ᠮᠣᠩᠭᠣᠯ ᠪᠢᠴᠢᠭ᠌

ᠡᠷᠢᠶ᠎ᠡ  
ᠪᠤᠴᠠᠬᠤ

ᠬᠣᠬᠢᠷᠠᠭᠰᠠᠨ ᠠᠮᠢ ᠨᠠᠰᠤ

ᠠ᠊᠂ ᠣᠳᠽᠠᠷ

ᠬᠣᠷᠤ᠎ᠠ ᠶᠢᠷᠲᠢᠨᠴᠦ ᠳᠤ ᠬᠣᠣᠰ ᠦᠭᠡᠢ ᠡᠨᠡ ᠱᠣᠷᠤᠩ᠂ ᠬᠣᠶᠠᠷ ᠳᠡᠯᠢᠮ ᠥᠷᠭᠡᠨ ᠭᠤᠷᠪᠠᠨ ᠠᠯᠳᠠ ᠤᠷᠲᠤ᠂ ᠪᠠᠰᠠ ᠲᠤᠩ ᠴᠢᠭᠢᠭ᠍ᠯᠢᠭ᠌ ᠪᠠ ᠦᠮᠡᠬᠡᠢ ᠴᠢᠬᠤᠯ᠂ ᠫᠠᠳ ᠬᠠᠷᠠᠩᠭᠤᠢ᠃ ᠳᠣᠲᠤᠷ᠎ᠠ ᠨᠢ ᠬᠥᠬᠡ ᠪᠤᠳᠤᠭ ᠢᠶᠠᠷ ᠪᠤᠳᠤᠭᠰᠠᠨ ᠠᠷᠪᠠᠨ ᠲᠠᠪᠤᠨ ᠭᠷᠡᠳᠦ᠋ᠰ ᠤᠨ ᠴᠠᠬᠢᠯᠭᠠᠨ ᠳ᠋ᠧᠩ ᠲᠠᠢ᠃ ᠡᠭᠦᠳᠡ ᠪᠣᠯᠭᠠᠨ ᠳᠤᠨᠢ«ᠶᠠᠯᠠᠲᠠᠨ» ᠬᠠᠮᠢᠶᠠᠷᠤᠭᠴᠢᠳ ᠤᠨ ᠳᠣᠲᠤᠭᠰᠢ ᠬᠠᠷᠠᠬᠤ ᠬᠤᠷᠤᠭᠤᠨ ᠴᠢᠨᠡᠭᠡᠨ ᠱᠠᠭᠠᠢᠪᠤᠷ ᠲᠠᠢ᠃ ᠡᠨᠡ ᠭᠡᠷ ᠲᠦ ᠬᠠᠯᠠᠭᠤᠨ ᠬᠠᠨᠵᠤ᠂ ᠮᠣᠳᠤᠨ ᠣᠷᠤ᠂ ᠰᠢᠷᠡᠭᠡ ᠰᠠᠨᠳᠠᠯᠢ ᠭᠡᠵᠦ ᠣᠷᠤ ᠴᠤ ᠦᠭᠡᠢ᠂ ᠳᠡᠷ᠎ᠡ ᠳᠡᠪᠢᠰᠭᠡᠷ ᠤᠨ ᠣᠷᠤᠨ ᠳᠤ ᠴᠠᠭᠠᠨ ᠨᠣᠭᠤᠭᠠᠨ ᠤ ᠡᠪᠡᠰᠦᠨ ᠤᠭᠤᠲᠠ ᠪᠣᠯᠤᠨ ᠬᠣᠶᠠᠷ ᠲᠣᠭᠤᠰᠭ᠎ᠠ ᠯᠠ ᠪᠠᠢᠪᠠ᠃ ᠠᠭᠠᠯᠵᠢᠨ ᠰᠢᠯᠦᠰᠦ ᠲᠣᠣᠷᠯᠠᠭᠰᠠᠨ ᠡᠨᠡ ᠪᠦᠷᠬᠦᠭ᠌ ᠴᠢᠬᠤᠯ ᠥᠷᠦᠭᠡᠨ ᠳᠦ ᠤᠷᠠᠩᠬᠠᠢ ᠬᠤᠪᠴᠠᠰᠤ ᠲᠠᠢ᠂ ᠥᠷᠪᠦᠭᠡᠷ ᠤᠷᠲᠤ ᠭᠡᠵᠢᠭᠡ ᠲᠠᠢ᠂ ᠳᠥᠴᠢ ᠭᠠᠷᠤᠢ ᠨᠠᠰᠤᠨ ᠤ ᠬᠥᠮᠦᠨ ᠰᠠᠭᠤᠵᠤ ᠪᠠᠢᠯ᠎ᠠ᠃

ᠲᠡᠭᠦᠨ ᠦ ᠨᠡᠷ᠎ᠡ ᠨᠢ ᠣᠶᠤᠨᠪᠠᠲᠤ ᠭᠡᠳᠡᠭ᠌᠃ ᠲᠡᠷᠡ ᠠᠯᠳᠠᠷᠲᠤ ᠡᠮᠴᠢ ᠪᠥᠭᠡᠳ ᠵᠢᠷᠦᠬᠡᠨ ᠦ ᠡᠪᠡᠳᠴᠢᠨ ᠰᠤᠳᠤᠯᠬᠤ ᠭᠠᠵᠠᠷ ᠤᠨ ᠬᠠᠷᠢᠭᠤᠴᠠᠯᠭᠠᠲᠠᠨ ᠶᠤᠮ᠃ ᠡᠨᠡ ᠬᠥᠮᠦᠨ ᠳᠦ ᠪᠠᠰᠠ ᠡᠮᠨᠡᠯᠭᠡ ᠶᠢᠨ ᠳᠡᠭᠡᠳᠦ ᠰᠤᠷᠭᠠᠭᠤᠯᠢ ᠶᠢᠨ«ᠬᠠᠷ᠎ᠠ» ᠫᠷᠤᠹᠧᠰᠰᠤᠷ᠂«ᠲᠡᠷᠰᠯᠡᠭᠦᠦ» ᠡᠷᠳᠡᠮᠲᠡᠨ ᠭᠡᠬᠦ ᠮᠡᠲᠦ ᠶᠢᠨ ᠪᠠᠭ᠎ᠠ ᠦᠭᠡᠢ ᠣᠯᠠᠨ«ᠨᠡᠷ᠎ᠡ ᠴᠣᠯᠠ» ᠲᠠᠢ ᠪᠠᠢᠵᠠᠢ᠃ ᠲᠡᠷᠡ᠂ ᠬᠢᠲᠠᠳ ᠡᠸᠦ᠋ᠷᠣᠫᠡ ᠡᠮᠨᠡᠯᠭᠡ ᠶᠢ ᠤᠶᠠᠯᠳᠤᠭᠤᠯᠬᠤ ᠠᠷᠭ᠎ᠠ ᠪᠠᠷ ᠵᠢᠷᠦᠬᠡᠨ ᠡᠪᠡᠳᠴᠢᠨ ᠢ ᠵᠠᠰᠠᠭᠠᠳ ᠯᠤᠲᠤ ᠶᠡᠬᠡ ᠠᠮᠵᠢᠯᠲᠠ ᠭᠠᠷᠭᠠᠭᠰᠠᠨ ᠪᠣᠯᠬᠣᠷ ᠤᠯᠤᠰ ᠤᠨ ᠳᠣᠲᠤᠭᠠᠳᠤ ᠭᠠᠳᠠᠭᠠᠳᠤ ᠳᠤ ᠠᠯᠳᠠᠷᠰᠢᠭᠰᠠᠨ ᠶᠤᠮ᠃ ᠵᠢᠷᠠᠭᠠᠳ ᠣᠨ ᠤ ᠦᠶ᠎ᠡ ᠳᠦ ᠳᠡᠯᠭᠡᠷᠡᠵᠦ ᠪᠠᠢᠭᠰᠠᠨ«ᠡᠷᠳᠡᠮ ᠮᠡᠳᠡᠯᠭᠡ ᠨᠢ ᠬᠡᠳᠦᠢ ᠰᠠᠢᠨ ᠪᠣᠯ ᠦᠵᠡᠯ ᠰᠠᠨᠠᠭ᠎ᠠ ᠨᠢ ᠲᠡᠳᠦᠢ ᠲᠡᠷᠰᠯᠡᠭᠦᠦ᠂ ᠭᠠᠪᠢᠶ᠎ᠠ ᠵᠢᠳᠭᠦᠯ ᠨᠢ ᠬᠡᠳᠦᠢ ᠶᠡᠬᠡ ᠪᠣᠯ ᠶᠠᠯ᠎ᠠ ᠭᠡᠮ ᠨᠢ ᠲᠡᠳᠦᠢ ᠬᠦᠨᠳᠦ» ᠭᠡᠳᠡᠭ᠌ ᠯᠣᠭᠢᠭ ᠢᠶᠠᠷ ᠰᠣᠶᠣᠯ ᠤᠨ ᠬᠤᠪᠢᠰᠭᠠᠯ ᠤᠨ ᠡᠬᠢᠨ ᠳᠦ ᠣᠶᠤᠨᠪᠠᠲᠤ ᠲᠡᠷᠰᠯᠡᠭᠦᠦ ᠡᠷᠳᠡᠮ ᠰᠢᠨᠵᠢᠯᠡᠭᠡᠨ ᠦ ᠡᠷᠬᠡ ᠰᠦᠷᠳᠡᠨ ᠢᠶᠡᠷ ᠲᠡᠮᠡᠴᠡᠭᠳᠡᠵᠡᠢ᠃ ᠬᠥᠳᠡᠯᠭᠡᠭᠡᠨ ᠦ ᠬᠥᠭᠵᠢᠯᠲᠡ ᠶᠢ ᠳᠠᠭᠠᠯᠳᠤᠵᠤ«ᠶᠠᠯ᠎ᠠ» ᠨᠢ ᠤᠯᠠᠮ ᠢᠶᠠᠷ ᠨᠡᠮᠡᠭᠳᠡᠭᠰᠡᠭᠡᠷ ᠢᠷᠡᠪᠡ᠃ ᠲᠡᠷᠡ ᠡᠪ ᠬᠠᠮᠲᠤ ᠨᠠᠮ ᠤᠨ ᠭᠡᠰᠢᠭᠦᠨ᠂ ᠰᠤᠳᠤᠯᠬᠤ ᠭᠠᠵᠠᠷ ᠤᠨ ᠨᠠᠮ ᠤᠨ ᠬᠣᠷᠢᠶᠠᠨ ᠤ ᠱᠦᠵᠢ ᠪᠠᠢᠭᠰᠠᠨ ᠲᠤᠯᠠ ᠨᠠᠮ ᠤᠨ ᠳᠣᠲᠤᠷᠠᠬᠢ ᠬᠥᠷᠦᠩᠭᠡᠲᠦ ᠶᠣᠰᠤᠨ ᠤ ᠵᠠᠮ ᠢᠶᠠᠷ ᠶᠠᠪᠤᠭᠴᠢ ᠡᠷᠬᠡ ᠪᠠᠷᠢᠭᠴᠢ᠂ ᠬᠤᠪᠢᠰᠭᠠᠯ ᠤᠨ ᠡᠰᠡᠷᠭᠦᠦ ᠵᠠᠰᠠᠪᠤᠷᠢᠯᠠᠬᠤ ᠦᠵᠡᠯᠲᠡᠨ ᠪᠣᠯᠬᠤ ᠨᠢ ᠴᠤ ᠶᠠᠷᠢᠶᠠᠨ ᠦᠭᠡᠢ᠃ ᠡᠭᠦᠪᠡᠷ ᠦᠯᠦ ᠪᠠᠷᠠᠨ ᠮᠣᠩᠭᠤᠯ ᠬᠥᠮᠦᠨ ᠦ ᠬᠤᠪᠢ ᠳᠤ ᠠᠰᠠᠭᠤᠳᠠᠯ ᠤᠨ ᠬᠢᠨᠢ ᠰᠢᠨᠵᠢ ᠴᠢᠨᠠᠷ ᠲᠤ ᠪᠠᠰᠠ«ᠦᠨᠳᠦᠰᠦᠲᠡᠨ ᠦ ᠣᠨᠴᠠᠯᠢᠭ» ᠳᠣᠪᠤᠢᠨ ᠢᠯᠡᠷᠡᠵᠦ᠂ ᠦᠨᠳᠦᠰᠦᠲᠡᠨ ᠦ ᠬᠠᠭᠠᠴᠠᠭᠤᠯᠬᠤ ᠦᠵᠡᠯᠲᠡᠨ ᠴᠦ ᠪᠣᠯᠴᠢᠬᠠᠪᠠ᠃«ᠬᠣᠶᠠᠳᠤᠭᠠᠷ ᠰᠠᠷ᠎ᠠ ᠶᠢᠨ ᠰᠦᠷᠭᠡᠦ ᠤᠷᠤᠰᠭᠠᠯ» ᠤᠨ ᠦᠶ᠎ᠡ ᠳᠦ ᠰᠠᠨᠠᠭᠠᠨ ᠳᠤ ᠦᠭᠡᠢ ᠪᠡᠷ ᠬᠣᠶᠠᠷ ᠪᠦᠯᠦᠭ ᠵᠣᠬᠢᠶᠠᠨ ᠪᠠᠢᠭᠤᠯᠤᠯᠲᠠ ᠶᠢᠨ ᠬᠥᠰᠢᠭᠡ ᠶᠢᠨ ᠠᠷᠤ ᠳᠡᠬᠢ ᠬᠠᠷ᠎ᠠ ᠳᠤᠬᠢᠭᠴᠢ ᠪᠣᠯᠵᠤ ᠬᠣᠴᠤᠷᠴᠠᠢ᠃«ᠮᠠᠯᠲᠠᠵᠤ ᠠᠷᠢᠯᠭᠠᠬᠤ» ᠬᠥᠳᠡᠯᠭᠡᠭᠡᠨ ᠡᠬᠢᠯᠡᠩᠭᠦᠲᠡ ᠶᠠᠯ᠎ᠠ ᠨᠢ ᠤᠯᠠᠮ ᠬᠦᠨᠳᠦᠷᠡᠵᠦ᠂ ᠨᠠᠮ ᠢ ᠡᠰᠡᠷᠭᠦᠴᠡᠵᠦ ᠤᠯᠤᠰ ᠡᠴᠡ ᠤᠷᠪᠠᠬᠤ ᠪᠦᠯᠦᠭ ᠦᠨ ᠨᠢᠷᠤᠭᠤᠪᠴᠢ ᠬᠦᠴᠦᠨ᠂ ᠭᠠᠳᠠᠭᠠᠳᠤ ᠶᠢᠨ ᠲᠠᠩᠨᠠᠭᠤᠯ ᠤᠨ ᠵᠣᠬᠢᠶᠠᠨ ᠪᠠᠢᠭᠤᠯᠤᠯᠲᠠ ᠪᠣᠯᠤᠭᠰᠠᠨ ᠊᠊᠊᠊«ᠥᠪᠦᠷ ᠠᠷᠠᠳ ᠤᠨ ᠨᠠᠮ» ᠤᠨ ᠲᠥᠪ ᠬᠣᠷᠢᠶᠠᠨ ᠤ ᠭᠡᠰᠢᠭᠦᠨ ᠪᠣᠯᠵᠤ«ᠵᠡᠷᠭᠡ ᠳᠡᠰ» ᠳᠡᠪᠰᠢᠵᠡᠢ᠃ ᠣᠷᠴᠢᠮ ᠠᠴᠠ ᠲᠡᠭᠦᠨ ᠦ ᠠᠰᠠᠭᠤᠳᠠᠯ ᠤᠨ ᠬᠢᠨᠢ ᠰᠢᠨᠵᠢ ᠴᠢᠨᠠᠷ ᠢᠳᠡᠭ ᠢᠳᠡᠭ᠌ ᠢᠶᠡᠷ ᠬᠦᠨᠳᠦᠷᠡᠵᠦ ᠬᠠᠮᠤᠭ ᠤᠨ ᠡᠮᠵᠡᠭ᠌ ᠭᠠᠵᠠᠷ ᠭᠡᠪᠡᠯ ᠶᠠᠫᠤᠨ ᠤ ᠲᠠᠩᠨᠠᠭᠤᠯ᠂ ᠭᠠᠳᠠᠭᠠᠳᠤ ᠲᠠᠢ ᠰᠦᠯᠪᠡᠭᠡᠯᠳᠦᠭᠰᠡᠨ ᠬᠡᠷᠡᠭ᠌ ᠮᠥᠨ ᠭᠡᠵᠦ ᠡᠷᠡᠭᠦᠦ ᠲᠤᠯᠭᠠᠨ ᠰᠢᠬᠠᠵᠤ ᠥᠴᠢᠭᠯᠡᠭᠦᠯᠳᠡᠭ᠌ ᠪᠣᠯᠤᠯ᠎ᠠ᠃

ᠣᠶᠤᠨᠪᠠᠲᠤ ᠡᠬᠢᠯᠡᠵᠦ ᠠᠪᠲᠠᠬᠤ ᠦᠶ᠎ᠡ ᠳᠦ ᠲᠡᠮᠡᠴᠡᠭᠳᠡᠬᠦ ᠡᠴᠡ ᠪᠤᠰᠤᠳ ᠴᠠᠭ ᠲᠤᠨᠢ«ᠦᠬᠡᠷ ᠤᠨ ᠬᠠᠰᠢᠶ᠎ᠠ» ᠳᠤ ᠰᠤᠷᠤᠯᠴᠠᠬᠤ ᠪᠤᠶᠤ ᠪᠠᠢᠭᠤᠯᠭ᠎ᠠ ᠳᠠᠭᠠᠨ ᠬᠢᠨᠠᠯᠲᠠ ᠶᠢᠨ ᠳᠣᠣᠷ᠎ᠠ ᠬᠥᠳᠡᠯᠮᠦᠷᠢᠯᠡᠵᠦ᠂ ᠦᠳᠡᠰᠢ ᠳᠡᠭᠡᠨ ᠭᠡᠷ ᠲᠡᠭᠡᠨ ᠬᠠᠷᠢᠳᠠᠭ ᠪᠠᠢᠭᠰᠠᠨ ᠪᠣᠯᠪᠠᠴᠤ ᠬᠡᠵᠢᠶ᠎ᠡ ᠳᠠᠭᠤᠳᠠᠪᠠᠯ ᠲᠡᠳᠦᠢ ᠳᠦ ᠣᠰᠤᠯᠳᠠᠯ ᠦᠭᠡᠢ ᠬᠦᠷᠬᠦ ᠯᠡ ᠠᠯᠪᠠ ᠲᠠᠢ ᠪᠠᠢᠯ᠎ᠠ᠃ ᠰᠡᠭᠦᠯᠳᠡᠵᠦ ᠢᠷᠡᠭᠡᠳ ᠬᠢᠨᠠᠯᠲᠠ ᠶᠢᠨ ᠳᠣᠣᠷ᠎ᠠ ᠬᠥᠳᠡᠯᠮᠦᠷᠢᠯᠡᠳᠡᠭ᠌ ᠡᠴᠡ ᠪᠡᠨ ᠲᠤᠰᠠᠭᠠᠷᠯᠠᠭᠳᠠᠨ ᠪᠠᠢᠴᠠᠭᠠᠭᠳᠠᠵᠤ ᠭᠠᠭᠴᠠᠭᠠᠷ ᠬᠣᠷᠢᠭᠳᠠᠵᠠᠢ᠃ ᠨᠢᠳᠤᠨᠤᠨ ᠡᠪᠦᠯ ᠦᠨ ᠶᠡᠬᠡ ᠴᠠᠰᠤ ᠲᠠᠢ ᠨᠢᠭᠡ ᠰᠥᠨᠢ᠂ ᠠᠶᠤᠮᠠᠷ ᠳᠣᠭᠰᠢᠨ ᠬᠡᠳᠦᠨ ᠬᠥᠮᠦᠨ ᠲᠡᠭᠦᠨ ᠢ ᠪᠠᠷᠢᠵᠤ ᠬᠦᠯᠢᠭᠡᠳ᠂ ᠨᠢᠳᠦ ᠶᠢ ᠨᠢ ᠪᠦᠲᠡᠭᠡᠵᠦ᠂ ᠪᠠᠭ᠎ᠠ ᠲᠡᠷᠭᠡᠨ ᠳᠦ ᠴᠢᠬᠢᠵᠤ ᠣᠷᠤᠭᠤᠯᠤᠭᠠᠳ ᠬᠠᠭᠠᠰ ᠴᠠᠭ ᠢᠯᠡᠭᠦᠦ ᠳᠠᠪᠬᠢᠭᠰᠠᠭᠠᠷ ᠪᠠᠢᠵᠤ ᠦᠯᠦ ᠲᠠᠨᠢᠬᠤ ᠨᠢᠭᠡᠨ ᠠᠰᠠᠷ ᠤᠨ ᠱᠠᠲᠤᠨ ᠳᠣᠣᠷᠠᠬᠢ ᠬᠦᠷᠵᠡ ᠱᠦᠭᠦᠷ ᠬᠤᠷᠢᠶᠠᠳᠠᠭ ᠬᠣᠩᠭᠢᠯ ᠳᠤ ᠠᠪᠠᠴᠢᠵᠤ ᠬᠣᠷᠢᠵᠠᠢ᠃

ᠡᠨᠡ ᠬᠦ ᠱᠣᠷᠤᠩ ᠳᠤ ᠡᠬᠢᠨ ᠳᠡᠭᠡᠨ ᠴᠠᠬᠢᠯᠭᠠᠨ ᠳ᠋ᠧᠩ ᠪᠠᠢᠭᠰᠠᠨ ᠦᠭᠡᠢ ᠪᠣᠯᠬᠣᠷ ᠣᠶᠤᠨᠪᠠᠲᠤ ᠨᠡᠯᠢᠶᠡᠳ ᠤᠷᠲᠤ ᠬᠤᠭᠤᠴᠠᠭ᠎ᠠ ᠡᠳᠦᠷ ᠰᠥᠨᠢ ᠶᠢ ᠢᠯᠭᠠᠵᠤ ᠴᠢᠳᠠᠬᠤ ᠪᠠᠨ ᠪᠣᠯᠢᠵᠤ᠂ ᠬᠠᠶᠠ ᠵᠠᠷᠢᠮ ᠳᠠᠭᠠᠨ ᠰᠥᠨᠢ ᠶᠢ ᠡᠳᠦᠷ ᠢᠶᠡᠷ ᠠᠨᠳᠠᠭᠤᠷᠠᠵᠤ᠂ ᠠᠶᠠᠭ᠎ᠠ ᠰᠠᠪᠬ᠎ᠠ ᠪᠠᠨ ᠪᠠᠷᠢᠭᠠᠳ ᠬᠣᠭᠤᠯᠠ ᠬᠦᠷᠭᠡᠬᠦ ᠶᠢ ᠬᠦᠯᠢᠶᠡᠭᠡᠳ ᠰᠥᠨᠢ ᠳᠠᠭᠤᠰᠤᠨ ᠰᠠᠭᠤᠴᠢᠬᠠᠳᠠᠭ᠃ ᠬᠣᠵᠢᠮ ᠨᠢ ᠲᠡᠷᠡ ᠣᠷᠤᠢ ᠳᠡᠭᠡᠭᠦᠷ ᠨᠢ ᠲᠦᠵᠢᠭᠢᠨᠡᠬᠦ ᠬᠥᠯ ᠦᠨ ᠴᠢᠮᠡᠭᠡ ᠪᠡᠷ ᠰᠥᠨᠢ ᠡᠳᠦᠷ ᠢ ᠪᠠᠷᠤᠭᠯᠠᠳᠠᠭ ᠪᠣᠯᠵᠤ ᠪᠢᠯᠡ᠃

ᠣᠶᠤᠨᠪᠠᠲᠤ᠂ ᠣᠳᠣ ᠴᠣᠬᠤᠮ ᠬᠡᠳᠦᠨ ᠰᠠᠷ᠎ᠠ ᠶᠢᠨ ᠬᠡᠳᠦᠨ ᠪᠣᠯᠤᠭᠠᠳ ᠪᠠᠢᠭ᠎ᠠ ᠶᠢ ᠮᠡᠳᠡᠬᠦ ᠦᠭᠡᠢ ᠪᠣᠯᠪᠠᠴᠤ ᠤᠷᠢᠬᠠᠨ ᠬᠠᠪᠤᠷ ᠤᠨ ᠰᠣᠷᠭᠤᠭ ᠠᠮᠢᠰᠭᠤᠯ ᠲᠡᠯᠡᠨ ᠬᠠᠷ᠎ᠠ ᠶᠢᠨ ᠬᠣᠷᠮᠤᠢ ᠪᠠᠷ ᠨᠡᠭᠦᠳᠡᠯᠯᠡᠵᠦ ᠪᠠᠢᠭ᠎ᠠ ᠶᠢ ᠣᠷᠴᠢᠮ ᠤᠨ ᠠᠭᠤᠷ ᠠᠮᠢᠰᠬᠤᠯ ᠤᠨ ᠪᠠᠢᠳᠠᠯ ᠡᠴᠡ ᠮᠠᠭᠠᠳᠯᠠᠵᠤ ᠮᠡᠳᠡᠵᠡᠢ᠃ ᠲᠡᠷᠡ᠂ ᠬᠠᠷᠠᠩᠭᠤᠢ ᠭᠡᠷ ᠲᠦ ᠰᠠᠭᠤᠵᠤ ᠡᠳᠦᠷ ᠰᠠᠷ᠎ᠠ ᠶᠢ ᠲᠥᠯᠦᠪᠯᠡᠪᠡᠯ᠂ ᠣᠳᠣ ᠬᠠᠷᠢᠨ ᠮᠢᠩᠭ᠎ᠠ ᠶᠢᠰᠦᠨ ᠵᠠᠭᠤᠨ ᠵᠢᠷᠠ ᠶᠢᠰᠦᠨ ᠣᠨ ᠤ ᠬᠠᠪᠤᠷ ᠪᠣᠯᠤᠭᠠᠳ ᠪᠠᠢᠭ᠎ᠠ ᠰᠢᠭ ᠪᠣᠳᠤᠭᠳᠠᠯ᠎ᠠ᠃ ᠰᠠᠷ᠎ᠠ ᠡᠳᠦᠷ ᠭᠡᠳᠡᠭ ᠴᠢᠨᠢ ᠬᠡᠵᠢᠶᠡᠳᠡ ᠵᠣᠭᠰᠤᠯ ᠦᠭᠡᠢ ᠤᠷᠤᠭᠰᠢᠯᠠᠳᠠᠭ ᠪᠣᠯᠬᠣᠷ ᠠᠷᠠᠳ ᠲᠦᠮᠡᠨ ᠦ ᠲᠥᠯᠦᠭᠡ ᠠᠵᠢᠯᠯᠠᠬᠤ ᠡᠷᠬᠡ ᠪᠡᠨ ᠠᠯᠳᠠᠭᠰᠠᠨ ᠬᠠᠢᠷᠠᠨ ᠡᠳᠦᠷ ᠬᠣᠨᠤᠭ ᠤᠳ ᠡᠬᠡ ᠣᠷᠤᠨ ᠳᠤ ᠴᠤ ᠭᠡᠰᠡᠨ ᠬᠤᠪᠢ ᠬᠥᠮᠦᠨ ᠳᠦ ᠴᠦ ᠭᠡᠰᠡᠨ ᠴᠥᠮ ᠣᠨᠴᠠ ᠶᠢᠨ ᠡᠷᠬᠢᠮ ᠨᠠᠨᠳᠢᠨ ᠪᠠᠢᠳᠠᠭ ᠠᠵᠢ᠃ ᠴᠠᠭ ᠮᠥᠴᠡ ᠬᠠᠷᠠᠩᠭᠤᠢ ᠱᠣᠷᠤᠩ ᠳᠤ ᠬᠣᠷᠢᠭᠳᠠᠭᠰᠠᠨ ᠬᠥᠮᠦᠨ ᠳᠦ ᠠᠪᠴᠤ ᠬᠡᠯᠡᠪᠡᠯ ᠠᠯᠲᠠ ᠮᠥᠩᠭᠦᠨ ᠡᠴᠡ ᠦᠨ᠎ᠡ ᠲᠠᠢ᠂ ᠣᠷᠬᠣᠳᠠᠢ ᠡᠷᠳᠡᠨᠢ ᠡᠴᠡ ᠬᠣᠪᠤᠷ ᠭᠡᠳᠡᠭ ᠢ ᠶᠠᠭᠤᠨ ᠥᠭᠦᠯᠡᠬᠦ ᠠᠵᠢ᠃

ᠨᠢᠭᠡ ᠦᠳᠡ ᠶᠢᠨ ᠬᠣᠢᠨ᠎ᠠ ᠬᠣᠭᠤᠯᠠᠨ ᠤ ᠴᠠᠭ ᠪᠣᠯᠤᠭᠠᠳᠤᠢ ᠪᠠᠢᠲᠠᠯ᠎ᠠ ᠱᠣᠷᠤᠩ ᠤᠨ ᠡᠭᠦᠳᠡ ᠭᠡᠨᠡᠳᠲᠡ ᠲᠠᠴᠢᠭᠢᠨᠠᠵᠤ᠂ ᠲᠤᠰᠭᠠᠢ ᠬᠡᠷᠡᠭ ᠦᠨ ᠠᠵᠢᠯᠲᠠᠨ ᠣᠷᠤᠵᠤ ᠢᠷᠡᠭᠡᠳ᠄

«ᠣᠶᠤᠨᠪᠠᠲᠤ ᠡ᠂ ᠭᠠᠷᠴᠤ ᠢᠷ᠎ᠡ︕» ᠭᠡᠵᠦ ᠪᠠᠷᠬᠢᠷᠠᠪᠠ᠃

ᠣᠶᠤᠨᠪᠠᠲᠤ ᠶᠢᠨ ᠪᠦᠬᠦ ᠪᠡᠶ᠎ᠡ ᠨᠢ ᠲᠡᠷᠡ ᠳᠣᠣᠷ᠎ᠠ ᠪᠠᠨ ᠵᠢᠬᠡᠭᠦᠴᠡᠵᠦ᠂ ᠬᠤᠢᠬᠠᠨ ᠦᠰᠦ ᠨᠢ ᠵᠢᠷᠦᠰᠬᠢᠨ ᠪᠣᠰᠪᠠ᠃ ᠰᠥᠰᠦᠷᠬᠡᠦ ᠰᠠᠢᠨ ᠡᠷ᠎ᠡ ᠡᠷᠡᠭᠦᠳᠡᠨ ᠲᠠᠮᠤᠯᠠᠭᠳᠠᠬᠤ᠂ ᠭᠤᠳᠤᠭᠠᠨ ᠳᠣᠷᠤᠮᠵᠢᠯᠠᠭᠳᠠᠬᠤ ᠠᠴᠠ ᠶᠡᠷᠦ ᠳᠠᠯᠳᠢᠷᠠᠵᠤ ᠦᠵᠡᠭᠡ ᠦᠭᠡᠢ ᠪᠣᠯᠪᠠᠴᠤ ᠲᠣᠭ᠎ᠠ ᠦᠭᠡᠢ ᠣᠯᠠᠨ ᠤᠳᠠᠭ᠎ᠠ ᠮᠤᠯᠳᠤᠷᠠᠭᠰᠠᠨ ᠲᠣᠬᠤᠢ ᠶᠢ ᠨᠢ ᠳᠠᠬᠢᠨ ᠮᠣᠰᠭᠢᠵᠤ᠂ ᠲᠠᠬᠢᠷ ᠵᠡᠮᠳᠡᠭ᠌ ᠪᠣᠯᠭᠠᠴᠢᠬᠠᠬᠤ ᠠᠴᠠ ᠯᠠ ᠵᠢᠷᠦᠬᠡᠰᠢᠳᠡᠭ᠌ ᠶᠤᠮ᠃ ᠬᠥᠮᠦᠨ ᠭᠡᠳᠡᠭ ᠴᠢᠨᠢ ᠥᠷᠦᠭᠡᠯ ᠪᠤᠰᠤᠳ ᠲᠤ ᠥᠭᠡᠳᠡ ᠲᠤᠰᠠ ᠲᠠᠢ ᠶᠠᠪᠤᠪᠠᠯ ᠰᠠᠶᠢ ᠬᠥᠮᠦᠨ ᠪᠣᠯᠤᠭᠰᠠᠨ ᠤ ᠠᠴᠢ ᠲᠠᠢ᠂ ᠬᠡᠷᠪᠡ ᠨᠡᠭᠡᠷᠡᠨ ᠲᠤᠲᠠᠭᠤ ᠵᠡᠮᠳᠡᠭ᠌ ᠪᠣᠯᠴᠢᠬᠠᠭᠠᠳ ᠠᠵᠢᠯᠯᠠᠬᠤ ᠴᠢᠳᠠᠪᠤᠷᠢ ᠪᠠᠨ ᠠᠯᠳᠠᠪᠠᠯ ᠠᠮᠢᠳᠤ ᠶᠠᠪᠤᠭᠰᠠᠨ ᠤ ᠠᠰᠢᠭ ᠦᠭᠡᠢ ᠰᠢᠦ ᠳ᠋ᠠ᠃ ᠲᠡᠷᠡ ᠲᠣᠭᠤᠰᠭᠠᠨ ᠳᠡᠭᠡᠷ᠎ᠡ ᠡᠴᠡ«ᠦᠭᠡ ᠶᠢᠨ ᠲᠡᠭᠦᠪᠦᠷᠢ» ᠪᠡᠨ ᠠᠪᠴᠤ᠂ ᠵᠢᠩᠭᠢᠨᠡᠮ᠎ᠡ ᠬᠦᠢᠲᠡᠨ ᠬᠠᠶᠠᠭ᠎ᠠ ᠶᠢ ᠲᠦᠰᠢᠵᠦ ᠲᠤᠯᠤᠭᠰᠠᠭᠠᠷ ᠥᠷᠦᠭᠡᠰᠦᠨ ᠬᠥᠯ ᠢᠶᠡᠨ ᠴᠢᠷᠴᠦ ᠱᠣᠷᠤᠩ ᠠᠴᠠ ᠭᠠᠷᠪᠠ᠃ ᠣᠶᠤᠨᠪᠠᠲᠤ ᠤᠳᠠᠭ᠎ᠠ ᠪᠣᠯᠭᠠᠨ ᠤ« ᠰᠢᠭᠦᠯᠲᠡ» ᠶᠢ ᠥᠩᠭᠡᠷᠡᠭᠰᠡᠨ ᠲᠠᠢ ᠪᠡᠨ ᠠᠳᠠᠯᠢ ᠪᠠᠷ ᠠᠶᠤᠯᠭᠠᠨ ᠰᠦᠷᠳᠡᠭᠦᠯᠵᠦ᠂ ᠡᠷᠡᠭᠦᠳᠡᠨ ᠲᠠᠮᠤᠯᠠᠬᠤ ᠣᠪ ᠮᠡᠬᠡ ᠪᠦᠬᠦᠨ ᠢ ᠠᠷᠭᠠᠴᠠᠨ ᠥᠩᠭᠡᠷᠡᠭᠦᠯᠬᠦ ᠪᠦᠷᠢᠨ ᠪᠡᠯᠡᠳᠭᠡᠯ ᠲᠠᠢ ᠪᠠᠢᠯ᠎ᠠ᠃ ᠲᠡᠷᠡ ᠬᠦ᠂ ᠨᠡᠷ᠎ᠡ ᠳᠡᠭᠡᠷ᠎ᠡ ᠪᠡᠨ«ᠲᠤᠰᠭᠠᠢ ᠬᠡᠷᠡᠭ ᠦᠨ ᠠᠯᠪᠠᠨ ᠭᠡᠷ» ᠭᠡᠵᠦ ᠪᠢᠴᠢᠵᠦ ᠪᠠᠢᠪᠠᠴᠤ ᠨᠢᠳᠡᠷ ᠳᠡᠭᠡᠷ᠎ᠡ ᠪᠡᠨ ᠬᠠᠤᠯᠢ ᠪᠤᠰᠤ ᠪᠠᠷ ᠪᠠᠢᠭᠤᠯᠤᠭᠳᠠᠭᠰᠠᠨ ᠡᠷᠡᠭᠦᠦ ᠰᠢᠳᠭᠡᠯ ᠤᠨ ᠭᠠᠵᠠᠷ ᠪᠣᠯᠬᠤ ᠲᠠᠰᠤᠯᠭᠠᠨ ᠳᠤ ᠠᠯᠬᠤᠨ ᠣᠷᠤᠪᠠ᠃ ᠰᠣᠨᠢᠨ ᠶᠤᠮ ᠠ᠋︕ ᠥᠨᠥᠬᠢ ᠨᠢᠳᠦ ᠪᠡᠨ ᠰᠢᠪᠦᠭᠡ᠂ ᠨᠢᠳᠤᠷᠭ᠎ᠠ ᠪᠠᠨ ᠮᠠᠨᠴᠤᠷᠭ᠎ᠠ ᠪᠣᠯᠭᠠᠭᠰᠠᠨ ᠭᠠᠢᠬᠠᠯ ᠤᠳ ᠨᠢᠭᠡ ᠴᠦ ᠬᠠᠷᠠᠭᠳᠠᠭᠰᠠᠨ ᠦᠭᠡᠢ᠂ ᠥᠨᠥ«ᠣᠶᠤᠨᠪᠠᠲᠤ ᠶᠢ ᠴᠣᠬᠢᠵᠤ ᠤᠨᠠᠭᠠᠶ᠎ᠠ︕»«ᠳᠠᠢᠰᠤᠨ ᠪᠠᠭᠤᠵᠤ ᠥᠭᠬᠦ ᠦᠭᠡᠢ ᠪᠣᠯ ᠲᠡᠭᠦᠨ ᠢ ᠮᠥᠬᠦᠭᠡᠶ᠎ᠡ︕» ᠭᠡᠬᠦ ᠵᠡᠷᠭᠡ ᠶᠢᠨ ᠣᠷᠢᠶ᠎ᠠ ᠯᠣᠽᠦ᠋ᠩ ᠴᠤ ᠰᠣᠨᠤᠰᠳᠠᠭᠰᠠᠨ ᠦᠭᠡᠢ᠃ ᠭᠡᠷ ᠲᠦ«ᠮᠠᠯᠲᠠᠵᠤ ᠠᠷᠢᠯᠭᠠᠬᠤ» ᠬᠥᠳᠡᠯᠭᠡᠭᠡᠨ ᠦ ᠳᠡᠳ᠋ ᠶᠡᠷᠦᠩᠬᠡᠢ ᠵᠢᠯᠤᠭᠤᠳᠤᠭᠴᠢ ᠪᠥᠭᠡᠳ«ᠥᠪᠦᠷ ᠠᠷᠠᠳ ᠤᠨ ᠨᠠᠮ» ᠤᠨ ᠲᠤᠰᠭᠠᠢ ᠬᠡᠷᠡᠭ᠌ ᠦᠨ ᠳᠤᠭᠤᠢᠯᠠᠩ ᠤᠨ ᠳᠠᠷᠤᠭ᠎ᠠ ᠳᠠᠯᠠᠢ ᠭᠠᠭᠴᠠᠭᠠᠷ ᠰᠠᠭᠤᠵᠤ ᠪᠠᠢᠯ᠎ᠠ᠃

ᠳᠠᠯᠠᠢ ᠣᠳᠣ ᠮᠣᠩᠭᠤᠯ ᠺᠠᠳ᠋ᠷᠴᠤᠳ ᠤᠨ ᠳᠣᠲᠤᠷ᠎ᠠ ᠠᠴᠠ ᠨᠠᠮ ᠪᠣᠯᠤᠨ ᠡᠬᠡ ᠣᠷᠤᠨ ᠳᠠᠭᠠᠨ« ᠬᠢᠵᠠᠭᠠᠯᠠᠰᠢ ᠦᠭᠡᠢ ᠦᠨᠡᠨᠴᠢ ᠰᠢᠳᠤᠷᠭᠤ» ᠪᠠᠷ ᠲᠣᠭᠠᠴᠢᠭᠳᠠᠭᠰᠠᠨ ᠴᠣᠷᠢ ᠶᠢᠨ ᠭᠠᠭᠴᠠ ᠦᠭᠡᠭᠦᠦ ᠠᠩᠭᠢ ᠶᠢᠨ«ᠬᠤᠪᠢᠰᠭᠠᠯᠴᠢ» ᠶᠤᠮ᠃ ᠨᠢᠭᠤᠴᠠ ᠤᠴᠢᠷ ᠨᠠᠷᠢᠨ ᠤᠬᠠᠭᠠᠨ ᠢ ᠨᠢ ᠰᠠᠢᠨ ᠮᠡᠳᠡᠳᠡᠭ ᠲᠡᠭᠦᠨ ᠰᠢᠭ᠌ ᠣᠷᠤᠨ ᠨᠤᠲᠤᠭ ᠤᠨ ᠮᠣᠩᠭᠤᠯ ᠺᠠᠲᠷ«ᠬᠤᠪᠢᠰᠭᠠᠯ» ᠬᠢᠵᠦ«ᠤᠷᠪᠠᠯᠭ᠎ᠠ ᠭᠠᠷᠭᠠᠭᠰᠠᠨ» ᠦᠭᠡᠢ ᠶᠤᠮ ᠪᠣᠯ ᠮᠠᠨ ᠤ ᠰᠢᠨ᠎ᠡ ᠢᠷᠡᠭᠰᠡᠨ ᠮᠠᠩ ᠰᠧᠯᠢᠩ ᠪᠠᠰᠠ ᠡᠬᠡ ᠣᠷᠤᠨ ᠤ ᠤᠮᠠᠷᠠᠲᠤ ᠬᠢᠯᠢ ᠳᠦ ᠪᠤᠯᠠᠭᠳᠠᠭᠰᠠᠨ ᠲᠡᠰᠦᠷᠡᠭᠦ ᠲᠣᠮᠤ ᠪᠥᠮᠪᠦᠭᠡ -« ᠥᠪᠦᠷ ᠠᠷᠠᠳ ᠤᠨ ᠨᠠᠮ» ᠢ ᠲᠡᠭᠡᠵᠦ ᠭᠢᠯᠪᠠᠷᠬᠠᠨ ᠢᠶᠠᠷ ᠮᠠᠯᠲᠠᠨ ᠭᠠᠷᠭᠠᠵᠤ ᠴᠢᠳᠠᠬᠤ ᠦᠭᠡᠢ ᠶᠤᠮ ᠭᠡᠨ᠎ᠡ᠃

ᠡᠨᠡ ᠬᠥᠮᠦᠨ᠂ ᠮᠠᠩ ᠰᠧᠯᠢᠩ ᠲᠠᠢ ᠤᠴᠠᠷᠠᠮᠠᠭᠴᠠ ᠨᠣᠬᠠᠢ ᠶᠢᠨ ᠭᠤᠶ᠎ᠠ ᠪᠣᠯᠵᠤ ᠬᠦᠴᠦ ᠪᠡᠨ ᠡᠷᠭᠦᠬᠦ ᠪᠡᠷ ᠰᠢᠢᠳᠦᠭᠡᠳ ᠳᠡᠭᠡᠷ᠎ᠡ ᠪᠡᠨ ᠲᠥᠪ ᠬᠣᠷᠢᠶ᠎ᠠ ᠲᠠᠢ᠂ ᠳᠣᠣᠷ᠎ᠠ ᠪᠠᠨ ᠦᠨᠳᠦᠰᠦᠨ ᠱᠠᠲᠤ ᠲᠠᠢ ᠪᠥᠭᠡᠳ ᠤᠷᠪᠠᠬᠤ ᠪᠡᠯᠡᠳᠭᠡᠯ ᠢᠶᠡᠨ ᠨᠢᠭᠡᠨᠲᠡ ᠪᠦᠬᠦ ᠲᠠᠯ᠎ᠠ ᠪᠠᠷ ᠬᠢᠵᠦ ᠳᠠᠭᠤᠰᠭᠠᠭᠰᠠᠨ«ᠥᠪᠦᠷ ᠠᠷᠠᠳ ᠤᠨ ᠨᠠᠮ» ᠢ ᠳᠣᠲᠤᠷ᠎ᠠ ᠠᠴᠠ ᠨᠢ ᠢᠯᠡᠴᠢᠯᠡᠵᠦ ᠶᠡᠬᠡ ᠭᠠᠪᠢᠶ᠎ᠠ ᠪᠠᠢᠭᠤᠯᠤᠭᠰᠠᠨ ᠶᠤᠮ᠃ ᠮᠠᠨ ᠤ ᠳᠠᠯᠠᠢ ᠪᠣᠯ ᠲᠡᠦᠬᠡᠨ ᠡᠴᠡ ᠪᠡᠨ ᠠᠪᠤᠭᠠᠳ ᠵᠠᠪᠰᠠᠷ ᠢᠶᠠᠷ ᠰᠢᠷᠭᠤᠵᠤ ᠵᠠᠪᠰᠢᠶᠠᠨ ᠢ ᠳᠠᠯᠢᠮᠳᠠᠭᠤᠯᠤᠨ᠂ ᠰᠠᠯᠬᠢᠨ ᠤ ᠠᠶ᠎ᠠ ᠪᠠᠷ ᠰᠡᠭᠦᠯ ᠰᠢᠷᠪᠠᠬᠤ ᠬᠥᠮᠦᠨ ᠪᠣᠯᠬᠣᠷ ᠬᠥᠳᠡᠯᠭᠡᠭᠡᠨ ᠡᠬᠢᠯᠡᠮᠡᠭᠴᠡ ᠬᠡᠲᠦ«ᠵᠡᠭᠦᠨ» ᠦ ᠣᠪᠤᠷ ᠭᠠᠷᠭᠠᠵᠤ᠂ ᠰᠢᠳᠠᠮ ᠡᠷᠭᠢᠭᠦᠯᠦᠨ ᠬᠥᠮᠦᠨ ᠠᠮᠢᠲᠠᠨ ᠢ ᠭᠦᠳᠭᠡᠨ ᠬᠣᠣᠷᠯᠠᠳᠠᠭ ᠪᠣᠯᠤᠭᠰᠠᠨ ᠢᠶᠠᠷ ᠵᠠᠩ ᠢ ᠨᠢ ᠰᠠᠢᠨ ᠮᠡᠳᠡᠳᠡᠭ ᠤᠯᠤᠰ ᠲᠡᠭᠦᠨ ᠳᠦ«ᠰᠢᠳᠠᠮ ᠳᠠᠯᠠᠢ» ᠭᠡᠰᠡᠨ ᠴᠣᠯᠠ ᠡᠷᠭᠦᠵᠡᠢ᠃ ᠬᠥᠮᠦᠰ ᠲᠡᠭᠦᠨ ᠢ«ᠳᠠᠯᠠᠢ ᠰᠢᠳᠠᠮ» ᠭᠡᠬᠦ ᠶᠤᠮ ᠤᠤ ᠡᠰᠡᠬᠦᠯ᠎ᠡ ᠰᠢᠭᠤᠳ«ᠰᠢᠳᠠᠮ» ᠭᠡᠵᠦ ᠲᠣᠪᠴᠢᠯᠠᠵᠤ ᠵᠠᠩᠰᠢᠵᠠᠢ᠃

ᠳᠡᠯᠢᠭᠦᠨ ᠬᠥᠬᠡ ᠴᠢᠷᠠᠢ ᠳᠠᠭᠠᠨ ᠲᠠᠪᠠᠳᠠᠢ ᠢᠨᠢᠶᠡᠳᠦ ᠢᠯᠡᠷᠡᠭᠦᠯᠦᠭᠰᠡᠨ ᠰᠢᠳᠠᠮ ᠳᠠᠯᠠᠢ᠄«ᠰᠠᠭᠤ︕» ᠭᠡᠵᠦ ᠬᠠᠶᠠᠭ᠎ᠠ ᠨᠠᠭᠠᠯᠳᠤᠭᠤᠯᠤᠨ ᠲᠠᠯᠪᠢᠭᠰᠠᠨ ᠰᠠᠨᠳᠠᠯᠢ ᠶᠢ ᠵᠢᠭᠠᠪᠠ᠃

ᠣᠶᠤᠨᠪᠠᠲᠤ ᠰᠠᠨᠳᠠᠯᠢ ᠳᠡᠭᠡᠷ᠎ᠡ ᠨᠢ ᠠᠭᠠᠵᠢᠮᠬᠠᠨ ᠭᠡᠭᠴᠢ ᠰᠠᠭᠤᠭᠠᠳ᠂ ᠵᠣᠷᠰᠢᠯ ᠶᠣᠰᠤᠭᠠᠷ«ᠦᠭᠡ ᠶᠢᠨ ᠲᠡᠭᠦᠪᠦᠷᠢ» ᠶᠢᠨ ᠨᠠᠢᠮᠠᠳᠤᠭᠠᠷ ᠬᠠᠭᠤᠳᠠᠰᠤ ᠶᠢ ᠳᠡᠯᠭᠡᠲᠡᠯ᠎ᠡ ᠴᠠᠭᠠᠳᠤᠭᠤᠯᠠ ᠨᠢ ᠬᠠᠷᠢᠨ«ᠦᠭᠡ ᠶᠢᠨ ᠲᠡᠭᠦᠪᠦᠷᠢ» ᠤᠩᠰᠢᠭᠰᠠᠨ ᠦᠭᠡᠢ ᠪᠡᠷ ᠰᠢᠭᠤᠳ᠄

«ᠴᠢ ᠠᠰᠠᠭᠤᠳᠠᠯ ᠢᠶᠠᠨ ᠬᠢᠷᠢ ᠵᠡᠷᠭᠡ ᠪᠣᠳᠤᠯᠬᠢᠯᠠᠪᠠ︖» ᠭᠡᠵᠦ ᠠᠰᠠᠭᠤᠪᠠ᠃

«ᠰᠢᠨ᠎ᠡ ᠠᠰᠠᠭᠤᠳᠠᠯ ᠪᠣᠳᠤᠵᠤ ᠣᠯᠤᠭ᠎ᠠ ᠦᠭᠡᠢ ᠯᠡ ᠪᠠᠢᠭᠰᠠᠭᠠᠷ» ᠭᠡᠵᠦ ᠣᠶᠤᠨᠪᠠᠲᠤ ᠤᠳᠠᠭ᠎ᠠ ᠪᠦᠷᠢ ᠶᠢᠨ ᠬᠠᠷᠢᠭᠤᠯᠳᠠᠭ ᠶᠣᠰᠤ ᠪᠠᠷ ᠢᠶᠠᠨ ᠬᠠᠷᠢᠭᠤᠯᠤᠯ᠎ᠠ᠃

ᠰᠢᠳᠠᠮ᠂ ᠮᠠᠩ ᠰᠸᠯᠢᠩ ᠢ ᠳᠠᠭᠤᠷᠢᠶᠠᠭᠰᠠᠨ ᠮᠠᠶᠢ᠍ᠭ ᠲᠠᠢ ᠬᠣᠭᠤᠯᠠᠢ ᠪᠠᠨ ᠨᠢᠭᠡ ᠵᠠᠰᠠᠵᠤ ᠠᠪᠤᠭᠠᠳ᠄

«ᠮᠠᠶᠢ᠍ᠭ ᠢ ᠴᠢᠨᠢ ᠦᠵᠡᠬᠦ ᠳᠦ ᠴᠢ ᠪᠠᠷᠤᠭ ᠴᠢᠯᠠᠭᠤᠨ ᠲᠣᠯᠤᠭᠠᠢ ᠲᠠᠢ ᠴᠢᠭ᠌ ᠢᠶᠡᠷ ᠢᠶᠡᠨ ᠪᠤᠷᠬᠠᠨ ᠪᠣᠯᠬᠤ ᠪᠠᠷ ᠰᠢᠭᠤᠳᠴᠢᠬᠠᠭᠰᠠᠨ ᠰᠢᠪ᠃ ᠭᠡᠪᠡᠴᠦ ᠪᠢᠳᠡ ᠨᠠᠮ ᠤᠨ ᠴᠢᠭᠯᠡᠯᠲᠡ᠂ ᠲᠥᠷᠦ ᠶᠢᠨ ᠪᠣᠳᠤᠯᠭ᠎ᠠ ᠪᠠᠷ ᠴᠢᠮᠠᠢ ᠦᠷᠭᠦᠯᠵᠢᠯᠡᠨ ᠠᠪᠤᠷᠠᠬᠤ ᠪᠠᠷ ᠴᠢᠷᠮᠠᠢᠵᠤ ᠪᠠᠢᠨ᠎ᠠ᠃ ᠴᠢ ᠦᠬᠦᠲᠡᠯ᠎ᠡ ᠪᠡᠨ ᠦᠨᠡᠨ ᠢᠶᠡᠨ ᠬᠡᠯᠡᠬᠦ ᠦᠭᠡᠢ ᠪᠡᠷ ᠭᠡᠵᠦ ᠰᠢᠳᠦ ᠵᠠᠭᠤᠭᠰᠠᠨ ᠪᠣᠯᠪᠠᠴᠤ ᠦᠷ᠎ᠡ ᠬᠡᠦᠬᠡᠳ ᠢᠶᠡᠨ ᠪᠣᠳᠤᠬᠤ ᠦᠭᠡᠢ ᠪᠠᠢᠵᠤ ᠪᠣᠯᠬᠤ ᠤᠤ︕» ᠭᠡᠵᠦ ᠵᠣᠷᠢᠭᠤᠳᠠ ᠪᠦᠳᠦᠭᠦᠨ ᠳᠠᠭᠤᠨ ᠢᠶᠠᠷ ᠬᠡᠯᠡᠨ᠎ᠡ᠃

ᠣᠶᠤᠨᠪᠠᠲᠤ ᠮᠥᠨ ᠯᠡ ᠤᠤᠯ ᠤᠨ ᠶᠠᠩᠵᠤ ᠪᠠᠷ ᠲᠣᠯᠤᠭᠠᠢ ᠪᠠᠨ ᠤᠨᠵᠢᠢᠯᠭᠠᠨ ᠰᠠᠭᠤᠨ᠎ᠠ᠃

ᠰᠢᠳᠠᠮ᠂ ᠢᠨᠢᠶᠡᠮᠰᠦᠭ᠌ ᠴᠢᠷᠠᠢᠯᠠᠵᠤ᠂ ᠣᠶᠤᠨᠪᠠᠲᠤ ᠶᠢᠨ ᠵᠦᠭ᠌ ᠲᠠᠮᠠᠬᠢ ᠭᠣᠵᠤᠢᠯᠭᠠᠨ᠂

«ᠵᠠ᠂ ᠲᠠᠮᠠᠬᠢ ᠲᠠᠲᠠᠭᠠᠴᠢ︕» ᠭᠡᠪᠡ᠃

ᠬᠡᠳᠦᠨ ᠡᠳᠦᠷ ᠦᠨ ᠡᠮᠦᠨ᠎ᠡ ᠰᠢᠳᠠᠮ᠂ ᠪᠡᠶ᠎ᠡ ᠪᠡᠷ ᠢᠶᠡᠨ ᠲᠦᠷᠦᠭᠦᠯᠡᠵᠦ ᠣᠶᠤᠨᠪᠠᠲᠤ ᠶᠢ ᠵᠠᠨᠴᠢᠵᠤ ᠲᠠᠮᠤᠯᠠᠬᠤ ᠳᠠᠭᠠᠨ ᠤᠩᠭᠤᠰᠴᠤ ᠪᠠᠢᠭ᠎ᠠ ᠲᠠᠮᠠᠬᠢᠨ ᠤ ᠶᠣᠵᠤᠭᠤᠷ ᠢᠶᠠᠨ ᠴᠢᠬᠢᠨ ᠳᠤᠨᠢ ᠴᠢᠬᠢᠵᠤ ᠣᠷᠤᠭᠤᠯᠤᠭᠰᠠᠨ ᠶᠠᠪᠤᠳᠠᠯ ᠢ ᠪᠣᠳᠤᠭᠠᠳ ᠴᠡᠭᠡᠵᠢᠨ ᠳᠤᠨᠢ ᠬᠣᠷᠤᠰᠤᠯ ᠵᠠᠨᠤᠯ ᠤᠨ ᠭᠠᠯ ᠪᠠᠳᠠᠷᠠᠬᠤ ᠣᠶᠤᠨᠪᠠᠲᠤ ᠲᠡᠭᠦᠨ ᠦ ᠵᠦᠭ᠌ ᠬᠠᠷᠠᠵᠤ ᠦᠵᠡᠭᠰᠡᠨ ᠦᠭᠡᠢ᠃

ᠶᠠᠭ ᠡᠨᠡ ᠦᠶ᠎ᠡ ᠳᠦ ᠠᠯᠪᠠᠨ ᠰᠢᠷᠡᠭᠡᠨ ᠳᠡᠭᠡᠷᠡᠬᠢ ᠳ᠋ᠢᠶᠠᠩᠬᠤᠸᠠ ᠬᠠᠩᠭᠢᠨᠠᠨ ᠳᠤᠤᠭᠠᠷᠤᠯ᠎ᠠ᠃ ᠰᠢᠳᠠᠮ᠂ ᠬᠠᠷᠢᠯᠴᠠᠭᠤᠷ ᠢ ᠠᠪᠴᠤ ᠴᠢᠩᠨᠠᠭᠰᠠᠨ ᠢᠶᠠᠨ ᠳᠠᠷᠤᠢ ᠪᠢᠯᠳᠠᠤᠴᠢ ᠳᠦᠷᠢᠯᠡᠵᠦ᠄« ᠠ ᠁ ᠠ ᠁ ᠁ ᠴᠧᠨ ᠨᠠᠷᠢᠨ ᠪᠢᠴᠢᠭᠡᠴᠢ ᠦᠦ︖ ᠶᠠᠭᠤ ᠭᠡᠨ᠎ᠡ︖ ᠁ ᠲᠠ ᠵᠢᠭᠠᠬᠠᠨ ᠬᠦᠯᠢᠶᠡᠵᠦ ᠪᠠᠢ ᠁» ᠭᠡᠳ ᠬᠠᠷᠢᠯᠴᠠᠭᠤᠷ ᠢ ᠬᠣᠶᠠᠷ ᠭᠠᠷ ᠢᠶᠠᠷ ᠢᠶᠠᠨ ᠳᠠᠷᠤᠭᠰᠠᠭᠠᠷ ᠣᠶᠤᠨᠪᠠᠲᠤ ᠶᠢᠨ ᠵᠦᠭ᠌᠄

«ᠴᠢ ᠭᠠᠷ︕» ᠭᠡᠵᠦ ᠵᠠᠷᠯᠢᠭᠳᠠᠪᠠ᠃

ᠭᠡᠷ ᠡᠴᠡ ᠭᠠᠷᠴᠤ ᠬᠠᠭᠠᠯᠭᠠᠨ ᠳᠡᠷᠭᠡᠳᠡ ᠬᠦᠯᠢᠶᠡᠵᠦ ᠵᠣᠭᠰᠤᠭᠰᠠᠨ ᠣᠶᠤᠨᠪᠠᠲᠤ ᠳᠤ ᠰᠢᠳᠠᠮ ᠤᠨ ᠳ᠋ᠢᠶᠠᠩᠬᠤᠸᠠ ᠪᠠᠷ ᠶᠠᠷᠢᠬᠤ ᠦᠭᠡ ᠠᠯᠳᠠᠭ ᠣᠨᠤᠭ ᠰᠣᠨᠤᠰᠳᠠᠨ᠎ᠠ᠃

«᠁ ᠡᠨᠡ᠂ ᠯᠣᠣ ᠴᠧᠨ ᠡ᠂ ᠲᠠ ᠡᠨᠡ ᠬᠥᠮᠦᠨ ᠢ ᠮᠡᠳᠡᠬᠦ ᠦᠭᠡᠢ ᠪᠢᠰᠢ ᠁ ᠶᠣᠰᠤᠲᠠᠢ ᠶᠠᠫᠤᠨ ᠤ ᠲᠠᠩᠨᠠᠭᠤᠯ᠂ ᠲᠡᠷᠡ ᠴᠢᠭ᠌ ᠢᠶᠡᠷ ᠢᠶᠡᠨ ᠭᠠᠳᠠᠭᠠᠳᠤ ᠲᠠᠢ ᠰᠦᠯᠪᠡᠭᠡᠯᠳᠦᠭᠰᠡᠨ ᠡᠲᠡᠭᠡᠳ ᠮᠥᠨ ᠮᠥᠷᠲᠡᠭᠡᠨ ᠣᠪᠤᠷ ᠨᠢ ᠲᠤᠢᠯ ᠦᠨ ᠮᠤᠵᠢᠭᠤᠳᠠ ᠁ ᠠᠢ ᠳ᠋ᠠ᠂ ᠰᠧᠯᠢᠩ ᠭᠡᠨᠡᠳᠲᠡ ᠶᠠᠭᠠᠬᠢᠭᠠᠳ ᠡᠢᠮᠦ ᠠᠷᠭ᠎ᠠ ᠬᠡᠮᠵᠢᠶ᠎ᠡ ᠠᠪᠤᠭᠰᠠᠨ ᠢ ᠪᠢ ᠶᠠᠭ ᠣᠢᠯᠠᠭᠠᠬᠤ ᠦᠭᠡᠢ ᠪᠠᠢᠨ᠎ᠠ ᠁ ᠶᠠᠭᠤ ᠭᠡᠨ᠎ᠡ︖ ᠴᠢ ᠪᠠᠰᠠ ᠣᠢᠯᠠᠭᠠᠬᠤ ᠦᠭᠡᠢ ᠭᠡᠨ᠎ᠡ︖ ᠁ ᠠᠶ᠎ᠠ ᠁ ᠵᠠ᠂ ᠵᠠ᠂ ᠵᠠ ᠣᠢᠯᠠᠭᠠᠭᠰᠠᠨ ᠴᠤ ᠬᠡᠷᠡᠭᠵᠢᠭᠦᠯᠦᠨ᠎ᠡ᠂ ᠡᠰᠡ ᠣᠢᠯᠠᠭᠠᠭᠰᠠᠨ ᠴᠤ ᠬᠡᠷᠡᠭᠵᠢᠭᠦᠯᠦᠨ᠎ᠡ ᠭᠡᠰᠡᠨ ᠵᠢᠭᠠᠪᠤᠷᠢ ᠪᠠᠢᠳᠠᠭ ᠰᠢᠤ ᠳ᠋ᠠ᠂ ᠪᠢ ᠣᠳᠣ ᠪᠠᠷ ᠵᠢᠭᠠᠪᠤᠷᠢ ᠶᠣᠰᠤᠭᠠᠷ ᠬᠡᠷᠡᠭᠵᠢᠭᠦᠯᠦᠨ᠎ᠡ» ᠭᠡᠳ ᠳ᠋ᠢᠶᠠᠩᠬᠤᠸᠠ ᠶᠢᠨ ᠬᠠᠷᠢᠯᠴᠠᠭᠤᠷ ᠲᠠᠯᠪᠢᠬᠤ ᠳᠢᠩᠭᠠᠷ ᠬᠢᠬᠦ ᠳᠠᠭᠤᠨ ᠰᠣᠨᠤᠰᠳᠠᠪᠠ᠃

ᠳ᠋ᠢᠶᠠᠩᠬᠤᠸᠠ ᠳᠡᠭᠡᠷ᠎ᠡ ᠶᠠᠷᠢᠵᠤ ᠪᠠᠢᠭᠰᠠᠨ ᠨᠢ ᠪᠠᠷᠤᠭ ᠨᠠᠮᠠᠢ ᠵᠢᠭᠠᠭᠰᠠᠨ ᠪᠠᠢᠬᠤ ᠭᠡᠵᠦ ᠳᠣᠲᠤᠷ᠎ᠠ ᠪᠠᠨ ᠲᠠᠭᠠᠮᠠᠭᠯᠠᠭᠰᠠᠨ ᠣᠶᠤᠨᠪᠠᠲᠤ᠂ ᠪᠠᠰᠠ ᠶᠠᠮᠠᠷ ᠠᠷᠭ᠎ᠠ ᠬᠡᠮᠵᠢᠶ᠎ᠡ ᠠᠪᠬᠤ ᠭᠡᠵᠦ ᠪᠠᠢᠭ᠎ᠠ ᠪᠣᠯ︖ ᠭᠡᠵᠦ ᠪᠠᠢᠲᠠᠯ᠎ᠠ᠂ ᠰᠢᠳᠠᠮ ᠲᠡᠭᠦᠨ ᠢ ᠳᠠᠭᠤᠳᠠᠵᠤ ᠣᠷᠤᠭᠤᠯᠤᠭᠠᠳ ᠶᠡᠬᠡᠯ᠎ᠡ ᠡᠶᠡᠯᠳᠡᠭ᠌ ᠢᠶᠡᠷ᠄

«ᠣᠪᠤᠷ ᠴᠢᠨᠢ ᠮᠥᠨ ᠯᠡ ᠵᠦᠪ ᠪᠤᠰᠤ ᠪᠠᠢᠭᠰᠠᠭᠠᠷ ᠳ᠋ᠠ᠂ ᠭᠡᠪᠡᠴᠦ ᠴᠢᠮᠠᠢ ᠵᠠᠰᠠᠵᠤ ᠠᠪᠬᠤ ᠶᠢᠨ ᠲᠥᠯᠦᠭᠡ ᠪᠢᠳᠡ ᠥᠨᠥ ᠡᠴᠡ ᠡᠬᠢᠯᠡᠭᠡᠳ ᠭᠡᠭᠡ ᠲᠠᠢ ᠭᠡᠷ ᠲᠦ ᠣᠷᠤᠭᠤᠯᠤᠨ᠎ᠠ᠃ ᠭᠡᠲᠡᠯ᠎ᠡ ᠴᠢ ᠬᠠᠷᠢᠨ ᠪᠤᠷᠤᠩᠬᠤᠢᠯᠠᠭᠠᠳ ᠭᠠᠷᠴᠢᠬᠠᠯ᠎ᠠ᠂ ᠣᠳᠣ ᠬᠡᠷᠡᠭ᠌ ᠦᠭᠡᠢ ᠪᠣᠯᠴᠢᠬᠠᠯ᠎ᠠ ᠭᠡᠵᠦ ᠪᠢᠲᠡᠬᠡᠢ ᠪᠣᠳᠤ︕ ᠴᠠᠭ ᠤᠨ ᠪᠠᠢᠳᠠᠯ ᠢ ᠰᠠᠢᠨ ᠲᠠᠨᠢᠵᠤ ᠠᠪ᠂ ᠴᠢᠩᠭᠢᠭᠡᠳ ᠶᠠᠫᠤᠨ ᠳᠤ ᠰᠠᠭᠤᠭ᠎ᠠ ᠳᠤᠮᠳᠠᠳᠤ ᠶᠢᠨ ᠲᠡᠷᠡ ᠬᠠᠷᠢᠶᠠᠲᠤ ᠳᠤ ᠨᠢᠭᠤᠴᠠ ᠮᠡᠳᠡᠭᠡ ᠬᠦᠷᠭᠡᠭᠰᠡᠨ ᠵᠡᠷᠭᠡ ᠭᠣᠣᠯ ᠠᠰᠠᠭᠤᠳᠠᠯ ᠤᠳ ᠢᠶᠠᠨ ᠰᠠᠢᠲᠤᠷ ᠪᠣᠳᠤᠵᠤ ᠴᠢᠷᠮᠠᠢᠬᠤ ᠬᠡᠷᠡᠭᠲᠡᠢ᠂ ᠮᠡᠳᠡᠪᠡ ᠦᠦ︖» ᠭᠡᠪᠡ᠃

ᠣᠶᠤᠨᠪᠠᠲᠤ ᠦᠭᠡ ᠳᠠᠭᠤᠨ ᠦᠭᠡᠢ ᠰᠠᠭᠤᠨ᠎ᠠ᠃ ᠡᠨᠡ ᠪᠣᠯ ᠰᠢᠳᠠᠮ ᠤᠨ ᠤᠬᠠᠭᠠᠨ ᠣᠭᠲᠤ ᠪᠢᠰᠢ ᠭᠡᠳᠡᠭ ᠢ ᠲᠡᠷᠡ ᠳᠣᠲᠤᠷ᠎ᠠ ᠪᠠᠨ ᠲᠣᠳᠤᠷᠬᠠᠢ ᠮᠡᠳᠡᠵᠦ ᠪᠠᠢᠯ᠎ᠠ᠃ ᠮᠣᠩᠭᠤᠯ ᠬᠥᠮᠦᠨ ᠢ ᠦᠵᠡᠪᠡᠯ ᠠᠷᠠᠭ᠎ᠠ ᠰᠢᠳᠦ ᠪᠡᠨ ᠬᠠᠪᠢᠷᠴᠤ ᠪᠠᠷᠢᠪᠴᠢᠯᠠᠵᠤ ᠬᠣᠷᠢᠬᠤ᠂ ᠠᠯᠠᠵᠤ ᠪᠤᠯᠠᠬᠤ ᠠᠴᠠ ᠥᠭᠡᠷ᠎ᠡ ᠶᠢ ᠮᠡᠳᠡᠳᠡᠭ ᠦᠭᠡᠢ ᠮᠠᠩ ᠰᠧᠯᠢᠩ ᠶᠠᠭᠠᠬᠢᠭᠠᠳ ᠭᠡᠨᠡᠳᠲᠡᠬᠡᠨ ᠡᠢᠮᠦ ᠶᠡᠬᠡ ᠥᠷᠦᠰᠢᠶᠡᠯ ᠲᠠᠯᠪᠢᠴᠢᠬᠠᠪᠠ︖

ᠶᠠᠷᠢᠯᠴᠠᠵᠤ ᠪᠠᠷᠠᠩᠭᠤᠲᠠ ᠲᠤᠰᠭᠠᠢ ᠬᠡᠷᠡᠭ ᠦᠨ ᠬᠥᠮᠦᠰ ᠣᠶᠤᠨᠪᠠᠲᠤ ᠶᠢ ᠨᠢᠭᠡ ᠭᠡᠭᠡᠨ ᠰᠠᠷᠠᠭᠤᠯ ᠲᠠᠰᠤᠯᠭᠠᠨ ᠳᠤ ᠳᠠᠭᠠᠭᠤᠯᠵᠤ ᠣᠷᠤᠪᠠ᠃ ᠲᠡᠭᠡᠭᠡᠳ ᠳᠡᠮᠡᠢ ᠤᠳᠠᠭᠰᠠᠨ ᠦᠭᠡᠢ ᠪᠡᠷ ᠬᠠᠭᠠᠰ ᠵᠢᠯ ᠦᠨ ᠡᠮᠦᠨ᠎ᠡ ᠪᠠᠢᠭᠤᠯᠭ᠎ᠠ ᠳᠠᠭᠠᠨ ᠬᠣᠷᠢᠭᠳᠠᠵᠤ ᠪᠠᠢᠬᠤ ᠳᠤ ᠬᠡᠷᠡᠭᠯᠡᠵᠦ ᠪᠠᠢᠭᠰᠠᠨ ᠬᠥᠨᠵᠢᠯᠡ ᠳᠡᠪᠢᠰᠭᠡᠷ᠂ ᠡᠳᠦᠷ ᠲᠤᠲᠤᠮ ᠤᠨ ᠵᠠᠷᠤᠳᠠᠯ ᠤᠳ ᠢ ᠨᠢ ᠪᠦᠷ ᠠᠪᠴᠢᠷᠠᠵᠤ ᠥᠭᠪᠡ᠃

ᠡᠨᠡ ᠡᠳᠦᠷ᠂ ᠣᠶᠤᠨᠪᠠᠲᠤ ᠬᠥᠯ ᠭᠠᠷ ᠡᠪᠡᠳᠬᠦ ᠪᠡᠨ ᠲᠡᠰᠪᠦᠷᠢᠯᠡᠨ ᠴᠢᠭᠢᠭᠲᠡᠢ ᠬᠥᠨᠵᠢᠯᠡ ᠳᠡᠪᠢᠰᠭᠡᠷ ᠢᠶᠡᠨ ᠨᠠᠷᠠᠨ ᠳᠤ ᠳᠡᠯᠭᠡᠨ᠂ ᠪᠥᠭᠡᠰᠦ ᠬᠢᠭᠤᠷᠰᠤ ᠳᠦᠭᠦᠷᠦᠭᠰᠡᠨ ᠬᠤᠪᠴᠠᠰᠤ ᠬᠤᠨᠠᠷ ᠢᠶᠠᠨ ᠤᠭᠠᠵᠠᠢ᠃ ᠰᠥᠨᠢ ᠪᠣᠯᠬᠤ ᠳᠤ ᠳᠤᠯᠠᠭᠠᠨ ᠬᠥᠨᠵᠢᠯᠡ ᠳᠡᠭᠡᠨ ᠰᠢᠷᠭᠤᠵᠤ ᠲᠣᠬᠢᠲᠠᠢ ᠰᠠᠢᠨ ᠤᠨᠳᠠᠶ᠎ᠠ ᠭᠡᠵᠦ ᠪᠣᠳᠤᠭᠰᠠᠨ ᠪᠣᠯᠪᠠᠴᠤ ᠰᠥᠨᠢᠵᠢᠨ ᠨᠣᠢᠷ ᠬᠦᠷᠦᠭᠰᠡᠨ ᠦᠭᠡᠢ᠃ ᠰᠧᠯᠢᠩ ᠭᠡᠨᠡᠳᠲᠡ ᠶᠠᠭᠠᠬᠢᠭᠠᠳ ᠨᠠᠮᠠᠢ ᠰᠠᠨᠠᠭᠠᠨ ᠳᠤ ᠣᠷᠤᠵᠤ᠂ ᠶᠠᠮᠠᠷ ᠴᠤ ᠥᠴᠢᠭ᠌ ᠦᠭᠡᠢ ᠪᠠᠢᠲᠠᠯ᠎ᠠ ᠭᠡᠭᠡᠨ ᠰᠠᠷᠠᠭᠤᠯ ᠭᠡᠷ ᠲᠦ ᠣᠷᠤᠭᠤᠯᠴᠢᠬᠠᠪᠠ ᠳ᠋ᠠ︖ ᠭᠡᠬᠦ ᠮᠡᠲᠦ ᠶᠢᠨ ᠠᠰᠠᠭᠤᠯᠲᠠ ᠨᠤᠭᠤᠳ ᠲᠠᠷᠢᠬᠢᠨ ᠳᠤᠨᠢ ᠡᠷᠭᠢᠯᠳᠦᠭᠰᠡᠭᠡᠷ ᠪᠠᠢᠯ᠎ᠠ᠃ ᠮᠠᠩ ᠰᠧᠯᠢᠩ ᠭᠡᠨᠡᠳᠲᠡ ᠤᠬᠠᠮᠰᠠᠷᠠᠭᠰᠠᠨ ᠶᠤᠮ ᠭᠡᠵᠢ ᠦᠦ︖ ᠥᠪᠦᠷ ᠮᠣᠩᠭᠤᠯ ᠳᠤ ᠢᠷᠡᠭᠰᠡᠨ ᠡᠴᠡ ᠨᠠᠰᠢᠬᠢ ᠬᠣᠶᠠᠷ ᠵᠢᠯ ᠭᠠᠷᠤᠢᠬᠠᠨ ᠤ ᠪᠠᠢᠳᠠᠯ ᠢᠶᠠᠷ ᠨᠢ ᠦᠵᠡᠬᠦ ᠳᠦ ᠲᠡᠢᠮᠦ ᠴᠦ ᠣᠯᠢᠭᠲᠠᠢ ᠶᠠᠭᠤᠮ᠎ᠠ ᠪᠢᠰᠢ᠃ ᠲᠡᠷᠡ ᠬᠡᠳᠦᠢᠪᠡᠷ ᠵᠠᠵᠢᠨ ᠦᠰᠦ ᠪᠡᠨ ᠴᠠᠢᠲᠠᠯ᠎ᠠ ᠳᠠᠢᠨ ᠳᠤ ᠶᠠᠪᠤᠭᠰᠠᠨ ᠠᠷᠢᠭᠤᠨ ᠲᠡᠦᠬᠡ ᠲᠠᠢ ᠭᠡᠳᠡᠭ᠌ ᠪᠣᠯᠪᠠᠴᠤ ᠤᠯᠤᠰ ᠲᠥᠷᠦ᠂ ᠲᠥᠷᠦ ᠶᠢᠨ ᠪᠣᠳᠤᠯᠭ᠎ᠠ ᠶᠢᠨ ᠬᠢᠷᠢ ᠬᠡᠮᠵᠢᠶ᠎ᠡ ᠨᠢ ᠶᠠᠭᠠᠭᠢᠬᠤ ᠶᠢᠨ ᠠᠷᠭ᠎ᠠ ᠦᠭᠡᠢ ᠳᠣᠣᠷ᠎ᠠ ᠶᠤᠮ᠃ ᠵᠥᠪᠬᠡᠨ ᠺᠠᠲᠷ ᠬᠡᠷᠡᠭᠯᠡᠬᠦ ᠲᠠᠯ᠎ᠠ ᠪᠠᠷ ᠦᠵᠡᠭᠰᠡᠨ ᠴᠦ ᠮᠡᠳᠡᠵᠦ ᠪᠣᠯᠤᠨ᠎ᠠ᠃ ᠥᠪᠦᠷ ᠮᠣᠩᠭᠤᠯ ᠳᠤ ᠡᠯ᠎ᠡ ᠦᠨᠳᠦᠰᠦᠲᠡᠨ ᠦ ᠺᠠᠲᠷᠴᠤᠳ ᠮᠢᠩᠭ᠎ᠠ ᠲᠦᠮᠡ ᠪᠠᠢᠲᠠᠯ᠎ᠠ ᠢᠲᠡᠭᠡᠳᠡᠭ᠌ ᠨᠢ ᠬᠠᠷᠢᠨ ᠠᠯᠢ ᠡᠷᠲᠡ ᠨᠠᠮ ᠡᠴᠡ ᠬᠥᠭᠡᠭᠡᠭᠳᠡᠭᠰᠡᠨ ᠤᠯᠤᠰ ᠲᠥᠷᠦ ᠶᠢᠨ ᠵᠠᠪᠰᠢᠭᠴᠢ ᠰᠢᠳᠠᠮ ᠯᠠ ᠪᠠᠢᠯ᠎ᠠ᠃ ᠲᠡᠢᠮᠦ ᠬᠥᠮᠦᠨ ᠢᠶᠡᠷ ᠵᠥᠪᠯᠡᠭᠴᠢ ᠪᠣᠯᠭᠠᠨ ᠵᠠᠮᠴᠢ ᠬᠢᠭᠰᠡᠨ ᠬᠣᠢᠨ᠎ᠠ᠂ ᠳᠠᠢᠨ ᠪᠠᠢᠯᠳᠤᠭᠠᠨ ᠵᠢᠯᠤᠭᠤᠳᠤᠭᠠᠳ ᠢᠯᠠᠯᠲᠠ ᠣᠯᠬᠤ ᠡᠳᠦᠷ ᠪᠠᠢᠨ᠎ᠠ ᠭᠡᠵᠢ ᠦᠦ︖

ᠮᠠᠷᠭᠠᠰᠢ ᠨᠢ ᠣᠶᠤᠨᠪᠠᠲᠤ ᠪᠤᠴᠠᠯᠤᠭᠰᠠᠨ ᠤᠰᠤ ᠠᠪᠬᠤ ᠪᠠᠷ ᠣᠴᠢᠬᠤ ᠲᠠᠰᠢᠷᠠᠮ ᠳᠤ ᠠᠰᠠᠷ ᠤᠨ ᠳᠡᠭᠡᠷ᠎ᠡ ᠳᠣᠣᠷᠠᠬᠢ ᠲᠤᠰᠠᠭᠠᠷ«ᠭᠢᠨᠳᠠᠨ» ᠨᠤᠭᠤᠳ ᠢ ᠨᠢᠭᠡ ᠨᠢᠭᠡ ᠪᠡᠷ ᠠᠵᠢᠭᠯᠠᠵᠤ ᠦᠵᠡᠭᠰᠡᠨ ᠴᠢᠨᠢ᠂ ᠵᠢᠵᠢᠭᠬᠡᠨ ᠨᠦᠬᠡ ᠴᠣᠭᠤᠯᠤᠭᠰᠠᠨ ᠡᠭᠦᠳᠡ ᠪᠦᠬᠦᠨ ᠳᠦ ᠴᠥᠮ ᠪᠦᠳᠦᠭᠦᠨ ᠬᠠᠷ᠎ᠠ ᠣᠨᠢᠰᠤ ᠡᠯᠭᠦᠭᠡᠰᠦᠳᠡᠢ ᠬᠠᠷᠠᠭᠳᠠᠨ᠎ᠠ᠃ ᠡᠭᠦᠨ ᠢ ᠦᠵᠡᠭᠡᠳ ᠣᠶᠤᠨᠪᠠᠲᠤ ᠤᠯᠠᠮ ᠭᠠᠢᠬᠠᠯ᠎ᠠ᠃ ᠡᠳᠡᠭᠡᠷ ᠬᠣᠷᠢᠭᠳᠠᠵᠤ ᠪᠠᠢᠭ᠎ᠠ ᠬᠥᠮᠦᠰ ᠦᠨ ᠳᠤᠮᠳᠠ ᠲᠡᠷᠡ ᠪᠣᠯ ᠬᠠᠮᠤᠭ ᠤᠨ«ᠬᠦᠨᠳᠦ ᠶᠠᠯᠠᠲᠠᠨ» ᠪᠥᠭᠡᠳ ᠮᠠᠩ ᠰᠧᠯᠢᠩ ᠪᠡᠶ᠎ᠡ ᠪᠡᠷ ᠢᠶᠡᠨ ᠰᠣᠨᠢᠨ ᠳᠡᠭᠡᠷ᠎ᠡ ᠨᠡᠷ᠎ᠡ ᠳᠤᠷᠠᠳᠤᠨ ᠨᠡᠢᠲᠡᠯᠡᠭᠰᠡᠨ ᠴᠣᠬᠢᠯᠲᠠ ᠥᠭᠬᠦ ᠭᠣᠣᠯ ᠡᠲᠡᠭᠡᠳ ᠪᠢᠯᠡ᠃ ᠭᠡᠲᠡᠯ᠎ᠡ ᠥᠨᠥᠳᠦᠷ ᠶᠠᠭᠠᠬᠢᠭᠠᠳ ᠭᠠᠭᠴᠠᠭᠠᠷ ᠢ ᠨᠢ ᠠᠭᠤᠴᠢᠯᠠᠭᠰᠠᠨ ᠶᠤᠮ ᠪᠣᠯ︖ ᠲᠡᠷᠡ᠂ ᠡᠳᠦᠷ ᠰᠥᠨᠢ ᠦᠭᠡᠢ ᠠᠬᠢᠨ ᠳᠠᠬᠢᠨ ᠪᠣᠳᠤᠭᠰᠠᠨ ᠪᠣᠯᠪᠠᠴᠤ ᠬᠠᠷᠢᠭᠤᠯᠲᠠ ᠥᠭᠴᠦ ᠶᠡᠷᠦ ᠴᠢᠳᠠᠭᠰᠠᠨ ᠦᠭᠡᠢ᠃

ᠭᠤᠲᠠᠭᠠᠷ ᠡᠳᠦᠷ ᠦᠨ ᠦᠳᠡ ᠶᠢᠨ ᠡᠮᠦᠨ᠎ᠡ᠃ ᠴᠡᠩᠬᠡᠷ ᠨᠣᠭᠤᠭᠠᠨ ᠱᠠᠩᠬᠠᠢ ᠮᠠᠰᠢᠨ ᠨᠢᠰᠦᠨ ᠢᠷᠡᠵᠦ ᠤᠰᠤᠲᠤ ᠶᠢᠨ ᠠᠵᠢᠯᠴᠢᠨ ᠤ ᠰᠤᠪᠢᠯᠠᠯᠲᠠ ᠶᠢᠨ ᠬᠣᠷᠢᠶᠠᠨ ᠤ ᠭᠣᠣᠯ ᠠᠰᠠᠷ ᠤᠨ ᠡᠮᠦᠨ᠎ᠡ ᠵᠣᠭᠰᠤᠪᠠ᠃ ᠮᠠᠰᠢᠨ ᠠᠴᠠ ᠪᠠᠭᠤᠭᠰᠠᠨ ᠬᠣᠶᠠᠷ ᠴᠡᠷᠢᠭ᠌ ᠶᠡᠨᠳᠡᠷ ᠥᠭᠡᠳᠡ ᠶᠠᠭᠠᠷᠠᠨ ᠭᠦᠶᠦᠭᠰᠡᠭᠡᠷ ᠰᠢᠭᠤᠳ ᠰᠢᠳᠠᠮ ᠤᠨ ᠠᠯᠪᠠᠨ ᠭᠡᠷ ᠲᠦ ᠣᠷᠤᠪᠠ᠃ ᠲᠡᠭᠡᠭᠡᠳ ᠳᠡᠮᠡᠢ ᠤᠳᠠᠭᠰᠠᠨ ᠦᠭᠡᠢ᠂ ᠣᠶᠤᠨᠪᠠᠲᠤ ᠶᠢᠨ ᠰᠠᠭᠤᠵᠤ ᠪᠠᠢᠭ᠎ᠠ ᠲᠠᠰᠤᠯᠭᠠᠨ ᠳᠤ ᠲᠡᠷᠡ ᠬᠣᠶᠠᠷ ᠴᠡᠷᠢᠭ᠌ ᠢ ᠳᠠᠭᠠᠭᠤᠯᠵᠤ ᠢᠷᠡᠭᠰᠡᠨ ᠰᠢᠳᠠᠮ᠂ ᠳᠠᠳᠤᠭᠰᠠᠨ ᠵᠠᠩᠰᠢᠯ ᠢᠶᠠᠷ ᠢᠶᠠᠨ ᠬᠣᠭᠤᠯᠠᠢ ᠪᠠᠨ ᠵᠠᠰᠠᠵᠤ᠄

«ᠴᠢᠨᠦ ᠠᠰᠠᠭᠤᠳᠠᠯ ᠪᠤᠰᠤᠳ ᠤᠨ ᠬᠢ ᠲᠠᠢ ᠠᠳᠠᠯᠢ ᠦᠭᠡᠢ ᠪᠣᠯᠬᠣᠷ ᠮᠠᠩ ᠰᠧᠯᠢᠩ ᠦᠨ ᠬᠡᠷᠡᠭ᠌ ᠡᠷᠬᠢᠯᠡᠬᠦ ᠭᠠᠵᠠᠷ ᠠᠴᠠ ᠰᠢᠭᠤᠳ ᠬᠠᠮᠢᠶᠠᠷᠬᠤ ᠪᠣᠯᠵᠠᠢ᠃ ᠴᠢ ᠬᠤᠷᠳᠤᠨ ᠲᠡᠷᠭᠡᠨ ᠳᠦ ᠭᠠᠷ︕» ᠭᠡᠵᠦ ᠣᠶᠤᠨᠪᠠᠲᠤ ᠶᠢ ᠲᠥᠪ ᠴᠢᠩᠭ᠎ᠠ ᠪᠠᠷ ᠵᠠᠷᠯᠢᠭᠳᠠᠯ᠎ᠠ᠃

ᠲᠡᠷᠭᠡᠨ ᠳᠦ ᠰᠠᠭᠤᠭᠰᠠᠨ ᠤ ᠳᠠᠷᠠᠭ᠎ᠠ ᠡᠮᠦᠨᠡᠬᠢ ᠰᠠᠭᠤᠳᠠᠯ ᠠᠴᠠ ᠡᠷᠭᠢᠵᠦ ᠬᠠᠷᠠᠭᠰᠠᠨ ᠰᠢᠳᠠᠮ᠄

«ᠴᠢ ᠬᠡᠵᠢᠶᠡᠳᠡ ᠮᠠᠨᠤᠰᠠ ᠶᠢ ᠢᠲᠡᠭᠡᠳᠡᠭ ᠦᠭᠡᠢ ᠪᠣᠯᠬᠣᠷ ᠴᠢᠨᠦ ᠬᠠᠷᠢ ᠶᠢᠨ ᠬᠠᠷᠢᠴᠠᠭ᠎ᠠ ᠶᠢ ᠶᠠᠭᠠᠬᠢᠭᠰᠠᠨ ᠴᠤ ᠮᠡᠳᠡᠵᠦ ᠴᠢᠳᠠᠬᠤ ᠦᠭᠡᠢ ᠭᠡᠵᠦ ᠪᠣᠳᠤᠭᠰᠠᠭᠠᠷ ᠢᠷᠡᠵᠡᠢ᠃ ᠭᠡᠲᠡᠯ᠎ᠡ ᠦᠨᠡᠨ ᠳᠡᠭᠡᠨ ᠪᠢᠳᠡ ᠲᠥᠪ ᠤᠨ ᠬᠠᠮᠢᠶ᠎ᠠ ᠪᠦᠬᠦᠢ ᠪᠠᠢᠭᠤᠯᠭ᠎ᠠ ᠪᠠᠷ ᠳᠠᠮᠵᠢᠨ ᠣᠨᠴᠤᠭᠤᠢ ᠠᠷᠭ᠎ᠠ ᠠᠪᠴᠤ ᠪᠠᠢᠭᠠᠳ ᠶᠠᠫᠤᠨ ᠳᠤ ᠰᠠᠭᠤᠭ᠎ᠠ ᠳᠤᠮᠳᠠᠳᠤ ᠶᠢᠨ ᠬᠠᠷᠢᠶᠠᠲᠤ ᠶᠢᠨ ᠵᠠᠩᠴᠢ ᠶᠢ ᠨᠥᠮᠦᠷᠦᠭᠰᠡᠨ ᠲᠠᠩᠨᠠᠭᠤᠯ ᠨᠠᠰᠤᠲᠤ ᠲᠠ ᠬᠣᠶᠠᠷ ᠤᠨ ᠬᠣᠭᠤᠷᠤᠨᠳᠤᠬᠢ ᠠᠯᠢᠪᠠ ᠨᠢᠭᠤᠴᠠ ᠠᠵᠢᠯᠯᠠᠭ᠎ᠠ ᠨᠤᠭᠤᠳ ᠢ ᠴᠢᠨᠢ ᠴᠥᠮ ᠡᠵᠡᠮᠰᠢᠭᠡᠳ ᠠᠪᠴᠢᠬᠠᠭᠰᠠᠨ ᠰᠢᠤ᠃ ᠭᠡᠪᠡᠴᠦ ᠴᠢ ᠣᠳᠣ ᠵᠠᠪᠳᠤᠭᠠᠳ ᠲᠤᠰᠢᠶᠠᠬᠤ ᠳᠤ ᠬᠦᠷᠪᠡᠯ ᠠᠷᠠᠢ ᠣᠷᠤᠢᠲᠠᠬᠤ ᠪᠠᠷ ᠴᠤ ᠦᠭᠡᠢ᠃ ᠪᠢᠳᠡ ᠪᠣᠯ ᠴᠥᠮ ᠦᠭᠡᠭᠦᠦ ᠠᠩᠭᠢ ᠶᠢᠨ ᠲᠥᠷᠦ ᠶᠢᠨ ᠪᠣᠳᠤᠯᠭ᠎ᠠ ᠶᠢ ᠦᠨᠡᠨᠴᠢ ᠪᠡᠷ ᠬᠡᠷᠡᠭᠵᠢᠭᠦᠯᠳᠡᠭ᠌ ᠤᠯᠤᠰ ᠶᠤᠮ᠃ ᠴᠢ ᠬᠣᠲᠠ ᠳᠤ ᠣᠷᠤᠭᠰᠠᠨ ᠤ ᠪᠠᠨ ᠳᠠᠷᠠᠭ᠎ᠠ ᠠᠯᠢᠪᠠ ᠪᠠᠨ ᠦᠯᠡᠳᠡᠭᠡᠯ ᠦᠭᠡᠢ ᠲᠤᠢᠯᠪᠤᠷᠢᠲᠠᠢ ᠴᠠᠭᠠᠪᠤᠷᠢᠯᠠᠬᠤ ᠬᠡᠷᠡᠭᠲᠡᠢ︕ ᠮᠡᠳᠡᠪᠡ ᠦᠦ︖» ᠭᠡᠵᠦ ᠣᠶᠤᠨᠪᠠᠲᠤ ᠳᠤ ᠬᠡᠯᠡᠪᠡ᠃

ᠣᠶᠤᠨᠪᠠᠲᠤ ᠲᠡᠭᠦᠨ ᠲᠠᠢ ᠢᠯᠡᠭᠦᠦ ᠲᠤᠲᠠᠭᠤ ᠨᠤᠷᠱᠤᠬᠤ ᠳᠤᠷ᠎ᠠ ᠦᠭᠡᠢ ᠲᠤᠯᠠ᠄

«ᠨᠠᠳᠠ ᠁ ᠲᠤᠰᠢᠶᠠᠬᠤ ᠶᠠᠭᠤᠮ᠎ᠠ ᠳᠠᠩᠴᠢ ᠠᠯᠠᠭ᠎ᠠ︕» ᠭᠡᠵᠦ ᠲᠣᠯᠤᠭᠠᠢ ᠰᠡᠭᠰᠦᠷᠪᠡ᠃

«ᠲᠡᠢᠮᠦ ᠪᠣᠯ ᠴᠢ ᠠᠯᠢ ᠵᠠᠮ ᠵᠠᠮᠨᠠᠬᠤ ᠪᠠᠨ ᠥᠪᠡᠷ ᠢᠶᠡᠨ ᠮᠡᠳᠡ︕»

ᠪᠠᠭ᠎ᠠ ᠲᠡᠷᠭᠡ ᠮᠤᠷᠤᠢ ᠰᠠᠷᠤᠢ ᠵᠠᠮ ᠢᠶᠠᠷ ᠳᠥᠴᠢᠭᠡᠳ ᠮᠢᠨᠦ᠋ᠲ ᠬᠢᠷᠢ ᠭᠦᠶᠦᠭᠡᠳ ᠰᠠᠶᠢ ᠤᠯᠠᠭᠠᠨ ᠲᠣᠭᠤᠰᠭᠠᠨ ᠬᠡᠷᠡᠮ ᠲᠠᠢ ᠪᠢᠴᠢᠬᠠᠨ ᠬᠦᠷᠢᠶᠡᠨ ᠳᠦ ᠣᠷᠤᠵᠤ ᠵᠣᠭᠰᠤᠯ᠎ᠠ᠃ ᠣᠶᠤᠨᠪᠠᠲᠤ ᠶᠢᠨ ᠭᠡᠮᠲᠦᠭᠰᠡᠨ ᠭᠠᠷ ᠨᠢ ᠬᠦᠨᠳᠦ ᠶᠠᠭᠤᠮ᠎ᠠ ᠡᠷᠭᠦᠵᠦ ᠳᠡᠢᠯᠳᠡᠭ᠌ ᠦᠭᠡᠢ ᠪᠣᠯᠬᠣᠷ ᠥᠨᠥ ᠬᠣᠶᠠᠷ ᠴᠡᠷᠢᠭ᠌ ᠣᠷᠤ ᠳᠡᠪᠢᠰᠭᠡᠷ ᠢ ᠨᠢ ᠰᠤᠢᠪᠳᠠᠵᠤ ᠳᠡᠭᠦᠷᠦᠭᠰᠡᠭᠡᠷ ᠨᠢᠭᠡ ᠰᠠᠢᠬᠠᠨ ᠠᠰᠠᠷ ᠲᠤ ᠳᠠᠭᠠᠭᠤᠯᠤᠨ ᠣᠷᠤᠪᠠ᠃ ᠡᠨᠡ ᠠᠰᠠᠷ ᠤᠤᠯ ᠨᠢ ᠥᠪᠡᠷᠲᠡᠭᠡᠨ ᠵᠠᠰᠠᠬᠤ ᠣᠷᠤᠨ ᠤ ᠨᠢᠭᠡᠨ ᠳᠡᠳ᠋ ᠲᠡᠷᠢᠭᠦᠯᠡᠭᠴᠢ ᠶᠢᠨ ᠰᠠᠭᠤᠵᠤ ᠪᠠᠢᠭᠰᠠᠨ ᠣᠷᠳᠤᠨ ᠪᠢᠯᠡ᠃

ᠣᠶᠤᠨᠪᠠᠲᠤ ᠠᠰᠠᠷ ᠲᠤ ᠣᠷᠤᠩᠭᠤᠲᠠ ᠪᠠᠨ ᠮᠡᠯᠡᠷᠡᠴᠢᠬᠡᠪᠡ᠃ ᠡᠨᠡ ᠴᠢᠨᠢ ᠶᠠᠭ ᠯᠠ ᠬᠡᠭᠡᠨᠴᠢᠷ ᠰᠠᠢᠬᠠᠨ ᠵᠣᠴᠢᠳ ᠤᠨ ᠪᠠᠭᠤᠳᠠᠯ ᠰᠢᠭ ᠶᠡᠬᠡᠮᠰᠦᠭ ᠪᠥᠭᠡᠳ ᠦᠵᠡᠰᠭᠦᠯᠡᠩ ᠭᠠᠵᠠᠷ ᠪᠠᠢᠭ᠎ᠠ ᠳ᠋ᠠ᠃ ᠠᠭᠤᠯᠵᠠᠯᠲᠠ ᠶᠢᠨ ᠥᠷᠦᠭᠡᠨ ᠳᠤᠨᠢ ᠭᠣᠶᠤ ᠭᠠᠳᠠᠷ ᠲᠠᠢ ᠵᠥᠭᠡᠯᠡᠨ ᠰᠠᠭᠤᠳᠠᠯ ᠤᠳ ᠢ ᠡᠩᠨᠡᠭᠦᠯᠦᠨ ᠲᠠᠯᠪᠢᠵᠠᠢ᠃ ᠰᠢᠯ ᠲᠠᠯᠪᠢᠭᠤᠷ ᠳᠡᠭᠡᠷ᠎ᠡ ᠲᠤᠰᠭᠠᠢ ᠬᠢᠴᠡᠲᠡᠢ ᠴᠠᠢ ᠶᠢᠨ ᠰᠠᠪᠠ᠂ ᠲᠠᠮᠠᠬᠢᠨ ᠤ ᠮᠥᠩᠭᠦᠨ ᠬᠠᠢᠷᠴᠠᠭ ᠪᠠ ᠬᠣᠶᠠᠷ ᠰᠠᠪᠠ ᠰᠢᠯᠪᠢ ᠲᠠᠢ ᠵᠦᠩᠬᠤᠸᠠ ᠲᠠᠮᠠᠬᠢ ᠬᠠᠷᠠᠭᠳᠠᠨ᠎ᠠ᠃ ᠭᠡᠷᠡᠯ ᠨᠡᠪᠲᠡᠷᠬᠡᠢ ᠭᠡᠭᠡᠨ ᠰᠠᠷᠠᠭᠤᠯ ᠲᠣᠮᠤ ᠴᠣᠩᠬᠤᠨ ᠳᠤᠨᠢ ᠬᠤᠸᠠᠷ ᠲᠠᠢ ᠬᠥᠰᠢᠭᠡ ᠡᠯᠭᠦᠵᠦ᠂ ᠭᠡᠷ ᠦᠨ ᠳᠥᠷᠪᠡᠨ ᠪᠤᠯᠤᠩ ᠳᠤᠨᠢ ᠫᠧᠩᠰᠡ ᠲᠠᠢ ᠰᠣᠷᠭᠤᠭ ᠴᠡᠴᠡᠭ᠌ ᠦᠳ ᠥᠩᠭᠡ ᠢᠯᠭᠠᠷᠠᠨ ᠳᠡᠯᠭᠡᠷᠡᠵᠦ ᠪᠠᠢᠯ᠎ᠠ᠃ ᠰᠢᠯ ᠨᠢᠭᠤᠷ ᠲᠠᠢ ᠪᠣᠰᠤᠭ᠎ᠠ ᠠᠪᠳᠠᠷ᠎ᠠ ᠪᠣᠯᠤᠨ ᠬᠤᠪᠴᠠᠰᠤᠨ ᠵᠢᠶᠠᠵᠠ ᠶᠢᠨ ᠬᠣᠭᠤᠷᠤᠨᠳᠤᠬᠢ ᠬᠠᠢᠯᠠᠰᠤᠨ ᠮᠣᠳᠤᠨ ᠰᠢᠷᠡᠭᠡᠨ ᠳᠡᠭᠡᠷ᠎ᠡ ᠨᠢᠭᠡ ᠲᠣᠮᠤ ᠵᠢᠷᠤᠭᠲᠤ ᠷᠠᠳᠢᠤ᠋ ᠲᠠᠯᠪᠢᠭᠠᠰᠤᠳᠠᠢ᠃ ᠳᠣᠲᠤᠷ᠎ᠠ ᠥᠷᠦᠭᠡᠨ ᠳᠤᠨᠢ ᠫᠦᠷᠱᠲᠦ ᠥᠷᠭᠡᠨ ᠣᠷᠤ᠂ ᠰᠢᠨ᠎ᠡ ᠮᠠᠶᠢ᠍ᠭ ᠤᠨ ᠪᠢᠴᠢᠭ᠌ ᠦᠨ ᠰᠢᠷᠡᠭᠡ ᠲᠠᠢ᠃ ᠡᠨᠡ ᠪᠦᠬᠦᠨ ᠢ ᠦᠵᠡᠬᠦ ᠳᠦ ᠣᠷᠴᠢᠮ ᠤᠨ ᠡᠳᠦᠷ ᠲᠡᠳᠡ ᠨᠠᠷᠢᠨ ᠨᠢᠮᠪᠠᠢ ᠪᠠᠢᠷᠢᠯᠠᠭᠤᠯᠤᠭᠰᠠᠨ ᠨᠢ ᠲᠤᠩ ᠴᠤ ᠲᠣᠳᠤᠷᠬᠠᠢ ᠮᠡᠳᠡᠭᠳᠡᠵᠦ ᠪᠠᠢᠯ᠎ᠠ᠃

ᠦᠳᠡ ᠶᠢᠨ ᠬᠣᠢᠨ᠎ᠠ᠂ ᠥᠨᠥ ᠬᠣᠶᠠᠷ ᠴᠡᠷᠢᠭ᠌ ᠣᠶᠤᠨᠪᠠᠲᠤ ᠶᠢ ᠳᠠᠭᠠᠭᠤᠯᠤᠨ ᠠᠪᠠᠴᠢᠵᠤ ᠦᠰᠦ ᠶᠢ ᠨᠢ ᠵᠠᠰᠠᠭᠤᠯᠤᠨ ᠰᠠᠬᠠᠯ ᠰᠠᠨᠴᠢᠭ ᠢ ᠨᠢ ᠬᠤᠰᠤᠭᠤᠯᠤᠭᠠᠳ ᠪᠡᠶ᠎ᠡ ᠶᠢ ᠨᠢ ᠪᠠᠰᠠ ᠤᠭᠢᠶᠠᠯᠭᠠᠵᠠᠢ᠃ ᠢᠩᠭᠢᠵᠦ ᠪᠠᠷᠠᠭᠠᠳ ᠶᠠᠪᠤᠬᠤ ᠳᠠᠭᠠᠨ ᠲᠡᠳᠡ᠄

«ᠴᠢᠨᠦ ᠡᠨᠡ ᠬᠤᠪᠴᠠᠰᠤ ᠴᠢᠨᠢ ᠦᠵᠡᠬᠦ ᠳᠦ ᠳᠠᠩᠴᠢ ᠮᠠᠭᠤᠬᠠᠢ᠃ ᠣᠷᠤᠢ ᠲᠡᠰᠢ ᠪᠡᠨ ᠰᠣᠯᠢᠬᠤ ᠬᠤᠪᠴᠠᠰᠤ ᠪᠠᠨ ᠠᠪᠴᠢᠷᠠᠭᠤᠯ︕ ᠴᠢ ᠡᠨᠳᠡ ᠲᠡᠷᠢᠭᠦᠯᠡᠭᠴᠢ ᠶᠢᠨ ᠵᠣᠬᠢᠶᠠᠯ ᠢ ᠰᠠᠢᠲᠤᠷ ᠰᠤᠷᠤᠯᠴᠠᠵᠤ᠂ ᠵᠢᠭᠠᠪᠤᠷᠢ ᠬᠦᠯᠢᠶᠡᠨ ᠨᠣᠮᠤᠬᠠᠨ ᠰᠠᠭᠤ︕ ᠪᠢᠲᠡᠬᠡᠢ ᠳᠤᠷ᠎ᠠ ᠪᠠᠷ ᠢᠶᠠᠨ ᠡᠰᠢ ᠲᠡᠰᠢ ᠶᠠᠪᠤ︕» ᠭᠡᠵᠦ ᠣᠶᠤᠨᠪᠠᠲᠤ ᠳᠤ ᠵᠠᠷᠯᠢᠭ ᠪᠠᠭᠤᠯᠭᠠᠪᠠ᠃

ᠬᠣᠶᠠᠷ ᠴᠡᠷᠢᠭ᠌ ᠢ ᠶᠠᠪᠤᠭᠰᠠᠨ ᠤ ᠰᠡᠭᠦᠯᠡᠷ ᠣᠶᠤᠨᠪᠠᠲᠤ ᠳᠡᠭᠡᠳᠦ ᠵᠡᠷᠭᠡ ᠶᠢᠨ ᠥᠷᠦᠭᠡᠨ ᠳᠡᠭᠡᠨ ᠣᠷᠤᠵᠤ᠂ ᠲᠣᠮᠤ ᠪᠣᠰᠤᠭ᠎ᠠ ᠲᠣᠯᠢᠨ ᠳᠤ ᠵᠢᠰᠦ ᠪᠡᠨ ᠦᠵᠡᠭᠰᠡᠨ ᠴᠢᠨᠢ ᠡᠰᠡ ᠯᠡ ᠪᠡᠶ᠎ᠡ ᠪᠡᠨ ᠲᠠᠨᠢᠵᠤ ᠶᠠᠳᠠᠬᠤ ᠠᠯᠳᠠᠯ᠎ᠠ᠃ ᠤᠤᠯ ᠤᠨ ᠤᠯᠠᠭ᠎ᠠ ᠪᠤᠲᠠᠷᠠᠭᠰᠠᠨ ᠴᠢᠭᠢᠷᠠᠭ ᠳᠦᠷᠢ ᠨᠢ ᠣᠷᠤ ᠪᠠᠷ᠎ᠠ ᠦᠭᠡᠢ ᠠᠷᠢᠯᠵᠤ᠂ ᠬᠣᠶᠠᠷ ᠬᠠᠴᠠᠷ ᠨᠢ ᠤᠲᠤᠭᠠᠳᠠᠢ ᠴᠠᠭᠠᠰᠤ ᠰᠢᠭ ᠰᠢᠷᠠᠯᠠᠨ ᠴᠠᠢᠪᠠᠢᠭᠠᠳ ᠤᠯᠠᠮ ᠴᠤ ᠲᠦᠨᠲᠦᠢᠵᠦ᠂ ᠪᠣᠰᠤᠭ᠎ᠠ ᠬᠠᠮᠠᠷ ᠨᠢ ᠨᠡᠩ ᠪᠦᠳᠦᠭᠦᠨ ᠬᠠᠷᠠᠭᠳᠠᠬᠤ ᠰᠢᠭ ᠪᠣᠯᠵᠠᠢ᠃ ᠭᠠᠭᠴᠠ ᠬᠦ ᠰᠢᠷᠭᠢᠵᠦ ᠰᠠᠭᠤᠭᠰᠠᠨ ᠬᠣᠣᠰ ᠨᠢᠳᠦᠨ ᠡᠴᠡ ᠨᠢ ᠣᠴᠢ ᠪᠠᠳᠠᠷᠠᠨ᠂ ᠤᠤᠯ ᠤᠨ ᠴᠣᠭ ᠵᠢᠪᠬᠤᠯᠠᠩᠲᠤ ᠳᠦᠷᠰᠦ ᠪᠡᠨ ᠬᠠᠳᠠᠭᠠᠯᠠᠭᠰᠠᠭᠠᠷ ᠪᠠᠢᠯ᠎ᠠ᠃ ᠮᠠᠩᠨᠠᠢ ᠳᠡᠭᠡᠷ᠎ᠡ ᠨᠢ ᠭᠤᠷᠪᠠᠨ ᠬᠤᠷᠤᠭᠤ ᠬᠢᠷᠢᠲᠡᠢ ᠤᠷᠲᠤ ᠰᠢᠨ᠎ᠡ ᠰᠣᠷᠪᠢ ᠨᠡᠮᠡᠭᠳᠡᠵᠦ᠂ ᠵᠡᠭᠦᠨ ᠴᠢᠬᠢ ᠨᠢ ᠶᠠᠭ ᠯᠠ ᠬᠠᠲᠠᠭᠰᠠᠨ ᠮᠥᠭᠦ ᠰᠢᠭ᠌ ᠪᠣᠯᠵᠤ ᠦᠵᠡᠬᠦ ᠶᠢᠨ ᠳᠦᠷᠢ ᠪᠡᠨ ᠠᠯᠳᠠᠵᠠᠢ᠃ ᠬᠠᠭᠤᠴᠢᠨ ᠬᠥᠪᠦᠩᠲᠡᠢ ᠣᠯᠤᠨᠳᠠᠢ ᠨᠢ ᠴᠢᠰᠤ ᠨᠦᠵᠢ ᠳᠦ ᠪᠢᠯᠳᠠᠭᠳᠠᠵᠤ ᠲᠣᠪᠴᠢ ᠰᠢᠯᠪᠢ ᠭᠡᠵᠦ ᠨᠢᠭᠡ ᠴᠦ ᠦᠯᠡᠳᠡᠭᠰᠡᠨ ᠦᠭᠡᠢ᠃ ᠵᠠᠭᠠᠮ᠎ᠠ ᠪᠣᠯᠤᠨ ᠵᠡᠭᠦᠨ ᠬᠠᠨᠴᠤᠢ ᠨᠢ ᠤᠷᠠᠭᠳᠠᠭᠠᠳ ᠬᠥᠪᠦᠩ ᠨᠢ ᠭᠣᠭᠤᠵᠢᠵᠤ ᠪᠠᠢᠪᠠ᠃ ᠣᠶᠤᠨᠪᠠᠲᠤ ᠲᠣᠯᠢᠨ ᠤ ᠡᠮᠦᠨ᠎ᠡ ᠪᠡᠶ᠎ᠡ ᠪᠡᠨ ᠦᠵᠡᠵᠦ ᠵᠣᠭᠰᠤᠵᠤ ᠪᠠᠢᠭᠠᠳ ᠥᠪᠡᠷ ᠦᠨ ᠡᠷᠬᠡ ᠦᠭᠡᠢ ᠢᠨᠢᠶᠡᠳᠦ ᠬᠦᠷᠴᠦ᠄«ᠠᠩᠬᠠᠨ ᠳᠠᠭᠠᠨ ᠡᠭᠦᠨ ᠢ ᠴᠢᠨᠢ ᠬᠥᠮᠦᠰ ᠦᠨ ᠰᠦᠨᠡᠰᠦ ᠶᠢ ᠬᠥᠨᠳᠡᠬᠦ ᠶᠡᠬᠡ ᠬᠤᠪᠢᠰᠭᠠᠯ ᠭᠡᠵᠦ ᠪᠠᠢᠭᠰᠠᠨ ᠴᠢᠨᠢ ᠣᠳᠣ ᠦᠵᠡᠬᠦ ᠳᠦ ᠬᠠᠷᠢᠨ ᠠᠷᠠᠰᠤ ᠮᠢᠬ᠎ᠠ ᠲᠠᠢ ᠬᠡᠯᠡᠯᠴᠡᠬᠦ ᠶᠡᠬᠡ ᠬᠤᠪᠢᠰᠭᠠᠯ ᠶᠤᠮ ᠪᠠᠢᠨ᠎ᠠ᠃ ᠦᠨᠡᠬᠡᠷ ᠬᠡᠮᠵᠢᠶ᠎ᠡ ᠦᠭᠡᠢ ᠶᠡᠬᠡ ᠣᠯᠤᠯᠲᠠ ᠲᠠᠢ ᠁ ᠬᠡᠮᠵᠢᠶ᠎ᠡ ᠦᠭᠡᠢ ᠁» ᠭᠡᠵᠦ ᠭᠠᠭᠴᠠᠭᠠᠷ ᠥᠭᠦᠯᠡᠨ᠎ᠡ᠃

ᠣᠷᠤᠢ᠂ ᠬᠥᠮᠦᠰ ᠢ ᠬᠣᠭᠤᠯᠠᠨ ᠢᠳᠡᠵᠦ ᠪᠠᠷᠠᠭᠰᠠᠨ ᠤ ᠳᠠᠷᠠᠭ᠎ᠠ ᠣᠶᠤᠨᠪᠠᠲᠤ ᠬᠤᠪᠢᠰᠭᠠᠯ ᠤᠨ ᠵᠥᠪᠯᠡᠯ ᠦᠨ ᠬᠣᠭᠤᠯᠠᠨ ᠭᠡᠷ ᠲᠦ ᠰᠡᠮᠡᠭᠡᠷ ᠣᠴᠢᠵᠤ ᠬᠣᠶᠠᠷ ᠮᠠᠨᠲᠠᠤ ᠬᠤᠳᠠᠯᠳᠤᠵᠤ ᠠᠪᠴᠢᠷᠠᠭᠠᠳ ᠢᠳᠡᠵᠦ ᠪᠠᠢᠲᠠᠯ᠎ᠠ ᠭᠡᠨᠡᠳᠲᠡ ᠡᠭᠦᠳᠡ ᠲᠣᠭᠰᠢᠬᠤ«ᠳᠣᠭ ᠳᠣᠭ» ᠳᠠᠭᠤᠨ ᠰᠣᠨᠤᠰᠳᠠᠯ᠎ᠠ᠃ ᠣᠶᠤᠨᠪᠠᠲᠤ ᠲᠡᠷᠢᠭᠦᠨ ᠡᠷᠭᠦᠨ ᠦᠵᠡᠪᠡᠯ᠂ ᠵᠢᠰᠦ ᠴᠢᠷᠠᠢ ᠨᠢ ᠲᠤᠷᠠᠵᠤ ᠱᠤᠪᠲᠤᠢᠭᠰᠠᠨ ᠨᠢᠭᠡ ᠪᠦᠰᠡᠭᠦᠢ ᠭᠠᠷ ᠲᠠᠭᠠᠨ ᠪᠤᠭᠤᠳᠠᠯ ᠲᠠᠢ ᠶᠠᠭᠤᠮ᠎ᠠ ᠳᠡᠭᠦᠵᠢᠯᠡᠭᠰᠡᠭᠡᠷ ᠣᠷᠤᠵᠤ ᠢᠷᠡᠪᠡ᠃

ᠭᠱᠠᠨ ᠵᠠᠭᠤᠷ᠎ᠠ ᠲᠡᠷᠡ ᠪᠦᠰᠡᠭᠦᠢ ᠪᠤᠷᠤᠭᠤ ᠭᠡᠷ ᠲᠦ ᠣᠷᠤᠵᠤ ᠢᠷᠡᠭᠰᠡᠨ ᠶᠤᠮ ᠰᠢᠭ ᠪᠠᠭ᠎ᠠ ᠲᠦᠭᠳᠡᠷᠡᠨ ᠵᠣᠭᠰᠤᠵᠤ ᠨᠠᠮ ᠳᠠᠭᠤᠨ ᠢᠶᠠᠷ«ᠶᠣᠬᠤ︕» ᠭᠡᠵᠦ ᠠᠪᠤᠭᠠᠳ ᠬᠣᠢᠰᠢ ᠤᠬᠤᠷᠢᠬᠤ ᠭᠡᠲᠡᠯ᠎ᠡ᠂ ᠣᠶᠤᠨᠪᠠᠲᠤ ᠶᠢᠨ ᠨᠢᠳᠦ ᠭᠡᠷᠡᠯᠲᠦᠨ ᠭᠣᠣᠯ ᠵᠢᠷᠦᠬᠡ ᠨᠢ ᠴᠡᠴᠡᠷᠡᠬᠦ ᠰᠢᠭ᠌ ᠪᠣᠯᠵᠤ ᠭᠦᠶᠦᠨ ᠪᠣᠰᠬᠤ ᠶᠢᠨ ᠵᠡᠷᠭᠡᠴᠡᠭᠡ ᠪᠡᠷ᠄

«ᠲᠣᠷᠭᠠᠨ -» ᠭᠡᠵᠦ ᠥᠪᠡᠷ ᠦᠨ ᠡᠷᠬᠡ ᠦᠭᠡᠢ ᠡᠬᠡᠨᠡᠷ ᠤᠨ ᠢᠶᠡᠨ ᠨᠡᠷ᠎ᠡ ᠪᠡᠷ ᠳᠠᠭᠤᠳᠠᠪᠠ᠃

ᠲᠡᠷᠡ ᠪᠦᠰᠡᠭᠦᠢ ᠰᠣᠴᠢᠰᠬᠢᠨ ᠪᠠᠬᠠᠨ ᠮᠡᠯᠡᠷᠡᠵᠦ᠄

«ᠴᠢ ᠮᠢᠨᠢ ᠮᠥᠨ ᠶᠤᠮ ᠤᠤ︖» ᠭᠡᠵᠦ ᠴᠡᠴᠡᠷᠭᠡᠨᠡᠭᠰᠡᠨ ᠳᠠᠭᠤᠨ ᠢᠶᠠᠷ ᠬᠡᠯᠡᠭᠡᠳ ᠭᠠᠷ ᠲᠡᠬᠢ ᠪᠤᠭᠤᠳᠠᠯ ᠢᠶᠠᠨ ᠬᠥᠰᠡᠷ ᠠᠯᠳᠠᠵᠤ᠂ ᠣᠶᠤᠨᠪᠠᠲᠤ ᠶᠢᠨ ᠵᠦᠭ᠌ ᠭᠦᠶᠦᠨ ᠢᠷᠡᠭᠡᠳ ᠭᠠᠷ ᠠᠴᠠ ᠨᠢ ᠪᠠᠵᠠᠭᠳᠠᠨ ᠠᠪᠤᠯ᠎ᠠ᠃ ᠠᠷᠠᠰᠤ ᠶᠠᠰᠤ ᠯᠠ ᠦᠯᠡᠳᠡᠭᠰᠡᠨ ᠬᠣᠶᠠᠷ ᠬᠣᠣᠰ ᠲᠤᠷᠠᠩᠬᠠᠢ ᠭᠠᠷ ᠬᠠᠷᠢᠯᠴᠠᠨ ᠴᠢᠩᠭ᠎ᠠ ᠠᠳᠭᠤᠯᠴᠠᠨ᠂ ᠬᠣᠲᠤᠢᠵᠤ ᠰᠠᠭᠤᠭᠰᠠᠨ ᠬᠣᠶᠠᠷ ᠬᠣᠣᠰ ᠨᠢᠳᠦᠨ ᠳᠤᠨᠢ ᠬᠠᠯᠠᠭᠤᠨ ᠨᠢᠯᠪᠤᠰᠤ ᠮᠡᠯᠲᠡᠭᠡᠨᠡᠨ᠎ᠡ᠃

ᠲᠣᠷᠭᠠᠨᠲᠠᠯ᠎ᠠ᠂ ᠡᠷ᠎ᠡ ᠶᠢᠨ ᠢᠶᠡᠨ ᠪᠤᠭᠤᠷᠤᠯ ᠰᠠᠨᠴᠢᠭ ᠢ ᠵᠥᠭᠡᠯᠡᠨ ᠢᠯᠪᠢᠭᠰᠡᠭᠡᠷ᠂ ᠬᠠᠯᠠᠭᠤᠨ ᠳᠣᠲᠤᠨᠤ ᠪᠥᠭᠡᠳ ᠣᠶᠤᠨᠪᠠᠲᠤ ᠶᠢᠨ ᠤᠳᠠᠲᠠᠯ᠎ᠠ ᠣᠯᠵᠤ ᠰᠣᠨᠤᠰᠤᠭ᠎ᠠ ᠦᠭᠡᠢ ᠶᠠᠪᠤᠭᠰᠠᠨ ᠮᠣᠩᠭᠤᠯ ᠦᠭᠡ ᠪᠡᠷ᠄

«ᠴᠢᠮ᠎ᠠ ᠲᠠᠢ ᠠᠮᠢᠳᠤ ᠠᠭᠤᠯᠵᠠᠨ᠎ᠠ ᠭᠡᠵᠦ ᠰᠠᠨᠠᠭᠰᠠᠨ ᠦᠭᠡᠢ᠂ ᠴᠢ᠂ ᠁ ᠴᠢ ᠮᠢᠨᠢ ᠳᠡᠩᠳᠡᠭᠦᠦ ᠶᠡᠬᠡ ᠬᠠᠯᠠ ᠠᠮᠰᠠᠯ᠎ᠠ ᠪᠢᠵᠡ︖ ᠬᠦᠨᠳᠦ ᠰᠢᠷᠬᠠᠳᠤᠪᠠ ᠤᠤ︖» ᠭᠡᠵᠦ ᠣᠶᠤᠨᠪᠠᠲᠤ ᠶᠢᠨ ᠨᠢᠭᠤᠷ ᠴᠢᠷᠠᠢ ᠶᠢ ᠨᠠᠷᠢᠨ ᠰᠢᠨᠵᠢᠨ᠎ᠡ᠃ ᠲᠡᠭᠦᠨ ᠦ ᠮᠠᠩᠨᠠᠢ ᠳᠡᠭᠡᠷᠡᠬᠢ ᠭᠦᠨ ᠰᠣᠷᠪᠢ ᠪᠣᠯᠤᠨ ᠬᠡᠪ ᠠᠯᠳᠠᠭᠰᠠᠨ ᠮᠠᠭᠤ ᠴᠢᠬᠢ ᠶᠢ ᠨᠢ ᠦᠵᠡᠭᠡᠳ ᠲᠣᠷᠭᠠᠨᠲᠠᠯ᠎ᠠ ᠥᠷᠦ ᠡᠪᠡᠳᠦᠨ ᠬᠠᠢᠷᠠᠯᠠᠭᠰᠠᠨ ᠰᠡᠳᠭᠢᠯᠭᠡ ᠪᠡᠨ ᠳᠠᠷᠤᠵᠤ ᠶᠠᠳᠠᠨ᠂ ᠨᠢᠭᠤᠷ ᠳᠦᠭᠦᠷᠡᠩ ᠨᠢᠯᠪᠤᠰᠤ ᠠᠰᠭᠠᠷᠠᠭᠤᠯᠤᠨ«ᠥᠭᠡᠷ᠎ᠡ ᠬᠠᠮᠢᠭ᠎ᠠ ᠴᠢᠨᠢ ᠰᠢᠷᠬᠠᠲᠤᠪᠠ︖» ᠭᠡᠳ ᠰᠢᠷᠬ᠎ᠠ ᠰᠣᠷᠪᠢ ᠨᠤᠭᠤᠳ ᠢ ᠨᠢ ᠬᠥᠩᠭᠡᠬᠡᠨ ᠲᠡᠮᠲᠡᠷᠢᠵᠦ ᠠᠰᠠᠭᠤᠯ᠎ᠠ᠃

«ᠥᠭᠡᠷ᠎ᠡ ᠪᠠᠢᠬᠤ ᠦᠭᠡᠢ︕» ᠭᠡᠵᠦ ᠣᠶᠤᠨᠪᠠᠲᠤ ᠡᠬᠡᠨᠡᠷ ᠤᠨ ᠢᠶᠡᠨ ᠵᠣᠪᠠᠬᠤ ᠠᠴᠠ ᠪᠣᠯᠭᠤᠮᠵᠢᠯᠠᠨ᠂ ᠭᠠᠷ ᠬᠥᠯ᠂ ᠨᠢᠷᠤᠭᠤᠨ ᠤ ᠰᠢᠷᠬ᠎ᠠ ᠪᠠᠨ ᠦᠵᠡᠭᠦᠯᠦᠭᠰᠡᠨ ᠦᠭᠡᠢ᠃

«ᠴᠢ ᠬᠡᠵᠢᠶ᠎ᠡ ᠡᠨᠳᠡ ᠢᠷᠡᠪᠡ︖»

«ᠥᠨᠥ ᠦᠳᠡ ᠶᠢᠨ ᠡᠮᠦᠨ᠎ᠡ᠃ ᠴᠢ ᠬᠠᠮᠢᠭ᠎ᠠ ᠡᠴᠡ ᠢᠷᠡᠪᠡ ᠳ᠋ᠠ︖»

«ᠪᠠᠢᠭᠤᠯᠭ᠎ᠠ ᠶᠢᠨ ᠲᠤᠰᠠᠭᠠᠷᠯᠠᠬᠤ ᠭᠡᠷ ᠡᠴᠡ ᠢᠷᠡᠯ᠎ᠡ᠃ ᠪᠢ ᠰᠠᠶᠢ ᠮᠠᠨ ᠤ ᠶᠠᠭᠤᠮ᠎ᠠ ᠬᠡᠦᠮ᠎ᠡ ᠶᠢ ᠠᠪᠠᠴᠢᠵᠤ ᠬᠤᠷᠢᠶᠠᠭᠰᠠᠨ ᠮᠠᠰᠢᠨ ᠲᠡᠷᠭᠡᠨ ᠦ ᠬᠥᠮᠦᠷᠭᠡ ᠳᠦ ᠣᠴᠢᠵᠤ᠂ᠪᠠᠢᠳᠠᠭ ᠵᠢᠭᠠᠬᠠᠨ ᠢᠶᠠᠨ ᠣᠩᠭᠢᠴᠢᠨ ᠠᠭᠤᠳᠠᠯᠵᠤ ᠪᠠᠢᠭᠠᠳ ᠳᠥᠩᠭᠡᠵᠢ ᠨᠢᠭᠡ ᠵᠠᠬ᠎ᠠ ᠬᠤᠪᠴᠠᠰᠤ ᠣᠯᠵᠤ ᠢᠷᠡᠯ᠎ᠡ᠃»

«ᠬᠡᠦᠬᠡᠳ ᠮᠢᠨᠢ ᠬᠠᠮᠢᠭ᠎ᠠ ᠪᠠᠢᠨ᠎ᠠ ᠳ᠋ᠠ︖ ᠴᠠᠰᠤᠴᠠᠭᠠᠨ ᠮᠢᠨᠢ︖»

«ᠬᠥᠳᠡᠭᠡ ᠪᠠᠭᠤᠯᠭᠠᠴᠢᠬᠠᠭᠰᠠᠨ ᠠ᠋» ᠭᠡᠳ ᠲᠣᠷᠭᠠᠨᠲᠠᠯ᠎ᠠ ᠭᠠᠷ ᠠᠯᠴᠢᠭᠤᠷ ᠢᠶᠠᠨ ᠭᠠᠷᠭᠠᠵᠤ ᠨᠢᠯᠪᠤᠰᠤ ᠪᠠᠨ ᠠᠷᠴᠢᠭᠰᠠᠭᠠᠷ«ᠴᠠᠭᠠᠨ ᠰᠠᠷ᠎ᠠ ᠠᠴᠠ ᠡᠮᠦᠨᠡᠬᠡᠨ ᠡᠷᠡᠭᠦᠯ ᠬᠠᠮᠠᠭᠠᠯᠠᠯ ᠤᠨ ᠰᠢᠰᠲ᠋ᠧᠮ ᠦᠨ ᠬᠢᠨ ᠤ<ᠰᠤᠷᠭᠠᠨ ᠬᠥᠮᠦᠵᠢᠭᠦᠯᠵᠦ ᠪᠣᠯᠬᠤ ᠦᠷ᠎ᠡ ᠬᠡᠦᠬᠡᠳ> ᠲᠠᠢ ᠬᠠᠮᠲᠤ ᠥᠪᠦᠷ ᠮᠣᠩᠭᠤᠯ᠂ ᠱᠠᠨ ᠱᠢ᠂ ᠾᠧᠪᠧᠢ ᠭᠤᠷᠪᠠᠨ ᠮᠤᠵᠢ ᠣᠷᠤᠨ ᠤ ᠠᠭᠤᠯᠵᠠᠷ ᠲᠡᠬᠢ ᠨᠢᠭᠡᠨ ᠦᠢᠯᠡᠳᠪᠦᠷᠢᠯᠡᠯ ᠦᠨ ᠪᠠᠷᠢᠭᠠᠳᠠ ᠳᠤ ᠪᠠᠭᠤᠵᠠᠢ» ᠭᠡᠪᠡ᠃

ᠴᠠᠰᠤᠴᠠᠭᠠᠨ ᠪᠣᠯ ᠡᠳᠡ ᠬᠣᠶᠠᠷ ᠤᠨ ᠴᠤᠷ ᠤᠨ ᠭᠠᠭᠴᠠ ᠬᠡᠦᠬᠡᠳ ᠪᠣᠯᠬᠣᠷ ᠡᠴᠢᠭᠡ ᠨᠢ ᠲᠡᠭᠦᠨ ᠢ ᠲᠤᠢᠯ ᠢᠶᠡᠷ ᠬᠠᠢᠷᠠᠯᠠᠨ ᠰᠠᠨᠠᠳᠠᠭ ᠪᠢᠯᠡ᠃ ᠬᠡᠷᠪᠡ ᠣᠶᠤᠨᠪᠠᠲᠤ ᠶᠢᠨ ᠠᠮᠢ ᠨᠠᠰᠤᠨ ᠳᠤ ᠬᠦᠴᠦᠲᠦ ᠲᠤᠯᠭᠠᠭᠤᠷᠢ ᠪᠣᠯᠤᠭᠰᠠᠨ ᠡᠨᠡ ᠬᠦ ᠦᠷ᠎ᠡ ᠪᠠᠢᠭᠰᠠᠨ ᠦᠭᠡᠢ ᠪᠣᠯ ᠲᠡᠷᠡ ᠠᠯᠢ ᠬᠡᠳᠦᠢᠨ ᠬᠥᠮᠦᠨ ᠦ ᠣᠷᠴᠢᠯᠠᠩ ᠠᠴᠠ ᠠᠩᠭᠢᠵᠢᠷᠠᠭᠰᠠᠨ ᠪᠠᠢᠵᠠᠢ᠃ ᠬᠦᠨᠳᠦ ᠬᠡᠴᠡᠭᠦᠦ ᠡᠷᠡᠭᠦᠦ ᠲᠠᠮᠤ ᠶᠢᠨ ᠳᠣᠣᠷ᠎ᠠ ᠰᠡᠳᠭᠢᠯ ᠰᠠᠨᠠᠭ᠎ᠠ᠂ ᠶᠠᠰᠤ ᠮᠢᠬᠠᠨ ᠤ ᠳᠠᠷᠤᠯᠲᠠ ᠵᠣᠪᠠᠯᠠᠩ ᠲᠡᠭᠦᠨ ᠢ ᠨᠢᠭᠡᠮᠦᠰᠦᠨ ᠴᠥᠬᠦᠷᠡᠭᠦᠯᠦᠭᠰᠡᠨ ᠦᠶ᠎ᠡ ᠳᠦ ᠬᠠᠢᠷᠠᠲᠤ ᠬᠡᠦᠬᠡᠨ ᠦ ᠬᠢᠨᠢ«ᠠᠪᠤ ᠮᠢᠨᠢ ᠲᠠ ᠨᠡᠮᠡᠢ ᠪᠠᠨ ᠰᠠᠨᠠᠪᠠᠯ ᠶᠠᠭᠠᠬᠢᠭᠰᠠᠨ ᠴᠤ ᠠᠮᠢᠳᠤ ᠬᠠᠷᠢᠵᠤ ᠢᠷᠡᠬᠦ ᠶᠣᠰᠤᠲᠠᠢ︕ ᠮᠡᠨᠳᠦ ᠰᠠᠢᠨ ᠬᠠᠷᠢᠵᠤ ᠢᠷᠡᠬᠦ ᠶᠢ ᠴᠢᠨᠢ ᠬᠦᠯᠢᠶᠡᠵᠦ ᠪᠠᠢᠶ᠎ᠠ» ᠭᠡᠰᠡᠨ ᠴᠢᠬᠢᠨ ᠳᠤ ᠰᠣᠨᠤᠰᠭᠠᠯ ᠲᠠᠢ ᠬᠥᠭᠡᠷᠦᠬᠦᠨ ᠳᠠᠭᠤ ᠨᠢ ᠴᠡᠭᠡᠵᠢᠨ ᠳᠤᠨᠢ ᠬᠡᠵᠢᠶᠡᠳᠡ ᠬᠠᠳᠠᠩᠰᠢᠭᠰᠠᠭᠠᠷ ᠢᠷᠡᠭᠰᠡᠨ ᠪᠢᠯᠡ᠃

ᠲᠡᠷᠡ ᠬᠡᠦᠬᠡᠨ ᠢᠶᠡᠨ ᠰᠠᠨᠠᠭᠠᠳ ᠨᠢᠳᠦᠨ ᠳᠤᠨᠢ ᠵᠠᠢᠷ ᠭᠦᠶᠦᠵᠦ᠄

«ᠬᠡᠦᠬᠡᠨ ᠢᠶᠡᠨ ᠶᠠᠭᠤᠨ ᠳᠤ ᠲᠡᠢᠮᠦ ᠬᠣᠯᠠ ᠶᠠᠪᠤᠭᠤᠯᠴᠢᠬᠠᠪᠠ ᠳ᠋ᠠ︖» ᠭᠡᠵᠦ ᠡᠬᠡᠨᠡᠷ ᠢᠶᠡᠨ ᠵᠢᠮᠡᠯᠡᠵᠦ ᠠᠰᠠᠭᠤᠭᠰᠠᠨ ᠳᠤ ᠲᠣᠷᠭᠠᠨᠲᠠᠯ᠎ᠠ᠄

«ᠲᠡᠷᠡ ᠴᠢᠨᠢ ᠮᠠᠨ ᠤ ᠰᠠᠨᠠᠭ᠎ᠠ ᠪᠠᠷ ᠪᠣᠯᠴᠢᠬᠠᠳᠠᠭ ᠶᠠᠭᠤᠮ᠎ᠠ ᠪᠢᠰᠢ ᠰᠢᠤ᠃ ᠤᠷᠪᠠᠬᠤ ᠠᠴᠠ ᠠᠶᠤᠭᠰᠠᠨ ᠪᠣᠯᠤᠯᠲᠠᠢ» ᠭᠡᠳ ᠪᠤᠷᠤᠭᠤ ᠬᠠᠷᠠᠵᠤ ᠵᠥᠭᠡᠯᠡᠨ ᠰᠠᠭᠤᠳᠠᠯ ᠳᠡᠭᠡᠷ᠎ᠡ ᠰᠠᠭᠤᠭᠠᠳ᠄«ᠣᠷᠤᠬᠤ ᠭᠡᠷ ᠣᠭᠤᠴᠢᠬᠤ ᠠᠶᠠᠭ᠎ᠠ ᠦᠭᠡᠢ ᠡᠨᠳᠡ ᠲᠡᠨᠳᠡ ᠲᠡᠨᠦᠵᠦ᠂ ᠡᠨᠡ ᠬᠠᠮᠲᠤ ᠰᠤᠷᠤᠭᠴᠢ ᠶᠢᠨ ᠳᠠᠭᠠᠨ ᠨᠢᠭᠡ ᠬᠣᠨᠤᠵᠤ᠂ ᠲᠡᠷᠡ ᠨᠠᠢᠵᠠ ᠶᠢᠨ ᠳᠠᠭᠠᠨ ᠬᠣᠶᠠᠷ ᠬᠣᠨᠤᠵᠤ ᠶᠠᠪᠤᠭᠰᠠᠨ ᠡᠴᠡ ᠳᠡᠭᠡᠷ᠎ᠡ ᠪᠢᠰᠢ ᠦᠦ᠂ ᠠᠵᠢᠯᠴᠢᠨ ᠲᠠᠷᠢᠶᠠᠴᠢᠨ ᠲᠦᠮᠡᠨ ᠲᠠᠢ ᠬᠠᠮᠲᠤ ᠠᠮᠢᠳᠤᠷᠠᠵᠤ ᠬᠠᠮᠲᠤ ᠬᠥᠳᠡᠯᠮᠦᠷᠢᠯᠡᠵᠦ ᠪᠠᠢᠪᠠᠯ ᠬᠣᠵᠢᠮ ᠤᠨ ᠦᠢᠯᠡᠰ ᠲᠤᠨᠢ ᠲᠤᠰᠠ ᠲᠠᠢ ᠰᠢᠳᠡ» ᠭᠡᠪᠡ᠃

ᠣᠶᠤᠨᠪᠠᠲᠤ ᠲᠣᠯᠤᠭᠠᠢ ᠳᠣᠬᠢᠭᠰᠠᠭᠠᠷ ᠡᠬᠡᠨᠡᠷ ᠤᠨ ᠢᠶᠡᠨ ᠬᠠᠵᠠᠭᠤ ᠳᠤ ᠨᠠᠭᠠᠯᠳᠤᠵᠤ ᠰᠠᠭᠤᠪᠠ᠃

ᠰᠡᠳᠭᠢᠯ ᠰᠠᠨᠠᠭ᠎ᠠ ᠨᠢ ᠪᠠᠬᠠᠨ ᠲᠣᠭᠲᠠᠭᠤᠨ ᠪᠣᠯᠤᠭᠰᠠᠨ ᠤ ᠰᠡᠭᠦᠯᠡᠷ ᠨᠢᠳᠦᠨ ᠡᠮᠦᠨᠡᠬᠢ ᠲᠣᠮᠤ ᠠᠰᠠᠭᠤᠯᠲᠠ ᠨᠢ ᠡᠨᠡ ᠡᠷ᠎ᠡ ᠡᠮ᠎ᠡ ᠬᠣᠶᠠᠷ ᠤᠨ ᠲᠠᠷᠢᠬᠢᠨ ᠳᠤ ᠵᠡᠷᠭᠡ ᠪᠡᠷ ᠣᠷᠤᠵᠤ ᠢᠷᠡᠯ᠎ᠡ᠃

«ᠡᠨᠡ ᠴᠢᠨᠢ ᠮᠠᠨ ᠢ ᠴᠣᠬᠤᠮ ᠶᠠᠭᠠᠬᠢᠬᠤ ᠭᠡᠵᠦ ᠪᠠᠢᠭ᠎ᠠ ᠶᠤᠮ︖» ᠭᠡᠵᠦ ᠲᠣᠷᠭᠠᠨᠲᠠᠯ᠎ᠠ ᠨᠢᠳᠦ ᠪᠡᠨ ᠪᠦᠯᠲᠡᠢᠯᠭᠡᠨ ᠭᠠᠢᠬᠠᠭᠰᠠᠨ ᠮᠥᠷᠲᠡᠭᠡᠨ ᠰᠡᠷᠡᠮᠵᠢᠯᠡᠭᠰᠡᠨ ᠬᠠᠷᠠᠴᠠ ᠪᠠᠷ ᠡᠨᠡ ᠬᠦ ᠬᠡᠭᠡᠨᠴᠢᠷ ᠭᠤᠸᠠᠯᠢᠭ ᠣᠷᠳᠤᠨ ᠮᠡᠲᠦ ᠰᠠᠢᠬᠠᠨ ᠥᠷᠦᠭᠡ ᠶᠢ ᠰᠢᠨᠵᠢᠭᠰᠡᠭᠡᠷ ᠠᠰᠠᠭᠤᠬᠤ ᠳᠤ᠄

«ᠮᠡᠳᠡᠬᠦ ᠦᠭᠡᠢ᠂ ᠪᠢ ᠶᠠᠭᠠᠬᠢᠵᠤ ᠪᠣᠳᠤᠭᠠᠳ ᠴᠤ ᠤᠬᠠᠭᠠᠨ ᠢ ᠨᠢ ᠣᠯᠬᠤ ᠦᠭᠡᠢ ᠪᠠᠢᠭᠰᠠᠭᠠᠷ ᠠ᠋» ᠭᠡᠵᠦ ᠣᠶᠤᠨᠪᠠᠲᠤ ᠲᠣᠯᠤᠭᠠᠢ ᠰᠡᠭᠰᠦᠷᠦᠭᠡᠳ᠄«ᠡᠳᠡᠨᠦᠰᠡ ᠴᠣᠬᠤᠮ ᠶᠠᠮᠠᠷ ᠤᠬᠠᠭᠠᠨ ᠭᠠᠷᠭᠠᠵᠤ ᠪᠠᠢᠬᠤ ᠶᠢ ᠪᠤᠤ ᠮᠡᠳᠡ︕ ᠪᠢ ᠶᠠᠭᠠᠬᠢᠭᠰᠠᠨ ᠴᠤ ᠲᠠᠭᠠᠮᠠᠭᠯᠠᠵᠤ ᠣᠯᠬᠤ ᠦᠭᠡᠢ ᠪᠠᠢᠨ᠎ᠠ» ᠭᠡᠵᠦ ᠨᠠᠮ ᠬᠡᠯᠡᠪᠡ᠃

ᠰᠡᠷᠭᠡᠭ᠌ ᠴᠣᠪᠤᠭᠤ ᠵᠠᠩ ᠲᠠᠢ ᠲᠣᠷᠭᠠᠨᠲᠠᠯ᠎ᠠ᠂ ᠪᠠᠢᠰᠢᠩ ᠤᠨ ᠥᠨᠴᠦᠭ᠌ ᠪᠤᠯᠤᠩ ᠠᠴᠠ ᠠᠪᠤᠭᠠᠳ ᠪᠠᠢᠳᠠᠭ ᠡᠳ᠋ ᠲᠠᠸᠠᠷ ᠲᠤᠨᠢ ᠬᠦᠷᠲᠡᠯ᠎ᠡ ᠨᠠᠷᠢᠨ ᠠᠵᠢᠭᠯᠠᠭᠰᠠᠭᠠᠷ ᠭᠡᠨᠡᠳᠲᠡ ᠡᠷ᠎ᠡ ᠶᠢᠨ ᠢᠶᠡᠨ ᠴᠢᠬᠢᠨ ᠳᠤ᠄

«ᠡᠨᠳᠡ ᠴᠢᠨᠢ ᠬᠤᠯᠠᠭᠠᠢᠯᠠᠨ ᠰᠣᠨᠤᠰᠬᠤ ᠮᠠᠰᠢᠨ ᠦᠭᠡᠢ ᠪᠢᠵᠡ︖» ᠭᠡᠵᠦ ᠠᠰᠠᠭᠤᠪᠠ᠃

«ᠪᠠᠢᠪᠠᠯ ᠪᠠᠢᠭ ᠴᠠᠰᠢ ᠨᠢ︕» ᠭᠡᠰᠡᠨ ᠣᠶᠤᠨᠪᠠᠲᠤ ᠬᠣᠭᠤᠯᠠᠢ ᠪᠠᠨ ᠳᠡᠭᠡᠷᠡᠳᠡᠭᠦᠯᠦᠨ ᠵᠣᠷᠢᠭᠤᠳᠠ ᠶᠡᠬᠡ ᠳᠠᠭᠤᠨ ᠢᠶᠠᠷ᠄«ᠪᠢᠳᠡ ᠨᠢᠭᠡ ᠨᠠᠰᠤ ᠪᠠᠷ ᠢᠶᠠᠨ ᠲᠥᠪ ᠦᠨᠡᠨᠴᠢ ᠴᠢᠭᠡᠴᠢ ᠰᠢᠳᠤᠷᠭᠤ ᠪᠠᠷ ᠶᠠᠪᠤᠵᠤ ᠢᠷᠡᠭᠰᠡᠨ ᠤᠯᠤᠰ᠃ ᠭᠡᠷ ᠲᠡᠭᠡᠨ ᠴᠤ ᠲᠡᠷᠡ᠂ ᠭᠠᠳᠠᠭ᠎ᠠ ᠴᠤ ᠲᠡᠷᠡ᠂ ᠡᠭᠦᠷᠢᠳᠡ ᠨᠢᠭᠡ ᠯᠡ ᠶᠠᠩᠵᠤ ᠪᠠᠷ ᠬᠡᠯᠡᠵᠦ ᠶᠠᠷᠢᠵᠤ ᠶᠠᠪᠤᠳᠠᠭ ᠤᠯᠤᠰ ᠠ᠋︕ ᠮᠠᠨ ᠳᠤ ᠨᠢᠭᠤᠵᠤ ᠳᠠᠯᠳᠠᠯᠠᠬᠤ ᠵᠦᠢᠯ ᠭᠡᠵᠦ ᠤᠭ ᠡᠴᠡ ᠥᠴᠦᠬᠡᠨ ᠴᠦ ᠪᠠᠢᠳᠠᠭ ᠦᠭᠡᠢ᠃ ᠬᠤᠯᠠᠭᠠᠢᠯᠠᠵᠤ ᠰᠣᠨᠤᠰᠬᠤ ᠪᠠᠢᠲᠤᠭᠠᠢ ᠰᠢᠩᠭᠡᠭᠡᠭᠡᠳ ᠠᠪᠤᠭᠰᠠᠨ ᠴᠤ ᠪᠣᠯᠤᠨ᠎ᠠ︕» ᠭᠡᠯ᠎ᠡ᠃ ᠲᠡᠳᠡ ᠬᠣᠶᠠᠷ ᠰᠢᠷᠡᠭᠡᠨ ᠳᠡᠭᠡᠷᠡᠬᠢ ᠮᠥᠩᠭᠦᠨ ᠴᠠᠭᠠᠰᠤ ᠲᠠᠢ ᠲᠠᠮᠠᠬᠢ ᠪᠣᠯᠤᠨ ᠠᠩᠬᠢᠯᠤᠮ᠎ᠠ ᠰᠠᠢᠬᠠᠨ ᠴᠠᠢ ᠶᠢ ᠨᠢᠭᠡ ᠴᠦ ᠬᠥᠳᠡᠯᠭᠡᠭᠰᠡᠨ ᠦᠭᠡᠢ᠃ ᠤᠳᠠᠭᠠᠨ ᠡᠳᠦᠷ ᠰᠠᠯᠵᠤ᠂ ᠦᠬᠦᠯ ᠤᠨ ᠲᠠᠮᠤ ᠪᠠᠨ ᠦᠵᠡᠭᠡᠳ ᠳᠠᠬᠢᠨ ᠤᠴᠠᠷᠠᠭᠰᠠᠨ ᠡᠷ᠎ᠡ ᠡᠮ᠎ᠡ ᠬᠣᠶᠠᠭᠤᠯᠠ ᠬᠡᠯᠡᠭᠡᠳ ᠦᠯᠦ ᠪᠠᠷᠠᠬᠤ ᠦᠭᠡ᠂ ᠲᠣᠭᠠᠴᠢᠭᠠᠳ ᠦᠯᠦ ᠪᠠᠷᠠᠬᠤ ᠵᠣᠪᠠᠯᠠᠩ ᠢᠶᠠᠨ ᠶᠠᠷᠢᠯᠴᠠᠭᠰᠠᠭᠠᠷ ᠪᠠᠢᠲᠠᠯ᠎ᠠ ᠰᠥᠨᠢ ᠳᠦᠯᠢ ᠥᠩᠭᠡᠷᠡᠪᠡ᠃ ᠭᠡᠭᠡᠨ ᠰᠠᠷᠠᠨ ᠤ ᠭᠡᠷᠡᠯ ᠨᠢᠮᠭᠡᠨ ᠱᠠ ᠪᠠᠷ ᠬᠢᠭᠰᠡᠨ ᠴᠣᠩᠬᠤᠨ ᠬᠥᠰᠢᠭᠡ ᠶᠢ ᠨᠡᠪᠲᠡᠯᠵᠦ ᠲᠡᠳᠡ ᠬᠣᠶᠠᠷ ᠤᠨ ᠨᠢᠭᠤᠷ ᠳᠡᠭᠡᠷ᠎ᠡ ᠳᠤᠰᠤᠨ᠎ᠠ᠃ ᠣᠶᠤᠨᠪᠠᠲᠤ ᠶᠢᠨ ᠨᠢᠳᠦᠨ ᠡᠴᠡ ᠭᠡᠷᠡᠯᠲᠦᠭᠰᠡᠨ ᠣᠶᠤᠨ ᠤ ᠣᠴᠢ ᠦᠨᠡᠨᠴᠢ ᠰᠡᠳᠭᠢᠯ ᠦᠨ ᠬᠢᠨᠢ ᠨᠠᠮ ᠲᠣᠭᠲᠠᠭᠤᠨ ᠢ ᠬᠠᠷᠠᠭᠤᠯᠤᠨ᠎ᠠ᠃ ᠭᠡᠲᠡᠯ᠎ᠡ ᠡᠨᠡ ᠬᠦ ᠤᠬᠠᠭᠠᠨ ᠲᠥᠬᠦᠭᠡ ᠶᠢ ᠨᠢ ᠣᠯᠬᠤ ᠦᠭᠡᠢ ᠠᠭᠤᠯᠵᠠᠯᠲᠠ ᠪᠣᠯᠤᠨ ᠵᠡᠭᠦᠳᠦᠨ ᠳᠦ ᠣᠷᠤᠮ᠎ᠠ ᠦᠭᠡᠢ«ᠬᠠᠷᠠᠭᠠᠯᠵᠠᠯ» ᠢ ᠪᠣᠳᠤᠬᠤ ᠲᠤᠰᠤᠮ ᠲᠡᠳᠡ ᠬᠣᠶᠠᠷ ᠤᠨ ᠳᠣᠲᠤᠷ᠎ᠠ ᠠᠮᠤᠷ ᠦᠭᠡᠢ ᠪᠣᠯᠵᠤ ᠶᠠᠭ ᠯᠠ ᠴᠠᠭ ᠲᠠᠢ ᠳᠡᠯᠪᠡᠷᠡᠬᠦ ᠪᠥᠮᠪᠦᠭᠡ ᠳᠡᠭᠡᠷ᠎ᠡ ᠰᠠᠭᠤᠭᠰᠠᠨ ᠮᠡᠲᠦ ᠳᠣᠭᠲᠠᠵᠤ ᠶᠠᠳᠠᠨ᠎ᠠ᠃ ᠲᠡᠳᠡ ᠬᠠᠶᠠ ᠬᠥᠮᠦᠰᠭᠡ ᠵᠠᠩᠭᠢᠳᠤᠨ ᠪᠣᠳᠤᠯᠭᠢᠯᠠᠵᠤ᠂ ᠪᠠᠢᠨ ᠪᠠᠢᠨ ᠨᠢᠭᠡ ᠵᠦᠢᠯ ᠦᠨ ᠲᠠᠭᠠᠮᠠᠭᠯᠠᠯ ᠳᠤᠷᠠᠳᠤᠨ ᠶᠠᠷᠢᠯᠴᠠᠭᠰᠠᠭᠠᠷ ᠪᠠᠢᠲᠠᠯ᠎ᠠ ᠭᠡᠭᠡ ᠣᠷᠤᠯ᠎ᠠ᠃

ᠥᠷᠯᠦᠭᠡ ᠶᠢᠨ ᠬᠣᠭᠤᠯᠠ ᠢᠳᠡᠬᠦ ᠵᠠᠭᠤᠷ᠎ᠠ᠂ ᠲᠣᠷᠭᠠᠨᠲᠠᠯ᠎ᠠ ᠭᠡᠨᠡᠳᠲᠡ ᠰᠢ ᠵᠦᠴᠦᠭᠡ᠂ ᠺᠢᠨᠤ᠋᠂ᠤᠷᠠᠨ ᠵᠣᠭᠢᠶᠠᠯ ᠤᠳ ᠲᠤ ᠭᠠᠷᠳᠠᠭ ᠰᠣᠨᠢᠷᠬᠠᠯ ᠲᠠᠢ ᠵᠦᠢᠯ ᠢ ᠪᠣᠳᠤᠵᠤ ᠣᠯᠪᠠ᠄ ᠵᠢᠱ᠋ᠢᠶᠡᠯᠡᠪᠡᠯ᠂ ᠳᠠᠢᠰᠤᠨ᠂ ᠮᠠᠨ ᠤ ᠨᠠᠮ ᠪᠣᠯᠤᠨ ᠴᠡᠷᠢᠭ᠌ ᠦᠨ ᠨᠢᠭᠤᠴᠠ ᠶᠢ ᠮᠡᠳᠡᠬᠦ ᠶᠢᠨ ᠲᠥᠯᠦᠭᠡ ᠪᠠᠷᠢᠪᠴᠢᠯᠠᠭᠳᠠᠭᠰᠠᠨ ᠬᠤᠪᠢᠰᠭᠠᠯᠴᠢᠳ ᠢ ᠶᠠᠩᠵᠤ ᠪᠦᠷᠢ ᠪᠡᠷ ᠡᠷᠡᠭᠦᠳᠡᠨ ᠲᠠᠮᠤᠯᠠᠳᠠᠭ ᠪᠤᠶᠤ ᠡᠷᠬᠢᠮ ᠵᠡᠷᠭᠡ ᠡᠳ᠋ ᠮᠥᠩᠭᠦ᠂ ᠥᠩᠭᠡ ᠵᠢᠰᠦ ᠪᠡᠷ ᠲᠠᠲᠠᠬᠤ ᠵᠡᠷᠭᠡ ᠠᠷᠭ᠎ᠠ ᠪᠦᠬᠦᠨ ᠢ ᠬᠠᠪᠰᠤᠷᠭᠠᠨ ᠬᠡᠷᠡᠭᠯᠡᠳᠡᠭ᠌ ᠭᠡᠳᠡᠭ᠌ ᠰᠠᠨ᠃ ᠡᠨᠡ ᠴᠢᠨᠢ ᠶᠠᠭ ᠳᠠᠢᠰᠤᠨ ᠡᠲᠡᠭᠡᠳ ᠬᠣᠪᠢᠰᠭᠠᠯᠴᠢᠳ ᠲᠤ ᠠᠪᠳᠠᠭ ᠬᠠᠲᠠᠭᠤ ᠵᠥᠭᠡᠯᠡᠨ ᠢ ᠬᠣᠣᠰᠯᠠᠭᠤᠯᠵᠤ ᠪᠠᠢᠭ᠎ᠠ ᠬᠤᠤᠪᠢᠯᠳᠤᠯᠭ᠎ᠠ ᠪᠢᠰᠢ ᠦᠦ︖

ᠣᠶᠤᠨᠪᠠᠲᠤ ᠰᠣᠨᠤᠰᠤᠭᠠᠳ ᠶᠡᠬᠡᠯ᠎ᠡ ᠢᠨᠢᠶᠡᠳᠦ ᠠᠯᠳᠠᠨ᠂ ᠬᠣᠱᠤᠩᠨᠠᠭᠰᠠᠨ ᠪᠠᠢᠳᠠᠯ ᠢᠶᠠᠷ᠄

«ᠲᠡᠭᠡᠪᠡᠯ ᠴᠢ ᠴᠢᠨᠢ ᠥᠴᠦᠭᠡᠳᠦᠷ ᠰᠥᠨᠢ ᠭᠣᠶᠤ ᠡᠬᠡᠨᠡᠷ ᠦᠨ ᠣᠷᠤᠨ ᠳᠤ ᠢᠷᠡᠭᠰᠡᠨ ᠶᠤᠮ ᠪᠠᠢᠨ᠎ᠠ ᠰᠢᠳᠡ᠃ ᠭᠡᠪᠡᠴᠦ ᠳᠥᠴᠢ ᠭᠠᠷᠤᠭᠠᠳ ᠲᠠᠪᠢ ᠰᠢᠬᠠᠭᠰᠠᠨ ᠬᠥᠭᠰᠢᠨ ᠮᠢᠨᠢ ᠴᠢ ᠬᠥᠮᠦᠨ ᠳᠦ ᠲᠣᠭᠤᠭᠳᠠᠬᠤ ᠠᠴᠠ ᠪᠠᠨ ᠥᠩᠭᠡᠷᠡᠴᠢᠬᠡᠵᠡᠢ᠃ ᠬᠡᠷᠪᠡ ᠬᠣᠷᠢᠨ ᠵᠢᠯ ᠦᠨ ᠡᠮᠦᠨᠡᠬᠢ ᠪᠢᠳᠡ ᠬᠣᠶᠠᠷ ᠤᠨ ᠰᠠᠶᠢ ᠬᠣᠷᠢᠮᠯᠠᠬᠤ ᠦᠶ᠎ᠡ ᠰᠢᠭ᠌ ᠪᠠᠢᠭᠰᠠᠨ ᠪᠣᠯ ᠬᠠᠷᠢᠨ ᠨᠡᠯᠢᠶᠡᠳ ᠦᠢᠯᠡᠳᠦᠯ ᠦᠵᠡᠭᠦᠯᠵᠦ ᠴᠦ ᠮᠡᠳᠡᠬᠦ ᠪᠠᠢᠬᠤ ᠁» ᠭᠡᠰᠡᠨ ᠳᠦ ᠲᠣᠷᠭᠠᠨᠲᠠᠯ᠎ᠠ ᠪᠠᠰᠠ ᠬᠠᠳᠠᠭᠠᠨᠠᠲᠠᠯ᠎ᠠ ᠢᠨᠢᠶᠡᠪᠡ᠃

ᠢᠨᠢᠶᠡᠳᠦ ᠨᠢ ᠳᠥᠩᠭᠡᠵᠢ ᠵᠣᠭᠰᠤᠬᠤ ᠦᠶ᠎ᠡ ᠳᠦ ᠥᠴᠦᠭᠡᠳᠦᠷ ᠦᠨ ᠥᠨᠥ ᠬᠣᠶᠠᠷ ᠴᠡᠷᠢᠭ᠌ ᠣᠷᠤᠵᠤ ᠢᠷᠡᠭᠡᠳ᠄«ᠰᠧᠯᠢᠩ ᠳᠠᠷᠤᠭ᠎ᠠ ᠴᠢᠮ᠎ᠠ ᠲᠠᠢ ᠠᠭᠤᠯᠵᠠᠬᠤ ᠭᠡᠨ᠎ᠡ᠂ ᠣᠳᠣ ᠶᠠᠪᠤᠶ᠎ᠠ︕» ᠭᠡᠵᠦ ᠣᠶᠤᠨᠪᠠᠲᠤ ᠳᠤ ᠬᠡᠯᠡᠪᠡ᠃

ᠣᠶᠤᠨᠪᠠᠲᠤ᠂ ᠡᠬᠡᠨᠡᠷ ᠤᠨ ᠢᠶᠡᠨ ᠵᠢᠭᠠᠬᠠᠨ ᠲᠣᠭᠲᠠᠪᠤᠷᠢ ᠦᠭᠡᠢ ᠪᠣᠯᠤᠭᠰᠠᠨ ᠪᠠᠢᠳᠠᠯ ᠢ ᠦᠵᠡᠭᠡᠳ᠂ ᠮᠣᠩᠭᠤᠯ ᠢᠶᠠᠷ ᠪᠠᠬᠠᠨ ᠲᠠᠢᠳᠭᠤᠷᠠᠭᠤᠯᠬᠤ ᠦᠭᠡ ᠬᠡᠯᠡᠭᠡᠳ ᠲᠤᠢᠯ ᠦᠨ ᠳᠣᠲᠤᠨᠤᠰᠤᠭ ᠬᠠᠷᠠᠴᠠ ᠪᠠᠷ ᠨᠢᠭᠡ ᠰᠢᠷᠲᠡᠵᠦ ᠠᠪᠤᠭᠠᠳ ᠬᠣᠶᠠᠷ ᠴᠡᠷᠢᠭ᠌ ᠲᠠᠢ ᠬᠠᠮᠲᠤ ᠭᠠᠷᠴᠤ ᠶᠠᠪᠤᠯ᠎ᠠ᠃

ᠱᠠᠩᠬᠠᠢ ᠱᠤᠰᠢᠭᠠᠳᠤ ᠪᠠᠭ᠎ᠠ ᠮᠠᠰᠢᠨ ᠬᠡᠳᠦ ᠬᠡᠳᠦᠨ ᠳᠠᠪᠬᠤᠷ ᠴᠠᠭᠳᠠᠯᠲᠠ ᠶᠢ ᠥᠩᠭᠡᠷᠡᠭᠡᠵᠦ ᠰᠧᠯᠢᠩ ᠳᠠᠷᠤᠭ᠎ᠠ ᠶᠢᠨ ᠠᠯᠪᠠᠨ ᠭᠠᠵᠠᠷ ᠬᠦᠷᠴᠦ ᠢᠷᠡᠯ᠎ᠡ᠃

ᠣᠶᠤᠨᠪᠠᠲᠤ᠂«ᠦᠭᠡ ᠶᠢᠨ ᠲᠡᠭᠦᠪᠦᠷᠢ» ᠪᠡᠨ ᠡᠮᠦᠨ᠎ᠡ ᠪᠡᠨ ᠪᠠᠷᠢᠵᠤ᠂ ᠰᠧᠯᠢᠩ ᠳᠠᠷᠤᠭ᠎ᠠ ᠶᠢᠨ ᠠᠯᠪᠠᠨ ᠭᠡᠷ ᠲᠦ ᠣᠷᠤᠬᠤ ᠳᠤ᠂«ᠮᠠᠯᠲᠠᠵᠤ ᠠᠷᠢᠯᠭᠠᠬᠤ» ᠬᠥᠳᠡᠯᠭᠡᠭᠡᠨ ᠦ ᠳᠡᠳ᠋ ᠶᠡᠷᠦᠩᠬᠡᠢ ᠵᠢᠯᠤᠭᠤᠳᠤᠭᠴᠢ ᠪᠦᠭᠡᠳ ᠲᠤᠰᠭᠠᠢ ᠬᠡᠷᠡᠭ ᠦᠨ ᠳᠤᠭᠤᠢᠯᠠᠩ ᠤᠨ ᠳᠠᠷᠤᠭ᠎ᠠ ᠰᠢᠳᠠᠮ ᠳᠠᠯᠠᠢ ᠪᠠᠰᠠ ᠰᠧᠯᠢᠩ ᠦᠨ ᠳᠡᠷᠭᠡᠳᠡ ᠰᠠᠭᠤᠵᠤ ᠪᠠᠢᠯ᠎ᠠ᠃

ᠬᠣᠨᠢᠨ ᠮᠢᠬᠠᠨ ᠳᠤ ᠬᠣᠪᠳᠤᠭ ᠴᠢᠨᠤ᠎ᠠ ᠶᠢᠨ ᠰᠢᠨᠤᠯ ᠲᠠᠢ ᠰᠧᠯᠢᠩ ᠳᠠᠷᠤᠭ᠎ᠠ ᠶᠢᠨ ᠲᠠᠭᠳᠠᠭᠠᠷ ᠪᠡᠶ᠎ᠡ ᠨᠢ ᠥᠨᠳᠦᠷ ᠢᠶᠡᠷ ᠢᠶᠡᠨ ᠦᠯᠡᠭᠳᠡᠵᠦ ᠥᠷᠭᠡᠨ ᠢᠶᠡᠷ ᠢᠶᠡᠨ ᠵᠤᠵᠠᠭᠠᠷᠠᠭᠠᠳ ᠥᠪᠦᠷ ᠮᠣᠩᠭᠤᠯ ᠳᠤ ᠰᠠᠶᠢ ᠢᠷᠡᠭᠰᠡᠨ ᠲᠠᠢ ᠨᠢ ᠠᠳᠠᠯᠢᠳᠭᠠᠪᠠᠯ ᠦᠨᠡᠬᠡᠷ ᠪᠣᠷᠳᠤᠭᠠᠨ ᠭᠠᠬᠠᠢ ᠰᠢᠭ ᠪᠣᠯᠵᠠᠢ᠃ ᠲᠡᠷᠡ᠂ ᠨᠢᠭᠤᠷ ᠦᠵᠡᠭᠳᠡᠮ᠎ᠡ ᠥᠩᠭᠡ ᠲᠠᠢ ᠥᠷᠭᠡᠨ ᠰᠢᠷᠡᠭᠡᠨ ᠦ ᠴᠠᠭᠠᠨ᠎ᠠ ᠶᠡᠬᠡᠮᠰᠦᠭ ᠳᠦᠷᠢ ᠪᠡᠷ ᠰᠠᠭᠤᠭᠠᠳ᠂ ᠣᠶᠤᠨᠪᠠᠲᠤ ᠶᠢᠨ ᠵᠦᠭ᠌«ᠰᠠᠭᠤ» ᠭᠡᠰᠡᠨ ᠮᠠᠶᠢ᠍ᠭ ᠲᠠᠢ ᠨᠢᠭᠡ ᠳᠣᠬᠢᠵᠤ᠂ ᠰᠠᠷᠭᠢᠶ᠎ᠠ ᠪᠦᠳᠦᠭᠦᠨ ᠬᠣᠭᠤᠯᠠᠢ ᠪᠠᠨ ᠰᠢᠬᠠᠵᠤ ᠳᠣᠲᠤᠷ᠎ᠠ ᠭᠠᠵᠠᠷ ᠤᠨ ᠬᠢᠲᠠᠳ ᠬᠡᠯᠡ ᠪᠡᠷ᠄

«ᠶᠠᠭᠤᠨ ᠳᠤ ᠴᠢᠮᠠᠢ ᠰᠤᠯᠠᠯᠠᠭᠰᠠᠨ ᠢ ᠮᠡᠳᠡᠵᠦ ᠪᠠᠢᠨ᠎ᠠ ᠤᠤ︖» ᠭᠡᠰᠡᠨ ᠳᠦ ᠣᠶᠤᠨᠪᠠᠲᠤ ᠰᠢᠪ ᠰᠢᠭᠤᠳᠬᠠᠨ ᠢᠶᠠᠷ᠄

«ᠮᠡᠳᠡᠬᠦ ᠦᠭᠡᠢ» ᠭᠡᠪᠡ᠃

«ᠡᠩ᠂ ᠴᠢ ᠮᠡᠳᠡᠬᠦ ᠦᠭᠡᠢ ᠪᠠᠢᠬᠤ ᠨᠢ ᠶᠠᠷᠢᠶᠠᠨ ᠦᠭᠡᠢ» ᠭᠡᠳ ᠰᠧᠯᠢᠩ ᠶᠡᠬᠡᠯ᠎ᠡ ᠰᠦᠷ ᠮᠠᠨᠳᠤᠭᠤᠯᠤᠨ ᠭᠠᠷ ᠲᠡᠬᠢ ᠬᠠᠷᠠᠨᠳᠠ ᠪᠠᠨ ᠡᠷᠭᠢᠯᠳᠦᠭᠦᠯᠦᠨ ᠨᠠᠭᠠᠳᠤᠭᠰᠠᠭᠠᠷ ᠣᠶᠤᠨᠪᠠᠲᠤ ᠶᠢ ᠰᠢᠷᠦᠭᠦᠨ ᠭᠡᠭᠴᠢ ᠰᠢᠷᠲᠡᠵᠦ᠄«ᠴᠢ ᠬᠡᠳᠦᠢᠪᠡᠷ ᠥᠪᠡᠷ ᠦᠨ ᠶᠠᠯ᠎ᠠ ᠪᠠᠨ ᠪᠦᠷᠢᠮᠦᠰᠦᠨ ᠲᠤᠢᠯᠪᠤᠷᠢᠲᠠᠢ ᠲᠤᠰᠢᠶᠠᠭᠰᠠᠨ ᠦᠭᠡᠢ ᠪᠣᠯᠪᠠᠴᠤ ᠮᠠᠨ ᠤ ᠤᠯᠠᠭᠠᠨ ᠵᠠᠰᠠᠭ ᠮᠥᠨ ᠴᠢᠮᠠᠢ ᠢᠲᠡᠭᠡᠭᠰᠡᠭᠡᠷ ᠪᠠᠢᠨ᠎ᠠ᠃ ᠣᠳᠣ ᠪᠢ ᠴᠢᠮ᠎ᠠ ᠳᠤ ᠨᠢᠭᠡ ᠣᠨᠴᠤᠭᠤᠢ ᠁ ᠠ︕ ᠶᠠᠷᠢᠶᠠᠨ ᠦᠭᠡᠢ ᠴᠦ ᠢᠷᠠᠭᠤ ᠠᠯᠳᠠᠷᠲᠠᠢ ᠡᠭᠦᠷᠭᠡ ᠲᠤᠰᠢᠶᠠᠵᠤ ᠥᠭᠭᠦᠶ᠎ᠡ︕ ᠮᠠᠷᠭᠠᠰᠢ ᠮᠠᠨ ᠤ ᠥᠪᠦᠷ ᠮᠣᠩᠭᠤᠯ ᠳᠤ ᠭᠠᠳᠠᠭᠠᠳᠤ ᠶᠢᠨ ᠨᠢᠭᠡᠨ ᠵᠣᠴᠢᠨ ᠢᠷᠡᠬᠦ ᠪᠣᠯᠤᠨ᠎ᠠ᠃ ᠲᠡᠷᠡ ᠪᠣᠯ ᠤᠤᠯ ᠨᠤᠲᠤᠭ ᠤᠨ ᠴᠢᠨᠢ ᠬᠥᠮᠦᠨ ᠪᠥᠭᠡᠳ ᠶᠠᠫᠤᠨ ᠳᠤ ᠰᠤᠷᠤᠯᠴᠠᠵᠤ ᠪᠠᠢᠭᠰᠠᠨ ᠦᠶ᠎ᠡ ᠶᠢᠨ ᠴᠢᠨᠢ ᠬᠠᠮᠲᠤ ᠰᠤᠷᠤᠭᠴᠢ ᠨᠠᠰᠤᠲᠤ ᠪᠣᠯᠤᠨ᠎ᠠ ᠁» ᠭᠡᠵᠦ ᠵᠠᠷᠯᠢᠭᠳᠠᠨ ᠵᠠᠩᠳᠤᠴᠢᠵᠤ ᠪᠠᠢᠬᠤ ᠰᠢᠭ ᠬᠡᠯᠡᠪᠡ᠃

ᠣᠶᠤᠨᠪᠠᠲᠤ ᠰᠣᠨᠤᠰᠤᠭᠠᠳ ᠳᠣᠲᠤᠷ᠎ᠠ ᠪᠠᠨ ᠨᠡᠯᠢᠶᠡᠳ ᠣᠯᠠᠨ ᠶᠠᠭᠤᠮ᠎ᠠ ᠪᠣᠳᠤᠪᠠ᠃

ᠰᠧᠯᠢᠩ ᠦᠭᠡ ᠪᠡᠨ ᠵᠠᠯᠭᠠᠵᠤ᠄«᠁ ᠡᠨᠡ ᠬᠥᠮᠦᠨ ᠣᠳᠣ ᠪᠣᠯ ᠶᠠᠫᠤᠨ ᠳᠤ ᠰᠠᠭᠤᠭ᠎ᠠ ᠳᠤᠮᠳᠠᠳᠤ ᠶᠢᠨ ᠬᠠᠷᠢᠶᠠᠲᠤ ᠨᠠᠷ ᠤᠨ ᠶᠡᠷᠦᠩᠬᠡᠢ ᠡᠪᠯᠡᠯ ᠦᠨ ᠭᠣᠣᠯ ᠲᠣᠯᠤᠭᠠᠢᠯᠠᠭᠴᠢᠳ ᠤᠨ ᠨᠢᠭᠡ ᠨᠢ ᠪᠣᠯᠬᠤ ᠪᠥᠭᠡᠳ ᠳᠣᠮᠳᠠᠳᠤ ᠶᠠᠫᠤᠨ ᠬᠣᠶᠠᠷ ᠤᠯᠤᠰ ᠤᠨ ᠠᠷᠠᠳ ᠲᠦᠮᠡᠨ ᠦ ᠨᠥᠬᠦᠷᠯᠡᠯ ᠤᠨ ᠬᠥᠭᠵᠢᠯᠲᠡ᠂ ᠬᠣᠶᠠᠷ ᠤᠯᠤᠰ ᠤᠨ ᠡᠮ ᠡᠮᠨᠡᠯᠭᠡ ᠶᠢᠨ ᠦᠢᠯᠡᠰ ᠦᠨ ᠬᠠᠮᠲᠤᠷᠠᠨ ᠠᠵᠢᠯᠯᠠᠬᠤ ᠳᠤ ᠴᠥᠮ ᠨᠡᠯᠢᠶᠡᠳ ᠭᠠᠪᠢᠶ᠎ᠠ ᠵᠢᠳᠭᠦᠯ ᠦᠵᠡᠭᠦᠯᠦᠭᠰᠡᠨ ᠶᠤᠮ» ᠭᠡᠪᠡ᠃ ᠪᠢᠯᠳᠠᠤᠴᠢ ᠵᠠᠩ ᠲᠠᠢ ᠰᠢᠳᠠᠮ ᠰᠧᠯᠢᠩ ᠦᠨ ᠦᠭᠡ ᠶᠢ ᠡᠯᠭᠦᠵᠦ ᠠᠪᠤᠭᠠᠳ᠄

«ᠲᠡᠷᠡ ᠬᠥᠮᠦᠨ ᠦ ᠡᠬᠡ ᠣᠷᠤᠨ ᠪᠣᠯᠤᠨ ᠨᠠᠮ ᠳᠠᠭᠠᠨ ᠬᠠᠨᠳᠤᠬᠤ ᠣᠪᠤᠷ ᠨᠢ ᠬᠠᠷᠢᠨ ᠴᠢᠮ᠎ᠠ ᠲᠠᠢ ᠡᠷᠡᠰ ᠣᠨᠳᠣᠣ ᠰᠢᠤ» ᠭᠡᠵᠦ ᠬᠤᠷᠤᠭᠤᠨ ᠳᠠᠭᠠᠨ ᠬᠠᠪᠴᠢᠭᠰᠠᠨ ᠶᠠᠩᠵᠤᠤᠷ ᠤᠨ ᠦᠨᠡᠰᠦ ᠶᠢ ᠬᠦᠴᠦᠲᠡᠢᠬᠡᠨ ᠨᠢᠰᠠᠯᠤᠭᠰᠠᠭᠠᠷ ᠬᠡᠯᠡᠨ᠎ᠡ᠃

ᠰᠧᠯᠢᠩ ᠳᠠᠷᠤᠭ᠎ᠠ ᠮᠤᠨᠴᠤᠭᠤᠷ ᠲᠠᠷᠭᠤᠨ ᠲᠣᠯᠤᠭᠠᠢ ᠪᠠᠨ ᠳᠣᠬᠢᠰᠬᠢᠭᠡᠳ᠄«ᠲᠡᠢᠮᠦ ᠰᠢᠦ︕ ᠵᠠᠷᠢᠮ ᠬᠥᠮᠦᠨ ᠠᠰ ᠤᠨ ᠪᠡᠶ᠎ᠡ ᠨᠢ ᠭᠠᠳᠠᠭᠠᠳᠤ ᠳᠤ ᠪᠠᠢᠪᠠᠴᠤ ᠠᠶᠤᠤᠯᠢᠬᠠᠢ ᠴᠡᠭᠡᠵᠢᠨ ᠳᠡᠭᠡᠨ ᠡᠬᠡ ᠣᠷᠤᠨ ᠢᠶᠡᠨ ᠪᠣᠳᠤᠳᠠᠭ᠂ ᠭᠡᠲᠡᠯ᠎ᠡ ᠮᠠᠨ ᠤ ᠡᠨᠳᠡᠭᠢ ᠶᠢᠨ ᠵᠠᠷᠢᠮ ᠨᠢ ᠬᠠᠷᠢᠨ ᠠᠷᠠᠳ ᠲᠦᠮᠡᠨ ᠦ ᠲᠠᠷᠢᠭᠰᠠᠨ ᠲᠤᠲᠤᠷᠭ᠎ᠠ ᠴᠠᠭᠠᠨ ᠭᠤᠯᠢᠷ ᠢᠶᠠᠷ ᠭᠡᠳᠡᠰᠦ ᠪᠡᠨ ᠪᠣᠷᠳᠤᠵᠤ᠂ ᠤᠯᠤᠰ ᠤᠨ ᠬᠥᠷᠦᠩᠭᠡ ᠮᠥᠩᠭᠦ ᠪᠡᠷ ᠭᠡᠷ ᠢᠶᠡᠨ ᠪᠠᠶᠠᠵᠢᠭᠤᠯᠤᠭᠠᠳ᠂ ᠳᠠᠩᠳᠠ ᠮᠠᠭᠤ ᠬᠡᠷᠡᠭ᠌ ᠦᠢᠯᠡᠳᠴᠦ ᠪᠠᠢᠨ᠎ᠠ ᠁ ᠵᠠ ᠪᠣᠯᠵᠠᠢ᠂ ᠥᠨᠥᠳᠦᠷ ᠡᠳᠡᠭᠡᠷ ᠢ ᠨᠤᠷᠱᠤᠬᠤ ᠪᠠᠨ ᠪᠣᠯᠢᠶ᠎ᠠ︕ ᠭᠠᠳᠠᠭᠠᠳᠤ ᠶᠢᠨ ᠵᠣᠴᠢᠨ ᠢᠷᠡᠨ᠎ᠡ ᠭᠡᠵᠦ ᠪᠠᠢᠬᠤ ᠳᠤ ᠪᠢᠳᠡ ᠤᠭᠲᠤᠬᠤ ᠦᠭᠡᠢ ᠭᠡᠬᠦ ᠦᠭᠡᠢ᠂ ᠬᠥᠮᠦᠨ ᠴᠢᠮ᠎ᠠ ᠲᠠᠢ ᠵᠣᠯᠭᠠᠨ᠎ᠠ ᠭᠡᠵᠦ ᠪᠠᠢᠬᠤ ᠳᠤ ᠪᠢᠳᠡ ᠪᠠᠰᠠ ᠵᠥᠪᠰᠢᠶᠡᠷᠡᠬᠦ ᠦᠭᠡᠢ ᠪᠠᠢᠵᠤ ᠪᠣᠯᠬᠤ ᠦᠭᠡᠢ ᠰᠢᠦ ᠳ᠋ᠠ ᠁» ᠭᠡᠵᠦ ᠬᠡᠯᠡᠭᠡᠳ ᠡᠷᠭᠢᠨ ᠬᠠᠷᠠᠵᠤ ᠰᠢᠳᠠᠮ ᠠᠴᠠ᠄«ᠡᠭᠦᠨ ᠢ ᠥᠨᠥ ᠭᠡᠷ ᠲᠤᠨᠢ ᠣᠷᠤᠭᠤᠯᠴᠢᠬᠠᠭᠰᠠᠨ ᠤᠤ︖ ᠶᠠᠮᠠᠷ ᠰᠢᠭ ᠲᠥᠪᠬᠢᠨᠡᠭᠦᠯᠪᠡ ᠳ᠋ᠠ︖» ᠭᠡᠵᠦ ᠠᠰᠠᠭᠤᠬᠤ ᠳᠤ᠂ ᠰᠢᠳᠠᠮ ᠳᠣᠣᠷ᠎ᠠ ᠪᠠᠨ ᠪᠣᠰᠴᠤ ᠵᠣᠭᠰᠤᠭᠠᠳ᠄

«ᠪᠦᠷ ᠰᠠᠢᠬᠠᠨ ᠳᠥᠪᠬᠢᠨᠡᠭᠦᠯᠴᠢᠭᠡᠭᠰᠡᠨ ᠡ︕» ᠭᠡᠵᠦ ᠴᠢᠷᠠᠢ ᠳᠦᠭᠦᠷᠡᠩ ᠢᠨᠢᠶᠡᠵᠦ ᠬᠠᠷᠢᠭᠤᠯᠤᠭᠠᠳ᠂ ᠣᠶᠤᠨᠪᠠᠲᠤ ᠥᠭᠡᠳᠡ ᠬᠠᠷᠠᠵᠤ«ᠶᠠᠮᠠᠷ ᠪᠤᠢ︖ ᠤᠤᠯ ᠤᠨ ᠬᠠᠷ᠎ᠠ ᠭᠡᠷ ᠡᠴᠡ ᠴᠢᠨᠢ ᠬᠠᠮᠢᠶ᠎ᠠ ᠦᠭᠡᠢ ᠭᠠᠩᠭᠠᠩ ᠪᠢᠰᠢ ᠦᠦ︖» ᠭᠡᠨ᠎ᠡ᠃

ᠣᠶᠤᠨᠪᠠᠲᠤ ᠰᠡᠭᠡᠰᠬᠢᠨ ᠤᠬᠠᠭᠠᠷᠠᠵᠤ᠂ ᠳᠣᠲᠤᠷ᠎ᠠ ᠨᠢ ᠤᠯᠠᠮ ᠪᠠᠴᠢᠮᠳᠠᠨ᠂ ᠥᠪᠡᠷ ᠦᠨ ᠡᠷᠬᠡ ᠦᠭᠡᠢ ᠣᠷᠤᠨ ᠠᠴᠠ ᠪᠠᠨ ᠪᠣᠰᠴᠤ ᠵᠣᠭᠰᠤᠭᠠᠳ᠂ ᠰᠧᠯᠢᠩ ᠳᠠᠷᠤᠭ᠎ᠠ ᠶᠢᠨ ᠡᠰᠡᠷᠭᠦ ᠠᠷᠠᠢ ᠯᠠ«ᠨᠥᠬᠦᠷ ᠡ» ᠭᠡᠵᠦ ᠳᠠᠭᠤᠳᠠᠴᠢᠬᠠᠬᠤ ᠰᠢᠬᠠᠯ᠎ᠠ᠃ ᠰᠣᠶᠣᠯ ᠤᠨ ᠬᠤᠪᠢᠰᠭᠠᠯ ᠤᠨ ᠡᠬᠢᠨ ᠦ ᠦᠶ᠎ᠡ ᠳᠦ ᠤᠳᠠᠭᠠᠨ ᠵᠢᠯ ᠦᠨ ᠵᠠᠩᠰᠢᠯ ᠵᠣᠷᠰᠢᠯ ᠢᠶᠠᠷ ᠢᠶᠠᠨ ᠬᠤᠪᠢᠰᠭᠠᠯᠲᠤ ᠣᠯᠠᠨ ᠲᠦᠮᠡᠨ ᠢ«ᠨᠥᠬᠦᠷ» ᠭᠡᠵᠦ ᠳᠠᠭᠤᠳᠠᠭᠠᠳ ᠪᠠᠭ᠎ᠠ ᠦᠭᠡᠢ ᠣᠯᠠᠨ ᠬᠠᠴᠠᠷ ᠢᠶᠠᠨ ᠬᠠᠰᠢᠭᠤᠯᠤᠭᠰᠠᠨ ᠪᠢᠯᠡ᠃ ᠣᠳᠣ ᠡᠨᠡ ᠳᠠᠳᠭᠠᠯ ᠢᠶᠠᠨ ᠶᠠᠭᠤ ᠴᠤ ᠭᠡᠰᠡᠨ ᠴᠢᠳᠠᠨ ᠶᠠᠳᠠᠨ ᠬᠠᠯᠠᠵᠤ ᠳᠡᠢᠯᠦᠯ᠎ᠡ᠃ ᠲᠡᠷᠡ ᠦᠪ ᠦᠨᠡᠨ ᠭᠣᠶᠤᠴᠢᠯᠠᠭᠰᠠᠨ ᠰᠡᠳᠭᠢᠯᠭᠡ ᠪᠡᠷ᠄

«ᠰᠧᠯᠢᠩ ᠮᠢᠨᠢ ᠡ᠂ ᠠᠭᠤᠴᠢᠯᠠᠴᠢᠬ᠎ᠠ ᠡ︕ ᠪᠢ ᠲᠡᠭᠦᠨ ᠲᠠᠢ ᠳᠠᠬᠢᠭᠠᠳ ᠠᠭᠤᠯᠵᠠᠬᠤ ᠪᠠᠨ ᠪᠣᠯᠢᠶ᠎ᠠ᠃ ᠲᠡᠷᠡ ᠵᠢᠯ ᠦᠨ ᠠᠭᠤᠯᠵᠠᠭᠰᠠᠨ ᠢᠶᠠᠨ ᠪᠢ ᠭᠤᠷᠪᠠᠨ ᠵᠢᠯ ᠲᠤᠰᠢᠶᠠᠭᠠᠳ ᠪᠠᠰᠠ ᠪᠠᠷᠠᠭᠠᠳᠤᠢ ᠪᠠᠢᠭᠰᠠᠭᠠᠷ ᠠ᠋᠃ ᠬᠡᠷᠪᠡ ᠳᠠᠬᠢᠭᠠᠳ ᠠᠭᠤᠯᠵᠠᠪᠠᠯ ᠮᠢᠨᠦ ᠡᠨᠡ ᠲᠡᠦᠬᠡᠨ ᠳᠡᠭᠡᠷᠡᠬᠢ ᠲᠠᠩᠨᠠᠭᠤᠯ᠂ ᠭᠠᠳᠠᠭᠠᠳᠤ ᠲᠠᠢ ᠰᠦᠯᠪᠡᠭᠡᠯᠳᠦᠭᠰᠡᠨ ᠡᠲᠡᠭᠡᠳ ᠵᠡᠷᠭᠡ ᠶᠠᠯ᠎ᠠ ᠪᠠᠰᠠ ᠰᠢᠨ᠎ᠡ ᠠᠭᠤᠯᠭ᠎ᠠ ᠲᠠᠢ ᠪᠣᠯᠵᠤ ᠨᠠᠰᠤᠨ ᠳᠠᠭᠠᠨ ᠲᠤᠰᠢᠶᠠᠭᠠᠳ ᠪᠠᠷᠠᠬᠤ ᠦᠭᠡᠢ ᠶᠠᠪᠤᠳᠠᠯ ᠪᠣᠯᠤᠨ᠎ᠠ᠃ ᠲᠠ ᠁ ᠨᠠᠮᠠᠢ ᠶᠠᠭᠠᠬᠢᠭᠰᠠᠨ ᠴᠤ ᠲᠡᠭᠦᠨ ᠲᠠᠢ ᠳᠠᠬᠢᠭᠠᠳ ᠪᠤᠤ ᠯᠠ ᠠᠭᠤᠯᠵᠠᠭᠤᠯ ᠳ᠋ᠠ᠂ ᠪᠢ ᠰᠧᠯᠢᠩ ᠳᠦ ᠭᠤᠶᠤᠶ᠎ᠠ» ᠭᠡᠪᠡ᠃

«ᠣᠳᠣ ᠪᠣᠯ ᠤᠳᠤᠷᠢᠳᠤᠯᠭ᠎ᠠ ᠠᠴᠠ ᠴᠢᠮᠠᠢ ᠲᠡᠭᠦᠨ ᠲᠠᠢ ᠠᠭᠤᠯᠵᠠᠭᠤᠯᠬᠤ ᠭᠡᠵᠦ ᠪᠠᠢᠨ᠎ᠠ᠂ ᠥᠩᠭᠡᠷᠡᠭᠰᠡᠨ ᠲᠠᠢ ᠲᠠᠭᠠᠷᠠᠬᠤ ᠦᠭᠡᠢ» ᠭᠡᠵᠦ ᠰᠧᠯᠢᠩ ᠳᠠᠷᠤᠭ᠎ᠠ ᠪᠦᠳᠦᠭᠦᠨ ᠬᠣᠭᠤᠯᠠᠢ ᠪᠠᠷ ᠬᠡᠯᠡᠨ᠎ᠡ᠃

«ᠥᠩᠭᠡᠷᠡᠭᠰᠡᠨ ᠳᠦ ᠴᠦ ᠮᠥᠨ ᠤᠳᠤᠷᠢᠳᠤᠯᠭ᠎ᠠ ᠠᠴᠠ ᠠᠭᠤᠯᠵᠠᠭᠤᠯᠤᠭᠰᠠᠨ ᠰᠢᠤ ᠳ᠋ᠠ» ᠭᠡᠵᠦ ᠣᠶᠤᠨᠪᠠᠲᠤ ᠶᠢ ᠬᠡᠯᠡᠬᠦ ᠳᠦ ᠰᠢᠳᠠᠮ ᠥᠨᠳᠦᠷ ᠳᠠᠭᠤᠨ ᠢᠶᠠᠷ᠄

«ᠲᠡᠳᠡ ᠴᠢᠨᠢ ᠶᠠᠮᠠᠷ ᠤᠳᠤᠷᠢᠳᠤᠯᠭ᠎ᠠ ᠶᠤᠮ︖ ᠨᠢᠭᠡ ᠨᠢᠭᠡ ᠪᠡᠷ ᠢᠶᠡᠨ ᠨᠠᠮ ᠢ ᠡᠰᠡᠷᠭᠦᠴᠡᠵᠦ ᠤᠯᠤᠰ ᠡᠴᠡ ᠤᠷᠪᠠᠬᠤ ᠪᠦᠯᠦᠭ ᠦᠨ ᠭᠣᠣᠯ ᠬᠦᠴᠦᠨ ᠨᠤᠭᠦᠳ ᠪᠥᠭᠡᠳ ᠨᠢᠭᠡ ᠪᠦᠯᠦᠭ ᠤᠷᠪᠠᠭᠴᠢ ᠲᠠᠩᠨᠠᠭᠤᠯ᠂ ᠬᠥᠷᠦᠩᠭᠡᠲᠦ ᠶᠣᠰᠤᠨ ᠤ ᠵᠠᠮ ᠢᠶᠠᠷ ᠶᠠᠪᠤᠭᠴᠢ ᠡᠷᠬᠡ ᠪᠠᠷᠢᠭᠴᠢᠳ ᠮᠥᠨ᠂ ᠲᠠ ᠨᠠᠷ ᠴᠥᠮ ᠨᠢᠭᠡ ᠡᠭᠦᠷ ᠤᠨ ᠡᠯᠪᠡᠩᠭᠦ︕ ᠡᠢᠮᠦ ᠡᠴᠡ ᠰᠧᠯᠢᠩ ᠢᠶᠡᠷ ᠮᠠᠩᠯᠠᠢᠯᠠᠭᠤᠯᠤᠭᠰᠠᠨ ᠤᠯᠠᠭᠠᠨ ᠵᠠᠰᠠᠭ ᠲᠠᠢ ᠶᠠᠭᠠᠬᠢᠵᠤ ᠠᠳᠠᠯᠢᠳᠭᠠᠵᠤ ᠪᠣᠯᠬᠤ ᠪᠤᠢ︖» ᠭᠡᠵᠦ ᠰᠧᠯᠢᠩ ᠦᠨ ᠴᠢᠷᠠᠢ ᠶᠢ ᠰᠡᠮᠬᠡᠨ ᠬᠠᠷᠠᠵᠤ ᠠᠪᠤᠭᠠᠳ«ᠦᠵᠡ︕ ᠴᠢᠨᠦ ᠠᠩᠭᠢ ᠶᠢᠨ ᠵᠣᠭᠰᠤᠯᠲᠠ ᠴᠢᠨᠢ ᠥᠴᠦᠬᠡᠨ ᠴᠦ ᠰᠢᠯᠵᠢᠭᠰᠡᠨ ᠦᠭᠡᠢ ᠪᠠᠢᠭᠰᠠᠭᠠᠷ︕» ᠭᠡᠵᠦ ᠣᠶᠤᠨᠪᠠᠲᠤ ᠶᠢ ᠶᠡᠬᠡᠯ᠎ᠡ ᠪᠤᠷᠤᠭᠤᠰᠢᠶᠠᠨ ᠵᠢᠮᠡᠯᠡᠪᠡ᠃

«ᠵᠦᠢᠲᠡᠢ︕ ᠡᠢᠮᠦ ᠡᠴᠡ ᠪᠢ ᠨᠡᠩ ᠴᠦ ᠭᠠᠳᠠᠭᠠᠳᠤ ᠤᠯᠤᠰ ᠤᠨ ᠬᠥᠮᠦᠨ ᠲᠠᠢ ᠠᠭᠤᠯᠵᠠᠬᠤ ᠡᠷᠬᠡ ᠦᠭᠡᠢ» ᠭᠡᠵᠦ ᠣᠶᠤᠨᠪᠠᠲᠤ ᠳᠣᠷᠤᠭᠰᠢ ᠬᠠᠷᠠᠭᠰᠠᠭᠠᠷ ᠬᠡᠯᠡᠭᠡᠳ᠂ ᠳᠣᠲᠤᠷ᠎ᠠ ᠪᠠᠨ ᠡᠨᠡ ᠭᠠᠢᠬᠠᠯ ᠨᠠᠮᠠᠢ ᠳᠡᠭᠡᠷ᠎ᠡ ᠳᠡᠭᠡᠷ᠎ᠡ ᠨᠢ ᠪᠤᠷᠤᠭᠤᠰᠢᠶᠠᠨ ᠰᠢᠭᠦᠮᠵᠢᠯᠡᠵᠦ᠂ ᠰᠧᠯᠢᠩ ᠦᠨ ᠡᠮᠦᠨ᠎ᠡ ᠮᠢᠨᠦ ᠦᠵᠡᠯ ᠰᠠᠨᠠᠭ᠎ᠠ ᠶᠢ ᠲᠡᠷᠰᠯᠡᠭᠦᠦ ᠶᠢᠨ ᠲᠤᠢᠯ ᠳᠤ ᠲᠤᠯᠲᠠᠯ᠎ᠠ ᠬᠡᠯᠡᠪᠡᠯ ᠨᠡᠩ ᠰᠠᠢᠨ᠂ ᠡᠨᠡ ᠤᠳᠠᠭ᠎ᠠ ᠶᠢᠨ ᠠᠭᠤᠯᠵᠠᠯᠲᠠ ᠠᠴᠠ ᠨᠠᠮᠠᠢ ᠳᠥᠩᠭᠡᠭᠡᠳ ᠬᠡᠯᠲᠦᠷᠢᠭᠦᠯᠴᠢᠬᠡᠪᠡᠯ ᠪᠣᠯᠴᠢᠬᠠᠨ᠎ᠠ ᠭᠡᠵᠦ ᠪᠣᠳᠤᠨ᠎ᠠ᠃« ᠪᠢᠳᠡ ᠡᠨᠳᠡ ᠦᠭᠡᠭᠦᠦ ᠠᠩᠭᠢ ᠶᠢᠨ ᠰᠧᠯᠢᠩᠪᠦ᠋ ᠶᠢ ᠲᠥᠯᠦᠭᠡᠯᠡᠵᠦ᠂ ᠠᠩᠭᠢ ᠶᠢᠨ ᠳᠠᠢᠰᠤᠨ ᠲᠠᠢ ᠪᠠᠢᠯᠳᠤᠵᠤ ᠪᠠᠢᠨ᠎ᠠ︕» ᠭᠡᠵᠦ ᠰᠧᠯᠢᠩ ᠠᠪ ᠠᠭᠠᠵᠢᠭᠤ ᠳᠤᠤᠭᠠᠷᠤᠭᠠᠳ᠄«ᠪᠢᠳᠡ ᠪᠣᠯ ᠨᠠᠮ ᠤᠨ ᠲᠥᠷᠦ ᠶᠢᠨ ᠪᠣᠳᠤᠯᠭ᠎ᠠ ᠶᠢ ᠡᠷᠡᠰ ᠰᠢᠭᠤᠷᠬᠠᠢ ᠲᠤᠤᠱᠯᠠᠭᠤᠯᠵᠤ᠂ ᠦᠰᠦᠨ ᠲᠡᠳᠦᠢ ᠴᠦ ᠭᠠᠵᠢᠭᠤᠳᠠᠭᠤᠯᠳᠠᠭ ᠦᠭᠡᠢ ᠶᠤᠮ᠃ ᠪᠢᠳᠡ ᠴᠢᠮᠠᠢ ᠥᠨᠥᠳᠦᠷ ᠪᠠᠰᠠ ᠲᠠᠩᠨᠠᠭᠤᠯ ᠤᠨ ᠬᠥᠳᠡᠯᠭᠡᠭᠡᠨ ᠲᠠᠢ ᠪᠠᠢᠨ᠎ᠠ ᠭᠡᠵᠦ ᠬᠡᠷᠡᠭ᠌ ᠨᠥᠮᠦᠷᠦᠭᠦᠯᠵᠦ᠂ ᠬᠢᠯᠢᠰᠳᠡᠭᠦᠯᠬᠦ ᠪᠡᠷ ᠦᠭᠡᠢ᠃ ᠦᠨᠡᠨ ᠳᠡᠭᠡᠨ ᠴᠢ ᠴᠦ ᠪᠠᠰᠠ ᠥᠩᠭᠡᠷᠡᠭᠰᠡᠨ ᠲᠠᠢ ᠪᠡᠨ ᠠᠳᠠᠯᠢ ᠪᠠᠷ ᠲᠡᠳᠡᠭᠡᠷ ᠠᠵᠢᠯᠯᠠᠭ᠎ᠠ ᠶᠢ ᠦᠢᠯᠡᠳᠴᠦ ᠴᠦ ᠴᠢᠳᠠᠬᠤ ᠦᠭᠡᠢ ᠶᠤᠮ᠃ ᠪᠢᠳᠡ ᠴᠢᠨᠦ ᠡᠨᠡ ᠪᠠᠢᠳᠠᠯ ᠢ ᠪᠦᠷ ᠮᠡᠳᠡᠵᠦ ᠪᠠᠢᠨ᠎ᠠ» ᠭᠡᠪᠡ᠃

᠁ ᠡᠨᠡ ᠦᠶ᠎ᠡ ᠳᠦ᠂ ᠰᠧᠯᠢᠩ ᠦᠨ ᠰᠢᠷᠡᠭᠡᠨ ᠳᠡᠭᠡᠷᠡᠬᠢ ᠳ᠋ᠢᠶᠠᠩᠬᠤᠸᠠ ᠲᠠᠷᠴᠢᠭᠢᠨᠠᠪᠠ᠃ ᠬᠠᠷᠢᠯᠴᠠᠭᠤᠷ ᠢ ᠯᠠᠷᠵᠢᠶ᠎ᠠ ᠲᠠᠢ ᠭᠡᠭᠴᠢ ᠪᠡᠷ ᠲᠣᠰᠴᠤ᠂ ᠤᠷᠲᠤ ᠠᠶᠠᠯᠭ᠎ᠠ ᠲᠠᠲᠠᠨ« ᠸᠧᠢ - ᠬᠡᠨ ᠪᠤᠢ︖» ᠭᠡᠰᠡᠨ ᠢᠶᠡᠨ ᠳᠣᠣᠷ᠎ᠠ ᠪᠠᠨ ᠰᠠᠨᠳᠤᠷᠴᠤ ᠬᠣᠶᠠᠷ ᠭᠠᠷ ᠢᠶᠠᠷ ᠢᠶᠠᠨ ᠬᠠᠷᠢᠯᠴᠠᠭᠤᠷ ᠢ ᠠᠳᠭᠤᠨ᠂ ᠥᠪᠡᠷ ᠦᠨ ᠡᠷᠬᠡ ᠦᠭᠡᠢ ᠪᠣᠰᠴᠤ ᠵᠣᠭᠰᠤᠭᠠᠳ ᠬᠢᠴᠢᠶᠡᠩᠭᠦᠢᠯᠡᠨ ᠴᠢᠩᠨᠠᠵᠤ᠄«ᠵᠠ ᠁ ᠪᠢ ᠮᠥᠨ ᠁ ᠮᠡᠳᠡᠴᠢᠭᠡᠯ᠎ᠡ ᠁ ᠵᠠ ᠵᠠ ᠁ ᠡᠨᠡ᠂ ᠮᠠᠷᠭᠠᠰᠢ ᠦᠳᠡ ᠶᠢᠨ ᠡᠮᠦᠨ᠎ᠡ ᠢᠷᠡᠨ᠎ᠡ ᠭᠡᠨ᠎ᠡ ᠁ ᠲᠡᠭᠦᠨ ᠢ ᠨᠢᠭᠡᠨᠲᠡ ᠲᠠᠯᠪᠢᠭᠠᠳ ᠪᠠᠢᠨ᠎ᠠ᠂ ᠪᠢ ᠣᠳᠣ ᠶᠠᠭ ᠲᠡᠭᠦᠨ ᠲᠠᠢ ᠶᠠᠷᠢᠯᠴᠠᠵᠤ ᠪᠠᠢᠨ᠎ᠠ ᠁ ᠵᠠ᠂ ᠵᠠ᠂ ᠲᠡᠢᠮᠦ᠂ ᠲᠡᠢᠮᠦ᠂ ᠴᠥᠬᠡᠨ ᠲᠣᠭᠠᠲᠤ ᠦᠨᠳᠦᠰᠦᠲᠡᠨ ᠦ ᠰᠡᠬᠡᠭᠡᠲᠡᠨ ᠲᠤᠩ ᠴᠥᠬᠡᠨ᠎ᠡ ᠁ ᠵᠠ᠂ ᠵᠠ᠂ ᠴᠢᠳᠠᠪᠤᠷᠢᠲᠠᠨ ᠡᠷᠳᠡᠮᠲᠡᠨ ᠨᠠᠷ ᠢ ᠬᠠᠢᠷᠠᠯᠠᠪᠠᠯ ᠵᠣᠬᠢᠨ᠎ᠠ ᠁ ᠵᠠ ᠁» ᠭᠡᠰᠡᠨ ᠢᠶᠡᠨ ᠲᠡᠷᠡ ᠰᠠᠨᠳᠤᠷᠴᠤ ᠭᠠᠷ ᠲᠡᠬᠢ ᠬᠠᠷᠢᠯᠴᠠᠭᠤᠷ ᠢᠶᠠᠨ ᠵᠢᠭᠠᠭᠠᠳ ᠣᠶᠤᠨᠪᠠᠲᠤ ᠶᠢ ᠳᠠᠯᠠᠯᠤᠨ ᠳᠣᠣᠷ᠎ᠠ ᠳᠠᠭᠤᠨ ᠢᠶᠠᠷ᠄

«ᠨᠠᠰᠢ ᠪᠠᠨ᠂ ᠨᠠᠰᠢ ᠪᠠᠨ᠂ ᠬᠤᠷᠳᠤᠨ ᠢᠷ᠎ᠡ︕ ᠵᠧᠦ ᠶᠡᠷᠦᠩᠬᠡᠢ ᠰᠠᠢᠳ ᠴᠢᠮ᠎ᠠ ᠲᠠᠢ ᠦᠭᠡ ᠬᠡᠯᠡᠯᠴᠡᠨ᠎ᠡ ᠭᠡᠨ᠎ᠡ︕ ᠬᠤᠷᠳᠤᠯᠠ︕» ᠭᠡᠪᠡ᠃

ᠣᠶᠤᠨᠪᠠᠲᠤ᠂ ᠭᠱᠠᠨ ᠵᠠᠭᠤᠷ᠎ᠠ ᠴᠡᠭᠡᠵᠢ ᠳᠡᠯᠪᠡᠷᠡᠮ᠎ᠡ ᠪᠠᠶᠠᠷᠯᠠᠵᠤ᠂ ᠬᠥᠭᠡᠷᠬᠦ ᠰᠡᠳᠭᠢᠯᠭᠡ ᠪᠡᠨ ᠳᠠᠷᠤᠵᠤ ᠳᠡᠢᠯᠬᠦ ᠦᠭᠡᠢ ᠪᠣᠯᠵᠤ᠂ ᠬᠥᠯ ᠨᠢᠷᠤᠭᠤ ᠡᠪᠡᠳᠬᠦ ᠪᠡᠨ ᠲᠠᠭ ᠮᠠᠷᠲᠠᠭᠠᠳ ᠠᠯᠪᠠᠨ ᠰᠢᠷᠭᠡᠨ ᠳᠡᠷᠭᠡᠳᠡ ᠭᠦᠶᠦᠨ ᠬᠦᠷᠴᠦ ᠬᠠᠷᠢᠯᠴᠠᠭᠤᠷ ᠢ ᠬᠣᠶᠠᠷ ᠭᠠᠷ ᠢᠶᠠᠷ ᠢᠶᠠᠨ ᠲᠣᠰᠴᠤ ᠠᠪᠤᠭᠠᠳ᠄

«ᠶᠡᠷᠦᠩᠬᠡᠢ ᠰᠠᠢᠳ ᠠ᠋︕ ᠪᠢ ᠣᠶᠤᠨᠪᠠᠲᠤ ᠮᠥᠨ︕» ᠭᠡᠵᠦ ᠴᠡᠴᠡᠷᠭᠡᠨᠡᠭᠰᠡᠨ ᠬᠣᠭᠤᠯᠠᠢ ᠪᠠᠷ ᠮᠡᠳᠡᠭᠦᠯᠦᠯ᠎ᠡ᠃

«ᠦ᠂ ᠨᠥᠬᠦᠷ ᠣᠶᠤᠨᠪᠠᠲᠤ ᠲᠠ ᠰᠠᠢᠨ ᠪᠠᠢᠨ᠎ᠠ ᠤᠤ︖ ᠴᠢᠨᠦ ᠰᠠᠢᠨ ᠲᠠᠨᠢᠯ ᠨᠠᠰᠤᠲᠤ ᠴᠢᠨᠢ ᠶᠠᠫᠤᠨ ᠠᠴᠠ ᠬᠦᠷᠦᠭᠡᠳ ᠢᠷᠡᠯ᠎ᠡ᠃ ᠲᠡᠷᠡ ᠪᠣᠯ ᠮᠠᠨ ᠤ ᠨᠠᠢᠵᠠ ᠶᠤᠮ᠃ ᠡᠨᠡ ᠤᠳᠠᠭ᠎ᠠ ᠤᠯᠤᠰ ᠲᠠᠭᠠᠨ ᠲᠣᠭᠤᠷᠢᠬᠤ ᠪᠠᠷ ᠢᠷᠡᠬᠦ ᠳᠡᠭᠡᠨ ᠴᠢᠨᠦ ᠡᠮ ᠦᠨ ᠵᠣᠷ ᠢᠶᠠᠷ ᠬᠢᠭᠰᠡᠨ ᠵᠢᠷᠦᠬᠡᠨ ᠰᠤᠳᠠᠰᠤ ᠶᠢᠨ ᠡᠪᠡᠳᠴᠢᠨ ᠢ ᠵᠠᠰᠠᠬᠤ ᠰᠢᠨ᠎ᠡ ᠡᠮ ᠠᠪᠴᠢᠷᠠᠵᠤ ᠥᠭᠴᠡᠢ» ᠭᠡᠬᠦ ᠶᠡᠷᠦᠩᠬᠡᠢ ᠰᠠᠢᠳ ᠤᠨ ᠬᠠᠯᠠᠭᠤᠨ ᠳᠣᠲᠤᠨᠤ ᠳᠠᠭᠤ ᠨᠢ ᠣᠶᠤᠨᠪᠠᠲᠤ ᠶᠢᠨ ᠴᠢᠬᠢᠨ ᠳᠤ ᠲᠣᠪ ᠲᠣᠳᠤᠬᠠᠨ ᠰᠣᠨᠤᠰᠳᠠᠨ᠎ᠠ᠃

«ᠡᠨᠡ ᠡᠮ ᠶᠠᠫᠤᠨ ᠳᠤ ᠨᠡᠯᠢᠶᠡᠳ ᠰᠠᠢᠨ ᠦᠢᠯᠡᠳᠦᠯ ᠦᠵᠡᠭᠦᠯᠵᠡᠢ᠃ ᠣᠳᠣ ᠨᠠᠰᠤᠲᠤ ᠠᠪᠤᠭᠠᠢ ᠴᠢᠮᠠᠢ ᠡᠷᠢᠨ ᠣᠴᠢᠵᠤ᠂ ᠣᠢᠷ᠎ᠠ ᠶᠢᠨ ᠵᠢᠯ ᠦᠨ ᠰᠤᠳᠤᠯᠤᠯᠲᠠ ᠶᠢᠨ ᠬᠢᠷᠢ ᠪᠦᠲᠦᠮᠵᠢ ᠶᠢ ᠴᠢᠨᠢ ᠣᠢᠯᠠᠭᠠᠨ ᠰᠤᠷᠤᠯᠴᠠᠵᠤ᠂ ᠴᠢᠮ᠎ᠠ ᠲᠠᠢ ᠤᠯᠠᠮ ᠨᠢᠭᠡ ᠠᠯᠬᠤᠮ ᠬᠠᠮᠲᠤᠷᠠᠨ ᠠᠵᠢᠯᠯᠠᠬᠤ ᠰᠠᠨᠠᠭ᠎ᠠ ᠲᠠᠢ ᠪᠠᠢᠨ᠎ᠠ᠃ ᠡᠨᠡ ᠪᠣᠯ ᠰᠢᠨᠵᠢᠯᠡᠬᠦ ᠤᠬᠠᠭᠠᠨ ᠤ ᠲᠠᠯ᠎ᠠ ᠪᠠᠷ ᠨᠡᠯᠢᠶᠡᠳ ᠬᠤᠪᠢ ᠨᠡᠮᠡᠭᠦᠷᠢ ᠦᠵᠡᠭᠦᠯᠬᠦ ᠢᠷᠠᠭᠤ ᠠᠯᠳᠠᠷᠲᠠᠢ ᠠᠵᠢᠯ ᠪᠣᠯᠤᠨ᠎ᠠ᠃ ᠪᠢ ᠲᠠ ᠨᠠᠷ ᠤᠨ ᠬᠠᠮᠲᠤᠷᠠᠨ ᠠᠵᠢᠯᠯᠠᠵᠤ᠂ ᠨᠡᠩ ᠶᠡᠬᠡ ᠠᠮᠵᠢᠯᠲᠠ ᠣᠯᠵᠤ᠂ ᠳᠤᠮᠳᠠᠳᠤ ᠶᠠᠫᠤᠨ ᠬᠣᠶᠠᠷ ᠤᠯᠤᠰ ᠤᠨ ᠠᠷᠠᠳ ᠲᠦᠮᠡᠨ ᠪᠣᠯᠤᠨ ᠳᠡᠯᠡᠬᠡᠢ ᠶᠢᠨ ᠠᠷᠠᠳ ᠲᠦᠮᠡᠨ ᠳᠦ ᠶᠡᠬᠡ ᠭᠠᠪᠢᠶ᠎ᠠ ᠵᠢᠳᠭᠦᠯ ᠢᠶᠡᠨ ᠡᠷᠭᠦᠬᠦ ᠶᠢ ᠴᠢᠨᠢ ᠢᠷᠦᠭᠡᠶ᠎ᠡ᠃»

«ᠶᠡᠷᠦᠩᠬᠡᠢ ᠰᠠᠢᠳ ᠤᠨ ᠬᠠᠷᠠᠭᠠᠯᠵᠠᠯ ᠳᠤ ᠲᠠᠯᠠᠷᠬᠠᠵᠤ ᠪᠠᠢᠨ᠎ᠠ︕» ᠭᠡᠳ ᠣᠶᠤᠨᠪᠠᠲᠤ ᠨᠢᠳᠦᠨ ᠳᠡᠭᠡᠨ ᠲᠠᠯᠠᠷᠬᠠᠯ ᠤᠨ ᠨᠢᠯᠪᠤᠰᠤ ᠮᠡᠯᠲᠡᠭᠡᠨᠡᠭᠦᠯᠦᠭᠰᠡᠭᠡᠷ᠄«ᠪᠢ ᠵᠠᠪᠠᠯ ᠶᠡᠷᠦᠩᠬᠡᠢ ᠰᠠᠢᠳ ᠤᠨ ᠵᠢᠭᠠᠪᠤᠷᠢ ᠶᠣᠰᠤᠭᠠᠷ ᠴᠢᠷᠮᠠᠢᠨ ᠠᠵᠢᠯᠯᠠᠨ᠎ᠠ︕» ᠭᠡᠵᠦ ᠴᠡᠴᠡᠷᠭᠡᠨᠡᠭᠰᠡᠨ ᠬᠣᠭᠤᠯᠠᠢ ᠪᠠᠷ ᠬᠡᠯᠡᠨ᠎ᠡ᠃

ᠲᠡᠷᠡ ᠬᠠᠷᠢᠯᠴᠠᠭᠤᠷ ᠢᠶᠠᠨ ᠲᠠᠯᠪᠢᠭᠤᠨ ᠤᠳᠠᠲᠠᠯ᠎ᠠ ᠮᠡᠯᠡᠷᠡᠨ ᠵᠣᠭᠰᠤᠯ᠎ᠠ᠃ ᠲᠡᠭᠦᠨ ᠦ ᠴᠡᠭᠡᠵᠢᠨ ᠳᠦ ᠪᠠᠶᠠᠰᠤᠯ᠂ ᠭᠣᠮᠤᠳᠠᠯ᠂ ᠭᠠᠰᠢᠭᠤᠳᠠᠯ᠂ ᠵᠣᠪᠠᠨᠢᠯ ᠢᠶᠠᠷ ᠪᠢᠯᠬᠠᠵᠤ᠂ ᠬᠦᠨᠳᠦᠲᠦ ᠬᠠᠢᠷᠠᠲᠤ ᠶᠡᠷᠦᠩᠬᠡᠢ ᠰᠠᠢᠳ ᠤᠨ ᠢᠶᠠᠨ ᠲᠤᠰᠢᠶᠠᠵᠤ ᠥᠭᠭᠦᠭᠰᠡᠨ ᠠᠷᠢᠭᠤᠨ ᠡᠭᠦᠷᠭᠡ ᠶᠢ ᠶᠠᠭᠠᠬᠢᠨ ᠪᠡᠶᠡᠯᠡᠭᠦᠯᠬᠦ ᠪᠡᠨ ᠮᠡᠳᠡᠬᠦ ᠦᠭᠡᠢ ᠪᠤᠬᠢᠨᠢᠳᠤᠨ᠎ᠠ᠃ ᠬᠢᠲᠠᠳ᠂ ᠡᠸᠦ᠋ᠷᠣᠫᠡ ᠡᠮᠨᠡᠯᠭᠡ ᠶᠢ ᠤᠶᠠᠯᠳᠤᠭᠤᠯᠬᠤ ᠵᠠᠮ ᠢᠶᠠᠷ ᠵᠠᠮᠨᠠᠨ᠂ ᠡᠮ ᠡᠮᠨᠡᠯᠭᠡ ᠶᠢᠨ ᠲᠠᠯ᠎ᠠ ᠪᠠᠷ ᠬᠢ ᠪᠡᠷᠬᠡ ᠪᠠᠷᠲᠠᠭ᠎ᠠ ᠶᠢ ᠲᠠᠭᠤᠯᠵᠤ᠂ ᠡᠬᠡ ᠣᠷᠤᠨ ᠪᠣᠯᠤᠨ ᠪᠦᠬᠦ ᠬᠥᠮᠦᠨ ᠲᠥᠷᠦᠯᠭᠢᠳᠡᠨ ᠳᠦ ᠬᠤᠪᠢ ᠨᠡᠮᠡᠭᠦᠷᠢ ᠪᠡᠨ ᠡᠷᠭᠦᠬᠦ ᠬᠡᠷᠡᠭᠲᠡᠢ ᠭᠡᠵᠦ ᠵᠧᠦ ᠶᠡᠷᠦᠩᠬᠡᠢ ᠰᠠᠢᠳ ᠮᠢᠨᠢ ᠠᠯᠢ ᠬᠡᠳᠦᠢᠨ ᠵᠢᠭᠠᠪᠤᠷᠢᠯᠠᠵᠤ ᠪᠠᠢᠭᠰᠠᠨ ᠪᠢᠯᠡ᠃ ᠣᠶᠤᠨᠪᠠᠲᠤ ᠶᠠᠭ ᠡᠨᠡ ᠵᠠᠮ ᠢᠶᠠᠷ ᠡᠳᠦᠷ ᠰᠥᠨᠢ ᠦᠭᠡᠢ ᠮᠡᠷᠡᠢᠨ ᠴᠢᠷᠮᠠᠢᠵᠤ᠂ ᠵᠦᠢᠯ ᠪᠦᠷᠢ ᠶᠢᠨ ᠬᠦᠴᠢᠷᠳᠡᠯ ᠢ ᠢᠯᠠᠨ ᠳᠠᠪᠠᠵᠤ᠂ ᠵᠢᠷᠦᠬᠡᠨ ᠰᠤᠳᠠᠰᠤᠨ ᠤ ᠡᠪᠡᠳᠴᠢᠨ ᠢ ᠵᠠᠰᠠᠬᠤ ᠲᠠᠯ᠎ᠠ ᠪᠠᠷ ᠳᠣᠪᠤᠢᠭᠰᠠᠨ ᠠᠮᠵᠢᠯᠲᠠ ᠣᠯᠬᠤ ᠭᠡᠵᠦ ᠪᠠᠢᠲᠠᠯ᠎ᠠ᠂ ᠡᠨᠡ ᠤᠳᠠᠭ᠎ᠠ ᠶᠢᠨ ᠰᠣᠶᠣᠯ ᠤᠨ ᠬᠤᠪᠢᠰᠭᠠᠯ ᠭᠡᠳᠡᠭ᠌ ᠶᠡᠬᠡ ᠭᠠᠮᠰᠢᠭ ᠲᠤ ᠳᠠᠭᠠᠷᠢᠭᠳᠠᠪᠠ᠃ ᠣᠳᠣ ᠭᠠᠳᠠᠭᠠᠳᠤ ᠤᠯᠤᠰ ᠤᠨ ᠬᠥᠮᠦᠨ ᠮᠠᠨ ᠤ ᠰᠤᠳᠤᠯᠵᠤ ᠭᠠᠷᠭᠠᠭᠰᠠᠨ ᠵᠦᠢᠯ ᠢ ᠠᠪᠠᠴᠢᠭᠠᠳ᠂ ᠰᠢᠨ᠎ᠡ ᠡᠮ ᠨᠠᠢᠷᠠᠭᠤᠯᠵᠤ ᠶᠡᠬᠡ ᠠᠮᠵᠢᠯᠲᠠ ᠭᠠᠷᠭᠠᠭᠰᠠᠨ ᠪᠠᠢᠲᠠᠯ᠎ᠠ᠂ ᠣᠶᠤᠨᠪᠠᠲᠤ ᠬᠠᠷᠢᠨ ᠶᠠᠮᠠᠷ ᠴᠤ ᠠᠮᠵᠢᠯᠲᠠ ᠪᠦᠲᠦᠮᠵᠢ ᠦᠭᠡᠢ ᠮᠥᠷᠲᠡᠭᠡᠨ ᠴᠣᠬᠤᠮ« ᠪᠠᠢᠳᠠᠭ ᠢᠶᠠᠨ ᠪᠠᠷᠠᠭᠠᠳ ᠪᠠᠯᠢᠩ ᠲᠠᠭᠢᠯ ᠢᠶᠠᠨ ᠬᠤᠷᠢᠶᠠᠴᠢᠬᠠᠵᠠᠢ»᠃

«ᠵᠡᠭᠦᠨ ᠭᠠᠷ ᠤᠨ» ᠰᠧᠯᠢᠩ ᠮᠣᠩᠭᠤᠯᠴᠤᠳ ᠤᠨ ᠳᠣᠲᠤᠷ᠎ᠠ ᠰᠢᠳᠠᠮ ᠳᠠᠯᠠᠢ ᠠᠴᠠ ᠥᠭᠡᠷ᠎ᠡ ᠰᠢᠯᠭᠠᠷᠠᠭᠰᠠᠨ ᠰᠠᠢᠨ ᠶᠠᠭᠤᠮ᠎ᠠ ᠦᠭᠡᠢ᠂ ᠢᠯᠠᠩᠭᠤᠶ᠎ᠠ ᠡᠷᠳᠡᠮ ᠴᠢᠳᠠᠪᠤᠷᠢ ᠲᠠᠢ ᠬᠥᠮᠦᠨ ᠭᠡᠪᠡᠯ ᠡᠳᠦᠷ ᠦᠨ ᠣᠳᠤ ᠡᠪᠦᠯ ᠤᠨ ᠴᠡᠴᠡᠭ ᠰᠢᠭ᠌ ᠬᠣᠪᠤᠷ ᠭᠡᠵᠦ ᠪᠣᠳᠤᠵᠤ ᠪᠠᠢᠵᠠᠢ᠃ ᠥᠨᠥᠳᠦᠷ ᠲᠡᠷᠡ ᠵᠧᠦ ᠶᠡᠷᠦᠩᠬᠡᠢ ᠰᠠᠢᠳ ᠤᠨ ᠦᠭᠡ ᠶᠢ ᠰᠣᠨᠤᠰᠤᠭᠠᠳ ᠳᠣᠲᠤᠷ᠎ᠠ ᠪᠠᠨ ᠶᠡᠬᠡᠯ᠎ᠡ ᠰᠣᠴᠢᠨ᠂ ᠡᠮᠦᠨ᠎ᠡ ᠨᠢ ᠵᠣᠭᠰᠤᠵᠤ ᠪᠠᠢᠭ᠎ᠠ ᠡᠨᠡ ᠬᠦ ᠨᠢᠭᠤᠷ ᠴᠢᠷᠠᠢ ᠨᠢ ᠰᠢᠷᠠᠯᠠᠵᠤ᠂ ᠠᠷᠠᠰᠤᠨ ᠲᠣᠯᠤᠮ ᠶᠠᠰᠤᠨ ᠬᠡᠯᠬᠢᠶ᠎ᠡ ᠪᠣᠯᠤᠭᠰᠠᠨ ᠮᠣᠩᠭᠤᠯ ᠬᠥᠮᠦᠨ ᠢ ᠬᠠᠷᠠᠭᠰᠠᠭᠠᠷ᠄

«ᠴᠢ ᠴᠢᠨᠢ ᠪᠠᠰᠠ ᠨᠡᠯᠢᠶᠡᠳ ᠡᠷᠳᠡᠮ ᠴᠢᠳᠠᠪᠤᠷᠢ ᠲᠠᠢ ᠬᠥᠮᠦᠨ ᠪᠠᠢᠵᠤ ᠰᠢᠪ ᠳ᠋ᠠ᠃ ᠴᠢᠨᠦ ᠡᠮ ᠦᠨ ᠵᠣᠷ ᠴᠢᠨᠢ ᠶᠠᠭᠠᠬᠢᠭᠠᠳ ᠶᠠᠫᠤᠨ ᠳᠤ ᠬᠦᠷᠴᠢᠭᠡᠭᠰᠡᠨ ᠶᠤᠮ︖» ᠭᠡᠵᠦ ᠬᠠᠴᠢᠷᠬᠠᠨ ᠠᠰᠠᠭᠤᠯ᠎ᠠ᠃

«ᠨᠠᠰᠤᠲᠤ ᠠᠪᠤᠭᠠᠢ ᠶᠢᠨ ᠬᠠᠲᠤᠨ ᠨᠢ ᠶᠠᠫᠤᠨ ᠬᠥᠮᠦᠨ ᠶᠤᠮ᠂ ᠰᠠ ᠲᠤᠰᠴᠤ ᠤᠳᠠᠭᠠᠨ ᠵᠢᠯ ᠬᠡᠪᠲᠡᠭᠰᠡᠨ ᠪᠣᠯᠪᠠᠴᠤ ᠵᠠᠰᠠᠵᠤ ᠴᠢᠳᠠᠭᠰᠠᠨ ᠦᠭᠡᠢ᠃ ᠲᠡᠷᠡ ᠵᠢᠯ ᠨᠠᠰᠤᠲᠤ ᠠᠪᠤᠭᠠᠢ ᠤᠯᠤᠰ ᠲᠠᠭᠠᠨ ᠠᠢᠯᠴᠢᠯᠠᠵᠤ ᠢᠷᠡᠭᠡᠳ ᠨᠠᠳᠠ ᠬᠡᠯᠡᠭᠰᠡᠨ᠂ ᠪᠢ ᠤᠳᠤᠷᠢᠳᠤᠯᠭ᠎ᠠ ᠶᠢᠨ ᠵᠥᠪᠰᠢᠶᠡᠷᠡᠯ ᠢ ᠣᠯᠵᠤ ᠨᠢᠭᠡ ᠡᠮ ᠦᠨ ᠵᠣᠷ ᠨᠠᠢᠷᠠᠭᠤᠯᠵᠤ ᠥᠭᠭᠦᠭᠰᠡᠨ ᠶᠤᠮ» ᠭᠡᠵᠦ ᠣᠶᠤᠨᠪᠠᠲᠤ ᠬᠠᠷᠢᠭᠤᠯᠤᠭᠰᠠᠨ ᠢᠶᠠᠨ ᠡᠷᠭᠢᠨ ᠬᠠᠷᠠᠵᠤ ᠰᠢᠳᠠᠮ ᠢ ᠬᠤᠷᠤᠭᠤ ᠪᠠᠷ ᠢᠶᠠᠨ ᠵᠢᠭᠠᠭᠠᠳ᠄«ᠨᠠᠮᠠᠢ ᠭᠠᠳᠠᠭᠠᠳᠤ ᠶᠢᠨ ᠲᠠᠩᠨᠠᠭᠤᠯ ᠳᠤ ᠨᠢᠭᠤᠴᠠ ᠮᠡᠳᠡᠭᠡ ᠬᠦᠷᠭᠡᠵᠦ᠂ ᠭᠠᠳᠠᠭᠠᠳᠤ ᠤᠯᠤᠰ ᠲᠠᠢ ᠰᠦᠯᠪᠡᠭᠡᠯᠳᠦᠯ᠎ᠡ ᠭᠡᠵᠦ ᠡᠭᠦᠨ ᠦ ᠬᠡᠯᠡᠳᠡᠭ ᠨᠢ ᠡᠨᠡ ᠡᠮ ᠦᠨ ᠵᠣᠷ ᠢ ᠬᠡᠯᠡᠵᠦ ᠪᠠᠢᠭ᠎ᠠ ᠶᠤᠮ᠂ ᠨᠢᠳᠤᠨᠤᠨ ᠰᠧᠯᠢᠩ ᠳᠠᠷᠤᠭ᠎ᠠ ᠪᠠᠰᠠ ᠨᠠᠮᠠᠢ<ᠥᠪᠦᠷ ᠮᠣᠩᠭᠤᠯ ᠤᠨ ᠡᠳᠦᠷ ᠦᠨ ᠰᠣᠨᠢᠨ> ᠳᠡᠭᠡᠷ᠎ᠡ ᠁» ᠭᠡᠵᠦ ᠬᠢᠯᠢᠩᠯᠡᠨ ᠬᠡᠯᠡᠭᠰᠡᠨ ᠢᠶᠡᠨ ᠳᠣᠷᠤᠭᠰᠢ ᠵᠠᠯᠭᠠᠵᠤ ᠶᠠᠷᠢᠬᠤ ᠠᠴᠠ ᠪᠠᠨ ᠪᠠᠬᠠᠨ ᠲᠦᠪᠡᠭᠰᠢᠶᠡᠵᠦ ᠦᠭᠡ ᠪᠡᠨ ᠳᠤᠲᠠᠭᠤ ᠵᠣᠭᠰᠤᠭᠠᠪᠠ᠃

ᠡᠨᠡ ᠬᠣᠶᠠᠷ ᠵᠢᠯ ᠦᠨ ᠲᠤᠷᠰᠢ᠂ ᠰᠢᠳᠠᠮ ᠵᠡᠷᠭᠡ ᠬᠥᠮᠦᠰ ᠦᠨ ᠬᠠᠷᠢᠭᠤ ᠮᠡᠳᠡᠭᠦᠯᠦᠯᠲᠡ ᠪᠡᠷ ᠰᠧᠯᠢᠩ ᠭᠤᠸᠠᠢ ᠶᠡᠬᠡ ᠪᠠᠭ᠎ᠠ ᠬᠤᠷᠠᠯ ᠠᠴᠠ ᠠᠪᠤᠭᠠᠳ ᠰᠣᠨᠢᠨ ᠰᠡᠳᠭᠦᠯ᠂ ᠷᠠᠳᠢᠤ᠋ ᠨᠡᠪᠳᠡᠷᠡᠭᠦᠯᠭᠡ ᠳᠦ ᠬᠦᠷᠲᠡᠯ᠎ᠡ ᠳᠤᠷ᠎ᠠ ᠲᠠᠪᠠ ᠪᠠᠷ ᠢᠶᠠᠨ ᠨᠡᠷ᠎ᠡ ᠳᠤᠷᠠᠳᠤᠨ᠂ ᠮᠠᠯᠠᠭᠠᠢ ᠡᠮᠦᠰᠭᠡᠨ᠂ ᠴᠥᠬᠡᠨ ᠪᠤᠰᠤ ᠬᠥᠮᠦᠨ ᠢ ᠬᠣᠣᠷ ᠠᠮᠰᠠᠭᠤᠯᠵᠤ ᠴᠢᠨᠠᠭᠰᠢᠯᠠᠪᠠᠯ ᠲᠣᠭ᠎ᠠ ᠦᠭᠡᠢ ᠣᠯᠠᠨ ᠬᠥᠮᠦᠨ ᠢ ᠳᠤᠲᠠᠭᠤ ᠵᠡᠮᠳᠡᠭ ᠪᠣᠯᠭᠠᠭᠰᠠᠨ ᠶᠤᠮ ᠤᠤ᠂ ᠡᠰᠡᠬᠦᠯ᠎ᠡ ᠠᠮᠢ ᠨᠠᠰᠤ ᠶᠢ ᠨᠢ ᠬᠣᠭᠢᠷᠠᠭᠤᠯᠤᠭᠰᠠᠨ ᠶᠤᠮ᠃ ᠰᠧᠯᠢᠩ ᠭᠤᠸᠠᠢ ᠡᠨᠡ ᠪᠦᠬᠦᠨ ᠢ ᠪᠣᠳᠤᠬᠤ ᠪᠦᠷᠢ ᠳᠣᠲᠤᠷ᠎ᠠ ᠪᠠᠨ ᠪᠠᠬᠠᠨ ᠠᠶᠤᠳᠠᠭ᠂ ᠭᠡᠪᠡᠴᠦ ᠠᠯᠳᠠᠭ᠎ᠠ ᠪᠤᠷᠤᠭᠤ ᠪᠠᠨ ᠮᠡᠳᠡᠷᠡᠳᠡᠭ ᠦᠭᠡᠢ ᠪᠤᠷᠤᠩᠬᠤᠢ ᠨᠣᠶᠠᠨ ᠰᠣᠶᠣᠯ ᠤᠨ ᠬᠤᠪᠢᠰᠭᠠᠯ ᠤᠨ«ᠲᠤᠭᠴᠢ» ᠶᠢᠨ ᠰᠣᠯᠤᠭᠠᠢ ᠯᠣᠭᠢᠭ ᠢᠶᠠᠷ ᠪᠡᠶ᠎ᠡ ᠪᠡᠨ ᠦᠷᠭᠦᠯᠵᠢ ᠥᠮᠦᠭᠯᠡᠳᠡᠭ ᠪᠣᠯᠬᠣᠷ᠂ ᠥᠨᠥ ᠪᠠᠰᠠ ᠣᠶᠤᠨᠪᠠᠲᠤ ᠶᠢ ᠰᠢᠭᠦᠮᠵᠢᠯᠡᠵᠦ᠄

«ᠴᠢ ᠡᠩ ᠲᠡᠷᠢᠭᠦᠨ ᠳᠦ ᠰᠣᠶᠣᠯ ᠤᠨ ᠬᠤᠪᠢᠰᠭᠠᠯ ᠳᠤ ᠵᠥᠪ ᠢᠶᠡᠷ ᠬᠠᠨᠳᠤᠬᠤ ᠬᠡᠷᠡᠭᠲᠡᠢ᠃ ᠣᠯᠠᠨ ᠲᠦᠮᠡᠨᠴᠢ ᠬᠥᠳᠡᠯᠭᠡᠭᠡᠨ ᠬᠡᠵᠢᠶᠡᠳᠡ ᠵᠥᠪ ᠭᠡᠳᠡᠭ ᠪᠣᠯ ᠮᠠᠷᠭᠤᠰᠢ ᠦᠭᠡᠢ ᠦᠨᠡᠨ ᠶᠣᠰᠤ ᠶᠤᠮ ᠰᠢᠤ ᠳ᠋ᠠ᠂ ᠠ︕ ᠁ ᠪᠢ ᠲᠠᠨ ᠤ ᠮᠣᠩᠭᠤᠯ ᠦᠨᠳᠦᠰᠦᠲᠡᠨ ᠦ ᠳᠣᠲᠤᠷᠠᠬᠢ ᠡᠷᠳᠡᠮ ᠴᠢᠳᠠᠯ ᠲᠠᠢ ᠬᠥᠮᠦᠨ ᠢ ᠶᠡᠬᠡ ᠬᠠᠢᠷᠠᠯᠠᠳᠠᠭ ᠰᠢᠤ ᠁» ᠭᠡᠪᠡ᠃

«ᠵᠡᠭᠦᠨ ᠭᠠᠷ ᠤᠨ» ᠰᠧᠯᠢᠩ ᠳᠡᠭᠡᠨ ᠰᠠᠢᠨ ᠦᠵᠡᠭᠳᠡᠬᠦ ᠶᠢ ᠭᠣᠷᠢᠳᠠᠭᠰᠠᠨ ᠰᠢᠳᠠᠮ ᠬᠢᠮᠤᠰᠤᠨ ᠲᠡᠳᠦᠢ ᠵᠠᠪᠰᠠᠷ ᠢ ᠴᠤ ᠠᠯᠳᠠᠯ ᠦᠭᠡᠢ ᠬᠣᠩᠰᠢᠶᠠᠷ ᠲᠥᠷᠦᠵᠦ᠄

«ᠦᠯᠦ ᠲᠡᠢᠮᠦ ᠪᠠᠢᠯᠭᠦᠢ᠂ᠲᠠ ᠨᠠᠷ ᠢ ᠵᠠᠰᠠᠪᠤᠷᠢᠯᠠᠬᠤ ᠦᠵᠡᠯ ᠤᠨ ᠯᠠᠢ ᠯᠣᠪᠰᠢ ᠲᠠᠢ ᠯᠠᠭ ᠰᠢᠪᠠᠷ ᠠᠴᠠ ᠭᠠᠷᠭᠠᠬᠤ ᠠᠴᠠ ᠢᠯᠡᠭᠦᠦ ᠥᠷᠦᠰᠢᠶᠡᠯ ᠬᠠᠢᠷᠠᠯᠠᠯ ᠭᠡᠵᠦ ᠪᠠᠢᠨ᠎ᠠ ᠤᠤ︖» ᠭᠡᠨ᠎ᠡ᠃

«ᠲᠡᠢᠮᠦ ᠰᠢᠦ︕ ᠪᠢ ᠵᠠᠷᠢᠮ ᠳᠠᠭᠠᠨ ᠲᠠᠨ ᠤ ᠮᠣᠩᠭᠤᠯ ᠦᠨᠳᠦᠰᠦᠲᠡᠨ ᠦ ᠠ᠊ ᠁» ᠭᠡᠳ ᠰᠧᠯᠢᠩ ᠦᠨ ᠦᠭᠡ ᠨᠢ ᠲᠡᠭᠡᠭᠯᠡᠵᠦ᠂ ᠪᠠᠷᠤᠭ ᠯᠠ«ᠠᠬ᠎ᠠ ᠳᠡᠭᠦᠦ» ᠨᠠᠷ ᠭᠡᠵᠦ ᠠᠩᠭᠢ ᠶᠢᠨ ᠵᠣᠭᠰᠤᠯᠲᠠ ᠪᠠᠨ ᠠᠯᠳᠠᠭᠰᠠᠨ ᠦᠭᠡ ᠬᠡᠯᠡᠴᠢᠭᠡᠬᠦ ᠰᠢᠬᠠᠭᠠᠳ᠂ ᠳᠣᠣᠷ᠎ᠠ ᠪᠠᠨ ᠦᠭᠡ ᠪᠡᠨ ᠥᠭᠡᠷᠡᠲᠦᠭᠦᠯᠵᠦ«᠁ ᠠᠰᠠᠭᠤᠳᠠᠯ ᠲᠠᠢ ᠬᠥᠮᠦᠨ ᠳᠦ ᠴᠢᠩᠭ᠎ᠠ ᠣᠷᠤᠵᠤ᠂< ᠴᠢᠩᠭ᠎ᠠ ᠪᠠᠷ ᠰᠠᠭᠤᠷᠢ ᠪᠣᠯᠭᠠᠬᠤ> ᠬᠡᠷᠡᠭᠲᠡᠢ ᠭᠡᠳᠡᠭ ᠶᠤᠮ᠂ ᠴᠢᠩᠭ᠎ᠠ ᠣᠷᠤᠬᠤ ᠨᠢ ᠬᠠᠢᠷᠠᠯᠠᠬᠤ ᠶᠢᠨ ᠲᠥᠯᠦᠭᠡ ᠰᠢᠦ ᠳ᠋ᠠ︕» ᠭᠡᠯ᠎ᠡ᠃

«ᠲᠠ ᠨᠠᠷ ᠤᠨ ᠠᠪᠤᠷᠠᠯᠲᠠ ᠴᠢᠨᠢ ᠬᠡᠴᠢᠨᠡᠨ ᠬᠥᠮᠦᠨ ᠦ ᠠᠮᠢ ᠨᠠᠰᠤ ᠶᠢ ᠬᠣᠭᠢᠷᠠᠭᠤᠯᠤᠭᠰᠠᠨ ᠠᠵᠢ︕» ᠭᠡᠵᠦ ᠣᠶᠤᠨᠪᠠᠲᠤ ᠳᠣᠲᠤᠷ᠎ᠠ ᠪᠠᠨ ᠪᠣᠳᠤᠭᠠᠳ ᠯᠠ ᠥᠩᠭᠡᠷᠡᠭᠰᠡᠨ ᠡᠴᠡ ᠪᠢᠰᠢ᠂ ᠬᠡᠯᠡᠵᠦ ᠭᠠᠷᠭᠠᠵᠤ ᠴᠢᠳᠠᠭᠰᠠᠨ ᠦᠭᠡᠢ᠃

ᠰᠧᠯᠢᠩ ᠳᠠᠷᠤᠭ᠎ᠠ ᠭᠢᠯᠦᠢᠲᠡᠯ᠎ᠡ ᠰᠢᠷᠳᠡᠭᠰᠡᠨ ᠮᠣᠳᠤᠨ ᠱᠠᠯᠠ ᠳᠡᠭᠡᠭᠦᠷ ᠨᠠᠰᠢ ᠴᠠᠰᠢ ᠬᠣᠯᠬᠢᠨ ᠠᠯᠬᠤᠭᠰᠠᠭᠠᠷ᠂ ᠶᠡᠬᠡᠯ᠎ᠡ ᠰᠠᠨᠠᠭᠠᠴᠢᠯᠠᠨ᠄

«ᠴᠢ ᠡᠮᠨᠡᠯᠭᠡ ᠶᠢᠨ ᠠᠵᠢᠯ ᠢᠶᠠᠨ ᠬᠢᠷᠢ ᠵᠡᠷᠭᠡ ᠰᠤᠳᠤᠯᠪᠠ︖ ᠲᠡᠷᠡ ᠬᠥᠮᠦᠨ ᠡᠨᠡ ᠤᠳᠠᠭ᠎ᠠ ᠴᠢᠮ᠎ᠠ ᠲᠠᠢ ᠰᠤᠳᠤᠯᠬᠤ ᠪᠠᠷ ᠢᠷᠡᠬᠦ ᠳᠦ ᠴᠢ ᠶᠠᠭᠠᠬᠢᠶ᠎ᠠ ᠭᠡᠵᠦ ᠪᠣᠳᠤᠵᠤ ᠪᠠᠢᠨ᠎ᠠ ᠪᠤᠢ︖» ᠭᠡᠵᠦ ᠠᠰᠠᠭᠤᠪᠠ᠃

ᠣᠶᠤᠨᠪᠠᠲᠤ ᠲᠤᠢᠯ ᠦᠨ ᠬᠠᠷᠠᠮᠰᠠᠯᠲᠠᠢ ᠪᠠᠷ ᠲᠣᠯᠤᠭᠠᠢ ᠪᠠᠨ ᠰᠠᠵᠢᠵᠤ᠂ ᠰᠢᠳᠠᠮ ᠳᠠᠯᠠᠢ ᠶᠢ ᠵᠢᠭᠠᠭᠰᠠᠭᠠᠷ᠄

«ᠬᠡᠳᠦᠨ ᠠᠷᠪᠠᠨ ᠵᠢᠯ ᠦᠨ ᠲᠤᠷᠰᠢ ᠪᠦᠬᠦ ᠰᠡᠳᠭᠢᠯ ᠪᠦᠬᠦ ᠬᠦᠴᠦ ᠪᠡᠨ ᠰᠢᠪᠬᠠᠵᠤ ᠰᠤᠳᠤᠯᠤᠭᠰᠠᠨ ᠲᠤᠷᠰᠢᠯᠳᠠ ᠶᠢᠨ ᠮᠢᠨᠢ ᠪᠠᠢᠳᠠᠭ ᠦᠷ᠎ᠡ ᠪᠦᠲᠦᠭᠡᠯ ᠢ ᠡᠳᠡᠨ ᠪᠦᠷ ᠲᠠᠮᠳᠤᠭᠯᠠᠵᠤ ᠬᠠᠶᠠᠯ᠎ᠠ︕ ᠁» ᠭᠡᠳ ᠨᠢᠯᠪᠤᠰᠤ ᠤᠨᠠᠭᠠᠨ ᠠᠯᠳᠠᠵᠤ᠂ ᠳᠣᠭᠳᠤᠯᠤᠭᠰᠠᠨ ᠰᠡᠳᠭᠢᠯ ᠢᠶᠡᠨ ᠳᠠᠷᠤᠵᠤ ᠶᠠᠳᠠᠭᠰᠠᠨ ᠪᠠᠢᠳᠠᠯ ᠢᠶᠠᠷ«ᠮᠠᠨ ᠤ ᠰᠤᠳᠤᠯᠬᠤ ᠭᠠᠵᠠᠷ ᠢ ᠪᠦᠷ ᠪᠠᠯᠪᠠᠴᠢᠯ᠎ᠠ᠂ ᠰᠤᠳᠤᠯᠬᠤ ᠠᠵᠢᠯᠲᠠᠳ ᠢ ᠴᠥᠮ ᠳᠠᠢᠰᠤᠨ ᠪᠣᠯᠭᠠᠯ᠎ᠠ᠂ ᠮᠠᠰᠢᠨ ᠲᠣᠨᠤᠭᠯᠠᠯ ᠢ ᠪᠠᠰᠠ ᠪᠦᠷ ᠬᠡᠮᠬᠡᠴᠢᠭᠡᠳ ᠬᠠᠶᠠᠴᠢᠬᠠᠯ᠎ᠠ᠂ ᠴᠢᠬᠤᠯᠠ ᠡᠮ ᠦᠨ ᠵᠦᠢᠯ ᠢ ᠪᠦᠷ ᠳᠡᠭᠡᠷᠡᠮᠳᠡᠭᠡᠳ ᠠᠪᠴᠢᠬᠠᠯ᠎ᠠ᠂ ᠪᠢᠴᠢᠭ᠌ ᠮᠠᠲ᠋ᠧᠷᠢᠶᠠᠯ᠂ ᠨᠣᠮ ᠰᠤᠲᠤᠷ ᠲᠤ ᠬᠦᠷᠲᠡᠯ᠎ᠡ ᠪᠦᠷ ᠰᠢᠲᠠᠭᠠᠴᠢᠬᠠᠯ᠎ᠠ᠂ ᠦᠯᠡᠳᠡᠵᠦ ᠬᠣᠴᠤᠷᠤᠭᠰᠠᠨ ᠨᠢ ᠭᠠᠭᠴᠠ ᠬᠦ ᠮᠢᠨᠦ ᠡᠨᠡ ᠮᠠᠭᠤ ᠪᠠᠯᠪᠠᠴᠢᠭᠠᠳ ᠬᠠᠭᠠᠷᠠᠳᠠᠭ ᠦᠭᠡᠢ< ᠨᠣᠬᠠᠢ ᠶᠢᠨ ᠲᠣᠯᠤᠭᠠᠢ> ᠯᠠ ᠮᠥᠨ ᠰᠢᠷᠬ᠎ᠠ ᠰᠣᠷᠪᠢ ᠪᠠᠷ ᠳᠦᠭᠦᠷᠦᠭᠡᠳ ᠪᠠᠢᠭᠰᠠᠭᠠᠷ ᠠ᠋᠃ ᠭᠡᠪᠡᠴᠦ ᠤᠬᠠᠭᠠᠨ ᠮᠡᠳᠡᠷᠡᠯ ᠤᠷᠢᠳᠠ ᠶᠢᠨ ᠭᠢ ᠪᠡᠨ ᠬᠣᠯᠠ ᠬᠦᠷᠬᠦ ᠪᠡᠨ ᠪᠣᠯᠢᠴᠢᠬᠠᠵᠠᠢ︕» ᠭᠡᠯ᠎ᠡ᠃

ᠰᠧᠯᠢᠩ ᠳᠠᠷᠤᠭ᠎ᠠ ᠠᠩᠭᠢ ᠶᠢᠨ ᠳᠠᠢᠰᠤᠨ ᠤ ᠭᠡᠳᠡᠷᠭᠦ ᠳᠠᠭᠠᠷᠢᠯᠲᠠ ᠳᠤ ᠤᠴᠠᠷᠠᠭᠰᠠᠨ ᠮᠡᠲᠦ ᠪᠣᠯᠵᠤ᠂ ᠶᠡᠬᠡ ᠯᠡ ᠲᠠᠪᠠ ᠦᠭᠡᠢ ᠪᠠᠢᠳᠠᠯ ᠲᠠᠢ ᠪᠠᠷ᠄

«ᠬᠤᠪᠢᠰᠭᠠᠯ ᠭᠡᠳᠡᠭ ᠴᠢᠨᠢ ᠬᠡᠮᠬᠡᠴᠢᠵᠦ ᠪᠠᠯᠪᠠᠴᠢᠳᠠᠭ ᠯᠠ ᠰᠢᠤ ᠳ᠋ᠠ︕ ᠬᠠᠭᠤᠴᠢᠨ ᠶᠢᠷᠲᠢᠨᠴᠦ ᠶᠢ ᠪᠠᠯᠪᠠᠴᠢᠬᠤ ᠦᠭᠡᠢ ᠪᠣᠯ ᠰᠢᠨ᠎ᠡ ᠶᠢᠷᠲᠢᠨᠴᠦ ᠶᠢ ᠶᠠᠭᠠᠬᠢᠵᠤ ᠪᠠᠢᠭᠤᠯᠤᠨ᠎ᠠ ᠪᠤᠢ︖︕» ᠭᠡᠵᠦ ᠬᠡᠯᠡᠪᠡ᠃

ᠣᠶᠤᠨᠪᠠᠲᠤ᠂ ᠲᠣᠭᠲᠠᠭᠤᠨ ᠪᠠᠢᠳᠠᠯ ᠲᠠᠢ ᠳᠣᠣᠷ᠎ᠠ ᠳᠠᠭᠤᠨ ᠢᠶᠠᠷ᠄

«ᠰᠧᠯᠢᠩ ᠳᠠᠷᠤᠭ᠎ᠠ ᠡ᠂ ᠮᠠᠨ ᠤ ᠰᠤᠳᠤᠯᠬᠤ ᠭᠠᠵᠠᠷ ᠪᠣᠯ ᠤᠯᠤᠰ ᠪᠠᠢᠭᠤᠯᠤᠭᠳᠠᠭᠰᠠᠨ ᠠᠴᠠ ᠬᠣᠢᠰᠢ ᠪᠦᠲᠦᠭᠡᠨ ᠪᠠᠢᠭᠤᠯᠤᠭᠰᠠᠨ ᠪᠥᠭᠡᠳ ᠠᠯᠢᠪᠠ ᠮᠠᠰᠢᠨ ᠲᠣᠨᠤᠭᠯᠠᠯ ᠪᠠ ᠨᠣᠮ ᠰᠤᠲᠤᠷ ᠲᠤ ᠬᠦᠷᠲᠡᠯ᠎ᠡ ᠪᠦᠷ ᠤᠯᠤᠰ ᠡᠴᠡ ᠪᠡᠯᠡ ᠣᠷᠤᠭᠤᠯᠤᠭᠰᠠᠨ ᠰᠢᠤ» ᠭᠡᠵᠦ ᠳᠥᠬᠦᠮ ᠲᠠᠨᠢᠯᠴᠠᠭᠤᠯᠤᠯ᠎ᠠ᠃

ᠥᠪᠦᠷ ᠮᠣᠩᠭᠤᠯ ᠳᠤ ᠢᠷᠡᠭᠡᠳ ᠪᠦᠲᠦᠨ ᠭᠤᠷᠪᠠᠨ ᠵᠢᠯ ᠦᠨ ᠨᠢᠭᠤᠷ ᠦᠵᠡᠭᠡ ᠦᠭᠡᠢ ᠪᠡᠷ ᠥᠪᠡᠷᠲᠡᠭᠡᠨ ᠵᠠᠰᠠᠬᠤ ᠣᠷᠤᠨ ᠤ ᠨᠠᠮ᠂ ᠵᠠᠰᠠᠭ᠂ ᠴᠡᠷᠢᠭ᠌ ᠦᠨ ᠣᠯᠠᠨ ᠲᠦᠮᠡᠨ ᠦ ᠵᠣᠬᠢᠶᠠᠨ ᠪᠠᠢᠭᠤᠯᠤᠯᠲᠠ ᠶᠢᠨ ᠪᠠᠢᠳᠠᠭ ᠶᠡᠬᠡ ᠡᠷᠬᠡ ᠶᠢ ᠭᠠᠭᠴᠠᠭᠠᠷ ᠡᠵᠡᠷᠭᠡᠭᠰᠡᠨ ᠰᠧᠯᠢᠩ ᠦᠨ ᠥᠭᠡᠳᠡ ᠡᠴᠡ ᠠᠶᠤᠮᠰᠢᠭ ᠦᠭᠡᠢ ᠪᠡᠷ ᠢᠩᠭᠢᠵᠦ ᠬᠠᠷᠢᠭᠤᠴᠠᠭᠰᠠᠨ ᠬᠥᠮᠦᠨ ᠶᠡᠷᠦ ᠭᠠᠷᠤᠭ᠎ᠠ ᠦᠭᠡᠢ ᠰᠠᠨ᠂ ᠰᠧᠯᠢᠩ ᠠᠷᠠᠭ᠎ᠠ ᠰᠢᠳᠦ ᠪᠡᠨ ᠬᠠᠪᠢᠷᠤᠯ᠎ᠠ᠃ ᠭᠡᠪᠡᠴᠦ ᠣᠷᠴᠢᠮ ᠤᠨ ᠴᠥᠬᠡᠨ ᠪᠤᠰᠤ ᠬᠥᠮᠦᠨ ᠪᠡᠭᠡᠵᠢᠩ ᠳᠦ ᠣᠴᠢᠵᠤ ᠵᠠᠷᠭᠤ ᠵᠠᠭᠠᠯᠳᠤᠯᠭ᠎ᠠ ᠬᠢᠵᠦ᠂ ᠵᠠᠷᠢᠮ ᠨᠢ ᠲᠥᠪ ᠲᠦ ᠵᠠᠬᠢᠳᠠᠯ ᠪᠢᠴᠢᠵᠦ ᠰᠢᠭᠤᠳ ᠲᠡᠭᠦᠨ ᠢ ᠵᠠᠭᠠᠯᠳᠤᠵᠠᠢ᠃ ᠲᠡᠢᠮᠦ ᠪᠣᠯᠬᠣᠷ᠂ ᠰᠧᠯᠢᠩ ᠳᠠᠷᠤᠭ᠎ᠠ ᠨᠢᠭᠡ ᠲᠠᠯ᠎ᠠ ᠪᠠᠷ ᠴᠢᠳᠠᠬᠤ ᠴᠢᠨᠡᠭᠡ ᠪᠡᠷ ᠠᠭᠤᠷ ᠣᠮᠤᠭ ᠢᠶᠠᠨ ᠳᠠᠷᠤᠵᠤ᠂ ᠨᠥᠭᠦᠭᠡ ᠲᠠᠯ᠎ᠠ ᠪᠠᠷ ᠣᠶᠤᠨᠪᠠᠲᠤ ᠰᠥᠰᠦᠷᠬᠡᠦ ᠬᠥᠮᠦᠨ ᠭᠡᠳᠡᠭ ᠢ ᠮᠡᠳᠡᠭᠡᠳ ᠳᠣᠲᠤᠷ᠎ᠠ ᠪᠠᠨ ᠪᠠᠬᠠᠨ ᠵᠢᠷᠦᠬᠡᠰᠢᠵᠦ᠂ ᠡᠨᠡ ᠭᠠᠢᠬᠠᠯ ᠶᠡᠷᠦᠩᠬᠡᠢ ᠰᠠᠢᠳ ᠲᠠᠢ ᠲᠠᠨᠢᠯ ᠲᠤᠯᠠ ᠵᠠᠬᠢᠳᠠᠯ ᠪᠢᠴᠢᠬᠦ ᠶᠤᠮ ᠤᠤ᠂ ᠡᠰᠡᠬᠦᠯ᠎ᠡ ᠮᠠᠷᠭᠠᠰᠢ ᠶᠢᠨ ᠢᠷᠡᠬᠦ ᠭᠠᠳᠠᠭᠠᠳᠤ ᠶᠢᠨ ᠵᠣᠴᠢᠨ ᠢᠶᠠᠷ ᠳᠠᠮᠵᠢᠭᠤᠯᠵᠤ ᠡᠨᠳᠡᠭᠢ ᠪᠠᠢᠳᠠᠯ ᠢ ᠲᠤᠰᠭᠠᠪᠠᠯ ᠨᠡᠩ ᠴᠦ ᠠᠶᠤᠮᠰᠢᠭ ᠲᠠᠢ ᠪᠣᠯᠤᠨ᠎ᠠ ᠭᠡᠵᠦ ᠪᠣᠳᠤᠭᠠᠳ᠄

«ᠭᠡᠭᠡᠭᠳᠡᠭᠰᠡᠨ ᠶᠠᠭᠤᠮᠠᠰ ᠢ ᠪᠠᠰᠠ ᠡᠭᠡᠭᠦᠯᠦᠭᠡᠳ ᠣᠯᠵᠤ ᠪᠣᠯᠤᠨ᠎ᠠ᠂ ᠡᠪᠳᠡᠵᠦ ᠬᠠᠭᠠᠯᠤᠭᠰᠠᠨ ᠢ ᠨᠢ ᠪᠠᠰᠠ ᠳᠠᠬᠢᠭᠠᠳ ᠬᠤᠳᠠᠯᠳᠤᠭᠠᠳ ᠠᠪᠴᠤ ᠪᠣᠯᠤᠨ᠎ᠠ ᠰᠢᠤ︕» ᠭᠡᠳ ᠢᠨᠢᠶᠡᠪᠬᠢᠯᠡᠪᠡ᠃

«ᠴᠢᠩᠭᠢᠪᠡᠯ ᠭᠡᠭᠡᠭᠳᠡᠭᠰᠡᠨ ᠴᠠᠭ ᠮᠥᠴᠡ ᠶᠢ ᠶᠠᠭᠠᠬᠢᠨ᠎ᠠ ᠪᠤᠢ︖» ᠭᠡᠵᠦ ᠣᠶᠤᠨᠪᠠᠲᠤ ᠣᠮᠤᠭ ᠲᠡᠭᠦᠯᠳᠡᠷ ᠬᠠᠷᠢᠭᠤ ᠠᠰᠠᠭᠤᠬᠤ ᠳᠠᠭᠠᠨ᠄«ᠠᠯᠢᠪᠠ ᠡᠷᠬᠢᠮ ᠴᠤᠬᠠᠭ ᠵᠦᠢᠯ ᠦᠨ ᠳᠣᠲᠤᠷ᠎ᠠ ᠴᠠᠭ ᠮᠥᠴᠡ ᠪᠣᠯ ᠬᠠᠮᠤᠭ ᠤᠨ ᠬᠣᠪᠤᠷ ᠨᠠᠨᠳᠢᠨ ᠶᠤᠮ᠃ ᠲᠡᠭᠦᠨ ᠢ ᠪᠠᠰᠠ ᠡᠭᠡᠭᠦᠯᠦᠭᠡᠳ ᠠᠪᠴᠢᠷᠠᠬᠤ ᠶᠤᠮ ᠤᠤ᠂ ᠡᠰᠡᠬᠦᠯ᠎ᠡ ᠬᠤᠳᠠᠯᠳᠤᠭᠠᠳ ᠠᠪᠴᠢᠷᠠᠵᠤ ᠳᠡᠢᠯᠦᠨ᠎ᠡ ᠦᠦ︖» ᠭᠡᠪᠡ᠃

ᠭᠡᠷ ᠲᠦ ᠨᠠᠮ ᠭᠦᠮ᠃

ᠬᠠᠶᠠᠭᠠᠨ ᠳᠡᠭᠡᠷᠡᠬᠢ ᠴᠠᠬᠢᠯᠭᠠᠨ ᠴᠠᠭ«ᠲᠢᠭ ᠲᠠᠭ» ᠲᠤᠤᠭᠠᠷᠴᠤ᠂ ᠬᠥᠮᠦᠰ ᠦᠨ ᠳᠤᠷ᠎ᠠ ᠲᠠᠢ ᠪᠠ ᠡᠰᠡᠬᠦ ᠶᠢ ᠬᠠᠢᠬᠤᠷᠤᠯ ᠦᠭᠡᠢ ᠪᠡᠷ ᠭᠢᠵᠠᠭᠠᠯᠠᠰᠢ ᠦᠭᠡᠢ ᠢᠷᠡᠭᠡᠳᠦᠢ ᠪᠡᠨ ᠵᠣᠷᠢᠨ᠂ ᠥᠴᠦᠬᠡᠨ ᠴᠦ ᠲᠠᠲᠠᠭᠠᠯᠵᠠᠯ ᠦᠭᠡᠢ ᠪᠡᠷ ᠤᠷᠤᠭᠰᠢᠯᠠᠭᠰᠠᠭᠠᠷ ᠁

ᠣᠶᠤᠨᠪᠠᠲᠤ ᠨᠡᠲᠦᠭᠡᠷ ᠬᠠᠷᠠᠩᠭᠤᠢ ᠳᠤᠮᠳᠠ ᠠᠯᠳᠠᠵᠤ ᠰᠦᠢᠲᠦᠭᠰᠡᠨ ᠡᠷᠬᠢᠮ ᠨᠠᠨᠳᠢᠨ ᠴᠠᠭ ᠮᠥᠴᠡ ᠪᠡᠨ ᠲᠤᠢᠯ ᠤᠨ ᠬᠠᠷᠠᠮᠰᠠᠯᠲᠠᠢ ᠪᠠᠷ ᠡᠷᠭᠢᠴᠡᠭᠦᠯᠦᠨ ᠪᠣᠳᠤᠬᠤᠶ᠎ᠠ᠂ ᠡᠯᠢᠭᠡ ᠵᠢᠷᠦᠬᠡ ᠨᠢ ᠵᠡᠭᠦᠦ ᠪᠡᠷ ᠰᠢᠪᠡᠬᠦ ᠰᠢᠭ᠌ ᠰᠢᠮᠰᠢᠷᠡᠵᠦ᠂ ᠥᠷᠦᠴᠡ ᠴᠡᠭᠡᠵᠢᠨ ᠳᠤᠨᠢ ᠠᠨᠠᠪᠠᠳ ᠳᠠᠯᠠᠢ ᠣᠢᠯᠤᠨ ᠪᠣᠰᠬᠤ ᠰᠢᠭ ᠪᠣᠯᠤᠯ᠎ᠠ ᠁«ᠴᠠᠭ ᠮᠥᠴᠡ ᠦᠭᠡᠢ ᠪᠣᠯ ᠠᠮᠢ ᠨᠠᠰᠤ ᠴᠤ ᠪᠠᠢᠵᠤ ᠴᠢᠳᠠᠬᠤ ᠦᠭᠡᠢ︕»

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082