ᠮᠣᠩᠭᠣᠯ ᠪᠢᠴᠢᠭ᠌

ᠡᠷᠢᠶ᠎ᠡ  
ᠪᠤᠴᠠᠬᠤ

ᠽᠠᠨᠳᠠᠨ ᠬᠦᠷᠡᠩ ᠮᠣᠷᠢ

ᠰᠡᠷᠡᠩᠸᠡᠢᠵᠠᠪ

ᠪᠣᠯᠤᠷ ᠴᠣᠮᠣᠨ ᠳᠤ ᠰᠥᠩᠨᠡᠭᠰᠡᠨ ᠷᠠᠰᠢᠶᠠᠨ ᠬᠤᠷ᠎ᠠ ᠰᠢᠭ ᠲᠤᠩᠭᠠᠯᠠᠭ ᠪᠢᠴᠢᠬᠠᠨ ᠲᠣᠭᠤᠷᠢᠮ ᠨᠠᠭᠤᠷ ᠤᠨ ᠤᠰᠤᠨ ᠳᠤ᠂ ᠬᠥᠪᠡᠭᠡᠨ ᠦ ᠬᠢᠨᠢ ᠡᠪᠡᠰᠦ ᠮᠣᠳᠤᠨ ᠤ ᠨᠠᠮᠠᠭ᠎ᠠ ᠨᠤᠭᠤᠳ ᠳᠡᠭᠦᠵᠢᠯᠡᠭᠳᠡᠨ ᠤᠷᠭᠤᠭᠰᠠᠨ ᠰᠢᠭ ᠲᠤᠨᠤᠷᠠᠨ ᠬᠠᠷᠠᠭᠳᠠᠨ᠎ᠠ᠃ ᠲᠡᠷᠡ ᠬᠦ ᠮᠣᠳᠤᠳ ᠤᠨ ᠬᠣᠭᠤᠷᠤᠨᠳᠤᠭᠤᠷ ᠬᠠᠯᠵᠠᠨ ᠪᠣᠷᠤ ᠳᠠᠭ᠎ᠠ ᠳᠠᠭᠠᠭᠤᠯᠤᠭᠰᠠᠨ ᠬᠥᠬᠦᠯ ᠲᠠᠢ ᠽᠠᠨᠳᠠᠨ ᠬᠦᠷᠡᠩ ᠠᠭᠲᠠ᠂ ᠲᠣᠯᠤᠭᠠᠢ ᠪᠠᠷ ᠢᠶᠠᠨ ᠨᠠᠭᠠᠳᠤᠨ ᠢᠳᠡᠰᠢᠯᠡᠬᠦ ᠨᠢ ᠶᠠᠭ ᠯᠠ ᠰᠢᠯ ᠰᠠᠪᠠ ᠳᠣᠲᠤᠷᠠᠬᠢ ᠠᠯᠲᠠᠨ ᠵᠢᠭᠠᠰᠤ ᠳᠡᠭᠡᠭᠰᠢ ᠳᠣᠷᠤᠭᠰᠢ ᠪᠠᠨ ᠢᠷᠠᠭᠠᠯᠠᠨ ᠱᠤᠩᠪᠠᠬᠤ ᠰᠢᠭ ᠰᠡᠭᠦᠳᠡᠷᠯᠡᠭᠳᠡᠵᠦ ᠦᠵᠡᠭᠳᠡᠪᠡ᠃ ᠬᠠᠶᠠ ᠨᠢᠭᠡ ᠮᠣᠳᠤᠨ ᠤ ᠨᠠᠮᠠᠭ᠎ᠠ ᠠᠴᠠ ᠱᠠᠭᠰᠢᠷᠠᠨ ᠨᠢᠰᠬᠦ ᠱᠠᠭᠠᠵᠠᠭᠠᠢ ᠶᠢᠨ ᠳᠠᠭᠤᠨ ᠳᠤ ᠽᠠᠨᠳᠠᠨ ᠬᠦᠷᠡᠩ ᠰᠣᠴᠢᠰᠭᠢᠮᠠᠭᠴᠠ ᠬᠥᠯ ᠳᠣᠣᠷ᠎ᠠ ᠠᠴᠠ ᠨᠢ ᠪᠥᠮᠪᠦᠷᠢᠭᠰᠡᠨ ᠬᠠᠢᠷ ᠴᠢᠯᠠᠭᠤ ᠨᠤᠭᠤᠳ ᠲᠣᠭᠤᠷᠢᠮ ᠤᠨ ᠤᠰᠤᠨ ᠳᠤ«ᠫᠤᠯ ᠴᠤᠯ» ᠳᠤᠤᠭᠠᠷᠤᠨ ᠤᠨᠠᠵᠤ᠂ ᠪᠢᠴᠢᠬᠠᠨ ᠴᠠᠭᠠᠷᠢᠭ ᠤᠳ ᠨᠠᠮ ᠨᠠᠮ ᠡᠷᠭᠢᠯᠳᠦᠭᠰᠡᠭᠡᠷ ᠳᠠᠯᠳᠠ ᠣᠷᠤᠵᠤ ᠷᠠᠰᠢᠶᠠᠨ ᠬᠤᠷ᠎ᠠ ᠶᠢ ᠤᠤᠯ ᠬᠡᠪ ᠲᠤᠨᠢ ᠪᠣᠯᠭᠠᠵᠤ ᠪᠠᠢᠪᠠ᠃

ᠣᠨᠤᠭᠤ ᠲᠠᠲᠠᠭᠰᠠᠨ ᠲᠡᠭ ᠳᠥᠷᠪᠡᠯᠵᠢᠨ ᠬᠣᠨᠳᠤᠯᠠᠢ ᠲᠠᠢ ᠽᠠᠨᠳᠠᠨ ᠬᠦᠷᠡᠩ᠂ ᠬᠠᠯᠵᠠᠨ ᠪᠣᠷᠤ ᠶᠢ ᠦᠨᠦᠷᠲᠦᠬᠦ ᠳᠦ ᠨᠥᠭᠦᠭᠡ ᠨᠢ ᠢᠪᠢᠯᠦᠭᠰᠡᠨ ᠬᠥᠬᠦ ᠪᠡᠨ ᠰᠣᠷᠤᠵᠤ ᠪᠠᠢᠭ᠎ᠠ ᠬᠤᠰᠠᠷᠠᠩ ᠰᠠᠷᠪᠠ ᠰᠢᠭ ᠳᠤᠭ ᠲᠠᠯᠪᠢᠭᠰᠠᠨ ᠰᠡᠭᠦᠯ ᠢᠶᠡᠨ ᠪᠠᠢᠨ ᠪᠠᠢᠨ ᠰᠢᠷᠪᠠᠵᠤ ᠵᠣᠭᠰᠤᠨ᠎ᠠ᠃ ᠭᠡᠲᠡᠯ᠎ᠡ«ᠫᠢᠩ ᠫᠢᠩ» ᠭᠡᠵᠦ ᠴᠤᠤᠷᠢᠶᠠᠳᠤᠭᠰᠠᠨ ᠬᠠᠳᠠᠨ ᠤ ᠱᠤᠤᠭᠢᠶ᠎ᠠ ᠶᠢ ᠠᠨᠢᠷᠯᠠᠭᠰᠠᠨ ᠽᠠᠨᠳᠠᠨ ᠬᠦᠷᠡᠩ᠂ ᠥᠨᠳᠦᠷ ᠥᠭᠡᠳᠡ ᠠᠪᠠᠷᠢᠵᠤ᠂ ᠬᠦᠵᠦᠭᠦᠦ ᠪᠡᠨ ᠰᠤᠩᠭᠠᠨ ᠴᠢᠬᠢ ᠪᠡᠨ ᠰᠣᠯᠪᠢᠴᠠᠭᠤᠯᠵᠤ ᠬᠡᠳᠦᠨ ᠬᠡᠰᠡᠭ ᠬᠣᠮᠤᠯ ᠤᠨᠠᠭᠠᠭᠠᠳ ᠦᠨᠦᠷᠲᠦᠭᠰᠡᠨ ᠢᠶᠡᠨ ᠪᠠᠢᠵᠤ᠂ ᠬᠠᠮᠠᠷ ᠢᠶᠠᠨ ᠰᠡᠷᠲᠡᠯᠵᠡᠭᠦᠯᠦᠨ ᠦᠦᠷᠰᠡᠭᠡᠳ ᠬᠠᠯᠵᠠᠨ ᠪᠣᠷᠤ ᠶᠢ ᠲᠣᠯᠤᠭᠠᠢ ᠪᠠᠷ ᠢᠶᠠᠨ ᠨᠥᠷᠢᠨ ᠳᠠᠪᠬᠢᠵᠤ ᠲᠣᠭᠤᠷᠢᠮ ᠤᠨ ᠵᠡᠭᠦᠨ ᠬᠥᠪᠡᠭᠡᠨ ᠳᠡᠭᠡᠷ᠎ᠡ ᠡᠷᠭᠢᠨ ᠵᠣᠭᠰᠤᠪᠠ᠃ ᠲᠣᠮᠤᠭ᠎ᠠ ᠦᠭᠡᠢ ᠳᠠᠭ᠎ᠠ ᠵᠠᠯᠬᠠᠭᠤᠷᠠᠭᠰᠠᠨ ᠮᠠᠶᠢ᠍ᠭ ᠲᠠᠢ ᠽᠠᠨᠳᠠᠨ ᠬᠦᠷᠡᠩ ᠢ ᠬᠦᠬᠦᠲᠦᠨᠡᠨ ᠳᠠᠭᠤᠳᠠᠵᠤ᠂ ᠤᠰᠤᠨ ᠤ ᠠᠮᠢᠰᠭᠤᠯ ᠢᠶᠠᠷ ᠤᠷᠭᠤᠭᠰᠠᠨ ᠰᠡᠷᠭᠦᠯᠡᠩ ᠬᠠᠷ᠎ᠠ ᠬᠢᠶᠠᠭ ᠢ ᠳᠤᠷ᠎ᠠ ᠲᠠᠢ ᠳᠤᠷ᠎ᠠ ᠦᠭᠡᠢ ᠴᠢᠮᠬᠢᠯᠡᠵᠦ ᠪᠠᠢᠪᠠ᠃

ᠵᠠᠳᠠᠭᠠᠢ ᠪᠠᠷ ᠬᠥᠮᠦᠨ ᠦ ᠭᠠᠷ ᠲᠤ ᠣᠷᠤᠬᠤ ᠪᠠᠢᠲᠤᠭᠠᠢ ᠥᠷᠦᠭᠡᠯ ᠴᠢᠳᠦᠷ ᠲᠠᠢ ᠴᠤ ᠭᠡᠰᠡᠨ ᠡᠵᠡᠨ ᠡᠴᠡ ᠪᠡᠨ ᠥᠭᠡᠷ᠎ᠡ ᠬᠥᠮᠦᠨ ᠳᠦ ᠪᠠᠷᠢᠭᠳᠠᠳᠠᠭ ᠵᠠᠩ ᠦᠭᠡᠢ«ᠣᠷᠤᠭ᠎ᠠ» ᠴᠣᠯᠠ ᠲᠠᠢ ᠽᠠᠨᠳᠠᠨ ᠬᠦᠷᠡᠩ ᠰᠡᠭᠦᠯ ᠢᠶᠡᠨ ᠬᠠᠳᠭᠤᠨ ᠴᠢᠨᠠᠭᠰᠢ ᠳᠠᠪᠬᠢᠬᠤ ᠭᠡᠰᠡᠨ ᠢᠶᠡᠨ ᠪᠣᠯᠢᠭᠠᠳ ᠭᠡᠳᠡᠷᠭᠦ ᠬᠠᠯᠵᠠᠨ ᠪᠣᠷᠤ ᠶᠢᠨ ᠳᠡᠷᠭᠡᠳᠡ ᠳᠠᠪᠬᠢᠵᠤ ᠢᠷᠡᠪᠡ᠃«ᠬᠦᠶᠢ︕ ᠲᠠᠷᠢᠭᠢ ᠦᠭᠡᠢ ᠮᠢᠨᠢ︕» ᠭᠡᠬᠦ ᠰᠢᠭ᠌ ᠴᠢᠬᠢ ᠪᠡᠨ ᠬᠤᠯᠮᠠᠢᠨ ᠣᠴᠢᠵᠤ ᠳᠣᠭᠳᠤᠭᠤᠷ ᠰᠡᠭᠦᠯ ᠡᠴᠡ ᠨᠢ ᠬᠠᠵᠠᠬᠤ ᠭᠡᠳ ᠬᠥᠭᠡᠷᠦᠬᠦᠢᠯᠡᠭᠰᠡᠨ ᠪᠣᠯᠤᠯᠲᠠᠢ ᠳᠠᠬᠢᠨ ᠤᠷᠢᠳᠠᠬᠢ ᠲᠠᠢ ᠪᠠᠨ ᠠᠳᠠᠯᠢ ᠵᠡᠭᠦᠨ ᠬᠥᠪᠡᠭᠡ ᠥᠭᠡᠳᠡ ᠲᠣᠩᠭᠤᠴᠢᠨ ᠳᠠᠪᠬᠢᠭᠠᠳ ᠡᠷᠭᠢᠨ ᠬᠠᠷᠠᠨ᠎ᠠ᠃«ᠨᠠᠮᠠᠢ ᠳᠣᠮᠤᠭᠯᠠᠵᠤ ᠪᠠᠢᠨ᠎ᠠ» ᠭᠡᠬᠦ ᠰᠢᠭ᠌ ᠬᠠᠯᠵᠠᠨ ᠪᠣᠷᠤ ᠳᠠᠭ᠎ᠠ ᠯᠠᠪᠲᠠᠢᠨ ᠬᠡᠪᠲᠡᠵᠦ ᠬᠦᠷᠪᠡᠭᠰᠡᠭᠡᠷ ᠪᠠᠢᠯ᠎ᠠ᠃ ᠽᠠᠨᠳᠠᠨ ᠬᠦᠷᠡᠩ ᠡᠨᠡ ᠮᠡᠲᠦ ᠨᠡᠯᠢᠶᠡᠳ ᠬᠣᠯᠬᠢᠵᠠᠢ᠃

«ᠫᠢᠩ᠂ ᠫᠢᠩ᠂ ᠫᠢᠩ᠂ ᠫᠢᠩ» ᠭᠡᠬᠦ ᠴᠢᠮᠡᠭᠡ ᠶᠢᠨ ᠵᠠᠪᠰᠠᠷ«ᠹᠢᠷ ᠹᠢᠷ᠂ ᠹᠢᠷ᠂ ᠹᠢᠷ ᠹᠢᠷ» ᠭᠡᠰᠡᠨ ᠭᠠᠵᠠᠷ ᠨᠦᠳᠦᠵᠦ ᠳᠣᠷᠭᠢᠭᠤᠯᠬᠤ ᠳᠠᠭᠤᠨ ᠨᠢ ᠤᠯᠠᠮ ᠲᠣᠳᠤᠷᠠᠨ ᠦᠷᠭᠦᠯᠵᠢᠯᠡᠭᠡᠳ᠂ ᠮᠣᠷᠢᠲᠠᠨ ᠨᠤᠭᠤᠳ ᠳᠠᠪᠬᠢᠯᠳᠤᠨ ᠢᠷᠡᠵᠦ᠂ ᠵᠡᠭᠦᠨ ᠡᠮᠦᠨᠡᠰᠢ ᠪᠡᠨ ᠪᠢᠴᠢᠬᠠᠨ ᠨᠠᠷᠢᠨ ᠬᠣᠭᠤᠯᠠᠢ ᠲᠠᠯᠪᠢᠭᠤ ᠲᠠᠢ ᠥᠨᠳᠦᠷ ᠠᠭᠤᠯᠠ ᠪᠠᠷ ᠬᠦᠷᠢᠶᠡᠯᠡᠭᠳᠡᠭᠰᠡᠨ ᠲᠣᠭᠤᠷᠢᠮ ᠤᠨ ᠬᠠᠪᠴᠢᠯ ᠳᠤ ᠽᠠᠨᠳᠠᠨ ᠬᠦᠷᠡᠩ᠂ ᠬᠠᠯᠵᠠᠨ ᠪᠣᠷᠤ ᠬᠣᠶᠠᠷ ᠢ ᠬᠠᠰᠢᠵᠤ ᠠᠪᠤᠯ᠎ᠠ᠃ ᠽᠠᠨᠳᠠᠨ ᠬᠦᠷᠡᠩ ᠤᠨ ᠴᠢᠬᠢᠨ ᠳᠦ ᠶᠡᠷᠦ ᠰᠣᠨᠤᠰᠳᠠᠭ᠎ᠠ ᠦᠭᠡᠢ« ᠢᠦᠢ ᠢᠦᠢ᠂ ᠲᠠᠷ ᠲᠠᠷ» ᠭᠡᠬᠦ ᠵᠢᠭᠲᠡᠢᠬᠡᠨ ᠳᠠᠭᠤᠨ ᠳᠣᠷᠭᠢᠪᠠ᠃ ᠳᠡᠯ ᠢᠶᠡᠨ ᠪᠣᠰᠭᠠᠭᠰᠠᠨ ᠽᠠᠨᠳᠠᠨ ᠬᠦᠷᠡᠩ ᠵᠦᠭ ᠢᠶᠡᠨ ᠰᠠᠮᠪᠠᠭ᠎ᠠ ᠲᠠᠢ ᠠᠵᠢᠭᠯᠠᠵᠤ᠂ ᠳᠡᠭᠳᠡᠭᠡᠬᠡᠢ ᠪᠡᠨ ᠨᠢᠭᠤᠬᠤ ᠭᠡᠵᠦ ᠪᠠᠢᠭ᠎ᠠ ᠳᠡᠷᠪᠡᠭᠰᠡᠨ ᠲᠣᠭᠤᠷᠤᠤ ᠰᠢᠭ ᠬᠠᠯᠵᠠᠨ ᠪᠣᠷᠤ ᠳᠠᠭ᠎ᠠ ᠶᠢ ᠡᠭᠡᠮ ᠳᠡᠭᠡᠨ ᠨᠠᠭᠠᠯᠳᠤᠭᠤᠯᠤᠭᠠᠳ ᠬᠤᠢᠬᠤᠷᠠᠨ ᠡᠷᠭᠢᠯᠳᠦᠵᠦ ᠳᠠᠪᠬᠢᠨ᠎ᠠ᠃

ᠮᠤᠷᠤᠢ ᠤᠨᠢᠨ ᠳᠤ ᠦᠵᠦᠭᠦᠷᠲᠦ ᠪᠤᠷᠭᠠᠰᠤ ᠵᠠᠯᠭᠠᠭᠠᠳ᠂ ᠳᠠᠯᠠᠨ ᠪᠤᠯᠲᠤᠷᠤᠤ ᠲᠠᠢ ᠲᠡᠮᠡᠭᠡᠨ ᠳᠡᠭᠡᠰᠦ ᠪᠡᠷ ᠬᠤᠢᠪᠢᠯᠠᠭᠰᠠᠨ ᠤᠷᠭᠠᠲᠠᠨ ᠨᠤᠭᠤᠳ«ᠵᠢᠷᠭᠤᠭᠠᠨ ᠬᠦᠵᠦᠭᠦᠲᠡᠨ ᠨᠤᠭᠦᠳ ᠲᠦ ᠤᠷᠭ᠎ᠠ ᠶᠡᠷᠦᠨᠢ ᠠᠯᠳᠠᠭ᠎ᠠ ᠦᠭᠡᠢ ᠶᠤᠮ» ᠭᠡᠬᠦ ᠰᠢᠭ᠌ ᠭᠡᠬᠦᠯᠵᠡᠨ ᠪᠠᠢᠵᠤ᠂ ᠣᠯᠠᠨ ᠢᠶᠠᠷ ᠢᠶᠠᠨ ᠣᠮᠤᠭ ᠪᠠᠷᠢᠭᠠᠳ ᠽᠠᠨᠳᠠᠨ ᠬᠦᠷᠡᠩ ᠦᠨ ᠭᠠᠩᠭᠠᠩ ᠰᠠᠢᠬᠠᠨ ᠪᠤᠭᠤᠨ ᠲᠣᠯᠤᠭᠠᠢ ᠳᠤᠨᠢ ᠪᠤᠵᠠᠷ ᠤᠷᠭ᠎ᠠ ᠪᠠᠨ ᠠᠶᠤᠮᠰᠢᠭ ᠦᠭᠡᠢ ᠳᠦᠷᠦᠬᠦ ᠭᠡᠯ᠎ᠡ᠃ ᠠᠭᠤᠷᠰᠤᠨ ᠬᠦᠷᠴᠢᠭᠢᠨᠡᠭᠰᠡᠨ ᠪᠠᠷᠰ ᠰᠢᠭ᠂ ᠠᠭᠤᠯᠠᠨ ᠠᠴᠠ ᠪᠠᠭᠤᠭᠰᠠᠨ ᠦᠶᠡᠷ ᠰᠢᠭ᠌ ᠣᠮᠤᠭ ᠰᠦᠷ ᠲᠠᠢ ᠽᠠᠨᠳᠠᠨ ᠬᠦᠷᠡᠩ ᠮᠣᠷᠢ᠂ ᠬᠥᠨᠲᠡᠷᠦᠨ ᠵᠤᠯᠠᠷᠠᠵᠤ᠂ ᠬᠥᠮᠦᠷᠢᠨ ᠳᠠᠪᠬᠢᠮᠠᠭᠴᠠ᠂ ᠤᠷᠤᠭᠤ ᠲᠠᠢ ᠥᠨᠥᠬᠢ ᠬᠥᠮᠦᠨ ᠤᠷᠭ᠎ᠠ ᠳᠦᠷᠦᠵᠦ ᠴᠢᠳᠠᠭᠰᠠᠨ ᠦᠭᠡᠢ ᠮᠥᠷᠲᠡᠭᠡᠨ ᠮᠣᠷᠢᠨ ᠳᠡᠭᠡᠷ᠎ᠡ ᠡᠴᠡ ᠪᠡᠨ ᠭᠤᠳᠤᠷᠴᠤ᠂ ᠡᠯᠢᠭᠡ ᠲᠦᠷᠦᠭᠦᠦ ᠪᠡᠷ ᠪᠡᠨ ᠰᠠᠪᠠᠵᠤ ᠤᠨᠠᠭᠠᠳ«ᠡᠵᠢ ᠡ︕ ᠦᠬᠦᠯ᠎ᠡ ᠪᠢ» ᠭᠡᠵᠦ ᠶᠣᠢᠯᠠᠨ ᠤᠬᠤᠨ᠎ᠠ ᠴᠢᠷᠠᠢᠯᠠᠵᠤ ᠲᠡᠯᠴᠢᠯᠡᠪᠡ᠃

«ᠪᠤᠤ ᠳᠤᠲᠠᠭᠠᠯᠭ᠎ᠠ︕ ᠬᠠᠰᠢ︕ ᠪᠠᠷᠢ︕ ᠫᠤᠤᠳᠠ︕» ᠭᠡᠬᠦ ᠶᠠᠩᠵᠤ ᠪᠠᠷ ᠴᠢᠷᠠᠯᠠᠨ ᠳᠠᠪᠬᠢᠵᠠᠭᠠᠭᠰᠠᠨ ᠮᠣᠷᠢᠲᠠᠨ ᠡᠬᠢ ᠠᠳᠠᠭ ᠦᠭᠡᠢ ᠰᠠᠮᠠᠭᠤᠷᠠᠨ ᠵᠠᠷᠢᠮ ᠨᠢ ᠮᠣᠷᠢᠨ ᠠᠴᠠ ᠪᠠᠨ ᠬᠠᠶᠠᠭᠳᠠᠵᠤ᠂ ᠵᠠᠷᠢᠮ ᠨᠢ ᠮᠠᠯᠠᠭᠠᠢ ᠪᠠᠨ ᠭᠡᠭᠡᠵᠡᠢ᠃

«ᠫᠠᠩ ᠫᠠᠩ᠂ ᠫᠢᠩ ᠫᠠᠩ»«ᠲᠠᠷ ᠲᠠᠷ ᠲᠠᠷ᠂ ᠲᠠᠷ ᠲᠠᠷ ᠲᠠᠷ» ᠭᠡᠰᠡᠨ ᠳᠠᠭᠤᠨ ᠨᠢ ᠪᠠᠢᠯᠳᠤᠭᠠᠨ ᠤ ᠬᠠᠮᠤᠭ ᠤᠨ ᠪᠠᠴᠢᠮ ᠦᠶ᠎ᠡ ᠰᠢᠭ᠌ ᠪᠣᠯᠤᠯ᠎ᠠ᠃ ᠶᠠᠭᠤ ᠴᠤ ᠭᠡᠰᠡᠨ ᠽᠠᠨᠳᠠᠨ ᠬᠦᠷᠡᠩ ᠯᠡ ᠰᠤᠷᠮᠠᠭᠠᠢ ᠪᠠᠷ ᠢᠶᠠᠨ ᠵᠡᠭᠦᠨ ᠡᠮᠦᠨᠡᠬᠢ ᠬᠣᠭᠤᠯᠠᠢ ᠶᠢ ᠳᠠᠭᠠᠵᠤ᠂ ᠬᠤᠢ ᠰᠠᠯᠬᠢᠨ ᠰᠢᠭ ᠱᠤᠤᠭᠢᠨ ᠵᠢᠷᠭᠢᠵᠦ ᠪᠠᠢᠪᠠ᠃ ᠲᠡᠭᠦᠨ ᠦ ᠬᠠᠵᠠᠭᠤ ᠳᠤᠨᠢ ᠡᠬᠡ ᠪᠡᠨ ᠳᠠᠭᠠᠵᠤ ᠬᠠᠷᠠᠢᠭᠰᠠᠨ ᠢᠨᠵᠠᠭ᠎ᠠ ᠰᠢᠭ ᠰᠠᠮᠪᠠᠭ᠎ᠠ ᠲᠠᠢ ᠭᠦᠶᠦᠵᠦ ᠪᠠᠢᠭᠰᠠᠨ ᠬᠠᠯᠵᠠᠨ ᠪᠣᠷᠤ ᠭᠡᠨᠡᠳᠲᠡ ᠮᠤᠰᠭᠢᠨ ᠲᠡᠮᠡᠦᠯᠳᠦᠵᠦ ᠪᠥᠭᠰᠡ ᠪᠡᠨ ᠠᠶᠠᠷᠬᠠᠨ ᠭᠠᠵᠠᠷ ᠲᠠᠯᠪᠢᠪᠠ᠃

ᠬᠠᠨᠳᠠᠭᠠᠢ ᠮᠡᠲᠦ ᠠᠭᠤᠯᠠ ᠶᠢᠨ ᠬᠢᠷ᠎ᠠ ᠥᠭᠡᠳᠡ ᠳᠠᠪᠬᠢᠭᠰᠠᠨ ᠽᠠᠨᠳᠠᠨ ᠬᠦᠷᠡᠩ᠂ ᠠᠷᠤ ᠠᠴᠠ ᠪᠠᠨ ᠨᠡᠬᠡᠬᠦ ᠠᠮᠢᠲᠠᠨ ᠦᠭᠡᠢ ᠪᠣᠯᠤᠭᠰᠠᠨ ᠢ ᠮᠡᠳᠡᠭᠰᠡᠨ ᠶᠤᠮ ᠤᠤ︖ ᠥᠨᠳᠦᠷ ᠬᠠᠢᠷᠬᠠᠨ ᠤ ᠪᠠᠷᠠᠭᠤᠨ ᠬᠣᠢᠳᠤᠬᠢ ᠬᠠᠳᠠᠨ ᠵᠠᠪᠰᠠᠷ ᠭᠡᠳᠡᠷᠭᠦ ᠪᠡᠨ ᠬᠠᠷᠠᠵᠤ ᠵᠣᠭᠰᠤᠯ᠎ᠠ᠃ ᠭᠡᠪᠡᠴᠦ ᠬᠠᠯᠵᠠᠨ ᠪᠣᠷᠤ ᠤᠳᠠᠲᠠᠯ᠎ᠠ ᠠᠯᠠᠭ᠎ᠠ ᠪᠣᠯᠬᠣᠷ ᠤᠷᠲᠤ ᠰᠠᠨᠠᠭ᠎ᠠ ᠠᠯᠳᠠᠵᠤ ᠭᠠᠵᠠᠷ ᠴᠠᠪᠴᠢᠯᠠᠭᠰᠠᠭᠠᠷ ᠪᠤᠴᠠᠪᠠ᠃

* * *

ᠵᠠᠳᠠᠭᠠᠢ ᠠᠷᠤᠪᠴᠢ ᠲᠠᠢ ᠨᠣᠭᠲᠤ ᠪᠠᠷᠢᠭᠰᠠᠨ ᠬᠡᠰᠢᠭᠲᠣᠭᠲᠠᠬᠤ ᠡᠪᠦᠭᠡᠨ ᠪᠦᠭᠰᠢᠨ ᠠᠮᠢᠰᠭᠤᠯᠯᠠᠭᠰᠠᠭᠠᠷ ᠭᠡᠷ ᠦᠨ ᠢᠶᠡᠨ ᠪᠠᠷᠠᠭᠤᠨ ᠡᠮᠦᠨ᠎ᠡ ᠳᠡᠭᠡᠷ᠎ᠡ ᠨᠣᠭᠲᠤ ᠪᠠᠨ«ᠫᠦᠰ» ᠭᠡᠲᠡᠯ᠎ᠡ ᠰᠢᠳᠡᠵᠡᠢ᠃ ᠭᠡᠲᠡᠯ᠎ᠡ ᠨᠣᠭᠲᠤ ᠶᠢᠨ ᠬᠢᠨᠢ ᠲᠣᠯᠤᠭᠠᠢ ᠳᠣᠷᠤᠭᠰᠢ ᠪᠠᠨ ᠳᠡᠭᠦᠵᠢᠯᠡᠭᠳᠡᠵᠦ ᠤᠨᠵᠢᠢᠬᠤ ᠨᠢ«ᠬᠡᠢ ᠮᠣᠷᠢ ᠨᠢ ᠨᠢᠭᠡᠮᠦᠰᠦᠨ ᠬᠠᠵᠠᠢᠵᠠᠢ» ᠭᠡᠳᠡᠭ ᠰᠡᠵᠢᠭ᠌ ᠲᠥᠷᠦᠭᠳᠡᠭᠦᠯᠵᠦ᠂ ᠡᠪᠦᠭᠡᠨ ᠢ ᠨᠡᠩ ᠵᠣᠪᠠᠭᠠᠨ᠎ᠠ᠃ ᠨᠢᠳᠦ ᠬᠣᠰᠢᠭᠤᠮᠠᠯᠵᠢᠵᠤ ᠵᠢᠷᠲᠠᠢᠯᠭᠠᠭᠠᠳ ᠨᠣᠭᠲᠤ ᠶᠢᠨ ᠲᠣᠯᠤᠭᠠᠢ ᠶᠢ ᠳᠡᠭᠡᠭᠰᠢ ᠨᠢ ᠲᠠᠯᠪᠢᠬᠤ ᠭᠡᠰᠡᠨ ᠭᠠᠷ ᠢᠶᠠᠷ ᠢᠶᠠᠨ ᠨᠢᠰᠤ ᠪᠠᠨ ᠠᠷᠴᠢᠵᠤ ᠭᠡᠷ ᠲᠦ ᠣᠷᠤᠪᠠ᠃

ᠵᠤᠯᠠᠢ ᠳᠡᠭᠡᠷ᠎ᠡ ᠪᠡᠨ ᠨᠢᠭᠡ ᠭᠠᠤᠯᠢᠨ ᠵᠣᠭᠤᠰ ᠪᠠᠷᠢᠵᠤ᠂ ᠵᠡᠭᠦᠨ ᠭᠠᠷ ᠢᠶᠠᠨ ᠲᠠᠰᠤ ᠠᠳᠭᠤᠭᠰᠠᠨ ᠡᠮᠡᠭᠡᠨ ᠨᠢᠳᠦ ᠪᠡᠨ ᠠᠨᠢᠪᠴᠢᠨ ᠰᠢᠪᠰᠢᠨ ᠰᠢᠪᠲᠤᠷᠠᠭᠰᠠᠨ ᠢᠶᠠᠨ ᠬᠠᠷᠠᠭᠠᠳ᠄

«ᠡᠪᠦᠭᠡ ᠡ︕ ᠰᠤᠷᠠᠭ ᠲᠠᠢ ᠤᠤ︖» ᠭᠡᠪᠡ᠃

«ᠬᠡᠩ︕ ᠰᠤᠷᠠᠭ ᠲᠠᠭᠠᠨ ᠳᠤᠷ᠎ᠠ ᠲᠠᠢ ᠶᠤᠮ᠃ ᠭᠠᠬᠠᠢ ᠶᠠᠪᠠᠭᠠᠨ ᠪᠣᠯᠵᠤ ᠰᠠᠨᠠᠭ᠎ᠠ ᠠᠮᠤᠷ ᠪᠣᠯᠪᠠ ᠤᠤ︖<ᠡᠨᠡ ᠴᠥᠪ ᠦᠨ ᠴᠠᠭ ᠲᠤ ᠰᠠᠢᠨ ᠮᠣᠷᠢ ᠬᠡᠷᠡᠭ ᠦᠭᠡᠢ> ᠭᠡᠳ ᠬᠠᠷ᠎ᠠ ᠨᠢᠳᠦ ᠪᠡᠨ ᠬᠤᠪᠬᠤ ᠲᠠᠲᠠᠮᠠᠭᠴᠠ ᠶᠠᠩᠰᠢᠭᠠᠳ ᠪᠠᠢᠳᠠᠭ ᠲᠦᠭᠦᠰᠢ ᠴᠢᠨᠢ ᠴᠢᠯᠦᠭᠡ ᠭᠠᠷᠬᠤ ᠪᠣᠯᠵᠠᠢ᠃ ᠣᠳᠣ ᠬᠣᠶᠠᠷ ᠲᠤᠭᠤᠯ ᠲᠠᠢ ᠦᠨᠢᠶ᠎ᠡ ᠡᠴᠡ ᠪᠡᠨ ᠰᠠᠯᠪᠠᠯ ᠭᠠᠵᠠᠷ ᠳᠡᠭᠡᠷ᠎ᠡ ᠭᠢᠰᠭᠢᠬᠦ ᠮᠠᠯ ᠦᠭᠡᠢ ᠪᠣᠯᠤᠨ᠎ᠠ» ᠭᠡᠵᠦ ᠬᠡᠰᠢᠭᠲᠣᠭᠲᠠᠬᠤ ᠬᠥᠨᠳᠡᠯᠡᠨ ᠬᠠᠷᠠᠵᠤ ᠰᠠᠭᠤᠪᠠ᠃

«ᠰᠠᠢᠨ ᠰᠤᠷᠠᠭ ᠰᠣᠨᠤᠰᠤᠮᠠᠷ ᠶᠤᠮ ᠳ᠋ᠠ᠃<ᠴᠠᠭᠠᠨ ᠬᠡᠷᠢᠶ᠎ᠡ ᠲᠠᠪᠤᠨ ᠬᠥᠯ ᠲᠠᠢ> ᠪᠠᠭᠤᠵᠤ ᠪᠠᠢᠨ᠎ᠠ ᠰᠢᠤ᠃»

«ᠴᠢ ᠪᠢᠳᠡ ᠬᠣᠶᠠᠷ ᠤᠨ ᠮᠡᠷᠭᠡᠯᠡᠬᠦ ᠨᠢ ᠠᠷᠤ ᠳᠡᠭᠡᠷ᠎ᠡ ᠪᠡᠨ ᠭᠠᠷᠴᠠᠢ᠃ ᠤᠷᠭᠠᠨ ᠳᠤᠨᠢ ᠣᠷᠤᠭᠰᠠᠨ ᠪᠣᠯ ᠤᠭᠤᠲᠠᠨ ᠳᠤᠨᠢ ᠰᠢᠩᠭᠡᠭᠡᠳ᠂ ᠠᠷᠤ ᠬᠣᠷᠮᠤᠢ᠂ ᠬᠠᠷ᠎ᠠ ᠨᠣᠬᠠᠢ ᠬᠣᠶᠠᠷ ᠯᠠ ᠦᠵᠡᠭᠡᠳ ᠳᠠᠭᠤᠰᠤᠭᠰᠠᠨ ᠪᠠᠢᠬᠤ︕ ᠠᠢ︕ ᠬᠠᠢᠷᠠᠨ ᠤ ᠮᠣᠷᠢ᠃ ᠬᠡᠰᠢᠭᠲᠣᠭᠲᠠᠬᠤ ᠨᠢᠭᠡ ᠶᠢ ᠪᠡᠨ ᠬᠣᠶᠠᠷ᠂ ᠨᠢᠮᠭᠡᠨ ᠢᠶᠡᠨ ᠵᠤᠵᠠᠭᠠᠨ ᠪᠣᠯᠭᠠᠶ᠎ᠠ ᠭᠡᠳ ᠨᠢᠭᠡ ᠨᠠᠰᠤ ᠪᠠᠷ ᠢᠶᠠᠨ ᠤᠯᠠ ᠶᠢᠨ ᠢᠶᠠᠨ ᠬᠥᠯᠦᠰᠦ ᠶᠢ ᠮᠠᠩᠨᠠᠢ ᠳᠠᠭᠠᠨ ᠨᠠᠭᠠᠯᠳᠤᠭᠤᠯᠵᠤ ᠪᠠᠢᠭᠠᠳ ᠤᠨᠤᠬᠤ ᠲᠠᠢ᠂ ᠰᠠᠭᠠᠬᠤ ᠲᠠᠢ ᠪᠣᠯᠤᠯ᠎ᠠ ᠭᠡᠵᠦ ᠰᠠᠨᠠᠭᠰᠠᠨ ᠶᠤᠮ ᠰᠠᠨ᠃ ᠬᠤᠪᠢ ᠨᠢ ᠬᠠᠵᠠᠢᠵᠤ᠂ ᠬᠤᠷᠤᠢ ᠨᠢ ᠡᠷᠭᠢᠬᠦ ᠪᠡᠨ ᠪᠣᠯᠢᠵᠠᠢ ᠳ᠋ᠠ» ᠭᠡᠳ ᠲᠣᠯᠤᠭᠠᠢ ᠪᠠᠨ ᠲᠦᠰ ᠲᠦᠰ ᠴᠣᠬᠢᠪᠠ᠃

«ᠦᠭᠡᠢ︕ ᠬᠠᠪᠴᠢᠯ ᠲᠣᠭᠤᠷᠢᠮ ᠤᠨ ᠬᠠᠪᠢ ᠳᠤ ᠪᠠ ᠯᠦ ᠳᠠᠢᠰᠤᠨ ᠲᠠᠢ ᠲᠤᠯᠤᠯᠳᠤᠵᠤ ᠪᠠᠢᠨ᠎ᠠ ᠭᠡᠰᠡᠨ᠃ ᠲᠡᠳᠡᠨ ᠳᠦ ᠥᠷᠳᠦᠭᠰᠡᠨ ᠪᠣᠯ ᠭᠠᠢᠭᠤᠢ ᠪᠠᠢᠵᠤ ᠴᠤ ᠶᠠᠭᠤ ᠮᠠᠭᠠᠳ ᠪᠢᠯᠡ᠃>

«ᠲᠡᠷᠡ ᠴᠢᠨᠢ ᠪᠢᠳᠡ ᠬᠣᠶᠠᠷ ᠤᠨ ᠲᠣᠯᠤᠭᠠᠢ ᠶᠢ ᠡᠷᠭᠢᠭᠦᠯᠵᠦ ᠪᠠᠢᠭ᠎ᠠ ᠦᠭᠡ ᠰᠢᠦ᠃ ᠪᠠ ᠯᠦ᠂ ᠮᠠ ᠯᠦ ᠭᠡᠬᠦ ᠶᠤᠮ ᠭᠡᠨ᠎ᠡ᠃ ᠪᠦᠭᠦᠳᠡᠭᠡᠷ ᠯᠡ ᠴᠡᠷᠢᠭ᠌ ᠰᠢᠤ ᠳ᠋ᠠ᠃ ᠲᠡᠭᠡᠭᠡᠳ ᠪᠠᠰᠠ ᠬᠡᠯᠡ ᠠᠮᠠ ᠮᠡᠳᠡᠬᠦ ᠦᠭᠡᠢ᠂ ᠭᠡᠷ ᠣᠷᠤᠨ ᠦᠭᠡᠢ ᠬᠢᠲᠠᠳ ᠤᠳ ᠪᠠᠢᠨ᠎ᠠ᠃ ᠲᠡᠳᠡᠨ ᠳᠦ ᠲᠣᠬᠢᠶᠠᠯᠳᠤᠭᠰᠠᠨ ᠪᠣᠯ<ᠰᠠᠮᠵᠠ ᠶᠢᠨ ᠠᠮᠠᠨ ᠠᠴᠠ ᠴᠢᠪᠠᠭ᠎ᠠ ᠪᠤᠯᠢᠶᠠᠬᠤ ᠲᠠᠢ ᠠᠳᠠᠯᠢ> ᠬᠡᠷᠡᠭ ᠪᠣᠯᠤᠨ᠎ᠠ ᠪᠢᠵᠡ ᠳ᠋ᠠ᠃»

«ᠪᠤᠷᠬᠠᠨ ᠮᠢᠨᠢ ᠡ︕ ᠦᠵᠡᠭᠡ ᠦᠭᠡᠢ ᠪᠡᠷ ᠬᠥᠮᠦᠨ ᠢ ᠴᠢᠩᠭᠢᠵᠦ ᠪᠢᠲᠡᠬᠡᠢ ᠬᠢᠯᠢᠰᠳᠡᠭᠦᠯ︕ ᠠᠮᠠᠨ ᠬᠡᠰᠢᠭ᠌ ᠲᠦ ᠮᠢᠨᠢ ᠮᠠᠭᠤ ᠪᠣᠯᠤᠨ᠎ᠠ ᠰᠢᠤ» ᠭᠡᠵᠦ ᠬᠣᠷᠯᠤ ᠡᠮᠡᠭᠡᠨ ᠶᠢᠰᠦᠨ ᠵᠣᠭᠤᠰ ᠢᠶᠠᠨ ᠤᠯᠠᠭᠠᠨ ᠤᠲᠠᠰᠤᠨ ᠳᠤ ᠬᠡᠯᠬᠢᠵᠦ ᠳᠠᠯᠳᠠ ᠬᠢᠪᠡ᠃

«ᠶᠣᠬᠤ︕ ᠠᠮᠠᠨ ᠬᠡᠰᠢᠭ᠌ ᠳᠤᠷᠠᠰᠬᠤ ᠳᠠᠭᠠᠨ ᠳᠤᠷ᠎ᠠ ᠲᠠᠢ ᠶᠤᠮ᠃ ᠲᠡᠢᠮᠦ ᠰᠦᠷᠡᠬᠡᠢ ᠪᠠᠢᠭᠰᠠᠨ ᠪᠣᠯ ᠡᠮᠡᠭᠡᠯ ᠢᠶᠡᠨ ᠭᠠᠵᠠᠷ ᠬᠠᠶᠠᠵᠤ ᠶᠠᠪᠤᠳᠠᠭ ᠤᠤ︖» ᠭᠡᠳ ᠬᠡᠰᠢᠭᠲᠣᠭᠲᠠᠬᠤ ᠭᠡᠳᠡᠷᠭᠡᠨ ᠰᠤᠨᠵᠤ ᠤᠨᠠᠪᠠ᠃

ᠭᠢᠯᠤᠢᠵᠤ ᠤᠨᠠᠬᠤ ᠰᠢᠬᠠᠭᠰᠠᠨ ᠪᠠᠢᠯᠭᠦᠢ︕ ᠲᠣᠭᠤᠭ᠎ᠠ ᠲᠠᠯᠪᠢᠵᠤ ᠬᠠᠯᠠᠭᠤᠨ ᠶᠠᠭᠤᠮ᠎ᠠ ᠣᠭᠤᠴᠢᠭᠤᠯᠤᠶ᠎ᠠ ᠭᠡᠳ ᠬᠣᠷᠯᠤ ᠬᠠᠲᠠᠪᠴᠢ ᠠᠯᠬᠤᠭᠰᠠᠨ ᠢᠶᠠᠨ᠄

«ᠵᠠᠢᠯᠠᠭᠤᠯ ᠪᠤᠤ ᠦᠵᠡᠭᠳᠡ︕» ᠭᠡᠵᠦ ᠤᠤᠯᠭ᠎ᠠ ᠠᠯᠳᠠᠭᠠᠳ ᠲᠣᠭᠤᠭᠠᠨ ᠤ ᠪᠠᠨ ᠪᠠᠷᠢᠭᠤᠯ ᠢ ᠭᠠᠵᠠᠷ ᠤᠨᠠᠭᠠᠭᠠᠳ ᠠᠷᠤ ᠥᠭᠡᠳᠡ ᠪᠡᠨ ᠤᠬᠤᠷᠢᠵᠠᠢ᠃

«ᠪᠡᠯᠡᠩᠴᠢ ᠡᠮᠡᠭᠡᠨ ᠶᠠᠭᠤ ᠪᠣᠯᠬᠤ ᠨᠢ ᠪᠤᠢ︖» ᠭᠡᠵᠦ ᠤᠴᠠᠭᠠᠷᠳᠠᠩᠭᠤᠢ ᠴᠢᠷᠠᠢᠯᠠᠭᠰᠠᠨ ᠬᠡᠰᠢᠭᠲᠣᠭᠲᠠᠬᠤ ᠬᠥᠯ ᠢᠶᠡᠨ ᠨᠤᠬᠤᠴᠢᠭᠰᠠᠭᠠᠷ ᠪᠣᠰᠤᠭᠠᠳ ᠱᠠᠭᠠᠢᠪᠠ᠃ ᠡᠪᠦᠭᠡᠨ ᠦ ᠭᠠᠭᠴᠠᠬᠠᠨ ᠮᠤᠷᠤᠢ ᠭᠠᠳᠠᠰᠤᠨ ᠤᠶᠠᠭᠠᠨ ᠳᠤᠨᠢ ᠳᠠᠯᠢᠩ ᠲᠠᠢ ᠮᠣᠷᠢᠳ ᠳᠦᠭᠦᠷᠴᠦ᠂ ᠥᠨᠳᠦᠷ ᠪᠣᠷᠤ ᠬᠤᠪᠴᠠᠰᠤ ᠲᠠᠢ ᠤᠯᠤᠰ᠂ ᠤᠶᠠᠭᠠᠨ ᠤ ᠤᠷᠢᠳᠤᠭᠤᠷ ᠬᠣᠢᠭᠤᠷ ᠮᠣᠷᠢᠳ ᠢᠶᠠᠨ ᠬᠥᠲᠦᠯᠦᠨ ᠠᠯᠬᠤᠵᠠᠭᠠᠵᠤ᠂ ᠵᠠᠷᠢᠮ ᠨᠢ ᠲᠡᠩᠨᠡᠭᠡ ᠪᠡᠨ ᠪᠠᠭᠤᠯᠭᠠᠵᠤ ᠪᠠᠢᠯ᠎ᠠ᠃ ᠴᠠᠢᠪᠤᠷ ᠪᠣᠷᠤ ᠬᠤᠪᠴᠠᠰᠤᠨ ᠳᠡᠭᠡᠷ᠎ᠡ ᠰᠢᠷ᠎ᠠ ᠨᠣᠭᠤᠭᠠᠨ ᠡᠭᠦᠷᠦᠪᠴᠢ ᠵᠦᠷᠢᠭᠦᠯᠳᠦᠨ ᠳᠠᠷᠤᠭᠤᠯᠤᠭᠰᠠᠨ᠂ ᠲᠠᠯᠪᠢᠭᠠᠷ ᠴᠢᠭᠢᠷᠰᠦᠨ ᠮᠠᠯᠠᠭᠠᠢ ᠠᠷᠤ ᠳᠠᠭᠠᠨ ᠡᠭᠡᠯᠳᠦᠷᠭᠡᠯᠡᠭᠰᠡᠨ ᠥᠨᠳᠦᠷ ᠪᠡᠶ᠎ᠡ ᠲᠠᠢ ᠬᠥᠮᠦᠨ᠂ ᠬᠠᠵᠠᠭᠤ ᠳᠡᠬᠢ ᠳᠡᠭᠡᠨ ᠶᠠᠭᠤᠮ᠎ᠠ ᠵᠠᠬᠢᠬᠤ ᠰᠢᠭ ᠭᠠᠷ ᠢᠶᠠᠨ ᠰᠠᠵᠢᠯᠠᠨ ᠳᠦᠷᠰᠦᠯᠡᠵᠦ ᠣᠯᠠᠨ ᠦᠭᠡ ᠶᠠᠷᠢᠭᠰᠠᠭᠠᠷ ᠵᠣᠭᠰᠤᠨ᠎ᠠ᠃

ᠬᠡᠰᠢᠭᠲᠣᠭᠲᠠᠬᠤ᠂ ᠬᠠᠭᠠᠯᠭ᠎ᠠ ᠪᠠᠨ ᠬᠠᠮᠬᠢᠵᠤ ᠭᠡᠳᠡᠷᠭᠦ ᠪᠡᠨ ᠤᠬᠤᠷᠢᠬᠤ ᠭᠡᠳ ᠶᠠᠮᠠᠷ ᠨᠢᠭᠡᠨ ᠶᠠᠭᠤᠮ᠎ᠠ ᠪᠣᠳᠤᠭᠰᠠᠨ ᠶᠤᠮ ᠳ᠋ᠠ︖ ᠳᠠᠬᠢᠨ ᠨᠡᠭᠡᠭᠡᠵᠦ ᠣᠷᠬᠢᠭᠠᠳ ᠬᠣᠷᠯᠤ ᠶᠢᠨ ᠴᠢᠷᠠᠢ ᠥᠭᠡᠳᠡ ᠳᠡᠮᠡᠢᠯᠡ ᠮᠡᠯᠡᠷᠡᠨ ᠭᠦᠯᠢᠢᠪᠡ᠃ ᠬᠣᠷᠯᠤ ᠠᠮᠠᠨ ᠳᠣᠲᠤᠷ᠎ᠠ ᠪᠠᠨ

«ᠤᠮ ᠮᠠ ᠨᠢ ᠪᠠᠳ ᠮᠧ ᠬᠤᠮ» ᠭᠡᠵᠦ ᠳᠦᠳᠦᠨᠡᠨ ᠵᠣᠭᠰᠤᠭᠰᠠᠨ ᠬᠡᠪ ᠲᠡᠭᠡᠨ ᠪᠠᠷᠠᠭᠤᠨ ᠭᠠᠷ ᠢᠶᠠᠨ ᠳᠡᠯᠭᠡᠵᠦ ᠬᠠᠨᠴᠤᠢ ᠳᠣᠲᠤᠷ᠎ᠠ ᠪᠠᠨ ᠵᠠᠯᠪᠠᠷᠢᠵᠤ ᠪᠠᠢᠯ᠎ᠠ᠃« ᠲᠤᠭᠤᠯᠵᠤ ᠭᠠᠷᠬᠤ ᠠᠴᠠ ᠪᠢᠰᠢ᠂ ᠲᠣᠭᠤᠷᠢᠵᠤ ᠶᠠᠪᠤᠳᠠᠭ ᠦᠭᠡᠢ» ᠭᠡᠵᠦ ᠪᠣᠳᠤᠭᠰᠠᠨ ᠠᠴᠠ ᠶᠤᠮ ᠤᠤ︖ ᠡᠰᠡᠬᠦᠯ᠎ᠡ ᠲᠡᠳᠦᠢ ᠤᠳᠠᠭᠠᠨ ᠪᠠᠢᠲᠠᠯ᠎ᠠ ᠨᠠᠮ ᠵᠢᠮᠬᠡᠨ ᠪᠣᠯᠬᠣᠷ ᠭᠠᠢᠭᠤᠢ ᠪᠠᠢᠯᠭᠦᠢ ᠭᠡᠵᠦ ᠭᠠᠳᠠᠷᠯᠠᠭᠰᠠᠨ ᠶᠤᠮ ᠤᠤ︖ ᠪᠤᠤ ᠮᠡᠳᠡ᠂ ᠬᠡᠰᠢᠭᠲᠣᠭᠲᠠᠬᠤ ᠰᠡᠮᠡᠭᠡᠷᠬᠡᠨ ᠭᠠᠷᠴᠤ᠂ ᠠᠯᠬᠤᠮ ᠢᠶᠠᠨ ᠲᠣᠭᠠᠯᠠᠵᠤ ᠪᠠᠢᠭ᠎ᠠ ᠰᠢᠭ ᠤᠶᠠᠭ᠎ᠠ ᠥᠭᠡᠳᠡ ᠭᠡᠯᠳᠦᠷᠢᠪᠡ᠃

ᠥᠨᠳᠦᠷ ᠪᠡᠶ᠎ᠡ ᠲᠠᠢ ᠬᠥᠮᠦᠨ ᠠᠷᠪᠢᠨ ᠦᠭᠡ ᠬᠡᠯᠡᠭᠰᠡᠨ ᠪᠣᠯᠪᠠᠴᠤ ᠬᠡᠰᠢᠭᠲᠣᠭᠲᠠᠬᠤ ᠶᠡᠷᠦᠨᠢ ᠣᠢᠯᠠᠭᠠᠭᠰᠠᠨ ᠦᠭᠡᠢ᠃ ᠭᠠᠭᠴᠠ ᠬᠦ ᠥᠨᠳᠦᠷ ᠪᠡᠶ᠎ᠡ ᠲᠠᠢ ᠬᠥᠮᠦᠨ ᠦ ᠵᠥᠭᠡᠯᠡᠨ ᠲᠣᠭᠲᠠᠭᠤᠨ ᠬᠠᠷᠠᠴᠠ ᠬᠢᠭᠡᠳ ᠳᠤᠯᠠᠭᠠᠨ ᠡᠶᠡᠯᠰᠡᠭ ᠴᠢᠷᠠᠢ ᠬᠣᠶᠠᠷ ᠠᠴᠠ ᠨᠢ ᠰᠠᠢᠨ ᠬᠥᠮᠦᠨ ᠪᠠᠢᠨ᠎ᠠ ᠭᠡᠵᠦ ᠲᠠᠭᠠᠪᠤᠷᠢᠯᠠᠭᠰᠠᠨ ᠪᠥᠭᠡᠳ ᠳᠠᠷᠤᠭ᠎ᠠ ᠨᠣᠶᠠᠨ ᠨᠢ ᠴᠤ ᠶᠤᠮ ᠤᠤ︖ ᠦᠭᠡᠢ︕ ᠪᠠ ᠯᠦ ᠳᠦ ᠨᠣᠶᠠᠨ ᠪᠠᠢᠳᠠᠭ ᠦᠭᠡᠢ᠂ ᠴᠢ ᠪᠢ ᠦᠭᠡᠢ ᠠᠳᠠᠯᠢᠬᠠᠨ ᠪᠠᠢᠳᠠᠭ ᠭᠡᠰᠡᠨ ᠰᠢᠤ ᠳ᠋ᠠ ᠭᠡᠵᠦ ᠡᠯᠳᠡᠪᠴᠢᠯᠡᠨ ᠪᠣᠳᠤᠵᠤ ᠶᠠᠪᠤᠯ᠎ᠠ᠃

ᠬᠡᠰᠢᠭᠲᠣᠭᠲᠠᠬᠤ ᠪᠠᠭ᠎ᠠ ᠳᠠᠭᠠᠨ ᠲᠠᠷᠢᠶ᠎ᠠ ᠲᠣᠰᠭᠤᠨ᠂ ᠪᠡᠭᠡᠵᠢᠩ᠂ ᠤᠲᠠᠢ ᠬᠦᠷᠲᠡᠯ᠎ᠡ ᠶᠠᠪᠤᠵᠤ ᠪᠠᠢᠭᠰᠠᠨ᠃ ᠨᠢᠳᠦ ᠨᠡᠭᠡᠭᠡᠭᠰᠡᠨ ᠳᠣᠬᠢ ᠲᠣᠯᠤᠭᠠᠢ ᠶᠢᠨ ᠨᠢᠭᠡᠨ ᠳᠦ ᠣᠷᠤᠳᠠᠭ ᠬᠥᠮᠦᠨ ᠶᠤᠮ ᠭᠡᠨ᠎ᠡ᠃ ᠲᠡᠷᠡ ᠦᠶ᠎ᠡ ᠬᠡᠯᠡᠮᠦᠷᠴᠢᠨ ᠡᠴᠡ᠄

«ᠪᠠᠢ ᠪᠦ ᠵᠠ ᠭᠡᠪᠡᠯ<ᠵᠦᠭᠡᠷ ᠵᠦᠭᠡᠷ> ᠭᠡᠵᠦ ᠮᠡᠳᠡᠭᠡᠷᠡᠢ» ᠭᠡᠳ ᠵᠢᠭᠠᠵᠤ ᠪᠠᠢᠭᠰᠠᠨ ᠢ ᠰᠠᠨᠠᠭᠠᠳ᠂ ᠡᠨᠡ ᠨᠣᠶᠠᠨ ᠥᠷᠦᠰᠢᠶᠡᠯ ᠲᠠᠢ ᠰᠠᠢᠨ ᠬᠥᠮᠦᠨ ᠪᠠᠢᠨ᠎ᠠ ᠭᠡᠵᠦ ᠪᠣᠳᠤᠵᠠᠢ᠃ ᠲᠡᠭᠡᠭᠡᠳ ᠬᠡᠰᠢᠭᠲᠣᠭᠲᠠᠬᠤ᠄

«ᠨᠣᠶᠠᠨ ᠠᠮᠤᠷᠬᠠᠨ ᠮᠣᠷᠢᠯᠠᠵᠤ ᠪᠠᠢᠨ᠎ᠠ ᠤᠤ︖» ᠭᠡᠵᠦ ᠪᠦᠬᠦᠢᠭᠡᠳ᠄«ᠭᠡᠷ ᠲᠦ ᠮᠣᠷᠢᠯᠠᠵᠤ ᠪᠠᠭᠤ︕» ᠭᠡᠵᠦ ᠬᠣᠶᠠᠷ ᠠᠯᠠᠭ᠎ᠠ ᠪᠠᠨ ᠳᠡᠯᠭᠡᠨ ᠴᠣᠮᠴᠤᠰᠬᠢᠵᠤ ᠬᠠᠭᠠᠰ ᠬᠤᠭᠤᠰ ᠢᠨᠢᠶᠡᠮᠰᠦᠭᠯᠡᠬᠦ ᠴᠢᠷᠠᠢ ᠭᠠᠷᠭᠠᠪᠠ᠃

ᠥᠨᠳᠦᠷ ᠪᠡᠶ᠎ᠡ ᠲᠠᠢ ᠬᠥᠮᠦᠨ ᠡᠪᠦᠭᠡᠨ ᠦ ᠭᠠᠷ ᠢ ᠠᠳᠭᠤᠵᠤ᠄

«ᠰᠠᠢᠨ ᠪᠠᠢᠨ᠎ᠠ ᠤᠤ︖» ᠭᠡᠳ ᠬᠡᠳᠦᠨ ᠮᠣᠩᠭᠤᠯ ᠦᠭᠡ ᠬᠡᠯᠡᠵᠦ᠂«ᠮᠠᠨ ᠤ ᠮᠣᠩᠭᠤᠯ ᠦᠭᠡ ᠣᠯᠠᠨ ᠪᠠᠢᠬᠤ ᠦᠭᠡᠢ» ᠭᠡᠳ ᠢᠨᠢᠶᠡᠪᠡ᠃

ᠲᠡᠳᠡ ᠭᠡᠷ ᠦᠨ ᠰᠡᠭᠦᠳᠡᠷ᠂ ᠬᠣᠷᠤᠭᠠᠨ ᠤ ᠢᠷᠤᠭᠠᠷ ᠢ ᠳᠠᠭᠠᠵᠤ ᠰᠠᠭᠤᠵᠠᠭᠠᠭᠰᠠᠨ ᠪᠣᠯᠬᠣᠷ ᠬᠣᠷᠯᠤ ᠳᠡᠪᠤᠷ᠎ᠡ ᠲᠠᠢ ᠴᠠᠢ ᠠᠪᠴᠢᠷᠠᠵᠤ ᠥᠨᠳᠦᠷ ᠨᠣᠶᠠᠨ ᠳᠤ ᠠᠶᠠᠭᠠᠯᠠᠪᠠ᠃ ᠲᠡᠷᠡ ᠥᠪᠡᠷ ᠢᠶᠡᠨ ᠰᠢᠨᠠᠭ᠎ᠠ ᠪᠠᠷᠢᠵᠤ ᠬᠦᠢᠲᠡᠨ ᠴᠠᠢ ᠠᠴᠠ ᠬᠡᠳᠦᠨ ᠠᠶᠠᠭ᠎ᠠ ᠪᠠᠯᠭᠤᠵᠤ᠂ ᠴᠡᠷᠢᠭ᠌ ᠲᠡᠭᠡᠨ ᠬᠡᠳᠦᠨ ᠦᠭᠡ ᠬᠡᠯᠡᠭᠡᠳ ᠤᠰᠤ ᠳᠠᠮᠨᠠᠭᠤᠯᠲᠠᠯ᠎ᠠ ᠠᠷᠭᠠᠯ ᠠᠪᠴᠢᠷᠠᠭᠤᠯᠤᠯ᠎ᠠ᠃ ᠥᠪᠡᠷ ᠢᠶᠡᠨ ᠬᠠᠯᠠᠭᠤᠨ ᠵᠤᠤᠬ᠎ᠠ ᠶᠢᠨ ᠠᠮᠠᠰᠠᠷ ᠳᠡᠭᠡᠷ᠎ᠡ ᠬᠠᠢᠴᠢ ᠪᠠᠷᠢᠵᠤ ᠭᠠᠯ ᠲᠦᠯᠡᠭᠦ ᠪᠥᠭᠡᠳ ᠬᠣᠷᠯᠤ ᠶᠢ ᠣᠴᠢᠵᠤ ᠬᠠᠮᠵᠢᠬᠤ ᠳᠤᠨᠢ

«ᠡᠵᠢ ᠠᠮᠠᠷᠠᠵᠤ ᠪᠠᠢ︕ ᠪᠢᠳᠡ ᠥᠪᠡᠷᠰᠡᠳ ᠢᠶᠡᠨ ᠬᠣᠭᠤᠯᠠ ᠬᠢᠶ᠎ᠡ» ᠭᠡᠵᠦ ᠥᠨᠳᠦᠷ ᠪᠡᠶ᠎ᠡ ᠲᠠᠢ ᠬᠥᠮᠦᠨ ᠢᠨᠢᠶᠡᠨ ᠬᠡᠯᠡᠵᠡᠢ᠃«ᠦᠵᠡᠭᠡ ᠦᠭᠡᠢ ᠬᠥᠮᠦᠨ ᠪᠠᠷᠰ᠂ ᠶᠠᠪᠤᠭ᠎ᠠ ᠦᠭᠡᠢ ᠵᠠᠮ ᠲᠠᠮᠤ» ᠭᠡᠵᠦ ᠨᠠᠰᠤᠲᠠᠨ ᠤ ᠬᠡᠯᠡᠳᠡᠭ ᠢᠶᠡᠷ᠂ ᠪᠠ ᠯᠦ ᠶᠢ«ᠠᠬ᠎ᠠ ᠵᠠᠬ᠎ᠠ ᠦᠭᠡᠢ᠂ ᠴᠢᠨᠦ ᠮᠢᠨᠦᠬᠢ ᠦᠭᠡᠢ» ᠤᠯᠤᠰ ᠭᠡᠵᠦ ᠪᠣᠳᠤᠭᠰᠠᠨ ᠨᠢ ᠱᠠᠯ ᠣᠨᠳᠣᠣ ᠪᠣᠯᠪᠠ᠃ ᠶᠣᠰᠤᠲᠠᠢ ᠬᠥᠭᠰᠢᠨ ᠨᠠᠰᠤᠲᠠᠢᠴᠤᠳ ᠢᠶᠠᠨ ᠭᠦᠨᠳᠦᠯᠡᠳᠡᠭ᠂ ᠥᠪᠡᠷ ᠦᠨ ᠪᠠ ᠪᠣᠰᠤᠳ ᠤᠨ ᠬᠢ ᠶᠢ ᠠᠳᠠᠯᠢᠬᠠᠨ ᠬᠠᠢᠷᠠᠯᠠᠳᠠᠭ ᠴᠠᠭᠠᠨ ᠰᠡᠳᠭᠢᠯ ᠲᠠᠢ ᠤᠯᠤᠰ ᠪᠠᠢᠨ᠎ᠠ ᠭᠡᠵᠦ ᠬᠣᠷᠯᠤ ᠪᠣᠳᠤᠪᠠ᠃

ᠢᠯᠡᠭᠦᠦ ᠳᠤᠲᠠᠭᠤ ᠦᠭᠡ ᠬᠡᠯᠡᠭᠡᠳ ᠬᠡᠯᠡ ᠠᠮᠠᠨ ᠳᠤ ᠪᠤᠤ ᠤᠷᠭᠠᠯᠠᠭᠳᠠᠶ᠎ᠠ︕«ᠲᠡᠨᠡᠭ ᠬᠥᠮᠦᠨ ᠳᠤᠭᠤᠢ ᠳᠠᠭᠠᠨ ᠰᠦᠷ ᠲᠠᠢ» ᠭᠡᠭᠴᠢ ᠪᠡᠷ ᠠᠷᠭᠠᠴᠠᠵᠤ ᠥᠩᠭᠡᠷᠡᠭᠦᠯᠦᠶ᠎ᠡ᠃ ᠪᠠ ᠯᠦ ᠭᠡᠳᠡᠭ ᠴᠢᠨᠢ ᠠᠮᠠᠨ ᠳᠡᠭᠡᠷ᠎ᠡ ᠪᠡᠨ ᠵᠥᠭᠡᠯᠡᠨ ᠪᠣᠯᠪᠠᠴᠤ ᠠᠷᠤ ᠬᠣᠢᠨ᠎ᠠ ᠪᠠᠨ ᠬᠡᠴᠡᠭᠦᠦ ᠤᠯᠤᠰ ᠭᠡᠵᠦ ᠭᠦᠵᠡᠭᠡ ᠰᠢᠷ᠎ᠠ ᠶᠢᠨ ᠶᠠᠷᠢᠭᠰᠠᠨ ᠢ ᠶᠠᠭ ᠢᠲᠡᠭᠡᠭᠡᠳ ᠵᠢᠷᠦᠬᠡᠰᠢᠵᠦ ᠪᠠᠢᠭᠰᠠᠨ ᠪᠣᠯ ᠣᠳᠣ ᠭᠠᠢᠭᠤᠢ ᠰᠢᠪ ᠳ᠋ᠠ᠃ ᠢᠳᠡᠵᠦ ᠤᠤᠭᠤᠬᠤ ᠭᠦᠨᠡᠰᠦ ᠪᠡᠨ ᠠᠪᠴᠤ ᠶᠠᠪᠤᠬᠤ ᠠᠴᠠ ᠭᠠᠳᠠᠨ᠎ᠠ ᠥᠪᠡᠷ ᠢᠶᠡᠨ ᠬᠢᠳᠡᠭ ᠤᠯᠤᠰ ᠪᠠᠢᠨ᠎ᠠ ᠭᠡᠵᠦ ᠬᠡᠰᠢᠭᠲᠣᠭᠲᠠᠬᠤ ᠪᠣᠳᠤᠵᠠᠢ᠃

«ᠲᠠᠨᠢᠯᠴᠠᠬᠤ ᠠᠴᠠ ᠡᠮᠦᠨ᠎ᠡ ᠲᠠᠯ᠎ᠠ ᠶᠢᠨ ᠭᠤᠷᠪᠠᠨ ᠭᠥᠷᠦᠭᠡᠰᠦ᠂ ᠲᠠᠨᠢᠯᠴᠠᠭᠰᠠᠨ ᠬᠣᠢᠨ᠎ᠠ ᠪᠠᠨ ᠲᠠᠩᠨᠠᠢ ᠶᠢᠨ ᠭᠤᠷᠪᠠᠨ ᠰᠤᠳᠠᠰᠤ» ᠭᠡᠭᠴᠢ ᠪᠡᠷ ᠬᠡᠰᠢᠭᠲᠣᠭᠲᠠᠬᠤ ᠶᠢᠨ ᠡᠭ ᠮᠡᠭ ᠭᠡᠬᠦ ᠨᠢ ᠴᠦ ᠠᠶᠠᠳᠠᠵᠤ ᠲᠡᠳᠡᠨ ᠦ ᠠᠰᠠᠭᠤᠭᠰᠠᠨ ᠢ ᠨᠢ ᠮᠡᠳᠡᠬᠦ ᠪᠡᠷ ᠢᠶᠡᠨ ᠬᠡᠯᠡᠵᠦ ᠡᠨᠡ ᠲᠡᠷᠡᠭᠦᠷ ᠨᠢ ᠲᠣᠭᠤᠷᠢᠬᠤ ᠪᠣᠯᠵᠠᠢ᠃ ᠲᠡᠭᠡᠭᠡᠳ ᠤᠶᠠᠭᠠᠲᠠᠢ ᠮᠣᠷᠢᠳ ᠳᠡᠭᠡᠭᠦᠷ ᠣᠴᠢᠲᠠᠯ᠎ᠠ ᠽᠠᠨᠳᠠᠨ ᠬᠦᠷᠡᠩ ᠨᠢ ᠳᠡᠭᠡᠰᠦᠨ ᠵᠢᠯᠤᠭᠤ ᠲᠠᠢ᠂ ᠤᠷᠤᠭ ᠬᠠᠵᠠᠭᠠᠷ ᠬᠠᠵᠠᠭᠠᠷᠯᠠᠭᠰᠠᠨ ᠳᠡᠪᠢᠰᠭᠡᠷ ᠦᠭᠡᠢ ᠴᠠᠭᠠᠨ ᠮᠣᠳᠤᠨ ᠡᠮᠡᠭᠡᠯ ᠲᠠᠢ ᠵᠣᠭᠰᠤᠵᠤ ᠪᠠᠢᠯ᠎ᠠ᠃ ᠪᠦᠬᠦ ᠪᠡᠶ᠎ᠡ ᠳᠤᠨᠢ ᠬᠠᠷ᠎ᠠ ᠬᠥᠯᠦᠰᠦ ᠳᠠᠭᠰᠢᠷᠠᠵᠤ᠂ ᠴᠠᠪᠤᠭ ᠳᠡᠭᠡᠷ᠎ᠡ ᠴᠠᠪᠠᠤ ᠲᠠᠢ ᠪᠣᠬᠢ ᠲᠦᠷᠬᠢᠭᠰᠡᠨ ᠰᠢᠭ᠌ ᠬᠠᠷᠠᠭᠳᠠᠪᠠ᠃

ᠬᠡᠰᠢᠭᠲᠣᠭᠲᠠᠬᠤ ᠶᠢᠨ ᠳᠣᠲᠤᠷ᠎ᠠ ᠴᠢᠨᠵᠤᠤ ᠲᠠᠢ ᠬᠠᠷ᠎ᠠ ᠠᠷᠢᠬᠢ ᠴᠢᠳᠭᠤᠭᠰᠠᠨ ᠰᠢᠭ ᠪᠣᠯᠤᠯ᠎ᠠ᠃ ᠶᠡᠷᠦᠨᠢ ᠽᠠᠨᠳᠠᠨ ᠬᠦᠷᠡᠩ ᠤᠨ ᠰᠢᠨᠠ ᠠᠴᠠ ᠬᠥᠯᠦᠰᠦ ᠳᠤᠰᠤᠯᠠᠲᠠᠯ᠎ᠠ ᠤᠨᠤᠭᠰᠠᠨ ᠡᠳᠦᠷ ᠬᠡᠰᠢᠭᠲᠣᠭᠲᠠᠬᠤ ᠳᠤ ᠲᠣᠭ᠎ᠠ ᠲᠠᠢ ᠶᠤᠮ᠃ ᠲᠡᠢᠮᠦ ᠡᠴᠡ ᠱᠣᠭ ᠲᠠᠢ ᠤᠯᠤᠰ«ᠠᠢᠯ ᠠᠴᠠ ᠶᠠᠪᠤᠬᠤ ᠳᠤ ᠮᠣᠷᠢ ᠲᠠᠢ ᠭᠠᠷᠤᠭᠠᠳ ᠠᠯᠤᠰ ᠣᠴᠢᠪᠠᠯ ᠬᠥᠲᠦᠯᠦᠭᠡᠳ ᠭᠦᠶᠦᠳᠡᠭ» ᠭᠡᠵᠦ ᠶᠠᠷᠢᠯᠴᠠᠳᠠᠭ ᠶᠤᠮ᠃ ᠬᠡᠰᠢᠭᠲᠣᠭᠲᠠᠬᠤ ᠲᠡᠰᠴᠦ ᠶᠠᠳᠠᠭᠠᠳ᠄

«ᠮᠢᠨᠦ ᠮᠣᠷᠢ ᠶᠢ ᠬᠠᠮᠢᠭ᠎ᠠ ᠠᠴᠠ ᠪᠠᠷᠢᠵᠤ ᠤᠨᠤᠭᠰᠠᠨ ᠪᠤᠢ︖» ᠭᠡᠯ᠎ᠡ᠃

«ᠯᠢᠦ ᠲᠤᠸᠠᠨ ᠵᠠᠩ ᠤᠨ ᠁» ᠭᠡᠵᠦ ᠥᠨᠳᠦᠷ ᠪᠣᠷᠤ ᠬᠤᠪᠴᠠᠰᠤ ᠲᠠᠢ ᠫᠠᠭᠳᠠᠭᠠᠷ ᠬᠥᠮᠦᠨ ᠢ ᠬᠡᠯᠡᠬᠦ ᠳᠦ« ᠲᠠ ᠨᠠᠷ ᠮᠣᠷᠢ ᠶᠢ ᠤᠨᠤᠬᠤ ᠪᠠᠷ ᠪᠠᠷᠠᠬᠤ ᠦᠭᠡᠢ ᠪᠠᠰᠠ ᠥᠪᠡᠷ ᠦᠨ ᠢᠶᠡᠨ ᠭᠡᠨ᠎ᠡ» ᠭᠡᠵᠦ ᠪᠤᠷᠤᠭᠤ ᠪᠠᠷ ᠣᠢᠯᠠᠭᠠᠭᠰᠠᠨ ᠬᠡᠰᠢᠭᠲᠣᠭᠲᠠᠬᠤ ᠶᠢᠨ ᠠᠭᠤᠷ ᠨᠢ ᠥᠨᠳᠡᠭᠡᠨ ᠲᠣᠭᠤᠭᠠᠨ ᠳᠤ ᠪᠤᠴᠠᠯᠭᠠᠭᠰᠠᠨ ᠰᠦ᠋ ᠰᠢᠭ᠌ ᠠᠮᠠ ᠪᠠᠷ ᠢᠶᠠᠨ ᠬᠥᠭᠡᠰᠦᠷᠡᠨ ᠭᠠᠷᠬᠤ ᠰᠢᠬᠠᠪᠠ᠃ ᠲᠡᠭᠡᠭᠡᠳ᠄

«ᠶᠠᠭᠤ ᠭᠡᠨ᠎ᠡ︖ᠮᠢᠨᠦ ᠮᠣᠷᠢ ᠪᠠᠢᠨ᠎ᠠ» ᠭᠡᠵᠦ ᠴᠤᠯᠪᠤᠭᠤᠷ ᠢ ᠨᠢ ᠲᠠᠢᠯᠲᠠᠯ᠎ᠠ᠂

«ᠲᠦ᠋ ᠹᠧᠢ ᠁» ᠭᠡᠳ ᠰᠠᠶᠢ ᠶᠢᠨ ᠬᠥᠮᠦᠨ ᠨᠡᠯᠢᠶᠡᠳ ᠦᠭᠡ ᠬᠡᠯᠡᠪᠡ᠃ ᠪᠡᠶ᠎ᠡ ᠪᠡᠨ«ᠬᠤᠯᠠᠭᠠᠢᠴᠢ ᠭᠡᠵᠦ ᠬᠡᠯᠡᠪᠡ» ᠭᠡᠰᠡᠨ ᠪᠣᠳᠤᠯ ᠨᠢ ᠬᠡᠰᠢᠭᠲᠣᠭᠲᠠᠬᠤ ᠶᠢᠨ ᠠᠭᠤᠷ ᠢ ᠲᠣᠯᠤᠮ ᠬᠥᠭᠡᠷᠭᠡ ᠰᠢᠭ᠌ ᠬᠥᠭᠡᠷᠭᠡᠳᠡᠨ ᠪᠣᠰᠭᠠᠯ᠎ᠠ᠃

«ᠲᠠ ᠨᠠᠷ ᠬᠠᠷᠢᠨ ᠲᠦ᠋ ᠹᠧᠢ ᠁» ᠭᠡᠳ ᠬᠣᠮᠤᠬᠠᠢ ᠬᠤᠷᠤᠭᠤ ᠪᠠᠨ ᠴᠠᠭᠠᠳᠤᠬᠢ ᠶᠢᠨ ᠨᠢᠳᠦᠨ ᠳᠦ ᠬᠢᠲᠡᠯ᠎ᠡ ᠲᠡᠷᠡ ᠬᠥᠮᠦᠨ᠂ ᠥᠨᠳᠦᠷ ᠪᠡᠶ᠎ᠡ ᠲᠠᠢ ᠬᠥᠮᠦᠨ ᠤᠷᠤᠭᠤ ᠡᠪᠦᠭᠡᠨ ᠢ ᠴᠢᠷᠪᠡ᠃

ᠥᠨᠳᠦᠷ ᠪᠡᠶ᠎ᠡ ᠲᠠᠢ ᠬᠥᠮᠦᠨ ᠬᠡᠰᠢᠭᠲᠣᠭᠲᠠᠬᠤ ᠶᠢᠨ ᠮᠥᠷᠦ ᠶᠢ ᠠᠯᠠᠭᠠᠳᠠᠵᠤ᠂

«ᠴᠢᠨᠦ ᠮᠣᠷᠢ ᠶᠠᠮᠠᠷ ᠡᠢᠮᠦ ᠡᠢᠮᠦ ᠪᠠᠢᠨ᠎ᠠ ᠪᠤᠢ︖» ᠭᠡᠵᠦ ᠵᠡᠭᠦᠨ ᠭᠠᠷ ᠤᠨ ᠢᠶᠠᠨ ᠠᠯᠠᠭ᠎ᠠ ᠳᠡᠭᠡᠷ᠎ᠡ ᠬᠣᠮᠤᠬᠠᠢ ᠬᠤᠷᠤᠭᠤ ᠪᠠᠷ ᠢᠶᠠᠨ ᠵᠢᠷᠤᠬᠤ ᠳᠤ᠂

«ᠪᠢ ᠪᠢᠴᠢᠭ᠌ ᠮᠡᠳᠡᠳᠡᠭ ᠦᠭᠡᠢ ᠰᠣᠬᠤᠷ ᠬᠥᠮᠦᠨ᠃ ᠮᠠᠨ ᠤ ᠪᠦᠳᠦᠭᠦᠨ ᠮᠣᠷᠢ᠂ ᠳᠠᠭ᠎ᠠ ᠬᠣᠶᠠᠷ ᠠᠯᠳᠠᠭᠰᠠᠨ» ᠭᠡᠵᠦ ᠡᠪᠦᠭᠡᠨ ᠳᠦᠷᠰᠦᠯᠡᠨ ᠪᠡᠭᠴᠡᠩᠨᠡᠪᠡ᠃

«ᠴᠢᠨᠦ ᠮᠣᠷᠢ ᠶᠠᠮᠠᠷ ᠡᠢᠮᠦ ᠡᠢᠮᠦ ᠪᠠᠢᠨ᠎ᠠ ᠪᠤᠢ︖» ᠭᠡᠵᠦ ᠭᠤᠶ᠎ᠠ ᠪᠠᠨ ᠰᠢᠪᠦᠭᠡᠳᠡᠬᠦ ᠳᠦ ᠬᠡᠰᠢᠭᠲᠣᠭᠲᠠᠬᠤ ᠠᠮᠠ ᠪᠠᠨ ᠠᠩᠭᠠᠢᠨ ᠮᠡᠯᠡᠷᠡᠭᠰᠡᠨ ᠢᠶᠡᠨ ᠬᠤᠷᠤᠭᠤ ᠪᠠᠨ ᠴᠠᠭᠠᠷᠢᠭᠯᠠᠵᠤ ᠭᠤᠷᠪᠠ ᠶᠢ ᠭᠣᠵᠤᠢᠯᠭᠠᠨ ᠭᠠᠵᠠᠷ ᠳᠡᠭᠡᠷ᠎ᠡ ᠳᠡᠪᠢᠰᠭᠡᠷ ᠲᠠᠢ ᠴᠢᠨᠳᠠᠮᠤᠨᠢ ᠲᠠᠮᠠᠭ᠎ᠠ ᠵᠢᠷᠤᠪᠠ᠃ ᠴᠢᠩᠭᠢᠭᠡᠳ ᠬᠤᠷᠤᠭᠤ ᠪᠠᠷ ᠢᠶᠠᠨ ᠬᠠᠢᠴᠢᠯᠠᠨ ᠳᠦᠷᠰᠦᠯᠡᠵᠦ ᠵᠡᠭᠦᠨ ᠴᠢᠬᠢ ᠤᠷᠤᠭᠤ ᠪᠠᠨ ᠵᠢᠭᠠᠵᠠᠢ᠃ ᠥᠨᠳᠦᠷ ᠬᠥᠮᠦᠨ ᠲᠣᠯᠤᠭᠠᠢ ᠪᠠᠨ ᠳᠣᠬᠢᠵᠤ᠄

«ᠳ᠋ᠦᠢ ᠳ᠋ᠦᠢ» ᠭᠡᠳ ᠨᠥᠭᠦᠭᠡᠳᠡᠬᠢ ᠴᠡᠷᠢᠭ᠌ ᠲᠦ ᠬᠡᠳᠦᠨ ᠦᠭᠡ ᠶᠠᠷᠢᠵᠤ ᠡᠮᠡᠭᠡᠯ ᠢᠶᠡᠨ ᠰᠣᠯᠢᠭᠤᠯᠪᠠ᠃

«ᠱᠣᠣ ᠳ᠋ᠢ︕ ᠱᠣᠣ ᠳ᠋ᠢ ᠮᠣᠷᠢ» ᠭᠡᠵᠦ ᠬᠡᠰᠢᠭᠲᠣᠭᠲᠠᠬᠤ ᠳᠦᠷᠰᠦ ᠲᠠᠢ ᠳᠦᠷᠰᠦ ᠦᠭᠡᠢ ᠮᠡᠳᠡᠬᠦ ᠪᠡᠷ ᠢᠶᠡᠨ ᠶᠠᠷᠢᠭᠰᠠᠨ ᠪᠣᠯᠪᠠᠴᠤ ᠥᠨᠳᠦᠷ ᠬᠥᠮᠦᠨ᠄

«ᠲᠦ᠋ ᠹᠧᠢ ᠁» ᠭᠡᠳ ᠫᠤᠤ ᠬᠠᠷᠠᠭᠠᠯᠠᠬᠤ ᠰᠢᠭ ᠶᠠᠩᠵᠤ ᠪᠠᠷ ᠵᠠᠩᠭᠠᠪᠠ᠃«ᠽᠠᠨᠳᠠᠨ ᠬᠦᠷᠡᠩ ᠢᠶᠡᠨ ᠠᠪᠤᠭᠰᠠᠨ ᠳᠠᠭᠠᠨ ᠬᠠᠨᠴᠤᠢ ᠳᠣᠲᠤᠷ᠎ᠠ ᠪᠠᠨ ᠭᠤᠷᠪᠠ ᠵᠠᠯᠪᠠᠷᠢᠶ᠎ᠠ» ᠭᠡᠵᠦ ᠪᠣᠳᠤᠭᠠᠳ ᠨᠣᠭᠲᠤ ᠶᠢ ᠨᠢ ᠰᠣᠯᠢᠵᠤ ᠥᠭᠭᠦᠯ᠎ᠡ᠃

ᠰᠠᠶᠢ ᠶᠢᠨ ᠦᠭᠡ ᠪᠤᠯᠢᠶᠠᠯᠳᠤᠭᠰᠠᠨ ᠬᠥᠮᠦᠨ ᠳᠡᠪᠲᠡᠷ ᠭᠠᠷᠭᠠᠵᠤ ᠵᠣᠭᠰᠤᠭ᠎ᠠ ᠪᠠᠷ ᠢᠶᠠᠨ ᠬᠡᠳᠦᠨ ᠬᠢᠲᠠᠳ ᠦᠰᠦᠭ ᠲᠠᠲᠠᠯᠠᠵᠤ᠂ ᠨᠢᠭᠡ ᠴᠠᠭᠠᠰᠤ ᠤᠷᠠᠭᠠᠳ ᠡᠪᠦᠭᠡᠨ ᠳᠦ ᠥᠭᠪᠡ᠃

«ᠲᠠ ᠨᠠᠷ ᠳᠠᠭ᠎ᠠ ᠶᠢ ᠮᠢᠨᠢ ᠥᠭᠬᠦ ᠡᠰᠡᠬᠦ ᠪᠡᠨ ᠥᠪᠡᠷ ᠢᠶᠡᠨ ᠮᠡᠳᠡᠯᠭᠦᠢ᠃ ᠪᠢ ᠭᠠᠷ ᠬᠠᠷᠠᠵᠤ ᠪᠠᠢᠭ᠎ᠠ ᠬᠥᠮᠦᠨ ᠪᠢᠰᠢ» ᠭᠡᠪᠡ᠃ ᠥᠨᠳᠦᠷ ᠪᠡᠶ᠎ᠡ ᠲᠠᠢ ᠬᠥᠮᠦᠨ᠄

«ᠮᠠᠨᠠᠢ᠂ ᠠᠷᠠᠳ ᠤᠨ ᠶᠠᠭᠤᠮ᠎ᠠ ᠶᠢ ᠵᠦᠭᠡᠷ ᠠᠪᠬᠤ ᠦᠭᠡᠢ» ᠭᠡᠳ ᠥᠨᠥᠬᠢ ᠴᠠᠭᠠᠰᠤ ᠶᠢ ᠡᠪᠦᠭᠡᠨ