ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠨᠠᠮ᠎ᠤᠨ ᠭᠡᠰᠢᠭᠦᠨ᠎ᠦ ᠪᠦᠷᠢᠳᠭᠡᠯ᠎ᠦᠨ ᠬᠦᠰᠦᠨᠦᠭ᠌ᠲᠦ

ᠵᠢᠶᠦ᠋ᠨ ᠴᠢᠩ

ᠨᠢᠭᠡ

ᠨᠢᠳᠦ᠎ᠦᠭᠡᠢ ᠬᠠᠷ᠎ᠠ ᠰᠢᠭᠤᠷᠭ᠎ᠠ ᠬᠤᠢᠯᠠᠷᠠᠨ ᠰᠢᠭᠤᠷᠴᠤ ᠪᠠᠢᠯ᠎ᠠ᠃

1943 ᠣᠨ᠎ᠤ ᠬᠠᠢ ᠯᠠᠢ ᠠᠭᠤᠯᠠᠷᠬᠠᠭ ᠣᠷᠤᠨ᠂ ᠲᠠᠰᠭᠢᠮ᠎ᠠ ᠬᠦᠢᠲᠡᠨ ᠡᠪᠦᠯ᠎ᠢᠶᠡᠷ᠎ᠢᠶᠡᠨ ᠪᠠᠢᠪᠠ᠃

ᠰᠢᠷᠦᠭᠦᠨ ᠰᠠᠯᠬᠢᠨ ᠴᠠᠰᠤᠨ ᠯᠠᠪᠰᠠ᠎ᠶᠢ ᠬᠤᠢᠯᠠᠷᠠᠭᠤᠯᠵᠤ᠂ ᠠᠭᠯᠠᠭ ᠠᠭᠤᠯᠠ᠂ ᠠᠲᠠᠷ ᠲᠠᠯ᠎ᠠ᠂ ᠠᠢᠯ ᠲᠣᠰᠭᠤᠨ᠎ᠢ ᠬᠠᠷᠠᠩᠭᠤᠢᠯᠠ ᠰᠢᠭᠤᠷᠤᠭᠠᠳ ᠦᠵᠢᠷᠡᠨ ᠬᠤᠪᠠᠬᠠᠢᠷᠠᠭᠰᠠᠨ ᠮᠣᠳᠤ᠎ᠶᠢ ᠰᠠᠵᠢᠯᠠᠭᠤᠯᠤᠨ ᠨᠠᠬᠢᠯᠵᠠᠭᠤᠯᠵᠤ᠂ ᠡᠷᠦᠬᠡ ᠭᠡᠷ᠎ᠦᠨ ᠡᠭᠦᠳᠡ ᠴᠣᠩᠬᠤ᠎ᠶᠢ ᠰᠠᠪᠠᠯᠠᠵᠤ᠂ ᠤᠯᠠᠯᠵᠢ᠎ᠶᠢᠨ ᠪᠦᠷᠭᠡ᠎ᠶᠢᠨ ᠳᠡᠭᠡᠪᠦᠷ᠎ᠢ ᠪᠥᠭᠡᠮ ᠪᠥᠭᠡᠮ᠎ᠢᠶᠡᠷ ᠬᠣᠪᠬᠤ ᠬᠡᠢᠰᠭᠡᠵᠦ᠂ ᠬᠦᠢᠲᠡᠨ ᠵᠢᠪᠠᠷ ᠰᠦᠩᠭᠢᠨᠡᠭᠦᠯᠦᠭᠰᠡᠨ ᠴᠠᠰᠤᠨ ᠯᠠᠪᠰᠠ᠎ᠶᠢ ᠠᠢᠯ᠎ᠤᠨ ᠭᠡᠷ᠎ᠲᠦ ᠴᠢᠬᠢᠵᠦ᠂ ᠬᠤᠪᠠᠬᠠᠢᠷᠠᠭᠰᠠᠨ ᠮᠣᠳᠤᠨ᠎ᠤ ᠮᠥᠴᠢᠷ᠎ᠢ ᠵᠢᠭᠲᠡᠢᠬᠡᠨ ᠢᠰᠭᠡᠷᠦᠭᠦᠯᠦᠨ ᠱᠤᠤᠭᠢᠭᠤᠯᠵᠤ᠂ ᠳᠠᠶᠠᠩ ᠳᠡᠯᠡᠬᠡᠢ᠎ᠶᠢᠨ ᠠᠯᠢᠪᠠ ᠪᠦᠬᠦᠨ ᠪᠦᠷ ᠲᠡᠭᠦᠨ᠎ᠦ ᠡᠷᠬᠡᠨ᠎ᠳᠦ ᠪᠠᠢᠬᠤ᠎ᠰᠢᠭ᠋ ᠳᠤᠷ᠎ᠠ ᠮᠡᠳᠡᠨ ᠰᠦᠢᠷᠡᠭᠦᠯᠵᠦ ᠪᠠᠢᠯ᠎ᠠ ᠁

ᠰᠢᠷ᠎ᠠ ᠪᠦᠷᠦᠢ ᠪᠣᠯᠬᠤ ᠬᠢᠷᠢ᠂ ᠬᠤᠸᠠᠩ ᠱᠦ ᠢᠩ ᠬᠠᠮᠤᠭ ᠡᠴᠦᠰ᠎ᠦᠨ ᠨᠢᠭᠡ ᠪᠣᠣᠪᠤ᠎ᠪᠠᠨ ᠬᠠᠭᠠᠷᠢᠵᠤ ᠳᠠᠭᠤᠰᠤᠭᠠᠳ᠂ ᠰᠠᠭᠰᠤᠨ᠎ᠳᠤ ᠬᠢᠵᠦ ᠬᠠᠭᠤᠷᠠᠢ ᠡᠪᠡᠰᠦ᠎ᠪᠡᠷ ᠪᠦᠲᠡᠭᠡᠨ ᠲᠣᠬᠤᠢᠯᠠᠭᠠᠳ ᠭᠠᠷᠪᠠ᠃ ᠲᠡᠷᠡ ᠪᠣᠯ ᠠᠷᠪᠠ ᠶᠢᠰᠦᠨ ᠨᠠᠰᠤᠲᠠᠢ ᠬᠡᠦᠬᠡᠨ᠎ᠶᠦᠮ᠃ ᠲᠥᠭᠦᠷᠢᠭᠬᠡᠨ ᠬᠠᠷᠠᠪᠲᠤᠷ ᠨᠢᠭᠤᠷ᠎ᠲᠠᠬᠢ ᠮᠣᠢᠯ ᠬᠠᠷ᠎ᠠ ᠲᠣᠮᠤ ᠨᠢᠳᠦ᠎ᠡᠴᠡ᠎ᠨᠢ ᠡᠶᠡᠯᠳᠡᠭ᠂ ᠠᠰᠪᠤᠷᠢ ᠴᠠᠭᠠᠪᠤᠷ᠂ ᠡᠷᠬᠡ ᠳᠡᠭᠵᠢᠭᠦᠨ ᠣᠴᠢ ᠳᠤᠸᠠᠯᠠᠵᠤ᠂ ᠣᠷᠴᠢᠯᠠᠩ ᠳᠡᠯᠡᠬᠡᠢ᠎ᠳᠦ ᠰᠠᠶᠢᠬᠠᠨ ᠣᠷᠤᠵᠤ ᠢᠷᠡᠭᠰᠡᠨ᠎ᠰᠢᠭ ᠪᠠᠢᠳᠠᠭ᠃ ᠵᠢᠭᠠᠬᠠᠨ ᠡᠷᠲᠡᠭᠡᠷ ᠤᠷᠤᠭᠤᠯ᠎ᠳᠤᠨᠢ ᠢᠨᠢᠶᠡᠩᠭᠦᠢ ᠪᠠᠢᠳᠠᠯ ᠪᠠᠢᠩᠭᠤ ᠢᠷᠯᠡᠳᠡᠭ ᠪᠥᠭᠡᠳ ᠠᠭᠤᠷᠯᠠᠭᠰᠠᠨ ᠦᠶ᠎ᠡ᠎ᠳᠣᠨᠢ᠎ᠴᠦ ᠭᠤᠤ᠎ᠠ ᠦᠵᠡᠰᠭᠦᠯᠡᠩ ᠵᠢᠰᠦ᠂ ᠦᠨᠡᠨᠴᠢ ᠰᠢᠳᠤᠷᠭᠤ ᠵᠠᠩ᠎ᠨᠢ ᠡᠰᠡ ᠬᠠᠯᠬᠠᠯᠠᠭᠳᠠᠨ᠎ᠠ᠃ ᠡᠨᠡ ᠪᠣᠯ ᠲᠡᠮᠦᠷ᠎ᠦᠨ ᠳᠠᠷᠬᠠᠨ ᠬᠤᠸᠠᠩ ᠯᠣᠣ ᠵᠢᠢ᠎ᠶᠢᠨ ᠥᠬᠢᠨ᠎ᠶᠦᠮ᠃ ᠳᠥᠷᠪᠡᠨ ᠵᠢᠯ᠎ᠦᠨ ᠡᠮᠦᠨ᠎ᠡ ᠭᠣᠮᠢᠨᠳᠠᠩ᠎ᠤᠨ ᠶᠠᠫᠤᠨ᠎ᠳᠤ ᠪᠠᠭᠤᠵᠤ ᠥᠭᠭᠦᠭᠰᠡᠨ ᠵᠣᠣ ᠪᠣᠣ ᠶᠤᠸᠠᠨ᠎ᠤ ᠴᠡᠷᠢᠭ᠎ᠲᠦ ᠡᠴᠢᠭᠡ᠎ᠨᠢ ᠠᠯᠠᠭᠳᠠᠬᠤ ᠦᠶᠡᠰ᠂ ᠠᠷᠪᠠᠨ ᠲᠠᠪᠤᠬᠠᠨ ᠨᠠᠰᠤᠲᠠᠢ ᠵᠢᠭᠠᠯ ᠪᠠᠢᠵᠤ ᠡᠳᠦᠷ ᠲᠤᠵᠢ ᠡᠵᠢ᠎ᠪᠡᠨ ᠳᠠᠭᠠᠵᠤ ᠠᠭᠤᠯᠠ᠎ᠠᠴᠠ ᠡᠪᠡᠰᠦ ᠲᠦᠯᠡᠭᠡ ᠬᠠᠳᠤᠵᠤ᠂ ᠲᠣᠭᠤᠷᠢᠭᠰᠠᠨ ᠠᠢᠯ᠎ᠳᠤ ᠲᠡᠨᠦᠨ ᠪᠤᠳᠠᠭ᠎ᠠ ᠭᠤᠶᠤᠳᠠᠭ ᠪᠠᠢᠵᠠᠢ᠃ ᠣᠳᠣ᠂ ᠨᠢᠭᠡᠨᠲᠡ ᠨᠠᠰᠤᠨ᠎ᠳᠤ ᠬᠦᠷᠦᠭᠰᠡᠨ ᠬᠡᠦᠬᠡᠨ ᠪᠣᠯᠵᠤ ᠠᠯᠠᠭᠳᠠᠭᠰᠠᠨ ᠠᠪᠤ᠎ᠲᠠᠢ᠎ᠪᠠᠨ ᠠᠳᠠᠯᠢ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ ᠪᠣᠯᠪᠠ᠃ ᠥᠴᠦᠭᠡᠳᠦᠷ ᠰᠥᠨᠢ᠂ ᠨᠤᠲᠤᠭ᠎ᠤᠨ ᠨᠠᠮ᠎ᠤᠨ ᠬᠣᠷᠢᠶᠠᠨ᠎ᠤ ᠱᠦᠵᠢ ᠯᠣᠣ ᠵᠣᠣ᠂ ᠬᠤᠸᠠᠩ ᠵᠢᠶᠠ ᠺᠤᠸᠠᠩ᠎ᠳᠤ ᠢᠷᠡᠭᠡᠳ᠂ ᠡᠮᠦᠨ᠎ᠡ ᠠᠭᠤᠯᠠ᠎ᠶᠢᠨ ᠡᠩᠭᠡᠷ᠎ᠲᠡᠬᠢ ᠬᠤᠸᠠᠩ ᠸᠧᠨ ᠯᠢᠶᠠᠩ ᠡᠪᠦᠭᠡᠨ᠎ᠦ ᠦᠲᠦᠷᠮ᠎ᠡ᠎ᠶᠢᠨ ᠭᠡᠷ᠎ᠲᠦ ᠳᠠᠯᠳᠠᠯᠠᠪᠠ᠃ ᠡᠨᠡ ᠠᠢᠯ ᠪᠣᠯ ᠳᠠᠢᠰᠤᠨ᠎ᠳᠤ ᠡᠵᠡᠯᠡᠭᠳᠡᠭᠰᠡᠨ ᠣᠷᠤᠨ ᠲᠤᠯᠠ ᠡᠳᠦᠷ᠎ᠢᠶᠡᠷ ᠠᠵᠢᠯᠯᠠᠵᠤ ᠴᠢᠳᠠᠬᠤ᠎ᠦᠭᠡᠢ ᠪᠣᠯᠵᠤ᠂ ᠨᠢᠭᠡ ᠡᠳᠦᠷ᠎ᠢᠶᠡᠷ ᠬᠣᠭᠤᠯᠠ ᠢᠳᠡᠭᠡᠳᠦᠢ ᠠᠵᠢ᠃ ᠡᠢᠮᠦ᠎ᠡᠴᠡ ᠬᠤᠸᠠᠩ ᠱᠦ ᠢᠩ ᠡᠵᠢ᠎ᠪᠡᠷ᠎ᠢᠶᠡᠨ ᠨᠢᠭᠡ ᠬᠤᠯᠤ ᠴᠠᠭᠠᠨ ᠭᠤᠯᠢᠷ ᠵᠢᠭᠡᠯᠡᠭᠦᠯᠵᠦ᠂ ᠬᠣᠶᠠᠷ ᠪᠣᠣᠪᠤ ᠬᠠᠭᠠᠷᠢᠨ᠂ ᠳᠠᠪᠤᠰᠤᠲᠠᠢ ᠨᠤᠭᠤᠰᠤᠨ ᠥᠨᠳᠡᠭᠡ ᠬᠣᠶᠠᠷ ᠴᠢᠨᠠᠭᠠᠳ᠂ ᠰᠢᠷ᠎ᠠ ᠪᠦᠷᠦᠢ ᠪᠣᠯᠤᠮᠠᠭᠴᠠ ᠯᠣᠣ ᠵᠣᠣ᠎ᠳᠤ ᠬᠦᠷᠭᠡᠬᠦ᠎ᠪᠡᠷ ᠶᠠᠪᠤᠯ᠎ᠠ᠃

ᠦᠶ᠎ᠡ ᠦᠶ᠎ᠡ ᠰᠢᠭᠤᠷᠤᠭᠰᠠᠨ ᠰᠢᠭᠤᠷᠭ᠎ᠠ ᠡᠷᠴᠢᠯᠡᠨ ᠰᠢᠯᠪᠢᠭᠦᠷᠳᠡᠬᠦ᠎ᠳᠦ᠂ ᠬᠤᠸᠠᠩ ᠱᠦ ᠢᠩ ᠳᠠᠭᠵᠢᠰᠬᠢᠨ ᠴᠡᠴᠡᠷᠡᠵᠦ᠂ ᠵᠡᠭᠡᠯᠢ ᠥᠭᠡᠳᠡ ᠠᠵᠢᠬᠤ᠎ᠳᠤ ᠶᠡᠬᠡ ᠵᠡᠭᠡᠯᠢ ᠡᠯᠦᠢ ᠬᠤᠯᠤᠢ ᠨᠢᠭᠡ᠎ᠴᠦ ᠬᠥᠮᠦᠨ ᠦᠵᠡᠭᠳᠡᠬᠦ᠎ᠦᠭᠡᠢ ᠪᠣᠯᠬᠣᠷ ᠰᠠᠭᠰᠤ᠎ᠪᠠᠨ ᠯᠠᠪᠳᠠᠭᠤᠨ ᠲᠣᠬᠤᠢᠯᠠᠵᠤ᠂ ᠲᠣᠰᠭᠤᠨ᠎ᠠᠴᠠ ᠭᠠᠷᠴᠤ ᠰᠠᠯᠬᠢ ᠰᠥᠷᠦᠨ ᠶᠠᠭᠠᠷᠠᠤ ᠠᠯᠬᠤᠯᠠᠪᠠ ᠁

ᠳᠥᠩᠭᠡᠵᠢ ᠠᠭᠤᠯᠠ᠎ᠶᠢᠨ ᠪᠠᠯ ᠬᠦᠷᠦᠮᠡᠭᠴᠡ ᠭᠡᠨᠡᠳᠲᠡ ᠫᠤᠤ ᠳᠤᠤᠭᠠᠷᠪᠠ᠃ ᠲᠡᠷᠡ ᠰᠣᠴᠢᠰᠬᠢᠨ ᠠᠵᠢᠭᠯᠠᠪᠠᠯ᠂ ᠴᠠᠢᠷᠠᠨ ᠰᠢᠭᠤᠷᠤᠭᠰᠠᠨ ᠴᠠᠰᠤ᠂ ᠠᠭᠤᠯᠠ᠎ᠶᠢᠨ ᠬᠠᠭᠠᠰ ᠪᠠᠯ᠎ᠢ ᠤᠲᠤᠭ᠎ᠠ ᠤᠨᠢᠶᠠᠷ᠎ᠰᠢᠭ᠋ ᠪᠦᠷᠬᠦᠵᠦ ᠶᠠᠭᠤ᠎ᠴᠤ ᠦᠵᠡᠭᠳᠡᠬᠦ᠎ᠦᠭᠡᠢ ᠪᠠᠢᠪᠠ᠃ ᠭᠡᠲᠡᠯ᠎ᠡ ᠲᠡᠷᠡ᠎ᠬᠦ ᠤᠲᠤᠭ᠎ᠠ ᠤᠨᠢᠶᠠᠷ᠎ᠤᠨ ᠭᠦᠨ᠎ᠳᠦ ᠫᠤᠤ ᠦᠷᠭᠦᠯᠵᠢᠯᠡᠨ ᠬᠡᠳᠦ ᠳᠤᠤᠭᠠᠷᠪᠠ᠃

ᠬᠤᠸᠠᠩ ᠱᠦ ᠢᠩ 《ᠬᠡᠷᠡᠭ ᠮᠠᠭᠤᠬᠠᠢ ᠪᠣᠯᠤᠯ᠎ᠠ!》 ᠭᠡᠳ ᠪᠠᠢᠳᠠᠯ ᠬᠦᠨᠳᠦ ᠪᠣᠯᠤᠭᠰᠠᠨ᠎ᠢ ᠥᠪᠡᠷ᠎ᠦᠨ ᠡᠷᠬᠡ᠎ᠦᠭᠡᠢ ᠮᠡᠳᠡᠷᠡᠵᠦ᠂ ᠵᠠᠮ᠎ᠤᠨ ᠬᠠᠵᠠᠭᠤ᠎ᠳᠤ ᠮᠡᠭᠡᠷᠡᠨ ᠵᠣᠭᠰᠤᠵᠤ᠂ ᠥᠪᠡᠷ᠎ᠡᠴᠡ᠎ᠪᠡᠨ 《ᠶᠠᠭᠠᠬᠢᠬᠤ ᠪᠢᠯᠡ?》 ᠭᠡᠵᠦ ᠠᠰᠠᠭᠤᠨ᠎ᠠ᠂ ᠵᠠᠯᠭᠠᠭᠠᠳ ᠤᠷᠤᠭᠰᠢᠯᠠᠬᠤ᠎ᠤᠤ? ᠲᠦᠷ ᠵᠠᠢᠯᠠᠵᠤ ᠳᠠᠯᠳᠠᠯᠠᠬᠤ᠎ᠤᠤ? ᠭᠡᠵᠦ ᠪᠣᠳᠤᠯᠬᠢᠯᠠᠨ᠂ ᠦᠷᠭᠦᠯᠵᠢᠯᠡᠨ ᠳᠡᠭᠡᠭᠰᠢ ᠶᠠᠪᠤᠪᠠᠯ ᠠᠶᠤᠮᠰᠢᠭ᠎ᠲᠠᠢ ᠪᠠᠢᠨ᠎ᠠ᠃ ᠭᠡᠪᠡᠴᠦ ᠳᠡᠮᠡᠢ ᠲᠦᠳᠡᠭᠡᠯᠵᠡᠭᠰᠡᠨ᠎ᠦᠭᠡᠢ᠎ᠪᠡᠷ ᠰᠡᠳᠭᠢᠯ ᠰᠢᠭᠤᠳᠪᠠ᠃ ᠰᠠᠭᠰᠤᠨ ᠳᠣᠲᠤᠷᠠᠬᠢ ᠪᠣᠣᠪᠤ᠂ ᠥᠨᠳᠡᠭᠡ᠎ᠪᠡᠨ ᠰᠣᠨᠤᠷ ᠰᠡᠷᠡᠮᠵᠢ᠎ᠲᠡᠢ᠎ᠪᠡᠷ ᠵᠠᠮ᠎ᠤᠨ ᠬᠠᠵᠠᠭᠤ᠎ᠶᠢᠨ ᠴᠠᠰᠤᠨ᠎ᠳᠤ ᠪᠤᠯᠠᠵᠤ ᠬᠣᠭᠤᠰᠤᠨ ᠰᠠᠭᠰᠤ᠎ᠪᠠᠨ ᠳᠣᠬᠤᠢᠯᠠᠨ ᠦᠷᠭᠦᠯᠵᠢᠯᠡᠨ ᠠᠭᠤᠯᠠ ᠥᠭᠡᠳᠡ ᠠᠪᠠᠷᠢᠪᠠ᠃ ᠳᠡᠮᠡᠢ ᠶᠠᠪᠤᠭ᠎ᠠ᠎ᠦᠭᠡᠢ᠎ᠪᠠᠷ ᠡᠮᠦᠨ᠎ᠡ᠎ᠨᠢ ᠡᠷᠢᠶᠡᠨ ᠮᠢᠷᠢᠶᠡᠨ ᠳᠠᠭᠤ ᠭᠠᠷᠴᠤ᠂ ᠤᠷᠲᠤ ᠬᠤᠪᠴᠠᠰᠤᠲᠠᠢ ᠠᠷᠪᠠᠭᠠᠳ ᠬᠥᠮᠦᠨ᠂ ᠨᠢᠭᠡ ᠬᠥᠮᠦᠨ᠎ᠢ ᠪᠠᠷᠢᠪᠴᠢᠯᠠᠨ ᠠᠭᠤᠯᠠ᠎ᠠᠴᠠ ᠪᠠᠭᠤᠵᠤ ᠢᠷᠡᠪᠡ᠃ ᠣᠢᠷᠠᠳᠴᠤ ᠣᠴᠢᠭᠠᠳ ᠦᠵᠡᠬᠦᠯᠡᠷ ᠯᠣᠣ ᠵᠣᠣ ᠪᠠᠢᠪᠠ᠃ ᠲᠡᠭᠦᠨ᠎ᠦ ᠭᠠᠷ᠎ᠨᠢ ᠠᠷᠤ᠎ᠳᠠᠭᠠᠨ ᠬᠦᠯᠢᠶᠡᠰᠦ᠎ᠲᠡᠢ᠂ ᠮᠥᠷᠦ᠎ᠡᠴᠡ᠎ᠨᠢ ᠴᠢᠰᠤ ᠭᠣᠭᠤᠵᠢᠨ᠂ ᠨᠢᠭᠤᠷ᠎ᠲᠤᠨᠢ ᠵᠣᠳᠤᠯᠳᠤᠵᠤ ᠴᠣᠬᠢᠯᠳᠤᠭᠰᠠᠨ ᠣᠷᠤ ᠮᠥᠷ ᠬᠡᠰᠡᠭ ᠬᠡᠰᠡᠭ ᠦᠵᠡᠭᠳᠡᠨ᠎ᠡ᠃ ᠤᠷᠤᠭᠤᠯ᠎ᠨᠢ ᠴᠡᠴᠡᠷᠬᠢᠯᠡᠵᠦ ᠲᠠᠲᠠᠯᠳᠤᠨ ᠲᠤᠢᠯ᠎ᠢᠶᠠᠷ ᠠᠭᠤᠷᠯᠠᠵᠤ ᠬᠢᠯᠢᠩᠨᠡᠭᠰᠡᠨ ᠪᠠᠢᠳᠠᠯ ᠢᠯᠡᠷᠡᠨ᠎ᠡ᠃ ᠬᠤᠸᠠᠩ ᠱᠦ ᠢᠩ᠎ᠢ ᠦᠵᠡᠮᠡᠭᠴᠡ ᠨᠢᠳᠦᠨ ᠬᠠᠷᠠᠴᠠ᠎ᠨᠢ ᠭᠡᠢᠭᠡᠰᠬᠢᠨ ᠨᠢᠭᠤᠷ᠎ᠲᠤᠨᠢ ᠦᠯᠦ ᠮᠡᠳᠡᠭᠳᠡᠮ᠎ᠡ ᠢᠨᠢᠶᠡᠮᠰᠦᠭᠯᠡᠯ ᠢᠯᠡᠷᠡᠨ᠎ᠡ᠃

ᠬᠤᠸᠠᠩ ᠱᠦ ᠢᠩ ᠳᠠᠷᠤᠢᠬᠠᠨ ᠵᠠᠢᠯᠠᠨ ᠥᠭᠴᠦ᠂ ᠵᠠᠮ᠎ᠤᠨ ᠬᠠᠵᠠᠭᠤ᠎ᠳᠤ ᠵᠣᠭᠰᠤᠭᠠᠳ᠂ ᠦᠯᠦ ᠲᠠᠨᠢᠭᠴᠢ᠎ᠰᠢᠭ᠋ ᠠᠵᠢᠭ᠎ᠦᠭᠡᠢ ᠰᠢᠷᠲᠡᠪᠡ᠃ ᠤᠷᠲᠤ ᠬᠤᠪᠴᠠᠰᠤ᠎ᠲᠠᠢ ᠳᠡᠭᠡᠷᠡᠮᠴᠢᠳ ᠰᠢᠭᠤᠷᠭᠠᠨ ᠳᠤᠮᠳᠠᠭᠤᠷ ᠬᠦᠵᠦᠭᠦᠦ᠎ᠪᠡᠨ ᠰᠢᠷᠭᠢᠭᠦᠯᠦᠭᠰᠡᠭᠡᠷ ᠤᠷᠳᠤᠭᠤᠷ᠎ᠨᠢ ᠠᠩᠬᠠᠷᠤᠯ᠎ᠦᠭᠡᠢ ᠥᠩᠭᠡᠷᠡᠪᠡ᠃ ᠯᠣᠣ ᠵᠣᠣ ᠬᠠᠵᠠᠭᠤ᠎ᠳᠤᠨᠢ ᠣᠢᠷᠠᠳᠴᠤ ᠢᠷᠡᠭᠡᠳ᠂ ᠥᠳᠭᠡᠨ ᠬᠠᠷ᠎ᠠ ᠬᠥᠮᠦᠰᠭᠡ᠎ᠪᠡᠨ ᠠᠲᠤᠷᠢᠭᠤᠯᠵᠤ᠂ ᠨᠢᠳᠦ᠎ᠪᠡᠨ ᠬᠦᠴᠦᠲᠡᠢᠬᠡᠨ ᠬᠣᠶᠠᠷ ᠴᠠᠪᠴᠢᠯᠠᠨ᠂ ᠠᠭᠤᠯᠠ ᠥᠭᠡᠳᠡ ᠡᠷᠭᠢᠨ ᠬᠠᠷᠠᠵᠤ ᠣᠢᠯᠠᠭᠠᠭᠳᠠᠰᠢ᠎ᠦᠭᠡᠢ ᠨᠢᠭᠤᠴᠠ ᠳᠣᠬᠢᠶ᠎ᠠ ᠥᠭᠪᠡ᠃ ᠡᠳᠡᠭᠡᠷ ᠪᠦᠬᠦᠨ᠎ᠨᠢ ᠡᠨᠡ ᠮᠡᠲᠦ ᠰᠣᠴᠢᠮᠠᠭ᠎ᠢᠶᠠᠷ ᠲᠣᠬᠢᠶᠠᠯᠳᠤᠵᠤ᠂ ᠬᠤᠸᠠᠩ ᠱᠦ ᠢᠩ ᠪᠦᠷᠢᠨ ᠣᠢᠯᠠᠭᠠᠵᠤ ᠠᠮᠵᠢᠭᠠᠳᠤᠢ ᠪᠠᠢᠲᠠᠯ᠎ᠠ᠂ ᠯᠣᠣ ᠵᠣᠣ ᠬᠣᠯᠠᠳᠤᠨ ᠣᠳᠪᠠ᠃ ᠤᠲᠤᠭ᠎ᠠ᠎ᠰᠢᠭ᠋ ᠬᠠᠷᠠᠩᠭᠤᠢᠯᠠᠨ ᠪᠠᠢᠭ᠎ᠠ ᠰᠢᠭᠤᠷᠭ᠎ᠠ᠂ ᠲᠡᠳᠡᠨ᠎ᠦ ᠪᠠᠷ᠎ᠠ ᠰᠡᠭᠦᠳᠡᠷ᠎ᠢ᠎ᠨᠢ ᠦᠳᠲᠡᠷ ᠪᠠᠯᠠᠷᠠᠭᠤᠯᠤᠨ ᠣᠷᠬᠢᠯ᠎ᠠ ᠁

ᠬᠤᠸᠠᠩ ᠱᠦ ᠢᠩ ᠵᠠᠮ᠎ᠤᠨ ᠵᠠᠬ᠎ᠠ᠎ᠳᠠᠬᠢ ᠬᠥᠷ ᠴᠠᠰᠤᠨ᠎ᠳᠤ ᠵᠣᠭᠰᠤᠨ ᠴᠠᠢᠷᠠᠨ ᠬᠤᠢᠯᠠᠷᠠᠭᠰᠠᠨ ᠰᠢᠭᠤᠷᠭᠠᠨ ᠳᠤᠮᠳᠠᠭᠤᠷ᠂ ᠥᠴᠦᠬᠡᠨ᠎ᠴᠦ ᠬᠥᠳᠡᠯᠦᠯ᠎ᠦᠭᠡᠢ᠎ᠪᠡᠷ ᠮᠡᠯᠡᠷᠡᠨ ᠰᠢᠷᠲᠡᠨ᠎ᠡ᠃ ᠪᠠᠴᠢᠮᠳᠠᠭᠰᠠᠨ ᠰᠡᠳᠭᠢᠯᠭᠡ᠎ᠪᠡᠨ ᠳᠠᠷᠤᠵᠤ ᠶᠠᠳᠠᠨ᠂ ᠳᠠᠭᠠᠷᠢᠨ ᠣᠷᠤᠵᠤ ᠯᠣᠣ ᠵᠣᠣ᠎ᠶᠢ ᠠᠪᠤᠷᠠᠭᠰᠠᠨ᠎ᠦᠭᠡᠢ᠎ᠳᠠᠭᠠᠨ ᠪᠡᠶ᠎ᠡ᠎ᠪᠡᠨ ᠵᠢᠮᠡᠯᠡᠬᠦ᠎ᠳᠦ᠂ ᠲᠡᠮᠦᠷ᠎ᠦᠨ ᠳᠠᠷᠬᠠᠨ ᠬᠤᠸᠠᠩ ᠯᠣᠣ ᠵᠢᠢ᠎ᠶᠢᠨ ᠡᠷᠡᠯᠬᠡᠭ ᠪᠠᠭᠠᠲᠤᠷᠯᠢᠭ ᠴᠢᠨᠠᠷ᠂ ᠪᠦᠬᠦ ᠪᠡᠶ᠎ᠡ᠎ᠳᠦᠨᠢ ᠡᠷᠴᠢᠯᠡᠨ ᠣᠷᠭᠢᠯᠵᠤ ᠪᠠᠢᠯ᠎ᠠ᠃ ᠡᠢᠮᠦ᠎ᠡᠴᠡ᠂ ᠥᠬᠢᠨ ᠤᠯᠠᠮ ᠵᠣᠷᠢᠭᠵᠢᠪᠠ᠃ ᠭᠡᠪᠡᠴᠦ ᠯᠣᠣ ᠵᠣᠣ᠎ᠶᠢᠨ ᠥᠭᠭᠦᠭᠰᠡᠨ ᠣᠢᠯᠠᠭᠠᠭᠳᠠᠰᠢ᠎ᠦᠭᠡᠢ ᠨᠢᠭᠤᠴᠠ ᠳᠣᠬᠢᠶ᠎ᠠ᠎ᠨᠢ ᠲᠡᠳᠦᠢᠬᠡᠨ ᠵᠠᠭᠤᠷ᠎ᠠ ᠲᠡᠭᠦᠨ᠎ᠦ ᠤᠭᠤᠷᠠᠭ ᠲᠠᠷᠢᠬᠢᠨ᠎ᠳᠤ ᠢᠯᠡᠷᠡᠪᠡ᠃ ᠡᠨᠡ᠎ᠬᠦ ᠨᠢᠭᠤᠴᠠ ᠳᠣᠬᠢᠶ᠎ᠠ ᠲᠡᠭᠦᠨ᠎ᠦ ᠲᠠᠷᠢᠬᠢᠨ᠎ᠳᠤ ᠡᠭᠦᠯᠡ ᠮᠠᠨᠠᠨ᠎ᠰᠢᠭ᠋ ᠥᠷᠭᠡᠵᠢᠵᠦ᠂ ᠬᠣᠭᠤᠰᠤᠨ ᠪᠣᠳᠤᠯ ᠪᠠ ᠠᠭᠤᠷ ᠬᠢᠯᠢᠩ᠎ᠢ᠎ᠨᠢ ᠳᠠᠷᠤᠪᠠ᠃ ᠵᠢᠯ ᠭᠠᠷᠤᠢ ᠨᠢᠭᠤᠴᠠ ᠲᠡᠮᠡᠴᠡᠯ ᠶᠠᠪᠤᠭᠤᠯᠤᠭᠰᠠᠨ ᠲᠤᠷᠰᠢᠯᠭ᠎ᠠ᠎ᠪᠠᠨ ᠦᠨᠳᠦᠰᠦᠯᠡᠪᠡᠯ ᠯᠣᠣ ᠵᠣᠣ᠎ᠶᠢᠨ ᠬᠥᠮᠦᠰᠭᠡ᠎ᠪᠡᠨ ᠠᠲᠤᠷᠢᠭᠤᠯᠤᠨ᠂ ᠨᠢᠳᠦ᠎ᠪᠡᠨ ᠴᠠᠪᠴᠢᠯᠬᠢᠯᠠᠵᠤ ᠡᠷᠭᠢᠨ ᠬᠠᠷᠠᠭᠰᠠᠨ᠎ᠨᠢ ᠨᠢᠭᠡᠨ ᠤᠴᠢᠷ᠎ᠲᠠᠢ ᠪᠣᠯᠬᠤ᠎ᠶᠢ ᠣᠢᠯᠠᠭᠠᠪᠠ᠃ ᠭᠡᠪᠡᠴᠦ᠂ ᠴᠣᠬᠤᠮ ᠵᠣᠷᠢᠯᠭ᠎ᠠ᠎ᠨᠢ ᠶᠠᠭᠤᠨ᠎ᠳᠤ ᠪᠠᠢᠬᠤ ᠪᠤᠢ? ᠭᠡᠵᠦ ᠵᠢᠷᠪᠢᠢᠭᠰᠡᠨ ᠤᠷᠲᠤ ᠬᠥᠮᠦᠰᠭᠡ᠎ᠪᠡᠨ ᠵᠠᠩᠭᠢᠳᠴᠤ ᠨᠠᠷᠢᠪᠴᠢᠯᠠᠨ ᠪᠣᠳᠤᠪᠠ᠃ ᠡᠨᠡ ᠦᠶ᠎ᠡ᠎ᠳᠦ ᠣᠷᠤᠢ᠎ᠶᠢᠨ ᠰᠢᠭᠤᠷᠭᠠᠨ ᠭᠠᠯᠵᠠᠭᠤᠷᠠᠭᠰᠠᠨ ᠮᠡᠲᠦ ᠰᠢᠷᠦᠭᠦᠰᠴᠦ᠂ ᠲᠡᠭᠦᠨ᠎ᠦ ᠰᠠᠢᠬᠠᠨ ᠬᠠᠷ᠎ᠠ ᠭᠡᠵᠢᠭᠡ᠎ᠨᠢ ᠰᠠᠯᠬᠢᠨ᠎ᠳᠤ ᠦᠯᠢᠶᠡᠭᠳᠡᠨ ᠰᠡᠷᠪᠡᠯᠵᠡᠭᠡᠳ᠂ ᠬᠠᠴᠠᠷ᠎ᠨᠢ ᠬᠠᠭᠠᠷᠢᠭᠳᠠᠨ ᠬᠥᠪ ᠬᠥᠬᠡᠷᠡᠨ᠂ ᠬᠥᠷ ᠴᠠᠰᠤᠨ᠎ᠤ ᠭᠦᠨ᠎ᠳᠦ ᠴᠥᠮᠦᠷᠡᠨ ᠣᠷᠤᠭᠰᠠᠨ ᠬᠥᠯ᠎ᠨᠢ ᠵᠢᠮᠵᠢᠭᠢᠨᠡᠨ ᠶᠠᠩᠭᠢᠨᠠᠵᠤ ᠪᠠᠢᠭᠰᠠᠨ ᠪᠣᠯᠪᠠᠴᠤ᠂ ᠡᠨᠡ ᠪᠦᠬᠦᠨ᠎ᠢ ᠠᠵᠢᠶᠠᠷᠠᠭᠰᠠᠨ᠎ᠴᠤ᠎ᠦᠭᠡᠢ᠂ ᠪᠦᠬᠦ ᠰᠡᠳᠭᠢᠯ᠎ᠢᠶᠡᠨ ᠲᠥᠪᠯᠡᠷᠡᠭᠦᠯᠦᠨ ᠨᠠᠷᠢᠨ ᠬᠢᠨᠠᠭᠤᠷ ᠪᠠᠢᠳᠠᠯ᠎ᠳᠤ ᠣᠷᠤᠪᠠ᠃ ᠵᠢᠷ᠎ᠦᠨ ᠦᠶ᠎ᠡ᠎ᠳᠦ ᠵᠡᠷᠭᠡᠯᠡᠳᠡᠭᠡ ᠭᠡᠷ᠎ᠦᠨ ᠬᠡᠦᠬᠡᠨᠴᠦᠳ᠎ᠲᠡᠢ ᠦᠶᠡᠷᠬᠡᠨ ᠣᠨᠢᠰᠤᠭ᠎ᠠ ᠲᠠᠭᠠᠵᠤ ᠨᠠᠭᠠᠳᠬᠤ᠎ᠳᠠᠭᠠᠨ ᠴᠥᠭᠡᠨ ᠭᠠᠷᠲᠠᠭᠠᠭᠳᠠᠳᠠᠭ᠂ ᠬᠠᠨᠢᠲᠠᠨ᠎ᠤ᠎ᠪᠠᠨ ᠳᠣᠲᠤᠷ᠎ᠠ ᠬᠠᠮᠤᠭ᠎ᠤᠨ ᠰᠡᠴᠡᠨ ᠰᠡᠷᠭᠦᠯᠡᠩ ᠭᠡᠭᠳᠡᠳᠡᠭ᠎ᠶᠦᠮ᠃ ᠲᠡᠳᠡ ᠪᠦᠷ ᠲᠡᠭᠦᠨ᠎ᠢ ᠣᠨᠢᠰᠤᠭ᠎ᠠ ᠲᠠᠭᠠᠬᠤ ᠮᠡᠷᠭᠡᠵᠢᠯᠲᠡᠨ ᠭᠡᠨ᠎ᠡ᠃ ᠭᠡᠪᠡᠴᠦ᠂ ᠣᠳᠣᠬᠢ᠎ᠶᠢᠨ ᠡᠨᠡ ᠣᠨᠢᠰᠤᠭ᠎ᠠ᠎ᠨᠢ ᠲᠡᠭᠦᠨ᠎ᠳᠦ ᠣᠭᠲᠤ ᠣᠢᠯᠠᠭᠠᠭᠳᠠᠰᠢ᠎ᠦᠭᠡᠢ᠂ ᠲᠠᠭᠠᠵᠤ ᠮᠡᠳᠡᠬᠦ᠎ᠳᠦ ᠬᠠᠮᠤᠭ᠎ᠤᠨ ᠬᠡᠴᠡᠭᠦᠦ ᠪᠠᠢᠪᠠ᠃ ᠲᠡᠭᠡᠭᠡᠳ ᠡᠴᠦᠰ᠎ᠲᠦᠨᠢ ᠦᠲᠦᠷᠮ᠎ᠡ᠎ᠶᠢᠨ ᠭᠡᠷ᠎ᠲᠦ ᠣᠴᠢᠵᠤ ᠦᠵᠡᠬᠦ᠎ᠪᠡᠷ ᠰᠢᠭᠤᠳᠪᠠ᠃ ᠤᠴᠢᠷ᠎ᠨᠢ ᠯᠣᠣ ᠵᠣᠣ᠎ᠶᠢᠨ ᠡᠷᠭᠢᠵᠦ ᠬᠠᠷᠢᠨ ᠳᠣᠬᠢᠶ᠎ᠠ ᠥᠭᠭᠦᠭᠰᠡᠨ᠎ᠨᠢ ᠦᠲᠦᠷᠮ᠎ᠡ᠎ᠶᠢᠨ ᠭᠡᠷ᠎ᠲᠦ ᠶᠠᠮᠠᠷ ᠨᠢᠭᠡ ᠭᠦᠢᠴᠡᠳᠭᠡᠭᠡᠳᠦᠢ ᠶᠠᠪᠤᠳᠠᠯ ᠪᠠᠢᠬᠤ᠎ᠶᠢ ᠮᠡᠳᠡᠪᠡ᠃ ᠡᠢᠮᠦ᠎ᠡᠴᠡ᠂ ᠰᠡᠩᠳᠡ ᠮᠡᠩᠳᠡ ᠠᠯᠬᠤᠯᠠᠵᠤ ᠲᠡᠳᠡᠨ᠎ᠦ ᠰᠠᠶᠢᠬᠠᠨ ᠪᠠᠭᠤᠵᠤ ᠢᠷᠡᠭᠰᠡᠨ ᠠᠭᠤᠯᠠᠨ ᠵᠠᠮ᠎ᠢ ᠥᠭᠰᠦᠨ᠂ ᠠᠭᠤᠯᠠᠨ ᠬᠢᠷ᠎ᠠ᠎ᠳᠠᠬᠢ ᠦᠲᠦᠷᠮ᠎ᠡ᠎ᠶᠢᠨ ᠭᠡᠷ ᠤᠷᠤᠭᠤ ᠣᠴᠢᠪᠠ᠃

ᠦᠲᠦᠷᠮ᠎ᠡ᠎ᠶᠢᠨ ᠭᠡᠷ᠎ᠦᠨ ᠡᠭᠦᠳᠡ᠎ᠨᠢ ᠨᠡᠭᠡᠭᠡᠭᠳᠡᠵᠦ ᠭᠡᠷ᠎ᠦᠨ ᠳᠣᠲᠤᠷ᠎ᠠ ᠳᠠᠷᠢ᠎ᠶᠢᠨ ᠦᠨᠦᠷ ᠬᠠᠩᠬᠤᠯᠤᠨ᠂ ᠭᠢᠰᠭᠢᠭᠳᠡᠨ ᠲᠠᠯᠬᠢᠭᠳᠠᠭᠰᠠᠨ ᠬᠠᠭᠤᠷᠠᠢ ᠡᠪᠡᠰᠦ ᠭᠠᠵᠠᠷ ᠳᠦᠭᠦᠷᠴᠦ᠂ ᠡᠪᠡᠰᠦᠨ᠎ᠳᠦᠨᠢ ᠤᠯᠠᠭᠠᠨ ᠴᠢᠰᠤ ᠴᠣᠬᠤᠷᠯᠠᠨ ᠳᠤᠰᠤᠯᠠᠭᠰᠠᠨ ᠪᠥᠭᠡᠳ ᠭᠠᠷ ᠫᠤᠤ᠎ᠶᠢᠨ ᠬᠡᠳᠦᠨ ᠭᠢᠯᠠᠯᠵᠠᠭᠰᠠᠨ ᠬᠣᠩᠭᠢᠶ᠎ᠠ ᠪᠠᠢᠪᠠ᠃ ᠪᠠᠢᠳᠠᠯ᠎ᠢ᠎ᠨᠢ ᠦᠵᠡᠬᠦ᠎ᠳᠦ ᠯᠣᠣ ᠵᠣᠣ ᠭᠡᠨᠡᠳᠲᠡ ᠳᠠᠭᠠᠷᠢᠭᠳᠠᠵᠤ᠂ ᠲᠦᠷ ᠵᠠᠭᠤᠷ᠎ᠠ᠎ᠶᠢᠨ ᠲᠡᠮᠡᠴᠡᠯ᠎ᠢ ᠥᠩᠭᠡᠷᠡᠭᠡᠨ ᠰᠢᠷᠬᠠᠲᠤᠭᠠᠳ ᠰᠠᠶᠢ ᠪᠠᠷᠢᠪᠴᠢᠯᠠᠭᠳᠠᠭᠰᠠᠨ ᠪᠣᠯᠤᠯᠲᠠᠢ᠃ ᠬᠠᠨᠵᠤᠨ ᠪᠤᠯᠤᠩ᠎ᠳᠤ ᠬᠥᠬᠡ ᠬᠥᠪᠦᠩ ᠬᠥᠨᠵᠢᠯᠡ ᠬᠤᠷᠢᠶᠠᠭᠠᠰᠤᠲᠠᠢ ᠪᠠᠢᠯ᠎ᠠ (ᠡᠨᠡ ᠬᠥᠨᠵᠢᠯᠡ᠎ᠶᠢ ᠬᠤᠸᠠᠩ ᠡᠵᠢ ᠥᠴᠦᠭᠡᠳᠦᠷ ᠰᠥᠨᠢ ᠯᠣᠣ ᠵᠣᠣ᠎ᠳᠤ ᠥᠭᠴᠦ ᠬᠤᠴᠢᠭᠤᠯᠤᠭᠰᠠᠨ ᠪᠠᠢᠵᠠᠢ)᠃ ᠱᠦ ᠢᠩ ᠰᠠᠨᠠᠭᠠᠴᠢᠯᠠᠭ᠎ᠠ᠎ᠲᠠᠢ᠎ᠪᠠᠷ ᠬᠥᠨᠵᠢᠯᠡ᠎ᠶᠢ ᠠᠪᠴᠤ ᠬᠦᠴᠦᠲᠡᠢᠬᠡᠨ ᠰᠡᠭᠰᠦᠷᠬᠦ᠎ᠳᠦ᠂ ᠬᠥᠨᠵᠢᠯᠡ᠎ᠶᠢᠨ ᠥᠨᠴᠦᠭ᠎ᠡᠴᠡ᠎ᠨᠢ ᠬᠡᠰᠡᠭ ᠪᠦᠰ ᠤᠷᠠᠭᠳᠠᠵᠤ ᠨᠠᠪᠰᠠᠢᠭᠠᠳ᠂ ᠬᠠᠭᠤᠴᠢᠨ ᠬᠥᠪᠦᠩ᠎ᠨᠢ ᠭᠠᠷᠤᠭᠰᠠᠨ᠎ᠢ ᠣᠯᠵᠤ ᠦᠵᠡᠪᠡ᠃ ᠲᠡᠭᠦᠨ᠎ᠢ ᠰᠡᠵᠢᠭᠯᠡᠨ ᠬᠥᠨᠵᠢᠯᠡ᠎ᠶᠢ ᠨᠠᠷᠢᠨ ᠨᠢᠮᠪᠠᠢ ᠲᠡᠮᠲᠡᠷᠢᠵᠦ ᠦᠵᠡᠭᠡᠳ ᠶᠠᠭᠤ᠎ᠴᠤ ᠣᠯᠤᠭᠰᠠᠨ᠎ᠦᠭᠡᠢ᠃ ᠲᠡᠭᠡᠭᠡᠳ ᠥᠨᠥᠬᠢ ᠤᠷᠠᠵᠤ ᠠᠪᠤᠭᠰᠠᠨ ᠪᠦᠰ᠎ᠢ ᠳᠠᠬᠢᠨ ᠨᠠᠷᠢᠪᠴᠢᠯᠠᠨ ᠡᠷᠢᠪᠡᠴᠦ ᠪᠠᠰᠠ ᠶᠠᠭᠤ᠎ᠴᠤ ᠣᠯᠤᠭᠰᠠᠨ᠎ᠦᠭᠡᠢ᠃ ᠬᠠᠮᠢᠭ᠎ᠠ᠎ᠨᠢ᠎ᠴᠤ ᠭᠡᠳ ᠥᠨᠥᠬᠢ ᠥᠭᠡᠳᠡᠰᠦᠨ᠎ᠦ ᠣᠷᠤ ᠮᠥᠷ ᠬᠠᠷᠠᠭᠳᠠᠬᠤ᠎ᠦᠭᠡᠢ᠃ ᠬᠠᠭᠠᠭᠳᠠᠭᠰᠠᠨ ᠡᠭᠦᠳᠡ ᠨᠡᠭᠡᠭᠡᠭᠳᠡᠭᠰᠡᠨ᠎ᠲᠡᠢ ᠠᠳᠠᠯᠢ᠂ ᠱᠦ ᠢᠩ ᠭᠡᠨᠡᠳᠲᠡ ᠬᠠᠰᠭᠢᠷᠪᠠ᠃ ᠪᠠᠴᠢᠮ ᠲᠤᠯᠭᠠᠮ᠎ᠠ ᠪᠠᠢᠳᠠᠯ᠎ᠤᠨ ᠳᠣᠣᠷ᠎ᠠ: ᠯᠣᠣ ᠵᠣᠣ ᠡᠨᠡ᠎ᠬᠦ ᠪᠦᠰ᠎ᠢ ᠤᠷᠠᠨ ᠠᠪᠴᠤ ᠶᠠᠮᠠᠷ ᠨᠢᠭᠡᠨ ᠴᠢᠬᠤᠯᠠ ᠶᠠᠭᠤᠮ᠎ᠠ ᠪᠣᠭᠤᠭᠠᠳ᠂ ᠨᠢᠭᠡ ᠭᠠᠵᠠᠷ ᠨᠢᠭᠤᠭᠰᠠᠨ ᠪᠥᠭᠡᠳ ᠲᠡᠷᠡ ᠶᠠᠭᠤᠮ᠎ᠠ᠎ᠨᠢ᠎ᠴᠤ ᠡᠨᠡ ᠭᠡᠷ᠎ᠲᠦ ᠪᠠᠢᠬᠤ ᠶᠣᠰᠤᠲᠠᠢ ᠭᠡᠵᠦ ᠢᠲᠡᠭᠡᠪᠡ᠃ ᠡᠨᠳᠡ ᠬᠦᠷᠲᠡᠯ᠎ᠡ ᠪᠣᠳᠤᠭᠠᠳ ᠲᠡᠰᠭᠡᠯ᠎ᠦᠭᠡᠢ ᠪᠠᠶᠠᠷᠯᠠᠪᠠ᠃ ᠴᠢᠩᠭᠢᠭᠡᠳ ᠲᠡᠷᠡ ᠶᠠᠭᠤᠮ᠎ᠠ᠎ᠶᠢ ᠡᠷᠢᠵᠦ ᠡᠬᠢᠯᠡᠵᠡᠢ᠃ ᠭᠠᠵᠠᠷ ᠳᠡᠪᠢᠰᠦᠭᠰᠡᠨ ᠡᠪᠡᠰᠦ᠎ᠶᠢ ᠤᠷᠪᠠᠭᠤᠯᠪᠠᠴᠤ ᠶᠠᠭᠤ᠎ᠴᠤ ᠣᠯᠤᠭᠰᠠᠨ᠎ᠦᠭᠡᠢ᠂ ᠭᠡᠷ᠎ᠦᠨ ᠪᠤᠯᠤᠩ᠎ᠳᠠᠬᠢ ᠬᠣᠭ ᠨᠣᠪᠰᠢ᠎ᠪᠠᠷ ᠳᠦᠭᠦᠷᠦᠭᠰᠡᠨ ᠰᠠᠪᠠ ᠳᠣᠭᠤᠤᠷ ᠬᠥᠷᠪᠡᠭᠦᠯᠦᠨ ᠦᠵᠡᠪᠡᠴᠦ ᠪᠠᠰᠠ ᠣᠯᠤᠭ᠎ᠠ᠎ᠦᠭᠡᠢ᠃ ᠲᠡᠭᠡᠭᠡᠳ ᠵᠤᠤᠬᠠᠨ ᠳᠡᠭᠡᠷ᠎ᠡ ᠭᠢᠰᠭᠢᠨ ᠪᠠᠢᠰᠢᠩ᠎ᠤᠨ ᠨᠢᠷᠤᠭᠤᠨ᠎ᠳᠤ ᠡᠷᠢᠭᠰᠡᠨ᠎ᠴᠦ ᠣᠯᠤᠭᠰᠠᠨ ᠶᠠᠭᠤᠮ᠎ᠠ ᠠᠯᠠᠭ᠎ᠠ᠃ ᠪᠦᠬᠦ ᠭᠡᠷ᠎ᠢ ᠨᠡᠩᠵᠢᠵᠦ ᠣᠩᠭᠢᠴᠢᠪᠠᠴᠤ ᠶᠠᠭᠤ᠎ᠴᠤ ᠣᠯᠤᠭᠰᠠᠨ᠎ᠦᠭᠡᠢ᠃ ᠰᠡᠭᠦᠯ᠎ᠳᠦᠨᠢ ᠠᠷᠭ᠎ᠠ ᠮᠤᠬᠤᠷᠳᠠᠭᠰᠠᠨ ᠪᠠᠢᠳᠠᠯ᠎ᠲᠠᠢ ᠡᠭᠦᠳᠡ ᠲᠦᠰᠢᠨ ᠵᠣᠭᠰᠤᠵᠤ᠂ ᠦᠨᠡᠰᠦᠨ ᠥᠩᠭᠡᠲᠦ ᠠᠭᠠᠷ᠎ᠤᠨ ᠴᠠᠰᠤ ᠰᠢᠭᠤᠷᠭᠠᠨ᠎ᠢ ᠰᠢᠷᠲᠡᠨ ᠮᠡᠯᠡᠷᠡᠭᠡᠳ᠂ ᠭᠱᠠᠨ ᠵᠠᠭᠤᠷ᠎ᠠ ᠲᠤᠢᠯ᠎ᠤᠨ ᠶᠡᠬᠡ ᠶᠠᠳᠠᠷᠠᠨ ᠵᠦᠳᠡᠷᠡᠭᠰᠡᠨ᠎ᠰᠢᠭ ᠰᠠᠨᠠᠭᠳᠠᠵᠤ᠂ ᠰᠠᠶᠢᠬᠠᠨ᠎ᠤ᠎ᠪᠠᠨ ᠲᠠᠭᠠᠮᠠᠭᠯᠠᠵᠤ ᠪᠣᠳᠤᠭᠰᠠᠨ ᠪᠦᠬᠦᠨ᠎ᠢᠶᠡᠨ ᠰᠡᠵᠢᠭᠯᠡᠵᠦ ᠡᠬᠢᠯᠡᠪᠡ᠃ ᠭᠡᠲᠡᠯ᠎ᠡ᠂ ᠳᠡᠮᠡᠢ ᠤᠳᠠᠯ᠎ᠦᠭᠡᠢ ᠪᠠᠰᠠ ᠵᠣᠷᠢᠭᠵᠢᠵᠤ 《᠎ᠦᠭᠡᠢ᠂ ᠲᠡᠢᠮᠦ ᠪᠢᠰᠢ ᠪᠠᠢᠬᠤ ᠡ᠂ ᠯᠠᠪᠲᠠᠢ ᠶᠠᠭᠤᠮ᠎ᠠ ᠪᠠᠢᠬᠤ ᠶᠣᠰᠤᠲᠠᠢ᠃ ᠶᠠᠭᠠᠷᠠᠯ᠎ᠦᠭᠡᠢ᠎ᠪᠠᠷ ᠠᠭᠠᠵᠢᠮ ᠡᠷᠢᠶ᠎ᠡ!》 ᠭᠡᠳ ᠬᠣᠶᠠᠷ ᠨᠢᠳᠦ᠎ᠪᠡᠨ ᠬᠤᠷᠴᠠᠯᠠᠵᠤ ᠭᠡᠷ᠎ᠦᠨ ᠳᠣᠲᠤᠷᠠᠬᠢ᠎ᠶᠢ ᠪᠦᠷᠢᠨ ᠨᠡᠩᠵᠢᠪᠡ᠃ ᠳᠡᠮᠡᠢ ᠤᠳᠠᠭᠰᠠᠨ᠎ᠦᠭᠡᠢ ᠲᠡᠭᠦᠨ᠎ᠦ ᠨᠢᠳᠦ᠎ᠨᠢ ᠵᠤᠤᠬᠠᠨ ᠳᠡᠭᠡᠷᠡᠬᠢ ᠣᠪᠤᠭᠠᠯᠠᠭᠠᠰᠤᠲᠠᠢ ᠦᠨᠡᠰᠦᠨ᠎ᠳᠦ ᠲᠤᠰᠴᠤ 《ᠰᠣᠨᠢᠬᠠᠨ ᠠ᠋!》 ᠭᠡᠵᠦ ᠪᠣᠳᠤᠪᠠ᠃ 《 ᠬᠠᠨᠵᠤᠨ ᠬᠣᠭᠤᠯᠠᠢ᠎ᠶᠢᠨ ᠦᠨᠡᠰᠦ ᠶᠠᠭᠠᠬᠢᠭᠠᠳ ᠵᠤᠤᠬᠠᠨ ᠳᠡᠭᠡᠷ᠎ᠡ ᠭᠠᠷᠴᠤ ᠢᠷᠡᠭᠰᠡᠨ ᠪᠤᠢ?》 ᠭᠡᠭᠰᠡᠭᠡᠷ ᠵᠢᠷᠦᠬᠡ᠎ᠨᠢ ᠲᠦᠭ ᠲᠦᠭ ᠴᠣᠬᠢᠯᠠᠵᠤ᠂ ᠴᠣᠩᠬᠤᠨ ᠴᠠᠭᠠᠰᠤ ᠴᠣᠭᠤᠯᠤᠭᠰᠠᠨ ᠮᠡᠲᠦ ᠭᠱᠠᠨ ᠵᠠᠭᠤᠷ᠎ᠠ ᠤᠬᠠᠭᠠᠷᠠᠵᠤ ᠪᠦᠬᠦᠨ᠎ᠢ ᠣᠢᠯᠠᠭᠠᠯ᠎ᠠ᠃ ᠲᠡᠭᠡᠭᠡᠳ ᠯᠣᠣ ᠵᠣᠣ᠎ᠶᠢᠨ ᠰᠡᠳᠭᠢᠯ᠎ᠢ ᠨᠡᠪᠲᠡ ᠦᠵᠡᠵᠦ ᠭᠠᠷᠤᠭᠰᠠᠨ ᠮᠡᠲᠦ ᠪᠣᠯᠪᠠ᠂ ᠪᠠᠴᠢᠮ ᠶᠠᠭᠠᠷᠠᠤ ᠪᠠᠢᠳᠠᠯ᠎ᠤᠨ ᠳᠣᠣᠷ᠎ᠠ ᠪᠠᠰᠠ ᠴᠢᠬᠤᠯᠠ ᠶᠠᠭᠤᠮ᠎ᠠ᠎ᠪᠠᠨ ᠬᠢᠴᠢᠶᠡᠩᠭᠦᠢ ᠪᠣᠯᠭᠤᠮᠵᠢᠲᠠᠢ ᠪᠣᠭᠤᠵᠤ ᠬᠠᠨᠵᠤᠨ ᠬᠣᠭᠤᠯᠠᠢ᠎ᠳᠤ ᠨᠢᠭᠤᠵᠤ᠂ ᠰᠡᠴᠡᠨ ᠱᠦ ᠢᠩ᠎ᠢ ᠯᠠᠪ ᠲᠠᠭᠠᠵᠤ ᠣᠯᠬᠤ᠎ᠶᠢ ᠮᠥᠷᠦᠭᠡᠳᠦᠨ᠂ ᠬᠡᠷᠪᠡ ᠣᠯᠬᠤ᠎ᠦᠭᠡᠢ᠎ᠳᠤ ᠬᠦᠷᠪᠡᠯ᠂ ᠡᠨᠡ᠎ᠬᠦ ᠴᠢᠬᠤᠯᠠ ᠶᠠᠭᠤᠮ᠎ᠠ᠎ᠨᠢ ᠬᠡᠷᠬᠢᠪᠡᠴᠦ ᠠᠯᠳᠠᠬᠤ᠎ᠦᠭᠡᠢ ᠪᠥᠭᠡᠳ ᠬᠠᠷᠢᠨ ᠭᠡᠷ᠎ᠦᠨ ᠡᠵᠡᠨ ᠬᠠᠨᠵᠤᠨ᠎ᠳᠠᠭᠠᠨ ᠭᠠᠯ ᠲᠦᠯᠡᠭᠦ᠎ᠳᠦ ᠰᠢᠲᠠᠭᠳᠠᠴᠢᠬᠠᠨ᠎ᠠ᠃ ᠱᠦ ᠢᠩ ᠢᠩᠭᠢᠵᠦ ᠪᠣᠳᠤᠭᠠᠳ ᠳᠠᠷᠤᠢ ᠰᠥᠭᠦᠳᠦᠨ ᠰᠠᠭᠤᠵᠤ᠂ ᠬᠠᠨᠵᠤᠨ᠎ᠤ ᠬᠣᠭᠤᠯᠠᠢ᠎ᠪᠠᠷ ᠭᠠᠷ᠎ᠢᠶᠠᠨ ᠣᠷᠤᠭᠤᠯᠤᠨ ᠲᠡᠮᠲᠡᠷᠢᠭᠰᠡᠨ᠎ᠳᠦ᠂ ᠦᠨᠡᠰᠦᠨ᠎ᠦ ᠳᠣᠲᠤᠷ᠎ᠠ ᠨᠢᠭᠡᠨ ᠵᠥᠭᠡᠯᠡᠨ ᠶᠠᠭᠤᠮ᠎ᠠ ᠪᠠᠷᠢᠭᠳᠠᠪᠠ᠂ ᠱᠤ ᠢᠩ᠎ᠦᠨ ᠵᠢᠷᠦᠬᠡ᠎ᠨᠢ ᠤᠯᠠᠮ ᠲᠦᠭᠰᠢᠵᠦ᠂ ᠴᠡᠴᠡᠷᠬᠢᠯᠡᠭᠰᠡᠨ ᠭᠠᠷ᠎ᠢᠶᠠᠷ᠎ᠢᠶᠠᠨ ᠠᠪᠴᠤ ᠭᠠᠷᠭᠠᠨ ᠦᠵᠡᠬᠦᠯᠡᠷ᠂ ᠬᠠᠷᠢᠨ ᠥᠨᠥ ᠬᠥᠪᠦᠩᠲᠡᠢ ᠬᠥᠬᠡ ᠬᠥᠨᠵᠢᠯᠡ᠎ᠡᠴᠡ ᠤᠷᠠᠵᠤ ᠠᠪᠤᠭᠰᠠᠨ ᠪᠦᠰ᠎ᠲᠦ ᠨᠢᠭᠡ ᠶᠠᠭᠤᠮ᠎ᠠ ᠪᠣᠭᠤᠵᠤ ᠣᠷᠬᠢᠭᠰᠠᠨ ᠪᠠᠢᠯ᠎ᠠ᠃ ᠲᠡᠭᠦᠨ᠎ᠢ ᠨᠢᠳᠡᠷᠡᠵᠦ ᠲᠡᠮᠲᠡᠷᠢᠬᠦ᠎ᠳᠦ ᠱᠠᠷᠴᠢᠭᠢᠨᠠᠭᠰᠠᠨ ᠳᠠᠭᠤ ᠭᠠᠷᠤᠨ᠎ᠠ᠃ ᠨᠢᠭᠡ ᠬᠡᠰᠡᠭ ᠴᠠᠭᠠᠰᠤ᠎ᠶᠢ ᠪᠣᠭᠤᠭᠰᠠᠨ ᠪᠣᠯᠤᠯᠲᠠᠢ᠂ ᠱᠦ ᠢᠩ ᠨᠠᠷᠢᠪᠴᠢᠯᠠᠨ ᠦᠵᠡᠵᠦ ᠵᠠᠪᠳᠤᠭᠰᠠᠨ᠎ᠦᠭᠡᠢ᠎ᠪᠠᠷ᠂ ᠪᠦᠰ ᠪᠣᠭᠤᠯᠲᠠ᠎ᠲᠠᠢ᠎ᠨᠢ ᠡᠪᠦᠷᠯᠡᠭᠡᠳ᠂ ᠦᠲᠦᠷᠮ᠎ᠡ᠎ᠶᠢᠨ ᠭᠡᠷ᠎ᠡᠴᠡ ᠭᠠᠷᠴᠤ ᠠᠢᠯ ᠵᠦᠭ᠎ᠢᠶᠡᠨ ᠶᠠᠪᠤᠪᠠ᠃

ᠭᠡᠷ᠎ᠲᠡᠭᠡᠨ ᠬᠠᠷᠢᠵᠤ ᠢᠷᠡᠬᠦ᠎ᠳᠦ᠂ ᠣᠷᠤᠢ᠎ᠶᠢᠨ ᠬᠣᠭᠤᠯᠠ ᠢᠳᠡᠵᠦ ᠳᠠᠭᠤᠰᠴᠠᠢ᠂ ᠬᠤᠸᠠᠩ ᠡᠵᠢ ᠲᠡᠭᠦᠨ᠎ᠢ ᠬᠦᠯᠢᠶᠡᠵᠦ ᠶᠠᠳᠠᠨ ᠠᠶᠤᠨ ᠪᠠᠴᠢᠮᠳᠠᠭᠰᠠᠨ ᠪᠠᠢᠳᠠᠯ᠎ᠲᠠᠢ ᠰᠠᠭᠤᠵᠤ ᠪᠠᠢᠯ᠎ᠠ᠃

《ᠶᠠᠮᠠᠷ ᠬᠡᠷᠡᠭ ᠭᠠᠷᠴᠢᠬᠠᠪᠠ?》 ᠭᠡᠵᠦ ᠬᠤᠸᠠᠩ ᠡᠵᠢ ᠰᠡᠵᠢᠭᠲᠡᠢᠬᠡᠨ ᠰᠠᠨᠳᠤᠷᠴᠤ ᠠᠰᠠᠭᠤᠪᠠ᠂

ᠱᠦ ᠢᠩ ᠬᠠᠷᠢᠭᠤᠯᠤᠭᠰᠠᠨ᠎ᠴᠤ᠎ᠦᠭᠡᠢ᠎ᠪᠠᠷ ᠡᠵᠢ᠎ᠪᠡᠨ ᠲᠦᠯᠬᠢᠵᠦ:

《ᠡᠵᠢ ᠡ᠂ ᠲᠠ ᠡᠭᠦᠳᠡᠨ ᠳᠡᠭᠡᠷ᠎ᠡ ᠠᠵᠢᠭᠯᠠᠵᠤ ᠪᠠᠢᠭᠠᠷᠠᠢ》 ᠭᠡᠳ ᠪᠤᠰᠢᠭᠤᠬᠠᠨ ᠭᠡᠷ᠎ᠲᠡᠭᠡᠨ ᠭᠦᠶᠦᠨ ᠣᠷᠤᠵᠤ᠂ ᠳ᠋ᠧᠩ᠎ᠢᠶᠡᠨ ᠠᠰᠠᠭᠠᠵᠤ ᠪᠦᠰ ᠪᠣᠭᠤᠳᠠᠯ᠎ᠢ ᠵᠠᠳᠠᠯᠵᠤ ᠥᠨᠥ ᠴᠠᠭᠠᠰᠤ᠎ᠶᠢ ᠭᠠᠷᠭᠠᠪᠠ᠃ ᠳᠡᠭᠡᠷ᠎ᠡ᠎ᠨᠢ ᠨᠡᠯᠢᠶᠡᠳ ᠣᠯᠠᠨ ᠬᠥᠮᠦᠨ᠎ᠦ ᠨᠡᠷ᠎ᠡ ᠪᠢᠴᠢᠭᠡᠰᠦᠲᠡᠢ ᠪᠠᠢᠪᠠ᠃ ᠬᠤᠸᠠᠩ ᠱᠦ ᠢᠩ ᠬᠡᠳᠦᠨ ᠦᠰᠦᠭ ᠲᠠᠨᠢᠳᠠᠭ ᠪᠣᠯᠬᠣᠷ ᠡᠨᠡ ᠬᠠᠭᠤᠳᠠᠰᠤ᠎ᠨᠢ ᠪᠦᠬᠦ ᠨᠤᠲᠤᠭ᠎ᠤᠨ ᠨᠠᠮ᠎ᠤᠨ ᠭᠡᠰᠢᠭᠦᠳ᠎ᠦᠨ ᠪᠦᠷᠢᠳᠭᠡᠯ᠎ᠦᠨ ᠬᠦᠰᠦᠨᠦᠭᠲᠦ ᠪᠣᠯᠬᠤ᠎ᠶᠢ ᠮᠡᠳᠡᠪᠡ᠃ ᠡᠳᠡᠭᠡᠷ ᠨᠡᠷ᠎ᠡ᠎ᠶᠢᠨ ᠵᠠᠷᠢᠮ᠎ᠢ᠎ᠨᠢ ᠲᠠᠨᠢᠬᠤ ᠪᠥᠭᠡᠳ ᠥᠪᠡᠷ᠎ᠦᠨ ᠬᠢᠨᠢ ᠨᠡᠷ᠎ᠡ ᠪᠠᠰᠠ ᠪᠠᠢᠪᠠ᠃ ᠠ! ᠡᠨᠡ ᠪᠣᠯ ᠪᠦᠬᠦ ᠨᠤᠲᠤᠭ᠎ᠤᠨ ᠨᠠᠮ᠎ᠤᠨ ᠭᠡᠰᠢᠭᠦᠳ᠎ᠦᠨ ᠠᠮᠢᠨ ᠰᠤᠳᠠᠰᠤ ᠮᠥᠨ᠂ ᠬᠠᠷᠠᠩᠭᠤᠢ ᠳᠠᠷᠤᠯᠠᠯ ᠪᠦᠷᠬᠦᠭᠰᠡᠨ ᠬᠠᠢ ᠯᠠᠢ ᠠᠭᠤᠯᠠᠷᠬᠠᠭ ᠣᠷᠤᠨ᠎ᠤ ᠤᠯᠠᠭᠠᠨ ᠦᠷ᠎ᠡ ᠪᠣᠯᠤᠨ᠎ᠠ᠃ ᠲᠡᠭᠦᠨ᠎ᠦ ᠵᠢᠷᠦᠬᠡ᠎ᠨᠢ ᠲᠦᠭᠰᠢᠨ ᠯᠤᠭᠰᠢᠭᠰᠠᠭᠠᠷ ᠪᠠᠢᠪᠠ᠃ ᠪᠦᠷᠢᠳᠭᠡᠯ᠎ᠦᠨ᠎ᠢᠶᠡᠨ ᠬᠦᠰᠦᠨᠦᠭᠲᠦ᠎ᠶᠢ ᠳᠠᠬᠢᠨ ᠰᠠᠢᠲᠤᠷ ᠪᠠᠭᠯᠠᠵᠤ᠂ ᠬᠠᠨᠵᠤᠨ ᠴᠢᠭᠢᠷᠰᠦᠨ ᠳᠣᠣᠷ᠎ᠠ ᠳᠠᠷᠤᠵᠤ᠂ ᠲᠠᠯᠪᠢᠭᠠᠳ᠂ ᠲᠣᠬᠢᠶᠠᠯ ᠵᠠᠪᠰᠢᠶᠠᠨ ᠣᠯᠳᠠᠪᠠᠯ ᠳᠡᠭᠡᠳᠦ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠳᠠᠭᠠᠨ ᠲᠤᠰᠢᠶᠠᠬᠤ᠎ᠪᠠᠷ ᠪᠡᠯᠡᠳᠭᠡᠪᠡ᠃ ᠪᠣᠭᠤᠳᠠᠯ᠎ᠢᠶᠠᠨ ᠲᠣᠬᠢᠲᠠᠢ ᠲᠠᠯᠪᠢᠭᠰᠠᠨ᠎ᠤ ᠰᠡᠭᠦᠯᠡᠷ᠂ ᠬᠦᠷᠢᠶᠡᠨ᠎ᠦ ᠲᠡᠰᠢ ᠭᠠᠳᠠᠭᠰᠢ ᠰᠡᠷᠭᠡᠢᠯᠡᠨ ᠬᠠᠷᠠᠬᠤ᠎ᠳᠤ᠂ ᠡᠵᠢ᠎ᠨᠢ ᠪᠠᠰᠠ᠎ᠯᠠ ᠡᠭᠦᠳᠡᠨ ᠳᠡᠭᠡᠷ᠎ᠡ᠎ᠪᠡᠨ ᠵᠣᠭᠰᠤᠭᠰᠠᠭᠠᠷ ᠪᠥᠭᠡᠳ ᠴᠡᠯ ᠪᠤᠭᠤᠷᠤᠯ ᠦᠰᠦ᠎ᠨᠢ ᠬᠦᠢᠲᠡᠨ ᠰᠠᠯᠬᠢᠨ᠎ᠳᠤ ᠵᠠᠭᠤᠷᠠᠯᠳᠤᠨ ᠬᠡᠢᠰᠴᠦ ᠪᠠᠢᠯ᠎ᠠ ᠁

ᠬᠣᠶᠠᠷ

ᠡᠨᠡ ᠰᠥᠨᠢ ᠡᠵᠢ ᠬᠡᠦᠬᠡᠨ ᠬᠣᠶᠠᠭᠤᠯᠠ᠎ᠪᠠᠨ ᠪᠦᠷ ᠤᠨᠲᠠᠵᠤ ᠴᠢᠳᠠᠭᠰᠠᠨ᠎ᠦᠭᠡᠢ᠃ ᠰᠠᠯᠬᠢ ᠤᠯᠠᠮ ᠰᠢᠷᠦᠭᠦᠰᠦᠭᠰᠡᠨ᠎ᠰᠢᠭ ᠪᠣᠯᠵᠤ᠂ ᠬᠦᠷᠢᠶᠡᠨ᠎ᠳᠡᠬᠢ ᠪᠢᠴᠢᠬᠠᠨ ᠫᠧᠩ᠎ᠦᠨ ᠲᠡᠮᠦᠷ ᠬᠠᠪᠲᠠᠰᠤᠨ ᠳᠡᠭᠡᠭᠦᠷ ᠵᠣᠭᠰᠤᠯᠲᠠ᠎ᠦᠭᠡᠢ ᠫᠠᠷᠴᠢᠭᠢᠨᠠᠨ ᠳᠤᠤᠭᠠᠷᠤᠭᠠᠳ᠂ ᠡᠭᠦᠳᠡᠨ ᠡᠮᠦᠨᠡᠬᠢ ᠬᠣᠩᠭᠤᠷᠴᠤᠭᠲᠤ ᠮᠣᠳᠤᠨ᠎ᠤ ᠬᠤᠪᠠᠬᠠᠢᠷᠠᠭᠰᠠᠨ ᠰᠠᠯᠠᠭ᠎ᠠ ᠮᠥᠴᠢᠷ ᠵᠣᠭᠰᠤᠯ᠎ᠦᠭᠡᠢ ᠲᠠᠷᠴᠢᠭᠢᠨᠠᠨ ᠬᠤᠭᠤᠷᠠᠵᠤ ᠤᠨᠠᠨ᠎ᠠ᠃ ᠬᠤᠸᠠᠩ ᠡᠵᠢ ᠣᠷᠤᠨ᠎ᠳᠠᠭᠠᠨ ᠬᠡᠪᠲᠡᠵᠦ᠂ ᠡᠪᠳᠡᠷᠬᠡᠢ ᠴᠣᠩᠬᠤ᠎ᠪᠠᠷ᠎ᠢᠶᠠᠨ ᠬᠠᠷᠠᠩᠭᠤᠢ ᠣᠭᠲᠠᠷᠭᠤᠢ᠎ᠶᠢ ᠰᠢᠷᠲᠡᠨ ᠰᠡᠳᠭᠢᠯ ᠰᠠᠨᠠᠭ᠎ᠠ᠎ᠨᠢ ᠪᠤᠰᠠᠨᠢᠨ ᠰᠠᠮᠠᠭᠤᠷᠠᠨ᠎ᠠ᠃ ᠠᠢ!ᠯᠣᠣ ᠵᠣᠣ᠎ᠴᠤ ᠳᠠᠭᠤᠰᠤᠯ᠎ᠠ᠃ ᠪᠠᠰᠠ ᠨᠢᠭᠡ ᠰᠠᠢᠨ ᠨᠥᠬᠦᠷ᠎ᠢᠶᠡᠨ ᠦᠷᠡᠭᠳᠡᠭᠦᠯᠴᠢᠬᠡᠯ᠎ᠡ ᠰᠢᠦ! ᠬᠡᠳᠦᠨ ᠵᠢᠯ᠎ᠦᠨ ᠲᠤᠷᠰᠢ ᠡᠳᠦᠢ ᠲᠡᠳᠦᠢ ᠬᠤᠪᠢᠰᠭᠠᠯᠴᠢ ᠨᠥᠬᠦᠳ ᠪᠡᠶ᠎ᠡ ᠦᠷᠡᠭᠳᠡᠵᠦ ᠬᠠᠯᠠᠭᠤᠨ ᠴᠢᠰᠤ᠎ᠪᠠᠨ ᠤᠷᠤᠰᠭᠠᠭᠰᠠᠭᠠᠷ ᠢᠷᠡᠪᠡ! ᠡᠢᠮᠦ ᠪᠠᠢᠳᠠᠯ᠎ᠢ ᠦᠵᠡᠬᠦ ᠪᠦᠷᠢ᠎ᠳᠦ ᠬᠤᠸᠠᠩ ᠡᠵᠢ᠎ᠶᠢᠨ ᠡᠯᠢᠭᠡ ᠵᠢᠷᠦᠬᠡ᠎ᠨᠢ ᠡᠮᠲᠡᠷᠡᠵᠦ ᠪᠠᠢᠭ᠎ᠠ᠎ᠰᠢᠭ᠋ ᠲᠡᠰᠭᠡᠯ᠎ᠦᠭᠡᠢ ᠰᠢᠮᠰᠢᠷᠡᠳᠡᠭ᠎ᠶᠦᠮ᠃ ᠲᠡᠷᠡ ᠪᠣᠯ ᠤᠳᠠᠭᠠᠨ ᠡᠳᠦᠷ ᠵᠤᠵᠠᠭᠠᠨ ᠬᠣᠨᠤᠭ᠎ᠤᠨ ᠵᠣᠪᠠᠯᠠᠩ ᠵᠦᠳᠡᠭᠦᠷᠢ᠎ᠶᠢ ᠳᠤᠭᠤᠯᠤᠭᠰᠠᠨ ᠨᠠᠰᠤᠲᠠᠨ ᠪᠣᠯᠬᠣᠷ ᠬᠣᠨᠤᠭᠰᠢᠵᠤ ᠴᠤᠭᠯᠠᠷᠠᠭᠰᠠᠨ ᠭᠤᠨᠢᠭ ᠡᠮᠭᠡᠨᠢᠯ᠎ᠨᠢ᠂ ᠬᠣᠶᠠᠷ ᠨᠢᠳᠦᠨ᠎ᠦ ᠬᠢᠨᠢ ᠨᠢᠯᠪᠤᠰᠤ ᠪᠢᠰᠢ ᠪᠣᠯᠤᠭᠰᠠᠨ ᠪᠥᠭᠡᠳ ᠬᠠᠷᠢᠨ ᠮᠠᠷᠲᠠᠭᠳᠠᠰᠢ᠎ᠦᠭᠡᠢ ᠪᠣᠳᠤᠯᠭ᠎ᠠ ᠮᠠᠰᠢ ᠭᠦᠨ ᠥᠰᠢᠶ᠎ᠡ ᠬᠣᠷᠤᠰᠤᠯ ᠪᠣᠯᠵᠠᠢ᠃ ᠳᠥᠷᠪᠡᠨ ᠵᠢᠯ᠎ᠦᠨ ᠡᠮᠦᠨ᠎ᠡ ᠲᠡᠭᠦᠨ᠎ᠦ ᠡᠷ᠎ᠡ ᠨᠥᠬᠦᠷ ᠬᠤᠸᠠᠩ ᠯᠣᠣ ᠵᠢᠢ᠂ ᠸᠠᠨ ᠳ᠋ᠢ᠎ᠳᠦ ᠰᠠᠭᠤᠭ᠎ᠠ ᠳᠠᠢᠰᠤᠨ᠎ᠳᠤ ᠠᠯᠠᠭᠳᠠᠭᠰᠠᠨ ᠦᠶᠡᠰ᠂ ᠲᠡᠷᠡ ᠳᠤᠰᠤᠯ ᠨᠢᠯᠪᠤᠰᠤ ᠤᠨᠠᠭᠠᠭᠰᠠᠨ᠎ᠦᠭᠡᠢ᠎ᠪᠠᠷ ᠦᠬᠦᠭᠰᠡᠳ᠎ᠦᠨ᠎ᠢᠶᠡᠨ ᠬᠡᠭᠦᠷ᠎ᠢ ᠣᠷᠤᠰᠢᠭᠤᠯᠵᠤ ᠬᠠᠷᠢᠵᠤ ᠢᠷᠡᠮᠡᠭᠴᠡ᠎ᠪᠡᠨ ᠬᠠᠨᠵᠤᠨ ᠳᠡᠭᠡᠷ᠎ᠡ᠎ᠪᠡᠨ ᠰᠠᠪᠠᠵᠤ ᠤᠨᠠᠭᠠᠳ ᠡᠪᠡᠳᠴᠢᠯᠡᠪᠡ᠃ ᠢᠩᠭᠢᠭᠡᠳ ᠶᠠᠭ ᠭᠤᠷᠪᠠᠨ ᠰᠠᠷ᠎ᠠ ᠭᠠᠷᠤᠢ ᠡᠪᠡᠳᠴᠢᠯᠡᠵᠦ᠂ ᠤᠬᠠᠭᠠᠨ ᠰᠡᠬᠡᠭᠡ᠎ᠦᠭᠡᠢ ᠪᠣᠯᠲᠠᠯ᠎ᠠ᠎ᠪᠠᠨ ᠵᠣᠪᠠᠭᠰᠠᠨ᠎ᠳᠠᠭᠠᠨ ᠦᠷᠭᠦᠯᠵᠢ ᠰᠣᠯᠢᠶ᠎ᠠ ᠶᠠᠷᠢᠳᠠᠭ ᠪᠠᠢᠪᠠ᠃ ᠨᠢᠭᠡ ᠤᠳᠠᠭ᠎ᠠ ᠬᠡᠦᠬᠡᠨ᠎ᠢᠶᠡᠨ ᠳᠠᠭᠤᠳᠠᠵᠤ ᠡᠮᠦᠨ᠎ᠡ᠎ᠪᠡᠨ ᠰᠠᠭᠤᠯᠭᠠᠭᠠᠳ: 《ᠬᠡᠦᠬᠡᠨ᠎ᠮᠢᠨᠢ ᠡ᠂ ᠠᠪᠤ᠎ᠴᠢᠨᠢ ᠨᠠᠳᠠ ᠰᠠᠶᠢ ᠵᠡᠭᠦᠳᠦ ᠥᠭᠴᠦ᠂ ᠬᠦᠦ᠎ᠦᠭᠡᠢ ᠤᠴᠢᠷ ᠬᠡᠦᠬᠡᠨ ᠴᠢᠮᠠᠢ᠎ᠪᠠᠨ ᠥᠪᠡᠷ᠎ᠦᠨ᠎ᠢᠶᠡᠨ ᠦᠢᠯᠡᠰ᠎ᠢ ᠵᠠᠯᠭᠠᠮᠵᠢᠯᠠᠭᠠᠷᠠᠢ ᠭᠡᠨ᠎ᠡ》 ᠭᠡᠳ ᠦᠭᠡ᠎ᠪᠡᠨ ᠲᠠᠰᠤᠯᠳᠠᠭᠤᠯᠤᠨ ᠤᠳᠠᠲᠠᠯ᠎ᠠ ᠪᠣᠳᠤᠯᠬᠢᠯᠠᠨ: 《᠎ᠦᠭᠡᠢ᠂ ᠲᠡᠭᠡᠵᠦ ᠪᠣᠯᠬᠤ᠎ᠦᠭᠡᠢ᠂ ᠬᠡᠦᠬᠡᠨ᠎ᠮᠢᠨᠢ ᠠᠪᠤ᠎ᠶᠢᠨ᠎ᠢᠶᠠᠨ ᠭᠡᠷᠢᠶᠡᠰ᠎ᠢ ᠪᠤᠤ ᠳᠠᠭᠠᠭᠠᠷᠠᠢ᠂ ᠶᠢᠷᠲᠢᠨᠴᠦ ᠳᠡᠯᠡᠬᠡᠢ ᠳᠡᠭᠡᠷ᠎ᠡ ᠣᠳᠣ ᠨᠠᠳᠠ ᠴᠢᠮ᠎ᠠ᠎ᠠᠴᠠ ᠥᠭᠡᠷ᠎ᠡ ᠣᠢᠷ᠎ᠠ ᠲᠦᠰᠢᠭ ᠭᠡᠵᠦ ᠠᠯᠠᠭ᠎ᠠ᠂ ᠴᠢᠮᠠᠢ᠎ᠪᠠᠨ ᠶᠠᠭᠠᠬᠢᠪᠠᠴᠤ ᠁᠎ᠦᠭᠡᠢ ᠴᠢ ᠨᠠᠳᠠ᠎ᠠᠴᠠ ᠰᠠᠯᠵᠤ ᠪᠣᠯᠬᠤ᠎ᠦᠭᠡᠢ᠂ ᠬᠡᠷᠬᠢᠪᠡᠴᠦ ᠰᠠᠯᠵᠤ ᠪᠣᠯᠬᠤ᠎ᠦᠭᠡᠢ ᠁》 ᠭᠡᠵᠦ ᠬᠡᠯᠡᠵᠡᠢ᠃ ᠭᠡᠪᠡᠴᠦ᠂ ᠰᠡᠭᠦᠯ᠎ᠳᠦᠨᠢ ᠬᠡᠦᠬᠡᠨ᠎ᠨᠢ ᠦᠨᠡᠬᠡᠷ ᠠᠪᠤ᠎ᠶᠢᠨ᠎ᠢᠶᠠᠨ ᠵᠠᠮ᠎ᠢᠶᠠᠷ ᠶᠠᠪᠤᠭᠰᠠᠨ᠎ᠢ ᠮᠡᠳᠡᠭᠡᠳ᠂ ᠬᠠᠷᠢᠨ ᠤᠷᠲᠤ ᠭᠡᠭᠴᠢ ᠰᠠᠨᠠᠭ᠎ᠠ ᠠᠯᠳᠠᠵᠤ᠂ ᠥᠴᠦᠬᠡᠨ᠎ᠴᠦ ᠬᠠᠰᠢᠵᠤ ᠬᠣᠷᠢᠭᠯᠠᠭᠰᠠᠨ᠎ᠦᠭᠡᠢ ᠮᠥᠷᠲᠡᠭᠡᠨ ᠬᠡᠦᠬᠡᠨ᠎ᠢᠶᠡᠨ ᠬᠠᠪᠰᠤᠷᠴᠤ ᠵᠠᠬᠢᠳᠠᠯ ᠴᠢᠮᠡᠭᠡ ᠵᠥᠭᠡᠭᠡᠨ᠂ ᠬᠣᠯᠪᠤᠭ᠎ᠠ ᠬᠠᠷᠢᠴᠠᠭ᠎ᠠ ᠨᠡᠪᠲᠡᠷᠡᠭᠦᠯᠵᠦ᠂ ᠪᠠᠢᠳᠠᠯ ᠪᠠᠴᠢᠮ ᠪᠣᠯᠬᠤ ᠦᠶᠡᠰ᠂ ᠰᠥᠨᠢᠵᠢᠨ ᠤᠨᠲᠠᠬᠤ᠎ᠦᠭᠡᠢ᠎ᠪᠠᠷ ᠬᠡᠦᠬᠡᠨ᠎ᠦ᠎ᠪᠡᠨ ᠲᠥᠯᠦᠭᠡ ᠰᠠᠨᠠᠭᠠᠰᠢᠷᠠᠳᠠᠭ᠃ ᠡᠨᠡ ᠰᠥᠨᠢ ᠡᠬᠡ ᠪᠠᠰᠠ ᠤᠨᠲᠠᠵᠤ ᠴᠢᠳᠠᠬᠤ᠎ᠪᠠᠨ ᠪᠣᠯᠢᠪᠠ᠃ ᠯᠣᠣ ᠵᠣᠣ ᠪᠠᠷᠢᠪᠴᠢᠯᠠᠭᠳᠠᠭᠰᠠᠨ᠎ᠳᠤ ᠲᠤᠢᠯ᠎ᠢᠶᠠᠷ ᠡᠮᠭᠡᠨᠢᠨ ᠭᠤᠨᠢᠷᠬᠠᠬᠤ᠎ᠶᠢᠨ ᠬᠠᠮᠲᠤ (ᠯᠣᠣ ᠵᠣᠣ ᠥᠴᠦᠭᠡᠳᠦᠷ ᠰᠥᠨᠢ ᠪᠠᠰᠠ ᠲᠡᠭᠦᠨ᠎ᠦ ᠭᠡᠷ᠎ᠲᠦ ᠠᠮᠲᠠᠲᠤ ᠲᠥᠮᠦᠰᠦ ᠢᠳᠡᠵᠦ ᠬᠠᠯᠠᠭᠤᠨ ᠳᠣᠲᠤᠨᠤᠰᠤᠭ᠎ᠢᠶᠠᠷ ᠡᠵᠢ ᠭᠡᠵᠦ ᠳᠠᠭᠤᠳᠠᠵᠤ ᠪᠠᠢᠵᠠᠢ) ᠲᠡᠭᠦᠨ᠎ᠳᠦ ᠨᠢᠭᠡ ᠵᠦᠢᠯ᠎ᠦᠨ ᠠᠶᠤᠯ ᠲᠦᠭᠰᠢᠭᠦᠷᠢ ᠠᠯᠬᠤᠮ ᠠᠯᠬᠤᠮ᠎ᠢᠶᠠᠷ ᠰᠢᠬᠠᠨ ᠢᠷᠡᠬᠦ᠎ᠰᠢᠭ ᠰᠠᠨᠠᠭᠳᠠᠨ᠂ ᠶᠡᠬᠡ ᠠᠶᠤᠨ ᠰᠠᠨᠠᠭ᠎ᠠ ᠠᠮᠤᠷ᠎ᠦᠭᠡᠢ ᠪᠠᠢᠪᠠ᠃

ᠡᠨᠡ ᠰᠥᠨᠢ᠂ ᠬᠤᠸᠠᠩ ᠱᠣ ᠢᠩ ᠪᠠᠰᠠ ᠤᠷᠪᠠᠵᠤ ᠬᠦᠷᠪᠡᠨ ᠤᠨᠲᠠᠵᠤ ᠴᠢᠳᠠᠭᠰᠠᠨ᠎ᠦᠭᠡᠢ᠃ ᠲᠡᠷᠡ ᠯᠣᠣ ᠵᠣᠣ᠎ᠶᠢᠨ ᠪᠠᠷᠢᠪᠴᠢᠯᠠᠭᠳᠠᠭᠰᠠᠨ᠎ᠳᠤ ᠭᠤᠨᠢᠷᠬᠠᠨ ᠵᠣᠪᠠᠨ᠎ᠠ᠃ ᠲᠡᠭᠦᠨ᠎ᠳᠦ ᠡᠨᠡ᠎ᠬᠦ ᠪᠠᠢᠳᠠᠯ᠎ᠤᠨ ᠪᠤᠢ ᠪᠣᠯᠤᠭᠰᠠᠨ᠎ᠨᠢ ᠲᠤᠢᠯ᠎ᠤᠨ ᠴᠣᠴᠢᠮᠠᠭ ᠲᠤᠩ ᠬᠠᠴᠢᠨ ᠰᠠᠨᠠᠭᠳᠠᠨ᠎ᠠ᠃ ᠬᠡᠷᠪᠡ ᠤᠷᠪᠠᠭᠴᠢ ᠭᠠᠷᠤᠭᠰᠠᠨ᠎ᠦᠭᠡᠢ ᠪᠣᠯ ᠯᠣᠣ ᠵᠣᠣ᠎ᠶᠢᠨ ᠨᠢᠭᠤᠭᠰᠠᠨ ᠭᠠᠵᠠᠷ᠎ᠢ ᠳᠠᠢᠰᠤᠨ ᠶᠠᠭᠠᠬᠢᠵᠤ ᠮᠡᠳᠡᠬᠦ ᠪᠤᠢ?ᠭᠡᠲᠡᠯ᠎ᠡ ᠤᠷᠪᠠᠭᠴᠢ᠎ᠨᠢ ᠬᠡᠨ ᠪᠤᠢ?ᠭᠡᠵᠦ ᠪᠣᠳᠤᠯᠬᠢᠯᠠᠨ᠎ᠠ᠃ ᠬᠤᠸᠠᠩ ᠵᠢᠶᠠ ᠺᠤᠸᠠᠩ᠎ᠤᠨ ᠨᠠᠮ᠎ᠤᠨ ᠭᠡᠰᠢᠭᠦᠳ᠎ᠦᠨ ᠳᠣᠲᠤᠷ᠎ᠠ᠎ᠠᠴᠠ᠂ ᠬᠤᠸᠠᠩ ᠸᠧᠨ ᠯᠢᠶᠠᠩ᠎ᠢ᠎ᠯᠠ ᠱᠦ ᠢᠩ ᠲᠠᠨᠢᠳᠠᠭ᠃ ᠲᠡᠷᠡ ᠪᠣᠯ ᠲᠡᠭᠦᠨ᠎ᠦ ᠠᠪᠠᠭ᠎ᠠ᠎ᠨᠢ ᠪᠥᠭᠡᠳ ᠨᠠᠮ᠎ᠳᠤ ᠲᠠᠨᠢᠯᠴᠠᠭᠤᠯᠵᠠᠢ᠃ ᠡᠨᠡ ᠡᠪᠦᠭᠡᠨ ᠶᠠᠭᠠᠬᠢᠭᠰᠠᠨ᠎ᠴᠤ ᠤᠷᠪᠠᠬᠤ᠎ᠦᠭᠡᠢ᠎ᠶᠢ ᠥᠬᠢᠨ ᠪᠠᠲᠤ ᠢᠲᠡᠭᠡᠨ᠎ᠡ᠃ ᠳᠠᠬᠢᠭᠠᠳ ᠲᠡᠷᠡ ᠭᠤᠷᠪᠠᠨ ᠬᠣᠨᠤᠭ᠎ᠤᠨ ᠡᠮᠦᠨ᠎ᠡ ᠵᠡᠭᠦᠨ ᠲᠣᠰᠭᠤᠨ᠎ᠳᠤ ᠣᠬᠤᠷ ᠬᠤᠭᠤᠴᠠᠭᠠᠨ᠎ᠳᠤ ᠠᠵᠢᠯ ᠬᠢᠬᠦ᠎ᠪᠡᠷ ᠶᠠᠪᠤᠵᠠᠢ᠃ ᠲᠡᠭᠡᠪᠡᠯ ᠬᠡᠨ᠎ᠨᠢ ᠪᠣᠯᠴᠢᠬᠠᠪᠠ?ᠭᠡᠵᠦ ᠪᠣᠳᠤᠭᠰᠠᠭᠠᠷ ᠭᠡᠨᠡᠳᠲᠡ ᠰᠠᠨᠠᠵᠤ ᠣᠯᠪᠠ᠃ ᠰᠠᠶᠢ᠎ᠶᠢᠨ ᠪᠦᠷᠢᠳᠭᠡᠯ᠎ᠦᠨ ᠬᠦᠰᠦᠨᠦᠭᠲᠦ ᠳᠡᠭᠡᠷ᠎ᠡ ᠪᠠᠰᠠ ᠡᠮᠦᠨ᠎ᠡ ᠵᠡᠭᠡᠯᠢ᠎ᠶᠢᠨ ᠬᠤᠸᠠᠩ ᠢᠦ ᠼᠠᠢ᠎ᠶᠢᠨ ᠨᠡᠷ᠎ᠡ ᠪᠠᠢᠵᠠᠢ᠃ ᠲᠡᠭᠦᠨ᠎ᠢ ᠠᠩᠬᠠᠨ᠎ᠳᠤ ᠦᠲᠦᠷᠮ᠎ᠡ᠎ᠶᠢᠨ ᠭᠡᠷ᠎ᠡᠴᠡ ᠭᠠᠷᠴᠤ ᠢᠷᠡᠬᠦᠯᠡᠷ᠂ ᠦᠲᠦᠷᠮ᠎ᠡ᠎ᠶᠢᠨ ᠠᠷᠤ᠎ᠳᠤ ᠬᠤᠸᠠᠩ ᠢᠦ ᠼᠠᠢ ᠵᠣᠭᠰᠤᠵᠤ ᠪᠠᠢᠭᠰᠠᠨ᠎ᠨᠢ ᠪᠣᠳᠤᠭᠳᠠᠪᠠ᠃ ᠢᠩᠭᠢᠵᠦ ᠪᠣᠳᠤᠮᠠᠭᠴᠠ ᠪᠡᠶ᠎ᠡ᠎ᠨᠢ ᠠᠷᠵᠠᠰᠭᠢᠵᠤ᠂ ᠵᠢᠷᠦᠬᠡ᠎ᠨᠢ ᠲᠦᠭ ᠲᠦᠭ ᠴᠣᠬᠢᠯᠠᠨ: 《ᠯᠠᠪ ᠲᠡᠷᠡ ᠤᠷᠪᠠᠭᠰᠠᠨ ᠪᠠᠢᠬᠤ ᠡ᠂ ᠬᠠᠷᠠᠯᠠ!ᠨᠠᠮᠠᠢ ᠦᠲᠦᠷᠮ᠎ᠡ᠎ᠶᠢᠨ ᠭᠡᠷ᠎ᠲᠦ ᠣᠴᠢᠭᠰᠠᠨ᠎ᠢ ᠲᠡᠷᠡ ᠣᠯᠵᠤ ᠦᠵᠡᠭᠰᠡᠨ ᠲᠤᠯᠠ ᠵᠢᠵᠢᠭ ᠪᠠᠭᠯᠠᠭ᠎ᠠ᠎ᠶᠢ ᠴᠢᠭᠢᠷᠰᠦᠨ ᠳᠣᠣᠷ᠎ᠠ ᠨᠢᠭᠤᠬᠤ᠎ᠨᠢ ᠪᠠᠲᠤᠯᠠᠪᠤᠷᠢ᠎ᠦᠭᠡᠢ ᠪᠣᠯᠪᠠ᠃ ᠮᠠᠷᠭᠠᠰᠢ ᠳᠠᠢᠰᠤᠨ ᠢᠷᠡᠵᠦ ᠨᠡᠩᠵᠢᠵᠦ ᠮᠡᠳᠡᠨ᠎ᠡ》 ᠭᠡᠵᠦ ᠪᠣᠳᠤᠭᠠᠳ᠂ ᠦᠰᠦᠷᠦᠨ ᠪᠣᠰᠴᠤ ᠴᠢᠭᠢᠷᠰᠦᠨ ᠳᠣᠣᠷ᠎ᠠ᠎ᠠᠴᠠ ᠪᠠᠭᠯᠠᠭ᠎ᠠ᠎ᠪᠠᠨ ᠠᠪᠴᠤ ᠵᠢᠭᠠᠬᠠᠨ ᠪᠣᠳᠤᠯᠬᠢᠯᠠᠭᠠᠳ ᠴᠣᠩᠬᠤᠨ ᠳᠡᠭᠡᠷ᠎ᠡ᠎ᠡᠴᠡ ᠨᠢᠭᠡ ᠸᠠᠭᠠᠷ᠎ᠤᠨ ᠪᠣᠳᠤᠩ ᠲᠡᠮᠲᠡᠷᠢᠨ ᠠᠪᠴᠤ ᠥᠨᠥ ᠪᠠᠭᠯᠠᠭ᠎ᠠ᠎ᠪᠠᠨ ᠬᠢᠵᠦ ᠬᠠᠨᠵᠤᠨ᠎ᠠᠴᠠ᠎ᠪᠠᠨ ᠪᠠᠭᠤᠭᠠᠳ ᠵᠡᠭᠡᠲᠦᠦ᠎ᠪᠡᠷ ᠬᠡᠷᠡᠮ᠎ᠦᠨ ᠪᠤᠯᠤᠩ᠎ᠳᠤ ᠨᠦᠬᠡ ᠤᠬᠤᠵᠤ ᠪᠤᠲᠤᠩ᠎ᠢᠶᠠᠨ ᠪᠤᠯᠠᠵᠤ ᠣᠷᠬᠢᠪᠠ᠃ ᠬᠤᠸᠠᠩ ᠡᠵᠢ ᠬᠡᠦᠬᠡᠨ᠎ᠢᠶᠡᠨ ᠨᠠᠰᠢ ᠴᠠᠰᠢ ᠶᠠᠭᠠᠷᠠᠵᠤ ᠪᠠᠢᠬᠤ᠎ᠶᠢ ᠦᠵᠡᠭᠡᠳ ᠶᠠᠭᠤ᠎ᠴᠤ ᠬᠡᠯᠡᠭᠰᠡᠨ᠎ᠦᠭᠡᠢ᠃ ᠡᠷ᠎ᠡ ᠨᠥᠬᠦᠷ᠎ᠢᠶᠡᠨ ᠪᠠᠢᠬᠤ᠎ᠠᠴᠠ ᠠᠪᠤᠭᠠᠳ᠂ ᠡᠢᠮᠦ ᠵᠠᠩ ᠳᠠᠳᠭᠠᠯ᠎ᠲᠠᠢ ᠪᠣᠯᠵᠠᠢ᠃ ᠨᠥᠬᠦᠷ᠎ᠨᠢ ᠨᠢᠭᠤᠴᠠ ᠠᠵᠢᠯ᠎ᠳᠤ ᠶᠠᠭᠠᠷᠠᠵᠤ ᠪᠠᠢᠪᠠᠯ ᠶᠡᠷᠦ ᠡᠨᠡ ᠲᠡᠷᠡ᠎ᠶᠢ᠎ᠨᠢ ᠠᠰᠠᠭᠤᠵᠤ ᠰᠠᠮᠠᠭᠤᠷᠠᠭᠤᠯᠳᠠᠭ᠎ᠦᠭᠡᠢ ᠪᠥᠭᠡᠳ ᠬᠠᠷᠢᠨ ᠨᠥᠬᠦᠷ᠎ᠨᠢ ᠲᠡᠭᠦᠨ᠎ᠢᠶᠡᠷ ᠬᠠᠪᠰᠤᠷᠤᠭᠤᠯᠬᠤ ᠭᠡᠪᠡᠯ ᠮᠥᠨ ᠳᠤᠪ ᠳᠤᠭᠤᠢ ᠬᠢᠴᠢᠶᠡᠩᠭᠦᠢ ᠪᠣᠯᠭᠤᠮᠵᠢᠲᠠᠢ ᠪᠡᠶᠡᠯᠡᠭᠦᠯᠳᠡᠭ᠃ ᠭᠡᠲᠡᠯ᠎ᠡ ᠥᠨᠥᠳᠦᠷ ᠲᠡᠭᠦᠨ᠎ᠦ ᠰᠡᠳᠭᠢᠯ᠎ᠨᠢ ᠣᠨᠴᠠ ᠰᠠᠮᠠᠭᠤᠷᠠᠵᠤ᠂ ᠮᠠᠭᠤ ᠢᠷᠤ᠎ᠠ ᠪᠣᠯᠬᠤ᠎ᠶᠢ ᠤᠷᠢᠳᠴᠢᠯᠠᠨ ᠮᠡᠳᠡᠷᠡᠭᠰᠡᠨ ᠪᠣᠳᠤᠯ ᠤᠯᠠᠮ᠎ᠢᠶᠠᠷ ᠬᠦᠨᠳᠦᠷᠡᠬᠦ ᠲᠤᠲᠤᠮ ᠦᠨᠡᠬᠡᠷ ᠲᠡᠰᠬᠦ᠎ᠪᠡᠨ ᠪᠣᠯᠢᠪᠠ᠃ ᠬᠡᠦᠬᠡᠨ᠎ᠢᠶᠡᠨ ᠪᠤᠵᠢᠭᠢᠨᠠᠬᠤ᠎ᠪᠠᠨ ᠵᠣᠭᠰᠤᠭᠰᠠᠨ ᠬᠣᠢᠨ᠎ᠠ:

《ᠬᠡᠦᠬᠡᠨ᠎ᠮᠢᠨᠢ ᠡ᠂ ᠪᠠᠢᠳᠠᠯ ᠮᠠᠭᠤᠬᠠᠢ ᠪᠣᠯᠪᠠ᠎ᠤᠤ?》 ᠭᠡᠵᠦ ᠨᠠᠮ ᠳᠠᠭᠤᠨ᠎ᠢᠶᠠᠷ ᠠᠰᠠᠭᠤᠪᠠ᠃

ᠬᠡᠦᠬᠡᠨ᠎ᠨᠢ 《ᠮᠠᠭᠤ ᠪᠣᠯᠵᠠᠢ ᠡᠵᠢ ᠡ》 ᠭᠡᠵᠦ ᠬᠥᠳᠡᠯᠭᠡᠭᠡᠨ᠎ᠲᠡᠢ ᠬᠠᠷᠢᠭᠤᠯᠪᠠ᠃ ᠦᠨᠡᠨ ᠪᠠᠢᠳᠠᠯ᠎ᠢᠶᠠᠨ ᠥᠴᠦᠬᠡᠨ᠎ᠴᠦ ᠨᠢᠭᠤᠭᠰᠠᠨ᠎ᠦᠭᠡᠢ᠃ 《ᠠᠢᠯ᠎ᠳᠤ ᠤᠷᠪᠠᠭᠴᠢ ᠭᠠᠷᠤᠭᠰᠠᠨ ᠪᠣᠯᠬᠣᠷ᠂ ᠬᠡᠷᠡᠭ ᠶᠠᠪᠤᠳᠠᠯ ᠶᠡᠭᠡᠳᠴᠦ ᠮᠡᠳᠡᠨ᠎ᠡ》 ᠭᠡᠵᠦ ᠬᠡᠯᠡᠭᠡᠳ ᠱᠦ ᠢᠩ ᠨᠡᠯᠢᠶᠡᠳ ᠭᠡᠮᠰᠢᠪᠡ᠃ ᠡᠵᠢ᠎ᠶᠢᠨ᠎ᠢᠶᠡᠨ ᠦᠯᠡᠮᠵᠢᠬᠡᠨ ᠵᠣᠪᠠᠯᠠᠩ ᠵᠦᠳᠡᠭᠦᠷᠢ ᠠᠮᠰᠠᠭᠰᠠᠨ᠎ᠢ ᠪᠣᠳᠤᠭᠠᠳ᠂ ᠪᠠᠰᠠ ᠨᠡᠩ ᠶᠡᠬᠡ ᠭᠠᠰᠢᠭᠤᠨ ᠵᠣᠪᠠᠯᠠᠩ ᠲᠡᠳᠡᠨ᠎ᠳᠦ ᠲᠤᠯᠭᠠᠷᠠᠨ ᠪᠠᠢᠭ᠎ᠠ᠎ᠶᠢ ᠡᠵᠢ᠎ᠳᠡᠭᠡᠨ ᠮᠡᠳᠡᠭᠳᠡᠬᠦ᠎ᠶᠢ ᠬᠦᠰᠡᠬᠦ᠎ᠦᠭᠡᠢ ᠪᠠᠢᠪᠠ! ᠭᠡᠪᠡᠴᠦ᠂ ᠬᠤᠸᠠᠩ ᠡᠵᠢ ᠪᠦᠷᠢᠨ ᠦᠵᠡᠵᠦ ᠭᠠᠷᠤᠭᠰᠠᠨ᠎ᠦᠭᠡᠢ᠎ᠰᠢᠭ᠋ ᠨᠢᠭᠡ ᠦᠭᠡ᠎ᠴᠦ ᠬᠡᠯᠡᠭᠰᠡᠨ᠎ᠦᠭᠡᠢ᠎ᠪᠡᠷ᠂ ᠴᠣᠩᠬᠤ᠎ᠪᠠᠷ ᠨᠢᠳᠦ ᠠᠯᠳᠠᠯ᠎ᠦᠭᠡᠢ ᠭᠠᠳᠠᠭᠰᠢ ᠰᠢᠷᠲᠡᠨ᠎ᠡ᠃ ᠭᠠᠳᠠᠨ᠎ᠠ ᠫᠠᠳ ᠬᠠᠷᠠᠩᠭᠤᠢ᠂ ᠰᠢᠭᠤᠷᠭᠠᠨ᠎ᠤ ᠱᠤᠤᠭᠢᠶᠠᠨ ᠤᠯᠠᠮ ᠶᠡᠭᠡᠳᠴᠦ᠂ ᠬᠥᠮᠦᠰ᠎ᠲᠦ ᠲᠡᠭᠷᠢ ᠨᠤᠷᠠᠵᠤ ᠤᠨᠠᠮᠠᠷ ᠰᠠᠨᠠᠭᠳᠠᠭᠤᠯᠤᠨ᠎ᠠ᠃

ᠬᠤᠸᠠᠩ ᠡᠵᠢ : 《ᠪᠢ ᠲᠥᠷᠦᠬᠦ᠎ᠶᠢᠨ ᠡᠢᠮᠦ ᠮᠠᠭᠤ ᠵᠠᠶᠠᠭ᠎ᠠ᠎ᠲᠠᠢ ᠮᠠᠭᠠᠳ ᠠ᠋》 ᠭᠡᠵᠦ ᠰᠢᠪᠡᠨᠡᠭᠰᠡᠭᠡᠷ ᠰᠠᠨᠠᠭ᠎ᠠ ᠠᠯᠳᠠᠪᠠ᠃ ᠳᠠᠭᠤ ᠠᠨᠢᠷ᠎ᠨᠢ᠎ᠴᠤ ᠭᠤᠲᠤᠷᠠᠯ᠎ᠲᠠᠢ ᠰᠣᠨᠤᠰᠳᠠᠨ᠎ᠠ᠃ ᠲᠦᠷ ᠤᠳᠠᠰᠬᠢᠭᠡᠳ ᠠᠭᠠᠵᠢᠮᠬᠠᠨ᠎ᠢᠶᠠᠷ ᠥᠨᠳᠡᠢᠨ ᠪᠣᠰᠴᠤ᠂ ᠥᠬᠢᠨ᠎ᠢᠶᠡᠨ ᠨᠢᠳᠦ ᠴᠠᠪᠴᠢᠯ᠎ᠦᠭᠡᠢ ᠬᠠᠷᠠᠭᠰᠠᠭᠠᠷ:

《ᠪᠣᠯᠵᠠᠢ! ᠵᠢᠷᠭᠠᠯ᠎ᠢ ᠬᠦᠰᠡᠭᠡᠳ ᠣᠯᠬᠤ᠎ᠦᠭᠡᠢ᠂ ᠵᠣᠪᠠᠯᠠᠩ᠎ᠢ ᠬᠤᠰᠤᠭᠠᠳ ᠠᠷᠢᠯᠬᠤ᠎ᠦᠭᠡᠢ᠎ᠶᠤᠮ᠂ ᠶᠠᠭᠠᠬᠢᠪᠠᠯ ᠶᠠᠭᠠᠬᠢᠭ ᠴᠠᠰᠢ᠎ᠨᠢ᠃ ᠬᠡᠦᠬᠡᠨ᠎ᠮᠢᠨᠢ᠂ ᠪᠢ ᠠᠶᠤᠬᠤ᠎ᠦᠭᠡᠢ᠂ ᠣᠭᠲᠤ ᠠᠶᠤᠬᠤ᠎ᠦᠭᠡᠢ᠃ ᠴᠢ᠎ᠴᠦ ᠪᠤᠤ ᠠᠶᠤᠭᠠᠷᠠᠢ!》 ᠭᠡᠵᠦ ᠡᠷᠡᠰ ᠰᠢᠭᠤᠷᠬᠠᠢ ᠬᠡᠯᠡᠪᠡ᠃

ᠭᠤᠷᠪᠠ

ᠲᠡᠳᠡ ᠬᠣᠶᠠᠭᠤᠯᠠ᠎ᠶᠢᠨ ᠲᠠᠭᠠᠮᠠᠭᠯᠠᠭᠰᠠᠨ᠎ᠨᠢ ᠶᠡᠷᠦ ᠵᠥᠷᠢᠭᠰᠡᠨ᠎ᠦᠭᠡᠢ᠃ ᠳᠠᠷᠠᠭ᠎ᠠ ᠡᠳᠦᠷ᠎ᠨᠢ ᠤᠷᠲᠤ ᠬᠤᠪᠴᠠᠰᠤᠲᠠᠨ ᠢᠷᠡᠵᠦ ᠪᠢᠴᠢᠬᠠᠨ ᠭᠡᠷ᠎ᠢ᠎ᠨᠢ ᠨᠡᠩᠵᠢᠨ᠂ ᠡᠬᠡ ᠬᠡᠦᠬᠡᠨ ᠬᠣᠶᠠᠭᠤᠯᠠ᠎ᠶᠢ ᠳ᠋ᠠ ᠺᠤᠸᠠᠩ᠎ᠤᠨ ᠪᠠᠭᠤᠳᠠᠯ᠎ᠳᠠᠭᠠᠨ ᠠᠪᠠᠴᠢᠪᠠ᠃

ᠳᠠᠢᠰᠤᠨ ᠤᠷᠪᠠᠭᠴᠢ᠎ᠶᠢᠨ ᠨᠢᠭᠤᠴᠠ ᠵᠠᠭᠠᠯᠳᠤᠯᠭ᠎ᠠ᠎ᠪᠠᠷ ᠬᠤᠸᠠᠩ ᠱᠦ ᠢᠩ᠎ᠢ ᠦᠲᠦᠷᠮ᠎ᠡ᠎ᠶᠢᠨ ᠭᠡᠷ᠎ᠦᠨ ᠬᠠᠨᠵᠤᠨ᠎ᠤ ᠬᠣᠭᠤᠯᠠᠢ᠎ᠠᠴᠠ ᠶᠠᠭᠤᠮ᠎ᠠ ᠭᠠᠷᠭᠠᠵᠤ ᠠᠪᠠᠴᠢᠭᠰᠠᠨ᠎ᠢᠶᠠᠷ ᠰᠡᠵᠢᠭᠯᠡᠪᠡ᠃ ᠤᠴᠢᠷ᠎ᠨᠢ ᠬᠠᠨᠵᠤᠨ᠎ᠤ ᠬᠣᠭᠤᠯᠠᠢ᠎ᠶᠢᠨ ᠦᠨᠡᠰᠦᠨ᠎ᠳᠦ᠂ ᠲᠡᠭᠦᠨ᠎ᠦ ᠬᠤᠷᠤᠭᠤ᠎ᠶᠢᠨ ᠣᠷᠤ᠎ᠨᠢ ᠪᠠᠢᠵᠠᠢ᠃ ᠡᠢᠮᠦ᠎ᠡᠴᠡ ᠬᠡᠷᠴᠡᠭᠡᠢ ᠬᠠᠷᠭᠢᠰ᠎ᠢᠶᠠᠷ ᠰᠢᠭᠦᠨ ᠡᠬᠢᠯᠡᠵᠦ ᠲᠡᠭᠦᠨ᠎ᠢ ᠰᠢᠨᠠᠯᠭᠠᠵᠤ ᠪᠠᠢᠭᠠᠳ ᠬᠠᠨᠵᠤᠨ ᠬᠣᠭᠤᠯᠠᠢ᠎ᠶᠢᠨ ᠨᠢᠭᠤᠴᠠ᠎ᠶᠢ ᠬᠡᠯᠡᠭᠦᠯᠬᠦ᠎ᠪᠡᠷ ᠭᠣᠷᠢᠳᠠᠪᠠ᠃

《ᠲᠦᠷᠭᠡᠨ ᠬᠡᠯᠡ᠂ ᠴᠢ ᠬᠠᠨᠵᠤᠨ ᠬᠣᠭᠤᠯᠠᠢ᠎ᠠᠴᠠ ᠶᠠᠭᠤ ᠠᠪᠠᠴᠢᠭᠰᠠᠨ ᠪᠤᠢ?》

《ᠶᠠᠭᠤ᠎ᠴᠤ ᠠᠪᠤᠭᠰᠠᠨ᠎ᠦᠭᠡᠢ》 ᠭᠡᠵᠦ ᠬᠤᠸᠠᠩ ᠱᠦ ᠢᠩ ᠡᠷᠡᠰ ᠬᠠᠷᠢᠭᠤᠯᠪᠠ᠃

《ᠲᠡᠭᠡᠪᠡᠯ ᠴᠢ ᠦᠲᠦᠷᠮ᠎ᠡ᠎ᠶᠢᠨ ᠭᠡᠷ᠎ᠲᠦ ᠶᠠᠭᠤ ᠬᠢᠬᠦ᠎ᠪᠡᠷ ᠣᠴᠢᠭᠰᠠᠨ ᠪᠤᠢ?》

《ᠲᠠᠬᠢᠶ᠎ᠠ᠎ᠪᠠᠨ ᠡᠷᠢᠭᠰᠡᠨ!》

《ᠲᠠᠬᠢᠶ᠎ᠠ᠎ᠪᠠᠨ ᠡᠷᠢᠭᠰᠡᠨ ᠭᠡᠨ᠎ᠡ? ᠶᠠᠭᠤᠨ᠎ᠳᠤ ᠬᠠᠨᠵᠤᠨ ᠬᠣᠭᠤᠯᠠᠢ᠎ᠶᠢ ᠮᠠᠯᠲᠠᠭᠰᠠᠨ ᠪᠤᠢ?》

《ᠬᠠᠨᠵᠤᠨ᠎ᠤ ᠬᠣᠭᠤᠯᠠᠢ᠎ᠳᠤ ᠲᠠᠬᠢᠶ᠎ᠠ ᠰᠢᠷᠭᠤᠨ ᠣᠷᠤᠭᠰᠠᠨ᠃ 》

《ᠪᠤᠤ ᠬᠤᠳᠠᠯ ᠬᠡᠯᠡ᠂ ᠴᠢᠮᠠᠢ ᠵᠣᠳᠤᠬᠤ᠎ᠦᠭᠡᠢ ᠪᠣᠯ ᠦᠨᠡᠨ᠎ᠢᠶᠡᠨ ᠬᠡᠯᠡᠬᠦ᠎ᠦᠭᠡᠢ᠎ᠦᠦ! ᠵᠣᠳᠤ᠂ ᠦᠬᠦᠲᠡᠯ᠎ᠡ᠎ᠨᠢ ᠵᠣᠳᠤ!》

ᠳᠠᠢᠰᠤᠨ ᠪᠣᠯ ᠬᠠᠷᠭᠢᠰ ᠬᠡᠷᠴᠡᠭᠡᠢ ᠮᠥᠷᠲᠡᠭᠡᠨ ᠲᠡᠨᠡᠭ ᠮᠤᠩᠬᠠᠭ᠎ᠶᠤᠮ᠂ ᠲᠡᠳᠡ ᠬᠡᠵᠢᠶᠡᠳᠡ ᠥᠪᠡᠷ᠎ᠦᠨ᠎ᠢᠶᠡᠨ ᠬᠠᠷᠭᠢᠰᠯᠠᠯ᠎ᠳᠤ ᠢᠲᠡᠭᠡᠯ ᠳᠦᠭᠦᠷᠡᠩ ᠪᠠᠢᠳᠠᠭ᠎ᠶᠤᠮ᠃ ᠪᠠᠷᠰ ᠴᠢᠨᠤ᠎ᠠ᠎ᠶᠢᠨ ᠡᠭᠦᠷ᠎ᠲᠦ ᠠᠷᠪᠠ ᠭᠠᠷᠤᠢ ᠬᠣᠨᠤᠭ᠎ᠤᠨ ᠠᠢᠬᠤᠪᠲᠤᠷ ᠵᠣᠪᠠᠯᠠᠩ᠎ᠢ ᠠᠮᠰᠠᠭᠰᠠᠨ᠎ᠤ ᠳᠠᠷᠠᠭ᠎ᠠ᠂ ᠡᠨᠡ᠎ᠬᠦ ᠭᠠᠯ ᠵᠠᠯᠠᠭᠤ ᠨᠠᠰᠤᠨ᠎ᠤ ᠭᠣᠶᠤᠮᠰᠤᠭ ᠬᠡᠦᠬᠡᠨ᠂ ᠬᠥᠮᠦᠨ᠎ᠦ ᠳᠦᠷᠰᠦ᠎ᠦᠭᠡᠢ ᠪᠣᠯᠵᠠᠢ᠃ ᠡᠵᠢ᠎ᠨᠢ ᠶᠠᠭᠠᠬᠢᠪᠠᠴᠤ ᠬᠡᠦᠬᠡᠨ᠎ᠡᠴᠡ᠎ᠪᠡᠨ ᠳᠤᠲᠠᠭᠤ ᠲᠠᠮᠤᠯᠠᠭᠳᠠᠵᠤ ᠪᠣᠯᠤᠰᠢ᠎ᠦᠭᠡᠢ᠎ᠶᠢ ᠣᠢᠯᠠᠭᠠᠵᠤ ᠪᠣᠯᠬᠤ᠎ᠶᠤᠮ᠃ ᠭᠡᠲᠡᠯ᠎ᠡ ᠳᠠᠢᠰᠤᠨ ᠬᠢᠷᠢ ᠵᠡᠷᠭᠡ᠎ᠶᠢᠨ ᠬᠠᠷᠭᠢᠰ ᠡᠷᠡᠭᠦᠦ ᠲᠤᠯᠭᠠᠭᠰᠠᠨ᠎ᠴᠤ᠂ ᠲᠡᠳᠡ ᠬᠣᠶᠠᠭᠤᠯᠠ ᠡᠷᠡᠯᠬᠡᠭ ᠪᠠᠭᠠᠲᠤᠷᠯᠢᠭ᠎ᠢᠶᠠᠷ ᠲᠡᠰᠪᠦᠷᠢᠯᠡᠨ᠂ ᠶᠠᠭᠤ᠎ᠴᠤ ᠬᠡᠯᠡᠵᠦ᠂ ᠭᠠᠷᠭᠠᠭᠰᠠᠨ᠎ᠦᠭᠡᠢ ᠪᠢᠯᠡ᠃

ᠡᠨᠡ᠎ᠨᠢ ᠳᠠᠢᠰᠤᠨ᠎ᠤ ᠰᠠᠨᠠᠭᠰᠠᠨ᠎ᠠᠴᠠ ᠣᠭᠲᠤ ᠥᠭᠡᠷ᠎ᠡ ᠪᠣᠯᠵᠠᠢ᠃ ᠳᠠᠢᠰᠤᠨ ᠯᠣᠣ ᠵᠣᠣ᠎ᠶᠢ ᠪᠠᠷᠢᠪᠴᠢᠯᠠᠭᠰᠠᠨ ᠡᠳᠦᠷ᠎ᠡᠴᠡ᠎ᠪᠡᠨ ᠠᠪᠤᠭᠠᠳ᠂ ᠲᠡᠭᠦᠨ᠎ᠳᠦ ᠳᠡᠮᠡᠢ ᠶᠡᠬᠡ ᠭᠣᠷᠢᠳᠠᠯᠭ᠎ᠠ ᠲᠠᠯᠪᠢᠭᠰᠠᠨ᠎ᠦᠭᠡᠢ᠎ᠶᠤᠮ᠃ ᠲᠡᠳᠡ ᠥᠩᠭᠡᠷᠡᠭᠰᠡᠨ᠎ᠦ᠎ᠪᠡᠨ ᠲᠤᠷᠰᠢᠯᠭ᠎ᠠ᠎ᠶᠢ ᠦᠨᠳᠦᠰᠦᠯᠡᠵᠦ: ᠡᠪ ᠬᠠᠮᠲᠤ ᠨᠠᠮ᠎ᠤᠨ ᠶᠣᠰᠤᠲᠠᠢ ᠭᠡᠰᠢᠭᠦᠨ᠎ᠡᠴᠡ᠂ ᠲᠡᠳᠡᠨ᠎ᠦ ᠬᠡᠷᠡᠭᠴᠡᠭᠡ ᠪᠦᠬᠦᠢ ᠶᠠᠭᠤᠮ᠎ᠠ᠎ᠪᠠᠨ ᠠᠯᠪᠠᠳᠠᠯᠭ᠎ᠠ᠎ᠪᠠᠷ ᠣᠯᠵᠤ ᠰᠣᠨᠤᠰᠬᠤ᠎ᠨᠢ ᠲᠡᠭᠷᠢ᠎ᠳᠦ ᠭᠠᠷᠬᠤ᠎ᠠᠴᠠ ᠪᠡᠷᠬᠡᠲᠡᠢ᠎ᠶᠢ ᠣᠢᠯᠠᠭᠠᠵᠠᠢ᠃ ᠦᠨᠡᠬᠡᠷ ᠠᠩᠬᠠᠳᠠᠭᠴᠢ ᠤᠳᠠᠭ᠎ᠠ ᠰᠢᠭᠦᠨ ᠠᠰᠠᠭᠤᠬᠤ᠎ᠳᠤᠨᠢ᠂ ᠯᠣᠣ ᠵᠣᠣ ᠬᠡᠯᠡ᠎ᠪᠡᠨ ᠲᠠᠰᠤ ᠬᠠᠵᠠᠵᠤ᠂ ᠴᠢᠰᠤ᠎ᠪᠠᠨ ᠳᠠᠢᠰᠤᠨ᠎ᠤ ᠨᠢᠭᠤᠷ᠎ᠲᠤ ᠰᠦᠷᠴᠢᠭᠰᠡᠨ ᠪᠠᠢᠨ᠎ᠠ᠃ ᠳᠠᠷᠠᠭ᠎ᠠ ᠡᠳᠦᠷ᠎ᠨᠢ ᠳᠠᠢᠰᠤᠨ ᠲᠡᠭᠦᠨ᠎ᠢ ᠠᠯᠠᠵᠠᠢ᠃ ᠯᠣᠣ ᠵᠣᠣ ᠪᠡᠶ᠎ᠡ ᠦᠷᠡᠭᠳᠡᠬᠦ᠎ᠡᠴᠡ᠎ᠪᠡᠨ ᠡᠮᠦᠨ᠎ᠡ᠂ ᠡᠭᠡᠳᠡᠷᠡᠨ ᠴᠤᠯᠴᠠᠷᠢᠭᠰᠠᠨ ᠳᠠᠭᠤᠨ᠎ᠢᠶᠠᠷ ᠳᠠᠢᠰᠤᠨ᠎ᠢ ᠬᠣᠷᠤᠰᠤᠨ ᠬᠠᠷᠢᠶᠠᠵᠤ ᠪᠠᠢᠪᠠ! ᠡᠭᠦᠨ᠎ᠳᠦ ᠳᠠᠢᠰᠤᠨ ᠳᠡᠮᠡᠢ ᠰᠣᠨᠢᠷᠬᠠᠭᠰᠠᠨ᠎ᠦᠭᠡᠢ᠃ ᠤᠴᠢᠷ᠎ᠨᠢ ᠡᠢᠮᠦᠷᠬᠦᠦ ᠪᠠᠢᠳᠠᠯ ᠲᠡᠳᠡᠨ᠎ᠳᠦ ᠣᠯᠠᠨᠲᠠ ᠲᠣᠬᠢᠶᠠᠯᠳᠤᠳᠠᠭ ᠪᠢᠯᠡ᠃ ᠭᠡᠪᠡᠴᠦ ᠡᠨᠡ ᠬᠣᠶᠠᠷ ᠡᠮᠡᠭᠲᠡᠢ᠂ ᠲᠡᠳᠡᠨ᠎ᠳᠦ ᠢᠩᠭᠢᠨ᠎ᠡ ᠭᠡᠵᠦ ᠪᠣᠳᠤᠭᠳᠠᠭᠤᠯᠤᠭᠰᠠᠨ᠎ᠴᠤ᠎ᠦᠭᠡᠢ᠃ ᠠᠷᠪᠠᠭᠠᠳ ᠬᠣᠨᠤᠭ᠎ᠢ ᠥᠩᠭᠡᠷᠡᠭᠡᠨ ᠲᠡᠳᠡ ᠠᠷᠭ᠎ᠠ ᠪᠦᠬᠦᠨ᠎ᠢ ᠬᠡᠷᠡᠭᠯᠡᠵᠦ ᠳᠠᠭᠤᠰᠤᠭᠰᠠᠨ᠎ᠴᠤ᠂ ᠪᠠᠰᠠ᠎ᠯᠠ ᠶᠠᠭᠤ᠎ᠴᠤ ᠣᠯᠤᠭᠰᠠᠨ᠎ᠦᠭᠡᠢ᠃ ᠲᠡᠳᠡᠨ᠎ᠦ ᠢᠲᠡᠭᠡᠯ ᠵᠣᠷᠢᠭ᠎ᠨᠢ᠎ᠴᠤ ᠭᠤᠢᠪᠢᠪᠠ᠃ ᠬᠠᠮᠤᠭ᠎ᠤᠨ ᠰᠡᠭᠦᠯᠴᠢ᠎ᠶᠢᠨ ᠰᠢᠭᠦᠨ ᠠᠰᠠᠭᠤᠬᠤ᠎ᠳᠠᠭᠠᠨ: ᠴᠢᠮᠠᠢ ᠡᠵᠢ᠎ᠲᠡᠢ᠎ᠴᠢᠨᠢ ᠠᠭᠤᠯᠵᠠᠭᠤᠯᠤᠶ᠎ᠠ᠂ ᠵᠥᠪᠯᠡᠵᠦ ᠪᠠᠢᠭᠠᠳ ᠦᠨᠡᠨ᠎ᠢᠶᠡᠨ ᠬᠡᠯᠡᠳᠡᠭ ᠪᠣᠯ ᠮᠠᠷᠭᠠᠰᠢ ᠲᠠ ᠬᠣᠶᠠᠭᠤᠯᠠ᠎ᠶᠢ ᠲᠠᠯᠪᠢᠨ᠎ᠠ᠃ ᠬᠡᠷᠪᠡ ᠦᠨᠡᠨ᠎ᠢᠶᠡᠨ ᠬᠡᠯᠡᠬᠦ᠎ᠦᠭᠡᠢ ᠪᠣᠯ ᠡᠨᠡ᠎ᠴᠢᠨᠢ ᠡᠵᠢ᠎ᠲᠡᠢ᠎ᠪᠡᠨ ᠡᠴᠦᠰ᠎ᠦᠨ ᠠᠭᠤᠯᠵᠠᠯᠲᠠ ᠬᠢᠬᠦ ᠪᠣᠯᠤᠨ᠎ᠠ ᠰᠢᠤ ᠭᠡᠵᠦ ᠳᠠᠢᠰᠤᠨ᠂ ᠬᠤᠸᠠᠩ ᠱᠦ ᠢᠩ᠎ᠳᠦ ᠬᠡᠯᠡᠵᠡᠢ᠃

ᠰᠢᠷ᠎ᠠ ᠪᠦᠷᠦᠢ ᠪᠣᠯᠤᠭᠰᠠᠨ᠎ᠤ ᠳᠠᠷᠠᠭ᠎ᠠ᠂ ᠱᠦ ᠢᠩ ᠡᠵᠢ᠎ᠶᠢᠨ᠎ᠢᠶᠡᠨ ᠱᠣᠷᠤᠩ᠎ᠳᠤ ᠬᠥᠭᠡᠭᠡᠭᠳᠡᠵᠦ ᠣᠴᠢᠪᠠ᠃ ᠰᠡᠭᠦᠳᠡᠭᠡᠨᠡᠭᠰᠡᠨ ᠳ᠋ᠧᠩ᠎ᠦᠨ ᠭᠡᠷᠡᠯ᠎ᠳᠦ ᠱᠦ ᠢᠩ ᠡᠵᠢ᠎ᠲᠡᠢ᠎ᠪᠡᠨ ᠤᠴᠠᠷᠠᠯ᠎ᠠ᠃ ᠡᠵᠢ᠎ᠨᠢ ᠪᠠᠷᠤᠭ ᠲᠠᠨᠢᠭᠳᠠᠬᠤ᠎ᠦᠭᠡᠢ ᠪᠣᠯᠵᠠᠢ᠃ ᠦᠨᠡᠬᠡᠷ ᠠᠶᠤᠮᠠᠷ ᠪᠣᠯᠤᠭᠠᠳ ᠪᠠᠢᠪᠠ᠃ ᠪᠦᠬᠦ ᠪᠡᠶ᠎ᠡ᠎ᠶᠢᠨ ᠬᠢᠨᠢ ᠬᠤᠪᠴᠠᠰᠤ ᠪᠦᠷ ᠤᠷᠠᠭᠳᠠᠵᠤ ᠰᠡᠭᠴᠢᠭᠳᠡᠭᠡᠳ ᠴᠢᠰᠤ ᠨᠥᠵᠢ ᠳᠦᠭᠦᠷᠡᠩ ᠨᠠᠭᠠᠯᠳᠤᠵᠠᠢ᠃ ᠠᠲᠤᠷᠢᠶ᠎ᠠ᠎ᠲᠠᠢ ᠴᠢᠷᠠᠢ᠎ᠨᠢ ᠬᠥᠭᠡᠭᠡᠵᠦ ᠴᠢᠨᠦᠷᠡᠨ᠂ ᠬᠠᠷᠠᠭ᠎ᠠ᠎ᠨᠢ ᠮᠠᠭᠤᠳᠠᠭᠰᠠᠨ ᠬᠣᠶᠠᠷ ᠨᠢᠳᠦ᠎ᠨᠢ ᠬᠠᠷᠢᠨ ᠬᠡᠦᠬᠡᠨ᠎ᠦ᠎ᠪᠡᠨ ᠳᠡᠭᠡᠷ᠎ᠡ ᠬᠠᠯᠲᠤᠷᠢᠯ᠎ᠦᠭᠡᠢ ᠲᠤᠰᠴᠤ ᠪᠠᠢᠪᠠ᠃ ᠦᠵᠡᠮᠡᠭᠴᠡ᠎ᠪᠡᠨ ᠰᠣᠴᠢᠵᠤ ᠬᠠᠰᠭᠢᠷᠤᠨ ᠦᠰᠦᠷᠴᠦ ᠣᠴᠢᠨ ᠡᠵᠢ᠎ᠪᠡᠨ ᠲᠡᠪᠡᠷᠢᠬᠦ ᠰᠢᠬᠠᠯ᠎ᠠ᠃ ᠭᠡᠪᠡᠴᠦ᠂ ᠣᠷᠭᠢᠯᠤᠭᠰᠠᠨ ᠰᠡᠳᠭᠢᠯᠭᠡ᠎ᠪᠡᠨ ᠳᠠᠷᠤᠵᠤ᠂ ᠠᠭᠠᠵᠢᠮ ᠠᠯᠬᠤᠯᠠᠵᠤ ᠡᠵᠢ᠎ᠶᠢᠨ᠎ᠢᠶᠡᠨ ᠥᠭᠡᠳᠡ᠎ᠡᠴᠡ ᠢᠨᠢᠶᠡᠪᠡ᠃ ᠢᠨᠢᠶᠡᠮᠰᠦᠭᠯᠡᠯ᠎ᠢᠶᠡᠷ᠎ᠢᠶᠡᠨ ᠡᠵᠢ᠎ᠶᠢᠨ᠎ᠢᠶᠡᠨ ᠰᠡᠳᠭᠢᠯ᠎ᠢ ᠲᠠᠢᠪᠤᠰᠢᠷᠠᠭᠤᠯᠵᠤ: ᠥᠪᠡᠷ᠎ᠦᠨ᠎ᠢᠶᠡᠨ ᠪᠡᠶ᠎ᠡ᠎ᠶᠢ ᠶᠠᠮᠠᠷ᠎ᠴᠤ ᠵᠣᠪᠠᠯᠠᠩ ᠠᠮᠰᠠᠭ᠎ᠠ᠎ᠦᠭᠡᠢ ᠭᠡᠵᠦ ᠢᠯᠡᠳᠭᠡᠬᠦ᠎ᠶᠢ ᠵᠣᠷᠢᠵᠠᠢ᠃

ᠬᠤᠸᠠᠩ ᠡᠵᠢ ᠬᠡᠦᠬᠡᠨ᠎ᠢᠶᠡᠨ ᠦᠵᠡᠮᠡᠭᠴᠡ᠂ ᠪᠠᠰᠠ ᠰᠣᠴᠢᠨ ᠮᠡᠯᠡᠷᠡᠵᠦ: ᠪᠣᠷᠤᠪᠲᠤᠷ ᠤᠯᠠᠭᠠᠨ ᠬᠠᠴᠠᠷ᠎ᠨᠢ ᠬᠡᠵᠢᠶᠡᠳᠡ ᠠᠯᠢᠮ᠎ᠠ᠎ᠰᠢᠭ᠋ ᠪᠠᠢᠳᠠᠭ ᠭᠣᠶᠤᠮᠰᠤᠭ ᠬᠡᠦᠬᠡᠨ᠎ᠢᠶᠡᠨ ᠮᠥᠨ ᠪᠣᠯᠬᠤ᠎ᠶᠢ ᠢᠲᠡᠭᠡᠵᠦ ᠶᠠᠳᠠᠨ᠎ᠠ᠃ ᠬᠡᠦᠬᠡᠨ᠎ᠨᠢ ᠵᠢᠭᠲᠡᠢ ᠠᠶᠤᠮᠠᠷ ᠪᠣᠯᠵᠠᠢ! ᠭᠡᠵᠢᠭᠡ ᠦᠰᠦ᠎ᠨᠢ ᠰᠡᠭᠰᠡᠢᠨ ᠪᠠᠭᠤᠵᠤ᠂ ᠴᠠᠭᠠᠰᠤ ᠮᠡᠲᠦ ᠴᠠᠢᠭᠰᠠᠨ ᠴᠢᠷᠠᠢ᠎ᠶᠢ᠎ᠨᠢ ᠪᠦᠷᠬᠦᠭᠡᠳ᠂ ᠬᠣᠩᠬᠤᠢᠵᠤ ᠲᠣᠮᠤᠷᠠᠭᠰᠠᠨ ᠬᠣᠶᠠᠷ ᠨᠢᠳᠦ᠎ᠨᠢ ᠭᠡᠵᠢᠭᠡ ᠥᠰᠦᠨ᠎ᠦ᠎ᠪᠡᠨ ᠬᠣᠭᠤᠷᠤᠨᠳᠤᠭᠤᠷ ᠡᠵᠢ᠎ᠪᠡᠨ ᠰᠢᠷᠲᠡᠨ ᠠᠨᠢᠪᠴᠢᠨ᠎ᠠ᠃ ᠭᠡᠨᠡᠳᠲᠡᠬᠡᠨ ᠢᠨᠢᠶᠡᠭᠰᠡᠨ᠎ᠨᠢ᠂ ᠡᠵᠢ᠎ᠶᠢᠨ ᠡᠯᠢᠭᠡ ᠵᠢᠷᠦᠬᠡ᠎ᠶᠢ ᠰᠢᠮᠰᠢᠷᠡᠭᠦᠯᠦᠭᠰᠡᠨ ᠪᠣᠯᠬᠣᠷ ᠡᠵᠢ᠎ᠨᠢ ᠤᠷᠤᠭᠰᠢ ᠲᠦᠷᠢᠨ ᠬᠡᠦᠬᠡᠨ᠎ᠢᠶᠡᠨ ᠲᠡᠪᠡᠷᠢᠨ ᠤᠷᠲᠤ ᠳᠠᠭᠤᠨ᠎ᠢᠶᠠᠷ ᠡᠭᠡᠷ ᠲᠡᠳᠡᠨ ᠤᠬᠠᠭᠠᠨ ᠠᠯᠳᠠᠵᠤ ᠮᠠᠨᠠᠷᠠᠨ ᠤᠨᠠᠪᠠ ᠁

ᠬᠤᠸᠠᠩ ᠡᠵᠢ᠎ᠶᠢ ᠰᠡᠬᠡᠭᠡᠷᠡᠬᠦ᠎ᠳᠦᠨᠢ᠂ ᠪᠡᠶ᠎ᠡ᠎ᠶᠢ᠎ᠨᠢ ᠬᠥᠩᠭᠡᠬᠡᠨ ᠢᠯᠪᠢᠵᠦ ᠪᠠᠢᠭ᠎ᠠ᠎ᠨᠢ ᠮᠡᠳᠡᠭᠳᠡᠨ᠎ᠡ᠃ ᠨᠢᠳᠦ᠎ᠪᠡᠨ ᠨᠡᠭᠡᠭᠡᠵᠦ ᠦᠵᠡᠬᠦᠯᠡᠷ ᠰᠠᠷᠠᠨ ᠭᠡᠷᠡᠯ ᠪᠢᠴᠢᠬᠠᠨ ᠴᠣᠩᠬᠤ᠎ᠪᠠᠷ ᠲᠤᠰᠴᠤ᠂ ᠪᠡᠶ᠎ᠡ᠎ᠶᠢ᠎ᠨᠢ ᠴᠢᠩᠭ᠎ᠠ ᠲᠡᠪᠡᠷᠢᠵᠦ ᠪᠠᠢᠭᠰᠠᠨ ᠬᠡᠦᠬᠡᠨ᠎ᠦ ᠬᠢᠨᠢ ᠨᠢᠭᠤᠷ ᠭᠡᠷᠡᠯᠲᠦᠨ ᠦᠵᠡᠭᠳᠡᠨ᠎ᠡ᠃

《ᠠ? ᠱᠦ ᠢᠩ᠎ᠮᠢᠨᠢ》 ᠭᠡᠵᠦ ᠲᠡᠷᠡ ᠰᠣᠴᠢᠮᠠᠭ ᠳᠠᠭᠤᠳᠠᠪᠠ᠃

《ᠡᠵᠢ ᠡ᠂ ᠰᠡᠷᠢᠪᠡ᠎ᠦᠦ?》 ᠭᠡᠳ ᠬᠠᠴᠠᠷ᠎ᠢᠶᠠᠨ ᠡᠵᠢ᠎ᠶᠢᠨ᠎ᠢᠶᠡᠨ ᠨᠢᠭᠤᠷ᠎ᠲᠤ ᠨᠠᠭᠠᠯᠳᠤᠭᠤᠯᠪᠠ᠃

ᠬᠤᠸᠠᠩ ᠡᠵᠢ ᠬᠡᠦᠬᠡᠨ᠎ᠢᠶᠡᠨ ᠨᠢᠳᠦ ᠠᠯᠳᠠᠯ᠎ᠦᠭᠡᠢ ᠰᠢᠷᠲᠡᠭᠰᠡᠭᠡᠷ:

《ᠬᠡᠦᠬᠡᠨ ᠡ᠂ ᠡᠨᠡ᠎ᠴᠢᠨᠢ ᠵᠡᠭᠦᠳᠦ ᠪᠢᠰᠢ ᠪᠢᠵᠡ?》 ᠭᠡᠵᠦ ᠠᠰᠠᠭᠤᠪᠠ᠃

ᠱᠦ ᠢᠩ : 《ᠪᠢᠰᠢ ᠡ᠂ ᠡᠵᠢ᠎ᠮᠢᠨᠢ》 ᠭᠡᠵᠦ ᠨᠢᠯᠪᠤᠰᠤ᠎ᠪᠠᠨ ᠪᠥᠮᠪᠦᠷᠢᠭᠦᠯᠦᠭᠰᠡᠭᠡᠷ 《ᠡᠨᠡ᠎ᠴᠢᠨᠢ ᠵᠡᠭᠦᠳᠦ ᠪᠢᠰᠢ ᠰᠢᠤ᠂ ᠡᠵᠢ ᠡ》 ᠭᠡᠪᠡ᠃

ᠡᠵᠢ᠎ᠨᠢ ᠴᠢᠳᠠᠨ ᠶᠠᠳᠠᠨ ᠪᠣᠰᠴᠤ ᠰᠠᠭᠤᠭᠠᠳ᠂ ᠬᠠᠷ᠎ᠠ ᠭᠡᠷ᠎ᠦᠨ ᠵᠡᠪᠡᠭᠦᠨ ᠪᠠᠢᠳᠠᠯ᠎ᠢ ᠰᠡᠮᠡᠭᠡᠷᠬᠡᠨ ᠠᠵᠢᠭᠯᠠᠵᠤ᠂ ᠡᠭᠦᠳᠡᠨ᠎ᠦ ᠭᠠᠳᠠᠨᠠᠬᠢ ᠬᠠᠷᠠᠭᠤᠯ᠎ᠤᠨ ᠠᠯᠬᠤᠯᠠᠬᠤ ᠴᠢᠮᠡᠭᠡ᠎ᠶᠢ ᠴᠢᠩᠨᠠᠭᠰᠠᠭᠠᠷ ᠬᠡᠦᠬᠡᠨ᠎ᠢᠶᠡᠨ ᠲᠡᠪᠡᠷᠢᠨ ᠡᠮᠭᠡᠨᠢᠨ ᠤᠬᠢᠯᠠᠪᠠ ᠁

ᠱᠦ ᠢᠩ : 《ᠡᠵᠢ ᠡ᠂ ᠪᠢᠲᠡᠭᠡᠢ ᠤᠬᠢᠯᠠ》 ᠭᠡᠵᠦ ᠡᠵᠢ᠎ᠶᠢᠨ᠎ᠢᠶᠡᠨ ᠮᠥᠷᠦ᠎ᠶᠢ ᠬᠥᠩᠭᠡᠨ ᠬᠥᠳᠡᠯᠭᠡᠵᠦ᠂ ᠵᠠᠢᠷᠯᠠᠭᠰᠠᠨ ᠨᠢᠯᠪᠤᠰᠤ᠎ᠪᠠᠨ ᠬᠤᠷᠢᠶᠠᠪᠠ᠃ ᠱᠦ ᠢᠩ ᠶᠠᠭᠤ ᠬᠡᠯᠡᠬᠦ᠎ᠪᠡᠨ᠎ᠴᠦ ᠣᠯᠬᠤ᠎ᠦᠭᠡᠢ ᠪᠣᠯᠵᠠᠢ᠃ ᠡᠵᠢ᠎ᠪᠡᠨ ᠲᠠᠢᠳᠭᠤᠷᠠᠭᠤᠯᠬᠤ᠎ᠶᠢ ᠪᠣᠳᠤᠭᠰᠠᠨ ᠪᠣᠯᠪᠠᠴᠤ ᠬᠡᠯᠡᠮᠡᠷ ᠵᠣᠬᠢᠰᠲᠠᠢ ᠦᠭᠡ ᠰᠠᠨᠠᠭᠠᠨ᠎ᠳᠤᠨᠢ ᠣᠷᠤᠬᠤ᠎ᠦᠭᠡᠢ ᠪᠠᠢᠯ᠎ᠠ᠃ ᠡᠨᠡ ᠪᠠᠢᠳᠠᠯ᠎ᠤᠨ ᠳᠣᠣᠷ᠎ᠠ᠂ ᠳᠠᠶᠠᠩ ᠳᠡᠯᠡᠬᠡᠢ᠎ᠶᠢᠨ ᠦᠭᠡ ᠬᠡᠯᠡ ᠪᠦᠬᠦᠨ᠂ ᠲᠡᠭᠦᠨ᠎ᠦ ᠪᠤᠳᠤᠯᠢᠶᠠᠨᠲᠤ ᠰᠡᠳᠭᠢᠯᠭᠡ᠎ᠶᠢ ᠢᠯᠡᠷᠡᠭᠦᠯᠵᠦ ᠴᠢᠳᠠᠬᠤ᠎ᠦᠭᠡᠢ ᠪᠠᠢᠪᠠ᠃ ᠦᠨᠡᠨ᠎ᠳᠡᠭᠡᠨ᠎ᠴᠦ ᠶᠠᠷᠢᠯᠴᠠᠭᠰᠠᠨ᠎ᠤ ᠬᠡᠷᠡᠭ ᠠᠯᠠᠭ᠎ᠠ᠃ ᠲᠡᠷᠡ ᠬᠣᠶᠠᠭᠤᠯᠠ᠎ᠶᠢᠨ ᠲᠣᠬᠢᠶᠠᠯᠳᠤᠭᠰᠠᠨ ᠤᠴᠠᠷᠠᠯ᠂ ᠰᠠᠨᠠᠭ᠎ᠠ ᠰᠡᠳᠭᠢᠯᠭᠡ᠂ ᠬᠠᠷᠢᠯᠴᠠᠨ ᠪᠦᠷ ᠲᠣᠪ ᠲᠣᠳᠤᠷᠬᠠᠢ ᠣᠢᠯᠠᠭᠠᠭᠳᠠᠵᠤ ᠪᠠᠢᠪᠠ᠃ ᠡᠨᠡ ᠮᠡᠲᠦ᠎ᠪᠡᠷ ᠲᠡᠳᠡ ᠬᠣᠶᠠᠭᠤᠯᠠ ᠴᠢᠮᠡᠭᠡ ᠠᠨᠢᠷ᠎ᠦᠭᠡᠢ ᠤᠳᠠᠲᠠᠯ᠎ᠠ ᠲᠡᠪᠡᠷᠢᠯᠳᠦᠨ ᠰᠠᠭᠤᠪᠠ᠃ ᠬᠠᠮᠤᠭ᠎ᠤᠨ ᠰᠡᠭᠦᠯ᠎ᠳᠦᠨᠢ᠂ ᠱᠦ ᠢᠩ ᠨᠢᠯᠪᠤᠰᠤ᠎ᠪᠠᠨ ᠠᠷᠴᠢᠵᠤ᠂ ᠡᠵᠢ ᠤᠷᠤᠭᠤ᠎ᠪᠠᠨ ᠬᠠᠷᠠᠭᠠᠳ:

《ᠡᠵᠢ ᠡ᠂ ᠲᠠᠨ᠎ᠢ ᠵᠣᠪᠠᠭᠠᠮᠠᠷ ᠦᠭᠡ᠎ᠶᠢ ᠪᠢ ᠦᠨᠡᠨ ᠬᠡᠯᠡᠬᠦ ᠳᠤᠷ᠎ᠠ᠎ᠦᠭᠡᠢ ᠪᠣᠯᠪᠠᠴᠤ ᠬᠡᠯᠡᠬᠦ᠎ᠦᠭᠡᠢ ᠪᠠᠢᠬᠤ᠎ᠶᠢᠨ ᠠᠷᠭ᠎ᠠ ᠠᠯᠠᠭ᠎ᠠ᠃ ᠲᠠ ᠬᠣᠵᠢᠮ ᠰᠤᠯᠠᠯᠠᠭᠳᠠᠵᠤ ᠴᠢᠳᠠᠪᠠᠯ ᠶᠠᠭᠠᠬᠢᠭᠰᠠᠨ᠎ᠴᠤ ᠲᠡᠷᠡ ᠶᠠᠭᠤᠮ᠎ᠠ᠎ᠶᠢ ᠮᠠᠨ᠎ᠤ ᠬᠥᠮᠦᠰ᠎ᠲᠦ ᠲᠤᠰᠢᠶᠠᠨ ᠥᠭᠴᠦ: ᠱᠦ ᠢᠩ᠎ᠴᠢᠨᠢ ᠨᠥᠬᠦᠳ᠎ᠲᠡᠭᠡᠨ ᠣᠰᠤᠯᠳᠠᠭᠰᠠᠨ᠎ᠦᠭᠡᠢ᠂ ᠪᠡᠶ᠎ᠡ ᠦᠷᠡᠭᠳᠡᠭᠰᠡᠨ ᠠᠪᠤ᠎ᠳᠠᠭᠠᠨ᠎ᠴᠤ ᠣᠰᠤᠯᠳᠠᠭᠰᠠᠨ᠎ᠦᠭᠡᠢ ᠭᠡᠵᠦ ᠬᠡᠯᠡᠭᠡᠷᠡᠢ᠃ ᠡᠵᠢ ᠡ᠂ ᠪᠢ ᠴᠢᠮ᠎ᠠ᠎ᠳᠤ ᠪᠠᠰᠠ ᠣᠰᠤᠯᠳᠠᠭᠰᠠᠨ ᠭᠠᠵᠠᠷ᠎ᠦᠭᠡᠢ》 ᠭᠡᠪᠡ᠃

ᠡᠵᠢ᠎ᠨᠢ: 《ᠬᠡᠯᠡᠬᠦ ᠬᠡᠷᠡᠭ᠎ᠦᠭᠡᠢ ᠬᠡᠦᠬᠡᠨ᠎ᠮᠢᠨᠢ》 ᠭᠡᠳ ᠤᠯᠠᠮ ᠰᠦᠷᠡᠬᠡᠢ ᠤᠬᠢᠯᠠᠵᠤ᠂ 《ᠴᠢ ᠬᠡᠷᠪᠡ ᠵᠠᠪᠰᠢᠶᠠᠨ ᠪᠤᠰᠤ᠎ᠪᠠᠷ ᠪᠡᠶ᠎ᠡ ᠦᠷᠡᠭᠳᠡᠳᠡᠭ᠎ᠯᠡ ᠪᠣᠯ᠂ ᠪᠢ ᠪᠠᠰᠠ ᠠᠮᠢᠳᠤᠷᠠᠭᠠᠳ ᠶᠠᠭᠤ ᠬᠢᠬᠦ ᠪᠤᠢ? ᠴᠢᠮᠠᠢ᠎ᠪᠠᠨ ᠳᠠᠭᠠᠭᠠᠳ ᠵᠠᠯᠠᠷᠠᠭᠰᠠᠨ ᠳᠡᠭᠡᠷ᠎ᠡ》 ᠭᠡᠪᠡ᠃

《ᠲᠡᠭᠡᠵᠦ ᠪᠣᠯᠬᠤ᠎ᠦᠭᠡᠢ ᠡᠵᠢ᠎ᠮᠢᠨᠢ᠂ ᠪᠤᠤ ᠴᠢᠩᠭᠢᠭᠡᠷᠡᠢ᠃ ᠪᠢ ᠭᠤᠶᠤᠶ᠎ᠠ᠂ ᠬᠡᠷᠬᠢᠪᠡᠴᠦ ᠴᠢᠩᠭᠢᠵᠦ ᠪᠣᠯᠬᠤ᠎ᠦᠭᠡᠢ!》 ᠭᠡᠬᠦ᠎ᠶᠢᠨ ᠵᠡᠷᠭᠡᠴᠡᠭᠡ ᠡᠵᠢ᠎ᠶᠢᠨ᠎ᠢᠶᠡᠨ ᠴᠢᠬᠢᠨ᠎ᠳᠦ: 《ᠡᠵᠢ ᠡ᠂ ᠲᠡᠷᠡ ᠶᠠᠭᠤᠮ᠎ᠠ ᠶᠠᠭᠤ ᠪᠣᠯᠬᠤ᠎ᠶᠢ ᠲᠠ ᠮᠡᠳᠡᠨ᠎ᠡ᠎ᠦᠦ?》 ᠭᠡᠵᠦ ᠰᠡᠮᠡᠭᠡᠷᠬᠡᠨ ᠠᠰᠠᠭᠤᠪᠠ᠃

ᠡᠵᠢ᠎ᠨᠢ ᠲᠣᠯᠤᠭᠠᠢ᠎ᠪᠠᠨ ᠰᠡᠭᠰᠦᠷᠪᠡ᠃

《ᠡᠵᠢ ᠡ᠂ ᠣᠳᠣ ᠪᠢ ᠲᠠᠨ᠎ᠳᠤ ᠬᠡᠯᠡᠵᠦ ᠥᠭᠭᠦᠶ᠎ᠡ᠃ ᠲᠡᠷᠡ ᠶᠠᠭᠤᠮ᠎ᠠ ᠪᠣᠯ ᠨᠠᠮ᠎ᠤᠨ ᠭᠡᠰᠢᠭᠦᠳ᠎ᠦᠨ ᠪᠦᠷᠢᠳᠭᠡᠯ᠎ᠦᠨ ᠬᠦᠰᠦᠨᠦᠭᠲᠦ ᠮᠥᠨ᠃ ᠪᠦᠬᠦ ᠨᠤᠲᠤᠭ᠎ᠤᠨ ᠭᠤᠴᠢᠨ ᠬᠡᠳᠦᠨ ᠨᠠᠮ᠎ᠤᠨ ᠭᠡᠰᠢᠭᠦᠨ᠎ᠦ ᠨᠡᠷ᠎ᠡ ᠪᠦᠷ ᠪᠢᠴᠢᠭᠡᠰᠦᠲᠡᠢ ᠪᠤᠢ᠃ ᠡᠨᠡ ᠬᠦᠰᠦᠨᠦᠭᠲᠦ ᠳᠠᠢᠰᠤᠨ᠎ᠤ ᠭᠠᠷ᠎ᠲᠤ ᠣᠷᠤᠬᠤ᠎ᠳᠤ ᠬᠦᠷᠪᠡᠯ ᠡᠳᠡᠭᠡᠷ ᠭᠤᠴᠢ ᠭᠠᠷᠤᠢ ᠬᠥᠮᠦᠰ᠎ᠦᠨ ᠠᠮᠢ ᠨᠠᠰᠤ ᠳᠠᠭᠤᠰᠴᠤ᠂ ᠮᠠᠨ᠎ᠤ ᠨᠤᠲᠤᠭ᠎ᠤᠨ ᠨᠠᠮ᠎ᠤᠨ ᠵᠣᠬᠢᠶᠠᠨ ᠪᠠᠢᠭᠤᠯᠤᠯᠲᠠ᠎ᠴᠤ ᠦᠨᠳᠦᠰᠦ ᠲᠠᠰᠤᠷᠠᠬᠤ ᠪᠣᠯᠤᠨ᠎ᠠ᠃ ᠬᠡᠷᠪᠡ ᠡᠨᠡ᠎ᠬᠦ ᠬᠦᠰᠦᠨᠦᠭᠲᠦ᠎ᠶᠢ ᠳᠡᠭᠡᠳᠦ ᠱᠠᠲᠤᠨ᠎ᠳᠤ ᠲᠤᠰᠢᠶᠠᠬᠤ᠎ᠦᠭᠡᠢ ᠪᠣᠯ ᠨᠠᠮ᠎ᠤᠨ ᠭᠡᠰᠢᠭᠦᠳ᠎ᠦᠨ ᠬᠣᠯᠪᠤᠭ᠎ᠠ᠎ᠴᠤ ᠲᠠᠰᠤᠷᠠᠬᠤ ᠪᠣᠯᠤᠨ᠎ᠠ᠃ ᠡᠵᠢ ᠡ᠂ ᠲᠠ ᠥᠪᠡᠷ᠎ᠦᠨ᠎ᠢᠶᠡᠨ ᠬᠡᠦᠬᠡᠨ᠎ᠢ ᠬᠠᠢᠷᠠᠯᠠᠳᠠᠭ ᠠᠳᠠᠯᠢ᠎ᠪᠠᠷ ᠲᠡᠳᠡᠨ᠎ᠢ ᠬᠠᠢᠷᠠᠯᠠᠭᠠᠷᠠᠢ᠃ ᠲᠡᠳᠡ ᠴᠥᠮ ᠲᠠᠨ᠎ᠤ ᠦᠷ᠎ᠡ ᠬᠡᠦᠬᠡᠳ ᠮᠥᠨ᠂ ᠲᠡᠳᠡ ᠤᠳᠠᠯ᠎ᠦᠭᠡᠢ ᠪᠢᠳᠡᠨ᠎ᠦ ᠥᠰᠢᠶ᠎ᠡ᠎ᠶᠢ ᠠᠪᠴᠤ ᠥᠭᠭᠦᠨ᠎ᠡ ᠰᠢᠤ! ᠡᠵᠢ ᠡ᠂ ᠲᠠ ᠪᠤᠤ ᠣᠢᠷ᠎ᠠ᠎ᠶᠢ ᠪᠣᠳᠤᠭᠠᠷᠠᠢ᠂ ᠲᠠ ᠦᠷᠡᠭᠳᠡᠵᠦ ᠪᠣᠯᠬᠤ᠎ᠦᠭᠡᠢ! ᠡᠷᠬᠡᠪᠰᠢ ᠠᠮᠢᠳᠤᠷᠠᠬᠤ ᠶᠣᠰᠤᠲᠠᠢ!》 ᠭᠡᠪᠡ᠃

ᠡᠵᠢ᠎ᠨᠢ ᠦᠭᠡ ᠳᠠᠭᠤᠨ᠎ᠦᠭᠡᠢ᠎ᠪᠠᠷ᠂ ᠬᠠᠷᠠᠩᠭᠤᠢ ᠣᠭᠲᠠᠷᠭᠤᠢ᠎ᠶᠢ ᠰᠢᠷᠲᠡᠨ ᠮᠡᠯᠡᠷᠡᠨ᠎ᠡ᠃ ᠲᠡᠭᠦᠨ᠎ᠦ ᠰᠡᠳᠭᠢᠯ ᠰᠠᠨᠠᠭ᠎ᠠ᠎ᠨᠢ ᠲᠤᠢᠯ᠎ᠢᠶᠠᠷ ᠰᠠᠮᠠᠭᠤᠷᠠᠵᠤ᠂ ᠶᠡᠷᠦ ᠤᠬᠠᠭᠠᠨ ᠲᠥᠬᠦᠭᠡ᠎ᠪᠡᠨ ᠣᠯᠬᠤ᠎ᠪᠠᠨ ᠪᠣᠯᠢᠪᠠ᠃

《ᠡᠵᠢ ᠡ᠂ ᠪᠠᠰᠠ ᠬᠡᠯᠡᠬᠦ ᠵᠦᠢᠯ ᠪᠠᠢᠨ᠎ᠠ᠃ ᠯᠣᠣ ᠵᠣᠣ ᠪᠢᠳᠡ ᠬᠣᠶᠠᠭᠤᠯᠠ᠎ᠶᠢ ᠬᠡᠨ ᠬᠤᠳᠠᠯᠳᠤᠭᠰᠠᠨ᠎ᠢ ᠲᠠ ᠮᠡᠳᠡᠨ᠎ᠡ᠎ᠦᠦ?》

ᠬᠤᠸᠠᠩ ᠡᠵᠢ : 《ᠮᠡᠳᠡᠬᠦ᠎ᠦᠭᠡᠢ᠂ ᠬᠡᠨ᠎ᠨᠢ ᠪᠣᠯᠴᠢᠬᠠᠪᠠ?》 ᠭᠡᠵᠦ ᠰᠣᠴᠢᠰᠬᠢᠨ ᠭᠠᠢᠬᠠᠵᠤ ᠠᠰᠠᠭᠤᠪᠠ᠃

ᠱᠦ ᠢᠩ : 《ᠬᠤᠸᠠᠩ ᠢᠦ ᠼᠠᠢ ᠰᠢᠤ》 ᠭᠡᠵᠦ ᠵᠠᠨᠤᠯᠲᠠᠢ ᠬᠠᠷᠢᠭᠤᠯᠤᠨ᠎ᠠ᠃ ᠬᠤᠸᠠᠩ ᠡᠵᠢ 《ᠠ!》 ᠭᠡᠵᠦ ᠰᠣᠴᠢᠨ ᠨᠢᠳᠦ᠎ᠨᠢ ᠭᠥᠯᠢᠷᠡᠪᠡ᠃

《ᠡᠵᠢ ᠡ᠂ ᠲᠠ ᠮᠠᠷᠲᠠᠯ᠎ᠦᠭᠡᠢ ᠴᠡᠭᠡᠵᠢᠯᠡᠵᠦ ᠪᠠᠢᠭᠠᠷᠠᠢ᠃ ᠬᠤᠸᠠᠩ ᠢᠦ ᠼᠠᠢ ᠵᠣᠯᠢᠭ ᠳᠠᠢᠰᠤᠨ᠎ᠳᠤ ᠯᠣᠣ ᠵᠣᠣ ᠪᠢᠳᠡ ᠬᠣᠶᠠᠭᠤᠯᠠ᠎ᠶᠢ ᠨᠢᠭᠤᠴᠠ᠎ᠪᠠᠷ ᠵᠠᠭᠠᠯᠳᠤᠭᠰᠠᠨ ᠪᠠᠢᠨ᠎ᠠ᠃ ᠡᠨᠡ ᠤᠷᠪᠠᠭᠴᠢ ᠢᠯᠡᠭᠦᠦ ᠨᠢᠭᠡ ᠡᠳᠦᠷ ᠠᠮᠢᠳᠤᠷᠠᠪᠠᠯ᠂ ᠮᠠᠨᠠᠢᠬᠢᠨ ᠢᠯᠡᠭᠦᠦ ᠨᠢᠭᠡ ᠡᠳᠦᠷ᠎ᠦᠨ ᠬᠣᠬᠢᠷᠠᠯ᠎ᠢ ᠠᠮᠰᠠᠨ᠎ᠠ᠃ ᠬᠡᠷᠪᠡ ᠲᠠ ᠭᠠᠷᠴᠤ ᠴᠢᠳᠠᠪᠠᠯ᠂ ᠵᠠᠪᠠᠯ ᠡᠨᠡ᠎ᠬᠦ ᠪᠠᠢᠳᠠᠯ᠎ᠢ ᠮᠠᠨᠠᠢᠬᠢᠨ᠎ᠳᠤ ᠮᠡᠳᠡᠭᠳᠡᠵᠦ᠂ ᠡᠨᠡ ᠳᠠᠢᠰᠤᠨ᠎ᠢ ᠤᠰᠠᠳᠭᠠᠬᠤ ᠬᠡᠷᠡᠭᠲᠡᠢ᠃ ᠡᠵᠢ ᠡ᠂ ᠲᠠ ᠦᠬᠦᠵᠦ ᠪᠣᠯᠬᠤ᠎ᠦᠭᠡᠢ᠂ ᠵᠠᠪᠠᠯ ᠠᠮᠢᠳᠤᠷᠠᠬᠤ ᠶᠣᠰᠤᠲᠠᠢ ᠰᠢᠤ》 ᠭᠡᠪᠡ᠃

ᠬᠤᠸᠠᠩ ᠡᠵᠢ ᠬᠥᠮᠦᠬᠡᠢ᠎ᠪᠡᠨ ᠵᠠᠭᠤᠵᠤ᠂ ᠬᠠᠷᠠᠩᠭᠤᠢ ᠣᠭᠲᠠᠷᠭᠤᠢ᠎ᠶᠢ ᠬᠢᠯᠢᠩᠲᠡᠢ ᠰᠢᠷᠲᠡᠨ ᠶᠡᠬᠡᠲᠡ ᠪᠤᠬᠢᠨᠢᠳᠤᠨ᠎ᠠ᠃

《ᠲᠡᠭᠡᠶ᠎ᠡ᠂ ᠬᠡᠦᠬᠡᠨ᠎ᠮᠢᠨᠢ᠂ ᠡᠵᠢ᠎ᠨᠢ ᠠᠮᠢᠳᠤ ᠶᠠᠪᠤᠵᠤ ᠴᠢᠳᠠᠳᠠᠭ᠎ᠯᠠ ᠪᠣᠯ᠂ ᠡᠨᠡ ᠤᠷᠪᠠᠭᠴᠢ᠎ᠶᠢ ᠶᠠᠭᠠᠬᠢᠪᠠᠴᠤ ᠵᠦᠭᠡᠷ ᠲᠠᠯᠪᠢᠬᠤ᠎ᠦᠭᠡᠢ᠃ ᠵᠢᠷᠤᠮ᠎ᠦᠭᠡᠢ ᠠᠳᠤᠭᠤᠰᠤ ᠬᠤᠸᠠᠩ ᠢᠦ ᠼᠠᠢ!》 ᠭᠡᠵᠦ ᠡᠷᠡᠰ ᠰᠢᠭᠤᠷᠬᠠᠢ ᠬᠡᠯᠡᠪᠡ᠃

ᠨᠢᠭᠡᠨᠲᠡ ᠰᠥᠨᠢ᠎ᠶᠢᠨ ᠭᠦᠨ ᠪᠣᠯᠤᠯ᠎ᠠ᠃

ᠰᠠᠷᠠ ᠠᠯᠭᠤᠷᠬᠠᠨ ᠨᠡᠭᠦᠭᠰᠡᠭᠡᠷ ᠪᠠᠷᠠᠭᠤᠨ ᠭᠡᠷ᠎ᠦᠨ ᠳᠡᠭᠡᠷ᠎ᠡ ᠲᠤᠰᠪᠠ᠃ ᠬᠡᠦᠬᠡᠨ᠎ᠨᠢ ᠡᠵᠢ᠎ᠶᠢᠨ᠎ᠢᠶᠡᠨ ᠡᠪᠦᠷ᠎ᠲᠦ ᠬᠠᠮᠠᠷ ᠲᠠᠲᠠᠵᠤ ᠣᠷᠬᠢᠯ᠎ᠠ᠃ ᠲᠡᠷᠡ ᠰᠡᠳᠭᠢᠯ ᠠᠮᠤᠷ ᠠᠮᠲᠠᠲᠠᠢᠬᠠᠨ ᠤᠨᠲᠠᠨ᠎ᠠ᠃ ᠲᠡᠷᠭᠡᠯ ᠰᠠᠷᠠᠨ᠎ᠤ ᠲᠤᠶᠠᠭ᠎ᠠ ᠵᠢᠵᠢᠭ ᠴᠣᠩᠬᠤ᠎ᠪᠠᠷ ᠲᠤᠰᠴᠤ᠂ ᠤᠨᠲᠠᠭᠰᠠᠨ ᠬᠡᠦᠬᠡᠨ᠎ᠦ ᠨᠢᠭᠤᠷ᠎ᠢ ᠭᠡᠷᠡᠯᠲᠦᠭᠦᠯᠪᠡ᠃ ᠬᠡᠳᠦᠢᠪᠡᠷ ᠨᠢᠭᠤᠷ ᠳᠦᠭᠦᠷᠡᠩ ᠴᠢᠰᠤ ᠨᠥᠵᠢ ᠨᠠᠭᠠᠯᠳᠤᠵᠤ ᠰᠢᠯᠪᠤᠷᠠᠭᠰᠠᠨ᠎ᠴᠤ ᠭᠠᠯ ᠵᠠᠯᠠᠭᠤ ᠨᠠᠰᠤᠨ᠎ᠤ ᠭᠤᠤ᠎ᠠ ᠦᠵᠡᠰᠭᠦᠯᠡᠩ᠎ᠢ ᠬᠠᠯᠬᠠᠯᠠᠵᠤ ᠴᠢᠳᠠᠭᠰᠠᠨ᠎ᠦᠭᠡᠢ᠎ᠨᠢ ᠶᠠᠭ ᠳᠠᠢᠰᠤᠨ᠎ᠤ ᠬᠠᠷᠭᠢᠰ ᠡᠷᠡᠭᠦᠳᠡᠯ ᠪᠦᠬᠦᠨ᠎ᠨᠢ᠂ ᠲᠡᠭᠦᠨ᠎ᠦ ᠡᠷᠡᠯᠬᠡᠭ ᠪᠠᠭᠠᠲᠤᠷᠯᠢᠭ ᠬᠠᠳᠠᠨ ᠵᠣᠷᠢᠭ᠎ᠢ ᠳᠠᠷᠤᠵᠤ ᠴᠢᠳᠠᠭᠰᠠᠨ᠎ᠦᠭᠡᠢ᠎ᠲᠠᠢ ᠠᠳᠠᠯᠢ ᠪᠠᠢᠪᠠ᠃ ᠬᠤᠸᠠᠩ ᠡᠵᠢ ᠬᠡᠦᠬᠡᠨ᠎ᠦ᠎ᠪᠡᠨ ᠮᠠᠩᠨᠠᠢ ᠳᠡᠭᠡᠷᠡᠬᠢ ᠪᠤᠷᠵᠢᠢᠭᠰᠠᠨ ᠦᠰᠦ᠎ᠶᠢ ᠨᠠᠮᠤᠭᠤᠬᠠᠨ ᠢᠷᠠᠵᠤ ᠦᠵᠡᠰᠭᠦᠯᠡᠩ ᠭᠤᠤ᠎ᠠ᠂ ᠰᠦᠷ ᠪᠠᠳᠠᠷᠠᠩᠭᠤᠢ ᠵᠢᠰᠦ᠎ᠶᠢ᠎ᠨᠢ ᠤᠳᠠᠲᠠᠯ᠎ᠠ ᠨᠢᠳᠦ ᠠᠯᠳᠠᠯ᠎ᠦᠭᠡᠢ ᠰᠢᠷᠲᠡᠨ᠎ᠡ ᠁

ᠳᠥᠷᠪᠡ

ᠲᠠᠬᠢᠶ᠎ᠠ ᠳᠤᠤᠭᠠᠷᠬᠤ ᠦᠶᠡᠰ ᠡᠭᠦᠳᠡᠨ᠎ᠦ ᠭᠠᠳᠠᠨ᠎ᠠ ᠡᠷᠢᠶᠡᠨ ᠮᠢᠷᠢᠶᠡᠨ ᠵᠡᠷᠯᠢᠭ ᠳᠠᠭᠤᠨ ᠭᠠᠷᠴᠤ᠂ ᠴᠣᠣᠵᠢ᠎ᠶᠢ ᠲᠠᠷᠴᠢᠭᠢᠨᠠᠭᠤᠯᠤᠭᠰᠠᠭᠠᠷ ᠳᠡᠭᠡᠷᠡᠮᠴᠢᠳ ᠣᠷᠤᠵᠤ ᠢᠷᠡᠪᠡ᠃

ᠨᠢᠭᠡ ᠨᠠᠰᠤᠨ᠎ᠤ ᠡᠴᠦᠰ᠎ᠦᠨ ᠮᠢᠨᠦ᠋ᠲ ᠪᠣᠯᠵᠠᠢ᠃

ᠦᠷ ᠴᠠᠢᠭᠠᠳᠤᠢ ᠪᠥᠭᠡᠳ ᠰᠥᠨᠢ᠎ᠶᠢᠨ ᠪᠠᠢᠳᠠᠯ᠎ᠴᠤ ᠪᠦᠷᠢᠨ ᠬᠤᠪᠢᠷᠠᠭᠠᠳᠤᠢ ᠪᠠᠢᠯ᠎ᠠ᠃ ᠵᠡᠭᠡᠯᠢ ᠭᠤᠳᠤᠮᠵᠢ ᠰᠠᠷᠠᠨ᠎ᠤ ᠲᠤᠶᠠᠭ᠎ᠠ ᠴᠠᠰᠤᠨ᠎ᠤ ᠭᠡᠷᠡᠯ᠎ᠳᠦ ᠪᠥᠷᠲᠦᠯᠵᠡᠨ ᠰᠡᠭᠦᠳᠡᠭᠡᠨᠡᠵᠦ ᠡᠭᠦᠯᠡ ᠮᠠᠨᠠᠨ᠎ᠳᠤ ᠪᠦᠷᠬᠦᠭᠳᠡᠭᠰᠡᠨ᠎ᠰᠢᠭ ᠪᠠᠢᠪᠠ᠃ ᠳᠥᠷᠪᠡᠨ ᠵᠦᠭ᠎ᠦᠨ ᠠᠭᠤᠯᠠᠨ ᠳᠡᠭᠡᠷᠡᠬᠢ ᠪᠡᠬᠢᠯᠡᠯᠲᠡ᠎ᠡᠴᠡ ᠪᠠᠰᠠ ᠳ᠋ᠧᠩ᠎ᠦᠨ ᠭᠡᠷᠡᠯ ᠭᠢᠯᠪᠠᠯᠵᠠᠨ᠎ᠠ᠃ ᠶᠡᠬᠡ ᠴᠠᠰᠤ ᠵᠡᠭᠡᠯᠢ ᠭᠤᠳᠤᠮᠵᠢ᠎ᠶᠢ ᠳᠠᠷᠤᠵᠤ᠂ ᠠᠯᠬᠤᠯᠠᠬᠤ᠎ᠳᠤ ᠱᠠᠷᠴᠢᠭᠢᠨᠠᠨ ᠳᠤᠤᠭᠠᠷᠤᠨ᠂ ᠴᠠᠰᠤᠨ ᠳᠡᠭᠡᠷ᠎ᠡ ᠭᠦᠶᠦᠬᠡᠨ ᠰᠡᠭᠦᠳᠡᠷ ᠬᠠᠷᠠᠭᠳᠠᠨ᠎ᠠ᠃

ᠡᠵᠢ ᠬᠡᠦᠬᠡᠨ ᠬᠣᠶᠠᠭᠤᠯᠠ᠎ᠪᠠᠨ ᠴᠠᠰᠤ ᠬᠤᠷᠠᠭᠰᠠᠨ ᠵᠡᠭᠡᠯᠢ᠎ᠪᠡᠷ ᠠᠯᠬᠤᠯᠠᠵᠤ᠂ ᠪᠠᠷᠠᠭᠤᠨ ᠡᠭᠦᠳᠡ᠎ᠪᠡᠷ ᠭᠠᠷᠬᠤ᠎ᠳᠤ᠂ ᠦᠷ᠎ᠡᠴᠡ ᠡᠮᠦᠨᠡᠬᠢ ᠠᠭᠤᠯᠠ ᠲᠠᠯ᠎ᠠ ᠲᠡᠳᠡᠨ᠎ᠳᠦ ᠲᠡᠨᠢᠢᠨ ᠦᠵᠡᠭᠳᠡᠨ᠎ᠡ᠃ ᠠᠭᠤᠯᠠ ᠲᠠᠯ᠎ᠠ ᠴᠠᠰᠤᠨ᠎ᠳᠤ ᠬᠤᠴᠢᠭᠳᠠᠵᠤ᠂ ᠭᠣᠶᠤᠯᠠᠨ ᠴᠢᠮᠡᠭᠰᠡᠨ ᠣᠷᠴᠢᠯᠠᠩ ᠳᠡᠯᠡᠬᠡᠢ᠎ᠰᠢᠭ ᠪᠠᠢᠯ᠎ᠠ᠃ ᠥᠷᠭᠡᠨ ᠠᠭᠤᠳᠠᠮ ᠬᠡᠭᠡᠷ᠎ᠡ ᠲᠠᠯ᠎ᠠ ᠨᠠᠮ ᠵᠢᠮᠬᠡᠨ ᠪᠠᠢᠪᠠ᠃ ᠱᠦ ᠢᠩ ᠥᠷᠯᠦᠭᠡ᠎ᠶᠢᠨ ᠠᠷᠢᠭᠤᠨ ᠠᠭᠠᠷ᠎ᠢ ᠤᠷᠲᠤ ᠭᠡᠭᠴᠢ ᠠᠮᠢᠰᠭᠤᠭᠠᠳ᠂ ᠲᠡᠭᠷᠢ᠎ᠶᠢ ᠰᠢᠷᠲᠡᠨ ᠬᠠᠷᠠᠬᠤ᠎ᠳᠤ᠂ ᠨᠣᠮᠢᠨ ᠣᠭᠲᠠᠷᠭᠤᠢ ᠴᠡᠩᠬᠡᠷᠯᠡᠨ ᠬᠥᠬᠡᠷᠡᠵᠦ᠂ ᠦᠷ᠎ᠦᠨ ᠬᠡᠳᠦᠨ ᠣᠳᠤ ᠦᠵᠡᠭᠳᠡᠬᠦ᠎ᠪᠡᠨ ᠪᠣᠯᠢᠬᠤ ᠰᠢᠬᠠᠭᠰᠠᠨ ᠣᠴᠢ᠎ᠪᠠᠨ ᠭᠢᠯᠠᠯᠵᠠᠭᠤᠯᠤᠭᠰᠠᠭᠠᠷ ᠪᠠᠢᠯ᠎ᠠ᠃

《ᠠ! ᠡᠵᠢ ᠡ᠂ ᠦᠷ ᠴᠠᠢᠯ᠎ᠠ!》

ᠲᠡᠢᠮᠦ ᠡ᠂ ᠦᠷ ᠴᠠᠢᠪᠠ᠃ ᠪᠠᠶᠠᠨ ᠴᠢᠨᠡᠭᠡᠯᠢᠭ ᠨᠤᠲᠤᠭ ᠬᠡᠳᠦᠢ ᠰᠠᠢᠬᠠᠨ ᠪᠤᠢ᠃ ᠭᠡᠪᠡᠴᠦ ᠡᠳᠡᠭᠡᠷ ᠪᠦᠬᠦᠨ᠎ᠨᠢ ᠲᠡᠭᠦᠨ᠎ᠳᠦ ᠡᠴᠦᠰ ᠰᠡᠭᠦᠯ᠎ᠦᠨ ᠦᠵᠡᠮᠦᠷᠢ ᠪᠣᠯᠵᠠᠢ᠃ ᠬᠡᠳᠦᠨ ᠮᠢᠨᠦ᠋ᠲ ᠪᠣᠯᠪᠠᠯ᠂ ᠲᠡᠷᠡ ᠬᠢᠵᠠᠭᠠᠯᠠᠰᠢ᠎ᠦᠭᠡᠢ ᠦᠵᠡᠮᠵᠢᠲᠦ ᠡᠬᠡ ᠣᠷᠤᠨ᠎ᠤ᠎ᠪᠠᠨ ᠠᠭᠤᠯᠠ ᠤᠰᠤ᠂ ᠬᠠᠢᠷᠠᠲᠤ ᠡᠵᠢ᠂ ᠦᠨᠡᠨᠴᠢ ᠰᠢᠳᠤᠷᠭᠤ ᠨᠥᠬᠦᠳ ᠪᠠ ᠥᠪᠡᠷ᠎ᠦᠨ ᠭᠠᠯ ᠵᠠᠯᠠᠭᠤ ᠠᠷᠪᠠ ᠶᠢᠰᠦᠨ ᠨᠠᠰᠤ᠎ᠠᠴᠠ᠎ᠪᠠᠨ ᠥᠨᠢ ᠡᠭᠦᠷᠢᠳᠡ ᠬᠠᠭᠠᠴᠠᠬᠤ ᠪᠣᠯᠤᠨ᠎ᠠ᠃

ᠲᠡᠳᠡ ᠨᠢᠭᠡ ᠭᠤᠤ᠎ᠶᠢᠨ ᠢᠷᠮᠡᠭ ᠳᠡᠭᠡᠷ᠎ᠡ ᠬᠦᠷᠴᠦ ᠵᠣᠭᠰᠤᠪᠠ᠃

ᠡᠨᠡ ᠭᠤᠤ ᠪᠣᠯ ᠳ᠋ᠠ ᠺᠤᠸᠠᠩ ᠪᠠᠭᠤᠳᠠᠯ᠎ᠤᠨ ᠬᠥᠮᠦᠨ ᠠᠯᠠᠬᠤ ᠭᠠᠵᠠᠷ ᠮᠥᠨ᠃ ᠳᠤᠮᠳᠠᠳᠤ᠎ᠶᠢᠨ ᠦᠨᠳᠦᠰᠦᠲᠡᠨ᠎ᠦ ᠬᠡᠴᠢᠨᠡᠨ ᠣᠯᠠᠨ ᠰᠢᠯᠢᠳᠡᠭ ᠦᠷ᠎ᠡ ᠬᠡᠦᠬᠡᠳ᠂ ᠡᠨᠡ ᠭᠤᠤ᠎ᠳᠤ ᠠᠷᠢᠭᠤᠨ ᠴᠢᠰᠤ᠎ᠪᠠᠨ ᠤᠷᠤᠰᠭᠠᠭᠰᠠᠨ᠎ᠢ ᠪᠤᠤ ᠮᠡᠳᠡ᠃ ᠭᠣᠮᠢᠨᠳᠠᠩ᠎ᠤᠨ ᠳᠡᠭᠡᠷᠡᠮᠴᠢᠳ᠎ᠦᠨ ᠶᠠᠯᠠᠲᠤ ᠠᠵᠢᠯᠯᠠᠭ᠎ᠠ᠎ᠶᠢᠨ ᠣᠷᠤ ᠮᠥᠷ᠎ᠢ ᠬᠥᠷ ᠴᠠᠰᠤ᠎ᠴᠤ ᠳᠠᠷᠤᠵᠤ ᠡᠰᠡ ᠴᠢᠳᠠᠨ᠎ᠠ᠃ ᠭᠤᠯᠳᠤᠯᠠᠵᠤ ᠬᠠᠶᠠᠭᠳᠠᠭᠰᠠᠨ ᠬᠥᠯ ᠲᠣᠯᠤᠭᠠᠢ᠎ᠦᠭᠡᠢ ᠬᠡᠭᠦᠷ ᠵᠤᠵᠠᠭᠠᠨ ᠴᠠᠰᠤᠨ᠎ᠳᠤ ᠬᠤᠴᠢᠭᠳᠠᠭᠰᠠᠨ ᠪᠣᠯᠪᠠᠴᠤ ᠬᠡᠪ᠎ᠨᠢ ᠮᠡᠳᠡᠭᠳᠡᠨ᠎ᠡ᠃ ᠠᠷᠢᠭᠤᠨ ᠴᠢᠰᠤ᠎ᠶᠢ ᠬᠠᠨᠲᠠᠯ᠎ᠠ᠎ᠪᠠᠨ ᠰᠢᠩᠭᠡᠭᠡᠭᠰᠡᠨ ᠭᠠᠵᠠᠷ᠂ ᠬᠥᠷᠯᠡᠭᠰᠡᠨ ᠴᠠᠭᠠᠨ ᠴᠠᠰᠤ᠎ᠶᠢ ᠤᠯᠠᠭᠠᠨ ᠪᠣᠯᠲᠠᠯ᠎ᠠ ᠪᠣᠳᠤᠵᠠᠢ᠃

《ᠰᠥᠭᠦᠳ!》 ᠭᠡᠰᠡᠨ ᠵᠡᠷᠯᠢᠭ ᠳᠠᠭᠤ᠂ ᠨᠠᠮ ᠵᠢᠮ ᠠᠭᠤᠯᠠ᠎ᠶᠢᠨ ᠵᠠᠪᠠ᠎ᠳᠤ ᠴᠤᠤᠷᠢᠶᠠᠲᠤᠪᠠ᠃ 《ᠠᠮᠢᠳᠤᠷᠠᠶ᠎ᠠ ᠭᠡᠪᠡᠯ ᠣᠳᠣ ᠪᠠᠰᠠ ᠣᠷᠤᠢᠲᠠᠬᠤ᠎ᠦᠭᠡᠢ᠂ ᠪᠣᠳᠤᠯᠬᠢᠯᠠᠵᠤ ᠦᠵᠡᠭᠡᠷᠡᠢ》 ᠭᠡᠵᠦ ᠳᠠᠢᠰᠤᠨ ᠬᠠᠮᠤᠭ ᠡᠴᠦᠰ᠎ᠦᠨ ᠬᠡᠢ ᠭᠣᠷᠢᠳᠠᠯᠭ᠎ᠠ᠎ᠪᠠᠨ ᠪᠠᠰᠠ ᠲᠠᠰᠤᠯᠤᠭᠠᠳᠤᠢ ᠪᠠᠢᠪᠠ᠃

ᠠᠨᠢᠷ ᠴᠢᠮᠡᠭᠡ᠎ᠦᠭᠡᠢ ᠨᠠᠮ ᠭᠦᠮ᠎ᠢᠶᠡᠷ᠎ᠢᠶᠡᠨ ᠪᠠᠢᠯ᠎ᠠ᠃

ᠬᠦᠢᠲᠡᠨ ᠰᠠᠯᠬᠢᠨ᠂ ᠡᠭᠦᠯᠡ ᠮᠠᠨᠠᠨ᠎ᠰᠢᠭ᠋ ᠴᠠᠰᠤ᠎ᠶᠢ ᠰᠢᠭᠤᠷᠤᠭᠤᠯᠤᠨ ᠰᠡᠷᠴᠢᠭᠢᠨᠡᠭᠦᠯᠵᠦ᠂ ᠭᠤᠤ᠎ᠶᠢᠨ ᠮᠥᠰᠦᠨ ᠳᠣᠣᠷᠠᠬᠢ ᠤᠷᠤᠰᠭᠠᠯ ᠰᠦᠷᠴᠢᠭᠢᠨᠡᠨ ᠱᠤᠤᠭᠢᠬᠤ᠎ᠨᠢ ᠰᠣᠨᠤᠰᠳᠠᠨ᠎ᠠ ᠁

ᠳᠠᠢᠰᠤᠨ: 《ᠪᠣᠳᠤᠵᠤ ᠣᠯᠤᠭᠰᠠᠨ᠎ᠤᠤ?》 ᠭᠡᠪᠡ᠃

《ᠡᠷᠲᠡ ᠪᠣᠳᠤᠭᠠᠳ ᠣᠯᠴᠢᠬᠠᠭᠰᠠᠨ᠂ ᠠᠯᠠ!》 ᠭᠡᠪᠡ᠃

ᠡᠨᠡ ᠦᠶᠡᠰ᠎ᠲᠦ ᠬᠤᠸᠠᠩ ᠡᠵᠢ ᠬᠡᠦᠬᠡᠨ᠎ᠨᠢ ᠲᠡᠭᠦᠨ᠎ᠢ ᠡᠷᠭᠢᠨ ᠬᠠᠷᠠᠭᠠᠳ ᠰᠢᠯᠤᠭᠤᠨ ᠠᠰᠪᠤᠷᠢ᠎ᠪᠠᠷ ᠢᠨᠢᠶᠡᠵᠦ ᠪᠠᠢᠬᠤ᠎ᠶᠢ ᠣᠯᠵᠤ ᠦᠵᠡᠯ᠎ᠡ᠃ ᠨᠠᠰᠤᠲᠠᠢ ᠡᠵᠢ ᠭᠡᠨᠡᠳᠲᠡ ᠬᠡᠦᠬᠡᠨ᠎ᠳᠡᠭᠡᠨ ᠬᠡᠳᠦᠨ ᠦᠭᠡ ᠬᠡᠯᠡᠮᠡᠷ ᠰᠠᠨᠠᠭᠳᠠᠭᠰᠠᠨ ᠪᠣᠯᠪᠠᠴᠤ ᠲᠡᠭᠦᠨ᠎ᠢ ᠬᠡᠯᠡᠵᠦ ᠠᠮᠵᠢᠬᠤ᠎ᠠᠴᠠ ᠡᠮᠦᠨ᠎ᠡ ᠬᠢᠲᠤᠭ᠎ᠠ᠎ᠶᠢᠨ ᠢᠷ ᠬᠡᠦᠬᠡᠨ᠎ᠦ ᠬᠢᠨᠢ ᠲᠣᠯᠤᠭᠠᠢ ᠳᠡᠭᠡᠭᠦᠷ ᠬᠤᠷᠤᠢᠯᠵᠠᠭᠰᠠᠨ᠎ᠳᠤ ᠡᠬᠡ ᠥᠨᠳᠦᠷ ᠳᠠᠭᠤᠨ᠎ᠢᠶᠠᠷ ᠬᠠᠰᠭᠢᠷᠤᠨ ᠮᠠᠨᠠᠷᠠᠵᠤ ᠤᠨᠠᠪᠠ ᠁

ᠲᠡᠷᠡ ᠰᠡᠷᠢᠵᠦ ᠤᠬᠠᠭᠠᠨ ᠣᠷᠤᠮᠠᠭᠴᠠ᠎ᠪᠠᠨ ᠭᠤᠤ᠎ᠶᠢᠨ ᠢᠷᠮᠡᠭ ᠳᠡᠭᠡᠷ᠎ᠡ ᠭᠤᠯᠳᠤᠢᠨ ᠤᠨᠠᠭᠰᠠᠨ ᠬᠡᠦᠬᠡᠨ᠎ᠦ᠎ᠪᠡᠨ ᠬᠡᠭᠦᠷ᠎ᠢ ᠣᠯᠵᠤ ᠦᠵᠡᠯ᠎ᠡ᠃ ᠴᠠᠪ ᠴᠠᠭᠠᠨ ᠴᠠᠰᠤᠨ ᠳᠡᠭᠡᠷ᠎ᠡ᠂ ᠤᠪ ᠤᠯᠠᠭᠠᠨ ᠴᠢᠰᠤ ᠨᠡᠯᠦᠢᠵᠦ ᠪᠠᠢᠯ᠎ᠠ᠃ ᠲᠡᠷᠡ ᠬᠡᠦᠬᠡᠨ᠎ᠦ᠎ᠪᠡᠨ ᠨᠢᠭᠡᠨᠲᠡ ᠬᠥᠰᠢᠭᠰᠡᠨ ᠬᠡᠭᠦᠷ ᠳᠡᠭᠡᠷ᠎ᠡ ᠳᠠᠭᠤ ᠲᠠᠯᠪᠢᠨ ᠤᠬᠢᠯᠠᠪᠠ ᠁

᠁ ᠨᠡᠯᠢᠶᠡᠳ ᠤᠳᠠᠭᠠᠨ ᠤᠬᠢᠯᠠᠨ ᠬᠡᠦᠬᠡᠨ᠎ᠦ᠎ᠪᠡᠨ ᠴᠢᠷᠠᠢ᠎ᠳᠠᠬᠢ ᠴᠢᠰᠤ ᠨᠥᠵᠢ᠎ᠶᠢ ᠠᠷᠴᠢᠵᠤ᠂ ᠴᠢᠰᠤ᠎ᠦᠭᠡᠢ ᠴᠠᠢᠷᠠᠭᠰᠠᠨ ᠴᠢᠷᠠᠢ᠎ᠶᠢ᠎ᠨᠢ ᠦᠵᠡᠭᠰᠡᠭᠡᠷ ᠬᠡᠭᠦᠷ᠎ᠢ᠎ᠨᠢ ᠲᠡᠪᠡᠷᠢᠨ᠂ ᠬᠦᠢᠲᠡᠨ ᠴᠢᠷᠠᠢ᠎ᠶᠢ᠎ᠨᠢ ᠦᠨᠦᠰᠪᠡ᠃ ᠬᠠᠮᠤᠭ ᠰᠡᠭᠦᠯ᠎ᠳᠦᠨᠢ ᠬᠡᠦᠬᠡᠨ᠎ᠦ᠎ᠪᠡᠨ ᠬᠡᠭᠦᠷ᠎ᠢ ᠠᠶᠠᠷᠬᠠᠨ᠎ᠢᠶᠠᠷ ᠲᠠᠯᠪᠢᠯ᠎ᠠ᠃ ᠵᠢᠯᠠᠭ᠎ᠠ᠎ᠠᠴᠠ ᠵᠠᠢᠳᠠᠭᠤ ᠣᠴᠢᠭᠠᠳ᠂ ᠭᠠᠵᠢᠵᠤ ᠮᠠᠭᠤᠵᠢᠷᠠᠭᠰᠠᠨ ᠬᠤᠷᠤᠭᠤ᠎ᠪᠠᠷ᠎ᠢᠶᠠᠨ ᠳᠠᠩᠭᠢᠨᠠᠮ᠎ᠠ ᠬᠥᠯᠳᠡᠭᠦᠦ ᠭᠠᠵᠠᠷ᠎ᠢ ᠮᠠᠯᠲᠠᠭᠰᠠᠨ᠎ᠳᠤ ᠳᠡᠮᠡᠢ ᠤᠳᠠᠭᠰᠠᠨ᠎ᠦᠭᠡᠢ ᠬᠢᠮᠤᠰᠤ᠎ᠨᠢ ᠬᠤᠭᠤᠷᠠᠵᠤ᠂ ᠬᠤᠷᠤᠭᠤᠨ᠎ᠤ ᠥᠨᠳᠡᠭᠡ᠎ᠨᠢ ᠰᠢᠯᠪᠤᠷᠠᠭᠠᠳ ᠴᠢᠰᠤ ᠭᠣᠭᠤᠵᠢᠨ᠎ᠠ᠃ ᠭᠡᠪᠡᠴᠦ ᠲᠡᠷᠡ ᠡᠪᠡᠳᠬᠦ᠎ᠪᠡᠨ᠎ᠴᠦ ᠮᠡᠳᠡᠭᠰᠡᠨ᠎ᠦᠭᠡᠢ ᠁ ᠡᠴᠦᠰ᠎ᠲᠦᠨᠢ ᠨᠢᠭᠡ ᠨᠦᠬᠡ ᠮᠠᠯᠲᠠᠵᠤ ᠭᠠᠷᠭᠠᠭᠠᠳ᠂ ᠬᠡᠦᠬᠡᠨ᠎ᠦ᠎ᠪᠡᠨ ᠬᠡᠭᠦᠷ᠎ᠢ ᠣᠷᠤᠰᠢᠭᠤᠯᠵᠤ᠂ ᠳᠡᠭᠡᠷ᠎ᠡ᠎ᠨᠢ ᠬᠠᠮᠬᠤᠤᠯ ᠣᠪᠤᠭᠠᠯᠠᠵᠤ ᠲᠣᠮᠤ ᠴᠢᠯᠠᠭᠤ ᠳᠠᠷᠤᠪᠠ᠃ ᠴᠢᠩᠭᠢᠭᠡᠳ ᠬᠡᠦᠬᠡᠨ᠎ᠦ᠎ᠪᠡᠨ ᠪᠤᠯᠠᠰᠢᠨ᠎ᠤ ᠬᠠᠵᠠᠭᠤ᠎ᠳᠤ ᠭᠦᠨ ᠪᠣᠳᠤᠯᠭ᠎ᠠ ᠪᠣᠯᠤᠨ ᠰᠠᠭᠤᠪᠠ ᠁

ᠨᠠᠷᠠ ᠪᠠᠷᠠᠭᠤᠨ ᠠᠭᠤᠯᠠ᠎ᠶᠢᠨ ᠣᠷᠤᠢ᠎ᠳᠤ ᠲᠠᠰᠢᠪᠠ᠃ ᠰᠡᠭᠦᠳᠡᠢᠨ ᠪᠦᠷᠦᠢᠭᠰᠡᠨ ᠲᠤᠶᠠᠭ᠎ᠠ᠎ᠨᠢ ᠴᠠᠰᠤᠨ᠎ᠳᠤ ᠰᠢᠩᠭᠡᠭᠰᠡᠨ ᠴᠢᠰᠤ᠎ᠶᠢ ᠭᠡᠷᠡᠯᠲᠦᠭᠦᠯᠵᠦ᠂ ᠤᠨᠢᠶᠠᠷ ᠮᠠᠨᠠᠨ ᠲᠠᠲᠠᠭᠰᠠᠨ ᠠᠭᠤᠯᠠ ᠲᠠᠯ᠎ᠠ᠎ᠶᠢ᠎ᠴᠤ ᠭᠡᠢᠭᠦᠯᠦᠨ᠎ᠡ᠃ ᠠᠭᠤᠯᠠ ᠲᠠᠯ᠎ᠠ ᠴᠠᠢᠷᠠᠨ ᠨᠡᠯᠦᠢᠵᠦ᠂ ᠵᠠᠮ᠎ᠤᠨ ᠣᠷᠤ ᠮᠥᠷ ᠦᠵᠡᠭᠳᠡᠬᠦ᠎ᠦᠭᠡᠢ ᠪᠣᠯᠵᠠᠢ᠃ ᠳᠥᠷᠪᠡᠨ ᠲᠡᠰᠢ ᠲᠦᠭᠰᠢᠭᠦᠷᠢᠲᠡᠢ ᠠᠵᠢᠭᠯᠠᠨ᠂ ᠡᠯᠢᠭᠡ ᠵᠢᠷᠦᠬᠡ᠎ᠨᠢ ᠰᠢᠮᠰᠢᠷᠡᠵᠦ ᠡᠮᠭᠡᠨᠢᠨ ᠭᠠᠰᠠᠯᠤᠨ᠎ᠠ᠃ ᠡᠬᠡ ᠬᠡᠳᠦ ᠤᠳᠠᠭ᠎ᠠ ᠭᠤᠤ᠎ᠶᠢᠨ ᠢᠷᠮᠡᠭ᠎ᠲᠦ ᠬᠦᠷᠴᠦ᠂ ᠲᠣᠩᠭᠤᠷᠴᠤᠭᠯᠠᠨ ᠤᠨᠠᠵᠤ ᠡᠨᠡ᠎ᠬᠦ ᠭᠠᠰᠠᠯᠠᠩ ᠵᠣᠪᠠᠯᠠᠩᠲᠤ ᠨᠠᠰᠤ᠎ᠪᠠᠨ ᠡᠴᠦᠰᠯᠡᠭᠦᠯᠬᠦ᠎ᠶᠢ ᠵᠣᠷᠢᠭᠰᠠᠨ ᠪᠣᠯᠪᠠᠴᠤ ᠤᠳᠠᠭ᠎ᠠ ᠪᠦᠷᠢ ᠥᠩᠬᠦᠷᠢᠳᠡᠨ ᠤᠨᠠᠬᠤ ᠭᠡᠲᠡᠯ᠎ᠡ: 《ᠡᠵᠢ ᠡ᠂ ᠲᠠ ᠦᠬᠦᠵᠦ ᠪᠣᠯᠬᠤ᠎ᠦᠭᠡᠢ᠂ ᠠᠮᠢᠳᠤᠷᠠᠬᠤ ᠶᠣᠰᠤᠲᠠᠢ!》 ᠭᠡᠵᠦ ᠵᠠᠬᠢᠭᠰᠠᠨ ᠬᠡᠦᠬᠡᠨ᠎ᠦ ᠬᠢᠨᠢ ᠳᠠᠭᠤ ᠰᠣᠨᠤᠰᠳᠠᠨ᠎ᠠ᠃ ᠨᠠᠷᠠ ᠰᠢᠩᠭᠡᠬᠦ᠎ᠳᠦ ᠡᠬᠡ ᠨᠢᠯᠪᠤᠰᠤ᠎ᠪᠠᠨ ᠠᠷᠴᠢᠵᠤ᠂ ᠬᠡᠦᠬᠡᠨ᠎ᠦ᠎ᠪᠡᠨ ᠪᠤᠯᠠᠰᠢᠨ᠎ᠳᠤ ᠠᠳᠭᠤ ᠰᠢᠷᠤᠢ ᠨᠡᠮᠡᠨ᠂ ᠰᠢᠳᠦ᠎ᠪᠡᠨ ᠲᠠᠰᠤ ᠵᠠᠭᠤᠵᠤ ᠪᠠᠢᠪᠠ᠃ ᠰᠢᠷᠬ᠎ᠠ᠎ᠲᠠᠢ ᠬᠥᠨᠳᠡᠭᠦᠷ ᠪᠡᠶ᠎ᠡ᠎ᠪᠡᠨ ᠴᠢᠷᠦᠭᠰᠡᠭᠡᠷ ᠪᠤᠲᠠᠷᠠᠨ ᠰᠢᠭᠤᠷᠠᠭᠰᠠᠨ ᠴᠠᠰᠤᠨ ᠳᠤᠮᠳᠠᠭᠤᠷ ᠬᠤᠸᠠᠩ ᠵᠢᠶᠠ ᠺᠤᠸᠠᠩ ᠤᠷᠤᠭᠤ ᠮᠠᠴᠤᠯᠬᠢᠯᠠᠪᠠ᠃ ᠠᠷᠢᠭᠤᠨ ᠴᠠᠭᠠᠨ ᠴᠠᠰᠤᠨ ᠳᠡᠭᠡᠭᠦᠷ ᠨᠠᠷᠢᠨ ᠤᠯᠠᠭᠠᠨ ᠴᠢᠰᠤᠨ ᠵᠠᠮ ᠲᠠᠲᠠᠭᠤᠯᠤᠭᠰᠠᠭᠠᠷ ᠶᠠᠪᠤᠯ᠎ᠠ ᠁

ᠲᠠᠪᠤ

ᠡᠬᠡ ᠬᠣᠶᠠᠷ ᠬᠣᠨᠤᠭ ᠮᠥᠯᠬᠦᠵᠦ ᠮᠠᠴᠤᠭᠰᠠᠭᠠᠷ ᠬᠤᠸᠠᠩ ᠵᠢᠶᠠ ᠺᠤᠸᠠᠩ᠎ᠳᠠᠭᠠᠨ ᠬᠠᠷᠢᠪᠠ᠃ ᠠᠢᠯ᠎ᠠᠴᠠ ᠨᠡᠯᠢᠶᠡᠳ ᠵᠠᠢᠲᠠᠢ ᠭᠠᠵᠠᠷ᠎ᠠᠴᠠ ᠤᠲᠤᠭᠳᠠᠵᠤ ᠬᠠᠷᠠᠯᠠᠭᠰᠠᠨ ᠭᠡᠷ᠎ᠦᠨ ᠬᠠᠨ᠎ᠠ᠎ᠪᠠᠨ ᠣᠯᠵᠤ ᠬᠠᠷᠠᠪᠠ᠃ ᠠᠢ ᠳ᠋ᠠ ! ᠭᠡᠷ᠎ᠨᠢ᠎ᠴᠦ ᠰᠦᠢᠳᠴᠡᠢ᠃ ᠪᠠᠢᠰᠢᠩ᠎ᠨᠢ ᠰᠢᠲᠠᠭᠳᠠᠭᠠᠳ᠂ ᠵᠥᠪᠬᠡᠨ ᠨᠤᠷᠠᠩᠬᠠᠢ ᠬᠡᠷᠡᠮ ᠪᠠᠯᠪᠠᠷᠬᠠᠢ ᠲᠣᠭᠤᠰᠭ᠎ᠠ ᠦᠯᠡᠳᠡᠭᠰᠡᠨ ᠪᠠᠢᠪᠠ᠃ ᠭᠡᠪᠡᠴᠦ ᠡᠬᠡ ᠳᠠᠬᠢᠵᠤ ᠨᠢᠯᠪᠤᠰᠤ ᠤᠨᠠᠭᠠᠭᠰᠠᠨ᠎ᠦᠭᠡᠢ᠃ ᠬᠡᠳᠦᠢᠪᠡᠷ ᠡᠨᠡ ᠪᠠᠢᠰᠢᠩ᠎ᠢ ᠨᠥᠬᠦᠷ᠎ᠲᠡᠢ᠎ᠪᠡᠨ ᠬᠣᠶᠠᠭᠤᠯᠠ ᠬᠠᠷᠢᠶᠠᠴᠠᠢ᠎ᠰᠢᠭ᠋ ᠠᠳᠭᠤ ᠡᠪᠡᠰᠦ᠂ ᠴᠢᠮᠬᠢ ᠰᠢᠷᠤᠢ᠎ᠶᠢ ᠴᠤᠭᠯᠠᠭᠤᠯᠵᠤ ᠪᠠᠷᠢᠭᠰᠠᠨ ᠪᠣᠯᠪᠠᠴᠤ ᠬᠠᠷᠠᠮᠰᠠᠭᠰᠠᠨ᠎ᠦᠭᠡᠢ ᠪᠢᠯᠡ᠃

ᠰᠥᠨᠢ ᠪᠣᠯᠵᠤ ᠠᠢᠯ ᠠᠮᠢᠲᠠᠨ ᠤᠨᠲᠠᠭᠰᠠᠨ᠎ᠤ ᠳᠠᠷᠠᠭ᠎ᠠ᠂ ᠡᠬᠡ ᠰᠡᠮᠡᠭᠡᠷᠬᠡᠨ ᠬᠡᠷᠡᠮ᠎ᠦᠨ ᠢᠷᠤᠭᠠᠷ᠎ᠲᠤ ᠮᠥᠯᠬᠦᠨ ᠬᠦᠷᠴᠦ ᠲᠡᠮᠲᠡᠷᠢᠭᠰᠡᠨ᠎ᠳᠦ ᠭᠠᠯ᠎ᠳᠤ ᠰᠢᠲᠠᠭᠳᠠᠭᠰᠠᠨ ᠰᠢᠷᠤᠢ ᠤᠯᠠᠮ ᠬᠠᠲᠠᠭᠤᠷᠠᠵᠤ᠂ ᠨᠠᠮ᠎ᠤᠨ ᠭᠡᠰᠢᠭᠦᠳ᠎ᠦᠨ ᠪᠦᠷᠢᠳᠭᠡᠯ᠎ᠦᠨ ᠬᠦᠰᠦᠨᠦᠭᠲᠦ᠎ᠨᠢ ᠨᠡᠩ ᠰᠠᠢᠨ ᠪᠤᠯᠠᠭᠳᠠᠭᠠᠳ ᠪᠠᠢᠪᠠ᠃ ᠲᠡᠭᠦᠨ᠎ᠦ ᠴᠢᠷᠠᠢ᠎ᠳᠤ ᠪᠠᠶᠠᠷ᠎ᠤᠨ ᠢᠨᠢᠶᠡᠮᠰᠦᠭᠯᠡᠯ ᠢᠯᠡᠷᠡᠵᠦ᠂ ᠰᠡᠳᠭᠢᠯ ᠲᠠᠢᠪᠤᠰᠢᠷᠠᠭᠰᠠᠨ ᠪᠠᠢᠳᠠᠯ᠎ᠲᠠᠢ᠎ᠪᠠᠷ ᠪᠠᠢᠰᠢᠩ᠎ᠤᠨ ᠪᠤᠯᠤᠩ᠎ᠤᠨ ᠦᠨᠡᠰᠦ ᠰᠢᠷᠤᠢ᠎ᠳᠤ ᠤᠨᠲᠠᠵᠤ ᠣᠷᠬᠢᠯ᠎ᠠ᠃ ᠲᠡᠭᠦᠨ᠎ᠳᠦ ᠨᠢᠭᠡ ᠬᠥᠮᠦᠨ ᠪᠣᠭᠤᠳᠠᠯ᠎ᠲᠠᠢ ᠪᠣᠣᠪᠤ᠂ ᠪᠠᠭᠯᠠᠭ᠎ᠠ ᠵᠣᠭᠤᠰ ᠠᠪᠴᠢᠷᠠᠵᠤ ᠥᠭᠭᠦᠨ᠂ ᠲᠡᠭᠦᠨ᠎ᠢ ᠰᠡᠮᠡᠭᠡᠷᠬᠡᠨ ᠰᠡᠷᠢᠭᠡᠵᠦ ᠴᠢᠬᠢᠨ᠎ᠳᠦᠨᠢ ᠬᠡᠳᠦᠨ ᠦᠭᠡ ᠰᠢᠪᠡᠨᠡᠭᠰᠡᠨ ᠪᠣᠯᠪᠠᠴᠤ ᠰᠡᠷᠢᠭᠡᠵᠦ ᠴᠢᠳᠠᠭᠰᠠᠨ᠎ᠦᠭᠡᠢ᠃ ᠳᠠᠷᠠᠭ᠎ᠠ ᠡᠳᠦᠷ᠎ᠨᠢ ᠰᠡᠷᠢᠭᠡᠳ ᠡᠳᠡᠭᠡᠷ ᠶᠠᠭᠤᠮ᠎ᠠ᠎ᠶᠢ ᠣᠯᠵᠤ ᠦᠵᠡᠭᠡᠳ ᠰᠣᠨᠢᠨ ᠰᠣᠨᠢᠷᠬᠠᠵᠤ ᠤᠳᠠᠲᠠᠯ᠎ᠠ ᠭᠠᠢᠬᠠᠪᠠ᠃ ᠲᠡᠷᠡ᠂ ᠰᠥᠨᠢ᠎ᠶᠢᠨ ᠪᠠᠢᠳᠠᠯ᠎ᠢᠶᠠᠨ ᠶᠡᠷᠦ ᠰᠠᠢᠨ ᠮᠡᠳᠡᠬᠦ᠎ᠦᠭᠡᠢ ᠪᠠᠢᠪᠠ᠃ ᠭᠡᠪᠡᠴᠦ ᠡᠭᠡᠷᠡᠮᠡᠭ ᠬᠣᠭᠤᠷᠮᠠᠭ ᠬᠡᠳᠦᠨ ᠦᠭᠡ ᠴᠡᠭᠡᠵᠢᠯᠡᠵᠡᠢ: 《ᠡᠵᠢ ᠡ᠂ ᠨᠠᠮ ᠲᠠᠨ᠎ᠳᠤ ᠲᠠᠯᠠᠷᠬᠠᠵᠤ ᠪᠠᠢᠨ᠎ᠠ᠃ ᠵᠣᠷᠢᠭ᠎ᠲᠠᠢ ᠠᠮᠢᠳᠤᠷᠠᠭᠠᠷᠠᠢ᠂ ᠪᠢᠳᠡ ᠤᠳᠠᠯ᠎ᠦᠭᠡᠢ ᠢᠯᠠᠨ᠎ᠠ!᠁ ᠲᠠ ᠶᠠᠮᠠᠷ ᠬᠦᠴᠢᠷ ᠪᠡᠷᠬᠡᠰᠢᠶᠡᠯ ᠪᠠᠢᠪᠠᠯ ᠱᠢ ᠯᠧᠢ ᠭᠧᠦ᠎ᠶᠢᠨ ᠡᠮᠦᠨ᠎ᠡ ᠠᠭᠤᠯᠠᠨ᠎ᠤ ᠴᠢᠪᠠᠭᠠᠨᠴᠠ᠎ᠶᠢᠨ ᠰᠦᠮ᠎ᠡ᠎ᠳᠦ ᠣᠴᠢᠵᠤ᠂ ᠰᠦᠮ᠎ᠡ ᠬᠠᠷᠠᠵᠤ ᠪᠠᠢᠭ᠎ᠠ ᠯᠣᠣ ᠦ᠋᠎ᠶᠢ ᠡᠷᠢᠭᠡᠷᠡᠢ ᠁》 ᠭᠡᠰᠡᠨ᠎ᠰᠢᠭ ᠰᠠᠨᠠᠭᠳᠠᠨ᠎ᠠ᠃ ᠲᠡᠷᠡ ᠬᠥᠮᠦᠨ᠎ᠦ ᠵᠢᠰᠦ ᠴᠢᠷᠠᠢ᠎ᠶᠢ ᠪᠣᠳᠤᠵᠤ ᠣᠯᠬᠤ᠎ᠶᠢ ᠬᠦᠰᠡᠭᠰᠡᠨ ᠪᠣᠯᠪᠠᠴᠤ ᠬᠠᠷᠢᠨ ᠰᠡᠳᠭᠢᠯ ᠰᠠᠨᠠᠭᠠᠨ᠎ᠳᠤᠨᠢ ᠣᠷᠤ᠎ᠦᠭᠡᠢ ᠪᠣᠯᠵᠤ᠂ ᠠᠯᠢᠪᠠ ᠪᠦᠬᠦᠨ᠎ᠨᠢ ᠵᠡᠭᠦᠳᠦ᠎ᠰᠢᠭ ᠪᠠᠢᠯ᠎ᠠ ᠁

ᠭᠤᠷᠪᠠᠨ ᠬᠣᠨᠤᠭ᠎ᠤᠨ ᠳᠠᠷᠠᠭ᠎ᠠ᠂ ᠡᠬᠡ ᠭᠡᠯᠳᠦᠷᠢᠭᠰᠡᠭᠡᠷ ᠱᠢ ᠯᠧᠢ ᠭᠧᠦ᠎ᠶᠢᠨ ᠡᠮᠦᠨ᠎ᠡ ᠠᠭᠤᠯᠠᠨ᠎ᠳᠤ ᠬᠦᠷᠴᠦ᠂ ᠬᠦᠢᠲᠡᠨ ᠠᠭᠤᠯᠠᠨ ᠵᠠᠪᠠ᠎ᠶᠢᠨ ᠪᠠᠯᠠᠷ ᠨᠠᠷᠠᠰᠤᠨ ᠮᠣᠳᠤᠨ᠎ᠳᠤ᠂ ᠥᠨᠥᠬᠢ 《ᠵᠡᠭᠦᠳᠦ》᠎ᠪᠡᠷ᠎ᠢᠶᠡᠨ ᠰᠣᠨᠤᠰᠤᠭᠰᠠᠨ ᠬᠥᠮᠦᠨ᠎ᠲᠡᠢ᠎ᠪᠡᠨ ᠤᠴᠠᠷᠠᠪᠠ᠃ ᠲᠡᠷᠡ ᠬᠥᠮᠦᠨ ᠡᠴᠡᠵᠦ ᠲᠤᠷᠠᠭᠠᠳ ᠠᠷᠠᠭ᠎ᠠ ᠰᠢᠳᠦ᠎ᠨᠢ ᠤᠨᠠᠭᠰᠠᠨ ᠪᠠᠪᠠᠭᠠᠷ ᠰᠠᠬᠠᠯ᠎ᠲᠠᠢ ᠡᠪᠦᠭᠡᠨ ᠪᠠᠢᠪᠠ᠃ ᠬᠤᠸᠠᠩ ᠯᠣᠣ ᠵᠢᠢ ᠠᠮᠢᠳᠤ ᠪᠠᠢᠬᠤ᠎ᠳᠤ᠂ ᠲᠡᠷᠡ ᠬᠥᠮᠦᠨ ᠲᠡᠭᠦᠨ᠎ᠦ ᠭᠡᠷ᠎ᠲᠦ ᠬᠣᠶᠠᠷ ᠤᠳᠠᠭ᠎ᠠ ᠣᠴᠢᠭᠰᠠᠨ ᠪᠣᠯᠬᠣᠷ ᠬᠤᠸᠠᠩ ᠡᠵᠢ᠎ᠶᠢ ᠨᠢᠭᠤᠷ ᠤᠴᠠᠷᠠᠮᠠᠭᠴᠠ᠎ᠪᠠᠨ ᠲᠠᠨᠢᠪᠠ᠃ ᠬᠤᠸᠠᠩ ᠡᠵᠢ ᠬᠥᠬᠡ ᠪᠦᠰ ᠪᠣᠭᠤᠳᠠᠯ᠎ᠢᠶᠠᠨ ᠭᠠᠷᠳᠠᠭᠤᠯᠵᠤ ᠥᠭᠬᠦ᠎ᠳᠦ ᠡᠪᠦᠭᠡᠨ᠎ᠦ ᠭᠠᠷ᠎ᠨᠢ ᠴᠡᠴᠡᠷᠡᠵᠦ ᠪᠠᠪᠠᠭᠠᠷ ᠰᠠᠬᠠᠯ᠎ᠨᠢ ᠵᠢᠷᠪᠢᠯᠵᠡᠭᠡᠳ᠂ ᠶᠡᠬᠡᠲᠡ ᠰᠡᠳᠭᠢᠯ ᠬᠥᠳᠡᠯᠦᠭᠰᠡᠨ ᠪᠠᠢᠪᠠ᠃

ᠡᠪᠦᠭᠡᠨ 《ᠰᠠᠢᠨ᠂ ᠰᠠᠢᠨ ᠪᠣᠯᠤᠯ᠎ᠠ》 ᠭᠡᠵᠦ ᠡᠷᠡᠬᠡᠢ ᠬᠤᠷᠤᠭᠤ ᠭᠠᠷᠭᠠᠵᠤ: 《ᠪᠢ ᠪᠦᠷᠢᠨ ᠣᠢᠯᠠᠭᠠᠯ᠎ᠠ᠂ ᠲᠠᠨ᠎ᠤ ᠭᠡᠷ᠎ᠢᠶᠡᠷ᠎ᠢᠶᠡᠨ ᠴᠥᠮ ᠡᠷᠡᠯᠬᠡᠭ ᠪᠠᠭᠠᠲᠤᠷᠯᠢᠭ!ᠲᠠᠨ᠎ᠳᠤ ᠶᠠᠮᠠᠷ ᠬᠦᠴᠢᠷᠳᠡᠯ ᠪᠠᠢᠨ᠎ᠠ ᠪᠤᠢ?ᠬᠡᠯᠡᠭᠡᠷᠡᠢ᠂ ᠲᠠᠨ᠎ᠳᠤ ᠶᠠᠭᠤ ᠬᠡᠷᠡᠭᠴᠡᠭᠡ᠎ᠲᠡᠢ ᠪᠤᠢ?》 ᠭᠡᠵᠦ ᠠᠰᠠᠭᠤᠪᠠ᠃

ᠬᠤᠸᠠᠩ ᠡᠵᠢ 《ᠠᠪᠬᠤ᠎ᠦᠭᠡᠢ᠂ ᠶᠠᠭᠤ᠎ᠴᠤ ᠠᠪᠬᠤ᠎ᠦᠭᠡᠢ!》 ᠭᠡᠵᠦ ᠲᠣᠯᠤᠭᠠᠢ ᠰᠡᠭᠰᠦᠷᠦᠨ: 《ᠪᠢ ᠵᠠᠪᠠᠯ ᠥᠪᠡᠷ᠎ᠦᠨ ᠨᠥᠬᠦᠷ ᠪᠣᠯᠤᠨ ᠬᠡᠦᠬᠡᠨ᠎ᠲᠡᠢ᠎ᠪᠡᠨ ᠠᠳᠠᠯᠢ ᠪᠠᠢᠬᠤ ᠶᠣᠰᠤᠲᠠᠢ》 ᠭᠡᠪᠡ᠃

ᠱᠢ ᠯᠧᠢ ᠭᠧᠦ᠎ᠡᠴᠡ ᠪᠤᠴᠠᠵᠤ ᠢᠷᠡᠭᠰᠡᠨ᠎ᠦ ᠳᠠᠷᠠᠭ᠎ᠠ᠂ ᠬᠤᠸᠠᠩ ᠡᠵᠢ ᠳᠠᠬᠢᠨ ᠪᠤᠳᠠᠭ᠎ᠠ ᠭᠤᠶᠤᠨ ᠠᠮᠢᠳᠤᠷᠠᠵᠤ᠂ ᠵᠡᠭᠦᠨ ᠭᠠᠷ᠎ᠲᠠᠭᠠᠨ ᠰᠠᠭᠰᠤ ᠳᠣᠬᠤᠢᠯᠠᠨ ᠪᠠᠷᠠᠭᠤᠨ ᠭᠠᠷ᠎ᠲᠠᠭᠠᠨ ᠲᠠᠶᠠᠭ ᠲᠤᠯᠵᠤ᠂ ᠡᠨᠡ ᠡᠷᠦᠬᠡ᠎ᠡᠴᠡ ᠲᠡᠷᠡ ᠡᠷᠦᠬᠡ᠎ᠳᠦ ᠬᠦᠷᠦᠨ ᠡᠨᠡ ᠠᠢᠯ᠎ᠠᠴᠠ ᠲᠡᠷᠡ ᠠᠢᠯ᠎ᠳᠤ ᠣᠴᠢᠵᠤ᠂ ᠬᠥᠯ ᠠᠮᠤᠰᠬᠢᠬᠦ᠎ᠦᠭᠡᠢ ᠲᠡᠨᠦᠵᠦ ᠲᠣᠭᠤᠷᠢᠭᠠᠳ ᠰᠥᠨᠢ ᠪᠣᠯᠪᠠᠯ ᠰᠠᠶᠢ ᠥᠪᠡᠷ᠎ᠦᠨ᠎ᠢᠶᠡᠨ ᠰᠢᠲᠠᠭᠳᠠᠵᠤ ᠨᠤᠷᠠᠭᠰᠠᠨ ᠪᠠᠢᠰᠢᠩ᠎ᠳᠠᠭᠠᠨ ᠪᠤᠴᠠᠵᠤ ᠢᠷᠡᠳᠡᠭ᠃

ᠲᠡᠭᠦᠨ᠎ᠡᠴᠡ ᠬᠣᠢᠰᠢ ᠪᠦᠷ᠎ᠴᠦ ᠳᠠᠭᠤ᠎ᠦᠭᠡᠢ ᠪᠣᠯᠵᠤ᠂ ᠡᠳᠦᠷ ᠲᠤᠷᠰᠢ ᠦᠭᠡ ᠬᠡᠯᠡᠬᠦ᠎ᠦᠭᠡᠢ ᠪᠥᠭᠡᠳ ᠭᠦᠨ ᠪᠣᠳᠤᠯᠭ᠎ᠠ᠎ᠳᠤ ᠠᠪᠲᠠᠭᠳᠠᠭᠰᠠᠨ ᠬᠣᠶᠠᠷ ᠨᠢᠳᠦ᠎ᠨᠢ ᠶᠠᠭᠤᠮ᠎ᠠ ᠪᠦᠬᠦᠨ᠎ᠢ ᠰᠦᠷ ᠵᠢᠪᠬᠤᠭ᠎ᠠ᠎ᠲᠠᠢ ᠠᠵᠢᠬᠤ ᠪᠣᠯᠵᠠᠢ᠃

ᠵᠠᠷᠢᠮ ᠬᠥᠮᠦᠨ ᠲᠡᠭᠦᠨ᠎ᠢ ᠠᠶᠤᠭᠠᠳ ᠰᠣᠯᠢᠶᠠᠷᠠᠵᠠᠢ ᠭᠡᠨ᠎ᠡ᠃ ᠵᠠᠷᠢᠮ ᠬᠥᠮᠦᠰ ᠲᠡᠭᠦᠨ᠎ᠢ ᠰᠡᠳᠭᠢᠯ ᠵᠣᠪᠠᠭᠠᠳ ᠮᠠᠩᠬᠤᠤ ᠪᠣᠯᠵᠠᠢ ᠭᠡᠨ᠎ᠡ᠃ ᠵᠠᠷᠢᠮ ᠬᠥᠮᠦᠰ ᠪᠠᠰᠠ ᠲᠡᠷᠡ ᠳᠣᠲᠤᠷ᠎ᠠ᠎ᠪᠠᠨ ᠬᠡᠨ᠎ᠡᠴᠡ᠎ᠴᠦ ᠢᠯᠡᠭᠦᠦ ᠰᠡᠬᠡᠭᠡ᠎ᠲᠡᠢ ᠭᠡᠨ᠎ᠡ᠃ ᠭᠡᠪᠡᠴᠦ ᠲᠡᠭᠦᠨ᠎ᠦ ᠦᠨᠡᠨ ᠰᠣᠯᠢᠶᠠᠷᠠᠭᠰᠠᠨ ᠪᠠ ᠡᠰᠡᠬᠦ᠂ ᠵᠢᠩᠬᠢᠨᠢ ᠮᠠᠩᠬᠤᠤᠷᠠᠭᠰᠠᠨ ᠪᠠ ᠡᠰᠡᠬᠦ᠎ᠶᠢ ᠵᠥᠪᠬᠡᠨ ᠲᠡᠷᠡ ᠥᠪᠡᠷ᠎ᠢᠶᠡᠨ ᠪᠤᠶᠤ ᠮᠠᠨ᠎ᠤ ᠨᠠᠮ᠎ᠤᠨ ᠨᠢᠭᠤᠴᠠ ᠵᠣᠬᠢᠶᠠᠨ ᠪᠠᠢᠭᠤᠯᠤᠯᠲᠠ᠎ᠶᠢᠨ ᠬᠠᠷᠢᠭᠤᠴᠠᠯᠭᠠᠲᠠᠨ ᠨᠥᠬᠦᠳ᠎ᠯᠡ ᠮᠡᠳᠡᠬᠦ᠎ᠶᠦᠮ᠃

ᠡᠬᠡ ᠪᠤᠳᠠᠭ᠎ᠠ ᠭᠤᠶᠤᠬᠤ ᠪᠠ ᠨᠢᠭᠤᠴᠠ ᠬᠠᠷᠢᠴᠠᠭ᠎ᠠ ᠬᠣᠯᠪᠤᠭ᠎ᠠ ᠠᠪᠬᠤ ᠳᠤᠮᠳᠠ᠎ᠪᠠᠨ ᠨᠠᠮ᠎ᠤᠨ ᠭᠡᠰᠢᠭᠦᠨ᠎ᠦ ᠪᠦᠷᠢᠳᠭᠡᠯ᠎ᠦᠨ ᠬᠦᠰᠦᠨᠦᠭᠲᠦ ᠳᠡᠭᠡᠷᠡᠬᠢ ᠵᠠᠷᠢᠮ ᠬᠥᠮᠦᠰ᠎ᠲᠡᠢ ᠲᠠᠨᠢᠯᠴᠠᠵᠠᠢ᠃ ᠲᠡᠭᠦᠨ᠎ᠳᠦ ᠡᠳᠡᠭᠡᠷ ᠬᠥᠮᠦᠰ᠎ᠨᠢ ᠥᠩᠭᠡᠷᠡᠭᠰᠡᠨ᠎ᠲᠡᠢ ᠠᠳᠠᠯᠢ ᠴᠠᠭᠠᠰᠤᠨ ᠳᠡᠭᠡᠷᠡᠬᠢ ᠬᠡᠢ ᠬᠣᠭᠤᠰᠤᠨ ᠨᠡᠷ᠎ᠡ ᠪᠢᠰᠢ ᠪᠣᠯᠤᠭᠰᠠᠨ ᠪᠥᠭᠡᠳ ᠴᠢᠰᠤ ᠮᠢᠬ᠎ᠠ᠂ ᠠᠮᠢ ᠭᠣᠣᠯ᠎ᠲᠠᠢ ᠪᠠᠶᠠᠷᠯᠠᠨ ᠢᠨᠢᠶᠡᠯᠳᠦᠵᠦ ᠪᠠᠢᠭ᠎ᠠ ᠬᠥᠮᠦᠰ ᠪᠣᠯᠪᠠ᠃ ᠡᠬᠡ ᠵᠠᠷᠢᠮ᠎ᠳᠠᠭᠠᠨ ᠰᠦᠩ ᠴᠠᠩ ᠺᠦᠢ ᠮᠠᠨᠲᠠᠭᠠᠷ ᠴᠠᠭᠠᠨ ᠬᠦᠦ᠎ᠪᠡᠨ ᠲᠡᠪᠡᠷᠢᠵᠦ ᠵᠡᠭᠡᠯᠢ᠎ᠳᠦ ᠪᠤᠶᠤ ᠠᠢᠯ ᠰᠠᠭᠠᠬᠠᠯᠲᠠ᠎ᠳᠠᠭᠠᠨ ᠰᠠᠢᠬᠠᠨ ᠵᠣᠭᠤᠭ ᠶᠠᠷᠢᠵᠤ ᠪᠠᠢᠬᠤ᠎ᠶᠢ ᠣᠯᠵᠤ ᠦᠵᠡᠨ᠎ᠡ᠃ ᠵᠠᠷᠢᠮ᠎ᠳᠠᠭᠠᠨ ᠰᠦᠩ ᠱᠦ ᠬᠤᠸᠠ ᠲᠡᠭᠦᠨ᠎ᠦ ᠬᠠᠨᠢ ᠨᠥᠬᠦᠳ᠎ᠲᠡᠢ᠎ᠪᠡᠨ ᠡᠭᠦᠳᠡᠨ᠎ᠳᠡᠬᠢ ᠮᠣᠳᠤᠨ᠎ᠤ ᠰᠡᠭᠦᠳᠡᠷ᠎ᠲᠦ ᠰᠠᠭᠤᠵᠤ᠂ ᠢᠨᠢᠶᠡᠯᠳᠦᠵᠦ ᠨᠠᠭᠠᠳᠤᠨ ᠬᠤᠸᠠᠷ ᠣᠶᠤᠵᠤ ᠪᠠᠢᠬᠤ᠎ᠶᠢ ᠣᠯᠵᠤ ᠦᠵᠡᠳᠡᠭ᠃ ᠵᠠᠷᠢᠮ᠎ᠳᠠᠭᠠᠨ ᠪᠠᠰᠠ ᠭᠣᠣ ᠸᠧᠨ ᠱᠠᠨ ᠰᠢᠨ᠎ᠡ ᠭᠡᠷᠯᠡᠭᠰᠡᠨ ᠪᠡᠷᠢ᠎ᠲᠡᠢ᠎ᠪᠡᠨ ᠲᠠᠷᠢᠶ᠎ᠠ ᠠᠷᠴᠢᠵᠤ ᠪᠠᠢᠬᠤ᠎ᠲᠠᠢ ᠲᠣᠬᠢᠶᠠᠯᠳᠤᠳᠠᠭ ᠁ ᠲᠡᠳᠡᠨ᠎ᠲᠡᠢ ᠠᠭᠤᠯᠵᠠᠬᠤ ᠪᠦᠷᠢ ᠲᠡᠭᠦᠨ᠎ᠦ ᠰᠡᠳᠭᠢᠯ ᠶᠡᠬᠡᠲᠡ ᠬᠥᠳᠡᠯᠦᠨ᠎ᠡ᠃ ᠡᠬᠡ ᠬᠥᠮᠦᠨ᠎ᠦ ᠡᠨᠡᠷᠢᠯ ᠬᠠᠢᠷ᠎ᠠ ᠲᠡᠭᠦᠨ᠎ᠦ ᠪᠡᠶ᠎ᠡ᠎ᠳᠦ ᠣᠷᠭᠢᠯᠤᠨ᠂ ᠥᠪᠡᠷ᠎ᠦᠨ᠎ᠢᠶᠡᠨ ᠬᠥᠬᠦᠭᠦᠯᠦᠨ ᠥᠰᠭᠡᠭᠰᠡᠨ ᠦᠷ᠎ᠡ ᠬᠡᠦᠬᠡᠳ᠎ᠢᠶᠡᠨ ᠦᠵᠡᠭᠰᠡᠨ᠎ᠰᠢᠭ ᠪᠠᠢᠳᠠᠭ᠃ ᠡᠬᠡ᠂ ᠲᠡᠳᠡᠨ᠎ᠢ ᠲᠡᠪᠡᠷᠢᠨ ᠦᠨᠦᠰᠴᠦ ᠲᠠᠭᠠᠯᠠᠨ:

《ᠬᠡᠦᠬᠡᠳ᠎ᠮᠢᠨᠢ ᠡ᠂ ᠲᠠ ᠪᠣᠯ ᠪᠦᠷ ᠮᠢᠨᠦ ᠰᠠᠢᠨ ᠬᠡᠦᠬᠡᠳ ᠰᠢᠤ!》 ᠭᠡᠵᠦ ᠬᠡᠯᠡᠮᠡᠷ ᠰᠠᠨᠠᠨ᠎ᠠ᠃

ᠭᠡᠪᠡᠴᠦ ᠢᠩᠭᠢᠵᠦ ᠪᠣᠯᠬᠤ᠎ᠦᠭᠡᠢ᠎ᠶᠤᠮ᠃ ᠡᠷᠬᠡᠪᠰᠢ ᠰᠡᠳᠭᠢᠯᠭᠡ᠎ᠪᠡᠨ ᠴᠢᠩᠭ᠎ᠠ ᠳᠠᠷᠤᠪᠠᠯ ᠰᠠᠶᠢ ᠬᠠᠯᠠᠭᠤᠨ ᠨᠢᠯᠪᠤᠰᠤ᠎ᠪᠠᠨ ᠬᠤᠷᠢᠶᠠᠵᠤ ᠴᠢᠳᠠᠨ᠎ᠠ᠃ ᠬᠥᠳᠡᠯᠦᠭᠰᠡᠨ ᠰᠡᠳᠭᠢᠯᠭᠡ᠎ᠶᠢ ᠳᠠᠷᠤᠬᠤ᠎ᠨᠢ᠎ᠴᠤ ᠲᠤᠢᠯ᠎ᠤᠨ ᠡᠮᠭᠡᠨᠢᠯ ᠭᠤᠨᠢᠷᠬᠠᠯ᠎ᠲᠠᠢ ᠬᠡᠷᠡᠭ᠎ᠶᠦᠮ᠃ ᠬᠥᠮᠦᠬᠡᠢ᠎ᠪᠡᠨ ᠲᠠᠰᠤ ᠵᠠᠭᠤᠵᠤ ᠲᠡᠳᠡᠨ᠎ᠦ ᠬᠠᠵᠠᠭᠤ᠎ᠳᠤ ᠵᠣᠭᠰᠤᠨ᠂ ᠦᠨᠡᠨ ᠰᠡᠳᠭᠢᠯ᠎ᠢᠶᠡᠨ ᠪᠠᠷᠢᠵᠤ᠂ ᠡᠷᠭᠢᠵᠦ ᠬᠠᠷᠠᠬᠤ᠎ᠴᠤ᠎ᠦᠭᠡᠢ᠎ᠪᠠᠷ ᠵᠠᠢᠳᠠᠨ ᠶᠠᠪᠤᠬᠤ ᠪᠢᠯᠡ᠃

ᠰᠦᠩ ᠴᠠᠩ ᠺᠦᠢ᠎ᠨᠡᠷ ᠬᠡᠳᠦᠢᠪᠡᠷ ᠡᠨᠡ᠎ᠬᠦ ᠥᠨᠦᠴᠢᠷᠡᠵᠦ ᠪᠡᠯᠪᠡᠰᠦᠷᠡᠭᠰᠡᠨ ᠨᠠᠰᠤᠲᠠᠨ᠎ᠢ ᠬᠦᠨᠳᠦᠳᠭᠡᠵᠦ᠂ ᠨᠠᠰᠤᠲᠠᠢ ᠡᠵᠢ᠎ᠶᠢ ᠭᠡᠷ᠎ᠲᠦᠨᠢ ᠢᠷᠡᠬᠦ ᠪᠦᠷᠢ᠎ᠳᠦ ᠴᠥᠮ ᠥᠪᠡᠷᠰᠡᠳ᠎ᠢᠶᠡᠨ ᠬᠠᠢᠷᠠᠯᠠᠭᠠᠳ ᠢᠳᠡᠳᠡᠭ᠎ᠦᠭᠡᠢ ᠶᠠᠭᠤᠮ᠎ᠠ᠎ᠪᠠᠨ ᠨᠠᠰᠤᠲᠠᠨ᠎ᠳᠤ ᠭᠠᠷᠭᠠᠨ ᠥᠭᠴᠦ ᠢᠳᠡᠭᠦᠯᠳᠡᠭ᠂ ᠭᠡᠪᠡᠴᠦ ᠲᠡᠳᠡ ᠥᠩᠭᠡᠷᠡᠭᠰᠡᠨ᠎ᠳᠦ ᠭᠠᠷᠤᠭᠰᠠᠨ ᠶᠠᠪᠤᠳᠠᠯ᠎ᠢ᠎ᠨᠢ ᠣᠭᠲᠤ ᠮᠡᠳᠡᠬᠦ᠎ᠦᠭᠡᠢ ᠮᠥᠷᠲᠡᠭᠡᠨ ᠡᠨᠡ᠎ᠬᠦ ᠰᠣᠯᠢᠶ᠎ᠠ ᠭᠡᠮ᠎ᠲᠡᠢ᠎ᠰᠢᠭ ᠪᠣᠯᠤᠭᠰᠠᠨ ᠨᠠᠰᠤᠲᠠᠢ ᠡᠵᠢ᠎ᠨᠢ ᠲᠡᠳᠡᠨ᠎ᠦ ᠬᠠᠮᠤᠭ᠎ᠤᠨ ᠰᠢᠳᠤᠷᠭᠤ ᠬᠠᠮᠠᠭᠠᠯᠠᠭᠴᠢ ᠪᠣᠯᠬᠤ᠎ᠶᠢ ᠨᠡᠩ ᠣᠢᠯᠠᠭᠠᠭᠰᠠᠨ᠎ᠦᠭᠡᠢ ᠪᠠᠢᠯ᠎ᠠ᠃

ᠴᠡᠭᠡᠵᠢᠨ᠎ᠦ᠎ᠪᠡᠨ ᠡᠮᠭᠡᠨᠢᠯ ᠭᠤᠨᠢᠭ᠎ᠢ ᠢᠯᠡᠷᠡᠭᠦᠯᠬᠦ᠎ᠦᠭᠡᠢ᠎ᠨᠢ ᠲᠤᠢᠯ᠎ᠤᠨ ᠵᠣᠪᠠᠭᠤᠷᠢ᠎ᠲᠠᠢ ᠪᠠᠢᠳᠠᠭ ᠪᠣᠯᠪᠠᠴᠤ ᠲᠡᠷᠡ ᠬᠠᠷᠢᠨ 1945 ᠣᠨ᠎ᠤ ᠬᠠᠪᠤᠷ ᠲᠤᠰ ᠣᠷᠤᠨ᠎ᠨᠢ ᠪᠦᠷᠢᠨ ᠴᠢᠯᠦᠭᠡᠯᠡᠭᠳᠡᠲᠡᠯ᠎ᠡ ᠡᠷᠡᠰ ᠴᠢᠩᠭ᠎ᠠ ᠨᠢᠭᠤᠭᠰᠠᠭᠠᠷ ᠢᠷᠡᠵᠡᠢ᠃

ᠵᠢᠷᠭᠤᠭ᠎ᠠ

ᠤᠷᠢᠬᠠᠨ ᠬᠠᠪᠤᠷ ᠦ᠋ ᠯᠦᠩ ᠾᠧ ᠭᠣᠣᠯ᠎ᠤᠨ ᠰᠠᠪᠠ᠎ᠳᠤ ᠢᠷᠡᠪᠡ᠃ ᠡᠮᠦᠨ᠎ᠡ᠎ᠡᠴᠡ ᠦᠯᠢᠶᠡᠭᠰᠡᠨ ᠰᠠᠯᠬᠢ ᠭᠣᠣᠯ᠎ᠤᠨ ᠤᠰᠤ᠎ᠶᠢ ᠮᠡᠯᠮᠡᠯᠵᠡᠭᠦᠯᠵᠦ᠂ ᠠᠭᠤᠯᠠ ᠲᠠᠯ᠎ᠠ᠎ᠶᠢ ᠨᠣᠭᠤᠭᠠᠷᠠᠭᠤᠯᠪᠠ᠃

ᠠᠲᠠᠭᠠᠲᠠᠨ ᠳᠠᠢᠰᠤᠨ᠎ᠳᠤ ᠪᠠᠭᠤᠵᠤ ᠥᠭᠭᠦᠭᠰᠡᠨ ᠭᠣᠮᠢᠨᠳᠠᠩ᠎ᠤᠨ ᠳᠡᠭᠡᠷᠡᠮᠴᠢᠳ᠎ᠦᠨ ᠡᠵᠡᠯᠡᠵᠦ ᠪᠠᠢᠭᠰᠠᠨ ᠳ᠋ᠠ ᠺᠤᠸᠠᠩ᠎ᠳᠤ ᠨᠤᠲᠤᠭ᠎ᠤᠨ ᠨᠠᠮ᠎ᠤᠨ ᠬᠣᠷᠢᠶᠠᠨ᠎ᠠᠴᠠ ᠪᠦᠬᠦ ᠨᠤᠲᠤᠭ᠎ᠤᠨ ᠨᠠᠮ᠎ᠤᠨ ᠭᠡᠰᠢᠭᠦᠳ᠎ᠦᠨ ᠶᠡᠬᠡ ᠬᠤᠷᠠᠯ᠎ᠢ ᠬᠤᠷᠠᠯᠳᠤᠭᠤᠯᠵᠤ᠂ ᠪᠠᠭᠠᠲᠤᠷᠯᠢᠭ᠎ᠢᠶᠠᠷ ᠪᠡᠶ᠎ᠡ ᠦᠷᠡᠭᠳᠡᠭᠰᠡᠨ ᠨᠥᠬᠦᠳ᠎ᠢ ᠦᠪᠡᠳᠡᠭᠰᠢ ᠶᠡᠬᠡ᠎ᠪᠡᠷ ᠭᠠᠰᠢᠭᠤᠳᠠᠨ ᠳᠤᠷᠠᠰᠭᠠᠪᠠ᠃ ᠦᠷᠭᠦᠯᠵᠢᠯᠡᠨ ᠲᠡᠮᠡᠴᠡᠯ ᠶᠠᠪᠤᠭᠤᠯᠵᠤ ᠪᠠᠢᠭ᠎ᠠ ᠬᠥᠮᠦᠰ ᠴᠥᠮ ᠭᠠᠰᠢᠭᠤᠳᠠᠯ᠎ᠤᠨ ᠨᠢᠯᠪᠤᠰᠤ ᠤᠨᠠᠭᠠᠨ ᠥᠰᠢᠶ᠎ᠡ ᠬᠣᠷᠤᠰᠤᠯ ᠠᠪᠬᠤ ᠪᠣᠯᠤᠳ ᠲᠡᠮᠦᠷ᠎ᠰᠢᠭ ᠡᠷᠡᠰ ᠵᠣᠷᠢᠭ᠎ᠢᠶᠠᠨ ᠢᠯᠡᠳᠭᠡᠵᠡᠭᠡᠪᠡ᠃ ᠡᠨᠡ ᠦᠶ᠎ᠡ᠎ᠳᠦ ᠨᠤᠲᠤᠭ᠎ᠤᠨ ᠨᠠᠮ᠎ᠤᠨ ᠬᠣᠷᠢᠶᠠᠨ᠎ᠤ ᠱᠦᠵᠢ ᠡᠪᠦᠷ᠎ᠡᠴᠡ᠎ᠪᠡᠨ ᠬᠥᠬᠡ ᠪᠦᠰ ᠪᠣᠭᠤᠳᠠᠯ ᠭᠠᠷᠭᠠᠵᠤ ᠥᠨᠳᠦᠷ ᠡᠷᠭᠦᠨ᠂ ᠬᠤᠷᠠᠯ᠎ᠤᠨ ᠲᠠᠯᠠᠪᠠᠢ ᠥᠭᠡᠳᠡ ᠲᠥᠪ ᠰᠢᠷᠲᠡᠭᠰᠡᠭᠡᠷ:

《ᠨᠥᠬᠦᠳ ᠡ᠂ ᠲᠠ᠎ᠨᠠᠷ ᠦᠵᠡ》 ᠭᠡᠪᠡ᠃

ᠬᠥᠮᠦᠰ ᠪᠦᠭᠦᠳᠡᠭᠡᠷ᠎ᠢᠶᠡᠨ ᠡᠨᠡ᠎ᠬᠦ ᠬᠥᠬᠡ ᠪᠦᠰ ᠪᠣᠭᠤᠳᠠᠯ᠎ᠢ ᠰᠣᠨᠢᠷᠬᠠᠨ ᠬᠠᠷᠠᠵᠤ᠂ ᠨᠢᠭᠤᠴᠠ᠎ᠶᠢ᠎ᠨᠢ ᠢᠯᠡᠷᠡᠭᠦᠯᠦᠨ ᠨᠡᠢᠲᠡᠯᠡᠬᠦ᠎ᠶᠢ ᠨᠠᠮ ᠵᠢᠮᠬᠡᠨ ᠬᠦᠯᠢᠶᠡᠵᠡᠭᠡᠨ᠎ᠡ᠃

ᠨᠤᠲᠤᠭ᠎ᠤᠨ ᠨᠠᠮ᠎ᠤᠨ ᠬᠣᠷᠢᠶᠠᠨ᠎ᠤ ᠱᠦᠵᠢ ᠭᠠᠷ᠎ᠢᠶᠠᠨ ᠴᠡᠴᠡᠷᠡᠭᠦᠯᠦᠭᠰᠡᠭᠡᠷ ᠪᠣᠭᠤᠳᠠᠯ᠎ᠢ ᠵᠠᠳᠠᠯᠵᠤ᠂ ᠨᠢᠭᠡ ᠬᠦᠰᠦᠨᠦᠭᠲᠦ᠎ᠶᠢ ᠳᠡᠯᠭᠡᠭᠡᠳ ᠳᠡᠭᠡᠷ᠎ᠡ ᠳᠠᠭᠤᠨ᠎ᠢᠶᠠᠷ ᠨᠡᠷ᠎ᠡ ᠳᠠᠭᠤᠳᠠᠪᠠ:

《ᠰᠦᠩ ᠴᠠᠩ ᠺᠦᠢ!》

《ᠪᠠᠢᠨ᠎ᠠ!》 ᠭᠡᠵᠦ ᠬᠠᠩᠭᠢᠨᠠᠲᠠᠯ᠎ᠠ ᠬᠠᠷᠢᠭᠤᠯᠪᠠ᠃

《ᠰᠦᠩ ᠱᠦ ᠬᠤᠸᠠ!》

《ᠪᠠᠢᠨ᠎ᠠ!》

《ᠭᠣᠣ ᠸᠧᠨ ᠱᠠᠨ!》

《ᠪᠠᠢᠨ᠎ᠠ!》

《ᠬᠤᠸᠠᠩ ᠱᠦ ᠢᠩ!》

ᠴᠢᠮᠡᠭᠡ ᠠᠨᠢᠷ ᠨᠠᠮ ᠵᠢᠮ ᠪᠣᠯᠪᠠ᠃ ᠨᠤᠲᠤᠭ᠎ᠤᠨ ᠨᠠᠮ᠎ᠤᠨ ᠬᠣᠷᠢᠶᠠᠨ᠎ᠤ ᠱᠦᠵᠢ᠎ᠶᠢᠨ ᠬᠠᠵᠠᠭᠤ᠎ᠠᠴᠠ ᠬᠤᠸᠠᠩ ᠡᠵᠢ᠎ᠶᠢᠨ ᠮᠡᠭᠰᠢᠨ ᠤᠬᠢᠯᠠᠬᠤ ᠳᠠᠭᠤᠨ ᠭᠠᠷᠤᠨ᠎ᠠ᠃

ᠨᠥᠬᠦᠳ ᠡ! ᠡᠨᠡ᠎ᠬᠦ ᠪᠦᠬᠦ ᠨᠤᠲᠤᠭ᠎ᠤᠨ ᠨᠠᠮ᠎ᠤᠨ ᠭᠡᠰᠢᠭᠦᠳ᠎ᠦᠨ ᠪᠦᠷᠢᠳᠭᠡᠯ᠎ᠦᠨ ᠬᠦᠰᠦᠨᠦᠭᠲᠦ ᠳᠡᠭᠡᠷᠡᠬᠢ ᠭᠤᠴᠢᠨ ᠳᠥᠷᠪᠡᠨ ᠨᠥᠬᠦᠳ᠎ᠡᠴᠡ ᠬᠤᠸᠠᠩ ᠱᠦ ᠢᠩ᠂ ᠤᠷᠪᠠᠭᠴᠢ ᠬᠤᠸᠠᠩ ᠢᠦ ᠼᠠᠢ᠎ᠶᠢ ᠭᠠᠷᠭᠠᠪᠠᠯ ᠪᠤᠰᠤᠳ᠎ᠨᠢ ᠪᠦᠷ ᠡᠨᠳᠡ ᠪᠠᠢᠨ᠎ᠠ᠃ ᠬᠠᠷᠭᠢᠰ ᠬᠡᠷᠴᠡᠭᠡᠢ ᠳᠠᠢᠰᠤᠨ᠎ᠤ ᠨᠣᠶᠠᠷᠬᠠᠭᠰᠠᠨ ᠣᠷᠤᠨ᠎ᠳᠤ ᠮᠠᠨ᠎ᠤ ᠨᠠᠮ᠎ᠤᠨ ᠥᠪᠡᠷ᠎ᠦᠨ᠎ᠢᠶᠡᠨ ᠵᠣᠬᠢᠶᠠᠨ ᠪᠠᠢᠭᠤᠯᠤᠯᠲᠠ᠎ᠶᠢ ᠬᠠᠮᠠᠭᠠᠯᠠᠵᠤ᠂ ᠵᠣᠩᠬᠢᠯᠠᠬᠤ ᠲᠣᠭᠠᠨ᠎ᠤ ᠨᠥᠬᠦᠳ ᠬᠦᠴᠢᠷ ᠪᠡᠷᠬᠡᠰᠢᠶᠡᠯ ᠳᠠᠪᠬᠤᠴᠠᠭᠰᠠᠨ ᠬᠠᠷᠠᠩᠭᠤᠢ ᠴᠠᠭ ᠦᠶ᠎ᠡ᠎ᠶᠢ ᠠᠮᠢᠳᠤ ᠥᠩᠭᠡᠷᠡᠭᠦᠯᠦᠭᠡᠳ᠂ ᠢᠯᠠᠯᠲᠠ ᠣᠯᠤᠭᠰᠠᠨ ᠥᠨᠦᠳᠦᠷ᠎ᠢ ᠣᠯᠵᠤ ᠦᠵᠡᠪᠡ᠃ ᠨᠥᠬᠦᠳ ᠡ᠂ ᠭᠡᠪᠡᠴᠦ ᠡᠨᠡ᠎ᠨᠢ ᠬᠢᠯᠪᠠᠷ ᠬᠡᠷᠡᠭ ᠪᠢᠰᠢ᠂ ᠲᠡᠢᠮᠦ ᠬᠢᠯᠪᠠᠷ ᠬᠡᠷᠡᠭ ᠪᠢᠰᠢ᠎ᠶᠦᠮ᠃ ᠲᠠ᠎ᠨᠠᠷ ᠡᠨᠡ᠎ᠬᠦ ᠪᠦᠷᠢᠳᠭᠡᠯ᠎ᠦᠨ ᠬᠦᠰᠦᠨᠦᠭᠲᠦ᠎ᠶᠢᠨ ᠲᠡᠦᠬᠡ᠎ᠶᠢ ᠮᠡᠳᠡᠨ᠎ᠡ᠎ᠦᠦ ᠁》 ᠭᠡᠵᠦ ᠨᠤᠲᠤᠭ᠎ᠤᠨ ᠨᠠᠮ᠎ᠤᠨ ᠬᠣᠷᠢᠶᠠᠨ᠎ᠤ ᠱᠦᠵᠢ ᠬᠡᠯᠡᠭᠡᠳ ᠴᠢᠨᠠᠭᠰᠢᠳᠠ ᠦᠯᠢᠭᠡᠷ᠎ᠢ᠎ᠨᠢ ᠦᠷᠭᠦᠯᠵᠢᠯᠡᠭᠦᠯᠦᠨ ᠶᠠᠷᠢᠪᠠ᠃

ᠬᠥᠮᠦᠰ ᠪᠦᠷ ᠰᠡᠳᠭᠢᠯ ᠲᠥᠪᠯᠡᠷᠡᠭᠦᠯᠦᠨ ᠱᠦᠵᠢ᠎ᠶᠢᠨ ᠶᠠᠷᠢᠶ᠎ᠠ᠎ᠶᠢ ᠰᠣᠨᠤᠰᠤᠨ᠎ᠠ᠃ ᠬᠤᠷᠠᠯ᠎ᠤᠨ ᠲᠠᠯᠠᠪᠠᠢ ᠨᠠᠮ ᠵᠢᠮ ᠪᠣᠯᠤᠭᠰᠠᠨ ᠪᠣᠯᠬᠣᠷ ᠵᠡᠭᠦᠦ ᠤᠨᠠᠬᠤ ᠳᠠᠭᠤ᠎ᠴᠤ ᠰᠣᠨᠤᠰᠳᠠᠨ᠎ᠠ᠃

《᠁ ᠨᠥᠬᠦᠳ ᠡ᠂ ᠡᠨᠡ᠎ᠬᠦ ᠨᠠᠮ᠎ᠤᠨ ᠭᠡᠰᠢᠭᠦᠳ᠎ᠦᠨ ᠪᠦᠷᠢᠳᠭᠡᠯ᠎ᠦᠨ ᠬᠦᠰᠦᠨᠦᠭᠲᠦ᠎ᠶᠢᠨ ᠲᠡᠦᠬᠡ᠎ᠨᠢ ᠡᠢᠮᠦ ᠪᠠᠢᠨ᠎ᠠ》 ᠭᠡᠵᠦ ᠱᠦᠵᠢ ᠶᠠᠷᠢᠶ᠎ᠠ᠎ᠪᠠᠨ ᠲᠡᠭᠦᠰᠭᠡᠭᠡᠳ᠂ ᠭᠡᠨᠡᠳᠲᠡ ᠳᠡᠭᠡᠷ᠎ᠡ ᠳᠠᠭᠤᠨ᠎ᠢᠶᠠᠷ: 《ᠨᠥᠬᠦᠳ ᠡ᠂ ᠲᠠ᠎ᠨᠠᠷ ᠮᠡᠳᠡᠨ᠎ᠡ᠎ᠦᠦ? ᠥᠨᠥᠬᠢ ᠬᠤᠸᠠᠩ ᠡᠵᠢ ᠣᠳᠣ ᠮᠠᠨ᠎ᠤ ᠡᠮᠦᠨ᠎ᠡ ᠪᠠᠢᠨ᠎ᠠ᠃ ᠵᠠ! ᠨᠠᠰᠤᠲᠠᠢ ᠡᠵᠢ᠎ᠮᠢᠨᠢ ᠪᠣᠰᠤᠭᠠᠷᠠᠢ᠂ ᠣᠯᠠᠨ᠎ᠢᠶᠠᠷ᠎ᠢᠶᠠᠨ ᠲᠠᠨ᠎ᠲᠠᠢ ᠲᠠᠨᠢᠯᠴᠠᠭ!》 ᠭᠡᠵᠦ ᠬᠡᠯᠡᠪᠡ᠃

ᠬᠤᠸᠠᠩ ᠡᠵᠢ ᠨᠢᠯᠪᠤᠰᠤ᠎ᠪᠠᠨ ᠠᠷᠴᠢᠵᠤ᠂ ᠰᠡᠭᠰᠡᠢᠵᠦ ᠪᠤᠷᠵᠢᠢᠭᠰᠠᠨ ᠴᠡᠯ ᠪᠤᠭᠤᠷᠤᠯ ᠦᠰᠦ᠎ᠪᠡᠨ ᠢᠯᠪᠢᠨ ᠢᠨᠢᠶᠡᠮᠰᠦᠭᠯᠡᠭᠰᠡᠭᠡᠷ ᠪᠣᠰᠴᠤ ᠵᠣᠭᠰᠤᠪᠠ᠃ ᠬᠤᠷᠠᠯ᠎ᠤᠨ ᠲᠠᠯᠠᠪᠠᠢ᠎ᠳᠤ ᠬᠠᠯᠠᠭᠤᠨ ᠤᠷᠢᠶ᠎ᠠ ᠴᠤᠤᠷᠢᠶᠠᠲᠤᠵᠤ ᠬᠥᠮᠦᠰ ᠪᠦᠷ ᠨᠠᠰᠤᠲᠠᠢ ᠡᠵᠢ ᠳᠡᠭᠡᠷ᠎ᠡ ᠣᠪᠤᠭᠠᠷᠠᠨ ᠲᠡᠭᠦᠨ᠎ᠢ ᠲᠡᠪᠡᠷᠢᠨ ᠡᠷᠭᠦᠭᠡᠳ:

《ᠨᠠᠰᠤᠲᠠᠢ ᠡᠵᠢ᠎ᠮᠢᠨᠢ᠂ ᠥᠲᠡᠯᠦᠭᠡ ᠡᠵᠢ᠎ᠮᠢᠨᠢ᠂ ᠲᠠ ᠪᠣᠯ ᠪᠢᠳᠡᠨ᠎ᠦ ᠲᠥᠷᠦᠭᠰᠡᠨ ᠡᠵᠢ ᠮᠥᠨ!》 ᠭᠡᠵᠦ ᠬᠠᠩᠭᠢᠨᠠᠲᠠᠯ᠎ᠠ ᠬᠠᠰᠭᠢᠷᠤᠯᠳᠤᠪᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082