ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠫᠯᠶᠦᠱᠺᠢᠨ

ᠭᠣᠭᠣᠯ

ᠮᠠᠨᠠᠢ ᠵᠣᠬᠢᠶᠠᠯ᠎ᠤᠨ ᠪᠠᠭᠠᠲᠤᠷ ᠨᠢᠭᠡ ᠬᠣᠶᠠᠷᠬᠠᠨ ᠭᠤᠳᠤᠮᠵᠢ᠎ᠪᠠᠷ ᠬᠡᠳᠦᠬᠡᠨ ᠮᠤᠷᠤᠢᠭᠠᠳ ᠵᠣᠷᠢᠭᠰᠠᠨ ᠪᠠᠢᠰᠢᠩ᠎ᠤᠨ ᠳᠡᠷᠭᠡᠳᠡ ᠬᠦᠷᠴᠦ ᠢᠷᠡᠪᠡ᠃ ᠣᠢᠷᠠᠳᠴᠤ ᠢᠷᠡᠭᠡᠳ ᠬᠠᠷᠠᠪᠠᠯ ᠡᠨᠡ ᠪᠠᠢᠰᠢᠩ ᠪᠦᠷ᠎ᠴᠦ ᠣᠯᠬᠢᠶ᠎ᠠ᠎ᠦᠭᠡᠢ ᠬᠠᠷᠠᠭᠳᠠᠵᠤ ᠪᠠᠢᠯ᠎ᠠ᠃ ᠬᠠᠰᠢᠶ᠎ᠠ ᠪᠣᠯᠤᠨ ᠬᠠᠭᠠᠯᠭ᠎ᠠ᠎ᠨᠤᠭᠤᠳ᠎ᠤᠨ ᠮᠣᠳᠤᠨ᠎ᠳᠤ ᠬᠥᠭᠡᠴᠦ ᠰᠠᠭᠤᠵᠤ᠂ ᠠᠵᠢᠯᠴᠢᠳ᠎ᠤᠨ ᠭᠡᠷ ᠣᠷᠤᠨ᠂ ᠰᠠᠩ ᠬᠥᠮᠦᠷᠭᠡ᠂ ᠵᠣᠭᠤᠷᠢ ᠵᠡᠷᠭᠡ ᠬᠠᠭᠤᠴᠢᠷᠠᠨ ᠥᠮᠦᠬᠢᠷᠡᠭᠰᠡᠨ ᠪᠠᠢᠰᠢᠩ᠎ᠤᠳ ᠬᠠᠰᠢᠶ᠎ᠠ ᠳᠦᠭᠦᠷᠡᠩ ᠪᠠᠷᠠᠭᠠᠨᠳᠠᠨ ᠬᠠᠷᠠᠭᠳᠠᠨ᠎ᠠ᠃ ᠵᠡᠷᠭᠡᠯᠡᠳᠡᠭᠡ ᠬᠠᠰᠢᠶ᠎ᠠ᠎ᠨᠤᠭᠤᠳ ᠤᠷᠤᠭᠤ ᠣᠷᠤᠳᠠᠭ ᠬᠠᠭᠠᠯᠭ᠎ᠠ᠎ᠶᠢ ᠡᠳᠡᠭᠡᠷ ᠪᠠᠢᠰᠢᠩ᠎ᠤᠨ ᠵᠡᠭᠦᠨ ᠪᠠᠷᠠᠭᠤᠨ ᠲᠠᠯ᠎ᠠ᠎ᠳᠤ ᠭᠠᠷᠭᠠᠵᠠᠢ᠃

ᠳᠡᠭᠡᠷ᠎ᠡ ᠦᠶ᠎ᠡ᠎ᠳᠦ ᠡᠨᠳᠡ ᠶᠡᠬᠡ᠎ᠯᠡ ᠬᠥᠭᠵᠢᠯᠲᠡᠢ ᠠᠮᠢᠳᠤᠷᠠᠯ ᠣᠷᠭᠢᠯᠵᠤ ᠪᠠᠢᠭᠰᠠᠨ᠎ᠢᠶᠠᠨ ᠣᠳᠣ ᠪᠠᠯᠠᠷᠠᠭᠰᠠᠨ᠎ᠨᠢ ᠡᠨᠡ ᠪᠦᠭᠦᠳᠡ ᠳᠡᠭᠡᠷ᠎ᠡ ᠢᠯᠡ ᠪᠠᠢᠨ᠎ᠠ᠃ ᠡᠨᠳᠡ ᠠᠮᠢᠳᠤ ᠶᠠᠭᠤᠮᠠᠰ᠎ᠤᠨ ᠰᠢᠨᠵᠢ ᠣᠭᠲᠤ ᠠᠯᠠᠭ᠎ᠠ: ᠣᠩᠭᠤᠢᠵᠤ ᠪᠠᠢᠭ᠎ᠠ ᠬᠠᠭᠠᠯᠭ᠎ᠠ᠎ᠴᠤ ᠠᠯᠠᠭ᠎ᠠ᠂ ᠣᠷᠤᠵᠤ ᠭᠠᠷᠴᠤ ᠶᠠᠪᠤᠭ᠎ᠠ ᠬᠥᠮᠦᠰ᠎ᠴᠦ ᠦᠵᠡᠭᠳᠡᠬᠦ᠎ᠦᠭᠡᠢ᠃ ᠰᠠᠢᠬᠠᠨ ᠲᠣᠬᠢᠯᠢᠭ ᠡᠵᠡᠩᠨᠡᠨ ᠬᠠᠮᠢᠶᠠᠷᠴᠤ ᠪᠠᠢᠭ᠎ᠠ᠎ᠶᠢᠨ ᠲᠡᠮᠳᠡᠭ᠎ᠴᠦ ᠣᠭᠲᠤ ᠦᠵᠡᠭᠳᠡᠬᠦ᠎ᠦᠭᠡᠢ᠃ ᠡᠨᠳᠡᠬᠢ᠎ᠶᠢᠨ ᠦᠬᠡᠨᠴᠡ ᠪᠠᠢᠳᠠᠯ᠎ᠳᠤ ᠠᠮᠢᠳᠤᠷᠠᠯ᠎ᠤᠨ ᠲᠡᠮᠳᠡᠭ ᠣᠷᠤᠭᠤᠯᠬᠤ ᠭᠡᠰᠡᠨ᠎ᠶᠦᠮ᠎ᠰᠢᠭ ᠨᠢᠭᠡ ᠬᠥᠮᠦᠨ ᠲᠡᠷᠭᠡᠨ᠎ᠳᠦ ᠶᠠᠭᠤᠮ᠎ᠠ ᠠᠴᠢᠵᠤ᠂ ᠳᠡᠭᠡᠷ᠎ᠡ᠎ᠡᠴᠡ᠎ᠨᠢ ᠴᠢᠭᠢᠷᠰᠦ᠎ᠪᠡᠷ ᠪᠦᠲᠡᠭᠡᠭᠡᠳ᠂ ᠨᠡᠭᠡᠭᠡᠯᠲᠡᠲᠡᠢ ᠭᠠᠭᠴᠠᠬᠠᠨ ᠲᠣᠮᠤ ᠬᠠᠭᠠᠯᠭ᠎ᠠ᠎ᠪᠠᠷ ᠣᠷᠤᠵᠤ ᠶᠠᠪᠤᠪᠠ᠃ ᠬᠠᠰᠢᠶᠠᠨ᠎ᠤ ᠳᠥᠷᠦ ᠲᠡᠮᠦᠷ᠎ᠲᠦ ᠡᠯᠭᠦᠭᠡᠰᠦᠲᠡᠢ ᠠᠪᠤᠷᠭᠤ ᠲᠣᠮᠤ ᠴᠣᠣᠵᠢ᠎ᠪᠠᠷ ᠪᠣᠳᠤᠪᠠᠯ ᠡᠨᠡ ᠬᠠᠭᠠᠯᠭ᠎ᠠ ᠰᠠᠶᠢ᠎ᠯᠠ ᠣᠩᠭᠤᠢᠭᠰᠠᠨ᠎ᠠᠴᠠ ᠪᠢᠰᠢ᠂ ᠪᠤᠰᠤᠳ ᠴᠠᠭ᠎ᠲᠤ ᠦᠷᠭᠦᠯᠵᠢ ᠲᠦᠭᠵᠢᠶᠡᠰᠦᠲᠡᠢ ᠪᠠᠢᠳᠠᠭ᠎ᠨᠢ ᠢᠯᠡᠬᠡᠨ ᠮᠡᠳᠡᠭᠳᠡᠵᠦ ᠪᠠᠢᠯ᠎ᠠ᠃ ᠨᠢᠭᠡ ᠪᠠᠢᠰᠢᠩ᠎ᠤᠨ ᠳᠡᠷᠭᠡᠳᠡ ᠰᠠᠶᠢ᠎ᠶᠢᠨ ᠢᠷᠡᠭᠰᠡᠨ ᠲᠡᠷᠭᠡᠴᠢᠨ᠎ᠲᠡᠢ ᠨᠢᠭᠡ ᠠᠮᠢᠲᠠᠨ ᠬᠡᠷᠡᠯᠳᠦᠵᠦ ᠪᠠᠢᠭ᠎ᠠ᠎ᠶᠢ ᠴᠢᠴᠢᠺᠤᠸ ᠳᠠᠷᠤᠢ ᠬᠠᠷᠠᠭᠠᠳ᠂ ᠡᠨᠡ᠎ᠴᠢᠨᠢ ᠴᠣᠬᠤᠮ ᠶᠠᠮᠠᠷ ᠠᠮᠢᠲᠠᠨ ᠪᠤᠢ? ᠡᠷᠡᠭᠲᠡᠢ᠎ᠶᠦᠮ᠎ᠦᠦ᠂ ᠡᠮᠡᠭᠲᠡᠢ᠎ᠶᠦᠮ᠎ᠦᠦ? ᠭᠡᠵᠦ ᠲᠠᠨᠢᠬᠤ ᠭᠡᠳ ᠴᠥᠬᠦᠷᠡᠯ᠎ᠡ᠃ ᠲᠡᠭᠦᠨ᠎ᠦ ᠬᠤᠪᠴᠠᠰᠤ᠎ᠪᠠᠷ ᠲᠡᠢᠮᠦ ᠬᠦᠢᠰᠦ᠎ᠶᠢᠨ ᠬᠥᠮᠦᠨ ᠭᠡᠵᠦ ᠬᠡᠯᠡᠬᠦ᠎ᠳᠦ ᠲᠤᠩ ᠬᠡᠴᠡᠭᠦᠦ ᠪᠠᠢᠯ᠎ᠠ᠃ ᠳᠡᠪᠡᠯ᠎ᠨᠢ ᠶᠠᠭ ᠡᠮᠡᠭᠲᠡᠢ ᠬᠥᠮᠦᠨ᠎ᠦ ᠬᠢ᠎ᠰᠢᠭ ᠪᠠᠢᠭᠰᠠᠨ ᠪᠠ ᠲᠣᠯᠤᠭᠠᠢ ᠳᠡᠭᠡᠷ᠎ᠡ᠎ᠨᠢ ᠬᠥᠳᠡᠭᠡ᠎ᠶᠢᠨ ᠡᠬᠡᠨᠡᠷ᠎ᠦᠳ ᠡᠮᠦᠰᠴᠦ ᠶᠠᠪᠤᠳᠠᠭ ᠮᠠᠯᠠᠭᠠᠢ᠎ᠲᠠᠢ ᠠᠳᠠᠯᠢ ᠱᠣᠪᠤᠭᠤᠷ ᠶᠠᠭᠤᠮ᠎ᠠ ᠲᠠᠯᠪᠢᠭᠠᠲᠠᠢ᠃ ᠵᠥᠪᠬᠡᠨ ᠬᠣᠭᠤᠯᠠᠢ᠎ᠨᠢ ᠡᠮᠡᠭᠲᠡᠢᠴᠦᠳ᠎ᠦᠨ ᠬᠢ᠎ᠡᠴᠡ ᠠᠷᠠᠢ᠎ᠯᠠ ᠪᠦᠳᠡᠭᠢ ᠰᠥᠭᠡᠩᠭᠢ ᠰᠣᠨᠤᠰᠳᠠᠨ᠎ᠠ᠃ 《ᠡᠨᠡ᠎ᠴᠢᠨᠢ ᠡᠮᠡᠭᠲᠡᠢ ᠬᠥᠮᠦᠨ ᠪᠠᠢᠬᠤ ᠰᠢᠪ》 ᠭᠡᠵᠦ ᠴᠢᠴᠢᠺᠤᠸ ᠪᠣᠳᠤᠭᠰᠠᠨ᠎ᠢᠶᠠᠨ 《ᠪᠢᠰᠢ ᠳ᠋ᠠ 》 ᠭᠡᠵᠦ ᠰᠠᠨᠠᠭᠠᠳ ᠳᠠᠬᠢᠵᠤ ᠰᠠᠢᠨ ᠠᠵᠢᠭᠯᠠᠭᠠᠳ 《ᠡᠮᠡᠭᠲᠡᠢ ᠪᠠᠢᠯᠭᠦᠢ ᠶᠠᠭᠠᠬᠢᠬᠤᠪ》 ᠭᠡᠵᠦ ᠬᠡᠯᠡᠪᠡ᠃ ᠬᠠᠷᠢᠨ ᠲᠡᠷᠡ ᠠᠮᠢᠲᠠᠨ᠎ᠨᠢ ᠴᠢᠴᠢᠺᠤᠸ᠎ᠢ ᠮᠥᠨ ᠶᠡᠬᠡ ᠰᠢᠷᠲᠡᠨ ᠬᠠᠷᠠᠨ᠎ᠠ᠃ ᠴᠢᠴᠢᠺᠤᠸ᠎ᠢ ᠪᠠᠢᠲᠤᠭᠠᠢ ᠰᠧᠯᠢᠹᠣᠨ᠎ᠢ ᠮᠥᠨ ᠰᠠᠢᠲᠤᠷ ᠠᠵᠢᠭᠯᠠᠭᠰᠠᠨ ᠪᠥᠭᠡᠳ ᠮᠣᠷᠢᠳ᠎ᠢ ᠰᠡᠭᠦᠯ᠎ᠡᠴᠡ᠎ᠨᠢ ᠬᠣᠩᠰᠢᠶᠠᠷ᠎ᠲᠤᠨᠢ ᠬᠦᠷᠲᠡᠯ᠎ᠡ ᠬᠠᠷᠠᠵᠤ ᠪᠠᠢᠭ᠎ᠠ᠎ᠪᠠᠷ ᠪᠣᠳᠤᠪᠠᠯ ᠵᠣᠴᠢᠨ᠎ᠤ ᠢᠷᠡᠭᠰᠡᠨ᠎ᠳᠦ ᠲᠡᠷᠡ ᠠᠮᠢᠲᠠᠨ ᠶᠡᠬᠡ ᠭᠠᠢᠬᠠᠭᠰᠠᠨ ᠪᠣᠯᠤᠯᠲᠠᠢ᠃ ᠪᠦᠰᠡ᠎ᠡᠴᠡ᠎ᠪᠡᠨ ᠵᠡᠭᠦᠭᠰᠡᠨ ᠪᠥᠭᠡᠮ ᠲᠦᠯᠬᠢᠭᠦᠷ᠎ᠢ᠎ᠨᠢ ᠬᠠᠷᠠᠬᠤ᠎ᠶᠢᠨ ᠳᠠᠭᠠᠤ ᠲᠠᠷᠢᠶᠠᠴᠢᠨ᠎ᠢ ᠡᠯᠳᠡᠪ ᠮᠠᠭᠤᠬᠠᠢ ᠦᠭᠡ᠎ᠪᠡᠷ ᠵᠠᠩᠨᠠᠵᠤ ᠪᠠᠢᠬᠤ᠎ᠶᠢ ᠰᠣᠨᠤᠰᠤᠭᠠᠳ ᠴᠢᠴᠢᠺᠤᠸ 《ᠮᠥᠨ ᠳ᠋ᠠ᠂ ᠨᠢᠷᠪᠠ ᠡᠮᠡᠭᠲᠡᠢ ᠰᠢᠪ ᠳ᠋ᠠ 》 ᠭᠡᠵᠦ ᠳ᠋ᠦᠩᠨᠡᠪᠡ᠃

《ᠡᠮᠡᠭᠡᠨ ᠭᠤᠸᠠᠢ᠂ ᠨᠣᠶᠠᠨᠲᠠᠨ ᠶᠠᠭᠤ ᠬᠢᠵᠦ ᠪᠠᠢᠨ᠎ᠠ ᠪᠤᠢ?》 ᠭᠡᠵᠦ ᠲᠡᠷᠭᠡᠨ᠎ᠡᠴᠡ᠎ᠪᠡᠨ ᠪᠠᠭᠤᠬᠤ᠎ᠶᠢᠨ ᠳᠠᠭᠠᠤ ᠴᠢᠴᠢᠺᠤᠸ᠎ᠤᠨ ᠠᠰᠠᠭᠤᠬᠤ᠎ᠳᠤ ᠨᠢᠷᠪᠠ ᠡᠮᠡᠭᠲᠡᠢ ᠠᠰᠠᠭᠤᠯᠲᠠ᠎ᠶᠢ᠎ᠨᠢ ᠪᠦᠭᠦᠳᠡ᠎ᠶᠢ᠎ᠨᠢ ᠰᠣᠨᠤᠰᠤᠯ᠎ᠦᠭᠡᠢ ᠬᠥᠨᠳᠡᠯᠡᠨ᠎ᠡᠴᠡ ᠣᠷᠤᠵᠤ:

《ᠡᠵᠡᠭᠦᠢ》 ᠭᠡᠵᠦ ᠬᠡᠯᠡᠭᠡᠳ ᠪᠠᠢᠰᠬᠢᠵᠤ ᠪᠠᠢᠭᠠᠳ ᠳᠠᠬᠢᠨ 《 ᠲᠠ ᠶᠠᠭᠤ ᠭᠡᠵᠦ ᠶᠠᠪᠤᠭ᠎ᠠ ᠬᠥᠮᠦᠨ ᠪᠤᠢ?》 ᠭᠡᠵᠦ ᠠᠰᠠᠭᠤᠪᠠ᠃

《ᠠᠷᠠᠯᠵᠢᠶᠠᠨ᠎ᠤ ᠲᠤᠬᠠᠢ ᠵᠢᠭᠠᠬᠠᠨ ᠬᠡᠷᠡᠭ᠎ᠲᠡᠢ ᠶᠠᠪᠤᠭ᠎ᠠ᠃ 》

《ᠲᠡᠭᠡᠪᠡᠯ ᠥᠷᠦᠭᠡ ᠤᠷᠤᠭᠤ ᠣᠷᠤ》 ᠭᠡᠵᠦ ᠨᠢᠮᠪᠠ ᠡᠮᠡᠭᠲᠡᠢ ᠬᠡᠯᠡᠭᠡᠳ ᠭᠤᠯᠢᠷ ᠪᠣᠯᠴᠢᠬᠠᠭᠰᠠᠨ᠂ ᠲᠣᠮᠤ ᠴᠣᠭᠤᠷᠤᠬᠠᠢ᠎ᠲᠠᠢ ᠬᠤᠪᠴᠠᠰᠤᠨ᠎ᠤ᠎ᠪᠠᠨ ᠠᠷᠤ᠎ᠶᠢ ᠨᠠᠰᠢ ᠬᠠᠷᠠᠭᠤᠯᠤᠨ ᠬᠠᠭᠠᠯᠭ᠎ᠠ᠎ᠶᠢ ᠣᠩᠭᠤᠢᠯᠭᠠᠪᠠ᠃

ᠴᠢᠴᠢᠺᠤᠸ ᠵᠣᠭᠤᠷᠢ᠎ᠳᠤ ᠣᠷᠤᠭᠰᠠᠨ᠎ᠰᠢᠭ᠋ ᠬᠦᠢᠲᠡᠨ ᠠᠮᠢᠰᠭᠤᠯ ᠭᠠᠷᠴᠤ ᠪᠠᠢᠭ᠎ᠠ ᠥᠷᠭᠡᠨ ᠬᠠᠷᠠᠩᠭᠤᠢ ᠡᠭᠦᠳᠡᠨ ᠫᠧᠩ᠎ᠢ ᠳᠠᠮᠵᠢᠨ ᠮᠥᠨ ᠬᠠᠪ ᠬᠠᠷᠠᠩᠭᠤᠢ ᠪᠣᠯᠪᠠᠴᠤ ᠬᠠᠭᠠᠯᠭ᠎ᠠ᠎ᠶᠢ ᠨᠡᠭᠡᠭᠡᠵᠦ ᠴᠢᠨᠠᠳᠤ ᠭᠡᠭᠡᠨ ᠥᠷᠦᠭᠡᠨ᠎ᠳᠦᠨᠢ ᠣᠷᠤᠬᠤ᠎ᠳᠠᠭᠠᠨ ᠲᠡᠭᠦᠨ᠎ᠦ ᠳᠣᠲᠤᠷᠠᠬᠢ ᠡᠮᠬᠢ ᠵᠠᠮᠪᠠᠷᠠᠭ᠎ᠠ᠎ᠦᠭᠡᠢ ᠪᠠᠢᠳᠠᠯ᠎ᠢ ᠦᠵᠡᠭᠡᠳ ᠭᠠᠢᠬᠠᠪᠠ᠃ ᠡᠨᠡ ᠪᠠᠢᠰᠢᠩ᠎ᠤᠨ ᠱᠠᠯᠠ᠎ᠶᠢ ᠤᠨᠠᠬᠤ ᠭᠡᠵᠦ ᠰᠢᠷᠡᠭᠡ ᠰᠠᠨᠳᠠᠯᠢ ᠵᠡᠷᠭᠡ ᠪᠦᠬᠦ ᠬᠣᠭᠰᠢᠯ᠎ᠢ ᠢᠩᠭᠢᠵᠦ ᠣᠪᠤᠭᠠᠯᠠᠪᠠ᠎ᠤᠤ ᠭᠡᠵᠦ ᠰᠠᠨᠠᠭᠳᠠᠮᠠᠷ ᠪᠠᠢᠪᠠ᠃ ᠨᠢᠭᠡ ᠰᠢᠷᠡᠭᠡᠨ ᠳᠡᠭᠡᠷ᠎ᠡ ᠡᠪᠳᠡᠷᠬᠡᠢ ᠰᠠᠨᠳᠠᠯᠢ ᠪᠠᠢᠯ᠎ᠠ᠃ ᠲᠡᠭᠦᠨ᠎ᠦ ᠳᠡᠷᠭᠡᠳᠡ ᠲᠠᠤᠬᠠᠢ᠎ᠨᠢ ᠵᠣᠭᠰᠤᠴᠢᠬᠠᠭᠰᠠᠨ ᠬᠠᠭᠤᠴᠢᠨ ᠴᠠᠭ ᠲᠠᠯᠪᠢᠭᠠᠲᠠᠢ ᠪᠠᠢᠪᠠ᠃ ᠲᠡᠷᠡ ᠴᠠᠭ᠎ᠤᠨ ᠲᠠᠤᠬᠠᠢ᠎ᠠᠴᠠ ᠠᠭᠠᠯᠵᠢ ᠰᠢᠯᠦᠰᠦ ᠲᠠᠲᠠᠵᠤ ᠡᠬᠢᠯᠡᠭᠰᠡᠨ ᠬᠠᠷᠠᠭᠳᠠᠨ᠎ᠠ᠃ ᠳᠡᠭᠡᠷ᠎ᠡ ᠦᠶ᠎ᠡ᠎ᠶᠢᠨ ᠬᠣᠭᠤᠯᠠᠨ᠎ᠤ ᠮᠥᠩᠭᠦᠨ ᠰᠠᠪᠠ ᠬᠡᠷᠡᠭᠯᠡᠯ᠂ ᠠᠷᠢᠬᠢᠨ᠎ᠤ ᠯᠣᠩᠬᠤ ᠪᠣᠯᠤᠨ ᠬᠢᠲᠠᠳ ᠱᠠᠵᠠᠩ ᠰᠠᠪᠠ ᠵᠡᠷᠭᠡ᠎ᠶᠢ ᠠᠭᠤᠯᠤᠭᠰᠠᠨ ᠬᠣᠷᠭᠤ᠎ᠶᠢ ᠰᠢᠷᠡᠭᠡᠨ ᠳᠡᠷᠭᠡᠳᠡ ᠬᠠᠨᠠᠨ᠎ᠳᠤ ᠲᠤᠯᠭᠠᠨ ᠬᠥᠨᠳᠡᠯᠡᠨ ᠲᠠᠯᠪᠢᠵᠠᠢ᠃ ᠮᠥᠨ ᠲᠠᠨ᠎ᠠ ᠰᠢᠭᠢᠳᠭᠡᠭᠰᠡᠨ ᠰᠢᠷᠡᠭᠡ ᠡᠨᠳᠡ ᠪᠠᠢᠭᠰᠠᠨ ᠪᠥᠭᠡᠳ ᠰᠢᠭᠢᠳᠭᠡᠭᠡ ᠨᠤᠭᠦᠳ᠎ᠦᠨ ᠵᠠᠷᠢᠮ᠎ᠨᠢ ᠬᠣᠪᠬᠤᠷᠠᠨ ᠤᠨᠠᠵᠤ᠂ ᠰᠠᠭᠤᠷᠢ᠎ᠨᠤᠭᠤᠳ᠎ᠨᠢ ᠬᠣᠩᠬᠤᠢᠯᠳᠤᠨ᠂ ᠴᠠᠪᠠᠤ᠎ᠨᠢ ᠰᠢᠷᠠᠯᠠᠨ ᠦᠵᠡᠭᠳᠡᠨ᠎ᠡ᠃ ᠡᠨᠡ ᠰᠢᠷᠡᠭᠡᠨ ᠳᠡᠭᠡᠷ᠎ᠡ ᠡᠯᠳᠡᠪ ᠶᠠᠭᠤᠮ᠎ᠠ ᠡᠷᠢᠶᠡᠴᠢᠭᠰᠡᠨ᠂ ᠳᠡᠭᠡᠷ᠎ᠡ᠎ᠡᠴᠡ᠎ᠨᠢ ᠥᠨᠳᠡᠭᠡᠨ ᠬᠡᠯᠪᠡᠷᠢ᠎ᠶᠢᠨ ᠪᠠᠷᠢᠭᠤᠯ᠎ᠲᠠᠢ ᠨᠣᠭᠤᠭᠠᠷᠠᠭᠰᠠᠨ ᠭᠠᠨᠳᠢᠭ ᠳᠠᠷᠤᠪᠴᠢ᠎ᠪᠠᠷ ᠳᠠᠷᠤᠭᠰᠠᠨ᠂ ᠳᠠᠪᠬᠤᠷ ᠳᠠᠪᠬᠤᠷ ᠵᠢᠵᠢᠭ ᠴᠠᠭᠠᠰᠤ᠂ ᠠᠷᠠᠰᠤᠨ ᠬᠠᠪᠲᠠᠰᠤᠲᠠᠢ ᠤᠯᠠᠭᠠᠨ ᠬᠥᠪᠡᠭᠡᠲᠡᠢ ᠡᠷᠲᠡ ᠴᠠᠭ᠎ᠤᠨ ᠨᠢᠭᠡ ᠪᠣᠲᠢ ᠨᠣᠮ᠂ ᠣᠢ᠎ᠶᠢᠨ ᠬᠤᠰᠢᠭ᠎ᠠ᠎ᠶᠢᠨ ᠴᠢᠨᠡᠭᠡᠨ ᠪᠣᠯᠲᠠᠯ᠎ᠠ ᠬᠠᠲᠠᠵᠤ ᠬᠣᠷᠴᠢᠢᠭᠰᠠᠨ ᠨᠢᠮᠪᠡᠭᠡ᠂ ᠲᠦᠰᠢᠯᠭᠡᠲᠡᠢ ᠰᠠᠨᠳᠠᠯᠢ᠎ᠶᠢᠨ ᠥᠷᠦᠭᠡᠰᠦᠨ ᠲᠦᠰᠢᠪᠴᠢ᠂ ᠳᠣᠲᠤᠷ᠎ᠠ᠎ᠨᠢ ᠰᠢᠩᠭᠡᠨ ᠤᠯᠠᠭᠠᠨ ᠶᠠᠭᠤᠮ᠎ᠠ᠎ᠲᠠᠢ᠂ ᠲᠡᠭᠦᠨ᠎ᠳᠦᠨᠢ ᠭᠤᠷᠪᠠᠨ ᠢᠯᠠᠭ᠎ᠠ᠎ᠲᠠᠢ᠂ ᠴᠠᠭᠠᠰᠤ᠎ᠪᠠᠷ ᠲᠠᠭᠯᠠᠭᠰᠠᠨ ᠬᠤᠨᠳᠠᠭ᠎ᠠ᠂ ᠯᠠᠴᠠ᠎ᠶᠢᠨ ᠬᠡᠯᠲᠡᠷᠬᠡᠢ᠂ ᠬᠠᠮᠢᠭ᠎ᠠ᠎ᠠᠴᠠ ᠲᠡᠭᠦᠭᠰᠡᠨ᠎ᠢ ᠪᠤᠤ ᠮᠡᠳᠡ ᠳᠠᠪᠤᠤ᠎ᠶᠢᠨ ᠥᠭᠡᠳᠡᠰᠦ ᠨᠤᠭᠦᠳ᠂ ᠪᠡᠬᠡᠨ᠎ᠳᠦ ᠵᠢᠭᠤᠷᠠᠯᠳᠤᠨ ᠬᠠᠲᠠᠭᠰᠠᠨ᠂ ᠠᠭᠤᠰᠭᠢᠨ᠎ᠤ ᠰᠦᠷᠢᠶ᠎ᠡ᠎ᠪᠡᠷ ᠬᠠᠲᠠᠩᠭᠢᠷ ᠪᠣᠯᠤᠭᠰᠠᠨ ᠬᠥᠮᠦᠨ᠎ᠰᠢᠭ ᠬᠣᠶᠠᠷ ᠥᠳᠦᠨ ᠦᠵᠦᠭ᠂ ᠮᠤᠰᠺᠸᠠ᠎ᠶᠢ ᠹᠷᠠᠨᠼᠢᠴᠤᠳ᠎ᠤᠨ ᠳᠣᠪᠲᠤᠯᠬᠤ᠎ᠠᠴᠠ ᠡᠮᠦᠨ᠎ᠡ ᠡᠵᠡᠨ ᠬᠥᠮᠦᠨ ᠬᠡᠷᠡᠭᠯᠡᠵᠦ ᠪᠠᠢᠭᠰᠠᠨ ᠪᠣᠯᠪᠠ᠎ᠤᠤ ᠬᠡᠮᠡᠷ ᠰᠢᠪ ᠰᠢᠷ᠎ᠠ ᠪᠣᠯᠴᠢᠬᠠᠭᠰᠠᠨ ᠰᠢᠭᠢᠴᠢᠯᠡᠭᠦᠷ ᠵᠡᠷᠭᠡ ᠬᠡᠷᠡᠭ᠎ᠲᠡᠢ ᠬᠡᠷᠡᠭ᠎ᠦᠭᠡᠢ ᠣᠯᠠᠨ ᠶᠠᠭᠤᠮ᠎ᠠ ᠬᠥᠭᠯᠡᠷᠡᠭᠰᠡᠨ ᠪᠠᠢᠯ᠎ᠠ᠃

ᠬᠠᠨᠠᠨ ᠳᠡᠭᠡᠭᠦᠷ ᠡᠮᠬᠢ᠎ᠦᠭᠡᠢ ᠰᠢᠬᠠᠴᠠᠯᠳᠤᠭᠤᠯᠤᠨ ᠡᠯᠭᠦᠭᠰᠡᠨ ᠵᠢᠷᠤᠭ᠎ᠤᠳ ᠪᠠᠢᠪᠠ: ᠮᠣᠷᠢᠳ᠎ᠢᠶᠠᠨ ᠤᠰᠤᠨ᠎ᠳᠤ ᠵᠢᠪᠪᠦᠭᠦᠯᠦᠨ ᠬᠠᠰᠭᠢᠷᠤᠯᠳᠤᠨ ᠶᠠᠪᠤᠭᠰᠠᠨ᠂ ᠲᠣᠮᠤ ᠪᠥᠮᠪᠦᠷ᠎ᠦᠳ ᠪᠠᠷᠢᠭᠰᠠᠨ᠂ ᠭᠤᠷᠪᠠᠯᠵᠢᠨ ᠮᠠᠯᠠᠭᠠᠢ᠎ᠲᠠᠢ ᠴᠡᠷᠢᠭ᠎ᠦᠳ᠎ᠲᠡᠢ ᠶᠠᠮᠠᠷ ᠨᠢᠭᠡᠨ ᠪᠠᠢᠯᠳᠤᠭᠠᠨ᠎ᠢ ᠬᠠᠷᠠᠭᠤᠯᠤᠭᠰᠠᠨ ᠬᠠᠭᠤᠴᠢᠷᠠᠵᠤ ᠰᠢᠷᠠᠯᠠᠭᠰᠠᠨ ᠰᠡᠢᠯᠦᠮᠡᠯ ᠬᠡᠪ᠎ᠦᠨ ᠤᠷᠲᠤ ᠵᠢᠷᠤᠭ᠎ᠢ ᠬᠦᠷᠡᠯ ᠪᠤᠳᠤᠭ᠎ᠢᠶᠠᠷ ᠬᠥᠪᠡᠭᠡᠯᠡᠨ ᠳᠥᠷᠪᠡᠨ ᠪᠤᠯᠤᠩ᠎ᠳᠤᠨᠢ ᠤᠭᠠᠯᠵᠠ ᠭᠠᠷᠭᠠᠭᠰᠠᠨ᠂ ᠰᠢᠯ᠎ᠦᠭᠡᠢ ᠤᠯᠠᠭᠠᠨ ᠽᠠᠨᠳᠠᠨ ᠮᠣᠳᠤᠨ ᠵᠢᠶᠠᠵᠠᠨ᠎ᠳᠤ ᠰᠠᠭᠤᠯᠭᠠᠭᠰᠠᠨ ᠬᠠᠷᠠᠭᠳᠠᠨ᠎ᠠ᠃ ᠴᠡᠴᠡᠭ ᠵᠢᠮᠢᠰ᠂ ᠵᠦᠰᠦᠮᠡᠯ ᠲᠠᠷᠪᠤᠰ᠂ ᠵᠡᠷᠯᠢᠭ ᠭᠠᠬᠠᠢ᠎ᠶᠢᠨ ᠲᠣᠯᠤᠭᠠᠢ᠂ ᠳᠣᠷᠤᠭᠰᠢ ᠬᠠᠷᠠᠭᠤᠯᠵᠤ ᠡᠯᠭᠦᠭᠰᠡᠨ ᠨᠤᠭᠤᠰᠤ ᠵᠡᠷᠭᠡ᠎ᠶᠢ ᠵᠢᠷᠤᠭᠰᠠᠨ ᠲᠣᠰᠤᠨ ᠪᠤᠳᠤᠭ᠎ᠤᠨ ᠲᠣᠮᠤ ᠬᠠᠷ᠎ᠠ ᠵᠢᠷᠤᠭ ᠪᠠᠢᠯᠳᠤᠭᠠᠨ᠎ᠤ ᠵᠢᠷᠤᠭ᠎ᠤᠨ ᠳᠡᠷᠭᠡᠳᠡ ᠪᠠᠷᠤᠭ ᠬᠠᠭᠠᠰ ᠬᠠᠨ᠎ᠠ ᠡᠵᠡᠯᠡᠵᠡᠢ᠃ ᠶᠣᠷᠤᠭ᠎ᠢᠶᠠᠷ ᠣᠷᠢᠶᠠᠭᠰᠠᠨ᠂ ᠲᠣᠭᠤᠰᠤᠨ᠎ᠳᠤ ᠳᠠᠷᠤᠭᠳᠠᠵᠤ ᠬᠦᠷᠢ᠎ᠶᠢᠨ ᠡᠭᠦᠷ᠎ᠦᠨ ᠥᠩᠭᠡᠲᠡᠢ ᠪᠣᠯᠤᠭᠰᠠᠨ᠎ᠯᠠ᠎ᠶᠢᠨ ᠲᠠᠯᠪᠢᠭᠤᠷ ᠶᠠᠭ ᠲᠠᠭᠠᠵᠠ᠎ᠶᠢᠨ ᠳᠤᠮᠳᠠ᠎ᠠᠴᠠ ᠡᠯᠭᠦᠭᠡᠲᠡᠢ ᠪᠠᠢᠯ᠎ᠠ᠂ ᠰᠢᠷᠡᠭᠡᠨ ᠳᠡᠭᠡᠷ᠎ᠡ ᠪᠠᠢᠬᠤ ᠡᠷᠬᠡ᠎ᠦᠭᠡᠢ ᠡᠯᠳᠡᠪ ᠮᠤᠤᠰᠠᠢᠨ ᠶᠠᠭᠤᠮ᠎ᠠ ᠥᠷᠦᠭᠡᠨ᠎ᠦ ᠨᠢᠭᠡ ᠪᠤᠯᠤᠩ᠎ᠳᠤ ᠣᠪᠤᠭᠠᠯᠠᠭᠠᠰᠤᠲᠠᠢ ᠬᠠᠷᠠᠭᠳᠠᠨ᠎ᠠ᠃ ᠲᠡᠳᠡᠭᠡᠷ᠎ᠦᠨ ᠶᠠᠭᠤ ᠪᠣᠯᠬᠤ᠎ᠶᠢ ᠲᠠᠨᠢᠬᠤᠶ᠎ᠠ ᠪᠡᠷᠬᠡ ᠠᠵᠢ᠂ ᠤᠴᠢᠷ᠎ᠨᠢ ᠡᠨᠡ ᠪᠦᠬᠦᠨ ᠳᠡᠭᠡᠷ᠎ᠡ ᠤᠴᠢᠷ᠎ᠦᠭᠡᠢ ᠵᠤᠵᠠᠭᠠᠨ ᠲᠣᠭᠤᠰᠤ ᠲᠣᠷᠲᠤᠭ ᠰᠠᠭᠤᠵᠤ᠂ ᠭᠠᠷ ᠬᠦᠷᠪᠡᠯ ᠳᠣᠣᠷᠠᠬᠠᠨ᠎ᠢᠶᠠᠨ ᠶᠠᠭ ᠲᠠᠪᠤᠨ ᠬᠤᠷᠤᠭᠤ᠎ᠲᠠᠢ ᠬᠠᠷ᠎ᠠ ᠪᠡᠭᠡᠯᠡᠢ᠎ᠰᠢᠭ ᠪᠣᠯᠬᠤ ᠪᠠᠢᠯ᠎ᠠ᠃ ᠡᠨᠡ ᠣᠪᠤᠭᠠᠯᠠᠭᠠᠲᠠᠢ ᠬᠣᠭ ᠳᠣᠲᠤᠷ᠎ᠠ᠎ᠠᠴᠠ ᠮᠣᠳᠤᠨ ᠬᠦᠷᠵᠡ᠎ᠶᠢᠨ ᠬᠤᠭᠤᠷᠬᠠᠢ᠂ ᠬᠠᠭᠤᠴᠢᠨ ᠰᠠᠪᠢᠬᠢᠨ ᠭᠤᠲᠤᠯ᠎ᠤᠨ ᠥᠰᠦᠭᠡᠢ᠎ᠯᠡ ᠲᠣᠳᠤ ᠬᠠᠷᠠᠭᠳᠠᠨ᠎ᠠ᠃ ᠰᠢᠷᠡᠭᠡᠨ ᠳᠡᠭᠡᠷ᠎ᠡ ᠬᠡᠪᠲᠡᠵᠦ ᠪᠠᠢᠭ᠎ᠠ ᠤᠨᠲᠠᠬᠤ᠎ᠳᠤ ᠡᠮᠦᠰᠳᠡᠭ ᠬᠠᠭᠤᠴᠢᠨ ᠮᠠᠯᠠᠭᠠᠢ ᠡᠨᠳᠡ ᠬᠥᠮᠦᠨ ᠠᠮᠢᠲᠠᠨ ᠪᠠᠢᠭ᠎ᠠ᠎ᠶᠢᠨ ᠲᠡᠮᠳᠡᠭ ᠪᠣᠯᠵᠤ ᠪᠠᠢᠭᠰᠠᠨ᠎ᠦᠭᠡᠢ ᠪᠣᠯ ᠡᠨᠡ ᠥᠷᠦᠭᠡ᠎ᠶᠢ ᠬᠥᠮᠦᠨ ᠰᠠᠭᠤᠳᠠᠭ ᠭᠠᠵᠠᠷ ᠭᠡᠵᠦ ᠶᠠᠭᠠᠬᠢᠭᠰᠠᠨ᠎ᠴᠤ ᠪᠣᠳᠤᠮᠠᠷ᠎ᠦᠭᠡᠢ ᠪᠠᠢᠪᠠ᠃

ᠴᠢᠴᠢᠺᠤᠸ ᠡᠨᠳᠡᠬᠢ ᠶᠠᠭᠤᠮ᠎ᠠ᠎ᠶᠢ ᠭᠠᠢᠬᠠᠨ ᠬᠠᠷᠠᠵᠤ ᠠᠵᠢᠭᠯᠠᠨ ᠰᠠᠭᠤᠲᠠᠯ᠎ᠠ ᠬᠠᠵᠠᠭᠤ ᠲᠠᠯ᠎ᠠ᠎ᠶᠢᠨ ᠬᠠᠭᠠᠯᠭ᠎ᠠ ᠣᠩᠭᠤᠢᠵᠤ᠂ ᠲᠦᠷᠦᠭᠦᠬᠡᠨ ᠬᠠᠰᠢᠶᠠᠨ ᠳᠣᠲᠤᠷ᠎ᠠ ᠲᠠᠭᠠᠷᠠᠯᠳᠤᠭᠰᠠᠨ ᠨᠢᠷᠪᠠ ᠡᠮᠡᠭᠲᠡᠢ ᠣᠷᠤᠵᠤ ᠢᠷᠡᠯ᠎ᠡ᠃ ᠴᠢᠴᠢᠺᠤᠸ ᠡᠨᠡ ᠬᠥᠮᠦᠨ᠎ᠢ ᠬᠠᠷᠠᠬᠤ᠎ᠲᠠᠢ᠎ᠪᠠᠨ ᠵᠡᠷᠭᠡ᠂᠎ᠦᠭᠡᠢ ᠡᠨᠡ᠎ᠴᠢᠨᠢ ᠡᠮᠡᠭᠲᠡᠢ ᠪᠢᠰᠢ ᠡᠷᠡᠭᠲᠡᠢ ᠨᠢᠷᠪᠠ ᠪᠠᠢᠬᠤ ᠰᠢᠪ᠃ ᠡᠨᠡ ᠨᠢᠷᠪᠠ ᠡᠮᠡᠭᠲᠡᠢ ᠬᠥᠮᠦᠨ ᠪᠠᠢᠭᠰᠠᠨ ᠪᠣᠯ ᠶᠠᠳᠠᠬᠤ᠎ᠳᠠᠭᠠᠨ ᠬᠤᠰᠤᠬᠤ ᠰᠠᠬᠠᠯ᠎ᠦᠭᠡᠢ ᠪᠠᠢᠬᠤ ᠶᠣᠰᠤᠲᠠᠢ᠃ ᠭᠡᠲᠡᠯ᠎ᠡ ᠡᠨᠡ᠎ᠴᠢᠨᠢ ᠰᠠᠬᠠᠯ᠎ᠢᠶᠠᠨ ᠬᠤᠰᠤᠳᠠᠭ᠎ᠶᠤᠮ᠎ᠰᠢᠭ᠋ ᠪᠠᠢᠨ᠎ᠠ᠃ ᠬᠠᠷᠢᠨ ᠲᠡᠭᠡᠬᠦ᠎ᠳᠡᠭᠡᠨ ᠶᠡᠬᠡ᠎ᠯᠡ ᠤᠳᠠᠵᠤ ᠬᠤᠰᠤᠳᠠᠭ᠎ᠨᠢ ᠢᠯᠡ ᠪᠠᠢᠨ᠎ᠠ᠃ ᠶᠠᠭᠠᠬᠢᠭᠠᠳ ᠪᠤᠢ ᠭᠡᠪᠡᠯ ᠬᠠᠴᠠᠷ᠎ᠤᠨ ᠳᠣᠣᠷᠠᠳᠤ ᠬᠡᠰᠡᠭ᠎ᠨᠢ ᠵᠦᠴᠢᠶᠡᠨ᠎ᠳᠦ ᠡᠯᠭᠦᠭᠡᠰᠦᠲᠡᠢ ᠪᠠᠢᠳᠠᠭ ᠮᠣᠷᠢᠨ᠎ᠤ ᠲᠡᠮᠦᠷ ᠱᠤᠸᠠᠵᠠ᠎ᠰᠢᠭ᠋ ᠠᠷᠵᠠᠢᠴᠢᠬᠠᠭᠰᠠᠨ ᠪᠠᠢᠨ᠎ᠠ ᠭᠡᠵᠦ ᠴᠢᠴᠢᠺᠤᠸ ᠪᠣᠳᠤᠭᠠᠳ ᠭᠠᠢᠬᠠᠭᠰᠠᠨ᠎ᠤ ᠲᠡᠮᠳᠡᠭ ᠴᠢᠷᠠᠢ᠎ᠳᠤᠨᠢ ᠢᠯᠡᠷᠡᠨ᠂ ᠲᠡᠷᠡ ᠬᠥᠮᠦᠨ᠎ᠢ ᠶᠠᠭᠤ ᠭᠡᠵᠦ ᠬᠡᠯᠡᠳᠡᠭ ᠪᠣᠯ ᠭᠡᠵᠦ ᠬᠦᠯᠢᠶᠡᠵᠦ ᠪᠠᠢᠯ᠎ᠠ᠃ ᠲᠡᠷᠡ ᠬᠥᠮᠦᠨ ᠪᠠᠰᠠ ᠴᠢᠴᠢᠺᠤᠸ᠎ᠤᠨ ᠶᠠᠭᠤ ᠬᠡᠯᠡᠬᠦ᠎ᠶᠢ ᠬᠦᠯᠢᠶᠡᠵᠦ ᠪᠠᠢᠪᠠ᠃ ᠴᠢᠴᠢᠺᠤᠸ ᠡᠢᠮᠦ ᠬᠠᠴᠢᠨ ᠬᠥᠮᠦᠨ᠎ᠢ ᠭᠠᠢᠬᠠᠨ ᠰᠠᠭᠤᠭᠰᠠᠨ᠎ᠢᠶᠠᠨ ᠵᠣᠷᠢᠭᠯᠠᠵᠤ:

《ᠲᠠᠨᠠᠢ ᠨᠣᠶᠠᠨᠲᠠᠨ ᠶᠠᠭᠠᠬᠢᠭᠰᠠᠨ ᠪᠤᠢ? ᠥᠷᠦᠭᠡᠨ᠎ᠳᠡᠭᠡᠨ ᠪᠤᠢ᠎ᠤᠤ?》 ᠭᠡᠵᠦ ᠠᠰᠠᠭᠤᠯ᠎ᠠ᠃

《ᠡᠵᠡᠨ ᠡᠨᠳᠡ ᠪᠤᠢ!》 ᠭᠡᠵᠦ ᠡᠷᠡᠭᠲᠡᠢ ᠨᠢᠷᠪᠠ ᠬᠠᠷᠢᠭᠤᠯᠪᠠ᠃

《ᠬᠠᠮᠢᠭ᠎ᠠ ᠪᠠᠢᠨ᠎ᠠ?》 ᠭᠡᠵᠦ ᠴᠢᠴᠢᠺᠤᠸ ᠠᠰᠠᠭᠤᠬᠤ᠎ᠳᠤ:

《ᠡᠷᠬᠢᠮ᠎ᠮᠢᠨᠢ᠂ ᠲᠠ ᠰᠣᠬᠤᠷ᠎ᠶᠤᠮ᠎ᠤᠤ ᠳ᠋ᠠ ? ᠡᠵᠡᠨ ᠬᠥᠮᠦᠨ ᠪᠢ ᠪᠠᠢᠨ᠎ᠠ》 ᠭᠡᠵᠦ ᠡᠷᠡᠭᠲᠡᠢ ᠨᠢᠷᠪᠠ ᠬᠠᠷᠢᠭᠤᠯᠪᠠ᠃

ᠮᠠᠨᠠᠢ ᠵᠣᠬᠢᠶᠠᠯ᠎ᠤᠨ ᠪᠠᠭᠠᠲᠤᠷ ᠡᠨᠡ ᠦᠭᠡ᠎ᠶᠢ ᠰᠣᠨᠤᠰᠬᠤ᠎ᠲᠠᠢ᠎ᠪᠠᠨ ᠵᠡᠷᠭᠡ ᠡᠷᠬᠡ᠎ᠦᠭᠡᠢ ᠭᠡᠳᠡᠷᠭᠦ ᠤᠬᠤᠷᠢᠵᠤ᠂ ᠲᠡᠷᠡ ᠬᠥᠮᠦᠨ᠎ᠢ ᠰᠠᠢᠲᠤᠷ ᠰᠢᠷᠲᠡᠨ ᠬᠠᠷᠠᠯ᠎ᠠ᠃ ᠴᠢᠴᠢᠺᠤᠸ ᠶᠠᠩᠵᠤ ᠪᠦᠷᠢ᠎ᠶᠢᠨ ᠬᠥᠮᠦᠨ᠎ᠢ ᠦᠵᠡᠵᠦ ᠬᠠᠷᠠᠵᠤ ᠶᠠᠪᠤᠭᠰᠠᠨ᠎ᠢᠶᠠᠷ ᠪᠠᠷᠠᠬᠤ᠎ᠦᠭᠡᠢ᠂ ᠤᠩᠰᠢᠭᠴᠢᠳ ᠲᠠ ᠪᠢᠳᠡᠨ᠎ᠦ ᠶᠡᠷᠦ ᠦᠵᠡᠭᠡᠳᠦᠢ ᠡᠯᠳᠡᠪ ᠬᠥᠮᠦᠨ᠎ᠢ ᠦᠵᠡᠵᠦ ᠬᠠᠷᠠᠵᠤ ᠶᠠᠪᠤᠭᠰᠠᠨ ᠪᠣᠯᠪᠠᠴᠤ ᠡᠨᠡ ᠮᠡᠲᠦ ᠬᠥᠮᠦᠨ᠎ᠢ ᠶᠡᠷᠦ ᠬᠠᠷᠠᠭᠠᠳᠤᠢ᠎ᠶᠤᠮ᠃ ᠡᠨᠡ ᠬᠥᠮᠦᠨ᠎ᠦ ᠴᠢᠷᠠᠢ᠎ᠨᠢ ᠶᠡᠷᠦ᠎ᠶᠢᠨ ᠲᠤᠷᠠᠩᠬᠠᠢ ᠡᠪᠦᠭᠡᠳ᠎ᠦᠨ ᠴᠢᠷᠠᠢ᠎ᠠᠴᠠ ᠢᠯᠭᠠᠭᠳᠠᠬᠤ ᠣᠨᠴᠠ᠎ᠶᠢᠨ ᠰᠢᠨᠵᠢ ᠲᠡᠮᠳᠡᠭ᠎ᠦᠭᠡᠢ ᠪᠣᠯᠪᠠᠴᠤ ᠬᠡᠲᠦᠷᠬᠡᠢ ᠡᠮᠰᠡᠭᠡᠷ᠎ᠦᠨ ᠤᠯᠠᠮ᠎ᠠᠴᠠ ᠳᠤᠤᠭᠠᠷᠬᠤ᠎ᠳᠠᠭᠠᠨ ᠬᠥᠮᠦᠨ ᠥᠭᠡᠳᠡ ᠰᠢᠯᠦᠰᠦ᠎ᠪᠡᠨ ᠦᠰᠦᠷᠭᠡᠬᠦ᠎ᠦᠭᠡᠢ ᠭᠡᠵᠦ ᠠᠮᠠ᠎ᠪᠠᠨ ᠦᠷᠭᠦᠯᠵᠢᠳᠡ ᠠᠯᠴᠢᠭᠤᠷ᠎ᠢᠶᠠᠷ ᠲᠠᠭᠯᠠᠵᠤ ᠶᠠᠪᠤᠳᠠᠭ ᠠᠵᠢ᠃ ᠭᠦᠨ ᠨᠦᠬᠡᠨ᠎ᠡᠴᠡ ᠨᠠᠷᠢᠬᠠᠨ ᠬᠣᠩᠰᠢᠶᠠᠷ ᠴᠤᠬᠤᠢᠯᠭᠠᠵᠤ᠂ ᠡᠨᠳᠡ ᠮᠤᠤᠷ᠂ ᠳᠦᠷᠰᠦᠭᠦᠢ ᠬᠡᠦᠬᠡᠳ ᠬᠣᠷᠭᠤᠳᠠᠭᠰᠠᠨ ᠪᠠᠢᠵᠤ ᠮᠠᠭᠠᠳ ᠭᠡᠵᠦ ᠪᠣᠯᠭᠤᠮᠵᠢᠯᠠᠨ᠂ ᠴᠢᠬᠢ᠎ᠪᠡᠨ ᠰᠡᠷᠲᠡᠢᠯᠭᠡᠨ ᠰᠠᠬᠠᠯ᠎ᠢᠶᠠᠨ ᠬᠥᠳᠡᠯᠭᠡᠨ᠂ ᠳᠠᠢᠰᠤᠨ᠎ᠤ ᠦᠨᠦᠷ ᠠᠪᠬᠤ᠎ᠶᠢ ᠣᠷᠤᠯᠳᠤᠵᠤ ᠪᠠᠢᠭ᠎ᠠ ᠬᠤᠯᠤᠭᠠᠨ᠎ᠠ᠎ᠶᠢᠨ ᠨᠢᠳᠦ᠎ᠰᠢᠭ ᠬᠠᠷᠠᠴᠠᠲᠠᠢ ᠵᠢᠭᠠᠯᠬᠠᠨ ᠬᠣᠶᠠᠷ ᠨᠢᠳᠦ᠎ᠨᠢ ᠥᠳᠭᠡᠨ ᠬᠥᠮᠦᠰᠭᠡᠨ ᠳᠣᠲᠤᠷ᠎ᠠ᠎ᠠᠴᠠ ᠴᠣᠭᠲᠠᠢ ᠬᠡᠪ᠎ᠢᠶᠡᠷ᠎ᠢᠶᠡᠨ ᠬᠠᠷᠠᠭᠳᠠᠨ᠎ᠠ᠃ ᠲᠡᠭᠦᠨ᠎ᠦ ᠬᠤᠪᠴᠠᠰᠤ᠎ᠨᠢ ᠪᠦᠷ᠎ᠴᠦ ᠰᠣᠨᠢᠨ ᠪᠠᠢᠯ᠎ᠠ᠃ ᠡᠩᠭᠡᠷ ᠵᠠᠭᠠᠮ᠎ᠠ᠂ ᠬᠣᠶᠠᠷ ᠬᠠᠨᠴᠤᠢ᠎ᠨᠢ ᠭᠤᠲᠤᠯ᠎ᠤᠨ ᠵᠤᠵᠠᠭᠠᠨ ᠪᠤᠯᠢᠭᠠᠷᠢ᠎ᠰᠢᠭ᠋ ᠪᠣᠯᠤᠨ ᠬᠠᠷᠠᠯᠠᠨ ᠭᠢᠯᠲᠠᠭᠠᠨᠠᠵᠤ᠂ ᠡᠨᠡ ᠳᠡᠪᠡᠯ᠎ᠢ ᠶᠠᠮᠠᠷ ᠡᠳ᠋᠎ᠢᠶᠡᠷ ᠣᠶᠤᠭᠰᠠᠨ᠎ᠢ ᠮᠡᠳᠡᠬᠦ ᠠᠷᠭ᠎ᠠ᠎ᠦᠭᠡᠢ ᠪᠣᠯᠵᠠᠢ᠃ ᠠᠷᠤ᠎ᠶᠢᠨ ᠬᠣᠶᠠᠷ ᠬᠣᠷᠮᠤᠢ᠎ᠶᠢᠨ ᠣᠷᠤᠨ᠎ᠳᠤ ᠳᠥᠷᠪᠡᠨ ᠬᠣᠷᠮᠤᠢ ᠤᠨᠵᠢᠭᠢᠨᠠᠵᠤ ᠲᠡᠭᠦᠨ᠎ᠡᠴᠡ ᠪᠥᠭᠡᠮ ᠬᠥᠪᠦᠩ ᠴᠤᠬᠤᠢᠨ᠎ᠠ᠃ ᠡᠨᠡ ᠬᠥᠮᠦᠨ ᠣᠢᠮᠤᠰᠤ᠎ᠶᠤᠮ᠎ᠤᠤ᠂ ᠶᠠᠮᠠᠷ ᠨᠢᠭᠡᠨ ᠶᠠᠭᠤᠮ᠎ᠠ᠎ᠶᠢᠨ ᠰᠣᠢᠯᠲᠠ᠎ᠶᠤᠮ᠎ᠤᠤ᠂ ᠡᠰᠡᠬᠦᠯ᠎ᠡ ᠪᠡᠯᠬᠡᠭᠦᠪᠴᠢ᠎ᠶᠦᠮ᠎ᠦᠦ ᠬᠡᠮᠡᠷ ᠶᠠᠭᠤᠮ᠎ᠠ᠎ᠶᠢ ᠬᠦᠵᠦᠭᠦᠨ᠎ᠳᠡᠭᠡᠨ ᠡᠯᠭᠦᠭᠰᠡᠨ᠎ᠨᠢ ᠯᠠᠪ᠎ᠯᠠ ᠪᠦᠴᠡ ᠵᠠᠩᠭᠢᠶ᠎ᠠ ᠪᠢᠰᠢ ᠪᠠᠢᠬᠤ᠃ ᠬᠡᠷᠪᠡ ᠴᠢᠴᠢᠺᠤᠸ ᠡᠢᠮᠦ ᠬᠤᠪᠴᠠᠰᠤᠲᠠᠢ ᠬᠥᠮᠦᠨ᠎ᠢ ᠶᠠᠮᠠᠷ ᠨᠢᠭᠡᠨ ᠰᠦᠮ᠎ᠡ᠎ᠶᠢᠨ ᠬᠠᠭᠠᠯᠭᠠᠨ ᠳᠡᠭᠡᠷ᠎ᠡ ᠬᠠᠷᠠᠭᠰᠠᠨ ᠪᠣᠯ ᠲᠡᠭᠦᠨ᠎ᠳᠦ ᠯᠠᠪ ᠬᠣᠶᠠᠷ ᠺᠣᠫᠸᠢᠢᠺᠠ ᠵᠣᠭᠤᠰ ᠥᠭᠬᠦ᠎ᠶᠦᠮ᠃ ᠴᠢᠴᠢᠺᠤᠸ ᠶᠠᠳᠠᠭᠤ ᠬᠥᠮᠦᠨ᠎ᠢ ᠬᠠᠷᠠᠬᠤ᠎ᠳᠠᠭᠠᠨ ᠬᠣᠶᠠᠷ ᠺᠣᠫᠸᠢᠢᠺᠠ ᠥᠭᠭᠦᠯ᠎ᠦᠭᠡᠢ ᠥᠩᠭᠡᠷᠡᠳᠡᠭ᠎ᠦᠭᠡᠢ ᠰᠠᠢᠨ ᠰᠠᠨᠠᠭᠠᠲᠠᠢ ᠬᠥᠮᠦᠨ ᠪᠠᠢᠵᠠᠢ᠃ ᠭᠡᠲᠡᠯ᠎ᠡ ᠣᠳᠣ ᠤᠷᠳᠤ᠎ᠨᠢ ᠭᠤᠢᠯᠢᠨᠴᠢᠨ ᠪᠢᠰᠢ᠂ ᠮᠢᠩᠭ᠎ᠠ ᠭᠠᠷᠤᠢ ᠠᠯᠪᠠᠲᠤ᠎ᠶᠢᠨ ᠰᠦᠨᠡᠰᠦ᠎ᠶᠢ ᠭᠠᠷ᠎ᠲᠠᠭᠠᠨ ᠠᠳᠭᠤᠭᠰᠠᠨ ᠭᠠᠵᠠᠷ᠎ᠤᠨ ᠡᠵᠡᠨ ᠵᠣᠭᠰᠤᠵᠤ ᠪᠠᠢᠪᠠ᠃ ᠡᠨᠡ ᠠᠢᠯ᠎ᠤᠨ ᠬᠠᠳᠠᠭᠠᠯᠠᠭᠰᠠᠨ᠂ ᠴᠠᠢᠯᠭᠠᠭᠰᠠᠨ ᠴᠠᠢᠯᠭᠠᠭᠠᠳᠤᠢ ᠦᠷ᠎ᠡ ᠲᠠᠷᠢᠶ᠎ᠠ᠎ᠰᠢᠭ᠋ ᠶᠡᠬᠡ ᠦᠷ᠎ᠡ ᠲᠠᠷᠢᠶ᠎ᠠ ᠬᠠᠳᠠᠭᠠᠯᠠᠵᠤ ᠪᠠᠢᠳᠠᠭ ᠪᠠᠶᠠᠨ ᠬᠥᠮᠦᠨ ᠡᠨᠡ ᠬᠠᠪᠢ᠎ᠳᠤ ᠪᠠᠢᠬᠤ᠎ᠦᠭᠡᠢ᠎ᠶᠤᠮ᠃ ᠡᠨᠡ ᠬᠥᠮᠦᠨ᠎ᠦ ᠬᠤᠷᠢᠶᠠᠨ ᠳᠠᠷᠤᠵᠤ ᠪᠠᠢᠭ᠎ᠠ᠎ᠲᠠᠢ ᠠᠳᠠᠯᠢ᠂ ᠶᠣᠷᠤᠭ᠂ ᠴᠡᠮᠪᠡ᠂ ᠡᠳ᠋ᠯᠡᠭᠰᠡᠨ ᠡᠳ᠋ᠯᠡᠭᠡᠳᠦᠢ ᠨᠡᠬᠡᠢ᠂ ᠪᠣᠷᠴᠠᠯᠠᠭᠰᠠᠨ ᠵᠢᠭᠠᠰᠤ᠂ ᠨᠣᠭᠤᠭ᠎ᠠ ᠵᠢᠮᠢᠰ ᠵᠡᠷᠭᠡ᠎ᠶᠢᠨ ᠢᠳᠡᠰᠢ ᠤᠤᠭᠤᠰᠢ᠎ᠶᠢᠨ ᠡᠯᠳᠡᠪ ᠶᠠᠭᠤᠮ᠎ᠠ᠎ᠪᠠᠷ ᠳᠦᠭᠦᠷᠦᠭᠰᠡᠨ ᠰᠠᠩ ᠬᠥᠮᠦᠷᠭᠡ᠎ᠲᠡᠢ ᠬᠥᠮᠦᠨ ᠪᠠᠢᠬᠤ᠎ᠦᠭᠡᠢ᠃ ᠬᠡᠨ ᠬᠥᠮᠦᠨ ᠡᠨᠡ ᠠᠢᠯ᠎ᠤᠨ ᠶᠠᠩᠵᠤ ᠪᠦᠷᠢ᠎ᠶᠢᠨ ᠮᠣᠳᠤᠨ ᠮᠠᠲᠧᠷᠢᠶᠠᠯ ᠪᠠ ᠬᠡᠷᠡᠭᠯᠡᠭᠡ᠎ᠦᠭᠡᠢ ᠰᠠᠪᠠ ᠰᠠᠭᠠᠯᠢ ᠬᠤᠷᠢᠶᠠᠨ ᠣᠪᠤᠭᠠᠯᠠᠭᠰᠠᠨ ᠬᠠᠰᠢᠶ᠎ᠠ ᠤᠷᠤᠭᠤ ᠬᠠᠷᠠᠪᠠᠯ ᠬᠥᠩᠭᠡᠨ ᠬᠥᠯ᠎ᠲᠡᠢ᠂ ᠬᠠᠳᠠᠮ ᠡᠬᠡ ᠡᠭᠡᠴᠢ᠎ᠨᠡᠷ ᠡᠳᠦᠷ ᠪᠦᠷᠢ ᠲᠣᠭᠤᠭᠠᠴᠢ᠎ᠨᠠᠷ᠎ᠢᠶᠠᠨ ᠳᠠᠭᠠᠭᠤᠯᠵᠤ ᠣᠴᠢᠳᠠᠭ ᠮᠤᠰᠺᠸᠠ᠎ᠶᠢᠨ ᠨᠢᠭᠡ ᠮᠣᠳᠤᠨ ᠰᠠᠪᠠ ᠰᠠᠭᠠᠯᠢ᠎ᠶᠢᠨ ᠵᠠᠬ᠎ᠠ ᠳᠡᠯᠭᠡᠭᠦᠷ᠎ᠲᠦ ᠢᠷᠡᠴᠢᠬᠡᠭᠰᠡᠨ᠎ᠶᠦᠮ᠎ᠦᠦ ᠭᠡᠵᠦ ᠰᠠᠨᠠᠭᠳᠠᠨ᠎ᠠ᠃ ᠡᠨᠳᠡ ᠬᠠᠷᠠᠭᠳᠠᠬᠤ᠎ᠨᠢ ᠰᠡᠢᠯᠵᠦ᠂ ᠤᠬᠤᠵᠤ᠂ ᠵᠤᠷᠠᠵᠤ᠂ ᠬᠥᠷᠦᠵᠦ ᠬᠢᠭᠰᠡᠨ ᠮᠣᠳᠤᠨ ᠰᠠᠪᠠ ᠰᠠᠭᠠᠯᠢ᠎ᠶᠤᠮ᠂ ᠡᠭᠦᠨ᠎ᠦ ᠳᠣᠲᠤᠷ᠎ᠠ: ᠪᠠᠷᠢᠭᠤᠯᠲᠠᠢ ᠪᠠᠷᠢᠭᠤᠯ᠎ᠦᠭᠡᠢ ᠬᠠᠪᠴᠢᠭ᠂ ᠪᠣᠷᠲᠤᠭᠤ᠂ ᠴᠣᠷᠭᠤ᠎ᠲᠠᠢ ᠴᠣᠷᠭᠤ᠎ᠦᠭᠡᠢ ᠳᠡᠪᠦᠷ᠎ᠡ᠂ ᠤᠭᠢᠶᠠᠯᠭ᠎ᠠ᠎ᠶᠢᠨ ᠲᠦᠩᠫᠧᠩ᠂ ᠳᠤᠷᠤᠰᠤᠨ ᠰᠠᠭᠰᠤ᠂ ᠡᠬᠡᠨᠡᠷ ᠬᠡᠦᠬᠡᠨᠴᠦᠳ ᠶᠠᠭᠤᠮ᠎ᠠ ᠳᠡᠪᠲᠦᠭᠡᠳᠡᠭ ᠮᠣᠳᠤᠨ ᠰᠠᠪᠠ᠂ ᠨᠠᠷᠢᠬᠠᠨ ᠤᠯᠢᠶᠠᠰᠤ᠎ᠪᠠᠷ ᠬᠦᠷᠦᠭᠰᠡᠨ ᠬᠠᠢᠷᠴᠠᠭ᠂ ᠦᠢᠰᠦ᠎ᠪᠡᠷ ᠬᠦᠷᠦᠭᠰᠡᠨ ᠰᠠᠭᠰᠤ ᠵᠡᠷᠭᠡ ᠪᠠᠶᠠᠨ ᠶᠠᠳᠠᠭᠤ ᠣᠷᠤᠰ ᠬᠥᠮᠦᠰ᠎ᠲᠦ ᠴᠢᠬᠤᠯᠠ ᠬᠡᠷᠡᠭᠴᠡᠭᠡᠲᠡᠢ ᠵᠦᠢᠯ᠎ᠦᠳ ᠪᠠᠢᠯ᠎ᠠ᠃ ᠡᠢᠮᠦ ᠲᠣᠭ᠎ᠠ ᠲᠣᠮᠰᠢ᠎ᠦᠭᠡᠢ ᠡᠳ᠋ ᠬᠥᠷᠦᠩᠭᠡ᠎ᠲᠡᠢ ᠫᠯᠶᠦᠱᠺᠢᠨ᠎ᠳᠦ ᠳᠠᠬᠢᠭᠠᠳ ᠶᠠᠭᠤ ᠬᠡᠷᠡᠭ᠎ᠲᠡᠢ ᠪᠤᠢ? ᠡᠳ᠋ᠯᠡᠩ᠎ᠨᠢ ᠳᠠᠬᠢᠨ ᠨᠢᠭᠡ ᠨᠡᠮᠡᠭᠳᠡᠭᠰᠡᠨ᠎ᠴᠦ᠂ ᠬᠡᠳᠦᠨ ᠦᠶ᠎ᠡ ᠵᠠᠯᠭᠠᠮᠵᠢᠯᠠᠭᠰᠠᠨ᠎ᠴᠤ ᠡᠳ᠋ ᠬᠡᠷᠡᠭᠯᠡᠯ᠎ᠢ ᠵᠠᠷᠤᠵᠤ ᠪᠠᠷᠠᠬᠤ᠎ᠦᠭᠡᠢ ᠪᠣᠯᠪᠠᠴᠤ᠂ ᠡᠨᠡ ᠪᠦᠬᠦ ᠬᠣᠭᠰᠢᠯ ᠬᠥᠷᠦᠩᠭᠡ᠎ᠳᠡᠭᠡᠨ ᠰᠡᠳᠭᠢᠯ ᠬᠠᠩᠬᠤ᠎ᠦᠭᠡᠢ᠂ ᠡᠳᠦᠷ ᠪᠦᠷᠢ ᠬᠠᠷᠢᠶᠠᠲᠤ ᠲᠣᠰᠭᠤᠨ᠎ᠢᠶᠠᠷ᠎ᠢᠶᠠᠨ ᠬᠡᠰᠦᠵᠦ᠂ ᠭᠦᠦᠷ ᠮᠦᠦᠷ ᠵᠡᠷᠭᠡ᠎ᠶᠢᠨ ᠳᠣᠭᠤᠤᠷ ᠱᠠᠭᠠᠢᠵᠤ᠂ ᠬᠠᠭᠤᠴᠢᠨ ᠭᠤᠲᠤᠯ᠎ᠤᠨ ᠤᠯᠠ᠂ ᠳᠠᠪᠤᠤ᠎ᠶᠢᠨ ᠥᠭᠡᠳᠡᠰᠦ᠂ ᠬᠠᠳᠠᠭᠠᠰᠤ᠂ ᠸᠠᠭᠠᠷ ᠱᠠᠵᠠᠩ᠎ᠤᠨ ᠬᠠᠭᠠᠷᠬᠠᠢ ᠵᠡᠷᠭᠡ ᠶᠡᠷᠦ᠎ᠨᠢ ᠲᠠᠭᠠᠷᠢᠯᠳᠤᠭᠰᠠᠨ ᠪᠦᠬᠦᠨ᠎ᠢ ᠭᠡᠷ᠎ᠲᠡᠭᠡᠨ ᠠᠪᠴᠢᠷᠠᠵᠤ᠂ ᠲᠦᠷᠦᠭᠦᠦ ᠴᠢᠴᠢᠺᠤᠸ᠎ᠤᠨ ᠬᠠᠷᠠᠭᠰᠠᠨ ᠲᠠᠰᠤᠯᠭ᠎ᠠ᠎ᠶᠢᠨ ᠪᠤᠯᠤᠩ᠎ᠳᠤ ᠣᠪᠤᠭᠠᠯᠠᠳᠠᠭ ᠪᠠᠢᠯ᠎ᠠ᠃ ᠶᠠᠭᠤᠮ᠎ᠠ ᠡᠷᠢᠵᠦ ᠶᠠᠪᠤᠭ᠎ᠠ ᠫᠯᠶᠦᠱᠺᠢᠨ᠎ᠢ ᠲᠠᠷᠢᠶᠠᠴᠢᠳ ᠬᠠᠷᠠᠬᠤ᠎ᠳᠠᠭᠠᠨ 《ᠴᠡᠪᠡᠷᠯᠡᠭᠴᠢ᠎ᠮᠠᠨᠢ ᠵᠡᠭᠡᠯᠢ᠎ᠪᠡᠨ ᠱᠦᠭᠦᠷᠳᠡᠬᠦ᠎ᠪᠡᠷ ᠭᠠᠷᠤᠯ᠎ᠠ》 ᠭᠡᠵᠦ ᠶᠠᠷᠢᠯᠴᠠᠨ᠎ᠠ᠃ ᠫᠯᠶᠦᠱᠺᠢᠨ᠎ᠦ ᠶᠠᠪᠤᠵᠤ ᠥᠩᠭᠡᠷᠡᠭᠰᠡᠨ ᠬᠣᠢᠨ᠎ᠠ ᠭᠤᠳᠤᠮᠵᠢᠨ᠎ᠤ ᠬᠣᠭ ᠨᠣᠪᠰᠢ᠎ᠶᠢ ᠱᠦᠭᠦᠷᠳᠡᠬᠦ ᠶᠠᠪᠤᠳᠠᠯ ᠦᠨᠡᠨ᠎ᠳᠡᠭᠡᠨ ᠭᠠᠷᠳᠠᠭ᠎ᠦᠭᠡᠢ ᠪᠠᠢᠪᠠ᠃ ᠠᠶᠠᠨ ᠵᠠᠮ᠎ᠢᠶᠠᠷ ᠶᠠᠪᠤᠭ᠎ᠠ ᠴᠡᠷᠢᠭ᠎ᠦᠨ ᠳᠠᠷᠤᠭ᠎ᠠ ᠭᠤᠲᠤᠯ᠎ᠤᠨ ᠳᠠᠷᠤᠪᠴᠢ᠎ᠪᠠᠨ ᠭᠡᠭᠡᠭᠰᠡᠨ᠎ᠢ ᠮᠡᠳᠡᠬᠦ᠎ᠲᠡᠢ ᠵᠡᠷᠭᠡ᠎ᠯᠡ ᠲᠡᠷᠡ᠎ᠨᠢ ᠥᠨᠥᠬᠢ ᠣᠪᠤᠭᠠᠯᠠᠭᠠᠲᠠᠢ ᠶᠠᠭᠤᠮᠠᠨ᠎ᠳᠤ ᠳᠣᠣᠷᠠᠬᠠᠨ᠎ᠢᠶᠠᠨ ᠣᠷᠤᠳᠠᠭ ᠪᠠᠢᠯ᠎ᠠ᠃ ᠤᠰᠤᠨ᠎ᠳᠤ ᠶᠠᠪᠤᠭᠰᠠᠨ ᠡᠮᠡᠭᠲᠡᠢ᠂ ᠬᠤᠳᠳᠤᠭ ᠳᠡᠭᠡᠷ᠎ᠡ ᠰᠠᠭᠠᠲᠠᠵᠤ ᠥᠭᠡᠷ᠎ᠡ ᠶᠠᠭᠤᠮ᠎ᠠ ᠬᠠᠷᠠᠭᠠᠳ ᠲᠦᠷ ᠵᠠᠭᠤᠷ᠎ᠠ ᠰᠡᠳᠭᠢᠯ ᠠᠯᠭᠠᠰᠠᠪᠠᠯ᠂ ᠫᠯᠶᠦᠱᠺᠢᠨ ᠲᠡᠷᠡ ᠡᠮᠡᠭᠲᠡᠢ᠎ᠶᠢᠨ ᠬᠤᠪᠢᠩ᠎ᠢ ᠰᠡᠮᠬᠡᠨ ᠠᠪᠤᠭᠠᠳ ᠶᠠᠪᠤᠳᠠᠭ ᠪᠠᠢᠵᠠᠢ᠃ ᠬᠠᠷᠢᠨ ᠶᠠᠭᠤᠮ᠎ᠠ᠎ᠪᠠᠨ ᠳᠣᠣᠷ᠎ᠠ᠎ᠨᠢ ᠦᠭᠡᠢᠯᠡᠵᠦ᠂ ᠫᠯᠶᠦᠱᠺᠢᠨ᠎ᠦ ᠬᠤᠯᠠᠭᠠᠢᠯᠠᠭᠰᠠᠨ᠎ᠢ ᠢᠯᠡᠴᠢᠯᠡᠪᠡᠯ ᠲᠡᠭᠦᠨ᠎ᠢ ᠦᠭᠡ ᠳᠠᠭᠤ᠎ᠦᠭᠡᠢ ᠪᠤᠴᠠᠭᠠᠵᠤ ᠥᠭᠳᠡᠭ ᠪᠣᠯᠪᠠᠴᠤ ᠬᠡᠷᠪᠡ ᠲᠡᠭᠦᠨ᠎ᠢᠶᠡᠨ ᠥᠨᠥᠬᠢ ᠣᠪᠤᠭᠠᠯᠠᠭᠰᠠᠨ ᠬᠣᠭ ᠨᠣᠪᠰᠢ᠎ᠳᠠᠭᠠᠨ ᠠᠪᠠᠴᠢᠭᠠᠳ ᠬᠢᠴᠢᠬᠡᠭᠰᠡᠨ ᠪᠣᠯ᠂ ᠪᠢ ᠲᠡᠢᠮᠦ ᠭᠠᠵᠠᠷ᠎ᠠᠴᠠ ᠲᠡᠢᠮᠦ ᠨᠡᠷ᠎ᠡ᠎ᠲᠡᠢ ᠬᠥᠮᠦᠨ᠎ᠡᠴᠡ ᠬᠤᠳᠠᠯᠳᠤᠵᠤ ᠠᠪᠤᠭᠰᠠᠨ᠎ᠶᠤᠮ᠂᠎ᠦᠭᠡᠢ ᠪᠣᠯ ᠡᠪᠦᠭᠡ ᠡᠴᠢᠭᠡ᠎ᠶᠢᠨ᠎ᠮᠢᠨᠢ ᠥᠪ ᠬᠥᠷᠦᠩᠭᠡ ᠪᠣᠯᠭᠠᠵᠤ ᠨᠠᠳᠠ ᠦᠯᠡᠳᠡᠭᠡᠭᠰᠡᠨ ᠶᠠᠭᠤᠮ᠎ᠠ ᠭᠡᠵᠦ ᠠᠮᠠ ᠠᠯᠳᠠᠨ ᠲᠠᠩᠭᠠᠷᠢᠭᠯᠠᠵᠤ ᠡᠵᠡᠨ᠎ᠳᠦᠨᠢ ᠶᠡᠷᠦ ᠪᠤᠴᠠᠭᠠᠵᠤ ᠥᠭᠳᠡᠭ᠎ᠦᠭᠡᠢ᠎ᠶᠦᠮ᠃ ᠫᠯᠶᠦᠱᠺᠢᠨ ᠭᠡᠷ᠎ᠲᠡᠭᠡᠨ ᠪᠠᠢᠬᠤ᠎ᠳᠠᠭᠠᠨ ᠯᠠᠴᠠ᠎ᠶᠢᠨ ᠬᠡᠯᠲᠡᠷᠬᠡᠢ᠂ ᠴᠠᠭᠠᠰᠤᠨ᠎ᠤ ᠥᠭᠡᠳᠡᠰᠦ᠂ ᠥᠳᠦ ᠰᠣᠳᠤ᠂ ᠶᠡᠷᠦ ᠨᠢᠳᠦᠨ᠎ᠳᠦᠨᠢ ᠦᠵᠡᠭᠳᠡᠭᠰᠡᠨ ᠶᠠᠭᠤᠮ᠎ᠠ ᠪᠦᠬᠦᠨ᠎ᠢ ᠱᠠᠯᠠ ᠳᠡᠭᠡᠷ᠎ᠡ᠎ᠡᠴᠡ ᠲᠡᠭᠦᠵᠦ ᠰᠢᠷᠡᠭᠡᠨ ᠳᠡᠭᠡᠷ᠎ᠡ᠂ ᠴᠣᠩᠬᠤᠨ ᠳᠡᠭᠡᠷ᠎ᠡ ᠲᠠᠯᠪᠢᠳᠠᠭ ᠪᠠᠢᠪᠠ᠃

ᠳᠡᠭᠡᠷ᠎ᠡ ᠦᠶ᠎ᠡ᠎ᠳᠦ ᠫᠯᠶᠦᠱᠺᠢᠨ᠂ ᠡᠬᠡᠨᠡᠷ ᠬᠡᠦᠬᠡᠳ᠎ᠲᠡᠢ᠂ ᠶᠠᠭᠤᠮᠠᠨ᠎ᠳᠠᠭᠠᠨ ᠭᠠᠮᠲᠠᠢ ᠬᠥᠮᠦᠨ ᠪᠠᠢᠭᠰᠠᠨ᠎ᠶᠤᠮ᠃ ᠬᠥᠷᠰᠢ ᠬᠥᠮᠦᠰ᠎ᠨᠢ ᠠᠢᠯᠴᠢᠯᠠᠨ ᠢᠷᠡᠵᠦ ᠬᠣᠭᠤᠯᠠ ᠢᠳᠡᠬᠦ ᠵᠠᠭᠤᠷ᠎ᠠ᠎ᠪᠠᠨ ᠠᠵᠤ ᠠᠬᠤᠢ᠎ᠪᠠᠨ ᠬᠡᠷᠬᠢᠨ ᠡᠵᠡᠩᠨᠡᠨ ᠬᠠᠮᠢᠶᠠᠷᠬᠤ᠎ᠶᠢᠨ ᠠᠷᠭ᠎ᠠ ᠤᠬᠠᠭᠠᠨ ᠪᠠ ᠨᠠᠷᠢᠯᠠᠨ ᠬᠠᠮᠠᠭᠠᠯᠠᠵᠤ ᠪᠠᠢᠬᠤ᠎ᠶᠢᠨ ᠰᠠᠨᠠᠭᠤᠯᠭ᠎ᠠ ᠰᠤᠷᠭᠠᠮᠵᠢ᠎ᠶᠢ ᠲᠡᠭᠦᠨ᠎ᠢᠶᠡᠷ ᠵᠢᠭᠠᠯᠭᠠᠨ ᠠᠪᠳᠠᠭ ᠪᠠᠢᠵᠠᠢ᠃ ᠡᠨᠡ ᠠᠢᠯ᠎ᠤᠨ ᠪᠦᠬᠦ ᠠᠵᠤ ᠠᠬᠤᠢ ᠬᠡᠪ᠎ᠦᠨ ᠲᠦᠪᠰᠢᠨ ᠪᠠᠢᠳᠠᠯ᠎ᠢᠶᠠᠷ ᠶᠠᠪᠤᠭᠳᠠᠨ ᠲᠡᠭᠡᠷᠮ᠎ᠡ᠂ ᠴᠡᠮᠪᠡ᠎ᠶᠢᠨ ᠦᠢᠯᠡᠳᠪᠦᠷᠢ᠂ ᠮᠣᠳᠤᠨ᠎ᠤ ᠦᠢᠯᠡᠳᠭᠡᠯ᠂ ᠡᠭᠡᠷᠡᠬᠦ ᠰᠠᠤᠷᠢ ᠮᠠᠰᠢᠨ᠎ᠨᠤᠭᠤᠳ᠎ᠨᠢ ᠴᠥᠮ᠎ᠢᠶᠡᠷ᠎ᠢᠶᠡᠨ ᠡᠨᠳᠡᠭᠳᠡᠯ᠎ᠦᠭᠡᠢ ᠠᠵᠢᠯᠯᠠᠵᠤ ᠪᠠᠢᠳᠠᠭ ᠪᠢᠯᠡ᠃ ᠡᠵᠡᠨ ᠬᠥᠮᠦᠨ᠂ ᠰᠢᠯᠦᠰᠦ᠎ᠪᠡᠷ᠎ᠢᠶᠡᠨ ᠲᠣᠣᠷ ᠲᠠᠲᠠᠳᠠᠭ ᠬᠥᠳᠡᠯᠮᠦᠷᠢ᠎ᠳᠦ ᠬᠢᠴᠢᠶᠡᠩᠭᠦᠢ ᠠᠭᠠᠯᠵᠢ᠎ᠰᠢᠭ᠋᠂ ᠠᠵᠤ ᠠᠬᠤᠢ᠎ᠶᠢᠨ ᠥᠨᠴᠦᠭ ᠪᠤᠯᠤᠩ᠎ᠤᠨ ᠨᠢᠭᠡ᠎ᠶᠢ᠎ᠴᠦ ᠣᠷᠬᠢᠭᠳᠠᠭᠤᠯᠤᠯ᠎ᠦᠭᠡᠢ ᠪᠦᠭᠦᠳᠡ᠎ᠶᠢ ᠬᠡᠰᠦᠭᠦᠴᠢᠯᠡᠨ ᠡᠷᠭᠢᠵᠦ᠂ ᠡᠵᠡᠨ ᠬᠥᠮᠦᠨ᠎ᠦ ᠬᠤᠷᠴᠠ ᠬᠠᠷᠠᠭ᠎ᠠ ᠶᠠᠭᠤᠮ᠎ᠠ ᠪᠦᠬᠦᠨ ᠳᠡᠭᠡᠷ᠎ᠡ ᠬᠦᠷᠦᠯᠴᠡᠳᠡᠭ ᠪᠠᠢᠯ᠎ᠠ᠃ ᠠᠢᠬᠤᠪᠲᠤᠷ ᠶᠡᠬᠡ ᠬᠠᠯᠠᠭᠤᠮᠰᠤᠭ᠎ᠤᠨ ᠲᠡᠮᠳᠡᠭ ᠫᠯᠶᠦᠱᠺᠢᠨ᠎ᠦ ᠴᠢᠷᠠᠢ᠎ᠳᠤ ᠶᠡᠷᠦ ᠦᠵᠡᠭᠳᠡᠭᠡᠳᠦᠢ ᠪᠣᠯᠪᠠᠴᠤ ᠤᠬᠠᠭᠠᠨ᠎ᠲᠠᠢ ᠬᠥᠮᠦᠨ ᠭᠡᠳᠡᠭ᠎ᠨᠢ ᠲᠡᠭᠦᠨ᠎ᠦ ᠨᠢᠳᠦ᠎ᠶᠢ ᠬᠠᠷᠠᠬᠤ᠎ᠳᠤ ᠢᠯᠡᠬᠡᠨ ᠪᠠᠢᠳᠠᠭ᠎ᠤᠨ ᠳᠡᠭᠡᠷ᠎ᠡ ᠶᠠᠭᠤᠮ᠎ᠠ ᠶᠠᠷᠢᠬᠤ᠎ᠳᠠᠭᠠᠨ ᠨᠡᠯᠢᠶᠡᠳ ᠬᠠᠰᠢᠷ᠂ ᠤᠴᠢᠷ᠎ᠢ ᠮᠡᠳᠡᠳᠡᠭ ᠪᠠᠢᠭᠰᠠᠨ ᠲᠤᠯᠠ ᠦᠭᠡ᠎ᠶᠢ᠎ᠨᠢ ᠴᠢᠩᠨᠠᠵᠤ ᠰᠠᠭᠤᠬᠤ᠎ᠳᠤ ᠠᠶᠠᠲᠠᠢ᠎ᠴᠤ ᠪᠠᠢᠳᠠᠭ ᠠᠵᠢ᠃ ᠡᠶᠡᠯᠳᠡᠭ ᠵᠥᠭᠡᠯᠡᠨ ᠵᠠᠩ᠎ᠲᠠᠢ᠂ ᠶᠠᠷᠢᠶ᠎ᠠ ᠬᠥᠭᠡᠷᠦᠭᠡ᠎ᠲᠡᠢ ᠭᠡᠷ᠎ᠦᠨ ᠡᠵᠡᠭᠲᠡᠢ ᠠᠢᠯ ᠠᠢᠮᠠᠭ᠎ᠤᠨ ᠳᠤᠮᠳᠠ᠎ᠪᠠᠨ ᠣᠪᠤᠭ᠎ᠠ ᠨᠡᠷ᠎ᠡ ᠲᠥᠷᠦ᠎ᠲᠡᠢ ᠪᠠᠢᠭᠰᠠᠨ ᠪᠢᠯᠡ᠃ ᠵᠣᠴᠢᠳ᠎ᠲᠤ ᠤᠷᠢᠶᠠᠯᠢᠭ ᠵᠠᠩ᠎ᠲᠠᠢ᠂ ᠰᠢᠷᠭᠠᠯ ᠴᠠᠭᠠᠨ ᠦᠰᠦᠲᠡᠢ᠂ ᠴᠠᠩᠬᠤᠢ ᠴᠡᠴᠡᠭ᠎ᠰᠢᠭ ᠰᠠᠢᠬᠠᠨ ᠴᠢᠷᠠᠢ᠎ᠲᠠᠢ ᠬᠣᠶᠠᠷ ᠬᠡᠦᠬᠡᠨ᠎ᠨᠢ ᠭᠡᠢᠴᠢᠳ᠎ᠢ ᠤᠭᠲᠤᠵᠤ ᠭᠠᠷᠳᠠᠭ᠃ ᠭᠠᠪᠰᠢᠭᠠᠢ ᠰᠡᠷᠭᠦᠯᠡᠩ ᠵᠢᠭᠠᠯ ᠬᠦᠦ᠎ᠨᠢ ᠢᠷᠡᠭᠰᠡᠨ ᠭᠡᠢᠴᠢᠳ᠎ᠢ ᠡᠶᠡᠭᠦᠢᠷᠬᠡᠵᠦ ᠪᠠᠢᠭ᠎ᠠ ᠡᠰᠡᠬᠦ᠎ᠶᠢ ᠠᠩᠬᠠᠷᠤᠯ᠎ᠦᠭᠡᠢ ᠦᠨᠦᠰᠳᠡᠭ᠃ ᠡᠨᠡ ᠠᠢᠯ᠎ᠤᠨ ᠴᠣᠩᠬᠤ᠎ᠨᠤᠭᠤᠳ ᠴᠥᠮ᠎ᠢᠶᠡᠷ ᠨᠡᠭᠡᠭᠡᠯᠲᠡᠲᠡᠢ ᠪᠠᠢᠳᠠᠭ ᠪᠠ ᠪᠠᠢᠰᠢᠩ᠎ᠤᠨ ᠳᠡᠭᠡᠳᠦ ᠳᠠᠪᠬᠤᠷ᠎ᠲᠤ ᠹᠷᠠᠨᠼᠢ ᠪᠠᠭᠰᠢ ᠰᠠᠭᠤᠳᠠᠭ ᠪᠠᠢᠵᠠᠢ᠂ ᠡᠨᠡ ᠪᠠᠭᠰᠢ ᠰᠠᠬᠠᠯ᠎ᠢᠶᠠᠨ ᠴᠡᠪᠡᠷ ᠰᠠᠢᠬᠠᠨ ᠬᠤᠰᠤᠳᠠᠭ᠃ ᠡᠨᠡ ᠪᠠᠭᠰᠢ ᠠᠩ ᠠᠩᠨᠠᠬᠤ᠎ᠳᠠᠭᠠᠨ ᠮᠡᠷᠭᠡᠨ᠂ ᠬᠤᠷ ᠭᠤᠷᠭᠤᠤᠯ ᠪᠤᠶᠤ ᠨᠤᠭᠤᠰᠤ᠎ᠶᠢ ᠥᠪᠡᠷ᠎ᠢᠶᠡᠨ ᠠᠯᠠᠵᠤ ᠠᠪᠴᠢᠷᠠᠳᠠᠭ᠂᠎ᠦᠭᠡᠢ ᠪᠣᠯ ᠪᠣᠷᠤ ᠰᠢᠪᠠᠭᠤᠨ᠎ᠤ ᠥᠨᠳᠡᠭᠡ ᠲᠡᠭᠦᠵᠦ ᠠᠪᠴᠢᠷᠠᠳᠠᠭ᠃ ᠬᠠᠷᠢᠨ ᠥᠨᠳᠡᠭᠡ᠎ᠶᠢ ᠥᠪᠡᠷ᠎ᠡᠴᠡ᠎ᠨᠢ ᠥᠭᠡᠷ᠎ᠡ ᠬᠥᠮᠦᠨ ᠠᠮᠠᠨ᠎ᠳᠠᠭᠠᠨ ᠬᠦᠷᠭᠡᠳᠡᠭ᠎ᠦᠭᠡᠢ ᠪᠠᠢᠭᠰᠠᠨ ᠤᠴᠢᠷ ᠲᠡᠭᠦᠨ᠎ᠢᠶᠡᠨ ᠲᠣᠰᠤᠨ᠎ᠳᠤ ᠬᠠᠭᠠᠷᠢᠭᠤᠯᠵᠤ ᠭᠠᠭᠴᠠᠭᠠᠷ᠎ᠢᠶᠠᠨ ᠢᠳᠡᠳᠡᠭ ᠪᠠᠢᠯ᠎ᠠ᠃ ᠬᠣᠶᠠᠷ ᠬᠡᠦᠬᠡᠨ᠎ᠦ ᠬᠢᠨᠢ ᠪᠠᠭᠰᠢ᠂ ᠴᠢᠭᠢᠷᠠᠭ ᠪᠡᠶᠡᠲᠡᠢ ᠬᠥᠳᠡᠭᠡ᠎ᠶᠢᠨ ᠡᠮᠡᠭᠲᠡᠢ ᠮᠥᠨ ᠳᠡᠭᠡᠳᠦ ᠳᠠᠪᠬᠤᠷ᠎ᠲᠤ ᠰᠠᠭᠤᠳᠠᠭ ᠪᠠᠢᠪᠠ᠃ ᠡᠵᠡᠨ ᠭᠤᠸᠠᠢ ᠥᠪᠡᠷ᠎ᠢᠶᠡᠨ ᠪᠠᠬᠠᠨ ᠬᠠᠭᠤᠴᠢᠷᠠᠭᠰᠠᠨ ᠪᠣᠯᠪᠠᠴᠤ ᠡᠪᠲᠡᠢᠬᠡᠨ ᠲᠣᠨᠤᠭ ᠪᠦᠷᠢᠨ᠎ᠲᠡᠢ᠂ ᠬᠠᠮᠢᠭ᠎ᠠ᠎ᠪᠠᠨ᠎ᠴᠤ ᠨᠥᠬᠦᠭᠡᠰᠦ ᠣᠷᠤᠭᠠᠳᠤᠢ ᠬᠤᠪᠴᠠᠰᠤ ᠡᠮᠦᠰᠴᠦ᠂ ᠬᠣᠭᠤᠯᠠᠨ᠎ᠤ᠎ᠪᠠᠨ ᠥᠷᠦᠭᠡᠨ᠎ᠳᠦ ᠣᠷᠤᠳᠠᠭ ᠪᠠᠢᠵᠠᠢ᠃ ᠭᠡᠲᠡᠯ᠎ᠡ ᠰᠠᠢᠬᠠᠨ ᠰᠡᠳᠭᠢᠯᠲᠦ ᠡᠨᠡ ᠡᠵᠡᠨ ᠬᠥᠮᠦᠨ᠎ᠦ ᠠᠪᠠᠭᠠᠢ ᠨᠠᠰᠤ ᠪᠠᠷᠠᠵᠤ᠂ ᠵᠠᠷᠢᠮ ᠰᠠᠩ ᠬᠥᠮᠦᠷᠭᠡ ᠪᠣᠯᠤᠨ ᠠᠪᠳᠠᠷ᠎ᠠ ᠬᠣᠷᠭᠤ᠎ᠶᠢᠨ ᠲᠦᠯᠬᠢᠭᠦᠷ ᠵᠡᠷᠭᠡ ᠠᠷᠰᠠᠷ ᠵᠢᠵᠢᠭ ᠵᠦᠢᠯ ᠳᠡᠭᠡᠷ᠎ᠡ ᠬᠠᠯᠠᠮᠵᠢ᠎ᠪᠠᠨ ᠲᠠᠯᠪᠢᠵᠤ ᠪᠠᠢᠬᠤ ᠡᠭᠦᠷᠭᠡ ᠫᠯᠶᠦᠱᠺᠢᠨ ᠥᠪᠡᠷ᠎ᠲᠦᠨᠢ ᠨᠣᠭᠳᠠᠬᠤ ᠪᠣᠯᠵᠤ᠂ ᠪᠡᠯᠪᠡᠰᠦᠨ ᠬᠣᠴᠤᠷᠤᠭᠰᠠᠨ ᠬᠥᠮᠦᠨ ᠪᠦᠭᠦᠳᠡ᠎ᠶᠢᠨ ᠠᠳᠠᠯᠢ᠂ ᠶᠠᠭᠤᠮ᠎ᠠ ᠪᠣᠯᠭᠠᠨ᠎ᠢ ᠢᠲᠡᠭᠡᠬᠦ᠎ᠦᠭᠡᠢ ᠰᠡᠵᠢᠭᠴᠢ᠂ ᠤᠯᠠᠮ ᠬᠢᠨᠠᠭᠤᠷ ᠬᠠᠷᠠᠮᠴᠢ ᠪᠣᠯᠵᠠᠢ᠃ ᠡᠨᠡ ᠲᠠᠯ᠎ᠠ᠎ᠪᠠᠷ ᠫᠯᠶᠦᠱᠺᠢᠨ ᠶᠡᠬᠡ ᠥᠬᠢᠨ ᠠᠯᠧᠺᠰᠠᠨᠳ᠋ᠧᠷᠠ ᠰᠲᠧᠫᠠᠨᠤᠸᠨᠠ᠎ᠳᠠᠭᠠᠨ ᠨᠠᠢᠳᠠᠵᠤ ᠴᠢᠳᠠᠬᠤ᠎ᠦᠭᠡᠢ ᠪᠠᠢᠭᠰᠠᠨ ᠠᠵᠢ᠃ ᠢᠩᠭᠢᠳᠡᠭ᠎ᠦᠨ ᠵᠥᠪ᠎ᠨᠢ ᠬᠣᠵᠢᠮ ᠮᠡᠳᠡᠭᠳᠡᠭᠰᠡᠨ᠎ᠶᠦᠮ᠃ ᠶᠡᠬᠡ ᠥᠬᠢᠨ᠎ᠨᠢ ᠡᠬᠡ᠎ᠶᠢᠨ᠎ᠢᠶᠡᠨ ᠨᠠᠰᠤ ᠪᠠᠷᠠᠭᠰᠠᠨ ᠬᠣᠢᠨ᠎ᠠ ᠤᠳᠠᠯ᠎ᠦᠭᠡᠢ ᠮᠣᠷᠢᠲᠤ ᠴᠡᠷᠢᠭ᠎ᠦᠨ ᠬᠣᠷᠢᠶᠠᠨ᠎ᠤ ᠠᠯᠪᠠ ᠬᠠᠭᠠᠵᠤ ᠪᠠᠢᠭ᠎ᠠ ᠱᠲ᠋ᠠᠪ᠎ᠤᠨ ᠠᠬᠠᠮᠠᠳ ᠴᠣᠯᠠᠲᠠᠢ ᠴᠡᠷᠢᠭ᠎ᠦᠨ ᠳᠠᠷᠤᠭ᠎ᠠ᠎ᠶᠢ ᠳᠠᠭᠠᠵᠤ ᠠᠷᠢᠯᠤᠭᠰᠠᠨ᠎ᠶᠤᠮ᠃ ᠡᠴᠢᠭᠡ᠎ᠮᠢᠨᠢ ᠴᠡᠷᠢᠭ᠎ᠦᠨ ᠳᠠᠷᠤᠭ᠎ᠠ ᠪᠦᠭᠦᠳᠡ᠎ᠶᠢ ᠮᠥᠷᠦᠢ᠎ᠲᠡᠢ ᠲᠣᠭᠯᠠᠵᠤ ᠪᠠᠢᠳᠠᠭ᠎ᠢᠶᠠᠨ ᠠᠯᠳᠠᠵᠤ ᠶᠠᠪᠤᠳᠠᠭ ᠪᠦᠲᠦᠯ᠎ᠦᠭᠡᠢ ᠬᠥᠮᠦᠰ ᠭᠡᠵᠦ ᠬᠢᠯᠢᠰᠲᠡᠭᠦᠯᠬᠦ ᠤᠴᠢᠷ᠎ᠠᠴᠠ ᠨᠠᠮᠠᠢ ᠡᠨᠡ ᠬᠥᠮᠦᠨ᠎ᠲᠡᠢ ᠤᠷᠤᠭᠯᠠᠬᠤ᠎ᠶᠢ ᠶᠠᠭᠠᠬᠢᠭᠰᠠᠨ᠎ᠴᠤ ᠵᠥᠪᠰᠢᠶᠡᠷᠡᠬᠦ᠎ᠦᠭᠡᠢ ᠭᠡᠵᠦ ᠶᠡᠬᠡ ᠥᠬᠢᠨ᠎ᠨᠢ ᠰᠠᠢᠨ ᠮᠡᠳᠡᠵᠦ ᠪᠠᠢᠭᠰᠠᠨ ᠲᠤᠯᠠ ᠶᠠᠳᠠᠭᠤᠬᠠᠨ ᠲᠣᠰᠭᠤᠨ᠎ᠤ ᠨᠢᠭᠡᠨ ᠰᠦᠮ᠎ᠡ᠎ᠳᠦ ᠣᠴᠢᠵᠤ ᠬᠤᠷᠢᠮᠯᠠᠵᠠᠢ᠃ ᠡᠴᠢᠭᠡ᠎ᠨᠢ ᠥᠬᠢᠨ᠎ᠦ᠎ᠪᠡᠨ ᠬᠣᠢᠨ᠎ᠠ᠎ᠠᠴᠠ ᠨᠡᠬᠡᠭᠦᠯᠴᠢᠨ ᠶᠠᠪᠤᠭᠤᠯᠤᠭᠰᠠᠨ᠎ᠦᠭᠡᠢ ᠪᠣᠯᠪᠠᠴᠤ ᠲᠥᠷᠦᠭᠰᠡᠨ ᠥᠬᠢᠨ᠎ᠢᠶᠡᠨ ᠨᠢᠳᠦᠨ᠎ᠳᠡᠭᠡᠨ᠎ᠴᠦ ᠦᠵᠡᠬᠦ᠎ᠦᠭᠡᠢ ᠭᠡᠵᠦ ᠲᠠᠩᠭᠠᠷᠢᠭᠯᠠᠭᠰᠠᠨ᠎ᠶᠤᠮ᠃ ᠡᠨᠡ ᠠᠢᠯ᠎ᠤᠨ ᠬᠥᠮᠦᠨ ᠠᠮᠠ᠎ᠶᠢᠨ ᠴᠥᠭᠡᠷᠡᠬᠦ ᠲᠤᠲᠤᠮ᠂ ᠬᠠᠷᠠᠮᠴᠢ ᠰᠡᠳᠭᠢᠯ᠎ᠦᠨ ᠦᠨᠡᠨᠴᠢ ᠨᠥᠬᠦᠷ ᠪᠤᠭᠤᠷᠤᠯ ᠦᠰᠦ ᠣᠯᠠᠨ ᠪᠣᠯᠬᠤ ᠲᠤᠲᠤᠮ᠂ ᠡᠵᠡᠨ ᠥᠪᠡᠷ᠎ᠢᠶᠡᠨ᠎ᠴᠦ ᠤᠯᠠᠮ ᠬᠠᠷᠠᠮᠴᠢ ᠪᠣᠯᠵᠠᠢ᠃ ᠬᠦᠦ᠎ᠨᠢ ᠠᠯᠪᠠ ᠬᠠᠭᠠᠬᠤ ᠴᠠᠭ ᠪᠣᠯᠬᠤ᠎ᠳᠤ ᠹᠷᠠᠨᠼᠢ ᠪᠠᠭᠰᠢ ᠬᠠᠯᠠᠭᠳᠠᠵᠤ ᠶᠠᠪᠤᠭᠰᠠᠨ᠎ᠶᠤᠮ᠃ ᠥᠬᠢᠳ᠎ᠦᠨ ᠬᠢᠨᠢ ᠬᠥᠮᠦᠵᠢᠭᠦᠯᠦᠭᠴᠢ᠎ᠪᠡᠷ ᠰᠠᠭᠤᠵᠤ ᠪᠠᠢᠭᠰᠠᠨ ᠡᠮᠡᠭᠲᠡᠢ᠂ ᠠᠯᠧᠺᠰᠠᠨᠳ᠋ᠧᠷᠠ ᠰᠲᠧᠫᠠᠨᠤᠸᠨᠠ᠎ᠶᠢ ᠬᠤᠯᠠᠭᠠᠢᠯᠠᠵᠤ ᠰᠡᠮᠬᠡᠨ ᠠᠪᠠᠴᠢᠭᠰᠠᠨ ᠬᠡᠷᠡᠭ᠎ᠲᠦ ᠣᠷᠤᠯᠴᠠᠪᠠ ᠭᠡᠵᠦ ᠬᠥᠭᠡᠭᠡᠭᠳᠡᠨ ᠲᠣᠨᠢᠯᠤᠭᠰᠠᠨ᠎ᠶᠤᠮ᠃ ᠡᠴᠢᠭᠡ᠎ᠶᠢᠨ᠎ᠢᠶᠡᠨ ᠬᠡᠯᠡᠭᠰᠡᠨ ᠶᠣᠰᠤᠭᠠᠷ ᠣᠯᠢᠭᠲᠠᠢᠬᠠᠨ ᠠᠯᠪᠠᠨ ᠲᠤᠰᠢᠶᠠᠯ ᠡᠷᠢᠬᠦ ᠭᠡᠵᠦ ᠬᠦᠦ᠎ᠨᠢ ᠮᠤᠵᠢ᠎ᠶᠢᠨ ᠲᠥᠪ ᠬᠣᠷᠢᠶᠠᠨ᠎ᠳᠤ ᠣᠴᠢᠭᠠᠳ᠂ ᠲᠠᠮᠠᠭ᠎ᠠ ᠲᠤᠰᠢᠶᠠᠯ᠎ᠤᠨ ᠭᠠᠵᠠᠷ᠎ᠢᠶᠠᠷ ᠠᠯᠪᠠ ᠡᠷᠢᠵᠦ ᠣᠷᠤᠬᠤ᠎ᠶᠢᠨ ᠣᠷᠤᠨ᠎ᠳᠤ ᠴᠡᠷᠢᠭ᠎ᠦᠨ ᠬᠣᠷᠢᠶᠠᠨ᠎ᠳᠤ ᠠᠯᠪᠠ ᠬᠠᠭᠠᠬᠤ ᠪᠣᠯᠵᠤ᠂ ᠬᠤᠪᠴᠠᠰᠤᠨ᠎ᠤ ᠮᠥᠩᠭᠦ ᠢᠷᠡᠭᠦᠯᠦᠨ᠎ᠡ᠎ᠦᠦ ᠭᠡᠵᠦ ᠡᠴᠢᠭᠡ᠎ᠳᠡᠭᠡᠨ ᠵᠠᠬᠢᠳᠠᠯ ᠪᠢᠴᠢᠭᠰᠡᠨ ᠪᠣᠯᠪᠠᠴᠤ ᠠᠷᠠᠳ᠎ᠤᠨ ᠱᠣᠭ ᠦᠭᠡ᠎ᠪᠡᠷ ᠬᠡᠯᠡᠪᠡᠯ ᠬᠠᠮᠠᠷ ᠲᠠᠮᠠᠬᠢ ᠲᠠᠲᠠᠵᠠᠢ᠃ ᠣᠳᠭᠤᠨ ᠥᠬᠢᠨ᠎ᠨᠢ ᠡᠴᠢᠭᠡ᠎ᠶᠢᠨ ᠬᠠᠮᠲᠤ ᠭᠡᠷ᠎ᠲᠡᠭᠡᠨ ᠰᠠᠭᠤᠵᠤ ᠪᠠᠢᠭᠠᠳ ᠨᠠᠰᠤ ᠪᠠᠷᠠᠵᠤ᠂ ᠫᠯᠶᠦᠱᠺᠢᠨ ᠭᠠᠭᠴᠠᠭᠠᠷ ᠬᠣᠴᠤᠷᠴᠤ ᠡᠨᠡ ᠶᠡᠬᠡ ᠬᠥᠷᠦᠩᠭᠡ᠎ᠶᠢ ᠮᠠᠨᠠᠭᠴᠢ᠂ ᠬᠠᠳᠠᠭᠠᠯᠠᠭᠴᠢ᠂ ᠡᠵᠡᠨ ᠡᠨᠡ ᠭᠤᠷᠪᠠᠨ ᠡᠭᠦᠷᠭᠡ᠎ᠶᠢ ᠪᠡᠶᠡᠯᠡᠭᠦᠯᠬᠦ ᠪᠣᠯᠤᠭᠰᠠᠨ᠎ᠶᠤᠮ᠃ ᠬᠠᠷᠠᠮᠴᠢ ᠰᠡᠳᠭᠢᠯ ᠭᠡᠳᠡᠭ ᠪᠣᠯ ᠴᠢᠨᠤ᠎ᠠ᠎ᠰᠢᠭ᠋ ᠬᠣᠪᠳᠤᠭ ᠪᠠᠢᠳᠠᠭ᠃ ᠭᠠᠭᠴᠠ ᠪᠡᠶ᠎ᠡ ᠰᠠᠭᠤᠬᠤ ᠶᠠᠪᠤᠳᠠᠯ ᠬᠥᠮᠦᠨ᠎ᠢ ᠤᠯᠠᠮ ᠬᠣᠪᠳᠤᠭ ᠪᠣᠯᠭᠠᠵᠤ ᠬᠠᠷᠠᠮᠴᠢ ᠰᠡᠳᠭᠢᠯ᠎ᠢ ᠬᠥᠭᠵᠢᠭᠡᠬᠦ ᠰᠠᠢᠨ ᠨᠥᠬᠦᠴᠡᠯ ᠪᠣᠯᠵᠤ ᠪᠠᠢᠯ᠎ᠠ᠃ ᠫᠯᠶᠦᠱᠺᠢᠨ᠎ᠦ ᠤᠤᠯ᠎ᠠᠴᠠ ᠮᠥᠴᠢᠳᠬᠡᠨ ᠬᠥᠮᠦᠨ᠎ᠦ ᠴᠢᠨᠠᠷ᠎ᠨᠢ ᠴᠠᠭ ᠢᠮᠠᠭᠲᠠ ᠪᠠᠭᠠᠰᠴᠤ᠂ ᠡᠨᠡ᠎ᠬᠦ ᠬᠥᠮᠦᠨ᠎ᠦ ᠣᠷᠤᠨᠴᠤᠭ᠎ᠠᠴᠠ ᠡᠳᠦᠷ ᠢᠷᠡᠬᠦ ᠲᠤᠲᠤᠮ ᠨᠢᠭᠡ ᠬᠡᠰᠡᠭ ᠶᠠᠭᠤᠮ᠎ᠠ ᠬᠣᠯᠲᠤᠷᠠᠨ ᠤᠨᠠᠵᠤ ᠪᠠᠢᠯ᠎ᠠ᠃ ᠴᠡᠷᠢᠭ ᠬᠥᠮᠦᠰ᠎ᠦᠨ ᠲᠤᠬᠠᠢ ᠫᠯᠶᠦᠱᠺᠢᠨ᠎ᠦ ᠮᠠᠭᠤ ᠰᠠᠨᠠᠵᠤ ᠶᠠᠪᠤᠳᠠᠭ᠎ᠨᠢ ᠵᠥᠪ ᠭᠡᠳᠡᠭ᠎ᠢ ᠵᠣᠷᠢᠭᠤᠳᠠ ᠪᠠᠲᠤᠯᠠᠬᠤ ᠭᠡᠰᠡᠨ᠎ᠶᠦᠮ᠎ᠰᠢᠭ ᠬᠦᠦ᠎ᠨᠢ ᠮᠥᠷᠦᠢ᠎ᠲᠡᠢ ᠲᠣᠭᠯᠠᠵᠤ᠂ ᠪᠠᠢᠳᠠᠭ᠎ᠢᠶᠠᠨ ᠠᠯᠳᠠᠪᠠ ᠭᠡᠰᠡᠨ ᠴᠢᠮᠡᠭᠡ᠎ᠶᠢ ᠡᠨᠡ ᠦᠶ᠎ᠡ᠎ᠪᠡᠷ ᠡᠴᠢᠭᠡ᠎ᠨᠢ ᠳᠤᠭᠤᠯᠤᠭᠠᠳ ᠬᠦᠦ᠎ᠳᠡᠭᠡᠨ ᠬᠠᠷᠢᠶᠠᠯ ᠶᠠᠪᠤᠭᠤᠯᠵᠤ᠂ ᠲᠡᠭᠦᠨ᠎ᠡᠴᠡ ᠬᠣᠢᠰᠢ ᠮᠢᠨᠦ ᠲᠥᠷᠦᠭᠰᠡᠨ ᠬᠦᠦ ᠳᠡᠯᠡᠬᠡᠢ ᠳᠡᠭᠡᠷ᠎ᠡ ᠪᠠᠢᠭ᠎ᠠ ᠡᠰᠡᠬᠦ ᠲᠤᠬᠠᠢ ᠨᠢᠭᠡ᠎ᠴᠦ ᠤᠳᠠᠭ᠎ᠠ ᠳᠤᠷᠠᠳᠤᠭᠰᠠᠨ᠎ᠦᠭᠡᠢ᠂ ᠵᠢᠯ ᠪᠦᠷᠢ ᠪᠠᠢᠰᠢᠩ᠎ᠤᠨ ᠨᠢᠵᠡᠭᠡᠳ ᠴᠣᠩᠬᠤ ᠲᠦᠭᠵᠢᠭᠳᠡᠭᠰᠡᠭᠡᠷ ᠢᠷᠡᠵᠦ᠂ ᠲᠦᠷᠦᠭᠦᠬᠡᠨ ᠤᠩᠰᠢᠭᠴᠢᠳ᠎ᠤᠨ ᠬᠠᠷᠠᠳᠠᠭ ᠬᠣᠶᠠᠷ ᠴᠣᠩᠬᠤ ᠦᠯᠡᠳᠡᠵᠦ ᠨᠢᠭᠡ᠎ᠶᠢ᠎ᠨᠢ ᠴᠠᠭᠠᠰᠤ᠎ᠪᠠᠷ ᠪᠥᠭᠯᠡᠭᠰᠡᠨ ᠪᠠᠢᠯ᠎ᠠ᠃ ᠠᠵᠤ ᠠᠬᠤᠢ᠎ᠶᠢᠨ ᠭᠣᠣᠯ ᠴᠢᠬᠤᠯᠠ ᠵᠦᠢᠯ᠎ᠦᠳ ᠠᠭᠠᠵᠢᠮ᠎ᠢᠶᠠᠷ ᠠᠯᠠᠭ᠎ᠠ ᠪᠣᠯᠵᠤ ᠡᠵᠡᠨ ᠬᠥᠮᠦᠨ᠎ᠦ ᠢᠪᠴᠤᠤ ᠬᠠᠷᠠᠭ᠎ᠠ ᠲᠠᠰᠤᠯᠭᠠᠨ ᠳᠣᠲᠤᠭᠤᠷ᠎ᠢᠶᠠᠨ ᠲᠡᠭᠦᠳᠡᠭ ᠴᠠᠭᠠᠰᠤᠨ᠎ᠤ ᠥᠭᠡᠳᠡᠰᠦ᠂ ᠥᠳᠦ ᠰᠣᠳᠤ᠎ᠪᠠᠷ ᠬᠢᠵᠠᠭᠠᠷᠯᠠᠭᠳᠠᠳᠠᠭ ᠪᠣᠯᠵᠤ᠂ ᠠᠵᠤ ᠠᠬᠤᠢᠯᠠᠯ᠎ᠠᠴᠠ ᠦᠢᠯᠡᠳᠪᠦᠷᠢᠯᠡᠵᠦ ᠪᠠᠢᠭ᠎ᠠ ᠶᠠᠭᠤᠮ᠎ᠠ᠎ᠶᠢ᠎ᠨᠢ ᠬᠤᠳᠠᠯᠳᠤᠵᠤ ᠠᠪᠬᠤ᠎ᠪᠠᠷ ᠢᠷᠡᠭᠰᠡᠨ ᠬᠥᠮᠦᠰ᠎ᠲᠡᠢ ᠦᠭᠡ᠎ᠪᠡᠨ ᠤᠯᠠᠮ᠎ᠠᠴᠠ ᠤᠯᠠᠮ ᠣᠢᠯᠠᠭᠠᠯᠴᠠᠬᠤ᠎ᠪᠠᠨ ᠪᠣᠯᠢᠵᠠᠢ᠃ ᠫᠠᠨᠽᠠᠴᠢᠨ᠎ᠨᠠᠷ ᠲᠡᠭᠦᠨ᠎ᠲᠡᠢ ᠦᠨ᠎ᠡ ᠬᠡᠯᠡᠯᠴᠡᠨ ᠲᠣᠬᠢᠷᠠᠬᠤ᠎ᠦᠭᠡᠢ ᠴᠥᠬᠦᠷᠡᠬᠦ᠎ᠳᠡᠭᠡᠨ ᠡᠨᠡ᠎ᠴᠢᠨᠢ ᠬᠥᠮᠦᠨ ᠪᠢᠰᠢ ᠴᠢᠳᠭᠦᠷ᠎ᠶᠦᠮ ᠡ ᠭᠡᠵᠦ ᠬᠡᠯᠡᠭᠡᠳ ᠳᠠᠬᠢᠨ ᠵᠥᠪᠯᠡᠬᠦ᠎ᠪᠡᠨ ᠪᠣᠯᠢᠭᠰᠠᠨ᠎ᠶᠤᠮ᠃ ᠡᠢᠮᠦ ᠤᠴᠢᠷ᠎ᠠᠴᠠ ᠡᠨᠡ ᠠᠢᠯ᠎ᠤᠨ ᠡᠪᠡᠰᠦ ᠪᠣᠷᠳᠤᠭ᠎ᠠ ᠦᠷ᠎ᠡ ᠲᠠᠷᠢᠶ᠎ᠠ᠎ᠨᠢ ᠢᠯᠵᠠᠷᠠᠵᠤ᠂ ᠪᠤᠬᠠᠯᠳᠠᠨ ᠣᠪᠤᠭᠠᠯᠠᠭᠰᠠᠨ ᠡᠪᠡᠰᠦ ᠲᠠᠷᠢᠶ᠎ᠠ᠎ᠨᠢ ᠴᠠᠭᠠᠨ ᠨᠣᠭᠤᠭ᠎ᠠ ᠤᠷᠭᠤᠭᠤᠯᠤᠮ᠎ᠠ ᠠᠶᠠᠲᠠᠢ ᠥᠲᠦᠭ ᠪᠣᠯᠵᠤ᠂ ᠵᠣᠭᠤᠷᠢᠨ᠎ᠳᠠᠭᠠᠨ ᠬᠠᠳᠠᠭᠠᠯᠠᠭᠰᠠᠨ ᠭᠤᠯᠢᠷ᠎ᠨᠢ ᠰᠦᠬᠡ᠎ᠪᠡᠷ ᠴᠠᠪᠴᠢᠬᠤ᠎ᠳᠤ᠎ᠴᠤ ᠬᠠᠭᠠᠷᠠᠮᠠᠷ᠎ᠦᠭᠡᠢ ᠴᠢᠯᠠᠭᠤ᠎ᠰᠢᠭ᠋ ᠬᠠᠲᠠᠭᠤ ᠪᠣᠯᠵᠠᠢ᠃ ᠳᠠᠪᠤᠤ᠂ ᠴᠡᠮᠪᠡ ᠨᠤᠭᠦᠳ᠎ᠨᠢ ᠦᠵᠢᠷᠡᠨ ᠭᠠᠷ ᠬᠦᠷᠬᠦ᠎ᠲᠡᠢ ᠵᠡᠷᠭᠡ ᠴᠢᠨᠳᠠᠷ᠎ᠠ ᠪᠣᠯᠤᠨ ᠪᠤᠲᠠᠷᠠᠳᠠᠭ ᠪᠠᠢᠯ᠎ᠠ᠃ ᠫᠡᠯᠶᠦᠱᠺᠢᠨ᠂ ᠬᠤᠯᠠᠭᠠᠢᠴᠢ ᠵᠣᠯᠢᠭ᠎ᠤᠳ᠎ᠨᠢ ᠤᠤᠭᠤᠴᠢᠬᠠᠬᠤ ᠮᠠᠭᠠᠳ᠎ᠦᠭᠡᠢ ᠭᠡᠵᠦ ᠲᠡᠮᠳᠡᠭᠯᠡᠵᠦ ᠲᠠᠯᠪᠢᠭᠰᠠᠨ ᠯᠣᠩᠬᠤ᠎ᠲᠠᠢ ᠳᠠᠷᠠᠰᠤ᠂ ᠥᠳᠦᠨ ᠦᠵᠦᠭ᠂ ᠯᠠᠴᠠ᠎ᠶᠢᠨ ᠬᠡᠯᠲᠡᠷᠬᠡᠢ ᠬᠠᠮᠢᠭ᠎ᠠ ᠪᠠᠢᠳᠠᠭ᠎ᠢ ᠰᠠᠢᠨ ᠮᠡᠳᠡᠳᠡᠭ᠎ᠡᠴᠡ ᠪᠢᠰᠢ᠂ ᠥᠭᠡᠷ᠎ᠡ ᠬᠥᠷᠦᠩᠭᠡ ᠬᠣᠭᠰᠢᠯ᠎ᠢᠶᠠᠨ ᠮᠠᠷᠲᠠᠳᠠᠭ ᠪᠣᠯᠵᠠᠢ᠃ ᠭᠡᠲᠡᠯ᠎ᠡ ᠬᠠᠷᠢᠶᠠᠲᠤ ᠠᠯᠪᠠᠲᠤ᠎ᠨᠠᠷ᠎ᠠᠴᠠ ᠲᠠᠲᠠᠵᠤ ᠠᠵᠤ ᠠᠬᠤᠢᠯᠠᠯ᠎ᠳᠠᠭᠠᠨ ᠣᠷᠤᠭᠤᠯᠳᠠᠭ ᠣᠷᠤᠯᠭ᠎ᠠ᠎ᠨᠢ ᠤᠷᠢᠳᠠ᠎ᠶᠢᠨ᠎ᠢᠶᠠᠨ ᠠᠳᠠᠯᠢ ᠬᠡᠪ᠎ᠢᠶᠡᠷ ᠶᠠᠪᠤᠭᠳᠠᠵᠤ ᠪᠠᠢᠯ᠎ᠠ᠃ ᠲᠠᠷᠢᠶᠠᠴᠢᠳ ᠲᠤᠰᠢᠶᠠᠳᠠᠭ ᠠᠯᠪᠠ᠎ᠪᠠᠨ ᠬᠡᠪ᠎ᠢᠶᠡᠷ᠎ᠢᠶᠡᠨ᠎ᠯᠡ ᠲᠤᠰᠢᠶᠠᠭᠰᠠᠭᠠᠷ ᠪᠠᠢᠪᠠ᠃ ᠲᠠᠷᠢᠶᠠᠴᠢᠨ ᠡᠮᠡᠭᠲᠡᠢ ᠤᠷᠢᠳᠤ ᠥᠭᠴᠦ ᠪᠠᠢᠭᠰᠠᠨ᠎ᠲᠠᠢ᠎ᠪᠠᠨ ᠠᠳᠠᠯᠢ ᠬᠡᠮᠵᠢᠶᠡᠨ᠎ᠦ ᠰᠠᠮᠤᠷ ᠲᠤᠰᠢᠶᠠᠵᠤ᠂ ᠨᠡᠬᠡᠮᠡᠯᠴᠢ ᠬᠡᠦᠬᠡᠨ ᠤᠷᠢᠳᠤ ᠨᠡᠬᠡᠵᠦ ᠪᠠᠢᠭᠰᠠᠨ᠎ᠲᠠᠢ᠎ᠪᠠᠨ ᠠᠳᠠᠯᠢ ᠬᠡᠮᠵᠢᠶᠡᠨ᠎ᠦ ᠶᠣᠷᠤᠭ ᠨᠡᠬᠡᠵᠦ ᠲᠤᠰᠢᠶᠠᠳᠠᠭ ᠪᠠᠢᠯ᠎ᠠ᠃ ᠬᠠᠷᠢᠶᠠᠲᠤ ᠠᠯᠪᠠᠲᠤ᠎ᠨᠠᠷ᠎ᠤᠨ ᠨᠡᠢᠯᠡᠭᠦᠯᠦᠭᠰᠡᠨ ᠶᠠᠭᠤᠮ᠎ᠠ ᠪᠦᠭᠦᠳᠡ᠎ᠶᠢ ᠨᠢᠭᠡ ᠭᠠᠵᠠᠷ᠎ᠲᠤ ᠣᠪᠤᠭᠠᠯᠠᠭᠰᠠᠨ᠎ᠨᠢ ᠢᠯᠵᠠᠷᠠᠨ ᠬᠥᠭᠡᠴᠦᠷᠡᠵᠦ ᠪᠠᠢᠭᠰᠠᠨ᠎ᠢᠶᠠᠷ ᠪᠠᠷᠠᠬᠤ᠎ᠦᠭᠡᠢ᠂ ᠫᠯᠶᠦᠱᠺᠢᠨ ᠥᠪᠡᠷ᠎ᠢᠶᠡᠨ᠎ᠴᠦ ᠬᠥᠮᠦᠨ ᠲᠥᠷᠦᠯᠬᠢᠲᠡᠨ᠎ᠦ ᠳᠣᠲᠤᠷ᠎ᠠ᠎ᠠᠴᠠ ᠢᠯᠵᠠᠷᠠᠨ ᠬᠥᠭᠡᠴᠦᠷᠡᠵᠦ ᠪᠠᠢᠯ᠎ᠠ᠃

ᠠᠯᠧᠺᠰᠠᠨᠳ᠋ᠧᠷᠠ ᠰᠲᠧᠫᠠᠨᠤᠸᠨᠠ᠎ᠳᠤ ᠱᠲ᠋ᠠᠪ᠎ᠤᠨ ᠠᠬᠠᠮᠠᠳ᠎ᠤᠨ ᠨᠡᠭᠦᠳᠡᠯ᠎ᠦᠨ ᠠᠮᠢᠳᠤᠷᠠᠯ᠎ᠨᠢ ᠠᠢᠯ ᠭᠡᠷ ᠪᠣᠯᠬᠤ᠎ᠶᠢᠨ ᠡᠮᠦᠨ᠎ᠡ ᠰᠠᠢᠬᠠᠨ ᠰᠠᠨᠠᠭᠳᠠᠵᠤ ᠪᠠᠢᠭᠰᠠᠨ᠎ᠢᠶᠠᠨ ᠣᠳᠣ ᠵᠣᠪᠠᠯᠠᠩ᠎ᠲᠠᠢ ᠪᠣᠯᠤᠭᠰᠠᠨ ᠤᠴᠢᠷ᠂ ᠡᠴᠢᠭᠡ᠎ᠶᠢᠨ᠎ᠢᠶᠡᠨ ᠬᠥᠷᠦᠩᠭᠡ᠎ᠡᠴᠡ ᠭᠣᠷᠢᠳᠠᠵᠤ ᠵᠢᠭᠠᠯ ᠬᠦᠦ᠎ᠶᠢᠨ ᠬᠠᠮᠲᠤ ᠡᠴᠢᠭᠡ᠎ᠶᠢᠨ᠎ᠳᠡᠭᠡᠨ ᠬᠣᠶᠠᠷ ᠤᠳᠠᠭ᠎ᠠ ᠢᠷᠡᠭᠰᠡᠨ᠎ᠶᠦᠮ᠃ ᠬᠠᠷᠢᠨ ᠫᠯᠶᠦᠱᠺᠢᠨ ᠥᠬᠢᠨ᠎ᠳᠡᠭᠡᠨ ᠠᠭᠤᠴᠢᠯᠠᠯ ᠬᠠᠢᠷᠠᠯᠠᠭᠰᠠᠨ᠎ᠢᠶᠠᠷ ᠪᠠᠷᠠᠬᠤ᠎ᠦᠭᠡᠢ᠂ ᠰᠢᠷᠡᠭᠡᠨ ᠳᠡᠭᠡᠷ᠎ᠡ ᠪᠠᠢᠭᠰᠠᠨ ᠨᠢᠭᠡ ᠲᠣᠪᠴᠢ᠎ᠶᠢ ᠠᠴᠢ ᠬᠦᠦ᠎ᠳᠡᠭᠡᠨ ᠲᠣᠭᠯᠠ ᠭᠡᠵᠦ ᠥᠭᠭᠦᠭᠰᠡᠨ ᠪᠣᠯᠪᠠᠴᠤ ᠥᠬᠢᠨ᠎ᠳᠡᠭᠡᠨ ᠬᠥᠷᠦᠩᠭᠡ ᠮᠥᠩᠭᠦ ᠥᠭᠭᠦᠯ᠎ᠦᠭᠡᠢ ᠶᠠᠪᠤᠭᠤᠯᠵᠠᠢ᠃ ᠳᠠᠷᠠᠭ᠎ᠠ᠎ᠨᠢ ᠥᠬᠢᠨ᠎ᠨᠢ ᠬᠣᠶᠠᠷ ᠵᠢᠭᠠᠯ ᠬᠦᠦ᠎ᠶᠢᠨ ᠬᠠᠮᠲᠤ ᠡᠴᠢᠭᠡ᠎ᠳᠡᠭᠡᠨ ᠳᠠᠬᠢᠨ ᠢᠷᠡᠵᠡᠢ᠃ ᠡᠴᠢᠭᠡ᠎ᠶᠢᠨ ᠡᠮᠦᠰᠴᠦ ᠶᠠᠪᠤᠭ᠎ᠠ ᠲᠡᠷᠯᠢᠭ᠎ᠨᠢ ᠭᠬᠢᠷ ᠪᠣᠯᠵᠤ ᠢᠴᠢᠮᠡᠷ ᠪᠣᠯᠤᠭᠠᠳ ᠪᠠᠢᠭᠰᠠᠨ᠎ᠢ ᠠᠯᠧᠺᠰᠠᠨᠳ᠋ᠧᠷᠠ ᠰᠲᠧᠫᠠᠨᠤᠸᠨᠠ ᠲᠦᠷᠦᠭᠦᠦ ᠢᠷᠡᠬᠦ᠎ᠳᠡᠭᠡᠨ ᠬᠠᠷᠠᠭᠰᠠᠨ ᠤᠴᠢᠷ ᠴᠠᠢ᠎ᠳᠤ ᠢᠳᠡᠬᠦ ᠲᠠᠯᠬ᠎ᠠ᠎ᠶᠢᠨ ᠬᠠᠮᠲᠤ ᠰᠢᠨ᠎ᠡ ᠲᠡᠷᠯᠢᠭ ᠠᠪᠴᠢᠷᠠᠵᠤ ᠥᠭᠴᠡᠢ᠃ ᠫᠯᠶᠦᠱᠺᠢᠨ ᠠᠴᠢ᠎ᠨᠠᠷ᠎ᠢᠶᠠᠨ ᠡᠷᠬᠡᠯᠡᠭᠦᠯᠵᠦ᠂ ᠨᠢᠭᠡ ᠨᠢᠭᠡ᠎ᠪᠡᠷ᠎ᠨᠢ ᠪᠠᠷᠠᠭᠤᠨ ᠵᠡᠭᠦᠨ ᠬᠥᠯ ᠳᠡᠭᠡᠷ᠎ᠡ᠎ᠪᠡᠨ ᠰᠠᠭᠤᠯᠭᠠᠵᠤ᠂ ᠵᠢᠩᠬᠢᠨᠢ ᠮᠣᠷᠢ ᠤᠨᠤᠭᠠᠳ ᠳᠠᠪᠬᠢᠵᠤ ᠪᠠᠢᠭ᠎ᠠ᠎ᠶᠤᠮ᠎ᠰᠢᠭ᠋ ᠬᠥᠯ᠎ᠢᠶᠡᠨ ᠬᠥᠳᠡᠯᠭᠡᠨ ᠲᠣᠭᠯᠠᠭᠤᠯᠵᠤ᠂ ᠥᠬᠢᠨ᠎ᠦ᠎ᠪᠡᠨ ᠠᠪᠴᠢᠷᠠᠭᠰᠠᠨ ᠲᠠᠯᠬ᠎ᠠ᠂ ᠲᠡᠷᠯᠢᠭ ᠬᠣᠶᠠᠷ᠎ᠢ᠎ᠨᠢ ᠠᠪᠤᠭᠰᠠᠨ ᠪᠣᠯᠪᠠᠴᠤ ᠬᠠᠷᠢᠭᠤ᠎ᠳᠤᠨᠢ ᠶᠠᠭᠤ᠎ᠴᠤ ᠥᠭᠭᠦᠯ᠎ᠦᠭᠡᠢ ᠬᠣᠭᠤᠰᠤᠨ ᠪᠤᠴᠠᠭᠠᠵᠠᠢ᠃

ᠴᠢᠴᠢᠺᠤᠸ᠎ᠤᠨ ᠡᠮᠦᠨ᠎ᠡ ᠡᠢᠮᠦ ᠬᠠᠴᠢᠨ ᠬᠥᠮᠦᠨ ᠵᠣᠭᠰᠤᠵᠤ ᠪᠠᠢᠯ᠎ᠠ!

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082