ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠭᠠᠯᠵᠠᠭᠤ ᠬᠥᠮᠦᠨ᠎ᠦ ᠡᠳᠦᠷ᠎ᠦᠨ ᠲᠡᠮᠳᠡᠭᠯᠡᠯ

ᠯᠦ ᠰᠢᠶᠦ᠋ᠨ

ᠡᠢᠮᠦ ᠨᠢᠭᠡᠨ ᠠᠬ᠎ᠠ ᠳᠡᠭᠦᠦ ᠬᠣᠶᠠᠷ ᠪᠣᠯᠪᠠᠰᠤ ᠮᠢᠨᠦ ᠳᠤᠮᠳᠠᠳᠤ ᠰᠤᠷᠭᠠᠭᠤᠯᠢ᠎ᠶᠢᠨ ᠦᠶ᠎ᠡ᠎ᠶᠢᠨ ᠰᠠᠢᠬᠠᠨ ᠨᠥᠬᠦᠷ ᠠᠭᠰᠠᠨ ᠪᠦᠯᠦᠭᠡ᠃ ᠨᠡᠷ᠎ᠡ᠎ᠶᠢ ᠢᠨᠦ ᠡᠳᠦᠭᠡ ᠦᠯᠦ ᠳᠤᠷᠠᠳᠤᠮᠤᠢ᠃ ᠰᠠᠯᠤᠭᠠᠳ ᠤᠳᠠᠭᠰᠠᠨ᠎ᠤ ᠤᠴᠢᠷ᠎ᠠ᠂ ᠠᠭᠠᠵᠢᠮ᠎ᠢᠶᠠᠷ ᠵᠠᠬᠢᠳᠠᠯ ᠴᠢᠮᠡᠭᠡ ᠦᠯᠦ ᠨᠡᠪᠲᠡᠷᠡᠯᠴᠡᠬᠦ ᠪᠣᠯᠪᠠᠢ᠃ ᠨᠢᠭᠡ ᠢᠨᠦ ᠬᠦᠨᠳᠦ ᠡᠪᠡᠳᠴᠢᠨ᠎ᠡ ᠨᠡᠷᠪᠡᠭᠳᠡᠪᠡᠢ ᠬᠡᠮᠡᠨ ᠮᠥᠨᠥᠬᠡᠨ ᠭᠡᠨᠡᠳᠲᠡ ᠰᠣᠨᠤᠰᠤᠭᠠᠳ ᠨᠤᠲᠤᠭ᠎ᠲᠤ ᠬᠠᠷᠢᠬᠤ ᠲᠠᠰᠢᠷᠠᠮ᠎ᠢᠶᠠᠷ ᠲᠤᠰᠭᠠᠢᠯᠠᠨ ᠡᠷᠢᠵᠦ ᠣᠴᠢᠬᠤᠯ᠎ᠠ᠂ ᠭᠠᠭᠴᠠᠬᠠᠨ ᠠᠬ᠎ᠠ᠎ᠯᠤᠭ᠎ᠠ ᠠᠨᠤ ᠣᠯᠵᠤ ᠤᠴᠠᠷᠠᠭᠰᠠᠨ ᠪᠥᠭᠡᠳ ᠡᠪᠡᠳᠪᠡᠢ ᠬᠡᠮᠡᠭᠰᠡᠨ ᠢᠨᠦ ᠲᠡᠭᠦᠨ᠎ᠦ ᠳᠡᠭᠦᠦ ᠠᠭᠰᠠᠨ ᠠᠵᠤᠭᠤ᠃ ᠲᠠ ᠮᠢᠨᠦ᠂ ᠠᠯᠤᠰ᠎ᠤᠨ ᠵᠠᠮ᠎ᠳᠤᠷ ᠵᠦᠳᠡᠷᠡᠭᠰᠡᠨ ᠪᠣᠯᠪᠠ᠎ᠤᠤ᠂ ᠲᠡᠢᠨ ᠬᠡᠮᠡᠪᠡᠰᠦ ᠲᠡᠷᠡ᠂ ᠬᠡᠳᠦᠢᠨ ᠢᠯᠠᠷᠢ ᠪᠣᠯᠤᠭᠠᠳ᠂ ᠭᠠᠳᠠᠭᠰᠢ ᠠᠯᠪᠠ ᠡᠷᠢᠬᠦ᠎ᠪᠡᠷ ᠶᠠᠪᠤᠪᠠᠢ ᠬᠡᠮᠡᠨ ᠶᠡᠬᠡᠯ᠎ᠡ ᠪᠠᠶᠠᠷᠯᠠᠨ᠂ ᠡᠳᠦᠷ᠎ᠦᠨ ᠲᠡᠮᠳᠡᠭᠯᠡᠯ ᠬᠣᠶᠠᠷ ᠳᠡᠪᠲᠡᠷ ᠭᠠᠷᠭᠠᠭᠠᠳ᠂ ᠲᠡᠷᠡ ᠦᠶ᠎ᠡ᠎ᠶᠢᠨ ᠡᠪᠡᠳᠴᠢᠨ᠎ᠦ ᠪᠠᠢᠳᠠᠯ᠎ᠢ ᠡᠭᠦᠨ᠎ᠡᠴᠡ ᠮᠡᠳᠡᠵᠦ ᠪᠣᠯᠬᠤ ᠪᠣᠯᠠᠢ᠃ ᠬᠠᠭᠤᠴᠢᠨ ᠨᠥᠬᠦᠳ᠎ᠲᠦᠷ ᠠᠨᠤ ᠦᠵᠡᠭᠦᠯᠦᠭᠰᠡᠨ᠎ᠴᠦ ᠦᠯᠦ ᠪᠣᠯᠬᠤ ᠶᠠᠭᠤᠨ ᠬᠡᠮᠡᠪᠡᠢ᠃ ᠠᠪᠴᠤ ᠢᠷᠡᠭᠡᠳ ᠨᠢᠭᠡᠨ ᠤᠳᠠᠭ᠎ᠠ ᠤᠩᠰᠢᠵᠤ 《ᠬᠠᠪᠴᠢᠯᠭ᠎ᠠ᠎ᠶᠢᠨ ᠭᠠᠯᠵᠠᠭᠤ》 ᠮᠡᠲᠦᠰ᠎ᠲᠦᠷ ᠨᠡᠷᠪᠡᠭᠳᠡᠭᠰᠡᠨ᠎ᠢ ᠢᠨᠦ ᠮᠡᠳᠡᠪᠡᠢ᠃ ᠦᠭᠡ ᠢᠨᠦ ᠡᠨᠳᠡᠭᠦᠦ ᠲᠠᠰᠢᠶ᠎ᠠ ᠶᠡᠬᠡᠲᠡᠢ᠂ ᠡᠬᠢ ᠠᠳᠠᠭ᠎ᠦᠭᠡᠢ ᠴᠠᠯᠴᠢᠶ᠎ᠠ ᠭᠣᠣᠯᠲᠠᠢ ᠪᠥᠭᠡᠳ ᠪᠠᠰᠠ᠎ᠬᠦ ᠡᠳᠦᠷ ᠰᠠᠷ᠎ᠠ᠎ᠶᠢ᠎ᠴᠤ ᠲᠡᠮᠳᠡᠭᠯᠡᠭᠰᠡᠨ᠎ᠦᠭᠡᠢ ᠲᠤᠯᠠ ᠭᠠᠭᠴᠠ᠎ᠬᠦ ᠪᠡᠬᠡᠨ᠎ᠦ ᠥᠩᠭᠡ ᠪᠠ ᠪᠢᠴᠢᠯᠭᠡ᠎ᠶᠢᠨ ᠨᠢᠭᠡᠳᠦᠯ᠎ᠦᠭᠡᠢ᠎ᠡᠴᠡ ᠦᠵᠡᠪᠡᠰᠦ᠂ ᠨᠢᠭᠡᠨ ᠴᠠᠭ᠎ᠲᠤᠷ ᠪᠢᠴᠢᠵᠦ ᠭᠠᠷᠭᠠᠭᠰᠠᠨ ᠠᠨᠤ ᠪᠤᠰᠤ ᠪᠣᠯᠠᠢ ᠬᠡᠮᠡᠭᠴᠢ᠎ᠶᠢ ᠮᠡᠳᠡᠪᠡᠢ᠃ ᠬᠠᠶᠠ ᠪᠠᠰᠠ ᠬᠠᠷᠢᠴᠠᠭ᠎ᠠ ᠬᠣᠯᠪᠤᠭ᠎ᠠ ᠪᠦᠬᠦᠢ ᠵᠦᠢᠯ ᠴᠣᠬᠤᠰ ᠮᠡᠳᠡᠭᠳᠡᠬᠦ ᠲᠤᠯᠠ ᠡᠳᠦᠭᠡ ᠨᠢᠭᠡᠨ ᠪᠦᠯᠦᠭ᠎ᠢ ᠰᠣᠩᠭᠤᠨ ᠰᠡᠢᠷᠡᠭᠦᠯᠵᠦ ᠡᠮᠴᠢ᠎ᠨᠡᠷ᠎ᠦᠨ ᠰᠢᠨᠵᠢᠯᠡᠯᠭᠡᠨ᠎ᠡ ᠵᠣᠷᠢᠭᠤᠯᠪᠠᠢ᠃ ᠲᠡᠮᠳᠡᠭᠯᠡᠯ᠎ᠳᠡᠬᠢ ᠦᠰᠦᠭ᠎ᠦᠨ ᠲᠠᠰᠢᠶ᠎ᠠ᠎ᠶᠢ ᠨᠢᠭᠡᠴᠦ ᠡᠰᠡ ᠵᠠᠰᠠᠪᠠᠢ᠃ ᠭᠠᠭᠴᠠ᠎ᠬᠦ ᠬᠥᠮᠦᠰ᠎ᠦᠨ ᠨᠡᠷ᠎ᠡ ᠢᠨᠦ ᠣᠯᠠᠨ᠎ᠠ ᠡᠰᠡ ᠠᠯᠳᠠᠷᠰᠢᠭᠰᠠᠨ ᠡᠭᠡᠯ ᠬᠥᠳᠡᠭᠡ᠎ᠶᠢᠨ ᠬᠥᠮᠦᠰ ᠪᠥᠭᠡᠳ ᠲᠡᠮᠳᠡᠭᠯᠡᠯ᠎ᠦᠨ ᠪᠦᠬᠦ ᠪᠠᠢᠳᠠᠯ᠎ᠳᠤᠷ ᠲᠡᠳᠦᠢᠯᠡ ᠦᠯᠦ ᠬᠠᠷᠰᠢᠯᠠᠬᠤ ᠲᠤᠯᠠ ᠴᠥᠮ᠎ᠢ ᠬᠠᠯᠠᠪᠠᠢ᠃ ᠪᠢᠴᠢᠭ᠎ᠦᠨ ᠨᠡᠷ᠎ᠡ᠎ᠶᠢ ᠡᠪᠡᠳᠴᠢᠲᠡᠨ ᠢᠯᠠᠷᠢ ᠪᠣᠯᠤᠭᠠᠳ᠂ ᠥᠪᠡᠷ᠎ᠢᠶᠡᠨ ᠥᠭᠭᠦᠭᠰᠡᠨ ᠲᠤᠯᠠ ᠳᠠᠬᠢᠵᠤ ᠡᠰᠡ ᠵᠠᠰᠠᠪᠠᠢ᠃ ᠳᠣᠯᠤᠭᠠᠨ ᠣᠨ᠎ᠤ ᠳᠥᠷᠪᠡᠳᠦᠭᠡᠷ ᠰᠠᠷ᠎ᠠ᠎ᠶᠢᠨ ᠬᠣᠶᠠᠷ᠎ᠤᠨ ᠡᠳᠦᠷ ᠪᠢᠴᠢᠪᠡᠢ᠃

ᠨᠢᠭᠡ

ᠰᠠᠷᠠ᠎ᠲᠠᠢ ᠰᠠᠢᠬᠠᠨ ᠰᠠᠷᠠᠭᠤᠯ ᠦᠳᠡᠰᠢ ᠪᠠᠢᠯ᠎ᠠ᠃

ᠪᠢ ᠲᠡᠭᠦᠨ᠎ᠲᠡᠢ ᠠᠭᠤᠯᠵᠠᠭᠰᠠᠨ᠎ᠦᠭᠡᠢ ᠭᠤᠴᠢ ᠭᠠᠷᠤᠢ ᠵᠢᠯ ᠪᠣᠯᠤᠭᠰᠠᠨ ᠲᠤᠯᠠ ᠥᠨᠥᠳᠦᠷ ᠣᠯᠵᠤ ᠠᠭᠤᠯᠵᠠᠭᠠᠳ ᠳᠣᠲᠤᠷ᠎ᠠ᠎ᠮᠢᠨᠢ ᠲᠤᠩ ᠠᠶᠠᠲᠠᠢᠬᠠᠨ ᠰᠠᠨᠠᠭᠳᠠᠪᠠ᠃ ᠢᠩᠭᠢᠭᠡᠳ ᠡᠨᠡ ᠭᠤᠴᠢ ᠭᠠᠷᠤᠢ ᠵᠢᠯ᠎ᠢ ᠪᠦᠷ ᠮᠤᠩᠭᠢᠨᠠᠵᠤ ᠣᠩᠭᠡᠷᠡᠭᠦᠯᠦᠭᠰᠡᠨ᠎ᠢᠶᠡᠨ ᠰᠠᠶᠢ ᠣᠯᠵᠤ ᠮᠡᠳᠡᠯ᠎ᠡ᠃ ᠶᠡᠬᠡᠬᠡᠨ ᠪᠣᠯᠭᠤᠮᠵᠢᠯᠠᠬᠤ ᠬᠡᠷᠡᠭᠲᠡᠢ ᠪᠠᠢᠨ᠎ᠠ᠃ ᠦᠭᠡᠢᠪᠡᠯ᠂ ᠥᠨᠥ ᠵᠣᠣ ᠣᠪᠤᠭᠲᠠᠨ᠎ᠤ ᠨᠣᠬᠠᠢ ᠶᠠᠭᠤᠨ᠎ᠳᠤ ᠨᠠᠮᠠᠢ ᠬᠡᠳᠦ ᠬᠠᠷᠠᠵᠤ ᠠᠪᠬᠤ ᠪᠢᠯᠡ?

ᠮᠢᠨᠦ ᠠᠶᠤᠬᠤ᠎ᠨᠢ ᠵᠦᠢᠲᠡᠢ᠃

ᠬᠣᠶᠠᠷ

ᠡᠨᠡ ᠰᠥᠨᠢ ᠰᠠᠷᠠᠨ᠎ᠤ ᠭᠡᠷᠡᠯ ᠣᠭᠲᠤ᠎ᠦᠭᠡᠢ᠂ ᠬᠡᠷᠡᠭ ᠮᠠᠭᠤᠬᠠᠢ ᠪᠣᠯᠬᠤ᠎ᠶᠢ ᠪᠢ ᠮᠡᠳᠡᠪᠡ᠃ ᠥᠷᠯᠦᠭᠡ ᠬᠡᠷᠰᠡᠦᠬᠡᠨ ᠭᠠᠳᠠᠭᠰᠢ ᠭᠠᠷᠪᠠᠯ᠂ ᠵᠣᠣ ᠡᠷᠬᠢᠮ᠂ ᠨᠠᠳᠠ᠎ᠠᠴᠠ ᠠᠶᠤᠵᠤ ᠪᠠᠢᠭ᠎ᠠ ᠶᠤᠮᠰᠢᠭ᠂ ᠨᠠᠮᠠᠢ ᠬᠣᠣᠷᠯᠠᠬᠤ ᠭᠡᠵᠦ ᠪᠠᠢᠭ᠎ᠠ᠎ᠴᠤ ᠶᠤᠮᠰᠢᠭ ᠨᠢᠳᠦ᠎ᠨᠢ ᠵᠢᠭᠲᠡᠢᠬᠡᠨ ᠪᠠᠢᠯ᠎ᠠ᠃ ᠲᠡᠭᠡᠭᠡᠳ ᠪᠠᠰᠠ ᠳᠣᠯᠤᠭ᠎ᠠ ᠨᠠᠢ᠍ᠮᠠᠨ ᠬᠥᠮᠦᠨ᠂ ᠴᠢᠬᠢ ᠬᠣᠩᠰᠢᠶᠠᠷ᠎ᠢᠶᠠᠨ ᠨᠡᠢᠯᠡᠭᠦᠯᠵᠦ ᠮᠢᠨᠦ ᠲᠤᠬᠠᠢ ᠰᠢᠪᠡᠨᠡᠯᠳᠦᠬᠦ᠎ᠳᠡᠭᠡᠨ ᠪᠠᠰᠠ ᠨᠠᠳᠠ᠎ᠠᠴᠠ ᠨᠢᠭᠤᠵᠤ ᠪᠠᠢᠯ᠎ᠠ᠃ ᠵᠠᠮ᠎ᠳᠤ ᠲᠠᠭᠠᠷᠢᠯᠳᠤᠭᠰᠠᠨ ᠬᠥᠮᠦᠰ ᠴᠥᠮ ᠡᠢᠮᠦ ᠪᠠᠢᠪᠠ᠃ ᠲᠡᠳᠡᠨ᠎ᠦ ᠳᠣᠲᠤᠷᠠᠬᠢ ᠬᠠᠮᠤᠭ᠎ᠤᠨ ᠬᠡᠷᠴᠡᠭᠡᠢ ᠨᠢᠭᠡ᠎ᠨᠢ ᠨᠠᠮᠠᠢ ᠬᠠᠷᠠᠭᠠᠳ ᠠᠮᠠ᠎ᠪᠠᠨ ᠠᠩᠭᠠᠢᠨ ᠢᠨᠢᠶᠡᠭᠰᠡᠨ᠎ᠳᠦ ᠮᠢᠨᠦ ᠣᠷᠤᠢ᠎ᠠᠴᠠ ᠤᠯᠠ᠎ᠳᠤ ᠬᠦᠷᠲᠡᠯ᠎ᠡ ᠬᠦᠢᠲᠡᠨ ᠣᠷᠭᠢᠪᠠ᠃ ᠲᠡᠳᠡ ᠬᠠᠮᠤᠭ᠎ᠢᠶᠠᠨ ᠪᠡᠯᠡᠳᠭᠡᠵᠦ ᠭᠦᠢᠴᠡᠭᠰᠡᠨ᠎ᠢ ᠮᠡᠳᠡᠯ᠎ᠡ᠃

ᠭᠡᠲᠡᠯ᠎ᠡ ᠪᠢ ᠶᠡᠷᠦ ᠠᠶᠤᠬᠤ᠎ᠦᠭᠡᠢ᠂ ᠶᠠᠪᠤᠳᠠᠭ᠎ᠢᠶᠠᠷ᠎ᠢᠶᠠᠨ ᠶᠠᠪᠤᠭᠰᠠᠭᠠᠷ᠎ᠯᠠ ᠪᠠᠢᠪᠠ᠃ ᠡᠮᠦᠨ᠎ᠡ ᠨᠢᠭᠡ ᠪᠦᠯᠦᠭ ᠬᠡᠦᠬᠡᠳ ᠪᠠᠰᠠ᠎ᠯᠠ ᠨᠠᠮᠠᠢ ᠶᠠᠷᠢᠯᠴᠠᠨ᠎ᠠ᠃ ᠨᠢᠳᠦᠨ᠎ᠦ ᠬᠢᠨᠢ ᠬᠠᠷᠠᠴᠠ ᠮᠥᠨ ᠵᠣᠣ ᠡᠷᠬᠢᠮ᠎ᠲᠡᠢ ᠠᠳᠠᠯᠢ᠂ ᠴᠢᠷᠠᠢ᠎ᠨᠢ ᠴᠢᠯ ᠬᠥᠬᠡᠷᠡᠭᠰᠡᠨ ᠪᠠᠢᠯ᠎ᠠ᠃ ᠪᠢ ᠬᠡᠦᠬᠡᠳ᠎ᠲᠡᠢ ᠶᠠᠮᠠᠷ ᠥᠰᠲᠡᠢ ᠪᠢᠯᠡ? ᠲᠡᠳᠡ ᠪᠠᠰᠠ ᠢᠩᠭᠢᠳᠡᠭ᠎ᠨᠢ ᠶᠠᠭᠤ ᠪᠤᠢ ᠭᠡᠵᠦ ᠪᠢ ᠰᠠᠨᠠᠪᠠ᠃ ᠲᠡᠭᠡᠭᠡᠳ ᠲᠡᠰᠴᠦ ᠴᠢᠳᠠᠭᠰᠠᠨ᠎ᠦᠭᠡᠢ ᠶᠡᠬᠡ ᠳᠠᠭᠤᠨ᠎ᠢᠶᠠᠷ: 《ᠴᠢ ᠨᠠᠳᠠ ᠬᠡᠯᠡᠭᠡᠳ ᠠᠯᠢ!》 ᠭᠡᠵᠦ ᠬᠠᠰᠭᠢᠷᠪᠠ᠃ ᠭᠡᠲᠡᠯ᠎ᠡ ᠲᠡᠳᠡ ᠳᠤᠲᠠᠭᠠᠵᠤ ᠠᠷᠢᠯᠪᠠ᠃

ᠪᠣᠳᠤᠬᠤ᠎ᠳᠤ ᠪᠢ ᠵᠣᠣ ᠡᠷᠬᠢᠮ᠎ᠲᠡᠢ ᠶᠠᠮᠠᠷ ᠥᠰᠲᠡᠢ ᠪᠢᠯᠡ᠃ ᠵᠠᠮ᠎ᠤᠨ ᠬᠥᠮᠦᠰ᠎ᠲᠡᠢ ᠪᠠᠰᠠ ᠶᠠᠮᠠᠷ ᠥᠰᠲᠡᠢ ᠪᠢᠯᠡ᠃ ᠬᠣᠷᠢᠨ ᠵᠢᠯ᠎ᠦᠨ ᠡᠮᠦᠨ᠎ᠡ᠂ ᠭᠦ᠋ ᠵᠢᠦ ᠠᠪᠤᠭᠠᠢ᠎ᠶᠢᠨ ᠤᠳᠠᠭᠠᠨ ᠵᠢᠯ᠎ᠦᠨ ᠬᠢᠨᠢ ᠳᠠᠩᠰᠠ᠎ᠶᠢ ᠨᠢᠭᠡ ᠭᠢᠰᠭᠢᠭᠡᠳ᠂ ᠲᠡᠭᠦᠨ᠎ᠢ ᠶᠡᠬᠡᠯ᠎ᠡ ᠳᠤᠷ᠎ᠠ ᠦᠭᠡᠢᠴᠡᠭᠦᠯᠦᠭᠰᠡᠨ ᠲᠡᠳᠦᠢ᠎ᠶᠦᠮ᠃ ᠵᠣᠣ ᠡᠷᠬᠢᠮ ᠬᠡᠳᠦᠢᠪᠡᠷ ᠲᠡᠭᠦᠨ᠎ᠢ ᠲᠠᠨᠢᠬᠤ᠎ᠦᠭᠡᠢ ᠪᠣᠯᠪᠠᠴᠤ᠂ ᠴᠢᠮᠡᠭᠡ᠎ᠶᠢ ᠰᠣᠨᠤᠰᠤᠭᠠᠳ ᠲᠡᠭᠦᠨ᠎ᠦ ᠡᠮᠦᠨ᠎ᠡ᠎ᠡᠴᠡ ᠠᠭᠤᠷᠯᠠᠵᠤ᠂ ᠵᠠᠮ᠎ᠤᠨ ᠬᠥᠮᠦᠰ᠎ᠲᠡᠢ ᠦᠭᠡ ᠨᠢᠰᠦᠭᠡᠳ ᠨᠠᠳᠠ᠎ᠲᠠᠢ ᠥᠰ ᠬᠥᠭᠡᠭᠡᠵᠦ ᠪᠠᠢᠬᠤ᠎ᠨᠢ ᠡᠨᠡ ᠪᠠᠢᠯᠭᠦᠢ᠃ ᠭᠡᠲᠡᠯ᠎ᠡ ᠬᠡᠦᠬᠡᠳ ᠶᠠᠭᠠᠬᠢᠵᠤ ᠪᠠᠢᠭ᠎ᠠ᠎ᠨᠢ ᠡᠨᠡ ᠪᠤᠢ? ᠲᠡᠷᠡ ᠦᠶ᠎ᠡ᠎ᠳᠦ ᠲᠥᠷᠦᠭᠡ᠎ᠴᠦ᠎ᠦᠭᠡᠢ ᠪᠠᠢᠭᠰᠠᠨ᠎ᠶᠤᠮ᠎ᠴᠢᠨᠢ ᠶᠠᠭᠤᠨ᠎ᠳᠤ ᠥᠨᠥᠳᠦᠷ ᠪᠠᠰᠠ ᠨᠠᠳᠠ᠎ᠠᠴᠠ ᠠᠶᠤᠵᠤ ᠪᠠᠢᠭ᠎ᠠ ᠶᠤᠮᠰᠢᠭ᠂ ᠨᠠᠮᠠᠢ ᠬᠣᠣᠷᠯᠠᠬᠤ ᠭᠡᠵᠦ ᠪᠠᠢᠭ᠎ᠠ᠎ᠴᠤ ᠶᠤᠮᠰᠢᠭ ᠮᠠᠭᠤᠬᠠᠢ ᠬᠠᠷᠠᠨ᠎ᠠ ᠪᠤᠢ? ᠡᠨᠡ᠎ᠴᠢᠨᠢ ᠨᠠᠳᠠ ᠠᠶᠤᠮᠠᠷ ᠪᠥᠭᠡᠳ ᠭᠠᠢᠬᠠᠰᠢ ᠠᠯᠳᠠᠮ᠎ᠠ᠂ ᠵᠣᠪᠠᠯᠠᠩ᠎ᠲᠠᠢ ᠬᠡᠷᠡᠭ ᠪᠠᠢᠨ᠎ᠠ ᠰᠢᠤ!

ᠪᠢ ᠮᠡᠳᠡᠯ᠎ᠡ᠃ ᠡᠬᠡ ᠡᠴᠢᠭᠡ᠎ᠨᠢ ᠢᠩᠭᠢᠵᠦ ᠵᠢᠭᠠᠵᠤ ᠥᠭᠴᠡᠢ!

ᠭᠤᠷᠪᠠ

ᠰᠥᠨᠢ ᠶᠡᠷᠦ ᠨᠣᠢᠷ ᠬᠦᠷᠬᠦ᠎ᠦᠭᠡᠢ᠃ ᠠᠯᠢᠪᠠ ᠬᠡᠷᠡᠭ᠎ᠨᠢ ᠨᠢᠭᠲᠠᠯᠠᠵᠤ ᠪᠠᠢᠪᠠᠯ ᠰᠠᠶᠢ ᠤᠴᠢᠷ᠎ᠢ᠎ᠨᠢ ᠣᠯᠳᠠᠭ ᠪᠠᠢᠨ᠎ᠠ᠃

ᠲᠡᠳᠡᠨ᠎ᠦ ᠳᠣᠲᠤᠷ᠎ᠠ ᠰᠢᠶᠠᠨ᠎ᠤ ᠨᠣᠶᠠᠨ᠎ᠢᠶᠠᠷ ᠳᠥᠩᠭᠡᠯᠡᠭᠦᠯᠦᠭᠰᠡᠨ ᠬᠥᠮᠦᠨ᠎ᠴᠦ ᠪᠤᠢ᠂ ᠡᠷᠬᠡᠲᠡᠨ᠎ᠳᠦ ᠲᠦᠭᠦᠰᠢᠯᠡᠭᠦᠯᠦᠭᠰᠡᠨ ᠬᠥᠮᠦᠨ᠎ᠴᠦ ᠪᠤᠢ᠂ ᠶᠠᠮᠤᠨ᠎ᠤ ᠲᠤᠰᠢᠶᠠᠯᠲᠠᠨ᠎ᠳᠤ ᠡᠬᠡᠨᠡᠷ᠎ᠢᠶᠡᠨ ᠪᠤᠯᠢᠶᠠᠭᠳᠠᠭᠰᠠᠨ ᠬᠥᠮᠦᠨ᠎ᠴᠦ ᠪᠤᠢ᠂ ᠠᠪᠤ ᠡᠵᠢ᠎ᠨᠢ ᠠᠪᠤᠯᠭ᠎ᠠ᠎ᠶᠢᠨ ᠡᠵᠡᠳ᠎ᠲᠦ ᠬᠠᠪᠴᠢᠭᠳᠠᠨ ᠦᠬᠦᠭᠰᠡᠳ᠎ᠴᠦ ᠪᠤᠢ᠃ ᠲᠡᠷᠡ ᠦᠶ᠎ᠡ᠎ᠳᠦ ᠲᠡᠳᠡᠨ᠎ᠦ ᠵᠢᠰᠦ ᠴᠢᠷᠠᠢ ᠶᠡᠷᠦ ᠥᠴᠦᠭᠡᠳᠦᠷ᠎ᠦᠨ᠎ᠰᠢᠭ ᠲᠡᠢᠮᠦ ᠠᠶᠤᠮᠠᠷ᠂ ᠲᠡᠢᠮᠦ ᠬᠡᠷᠴᠡᠭᠡᠢ ᠪᠠᠢᠭᠰᠠᠨ᠎ᠦᠭᠡᠢ᠎ᠰᠠᠨ᠃

ᠬᠠᠮᠤᠭ᠎ᠤᠨ ᠵᠢᠭᠲᠡᠢ᠎ᠨᠢ ᠥᠴᠦᠭᠡᠳᠦᠷ ᠭᠤᠳᠤᠮᠵᠢᠨ᠎ᠳᠤ ᠲᠠᠭᠠᠷᠢᠯᠳᠤᠭᠰᠠᠨ ᠲᠡᠷᠡ ᠡᠮᠡᠭᠲᠡᠢ ᠪᠠᠢᠯ᠎ᠠ᠃ ᠲᠡᠷᠡ ᠬᠦᠦ᠎ᠪᠡᠨ ᠵᠣᠳᠤᠵᠤ: 《ᠡᠴᠢᠭᠡ᠎ᠮᠢᠨᠢ ᠡ! ᠪᠢ ᠴᠢᠮᠠᠢ ᠭᠠᠢᠭᠤᠢ ᠬᠡᠳᠦ ᠬᠠᠵᠠᠶ᠎ᠠ ᠬᠡᠮᠡᠨ ᠰᠠᠨᠠᠵᠤ ᠪᠠᠢᠨ᠎ᠠ!》 ᠭᠡᠵᠦ ᠬᠡᠯᠡᠨ᠎ᠡ᠃ ᠭᠡᠲᠡᠯ᠎ᠡ ᠨᠢᠳᠦ᠎ᠨᠢ ᠬᠠᠷᠢᠨ ᠨᠠᠮᠠᠢ ᠰᠢᠷᠲᠡᠭᠡᠳ ᠪᠠᠢᠪᠠ᠃ ᠪᠢ ᠨᠢᠭᠡᠮᠦᠰᠦᠨ ᠠᠶᠤᠭᠠᠳ ᠣᠷᠤᠬᠤ ᠭᠠᠵᠠᠷ᠎ᠢᠶᠠᠨ ᠣᠯᠤᠭᠰᠠᠨ᠎ᠦᠭᠡᠢ᠃ ᠥᠨᠥ ᠬᠦᠢᠲᠡᠨ ᠬᠥᠬᠡ ᠴᠢᠷᠠᠢᠲᠠᠨ᠎ᠨᠤᠭᠤᠳ ᠴᠥᠮ ᠳᠦᠷᠬᠢᠷᠡᠲᠡᠯ᠎ᠡ ᠢᠨᠢᠶᠡᠯᠳᠦᠪᠡ᠃ ᠴᠧᠨ ᠯᠣᠣ ᠦ᠋ ᠤᠬᠤᠰᠬᠢᠨ ᠭᠠᠷᠴᠤ ᠢᠷᠡᠭᠡᠳ ᠨᠠᠮᠠᠢ ᠭᠡᠷ᠎ᠲᠦ ᠴᠢᠷᠴᠦ ᠣᠷᠤᠪᠠ᠃

ᠪᠢ ᠭᠡᠷ᠎ᠲᠡᠭᠡᠨ ᠴᠢᠷᠦᠭᠳᠡᠨ ᠣᠷᠤᠬᠤᠯ᠎ᠠ ᠭᠡᠷ᠎ᠦᠨ ᠬᠥᠮᠦᠰ ᠴᠥᠮ ᠨᠠᠮᠠᠢ ᠲᠠᠨᠢᠬᠤ᠎ᠦᠭᠡᠢ ᠶᠤᠮᠰᠢᠭ ᠠᠭᠠᠰᠢᠯᠠᠨ᠎ᠠ᠃ ᠲᠡᠳᠡᠨ᠎ᠦ ᠬᠠᠷᠠᠴᠠ᠎ᠨᠢ ᠮᠥᠨ ᠥᠭᠡᠷ᠎ᠡ ᠪᠢᠰᠢᠨ᠎ᠲᠡᠢ᠎ᠪᠡᠨ ᠪᠦᠷ ᠠᠳᠠᠯᠢᠬᠠᠨ ᠪᠠᠢᠪᠠ᠃ ᠪᠢᠴᠢᠭ᠎ᠦᠨ ᠭᠡᠷ᠎ᠲᠦ ᠣᠷᠤᠵᠤ ᠣᠴᠢᠲᠠᠯ᠎ᠠ ᠲᠠᠬᠢᠶ᠎ᠠ ᠨᠤᠭᠤᠰᠤ ᠬᠣᠷᠢᠭᠰᠠᠨ ᠶᠤᠮᠰᠢᠭ ᠡᠭᠦᠳᠡ᠎ᠶᠢ ᠠᠷᠤ᠎ᠠᠴᠠ ᠲᠦᠭᠵᠢᠵᠦ ᠣᠷᠬᠢᠪᠠ᠃ ᠡᠨᠡ ᠶᠠᠪᠤᠳᠠᠯ ᠨᠠᠮᠠᠢ ᠤᠯᠠᠮ᠎ᠴᠤ ᠤᠴᠢᠷ ᠤᠬᠠᠭᠠᠨ᠎ᠢ᠎ᠨᠢ ᠣᠯᠬᠤ᠎ᠦᠭᠡᠢ ᠪᠣᠯᠭᠠᠵᠤ ᠬᠠᠶᠠᠵᠠᠢ᠃

ᠤᠷᠢᠳ ᠬᠡᠳᠦᠨ ᠡᠳᠦᠷ᠂ ᠯᠠᠩ ᠽᠢ ᠼᠦᠨ ᠲᠣᠰᠭᠤᠨ᠎ᠤ ᠲᠦᠷᠢᠶᠡᠰᠦᠨ ᠲᠠᠷᠢᠶᠠᠴᠢᠨ ᠭᠠᠮᠰᠢᠭ᠎ᠲᠤ ᠳᠠᠭᠠᠷᠢᠭᠳᠠᠭᠰᠠᠨ᠎ᠢᠶᠠᠨ ᠮᠡᠳᠡᠭᠳᠡᠬᠦ᠎ᠪᠡᠷ ᠢᠷᠡᠭᠡᠳ᠂ ᠮᠢᠨᠦ ᠶᠡᠬᠡ ᠠᠬ᠎ᠠ᠎ᠳᠤ ᠲᠣᠰᠭᠤᠨ᠎ᠤ᠎ᠪᠠᠨ ᠨᠢᠭᠡᠨ ᠬᠠᠴᠢᠨ ᠮᠠᠭᠤ ᠬᠥᠮᠦᠨ᠎ᠢ ᠠᠢᠯ ᠣᠯᠠᠨ᠎ᠢᠶᠠᠷ᠎ᠢᠶᠠᠨ ᠴᠣᠬᠢᠵᠤ ᠠᠯᠠᠭᠰᠠᠨ ᠪᠥᠭᠡᠳ ᠬᠡᠳᠦᠨ ᠬᠥᠮᠦᠨ ᠵᠢᠷᠦᠬᠡ᠎ᠶᠢ᠎ᠨᠢ ᠰᠤᠭᠤᠯᠵᠤ ᠠᠪᠤᠭᠠᠳ᠂ ᠰᠥᠰᠦ ᠵᠣᠷᠢᠭ᠎ᠢᠶᠠᠨ ᠪᠦᠳᠦᠭᠦᠷᠡᠭᠦᠯᠬᠦ᠎ᠶᠦᠮ ᠭᠡᠵᠦ ᠲᠣᠰᠤ᠎ᠪᠠᠷ ᠬᠠᠭᠠᠷᠢᠵᠤ ᠢᠳᠡᠪᠡ ᠭᠡᠵᠦ ᠶᠠᠷᠢᠯ᠎ᠠ᠃ ᠪᠢ ᠳᠤᠮᠳᠠ᠎ᠠᠴᠠ᠎ᠨᠢ ᠨᠢᠭᠡ ᠳᠤᠤᠭᠠᠷᠤᠭᠰᠠᠨ᠎ᠳᠤ ᠥᠨᠥ ᠲᠦᠷᠢᠶᠡᠰᠦᠨ ᠲᠠᠷᠢᠶᠠᠴᠢᠨ ᠶᠡᠬᠡ ᠠᠬ᠎ᠠ ᠬᠣᠶᠠᠷ ᠨᠠᠮᠠᠢ ᠬᠡᠳᠦᠨᠲᠡ ᠭᠢᠯᠤᠢᠵᠤ ᠬᠠᠷᠠᠭᠰᠠᠨ ᠪᠢᠯᠡ᠃ ᠲᠡᠳᠡᠨ᠎ᠦ ᠬᠠᠷᠠᠴᠠ᠂ ᠭᠠᠳᠠᠨᠠᠬᠢ᠎ᠶᠢᠨ ᠲᠡᠷᠡ ᠣᠯᠠᠨ ᠬᠥᠮᠦᠰ᠎ᠲᠡᠢ ᠶᠠᠭ ᠠᠳᠠᠯᠢᠬᠠᠨ ᠪᠠᠢᠭᠰᠠᠨ᠎ᠢ ᠥᠨᠥᠳᠦᠷ ᠰᠠᠶᠢ ᠣᠯᠵᠤ ᠮᠡᠳᠡᠯ᠎ᠡ᠃

ᠡᠭᠦᠨ᠎ᠢ ᠪᠣᠳᠤᠪᠠᠯ ᠮᠢᠨᠦ ᠣᠷᠤᠢ᠎ᠠᠴᠠ ᠤᠯᠠ᠎ᠳᠤ ᠬᠦᠷᠲᠡᠯ᠎ᠡ ᠬᠦᠢᠲᠡᠨ ᠣᠷᠬᠢᠬᠤ᠎ᠶᠤᠮ᠃

ᠲᠡᠳᠡ ᠬᠥᠮᠦᠨ ᠢᠳᠡᠳᠡᠭ᠎ᠯᠡ᠎ᠶᠦᠮ ᠪᠣᠯ ᠨᠠᠮᠠᠢ ᠢᠳᠡᠬᠦ᠎ᠦᠭᠡᠢ ᠭᠡᠵᠦ᠎ᠦᠭᠡᠢ᠎ᠶᠦᠮ᠃

ᠲᠡᠷᠡ ᠡᠮᠡᠭᠲᠡᠢ᠎ᠶᠢᠨ 《ᠴᠢᠮᠠᠢ ᠭᠠᠢᠭᠤᠢ ᠬᠡᠳᠦ ᠬᠠᠵᠠᠨ᠎ᠠ》 ᠭᠡᠰᠡᠨ ᠦᠭᠡ᠂ ᠲᠡᠷᠡ ᠣᠯᠠᠨ ᠬᠥᠬᠡ ᠴᠢᠷᠠᠢᠲᠠᠨ᠎ᠤ ᠢᠨᠢᠶᠡᠳᠦ ᠪᠣᠯᠤᠨ ᠤᠷᠢᠳ ᠡᠳᠦᠷ᠎ᠦᠨ ᠥᠨᠥ ᠲᠦᠷᠢᠶᠡᠰᠦᠨ ᠲᠠᠷᠢᠶᠠᠴᠢᠨ᠎ᠤ ᠬᠡᠯᠡᠭᠰᠡᠨ ᠦᠭᠡ ᠪᠦᠷ ᠨᠢᠭᠡ ᠶᠣᠰᠤᠨ᠎ᠤ ᠨᠢᠭᠤᠴᠠ ᠳᠣᠬᠢᠶ᠎ᠠ ᠮᠥᠨ ᠪᠣᠯᠬᠤ᠎ᠨᠢ ᠢᠯᠡᠷᠬᠡᠢ᠃ ᠲᠡᠳᠡᠨ᠎ᠦ ᠦᠭᠡ᠎ᠨᠢ ᠬᠣᠣᠷ᠎ᠢᠶᠠᠷ ᠳᠦᠭᠦᠷᠴᠦ᠂ ᠢᠨᠢᠶᠡᠳᠦ᠎ᠨᠢ ᠢᠷ ᠮᠡᠰᠡ᠎ᠪᠡᠷ ᠭᠢᠯᠠᠯᠵᠠᠨ ᠬᠤᠷᠴᠠ ᠰᠢᠳᠦ᠎ᠨᠢ ᠢᠷᠵᠠᠭᠠᠨᠠᠭᠠᠳ᠂ ᠶᠣᠰᠤᠲᠠᠢ ᠬᠥᠮᠦᠨ ᠢᠳᠡᠳᠡᠭ ᠮᠢᠬᠠᠴᠢᠨ ᠮᠥᠨ ᠭᠡᠵᠦ ᠪᠢ ᠮᠡᠳᠡᠯ᠎ᠡ᠃

ᠪᠢ ᠪᠡᠶ᠎ᠡ᠎ᠪᠡᠨ ᠮᠠᠭᠤ ᠬᠥᠮᠦᠨ ᠭᠡᠵᠦ ᠰᠠᠨᠠᠬᠤ᠎ᠦᠭᠡᠢ ᠪᠣᠯᠪᠠᠴᠤ ᠭᠦ᠋ ᠣᠪᠤᠭᠲᠠᠨ᠎ᠤ ᠳᠠᠩᠰᠠ᠎ᠶᠢ ᠭᠢᠰᠭᠢᠭᠰᠡᠨ᠎ᠡᠴᠡ ᠬᠣᠢᠰᠢ ᠬᠠᠷᠢᠨ ᠬᠡᠯᠡᠵᠦ ᠮᠡᠳᠡᠬᠦ᠎ᠦᠭᠡᠢ ᠪᠣᠯᠵᠠᠢ᠃ ᠲᠡᠳᠡ ᠶᠠᠭ ᠮᠠᠭᠤ ᠰᠠᠨᠠᠭ᠎ᠠ ᠠᠪᠴᠤ ᠪᠠᠢᠭ᠎ᠠ᠎ᠴᠤ ᠶᠤᠮᠰᠢᠭ᠂ ᠪᠤᠤ ᠮᠡᠳᠡ᠃ ᠢᠯᠠᠩᠭᠤᠶ᠎ᠠ ᠲᠡᠳᠡ ᠴᠢᠷᠠᠢ ᠬᠤᠪᠢᠯᠤᠮᠠᠭᠴᠠ ᠬᠥᠮᠦᠨ᠎ᠢ ᠮᠠᠭᠤ ᠬᠥᠮᠦᠨ ᠪᠣᠯᠭᠠᠴᠢᠬᠠᠳᠠᠭ᠎ᠶᠤᠮ᠃ ᠶᠡᠬᠡ ᠠᠬ᠎ᠠ ᠤᠷᠢᠳᠤ ᠨᠠᠳᠠ᠎ᠪᠠᠷ ᠨᠢᠭᠡ ᠵᠣᠬᠢᠶᠠᠯ ᠪᠢᠴᠢᠭᠦᠯᠦᠭᠰᠡᠨ᠎ᠢ ᠪᠢ ᠡᠳᠦᠭᠡ ᠬᠦᠷᠲᠡᠯ᠎ᠡ ᠮᠠᠷᠲᠠᠭᠠᠳᠤᠢ ᠪᠥᠭᠡᠳ ᠬᠢᠷᠢ ᠵᠡᠷᠭᠡ᠎ᠶᠢᠨ ᠰᠠᠢᠨ ᠬᠥᠮᠦᠨ᠎ᠢ᠎ᠴᠦ ᠬᠡᠳᠦᠨ ᠦᠭᠡ ᠮᠠᠭᠤᠴᠢᠯᠠᠮᠠᠭᠴᠠ ᠲᠡᠷᠡ ᠳᠠᠷᠤᠢ ᠵᠥᠪᠳᠡᠭᠡᠵᠦ ᠬᠡᠳᠦᠨ ᠪᠢᠨᠲᠦ ᠵᠢᠷᠤᠭᠠᠳ᠂ ᠮᠠᠭᠤ ᠬᠥᠮᠦᠨ᠎ᠢ ᠠᠭᠤᠴᠢᠯᠠᠵᠤ ᠬᠡᠳᠦᠨ ᠦᠭᠡ ᠪᠢᠴᠢᠪᠡᠯ 《 ᠣᠷᠴᠢᠯᠠᠩ ᠳᠡᠯᠡᠬᠡᠢ᠎ᠶᠢ ᠬᠥᠷᠪᠡᠭᠦᠯᠦᠭᠴᠢ ᠣᠯᠠᠨ᠎ᠠᠴᠠ ᠣᠨᠴᠤᠭᠤᠢ ᠮᠡᠷᠭᠡᠨ》 ᠭᠡᠳᠡᠭ᠃ ᠡᠢᠮᠦ᠎ᠡᠴᠡ ᠲᠡᠳᠡ ᠴᠣᠬᠤᠮ ᠶᠠᠭᠤ ᠪᠣᠳᠤᠵᠤ ᠪᠠᠢᠭ᠎ᠠ᠎ᠶᠢ ᠪᠢ ᠶᠠᠭᠠᠬᠢᠵᠤ ᠮᠡᠳᠡᠬᠦ ᠪᠤᠢ? ᠢᠯᠠᠩᠭᠤᠶ᠎ᠠ ᠬᠥᠮᠦᠨ ᠢᠳᠡᠬᠦ ᠭᠡᠵᠦ ᠪᠠᠢᠭ᠎ᠠ ᠦᠶ᠎ᠡ᠎ᠳᠦ᠃

ᠠᠯᠢᠪᠠ ᠬᠡᠷᠡᠭ᠎ᠢ ᠨᠢᠭᠲᠠᠯᠠᠵᠤ ᠪᠣᠳᠤᠪᠠᠯ ᠰᠠᠶᠢ ᠤᠴᠢᠷ᠎ᠢ᠎ᠨᠢ ᠣᠯᠳᠠᠭ᠃ ᠡᠷᠲᠡᠨ᠎ᠡᠴᠡ ᠠᠪᠤᠭᠠᠳ ᠬᠥᠮᠦᠨ ᠢᠳᠡᠭᠰᠡᠭᠡᠷ ᠢᠷᠡᠭᠰᠡᠨ᠎ᠢ ᠪᠢ ᠪᠠᠰᠠ ᠮᠡᠳᠡᠬᠦ ᠪᠣᠯᠪᠠᠴᠤ ᠲᠡᠢᠮᠦ ᠲᠣᠳᠤᠷᠬᠠᠢ ᠪᠢᠰᠢ ᠪᠠᠢᠨ᠎ᠠ᠃ ᠪᠢ ᠲᠡᠦᠬᠡ᠎ᠶᠢ ᠰᠡᠬᠦᠵᠦ ᠡᠷᠢᠬᠦᠯ᠎ᠡ᠂ ᠡᠨᠡ ᠲᠡᠦᠬᠡ᠎ᠨᠢ ᠣᠨ ᠵᠢᠯ᠎ᠢ ᠲᠡᠮᠳᠡᠭᠯᠡᠭᠰᠡᠨ᠎ᠦᠭᠡᠢ ᠪᠥᠭᠡᠳ ᠬᠠᠭᠤᠳᠠᠰᠤ ᠪᠦᠷᠢ᠎ᠳᠦᠨᠢ ᠴᠥᠮ 《ᠥᠷᠦᠰᠢᠶᠡᠯ᠂ ᠵᠢᠷᠤᠮ᠂ ᠶᠣᠰᠤ᠂ ᠡᠷᠳᠡᠮ》 ᠭᠡᠰᠡᠨ ᠬᠡᠳᠦᠨ ᠦᠰᠦᠭ᠎ᠢ ᠮᠤᠷᠤᠢ ᠰᠠᠷᠤᠢ ᠡᠷᠢᠶᠡᠴᠢᠭᠰᠡᠨ ᠪᠠᠢᠨ᠎ᠠ᠃ ᠮᠢᠨᠦ ᠨᠣᠢᠷ ᠬᠤᠯᠵᠢᠭᠰᠠᠨ ᠤᠴᠢᠷ᠂ ᠲᠡᠭᠦᠨ᠎ᠢ ᠬᠠᠭᠠᠰ ᠰᠥᠨᠢ ᠨᠢᠭᠲᠠᠯᠠᠵᠤ ᠦᠵᠡᠭᠡᠳ ᠰᠠᠶᠢ ᠦᠭᠡ ᠦᠰᠦᠭ᠎ᠦᠳ᠎ᠦᠨ ᠵᠠᠢ ᠵᠠᠪᠰᠠᠷ᠎ᠢᠶᠠᠷ 《ᠬᠥᠮᠦᠨ ᠢᠳᠡᠨ᠎ᠡ!》 ᠭᠡᠰᠡᠨ ᠬᠣᠶᠠᠷ ᠦᠭᠡ ᠳᠡᠪᠲᠡᠷ ᠳᠦᠭᠦᠷᠡᠩ ᠪᠢᠴᠢᠭᠡᠰᠦᠲᠡᠢ ᠪᠠᠢᠭᠰᠠᠨ᠎ᠢ ᠣᠯᠵᠤ ᠦᠵᠡᠯ᠎ᠡ! ᠪᠢᠴᠢᠭ ᠳᠡᠭᠡᠷ᠎ᠡ ᠪᠢᠴᠢᠭᠰᠡᠨ ᠥᠴᠢᠨᠡᠨ ᠣᠯᠠᠨ ᠦᠰᠦᠭ᠂ ᠲᠦᠷᠢᠶᠡᠰᠦᠨ ᠲᠠᠷᠢᠶᠠᠴᠢᠨ᠎ᠤ ᠬᠡᠯᠡᠭᠰᠡᠨ ᠳᠥᠴᠢᠨᠡᠨ ᠣᠯᠠᠨ ᠦᠭᠡ᠎ᠨᠢ ᠬᠠᠷᠢᠨ ᠴᠥᠮ ᠢᠨᠢᠶᠡᠮᠰᠦᠭᠯᠡᠩᠭᠦᠢ ᠵᠢᠭᠲᠡᠢ ᠨᠢᠳᠦ᠎ᠪᠡᠷ ᠨᠠᠮᠠᠢ ᠬᠠᠷᠠᠵᠤ ᠪᠠᠢᠯ᠎ᠠ᠃

ᠪᠢ᠎ᠴᠦ ᠮᠥᠨ ᠬᠥᠮᠦᠨ ᠪᠣᠯᠬᠣᠷ ᠲᠡᠳᠡ ᠨᠠᠮᠠᠢ ᠢᠳᠡᠬᠦ ᠭᠡᠵᠦ ᠪᠠᠢᠨ᠎ᠠ!

ᠳᠥᠷᠪᠡ

ᠥᠷᠯᠦᠭᠡᠭᠦᠷ ᠪᠢ ᠲᠦᠷ ᠨᠠᠮ ᠰᠠᠭᠤᠯ᠎ᠠ᠃ ᠴᠧᠨ ᠯᠣᠣ ᠦ᠋ ᠨᠢᠭᠡ ᠠᠶᠠᠭ᠎ᠠ ᠨᠣᠭᠤᠭ᠎ᠠ᠂ ᠨᠢᠭᠡ ᠠᠶᠠᠭ᠎ᠠ ᠵᠢᠩᠨᠡᠭᠰᠡᠨ ᠵᠢᠭᠠᠰᠤ᠎ᠲᠠᠢ ᠬᠣᠭᠤᠯᠠ ᠠᠪᠴᠢᠷᠠᠵᠤ ᠥᠭᠪᠡ᠃ ᠲᠡᠷᠡ ᠵᠢᠭᠠᠰᠤᠨ᠎ᠤ ᠬᠠᠪ ᠬᠠᠲᠠᠭᠤ ᠴᠠᠪ ᠴᠠᠭᠠᠨ ᠨᠢᠳᠦ ᠪᠠ ᠠᠩᠭᠠᠢᠭᠰᠠᠨ ᠠᠮᠠ᠎ᠨᠢ ᠬᠥᠮᠦᠨ ᠢᠳᠡᠬᠦ᠎ᠶᠢ ᠵᠠᠪᠳᠤᠭᠰᠠᠨ ᠲᠡᠷᠡ ᠣᠯᠠᠨ ᠬᠥᠮᠦᠨ᠎ᠲᠡᠢ ᠪᠦᠷ ᠠᠳᠠᠯᠢᠬᠠᠨ ᠪᠠᠢᠪᠠ᠃ ᠬᠡᠳᠦᠬᠡᠨ ᠰᠠᠪᠬᠠᠯᠠᠲᠠᠯ᠎ᠠ ᠵᠢᠭᠠᠰᠤ᠎ᠴᠤ᠎ᠶᠤᠮ᠎ᠤᠤ᠂ ᠬᠥᠮᠦᠨ᠎ᠴᠦ᠎ᠶᠦᠮ᠎ᠦᠦ ᠪᠤᠤ ᠮᠡᠳᠡ᠂ ᠨᠢᠭᠡᠯᠡ ᠮᠠᠭᠤᠬᠠᠢ ᠨᠢᠯᠤᠭᠤᠨ ᠣᠷᠬᠢᠭᠰᠠᠨ᠎ᠳᠤ ᠶᠠᠭᠤᠲᠠᠢ ᠬᠡᠦᠳᠡᠢ᠎ᠨᠢ ᠪᠥᠭᠡᠯᠵᠢᠵᠦ ᠭᠠᠷᠭᠠᠪᠠ᠃

《ᠯᠣᠣ ᠦ᠋᠂ ᠪᠢ ᠠᠢᠬᠤᠪᠲᠤᠷ ᠤᠢᠳᠤᠭᠠᠳ ᠪᠠᠢᠨ᠎ᠠ᠂ ᠬᠠᠰᠢᠶᠠᠨ᠎ᠳᠤ ᠭᠠᠷᠴᠤ ᠠᠯᠬᠤᠬᠤ᠎ᠰᠠᠨ ᠭᠡᠵᠦ ᠠᠬ᠎ᠠ᠎ᠳᠤ ᠬᠡᠯᠡᠭᠡᠳ ᠠᠯᠢ》 ᠭᠡᠵᠦ ᠪᠢ ᠬᠡᠯᠡᠯ᠎ᠡ᠃ ᠴᠧᠨ ᠯᠣᠣ ᠦ᠋ ᠳᠤᠭᠤᠢ ᠭᠠᠷᠴᠤ ᠣᠳᠪᠠ᠃ ᠪᠠᠬᠠᠨ ᠤᠳᠠᠰᠬᠢᠭᠡᠳ ᠬᠠᠷᠢᠨ ᠢᠷᠡᠵᠦ ᠡᠭᠦᠳᠡ᠎ᠶᠢ ᠨᠡᠭᠡᠭᠡᠪᠡ᠃

ᠲᠡᠳᠡ ᠨᠠᠮᠠᠢ ᠴᠣᠬᠤᠮ ᠶᠠᠭᠠᠬᠢᠳᠠᠭ᠎ᠢ᠎ᠨᠢ ᠦᠵᠡᠶ᠎ᠡ ᠭᠡᠵᠦ ᠬᠥᠳᠡᠯᠦᠯ᠎ᠦᠭᠡᠢ ᠠᠵᠢᠭᠯᠠᠵᠤ ᠰᠠᠭᠤᠨ᠎ᠠ᠃ ᠯᠠᠪ ᠠᠮᠤᠷ ᠲᠠᠯᠪᠢᠬᠤ᠎ᠦᠭᠡᠢ ᠭᠡᠭᠴᠢ᠎ᠶᠢ ᠪᠢ ᠮᠡᠳᠡᠵᠦ ᠪᠠᠢᠯ᠎ᠠ᠃ ᠦᠨᠡᠬᠡᠷ᠎ᠴᠦ ᠲᠡᠢᠮᠦ ᠪᠠᠢᠵᠠᠢ! ᠮᠠᠨ᠎ᠤ ᠠᠬ᠎ᠠ ᠨᠢᠭᠡᠨ ᠡᠪᠦᠭᠡᠨ᠎ᠢ ᠳᠠᠭᠠᠭᠤᠯᠵᠤ ᠶᠠᠭᠠᠷᠠᠯ᠎ᠦᠭᠡᠢ ᠣᠷᠤᠵᠤ ᠢᠷᠡᠯ᠎ᠡ᠃ ᠡᠪᠦᠭᠡᠨ ᠠᠢᠬᠤᠪᠲᠤᠷ ᠬᠦᠢᠲᠡᠨ ᠬᠠᠷᠠᠴᠠ᠎ᠲᠠᠢ ᠪᠠᠢᠭᠰᠠᠨ᠎ᠢᠶᠠᠨ ᠨᠠᠳᠠ ᠰᠡᠷᠡᠭᠳᠡᠭᠦᠯᠵᠡᠢ ᠭᠡᠵᠦ ᠲᠣᠯᠤᠭᠠᠢ᠎ᠪᠠᠨ ᠪᠥᠬᠦᠢᠵᠦ ᠪᠦᠷ ᠭᠠᠵᠠᠷ ᠤᠷᠤᠭᠤ ᠬᠠᠨᠳᠤᠭᠤᠯᠤᠭᠠᠳ ᠨᠢᠳᠦᠨ ᠰᠢᠯ᠎ᠦᠨ᠎ᠢᠶᠡᠨ ᠬᠠᠵᠠᠭᠤ᠎ᠪᠠᠷ ᠨᠠᠮᠠᠢ ᠰᠡᠮᠬᠡᠨ ᠰᠢᠷᠲᠡᠨ᠎ᠡ᠃ ᠠᠬ᠎ᠠ: 《ᠴᠢ ᠥᠨᠥᠳᠦᠷ ᠵᠦᠭᠡᠷ ᠪᠠᠢᠬᠤ᠎ᠰᠢᠭ᠋ ᠪᠠᠢᠨ᠎ᠠ》 ᠭᠡᠬᠦ᠎ᠳᠦ ᠪᠢ 《 ᠲᠡᠢᠮᠦ》 ᠭᠡᠪᠡ᠃ ᠠᠬ᠎ᠠ: 《ᠥᠨᠥᠳᠦᠷ ᠾᠧ ᠡᠮᠴᠢ᠎ᠶᠢ ᠵᠠᠯᠠᠵᠤ ᠪᠡᠶ᠎ᠡ᠎ᠶᠢ᠎ᠴᠢᠨᠢ ᠦᠵᠡᠭᠦᠯᠬᠦ ᠭᠡᠰᠡᠨ᠎ᠶᠦᠮ》 ᠭᠡᠬᠦ᠎ᠳᠦᠨᠢ ᠪᠢ: 《ᠵᠠ!》 ᠭᠡᠪᠡ᠃ ᠦᠨᠡᠨ᠎ᠳᠡᠭᠡᠨ ᠡᠨᠡ ᠡᠪᠦᠭᠡᠨ ᠪᠣᠯ ᠵᠢᠰᠦ᠎ᠪᠡᠨ ᠪᠤᠷᠤᠭᠤᠯᠠᠭᠰᠠᠨ ᠶᠠᠷᠭᠠᠴᠢᠨ ᠮᠥᠨ ᠭᠡᠭᠴᠢ᠎ᠶᠢ ᠪᠢ ᠶᠠᠮᠠᠷ ᠮᠡᠳᠡᠬᠦ᠎ᠦᠭᠡᠢ᠎ᠶᠦᠮ ᠪᠢᠰᠢ! ᠰᠤᠳᠠᠯ ᠪᠠᠷᠢᠬᠤ ᠨᠡᠷ᠎ᠡ᠎ᠪᠡᠷ ᠲᠠᠷᠭᠤᠨ ᠡᠴᠡᠩᠭᠡᠷ᠎ᠢ᠎ᠮᠢᠨᠢ ᠦᠵᠡᠭᠡᠳ ᠡᠨᠡ ᠭᠠᠪᠢᠶ᠎ᠠ᠎ᠪᠠᠷ᠎ᠢᠶᠠᠨ ᠨᠢᠭᠡ ᠵᠦᠰᠦᠮ ᠮᠢᠬ᠎ᠠ ᠣᠯᠵᠤ ᠢᠳᠡᠬᠦ᠎ᠯᠡ ᠭᠡᠰᠡᠨ ᠬᠡᠷᠡᠭ ᠡ᠃ ᠪᠢ᠎ᠴᠦ ᠠᠶᠤᠬᠤ᠎ᠦᠭᠡᠢ᠂ ᠬᠡᠳᠦᠢᠪᠡᠷ ᠬᠥᠮᠦᠨ ᠢᠳᠡᠳᠡᠭ᠎ᠦᠭᠡᠢ ᠪᠣᠯᠪᠠᠴᠤ ᠲᠡᠳᠡᠨ᠎ᠡᠴᠡ ᠢᠯᠡᠭᠦᠦ ᠵᠢᠷᠦᠬᠡ ᠪᠦᠳᠦᠭᠦᠨ ᠬᠥᠮᠦᠨ ᠪᠢᠯᠡ ᠪᠢ᠃ ᠬᠣᠶᠠᠷ ᠨᠢᠳᠤᠷᠭ᠎ᠠ᠎ᠪᠠᠨ ᠰᠤᠩᠭᠠᠵᠤ ᠥᠭᠭᠦᠭᠡᠳ ᠶᠠᠭᠠᠬᠢᠵᠤ ᠭᠠᠷ ᠬᠥᠳᠡᠯᠬᠦ᠎ᠶᠢ᠎ᠨᠢ ᠬᠦᠯᠢᠶᠡᠵᠦ ᠪᠠᠢᠪᠠ᠃ ᠡᠪᠦᠭᠡᠨ ᠨᠢᠳᠦ᠎ᠪᠡᠨ ᠠᠨᠢᠭᠠᠳ ᠤᠳᠠᠲᠠᠯ᠎ᠠ ᠲᠡᠮᠲᠡᠷᠢᠵᠦ᠂ ᠤᠳᠠᠲᠠᠯ᠎ᠠ ᠪᠣᠳᠤᠯᠭ᠎ᠠ ᠪᠣᠯᠤᠨ ᠰᠠᠭᠤᠭᠠᠳ ᠰᠠᠶᠢ ᠰᠢᠮᠨᠤ᠎ᠶᠢᠨ ᠨᠢᠳᠦ᠎ᠪᠡᠨ ᠨᠡᠭᠡᠭᠡᠵᠦ: 《ᠳᠡᠮᠡᠢ ᠶᠠᠭᠤᠮ᠎ᠠ ᠪᠤᠤ ᠪᠣᠳᠤ ᠠ᠋᠃ ᠬᠡᠳᠦᠨ ᠡᠳᠦᠷ ᠨᠠᠮ ᠰᠤᠪᠢᠯᠠᠪᠠᠯ ᠰᠠᠢᠨ ᠪᠣᠯᠤᠨ᠎ᠠ》 ᠭᠡᠨ᠎ᠡ᠃

ᠳᠡᠮᠡᠢ ᠶᠠᠭᠤᠮ᠎ᠠ ᠪᠤᠤ ᠪᠣᠳᠤ᠂ ᠨᠠᠮ ᠰᠤᠪᠢᠯᠠ! ᠰᠤᠪᠢᠯᠠᠭᠰᠠᠭᠠᠷ ᠲᠠᠷᠭᠤᠯᠠᠪᠠᠯ᠂ ᠲᠡᠳᠡ ᠢᠯᠡᠭᠦᠦ ᠮᠢᠬ᠎ᠠ ᠣᠯᠵᠤ ᠢᠳᠡᠬᠦ᠎ᠨᠢ ᠶᠠᠷᠢᠶᠠᠨ᠎ᠦᠭᠡᠢ᠃ ᠨᠠᠳᠠ ᠶᠠᠮᠠᠷ ᠰᠠᠢᠨ᠎ᠲᠠᠢ᠎ᠶᠤᠮ ᠪᠤᠢ᠂ ᠶᠠᠭᠠᠬᠢᠭᠠᠳ 《ᠰᠠᠢᠨ ᠪᠣᠯᠬᠤ》᠎ᠶᠤᠮ ᠪᠤᠢ? ᠡᠳᠡ ᠶᠡᠷᠦ᠎ᠨᠢ ᠬᠥᠮᠦᠨ᠎ᠢ ᠢᠳᠡᠬᠦ᠎ᠶᠢ ᠬᠦᠰᠡᠬᠦ ᠠᠲᠠᠯ᠎ᠠ ᠪᠠᠰᠠ ᠬᠤᠯᠠᠩ ᠬᠠᠯᠠᠩ ᠬᠢᠵᠦ ᠳᠠᠷᠤᠵᠤ ᠳᠠᠯᠳᠠᠯᠠᠬᠤ᠎ᠶᠢ ᠣᠷᠤᠯᠳᠤᠵᠤ ᠰᠢᠭᠤᠳ ᠭᠠᠷ ᠬᠥᠳᠡᠯᠵᠦ ᠴᠢᠳᠠᠳᠠᠭ᠎ᠦᠭᠡᠢ᠎ᠨᠢ ᠦᠨᠡᠬᠡᠷ ᠱᠠᠯ ᠢᠨᠢᠶᠡᠯᠲᠡᠢ ᠬᠡᠷᠡᠭ ᠡ᠃ ᠪᠢ ᠲᠡᠰᠴᠦ ᠶᠠᠳᠠᠨ ᠬᠠᠳᠠᠭᠠᠨᠠᠲᠠᠯ᠎ᠠ ᠢᠨᠢᠶᠡᠬᠦᠯ᠎ᠡ ᠰᠡᠳᠭᠢᠯ᠎ᠮᠢᠨᠢ ᠶᠡᠬᠡ ᠠᠭᠤᠵᠢᠷᠠᠪᠠ᠃ ᠡᠨᠡ ᠢᠨᠢᠶᠡᠳᠦ᠎ᠮᠢᠨᠢ ᠰᠢᠳᠤᠷᠭᠤ ᠵᠣᠷᠢᠭ ᠠᠷᠢᠭᠤᠨ ᠶᠣᠰᠤ᠎ᠪᠠᠷ ᠳᠦᠭᠦᠷᠡᠩ ᠪᠠᠢᠬᠤ᠎ᠶᠢ ᠪᠢ ᠥᠪᠡᠷ᠎ᠢᠶᠡᠨ ᠮᠡᠳᠡᠵᠦ ᠪᠠᠢᠨ᠎ᠠ᠃ ᠲᠡᠷᠡ ᠡᠪᠦᠭᠡᠨ ᠠᠬ᠎ᠠ ᠬᠣᠶᠠᠷ ᠴᠢᠷᠠᠢ ᠠᠯᠳᠠᠵᠤ᠂ ᠮᠢᠨᠦ ᠰᠢᠳᠤᠷᠭᠤ ᠵᠣᠷᠢᠭ ᠠᠷᠢᠭᠤᠨ ᠶᠣᠰᠤᠨ᠎ᠳᠤ ᠳᠠᠷᠤᠭᠳᠠᠪᠠ᠃

ᠭᠡᠲᠡᠯ᠎ᠡ ᠪᠢ ᠵᠣᠷᠢᠭ᠎ᠲᠠᠢ ᠪᠠᠢᠪᠠᠯ ᠲᠡᠳᠡ ᠡᠨᠡ ᠵᠣᠷᠢᠭ᠎ᠠᠴᠠ᠎ᠮᠢᠨᠢ ᠬᠤᠪᠢᠶᠠᠯᠴᠠᠬᠤ ᠭᠡᠵᠦ ᠨᠠᠮᠠᠢ ᠤᠯᠠᠮ᠎ᠴᠤ ᠪᠠᠷᠢᠵᠤ ᠢᠳᠡᠬᠦ ᠭᠡᠨ᠎ᠡ᠃ ᠡᠪᠦᠭᠡᠨ ᠡᠭᠦᠳᠡ ᠠᠯᠬᠤᠵᠤ ᠭᠠᠷᠤᠭᠠᠳ ᠳᠡᠮᠡᠢ ᠬᠣᠯᠠ ᠶᠠᠪᠤᠯ᠎ᠦᠭᠡᠢ᠂ ᠠᠬ᠎ᠠ᠎ᠳᠤ ᠰᠡᠮᠬᠡᠨ᠎ᠢᠶᠡᠷ 《ᠪᠤᠰᠢᠭᠤᠬᠠᠨ ᠢᠳᠡᠶ᠎ᠡ!》 ᠭᠡᠰᠡᠨ᠎ᠳᠦ᠂ ᠠᠬ᠎ᠠ ᠲᠣᠯᠤᠭᠠᠢ᠎ᠪᠠᠨ ᠳᠣᠬᠢᠪᠠ᠃ ᠦᠵᠡᠰᠡ᠂ ᠡᠭᠦᠨ᠎ᠳᠦᠨᠢ ᠴᠢ ᠪᠠᠰᠠ ᠪᠠᠢᠬᠤ᠎ᠶᠤᠮ᠎ᠤᠤ! ᠡᠨᠡ ᠨᠢᠭᠡ ᠶᠡᠬᠡ ᠨᠡᠭᠡᠭᠡᠯᠲᠡ ᠬᠡᠳᠦᠢᠪᠡᠷ ᠰᠠᠨᠠᠮᠰᠠᠷ᠎ᠦᠭᠡᠢ ᠮᠡᠲᠦ ᠪᠣᠯᠪᠠᠴᠤ᠂ ᠮᠥᠨ ᠰᠠᠨᠠᠭᠠᠨ᠎ᠳᠤ ᠪᠠᠢᠭᠰᠠᠨ ᠬᠡᠷᠡᠭ ᠡ᠃ ᠬᠠᠮᠵᠢᠨ ᠨᠡᠢᠯᠡᠵᠦ ᠨᠠᠮᠠᠢ ᠢᠳᠡᠬᠦ ᠭᠡᠰᠡᠨ ᠬᠥᠮᠦᠨ᠎ᠮᠢᠨᠢ ᠬᠠᠷᠢᠨ ᠮᠢᠨᠦ ᠠᠬ᠎ᠠ ᠪᠠᠢᠵᠠᠢ᠃

ᠬᠥᠮᠦᠨ ᠢᠳᠡᠳᠡᠭ᠎ᠨᠢ ᠮᠢᠨᠦ ᠠᠬ᠎ᠠ!

ᠪᠢ ᠪᠣᠯ ᠬᠥᠮᠦᠨ ᠢᠳᠡᠳᠡᠭ ᠬᠥᠮᠦᠨ᠎ᠦ ᠳᠡᠭᠦᠦ!

ᠪᠢ ᠥᠪᠡᠷ᠎ᠢᠶᠡᠨ ᠬᠥᠮᠦᠨ᠎ᠳᠦ ᠢᠳᠡᠭᠳᠡᠭᠰᠡᠨ᠎ᠴᠦ ᠮᠥᠨ ᠬᠥᠮᠦᠨ ᠢᠳᠡᠳᠡᠭ ᠬᠥᠮᠦᠨ᠎ᠦ ᠳᠡᠭᠦᠦ ᠰᠢᠦ!

ᠲᠠᠪᠤ

ᠡᠨᠡ ᠬᠡᠳᠦᠨ ᠡᠳᠦᠷ ᠨᠢᠭᠡ ᠠᠯᠬᠤᠮ ᠤᠬᠤᠷᠢᠭᠠᠳ ᠪᠣᠳᠤᠵᠤ ᠦᠵᠡᠯ᠎ᠡ᠃ ᠬᠡᠷᠪᠡ ᠲᠡᠷᠡ ᠡᠪᠦᠭᠡᠨ ᠵᠢᠰᠦ᠎ᠪᠡᠨ ᠪᠤᠷᠤᠭᠤᠯᠠᠭᠰᠠᠨ ᠶᠠᠷᠭᠠᠴᠢᠨ ᠪᠢᠰᠢ᠂ ᠦᠨᠡᠨ ᠡᠮᠴᠢ ᠪᠣᠯᠤᠭᠰᠠᠨ᠎ᠴᠤ ᠮᠥᠨ ᠬᠥᠮᠦᠨ ᠢᠳᠡᠳᠡᠭ ᠬᠥᠮᠦᠨ ᠪᠠᠢᠬᠤ ᠶᠣᠰᠤᠲᠠᠢ᠃ ᠲᠡᠳᠡᠨ᠎ᠦ ᠳᠡᠭᠡᠳᠦ ᠪᠠᠭᠰᠢ ᠯᠢ ᠱᠢ ᠵᠧᠨ᠎ᠦ ᠵᠣᠬᠢᠶᠠᠭᠰᠠᠨ 《ᠬᠢᠲᠠᠳ ᠡᠮ᠎ᠦᠨ ᠶᠠᠭᠤ》᠎ᠳᠤ ᠬᠥᠮᠦᠨ᠎ᠦ ᠮᠢᠬ᠎ᠠ᠎ᠶᠢ ᠴᠢᠨᠠᠵᠤ ᠢᠳᠡᠵᠦ ᠪᠣᠯᠤᠨ᠎ᠠ ᠭᠡᠵᠦ ᠲᠣᠳᠤᠷᠬᠠᠢ ᠪᠢᠴᠢᠭᠡᠳ ᠪᠠᠢᠬᠤ᠎ᠶᠤᠮ᠎ᠴᠢᠨᠢ᠂ ᠲᠡᠷᠡ ᠥᠪᠡᠷ᠎ᠢᠶᠡᠨ ᠬᠥᠮᠦᠨ ᠢᠳᠡᠬᠦ᠎ᠦᠭᠡᠢ ᠪᠠᠢᠵᠤ ᠴᠢᠳᠠᠨ᠎ᠠ᠎ᠤᠤ?ᠮᠢᠨᠦ ᠠᠬ᠎ᠠ᠎ᠶᠢᠨ ᠲᠤᠬᠠᠢ᠎ᠴᠤ ᠭᠡᠰᠡᠨ᠂ ᠲᠡᠭᠦᠨ᠎ᠢ ᠬᠢᠯᠢᠰᠳᠡᠭᠦᠯᠦᠭᠰᠡᠨ ᠵᠦᠢᠯ ᠣᠭᠲᠤ ᠠᠯᠠᠭ᠎ᠠ᠃ ᠲᠡᠷᠡ ᠨᠠᠳᠠ ᠪᠢᠴᠢᠭ ᠵᠢᠭᠠᠬᠤ᠎ᠳᠠᠭᠠᠨ 《ᠬᠡᠦᠬᠡᠳ ᠶᠥᠭᠡᠨ ᠰᠣᠯᠢᠨ ᠢᠳᠡᠵᠦ ᠪᠣᠯᠤᠮᠤᠢ》 ᠭᠡᠵᠦ ᠪᠡᠶ᠎ᠡ᠎ᠪᠡᠷ᠎ᠢᠶᠡᠨ ᠶᠠᠷᠢᠵᠤ ᠪᠠᠢᠭᠰᠠᠨ᠎ᠶᠤᠮ᠃ ᠪᠠᠰᠠ ᠨᠢᠭᠡ ᠤᠳᠠᠭ᠎ᠠ ᠪᠢᠳᠡ ᠨᠢᠭᠡᠨ ᠮᠠᠭᠤ ᠬᠥᠮᠦᠨ᠎ᠦ ᠲᠤᠬᠠᠢ ᠶᠠᠷᠢᠯᠴᠠᠵᠤ ᠪᠠᠢᠲᠠᠯ᠎ᠠ ᠲᠡᠭᠦᠨ᠎ᠦ ᠬᠡᠯᠡᠭᠰᠡᠨ᠎ᠨᠢ ᠠᠯᠠᠬᠤ ᠶᠣᠰᠤᠲᠠᠢ᠎ᠪᠠᠷ ᠪᠠᠷᠠᠬᠤ᠎ᠦᠭᠡᠢ᠂ ᠪᠠᠰᠠ 《ᠮᠢᠬ᠎ᠠ᠎ᠶᠢ ᠠᠨᠤ ᠢᠳᠡᠵᠦ᠂ ᠠᠷᠠᠰᠤ᠎ᠶᠢ ᠠᠨᠤ ᠳᠡᠪᠢᠰᠬᠦ》 ᠶᠣᠰᠤᠲᠠᠢ ᠭᠡᠰᠡᠨ ᠪᠢᠯᠡ᠃ ᠲᠡᠷᠡ ᠦᠶ᠎ᠡ᠎ᠳᠦ ᠪᠢ ᠨᠠᠰᠤ ᠪᠠᠭ᠎ᠠ ᠪᠠᠢᠭᠰᠠᠨ ᠲᠤᠯᠠ ᠵᠢᠷᠦᠬᠡ᠎ᠮᠢᠨᠢ ᠤᠳᠠᠲᠠᠯ᠎ᠠ ᠲᠦᠭᠰᠢᠵᠦ ᠪᠢᠯᠡ᠃ ᠤᠷᠢᠳ ᠡᠳᠦᠷ ᠯᠠᠩ ᠽᠢ ᠼᠦᠨ ᠲᠣᠰᠭᠤᠨ᠎ᠤ ᠲᠦᠷᠢᠶᠡᠰᠦᠨ ᠲᠠᠷᠢᠶᠠᠴᠢᠨ ᠢᠷᠡᠵᠦ᠂ ᠵᠢᠷᠦᠬᠡ ᠢᠳᠡᠭᠰᠡᠨ ᠶᠠᠪᠤᠳᠠᠯ᠎ᠢ ᠶᠠᠷᠢᠬᠤ᠎ᠳᠤ᠂ ᠲᠡᠷᠡ ᠪᠠᠰᠠ ᠠᠵᠢᠭ᠎ᠴᠤ᠎ᠦᠭᠡᠢ᠂ ᠲᠣᠯᠤᠭᠠᠢ᠎ᠪᠠᠨ ᠳᠣᠬᠢᠵᠤ᠎ᠯᠠ ᠪᠠᠢᠯ᠎ᠠ᠃ ᠲᠡᠭᠦᠨ᠎ᠦ ᠰᠡᠳᠭᠢᠯ ᠤᠷᠢᠳᠠᠬᠢ᠎ᠲᠠᠢ᠎ᠪᠠᠨ ᠠᠳᠠᠯᠢ ᠬᠣᠣᠷᠲᠠᠢ ᠪᠠᠢᠭ᠎ᠠ᠎ᠨᠢ ᠢᠯᠡᠷᠬᠡᠢ ᠮᠡᠳᠡᠭᠳᠡᠨ᠎ᠡ᠃ 《ᠬᠡᠦᠬᠡᠳ ᠶᠥᠭᠡᠨ ᠰᠣᠯᠢᠨ ᠢᠳᠡᠵᠦ ᠪᠣᠯᠵᠤ》 ᠪᠠᠢᠬᠤ ᠲᠤᠯᠠ ᠶᠠᠭᠤ᠎ᠶᠢ᠎ᠴᠤ ᠪᠦᠷ ᠰᠣᠯᠢᠵᠤ ᠪᠣᠯᠤᠨ᠎ᠠ᠃ ᠬᠡᠨ᠎ᠢ᠎ᠴᠦ ᠪᠦᠷ ᠢᠳᠡᠵᠦ ᠪᠣᠯᠤᠨ᠎ᠠ᠃ ᠤᠷᠢᠳᠤ ᠪᠢ ᠲᠡᠭᠦᠨ᠎ᠦ ᠶᠣᠰᠤ ᠶᠠᠷᠢᠬᠤ᠎ᠶᠢ᠎ᠯᠠ ᠰᠣᠨᠤᠰᠤᠭᠠᠳ᠂ ᠳᠦᠯᠡᠢ ᠪᠠᠯᠠᠢ ᠥᠩᠭᠡᠷᠡᠭᠡᠵᠦ ᠪᠠᠢᠪᠠ᠃ ᠲᠡᠭᠦᠨ᠎ᠢ ᠶᠣᠰᠤ ᠶᠠᠷᠢᠬᠤ ᠦᠶ᠎ᠡ᠎ᠳᠦ ᠤᠷᠤᠭᠤᠯ ᠳᠡᠭᠡᠷ᠎ᠡ᠎ᠨᠢ ᠬᠥᠮᠦᠨ᠎ᠦ ᠲᠣᠰᠤ ᠨᠠᠭᠠᠯᠳᠤᠵᠤ ᠪᠠᠢᠭᠰᠠᠨ᠎ᠢᠶᠠᠷ ᠦᠯᠦ ᠪᠠᠷᠠᠨ᠂ ᠮᠥᠨ ᠴᠡᠭᠡᠵᠢ᠎ᠨᠢ ᠬᠥᠮᠦᠨ ᠢᠳᠡᠬᠦ ᠰᠠᠨᠠᠭ᠎ᠠ᠎ᠪᠠᠷ ᠳᠦᠭᠦᠷᠡᠩ ᠪᠠᠢᠯ᠎ᠠ ᠭᠡᠭᠴᠢ᠎ᠶᠢ ᠣᠳᠣ ᠰᠠᠶᠢ ᠣᠯᠵᠤ ᠮᠡᠳᠡᠯ᠎ᠡ᠃

ᠵᠢᠷᠭᠤᠭ᠎ᠠ

ᠡᠳᠦᠷ᠎ᠴᠦ᠎ᠶᠦᠮ᠎ᠦᠦ᠂ ᠰᠥᠨᠢ᠎ᠴᠦ᠎ᠶᠦᠮ᠎ᠦᠦ ᠪᠤᠤ ᠮᠡᠳᠡ᠂ ᠫᠠᠳ ᠬᠠᠷᠠᠩᠭᠤᠢ᠃ ᠵᠣᠣ ᠣᠪᠤᠭᠲᠠᠨ᠎ᠤ ᠨᠣᠬᠠᠢ ᠪᠠᠰᠠ ᠬᠤᠴᠠᠵᠤ ᠡᠬᠢᠯᠡᠯ᠎ᠡ᠃

ᠠᠷᠰᠯᠠᠨ᠎ᠰᠢᠭ᠋ ᠬᠡᠷᠴᠡᠭᠡᠢ᠂ ᠲᠠᠤᠯᠠᠢ᠎ᠰᠢᠭ᠋ ᠠᠶᠤᠮᠠᠲᠠᠭᠠᠢ᠂ ᠦᠨᠡᠭᠡ᠎ᠰᠢᠭ ᠬᠤᠢᠬᠤᠷ ᠁

ᠳᠣᠯᠤᠭ᠎ᠠ

ᠲᠡᠳᠡᠨ᠎ᠦ ᠠᠷᠭ᠎ᠠ᠎ᠶᠢ ᠪᠢ ᠮᠡᠳᠡᠪᠡ᠃ ᠰᠢᠭᠤᠳ ᠠᠯᠠᠬᠤ᠎ᠦᠭᠡᠢ᠂ ᠴᠢᠩᠭᠢᠵᠦ ᠪᠠᠰᠠ ᠴᠢᠳᠠᠬᠤ᠎ᠦᠭᠡᠢ᠂ ᠬᠡᠷᠡᠭ ᠪᠣᠯᠬᠤ᠎ᠠᠴᠠ ᠠᠶᠤᠳᠠᠭ ᠪᠠᠢᠪᠠ᠃ ᠲᠡᠢᠮᠦ᠎ᠡᠴᠡ ᠲᠡᠳᠡ ᠳᠠᠯᠳᠠᠭᠤᠷ ᠬᠤᠤᠪᠢᠯᠳᠤᠵᠤ᠂ ᠤᠷᠠᠬ᠎ᠠ ᠲᠣᠣᠷ ᠵᠣᠬᠢᠶᠠᠭᠠᠳ᠂ ᠨᠠᠮᠠᠢ ᠠᠯᠪᠠ᠎ᠪᠠᠷ ᠬᠣᠷᠤᠭᠠᠬᠤ ᠭᠡᠵᠦ ᠪᠠᠢᠭ᠎ᠠ᠎ᠶᠤᠮ ᠪᠠᠢᠨ᠎ᠠ᠃ ᠤᠷᠢᠳ ᠬᠡᠳᠦᠨ ᠡᠳᠦᠷ ᠭᠤᠳᠤᠮᠵᠢᠨ᠎ᠳᠤ ᠲᠠᠭᠠᠷᠢᠯᠳᠤᠭᠰᠠᠨ ᠡᠷᠡᠭᠲᠡᠢ ᠡᠮᠡᠭᠲᠡᠢᠴᠦᠳ᠎ᠦᠨ ᠶᠠᠩᠵᠤ ᠪᠠ ᠠᠬ᠎ᠠ᠎ᠶᠢᠨ ᠡᠨᠡ ᠬᠡᠳᠦᠨ ᠡᠳᠦᠷ᠎ᠦᠨ ᠬᠥᠳᠡᠯᠵᠦ ᠪᠠᠷᠢᠬᠤ᠎ᠠᠴᠠ ᠦᠵᠡᠪᠡᠯ᠂ ᠨᠠᠷᠢᠨ ᠤᠴᠢᠷ᠎ᠢ᠎ᠨᠢ ᠨᠠᠢ᠍ᠮᠠ ᠶᠢᠰᠦᠨ ᠬᠤᠪᠢ ᠪᠠᠷᠲᠠᠭ᠎ᠠ᠎ᠪᠠᠷ ᠮᠡᠳᠡᠬᠦ᠎ᠶᠦᠮ᠃ ᠪᠦᠰᠡ᠎ᠪᠡᠨ ᠲᠠᠢᠯᠵᠤ ᠪᠠᠢᠰᠢᠩ᠎ᠤᠨ ᠨᠢᠷᠤᠭᠤᠨ᠎ᠠᠴᠠ ᠡᠯᠭᠦᠭᠡᠳ ᠶᠠᠷᠭᠢᠲᠠᠯ᠎ᠠ ᠪᠣᠭᠤᠮᠢᠯᠠᠵᠤ ᠦᠬᠦᠬᠦ᠎ᠡᠴᠡ ᠢᠯᠡᠭᠦᠦ ᠰᠠᠢᠨ ᠶᠠᠪᠤᠳᠠᠯ ᠠᠯᠠᠭ᠎ᠠ᠃ ᠢᠩᠭᠢᠪᠡᠯ ᠲᠡᠳᠡ ᠬᠥᠮᠦᠨ ᠠᠯᠠᠭᠰᠠᠨ ᠶᠠᠯ᠎ᠠ᠎ᠦᠭᠡᠢ ᠮᠥᠷᠲᠡᠭᠡᠨ ᠪᠠᠰᠠ ᠰᠠᠨᠠᠭ᠎ᠠ᠎ᠪᠠᠨ ᠭᠦᠢᠴᠡᠭᠡᠬᠦ ᠲᠤᠯᠠ ᠲᠡᠭᠷᠢ᠎ᠦᠭᠡᠢ ᠶᠡᠬᠡ ᠪᠠᠶᠠᠷᠯᠠᠵᠤ ᠬᠠᠬᠠᠵᠤ ᠬᠥᠰᠢᠲᠡᠯ᠎ᠡ᠎ᠪᠡᠨ ᠢᠨᠢᠶᠡᠯᠳᠦᠬᠦ᠎ᠨᠢ ᠶᠠᠷᠢᠶᠠᠨ᠎ᠦᠭᠡᠢ᠃ ᠦᠭᠡᠢᠪᠡᠯ᠂ ᠠᠶᠤᠯᠭᠠᠵᠤ ᠵᠣᠪᠠᠭᠠᠭᠰᠠᠭᠠᠷ ᠦᠬᠦᠭᠦᠯᠦᠨ᠎ᠡ᠃ ᠢᠩᠭᠢᠪᠡᠯ ᠪᠠᠬᠠᠨ ᠡᠴᠡᠬᠦ ᠪᠣᠯᠪᠠᠴᠤ ᠮᠥᠨ ᠲᠣᠯᠤᠭᠠᠢ᠎ᠪᠠᠨ ᠬᠡᠳᠦ ᠳᠣᠬᠢᠵᠤ ᠥᠭᠬᠦ᠎ᠶᠦᠮ᠃

ᠲᠡᠳᠡ ᠪᠣᠯ ᠦᠬᠦᠭᠰᠡᠨ ᠮᠢᠬ᠎ᠠ᠎ᠶᠢ᠎ᠯᠠ ᠢᠳᠡᠵᠦ ᠴᠢᠳᠠᠨ᠎ᠠ! ᠶᠠᠮᠠᠷ᠎ᠴᠤ ᠪᠢᠴᠢᠭ ᠳᠡᠭᠡᠷ᠎ᠡ ᠪᠢᠯᠡ 《ᠬᠠᠢᠶᠧᠨᠠ》 ᠭᠡᠳᠡᠭ ᠨᠢᠭᠡ ᠠᠮᠢᠲᠠᠨ᠂ ᠨᠢᠳᠦ ᠪᠡᠶ᠎ᠡ ᠪᠠᠢᠳᠠᠯ᠎ᠨᠢ ᠦᠵᠡᠰᠢ᠎ᠦᠭᠡᠢ ᠮᠠᠭᠤᠬᠠᠢ᠂ ᠬᠡᠵᠢᠶᠡᠳᠡ ᠦᠬᠦᠭᠰᠡᠨ ᠮᠢᠬ᠎ᠠ ᠢᠳᠡᠳᠡᠭ ᠪᠥᠭᠡᠳ ᠪᠦᠳᠦᠭᠦᠨ ᠪᠦᠳᠦᠭᠦᠨ ᠶᠠᠰᠤ᠎ᠶᠢ᠎ᠴᠤ ᠪᠠᠯᠪᠠ ᠬᠡᠮᠬᠡ ᠵᠠᠵᠢᠯᠤᠭᠠᠳ ᠵᠠᠯᠭᠢᠳᠠᠭ ᠭᠡᠵᠦ ᠪᠢᠴᠢᠭᠰᠡᠨ ᠪᠠᠢᠵᠤ ᠪᠢᠯᠡ᠃ ᠪᠣᠳᠤᠵᠤ ᠦᠵᠡᠪᠡᠯ ᠮᠥᠨ ᠠᠶᠤᠮᠠᠷ ᠰᠠᠨᠠᠭᠳᠠᠬᠤ᠎ᠶᠤᠮ᠃ 《ᠬᠠᠢᠶᠧᠨᠠ》 ᠪᠣᠯ ᠴᠢᠨᠤ᠎ᠠ᠎ᠶᠢᠨ ᠰᠠᠳᠤᠨ᠂ ᠴᠢᠨᠤ᠎ᠠ ᠪᠣᠯ ᠨᠣᠬᠠᠢ᠎ᠶᠢᠨ ᠲᠥᠷᠦᠯ᠎ᠶᠦᠮ᠃ ᠤᠷᠵᠢᠳᠤᠷ ᠵᠣᠣ ᠣᠪᠤᠭᠲᠠᠨ᠎ᠤ ᠨᠣᠬᠠᠢ ᠨᠠᠮᠠᠢ ᠬᠡᠳᠦ ᠬᠠᠷᠠᠵᠤ ᠠᠪᠤᠯ᠎ᠠ᠃ ᠪᠣᠳᠤᠪᠠᠯ ᠲᠡᠷᠡ ᠪᠠᠰᠠ ᠦᠭᠡ ᠨᠢᠭᠡᠲᠡᠢ ᠬᠡᠳᠦᠢᠨ ᠣᠴᠢᠭᠠᠳ ᠠᠭᠤᠯᠵᠠᠵᠤ ᠶᠠᠷᠢᠯᠴᠠᠭᠰᠠᠨ ᠪᠠᠢᠯᠭᠦᠢ᠃ ᠡᠪᠦᠭᠡᠨ᠎ᠦ ᠨᠢᠳᠦ ᠭᠠᠵᠠᠷ ᠱᠠᠭᠠᠢᠵᠤ ᠪᠠᠢᠭᠰᠠᠨ᠎ᠴᠤ ᠨᠠᠳᠠ᠎ᠠᠴᠠ ᠶᠠᠭᠠᠬᠢᠵᠤ ᠨᠢᠭᠤᠵᠤ ᠴᠢᠳᠠᠬᠤ ᠪᠤᠢ᠃

ᠠᠬ᠎ᠠ᠎ᠯᠠ ᠮᠠᠰᠢ ᠬᠥᠭᠡᠷᠦᠬᠦᠢ ᠪᠠᠢᠨ᠎ᠠ᠃ ᠲᠡᠷᠡ ᠪᠠᠰᠠ ᠬᠥᠮᠦᠨ ᠪᠠᠢᠲᠠᠯ᠎ᠠ ᠶᠠᠭᠠᠬᠢᠭᠠᠳ ᠣᠭᠲᠤ ᠠᠶᠤᠵᠤ ᠵᠣᠪᠠᠬᠤ᠎ᠦᠭᠡᠢ᠎ᠪᠠᠷ ᠬᠥᠮᠦᠨ᠎ᠲᠡᠢ ᠨᠡᠢᠯᠡᠵᠦ ᠨᠠᠮᠠᠢ ᠢᠳᠡᠬᠦ᠎ᠨᠢ᠎ᠦᠦ? ᠰᠤᠷᠴᠤ ᠵᠠᠩᠰᠢᠯ ᠪᠣᠯᠴᠢᠬᠠᠭᠠᠳ᠂ ᠪᠤᠷᠤᠭᠤ ᠭᠡᠵᠦ ᠪᠣᠳᠤᠬᠤ᠎ᠦᠭᠡᠢ ᠪᠠᠢᠭ᠎ᠠ᠎ᠶᠤᠮ᠎ᠤᠤ? ᠡᠰᠡᠬᠦᠯ᠎ᠡ ᠬᠥᠮᠦᠨ᠎ᠦ ᠴᠢᠨᠠᠷ᠎ᠢᠶᠠᠨ ᠠᠯᠳᠠᠭᠠᠳ᠂ ᠮᠡᠳᠡᠪᠡᠴᠦ ᠵᠣᠷᠢᠭᠤᠳᠠ ᠦᠢᠯᠡᠳᠴᠦ ᠪᠠᠢᠬᠤ᠎ᠨᠢ ᠲᠡᠷᠡ᠎ᠦᠦ?

ᠪᠢ ᠬᠥᠮᠦᠨ ᠢᠳᠡᠭᠴᠢᠳ᠎ᠢ ᠵᠦᠬᠡᠨ ᠬᠠᠷᠢᠶᠠᠬᠤ᠎ᠳᠠᠭᠠᠨ ᠲᠡᠭᠦᠨ᠎ᠡᠴᠡ ᠡᠬᠢᠯᠡᠨ᠎ᠡ᠃ ᠬᠥᠮᠦᠨ ᠢᠳᠡᠭᠴᠢᠳ᠎ᠢ ᠢᠳᠭᠠᠬᠤ ᠳᠠᠭᠠᠨ᠎ᠴᠤ ᠲᠡᠭᠦᠨ᠎ᠡᠴᠡ ᠡᠬᠢᠯᠡᠨ᠎ᠡ᠃

ᠨᠠᠢ᠍ᠮᠠ

ᠴᠣᠬᠤᠮ᠎ᠳᠠᠭᠠᠨ ᠡᠳᠡᠭᠡᠷ ᠶᠣᠰᠤ᠎ᠶᠢ ᠣᠳᠣ ᠲᠡᠳᠡ ᠬᠡᠳᠦᠢᠨ ᠣᠢᠯᠠᠭᠠᠭᠰᠠᠨ ᠪᠠᠢᠬᠤ ᠶᠣᠰᠤᠲᠠᠢ᠃ ᠁

ᠭᠡᠨᠡᠳᠲᠡ ᠨᠢᠭᠡ ᠬᠥᠮᠦᠨ ᠣᠷᠤᠵᠤ ᠢᠷᠡᠪᠡ᠃ ᠬᠣᠷᠢᠭᠠᠳ ᠨᠠᠰᠤᠨ᠎ᠤ ᠮᠠᠶᠢᠭᠲᠠᠢ᠂ ᠵᠢᠰᠦ ᠴᠢᠷᠠᠢ᠎ᠶᠢ᠎ᠨᠢ ᠲᠣᠳᠤᠷᠬᠠᠢ ᠣᠯᠵᠤ ᠦᠵᠡᠭᠰᠡᠨ᠎ᠦᠭᠡᠢ᠂ ᠴᠢᠷᠠᠢ ᠳᠦᠭᠦᠷᠡᠩ ᠢᠨᠢᠶᠡᠮᠰᠦᠭᠯᠡᠵᠦ ᠮᠢᠨᠦ ᠵᠦᠭ ᠳᠣᠬᠢᠨ᠎ᠠ᠃ ᠢᠨᠢᠶᠡᠳᠦ᠎ᠨᠢ ᠮᠥᠨ ᠦᠨᠡᠨ ᠢᠨᠢᠶᠡᠳᠦ ᠪᠢᠰᠢ ᠶᠠᠩᠵᠤ᠎ᠲᠠᠢ᠃ ᠪᠢ ᠲᠡᠭᠦᠨ᠎ᠡᠴᠡ: 《 ᠬᠥᠮᠦᠨ᠎ᠢ ᠢᠳᠡᠬᠦ᠎ᠨᠢ ᠲᠠᠭᠠᠷᠠᠨ᠎ᠠ᠎ᠤᠤ?》 ᠭᠡᠵᠦ ᠠᠰᠠᠭᠤᠭᠰᠠᠨ᠎ᠳᠤ ᠲᠡᠷᠡ ᠮᠥᠨ ᠢᠨᠢᠶᠡᠮᠰᠦᠭᠯᠡᠵᠦ: 《ᠭᠠᠴᠢᠭ ᠵᠢᠯ ᠪᠢᠰᠢ ᠪᠠᠢᠲᠠᠯ᠎ᠠ ᠶᠠᠭᠤᠨ᠎ᠳᠤ ᠬᠥᠮᠦᠨ ᠢᠳᠡᠬᠦ ᠪᠤᠢ》 ᠭᠡᠪᠡ᠃ ᠡᠨᠡ᠎ᠴᠦ ᠮᠥᠨ ᠬᠥᠮᠦᠨ ᠢᠳᠡᠬᠦ ᠳᠤᠷᠠᠲᠠᠢ! ᠨᠢᠭᠡ ᠵᠠᠮ᠎ᠤᠨ ᠴᠢᠳᠭᠦᠷ ᠪᠠᠢᠨ᠎ᠠ ᠭᠡᠵᠦ ᠪᠢ ᠳᠣᠣᠷ᠎ᠠ᠎ᠪᠠᠨ ᠮᠡᠳᠡᠪᠡ᠃ ᠲᠡᠭᠡᠭᠡᠳ ᠪᠢ ᠵᠠᠭᠤᠨ ᠬᠤᠪᠢ᠎ᠶᠢᠨ ᠵᠣᠷᠢᠭ ᠭᠠᠷᠭᠠᠵᠤ ᠵᠣᠷᠢᠭᠤᠳᠠ ᠲᠡᠭᠦᠨ᠎ᠡᠴᠡ:

《ᠲᠠᠭᠠᠷᠠᠨ᠎ᠠ᠎ᠤᠤ》 ᠭᠡᠵᠦ ᠠᠰᠠᠭᠤᠪᠠ᠃

《ᠡᠳᠡᠭᠡᠷ ᠶᠠᠪᠤᠳᠠᠯ᠎ᠢ ᠠᠰᠠᠭᠤᠭᠠᠳ ᠶᠠᠭᠠᠬᠢᠬᠤ᠎ᠶᠤᠮ ᠪᠤᠢ᠃ ᠴᠢ ᠦᠨᠡᠬᠡᠷ ᠁ ᠶᠡᠬᠡ ᠱᠣᠭ᠎ᠲᠠᠢ ᠬᠥᠮᠦᠨ ᠪᠠᠢᠨ᠎ᠠ᠃ ᠁ ᠥᠨᠥᠳᠦᠷ ᠲᠡᠭᠷᠢ ᠰᠠᠢᠬᠠᠨ ᠪᠠᠢᠨ᠎ᠠ ᠰᠢᠤ᠃ 》

ᠲᠡᠭᠷᠢ᠎ᠴᠦ ᠰᠠᠢᠬᠠᠨ ᠪᠠᠢᠨ᠎ᠠ᠂ ᠰᠠᠷᠠ ᠪᠠᠰᠠ ᠲᠤᠩᠭᠠᠯᠠᠭ ᠪᠠᠢᠨ᠎ᠠ᠂᠃ ᠭᠡᠪᠡᠴᠦ ᠪᠢ ᠴᠢᠮ᠎ᠠ᠎ᠠᠴᠠ ᠠᠰᠠᠭᠤᠶ᠎ᠠ: 《 ᠲᠠᠭᠠᠷᠠᠨ᠎ᠠ᠎ᠤᠤ?》

ᠲᠡᠷᠡ᠂ ᠦᠯᠦ ᠲᠠᠭᠠᠰᠢᠶᠠᠬᠤᠢᠴᠠ 《ᠲᠠᠭᠠᠷᠠᠬᠤ᠎ᠦᠭᠡᠢ ᠁》 ᠭᠡᠵᠦ ᠬᠠᠯᠲᠤ ᠮᠥᠯᠲᠦ ᠳᠤᠤᠭᠠᠷᠪᠠ᠃

《ᠲᠠᠭᠠᠷᠠᠬᠤ᠎ᠦᠭᠡᠢ ᠪᠣᠯ ᠲᠡᠳᠡ ᠶᠠᠭᠤᠨ᠎ᠳᠤ ᠢᠳᠡᠭᠡᠳ ᠪᠠᠢᠳᠠᠭ᠎ᠶᠤᠮ ᠪᠤᠢ?!》

《ᠪᠠᠢᠳᠠᠭ᠎ᠦᠭᠡᠢ ᠬᠡᠷᠡᠭ ᠁》

《ᠪᠠᠢᠳᠠᠭ᠎ᠦᠭᠡᠢ ᠬᠡᠷᠡᠭ ᠡ? ᠣᠳᠣ ᠯᠠᠩ ᠽᠢ ᠼᠦᠨ ᠲᠣᠰᠭᠤᠨ᠎ᠳᠤ ᠢᠳᠡᠵᠦ ᠪᠠᠢᠨ᠎ᠠ᠃ ᠪᠢᠴᠢᠭ᠎ᠲᠦ ᠪᠠᠰᠠ ᠪᠢᠴᠢᠭᠡᠰᠦᠲᠡᠢ᠂ ᠤᠪ ᠤᠯᠠᠭᠠᠨ ᠰᠢᠪ ᠰᠢᠨᠡᠬᠡᠨ!》

ᠲᠡᠷᠡ ᠬᠥᠮᠦᠨ ᠳᠣᠣᠷ᠎ᠠ᠎ᠪᠠᠨ ᠴᠢᠷᠠᠢ᠎ᠪᠠᠨ ᠲᠡᠮᠦᠷ ᠮᠡᠲᠦ ᠬᠥᠬᠡᠷᠡᠭᠦᠯᠵᠦ᠂ ᠨᠢᠳᠦ᠎ᠪᠡᠨ ᠪᠦᠯᠲᠡᠢᠯᠭᠡᠨ: 《ᠪᠠᠢᠵᠤ᠎ᠴᠤ ᠮᠡᠳᠡᠨ᠎ᠡ᠂ ᠤᠤᠯ᠎ᠠᠴᠠ ᠡᠢᠮᠦ᠎ᠯᠡ ᠪᠠᠢᠭᠰᠠᠨ ᠁》 ᠭᠡᠪᠡ᠃

《ᠤᠤᠯ᠎ᠠᠴᠠ ᠡᠢᠮᠦ᠎ᠯᠡ ᠪᠠᠢᠭᠰᠠᠨ᠎ᠨᠢ ᠲᠠᠭᠠᠷᠠᠨ᠎ᠠ᠎ᠤᠤ?》

《ᠪᠢ ᠴᠢᠮ᠎ᠠ᠎ᠲᠠᠢ ᠡᠳᠡᠭᠡᠷ ᠶᠣᠰᠤ᠎ᠶᠢ ᠬᠡᠯᠡᠯᠴᠡᠬᠦ᠎ᠦᠭᠡᠢ᠃ ᠶᠠᠭᠤ᠎ᠴᠤ ᠭᠡᠰᠡᠨ ᠴᠢ ᠡᠭᠦᠨ᠎ᠢ ᠬᠡᠯᠡᠬᠦ ᠶᠣᠰᠤ᠎ᠦᠭᠡᠢ᠂ ᠴᠢ ᠬᠡᠯᠡᠪᠡᠯ ᠴᠢᠨᠦ ᠪᠤᠷᠤᠭᠤ ᠪᠣᠯᠤᠨ᠎ᠠ!》

ᠪᠢ ᠭᠣᠰ ᠦᠰᠦᠷᠦᠨ ᠪᠣᠰᠴᠤ ᠨᠢᠳᠦ᠎ᠪᠡᠨ ᠨᠡᠭᠡᠭᠡᠬᠦᠯ᠎ᠡ ᠲᠡᠷᠡ ᠬᠥᠮᠦᠨ ᠠᠯᠠᠭ᠎ᠠ ᠪᠣᠯᠪᠠ᠃ ᠬᠠᠮᠤᠭ ᠪᠡᠶ᠎ᠡ᠎ᠡᠴᠡ᠎ᠮᠢᠨᠢ ᠬᠠᠷ᠎ᠠ ᠬᠥᠯᠦᠰᠦ ᠠᠰᠭᠠᠷᠠᠨ᠎ᠠ᠃ ᠲᠡᠭᠦᠨ᠎ᠦ ᠨᠠᠰᠤ ᠮᠢᠨᠦ ᠠᠬ᠎ᠠ᠎ᠠᠴᠠ ᠬᠣᠯᠠ ᠪᠠᠭ᠎ᠠ ᠪᠠᠢᠭᠰᠠᠨ᠎ᠴᠤ ᠮᠥᠨ ᠨᠢᠭᠡ ᠨᠠᠮ ᠠᠵᠢ᠃ ᠡᠭᠦᠨ᠎ᠢ ᠯᠠᠪ ᠡᠬᠡ ᠡᠴᠢᠭᠡ᠎ᠨᠢ ᠤᠷᠢᠳᠠᠰᠠ ᠵᠢᠭᠠᠵᠤ ᠥᠭᠭᠦᠭᠰᠡᠨ ᠪᠠᠢᠯᠭᠦᠢ᠂ ᠲᠡᠭᠡᠭᠡᠳ ᠲᠡᠷᠡ ᠬᠦᠦ᠎ᠳᠡᠭᠡᠨ ᠵᠢᠭᠠᠵᠤ ᠥᠭᠭᠦᠭᠰᠡᠨ ᠪᠢᠵᠡ᠃ ᠢᠩᠭᠢᠬᠦᠯᠡᠷ ᠬᠡᠦᠬᠡᠳ ᠬᠦᠷᠲᠡᠯ᠎ᠡ ᠴᠥᠮ ᠨᠠᠮᠠᠢ ᠬᠣᠣᠷᠲᠠᠢ ᠬᠠᠷᠠᠵᠤ ᠪᠠᠢᠬᠤ᠎ᠨᠢ ᠲᠡᠷᠡ ᠪᠢᠵᠡ᠃

ᠶᠢᠰᠦ

ᠥᠪᠡᠷ᠎ᠢᠶᠡᠨ ᠬᠥᠮᠦᠨ᠎ᠢ ᠢᠳᠡᠬᠦ ᠭᠡᠨ᠎ᠡ᠃ ᠪᠠᠰᠠ ᠬᠥᠮᠦᠨ᠎ᠳᠦ ᠢᠳᠡᠭᠳᠡᠬᠦ᠎ᠡᠴᠡ᠎ᠪᠡᠨ ᠠᠶᠤᠭᠠᠳ ᠪᠦᠷ᠎ᠯᠡ ᠲᠤᠢᠯ᠎ᠤᠨ ᠶᠡᠬᠡ ᠬᠠᠷᠠᠳᠠᠭᠰᠠᠨ ᠨᠢᠳᠦ᠎ᠪᠡᠷ ᠨᠢᠭᠡ ᠨᠢᠭᠡ᠎ᠪᠡᠨ ᠰᠢᠷᠲᠡᠨ᠎ᠡ᠃ ᠁

ᠡᠨᠡ ᠪᠣᠳᠤᠯᠭ᠎ᠠ᠎ᠪᠠᠨ ᠬᠠᠶᠠᠭᠠᠳ ᠰᠠᠨᠠᠭ᠎ᠠ ᠠᠮᠤᠷ ᠠᠵᠢᠯᠯᠠᠵᠤ ᠤᠨᠲᠠᠵᠤ ᠢᠳᠡᠵᠦ ᠶᠠᠪᠤᠪᠠᠯ ᠬᠡᠴᠢᠨᠡᠨ ᠠᠶᠠᠲᠠᠢ ᠪᠢᠯᠡ᠃ ᠢᠩᠭᠢᠬᠦ᠎ᠨᠢ ᠬᠠᠲᠠᠪᠴᠢ ᠠᠯᠬᠤᠨ ᠭᠠᠷᠬᠤ᠎ᠶᠢᠨ ᠲᠡᠳᠦᠢ ᠨᠢᠭᠡ᠎ᠯᠡ ᠪᠣᠭᠤᠮᠲᠠ᠎ᠶᠤᠮ᠃ ᠭᠡᠲᠡᠯ᠎ᠡ ᠲᠡᠳᠡ ᠠᠪᠤ ᠬᠦᠦ᠂ ᠠᠬ᠎ᠠ ᠳᠡᠭᠦᠦ᠂ ᠡᠷ᠎ᠡ ᠡᠮ᠎ᠡ᠂ ᠠᠨᠳᠠ ᠨᠥᠬᠦᠷ᠂ ᠪᠠᠭᠰᠢ ᠱᠠᠪᠢ᠂ ᠥᠰᠲᠡᠨ ᠳᠠᠢᠰᠤᠨ ᠪᠠ ᠦᠯᠦ ᠲᠠᠨᠢᠯᠴᠠᠬᠤ ᠬᠥᠮᠦᠰ ᠬᠦᠷᠲᠡᠯ᠎ᠡ ᠴᠥᠮ ᠨᠡᠢᠯᠡᠵᠦ ᠨᠢᠭᠡᠳᠦᠭᠡᠳ ᠪᠡᠶ᠎ᠡ ᠪᠡᠶ᠎ᠡ᠎ᠪᠡᠨ ᠬᠣᠷᠢᠵᠤ ᠢᠳᠭᠠᠨ ᠨᠢᠭᠡ᠎ᠨᠢ ᠨᠢᠭᠡ᠎ᠪᠡᠨ ᠲᠠᠲᠠᠯᠴᠠᠨ᠂ ᠡᠨᠡ ᠭᠠᠭᠴᠠᠬᠠᠨ ᠠᠯᠬᠤᠮ᠎ᠢ ᠦᠬᠦᠪᠡᠴᠦ ᠠᠯᠬᠤᠵᠤ ᠥᠭᠬᠦ᠎ᠦᠭᠡᠢ ᠪᠠᠢᠨ᠎ᠠ᠃

ᠠᠷᠪᠠ

ᠬᠠᠷ᠎ᠠ ᠥᠷᠯᠦᠭᠡᠭᠦᠷ ᠪᠢ ᠠᠬ᠎ᠠ᠎ᠪᠠᠨ ᠡᠷᠢᠵᠦ ᠣᠴᠢᠪᠠ᠃ ᠲᠡᠷᠡ ᠭᠣᠣᠯ ᠭᠡᠷ᠎ᠦᠨ ᠡᠭᠦᠳᠡᠨ ᠳᠡᠭᠡᠷ᠎ᠡ᠎ᠪᠡᠨ ᠲᠡᠭᠷᠢ᠎ᠶᠢ ᠰᠢᠷᠲᠡᠨ ᠵᠣᠭᠰᠤᠨ᠎ᠠ᠃ ᠪᠢ ᠲᠡᠭᠦᠨ᠎ᠦ ᠠᠷᠤ᠎ᠳᠤ ᠣᠴᠢᠭᠠᠳ ᠡᠭᠦᠳᠡ᠎ᠶᠢ ᠬᠠᠰᠢᠨ ᠵᠣᠭᠰᠤᠵᠤ᠂ ᠶᠡᠬᠡ ᠡᠶᠡᠯᠳᠡᠭ ᠳᠥᠯᠭᠡᠨ᠎ᠢᠶᠡᠷ:

《ᠠᠬ᠎ᠠ ᠠ᠋᠂ ᠪᠢ ᠴᠢᠮ᠎ᠠ᠎ᠳᠤ ᠬᠡᠯᠡᠬᠦ ᠦᠭᠡ ᠪᠠᠢᠨ᠎ᠠ》 ᠭᠡᠪᠡ᠃

《ᠶᠠᠷᠢ᠎ᠯᠠ ᠳ᠋ᠠ 》 ᠭᠡᠵᠦ ᠲᠡᠷᠡ ᠲᠦᠷᠭᠡᠨ ᠡᠷᠭᠢᠵᠦ ᠬᠠᠷᠠᠭᠠᠳ ᠲᠣᠯᠤᠭᠠᠢ ᠳᠣᠬᠢᠪᠠ᠃

《ᠪᠢ ᠬᠡᠳᠦᠬᠡᠨ ᠦᠭᠡ ᠬᠡᠯᠡᠬᠦ ᠭᠡᠰᠡᠨ᠎ᠶᠦᠮ᠂ ᠭᠡᠲᠡᠯ᠎ᠡ ᠠᠮᠠᠨ᠎ᠠᠴᠠ ᠭᠠᠷᠴᠤ ᠥᠭᠬᠦ᠎ᠦᠭᠡᠢ ᠪᠠᠢᠨ᠎ᠠ᠃ ᠠᠬ᠎ᠠ ᠠ᠋᠂ ᠤᠷᠢᠳᠤ᠎ᠶᠢᠨ ᠵᠡᠷᠯᠢᠭ ᠬᠥᠮᠦᠨ ᠪᠠᠷᠤᠭ ᠴᠥᠮ᠎ᠢᠶᠡᠷ᠎ᠢᠶᠡᠨ ᠪᠠᠭ᠎ᠠ ᠰᠠᠭ᠎ᠠ ᠬᠥᠮᠦᠨ ᠢᠳᠡᠳᠡᠭ ᠪᠠᠢᠭᠰᠠᠨ ᠪᠢᠵᠡ᠃ ᠰᠡᠭᠦᠯᠳᠡᠵᠦ ᠢᠷᠡᠭᠡᠳ ᠪᠣᠳᠤᠯᠭ᠎ᠠ ᠰᠠᠨᠠᠭ᠎ᠠ᠎ᠨᠢ ᠣᠨᠳᠣᠣ ᠪᠣᠯᠤᠭᠰᠠᠨ ᠤᠴᠢᠷ᠎ᠠᠴᠠ ᠵᠠᠷᠢᠮ᠎ᠨᠢ ᠬᠥᠮᠦᠨ ᠢᠳᠡᠬᠦ᠎ᠪᠡᠨ ᠪᠠᠢᠵᠤ᠂ ᠰᠠᠢᠨ᠎ᠢ ᠰᠠᠨᠠᠭᠰᠠᠭᠠᠷ ᠬᠥᠮᠦᠨ ᠪᠣᠯᠵᠤ᠂ ᠵᠢᠩᠬᠢᠨᠢ ᠬᠥᠮᠦᠨ ᠪᠣᠯᠵᠠᠢ᠃᠂ ᠵᠠᠷᠢᠮ᠎ᠨᠢ ᠮᠥᠨ ᠬᠣᠷᠤᠬᠠᠢ ᠰᠢᠪᠠᠵᠢ᠎ᠰᠢᠭ᠋ ᠢᠳᠡᠭᠰᠡᠭᠡᠷ ᠪᠠᠢᠨ᠎ᠠ᠃ ᠵᠠᠷᠢᠮ᠎ᠨᠢ ᠵᠢᠭᠠᠰᠤ᠂ ᠰᠢᠪᠠᠭᠤ᠂ ᠰᠠᠷᠮᠠᠭᠴᠢᠨ ᠪᠣᠯᠤᠭᠰᠠᠭᠠᠷ ᠤᠯᠠᠮ᠎ᠢᠶᠠᠷ ᠬᠥᠮᠦᠨ ᠪᠣᠯᠵᠤ ᠬᠤᠪᠢᠷᠠᠪᠠ᠃ ᠵᠠᠷᠢᠮ᠎ᠨᠢ ᠰᠠᠢᠨ᠎ᠢ ᠬᠦᠰᠡᠬᠦ᠎ᠦᠭᠡᠢ᠂ ᠣᠳᠣ ᠪᠣᠯᠲᠠᠯ᠎ᠠ ᠬᠣᠷᠤᠬᠠᠢ ᠰᠢᠪᠠᠵᠢ ᠬᠡᠪ᠎ᠢᠶᠡᠷ ᠪᠠᠢᠨ᠎ᠠ᠃ ᠬᠥᠮᠦᠨ ᠢᠳᠡᠳᠡᠭ᠎ᠨᠢ ᠬᠥᠮᠦᠨ ᠢᠳᠡᠳᠡᠭ᠎ᠦᠭᠡᠢ᠎ᠪᠡᠨ ᠪᠣᠳᠤᠪᠠᠯ ᠶᠠᠭᠤᠲᠠᠢ ᠢᠴᠢᠭᠦᠷᠢᠲᠡᠢ ᠠᠵᠢ᠃ ᠯᠠᠪ ᠬᠣᠷᠤᠬᠠᠢ ᠰᠢᠪᠠᠵᠢ᠂ ᠰᠠᠷᠮᠠᠭᠴᠢᠨ᠎ᠠᠴᠠ ᠢᠴᠡᠩᠭᠦᠷᠡᠬᠦ᠎ᠡᠴᠡ ᠬᠣᠯᠠ ᠴᠠᠰᠢ ᠪᠠᠢᠬᠤ ᠠ᠋᠃

《᠎ᠢ ᠶᠠ ᠬᠦᠦ᠎ᠪᠡᠨ ᠵᠢᠩᠨᠡᠵᠦ᠂ ᠵᠢᠶᠧ ᠵᠧᠦ ᠬᠣᠶᠠᠷ ᠬᠠᠭᠠᠨ᠎ᠳᠤ ᠢᠳᠡᠭᠦᠯᠦᠭᠰᠡᠨ ᠶᠠᠪᠤᠳᠠᠯ ᠪᠣᠯ ᠪᠦᠷ ᠳᠡᠭᠡᠷ᠎ᠡ ᠦᠶ᠎ᠡ᠎ᠶᠢᠨ ᠬᠡᠷᠡᠭ ᠰᠢᠤ ᠳ᠋ᠠ᠃ ᠫᠠᠨ ᠭᠦ᠋ ᠭᠠᠵᠠᠷ ᠳᠡᠯᠡᠬᠡᠢ᠎ᠶᠢ ᠲᠣᠭᠲᠠᠭᠠᠭᠰᠠᠨ᠎ᠠᠴᠠ ᠨᠠᠰᠢ᠂᠎ᠢ ᠶᠠ᠎ᠶᠢᠨ ᠬᠦᠦ ᠬᠦᠷᠴᠦ ᠢᠷᠡᠲᠡᠯ᠎ᠡ᠂᠎ᠢ ᠶᠠ᠎ᠶᠢᠨ ᠬᠦᠦ᠎ᠡᠴᠡ ᠰᠢᠦᠢ ᠰᠢ ᠯᠢᠨ ᠬᠦᠷᠴᠦ ᠢᠷᠡᠲᠡᠯ᠎ᠡ᠂ ᠰᠢᠦᠢ ᠰᠢ ᠯᠢᠨ᠎ᠡᠴᠡ ᠪᠠᠰᠠ ᠯᠠᠩ ᠽᠢ ᠼᠦᠨ ᠲᠣᠰᠭᠤᠨ᠎ᠳᠤ ᠪᠠᠷᠢᠭᠳᠠᠭᠰᠠᠨ ᠬᠥᠮᠦᠨ ᠬᠦᠷᠴᠦ ᠢᠷᠡᠲᠡᠯ᠎ᠡ ᠢᠳᠡᠭᠳᠡᠭᠰᠡᠭᠡᠷ ᠢᠷᠡᠭᠰᠡᠨ᠎ᠢ ᠬᠡᠨ ᠮᠡᠳᠡᠬᠦ ᠪᠤᠢ᠃ ᠨᠢᠳᠤᠨᠤᠨ ᠬᠣᠲᠠ᠎ᠳᠤ ᠨᠢᠭᠡ ᠶᠠᠯᠠᠲᠠᠨ᠎ᠢ ᠴᠠᠭᠠᠵᠠ᠎ᠪᠠᠷ ᠠᠪᠠᠴᠢᠭᠰᠠᠨ᠎ᠳᠤ᠂ ᠪᠠᠰᠠ ᠨᠢᠭᠡ ᠠᠭᠤᠰᠭᠢᠨ᠎ᠤ ᠡᠪᠡᠳᠴᠢᠨ᠎ᠲᠡᠢ ᠬᠥᠮᠦᠨ ᠲᠡᠭᠦᠨ᠎ᠦ ᠴᠢᠰᠤᠨ᠎ᠳᠤ ᠮᠠᠨᠲᠠᠤ ᠳᠥᠷᠦᠵᠦ ᠢᠳᠡᠭᠰᠡᠨ᠎ᠶᠦᠮ᠃

《ᠲᠡᠳᠡ ᠨᠠᠮᠠᠢ ᠢᠳᠡᠬᠦ ᠭᠡᠵᠦ ᠪᠠᠢᠬᠤ᠎ᠳᠤ ᠭᠠᠭᠴᠠᠬᠠᠨ ᠴᠢ ᠴᠣᠬᠤᠮ ᠶᠠᠮᠠᠷ ᠠᠷᠭ᠎ᠠ ᠪᠠᠢᠬᠤ ᠪᠤᠢ᠂ ᠭᠡᠲᠡᠯ᠎ᠡ ᠲᠡᠷᠡ ᠪᠦᠯᠦᠭ᠎ᠲᠦ ᠣᠴᠢᠵᠤ ᠣᠷᠤᠳᠠᠭ᠎ᠴᠢᠨᠢ ᠶᠠᠭᠤᠨ ᠪᠢᠯᠡ? ᠬᠥᠮᠦᠨ ᠢᠳᠡᠳᠡᠭ ᠬᠥᠮᠦᠰ ᠶᠠᠭᠤ ᠡᠰᠡ ᠦᠢᠯᠡᠳᠬᠦ ᠪᠢᠯᠡ᠃ ᠲᠡᠳᠡ ᠨᠠᠮᠠᠢ ᠢᠳᠡᠬᠦ᠎ᠪᠡᠷ ᠪᠠᠷᠠᠬᠤ᠎ᠦᠭᠡᠢ᠂ ᠴᠢᠮᠠᠢ ᠪᠠᠰᠠ ᠢᠳᠡᠨ᠎ᠡ᠂ ᠪᠦᠯᠦᠭ ᠳᠣᠲᠤᠷ᠎ᠠ᠎ᠪᠠᠨ ᠨᠢᠭᠡ ᠨᠢᠭᠡ᠎ᠪᠡᠨ ᠬᠦᠷᠲᠡᠯ᠎ᠡ ᠪᠠᠷᠢᠵᠤ ᠢᠳᠡᠬᠦ᠎ᠶᠦᠮ᠃ ᠭᠡᠲᠡᠯ᠎ᠡ ᠬᠡᠷᠪᠡ ᠨᠢᠭᠡᠯᠬᠡᠨ ᠠᠯᠬᠤᠮ ᠡᠷᠭᠢᠵᠦ᠂ ᠳᠣᠣᠷ᠎ᠠ᠎ᠪᠠᠨ ᠬᠠᠯᠠᠵᠤ ᠵᠠᠰᠠᠷᠠᠬᠤ᠎ᠶᠤᠮ ᠪᠣᠯ ᠬᠥᠮᠦᠨ ᠪᠦᠬᠦᠨ ᠠᠮᠤᠷ ᠲᠠᠢᠪᠤᠩ ᠠᠮᠢᠳᠤᠷᠠᠬᠤ ᠪᠣᠯᠤᠨ᠎ᠠ᠃ ᠬᠡᠳᠦᠢᠪᠡᠷ ᠤᠤᠯ᠎ᠠᠴᠠ ᠡᠢᠮᠦ ᠪᠠᠢᠭᠰᠠᠨ ᠪᠣᠯᠪᠠᠴᠤ ᠥᠨᠥᠳᠦᠷ ᠪᠢᠳᠡ ᠣᠨᠴᠠ ᠰᠠᠢᠨ ᠪᠠᠢᠵᠤ ᠪᠣᠯᠬᠤ᠎ᠶᠢ ᠴᠢᠳᠠᠬᠤ᠎ᠦᠭᠡᠢ᠎ᠯᠠ ᠭᠡᠬᠦ᠎ᠶᠦᠮ! ᠠᠬ᠎ᠠ ᠴᠢᠮᠠᠢ ᠯᠠᠪ ᠢᠩᠭᠢᠵᠦ ᠬᠡᠯᠡᠨ᠎ᠡ ᠭᠡᠵᠦ ᠪᠢ ᠢᠲᠡᠭᠡᠵᠦ ᠪᠠᠢᠨ᠎ᠠ᠃ ᠤᠷᠢᠳ ᠡᠳᠦᠷ ᠲᠦᠷᠢᠶᠡᠰᠦᠨ ᠲᠠᠷᠢᠶᠠᠴᠢᠨ ᠢᠷᠡᠵᠦ ᠲᠦᠷᠢᠶᠡᠰᠦ᠎ᠶᠢ ᠬᠥᠩᠭᠡᠯᠡ ᠭᠡᠰᠡᠨ᠎ᠳᠦ ᠴᠢ ᠴᠢᠳᠠᠬᠤ᠎ᠦᠭᠡᠢ ᠭᠡᠰᠡᠨ ᠪᠢᠰᠢ᠎ᠦᠦ?》

ᠲᠡᠷᠡ ᠡᠬᠢᠯᠡᠭᠡᠳ ᠬᠦᠢᠲᠡᠨ᠎ᠢᠶᠡᠷ ᠢᠨᠢᠶᠡᠵᠦ᠎ᠯᠡ ᠪᠠᠢᠭᠰᠠᠨ᠂ ᠰᠡᠭᠦᠯᠳᠡᠵᠦ ᠢᠷᠡᠭᠡᠳ ᠨᠢᠳᠦᠨ᠎ᠦ ᠬᠢᠨᠢ ᠬᠠᠷᠠᠴᠠ ᠠᠢᠬᠤᠪᠲᠤᠷ ᠮᠠᠭᠤᠬᠠᠢ ᠪᠣᠯᠵᠤ ᠢᠷᠡᠭᠰᠡᠨ ᠪᠥᠭᠡᠳ ᠳᠣᠲᠤᠭᠠᠳᠤ ᠨᠢᠭᠤᠴᠠ᠎ᠶᠢ᠎ᠨᠢ ᠢᠯᠡᠷᠡᠭᠦᠯᠦᠭᠰᠡᠨ᠎ᠡᠴᠡ ᠥᠩᠭᠡ ᠵᠢᠰᠦ᠎ᠨᠢ ᠪᠦᠷ ᠵᠢᠪᠡᠷᠡᠵᠦ ᠬᠠᠷᠠᠯᠠᠪᠠ᠃ ᠬᠠᠭᠠᠯᠭᠠᠨ᠎ᠤ ᠭᠠᠳᠠᠨ᠎ᠠ ᠣᠯᠠᠨ ᠬᠥᠮᠦᠨ ᠢᠷᠡᠵᠦ ᠵᠣᠭᠰᠤᠭᠰᠠᠨ᠎ᠤ ᠳᠣᠲᠤᠷ᠎ᠠ᠂ ᠵᠣᠣ ᠡᠷᠬᠢᠮ ᠨᠣᠬᠠᠢ᠎ᠲᠠᠢ᠎ᠪᠠᠨ ᠬᠠᠮᠲᠤ ᠪᠠᠢᠯᠴᠠᠨ᠎ᠠ᠃ ᠲᠡᠭᠡᠭᠡᠳ ᠱᠠᠭᠠᠢᠵᠤ ᠴᠢᠩᠨᠠᠭᠰᠠᠭᠠᠷ ᠰᠢᠬᠠᠯᠴᠠᠨ ᠣᠷᠤᠵᠤ ᠢᠷᠡᠪᠡ᠃ ᠵᠠᠷᠢᠮ᠎ᠨᠢ ᠮᠥᠨ ᠬᠦᠢᠲᠡᠨ ᠬᠥᠬᠡ ᠴᠢᠷᠠᠢᠯᠠᠵᠤ ᠠᠮᠠ ᠳᠠᠷᠪᠠᠢᠨ ᠢᠨᠢᠶᠡᠨ᠎ᠡ᠃ ᠡᠳᠡ ᠪᠣᠯ ᠴᠥᠮ ᠬᠥᠮᠦᠨ ᠢᠳᠡᠳᠡᠭ ᠨᠢᠭᠡ ᠨᠠᠮ᠎ᠤᠨ ᠠᠮᠢᠲᠠᠨ ᠭᠡᠵᠦ ᠪᠢ ᠮᠡᠳᠡᠪᠡ᠃ ᠭᠡᠲᠡᠯ᠎ᠡ ᠲᠡᠳᠡᠨ᠎ᠦ ᠪᠣᠳᠤᠯᠭ᠎ᠠ ᠰᠠᠨᠠᠭ᠎ᠠ᠎ᠨᠢ ᠠᠩᠭᠢᠳᠠ ᠥᠭᠡᠷ᠎ᠡ ᠪᠠᠢᠬᠤ᠎ᠶᠢ ᠪᠢ ᠪᠠᠰᠠ ᠮᠡᠳᠡᠯ᠎ᠡ᠃ ᠨᠢᠭᠡ ᠪᠦᠯᠦᠭ᠎ᠨᠢ ᠶᠡᠷᠦ᠎ᠡᠴᠡ ᠡᠢᠮᠦ᠎ᠯᠡ ᠪᠠᠢᠭᠰᠠᠨ᠂ ᠢᠳᠡᠬᠦ᠎ᠯᠡ ᠶᠣᠰᠤᠲᠠᠢ ᠭᠡᠵᠦ ᠰᠠᠨᠠᠨ᠎ᠠ᠃ ᠨᠥᠭᠦᠭᠡ ᠪᠦᠯᠦᠭ᠎ᠨᠢ ᠢᠳᠡᠬᠦ ᠶᠣᠰᠤ᠎ᠦᠭᠡᠢ ᠭᠡᠭᠴᠢ᠎ᠶᠢ ᠮᠡᠳᠡᠬᠦ ᠪᠣᠯᠪᠠᠴᠤ ᠮᠥᠨ ᠢᠳᠡᠬᠦ᠎ᠶᠢ ᠬᠦᠰᠡᠬᠦ ᠪᠥᠭᠡᠳ ᠪᠠᠰᠠ ᠪᠤᠰᠤᠳ᠎ᠲᠤ ᠮᠡᠳᠡᠭᠳᠡᠬᠦ᠎ᠡᠴᠡ᠎ᠪᠡᠨ ᠠᠶᠤᠨ᠎ᠠ᠃ ᠲᠡᠢᠨ᠎ᠬᠦ ᠮᠢᠨᠦ ᠦᠭᠡ᠎ᠶᠢ ᠰᠣᠨᠤᠰᠤᠭᠠᠳ ᠨᠡᠩ ᠶᠡᠬᠡ ᠠᠭᠤᠷᠯᠠᠬᠤ ᠪᠣᠯᠪᠠᠴᠤ ᠠᠮᠠ᠎ᠪᠠᠨ ᠠᠩᠭᠠᠢᠵᠤ ᠬᠦᠢᠲᠡᠨ᠎ᠢᠶᠡᠷ ᠢᠨᠢᠶᠡᠨ᠎ᠡ᠃

ᠢᠩᠭᠢᠲᠡᠯ᠎ᠡ ᠠᠬ᠎ᠠ ᠪᠠᠰᠠ ᠭᠡᠨᠡᠳᠲᠡ ᠬᠡᠷᠴᠡᠭᠡᠢ ᠴᠢᠷᠠᠢᠯᠠᠵᠤ ᠶᠡᠬᠡ ᠳᠠᠭᠤᠨ᠎ᠢᠶᠠᠷ:

《ᠭᠠᠷᠴᠠᠭ᠎ᠠ! ᠭᠠᠯᠵᠠᠭᠤ ᠠᠮᠢᠲᠠᠨ᠎ᠤ ᠶᠠᠭᠤ᠎ᠶᠢ᠎ᠨᠢ ᠦᠵᠡᠨ᠎ᠡ ᠪᠤᠢ!》 ᠭᠡᠵᠦ ᠵᠠᠩᠳᠤᠷᠪᠠ᠃

ᠡᠨᠡ ᠦᠶ᠎ᠡ᠎ᠳᠦ ᠪᠢ ᠲᠡᠳᠡᠨ᠎ᠦ ᠪᠠᠰᠠ ᠨᠢᠭᠡ ᠵᠠᠯᠢᠬᠠᠢ ᠮᠡᠬᠡ᠎ᠶᠢ ᠣᠯᠵᠤ ᠮᠡᠳᠡᠯ᠎ᠡ᠃ ᠲᠡᠳᠡ ᠬᠠᠯᠠᠵᠤ ᠵᠠᠰᠠᠷᠠᠬᠤ᠎ᠶᠢ ᠬᠦᠰᠡᠬᠦ᠎ᠦᠭᠡᠢ ᠮᠥᠷᠲᠡᠭᠡᠨ ᠬᠠᠷᠢᠨ ᠨᠠᠳᠠ ᠭᠠᠯᠵᠠᠭᠤ ᠨᠡᠷ᠎ᠡ ᠵᠡᠭᠦᠯᠭᠡᠬᠦ᠎ᠪᠡᠷ ᠬᠡᠳᠦᠢᠨ ᠪᠡᠯᠡᠳᠦᠭᠰᠡᠨ ᠪᠠᠢᠵᠠᠢ᠃ ᠢᠩᠭᠢᠪᠡᠯ ᠬᠣᠵᠢᠮ ᠪᠠᠷᠢᠵᠤ ᠢᠳᠡᠭᠰᠡᠨ᠎ᠴᠦ ᠬᠡᠷᠡᠭ ᠭᠠᠷᠬᠤ᠎ᠦᠭᠡᠢ ᠪᠠᠰᠠ ᠲᠠᠯ᠎ᠠ ᠣᠯᠵᠤ ᠮᠡᠳᠡᠬᠦ᠎ᠶᠦᠮ᠃ ᠠᠢᠯ ᠣᠯᠠᠨ᠎ᠢᠶᠠᠷ ᠨᠢᠭᠡᠨ ᠮᠠᠭᠤ ᠬᠥᠮᠦᠨ ᠪᠠᠷᠢᠵᠤ ᠢᠳᠡᠯ᠎ᠡ ᠭᠡᠵᠦ ᠲᠦᠷᠢᠶᠡᠰᠦᠨ ᠲᠠᠷᠢᠶᠠᠴᠢᠨ ᠬᠡᠯᠡᠭᠰᠡᠨ᠎ᠨᠢ ᠶᠠᠭ᠎ᠯᠠ ᠡᠨᠡ ᠠᠷᠭ᠎ᠠ᠎ᠶᠤᠮ ᠰᠢᠤ᠃ ᠡᠨᠡ ᠪᠣᠯ ᠲᠡᠳᠡᠨ᠎ᠦ ᠰᠤᠷᠮᠠᠭᠠᠢ ᠠᠷᠭ᠎ᠠ᠎ᠶᠤᠮ!

ᠴᠧᠨ ᠯᠣᠣ ᠦ᠋ ᠪᠠᠰᠠ ᠠᠭᠤᠷᠲᠠᠢ ᠰᠢᠭᠤᠳ ᠣᠷᠤᠵᠤ ᠢᠷᠡᠪᠡ᠃ ᠮᠢᠨᠦ ᠠᠮᠠ᠎ᠶᠢ ᠲᠠᠭᠯᠠᠵᠤ ᠴᠢᠳᠠᠬᠤ ᠪᠤᠢ᠂ ᠪᠢ ᠵᠣᠷᠢᠭᠤᠳᠠ ᠲᠡᠳᠡᠨ᠎ᠦ ᠵᠦᠭ:

《ᠲᠠ᠎ᠨᠠᠷ ᠵᠠᠰᠠᠷᠠᠵᠤ ᠦᠵᠡ᠂ ᠦᠨᠡᠨ ᠰᠡᠳᠭᠢᠯ ᠡᠴᠡᠭᠡᠨ ᠵᠠᠰᠠᠷᠠᠬᠤ ᠬᠡᠷᠡᠭᠲᠡᠢ! ᠬᠣᠵᠢᠮ ᠳᠡᠯᠡᠬᠡᠢ ᠳᠡᠭᠡᠷ᠎ᠡ ᠬᠥᠮᠦᠨ ᠢᠳᠡᠳᠡᠭ ᠬᠥᠮᠦᠨ ᠪᠠᠢᠯᠭᠠᠬᠤ᠎ᠦᠭᠡᠢ ᠭᠡᠭᠴᠢ᠎ᠶᠢ ᠮᠡᠳᠡᠬᠦ ᠬᠡᠷᠡᠭᠲᠡᠢ᠃

《ᠲᠠ᠎ᠨᠠᠷ ᠵᠠᠰᠠᠷᠠᠬᠤ᠎ᠦᠭᠡᠢ᠎ᠴᠤ ᠭᠡᠰᠡᠨ ᠨᠢᠭᠡ᠎ᠨᠢ ᠨᠢᠭᠡ᠎ᠪᠡᠨ ᠢᠳᠡᠵᠦ ᠳᠠᠭᠤᠰᠤᠨ᠎ᠠ᠂ ᠴᠢᠨᠤ᠎ᠠ ᠠᠩᠴᠢᠨ᠎ᠳᠤ ᠠᠯᠠᠭᠳᠠᠵᠤ ᠳᠠᠭᠤᠰᠬᠤ᠎ᠲᠠᠢ ᠠᠳᠠᠯᠢ! ᠬᠣᠷᠤᠬᠠᠢ᠎ᠲᠠᠢ ᠠᠳᠠᠯᠢ᠂ ᠵᠢᠩᠬᠢᠨᠢ ᠬᠥᠮᠦᠨ᠎ᠳᠦ ᠤᠰᠠᠳᠭᠠᠭᠳᠠᠨ᠎ᠠ!》 ᠭᠡᠪᠡ᠃

ᠲᠡᠳᠡ ᠴᠥᠮ ᠴᠧᠨ ᠯᠣᠣ ᠦ᠋᠎ᠳᠦ ᠬᠥᠭᠡᠭᠡᠭᠳᠡᠵᠦ ᠶᠠᠪᠤᠪᠠ᠃ ᠠᠬ᠎ᠠ᠎ᠴᠤ ᠦᠵᠡᠭᠳᠡᠬᠦ᠎ᠦᠭᠡᠢ ᠪᠣᠯᠪᠠ᠃ ᠴᠧᠨ ᠯᠣᠣ ᠦ᠋ ᠨᠠᠮᠠᠢ ᠭᠡᠷ᠎ᠲᠦ ᠱᠠᠯᠠᠵᠤ ᠣᠷᠤᠭᠤᠯᠪᠠ᠃ ᠭᠡᠷ ᠳᠣᠲᠤᠷ᠎ᠠ ᠫᠠᠳ ᠬᠠᠷᠠᠩᠭᠤᠢ᠂ ᠪᠠᠢᠰᠢᠩ᠎ᠤᠨ ᠨᠢᠷᠤᠭᠤ ᠪᠠ ᠤᠨᠢ ᠴᠥᠮ ᠲᠣᠯᠤᠭᠠᠢ ᠳᠡᠭᠡᠷ᠎ᠡ ᠴᠡᠴᠡᠷᠡᠨ᠎ᠡ᠃ ᠲᠦᠷ ᠴᠡᠴᠡᠷᠡᠵᠦ ᠪᠠᠢᠭᠰᠠᠨ᠎ᠢᠶᠠᠨ ᠪᠦᠳᠦᠭᠦᠷᠡᠭᠰᠡᠭᠡᠷ ᠮᠢᠨᠦ ᠳᠡᠭᠡᠷ᠎ᠡ ᠢᠷᠡᠵᠦ ᠣᠪᠤᠭᠠᠷᠠᠪᠠ᠃

ᠪᠡᠶ᠎ᠡ ᠬᠥᠳᠡᠯᠬᠦ᠎ᠶᠢᠨ ᠠᠷᠭ᠎ᠠ᠎ᠦᠭᠡᠢ ᠠᠰᠤᠷᠤ ᠬᠦᠨᠳᠦ ᠪᠠᠢᠪᠠ᠃ ᠨᠠᠮᠠᠢ ᠳᠠᠷᠤᠵᠤ ᠠᠯᠠᠬᠤ ᠭᠡᠵᠦ ᠪᠠᠢᠭ᠎ᠠ ᠪᠣᠯᠤᠯᠲᠠᠢ᠃ ᠡᠨᠡ ᠬᠦᠨᠳᠦ᠎ᠨᠢ ᠬᠤᠳᠠᠯ ᠭᠡᠵᠦ ᠪᠢ ᠮᠡᠳᠡᠭᠡᠳ ᠲᠡᠯᠴᠢᠯᠡᠭᠰᠡᠭᠡᠷ ᠭᠠᠷᠴᠤ ᠢᠷᠡᠪᠡ᠃ ᠪᠡᠶ᠎ᠡ ᠳᠦᠭᠦᠷᠡᠩ ᠬᠥᠯᠦᠰᠦ ᠭᠠᠷᠴᠠᠢ᠃ ᠭᠡᠪᠡᠴᠦ ᠪᠢ ᠵᠣᠷᠢᠭᠤᠳᠠ:

《ᠲᠠ᠎ᠨᠠᠷ ᠲᠦᠷᠭᠡᠬᠡᠨ ᠵᠠᠰᠠᠷᠠᠵᠤ ᠦᠵᠡ᠂ ᠦᠨᠡᠨ ᠰᠡᠳᠭᠢᠯ᠎ᠡᠴᠡ᠎ᠪᠡᠨ ᠵᠠᠰᠠᠷᠠᠬᠤ ᠬᠡᠷᠡᠭᠲᠡᠢ! ᠬᠣᠵᠢᠮ ᠳᠡᠯᠡᠬᠡᠢ ᠳᠡᠭᠡᠷ᠎ᠡ ᠬᠥᠮᠦᠨ ᠢᠳᠡᠳᠡᠭ ᠬᠥᠮᠦᠨ ᠪᠠᠢᠯᠭᠠᠬᠤ᠎ᠦᠭᠡᠢ ᠭᠡᠭᠴᠢ᠎ᠶᠢ ᠮᠡᠳᠡᠬᠦ ᠬᠡᠷᠡᠭᠲᠡᠢ ᠁》 ᠭᠡᠪᠡ᠃

ᠠᠷᠪᠠᠨ ᠨᠢᠭᠡ

ᠨᠠᠷᠠ᠎ᠴᠤ ᠭᠠᠷᠬᠤ᠎ᠦᠭᠡᠢ᠂ ᠡᠭᠦᠳᠡ᠎ᠴᠦ ᠨᠡᠭᠡᠭᠡᠭᠳᠡᠬᠦ᠎ᠦᠭᠡᠢ᠂ ᠡᠳᠦᠷ᠎ᠲᠦᠷ ᠬᠣᠶᠠᠷ ᠴᠠᠭ᠎ᠤᠨ ᠬᠣᠭᠤᠯᠠ᠃

ᠪᠢ ᠰᠠᠪᠬ᠎ᠠ ᠪᠠᠷᠢᠮᠠᠭᠴᠠ ᠠᠬ᠎ᠠ᠎ᠪᠠᠨ ᠰᠠᠨᠠᠪᠠ᠃ ᠥᠬᠢᠨ ᠳᠡᠭᠦᠦ᠎ᠶᠢᠨ᠎ᠮᠢᠨᠢ ᠦᠬᠦᠭᠰᠡᠨ ᠰᠢᠯᠲᠠᠭᠠᠨ ᠮᠥᠨ᠎ᠴᠦ ᠲᠡᠭᠦᠨ᠎ᠳᠦ ᠪᠠᠢᠭ᠎ᠠ ᠭᠡᠭᠴᠢ᠎ᠶᠢ ᠪᠢ ᠮᠡᠳᠡᠨ᠎ᠡ᠃ ᠲᠡᠷᠡ ᠦᠶ᠎ᠡ᠎ᠳᠦ ᠥᠬᠢᠨ ᠳᠡᠭᠦᠦ᠎ᠮᠢᠨᠢ ᠲᠠᠪᠤᠬᠠᠨ ᠨᠠᠰᠤᠲᠠᠢ ᠪᠠᠢᠵᠤ ᠪᠢᠯᠡ᠂ ᠬᠣᠩᠭᠤᠷ ᠬᠥᠭᠡᠷᠦᠬᠦᠨ ᠪᠠᠢᠳᠠᠯ᠎ᠨᠢ ᠣᠳᠣ᠎ᠴᠤ ᠨᠢᠳᠦᠨ᠎ᠳᠦ ᠬᠡᠪ᠎ᠢᠶᠡᠷ᠎ᠢᠶᠡᠨ ᠬᠠᠷᠠᠭᠳᠠᠭᠰᠠᠭᠠᠷ᠃ ᠡᠵᠢ᠎ᠮᠢᠨᠢ ᠤᠬᠢᠯᠠᠭᠠᠳ ᠪᠣᠯᠬᠤ᠎ᠦᠭᠡᠢ ᠪᠠᠢᠬᠤ᠎ᠦᠭᠡᠢ ᠪᠠᠢᠬᠤ᠎ᠳᠤ ᠠᠬ᠎ᠠ ᠬᠠᠷᠢᠨ ᠡᠵᠢ᠎ᠶᠢᠨ ᠤᠬᠢᠯᠠᠬᠤ᠎ᠶᠢ ᠬᠣᠷᠢᠨ᠎ᠠ᠃ ᠥᠪᠡᠷ᠎ᠢᠶᠡᠨ ᠪᠠᠷᠢᠭᠠᠳ ᠢᠳᠡᠴᠢᠬᠡᠭᠰᠡᠨ ᠲᠤᠯᠠ ᠤᠬᠢᠯᠠᠬᠤᠯᠠᠷ ᠳᠣᠲᠤᠷ᠎ᠠ᠎ᠨᠢ ᠡᠪ᠎ᠦᠭᠡᠢ ᠪᠠᠢᠭᠰᠠᠨ ᠪᠣᠯᠤᠯᠲᠠᠢ᠂ ᠬᠡᠷᠪᠡ ᠪᠠᠰᠠ ᠡᠪ ᠦᠭᠡᠢᠳᠡᠳᠡᠭ ᠪᠠᠢᠭᠰᠠᠨ ᠪᠣᠯ ᠁

ᠥᠬᠢᠨ ᠳᠡᠭᠦᠦ᠎ᠮᠢᠨᠢ ᠠᠬ᠎ᠠ᠎ᠳᠤ ᠢᠳᠡᠭᠳᠡᠵᠡᠢ᠃ ᠡᠵᠢ ᠮᠡᠳᠡᠭᠰᠡᠨ ᠡᠰᠡᠬᠦ᠎ᠶᠢ ᠪᠢ ᠬᠠᠷᠢᠨ ᠮᠡᠳᠡᠬᠦ᠎ᠦᠭᠡᠢ᠃

ᠪᠣᠳᠤᠪᠠᠯ ᠡᠵᠢ ᠪᠠᠰᠠ ᠮᠡᠳᠡᠬᠦ ᠪᠠᠢᠯᠭᠦᠢ᠂ ᠭᠡᠪᠡᠴᠦ ᠤᠬᠢᠯᠠᠵᠤ ᠭᠠᠰᠠᠯᠬᠤ᠎ᠳᠠᠭᠠᠨ ᠶᠠᠭᠤᠮ᠎ᠠ ᠶᠠᠷᠢᠬᠤ᠎ᠦᠭᠡᠢ ᠪᠠᠢᠭᠰᠠᠨ᠎ᠠᠴᠠ ᠦᠵᠡᠪᠡᠯ ᠪᠠᠰᠠ ᠵᠦᠢᠲᠡᠢ ᠭᠡᠵᠦ ᠪᠣᠳᠤᠭᠰᠠᠨ᠎ᠴᠤ ᠪᠠᠢᠵᠤ ᠮᠡᠳᠡᠨ᠎ᠡ᠃ ᠨᠠᠮᠠᠢ ᠳᠥᠷᠪᠡ ᠲᠠᠪᠤᠨ ᠨᠠᠰᠤᠲᠠᠢ ᠪᠠᠢᠬᠤ᠎ᠳᠤ ᠪᠢᠯᠡ᠂ ᠪᠠᠢᠰᠢᠩ᠎ᠤᠨ ᠡᠮᠦᠨ᠎ᠡ ᠰᠡᠷᠢᠭᠦᠴᠡᠨ ᠰᠠᠭᠤᠲᠠᠯ᠎ᠠ ᠮᠠᠨ᠎ᠤ ᠠᠬ᠎ᠠ᠂ ᠡᠴᠢᠭᠡ ᠡᠬᠡ᠎ᠨᠢ ᠡᠪᠡᠳᠪᠡᠯ ᠬᠡᠦᠬᠡᠳ᠎ᠨᠢ ᠮᠢᠬᠠᠨ᠎ᠠᠴᠠ᠎ᠪᠠᠨ ᠨᠢᠭᠡ ᠵᠦᠰᠦᠮ ᠣᠭᠲᠤᠯᠵᠤ ᠠᠪᠤᠭᠠᠳ ᠴᠢᠨᠠᠵᠤ ᠢᠳᠡᠭᠦᠯᠬᠦ ᠶᠣᠰᠤᠲᠠᠢ᠂ ᠢᠩᠭᠢᠪᠡᠯ ᠰᠠᠶᠢ ᠰᠠᠢᠨ ᠬᠥᠮᠦᠨ᠎ᠶᠦᠮ ᠭᠡᠵᠡᠢ᠃ ᠡᠵᠢ ᠪᠠᠰᠠ ᠪᠣᠯᠬᠤ᠎ᠦᠭᠡᠢ ᠭᠡᠰᠡᠨ᠎ᠦᠭᠡᠢ᠎ᠶᠦᠮ᠃ ᠨᠢᠭᠡ ᠵᠦᠰᠦᠮ ᠢᠳᠡᠵᠦ ᠪᠣᠯᠪᠠᠯ ᠪᠦᠬᠦᠯᠢ᠎ᠪᠡᠷ᠎ᠨᠢ ᠢᠳᠡᠵᠦ ᠪᠣᠯᠬᠤ᠎ᠨᠢ ᠪᠠᠰᠠ ᠶᠠᠷᠢᠶᠠᠨ᠎ᠦᠭᠡᠢ᠃ ᠭᠡᠪᠡᠴᠦ ᠲᠡᠷᠡ ᠡᠳᠦᠷ᠎ᠦᠨ ᠤᠬᠢᠯᠠᠬᠤ ᠶᠠᠩᠵᠤ᠎ᠶᠢ᠎ᠨᠢ ᠪᠣᠳᠤᠪᠠᠯ ᠦᠨᠡᠬᠡᠷ᠎ᠴᠦ ᠡᠯᠢᠭᠡ ᠡᠮᠲᠡᠷᠡᠮᠡᠷ᠂ ᠡᠨᠡ ᠦᠨᠡᠬᠡᠷ ᠲᠤᠢᠯ᠎ᠤᠨ ᠵᠢᠭᠲᠡᠢ ᠬᠡᠷᠡᠭ ᠡ!

ᠠᠷᠪᠠᠨ ᠬᠣᠶᠠᠷ

ᠴᠠᠰᠢ ᠪᠣᠳᠤᠵᠤ ᠪᠣᠯᠬᠤ᠎ᠦᠭᠡᠢ ᠪᠣᠯᠵᠠᠢ᠃

ᠳᠥᠷᠪᠡᠨ ᠮᠢᠩᠭᠠᠨ ᠵᠢᠯ᠎ᠦᠨ ᠲᠤᠷᠰᠢ ᠦᠶ᠎ᠡ ᠤᠯᠠᠷᠢᠨ ᠢᠷᠡᠭᠰᠡᠨ ᠭᠠᠵᠠᠷ᠂ ᠪᠢ᠎ᠴᠦ ᠮᠥᠨ ᠣᠯᠠᠨ ᠵᠢᠯ ᠳᠤᠮᠳᠠ᠎ᠨᠢ ᠬᠤᠳᠭᠤᠯᠳᠤᠭᠰᠠᠭᠠᠷ ᠢᠷᠡᠯ᠎ᠡ ᠭᠡᠭᠴᠢ᠎ᠪᠡᠨ ᠥᠨᠥᠳᠦᠷ ᠣᠯᠵᠤ ᠮᠡᠳᠡᠯ᠎ᠡ᠃ ᠶᠠᠭ ᠠᠬ᠎ᠠ᠎ᠶᠢ ᠭᠡᠷ᠎ᠦᠨ ᠬᠡᠷᠡᠭ ᠡᠷᠬᠢᠯᠡᠵᠦ ᠪᠠᠢᠭᠰᠠᠨ ᠲᠡᠷᠡ ᠦᠶ᠎ᠡ᠎ᠳᠦ ᠳᠡᠭᠦᠦ᠎ᠮᠢᠨᠢ ᠦᠬᠦᠭᠰᠡᠨ ᠲᠤᠯᠠ ᠪᠤᠳᠠᠭ᠎ᠠ ᠨᠣᠭᠤᠭᠠᠨ᠎ᠳᠤ ᠬᠣᠯᠢᠭᠳᠠᠵᠤ ᠪᠢᠳᠡᠨ᠎ᠳᠦ ᠮᠡᠳᠡᠭᠳᠡᠯ᠎ᠦᠭᠡᠢ᠎ᠪᠡᠷ ᠢᠳᠡᠭᠳᠡᠭᠰᠡᠨ᠎ᠦᠭᠡᠢ ᠭᠡᠵᠦ ᠶᠠᠭᠠᠬᠢᠵᠤ ᠬᠡᠯᠡᠵᠦ ᠮᠡᠳᠡᠬᠦ ᠪᠤᠢ᠃

ᠪᠢ ᠥᠬᠢᠨ ᠳᠡᠭᠦᠦ᠎ᠶᠢᠨ᠎ᠢᠶᠡᠨ ᠮᠢᠬ᠎ᠠ᠎ᠶᠢ ᠰᠠᠨᠠᠮᠰᠠᠷ᠎ᠦᠭᠡᠢ᠎ᠪᠠᠷ ᠬᠡᠳᠦᠨ ᠬᠡᠰᠡᠭ ᠢᠳᠡᠭᠰᠡᠨ᠎ᠦᠭᠡᠢ ᠭᠡᠵᠦ ᠶᠠᠭᠠᠬᠢᠵᠤ ᠬᠡᠯᠡᠵᠦ ᠮᠡᠳᠡᠬᠦ ᠪᠤᠢ᠃ ᠣᠳᠣ ᠬᠠᠷᠢᠨ ᠮᠢᠨᠦ ᠳᠡᠭᠡᠷ᠎ᠡ ᠬᠦᠷᠦᠭᠡᠳ ᠢᠷᠡᠯ᠎ᠡ ᠁

ᠳᠥᠷᠪᠡᠨ ᠮᠢᠩᠭᠠᠨ ᠵᠢᠯ᠎ᠦᠨ ᠬᠥᠮᠦᠨ ᠢᠳᠡᠭᠰᠡᠨ ᠲᠡᠦᠬᠡ᠎ᠲᠡᠢ ᠪᠢ᠂ ᠵᠢᠩᠬᠢᠨᠢ ᠬᠥᠮᠦᠨ ᠮᠥᠨ ᠭᠡᠬᠦ᠎ᠳᠦ ᠪᠡᠷᠬᠡ ᠭᠡᠭᠴᠢ᠎ᠪᠡᠨ ᠲᠡᠷᠡ ᠦᠶ᠎ᠡ᠎ᠳᠦ ᠮᠡᠳᠡᠬᠦ᠎ᠦᠭᠡᠢ ᠪᠠᠢᠭᠰᠠᠨ᠎ᠴᠤ ᠣᠳᠣ ᠮᠡᠳᠡᠯ᠎ᠡ!

ᠠᠷᠪᠠᠨ ᠭᠤᠷᠪᠠ

ᠬᠥᠮᠦᠨ᠎ᠢ ᠢᠳᠡᠭᠡᠳᠦᠢ ᠬᠡᠦᠬᠡᠳ ᠪᠠᠰᠠ ᠪᠠᠢᠬᠤ᠎ᠶᠤᠮ᠎ᠤᠤ?

ᠬᠡᠦᠬᠡᠳ᠎ᠢ ᠠᠪᠤᠷᠠᠬᠤ᠎ᠰᠠᠨ ᠁

1918 ᠣᠨ᠎ᠤ ᠳᠥᠷᠪᠡᠳᠦᠭᠡᠷ ᠰᠠᠷ᠎ᠠ

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082