ᠮᠣᠩᠭᠣᠯ ᠪᠢᠴᠢᠭ᠌

ᠡᠷᠢᠶ᠎ᠡ  
ᠪᠤᠴᠠᠬᠤ

ᠰᠣᠨᠳᠤᠷ

ᠮᠠᠤᠫᠠᠰᠰᠠᠨ

ᠲᠡᠷᠡ ᠮᠥᠨ ᠴᠦ ᠨᠢᠭᠡ ᠯᠡ ᠰᠡᠳᠭᠢᠯ ᠬᠥᠳᠡᠯᠭᠡᠮ᠎ᠡ ᠰᠠᠢᠬᠠᠨ ᠲᠥᠷᠦᠭᠰᠡᠨ ᠬᠡᠦᠬᠡᠨ ᠶᠤᠮ᠃ ᠬᠤᠪᠢ ᠵᠠᠶᠠᠭᠠᠨ ᠳᠤᠨᠢ ᠠᠨᠳᠠᠭᠤᠷᠠᠯ ᠭᠠᠷᠤᠭᠰᠠᠨ ᠠᠴᠠ ᠴᠤ ᠶᠤᠮ ᠤᠤ ᠨᠢᠭᠡᠨ ᠪᠠᠭᠠᠬᠠᠨ ᠲᠤᠰᠢᠶᠠᠯᠲᠠᠨ ᠤ ᠭᠡᠷ ᠲᠦ ᠲᠥᠷᠦᠵᠡᠢ᠃ ᠲᠡᠭᠦᠨ ᠳᠦ ᠵᠠᠰᠠᠯ ᠵᠢᠮᠰᠡᠭ ᠪᠠᠢᠭ᠎ᠠ ᠦᠭᠡᠢ ᠶᠢᠨ ᠳᠡᠭᠡᠷ᠎ᠡ ᠨᠢᠭᠡᠨ ᠪᠠᠶᠠᠨ ᠬᠡᠭᠡᠨᠴᠢᠷ ᠬᠥᠮᠦᠨ ᠳᠦ ᠲᠠᠨᠢᠭᠳᠠᠬᠤ᠂ ᠣᠢᠯᠠᠭᠠᠭᠳᠠᠬᠤ᠂ ᠳᠤᠷᠠᠯᠠᠭᠳᠠᠬᠤ᠂ ᠪᠣᠭᠲᠤᠯᠠᠭᠳᠠᠬᠤ ᠶᠢᠨ ᠠᠷᠭ᠎ᠠ ᠴᠤ ᠪᠠᠰᠠ ᠪᠠᠢᠭᠰᠠᠨ ᠦᠭᠡᠢ᠃ ᠡᠴᠦᠰ ᠲᠡᠭᠡᠨ ᠰᠤᠷᠭᠠᠨ ᠬᠥᠮᠦᠵᠢᠯ ᠦᠨ ᠶᠠᠮᠤᠨ ᠤ ᠨᠢᠭᠡ ᠪᠢᠴᠢᠭᠡᠴᠢ ᠲᠠᠢ ᠯᠠ ᠭᠡᠷᠯᠡᠨ ᠰᠠᠭᠤᠵᠠᠢ᠃

ᠲᠡᠷᠡ ᠭᠣᠶᠤᠬᠤ ᠵᠠᠰᠠᠬᠤ ᠶᠢ ᠣᠷᠤᠯᠳᠤᠵᠤ ᠴᠢᠳᠠᠬᠤ ᠦᠭᠡᠢ ᠳᠡᠭᠡᠨ ᠪᠣᠷᠤ ᠳᠦᠷᠢ ᠶᠢᠨ ᠬᠤᠪᠴᠠᠰᠤ ᠲᠠᠢ ᠯᠠ ᠶᠠᠪᠤᠳᠠᠭ ᠪᠣᠯᠤᠭᠰᠠᠨ ᠨᠢ ᠲᠡᠭᠦᠨ ᠦ ᠪᠠᠢᠷᠢ ᠰᠠᠭᠤᠷᠢ ᠶᠢ ᠳᠣᠷᠤᠭᠰᠢᠯᠠᠭᠤᠯᠤᠭᠰᠠᠨ ᠰᠢᠭ ᠪᠣᠯᠵᠤ᠂ ᠲᠤᠩ ᠵᠣᠯ ᠦᠭᠡᠢ ᠶᠠᠪᠤᠳᠠᠯ ᠭᠡᠵᠦ ᠥᠪᠡᠷ ᠢᠶᠡᠨ ᠪᠣᠳᠤᠳᠠᠭ ᠪᠠᠢᠵᠠᠢ᠃ ᠤᠴᠢᠷ ᠨᠢ ᠡᠮᠡᠭᠲᠡᠢ ᠬᠥᠮᠦᠨ ᠳᠦ ᠶᠡᠷᠦ ᠡᠴᠡ ᠠᠩᠭᠢ᠂ ᠠᠷᠠᠰᠤᠲᠠᠨ ᠤ ᠢᠯᠭᠠᠭ᠎ᠠ ᠪᠠᠢᠬᠤ ᠦᠭᠡᠢ᠃ ᠲᠡᠳᠡᠨ ᠦ ᠦᠵᠡᠰᠭᠦᠯᠡᠩ ᠭᠤᠤ᠎ᠠ᠂ ᠲᠡᠳᠡᠨ ᠦ ᠭᠠᠩᠭᠠᠩ ᠭᠣᠶᠤ᠂ ᠲᠡᠳᠡᠨ ᠦ ᠤᠷᠠᠨ ᠨᠣᠬᠢᠯᠤᠯ ᠪᠣᠯ ᠲᠡᠳᠡᠨ ᠦ ᠭᠠᠷᠤᠯ ᠮᠥᠨ᠃ ᠲᠡᠳᠡᠨ ᠦ ᠲᠥᠷᠦᠯᠬᠢ ᠰᠡᠴᠡᠨ ᠰᠡᠷᠭᠦᠯᠡᠩ᠂ ᠲᠡᠳᠡᠨ ᠦ ᠰᠢᠯᠢᠳᠡᠭ ᠰᠠᠢᠬᠠᠨ ᠴᠢᠨᠠᠷ ᠪᠠᠢᠳᠠᠯ᠂ ᠲᠡᠳᠡᠨ ᠦ ᠡᠶᠡᠯᠳᠡᠭ ᠵᠥᠭᠡᠯᠡᠨ ᠰᠡᠳᠭᠢᠯ ᠰᠠᠨᠠᠭ᠎ᠠ ᠪᠣᠯ ᠲᠡᠳᠡᠨ ᠦ ᠴᠣᠷ ᠤᠨ ᠭᠠᠭᠴᠠ ᠬᠢᠷᠢ ᠬᠡᠮᠵᠢᠶ᠎ᠡ ᠨᠢ ᠮᠥᠨ ᠲᠤᠯᠠ ᠡᠭᠡᠯ ᠠᠷᠠᠳ ᠤᠨ ᠥᠬᠢᠨ ᠢ ᠡᠷᠬᠢᠮ ᠢᠵᠠᠭᠤᠷᠲᠠᠨ ᠤ ᠬᠠᠲᠤᠨ ᠲᠠᠢ ᠲᠡᠩ ᠰᠠᠴᠠᠭᠤ ᠪᠣᠯᠭᠠᠳᠠᠭ ᠴᠤ ᠪᠠᠢᠨ᠎ᠠ᠃

ᠲᠡᠷᠡ ᠥᠪᠡᠷ ᠢ ᠢᠶᠡᠨ ᠡᠷᠬᠢᠮᠰᠦᠭ ᠳᠡᠭᠡᠳᠦ ᠳᠡᠭᠡᠷ᠎ᠡ ᠪᠡᠨ ᠱᠠᠯᠢᠨ ᠪᠦᠷᠢᠯᠭᠡᠳᠡᠭ ᠠᠮᠢᠳᠤᠷᠠᠯ ᠬᠢᠬᠦ ᠶᠢᠨ ᠲᠥᠯᠦᠭᠡ ᠲᠥᠷᠦᠭᠰᠡᠨ ᠭᠡᠵᠦ ᠪᠣᠳᠤᠳᠠᠭ ᠲᠤᠯᠠ ᠦᠷᠭᠦᠯᠵᠢ ᠭᠠᠰᠢᠭᠤᠨ ᠵᠣᠪᠠᠭᠤᠷᠢᠲᠠᠢ ᠰᠠᠨᠠᠭᠳᠠᠨ᠎ᠠ᠃ ᠣᠷᠤᠨ ᠪᠠᠢᠷᠢ ᠶᠢᠨ ᠦᠵᠡᠰᠢ ᠦᠭᠡᠢ ᠮᠠᠭᠤᠬᠠᠢ᠂ ᠬᠠᠨ᠎ᠠ ᠳᠤᠭᠤᠷᠭ᠎ᠠ ᠶᠢᠨ ᠬᠠᠷ᠎ᠠ ᠪᠣᠷᠤ᠂ ᠰᠢᠷᠡᠭᠡ ᠰᠠᠨᠳᠠᠯᠢ ᠶᠢᠨ ᠴᠤᠴᠠᠷᠬᠠᠢ ᠬᠠᠭᠤᠴᠢᠨ᠂ ᠬᠤᠪᠴᠠᠰᠤ ᠬᠤᠨᠠᠷ ᠤᠨ ᠪᠦᠳᠦᠭᠦᠯᠢᠭ ᠬᠤᠮᠰᠠ ᠨᠢ ᠴᠥᠮ ᠲᠡᠭᠦᠨ ᠢ ᠪᠣᠬᠢᠨᠢᠲᠤᠭᠤᠯᠤᠨ᠎ᠠ᠃ ᠡᠳᠡᠭᠡᠷ ᠶᠠᠭᠤᠮ᠎ᠠ ᠲᠡᠭᠦᠨ ᠲᠠᠢ ᠠᠳᠠᠯᠢ ᠪᠠᠢᠷᠢ ᠰᠠᠭᠤᠷᠢ ᠲᠠᠢ ᠣᠨᠳᠣᠣ ᠬᠠᠲᠤᠨ ᠳᠤ ᠪᠣᠯ ᠬᠠᠢᠬᠤᠷᠤᠭᠳᠠᠬᠤ ᠦᠭᠡᠢ ᠴᠦ ᠪᠠᠢᠵᠤ ᠮᠡᠳᠡᠨ᠎ᠡ᠃ ᠬᠠᠷᠢᠨ ᠲᠡᠷᠡ ᠡᠭᠦᠨ ᠡᠴᠡ ᠪᠣᠯᠵᠤ ᠡᠢᠨ ᠬᠦ ᠵᠣᠪᠠᠨᠢᠵᠤ᠂ᠡᠢᠨ ᠬᠦ ᠡᠮᠭᠡᠨᠢᠳᠡᠭ ᠠᠵᠢ᠃ ᠲᠡᠷᠡ᠂ ᠭᠡᠷ ᠦᠨ ᠠᠷᠰᠠᠷ ᠠᠵᠢᠯ ᠢ ᠨᠢ ᠬᠢᠵᠦ ᠪᠠᠢᠭ᠎ᠠ ᠪᠷᠧᠲ᠋ᠠᠨᠧ ᠮᠤᠵᠢ ᠶᠢᠨ ᠪᠢᠴᠢᠬᠠᠨ ᠰᠢᠪᠡᠭᠴᠢᠨ ᠢᠶᠡᠨ ᠬᠠᠷᠠᠭᠠᠳ᠂ ᠰᠡᠳᠭᠢᠯ ᠦᠨ ᠬᠢᠨᠢ ᠳᠣᠲᠤᠷ᠎ᠠ ᠭᠤᠨᠢᠭᠲᠤ ᠪᠣᠳᠤᠯᠭᠠᠰᠢᠷᠠᠯ᠂ ᠳᠡᠮᠡᠢᠷᠡᠭᠰᠡᠨ ᠬᠡᠢ ᠬᠦᠰᠡᠯ ᠲᠥᠷᠦᠭᠳᠡᠪᠡ᠃ ᠬᠠᠨ᠎ᠠ ᠳᠤᠭᠤᠷᠭ᠎ᠠ ᠶᠢ ᠨᠢ ᠳᠣᠷᠤᠨᠠᠳᠠᠭᠢᠨ ᠤ ᠦᠢᠯᠡᠳᠦᠭᠰᠡᠨ ᠬᠥᠰᠢᠭᠡ ᠪᠡᠷ ᠴᠢᠮᠡᠭᠯᠡᠭᠰᠡᠨ ᠲᠡᠷᠡ ᠬᠦ ᠰᠡᠯᠡᠭᠦᠨ ᠲᠤᠩᠭᠠᠯᠠᠭ ᠥᠷᠦᠭᠡ ᠲᠠᠩᠬᠢᠮ ᠳᠤ ᠥᠨᠳᠦᠷ ᠬᠥᠯ ᠲᠠᠢ ᠭᠠᠤᠯᠢᠨ ᠳ᠋ᠧᠩ ᠪᠠᠷᠢᠴᠢᠬᠠᠭᠰᠠᠨ᠂ ᠪᠠᠰᠠ ᠣᠬᠤᠷ ᠥᠮᠦᠳᠦ ᠲᠠᠢ ᠬᠣᠶᠠᠷ ᠵᠠᠷᠤᠴᠠ ᠪᠠᠢᠬᠤ ᠪᠥᠭᠡᠳ ᠠᠭᠤᠵᠢᠮ ᠲᠠᠯᠪᠢᠭᠤ ᠰᠠᠨᠳᠠᠯᠢ ᠳᠡᠭᠡᠷ᠎ᠡ ᠬᠡᠪᠲᠡᠵᠦ ᠵᠤᠤᠬᠠᠨ ᠤ ᠬᠠᠯᠠᠭᠤᠨ ᠳᠤ ᠡᠭᠡᠭᠡᠭᠳᠡᠭᠡᠳ ᠳᠤᠭᠵᠢᠷᠠᠯ᠎ᠠ ᠭᠡᠵᠦ ᠬᠡᠢ ᠰᠠᠨᠠᠪᠠ᠃ ᠲᠡᠷᠡ ᠬᠦ ᠠᠭᠤᠵᠢᠮ ᠰᠠᠷᠠᠭᠤᠯ ᠵᠣᠴᠢᠳ ᠤᠨ ᠥᠷᠦᠭᠡᠨ ᠳᠦ ᠡᠷᠲᠡᠨ ᠦ ᠮᠠᠶᠢᠭ ᠤᠨ ᠬᠡᠮᠡᠷᠯᠢᠭ᠌ ᠬᠥᠰᠢᠭᠡ ᠲᠠᠲᠠᠴᠢᠬᠠᠭᠰᠠᠨ ᠪᠠᠢᠬᠤ ᠪᠥᠭᠡᠳ ᠤᠷᠠᠨ ᠬᠢᠴᠡᠲᠡᠢ ᠮᠣᠳᠤᠨ ᠡᠳ᠋ᠯᠡᠯ᠂ ᠡᠷᠲᠡᠨ ᠦ ᠮᠠᠶᠢ᠍ᠭ ᠤᠨ ᠡᠷᠬᠢᠮ ᠰᠣᠨᠢᠨ ᠲᠣᠭᠯᠠᠭᠠᠮ ᠢ ᠥᠷᠦᠨ ᠲᠠᠯᠪᠢᠭᠰᠠᠨ ᠪᠠᠢᠨ᠎ᠠ ᠭᠡᠵᠦ ᠬᠡᠢ ᠰᠠᠨᠠᠨ᠎ᠠ᠃ ᠲᠡᠷᠡ ᠬᠦ ᠰᠠᠢᠬᠠᠨ ᠦᠨᠦᠷ ᠠᠩᠭᠢᠯᠤᠭᠰᠠᠨ ᠦᠵᠡᠰᠭᠦᠯᠡᠩ ᠭᠣᠶᠤ ᠵᠣᠴᠢᠳ ᠤᠨ ᠪᠢᠴᠢᠬᠠᠨ ᠲᠠᠰᠤᠯᠭᠠᠨ ᠳᠤ ᠦᠳᠡ ᠶᠢᠨ ᠬᠣᠢᠨᠠᠬᠢ ᠲᠠᠪᠤᠨ ᠴᠠᠭ ᠤᠨ ᠦᠶᠡᠰ ᠲᠡᠭᠦᠨ ᠲᠠᠢ ᠬᠠᠮᠤᠭ ᠤᠨ ᠳᠣᠲᠤᠨᠤ ᠪᠣᠯᠤᠭᠰᠠᠨ ᠡᠷᠡᠭᠲᠡᠢ ᠨᠠᠢᠵᠠ ᠲᠠᠢ ᠪᠠᠨ ᠵᠣᠭᠤᠭ ᠲᠠᠭᠠᠷᠠᠬᠤ ᠪᠤᠶᠤ ᠪᠦᠰᠡᠭᠦᠢᠴᠦᠳ ᠤᠨ ᠬᠠᠮᠤᠭ ᠤᠨ ᠬᠦᠰᠡᠵᠦ᠂ ᠬᠠᠮᠤᠭ ᠤᠨ ᠠᠭᠤᠯᠵᠠᠬᠤ ᠳᠤᠷᠠᠲᠠᠢ ᠡᠷᠡᠭᠲᠡᠢ ᠲᠠᠢ ᠶᠠᠷᠢᠯᠴᠠᠨ ᠰᠠᠭᠤᠨ᠎ᠠ ᠭᠡᠵᠦ ᠬᠡᠢ ᠰᠠᠨᠠᠪᠠ᠃

ᠲᠡᠷᠡ᠂ ᠭᠤᠷᠪᠠᠨ ᠡᠳᠦᠷ ᠤᠭᠠᠭᠰᠠᠨ ᠦᠭᠡᠢ ᠪᠦᠲᠡᠭᠡᠯᠭᠡ ᠪᠡᠷ ᠪᠦᠳᠡᠭᠡᠭᠰᠡᠨ ᠲᠥᠭᠦᠷᠢᠭ᠌ ᠰᠢᠷᠡᠭᠡᠨ ᠦ ᠬᠠᠵᠠᠭᠤ ᠳᠤ ᠰᠠᠭᠤᠵᠤ᠂ ᠣᠷᠤᠢ ᠶᠢᠨ ᠬᠣᠭᠤᠯᠠ ᠪᠠᠨ ᠢᠳᠡᠬᠦ ᠪᠣᠯᠭᠠᠨ ᠡᠮᠦᠨ᠎ᠡ ᠡᠴᠡ ᠨᠢ ᠬᠠᠷᠠᠵᠤ ᠰᠠᠭᠤᠭᠰᠠᠨ ᠡᠷᠡᠭᠲᠡᠢ ᠨᠥᠬᠦᠷ ᠨᠢ ᠱᠥᠯᠦ ᠲᠠᠢ ᠲᠣᠭᠤᠭᠠᠨ ᠤ ᠬᠠᠪᠬᠠᠭᠠᠰᠤ ᠶᠢ ᠠᠪᠴᠤ᠂ ᠰᠣᠴᠢᠨ ᠪᠠᠶᠠᠷᠯᠠᠭᠰᠠᠨ ᠴᠢᠷᠠᠢ ᠭᠠᠷᠭᠠᠭᠠᠳ᠄«ᠠ︕ ᠠᠩᠬᠢᠯᠤᠮ᠎ᠠ ᠰᠠᠢᠬᠠᠨ ᠮᠢᠬᠠᠨ ᠤ ᠱᠥᠯᠦ ᠳ᠋ᠠ︕ ᠡᠭᠦᠨ ᠡᠴᠡ ᠰᠠᠢᠬᠠᠨ ᠶᠠᠭᠤᠮ᠎ᠠ ᠭᠡᠵᠦ ᠬᠠᠮᠢᠭ᠎ᠠ ᠪᠠᠢᠬᠤ ᠪᠤᠢ︕ ᠁» ᠭᠡᠵᠦ ᠬᠡᠯᠡᠬᠦ ᠦᠶᠡᠰ ᠲᠡᠷᠡ ᠲᠡᠳᠡᠭᠡᠷ ᠨᠠᠷᠢᠯᠢᠭ ᠰᠠᠢᠬᠠᠨ ᠣᠷᠤᠢ ᠶᠢᠨ ᠪᠤᠳᠠᠭᠠᠯᠠᠯᠭ᠎ᠠ᠂ ᠭᠢᠯᠲᠦᠭᠡᠨᠡᠨ ᠭᠢᠯᠠᠯᠵᠠᠭᠰᠠᠨ ᠮᠥᠩᠭᠦᠨ ᠰᠠᠪᠠ ᠬᠡᠷᠡᠭᠯᠡᠯ ᠢ ᠨᠢ ᠬᠡᠢ ᠰᠠᠨᠠᠭᠠᠳ ᠠᠪᠤᠨ᠎ᠠ᠃ ᠲᠣᠭᠤᠷᠭᠠᠨ ᠳᠤ ᠲᠠᠲᠠᠭᠰᠠᠨ ᠬᠥᠰᠢᠭᠡ᠂ ᠲᠡᠭᠦᠨ ᠦ ᠳᠡᠭᠡᠷ᠎ᠡ ᠡᠷᠲᠡᠨ ᠦ ᠬᠤᠪᠴᠠᠯᠠᠭ᠎ᠠ ᠲᠠᠢ ᠬᠥᠮᠦᠰ᠂ ᠳᠠᠭᠢᠨᠢ ᠶᠢᠨ ᠣᠷᠤᠨ ᠤ ᠮᠡᠲᠦ ᠶᠢᠨ ᠬᠦᠷᠢᠶᠡᠯᠡᠩ᠂ ᠡᠯᠳᠡᠪ ᠰᠣᠨᠢᠨ ᠵᠢᠭᠦᠷᠲᠡᠨ ᠢ ᠬᠠᠳᠭᠤᠭᠰᠠᠨ ᠪᠠᠢᠨ᠎ᠠ ᠭᠡᠵᠦ ᠬᠡᠢ ᠰᠠᠨᠠᠪᠠ᠃ ᠬᠣᠪᠤᠷ ᠬᠠᠴᠢᠨ ᠲᠠᠪᠠᠭ ᠫᠢᠯᠠ ᠶᠢᠨ ᠳᠣᠲᠤᠷ᠎ᠠ ᠡᠷᠬᠢᠮ ᠰᠠᠢᠬᠠᠨ ᠵᠠᠭᠤᠰᠢ ᠢᠳᠡᠭᠡᠨ ᠬᠢᠭᠰᠡᠨ ᠪᠠᠢᠨ᠎ᠠ ᠭᠡᠵᠦ ᠬᠡᠢ ᠰᠠᠨᠠᠪᠠ᠃ ᠶᠠᠭᠠᠨ ᠥᠩᠭᠡ ᠲᠠᠢ ᠠᠯᠠᠭᠠᠨ᠎ᠠ ᠵᠢᠭᠠᠰᠤ ᠪᠤᠶᠤ ᠬᠥᠬᠡ ᠨᠤᠭᠲᠤᠷᠤᠤ ᠶᠢᠨ ᠵᠢᠭᠦᠷ ᠢ ᠢᠳᠡᠨ ᠪᠠᠢᠬᠤ ᠳᠠᠭᠠᠨ ᠬᠥᠮᠦᠨ ᠢ ᠰᠣᠭᠲᠤᠭᠤᠷᠠᠭᠤᠯᠤᠮ᠎ᠠ ᠢᠰᠪᠡᠯᠵᠡᠵᠦ᠂ ᠵᠣᠴᠢᠨ ᠤ ᠳᠣᠲᠤᠨᠤᠴᠢᠷᠬᠠᠭ ᠶᠠᠷᠢᠶ᠎ᠠ ᠶᠢ ᠰᠣᠨᠤᠰᠤᠨ ᠰᠠᠭᠤᠨ᠎ᠠ ᠭᠡᠵᠦ ᠬᠡᠢ ᠰᠠᠨᠠᠨ᠎ᠠ᠃ ᠲᠡᠭᠦᠨ ᠳᠦ ᠰᠠᠢᠬᠠᠨ ᠬᠤᠪᠴᠠᠰᠤ ᠪᠠᠢᠬᠤ ᠦᠭᠡᠢ᠂ ᠱᠢᠷᠤ ᠰᠤᠪᠤᠳ ᠪᠠᠢᠬᠤ ᠦᠭᠡᠢ᠂ ᠶᠠᠭᠤ ᠴᠤ ᠪᠠᠢᠬᠤ ᠦᠭᠡᠢ᠃ ᠲᠡᠭᠡᠪᠡᠴᠦ ᠬᠠᠷᠢᠨ ᠡᠳᠡᠭᠡᠷ ᠶᠠᠭᠤᠮᠠᠨ ᠳᠤ ᠯᠠ ᠳᠤᠷᠠᠯᠠᠳᠠᠭ᠃ ᠥᠪᠡᠷ ᠢᠶᠡᠨ ᠡᠳᠡᠭᠡᠷ ᠶᠠᠭᠤᠮᠠᠨ ᠤ ᠲᠥᠯᠦᠭᠡ ᠶᠢᠷᠲᠢᠨᠴᠦ ᠳᠤ ᠬᠥᠮᠦᠨ ᠪᠣᠯᠤᠭᠰᠠᠨ ᠭᠡᠵᠦ ᠪᠣᠳᠤᠳᠠᠭ ᠪᠠᠢᠵᠠᠢ᠃ ᠡᠷᠡᠭᠲᠡᠢᠴᠦᠳ ᠲᠦ ᠬᠦᠰᠡᠭᠳᠡᠬᠦ᠂ ᠡᠮᠡᠭᠲᠡᠢᠴᠦᠳ ᠲᠦ ᠲᠠᠴᠢᠶᠠᠭᠳᠠᠬᠤ᠂ ᠥᠳᠦᠭᠡᠨ ᠲᠠᠲᠠᠬᠤ ᠬᠦᠴᠦᠨ ᠲᠠᠢ ᠪᠣᠯᠤᠭᠰᠠᠨ ᠢᠶᠠᠷ ᠪᠤᠰᠤᠳ ᠲᠤ ᠡᠭᠡᠷᠡᠭᠳᠡᠬᠦ ᠶᠢ ᠶᠡᠷᠦ ᠨᠢ ᠡᠷᠡᠮᠡᠯᠵᠡᠨ ᠪᠣᠳᠤᠭᠰᠠᠭᠠᠷ ᠢᠷᠡᠵᠡᠢ᠃

ᠲᠡᠷᠡ ᠱᠠᠰᠢᠨ ᠤ ᠬᠤᠷᠠᠯ ᠤᠨ ᠥᠬᠢᠳ ᠦᠨ ᠰᠤᠷᠭᠠᠭᠤᠯᠢ ᠳᠤ ᠬᠠᠮᠲᠤ ᠰᠤᠷᠤᠭᠴᠢ ᠪᠠᠢᠭᠰᠠᠨ ᠨᠢᠭᠡᠨ ᠪᠠᠶᠠᠨ ᠴᠢᠨᠡᠭᠡᠯᠢᠭ᠌ ᠪᠦᠰᠡᠭᠦᠢ ᠨᠠᠢᠵᠠ ᠲᠠᠢ ᠶᠤᠮ᠂ ᠭᠡᠪᠡᠴᠦ ᠲᠡᠭᠦᠨ ᠲᠠᠢ ᠳᠠᠬᠢᠨ ᠠᠭᠤᠯᠵᠠᠬᠤ ᠶᠢ ᠬᠦᠰᠡᠬᠦ ᠦᠭᠡᠢ ᠪᠣᠯᠵᠠᠢ᠃ ᠤᠴᠢᠷ ᠨᠢ ᠲᠡᠭᠦᠨ ᠲᠠᠢ ᠠᠭᠤᠯᠵᠠᠭᠠᠳ ᠬᠠᠷᠢᠵᠤ ᠢᠷᠡᠪᠡᠯ ᠲᠤᠢᠯ ᠦᠨ ᠵᠣᠪᠠᠭᠤᠷᠢᠲᠠᠢ ᠪᠣᠳᠤᠭᠳᠠᠳᠠᠭ ᠪᠠᠢᠨ᠎ᠠ᠃ ᠡᠮᠭᠡᠨᠢᠯ᠂ ᠭᠡᠮᠰᠢᠯ᠂ ᠮᠤᠬᠤᠷᠳᠠᠯ ᠵᠣᠪᠠᠨᠢᠯ ᠢᠶᠠᠷ ᠪᠠᠢᠨ ᠪᠠᠢᠨ ᠡᠳᠦᠷ ᠲᠤᠷᠰᠢ ᠤᠬᠢᠯᠠᠨ᠎ᠠ᠃

ᠲᠡᠭᠡᠲᠡᠯ᠎ᠠ᠂ ᠨᠢᠭᠡ ᠣᠷᠤᠢ ᠨᠥᠬᠦᠷ ᠨᠢ ᠲᠣᠮᠤ ᠳᠤᠭᠲᠤᠢ ᠲᠠᠢ ᠵᠠᠬᠢᠳᠠᠯ ᠪᠠᠷᠢᠭᠠᠳ ᠣᠯᠵᠠᠷᠬᠠᠨ ᠪᠠᠶᠠᠷᠲᠠᠢ ᠬᠠᠷᠢᠵᠤ ᠢᠷᠡᠪᠡ᠃

«ᠬᠠᠷᠠ ᠳ᠋ᠠ» ᠭᠡᠳ᠄«ᠡᠭᠦᠨ ᠦ ᠳᠣᠲᠤᠷᠠᠬᠢ ᠶᠠᠭᠤᠮ᠎ᠠ ᠶᠢ ᠴᠢᠮ᠎ᠠ ᠳᠤ ᠥᠭᠭᠦᠶ᠎ᠡ» ᠭᠡᠪᠡ᠃

ᠲᠡᠷᠡ ᠬᠥᠭᠵᠢᠯ ᠪᠠᠶᠠᠷᠲᠠᠢ ᠪᠠᠷ ᠵᠠᠬᠢᠳᠠᠯ ᠢ ᠵᠠᠳᠠᠯᠵᠤ ᠨᠢᠭᠡᠨ ᠬᠠᠭᠤᠳᠠᠰᠤ ᠤᠷᠢᠯᠭ᠎ᠠ ᠶᠢᠨ ᠪᠢᠴᠢᠭ᠌ ᠭᠠᠷᠭᠠᠭᠰᠠᠨ ᠳᠤ ᠳᠡᠭᠡᠷ᠎ᠡ ᠨᠢ᠄

«ᠰᠤᠷᠭᠠᠨ ᠬᠥᠮᠦᠵᠢᠯ ᠦᠨ ᠶᠠᠮᠤᠨ ᠤ ᠰᠠᠢᠳ ᠪᠠ ᠰᠠᠢᠳ ᠤᠨ ᠬᠠᠲᠤᠨ ᠵᠢᠦᠷᠭᠢ ᠯᠠᠮᠪᠷᠠ ᠠᠴᠠ ᠯᠦᠸᠠᠼᠢ ᠠᠪᠤᠭᠠᠢ ᠬᠠᠲᠤᠨ ᠲᠠᠢ ᠪᠠᠨ ᠨᠢᠭᠡᠳᠦᠭᠡᠷ ᠰᠠᠷ᠎ᠠ ᠶᠢᠨ ᠠᠷᠪᠠᠨ ᠨᠠᠢᠮᠠᠨ ᠤ ᠡᠳᠦᠷ (ᠭᠠᠷᠠᠭ ᠤᠨ ᠨᠢᠭᠡᠨ) ᠰᠤᠷᠭᠠᠨ ᠬᠥᠮᠦᠵᠢᠯ ᠦᠨ ᠶᠠᠮᠤᠨ ᠤ ᠶᠣᠰᠤᠯᠠᠯ ᠤᠨ ᠲᠠᠩᠬᠢᠮ ᠳᠤ ᠭᠡᠷᠡᠯᠲᠦᠭᠦᠯᠦᠨ ᠮᠣᠷᠢᠯᠠᠵᠤ᠂ ᠦᠳᠡᠰᠢᠯᠡᠭᠡ ᠳᠦ ᠣᠷᠤᠯᠴᠠᠬᠤ ᠶᠢ ᠬᠦᠨᠳᠦᠳᠭᠡᠨ ᠤᠷᠢᠪᠠ» ᠭᠡᠵᠦ ᠬᠡᠪᠯᠡᠭᠰᠡᠨ ᠪᠠᠢᠪᠠ᠃

ᠲᠡᠷᠡ ᠨᠥᠬᠦᠷ ᠦᠨ ᠢᠶᠡᠨ ᠪᠣᠳᠤᠭᠰᠠᠨ ᠰᠢᠭ ᠲᠡᠭᠡᠵᠦ ᠪᠠᠶᠠᠷᠯᠠᠭᠰᠠᠨ ᠦᠭᠡᠢ᠂ ᠤᠷᠢᠯᠭ᠎ᠠ ᠶᠢᠨ ᠪᠢᠴᠢᠭ᠌ ᠢ ᠭᠤᠲᠤᠷᠠᠩᠭᠤᠢ ᠪᠠᠷ ᠰᠢᠷᠡᠭᠡᠨ ᠳᠡᠭᠡᠷ᠎ᠡ ᠬᠠᠶᠠᠭᠠᠳ᠄

«ᠴᠢ ᠨᠠᠳᠠ ᠡᠨᠡ ᠶᠠᠭᠤᠮ᠎ᠠ ᠶᠢ ᠪᠠᠷᠢᠭᠤᠯᠤᠭᠠᠳ ᠶᠠᠭᠠᠬᠢᠬᠤ ᠨᠢ ᠪᠤᠢ︖» ᠭᠡᠵᠦ ᠳᠦᠳᠦᠨᠡᠪᠡ᠃

«ᠭᠡᠲᠡᠯ᠎ᠡ᠂ ᠬᠠᠢᠷᠠᠲᠤ ᠮᠢᠨᠢ᠂ ᠪᠢ ᠤᠭ ᠨᠢ ᠴᠢᠮᠠᠢ ᠶᠡᠬᠡ ᠪᠠᠶᠠᠷᠯᠠᠨ᠎ᠠ ᠭᠡᠵᠦ ᠪᠣᠳᠤᠭᠰᠠᠨ᠃ ᠶᠡᠷᠦ ᠨᠢ ᠭᠡᠷ ᠡᠴᠡ ᠭᠠᠷᠳᠠᠭ ᠦᠭᠡᠢ ᠪᠣᠯᠬᠣᠷ ᠡᠨᠡ ᠨᠢᠭᠡᠨ ᠲᠣᠬᠢᠶᠠᠯ ᠮᠥᠨ︕ ᠪᠢ ᠬᠡᠴᠢᠨᠡᠨ ᠬᠦᠴᠦ ᠭᠠᠷᠭᠠᠵᠤ ᠪᠠᠢᠵᠤ ᠰᠠᠶᠢ ᠣᠯᠤᠭᠰᠠᠨ᠃ ᠣᠯᠠᠨ ᠢᠶᠠᠷ ᠢᠶᠠᠨ ᠴᠥᠮ ᠣᠯᠵᠤ ᠠᠪᠬᠤ ᠶᠢ ᠬᠦᠰᠡᠭᠰᠡᠨ ᠪᠣᠯᠪᠠᠴᠤ ᠲᠤᠩ ᠭᠣᠷᠢ ᠦᠭᠡᠢ᠃ ᠶᠡᠷᠦ ᠡᠴᠡ ᠠᠵᠢᠯᠲᠠᠨ ᠳᠤ ᠴᠥᠬᠡᠨ ᠥᠭᠳᠡᠭ ᠶᠤᠮ᠃ ᠴᠢ ᠲᠡᠨᠳᠡ ᠠᠯᠢᠪᠠ ᠲᠦᠰᠢᠮᠡᠳ ᠲᠤᠰᠢᠶᠠᠯᠲᠠᠨ ᠢ ᠬᠠᠷᠠᠵᠤ ᠪᠣᠯᠤᠨ᠎ᠠ᠃»

ᠲᠡᠷᠡ ᠠᠭᠤᠷᠲᠠᠢ ᠬᠠᠷᠠᠴᠠ ᠪᠠᠷ ᠨᠥᠬᠦᠷ ᠢᠶᠡᠨ ᠰᠢᠷᠲᠡᠭᠡᠳ᠄

«ᠴᠢ ᠨᠠᠮᠠᠢ ᠶᠠᠭᠤ ᠡᠮᠦᠰᠦᠭᠦᠯᠦᠭᠡᠳ ᠣᠴᠢᠭᠤᠯᠬᠤ ᠪᠤᠢ︖» ᠭᠡᠵᠦ ᠤᠴᠠᠭᠠᠷᠯᠠᠨ ᠪᠠᠷᠬᠢᠷᠠᠪᠠ᠃

ᠨᠥᠬᠦᠷ ᠨᠢ ᠡᠭᠦᠨ ᠢ ᠪᠣᠳᠤᠭᠰᠠᠨ ᠦᠭᠡᠢ ᠲᠤᠯᠠ᠄

«ᠴᠢ ᠲᠢᠶᠠᠲ᠋ᠷ ᠲᠤ ᠣᠴᠢᠬᠤ ᠳᠠᠭᠠᠨ ᠡᠮᠦᠰᠦᠭᠰᠡᠨ ᠲᠡᠷᠡ ᠳᠡᠪᠡᠯ ᠮᠢᠨᠦ ᠪᠣᠳᠤᠬᠤ ᠪᠠᠷ ᠲᠤᠩ ᠵᠦᠭᠡᠷ᠂ ᠪᠢ ᠦᠵᠡᠬᠦ ᠳᠦ ᠁» ᠭᠡᠵᠦ ᠡᠪᠯᠡᠭᠦᠯᠵᠦ ᠶᠠᠳᠠᠨ ᠬᠡᠯᠡᠪᠡ᠃

ᠲᠡᠷᠡ ᠳᠤᠭᠤᠢ ᠪᠣᠯᠤᠯ᠎ᠠ᠃ ᠤᠬᠠᠭᠠᠨ ᠨᠢ ᠭᠠᠷᠴᠤ ᠤᠴᠢᠷ ᠢᠶᠠᠨ ᠣᠯᠬᠤ ᠦᠭᠡᠢ ᠪᠣᠯᠪᠠ᠃ ᠤᠴᠢᠷ ᠨᠢ ᠡᠬᠡᠨᠡᠷ ᠦᠨ ᠢᠶᠡᠨ ᠤᠬᠢᠯᠠᠭᠰᠠᠨ ᠢ ᠣᠯᠵᠤ ᠬᠠᠷᠠᠵᠠᠢ᠃ ᠬᠣᠶᠠᠷ ᠲᠣᠮᠤ ᠭᠡᠭᠴᠢ ᠶᠢᠨ ᠨᠢᠯᠪᠤᠰᠤᠨ ᠳᠤᠰᠤᠯ ᠵᠣᠪᠬᠢ ᠶᠢ ᠨᠢ ᠳᠠᠭᠠᠵᠤ ᠮᠡᠯᠡᠷᠡᠭᠰᠡᠭᠡᠷ ᠵᠠᠪᠠᠵᠢᠨ ᠳᠤᠨᠢ ᠬᠦᠷᠦᠯ᠎ᠡ᠃

«ᠴᠢ ᠶᠠᠭᠠᠬᠢᠪᠠ︖ ᠴᠢ ᠶᠠᠭᠠᠬᠢᠪᠠ︖» ᠭᠡᠵᠦ ᠮᠡᠩᠳᠡᠭᠦᠷᠡᠪᠡ᠃

ᠲᠡᠷᠡ ᠲᠤᠩ ᠶᠡᠬᠡ ᠬᠦᠴᠦ ᠭᠠᠷᠭᠠᠨ ᠪᠠᠢᠵᠤ᠂ ᠭᠤᠨᠢᠭᠯᠠᠯ ᠢᠶᠠᠨ ᠰᠠᠶᠢ ᠳᠠᠷᠤᠵᠤ ᠠᠪᠤᠭᠠᠳ᠂ ᠨᠣᠢᠲᠠᠨ ᠬᠣᠶᠠᠷ ᠬᠠᠴᠠᠷ ᠢᠶᠠᠨ ᠠᠷᠴᠢᠵᠤ᠄

«ᠵᠦᠭᠡᠷ ᠵᠦᠭᠡᠷ᠃ ᠬᠠᠷᠢᠨ ᠣᠯᠢᠭ ᠲᠠᠢ ᠬᠤᠪᠴᠠᠰᠤ ᠦᠭᠡᠢ ᠪᠣᠯ ᠪᠢ ᠡᠨᠡ ᠦᠳᠡᠰᠢᠯᠡᠭᠡ ᠳᠦ ᠣᠴᠢᠵᠤ ᠴᠢᠳᠠᠬᠤ ᠦᠭᠡᠢ᠃ ᠴᠢᠨᠦ ᠬᠠᠮᠲᠤ ᠠᠵᠢᠯᠯᠠᠭᠴᠢ ᠶᠢᠨ ᠬᠡᠨ ᠦ ᠬᠢᠨᠢ ᠡᠬᠡᠨᠡᠷ ᠵᠠᠰᠠᠯ ᠵᠢᠮᠰᠡᠭ ᠢᠶᠡᠷ ᠨᠠᠳᠠ ᠡᠴᠡ ᠰᠠᠢᠬᠠᠨ ᠪᠣᠯ ᠡᠨᠡ ᠤᠷᠢᠯᠭ᠎ᠠ ᠶᠢᠨ ᠪᠢᠴᠢᠭ᠌ ᠢ ᠬᠡᠨ ᠳᠦ ᠴᠦ ᠪᠣᠯᠤᠭᠰᠠᠨ ᠥᠭᠴᠢᠬᠡ» ᠭᠡᠵᠦ ᠲᠠᠢᠪᠤᠰᠢᠷᠠᠭᠰᠠᠨ ᠳᠠᠭᠤ ᠪᠠᠷ ᠬᠠᠷᠢᠭᠤᠯᠪᠠ᠃

ᠨᠥᠬᠦᠷ ᠨᠢ ᠵᠣᠪᠠᠩᠭᠤᠢᠷᠠᠯ᠎ᠠ᠃ ᠲᠡᠭᠡᠭᠡᠳ᠄

«ᠢᠩᠭᠢᠶ᠎ᠡ ᠮᠠᠽᠢᠯᠳ᠋᠃ ᠲᠠᠭᠠᠷᠠᠮᠵᠢᠳᠠᠢ ᠥᠪᠴᠢ ᠬᠤᠪᠴᠠᠰᠤ ᠬᠢᠯᠭᠡᠶ᠎ᠡ᠂ ᠣᠨᠳᠣᠣ ᠭᠠᠵᠠᠷ ᠴᠤ ᠡᠮᠦᠰᠴᠦ ᠪᠣᠯᠤᠨ᠎ᠠ᠃ ᠨᠡᠯᠢᠶᠡᠳ ᠪᠣᠷᠤ ᠳᠦᠷᠢ ᠶᠢᠨ ᠬᠢᠨᠢ ᠳᠡᠭᠡᠷ᠎ᠡ᠃ ᠬᠡᠳᠦᠢ ᠵᠣᠭᠤᠰ ᠣᠷᠤᠨ᠎ᠠ ᠪᠤᠢ︖» ᠭᠡᠪᠡ᠃

ᠮᠠᠽᠢᠯᠳ᠋ ᠬᠡᠳᠦᠨ ᠰᠧᠺᠦ᠋ᠨ᠋ᠳ᠋ ᠪᠣᠳᠤᠭᠠᠳ ᠨᠢᠭᠡ ᠲᠣᠭ᠎ᠠ ᠨᠡᠢᠯᠡᠭᠦᠯᠵᠦ ᠠᠪᠤᠯ᠎ᠠ᠃ ᠡᠨᠡ ᠠᠷᠪᠢᠴᠢ ᠪᠢᠴᠢᠭᠡᠴᠢ ᠰᠢᠭᠤᠳ ᠬᠦᠯᠢᠶᠡᠬᠦ ᠦᠭᠡᠢ ᠪᠤᠶᠤ ᠰᠣᠴᠢᠨ ᠲᠤᠯᠭᠠᠷᠠᠭᠰᠠᠨ ᠳᠠᠭᠤᠨ ᠭᠠᠷᠭᠠᠬᠤ ᠳᠤ ᠬᠦᠷᠬᠦ ᠦᠭᠡᠢ ᠪᠠᠢᠬᠤ ᠠ᠋᠂ ᠲᠡᠢᠨ ᠬᠦ ᠡᠨᠡ ᠲᠣᠭ᠎ᠠ ᠶᠢ ᠬᠡᠯᠡᠵᠦ ᠪᠣᠯᠤᠨ᠎ᠠ ᠭᠡᠵᠦ ᠪᠣᠳᠤᠯᠬᠢᠯᠠᠪᠠ᠃

«ᠶᠠᠭ ᠬᠡᠳᠦᠢ ᠣᠷᠤᠬᠤ ᠶᠢ ᠪᠢ ᠮᠡᠳᠡᠬᠦ ᠦᠭᠡᠢ ᠪᠠᠢᠨ᠎ᠠ᠂ ᠭᠡᠪᠡᠴᠦ ᠮᠢᠨᠦ ᠦᠵᠡᠬᠦ ᠪᠡᠷ ᠳᠥᠷᠪᠡᠨ ᠵᠠᠭᠤᠨ ᠹᠷᠠᠩᠺ ᠪᠠᠢᠪᠠᠯ ᠪᠣᠯᠬᠤ ᠨᠢ ᠲᠡᠷᠡ» ᠭᠡᠵᠦ ᠡᠴᠦᠰ ᠲᠡᠭᠡᠨ ᠲᠠᠲᠠᠭᠠᠯᠵᠠᠩᠬᠠᠨ ᠬᠡᠯᠡᠪᠡ᠃

ᠨᠥᠬᠦᠷ ᠤᠨ ᠬᠢᠨᠢ ᠴᠢᠷᠠᠢ ᠬᠤᠵᠢᠢᠰᠭᠢᠯ᠎ᠠ᠃ ᠲᠡᠷᠡ ᠶᠠᠭ ᠡᠳᠦᠢ ᠯᠡ ᠵᠣᠭᠤᠰ ᠬᠠᠳᠠᠭᠠᠯᠠᠭᠤᠯᠵᠤ ᠪᠠᠢᠭᠰᠠᠨ ᠪᠥᠭᠡᠳ ᠲᠡᠭᠦᠨ ᠢᠶᠡᠷ ᠢᠶᠡᠨ ᠠᠩ ᠤᠨ ᠫᠤᠤ ᠠᠪᠴᠤ ᠠᠩᠴᠢᠳ ᠤᠨ ᠪᠦᠯᠬᠦᠮ ᠳᠦ ᠣᠷᠤᠯᠴᠠᠭᠠᠳ ᠵᠤᠨ ᠤ ᠤᠯᠠᠷᠢᠯ ᠤᠨ ᠭᠠᠷᠠᠭ ᠤᠨ ᠡᠳᠦᠷ ᠬᠡᠳᠦᠨ ᠨᠠᠢᠵᠠ ᠲᠠᠢ ᠪᠠᠨ ᠬᠠᠮᠲᠤ ᠯᠠᠨᠳ᠋ᠧᠷ ᠲᠠᠯ᠎ᠠ ᠳᠤ ᠣᠴᠢᠵᠤ ᠳᠠᠭᠤᠲᠤ ᠪᠣᠯᠵᠤᠮᠤᠷ ᠠᠩᠨᠠᠬᠤ ᠭᠡᠵᠦ ᠪᠣᠳᠤᠵᠤ ᠪᠠᠢᠵᠠᠢ᠃

ᠲᠡᠭᠡᠪᠡᠴᠦ ᠲᠡᠷᠡ᠄«ᠵᠠ ᠪᠣᠯᠤᠨ᠎ᠠ᠂ ᠪᠢ ᠴᠢᠮ᠎ᠠ ᠳᠤ ᠳᠥᠷᠪᠡᠨ ᠵᠠᠭᠤᠨ ᠹᠷᠠᠩᠺ ᠥᠭᠭᠦᠶ᠎ᠡ᠃ ᠴᠢ ᠬᠠᠷᠢᠨ ᠡᠨᠡ ᠬᠤᠪᠴᠠᠰᠤ ᠪᠠᠨ ᠭᠣᠶᠤᠬᠠᠨ ᠯᠠ ᠬᠢᠯᠭᠡᠬᠦ ᠬᠡᠷᠡᠭᠲᠡᠢ ᠰᠢᠦ» ᠭᠡᠪᠡ᠃

ᠦᠳᠡᠰᠢᠯᠡᠭᠡ ᠶᠢᠨ ᠡᠳᠦᠷ ᠣᠢᠷᠠᠲᠤᠯ᠎ᠠ᠂ ᠭᠡᠲᠡᠯ᠎ᠡ ᠮᠠᠽᠢᠯᠳ᠋ ᠬᠠᠲᠤᠨ ᠪᠣᠬᠢᠨᠢᠳᠤᠵᠤ᠂ ᠰᠡᠳᠭᠢᠯ ᠠᠮᠤᠷ ᠦᠭᠡᠢ ᠲᠡᠪᠡᠳᠡᠭᠰᠡᠨ ᠨᠢ ᠢᠯᠡᠷᠬᠡᠢ ᠪᠣᠯᠪᠠ᠃ ᠲᠡᠭᠦᠨ ᠦ ᠬᠤᠪᠴᠠᠰᠤ ᠴᠤ ᠰᠠᠢᠬᠠᠨ ᠪᠣᠯᠵᠠᠢ᠃ ᠨᠥᠬᠦᠷ ᠨᠢ ᠨᠢᠭᠡ ᠣᠷᠤᠢ ᠲᠡᠭᠦᠨ ᠳᠦ᠄

«ᠴᠢ ᠶᠠᠭᠠᠬᠢᠪᠠ︖ ᠡᠨᠡ ᠬᠡᠳᠦᠨ ᠡᠳᠦᠷ ᠲᠤᠩ ᠬᠠᠴᠢᠨ ᠵᠢᠭᠲᠡᠢ ᠪᠣᠯᠴᠢᠬᠠᠵᠠᠢ» ᠭᠡᠪᠡ᠃

«ᠨᠢᠭᠡ ᠯᠡ ᠦᠨᠡᠲᠦ ᠰᠤᠪᠤᠳ᠂ ᠨᠢᠭᠡ ᠪᠥᠭᠡᠷᠡᠩᠬᠡᠢ ᠪᠠᠳᠮᠠᠷᠠᠭ᠎ᠠ ᠴᠤ ᠪᠠᠢᠬᠤ ᠦᠭᠡᠢ᠂ ᠵᠡᠭᠦᠮᠡᠷ ᠴᠦ ᠶᠠᠭᠤᠮ᠎ᠠ ᠪᠠᠢᠬᠤ ᠦᠭᠡᠢ ᠨᠢ ᠨᠠᠮᠠᠢ ᠵᠣᠪᠠᠭᠠᠵᠤ ᠪᠠᠢᠨ᠎ᠠ᠃ ᠭᠠᠵᠠᠷ ᠪᠣᠯᠭᠠᠨ ᠭᠤᠢᠷᠠᠨᠴᠢ ᠪᠠᠨ ᠭᠠᠢᠬᠠᠭᠤᠯᠤᠭᠠᠳ ᠶᠠᠭᠠᠬᠢᠬᠤ ᠪᠤᠢ᠃ ᠡᠨᠡ ᠦᠳᠡᠰᠢᠯᠡᠭᠡ ᠳᠦ ᠣᠴᠢᠬᠤ ᠪᠠᠨ ᠪᠣᠯᠢᠶ᠎ᠠ ᠭᠡᠵᠦ ᠰᠠᠨᠠᠵᠤ ᠪᠠᠢᠨ᠎ᠠ» ᠭᠡᠵᠦ ᠬᠠᠷᠢᠭᠤᠯᠪᠠ᠃

«ᠬᠡᠳᠦᠨ ᠰᠢᠨ᠎ᠡ ᠴᠡᠴᠡᠭ ᠵᠡᠭᠦᠴᠢᠬᠡ᠃ ᠣᠳᠣ ᠶᠢᠨ ᠤᠯᠠᠷᠢᠯ ᠳᠤ ᠡᠨᠡ ᠴᠢᠨᠢ ᠬᠠᠷᠢᠨ ᠲᠤᠩ ᠰᠢᠨ᠎ᠡ ᠮᠠᠶᠢ᠍ᠭ ᠤᠨ ᠰᠢᠤ᠃ ᠠᠷᠪᠠᠨ ᠹᠷᠠᠩᠺ ᠵᠠᠷᠤᠪᠠᠯ ᠪᠠᠭᠯᠠᠭᠠᠷ ᠰᠠᠢᠬᠠᠨ ᠬᠣᠶᠠᠷ ᠰᠠᠷᠭᠠᠢ ᠴᠡᠴᠡᠭ ᠠᠪᠴᠤ ᠴᠢᠳᠠᠨ᠎ᠠ» ᠭᠡᠵᠦ ᠨᠥᠬᠦᠷ ᠨᠢ ᠬᠡᠯᠡᠪᠡ᠃

ᠲᠡᠷᠡ ᠪᠠᠰᠠ ᠵᠥᠪᠰᠢᠶᠡᠷᠡᠭᠰᠡᠨ ᠦᠭᠡᠢ᠃

«ᠪᠣᠯᠬᠤ ᠦᠭᠡᠢ ᠁ ᠰᠣᠷᠲᠤᠭᠤᠯᠢᠭ ᠬᠠᠲᠤᠳ ᠤᠨ ᠳᠤᠮᠳᠠ ᠭᠤᠢᠷᠠᠨᠴᠢ ᠪᠠᠨ ᠭᠠᠢᠬᠠᠭᠤᠯᠬᠤ ᠠᠴᠠ ᠮᠠᠭᠤᠬᠠᠢ ᠶᠠᠭᠤᠮ᠎ᠠ ᠭᠡᠵᠦ ᠬᠠᠮᠢᠭ᠎ᠠ ᠪᠠᠢᠬᠤ ᠪᠤᠢ᠃»

«ᠴᠢ ᠶᠠᠭᠠᠬᠢᠭᠠᠳ ᠡᠷᠭᠢᠭᠦᠦ ᠪᠤᠢ︖ ᠹᠯᠧᠰᠵᠧ ᠬᠠᠲᠤᠨ ᠨᠠᠢᠵᠠ ᠶᠢᠨ ᠳᠠᠭᠠᠨ ᠣᠴᠢᠭᠠᠳ ᠲᠡᠭᠦᠨ ᠡᠴᠡ ᠬᠡᠳᠦᠨ ᠵᠦᠢᠯ ᠦᠨ ᠰᠤᠪᠤᠳ ᠵᠢᠭᠡᠯᠡ᠃ ᠴᠢ ᠲᠡᠭᠦᠨ ᠲᠠᠢ ᠲᠤᠩ ᠳᠣᠲᠤᠨᠤᠰᠤᠭ ᠪᠣᠯᠬᠣᠷ ᠡᠨᠡᠦᠬᠡᠨ ᠶᠠᠪᠤᠳᠠᠯ ᠶᠠᠭᠤ ᠪᠠᠢᠬᠤ ᠪᠤᠢ» ᠭᠡᠵᠦ ᠨᠥᠬᠦᠷ ᠨᠢ ᠴᠢᠩᠭ᠎ᠠ ᠭᠡᠭᠴᠢ ᠬᠡᠯᠡᠪᠡ᠃

ᠮᠠᠽᠢᠯᠳ᠋ ᠰᠣᠴᠢᠨ ᠪᠠᠶᠠᠷᠯᠠᠵᠤ ᠳᠠᠭᠤᠨ ᠠᠯᠳᠠᠪᠠ᠃

«ᠨᠡᠭᠡᠷᠡᠨ︕ ᠪᠢ ᠬᠠᠷᠢᠨ ᠡᠭᠦᠨ ᠢ ᠰᠠᠨᠠᠵᠤ ᠣᠯᠤᠭᠰᠠᠨ ᠦᠭᠡᠢ᠃»

ᠳᠠᠷᠠᠭ᠎ᠠ ᠡᠳᠦᠷ ᠨᠢ ᠮᠠᠽᠢᠯᠳ᠋ ᠨᠠᠢᠵᠠ ᠶᠢᠨ ᠳᠠᠭᠠᠨ ᠣᠴᠢᠵᠤ ᠥᠪᠡᠷ ᠦᠨ ᠵᠣᠪᠠᠯᠠᠩ ᠢᠶᠠᠨ ᠲᠣᠭᠠᠴᠢᠯ᠎ᠠ᠃ ᠹᠯᠧᠰᠵᠧ ᠬᠠᠲᠤᠨ ᠰᠢᠯ ᠰᠠᠭᠤᠯᠭᠠᠭᠰᠠᠨ ᠬᠤᠪᠴᠠᠰᠤᠨ ᠤ ᠬᠣᠷᠭᠤᠨ ᠳᠠᠭᠠᠨ ᠣᠴᠢᠵᠤ᠂ ᠲᠣᠮᠤ ᠬᠠᠢᠷᠴᠠᠭ ᠭᠠᠷᠭᠠᠨ ᠠᠪᠴᠤ ᠨᠡᠭᠡᠭᠡᠨ ᠲᠠᠯᠪᠢᠭᠠᠳ᠂ ᠮᠠᠽᠢᠯᠳ᠋ ᠬᠠᠲᠤᠨ ᠳᠤ᠄

«ᠰᠢᠯᠢ ᠳ᠋ᠠ᠂ ᠬᠠᠢᠷᠠᠲᠤ ᠮᠢᠨᠢ» ᠭᠡᠪᠡ᠃

ᠲᠡᠷᠡ ᠤᠷᠢᠳᠠ ᠪᠠᠷ ᠬᠡᠳᠦᠨ ᠪᠠᠭᠤᠪᠴᠢ᠂ ᠳᠠᠷᠠᠭ᠎ᠠ ᠨᠢ ᠨᠢᠭᠡ ᠰᠤᠪᠤᠳ ᠰᠣᠨᠳᠤᠷ᠂ ᠰᠡᠭᠦᠯ ᠳᠤᠨᠢ ᠪᠠᠳᠮᠠᠷᠠᠭ᠎ᠠ ᠰᠢᠭᠢᠳᠭᠡᠭᠰᠡᠨ ᠲᠤᠢᠯ ᠦᠨ ᠨᠠᠷᠢᠨ ᠬᠢᠴᠡᠲᠡᠢ ᠸᠢᠨ᠋ᠸᠼᠢᠶ᠎ᠠ ᠬᠡᠯᠪᠡᠷᠢ ᠶᠢᠨ ᠠᠯᠲᠠᠨ ᠵᠠᠭᠠᠯᠮᠠᠢ ᠶᠢ ᠦᠵᠡᠯ᠎ᠡ᠃ ᠲᠡᠷᠡ ᠲᠣᠯᠢᠨ ᠤ ᠡᠮᠦᠨ᠎ᠡ ᠣᠴᠢᠵᠤ ᠡᠳᠡᠭᠡᠷ ᠵᠢᠮᠰᠡᠭ ᠢ ᠵᠡᠭᠦᠵᠦ ᠦᠵᠡᠭᠡᠳ ᠠᠯᠢᠨ ᠢ ᠨᠢ ᠠᠪᠴᠤ ᠠᠯᠢᠨ ᠢ ᠨᠢ ᠲᠠᠯᠪᠢᠬᠤ ᠪᠠᠨ ᠮᠡᠳᠡᠬᠦ ᠦᠭᠡᠢ ᠲᠠᠲᠠᠭᠠᠯᠵᠠᠯ᠎ᠠ᠃ ᠲᠡᠭᠡᠭᠡᠳ ᠮᠠᠽᠢᠯᠳ᠋᠄

«ᠣᠨᠳᠣᠣ ᠰᠠᠢᠬᠠᠨ ᠤ ᠪᠠᠢᠬᠤ ᠦᠭᠡᠢ ᠦᠦ︖» ᠭᠡᠵᠦ ᠪᠠᠢᠨ ᠪᠠᠢᠨ ᠠᠰᠠᠭᠤᠨ᠎ᠠ᠃

«ᠪᠤᠢ ᠪᠤᠢ᠃ ᠥᠪᠡᠷ ᠢᠶᠡᠨ ᠯᠡ ᠡᠷᠢ᠃ ᠶᠠᠮᠠᠷ ᠶᠠᠩᠵᠤ ᠲᠠᠢ ᠨᠢ ᠴᠢᠨᠦ ᠰᠠᠨᠠᠭᠠᠨ ᠳᠤ ᠨᠡᠢᠴᠡᠬᠦ ᠶᠢ ᠪᠢ ᠮᠡᠳᠡᠬᠦ ᠦᠭᠡᠢ ᠪᠠᠢᠨ᠎ᠠ᠃»

ᠮᠠᠽᠢᠯᠳ᠋ ᠬᠥᠬᠡ ᠲᠣᠷᠭᠠᠨ ᠭᠠᠳᠠᠷᠲᠠᠢ ᠵᠢᠵᠢᠭ᠌ ᠬᠠᠢᠷᠴᠠᠭ ᠳᠣᠲᠤᠷ᠎ᠠ ᠠᠴᠠ ᠨᠠᠷᠢᠯᠢᠭ ᠰᠠᠢᠬᠠᠨ ᠠᠯᠮᠠᠰ ᠡᠷᠳᠡᠨᠢ ᠶᠢᠨ ᠰᠣᠨᠳᠤᠷ ᠢ ᠭᠡᠨᠡᠳᠲᠡ ᠣᠯᠵᠤ ᠠᠪᠤᠭᠠᠳ ᠪᠠᠶᠠᠷᠯᠠᠭᠰᠠᠨ ᠳᠠᠭᠠᠨ ᠵᠢᠷᠦᠬᠡ ᠨᠢ ᠯᠤᠭᠰᠢᠵᠤ ᠭᠠᠷᠤᠯ᠎ᠠ᠃ ᠲᠡᠷᠡ ᠰᠣᠨᠳᠤᠷ ᠢ ᠬᠣᠶᠠᠷ ᠭᠠᠷ ᠢᠶᠠᠷ ᠢᠶᠠᠨ ᠪᠠᠷᠢᠭᠠᠳ ᠰᠠᠯᠭᠠᠨᠠᠨ᠎ᠠ᠃ ᠲᠡᠷᠡ ᠰᠣᠨᠳᠤᠷ ᠢᠶᠠᠷ ᠬᠦᠵᠦᠭᠦᠦ ᠪᠡᠨ ᠣᠷᠢᠶᠠᠯᠭᠠᠨ ᠤᠷᠲᠤ ᠭᠡᠭᠴᠢ ᠶᠢᠨ ᠥᠨᠳᠦᠷ ᠵᠠᠭᠠᠮ᠎ᠠ ᠳᠡᠭᠡᠷ᠎ᠡ ᠪᠡᠨ ᠵᠡᠭᠦᠭᠡᠳ ᠲᠣᠯᠢᠨ ᠤ ᠡᠮᠦᠨ᠎ᠡ ᠵᠣᠭᠰᠤᠵᠤ ᠪᠡᠶ᠎ᠡ ᠪᠡᠨ ᠲᠤᠩ ᠤᠳᠠᠲᠠᠯ᠎ᠠ ᠱᠤᠬᠤᠭᠤᠷᠠᠪᠠ᠃

ᠲᠡᠭᠡᠵᠦ ᠲᠡᠭᠡᠵᠦ ᠲᠡᠷᠡ᠄

«ᠴᠢ ᠡᠭᠦᠨ ᠢ ᠨᠠᠳᠠ ᠵᠢᠭᠡᠯᠡᠵᠦ ᠥᠭᠭᠦᠨ᠎ᠡ ᠦᠦ︖ ᠪᠢ ᠡᠭᠦᠨ ᠢ ᠯᠡ ᠵᠢᠭᠡᠯᠡᠶ᠎ᠡ» ᠭᠡᠵᠦ ᠲᠡᠭᠡᠨᠡᠭᠡᠯᠵᠡᠭᠰᠡᠨ ᠳᠡᠭᠡᠷ᠎ᠡ ᠪᠡᠨ ᠲᠡᠪᠡᠳᠡᠩᠭᠦᠢ ᠬᠡᠯᠡᠪᠡ᠃

«ᠪᠣᠯᠤᠯ ᠦᠭᠡᠢ ᠶᠠᠭᠠᠬᠢᠬᠤ ᠪᠤᠢ᠃»

ᠮᠠᠽᠢᠯᠳ᠋ ᠭᠦᠶᠦᠵᠦ ᠢᠷᠡᠭᠡᠳ ᠨᠠᠢᠵᠠ ᠶᠢᠨ ᠢᠶᠠᠨ ᠬᠦᠵᠦᠭᠦᠦ ᠪᠡᠷ ᠲᠡᠪᠡᠷᠢᠵᠦ ᠰᠡᠳᠭᠢᠯ ᠬᠥᠭᠡᠷᠦᠨ ᠦᠨᠦᠰᠴᠦ ᠦᠨᠦᠰᠦᠭᠡᠳ ᠲᠡᠷᠡ ᠬᠦ ᠬᠣᠪᠤᠷ ᠬᠠᠴᠢᠨ ᠶᠠᠭᠤᠮ᠎ᠠ ᠪᠠᠨ ᠠᠪᠤᠭᠠᠳ ᠭᠦᠶᠦᠨ ᠣᠳᠪᠠ᠃

ᠦᠳᠡᠰᠢᠯᠡᠭᠡ ᠶᠢᠨ ᠡᠳᠦᠷ ᠪᠣᠯᠤᠯ᠎ᠠ᠃ᠮᠠᠽᠢᠯᠳ᠋ ᠬᠠᠲᠤᠨ ᠠᠮᠵᠢᠯᠲᠠ ᠣᠯᠪᠠ᠃ᠲᠡᠷᠡ ᠡᠮᠡᠭᠲᠡᠢ ᠵᠣᠴᠢᠳ ᠤᠨ ᠠᠯᠢᠨ ᠡᠴᠡ ᠴᠤ ᠦᠵᠡᠰᠭᠦᠯᠡᠩ᠂ᠴᠡᠪᠡᠷᠬᠡᠨ᠂ᠰᠡᠳᠭᠢᠯ ᠬᠥᠳᠡᠯᠭᠡᠮ᠎ᠡ ᠪᠥᠭᠡᠳ ᠴᠢᠷᠠᠢ ᠳᠦᠭᠦᠷᠡᠩ ᠢᠨᠢᠶᠡᠮᠰᠦᠭᠯᠡᠯ ᠲᠣᠳᠤᠷᠠᠭᠤᠯᠵᠤ᠂ ᠰᠡᠳᠭᠢᠯ ᠳᠦᠭᠦᠷᠡᠩ ᠪᠠᠢᠳᠠᠯ ᠣᠷᠭᠢᠭᠤᠯᠤᠨ᠎ᠠ᠃ ᠡᠷᠡᠭᠲᠡᠢ ᠵᠣᠴᠢᠳ ᠤᠨ ᠠᠯᠢ ᠨᠢ ᠴᠤ ᠴᠥᠮ ᠲᠡᠭᠦᠨ ᠳᠦ ᠨᠢᠳᠦ ᠬᠠᠶᠠᠵᠤ᠂ ᠨᠡᠷ᠎ᠡ ᠣᠪᠤᠭ ᠢ ᠨᠢ ᠰᠤᠷᠠᠭᠯᠠᠵᠤ᠂ ᠪᠤᠰᠤᠳ ᠢ ᠭᠤᠶᠤᠨ ᠲᠡᠭᠦᠨ ᠲᠠᠢ ᠲᠠᠨᠢᠯᠴᠠᠨ᠎ᠠ᠃ ᠶᠠᠮᠤᠨ ᠤ ᠨᠠᠷᠢᠨ ᠪᠢᠴᠢᠭᠡᠴᠢ ᠶᠢᠨ ᠭᠠᠵᠠᠷ ᠤᠨ ᠠᠵᠢᠯᠲᠠᠨ ᠪᠦᠬᠦᠨ ᠲᠡᠭᠦᠨ ᠲᠠᠢ ᠪᠥᠵᠢᠭᠯᠡᠬᠦ ᠶᠢ ᠡᠲᠦᠵᠦ᠂ ᠰᠠᠢᠳ ᠴᠤ ᠲᠡᠭᠦᠨ ᠢ ᠠᠩᠬᠠᠷᠪᠠ᠃

ᠮᠠᠽᠢᠯᠳ᠋ ᠰᠡᠳᠭᠢᠯ ᠬᠥᠭᠡᠷᠦᠨ ᠪᠠᠶᠠᠷ ᠪᠠᠶᠠᠰᠭᠤᠯᠠᠩᠲᠠᠢ ᠪᠥᠵᠢᠭᠯᠡᠵᠦ ᠴᠡᠩᠭᠡᠯ ᠤᠨ ᠳᠤᠮᠳᠠ ᠱᠤᠩᠪᠠᠨ ᠠᠯᠮᠠᠢᠷᠠᠭᠰᠠᠭᠠᠷ ᠶᠠᠭᠤ ᠶᠢ ᠴᠤ ᠰᠠᠨᠠᠬᠤ ᠪᠠᠨ ᠪᠣᠯᠢᠪᠠ᠃ ᠲᠡᠷᠡ ᠭᠤᠤ᠎ᠠ ᠰᠠᠢᠬᠠᠨ ᠢᠶᠠᠷ ᠢᠶᠠᠨ ᠠᠯᠢᠪᠠ ᠡᠮᠡᠭᠲᠡᠢ ᠵᠣᠴᠢᠳ ᠠᠴᠠ ᠳᠠᠪᠠᠭᠰᠠᠨ ᠳᠠᠭᠠᠨ ᠰᠣᠭᠲᠤᠭᠤᠷᠠᠨ᠎ᠠ᠃ ᠠᠮᠵᠢᠯᠲᠠ ᠣᠯᠤᠭᠰᠠᠨ ᠤ ᠠᠯᠳᠠᠷ ᠭᠡᠷᠡᠯ ᠳᠡᠭᠡᠨ ᠰᠣᠭᠲᠤᠭᠤᠷᠠᠨ᠎ᠠ᠂ ᠬᠥᠮᠦᠰ ᠲᠡᠭᠦᠨ ᠢ ᠱᠠᠭᠰᠢᠨ ᠭᠠᠢᠬᠠᠵᠤ᠂ ᠲᠡᠭᠦᠨ ᠳᠦ ᠬᠦᠰᠡᠨ ᠲᠠᠴᠢᠶᠠᠭᠰᠠᠨ ᠠᠴᠠ ᠪᠣᠯᠤᠭᠰᠠᠨ ᠵᠢᠷᠭᠠᠯ ᠤᠨ ᠪᠤᠳᠠᠩ ᠳᠣᠲᠤᠷ᠎ᠠ ᠰᠣᠭᠲᠤᠭᠤᠷᠠᠨ᠎ᠠ᠂ ᠡᠮᠡᠭᠲᠡᠢᠴᠦᠳ ᠦᠨ ᠪᠣᠳᠤᠳᠠᠭ ᠬᠠᠮᠤᠭ ᠤᠨ ᠲᠡᠭᠦᠰ ᠰᠠᠢᠬᠠᠨ ᠬᠠᠮᠤᠭ ᠤᠨ ᠲᠠᠭᠠᠯᠠᠮᠵᠢᠲᠠᠢ ᠢᠯᠠᠯᠲᠠ ᠶᠢᠨ ᠳᠤᠮᠳᠠ ᠰᠣᠭᠲᠤᠭᠤᠷᠠᠨ᠎ᠠ᠃

ᠮᠠᠽᠢᠯᠳ᠋ ᠡᠷᠲᠡ ᠶᠢᠨ ᠳᠥᠷᠪᠡᠨ ᠴᠠᠭ ᠤᠨ ᠦᠶᠡᠰ ᠢᠶᠡᠷ ᠭᠠᠷᠤᠯ᠎ᠠ᠃ ᠲᠡᠭᠦᠨ ᠦ ᠨᠥᠬᠦᠷ ᠨᠢ ᠰᠥᠨᠢ ᠳᠤᠮᠳᠠ ᠠᠴᠠ ᠡᠬᠢᠯᠡᠭᠡᠳ ᠭᠤᠷᠪᠠᠨ ᠡᠷᠡᠭᠲᠡᠢ ᠵᠣᠴᠢᠨ ᠲᠠᠢ ᠬᠠᠮᠲᠤ ᠵᠠᠢᠳᠠᠭᠤᠬᠠᠨ ᠨᠢᠭᠡ ᠵᠣᠴᠢᠳ ᠤᠨ ᠥᠷᠦᠭᠡᠨ ᠳᠦ ᠤᠨᠲᠠᠵᠤ ᠣᠷᠬᠢᠵᠠᠢ᠃ ᠲᠡᠷᠡ ᠵᠠᠪᠰᠠᠷ ᠡᠨᠡ ᠭᠤᠷᠪᠠᠨ ᠡᠷᠡᠭᠲᠡᠢ ᠵᠣᠴᠢᠨ ᠤ ᠡᠬᠡᠨᠡᠷ ᠴᠦ ᠮᠥᠨ ᠪᠥᠵᠢᠭᠯᠡᠨ ᠬᠥᠭᠵᠢᠯᠳᠦᠭᠰᠡᠭᠡᠷ ᠪᠠᠢᠪᠠ᠃

ᠮᠠᠽᠢᠯᠳ᠋ ᠤᠨ ᠨᠥᠬᠦᠷ ᠨᠢ ᠶᠠᠪᠤᠬᠤ ᠦᠶ᠎ᠡ ᠳᠦ ᠡᠮᠦᠰᠦᠭᠦᠯᠬᠦ ᠭᠡᠵᠦ ᠭᠡᠷ ᠡᠴᠡ ᠪᠡᠨ ᠠᠪᠴᠢᠷᠠᠭᠰᠠᠨ ᠬᠤᠪᠴᠠᠰᠤ ᠶᠢ ᠮᠥᠷᠦᠨ ᠳᠡᠭᠡᠭᠦᠷ ᠨᠢ ᠨᠥᠮᠦᠷᠦᠭᠦᠯᠪᠡ᠃ ᠡᠨᠡ ᠪᠣᠯ ᠭᠡᠷ ᠲᠦ ᠡᠮᠦᠰᠳᠡᠭ ᠪᠣᠷᠤ ᠳᠦᠷᠢ ᠶᠢᠨ ᠬᠤᠪᠴᠠᠰᠤ ᠲᠤᠯᠠ ᠡᠭᠦᠨ ᠦ ᠦᠵᠡᠰᠢ ᠦᠭᠡᠢ ᠳᠦᠷᠢ ᠶᠢ ᠦᠳᠡᠰᠢᠯᠡᠭᠡ ᠳᠡᠭᠡᠷᠡᠬᠢ ᠬᠤᠪᠴᠠᠰᠤᠨ ᠤ ᠬᠡᠭᠡᠨᠴᠢᠷ ᠵᠢᠪᠬᠤᠭ᠎ᠠ ᠲᠠᠢ ᠵᠡᠷᠭᠡᠴᠡᠭᠦᠯᠬᠦ ᠠᠷᠭ᠎ᠠ ᠦᠭᠡᠢ᠃ ᠲᠡᠷᠡ ᠡᠭᠦᠨ ᠢ ᠰᠡᠷᠡᠵᠦ ᠮᠡᠳᠡᠭᠰᠡᠨ ᠪᠣᠯᠬᠣᠷ ᠬᠣᠪᠤᠷ ᠦᠨᠡᠲᠡᠢ ᠬᠤᠪᠴᠠᠰᠤ ᠡᠮᠦᠰᠦᠭᠰᠡᠨ ᠡᠮᠡᠭᠲᠡᠢᠴᠦᠳ ᠲᠦ ᠦᠯᠦ ᠬᠠᠷᠠᠭᠳᠠᠬᠤ ᠶᠢᠨ ᠲᠥᠯᠦᠭᠡ ᠬᠤᠷᠳᠤᠬᠠᠨ ᠢᠶᠠᠷ ᠪᠤᠷᠤᠭᠤᠯᠠᠨ ᠣᠳᠬᠤ ᠭᠡᠪᠡ᠃

ᠯᠦᠸᠠᠼᠢ ᠲᠡᠭᠦᠨ ᠢ ᠴᠢᠩᠭᠠᠭᠠᠵᠤ᠄

«ᠪᠠᠢᠵᠠ ᠪᠠᠢᠵᠠ᠂ ᠴᠢ ᠭᠠᠷᠪᠠᠯ ᠳᠠᠭᠠᠷᠠᠨ᠎ᠠ ᠰᠢᠤ᠂ ᠪᠢ ᠮᠣᠷᠢᠨ ᠲᠡᠷᠭᠡ ᠳᠠᠭᠤᠳᠠᠭᠠᠳ ᠢᠷᠡᠶ᠎ᠡ» ᠭᠡᠪᠡ᠃

ᠭᠡᠲᠡᠯ᠎ᠡ ᠲᠡᠷᠡ ᠣᠭᠲᠤ ᠬᠠᠢᠬᠤᠷᠤᠯ ᠦᠭᠡᠢ ᠰᠠᠩᠳᠡ ᠮᠡᠩᠳᠡ ᠱᠠᠳᠤ ᠪᠠᠷ ᠪᠠᠭᠤᠨ ᠣᠳᠤᠯ᠎ᠠ᠃ ᠲᠡᠷᠡ ᠭᠤᠳᠤᠮᠵᠢᠨ ᠳᠤ ᠭᠠᠷᠤᠭᠠᠳ ᠨᠢᠭᠡ ᠴᠦ ᠮᠣᠷᠢᠨ ᠲᠡᠷᠭᠡ ᠲᠠᠢ ᠲᠠᠭᠠᠷᠢᠯᠳᠤᠭᠰᠠᠨ ᠦᠭᠡᠢ᠃ ᠲᠡᠳᠡ ᠭᠠᠵᠠᠷ ᠪᠦᠬᠦᠨ ᠡᠴᠡ ᠡᠷᠢᠵᠦ᠂ ᠮᠣᠷᠢᠨ ᠲᠡᠷᠭᠡ ᠬᠠᠷᠠᠭᠳᠠᠮᠠᠭᠴᠠ ᠬᠣᠯᠠ ᠠᠴᠠ ᠬᠠᠰᠭᠢᠷᠤᠨ ᠳᠠᠭᠤᠳᠠᠨ᠎ᠠ᠃

ᠲᠡᠳᠡ ᠰᠧᠢᠨᠧ ᠭᠣᠣᠯ ᠤᠨ ᠬᠥᠪᠡᠭᠡ ᠳᠠᠭᠠᠵᠤ ᠮᠤᠬᠤᠷᠳᠠᠨ ᠶᠠᠪᠤᠬᠤ ᠪᠥᠭᠡᠳ ᠴᠡᠴᠡᠷᠡᠨ ᠳᠠᠭᠵᠢᠷᠠᠲᠠᠯ᠎ᠠ ᠳᠠᠭᠠᠷᠠᠵᠠᠢ᠃ ᠲᠡᠭᠡᠭᠰᠡᠭᠡᠷ ᠭᠣᠣᠯ ᠤᠨ ᠡᠷᠭᠢ ᠳᠡᠭᠡᠷ᠎ᠡ ᠡᠴᠡ ᠰᠥᠨᠢ ᠶᠠᠪᠤᠳᠠᠭ ᠨᠢᠭᠡ ᠮᠠᠭᠤ ᠮᠣᠷᠢᠨ ᠲᠡᠷᠭᠡ ᠣᠯᠪᠠ᠃ᠡᠢᠮᠦᠷᠬᠦᠦ ᠲᠡᠷᠭᠡ ᠫᠠᠷᠢᠰ ᠲᠤ ᠰᠥᠨᠢ ᠯᠡ ᠦᠵᠡᠭᠳᠡᠳᠡᠭ᠂ᠡᠳᠦᠷ ᠨᠢ ᠲᠡᠷᠡ ᠥᠪᠡᠷ ᠦᠨ ᠢᠶᠡᠨ ᠮᠠᠭᠤᠬᠠᠢ ᠳᠦᠷᠢ ᠪᠠᠢᠳᠠᠯ ᠠᠴᠠ ᠪᠠᠨ ᠪᠣᠯᠤᠭᠠᠳ ᠭᠠᠷᠴᠤ ᠢᠷᠡᠳᠡᠭ ᠦᠭᠡᠢ ᠪᠣᠯᠤᠯᠲᠠᠢ᠃

ᠮᠣᠷᠢᠨ ᠲᠡᠷᠭᠡ ᠲᠡᠳᠡᠨ ᠢ ᠮᠠᠷᠲ᠋ᠢᠨ ᠵᠡᠭᠡᠯᠢ ᠶᠢᠨ ᠰᠠᠭᠤᠴᠠᠨ ᠤ ᠬᠢᠨᠢ ᠡᠭᠦᠳᠡᠨ ᠳᠦ ᠰᠢᠭᠤᠳ ᠠᠪᠴᠢᠷᠠᠪᠠ᠃ ᠲᠡᠷᠡ ᠵᠦᠳᠡᠷᠡᠩᠭᠦᠢ ᠪᠡᠷ ᠭᠡᠷ ᠲᠡᠭᠡᠨ ᠣᠷᠤᠯ᠎ᠠ᠃ ᠮᠠᠽᠢᠯᠳ᠋ ᠲᠤ ᠠᠪᠴᠤ ᠬᠡᠯᠡᠪᠡᠯ ᠨᠢᠭᠡ ᠶᠠᠪᠤᠳᠠᠯ ᠢ ᠳᠠᠭᠤᠰᠭᠠᠭᠰᠠᠨ ᠢᠶᠠᠷ ᠲᠣᠭᠠᠴᠢᠵᠤ ᠪᠣᠯᠤᠨ᠎ᠠ᠃ ᠨᠥᠬᠦᠷ ᠨᠢ ᠠᠷᠪᠠᠨ ᠴᠠᠭ ᠲᠤ ᠶᠠᠮᠤᠨ ᠳᠠᠭᠠᠨ ᠣᠴᠢᠬᠤ ᠪᠠᠷ ᠪᠣᠳᠤᠵᠤ ᠪᠠᠢᠪᠠ᠃

ᠲᠡᠷᠡ ᠨᠥᠮᠦᠷᠴᠦ ᠢᠷᠡᠭᠰᠡᠨ ᠬᠤᠪᠴᠠᠰᠤ ᠪᠠᠨ ᠲᠠᠢᠯᠵᠤ᠂ ᠲᠣᠯᠢᠨ ᠤ ᠡᠮᠦᠨ᠎ᠡ ᠣᠴᠢᠪᠠ᠃ ᠤᠴᠢᠷ ᠨᠢ ᠡᠨᠡ ᠬᠦ ᠥᠩᠭᠡ ᠭᠡᠷᠡᠯᠲᠡᠢ ᠵᠢᠮᠰᠡᠭ ᠴᠢᠮᠡᠭ ᠪᠡᠶ᠎ᠡ ᠳᠤᠨᠢ ᠪᠠᠢᠭᠰᠠᠭᠠᠷ ᠲᠤᠯᠠ ᠥᠪᠡᠷ ᠢ ᠢᠶᠡᠨ ᠳᠠᠬᠢᠵᠤ ᠰᠠᠢᠲᠤᠷ ᠨᠠᠷᠢᠪᠴᠢᠯᠠᠬᠤ ᠭᠡᠰᠡᠨ ᠪᠠᠢᠵᠠᠢ᠃ ᠭᠡᠲᠡᠯ᠎ᠡ ᠲᠡᠷᠡ ᠰᠣᠴᠢᠮᠠᠭ ᠬᠠᠰᠭᠢᠷᠤᠯ᠎ᠠ᠂ ᠵᠡᠭᠦᠵᠦ ᠶᠠᠪᠤᠭᠰᠠᠨ ᠰᠣᠨᠳᠤᠷ ᠨᠢ ᠠᠯᠠᠭ᠎ᠠ ᠪᠣᠯᠵᠠᠢ᠃

ᠬᠤᠪᠴᠠᠰᠤ ᠪᠠᠨ ᠪᠠᠷᠤᠭ ᠲᠠᠢᠴᠢᠭᠰᠠᠨ ᠨᠥᠬᠦᠷ ᠨᠢ᠄

«ᠶᠠᠭᠤ ᠪᠣᠯᠪᠠ︖» ᠭᠡᠵᠦ ᠠᠰᠠᠭᠤᠪᠠ᠃

ᠮᠠᠽᠢᠯᠳ᠋ ᠠᠶᠤᠨ ᠡᠯᠦᠢᠷᠡᠵᠦ ᠲᠡᠭᠦᠨ ᠦ ᠤᠷᠤᠭᠤ ᠡᠷᠭᠢᠨ ᠬᠠᠷᠠᠭᠠᠳ᠄

«ᠪᠢ ᠁ ᠪᠢ ᠁ ᠪᠢ ᠹᠯᠧᠰᠵᠧ ᠬᠠᠲᠤᠨ ᠤ ᠰᠣᠨᠳᠤᠷ ᠢ ᠭᠡᠭᠡᠵᠡᠢ» ᠭᠡᠪᠡ᠃

ᠯᠦᠸᠠᠼᠢ ᠤᠬᠠᠭᠠᠨ ᠨᠢ ᠭᠠᠷᠴᠤ᠂ ᠤᠴᠢᠷ ᠢᠶᠠᠨ ᠣᠯᠬᠤ ᠦᠭᠡᠢ ᠪᠣᠯᠬᠤ ᠳᠠᠭᠠᠨ ᠡᠭᠴᠡᠯᠡᠨ ᠵᠣᠭᠰᠤᠭᠠᠳ᠄

«ᠶᠠᠭᠤ︕ ᠁ ᠶᠠᠭᠠᠬᠢᠪᠠ︕ ᠁ ᠡᠢᠮᠦ ᠶᠠᠪᠤᠳᠠᠯ ᠭᠡᠵᠦ ᠬᠠᠮᠢᠭ᠎ᠠ ᠪᠠᠢᠬᠤ ᠪᠤᠢ︕» ᠭᠡᠪᠡ᠃

ᠲᠡᠷᠡ ᠮᠣᠷᠢᠨ ᠴᠠᠮᠴᠠᠨ ᠤ ᠨᠤᠭᠤᠯᠤᠭᠠᠰᠤ᠂ ᠳ᠋ᠠᠴᠠᠩ ᠤᠨ ᠨᠤᠭᠤᠯᠤᠭᠠᠰᠤ ᠪᠠᠷ ᠡᠷᠢᠵᠦ᠂ ᠪᠦᠬᠦ ᠬᠠᠷᠮᠠᠨ ᠰᠠᠪᠠᠨ ᠳᠣᠲᠤᠭᠤᠷ ᠪᠡᠳᠡᠷᠢᠪᠡ᠃ ᠶᠠᠭ ᠣᠯᠤᠭᠰᠠᠨ ᠦᠭᠡᠢ᠃

«ᠴᠢ ᠦᠳᠡᠰᠢᠯᠡᠭᠡ ᠶᠢᠨ ᠭᠠᠵᠠᠷ ᠠᠴᠠ ᠭᠠᠷᠬᠤ ᠦᠶ᠎ᠡ ᠳᠦ ᠪᠠᠢᠭᠰᠠᠨ ᠢ ᠨᠢ ᠯᠠᠪ ᠮᠡᠳᠡᠵᠦ ᠪᠠᠢᠨ᠎ᠠ ᠤᠤ︖» ᠭᠡᠵᠦ ᠨᠥᠬᠦᠷ ᠨᠢ ᠠᠰᠠᠭᠤᠪᠠ᠃

«ᠮᠡᠳᠡᠵᠦ ᠪᠠᠢᠨ᠎ᠠ᠃ ᠰᠤᠷᠭᠠᠨ ᠬᠥᠮᠦᠵᠢᠯ ᠦᠨ ᠶᠠᠮᠤᠨ ᠤ ᠭᠤᠳᠤᠮ ᠳᠤ ᠶᠠᠪᠤᠵᠤ ᠪᠠᠢᠬᠤ ᠳᠠᠭᠠᠨ ᠪᠢ ᠲᠡᠭᠦᠨ ᠢ ᠲᠡᠮᠲᠡᠷᠢᠵᠦ ᠦᠵᠡᠭᠰᠡᠨ ᠶᠤᠮ᠃»

«ᠭᠡᠲᠡᠯ᠎ᠡ᠂ ᠬᠡᠷᠪᠡ ᠭᠤᠳᠤᠮᠵᠢᠨ ᠳᠤ ᠭᠡᠭᠡᠭᠰᠡᠨ ᠪᠣᠯ ᠪᠢᠳᠡ ᠯᠠᠪ ᠴᠢᠮᠡᠭᠡ ᠶᠢ ᠨᠢ ᠰᠣᠨᠤᠰᠬᠤ ᠪᠠᠢᠭᠰᠠᠨ᠃ ᠲᠡᠷᠭᠡᠨ ᠳᠣᠲᠤᠷ᠎ᠠ ᠯᠠ ᠭᠡᠭᠡᠴᠢᠬᠡᠵᠡᠢ ᠳ᠋ᠠ᠃»

«ᠲᠡᠢᠮᠦ᠂ ᠪᠠᠷᠤᠭ ᠯᠠ ᠲᠠᠭᠠᠷᠠᠨ᠎ᠠ᠃ ᠴᠢ ᠲᠡᠷᠭᠡᠨ ᠦ ᠨᠣᠮᠧᠷ ᠢ ᠴᠡᠭᠡᠵᠢᠯᠡᠭᠰᠡᠨ ᠦᠤ︖»

«ᠴᠡᠭᠡᠵᠢᠯᠡᠭᠰᠡᠨ ᠦᠭᠡᠢ᠃ ᠴᠢ᠂ ᠴᠢ ᠠᠩᠬᠠᠷᠤᠭᠰᠠᠨ ᠦᠭᠡᠢ ᠦᠦ︖»

«ᠦᠭᠡᠢ᠃»

ᠲᠡᠳᠡᠨ ᠤᠬᠠᠭ᠎ᠠ ᠭᠠᠷᠲᠠᠯ᠎ᠠ ᠰᠠᠨᠳᠤᠷᠬᠤ ᠳᠠᠭᠠᠨ ᠪᠡᠶ᠎ᠡ ᠪᠡᠨ ᠬᠠᠷᠠᠭᠠᠳ ᠭᠦᠯᠢᠷᠡᠯ᠎ᠡ᠂ ᠲᠡᠭᠡᠵᠦ ᠲᠡᠭᠡᠵᠦ ᠯᠦᠸᠠᠼᠢ ᠳᠠᠬᠢᠨ ᠬᠤᠪᠴᠠᠯᠠᠪᠠ᠃

«ᠪᠢ ᠶᠠᠪᠤᠶ᠎ᠠ» ᠭᠡᠳ ᠲᠡᠷᠡ᠄«ᠶᠠᠪᠤᠭᠰᠠᠨ ᠵᠠᠮ ᠢᠶᠠᠷ ᠢᠶᠠᠨ ᠳᠠᠬᠢᠨ ᠨᠢᠭᠡ ᠤᠳᠠᠭ᠎ᠠ ᠶᠠᠪᠤᠵᠤ ᠦᠵᠡᠶ᠎ᠡ᠂ ᠣᠯᠴᠢᠬᠠᠬᠤ ᠮᠠᠭᠠᠳ ᠦᠭᠡᠢ» ᠭᠡᠪᠡ᠃

ᠲᠡᠷᠡ ᠭᠠᠷᠤᠭᠠᠳ ᠶᠠᠪᠤᠯ᠎ᠠ᠃ ᠮᠠᠽᠢᠯᠳ᠋ ᠦᠳᠡᠰᠢᠯᠡᠭᠡ ᠳᠦ ᠡᠮᠦᠰᠦᠭᠰᠡᠨ ᠬᠤᠪᠴᠠᠰᠤ ᠪᠠᠷ ᠢᠶᠠᠨ ᠪᠠᠢᠬᠤ ᠪᠥᠭᠡᠳ ᠣᠷᠤᠨ ᠳᠡᠭᠡᠷ᠎ᠡ ᠪᠡᠨ ᠭᠠᠷᠴᠤ ᠤᠨᠲᠠᠬᠤ ᠶᠢᠨ ᠴᠤ ᠴᠢᠳᠠᠯ ᠦᠭᠡᠢ ᠪᠣᠯᠵᠠᠢ᠃ ᠵᠣᠷᠢᠭ ᠢᠶᠠᠨ ᠣᠭᠲᠤᠬᠠᠨ ᠴᠤ ᠰᠡᠷᠭᠦᠭᠡᠵᠦ ᠴᠢᠳᠠᠬᠤ ᠦᠭᠡᠢ ᠲᠤᠯᠠ ᠶᠠᠭᠤ ᠶᠢ ᠴᠤ ᠰᠠᠨᠠᠵᠤ ᠪᠣᠳᠤᠬᠤ ᠦᠭᠡᠢ ᠪᠡᠷ ᠨᠢᠭᠡ ᠰᠠᠨᠳᠠᠯᠢ ᠳᠡᠭᠡᠷ᠎ᠡ ᠳᠡᠮᠡᠢᠯᠡ ᠮᠡᠯᠡᠷᠡᠨ ᠰᠠᠭᠤᠨ᠎ᠠ᠃

ᠳᠣᠯᠤᠭᠠᠨ ᠴᠠᠭ ᠤᠨ ᠪᠠᠷᠤᠭ ᠢᠶᠠᠷ ᠨᠥᠬᠦᠷ ᠨᠢ ᠬᠠᠷᠢᠵᠤ ᠢᠷᠡᠯ᠎ᠡ᠃ ᠶᠠᠭᠤ ᠴᠤ ᠣᠯᠤᠭᠰᠠᠨ ᠦᠭᠡᠢ᠃

ᠪᠦᠷ ᠰᠡᠭᠦᠯ ᠳᠡᠭᠡᠨ ᠯᠦᠸᠠᠼᠢ ᠴᠠᠭᠳᠠᠭ᠎ᠠ ᠶᠢᠨ ᠲᠢᠩᠬᠢᠮ ᠳᠤ ᠣᠴᠢᠪᠠ᠃ ᠡᠯ᠎ᠡ ᠰᠣᠨᠢᠨ ᠤ ᠭᠠᠵᠠᠷ ᠢᠶᠠᠷ ᠣᠴᠢᠪᠠ᠃ ᠱᠠᠩ ᠵᠠᠷᠯᠠᠨ ᠡᠷᠢᠭᠦᠯᠪᠡ᠃ ᠠᠯᠢᠪᠠ ᠪᠦᠬᠦᠢ ᠲᠡᠷᠭᠡᠨ ᠦ ᠭᠠᠵᠠᠷ ᠢᠶᠠᠷ ᠴᠤ ᠣᠴᠢᠵᠤ ᠡᠷᠢᠪᠡ᠃ ᠶᠡᠷᠦ ᠡᠴᠡ ᠥᠴᠦᠬᠡᠨ ᠴᠦ ᠭᠡᠰᠡᠨ ᠭᠣᠷᠢᠳᠠᠯᠭ᠎ᠠ ᠪᠠᠢᠬᠤ ᠯᠠ ᠭᠠᠵᠠᠷ ᠪᠦᠬᠦᠨ ᠳᠦ ᠲᠡᠷᠡ ᠪᠦᠷ ᠣᠴᠢᠵᠠᠢ᠃

ᠮᠠᠽᠢᠯᠳ᠋ ᠡᠢᠮᠦ ᠵᠣᠯ ᠦᠭᠡᠢ ᠭᠠᠮᠰᠢᠭ ᠲᠣᠳᠭᠠᠷ ᠲᠤ ᠲᠤᠯᠭᠠᠷᠠᠭᠠᠳ᠂ ᠡᠳᠦᠷᠵᠢᠨ ᠬᠦᠯᠢᠶᠡᠨ ᠰᠠᠭᠤᠵᠤ᠂ ᠡᠳᠦᠷᠵᠢᠨ ᠰᠣᠴᠢᠨ ᠲᠡᠪᠡᠳᠡᠭᠰᠡᠨ ᠪᠠᠢᠳᠠᠯ ᠢᠶᠠᠷ ᠥᠩᠭᠡᠷᠡᠨ᠎ᠡ᠃ ᠣᠷᠤᠢ ᠨᠢ ᠯᠦᠸᠠᠼᠢ ᠵᠡᠪᠡᠬᠡᠢ ᠴᠠᠭᠠᠨ ᠴᠢᠷᠠᠢᠯᠠᠭᠠᠳ ᠬᠠᠷᠢᠵᠤ ᠢᠷᠡᠯ᠎ᠡ᠂ ᠶᠠᠭᠤ ᠴᠤ ᠣᠯᠤᠭᠰᠠᠨ ᠦᠭᠡᠢ᠃

«ᠨᠠᠢᠵᠠ ᠳᠠᠭᠠᠨ ᠵᠠᠬᠢᠳᠠᠯ ᠥᠭᠭᠦᠭᠰᠡᠨ ᠳᠡᠭᠡᠷ᠎ᠡ» ᠭᠡᠵᠦ ᠲᠡᠷᠡ ᠬᠡᠯᠡᠭᠡᠳ«ᠰᠣᠨᠳᠤᠷ ᠤᠨ ᠲᠣᠯᠤᠭᠠᠢ ᠨᠢ ᠡᠪᠳᠡᠷᠡᠭᠡᠳ ᠵᠠᠰᠠᠭᠤᠯᠵᠤ ᠪᠠᠢᠨ᠎ᠠ ᠭᠡᠵᠦ ᠬᠡᠯᠡ᠃ ᠢᠩᠭᠢᠪᠠᠯ ᠪᠢᠳᠡ ᠠᠷᠭ᠎ᠠ ᠡᠷᠢᠬᠦ ᠴᠠᠭ ᠲᠠᠢ ᠪᠣᠯᠤᠨ᠎ᠠ» ᠭᠡᠪᠡ᠃

ᠮᠠᠽᠢᠯᠳ᠋ ᠲᠡᠭᠦᠨ ᠦ ᠬᠡᠯᠡᠭᠰᠡᠨ ᠶᠣᠰᠤᠭᠠᠷ ᠵᠠᠬᠢᠳᠠᠯ ᠶᠠᠪᠤᠭᠤᠯᠵᠠᠢ᠃

ᠨᠢᠭᠡ ᠭᠠᠷᠠᠭ ᠥᠩᠭᠡᠷᠡᠭᠡᠳ ᠲᠡᠳᠡᠨ ᠦ ᠠᠯᠢᠪᠠ ᠭᠣᠷᠢᠳᠠᠯᠭ᠎ᠠ ᠴᠥᠮ ᠲᠠᠰᠤᠷᠠᠪᠠ᠃

ᠯᠦᠸᠠᠼᠢ ᠲᠠᠪᠤᠨ ᠨᠠᠰᠤ ᠨᠡᠮᠡᠭᠳᠡᠨ ᠬᠥᠭᠰᠢᠷᠡᠭᠰᠡᠨ ᠰᠢᠭ᠌ ᠪᠣᠯᠵᠠᠢ᠃ ᠲᠡᠷᠡ᠄

«ᠠᠷᠭ᠎ᠠ ᠵᠦᠢ ᠡᠷᠢᠵᠦ ᠡᠨᠡ ᠵᠢᠮᠰᠡᠭ ᠢ ᠲᠥᠯᠦᠶ᠎ᠡ» ᠭᠡᠵᠦ ᠰᠢᠢᠳᠦᠨ ᠬᠡᠯᠡᠪᠡ᠃

ᠳᠠᠷᠠᠭ᠎ᠠ ᠡᠳᠦᠷ ᠨᠢ᠂ ᠲᠡᠷᠡ ᠰᠣᠨᠳᠤᠷ ᠢ ᠠᠭᠤᠯᠵᠤ ᠪᠠᠢᠭᠰᠠᠨ ᠬᠠᠢᠷᠴᠠᠭ ᠢᠶᠠᠨ ᠠᠪᠤᠭᠠᠳ ᠬᠠᠢᠷᠴᠠᠭ ᠳᠡᠭᠡᠷᠡᠬᠢ ᠫᠠᠢᠵᠠ ᠲᠡᠮᠳᠡᠭ ᠦᠨ ᠪᠢᠴᠢᠭᠡᠰᠦ ᠶᠣᠰᠤᠭᠠᠷ ᠲᠡᠷᠡ ᠬᠦ ᠱᠢᠷᠤ ᠰᠤᠪᠤᠳ ᠤᠨ ᠫᠦᠰᠡᠨ ᠳᠦ ᠣᠴᠢᠪᠠ᠃ ᠳᠠᠩᠵᠢᠶᠠᠳ ᠵᠥᠩᠳᠡᠭᠡᠨ ᠣᠯᠠᠨ ᠳᠠᠩᠰᠠ ᠬᠠᠷ᠎ᠠ ᠤᠷᠪᠠᠭᠤᠯᠵᠤ ᠦᠵᠡᠭᠡᠳ᠄

«ᠬᠠᠲᠤᠭᠲᠠᠢ᠂ ᠡᠨᠡ ᠰᠣᠨᠳᠤᠷ ᠢ ᠪᠢ ᠬᠤᠳᠠᠯᠳᠤᠭᠰᠠᠨ ᠦᠭᠡᠢ᠃ ᠬᠠᠢᠷᠴᠠᠭ ᠢ ᠨᠢ ᠯᠠ ᠬᠤᠳᠠᠯᠳᠤᠭᠰᠠᠨ» ᠭᠡᠪᠡ᠃

ᠲᠡᠭᠡᠭᠡᠳ ᠲᠡᠳᠡ ᠱᠢᠷᠤ ᠰᠤᠪᠤᠳ ᠤᠨ ᠡᠨᠡ ᠫᠤᠢᠰᠡᠨ ᠡᠴᠡ ᠲᠡᠷᠡ ᠫᠦᠰᠡᠨ ᠳᠦ ᠣᠴᠢᠵᠤ᠂ ᠴᠡᠭᠡᠵᠢᠯᠡᠵᠦ ᠪᠠᠢᠭ᠎ᠠ ᠬᠡᠮᠵᠢᠶ᠎ᠡ ᠪᠡᠷ ᠢᠶᠡᠨ ᠠᠳᠠᠯᠢ ᠱᠤᠤᠬᠠᠨ ᠰᠣᠨᠳᠤᠷ ᠢ ᠪᠡᠳᠡᠷᠢᠪᠡ᠃ ᠬᠣᠶᠠᠭᠤᠯᠠ ᠪᠠᠨ ᠶᠠᠳᠠᠷᠠᠬᠤ ᠶᠢᠨ ᠶᠡᠬᠡ ᠪᠡᠷ ᠶᠠᠳᠠᠷᠠᠵᠤ᠂ ᠴᠤᠴᠠᠬᠤ ᠶᠢᠨ ᠶᠡᠬᠡ ᠪᠡᠷ ᠴᠤᠴᠠᠵᠤ ᠡᠪᠡᠳᠴᠢᠯᠡᠨ ᠬᠡᠪᠲᠡᠬᠦ ᠳᠤ ᠣᠢᠷᠠᠳᠴᠠᠢ᠃

ᠬᠠᠭᠠᠨ ᠤ ᠣᠷᠳᠤᠨ ᠤ ᠭᠤᠳᠤᠮᠵᠢᠨ ᠤ ᠨᠢᠭᠡ ᠫᠦᠰᠡᠨ ᠳᠦ ᠲᠡᠳᠡᠨ ᠦ ᠪᠡᠳᠡᠷᠢᠵᠦ ᠪᠠᠢᠭᠰᠠᠨ ᠲᠠᠢ ᠨᠢ ᠶᠠᠭ ᠠᠳᠠᠯᠢ ᠠᠯᠮᠠᠰ ᠡᠷᠳᠡᠨᠢ ᠶᠢᠨ ᠰᠣᠨᠳᠤᠷ ᠲᠡᠳᠡᠨ ᠳᠦ ᠲᠠᠭᠠᠷᠢᠯᠳᠤᠯ᠎ᠠ᠃ ᠦᠨ᠎ᠡ ᠨᠢ ᠳᠥᠷᠪᠡᠨ ᠲᠦᠮᠡᠨ ᠹᠷᠠᠩᠺ ᠪᠠᠢᠪᠠ᠃ ᠳᠠᠩᠵᠢᠶᠠᠳ ᠦᠨ᠎ᠡ ᠪᠡᠨ ᠪᠠᠭᠤᠷᠠᠭᠤᠯᠤᠭᠠᠳ ᠭᠤᠷᠪᠠᠨ ᠲᠦᠮᠡ ᠵᠢᠷᠭᠤᠭᠠᠨ ᠮᠢᠩᠭ᠎ᠠ ᠪᠣᠯᠭᠠᠪᠠ᠃

ᠲᠡᠳᠡ ᠳᠠᠩᠵᠢᠶᠠᠳ ᠲᠤ ᠭᠤᠷᠪᠠᠨ ᠡᠳᠦᠷ ᠦᠨ ᠳᠣᠲᠤᠷ᠎ᠠ ᠪᠤᠤ ᠬᠤᠳᠠᠯᠳᠤᠭᠠᠷᠠᠢ ᠭᠡᠵᠦ ᠭᠤᠶᠤᠵᠠᠢ᠃ ᠬᠡᠷᠪᠡ ᠬᠣᠶᠠᠳᠤᠭᠠᠷ ᠰᠠᠷ᠎ᠠ ᠶᠢᠨ ᠰᠡᠭᠦᠯᠴᠢ ᠡᠴᠡ ᠡᠮᠦᠨ᠎ᠡ ᠤᠭ ᠤᠨ ᠰᠣᠨᠳᠤᠷ ᠢᠶᠠᠨ ᠣᠯᠪᠠᠯ ᠳᠠᠩᠵᠢᠶᠠᠳ ᠡᠨᠡ ᠰᠣᠨᠳᠤᠷ ᠢᠶᠠᠨ ᠭᠤᠷᠪᠠᠨ ᠲᠦᠮᠡ ᠳᠥᠷᠪᠡᠨ ᠮᠢᠩᠭ᠎ᠠ ᠪᠠᠷ ᠪᠤᠴᠠᠭᠠᠨ ᠠᠪᠤᠨ᠎ᠠ ᠭᠡᠵᠦ ᠲᠡᠳᠡ ᠭᠡᠷ᠎ᠡ ᠬᠢᠵᠡᠢ᠃ ᠯᠦᠸᠠᠼᠢ ᠳᠤ ᠡᠴᠢᠭᠡ ᠨᠢ ᠦᠯᠡᠳᠡᠭᠡᠵᠦ ᠥᠭᠭᠦᠭᠰᠡᠨ ᠨᠢᠭᠡ ᠲᠦᠮᠡ ᠨᠠᠢᠮᠠᠨ ᠮᠢᠩᠭᠠᠨ ᠹᠷᠠᠩᠺ ᠪᠡᠯᠡᠨ ᠪᠠᠢᠪᠠ᠃ ᠥᠭᠡᠷ᠎ᠡ ᠶᠢ ᠨᠢ ᠪᠤᠰᠤᠳ ᠠᠴᠠ ᠵᠢᠭᠡᠯᠡᠬᠦ ᠳᠦ ᠬᠦᠷᠴᠡᠢ᠃

ᠲᠡᠷᠡ ᠵᠣᠭᠤᠰ ᠵᠢᠭᠡᠯᠡᠵᠦ ᠭᠠᠷᠤᠯ᠎ᠠ᠃ ᠡᠭᠦᠨ ᠡᠴᠡ ᠨᠢᠭᠡ ᠮᠢᠩᠭᠠᠨ ᠹᠷᠠᠩᠺ᠂ ᠲᠡᠭᠦᠨ ᠡᠴᠡ ᠲᠠᠪᠤᠨ ᠵᠠᠭᠤᠨ ᠹᠷᠠᠩᠺ᠂ ᠡᠨᠳᠡ ᠡᠴᠡ ᠲᠠᠪᠤᠨ ᠯᠤᠢᠵᠢ᠂ ᠲᠡᠨᠳᠡ ᠡᠴᠡ ᠭᠤᠷᠪᠠᠨ ᠯᠤᠢᠵᠢ ᠵᠢᠭᠡᠯᠡᠨ᠎ᠡ᠃ ᠥᠷᠢ ᠶᠢᠨ ᠪᠠᠷᠢᠮᠲᠠ ᠳᠤ ᠭᠠᠷ ᠤᠨ ᠦᠰᠦᠭ ᠵᠥᠩᠳᠡᠭᠡᠨ ᠵᠢᠷᠤᠵᠤ᠂ ᠬᠥᠷᠦᠩᠭᠡ ᠪᠡᠨ ᠬᠥᠨᠲᠡᠷᠬᠦ ᠭᠡᠷ᠎ᠡ ᠪᠣᠯᠵᠤᠭ᠎ᠠ ᠠᠯᠢ ᠣᠯᠠᠨ ᠲᠣᠭᠲᠠᠪᠠ᠃ ᠲᠡᠷᠡ ᠥᠨᠳᠦᠷ ᠬᠦᠦ ᠲᠠᠢ ᠵᠢᠭᠡᠯᠡᠯᠭᠡ ᠲᠠᠯᠪᠢᠭᠴᠢ ᠪᠠ ᠡᠨᠳᠡ ᠲᠡᠨᠳᠡᠬᠢ ᠠᠳᠠᠯᠢ ᠪᠤᠰᠤ ᠤᠯᠤᠰ ᠤᠨ ᠬᠠᠷᠢᠶᠠᠲᠤ ᠵᠢᠭᠡᠯᠡᠯᠭᠡ ᠲᠠᠯᠪᠢᠭᠴᠢ ᠲᠤᠩ ᠣᠯᠠᠨ ᠬᠥᠮᠦᠰ ᠲᠠᠢ ᠶᠠᠪᠤᠯᠴᠠᠯ᠎ᠠ᠃ ᠲᠡᠷᠡ ᠰᠡᠭᠦᠯ ᠦᠨ ᠬᠠᠭᠠᠰ ᠨᠠᠰᠤᠨ ᠤ ᠠᠮᠢᠳᠤᠷᠠᠯ ᠢᠶᠠᠨ ᠴᠤ ᠪᠣᠳᠤᠬᠤ ᠴᠢᠯᠦᠭᠡ ᠦᠭᠡᠢ ᠪᠡᠷ ᠬᠦᠷᠦᠭᠰᠡᠨ ᠭᠠᠵᠠᠷ ᠪᠦᠬᠦᠨ ᠭᠠᠷ ᠤᠨ ᠦᠰᠦᠭ᠌ ᠢᠶᠡᠨ ᠠᠶᠤᠯᠲᠠᠢ ᠪᠠᠷ ᠵᠢᠷᠤᠬᠤ ᠪᠣᠯᠪᠠᠴᠤ ᠢᠲᠡᠭᠡᠯ ᠢᠶᠡᠨ ᠬᠠᠳᠠᠭᠠᠯᠠᠵᠤ ᠴᠢᠳᠠᠬᠤ ᠡᠰᠡᠬᠦ ᠪᠡᠨ ᠴᠦ ᠦᠯᠦ ᠮᠡᠳᠡᠨ᠎ᠡ᠃ ᠢᠷᠡᠭᠡᠳᠦᠢ ᠶᠢᠨ ᠭᠡᠮᠰᠢᠯ᠂ ᠪᠦᠬᠦ ᠪᠡᠶ᠎ᠡ ᠶᠢ ᠨᠢ ᠣᠷᠢᠶᠠᠨ ᠠᠪᠬᠤ ᠭᠡᠵᠦ ᠪᠠᠢᠭ᠎ᠠ ᠬᠡᠷᠴᠡᠭᠡᠢ ᠰᠢᠷᠦᠭᠦᠨ ᠶᠠᠳᠠᠭᠤᠷᠠᠯ᠂ ᠪᠡᠶ᠎ᠡ ᠮᠠᠬᠠᠪᠤᠳ ᠤᠨ ᠡᠪᠡᠷᠰᠢᠶᠡᠯ᠂ ᠣᠶᠤᠨ ᠤᠬᠠᠭᠠᠨ ᠤ ᠭᠠᠰᠠᠯᠠᠩ ᠡᠨᠡ ᠪᠦᠬᠦ ᠰᠦᠷᠳᠡᠭᠦᠯᠦᠯ ᠦᠨ ᠳᠣᠣᠷ᠎ᠠ ᠯᠦᠸᠠᠼᠢ᠂ ᠬᠤᠳᠠᠯᠳᠤᠭᠠᠨ ᠤ ᠯᠠᠩᠭᠦᠢ ᠳᠡᠭᠡᠷ᠎ᠡ ᠭᠤᠷᠪᠠᠨ ᠲᠦᠮᠡ ᠵᠢᠷᠭᠤᠭᠠᠨ ᠮᠢᠩᠭᠠᠨ ᠹᠷᠠᠩᠺ ᠲᠠᠯᠪᠢᠭᠠᠳ ᠲᠡᠷᠡ ᠬᠦ ᠰᠢᠨ᠎ᠡ ᠰᠣᠨᠳᠤᠷ ᠢ ᠠᠪᠤᠯ᠎ᠠ᠃

ᠮᠠᠽᠢᠯᠳ᠋ ᠬᠠᠲᠤᠨ ᠰᠣᠨᠳᠤᠷ ᠢ ᠬᠦᠷᠭᠡᠵᠦ ᠣᠴᠢᠬᠤ ᠳᠤᠨᠢ ᠹᠯᠧᠰᠵᠧ ᠬᠠᠲᠤᠨ ᠦᠯᠦ ᠲᠠᠭᠠᠰᠢᠶᠠᠭᠰᠠᠨ ᠪᠠᠢᠳᠠᠯ ᠲᠠᠢ ᠪᠠᠷ᠄

«ᠡᠷᠲᠡᠬᠡᠨ ᠠᠪᠴᠢᠷᠠᠵᠤ ᠥᠭᠭᠦᠭᠰᠡᠨ ᠪᠣᠯ ᠲᠠᠭᠠᠷᠠᠬᠤ ᠶᠤᠮ᠃ ᠪᠢ ᠬᠡᠷᠡᠭᠯᠡᠮᠡᠷ ᠶᠤᠮᠰᠠᠨ» ᠭᠡᠵᠡᠢ᠃

ᠹᠯᠧᠰᠵᠧ ᠬᠠᠲᠤᠨ ᠬᠠᠢᠷᠴᠠᠭ ᠢ ᠨᠡᠭᠡᠭᠡᠭᠰᠡᠨ ᠦᠭᠡᠢ᠂ ᠬᠡᠷᠪᠡ ᠣᠷᠤᠯᠠᠭᠤᠯᠤᠭᠰᠠᠨ ᠡᠳ᠋ ᠪᠠᠢᠬᠤ ᠶᠢ ᠮᠡᠳᠡᠪᠡᠯ᠂ ᠲᠡᠷᠡ ᠶᠠᠭᠤ ᠰᠠᠨᠠᠬᠤ ᠪᠣᠯ︖ ᠶᠠᠭᠤ ᠭᠡᠬᠦ ᠪᠣᠯ︖ ᠡᠨᠡ ᠨᠠᠢᠵᠠ ᠶᠢ ᠪᠠᠨ ᠬᠤᠯᠠᠭᠠᠢᠴᠢ ᠭᠡᠵᠦ ᠪᠣᠳᠤᠬᠤ ᠦᠭᠡᠢ ᠪᠠᠢᠬ᠎ᠠ ᠳ᠋ᠠ︖ ᠭᠡᠵᠦ ᠬᠠᠢᠷᠴᠠᠭ ᠢ ᠨᠡᠭᠡᠭᠡᠬᠦ ᠡᠴᠡ ᠨᠠᠢᠵᠠ ᠨᠢ ᠵᠣᠪᠠᠵᠤ ᠪᠠᠢᠯ᠎ᠠ᠃

ᠮᠠᠽᠢᠯᠳ᠋ ᠬᠠᠲᠤᠨ ᠦᠭᠡᠭᠦᠦ ᠬᠥᠮᠦᠨ ᠦ ᠬᠦᠴᠢᠷ ᠪᠡᠷᠬᠡᠰᠢᠶᠡᠯᠲᠦ ᠠᠮᠢᠳᠤᠷᠠᠯ ᠢ ᠮᠡᠳᠡᠵᠦ ᠢᠷᠡᠯ᠎ᠡ᠃ ᠲᠡᠭᠡᠭᠡᠳ ᠡᠷᠡᠮᠡᠬᠡᠢ ᠵᠣᠷᠢᠭ ᠢᠯᠡᠷᠡᠭᠦᠯᠵᠦ ᠡᠷᠡᠰ ᠰᠢᠭᠤᠷᠬᠠᠢ ᠰᠠᠨᠠᠭ᠎ᠠ ᠲᠣᠭᠲᠠᠨ ᠡᠨᠡ ᠬᠦ ᠠᠶᠤᠮᠰᠢᠭᠲᠤ ᠥᠷᠢ ᠶᠢ ᠲᠥᠯᠦᠬᠦ ᠪᠣᠯᠵᠠᠢ᠃ ᠠᠷᠭ᠎ᠠ ᠰᠠᠮᠪᠠᠭ᠎ᠠ ᠭᠠᠷᠭᠠᠨ ᠲᠥᠯᠦᠵᠦ ᠡᠬᠢᠯᠡᠪᠡ᠃ ᠰᠢᠪᠡᠭᠴᠢᠨ ᠢᠶᠡᠨ ᠶᠠᠪᠤᠭᠤᠯᠤᠭᠠᠳ᠂ ᠣᠷᠤᠨ ᠰᠠᠭᠤᠴᠠ ᠰᠢᠯᠵᠢᠭᠦᠯᠵᠦ ᠪᠢᠴᠢᠬᠠᠨ ᠰᠠᠷᠠᠪᠴᠢᠨ ᠤ ᠠᠰᠠᠷ ᠢ ᠬᠥᠯᠦᠰᠦᠯᠡᠨ ᠰᠠᠭᠤᠪᠠ᠃

ᠮᠠᠽᠢᠯᠳ᠋ ᠭᠡᠷ ᠦᠨ ᠳᠣᠲᠤᠷᠠᠬᠢ ᠠᠯᠢᠪᠠ ᠪᠣᠷᠤ ᠪᠦᠳᠦᠭᠦᠨ ᠠᠵᠢᠯ ᠪᠠ ᠲᠣᠭᠤᠭᠠᠨ ᠭᠡᠷ ᠦᠨ ᠶᠠᠷᠰᠢᠭ ᠲᠠᠢ ᠠᠷᠰᠠᠷ ᠠᠵᠢᠯ ᠢ ᠮᠡᠳᠡᠵᠦ ᠠᠪᠤᠯ᠎ᠠ᠃ ᠠᠶᠠᠭ᠎ᠠ ᠰᠢᠨᠠᠭ᠎ᠠ᠂ ᠫᠢᠯᠠ ᠲᠠᠪᠠᠭ ᠤᠭᠠᠭᠰᠠᠭᠠᠷ ᠲᠣᠰᠤ ᠪᠣᠯᠤᠭᠰᠠᠨ ᠫᠸᠩᠰᠡᠨ ᠦ ᠠᠮᠠᠰᠠᠷ᠂ ᠲᠣᠭᠤᠭᠠᠨ ᠤ ᠢᠷᠤᠭᠠᠷ ᠲᠤ ᠦᠷᠦᠭᠳᠡᠵᠦ ᠲᠡᠭᠦᠨ ᠦ ᠪᠣᠯᠪᠠᠷᠠᠢ ᠴᠠᠭᠠᠨ ᠭᠠᠷ ᠪᠦᠳᠦᠭᠦᠨ ᠬᠦᠳᠡᠷ ᠪᠣᠯᠤᠯ᠎ᠠ᠃ ᠬᠤᠵᠢᠷ ᠢᠶᠠᠷ ᠬᠠᠨᠲᠠᠭᠠᠵᠠ ᠤᠭᠠᠵᠤ᠂ ᠵᠥᠯᠭᠦᠭᠦᠷ ᠤᠭᠠᠵᠤ᠂ ᠣᠯᠤᠰᠤᠨ ᠳᠡᠭᠡᠰᠦᠨ ᠳᠡᠭᠡᠷ᠎ᠡ ᠳᠡᠯᠭᠡᠨ ᠬᠠᠲᠠᠭᠠᠨ᠎ᠠ᠃ ᠥᠷᠯᠦᠭᠡ ᠪᠦᠷᠢ ᠬᠣᠭ ᠨᠣᠪᠰᠢ ᠪᠠᠨ ᠠᠰᠠᠷ ᠤᠨ ᠭᠤᠳᠤᠮᠵᠢᠨ ᠳᠤ ᠠᠪᠠᠴᠢᠵᠤ᠂ ᠠᠰᠠᠷ ᠤᠨ ᠳᠣᠣᠷ᠎ᠠ ᠠᠴᠠ ᠤᠰᠤ ᠠᠪᠴᠤ ᠠᠰᠠᠷ ᠳᠡᠭᠡᠷ᠎ᠡ ᠭᠠᠷᠭᠠᠨ᠎ᠠ᠂ ᠢᠩᠭᠢᠵᠦ ᠠᠰᠠᠷ ᠢ ᠳᠡᠭᠡᠭᠰᠢ ᠳᠣᠭᠤᠭᠰᠢ ᠰᠢᠪᠲᠦ ᠶᠠᠪᠤᠬᠤ ᠳᠠᠭᠠᠨ ᠬᠠᠶᠠ ᠵᠣᠭᠰᠤᠵᠤ ᠠᠮᠢᠰᠭᠤᠭ᠎ᠠ ᠠᠪᠤᠨ᠎ᠠ᠃ ᠲᠡᠷᠡ ᠶᠠᠳᠠᠭᠤ ᠵᠦᠳᠡᠭᠦᠦ ᠡᠮᠡᠭᠲᠡᠢ ᠲᠠᠢ ᠠᠳᠠᠯᠢ ᠬᠤᠪᠴᠠᠯᠠᠵᠤ᠂ ᠰᠠᠭᠰᠤ ᠳᠣᠬᠤᠢᠯᠠᠨ ᠵᠢᠮᠢᠰ ᠦᠨ ᠫᠦᠰᠡ᠂ ᠠᠬᠠᠷ ᠰᠠᠬᠠᠷ ᠬᠡᠷᠡᠭᠯᠡᠭᠦᠨ ᠦ ᠳᠡᠯᠭᠡᠭᠦᠷ᠂ ᠮᠢᠬᠠᠨ ᠤ ᠬᠤᠳᠠᠯᠳᠤᠭ᠎ᠠ ᠪᠠᠷ ᠶᠠᠪᠤᠵᠤ ᠦᠨ᠎ᠡ ᠪᠤᠯᠢᠶᠠᠯᠳᠤᠨ ᠡᠯᠡᠭᠯᠡᠯ ᠬᠠᠷᠢᠶᠠᠯ ᠬᠦᠯᠢᠶᠡᠵᠦ᠂ ᠲᠡᠷᠡ ᠬᠦ ᠬᠤᠮᠰᠠ ᠮᠥᠩᠭᠦ ᠪᠡᠨ ᠨᠢᠭᠡ ᠮᠥᠩᠭᠦ ᠨᠢᠭᠡ ᠮᠥᠩᠭᠦ ᠪᠡᠷ ᠠᠷᠪᠢᠯᠠᠨ᠎ᠠ᠃

ᠰᠠᠷ᠎ᠠ ᠪᠦᠷᠢ ᠬᠠᠭᠤᠴᠢᠨ ᠥᠷᠢ ᠶᠢᠨ ᠢᠶᠡᠨ ᠨᠢᠭᠡ ᠬᠡᠰᠡᠭ ᠢ ᠲᠥᠯᠦᠵᠦ᠂ ᠨᠢᠭᠡ ᠪᠠᠭ᠎ᠠ ᠰᠢᠨ᠎ᠡ ᠥᠷᠢ ᠲᠠᠯᠪᠢᠨ᠎ᠠ᠂ ᠢᠩᠭᠢᠵᠦ ᠲᠥᠯᠦᠬᠦ ᠬᠤᠭᠤᠴᠠᠭ᠎ᠠ ᠪᠠᠨ ᠤᠷᠳᠤᠳᠭᠠᠨ᠎ᠠ᠃

ᠨᠥᠬᠦᠷ ᠨᠢ ᠣᠷᠤᠢ ᠪᠣᠯᠭᠠᠨ ᠠᠷᠠᠯᠵᠢᠶᠠᠴᠢᠨ ᠤ ᠳᠠᠩᠰᠠ ᠬᠠᠷ᠎ᠠ ᠶᠢ ᠬᠠᠭᠤᠯᠤᠨ᠎ᠠ᠃ ᠦᠷᠭᠦᠯᠵᠢ ᠰᠥᠨᠢ ᠳᠦᠯᠢ ᠪᠣᠯᠲᠠᠯ᠎ᠠ ᠨᠢᠭᠡ ᠨᠢᠭᠤᠷ ᠲᠠᠭᠠᠨ ᠲᠠᠪᠤᠨ ᠮᠥᠩᠭᠦᠨ ᠦ ᠬᠥᠯᠦᠰᠦ ᠲᠠᠢ ᠡᠬᠡ ᠨᠤᠤᠷᠠᠭ ᠢ ᠰᠡᠢᠷᠡᠭᠦᠯᠦᠨ ᠪᠢᠴᠢᠨ᠎ᠡ᠃

ᠡᠢᠮᠦᠷᠬᠦᠦ ᠠᠮᠢᠳᠤᠷᠠᠯ ᠠᠷᠪᠠᠨ ᠵᠢᠯ ᠦᠷᠭᠦᠯᠵᠢᠯᠡᠯ᠎ᠡ᠃

ᠠᠷᠪᠠᠳᠤᠭᠠᠷ ᠵᠢᠯ ᠦᠨ ᠵᠢᠯ ᠦᠨ ᠡᠴᠦᠰ ᠲᠦ ᠥᠷᠢ ᠪᠡᠨ ᠲᠥᠯᠦᠵᠦ ᠳᠠᠭᠤᠰᠭᠠᠪᠠ᠃ ᠲᠡᠷᠡ ᠬᠦ ᠥᠨᠳᠦᠷ ᠬᠦᠦ ᠬᠢᠭᠡᠳ ᠬᠦᠦ ᠡᠴᠡ ᠨᠢ ᠬᠦᠦ ᠲᠥᠷᠦᠭᠰᠡᠨ ᠢ ᠬᠦᠷᠲᠡᠯ᠎ᠡ ᠴᠥᠮ ᠲᠥᠯᠦᠵᠦ ᠪᠠᠷᠠᠯ᠎ᠠ᠃

ᠮᠠᠽᠢᠯᠳ᠋ ᠬᠠᠲᠤᠨ ᠡᠳᠦᠭᠡ ᠮᠡᠳᠡᠭᠳᠡᠬᠦᠢᠴᠡ ᠬᠥᠭᠰᠢᠷᠡᠵᠡᠢ᠃ ᠣᠳᠣ ᠦᠭᠡᠭᠦᠦ ᠶᠠᠳᠠᠭᠤ ᠭᠡᠷ ᠦᠨ ᠬᠦᠳᠡᠷ ᠴᠢᠭᠢᠷᠠᠭ ᠬᠥᠳᠡᠯᠮᠦᠷᠢᠴᠢ ᠪᠦᠰᠡᠭᠦᠢ ᠪᠣᠯᠵᠠᠢ᠃ ᠦᠰᠦ ᠪᠡᠨ ᠬᠠᠰᠢ ᠶᠠᠰᠢᠬᠠᠨ ᠣᠷᠢᠶᠠᠵᠤ᠂ ᠠᠯᠴᠢᠭᠤᠷ ᠢᠶᠠᠨ ᠬᠡᠯᠲᠡᠷᠬᠡᠢ ᠬᠠᠵᠠᠭᠠᠢᠬᠠᠨ ᠪᠣᠭᠤᠵᠤ᠂ ᠮᠤᠨᠴᠤᠭᠤᠷ ᠬᠦᠷᠢᠨ ᠭᠠᠷ ᠢᠶᠠᠨ ᠭᠠᠷᠭᠠᠨ᠂ ᠳᠡᠭᠡᠷ᠎ᠡ ᠳᠠᠭᠤ ᠪᠠᠷ ᠦᠭᠡ ᠶᠠᠷᠢᠵᠤ᠂ ᠲᠣᠮᠤ ᠰᠠᠭᠤᠯᠠᠭ᠎ᠠ ᠲᠠᠢ ᠤᠰᠤ ᠪᠠᠷ ᠱᠠᠯᠠ ᠤᠭᠠᠵᠤ ᠶᠠᠪᠤᠳᠠᠭ ᠪᠣᠯᠵᠠᠢ᠃ ᠭᠡᠲᠡᠯ᠎ᠡ ᠵᠠᠷᠢᠮ ᠦᠶᠡᠰ ᠨᠥᠬᠦᠷ ᠢᠶᠡᠨ ᠠᠵᠢᠯ ᠳᠤ ᠶᠠᠪᠤᠭᠰᠠᠨ ᠤ ᠰᠡᠭᠦᠯᠡᠷ ᠴᠣᠩᠬᠤᠨ ᠤ ᠳᠡᠷᠭᠡᠳᠡ ᠭᠠᠭᠴᠠᠭᠠᠷ ᠢᠶᠠᠨ ᠰᠠᠭᠤᠵᠤ᠂ ᠲᠡᠷᠡ ᠣᠷᠤᠢ ᠬᠡᠴᠢᠨᠡᠨ ᠭᠤᠤ᠎ᠠ ᠦᠵᠡᠰᠭᠦᠯᠡᠩ᠂ ᠬᠥᠮᠦᠨ ᠳᠦ ᠬᠡᠴᠢᠨᠡᠨ ᠲᠠᠴᠢᠶᠠᠭᠳᠠᠵᠤ ᠪᠠᠢᠯ᠎ᠠ ᠳ᠋ᠠ︕ ᠭᠡᠵᠦ ᠲᠡᠷᠡ ᠵᠢᠯ ᠦᠨ ᠦᠳᠡᠰᠢᠯᠡᠭᠡ ᠶᠢ ᠰᠠᠨᠠᠭᠠᠯᠵᠠᠨ᠎ᠠ᠃

ᠲᠡᠷᠡ ᠦᠶᠡᠰ ᠬᠡᠷᠪᠡ ᠰᠣᠨᠳᠤᠷ ᠢ ᠭᠡᠭᠡᠭᠰᠡᠨ ᠦᠭᠡᠢ ᠰᠠᠨ ᠪᠣᠯ ᠮᠠᠽᠢᠯᠳ᠋ ᠣᠳᠣ ᠶᠠᠮᠠᠷᠰᠢᠤ ᠪᠠᠢᠬᠤ ᠪᠣᠯ︖ ᠬᠡᠨ ᠮᠡᠳᠡᠬᠦ ᠪᠤᠢ︖ ᠬᠥᠮᠦᠨ ᠦ ᠶᠠᠪᠤᠳᠠᠯ ᠬᠡᠴᠢᠨᠡᠨ ᠵᠢᠭᠲᠡᠢ᠂ ᠬᠡᠴᠢᠨᠡᠨ ᠣᠭᠤᠰᠤᠷ ᠪᠠᠷᠢᠭᠤᠯ ᠦᠭᠡᠢ ᠪᠠᠢᠳᠠᠭ ᠶᠤᠮ ᠪᠤᠢ︖ ᠥᠴᠦᠬᠡᠨ ᠪᠠᠭ᠎ᠠ ᠤᠴᠢᠷ ᠲᠤ ᠴᠢᠮᠠᠢ ᠲᠠᠮᠤᠯᠠᠵᠤ ᠴᠤ ᠪᠣᠯᠤᠨ᠎ᠠ᠂ ᠴᠢᠮᠠᠢ ᠵᠢᠷᠭᠠᠭᠤᠯᠵᠤ ᠴᠤ ᠪᠣᠯᠤᠨ᠎ᠠ︕

ᠨᠢᠭᠡ ᠭᠠᠷᠠᠭ ᠤᠨ ᠡᠳᠦᠷ ᠮᠠᠽᠢᠯᠳ᠋ ᠬᠥᠭᠵᠢᠶᠡᠨᠲᠦ ᠴᠡᠴᠡᠷᠯᠢᠭ᠌ ᠲᠦ ᠣᠴᠢᠵᠤ ᠵᠤᠭᠠᠯᠠᠨ᠂ ᠨᠢᠭᠡᠨ ᠭᠠᠷᠠᠭ ᠤᠨ ᠶᠠᠳᠠᠷᠠᠭ᠎ᠠ ᠪᠠᠨ ᠭᠠᠷᠭᠠᠵᠤ ᠶᠠᠪᠤᠪᠠ᠃ ᠲᠡᠭᠡᠵᠦ ᠪᠠᠢᠲᠠᠯ᠎ᠠ ᠬᠡᠦᠬᠡᠳ ᠳᠠᠭᠠᠭᠤᠯᠤᠭᠰᠠᠨ ᠨᠢᠭᠡ ᠡᠬᠡᠨᠡᠷ ᠵᠤᠭᠠᠴᠠᠵᠤ ᠶᠠᠪᠤᠬᠤ ᠶᠢ ᠭᠡᠨᠡᠳᠲᠡ ᠠᠵᠢᠪᠠ᠃ ᠶᠡᠷᠦ ᠨᠢ ᠬᠠᠷᠢᠨ ᠹᠯᠧᠰᠵᠧ ᠬᠠᠲᠤᠨ ᠪᠠᠢᠭᠰᠠᠨ ᠪᠥᠭᠡᠳ ᠲᠡᠷᠡ ᠮᠥᠨ ᠵᠠᠯᠠᠭᠤ ᠪᠠᠷ ᠢᠶᠠᠨ᠂ ᠰᠡᠳᠭᠢᠯ ᠬᠥᠳᠡᠯᠭᠡᠮ᠎ᠡ ᠰᠠᠢᠬᠠᠨ ᠢᠶᠠᠷ ᠢᠶᠠᠨ ᠪᠠᠢᠯ᠎ᠠ᠃

ᠮᠠᠽᠢᠯᠳ᠋ ᠬᠠᠲᠤᠨ ᠤ ᠰᠡᠳᠭᠢᠯ ᠬᠢᠵᠠᠭᠠᠯᠠᠰᠢ ᠦᠭᠡᠢ ᠬᠥᠳᠡᠯᠪᠡ᠃ ᠬᠦᠷᠴᠦ ᠣᠴᠢᠭᠠᠳ ᠹᠯᠧᠰᠵᠧ ᠬᠠᠲᠤᠨ ᠲᠠᠢ ᠦᠭᠡ ᠶᠠᠷᠢᠨ᠎ᠠ ᠤᠤ︖ ᠶᠠᠷᠢᠶᠠᠨ ᠦᠭᠡᠢ ᠵᠠᠪᠠᠯ ᠣᠴᠢᠬᠤ ᠬᠡᠷᠡᠭᠲᠡᠢ᠃ ᠲᠡᠷᠡ ᠥᠷᠢ ᠲᠥᠯᠦᠭᠡᠰᠦ ᠪᠡᠨ ᠴᠥᠮ ᠲᠥᠯᠦᠴᠢᠬᠡᠭᠰᠡᠨ ᠪᠣᠯᠬᠣᠷ ᠲᠡᠭᠦᠨ ᠢᠶᠡᠨ ᠴᠥᠮ ᠢ ᠲᠣᠭᠠᠴᠢᠵᠤ ᠪᠣᠯᠤᠨ᠎ᠠ᠂ ᠶᠠᠭᠠᠬᠢᠭᠠᠳ ᠪᠣᠯᠬᠤ ᠦᠭᠡᠢ ᠪᠢᠯᠡ︖

ᠲᠡᠷᠡ ᠬᠦᠷᠦᠭᠡᠳ ᠣᠴᠢᠪᠠ᠃

«ᠴᠢ ᠰᠠᠢᠨ ᠤᠤ᠂ ᠵᠢᠶᠠᠨ᠋ᠧ᠃»

ᠨᠥᠭᠦᠭᠡᠳᠡᠬᠢ ᠨᠢ ᠲᠡᠭᠦᠨ ᠢ ᠣᠭᠲᠤᠬᠠᠨ ᠴᠤ ᠲᠠᠨᠢᠭᠰᠠᠨ ᠦᠭᠡᠢ᠃ ᠡᠭᠡᠯ ᠠᠷᠠᠳ ᠤᠨ ᠨᠢᠭᠡ ᠡᠬᠡᠨᠡᠷ ᠢᠩᠭᠢᠵᠦ ᠳᠣᠲᠤᠨᠤᠴᠢᠷᠬᠠᠨ ᠳᠠᠭᠤᠳᠠᠭᠰᠠᠨ ᠳᠤ ᠲᠡᠷᠡ ᠤᠴᠢᠷ ᠦᠭᠡᠢ ᠰᠣᠴᠢᠵᠠᠢ᠃

«ᠭᠡᠪᠡᠴᠦ ᠁ ᠬᠠᠲᠤᠭᠲᠠᠢ ᠁ ᠪᠢ ᠮᠡᠳᠡᠬᠦ ᠦᠭᠡᠢ ᠁ ᠴᠢ ᠯᠠᠪ ᠠᠨᠳᠠᠭᠤᠷᠠᠭ᠎ᠠ ᠪᠢᠵᠡ» ᠭᠡᠵᠦ ᠲᠡᠷᠡ ᠡᠭᠡᠷᠡᠨ ᠲᠡᠭᠡᠷᠡᠨ ᠬᠡᠯᠡᠪᠡ᠃

«ᠠᠨᠳᠠᠭᠤᠷᠠᠭ᠎ᠠ ᠦᠭᠡᠢ᠃ ᠪᠢ ᠮᠠᠽᠢᠯᠳ᠋ ᠯᠦᠸᠠᠼᠢ ᠮᠥᠨ᠃»

ᠨᠠᠢᠵᠠ ᠨᠢ ᠬᠠᠰᠭᠢᠷᠴᠤ ᠠᠪᠤᠭᠠᠳ᠄

«ᠠ︕ ᠁ᠮᠢᠨᠦ ᠬᠥᠭᠡᠷᠦᠬᠦᠢ ᠮᠠᠽᠢᠯᠳ᠋ ᠴᠢ ᠶᠠᠭᠠᠬᠢᠭᠠᠳ ᠡᠢᠮᠦ ᠪᠣᠯᠴᠢᠬᠠᠪᠠ︕ ᠁» ᠭᠡᠯ᠎ᠡ᠃

«ᠲᠡᠢᠮᠦ ᠡ᠂ ᠣᠯᠠᠨ ᠵᠢᠯ ᠠᠭᠤᠯᠵᠠᠭᠰᠠᠨ ᠦᠭᠡᠢ᠂ ᠡᠳᠡᠭᠡᠷ ᠵᠢᠯ ᠤᠳ ᠲᠤ ᠪᠢ ᠭᠠᠰᠢᠭᠤᠨ ᠵᠦᠳᠡᠭᠦᠷᠢ ᠶᠢ ᠵᠥᠩᠳᠡᠭᠡᠨ ᠠᠮᠰᠠᠯ᠎ᠠ᠃ ᠬᠠᠷᠢᠨ ᠴᠥᠮ ᠴᠢᠨᠦ ᠤᠴᠢᠷ ᠢᠶᠠᠷ ᠰᠢᠤ︕ ᠁»

«ᠮᠢᠨᠦ ᠤᠴᠢᠷ ᠢᠶᠠᠷ ᠭᠡᠨ᠎ᠡ︖ ᠁ ᠡᠨᠡ ᠶᠠᠭᠤ ᠭᠡᠰᠡᠨ ᠦᠭᠡ ᠪᠤᠢ︖»

«ᠴᠢ ᠨᠠᠳᠠ ᠵᠢᠭᠡᠯᠡᠭᠦᠯᠵᠦ ᠥᠭᠭᠦᠭᠰᠡᠨ ᠲᠡᠷᠡ ᠰᠣᠨᠳᠤᠷ ᠢᠶᠠᠨ ᠮᠠᠷᠲᠠᠭ᠎ᠠ ᠦᠭᠡᠢ ᠪᠢᠵᠡ᠂ ᠰᠤᠷᠭᠠᠨ ᠬᠥᠮᠦᠵᠢᠯ ᠦᠨ ᠶᠠᠮᠤᠨ ᠤ ᠦᠳᠡᠰᠢᠯᠡᠭᠡ ᠳᠦ ᠣᠴᠢᠬᠤ ᠳᠠᠭᠠᠨ ᠮᠢᠨᠦ ᠵᠡᠭᠦᠭᠰᠡᠨ ᠲᠡᠷᠡ᠃»

«ᠮᠠᠷᠲᠠᠭ᠎ᠠ ᠦᠭᠡᠢ᠃ ᠶᠠᠭᠠᠬᠢᠭ᠎ᠠ ᠭᠡᠵᠢ︖»

«ᠶᠠᠭᠠᠬᠢᠭ᠎ᠠ ᠭᠡᠵᠢ ᠭᠡᠨ᠎ᠡ︖ ᠪᠢ ᠲᠡᠭᠦᠨ ᠢ ᠴᠢᠨᠢ ᠭᠡᠭᠡᠴᠢᠬᠡᠭᠰᠡᠨ᠃»

«ᠬᠠᠮᠢᠭ᠎ᠠ ᠠᠴᠠ ᠳ᠋ᠠ︕ ᠴᠢ ᠬᠡᠵᠢᠶᠡᠨᠡᠢ ᠨᠠᠳᠠ ᠪᠤᠴᠠᠭᠠᠭᠠᠳ ᠥᠭᠭᠦᠭᠰᠡᠨ ᠯᠡ ᠳ᠋ᠠ᠃»

«ᠮᠢᠨᠦ ᠴᠢᠮ᠎ᠠ ᠳᠤ ᠪᠤᠴᠠᠭᠠᠵᠤ ᠥᠭᠭᠦᠭᠰᠡᠨ ᠨᠢ ᠥᠭᠡᠷ᠎ᠡ ᠨᠢᠭᠡ᠂ ᠴᠢᠨᠦᠬᠢ ᠲᠠᠢ ᠡᠭᠡᠭᠡ ᠢᠵᠢᠯ ᠶᠤᠮ᠃ ᠴᠢ ᠪᠣᠳᠤ ᠳ᠋ᠠ᠂ ᠪᠢᠳᠡ ᠠᠷᠪᠠᠨ ᠵᠢᠯ ᠦᠨ ᠬᠦᠴᠦ ᠬᠥᠳᠡᠯᠮᠦᠷᠢ ᠪᠡᠷ ᠲᠡᠭᠦᠨ ᠦ ᠦᠨ᠎ᠡ ᠥᠷᠲᠡᠭ ᠢ ᠰᠠᠶᠢ ᠲᠥᠯᠦᠵᠦ ᠳᠠᠭᠤᠰᠤᠯ᠎ᠠ᠃ ᠴᠢᠨᠦ ᠮᠡᠳᠡᠭᠡᠵᠢ ᠪᠡᠷ ᠪᠢᠳᠡ ᠮᠡᠲᠦ ᠶᠢᠨ ᠶᠠᠭᠤ ᠴᠤ ᠦᠭᠡᠢ ᠬᠥᠮᠦᠨ ᠳᠦ ᠡᠨᠡ ᠬᠠᠷᠢᠨ ᠬᠢᠯᠪᠠᠷ ᠬᠡᠷᠡᠭ ᠪᠢᠰᠢ ᠰᠢᠦ︕ ᠁ ᠭᠡᠪᠡᠴᠦ ᠬᠡᠷᠡᠭ ᠤᠴᠢᠷ ᠲᠣᠭᠤᠷᠢᠨ ᠥᠩᠭᠡᠷᠡᠵᠡᠢ᠂ ᠪᠢ ᠴᠦ ᠲᠤᠩ ᠪᠠᠶᠠᠷᠲᠠᠢ ᠪᠠᠢᠨᠠᠮ᠃»

ᠹᠯᠧᠰᠵᠧ ᠬᠠᠲᠤᠨ ᠠᠯᠬᠤᠬᠤ ᠪᠠᠨ ᠵᠣᠭᠰᠤᠭᠠᠳ᠄

«ᠴᠢ ᠨᠢᠭᠡ ᠡᠷᠳᠡᠨᠢ ᠶᠢᠨ ᠰᠣᠨᠳᠤᠷ ᠬᠤᠳᠠᠯᠳᠤᠵᠤ ᠠᠪᠤᠭᠠᠳ ᠨᠠᠳᠠ ᠲᠥᠯᠦᠭᠰᠡᠨ ᠭᠡᠵᠦ ᠴᠢ ᠬᠡᠯᠡᠪᠡ ᠤᠤ︖» ᠭᠡᠪᠡ᠃

«ᠲᠡᠢᠮᠦ ᠲᠡᠢᠮᠦ᠃ ᠴᠢ ᠲᠡᠷᠡ ᠦᠶᠡᠰ ᠮᠡᠳᠡᠭᠰᠡᠨ ᠦᠭᠡᠢ ᠭᠡᠵᠢ ᠤᠤ︖ ᠢᠬᠡᠷ᠎ᠡ ᠶᠤᠮ ᠰᠢᠭ ᠢᠵᠢᠯ ᠶᠤᠮ ᠴᠢᠨᠢ ᠳ᠋ᠠ᠃»

ᠲᠡᠭᠡᠭᠡᠳ ᠮᠠᠽᠢᠯᠳ᠋ ᠴᠢᠩ ᠦᠨᠡᠨᠴᠢ ᠰᠡᠳᠭᠢᠯ ᠢᠶᠡᠷ ᠢᠨᠢᠶᠡᠪᠡ᠃

ᠹᠯᠧᠰᠵᠧ ᠬᠠᠲᠤᠨ ᠤ ᠰᠡᠳᠭᠢᠯ ᠬᠦᠴᠦᠲᠡᠢ ᠳᠣᠭᠳᠤᠯᠵᠤ᠂ ᠬᠣᠶᠠᠷ ᠭᠠᠷ ᠢ ᠨᠢ ᠠᠳᠭᠤᠵᠤ ᠠᠪᠤᠭᠠᠳ᠄

«ᠠᠢ︕ᠮᠢᠨᠦ ᠬᠥᠭᠡᠷᠦᠬᠦᠢ ᠮᠠᠽᠢᠯᠳ᠋︕ ᠬᠠᠷᠢᠨ ᠮᠢᠨᠦ ᠲᠡᠷᠡ ᠰᠣᠨᠳᠤᠷ ᠬᠠᠭᠤᠷᠮᠠᠭ ᠡᠳ᠋ ᠶᠤᠮ᠃ ᠭᠠᠢᠭᠤᠢ ᠳᠠᠭᠠᠨ ᠲᠠᠪᠤᠨ ᠵᠠᠭᠤᠨ ᠹᠷᠠᠩᠺ ᠬᠦᠷᠦᠨ᠎ᠡ︕ ᠁» ᠭᠡᠪᠡ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082