ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠲᠣᠪᠴᠢ ᠠᠪᠰᠠᠷᠭ᠎ᠠ ᠬᠢᠭᠡᠳ ᠨᠤᠷᠱᠤᠭᠤ ᠰᠤᠨᠵᠤᠭᠤ

ᠵᠧᠦ ᠰᠢᠶᠠᠨ ᠱᠧᠨ

ᠵᠣᠬᠢᠶᠠᠯᠴᠢᠳ ᠡᠷᠲᠡ ᠤᠷᠢᠳᠤ᠎ᠠᠴᠠ ᠠᠪᠤᠭᠠᠳ ᠲᠣᠪᠴᠢ ᠠᠪᠰᠠᠷᠭ᠎ᠠ᠎ᠶᠢ ᠡᠷᠬᠢᠮᠨᠡᠬᠦ᠎ᠶᠢᠨ ᠵᠡᠷᠭᠡᠴᠡᠭᠡ ᠨᠤᠷᠱᠤᠭᠤ ᠰᠤᠨᠵᠤᠭᠤ᠎ᠶᠢ ᠵᠣᠬᠢᠶᠠᠯ᠎ᠤᠨ ᠴᠡᠭᠡᠷ ᠭᠡᠵᠦ ᠦᠵᠡᠳᠡᠭ᠎ᠶᠦᠮ᠃ ᠡᠨᠡ ᠬᠡᠯᠡᠯᠭᠡᠨ᠎ᠦᠭᠡᠢ ᠵᠥᠪ᠃ ᠭᠡᠬᠦ᠎ᠳᠦ ᠵᠣᠬᠢᠶᠠᠯ᠎ᠤᠨ ᠲᠣᠪᠴᠢ ᠠᠪᠰᠠᠷᠭ᠎ᠠ ᠪᠤᠶᠤ ᠨᠤᠷᠱᠤᠭᠤ ᠰᠤᠨᠵᠤᠭᠤ᠎ᠶᠢ ᠳᠠᠩ ᠭᠠᠭᠴᠠ ᠦᠭᠡ ᠥᠭᠦᠯᠡᠪᠦᠷᠢ᠎ᠶᠢᠨ ᠣᠯᠠᠨ ᠴᠥᠭᠡᠨ᠎ᠢᠶᠡᠷ ᠬᠡᠮᠵᠢᠵᠦ ᠪᠣᠯᠳᠠᠭ᠎ᠦᠭᠡᠢ᠃ ᠦᠭᠡ ᠴᠥᠭᠡᠨ ᠤᠳᠭ᠎ᠠ ᠪᠦᠷᠢᠨ ᠭᠡᠭᠴᠢ ᠵᠣᠬᠢᠶᠠᠯ᠎ᠤᠨ ᠴᠢᠨᠠᠷᠵᠢᠭᠤᠨ ᠬᠦᠨᠳᠦᠴᠡ᠎ᠲᠡᠢ᠎ᠶᠢ ᠬᠡᠯᠡᠳᠡᠭ ᠪᠠ ᠦᠭᠡ ᠣᠯᠠᠨ ᠤᠳᠭ᠎ᠠ ᠪᠠᠭ᠎ᠠ ᠭᠡᠭᠴᠢ ᠵᠣᠬᠢᠶᠠᠯ᠎ᠤᠨ ᠤᠰᠤᠪᠬᠢ ᠨᠢᠮᠭᠡᠨ᠎ᠢ ᠥᠭᠦᠯᠡᠳᠡᠭ ᠪᠢᠯᠡ᠃ 《ᠨᠤᠷᠱᠤᠭᠤ》᠎ᠳᠤ ᠵᠠᠷᠢᠮ᠎ᠳᠠᠭᠠᠨ ᠪᠠᠰᠠ ᠰᠠᠢᠨ ᠲᠠᠯ᠎ᠠ ᠪᠠᠢᠳᠠᠭ: ᠬᠡᠷᠡᠭ ᠪᠣᠳᠠᠰ᠎ᠢ ᠵᠢᠷᠤᠭᠯᠠᠬᠤ᠎ᠳᠠᠭᠠᠨ ᠴᠣᠭᠤᠷᠤᠲᠠᠯ᠎ᠠ ᠳᠦᠷᠰᠦᠯᠡᠬᠦ᠎ᠶᠢ ᠡᠷᠬᠢᠮᠨᠡᠵᠦ᠂ ᠳᠣᠲᠤᠭᠠᠳᠤ ᠰᠡᠳᠭᠢᠯᠭᠡ᠎ᠶᠢ ᠢᠯᠡᠷᠡᠭᠦᠯᠬᠦ᠎ᠳᠡᠭᠡᠨ ᠨᠢᠭᠲᠠ ᠨᠠᠷᠢᠨ ᠲᠤᠢᠯ᠎ᠳᠤ ᠬᠦᠷᠭᠡᠳᠡᠭ᠎ᠶᠦᠮ᠃ ᠵᠠᠷᠢᠮ ᠦᠶ᠎ᠡ ᠦᠨᠡᠬᠡᠷ ᠨᠤᠷᠱᠤᠬᠤ᠎ᠦᠭᠡᠢ ᠪᠣᠯ ᠰᠣᠨᠢᠨ ᠭᠠᠢᠬᠠᠮᠰᠢᠭ᠎ᠢ᠎ᠨᠢ ᠲᠣᠳᠤᠳᠭᠠᠵᠤ ᠴᠢᠳᠠᠬᠤ᠎ᠦᠭᠡᠢ ᠬᠡᠮᠵᠢᠶᠡᠨ᠎ᠳᠦ ᠬᠦᠷᠳᠡᠭ᠎ᠶᠦᠮ᠃ ᠡᠭᠦᠨ᠎ᠢ ᠴᠣᠬᠤᠮ ᠨᠤᠷᠱᠤᠭᠤ᠎ᠪᠠᠷ ᠠᠪᠰᠠᠷᠭ᠎ᠠ᠎ᠶᠢ ᠢᠯᠠᠨ᠎ᠠ ᠭᠡᠵᠦ ᠪᠣᠯᠤᠨ᠎ᠠ᠃ ᠤᠷᠠᠨ ᠵᠣᠬᠢᠶᠠᠯ᠎ᠤᠨ ᠶᠡᠬᠡ ᠪᠠᠭᠰᠢ᠎ᠨᠠᠷ᠎ᠤᠨ ᠵᠣᠬᠢᠶᠠᠯ ᠪᠦᠲᠦᠭᠡᠯ᠎ᠢ ᠦᠵᠡᠬᠦᠯᠡᠷ ᠬᠡᠰᠡᠭ ᠦᠶ᠎ᠡ ᠪᠢᠷ ᠪᠡᠬᠡᠰ᠎ᠢᠶᠡᠨ ᠠᠯᠲᠠ᠎ᠠᠴᠠ ᠢᠯᠡᠭᠦᠦ ᠬᠠᠷᠠᠮᠯᠠᠵᠤ᠂ ᠦᠭᠡ ᠪᠦᠷᠢ ᠥᠭᠦᠯᠡᠪᠦᠷᠢ ᠲᠤᠲᠤᠮ᠎ᠳᠤ ᠰᠢᠳᠢ ᠣᠷᠤᠰᠢᠭᠤᠯᠬᠤ᠎ᠶᠢ ᠵᠣᠷᠢᠳᠠᠭ᠃ ᠵᠠᠷᠢᠮ ᠦᠶ᠎ᠡ ᠨᠤᠷᠱᠤᠬᠤ᠎ᠠᠴᠠ ᠬᠠᠯᠠᠰᠢᠷᠠᠬᠤ᠎ᠦᠭᠡᠢ᠂ ᠪᠡᠬᠡᠰ᠎ᠦᠨ ᠰᠠᠪᠠ᠎ᠪᠠᠨ ᠬᠥᠨᠲᠡᠷᠴᠦ᠂ ᠮᠢᠩᠭ᠎ᠠ ᠲᠦᠮᠡᠨ ᠦᠭᠡ ᠪᠢᠴᠢᠬᠦ᠎ᠡᠴᠡ᠎ᠴᠦ ᠭᠠᠯᠢᠷᠠᠳᠠᠭ᠎ᠦᠭᠡᠢ᠎ᠶᠤᠮ᠃ ᠲᠣᠪᠴᠢ ᠠᠪᠰᠠᠷᠭ᠎ᠠ ᠨᠤᠷᠱᠤᠭᠤ ᠰᠤᠨᠵᠤᠭᠤ᠎ᠳᠤ ᠲᠤᠰ ᠲᠤᠰ᠎ᠤᠨ ᠭᠠᠢᠬᠠᠮᠰᠢᠭ ᠪᠤᠢ᠃

《ᠱᠦᠢ ᠾᠦ᠎ᠶᠢᠨ ᠦᠯᠢᠭᠡᠷ》 ᠵᠠᠭᠤᠨ ᠲᠦᠮᠡᠨ ᠦᠭᠡ᠎ᠲᠡᠢ᠎ᠴᠦ ᠵᠣᠬᠢᠶᠠᠭᠴᠢ ᠲᠡᠭᠦᠨ᠎ᠢ᠎ᠪᠡᠨ ᠤᠷᠲᠤ ᠪᠣᠯᠭᠠᠬᠤ᠎ᠶᠢᠨ ᠲᠥᠯᠦᠭᠡ ᠪᠢᠷ ᠪᠡᠬᠡᠰ᠎ᠢᠶᠡᠨ ᠬᠡᠷᠡᠭ᠎ᠦᠭᠡᠢ ᠭᠠᠵᠠᠷ ᠬᠡᠷᠡᠭᠯᠡᠭᠰᠡᠨ᠎ᠦᠭᠡᠢ᠃ ᠵᠠᠷᠢᠮ ᠦᠶ᠎ᠡ ᠲᠤᠢᠯ᠎ᠤᠨ ᠲᠣᠪᠴᠢ ᠠᠪᠰᠠᠷᠭ᠎ᠠ ᠪᠠᠢᠳᠠᠭ᠃ ᠵᠢᠱ᠋ᠢᠶ᠎ᠡ᠎ᠨᠢ 《ᠦ᠋ ᠰᠦᠩ ᠪᠠᠷᠰ ᠠᠯᠠᠭᠰᠠᠨ》 ᠬᠡᠰᠡᠭ᠎ᠲᠦ ᠵᠣᠬᠢᠶᠠᠭᠴᠢ ᠵᠢᠩ ᠶᠠᠩ ᠭᠠᠩ ᠳᠠᠪᠠᠭᠠᠨ᠎ᠤ ᠰᠠᠪᠳᠠᠭ᠎ᠤᠨ ᠰᠦᠮ᠎ᠡ᠎ᠶᠢ ᠳᠦᠷᠰᠦᠯᠡᠬᠦ᠎ᠳᠡᠭᠡᠨ 《ᠡᠪᠳᠡᠷᠬᠡᠢ》 ᠭᠡᠳᠡᠭ ᠨᠢᠭᠡᠬᠡᠨ ᠦᠭᠡ᠎ᠪᠡᠷ ᠪᠠᠷᠰ ᠴᠤᠪᠤᠳᠠᠭ᠂ ᠬᠥᠮᠦᠨ ᠠᠮᠢᠲᠠᠨ᠎ᠦᠭᠡᠢ ᠪᠠᠢᠳᠠᠯ᠎ᠢ ᠲᠣᠳᠤᠳᠭᠠᠪᠠ᠃ ᠦ᠋ ᠰᠦᠩ ᠳᠠᠪᠠᠭᠠᠨ ᠳᠡᠭᠡᠷ᠎ᠡ ᠭᠠᠷᠤᠭᠰᠠᠨ ᠬᠣᠢᠨᠠᠬᠢ᠎ᠶᠢᠨ ᠪᠠᠢᠳᠠᠯ᠎ᠢ ᠬᠠᠷᠢᠨ ᠡᠢᠨ᠎ᠬᠦ ᠳᠦᠷᠰᠦᠯᠡᠵᠦ ᠪᠤᠢ: 《ᠲᠡᠷᠢᠭᠦᠨ ᠡᠷᠭᠦᠨ ᠲᠡᠭᠷᠢ᠎ᠶᠢᠨ ᠪᠠᠢᠳᠠᠯ᠎ᠢ ᠦᠵᠡᠬᠦ᠎ᠳᠦ ᠨᠠᠷᠠ ᠠᠭᠠᠵᠢᠮ᠎ᠢᠶᠠᠷ ᠰᠢᠩᠭᠡᠪᠡᠢ᠃ 》 ᠦᠨᠡᠬᠡᠷ ᠬᠤᠢᠬ᠎ᠠ᠎ᠶᠢᠨ ᠦᠰᠦ ᠬᠣᠷᠪᠤᠢᠮᠠᠷ ᠪᠠᠢᠳᠠᠯ ᠣᠷᠤᠯ᠎ᠠ᠃ ᠡᠭᠦᠨ᠎ᠡᠴᠡ ᠦᠵᠡᠬᠦ᠎ᠳᠦ᠂ ᠵᠢᠨ ᠱᠧᠩ ᠲᠠᠨ ᠡᠨᠡ ᠦᠯᠢᠭᠡᠷ᠎ᠢ ᠤᠩᠰᠢᠭᠰᠠᠭᠠᠷ ᠡᠨᠳᠡ ᠬᠦᠷᠦᠮᠡᠭᠴᠡ᠎ᠪᠡᠨ 《ᠬᠡᠷᠪᠡ ᠪᠢ ᠪᠠᠢᠭᠰᠠᠨ ᠪᠣᠯᠬᠤᠯ᠎ᠠ᠂ ᠪᠠᠷᠰ᠎ᠦᠭᠡᠢ ᠪᠣᠯᠪᠠᠴᠤ ᠡᠭᠡᠷᠯᠡᠨ ᠤᠬᠢᠯᠠᠨᠠᠮ ᠊ᠶ᠎ᠠ》 ᠭᠡᠰᠡᠨ ᠬᠡᠳᠦᠨ ᠦᠭᠡ᠎ᠪᠡᠷ ᠴᠣᠬᠤᠯᠠᠭᠰᠠᠨ᠎ᠨᠢ ᠰᠢᠯᠲᠠᠭᠠᠨ᠎ᠦᠭᠡᠢ ᠪᠢᠰᠢ ᠠᠵᠢ᠃ ᠡᠨᠡ ᠦᠯᠢᠭᠡᠷ᠎ᠦᠨ ᠬᠠᠮᠤᠭ᠎ᠠᠴᠠ ᠶᠡᠬᠡ ᠰᠣᠨᠢᠷᠬᠠᠯᠲᠠᠢ᠎ᠨᠢ ᠡᠭᠡᠨᠡᠭᠳᠡ 《ᠯᠢᠨ ᠰᠤᠷᠭᠠᠭᠴᠢ ᠰᠠᠯᠬᠢᠨ ᠰᠢᠭᠤᠷᠭᠠᠨ᠎ᠠ ᠰᠠᠪᠳᠠᠭ᠎ᠤᠨ ᠰᠦᠮ᠎ᠡ᠎ᠳᠦᠷ ᠬᠣᠨᠤᠭᠯᠠᠭᠰᠠᠨ》 ᠭᠡᠳᠡᠭ ᠪᠦᠯᠦᠭ ᠪᠣᠯᠤᠨ᠎ᠠ᠃ ᠮᠠᠭᠤ ᠡᠷ᠎ᠡ᠎ᠶᠢᠨ ᠮᠠᠯᠠᠭᠠᠢ᠎ᠶᠢᠨ ᠴᠢᠨᠡᠭᠡ ᠶᠡᠬᠡ ᠴᠠᠰᠤ ᠨᠢᠳᠦ᠎ᠦᠭᠡᠢ ᠬᠠᠶᠠᠯᠠᠵᠤ ᠪᠠᠢᠭ᠎ᠠ ᠪᠠᠢᠳᠠᠯ᠎ᠢ ᠵᠥᠪᠬᠡᠨ 《 ᠲᠡᠷᠡ ᠴᠠᠰᠤ ᠦᠨᠡᠬᠡᠷ ᠰᠦᠷᠲᠡᠢ ᠬᠠᠶᠠᠯᠠᠵᠤ ᠪᠤᠢ》 ᠭᠡᠵᠦ᠂ ᠭᠠᠭᠴᠠ 《ᠰᠦᠷᠲᠡᠢ》 ᠭᠡᠳᠡᠭ ᠨᠢᠭᠡᠬᠡᠨ ᠦᠭᠡ᠎ᠪᠡᠷ ᠪᠦᠬᠦ ᠪᠠᠢᠳᠠᠯ᠎ᠢ ᠳᠣᠪᠤᠢᠯᠭᠠᠭᠰᠠᠨ ᠠᠵᠢ᠃ ᠯᠦ ᠰᠢᠶᠦ᠋ᠨ ᠠᠪᠤᠭᠠᠢ ᠲᠡᠭᠦᠨ᠎ᠢ 《ᠰᠢᠳᠢᠲᠦ ᠪᠢᠷ》 ᠭᠡᠵᠦ ᠮᠠᠭᠲᠠᠭᠰᠠᠨ᠎ᠨᠢ ᠦᠨᠡᠬᠡᠷ ᠭᠤᠲᠤᠭᠠᠭᠰᠠᠨ᠎ᠦᠭᠡᠢ᠃

ᠡᠭᠦᠨᠴᠡ ᠳᠡᠭᠡᠭᠰᠢ ᠲᠣᠪᠴᠢ ᠠᠪᠰᠠᠷᠭ᠎ᠠ ᠬᠡᠯᠡᠯᠭᠡ᠎ᠶᠢ ᠰᠠᠢᠬᠠᠨ ᠵᠠᠷᠤᠬᠤ ᠭᠡᠰᠡᠨ ᠤᠳᠭ᠎ᠠ᠎ᠶᠢ ᠶᠠᠷᠢᠯ᠎ᠠ᠃ ᠠᠳᠠᠯᠢ ᠨᠢᠭᠡᠨ 《ᠱᠦᠢ ᠾᠦ᠎ᠶᠢᠨ ᠦᠯᠢᠭᠡᠷ》 ᠪᠠᠢᠭᠠᠳ ᠵᠠᠷᠢᠮ ᠦᠶ᠎ᠡ ᠪᠠᠰᠠ ᠨᠤᠷᠱᠤᠭᠤ ᠰᠤᠨᠵᠤᠭᠤ᠎ᠠᠴᠠ᠎ᠴᠤ ᠭᠠᠯᠢᠷᠠᠭᠰᠠᠨ᠎ᠦᠭᠡᠢ᠎ᠶᠤᠮ᠃ ᠵᠣᠬᠢᠶᠠᠭᠴᠢ ᠯᠦ ᡁᠢ ᠱᠧᠨ 《ᠵᠧᠨ ᠭᠤᠸᠠᠨ ᠰᠢ 》᠎ᠶᠢ ᠭᠤᠷᠪᠠᠨᠲᠠ ᠨᠢᠳᠤᠷᠭᠠᠳᠠᠭᠰᠠᠨ᠎ᠢ ᠬᠡᠷᠬᠢᠨ ᠳᠦᠷᠰᠦᠯᠡᠭᠰᠡᠨ᠎ᠢ ᠰᠣᠨᠢᠷᠬᠠᠮᠤ: ᠬᠠᠮᠠᠷ ᠤᠷᠤᠭᠤ᠎ᠨᠢ ᠨᠢᠭᠡᠨᠲᠡ ᠨᠢᠳᠤᠷᠭᠠᠳᠠᠮᠠᠭᠴᠠ 《ᠴᠢᠰᠤ ᠠᠨᠤ ᠰᠠᠳᠠᠭᠠᠨᠠᠵᠤ᠂ ᠬᠠᠪᠠᠷ ᠠᠨᠤ ᠬᠠᠵᠠᠭᠤ ᠲᠡᠰᠢ᠎ᠪᠡᠨ ᠮᠤᠷᠤᠢᠵᠤ ᠬᠠᠷᠢᠨ ᠨᠢᠭᠡᠨ ᠵᠢᠶᠠᠩ ᠢᠦ᠎ᠶᠢᠨ ᠫᠦᠰᠧ ᠭᠠᠷᠭᠠᠭᠰᠠᠨ ᠮᠡᠲᠦ: ᠱᠣᠷᠪᠤᠭ᠂ ᠢᠰᠭᠦᠯᠡᠩ᠂ ᠭᠤᠱᠤᠭᠤᠨ ᠴᠥᠮ ᠨᠢᠭᠡᠨ ᠵᠡᠷᠭᠡ ᠰᠠᠳᠠᠷᠠᠨ ᠭᠠᠷᠪᠠᠢ》᠃ ᠨᠢᠳᠦᠨ᠎ᠦ ᠲᠠᠷ᠂ ᠬᠥᠮᠦᠰᠭᠡ᠎ᠶᠢᠨ ᠰᠡᠵᠢᠭᠦᠷ ᠤᠷᠤᠭᠤ ᠨᠢᠭᠡᠨᠲᠡ ᠨᠢᠳᠤᠷᠭᠠᠳᠠᠮᠠᠭᠴᠠ 《ᠨᠢᠳᠦᠨ᠎ᠦ ᠵᠣᠪᠬᠢ ᠰᠠᠳᠠᠷᠠᠵᠤ᠂ ᠬᠠᠷ᠎ᠠ ᠨᠢᠳᠦ ᠮᠤᠯᠲᠤ ᠦᠰᠦᠷᠴᠦ᠂ ᠪᠠᠰᠠ ᠨᠢᠭᠡᠨ ᠲᠣᠷᠭ᠎ᠠ ᠳᠤᠷᠳᠤᠮ᠎ᠤᠨ ᠫᠦᠰᠧ ᠭᠠᠷᠭᠠᠭᠰᠠᠨ ᠮᠡᠲᠦ᠂ ᠤᠯᠠᠭᠠᠨ᠂ ᠬᠠᠷ᠎ᠠ᠂ ᠬᠦᠷᠡᠩ ᠥᠩᠭᠡ ᠴᠥᠮ ᠳᠡᠯᠭᠡᠷᠡᠪᠡᠢ᠃ 》 ᠭᠤᠷᠪᠠᠳᠤᠭᠠᠷ ᠨᠢᠳᠤᠷᠭᠠᠨ᠎ᠳᠤ 《ᠰᠢᠨᠠ ᠤᠷᠤᠭᠤ ᠠᠨᠤ ᠴᠢᠭᠯᠡᠭᠦᠯᠦᠨ ᠨᠢᠳᠤᠷᠭᠠᠳᠠᠭᠰᠠᠨ ᠠᠨᠤ ᠮᠤᠯᠤᠮ ᠴᠢᠮᠪᠤ᠎ᠶᠢᠨ ᠶᠡᠬᠡ ᠬᠤᠷᠠᠯ ᠬᠤᠷᠠᠯᠳᠤᠪᠠ: ᠬᠠᠰ ᠲᠤᠭᠤᠷᠭ᠎ᠠ᠂ ᠴᠠᠩ ᠰᠧᠯᠠᠨᠠᠩ ᠬᠠᠮᠲᠤ᠎ᠪᠠᠷ ᠳᠠᠭᠤᠷᠢᠰᠴᠤ》 ᠭᠡᠵᠦ᠂ ᠠᠮᠲᠠᠯᠠᠬᠤ ᠡᠷᠬᠡᠲᠡᠨ᠎ᠡᠴᠡ ᠠᠪᠤᠭᠠᠳ ᠦᠵᠡᠬᠦ ᠡᠷᠬᠡᠲᠡᠨ᠂ ᠰᠣᠨᠤᠰᠬᠤ ᠡᠷᠬᠡᠲᠡᠨ ᠬᠦᠷᠲᠡᠯ᠎ᠡ ᠴᠥᠮ ᠭᠡᠭᠡᠭᠳᠡᠯ᠎ᠦᠭᠡᠢ ᠳᠦᠷᠰᠦᠯᠡᠭᠰᠡᠨ ᠪᠠᠢᠨ᠎ᠠ᠃ ᠬᠡᠷᠪᠡ ᠵᠥᠪᠬᠡᠨ ᠦᠭᠡ ᠥᠭᠦᠯᠡᠪᠦᠷᠢ᠎ᠶᠢᠨ ᠲᠠᠯ᠎ᠠ᠎ᠠᠴᠠ ᠲᠣᠪᠴᠢ ᠠᠪᠰᠠᠷᠭ᠎ᠠ᠎ᠶᠢ ᠬᠥᠭᠡᠭᠡᠴᠡᠯᠳᠦᠬᠦ᠎ᠳᠦ ᠬᠦᠷᠪᠡᠯ ᠭᠤᠷᠪᠠᠨ ᠤᠳᠠᠭ᠎ᠠ᠎ᠶᠢ ᠭᠠᠭᠴᠠ: 《ᠤᠯᠠᠭᠠᠨ ᠴᠢᠰᠤ᠎ᠶᠢ ᠰᠠᠳᠠᠭᠠᠨᠠᠲᠠᠯ᠎ᠠ᠂ ᠬᠠᠷ᠎ᠠ ᠨᠢᠳᠦ᠎ᠶᠢ ᠪᠦᠯᠲᠡᠷᠡᠲᠡᠯ᠎ᠡ᠂ ᠬᠣᠶᠠᠷ ᠴᠢᠬᠢ᠎ᠶᠢ ᠳᠦᠩᠭᠢᠨᠡᠲᠡᠯ᠎ᠡ》 ᠭᠡᠪᠡᠯ ᠪᠣᠯᠴᠢᠬᠠᠬᠤ ᠪᠠᠢᠨ᠎ᠠ᠃ ᠭᠡᠲᠡᠯ᠎ᠡ ᠲᠡᠭᠡᠪᠡᠯ ᠴᠣᠬᠤᠮ 《 ᠰᠢᠳᠢᠲᠦ ᠪᠢᠷ》᠎ᠤᠨ ᠰᠢᠳᠢ᠎ᠶᠢ ᠦᠵᠡᠭᠦᠯᠵᠦ ᠴᠢᠳᠠᠬᠤ᠎ᠦᠭᠡᠢ ᠪᠣᠯᠤᠨ᠎ᠠ᠃ ᠤᠤᠯ ᠵᠣᠬᠢᠶᠠᠯ᠎ᠳᠤ ᠯᠦ ᡁᠢ ᠱᠧᠨ ᠰᠢᠳᠤᠷᠭᠤ ᠶᠣᠰᠤᠨ᠎ᠢ ᠪᠠᠳᠠᠷᠠᠭᠤᠯᠬᠤ᠎ᠶᠢᠨ ᠲᠥᠯᠦᠭᠡ ᠬᠠᠷᠭᠢᠰ ᠮᠠᠭᠤ ᠬᠥᠮᠦᠨ᠎ᠢ ᠦᠬᠦᠲᠡᠯ᠎ᠡ ᠵᠣᠳᠤᠭᠰᠠᠨ ᠢᠳᠡ᠎ᠲᠡᠢ ᠦᠭᠡ ᠨᠤᠭᠦᠳ᠎ᠨᠢ ᠭᠡᠭᠡᠭᠳᠡᠭᠡᠳ ᠤᠩᠰᠢᠭᠴᠢᠳ᠎ᠢ ᠨᠥᠯᠦᠭᠡᠯᠡᠵᠦ ᠴᠢᠳᠠᠬᠤ᠎ᠦᠭᠡᠢ᠎ᠳᠤ ᠬᠦᠷᠦᠨ᠎ᠡ᠃

ᠭᠠᠭᠴᠠ᠎ᠬᠦ ᠦᠭᠡ ᠥᠭᠦᠯᠡᠪᠦᠷᠢ᠎ᠶᠢᠨ ᠲᠣᠪᠴᠢ᠎ᠪᠠᠷ ᠬᠤᠷᠴᠠ ᠠᠪᠰᠠᠷᠭ᠎ᠠ ᠪᠣᠯᠵᠤ ᠴᠢᠳᠠᠬᠤ᠎ᠦᠭᠡᠢ᠎ᠶᠤᠮ᠃ ᠤᠷᠠᠯᠢᠭ᠎ᠢ ᠢᠯᠡᠳᠭᠡᠬᠦ᠎ᠶᠢᠨ ᠲᠥᠯᠦᠭᠡ ᠬᠡᠷᠡᠭᠯᠡᠭᠰᠡᠨ ᠨᠤᠷᠱᠤᠭᠤ ᠰᠤᠨᠵᠤᠭᠤ - ᠮᠠᠨ᠎ᠤ ᠬᠡᠯᠡᠳᠡᠭ ᠶᠠᠷᠰᠢᠭ ᠪᠤᠳᠤᠯᠢᠶᠠᠨ᠎ᠯᠤᠭ᠎ᠠ ᠪᠠᠰᠠ ᠢᠯᠭᠠᠮᠵᠢᠲᠠᠢ᠎ᠶᠤᠮ᠃ ᠯᠦ ᠰᠢᠶᠦ᠋ᠨ ᠬᠤᠷᠴᠠ ᠠᠪᠰᠠᠷᠭ᠎ᠠ᠎ᠶᠢ ᠶᠡᠬᠡ ᠡᠷᠬᠢᠮᠨᠡᠳᠡᠭ᠎ᠴᠦ ᠵᠠᠷᠢᠮ ᠦᠶ᠎ᠡ ᠬᠠᠷᠢᠨ ᠪᠠᠰᠠ ᠨᠤᠷᠱᠤᠭᠤ ᠪᠢᠴᠢᠳᠡᠭ᠎ᠶᠦᠮ᠃ ᠲᠡᠭᠦᠨ᠎ᠢ ᠴᠣᠬᠤᠮ《 ᠶᠠᠷᠰᠢᠭ ᠲᠦᠪᠡᠭ》᠎ᠢ ᠠᠰᠢᠭᠯᠠᠵᠤ ᠪᠠᠢᠨ᠎ᠠ ᠭᠡᠪᠡᠴᠦ ᠪᠣᠯᠤᠮᠠᠷ ᠪᠢᠯᠡ᠃ 《ᠢᠷᠦᠭᠡᠯ᠎ᠦᠨ ᠬᠤᠷᠠᠯ》 ᠭᠡᠳᠡᠭ ᠵᠣᠬᠢᠶᠠᠯ᠎ᠳᠤ 《ᠪᠢ》 ᠤᠷᠢᠳᠤ ᠡᠮᠦᠨ᠎ᠡ ᠰᠢ ᠦᠵᠡᠬᠦ᠎ᠳᠦ ᠠᠮᠲᠠ ᠰᠢᠮᠲᠡ᠎ᠦᠭᠡᠢ ᠪᠠᠢᠳᠠᠭ᠎ᠴᠤ ᠡᠳᠦᠭᠡ ᠬᠠᠷᠢᠨ ᠰᠢᠶᠣᠣ ᠵᠢᠶᠣᠣ ᠲᠢᠶᠠᠨ ᠭᠡᠳᠡᠭ ᠬᠣᠳᠤᠭᠤᠴᠢᠨ ᠬᠤᠷᠳᠤᠬᠠᠨ ᠭᠠᠷᠴᠤ ᠢᠷᠡᠬᠦ᠎ᠶᠢ ᠲᠡᠰᠭᠡᠯ᠎ᠦᠭᠡᠢ ᠬᠦᠯᠢᠶᠡᠵᠦ ᠪᠠᠢᠬᠤ᠎ᠶᠢ 《᠁ ᠲᠡᠨᠳᠡᠴᠡ ᠪᠢᠴᠢᠬᠠᠨ ᠬᠡᠦᠬᠡᠨ ᠳᠠᠭᠤᠯᠠᠵᠤ᠂ ᠲᠣᠮᠤᠬᠠᠨ ᠬᠡᠦᠬᠡᠳ ᠳᠠᠭᠤᠯᠠᠵᠤ᠂ ᠡᠪᠦᠭᠡᠨ ᠳᠠᠭᠤᠯᠠᠵᠤ ᠪᠠᠢᠨ᠎ᠠ᠂ ᠶᠠᠮᠠᠷ ᠲᠣᠭᠯᠠᠭᠴᠢ ᠲᠣᠭᠯᠠᠵᠤ ᠪᠠᠢᠭ᠎ᠠ᠎ᠶᠢ ᠣᠯᠵᠤ ᠮᠡᠳᠡᠭᠰᠡᠨ᠎ᠴᠦ᠎ᠦᠭᠡᠢ᠂ ᠨᠢᠭᠡ ᠣᠯᠠᠨ ᠬᠥᠮᠦᠨ ᠡᠷᠦᠢ ᠬᠤᠷᠤᠢ᠎ᠦᠭᠡᠢ ᠵᠣᠳᠤᠯᠳᠤᠵᠤ ᠪᠠᠢᠨ᠎ᠠ᠂ ᠬᠣᠶᠠᠷ ᠭᠤᠷᠪᠠ᠎ᠪᠠᠷ ᠵᠣᠳᠤᠯᠳᠤᠵᠤ᠎ᠴᠤ ᠪᠠᠢᠯ᠎ᠠ᠃ ᠶᠢᠰᠦᠨ ᠴᠠᠭ ᠭᠠᠷᠤᠢ᠎ᠠᠴᠠ ᠠᠷᠪᠠᠨ ᠴᠠᠭ ᠬᠦᠷᠲᠡᠯ᠎ᠡ᠂ ᠠᠷᠪᠠᠨ ᠴᠠᠭ ᠭᠠᠷᠤᠢ᠎ᠠᠴᠠ ᠠᠷᠪᠠᠨ ᠨᠢᠭᠡᠨ ᠴᠠᠭ ᠬᠦᠷᠲᠡᠯ᠎ᠡ᠂ ᠠᠷᠪᠠᠨ ᠨᠢᠭᠡᠨ ᠴᠠᠭ᠎ᠠᠴᠠ ᠠᠷᠪᠠᠨ ᠨᠢᠭᠡᠨ ᠴᠠᠭ ᠬᠠᠭᠠᠰ ᠬᠦᠷᠲᠡᠯ᠎ᠡ᠂ ᠠᠷᠪᠠᠨ ᠨᠢᠭᠡᠨ ᠴᠠᠭ ᠬᠠᠭᠠᠰ᠎ᠠᠴᠠ ᠠᠷᠪᠠᠨ ᠬᠣᠶᠠᠷ ᠴᠠᠭ ᠬᠦᠷᠲᠡᠯ᠎ᠡ - ᠥᠨᠥ ᠰᠢᠶᠣᠣ ᠵᠢᠶᠣᠣ ᠲᠢᠶᠠᠨ ᠪᠠᠰᠠ ᠭᠠᠷᠴᠤ ᠢᠷᠡᠭᠰᠡᠨ᠎ᠦᠭᠡᠢ》 ᠭᠡᠵᠡᠢ᠃ ᠶᠡᠷᠦᠳᠡ᠎ᠶᠢᠨ ᠴᠠᠭ᠎ᠲᠤ ᠬᠡᠨ ᠬᠥᠮᠦᠨ ᠦᠭᠡ᠎ᠶᠢ ᠢᠩᠭᠢᠵᠦ ᠶᠠᠷᠢᠬᠤ ᠪᠤᠢ᠂ ᠵᠣᠬᠢᠶᠠᠯ᠎ᠢ ᠢᠩᠭᠢᠵᠦ ᠶᠠᠷᠰᠢᠭ ᠪᠢᠴᠢᠪᠡᠯ ᠲᠦᠪᠡᠭ᠎ᠦᠨ ᠲᠤᠢᠯ᠎ᠳᠤ ᠬᠦᠷᠬᠦ ᠪᠣᠯᠤᠨ᠎ᠠ᠂ ᠭᠡᠲᠡᠯ᠎ᠡ ᠣᠨᠴᠠ ᠣᠷᠴᠢᠨ ᠲᠣᠭᠤᠷᠢᠨ᠂ ᠨᠥᠬᠦᠴᠡᠯ ᠪᠣᠯᠤᠯᠴᠠᠭ᠎ᠠ᠂ ᠠᠭᠤᠷ ᠠᠮᠢᠰᠭᠤᠯ᠎ᠤᠨ ᠳᠣᠣᠷ᠎ᠠ᠂ ᠯᠦ ᠰᠢᠶᠦ᠋ᠨ ᠲᠡᠭᠦᠨ᠎ᠢᠶᠡᠷ ᠨᠢᠭᠡᠨ ᠵᠦᠢᠯ᠎ᠦᠨ ᠨᠠᠷᠢᠨ ᠪᠤᠳᠤᠯᠢᠶᠠᠨ᠎ᠲᠠᠢ - ᠦᠭᠡ ᠶᠠᠷᠢᠶ᠎ᠠ᠎ᠪᠠᠷ ᠢᠯᠡᠳᠭᠡᠬᠦ᠎ᠳᠦ ᠪᠡᠷᠬᠡ ᠰᠠᠨᠠᠭ᠎ᠠ ᠰᠡᠳᠭᠢᠯᠭᠡ᠎ᠶᠢ ᠢᠯᠡᠳᠭᠡᠵᠦ ᠬᠥᠮᠦᠰ᠎ᠲᠦ ᠬᠤᠷᠴᠠ ᠬᠠᠴᠢᠨ ᠤᠷᠠᠯᠢᠭ᠎ᠤᠨ ᠬᠦᠷᠲᠡᠮᠵᠢ᠎ᠶᠢ ᠣᠯᠭᠤᠭᠰᠠᠨ ᠪᠠᠢᠵᠠᠢ᠃

ᠯᠢᠦ ᠰᠢᠶᠧ᠎ᠡᠴᠡ: 《ᠥᠭᠦᠯᠡᠪᠦᠷᠢ᠎ᠶᠢ ᠱᠤᠯᠤᠵᠤ ᠪᠣᠯᠬᠤ᠎ᠦᠭᠡᠢ ᠠᠨᠤ ᠰᠡᠪᠰᠡᠭᠡᠷ᠎ᠦᠨ ᠬᠠᠷᠠᠭ᠎ᠠ᠂ ᠦᠰᠦᠭ᠎ᠡᠴᠡ ᠬᠠᠰᠤᠵᠤ ᠦᠯᠦ ᠪᠣᠯᠬᠤᠯ᠎ᠠ᠂ ᠨᠢᠭᠲᠠ᠎ᠶᠢᠨ ᠤᠴᠢᠷ》 ᠭᠡᠰᠡᠨ ᠵᠦᠢᠲᠡᠢ ᠪᠠᠢᠨ᠎ᠠ᠃ ᠲᠣᠪᠴᠢ ᠠᠪᠰᠠᠷᠭ᠎ᠠ ᠪᠦᠬᠦᠨ᠎ᠢ ᠴᠥᠮ 《ᠱᠤᠯᠤᠮᠠᠷ ᠭᠠᠵᠠᠷ᠎ᠦᠭᠡᠢ》᠂ 《ᠬᠠᠰᠤᠵᠤ ᠦᠯᠦ ᠪᠣᠯᠬᠤ》᠎ᠪᠠᠷ ᠪᠠᠷᠢᠮᠵᠢᠶ᠎ᠠ ᠪᠣᠯᠭᠠᠬᠤ᠎ᠳᠤ ᠴᠥᠮ ᠰᠢᠯᠢᠵᠦ ᠲᠤᠩᠭᠠᠬᠤ ᠬᠡᠷᠡᠭᠲᠡᠢ᠃ ᠭᠡᠲᠡᠯ᠎ᠡ ᠡᠨᠡ᠎ᠬᠦ ᠰᠢᠯᠢᠵᠦ ᠲᠤᠩᠭᠠᠬᠤ ᠶᠠᠪᠤᠴᠠ᠎ᠨᠢ ᠳᠠᠩ ᠭᠠᠭᠴᠠ ᠥᠭᠦᠯᠡᠪᠦᠷᠢ᠎ᠶᠢ ᠡᠪᠲᠡᠢ ᠲᠣᠬᠢᠷᠠᠭᠤᠯᠬᠤ ᠶᠠᠪᠤᠳᠠᠯ ᠲᠡᠳᠦᠢ ᠪᠤᠰᠤ᠃ ᠳᠡᠭᠡᠷ᠎ᠡ ᠲᠠᠲᠠᠭᠰᠠᠨ ᠬᠡᠳᠦᠨ ᠵᠢᠱ᠋ᠢᠶ᠎ᠡ᠎ᠪᠡᠷ ᠠᠪᠴᠤ ᠬᠡᠯᠡᠬᠦ᠎ᠳᠦ᠂ ᠵᠣᠬᠢᠶᠠᠭᠴᠢ ᠲᠡᠭᠦᠨ᠎ᠢ᠎ᠪᠡᠨ ᠪᠢᠴᠢᠬᠦ ᠦᠶ᠎ᠡ᠎ᠳᠦ ᠣᠶᠤᠨ ᠲᠠᠷᠢᠬᠢ᠎ᠪᠠᠨ ᠲᠡᠭᠡᠵᠦ ᠶᠡᠬᠡᠬᠡᠨ ᠰᠢᠪᠬᠠᠭᠰᠠᠨ᠎ᠴᠤ ᠪᠤᠰᠤ ᠭᠡᠵᠦ ᠪᠢ ᠪᠣᠳᠤᠨ᠎ᠠ᠃ ᠬᠡᠷᠪᠡ ᠠᠮᠢᠳᠤᠷᠠᠯ᠎ᠤᠨ ᠳᠣᠲᠤᠷ᠎ᠠ᠎ᠠᠴᠠ ᠡᠰᠢ ᠠᠪᠴᠤ᠂ ᠬᠠᠢᠷ᠎ᠠ ᠰᠡᠳᠭᠢᠯᠭᠡ᠎ᠪᠡᠨ ᠲᠦᠰᠢᠭᠯᠡᠪᠡᠯ ᠲᠣᠪᠴᠢ ᠨᠤᠷᠱᠤᠭᠤ᠎ᠶᠢ ᠡᠪᠲᠡᠢ ᠲᠣᠬᠢᠷᠠᠭᠤᠯᠬᠤ ᠭᠡᠭᠴᠢ ᠳᠡᠮᠡᠢ ᠪᠡᠷᠬᠡ ᠪᠢᠰᠢ᠎ᠶᠦᠮ᠃ ᠭᠦ᠋ ᠶᠠᠨ ᠡᠦ ᠬᠡᠯᠡᠭᠰᠡᠨ᠎ᠨᠢ: 《ᠵᠣᠬᠢᠶᠠᠯ ᠪᠢᠴᠢᠭ᠎ᠲᠦᠷ ᠶᠠᠭᠤᠨ᠎ᠳᠤ ᠨᠤᠷᠱᠤᠭᠤ ᠲᠣᠪᠴᠢ ᠪᠤᠢ? ᠡᠷᠲᠡᠨ᠎ᠦ ᠬᠥᠮᠦᠨ᠎ᠦ ᠥᠭᠦᠯᠡᠭᠰᠡᠨ ᠢᠨᠦ᠂ ᠤᠰᠤᠨ᠎ᠤ ᠳᠡᠭᠡᠷᠡᠬᠢ ᠰᠠᠯᠬᠢᠨ ᠥᠪᠡᠷ᠎ᠦᠨ ᠠᠶ᠎ᠠ᠎ᠪᠠᠷ ᠠᠷ ᠲᠠᠲᠠᠭᠤᠯᠤᠮᠤᠢ᠂ ᠬᠡᠷᠪᠡ ᠥᠪᠡᠷ᠎ᠦᠨ ᠠᠶ᠎ᠠ᠎ᠪᠠᠷ ᠪᠤᠰᠤ᠂ ᠬᠥᠮᠦᠨ᠎ᠦ ᠰᠠᠨᠠᠭ᠎ᠠ᠎ᠪᠠᠷ ᠵᠣᠷᠢᠭᠤᠳᠠ ᠨᠤᠷᠱᠤᠭᠤ ᠲᠣᠪᠴᠢ ᠭᠠᠷᠭᠠᠪᠠᠰᠤ ᠠᠯᠳᠠᠬᠤ ᠪᠣᠯᠠᠢ!》 ᠭᠡᠵᠡᠢ!

ᠡᠳᠦᠭᠡ ᠬᠠᠷᠠᠬᠠᠨ ᠵᠣᠬᠢᠶᠠᠯ᠎ᠢ ᠤᠷᠲᠤᠯᠠᠭᠤᠯᠬᠤ ᠬᠡᠯᠪᠡᠷᠢᠯ ᠭᠠᠷᠴᠤ ᠪᠤᠢ: ᠥᠭᠦᠯᠡᠯᠭᠡ᠎ᠨᠢ ᠲᠤᠭᠤᠵᠢ᠎ᠴᠤ᠎ᠰᠢᠭ᠋᠂ ᠲᠤᠭᠤᠵᠢ᠎ᠨᠢ ᠷᠤᠮᠠᠨ᠎ᠴᠤ᠎ᠰᠢᠭ᠋᠂ ᠷᠤᠮᠠᠨ᠎ᠨᠢ ᠨᠢᠭᠡ ᠪᠣᠲᠢ᠂ ᠬᠣᠶᠠᠷ ᠪᠣᠲᠢ᠂ ᠭᠤᠷᠪᠠᠨ ᠪᠣᠲᠢ ᠁᠃ ᠲᠡᠢᠮᠦ ᠳ᠋ᠠ᠂ ᠵᠠᠷᠢᠮ ᠵᠣᠬᠢᠶᠠᠯ ᠤᠷᠲᠤ᠎ᠳᠠᠭᠠᠨ ᠰᠠᠢᠨ᠂ ᠤᠷᠲᠤ ᠪᠣᠯᠭᠠᠬᠤ᠎ᠦᠭᠡᠢ ᠪᠣᠯ ᠪᠣᠯᠳᠠᠭ᠎ᠦᠭᠡᠢ᠎ᠶᠤᠮ ᠪᠠᠢᠨ᠎ᠠ᠃ ᠭᠡᠪᠡᠴᠦ ᠣᠯᠠᠩᠬᠢ ᠵᠣᠬᠢᠶᠠᠯ ᠲᠡᠢᠮᠦ ᠤᠷᠲᠤ ᠪᠢᠴᠢᠭᠰᠡᠨ᠎ᠦ ᠬᠡᠷᠡᠭ ᠠᠯᠠᠭ᠎ᠠ᠂ ᠦᠨᠡᠬᠡᠷ᠎ᠴᠦ 《 ᠤᠰᠤᠷᠬᠠᠭ》 ᠪᠠᠢᠭᠠᠳ ᠪᠠᠢᠳᠠᠭ᠎ᠶᠤᠮ᠃ ᠵᠣᠬᠢᠶᠠᠯ᠎ᠢ ᠳᠡᠩᠳᠡᠭᠦᠦ ᠤᠷᠲᠤ ᠪᠢᠴᠢᠬᠦ᠎ᠶᠢᠨ ᠰᠢᠯᠲᠠᠭᠠᠨ ᠶᠡᠬᠡ ᠣᠯᠠᠨ᠂ ᠶᠠᠭᠤᠨ᠎ᠤ ᠡᠮᠦᠨ᠎ᠡ ᠠᠮᠢᠳᠤᠷᠠᠯ᠎ᠢ ᠰᠢᠯᠢᠵᠦ ᠲᠤᠩᠭᠠᠬᠤ ᠠᠰᠠᠭᠤᠳᠠᠯ - ᠤᠷᠠᠯᠢᠭ᠎ᠤᠨ ᠬᠤᠷᠢᠶᠠᠩᠭᠤᠢᠯᠠᠯ᠎ᠤᠨ ᠠᠰᠠᠭᠤᠳᠠᠯ ᠪᠤᠢ᠃ ᠭᠡᠪᠡᠴᠦ ᠲᠡᠭᠦᠨ᠎ᠦ ᠳᠣᠲᠤᠷ᠎ᠠ ᠤᠷᠠᠯᠢᠭ᠎ᠤᠨ ᠠᠷᠭ᠎ᠠ ᠪᠠᠷᠢᠯ ᠪᠠ ᠬᠡᠯᠡ ᠶᠠᠷᠢᠶᠠᠨ᠎ᠤ ᠪᠣᠯᠪᠠᠰᠤᠷᠠᠯ᠎ᠢᠶᠠᠷ ᠲᠣᠭᠲᠠᠭᠰᠠᠨ ᠶᠠᠪᠤᠳᠠᠯ ᠪᠠᠰᠠ ᠪᠤᠢ ᠭᠡᠳᠡᠭ᠎ᠢ ᠬᠠᠢᠬᠤᠷᠬᠤ᠎ᠦᠭᠡᠢ ᠪᠠᠢᠵᠤ ᠪᠣᠯᠬᠤ᠎ᠦᠭᠡᠢ᠃ ᠲᠣᠪᠴᠢ ᠪᠥᠭᠡᠳ ᠤᠰᠤᠪᠬᠢ᠂ ᠨᠤᠷᠱᠤᠭᠤ ᠪᠥᠭᠡᠳ ᠨᠦᠰᠡᠷ ᠪᠠᠢᠳᠠᠭ᠂ ᠬᠣᠶᠠᠷ ᠭᠡᠮ ᠬᠡᠵᠢᠶᠡᠳᠡ ᠳᠠᠪᠬᠤᠷᠯᠠᠵᠤ ᠪᠠᠢᠳᠠᠭ ᠪᠢᠯᠡ᠃ ᠵᠠᠷᠢᠮ ᠨᠢᠭᠡ ᠵᠣᠬᠢᠶᠠᠯ ᠠᠭᠤᠯᠭ᠎ᠠ᠎ᠪᠠᠷ ᠵᠦᠭᠡᠷ᠎ᠰᠢᠭ ᠪᠣᠯᠪᠠᠴᠤ ᠤᠷᠲᠤ ᠬᠣᠷᠮᠤᠢ ᠴᠢᠷᠦᠭᠰᠡᠨ᠎ᠰᠢᠭ ᠲᠤᠯᠠ ᠲᠡᠭᠦᠨ᠎ᠢ ᠤᠩᠰᠢᠬᠤ᠎ᠳᠤ ᠦᠨᠡᠬᠡᠷ ᠴᠢᠯᠠᠭᠤ ᠡᠭᠦᠷᠴᠦ ᠵᠦᠴᠦᠭᠡ ᠦᠵᠡᠬᠦ᠎ᠰᠢᠭ ᠪᠣᠳᠤᠯ ᠣᠷᠤᠵᠤ᠂ ᠲᠠᠮᠢᠷ ᠠᠯᠳᠠᠷᠠᠵᠤ ᠲᠣᠯᠤᠭᠠᠢ ᠡᠪᠡᠳᠬᠦ᠎ᠳᠦ ᠬᠦᠷᠳᠡᠭ᠎ᠶᠦᠮ᠃ ᠬᠠᠷᠢᠨ ᠶᠡᠬᠡ ᠵᠣᠬᠢᠶᠠᠯᠴᠢ᠎ᠨᠠᠷ᠎ᠤᠨ ᠵᠣᠬᠢᠶᠠᠯ᠎ᠢ ᠤᠩᠰᠢᠬᠤ᠎ᠳᠤ ᠶᠡᠷᠦ᠎ᠨᠢ ᠰᠠᠯᠬᠢ ᠣᠷᠤᠭᠤᠯᠬᠤ ᠣᠩᠭᠤᠴᠠ᠎ᠰᠢᠭ᠋ ᠬᠥᠩᠭᠡᠨ ᠭᠠᠪᠰᠢᠭᠠᠢ ᠰᠠᠨᠠᠭᠳᠠᠳᠠᠭ ᠪᠢᠯᠡ᠃

ᠡᠭᠦᠨ᠎ᠢ ᠪᠣᠳᠤᠵᠤ ᠦᠵᠡᠪᠡᠯ᠂ ᠵᠣᠬᠢᠶᠠᠯ᠎ᠢ ᠲᠣᠪᠴᠢ ᠠᠪᠰᠠᠷᠭ᠎ᠠ ᠪᠢᠴᠢᠬᠦ᠎ᠨᠢ ᠴᠢᠬᠤᠯᠠ᠂ ᠵᠣᠬᠢᠶᠠᠯ᠎ᠤᠨ ᠲᠣᠪᠴᠢ ᠨᠤᠷᠱᠤᠭᠤ᠎ᠨᠢ ᠬᠥᠭ ᠬᠡᠮ᠎ᠢᠶᠡᠨ ᠠᠯᠳᠠᠪᠠᠯ ᠲᠤᠰᠠ᠎ᠦᠭᠡᠢ ᠭᠡᠳᠡᠭ ᠬᠠᠭᠤᠴᠢᠷᠠᠭᠰᠠᠨ ᠰᠡᠳᠦᠪ᠎ᠢ ᠳᠠᠬᠢᠨ ᠰᠡᠷᠭᠦᠭᠡᠬᠦ᠎ᠳᠦ ᠢᠯᠡᠭᠦᠴᠡ ᠶᠠᠪᠤᠳᠠᠯ ᠠᠷᠠᠢ ᠪᠢᠰᠢ ᠪᠢᠵᠡ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082