᠭᠡ᠎ᠶᠢᠨ ᠰᠡᠯᠡᠮ᠎ᠡ᠎ᠰᠢᠭ

ᠳᠣᠮᠤᠭᠲᠤ ᠴᠡᠩᠬᠡᠷ ᠬᠠᠯᠬ᠎ᠠ᠎ᠶᠢᠨ ᠭᠣᠣᠯ

ᠲᠠᠰᠢᠬᠤ ᠨᠠᠷᠠᠨ᠎ᠳᠤ ᠭᠢᠯᠠᠯᠵᠠᠨ᠎ᠠ᠃

 

ᠡᠭᠡ᠎ᠶᠢᠨ ᠪᠦᠪᠡᠢ ᠰᠢᠩᠭᠡᠭᠰᠡᠨ

ᠡᠭᠡᠯᠢᠲᠡᠢ ᠳᠤᠯᠠᠭᠠᠨ ᠥᠯᠦᠭᠡᠢ᠎ᠰᠢᠭ

ᠨᠤᠲᠤᠭ᠎ᠤᠨ ᠰᠠᠢᠬᠠᠨ ᠳᠣᠷᠤᠨ᠎ᠠ᠎ᠶᠢᠨ ᠲᠠᠯ᠎ᠠ᠎ᠳᠤ

ᠨᠤᠲᠤᠭᠯᠠᠬᠤ ᠲᠤᠰᠤᠮ ᠵᠢᠷᠭᠠᠨ᠎ᠠ᠃

 

ᠡᠩ᠎ᠦᠭᠡᠢ ᠲᠠᠯ᠎ᠠ᠎ᠶᠢᠨ ᠬᠠᠶᠠᠭᠠᠨ᠎ᠳᠤ

ᠡᠵᠢ᠎ᠶᠢᠨ ᠴᠠᠭᠠᠨ ᠰᠦ᠋᠎ᠰᠢᠭ

ᠲᠠᠯ᠎ᠠ᠎ᠶᠢ ᠲᠤᠭᠤᠯᠤᠭᠰᠠᠨ ᠬᠠᠯᠬ᠎ᠠ᠎ᠶᠢᠨ ᠭᠣᠣᠯ

ᠲᠦᠮᠡᠨ ᠣᠯᠠᠨ᠎ᠢᠶᠠᠨ ᠤᠮᠳᠠᠯᠠᠨ᠎ᠠ᠃

 

ᠠᠭᠤᠵᠢᠮ᠎ᠤᠨ ᠬᠣᠯᠠ᠎ᠳᠠᠭᠠᠨ ᠴᠤᠤᠷᠢᠶᠠᠲᠤᠭᠰᠠᠨ

ᠤᠷᠲᠤ᠎ᠶᠢᠨ ᠳᠠᠭᠤᠤ᠎ᠶᠢᠨ ᠡᠭᠡᠰᠢᠭ᠎ᠰᠢᠭ

ᠰᠡᠯᠡᠭᠦᠨ ᠠᠭᠤᠳᠠᠮ ᠳᠣᠷᠤᠨ᠎ᠠ᠎ᠶᠢᠨ ᠲᠠᠯ᠎ᠠ

ᠰᠡᠳᠭᠢᠯ ᠵᠢᠷᠦᠬᠡ᠎ᠶᠢ ᠪᠤᠯᠢᠶᠠᠨ᠎ᠠ᠃

 

ᠳᠣᠷᠤᠨ᠎ᠠ᠎ᠶᠢᠨ ᠲᠠᠯ᠎ᠠ᠎ᠶᠢᠨ ᠬᠠᠶᠠᠭᠠᠨ᠎ᠳᠤ

ᠳᠣᠲᠤᠨᠤ᠎ᠶᠢᠨ ᠬᠠᠨᠢ᠎ᠶᠢᠨ ᠮᠡᠯᠮᠡᠢ᠎ᠰᠢᠭ

ᠬᠠᠯᠬ᠎ᠠ᠎ᠶᠢᠨ ᠰᠠᠢᠬᠠᠨ ᠬᠠᠯᠬ᠎ᠠ᠎ᠶᠢᠨ ᠭᠣᠣᠯ

ᠬᠠᠢᠷ᠎ᠠ᠎ᠪᠠᠷ ᠪᠢᠯᠬᠠᠨ ᠮᠡᠯᠮᠡᠷᠡᠨ᠎ᠡ᠃

 

ᠡᠴᠢᠭᠡ᠎ᠶᠢᠨ ᠴᠠᠭᠠᠨ ᠥᠷᠭᠦᠭᠡᠨ᠎ᠦ

ᠡᠭᠡᠯᠢᠲᠡᠢ ᠠᠭᠤᠵᠢᠮ ᠬᠠᠶᠠᠭ᠎ᠠ᠎ᠰᠢᠭ᠋

ᠲᠤᠵᠢ᠎ᠳᠠᠭᠠᠨ ᠴᠡᠯᠡᠢᠬᠦ ᠳᠣᠷᠤᠨ᠎ᠠ᠎ᠶᠢᠨ ᠲᠠᠯ᠎ᠠ

ᠲᠤᠭᠤᠯᠬᠤ ᠲᠤᠰᠤᠮ ᠠᠭᠤᠵᠢᠷᠠᠨ᠎ᠠ᠃

 

ᠳᠣᠷᠤᠨ᠎ᠠ᠎ᠶᠢᠨ ᠲᠠᠯ᠎ᠠ᠎ᠶᠢᠨ ᠬᠠᠶᠠᠭᠠᠨ᠎ᠳᠤ

ᠳᠠᠢᠴᠢᠨ ᠡᠴᠢᠭᠡ᠎ᠶᠢᠨ ᠰᠡᠯᠡᠮ᠎ᠡ᠎ᠰᠢᠭ

ᠳᠣᠮᠤᠭᠲᠤ ᠴᠡᠩᠬᠡᠷ ᠬᠠᠯᠬ᠎ᠠ᠎ᠶᠢᠨ ᠭᠣᠣᠯ

ᠲᠠᠰᠢᠬᠤ ᠨᠠᠷᠠᠨ᠎ᠳᠤ ᠭᠢᠯᠠᠯᠵᠠᠨ᠎ᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082