ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠡᠷᠡᠬᠡᠢ ᠳᠠᠷᠤᠮ᠎ᠠ ᠵᠠᠢ᠎ᠳᠤ ᠮᠢᠩᠭᠠᠨ ᠵᠠᠭᠠᠨ

ᠯ᠂ ᠲᠥᠳᠦᠪ

ᠵᠢᠷᠤᠭᠠᠴᠢ ᠵᠢᠮᠪᠠ᠎ᠶᠢᠨ ᠪᠠᠭ᠎ᠠ ᠵᠠᠯᠠᠭᠤ᠎ᠠᠴᠠ ᠡᠬᠢᠯᠡᠭᠡᠳ ᠬᠢᠵᠢᠶᠡᠯ ᠨᠠᠰᠤ᠎ᠶᠢ ᠬᠦᠷᠲᠡᠯ᠎ᠡ ᠦᠵᠡᠵᠦ ᠥᠩᠭᠡᠷᠡᠭᠦᠯᠦᠭᠰᠡᠨ ᠠᠮᠢᠳᠤᠷᠠᠯ᠎ᠳᠤᠨᠢ ᠣᠯᠠᠨ ᠶᠠᠩᠵᠤ᠎ᠶᠢᠨ ᠵᠠᠬᠢᠶᠠᠯᠠᠭ᠎ᠠ᠂ ᠡᠭᠦᠷᠭᠡ᠂ ᠭᠤᠶᠤᠯᠲᠠ ᠲᠣᠬᠢᠶᠠᠵᠤ ᠪᠠᠢᠯ᠎ᠠ᠃ ᠵᠠᠷᠢᠮ᠎ᠨᠢ ᠴᠠᠢ ᠴᠢᠨᠠᠬᠤ ᠵᠠᠭᠤᠷ᠎ᠠ ᠪᠦᠲᠦᠭᠡᠴᠢᠬᠡᠮᠡᠷ᠂ ᠵᠠᠷᠢᠮ᠎ᠨᠢ ᠵᠤᠨ᠂ ᠨᠠᠮᠤᠷ᠎ᠤᠨ ᠵᠢᠷᠭᠤᠭᠠᠨ ᠰᠠᠷ᠎ᠠ᠎ᠳᠤ ᠠᠷᠠᠢᠬᠠᠨ ᠪᠠᠷᠠᠮᠠᠷ ᠶᠠᠩᠵᠤ ᠶᠠᠩᠵᠤ᠎ᠶᠢᠨ ᠶᠠᠭᠤᠮ᠎ᠠ ᠪᠠᠢᠵᠤ ᠪᠢᠯᠡ᠃ ᠲᠡᠷᠡ ᠪᠦᠬᠦᠨ᠎ᠢ ᠵᠢᠷᠤᠵᠤ ᠰᠡᠢᠯᠵᠦ᠂ ᠵᠣᠷᠤᠵᠤ ᠵᠦᠯᠭᠦᠵᠦ ᠤᠷᠠᠯᠠᠨ ᠪᠦᠲᠦᠭᠡᠭᠰᠡᠭᠡᠷ ᠡᠳᠦᠢ ᠬᠦᠷᠴᠡᠢ᠃ ᠴᠠᠢ ᠴᠢᠨᠠᠬᠤ ᠵᠠᠭᠤᠷ᠎ᠠ ᠪᠦᠲᠦᠭᠡᠭᠰᠡᠨ ᠶᠠᠭᠤᠮᠠᠨ᠎ᠳᠤᠨᠢ ᠠᠭᠲᠠ ᠮᠣᠷᠢ᠂ ᠠᠲᠠᠨ ᠲᠡᠮᠡᠭᠡ᠎ᠶᠢᠨ ᠱᠠᠩ᠎ᠴᠤ ᠥᠭᠴᠦ ᠪᠠᠢᠯ᠎ᠠ᠃ ᠵᠤᠨ᠂ ᠨᠠᠮᠤᠷ᠎ᠤᠨ ᠵᠢᠷᠭᠤᠭᠠᠨ ᠰᠠᠷ᠎ᠠ᠎ᠳᠤ ᠴᠤᠤ ᠪᠠᠭᠲᠠᠭᠠᠨ ᠬᠢᠭᠰᠡᠨ᠎ᠳᠦᠨᠢ ᠰᠣᠨᠠᠮ ᠬᠠᠳᠠᠭ ᠲᠡᠳᠦᠢᠬᠡᠨ᠎ᠦ ᠬᠠᠷᠠᠮᠵᠢ ᠥᠭᠳᠡᠭ ᠬᠥᠮᠦᠨ᠎ᠴᠦ ᠪᠠᠢᠪᠠ᠃ ᠵᠢᠮᠪᠠ ᠵᠢᠷᠤᠭᠠᠴᠢ ᠲᠡᠷᠡ ᠪᠦᠬᠦᠨ᠎ᠢ ᠶᠡᠬᠡ᠎ᠶᠢ ᠶᠡᠬᠡ ᠭᠡᠬᠦ᠎ᠦᠭᠡᠢ᠂ ᠪᠠᠭ᠎ᠠ᠎ᠶᠢ ᠪᠠᠭ᠎ᠠ ᠭᠡᠬᠦ᠎ᠦᠭᠡᠢ ᠠᠪᠳᠠᠭ᠎ᠯᠠ ᠪᠠᠢᠯ᠎ᠠ᠃ ᠬᠠᠷᠢᠨ ᠡᠨᠡ ᠤᠳᠠᠭ᠎ᠠ ᠬᠡᠵᠢᠶ᠎ᠡ᠎ᠴᠦ ᠪᠣᠳᠤᠵᠤ ᠰᠠᠨᠠᠵᠤ ᠪᠠᠢᠭ᠎ᠠ᠎ᠦᠭᠡᠢ ᠵᠠᠬᠢᠶᠠᠯᠠᠭ᠎ᠠ᠎ᠲᠠᠢ ᠤᠴᠠᠷᠠᠵᠠᠢ᠃ ᠵᠠᠬᠢᠶᠠᠯᠠᠭ᠎ᠠ᠎ᠨᠢ᠎ᠴᠤ᠂ ᠱᠠᠩ ᠬᠠᠷᠠᠮᠵᠢ᠎ᠨᠢ᠎ᠴᠤ ᠶᠡᠷᠦ ᠪᠤᠰᠤ᠎ᠶᠢᠨ ᠶᠠᠭᠤᠮ᠎ᠠ ᠪᠠᠢᠯ᠎ᠠ᠃ 《ᠨᠢᠭᠡ ᠼᠦᠨ ᠪᠤᠶᠤ ᠡᠷᠡᠬᠡᠢ ᠳᠠᠷᠤᠮ᠎ᠠ ᠵᠠᠢ᠎ᠳᠤ ᠮᠢᠩᠭᠠᠨ ᠵᠠᠭᠠᠨ᠂ ᠡᠰᠡᠪᠡᠯ ᠭᠤᠷᠪᠠᠨ ᠵᠠᠭᠤᠨ ᠪᠤᠷᠬᠠᠨ ᠪᠠᠭᠲᠠᠭᠠᠨ ᠵᠢᠷᠤᠵᠤ ᠪᠣᠭᠳᠠ ᠡᠵᠡᠨ ᠬᠠᠭᠠᠨ᠎ᠳᠤ ᠡᠷᠭᠦᠨ ᠪᠠᠷᠢᠬᠤ ᠡᠭᠡᠯᠵᠢ᠎ᠳᠦ ᠰᠣᠨᠢᠨ ᠶᠠᠭᠤᠮ᠎ᠠ ᠪᠣᠯᠭᠠᠨ ᠠᠪᠴᠤ ᠢᠷ᠎ᠡ 》 ᠭᠡᠵᠦ ᠵᠢᠷᠤᠭᠠᠴᠢ ᠲᠡᠭᠦᠨ᠎ᠦ ᠲᠣᠯᠤᠭᠠᠢ ᠳᠡᠭᠡᠷ᠎ᠡ ᠶᠡᠬᠡ ᠡᠵᠡᠨ᠎ᠦ ᠨᠡᠷ᠎ᠡ᠎ᠪᠡᠷ ᠯᠦᠩᠳᠦᠩ ᠵᠠᠷᠯᠢᠭ ᠪᠠᠭᠤᠵᠠᠢ᠃ ᠬᠡᠷᠪᠡ ᠲᠡᠷᠡ ᠵᠠᠷᠯᠢᠭ᠎ᠢ ᠪᠦᠲᠦᠭᠡᠵᠦ ᠴᠢᠳᠠᠬᠤ᠎ᠦᠭᠡᠢ ᠪᠣᠯ ᠨᠢᠭᠦᠯ ᠠᠯᠳᠠᠰ ᠪᠣᠯᠬᠤ᠎ᠪᠠᠷ ᠪᠠᠷᠠᠬᠤ᠎ᠦᠭᠡᠢ᠂ ᠠᠮᠢ ᠨᠠᠰᠤᠨ᠎ᠳᠤᠨᠢ ᠬᠠᠯᠠ᠎ᠲᠠᠢ ᠭᠡᠵᠦ ᠲᠡᠷᠡ᠎ᠬᠦ ᠠᠶᠤᠮᠰᠢᠭᠲᠤ ᠲᠤᠰᠢᠶᠠᠯ᠎ᠢ ᠳᠠᠮᠵᠢᠭᠤᠯᠵᠤ ᠢᠷᠡᠭᠰᠡᠨ ᠬᠥᠮᠦᠨ ᠵᠠᠪᠰᠠᠷ᠎ᠠᠴᠠ᠎ᠨᠢ ᠡᠷᠴᠢ᠎ᠶᠢ ᠨᠡᠮᠡᠨ ᠴᠢᠩᠭᠠᠯᠠᠵᠤ ᠳᠠᠪᠬᠤᠷ ᠰᠦᠷᠳᠡᠭᠦᠯᠵᠡᠢ᠃ 《ᠨᠢᠭᠡ ᠼᠦᠨ᠎ᠳᠦ ᠮᠢᠩᠭᠠᠨ ᠵᠠᠭᠠᠨ》 ᠭᠡᠰᠡᠨ ᠦᠭᠡ᠎ᠶᠢ ᠡᠷᠭᠢᠴᠡᠭᠦᠯᠦᠨ ᠪᠣᠳᠤᠬᠤ ᠱᠠᠭᠠᠷᠳᠠᠯᠭ᠎ᠠ᠎ᠴᠤ᠎ᠦᠭᠡᠢ᠂ ᠲᠡᠢᠮᠦ ᠤᠳᠭ᠎ᠠ᠎ᠦᠭᠡᠢ ᠰᠢᠬᠠᠮ ᠵᠦᠢᠯ ᠭᠡᠳᠡᠭ᠎ᠢ ᠨᠠᠭᠠᠳᠤ ᠵᠠᠬ᠎ᠠ᠎ᠶᠢᠨ ᠤᠬᠠᠭᠠᠨ᠎ᠤ ᠪᠠᠭᠠᠬᠠᠨ ᠪᠡᠯᠡ᠎ᠲᠡᠢ ᠬᠥᠮᠦᠨ᠎ᠴᠦ ᠣᠢᠯᠠᠭᠠᠵᠤ ᠪᠠᠢᠯ᠎ᠠ᠃ ᠪᠣᠭᠳᠠ ᠡᠵᠡᠨ᠎ᠡᠴᠡ ᠲᠡᠢᠮᠦ ᠯᠦᠩᠳᠦᠩ ᠵᠠᠷᠯᠢᠭ ᠪᠠᠭᠤᠭᠰᠠᠨ᠎ᠢ ᠰᠣᠨᠤᠰᠤᠭᠰᠠᠨ ᠬᠥᠮᠦᠨ ᠪᠣᠯᠭᠠᠨ ᠵᠢᠷᠤᠭᠠᠴᠢ᠎ᠶᠢ ᠥᠷᠦ ᠡᠪᠡᠳᠴᠦ ᠪᠠᠢᠯ᠎ᠠ᠃ 《ᠬᠠᠷᠭᠠᠨ᠎ᠠ᠎ᠶᠢᠨ ᠨᠣᠣᠰᠤ ᠲᠡᠭᠦᠵᠦ ᠢᠰᠡᠭᠡᠢ ᠬᠢᠬᠦ》 ᠭᠡᠭᠴᠢ ᠪᠣᠯᠬᠤ᠎ᠨᠢ ᠭᠡᠬᠦ᠎ᠨᠢ ᠪᠠᠢᠬᠤ᠎ᠳᠤ ᠵᠠᠷᠢᠮ᠎ᠨᠢ ᠪᠠᠰᠠ 《ᠤᠷᠠᠨ᠎ᠲᠠᠢ ᠤᠲᠠᠰᠤ ᠪᠢᠲᠡᠭᠡᠢ ᠪᠤᠯᠢᠶᠠᠯᠳᠤ᠂ ᠤᠬᠠᠭᠠᠨᠲᠠᠨ᠎ᠲᠠᠢ ᠦᠭᠡ ᠪᠢᠲᠡᠭᠡᠢ ᠪᠤᠯᠢᠶᠠᠯᠳᠤ》 ᠭᠡᠵᠡᠭᠡᠵᠦ ᠪᠠᠢᠯ᠎ᠠ᠃ ᠲᠡᠷᠡ ᠪᠦᠬᠦᠨ ᠵᠢᠮᠪᠠ ᠵᠢᠷᠤᠭᠠᠴᠢ᠎ᠳᠤ ᠫᠠᠳ᠎ᠦᠭᠡᠢ ᠬᠡᠷᠡᠭ᠃ ᠲᠡᠭᠦᠨ᠎ᠦ ᠡᠮᠦᠨ᠎ᠡ᠎ᠡᠴᠡ ᠬᠡᠨ᠎ᠴᠦ ᠲᠡᠷᠡ ᠬᠡᠴᠡᠭᠦᠦ ᠠᠵᠢᠯ᠎ᠢ ᠪᠦᠲᠦᠭᠡᠭᠡᠳ ᠥᠭᠬᠦ᠎ᠦᠭᠡᠢ᠎ᠨᠢ ᠯᠠᠪᠲᠠᠢ᠃ ᠥᠪᠡᠷ᠎ᠢᠶᠡᠨ᠎ᠯᠡ ᠰᠢᠢᠳᠬᠦ ᠤᠴᠢᠷᠲᠠᠢ᠃ ᠲᠡᠢᠨ᠎ᠬᠦ ᠬᠡᠳᠦᠨ ᠬᠣᠨᠤᠭ ᠪᠣᠳᠤᠯ ᠪᠣᠯᠤᠨ ᠶᠠᠪᠤᠯ᠎ᠠ᠃ ᠡᠷᠡᠬᠡᠢ ᠳᠠᠷᠤᠮ᠎ᠠ ᠵᠠᠢ᠎ᠳᠤ ᠮᠢᠩᠭᠠᠨ ᠵᠠᠭᠠᠨ ᠪᠠᠢᠲᠤᠭᠠᠢ ᠨᠢᠭᠡ ᠵᠠᠭᠠᠨ᠎ᠢ᠎ᠯᠠ ᠠᠷᠠᠢ ᠶᠠᠳᠠᠨ ᠪᠠᠭᠲᠠᠭᠠᠵᠤ ᠵᠢᠷᠤᠬᠤ᠎ᠶᠤᠮ᠎ᠳᠠ ᠭᠡᠬᠦ᠎ᠡᠴᠡ ᠥᠭᠡᠷ᠎ᠡ ᠪᠣᠳᠤᠯ ᠲᠣᠯᠤᠭᠠᠢ᠎ᠳᠤᠨᠢ ᠣᠷᠤᠵᠤ ᠢᠷᠡᠭᠰᠡᠨ᠎ᠦᠭᠡᠢ᠃ ᠪᠣᠭᠳᠠ ᠡᠵᠡᠨ᠎ᠦ ᠳᠠᠭᠠᠭᠠᠯᠭᠠᠪᠤᠷᠢ ᠭᠦᠢᠴᠡᠯᠳᠦᠭᠦᠯᠬᠦ ᠬᠤᠭᠤᠴᠠᠭ᠎ᠠ ᠪᠣᠭᠤᠨᠢ ᠪᠣᠯᠬᠣᠷ ᠡᠳᠦᠷ ᠬᠣᠨᠤᠭ ᠪᠦᠷᠢ ᠲᠡᠭᠦᠨ᠎ᠳᠦ ᠦᠨᠡᠲᠡᠢ ᠪᠠᠢᠯ᠎ᠠ᠃ ᠥᠩᠭᠡᠷᠡᠬᠦ ᠬᠣᠨᠤᠭ ᠪᠣᠯᠭᠠᠨ᠎ᠨᠢ ᠵᠢᠷᠤᠭᠠᠴᠢ᠎ᠶᠢ ᠭᠣᠨᠢᠭᠲᠤ ᠲᠡᠭᠦᠰᠭᠡᠯ ᠤᠷᠤᠭᠤ ᠣᠢᠷᠠᠲᠤᠭᠤᠯᠤᠨ᠎ᠠ᠃ ᠲᠡᠢᠨ ᠰᠡᠳᠭᠢᠯ᠎ᠦᠨ ᠬᠢᠮᠤᠷᠠᠯ ᠳᠤᠮᠳᠠ ᠨᠡᠯᠢᠶᠡᠳ ᠣᠯᠠᠨ ᠬᠣᠨᠤᠭ ᠥᠩᠭᠡᠷᠡᠭᠡᠨ ᠪᠣᠳᠤᠯ᠎ᠠ᠃ ᠵᠢᠷᠤᠭᠠᠴᠢ ᠮᠠᠨᠢ ᠪᠢᠷ ᠴᠠᠭᠠᠰᠤ᠎ᠪᠠᠨ ᠭᠠᠷ᠎ᠲᠠᠭᠠᠨ ᠪᠠᠷᠢᠭᠰᠠᠨ᠎ᠦᠭᠡᠢ᠃ ᠰᠡᠳᠭᠢᠯ ᠣᠶᠤᠨ᠎ᠳᠠᠭᠠᠨ ᠲᠤᠩᠭᠠᠨ ᠰᠢᠢᠳᠴᠦ᠂ ᠨᠢᠳᠦᠨ᠎ᠦ᠎ᠪᠡᠨ ᠡᠮᠦᠨ᠎ᠡ ᠬᠡᠢ ᠠᠭᠠᠷ᠎ᠲᠤ ᠦᠵᠡᠬᠦ᠎ᠪᠡᠷ ᠪᠣᠯᠤᠭ᠎ᠠ᠎ᠦᠭᠡᠢ ᠪᠠᠢᠬᠤ᠎ᠳᠤ ᠲᠡᠷᠡ ᠪᠢᠷ ᠪᠤᠳᠤᠭ ᠨᠡᠢᠯᠡᠭᠦᠯᠳᠡᠭ᠎ᠦᠭᠡᠢ ᠵᠠᠩ᠎ᠲᠠᠢ ᠠᠵᠢ᠃᠂᠂᠂᠂ ᠬᠣᠨᠤᠭ ᠬᠤᠭᠤᠴᠠᠭ᠎ᠠ ᠨᠢᠰᠬᠦ ᠮᠡᠲᠦ ᠥᠩᠭᠡᠷᠡᠭᠰᠡᠭᠡᠷ᠎ᠯᠡ ᠪᠠᠢᠯ᠎ᠠ᠃ ᠵᠢᠷᠤᠭᠠᠴᠢ᠎ᠶᠢᠨ ᠰᠡᠳᠭᠢᠯ ᠰᠢᠨᠠᠯᠤᠭᠰᠠᠭᠠᠷ᠎ᠯᠠ ᠪᠠᠢᠯ᠎ᠠ᠃ ᠬᠣᠰᠢᠭᠤ ᠨᠤᠲᠤᠭ᠎ᠤᠨ᠎ᠬᠢᠨᠢ᠎ᠴᠤ᠂ ᠲᠠᠨᠢᠯ ᠨᠥᠬᠦᠳ᠎ᠨᠢ᠎ᠴᠦ ᠴᠥᠮ ᠲᠤᠰᠠ ᠪᠣᠯᠬᠤ᠎ᠶᠢ ᠬᠢᠴᠢᠶᠡᠨ᠎ᠡ᠃ ᠭᠡᠪᠡᠴᠦ ᠦᠨᠡᠬᠡᠷ ᠰᠡᠳᠭᠢᠰᠢ᠎ᠦᠭᠡᠢ᠂ ᠪᠡᠶᠡᠯᠡᠰᠢ᠎ᠦᠭᠡᠢ ᠶᠠᠭᠤᠮᠠᠨ᠎ᠳᠤ ᠬᠠᠷᠢᠭᠤ ᠣᠯᠳᠠᠭᠰᠠᠨ᠎ᠦᠭᠡᠢ᠃ ᠵᠢᠷᠤᠭᠠᠴᠢ᠎ᠶᠢᠨ ᠲᠦᠮᠡᠨ ᠤᠬᠠᠭᠠᠨ᠂ ᠮᠢᠩᠭᠠᠨ ᠠᠷᠭ᠎ᠠ᠎ᠴᠤ ᠲᠤᠰᠠ ᠪᠣᠯᠤᠭᠰᠠᠨ᠎ᠦᠭᠡᠢ᠃ ᠲᠡᠭᠡᠲᠡᠯ᠎ᠡ ᠬᠠᠪᠤᠷ᠎ᠤᠨ ᠨᠢᠭᠡᠨ ᠡᠳᠦᠷ ᠵᠢᠷᠤᠭᠠᠴᠢ ᠭᠡᠷ᠎ᠦᠨ᠎ᠢᠶᠡᠨ ᠭᠠᠳᠠᠨ᠎ᠠ ᠭᠡᠶᠦᠷᠡᠨ ᠰᠠᠭᠤᠵᠤ ᠪᠠᠢᠬᠤ᠎ᠶᠢ ᠬᠠᠷᠠᠭᠰᠠᠨ ᠭᠤᠶᠤᠯᠭᠠᠴᠢᠨ ᠡᠷ᠎ᠡ ᠳᠡᠷᠭᠡᠳᠡ᠎ᠨᠢ ᠣᠴᠢᠵᠠᠢ᠃

--ᠶᠠᠭᠤᠨ᠎ᠳᠠᠭᠠᠨ ᠰᠢᠨᠠᠯᠤᠨ᠎ᠠ ᠪᠤᠢ ? ᠭᠡᠵᠦ ᠲᠡᠷᠡ ᠰᠢᠭᠤᠳ ᠠᠰᠠᠭᠤᠬᠤ᠎ᠳᠤ᠂ ᠵᠢᠷᠤᠭᠠᠴᠢ ᠲᠡᠭᠦᠨ᠎ᠳᠦ ᠬᠠᠮᠤᠭ ᠵᠣᠪᠠᠯᠠᠩ᠎ᠢᠶᠠᠨ ᠶᠠᠷᠢᠪᠠ᠃ ᠭᠤᠶᠤᠯᠭᠠᠴᠢᠨ ᠠᠩᠬᠠᠷᠬᠤ᠎ᠶᠢᠨ ᠶᠡᠬᠡ᠎ᠪᠡᠷ ᠠᠩᠬᠠᠷᠴᠤ ᠰᠣᠨᠤᠰᠤᠭᠠᠳ ᠲᠣᠯᠤᠭᠠᠢ᠎ᠪᠠᠨ ᠰᠡᠭᠰᠦᠷᠦᠨ :

--ᠠᠢ ᠮᠡᠳᠡᠬᠦ᠎ᠦᠭᠡᠢ᠃ ᠰᠠᠨᠠᠭᠠᠨ᠎ᠳᠤ ᠪᠠᠭᠲᠠᠬᠤ᠎ᠦᠭᠡᠢ ᠶᠠᠭᠤᠮ᠎ᠠ ᠪᠠᠢᠨ᠎ᠠ᠃ ᠭᠤᠶᠤᠯᠭ᠎ᠠ᠎ᠪᠠᠷ ᠠᠮᠢ ᠵᠢᠭᠤᠬᠤ ᠭᠤᠴᠢ ᠳᠥᠴᠢᠨ ᠵᠢᠯ᠎ᠳᠦ ᠮᠥᠨ᠎ᠴᠦ ᠶᠡᠬᠡ ᠶᠠᠭᠤᠮ᠎ᠠ ᠰᠣᠨᠤᠰᠤᠯ᠎ᠠ᠃ ᠡᠢᠮᠦ

ᠯᠦᠩᠳᠦᠩ ᠭᠠᠷᠴᠤ ᠭᠡᠵᠦ ᠣᠳᠣ᠎ᠯᠠ ᠠᠩᠬ᠎ᠠ ᠤᠳᠠᠭ᠎ᠠ ᠳᠤᠭᠤᠯᠵᠤ ᠪᠠᠢᠨ᠎ᠠ ᠭᠡᠰᠡᠨ᠎ᠢᠶᠡᠨ ᠦᠷᠴᠢᠯᠡᠭᠡᠲᠦ ᠳᠤᠬᠤ᠎ᠪᠠᠨ ᠢᠯᠢᠵᠦ :

--ᠪᠠᠢᠵᠠ ! ᠨᠢᠭᠡᠨ ᠼᠦᠨ ᠵᠠᠢ᠎ᠳᠤ ᠮᠢᠩᠭᠠᠨ ᠪᠤᠷᠬᠠᠨ ᠵᠢᠷᠤ ᠭᠡᠵᠦ ᠠᠢᠯᠠᠳᠤᠭᠰᠠᠨ᠎ᠶᠤᠮ ᠪᠣᠯ ᠬᠥᠮᠦᠨ᠎ᠦ ᠰᠠᠨᠠᠭᠠᠨ᠎ᠳᠤ ᠪᠠᠭᠲᠠᠭᠠᠳ᠎ᠯᠠ ᠲᠡᠭᠡᠵᠦ᠎ᠳᠡ᠃ ᠠᠢᠯᠠᠳᠴᠤ ᠪᠣᠯᠤᠭᠰᠠᠨ ᠶᠠᠭᠤᠮ᠎ᠠ᠎ᠶᠢ ᠬᠢᠵᠦ ᠪᠣᠯᠤᠯ᠎ᠦᠭᠡᠢ᠎ᠳᠠ᠃ ᠴᠢ ᠶᠠᠮᠠᠷ 《ᠲᠠᠶᠢ᠍ᠭ ᠦᠵᠡᠭᠡ᠎ᠦᠭᠡᠢ ᠪᠢᠴᠢᠭᠡᠴᠢ᠂ ᠮᠠᠶᠢ᠍ᠭ ᠦᠵᠡᠭᠡ᠎ᠦᠭᠡᠢ ᠵᠢᠷᠤᠭᠠᠴᠢ》 ᠪᠢᠰᠢ᠎ᠳᠡ ᠭᠡᠵᠦ ᠬᠡᠯᠡᠪᠡ᠃

ᠨᠡᠭᠡᠷᠡᠨ ᠬᠥᠮᠦᠨ᠎ᠦ ᠤᠬᠠᠭᠠᠨ᠎ᠳᠤ ᠪᠠᠭᠲᠠᠭᠠᠳ ᠵᠠᠷᠯᠢᠭ ᠯᠦᠩᠳᠦᠩ ᠪᠣᠯᠤᠭᠠᠳ ᠪᠠᠭᠤᠵᠤ ᠢᠷᠡᠭᠰᠡᠨ᠎ᠶᠦᠮ ᠪᠣᠯ ᠶᠠᠭᠠᠬᠢᠭᠠᠳ ᠬᠢᠵᠦ ᠪᠣᠯᠳᠠᠭ᠎ᠦᠭᠡᠢ ᠪᠢᠯᠡ ᠭᠡᠰᠡᠨ ᠪᠣᠳᠤᠯ ᠵᠢᠷᠤᠭᠠᠴᠢ᠎ᠶᠢ ᠡᠵᠡᠮᠳᠡᠪᠡ᠃

--ᠮᠠᠢ᠂ ᠮᠢᠨᠦ ᠬᠤᠪᠢ᠎ᠶᠢ ᠬᠦᠷᠲᠡ! ᠭᠡᠵᠦ ᠵᠢᠷᠤᠭᠠᠴᠢ ᠬᠡᠯᠡᠭᠡᠳ ᠭᠤᠶᠤᠯᠭᠠᠴᠢᠨ᠎ᠳᠤ ᠦᠳᠡ᠎ᠶᠢᠨ ᠬᠣᠭᠤᠯᠠ᠎ᠪᠠᠨ ᠥᠭᠭᠦᠯ᠎ᠡ᠃ ᠱᠠᠭᠠᠨᠲᠤ ᠴᠢᠮᠦᠭᠡ᠎ᠶᠢ ᠲᠡᠷᠡ ᠠᠳᠢᠰ ᠬᠦᠷᠲᠡᠬᠦ ᠮᠡᠲᠦ ᠬᠣᠶᠠᠷ ᠭᠠᠷᠳᠠᠨ ᠠᠪᠤᠭᠠᠳ ᠰᠢᠭᠤᠳ᠎ᠯᠠ ᠡᠪᠦᠷᠲᠦᠯᠡᠪᠡ᠃

--ᠵᠠ᠂ ᠳᠠᠪᠬᠤᠷ ᠳᠡᠪᠡᠯᠲᠦ᠎ᠨᠢ ᠶᠠᠪᠤᠶ᠎ᠠ᠎ᠳᠠ! ᠵᠠᠭᠠᠨ᠎ᠤ᠎ᠪᠠᠨ ᠵᠢᠷᠤᠭ᠎ᠢ ᠮᠥᠳᠳᠦᠬᠡᠨ ᠳᠠᠭᠤᠰᠭᠠᠭᠠᠷᠠᠢ! ᠭᠡᠵᠦ ᠢᠷᠦᠭᠡᠭᠡᠳ ᠪᠣᠰᠴᠤ ᠣᠳᠪᠠ᠃ ᠬᠣᠢᠨ᠎ᠠ᠎ᠠᠴᠠ᠎ᠨᠢ ᠵᠢᠷᠤᠭᠠᠴᠢ ᠬᠡᠰᠡᠭ ᠵᠠᠭᠤᠷ᠎ᠠ ᠪᠣᠳᠤᠯᠭᠠᠰᠢᠷᠠᠨ ᠬᠠᠷᠠᠵᠤ ᠪᠠᠢᠭᠰᠠᠨ᠎ᠢᠶᠠᠨ ᠭᠡᠨᠡᠳᠲᠡ ᠨᠢᠭᠡᠨ ᠶᠠᠭᠤᠮ᠎ᠠ ᠰᠠᠨᠠᠵᠤ:

-- ᠬᠦᠢ᠂ ᠳᠠᠪᠬᠤᠷ ᠳᠡᠪᠡᠯᠲᠦ᠎ᠡ ! ᠭᠡᠵᠦ ᠬᠠᠰᠭᠢᠴᠢᠨ ᠳᠠᠭᠤᠳᠠᠵᠤ ᠪᠣᠰᠤᠨ ᠬᠠᠷᠠᠢᠪᠠ᠃ ᠭᠤᠶᠤᠯᠭᠠᠴᠢᠨ ᠠᠶᠤᠬᠤ ᠮᠡᠲᠦ ᠴᠣᠴᠢᠨ ᠵᠣᠭ ᠲᠤᠰᠤᠭᠰᠠᠨ᠎ᠢᠶᠠᠨ ᠡᠷᠭᠢᠵᠦ ᠬᠠᠷᠠᠪᠠ᠃ ᠵᠢᠷᠤᠭᠠᠴᠢ ᠭᠦᠶᠦᠨ ᠬᠦᠷᠴᠦ ᠲᠡᠭᠦᠨ᠎ᠦ ᠵᠠᠳᠠᠭᠠᠢ ᠡᠩᠭᠡᠷ ᠤᠷᠤᠭᠤ ᠰᠢᠷᠲᠡᠨ ᠭᠥᠯᠢᠷᠡᠪᠡ᠃ ᠰᠠᠶᠢ ᠥᠭᠭᠦᠭᠰᠡᠨ ᠱᠠᠭᠠᠨᠲᠤ ᠴᠢᠮᠦᠭᠡ᠎ᠪᠡᠨ ᠪᠤᠴᠠᠭᠠᠵᠤ ᠠᠪᠬᠤ᠎ᠨᠢ ᠭᠡᠵᠦ ᠠᠶᠤᠬᠤ᠎ᠰᠢᠭ᠋ ᠭᠤᠶᠤᠯᠭᠠᠴᠢᠨ ᠪᠠᠷᠠᠭᠤᠨ ᠭᠠᠷ᠎ᠢᠶᠠᠷ ᠡᠩᠭᠡᠷ᠎ᠢᠶᠡᠨ ᠳᠠᠷᠤᠪᠠ᠃ ᠲᠡᠷᠡ ᠭᠤᠶᠤᠯᠭᠠᠴᠢᠨ ᠳᠥᠷᠪᠡᠨ ᠳᠠᠪᠬᠤᠷ ᠳᠡᠪᠡᠯ᠎ᠲᠡᠢ ᠠᠵᠢ᠃ ᠡᠬᠢᠯᠡᠭᠡᠳ ᠲᠡᠷᠮᠡᠨ ᠬᠦᠷᠮ᠎ᠡ᠂ ᠳᠠᠷᠠᠭ᠎ᠠ᠎ᠨᠢ ᠰᠠᠷᠮᠠᠢ ᠳᠡᠪᠡᠯ᠂ ᠳᠣᠣᠷ᠎ᠠ᠎ᠨᠢ ᠳᠠᠯᠢᠩᠪᠤᠨ ᠵᠤᠪᠴᠠᠭ᠎ᠠ᠂ ᠶᠠᠩᠪᠤᠨ ᠲᠡᠷᠯᠢᠭ ᠳᠠᠪᠬᠤᠷᠯᠠᠨ ᠡᠮᠦᠰᠴᠡᠢ᠃ ᠡᠪᠦᠯ᠂ ᠵᠤᠨ᠂ ᠨᠠᠮᠤᠷ᠎ᠤᠨ ᠪᠦᠬᠦᠢᠯᠡ ᠬᠤᠪᠴᠠᠰᠤ᠎ᠪᠠᠨ ᠭᠠᠭᠴᠠ ᠪᠡᠶ᠎ᠡ᠎ᠳᠡᠭᠡᠨ ᠡᠮᠦᠰᠴᠦ ᠶᠠᠪᠤᠳᠠᠭ ᠪᠣᠯᠬᠣᠷ ᠲᠡᠭᠦᠨ᠎ᠢ ᠳᠠᠪᠬᠤᠷ ᠳᠡᠪᠡᠯᠲᠦ ᠭᠡᠵᠦ ᠣᠯᠠᠨ᠎ᠢᠶᠠᠷ ᠨᠡᠷᠡᠯᠡᠵᠡᠢ᠃ ᠴᠠᠭ ᠳᠤᠯᠠᠭᠠᠷᠠᠬᠤ᠎ᠶᠢᠨ ᠬᠢᠷᠢ᠎ᠪᠡᠷ ᠳᠠᠪᠬᠤᠷ ᠳᠡᠪᠡᠯ᠎ᠢᠶᠡᠨ ᠨᠢᠭᠡ ᠨᠢᠭᠡ᠎ᠪᠡᠷ᠎ᠨᠢ ᠲᠠᠢᠯᠵᠤ ᠨᠢᠮᠭᠡᠯᠡᠨ ᠴᠥᠭᠡᠯᠡᠳᠡᠭ ᠠᠵᠢ᠃ ᠵᠢᠷᠤᠭᠠᠴᠢ ᠲᠡᠭᠦᠨ᠎ᠦ ᠳᠠᠪᠬᠤᠷ ᠳᠠᠪᠬᠤᠷ ᠮᠥᠷᠲᠡᠭᠡᠨ ᠲᠣᠪᠴᠢ ᠰᠢᠯᠪᠢ᠎ᠦᠭᠡᠢ ᠰᠢᠬᠠᠮ ᠵᠠᠭᠠᠮ᠎ᠠ ᠤᠷᠤᠭᠤ ᠬᠡᠰᠡᠭ ᠵᠠᠭᠤᠷ᠎ᠠ ᠬᠠᠷᠠᠵᠤ ᠵᠣᠭᠰᠤᠭᠰᠠᠨ᠎ᠢᠶᠠᠨ :

--ᠳᠠᠪᠬᠤᠷ ᠳᠡᠪᠡᠯᠲᠦ ᠴᠢᠮ᠎ᠠ᠎ᠳᠤ ᠥᠭᠯᠢᠭᠡ ᠶᠡᠬᠡ ᠣᠯᠳᠠᠬᠤ ᠪᠣᠯᠲᠤᠭᠠᠢ ! ᠭᠡᠵᠦ ᠢᠷᠦᠭᠡᠭᠡᠳ ᠭᠡᠷ ᠥᠭᠡᠳᠡ᠎ᠪᠡᠨ ᠪᠤᠴᠠᠵᠤ ᠭᠦᠶᠦᠬᠦ ᠲᠣᠭᠠᠨ᠎ᠤ ᠶᠠᠪᠤᠯ᠎ᠠ᠃ ᠳᠠᠪᠬᠤᠷ ᠳᠡᠪᠡᠯᠲᠦ ᠭᠤᠶᠤᠯᠭᠠᠴᠢᠨ ᠬᠡᠰᠡᠭ ᠵᠠᠭᠤᠷ᠎ᠠ ᠡᠷᠡᠭᠡᠯᠡᠵᠦ ᠭᠠᠢᠬᠠᠭᠰᠠᠨ᠎ᠢᠶᠠᠨ ᠴᠠᠭᠠᠰᠢᠬᠢ ᠮᠥᠷ᠎ᠢᠶᠡᠨ ᠬᠥᠭᠡᠭᠡᠨ ᠠᠮᠠᠨ᠎ᠳᠠᠭᠠᠨ ᠪᠤᠪᠠᠲᠤᠨᠠᠨ ᠦᠭᠡᠯᠡᠭᠰᠡᠭᠡᠷ ᠣᠳᠴᠠᠢ᠃ ᠵᠢᠮᠪᠠ ᠵᠢᠷᠤᠭᠠᠴᠢ ᠰᠢᠭᠤᠳ᠎ᠯᠠ ᠭᠡᠷ᠎ᠲᠡᠭᠡᠨ ᠣᠷᠤᠵᠤ ᠡᠷᠡᠬᠡᠢ ᠳᠠᠷᠤᠮ᠎ᠠ ᠳᠥᠷᠪᠡᠯᠵᠢᠨ ᠴᠠᠭᠠᠰᠤ ᠬᠠᠢᠴᠢᠯᠠᠪᠠ᠃ ᠪᠢᠷ᠎ᠢᠶᠡᠨ ᠪᠤᠳᠤᠭ᠎ᠲᠤ ᠨᠡᠢᠯᠡᠵᠦ ᠡᠷᠡᠬᠡᠢ ᠳᠠᠷᠤᠮ᠎ᠠ ᠴᠠᠭᠠᠰᠤᠨ ᠳᠡᠭᠡᠷ᠎ᠡ᠎ᠪᠡᠨ ᠬᠣᠶᠠᠷ ᠪᠦᠲᠦᠨ ᠵᠠᠭᠠᠨ᠎ᠢ ᠭᠠᠳᠠᠭ᠎ᠠ ᠬᠦᠷᠢᠶᠡᠨ᠎ᠳᠦᠨᠢ ᠲᠤᠯᠭᠠᠵᠤ᠂ ᠬᠣᠭᠣᠷᠤᠨᠳᠤ᠎ᠨᠢ ᠥᠴᠦᠬᠡᠨ᠎ᠴᠦ ᠵᠠᠢ᠎ᠦᠭᠡᠢ᠎ᠪᠠᠷ ᠬᠥᠯ ᠲᠣᠯᠤᠭᠠᠢ᠎ᠪᠠᠷ᠎ᠨᠢ ᠵᠥᠷᠢᠭᠦᠯᠡᠨ ᠵᠢᠷᠤᠪᠠ᠃ ᠬᠣᠶᠠᠷ ᠵᠠᠭᠠᠨ᠎ᠤ᠎ᠪᠠᠨ ᠳᠣᠲᠤᠭᠤᠷᠬᠢ ᠴᠠᠭᠠᠨ ᠵᠠᠢ᠎ᠳᠤ ᠲᠠᠪᠤ ᠲᠠᠪᠤᠨ ᠵᠠᠭᠤ᠎ᠪᠠᠷ᠎ᠨᠢ ᠳᠠᠪᠬᠤᠷ ᠵᠢᠷᠤᠭᠠᠰᠤ ᠭᠠᠷᠭᠠᠯ᠎ᠠ᠃ ᠬᠠᠮᠤᠭ᠎ᠤᠨ ᠭᠣᠣᠯ᠎ᠳᠠᠬᠢ ᠵᠢᠷᠤᠭᠠᠰᠤ ᠪᠠᠷᠤᠭ᠎ᠯᠠ ᠴᠡᠭ ᠲᠡᠳᠦᠢ ᠪᠣᠯᠪᠠᠴᠤ ᠵᠠᠭᠠᠨ᠎ᠤ ᠳᠦᠷᠰᠦ ᠮᠡᠳᠡᠭᠳᠡᠬᠦ᠎ᠪᠡᠷ ᠪᠣᠯᠪᠠ᠃ ᠨᠢᠭᠡᠨ ᠼᠦᠨ ᠵᠠᠢ᠎ᠳᠤ ᠲᠡᠢᠨ᠎ᠬᠦ ᠮᠢᠩᠭᠠᠨ ᠵᠠᠭᠠᠨ᠎ᠢ ᠪᠠᠭᠲᠠᠭᠠᠨ ᠵᠢᠷᠤᠵᠤ ᠴᠢᠳᠠᠯ᠎ᠠ᠃ ᠳᠠᠪᠬᠤᠷ ᠳᠡᠪᠡᠯᠳᠦ ᠭᠤᠶᠤᠯᠭᠠᠴᠢᠨ᠎ᠤ ᠳᠦᠷᠢ ᠲᠥᠷᠬᠦ ᠡᠢᠨ᠎ᠬᠦ ᠮᠢᠩᠭᠠᠨ ᠵᠠᠭᠠᠨ ᠪᠣᠯᠤᠨ ᠠᠮᠢᠯᠠᠵᠠᠢ᠃ 《ᠲᠠᠶᠢ᠍ᠭ ᠦᠵᠡᠭᠡ᠎ᠦᠭᠡᠢ ᠪᠢᠴᠢᠭᠡᠴᠢ᠂ ᠮᠠᠶᠢ᠍ᠭ ᠦᠵᠡᠭᠡ᠎ᠦᠭᠡᠢ ᠵᠢᠷᠤᠭᠠᠴᠢ》 ᠪᠢᠰᠢ ᠭᠡᠳᠡᠭ᠎ᠢ᠎ᠨᠢ ᠵᠢᠮᠪᠠ᠎ᠳᠤ ᠲᠡᠷᠡ ᠪᠠᠰᠠ ᠤᠬᠠᠭᠠᠷᠠᠭᠤᠯᠵᠤ ᠥᠭᠴᠡᠢ᠃ ᠮᠡᠷᠭᠡᠨ ᠪᠠᠭᠰᠢ᠎ᠨᠢ ᠳᠡᠭᠡᠷ᠎ᠡ ᠪᠢᠰᠢ ᠲᠡᠷᠡ ᠳᠣᠣᠷ᠎ᠠ ᠪᠠᠢᠭᠰᠠᠨ᠎ᠢ᠎ᠴᠤ ᠮᠡᠳᠡᠵᠡᠢ᠃ ᠡᠷᠡᠬᠡᠢ ᠳᠠᠷᠤᠮ᠎ᠠ ᠵᠠᠢ᠎ᠳᠤ ᠪᠠᠭᠲᠠᠭᠰᠠᠨ ᠲᠡᠷᠡ ᠮᠢᠩᠭᠠᠨ ᠵᠠᠭᠠᠨ ᠡᠵᠡᠨ ᠳᠡᠭᠡᠳᠦᠰ᠎ᠦᠨ ᠰᠣᠨᠢᠨ ᠶᠠᠭᠤᠮ᠎ᠠ᠎ᠶᠢᠨ ᠰᠠᠩ ᠬᠥᠮᠦᠷᠭᠡ᠎ᠳᠦ ᠣᠷᠤᠵᠤ ᠦᠯᠡᠳᠡᠭᠰᠡᠨ ᠪᠣᠯᠪᠠᠴᠤ ᠶᠠᠳᠠᠭᠤ ᠭᠤᠶᠤᠯᠭᠠᠴᠢᠨ᠎ᠤ ᠤᠬᠠᠭᠠᠨ᠎ᠠᠴᠠ ᠲᠥᠷᠦᠭᠰᠡᠨ᠎ᠢ ᠬᠡᠨ᠎ᠴᠦ ᠲᠡᠷᠡ ᠴᠠᠭ᠎ᠲᠤ ᠰᠡᠵᠢᠭ ᠠᠪᠤᠯ᠎ᠦᠭᠡᠢ ᠥᠩᠭᠡᠷᠡᠵᠡᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082