ᠮᠣᠩᠭᠣᠯ ᠪᠢᠴᠢᠭ᠌

ᠡᠷᠢᠶ᠎ᠡ  
ᠪᠤᠴᠠᠬᠤ

 ᠮᠥᠩᠭᠦᠨ ᠦ ᠬᠣᠷᠤᠬᠠᠢ

ᠪᠠᠯᠽᠠᠺ

ᠲᠡᠷᠡ ᠦᠶ᠎ᠡ᠂ ᠭ᠋ᠷᠠᠨᠳᠧᠲ ᠳᠠᠯᠠᠨ ᠵᠢᠷᠭᠤᠭᠠᠨ ᠨᠠᠰᠤᠨ ᠤ ᠪᠠᠨ ᠨᠢᠭᠤᠷ ᠢ ᠦᠵᠡᠭᠰᠡᠨ ᠪᠠᠢᠪᠠ᠃ ᠬᠣᠶᠠᠷ ᠵᠢᠯ ᠡᠴᠡ ᠨᠠᠰᠢ ᠲᠡᠭᠦᠨ ᠦ ᠬᠠᠷᠠᠮᠴᠢ ᠰᠡᠳᠭᠢᠯ ᠨᠢ ᠨᠢᠭᠡ ᠬᠥᠮᠦᠨ ᠦ ᠤᠳᠠᠭᠠᠨ ᠵᠢᠯ ᠵᠤᠵᠠᠭᠠᠨ ᠬᠣᠨᠤᠭ ᠤᠨ ᠠᠯᠢᠪᠠ ᠲᠠᠴᠢᠶᠠᠯ ᠪᠠ ᠰᠢᠨᠤᠯ ᠤᠨ ᠠᠳᠠᠯᠢ ᠪᠠᠷ ᠤᠯᠠᠮ ᠯᠠ ᠨᠡᠮᠡᠭᠳᠡᠵᠦ ᠤᠯᠠᠮ ᠯᠠ ᠠᠢᠬᠤᠪᠲᠤᠷ ᠪᠣᠯᠪᠠ᠃ ᠠᠵᠢᠭᠯᠠᠯᠲᠠ ᠶᠢᠨ ᠦᠷ᠎ᠡ ᠳ᠋ᠦᠩ ᠢ ᠦᠨᠳᠦᠰᠦᠯᠡᠪᠡᠯ᠂ ᠬᠠᠷᠠᠮᠴᠢ ᠰᠡᠳᠭᠢᠯᠲᠡᠨ᠂ ᠵᠡᠷᠯᠢᠭ᠌ ᠰᠠᠨᠠᠭᠠᠲᠠᠨ ᠵᠡᠷᠭᠡ ᠭᠠᠭᠴᠠ ᠮᠤᠵᠢᠭᠤᠳᠠ ᠬᠦᠰᠡᠯᠲᠡᠨ ᠪᠦᠬᠦᠨ ᠦ ᠬᠠᠢᠷ᠎ᠠ ᠰᠡᠳᠭᠢᠯ ᠨᠢ ᠶᠡᠷᠦ ᠳᠡᠭᠡᠨ ᠥᠪᠡᠷᠰᠡᠳ ᠦᠨ ᠲᠠᠴᠢᠶᠠᠯ ᠤᠨ ᠢᠶᠡᠨ ᠪᠡᠯᠭᠡ ᠲᠡᠮᠳᠡᠭ ᠪᠣᠯᠤᠭᠰᠠᠨ ᠨᠢᠭᠡᠨ ᠵᠦᠢᠯ ᠦᠨ ᠶᠠᠭᠤᠮᠠᠨ ᠤᠷᠤᠭᠤ ᠣᠨᠴᠤᠭᠤᠢ ᠲᠠᠰᠢᠭᠤᠷᠠᠭᠰᠠᠨ ᠪᠠᠢᠳᠠᠭ ᠪᠠᠢᠨ᠎ᠠ᠃ ᠠᠯᠲᠠ ᠦᠵᠡᠪᠡᠯ ᠠᠳᠭᠤᠨ ᠳᠠᠭᠠᠨ ᠣᠷᠤᠭᠤᠯᠬᠤ ᠭᠡᠬᠦ ᠨᠢ ᠭ᠋ᠷᠠᠨᠳᠧᠲ ᠤᠨ ᠪᠠᠷᠢᠮᠲᠠᠯᠠᠭᠰᠠᠨ ᠭᠡᠨᠡᠭᠡ ᠶᠤᠮ᠃ ᠲᠡᠭᠦᠨ ᠦ ᠡᠵᠡᠷᠬᠡᠮᠡᠭᠡᠢᠯᠡᠬᠦ ᠬᠡᠮᠵᠢᠶ᠎ᠡ ᠨᠢ ᠮᠥᠨ ᠬᠠᠷᠠᠮᠴᠢ ᠰᠡᠳᠭᠢᠯ ᠢᠶᠡᠨ ᠳᠠᠭᠠᠯᠳᠤᠨ ᠨᠡᠮᠡᠭᠳᠡᠵᠦ ᠪᠠᠢᠪᠠ᠃ ᠬᠡᠷᠪᠡ ᠡᠬᠡᠨᠡᠷ ᠢᠶᠡᠨ ᠦᠬᠦᠭᠰᠡᠨ ᠦ ᠳᠠᠷᠠᠭ᠎ᠠ ᠡᠳ᠋ ᠬᠥᠷᠦᠩᠭᠡ ᠶᠢᠨ ᠢᠶᠡᠨ ᠬᠠᠮᠢᠶᠠᠷᠤᠯᠲᠠ ᠶᠢ ᠬᠠᠷ᠎ᠠ ᠬᠢᠮᠤᠰᠤᠨ ᠲᠡᠳᠦᠢ ᠴᠦ ᠭᠡᠰᠡᠨ ᠰᠤᠯᠠ ᠲᠠᠯᠪᠢᠵᠤ᠂ ᠥᠪᠡᠷ ᠢᠶᠡᠨ ᠬᠠᠮᠢᠶᠠᠷᠴᠤ ᠴᠢᠳᠠᠬᠤ ᠦᠭᠡᠢ ᠯᠡ ᠪᠣᠯ ᠵᠢᠷᠤᠮ ᠰᠥᠷᠴᠦ ᠶᠣᠰᠤ ᠵᠥᠷᠢᠴᠡᠭᠰᠡᠨ ᠶᠠᠪᠤᠳᠠᠯ ᠭᠡᠵᠦ ᠪᠣᠳᠤᠵᠤ ᠪᠠᠢᠪᠠ᠃ ᠶᠠᠭᠠᠬᠢᠬᠤ ᠪᠤᠢ︕ ᠡᠳ᠋ ᠬᠥᠷᠦᠩᠭᠡ ᠶᠢᠨ ᠲᠣᠭ᠎ᠠ ᠬᠡᠮᠵᠢᠶ᠎ᠡ ᠪᠡᠨ ᠥᠬᠢᠨ ᠳᠡᠭᠡᠨ ᠮᠡᠳᠡᠭᠦᠯᠬᠦ ᠦᠦ᠂ ᠬᠥᠳᠡᠯᠬᠦ ᠬᠥᠷᠦᠩᠭᠡ ᠪᠡᠨ ᠪᠦᠭᠦᠳᠡ ᠶᠢ ᠨᠢᠭᠡ ᠯᠡ ᠳᠣᠣᠷ᠎ᠠ ᠳᠠᠩᠰᠠᠯᠠᠨ ᠳᠠᠭᠤᠳᠠᠯᠭ᠎ᠠ ᠶᠢᠨ ᠬᠤᠳᠠᠯᠳᠤᠭᠠᠨ ᠳᠤ ᠣᠷᠤᠭᠤᠯᠬᠤ ᠤᠤ︖ ᠁

«ᠲᠡᠭᠡᠪᠡᠯ ᠥᠪᠡᠷ ᠢᠶᠡᠨ ᠥᠪᠡᠷ ᠦᠨ ᠢᠶᠡᠨ ᠬᠣᠭᠤᠯᠠᠢ ᠳᠡᠭᠡᠷ᠎ᠡ ᠬᠢᠲᠤᠭ᠎ᠠ ᠲᠠᠯᠪᠢᠵᠤ ᠪᠠᠢᠭ᠎ᠠ ᠬᠡᠷᠡᠭ᠌ ᠪᠣᠯᠤᠨ᠎ᠠ︕» ᠭᠡᠵᠦ ᠭ᠋ᠷᠠᠨᠳᠧᠲ ᠲᠠᠷᠢᠶᠠᠨ ᠳᠠᠭᠠᠨ ᠦᠵᠦᠮ ᠤᠨ ᠣᠷᠢᠶᠠᠩᠭᠤ ᠪᠠᠨ ᠪᠠᠢᠴᠠᠭᠠᠨ ᠦᠵᠡᠵᠦ ᠶᠠᠪᠤᠭᠰᠠᠭᠠᠷ ᠪᠠᠢᠵᠤ ᠥᠨᠳᠦᠷ ᠳᠠᠭᠤᠨ ᠢᠶᠡᠷ ᠳᠤᠤᠭᠠᠷᠪᠠ᠃

ᠲᠡᠭᠡᠭᠡᠳ ᠡᠴᠦᠰ ᠲᠡᠭᠡᠨ ᠵᠣᠷᠢᠯᠭ᠎ᠠ ᠪᠠᠨ ᠲᠣᠭᠲᠠᠭᠠᠵᠤ ᠣᠷᠤᠢ ᠶᠢᠨ ᠬᠣᠭᠤᠯᠠᠨ ᠤ ᠦᠶ᠎ᠡ ᠪᠡᠷ ᠰᠡᠦᠮᠦᠷ ᠲᠡᠭᠡᠨ ᠪᠤᠴᠠᠨ᠂ ᠢᠦᠭᠧᠨ᠋ᠸ ᠳᠡᠭᠡᠨ ᠪᠠᠭᠤᠨ ᠥᠭᠴᠦ᠂ ᠳᠣᠯᠢᠭᠠᠨᠠᠨ ᠪᠢᠯᠳᠠᠤᠴᠢᠯᠠᠵᠤ᠂ ᠠᠷᠭᠠᠳᠠᠨ ᠬᠠᠭᠤᠷᠴᠤ ᠪᠠᠢᠭᠠᠳ ᠦᠬᠦᠨ ᠦᠬᠦᠲᠡᠯ᠎ᠡ ᠭᠡᠷ ᠦᠨ ᠡᠵᠡᠨ ᠦ ᠡᠷᠬᠡ ᠰᠦᠷ ᠢᠶᠡᠨ ᠬᠠᠳᠠᠭᠠᠯᠠᠵᠤ᠂ ᠭᠣᠣᠯ ᠢᠶᠡᠨ ᠲᠠᠰᠤᠷᠠᠨ ᠲᠠᠰᠤᠷᠠᠲᠠᠯ᠎ᠠ ᠬᠡᠳᠦᠨ ᠵᠠᠭᠤᠨ ᠲᠦᠮᠡᠨ ᠲᠥᠭᠦᠷᠢᠭ᠌ ᠦᠨ ᠡᠳ᠋ ᠬᠥᠷᠦᠩᠭᠡ ᠶᠢᠨ ᠶᠡᠬᠡ ᠡᠷᠬᠡ ᠶᠢ ᠠᠳᠭᠤᠬᠤ ᠳᠠᠭᠠᠨ ᠰᠠᠭᠠᠳ ᠦᠭᠡᠢ ᠪᠣᠯᠭᠠᠬᠤ ᠪᠠᠷ ᠰᠢᠢᠳᠴᠡᠢ᠃ ᠡᠨᠡ ᠡᠪᠦᠭᠡᠨ ᠡᠷᠳᠡᠨᠢ ᠶᠢᠨ ᠰᠠᠩ ᠤᠨ ᠲᠦᠯᠬᠢᠭᠦᠷ ᠢᠶᠡᠨ ᠠᠪᠴᠤ᠂ ᠬᠦᠷᠢᠶᠡᠨ ᠦ ᠬᠠᠭᠠᠯᠭ᠎ᠠ ᠪᠠᠨ ᠥᠪᠡᠷ ᠢᠶᠡᠨ ᠨᠡᠭᠡᠭᠡᠭᠡᠳ᠂ ᠰᠡᠮ ᠢᠶᠡᠷ ᠠᠰᠠᠷ ᠳᠡᠭᠡᠷ᠎ᠡ ᠭᠠᠷᠤᠨ᠂ ᠡᠬᠡᠨᠡᠷ ᠤᠨ ᠢᠶᠡᠨ ᠥᠷᠦᠭᠡᠨ ᠳᠦ ᠣᠷᠤᠭᠰᠠᠨ ᠳᠤ᠂ ᠢᠦᠭᠧᠨ᠋ᠸ ᠤᠷᠠᠯᠢᠭ ᠰᠠᠢᠬᠠᠨ ᠬᠢᠴᠡ ᠲᠠᠢ ᠵᠠᠰᠠᠯ ᠵᠢᠮᠰᠡᠭ᠌ ᠤᠨ ᠬᠠᠢᠷᠴᠠᠭ ᠢᠶᠡᠨ ᠡᠵᠢ ᠶᠢᠨ ᠢᠶᠡᠨ ᠣᠷᠤ ᠳᠡᠭᠡᠷ᠎ᠡ ᠡᠷᠭᠦᠵᠦ ᠲᠠᠯᠪᠢᠭᠰᠠᠨ ᠪᠠᠢᠵᠠᠢ᠃ ᠲᠡᠭᠡᠭᠡᠳ ᠭ᠋ᠷᠠᠨᠳᠧᠲ ᠤᠨ ᠡᠵᠡᠭᠦᠢ ᠶᠢ ᠵᠠᠪᠳᠤᠵᠤ ᠡᠬᠡ ᠥᠬᠢᠨ ᠬᠣᠶᠠᠭᠤᠯᠠ ᠴᠠᠷᠯᠧᠰ ᠤᠨ ᠡᠬᠡ ᠶᠢᠨ ᠱᠤᠭᠤᠮᠠᠯ ᠬᠥᠷᠦᠭ ᠳᠡᠭᠡᠷ᠎ᠡ ᠡᠴᠡ ᠴᠠᠷᠯᠧᠰ ᠤᠨ ᠵᠢᠰᠦ ᠴᠢᠷᠠᠢ ᠶᠢ ᠰᠢᠨᠵᠢᠵᠦ ᠪᠠᠢᠪᠠ᠃

ᠡᠪᠦᠭᠡᠨ ᠢ ᠬᠠᠭᠠᠯᠭ᠎ᠠ ᠲᠦᠯᠬᠢᠨ ᠣᠷᠤᠬᠤ ᠳᠤ᠄

«ᠴᠣᠬᠤ ᠤᠷᠤᠭᠤᠯ ᠬᠣᠶᠠᠷ ᠨᠢ ᠶᠠᠭ ᠯᠠ ᠪᠡᠶ᠎ᠡ ᠪᠡᠷ ᠢᠶᠡᠨ ᠪᠠᠢᠨ᠎ᠠ︕» ᠭᠡᠵᠦ ᠢᠦᠭᠧᠨ᠋ᠸ ᠬᠡᠯᠡᠵᠦ ᠪᠠᠢᠪᠠ᠃

ᠨᠥᠬᠦᠷ ᠤᠨ ᠬᠢᠨᠢ ᠨᠢᠳᠦ ᠠᠯᠲᠠᠨ ᠬᠠᠢᠷᠴᠠᠭ ᠳᠡᠭᠡᠷ᠎ᠡ ᠭᠥᠯᠢᠷᠡᠨ ᠲᠤᠰᠤᠭᠰᠠᠨ ᠪᠠᠢᠬᠤ ᠶᠢ ᠬᠠᠷᠠᠮᠠᠭᠴᠠ ᠪᠠᠨ ᠭ᠋ᠷᠠᠨᠳᠧᠲ ᠤᠨ ᠠᠪᠠᠭᠠᠢ᠄

«ᠲᠡᠭᠷᠢ ᠥᠷᠦᠰᠢᠶᠡ ᠡ︕» ᠭᠡᠵᠦ ᠬᠠᠰᠭᠢᠷᠪᠠ᠃

ᠡᠪᠦᠭᠡᠨ᠂ ᠥᠯᠦᠨ ᠪᠠᠷᠰ ᠤᠨᠲᠠᠭ᠎ᠠ ᠬᠡᠦᠬᠡᠳ ᠲᠦ ᠣᠷᠤᠬᠤ ᠮᠡᠲᠦ ᠵᠠᠰᠠᠯ ᠵᠢᠮᠰᠡᠭ᠌ ᠤᠨ ᠬᠠᠢᠷᠴᠠᠭ ᠤᠷᠤᠭᠤ ᠨᠢ ᠤᠬᠤᠰᠬᠢᠨ ᠳᠠᠭᠠᠷᠢᠪᠠ᠃

«ᠶᠠᠮᠠᠷ ᠶᠠᠭᠤᠮ᠎ᠠ ᠪᠤᠢ︖» ᠭᠡᠵᠦ ᠡᠪᠦᠭᠡᠨ ᠡᠷᠳᠡᠨᠢ ᠶᠢᠨ ᠬᠠᠢᠷᠴᠠᠭ ᠢ ᠴᠣᠩᠬᠤ ᠤᠷᠤᠭᠤ ᠪᠠᠷᠢᠨ ᠣᠴᠢᠭᠠᠳ«ᠬᠠ᠂ ᠰᠢᠵᠢᠷ ᠠᠯᠲᠠ︕ ᠰᠢᠵᠢᠷ ᠠᠯᠲᠠ︕» ᠭᠡᠵᠦ ᠬᠠᠰᠭᠢᠷᠴᠤ ᠪᠠᠢᠪᠠ᠃ ᠲᠡᠭᠡᠭᠡᠳ«ᠶᠠᠮᠠᠷ ᠶᠡᠬᠡ ᠠᠯᠲᠠ ᠪᠤᠢ︕ ᠬᠣᠶᠠᠷ ᠵᠢᠩ ᠪᠠᠢᠨ᠎ᠠ ᠰᠢᠤ᠃ ᠬᠠ︕ ᠬᠠ︕ ᠴᠠᠷᠯᠧᠰ ᠡᠭᠦᠨ ᠢ ᠴᠢᠮ᠎ᠠ ᠲᠠᠢ ᠭᠤᠤ᠎ᠠ ᠦᠵᠡᠰᠭᠦᠯᠡᠩᠲᠦ ᠠᠯᠲᠠᠨ ᠵᠣᠭᠤᠰ ᠢᠶᠡᠷ ᠰᠣᠯᠢᠭᠰᠠᠨ ᠪᠢᠵᠡ᠂ ᠲᠡᠢᠮᠦ ᠦᠦ᠂ ᠦᠭᠡᠢ ᠦᠦ︖ ᠶᠠᠭᠠᠬᠢᠭᠠᠳ ᠨᠠᠳᠠ ᠡᠷᠲᠡᠬᠡᠨ ᠬᠡᠯᠡᠭᠰᠡᠨ ᠦᠭᠡᠢ ᠪᠤᠢ︖ ᠡᠨᠡ ᠠᠷᠠᠯᠵᠢᠶ᠎ᠠ ᠴᠢᠨᠢ ᠰᠠᠢᠨ ᠠᠷᠠᠯᠵᠢᠶ᠎ᠠ ᠪᠣᠯᠵᠠᠢ᠃ ᠬᠣᠩᠭᠤᠷ ᠮᠢᠨᠢ᠂ ᠴᠢ ᠶᠣᠰᠤᠲᠠᠢ ᠮᠢᠨᠦ ᠥᠬᠢᠨ ᠮᠥᠨ ᠪᠠᠢᠨ᠎ᠠ᠂ ᠪᠢ ᠮᠡᠳᠡᠯ᠎ᠡ» ᠭᠡᠪᠡ᠃

ᠢᠦᠭᠧᠨ᠋ᠸ ᠶᠢᠨ ᠳᠥᠷᠪᠡᠨ ᠮᠥᠴᠡ ᠨᠢ ᠳᠠᠭᠵᠢᠨ᠎ᠠ᠃ ᠡᠪᠦᠭᠡᠨ᠄

«ᠡᠨᠡ ᠴᠢᠨᠢ ᠴᠠᠷᠯᠧᠰ ᠤᠨ ᠶᠠᠭᠤᠮ᠎ᠠ ᠪᠢᠰᠢ ᠭᠡᠵᠢ ᠦᠦ︖» ᠭᠡᠪᠡ᠃

«ᠮᠥᠨ᠂ ᠠᠪᠤ ᠡ᠂ ᠡᠨᠡ ᠬᠠᠢᠷᠴᠠᠭ ᠮᠢᠨᠦ ᠪᠢᠰᠢ᠂ ᠡᠨᠡ ᠪᠣᠯ ᠬᠠᠯᠳᠠᠰᠢ ᠦᠭᠡᠢ ᠠᠷᠢᠭᠤᠨ ᠨᠠᠨᠳᠢᠨ ᠶᠠᠭᠤᠮ᠎ᠠ ᠪᠠᠢᠭ᠎ᠠ ᠶᠤᠮ᠂ ᠨᠠᠳᠠ ᠬᠠᠳᠠᠭᠠᠯᠠᠭᠤᠯᠤᠭᠰᠠᠨ ᠶᠠᠭᠤᠮ᠎ᠠ ᠶᠤᠮ᠃»

«ᠴᠠᠰᠢ᠂ ᠴᠠᠰᠢ᠂ ᠴᠠᠰᠢ︕ ᠲᠡᠷᠡ ᠬᠥᠮᠦᠨ ᠴᠢᠨᠦ ᠭᠡᠷ ᠦᠨ ᠬᠥᠷᠦᠩᠭᠡ ᠶᠢ ᠴᠢᠨᠢ ᠠᠪᠤᠭᠰᠠᠨ ᠲᠤᠯᠠ ᠴᠢᠮ᠎ᠠ ᠳᠤ ᠲᠥᠯᠦᠵᠦ ᠥᠭᠬᠦ ᠶᠣᠰᠤᠲᠠᠢ᠃»

«ᠠᠪᠤ ᠁»

ᠭ᠋ᠷᠠᠨᠳᠧᠲ ᠬᠢᠲᠤᠭ᠎ᠠ ᠪᠠᠨ ᠰᠤᠭᠤᠯᠵᠤ ᠠᠯᠲᠠ ᠡᠴᠡ ᠨᠢ ᠨᠢᠭᠡ ᠬᠡᠰᠡᠭ᠌ ᠬᠣᠪᠬᠤᠯᠤᠶ᠎ᠠ ᠭᠡᠵᠦ ᠪᠣᠳᠤᠭᠠᠳ ᠨᠥᠭᠦᠭᠡ ᠬᠠᠢᠷᠴᠠᠭ ᠢᠶᠡᠨ ᠤᠷᠢᠳᠠ ᠪᠠᠷ ᠰᠠᠨᠳᠠᠯᠢ ᠳᠡᠭᠡᠷ᠎ᠡ ᠲᠠᠯᠪᠢᠮᠠᠭᠴᠠ ᠢᠦᠭᠧᠨ᠋ᠸ ᠤᠬᠤᠰᠬᠢᠨ ᠪᠤᠯᠢᠶᠠᠬᠤ ᠭᠡᠬᠦ ᠳᠦ ᠱᠠᠯᠠᠮᠠᠴᠢᠨ ᠤ ᠨᠢᠳᠦ ᠬᠠᠢᠷᠴᠠᠭ ᠥᠬᠢᠨ ᠬᠣᠶᠠᠷ ᠡᠴᠡ ᠪᠡᠨ ᠣᠭᠲᠤ ᠰᠠᠯᠬᠤ ᠦᠭᠡᠢ ᠪᠠᠢᠭᠰᠠᠨ ᠲᠤᠯᠠ ᠥᠬᠢᠨ ᠢᠶᠡᠨ ᠴᠢᠩᠭ᠎ᠠ ᠲᠦᠯᠬᠢᠮᠡᠭᠴᠡ ᠥᠬᠢᠨ ᠨᠢ ᠡᠵᠢ ᠶᠢᠨ ᠢᠶᠡᠨ ᠣᠷᠤ ᠳᠡᠭᠡᠷ᠎ᠡ ᠤᠨᠠᠪᠠ᠃

«ᠨᠣᠶᠠᠨ ᠮᠢᠨᠢ︕ ᠨᠣᠶᠠᠨ ᠮᠢᠨᠢ» ᠭᠡᠵᠦ ᠢᠦᠭᠧᠨ᠋ᠸ ᠶᠢᠨ ᠡᠬᠡ ᠬᠠᠰᠭᠢᠷᠤᠨ ᠣᠷᠤ ᠳᠡᠭᠡᠷ᠎ᠡ ᠪᠡᠨ ᠪᠣᠰᠴᠤ ᠰᠠᠭᠤᠪᠠ᠃

ᠭ᠋ᠷᠠᠨᠳᠧᠲ ᠬᠢᠲᠤᠭ᠎ᠠ ᠪᠠᠨ ᠰᠤᠭᠤᠯᠵᠤ ᠬᠣᠪᠬᠤᠯᠬᠤ ᠭᠡᠪᠡ᠃ ᠢᠦᠭᠧᠨ᠋ᠸ ᠦᠳᠲᠡᠷ ᠰᠥᠭᠦᠳᠴᠦ ᠡᠴᠢᠭᠡ ᠶᠢᠨ ᠢᠶᠡᠨ ᠳᠡᠷᠭᠡᠳᠡ ᠮᠥᠯᠬᠦᠨ ᠣᠴᠢᠭᠠᠳ ᠬᠣᠶᠠᠷ ᠭᠠᠷ ᠢᠶᠡᠨ ᠡᠷᠭᠦᠵᠦ ᠬᠠᠰᠭᠢᠷᠤᠨ᠄

«ᠠᠪᠤ ᠡ ᠠᠪᠤ᠂ ᠳ᠋ᠾᠷ᠎ᠠ ᠡᠬᠡ ᠪᠤᠷᠬᠠᠨ ᠤ ᠨᠢᠭᠤᠷ ᠳᠡᠭᠡᠷ᠎ᠡ᠂ ᠵᠠᠭᠠᠯᠮᠠᠢ ᠳᠡᠭᠡᠷᠡᠬᠢ ᠾᠷᠢᠰᠲ᠋ᠣᠰ ᠤᠨ ᠨᠢᠭᠤᠷ ᠳᠡᠭᠡᠷ᠎ᠡ᠂ ᠮᠢᠩᠭᠠᠨ ᠪᠤᠷᠬᠠᠨ ᠤ ᠨᠢᠭᠤᠷ ᠳᠡᠭᠡᠷ᠎ᠡ᠂ ᠬᠣᠢᠲᠤ ᠶᠢᠨ ᠰᠦᠨᠡᠰᠦ ᠪᠡᠨ ᠪᠣᠳᠤ᠂ᠮᠢᠨᠦ ᠠᠮᠢᠳᠤ ᠶᠢᠨ ᠨᠢᠭᠤᠷ ᠳᠡᠭᠡᠷ᠎ᠡ ᠲᠠ ᠲᠡᠭᠦᠨ ᠢ ᠪᠤᠤ ᠬᠥᠳᠡᠯᠭᠡ︕ ᠡᠨᠡ ᠵᠠᠰᠠᠯ ᠵᠢᠮᠰᠡᠭ᠌ ᠦᠨ ᠬᠠᠢᠷᠴᠠᠭ ᠪᠣᠯ ᠮᠢᠨᠦ ᠶᠠᠭᠤᠮ᠎ᠠ ᠪᠢᠰᠢ᠂ ᠲᠠᠨ ᠤ ᠴᠤ ᠶᠠᠭᠤᠮ᠎ᠠ ᠪᠢᠰᠢ᠂ ᠪᠡᠲᠡᠷᠡᠭᠰᠡᠨ ᠰᠠᠳᠤᠨ ᠤ ᠮᠢᠨᠢ ᠶᠠᠭᠤᠮ᠎ᠠ ᠪᠠᠢᠭ᠎ᠠ ᠶᠤᠮ᠂ ᠨᠠᠳᠠ ᠬᠠᠳᠠᠭᠠᠯᠠᠭᠤᠯᠤᠭᠰᠠᠨ ᠶᠤᠮ᠂ ᠪᠢ ᠤᠭ ᠬᠡᠪ ᠢᠶᠡᠷ ᠨᠢ ᠪᠤᠴᠠᠭᠠᠨ ᠥᠭᠭᠦᠨ᠎ᠡ» ᠭᠡᠵᠦ ᠬᠡᠯᠡᠪᠡ᠃

«ᠴᠢᠮ᠎ᠠ ᠳᠤ ᠬᠠᠳᠠᠭᠠᠯᠠᠭᠤᠯᠤᠭᠰᠠᠨ ᠶᠤᠮ ᠪᠣᠯ ᠴᠢ ᠶᠠᠭᠤ ᠭᠡᠵᠦ ᠭᠠᠷᠭᠠᠵᠤ ᠦᠵᠡᠭᠰᠡᠨ ᠶᠤᠮ︖ ᠦᠵᠡᠬᠦ ᠴᠢᠨᠢ ᠭᠠᠷ ᠬᠦᠷᠬᠦ ᠡᠴᠡ ᠨᠡᠩ ᠴᠦ ᠪᠣᠯᠳᠠᠭ ᠦᠭᠡᠢ ᠶᠠᠪᠤᠳᠠᠯ᠃»

«ᠠᠪᠤ ᠡ᠂ ᠡᠪᠳᠡᠵᠦ ᠪᠣᠯᠬᠤ ᠦᠭᠡᠢ ᠰᠢᠦ᠂ ᠲᠠ ᠨᠠᠮᠠᠢ ᠬᠥᠮᠦᠨ ᠦ ᠨᠢᠭᠤᠷ ᠬᠠᠷᠠᠵᠤ ᠪᠣᠯᠬᠤ ᠦᠭᠡᠢ ᠪᠣᠯᠭᠠᠯ᠎ᠠ ᠰᠢᠤ︕ ᠠᠪᠤ᠂ ᠰᠣᠨᠤᠰᠴᠤ ᠪᠠᠢᠨ᠎ᠠ ᠤᠤ︖»

«ᠨᠣᠶᠠᠨ ᠮᠢᠨᠢ᠂ ᠪᠢ ᠴᠢᠮ᠎ᠠ ᠡᠴᠡ ᠭᠤᠶᠤᠶ᠎ᠠ» ᠭᠡᠵᠦ ᠡᠵᠢ ᠨᠢ ᠳᠠᠭᠠᠨ ᠬᠡᠯᠡᠪᠡ᠃

«ᠠᠪᠤ ᠡ︕» ᠭᠡᠵᠦ ᠢᠦᠭᠧᠨ᠋ᠸ ᠨᠢᠭᠡ ᠶᠡᠬᠡ ᠬᠠᠰᠭᠢᠷᠬᠤ ᠳᠤ ᠨᠠᠨᠤᠩ ᠴᠤ ᠠᠶᠤᠵᠤ ᠠᠰᠠᠷ ᠳᠡᠭᠡᠷ᠎ᠡ ᠭᠦᠶᠦᠨ ᠭᠠᠷᠴᠤ ᠢᠷᠡᠪᠡ᠃

ᠢᠦᠭᠧᠨ᠋ᠸ ᠨᠢᠭᠡᠨ ᠬᠢᠲᠤᠭ᠎ᠠ ᠰᠢᠭᠦᠷᠡᠨ ᠠᠪᠴᠤ ᠵᠡᠪᠰᠡᠭ ᠪᠣᠯᠭᠠᠪᠠ᠃

«ᠶᠠᠭᠠᠬᠢᠬᠤ ᠨᠢ ᠪᠤᠢ︖» ᠭᠡᠵᠦ ᠭ᠋ᠷᠠᠨᠳᠧᠲ ᠬᠦᠢᠲᠡᠨ ᠢᠶᠡᠷ ᠢᠨᠢᠶᠠᠨ ᠠᠰᠠᠭᠤᠪᠠ᠃

«ᠨᠣᠶᠠᠨ᠂ ᠨᠣᠶᠠᠨ᠂ ᠴᠢ ᠮᠢᠨᠦ ᠵᠢᠷᠦᠬᠡ ᠶᠢ ᠰᠤᠭᠤᠯᠤᠯ᠎ᠠ︕» ᠭᠡᠵᠦ ᠢᠦᠭᠧᠨ᠋ᠸ ᠶᠢᠨ ᠡᠵᠢ ᠬᠠᠰᠭᠢᠷᠪᠠ᠃

«ᠠᠪᠤ ᠡ᠂ ᠴᠢᠨᠦ ᠬᠢᠲᠤᠭ᠎ᠠ ᠠᠯᠲᠠᠨ ᠬᠠᠢᠷᠴᠠᠭ ᠡᠴᠡ ᠵᠢᠭᠠᠬᠠᠨ ᠯᠠ ᠬᠡᠯᠲᠡᠯᠪᠡᠯ ᠪᠢ ᠡᠨᠡ ᠬᠢᠲᠤᠭ᠎ᠠ ᠪᠠᠷ ᠠᠮᠢ ᠨᠠᠰᠤ ᠪᠠᠨ ᠡᠴᠦᠰᠯᠡᠭᠦᠯᠦᠨ᠎ᠡ᠃ ᠴᠢ ᠮᠢᠨᠦ ᠡᠵᠢ ᠶᠢ ᠬᠥᠨᠦᠭᠡᠵᠦ ᠡᠴᠦᠰ ᠦᠨ ᠠᠮᠢᠰᠭᠤᠯ ᠳᠡᠭᠡᠷ᠎ᠡ ᠨᠢ ᠬᠦᠷᠭᠡᠭᠡᠳ ᠣᠳᠣ ᠪᠠᠰᠠ ᠥᠪᠡᠷ ᠦᠨ ᠲᠥᠷᠦᠭᠰᠡᠨ ᠬᠡᠦᠬᠡᠨ ᠢᠶᠡᠨ ᠠᠯᠠᠬᠤ ᠭᠡᠵᠦ ᠪᠠᠢᠨ᠎ᠠ᠂ ᠪᠣᠯᠵᠠᠢ᠂ ᠲᠡᠭᠡᠪᠡᠯ ᠪᠦᠭᠦᠳᠡᠭᠡᠷ ᠢᠶᠡᠨ ᠣᠷᠤ ᠦᠭᠡᠢ ᠪᠣᠯᠤᠶ᠎ᠠ︕»

ᠭ᠋ᠷᠠᠨᠳᠧᠲ ᠬᠢᠲᠤᠭ᠎ᠠ ᠪᠠᠨ ᠵᠠᠰᠠᠯ ᠵᠢᠮᠰᠡᠭ᠌ ᠤᠨ ᠬᠠᠢᠷᠴᠠᠭ ᠤᠷᠤᠭᠤ ᠴᠢᠭᠯᠡᠭᠦᠯᠵᠦ᠂ ᠥᠬᠢᠨ ᠢᠶᠡᠨ ᠬᠠᠷᠠᠵᠤ ᠵᠣᠭᠰᠤᠨ ᠶᠠᠭᠠᠬᠢᠬᠤ ᠪᠠᠨ ᠡᠰᠡ ᠰᠢᠢᠳᠪᠦᠷᠢᠯᠡᠨ ᠲᠠᠲᠠᠭᠠᠯᠵᠠᠵᠤ ᠪᠠᠢᠪᠠ᠃

«ᠴᠢ ᠲᠡᠭᠡᠵᠦ ᠴᠢᠳᠠᠨ᠎ᠠ ᠤᠤ︖ ᠢᠦᠭᠧᠨ᠋ᠸ︖» ᠭᠡᠵᠦ ᠡᠪᠦᠭᠡᠨ ᠬᠡᠯᠡᠪᠡ᠃«ᠴᠢᠳᠠᠨ᠎ᠠ ᠰᠢᠤ᠂ ᠨᠣᠶᠠᠨ» ᠭᠡᠵᠦ ᠢᠦᠭᠧᠨ᠋ᠸ ᠶᠢᠨ ᠡᠬᠡ ᠬᠡᠯᠡᠪᠡ᠃

«ᠡᠨᠡ ᠴᠢᠨᠢ ᠬᠡᠯᠡᠪᠡᠯ ᠬᠢᠳᠡᠭ ᠬᠥᠮᠦᠨ᠂ ᠠᠪᠤᠭᠠᠢ ᠲᠠ ᠡᠨᠡ ᠶᠠᠪᠤᠬᠤ ᠨᠠᠰᠤᠨ ᠳᠠᠭᠠᠨ ᠭᠠᠭᠴᠠ ᠤᠳᠠᠭ᠎ᠠ ᠴᠤ ᠭᠡᠰᠡᠨ ᠰᠣᠶᠤᠨ ᠳᠣᠲᠤᠷ᠎ᠠ ᠶᠠᠪᠤᠵᠤ ᠪᠣᠯᠤᠨ᠎ᠠ ᠪᠤᠢ ᠳ᠋ᠠ︖» ᠭᠡᠵᠦ ᠨᠠᠨᠤᠩ ᠬᠠᠰᠭᠢᠷᠪᠠ᠃

ᠭ᠋ᠷᠠᠨᠳᠧᠲ ᠠᠯᠲᠠ ᠤᠷᠤᠭᠤ ᠨᠢᠭᠡ ᠬᠠᠷᠠᠵᠤ ᠥᠬᠢᠨ ᠤᠷᠤᠭᠤ ᠪᠠᠨ ᠨᠢᠭᠡ ᠬᠠᠷᠠᠨ ᠬᠡᠰᠡᠭ᠌ ᠮᠡᠯᠡᠷᠡᠪᠡ᠃ ᠭ᠋ᠷᠠᠨᠳᠧᠲ ᠤᠨ ᠠᠪᠠᠭᠠᠢ ᠤᠬᠠᠭ᠎ᠠ ᠠᠯᠳᠠᠪᠠ᠃

«ᠠᠪᠤᠭᠠᠢ ᠲᠠ ᠬᠠᠷᠠᠬᠤ ᠦᠭᠡᠢ ᠦᠦ᠂ ᠬᠠᠲᠤᠨ ᠠᠮᠢ ᠲᠠᠯᠪᠢᠴᠢᠬᠠᠯ᠎ᠠ︕» ᠭᠡᠵᠦ ᠨᠠᠨᠤᠩ ᠬᠠᠰᠭᠢᠷᠪᠠ᠃

«ᠲᠦᠢ᠂ ᠥᠬᠢᠨ ᠡ᠂ ᠪᠢᠳᠡ ᠭᠠᠭᠴᠠ ᠬᠠᠢᠷᠴᠠᠭ ᠤᠨ ᠲᠥᠯᠦᠭᠡ ᠠᠭᠤᠷᠯᠠᠵᠠᠭᠠᠬᠤ ᠪᠠᠨ ᠪᠣᠯᠢᠶ᠎ᠠ᠂ ᠠᠪᠤᠭᠠᠳ ᠶᠠᠪᠤ︕»

ᠱᠠᠯᠠᠮᠠᠴᠢᠨ ᠳᠣᠣᠷ᠎ᠠ ᠪᠠᠨ ᠵᠠᠰᠠᠯ ᠵᠢᠮᠰᠡᠭ᠌ ᠤᠨ ᠬᠠᠢᠷᠴᠠᠭ ᠢ ᠣᠷᠤ ᠳᠡᠭᠡᠷ᠎ᠡ ᠬᠠᠶᠠᠪᠠ᠃«ᠨᠠᠨᠤᠩ᠂ ᠴᠢ ᠶᠠᠪᠤᠵᠤ ᠹᠧᠷᠯᠠᠩ ᠠᠪᠤᠭᠠᠢ ᠶᠢ ᠵᠠᠯᠠᠵᠤ ᠢᠷ᠎ᠡ᠃ - ᠪᠣᠯᠵᠠᠢ᠂ ᠬᠠᠲᠤᠨ ᠮᠢᠨᠢ» ᠭᠡᠳ ᠭ᠋ᠷᠠᠨᠳᠧᠲ ᠡᠬᠡᠨᠡᠷ ᠤᠨ ᠢᠶᠡᠨ ᠭᠠᠷ ᠢ ᠦᠨᠦᠰᠴᠦ«ᠵᠠ᠂ ᠪᠢᠳᠡ ᠡᠪᠯᠡᠷᠡᠪᠡ᠃ ᠣᠳᠣ ᠬᠠᠮᠢᠶ᠎ᠠ ᠦᠭᠡᠢ᠃ - ᠲᠡᠢᠮᠦ ᠪᠤᠢ ᠳ᠋ᠠ᠂ ᠥᠬᠢᠨ ᠮᠢᠨᠢ︖ ᠣᠳᠣ ᠬᠠᠲᠠᠭᠰᠠᠨ ᠲᠠᠯᠬ᠎ᠠ ᠢᠳᠡᠬᠦ ᠬᠡᠷᠡᠭ᠌ ᠦᠭᠡᠢ᠂ ᠶᠠᠭᠤ ᠯᠠ ᠢᠳᠡᠬᠦ ᠳᠤᠷ᠎ᠠ ᠲᠠᠢ ᠪᠣᠯ ᠶᠠᠭᠤ ᠪᠠᠨ ᠢᠳᠡᠵᠦ ᠪᠤᠢ ᠁ ᠠ︕ ᠡᠵᠢ ᠨᠢ ᠨᠢᠳᠦ ᠪᠡᠨ ᠨᠡᠭᠡᠭᠡᠯ᠎ᠡ᠃ ᠁ ᠠᠢ᠂ ᠡᠵᠢ ᠨᠢ᠂ ᠵᠢᠭᠠᠬᠠᠨ ᠡᠵᠢ ᠨᠢ᠂ ᠰᠠᠢᠨ ᠡᠵᠢ ᠨᠢ᠂ ᠣᠳᠣ ᠪᠣᠯᠵᠠᠢ︕ ᠬᠦᠶᠢ᠂ ᠴᠢ ᠬᠠᠷᠠ ᠳ᠋ᠠ᠂ ᠪᠢ ᠢᠦᠭᠧᠨ᠋ᠸ ᠶᠢ ᠲᠡᠪᠡᠷᠢᠵᠦ ᠪᠠᠢᠨ᠎ᠠ᠃ ᠥᠬᠢᠨ ᠴᠢᠨᠢ ᠦᠶᠡᠯᠢᠳ ᠳᠡᠭᠦᠦ ᠳᠡᠭᠡᠨ ᠳᠤᠷ᠎ᠠ ᠲᠠᠢ ᠶᠤᠮ᠂ ᠲᠡᠭᠦᠨ ᠳᠦ ᠮᠣᠷᠳᠠᠪᠠᠯ ᠮᠣᠷᠳᠠᠭ᠂ ᠬᠠᠢᠷᠴᠠᠭ ᠢ ᠨᠢ ᠴᠠᠰᠢ ᠬᠢᠵᠦ ᠬᠠᠳᠠᠭᠠᠯᠠᠭ᠃ ᠴᠢ ᠮᠢᠨᠢ ᠯᠠ ᠤᠷᠲᠤ ᠨᠠᠰᠤᠯᠠ᠂ ᠬᠥᠭᠡᠷᠦᠬᠦᠢ ᠴᠢ ᠮᠢᠨᠢ᠃ ᠬᠦᠶᠢ᠂ ᠴᠢ ᠪᠡᠶ᠎ᠡ ᠪᠡᠨ ᠨᠢᠭᠡ ᠬᠥᠳᠡᠯᠭᠡᠵᠦ ᠨᠠᠳᠠ ᠦᠵᠡᠭᠦᠯᠦᠭᠡᠷᠡᠢ︕ ᠪᠢ ᠴᠢᠮ᠎ᠠ ᠳᠤ ᠬᠡᠯᠡᠶ᠎ᠡ᠂ ᠴᠢ ᠪᠤᠷᠬᠠᠨ ᠤ ᠮᠡᠨᠳᠦᠯᠡᠭᠰᠡᠨ ᠡᠳᠦᠷ ᠬᠠᠮᠤᠭ ᠤᠨ ᠶᠡᠬᠡ ᠨᠡᠷ᠎ᠡ ᠴᠤᠤ ᠭᠠᠷᠬᠤᠢᠴᠠ᠂ ᠰᠡᠦᠮᠦᠷ ᠲᠦ ᠤᠷᠢᠳᠤ ᠡᠮᠦᠨ᠎ᠡ ᠭᠠᠷᠤᠭᠠᠳᠤᠢ ᠲᠠᠬᠢᠯᠭ᠎ᠠ ᠠᠪᠴᠤ ᠶᠠᠪᠤᠭᠠᠷᠠᠢ» ᠭᠡᠪᠡ᠃

«ᠲᠡᠭᠷᠢ ᠡ᠂ ᠡᠬᠡᠨᠡᠷ ᠬᠡᠦᠬᠡᠳ ᠲᠡᠭᠡᠨ ᠴᠢ ᠢᠩᠭᠢᠵᠦ ᠶᠠᠭᠠᠬᠢᠵᠤ ᠪᠣᠯᠤᠨ᠎ᠠ ᠪᠤᠢ︕» ᠭᠡᠵᠦ ᠬᠡᠯᠡᠭᠰᠡᠨ ᠭ᠋ᠷᠠᠨᠳᠧᠲ ᠤᠨ ᠠᠪᠠᠭᠠᠢ ᠶᠢᠨ ᠳᠠᠭᠤᠨ ᠲᠤᠩ ᠰᠤᠯᠠᠬᠠᠨ ᠰᠣᠨᠤᠰᠳᠠᠪᠠ᠃

«ᠳᠠᠬᠢᠭᠠᠳ ᠶᠠᠭᠠᠬᠢᠭᠰᠠᠨ ᠴᠤ ᠢᠩᠭᠢᠬᠦ ᠦᠭᠡᠢ᠂ ᠶᠠᠭᠠᠬᠢᠭᠰᠠᠨ ᠴᠤ ᠢᠩᠭᠢᠬᠦ ᠦᠭᠡᠢ᠂ ᠬᠥᠭᠡᠷᠦᠬᠦᠢ ᠴᠢ ᠮᠢᠨᠢ᠂ ᠬᠠᠷᠠᠵᠤ ᠪᠠᠢ» ᠭᠡᠵᠦ ᠱᠠᠯᠠᠮᠠᠴᠢᠨ ᠬᠡᠯᠡᠪᠡ᠃

ᠭ᠋ᠷᠠᠨᠳᠧᠲ ᠨᠢᠭᠤᠴᠠ ᠭᠡᠷ ᠡᠴᠡ ᠪᠡᠨ ᠨᠢᠭᠡ ᠪᠠᠭᠯᠠᠭ᠎ᠠ ᠯᠤᠢᠵᠢ ᠠᠪᠴᠢᠷᠠᠵᠤ ᠣᠷᠤ ᠳᠡᠭᠡᠷ᠎ᠡ ᠰᠢᠳᠡᠪᠡ᠃

ᠭ᠋ᠷᠠᠨᠳᠧᠲ ᠵᠣᠭᠤᠰ ᠢᠶᠡᠨ ᠭᠠᠷ ᠳᠡᠭᠡᠷ᠎ᠡ ᠪᠡᠨ ᠴᠣᠬᠢᠯᠠᠨ ᠨᠠᠭᠠᠳᠬᠤ ᠶᠢᠨ ᠳᠠᠭᠠᠤ᠄«ᠢᠦᠭᠧᠨ᠋ᠸ ᠬᠠᠲᠤᠨ ᠡ᠂ ᠡᠭᠦᠨ ᠢ ᠲᠠ ᠨᠠᠷ ᠲᠤ ᠥᠭᠭᠦᠶ᠎ᠡ᠂ ᠬᠦᠶᠢ᠂ ᠬᠠᠲᠤᠨ ᠡ᠂ ᠴᠢ ᠰᠡᠳᠭᠢᠯ ᠢᠶᠡᠨ ᠲᠠᠢᠪᠤᠰᠢᠷᠠᠭᠤᠯ᠂ ᠬᠤᠷᠳᠤᠬᠠᠨ ᠰᠠᠢᠨ ᠪᠣᠯᠤᠭᠠᠴᠢ᠂ ᠴᠢ ᠮᠢᠨᠢ ᠶᠠᠭᠤ ᠠᠪᠤᠶ᠎ᠠ ᠭᠡᠪᠡᠯ ᠶᠠᠭᠤ ᠪᠠᠢᠨ᠎ᠠ᠂ ᠢᠦᠭᠧᠨ᠋ᠸ ᠴᠦ ᠮᠥᠨ ᠠᠳᠠᠯᠢ᠂ ᠬᠠᠷᠠ ᠳ᠋ᠠ᠂ ᠡᠨᠡ ᠨᠢᠭᠡ ᠵᠠᠭᠤᠨ ᠠᠯᠲᠠᠨ ᠯᠤᠢᠵᠢ ᠶᠢ ᠪᠣᠯ ᠢᠦᠭᠧᠨ᠋ᠸ ᠳᠦ ᠥᠭᠭᠦᠯ᠎ᠡ᠂ ᠴᠢ ᠡᠭᠦᠨ ᠢ ᠳᠠᠬᠢᠭᠠᠳ ᠬᠥᠮᠦᠨ ᠳᠦ ᠥᠭᠴᠢᠭᠡᠬᠦ ᠦᠭᠡᠢ ᠪᠤᠢ ᠳ᠋ᠠ᠂ ᠢᠦᠭᠧᠨ᠋ᠸ︖» ᠭᠡᠵᠦ ᠪᠠᠢᠪᠠ᠃

ᠭ᠋ᠷᠠᠨᠳᠧᠲ ᠤᠨ ᠠᠪᠠᠭᠠᠢ ᠥᠬᠢᠨ ᠲᠠᠢ ᠪᠡᠨ ᠥᠭᠡᠳᠡ ᠥᠭᠡᠳᠡ ᠡᠴᠡ ᠪᠡᠨ ᠰᠢᠷᠲᠡᠯᠴᠡᠨ ᠭᠠᠢᠬᠠᠨ᠎ᠠ᠃

«ᠠᠪᠤ ᠡ᠂ ᠵᠣᠭᠤᠰ ᠢᠶᠡᠨ ᠴᠠᠰᠢ ᠨᠢ ᠬᠤᠷᠢᠶᠠ᠂ ᠪᠢᠳᠡᠨ ᠳᠦ ᠵᠥᠪᠬᠡᠨ ᠴᠢᠨᠦ ᠬᠠᠢᠷ᠎ᠠ ᠰᠡᠳᠭᠢᠯ ᠯᠡ ᠬᠡᠷᠡᠭᠲᠡᠢ᠃»

«ᠲᠠᠭᠠᠷᠠᠵᠤ ᠪᠠᠢᠨ᠎ᠠ᠂ ᠴᠣᠬᠤᠮ ᠲᠠᠭᠠᠷᠠᠵᠤ ᠪᠠᠢᠨ᠎ᠠ» ᠭᠡᠳ ᠭ᠋ᠷᠠᠨᠳᠧᠲ ᠠᠯᠲᠠᠨ ᠯᠤᠢᠵᠢ ᠪᠠᠨ ᠲᠠᠭᠠᠷᠴᠤᠭᠯᠠᠵᠤ᠂«ᠪᠢᠳᠡ ᠡᠪ ᠨᠠᠢᠷᠲᠠᠢ ᠰᠠᠢᠬᠠᠨ ᠠᠮᠢᠳᠤᠷᠠᠵᠠᠭᠠᠶ᠎ᠠ᠃ ᠪᠦᠭᠦᠳᠡᠭᠡᠷ ᠢᠶᠡᠨ ᠠᠰᠠᠷ ᠡᠴᠡ ᠪᠠᠨ ᠪᠠᠭᠤᠵᠤ ᠬᠣᠭᠤᠯᠠᠨ ᠤ ᠭᠡᠷ ᠲᠡᠭᠡᠨ ᠣᠴᠢᠵᠤ ᠣᠷᠤᠢ ᠶᠢᠨ ᠬᠣᠭᠤᠯᠠ ᠪᠠᠨ ᠢᠳᠡᠵᠡᠭᠡᠶ᠎ᠡ᠃ ᠡᠳᠦᠷ ᠪᠦᠷᠢ ᠬᠣᠶᠠᠷ ᠲᠦᠩᠽᠢ ᠶᠢᠨ ᠮᠥᠷᠦᠢ ᠲᠠᠢ ᠨᠠᠭᠠᠳᠤᠮ ᠨᠠᠭᠠᠳᠤᠶ᠎ᠠ᠂ ᠲᠠ ᠨᠠᠷ ᠬᠠᠨᠲᠠᠯ᠎ᠠ ᠨᠠᠭᠠᠳᠴᠤ ᠪᠠᠢ︕ ᠬᠠᠲᠤᠨ ᠡ᠂ ᠪᠣᠯᠤᠨ᠎ᠠ ᠤᠤ︖» ᠭᠡᠪᠡ᠃

«ᠠᠢ᠂ ᠶᠠᠭᠠᠬᠢᠭᠠᠳ ᠪᠣᠯᠬᠤ ᠦᠭᠡᠢ ᠪᠠᠢᠬᠤ ᠪᠤᠢ ᠳ᠋ᠠ᠂ ᠲᠡᠭᠡᠬᠦ ᠨᠢ ᠴᠢᠮ᠎ᠠ ᠳᠤ ᠰᠠᠢᠬᠠᠨ ᠰᠠᠨᠠᠭᠳᠠᠬᠤ ᠪᠣᠯᠪᠠᠴᠤ ᠪᠢ ᠪᠣᠰᠴᠤ ᠴᠢᠳᠠᠬᠤ ᠦᠭᠡᠢ ᠰᠢᠦ» ᠭᠡᠵᠦ ᠳᠥᠩᠭᠡᠵᠢ ᠠᠮᠢᠰᠭᠤᠭ᠎ᠠ ᠲᠠᠢ ᠪᠠᠢᠭᠰᠠᠨ ᠡᠪᠡᠳᠴᠢᠨ ᠲᠠᠢ ᠡᠬᠡᠨᠡᠷ ᠨᠢ ᠬᠠᠷᠢᠭᠤᠯᠪᠠ᠃

«ᠬᠥᠭᠡᠷᠦᠬᠦᠢ ᠬᠠᠲᠤᠨ ᠮᠢᠨᠢ᠂ ᠪᠢ ᠴᠢᠮᠠᠢ ᠶᠠᠭᠠᠬᠢᠵᠤ ᠶᠡᠬᠡ ᠬᠠᠢᠷᠠᠯᠠᠳᠠᠭ ᠢ ᠴᠢ ᠮᠡᠳᠡᠬᠦ ᠦᠭᠡᠢ᠂ - ᠴᠢᠮᠠᠢ ᠪᠠᠰᠠ ᠶᠠᠭᠠᠬᠢᠵᠤ ᠬᠠᠢᠷᠠᠯᠠᠨ᠎ᠠ ᠪᠤᠢ᠂ ᠥᠬᠢᠨ ᠮᠢᠨᠢ︕» ᠭᠡᠵᠦ ᠱᠠᠯᠠᠮᠠᠴᠢᠨ ᠬᠡᠯᠡᠪᠡ᠃

ᠭ᠋ᠷᠠᠨᠳᠧᠲ ᠥᠬᠢᠨ ᠢᠶᠡᠨ ᠲᠡᠪᠡᠷᠢᠵᠦ ᠡᠷᠭᠦᠵᠦ ᠪᠠᠢᠪᠠ᠃

«ᠬᠠᠷᠠᠭᠠᠴᠢ︕ ᠮᠠᠭᠤᠲᠠᠯᠳᠤᠴᠢᠬᠠᠭᠠᠳ ᠳᠠᠷᠠᠭ᠎ᠠ ᠨᠢ ᠥᠬᠢᠨ ᠢᠶᠡᠨ ᠲᠡᠪᠡᠷᠢᠵᠦ ᠪᠠᠢᠨ᠎ᠠ᠂ ᠶᠠᠭᠠᠬᠢᠭᠰᠠᠨ ᠰᠠᠢᠬᠠᠨ ᠰᠡᠳᠭᠢᠯ ᠪᠤᠢ᠂ ᠢᠦᠭᠧᠨ᠋ᠸ ᠮᠢᠨᠢ︕ ᠁ ᠬᠠᠲᠤᠨ ᠴᠢ ᠬᠠᠷᠠᠭᠠᠴᠢ᠂ ᠪᠢᠳᠡ ᠬᠣᠶᠠᠷ ᠣᠳᠣ ᠶᠠᠭᠠᠬᠢᠵᠤ ᠶᠡᠬᠡ ᠬᠤᠪᠢᠯᠤᠭᠰᠠᠨ ᠪᠠᠢᠨ᠎ᠠ ᠪᠤᠢ» ᠭᠡᠳ ᠭ᠋ᠷᠠᠨᠳᠧᠲ ᠪᠠᠰᠠ ᠨᠥᠭᠦᠭᠡ ᠵᠠᠰᠠᠯ ᠵᠢᠮᠰᠡᠭ᠌ ᠤᠨ ᠬᠠᠢᠷᠴᠠᠭ ᠢ ᠵᠢᠭᠠᠵᠤ᠄«ᠡᠭᠦᠨ ᠢ ᠪᠡᠨ ᠳᠠᠯᠳᠠ ᠬᠢᠴᠢᠬᠡ᠂ ᠠᠪᠤᠭᠠᠳ ᠶᠠᠪᠤ᠂ ᠪᠢᠲᠡᠬᠡᠢ ᠠᠶᠤ᠃ ᠪᠢ ᠡᠨᠡ ᠬᠠᠢᠷᠴᠠᠭ ᠢ ᠳᠠᠬᠢᠵᠤ ᠳᠤᠷᠠᠳᠬᠤ ᠦᠭᠡᠢ᠂ ᠡᠭᠦᠷᠢᠳᠡ ᠳᠤᠷᠠᠳᠬᠤ ᠦᠭᠡᠢ» ᠭᠡᠵᠦ ᠢᠦᠭᠧᠨ᠋ᠸ ᠳᠦ ᠬᠡᠯᠡᠪᠡ᠃

ᠲᠡᠭᠡᠵᠦ ᠪᠠᠢᠲᠠᠯ᠎ᠠ ᠰᠡᠦᠮᠦᠷ ᠦᠨ ᠬᠠᠮᠤᠭ ᠤᠨ ᠶᠡᠬᠡ ᠨᠡᠷᠡᠲᠡᠢ ᠡᠮᠴᠢ ᠹᠧᠷᠯᠠᠩ ᠠᠪᠤᠭᠠᠢ ᠢᠷᠡᠪᠡ᠃ ᠡᠪᠡᠳᠴᠢᠨ ᠲᠠᠢ ᠬᠥᠮᠦᠨ ᠢ ᠨᠢ ᠦᠵᠡᠵᠦ ᠳᠠᠭᠤᠰᠤᠭᠠᠳ ᠭ᠋ᠷᠠᠨᠳᠧᠲ ᠲᠤ᠄«ᠬᠠᠲᠤᠨ ᠤ ᠴᠢᠨᠢ ᠡᠪᠡᠳᠴᠢᠨ ᠬᠦᠨᠳᠦ ᠪᠠᠢᠨ᠎ᠠ᠂ ᠰᠠᠨᠠᠭ᠎ᠠ ᠰᠡᠳᠭᠢᠯ ᠢ ᠨᠢ ᠣᠭᠲᠤ ᠲᠡᠪᠡᠳᠡᠭᠦᠯᠬᠦ ᠦᠭᠡᠢ᠂ ᠬᠢᠴᠢᠶᠡᠩᠭᠦᠢᠯᠡᠨ ᠰᠤᠪᠢᠯᠠᠵᠤ ᠨᠢᠮᠪᠠᠢ ᠰᠠᠢᠬᠠᠨ ᠠᠷᠠᠴᠢᠯᠠᠪᠠᠯ ᠨᠠᠮᠤᠷ ᠤᠨ ᠰᠡᠭᠦᠯ ᠪᠣᠯᠲᠠᠯ᠎ᠠ ᠲᠡᠰᠬᠦ ᠮᠠᠭᠠᠳ ᠦᠭᠡᠢ» ᠭᠡᠵᠦ ᠰᠢᠭᠤᠳᠬᠠᠨ ᠬᠡᠯᠡᠪᠡ᠃

«ᠵᠣᠭᠤᠰ ᠶᠡᠬᠡ ᠬᠡᠷᠡᠭᠯᠡᠬᠦ ᠦᠦ︖ ᠡᠮ ᠤᠤᠭᠤᠬᠤ ᠬᠡᠷᠡᠭᠲᠡᠢ ᠪᠠᠢᠨ᠎ᠠ ᠤᠤ︖»

«ᠡᠮ ᠳᠡᠮᠡᠢ ᠬᠡᠷᠡᠭ᠌ ᠦᠭᠡᠢ᠂ ᠰᠤᠪᠢᠯᠠᠬᠤ ᠶᠠᠪᠤᠳᠠᠯ ᠴᠢᠬᠤᠯᠠ» ᠭᠡᠵᠦ ᠬᠡᠯᠡᠭᠡᠳ ᠡᠮᠴᠢ ᠲᠡᠰᠭᠡᠯ ᠦᠭᠡᠢ ᠢᠨᠢᠶᠡᠮᠰᠦᠭᠯᠡᠪᠡ᠃

«ᠹᠧᠷᠯᠠᠩ ᠠᠪᠤᠭᠠᠢ᠂ ᠲᠠ ᠪᠣᠯ ᠨᠡᠷ᠎ᠡ ᠲᠥᠷᠦ ᠲᠠᠢ ᠬᠥᠮᠦᠨ᠃ ᠪᠢ ᠲᠠᠨ ᠢ ᠪᠦᠷᠢᠨ ᠢᠲᠡᠭᠡᠨ᠎ᠡ᠂ ᠲᠠ ᠬᠡᠳᠦᠢ ᠳᠦ ᠢᠷᠡᠵᠦ ᠦᠵᠡᠬᠦ ᠭᠡᠵᠦ ᠪᠣᠳᠤᠪᠠᠯ ᠲᠡᠷᠡ ᠴᠠᠭ ᠲᠠᠭᠠᠨ ᠢᠷᠡᠵᠦ ᠪᠠᠢᠭᠠᠷᠠᠢ᠃ᠮᠢᠨᠦ ᠬᠠᠲᠤᠨ ᠢ ᠪᠣᠰᠭᠠᠵᠤ ᠥᠭᠬᠦ ᠶᠢ ᠬᠦᠰᠡᠶ᠎ᠡ᠃ ᠮᠠᠨ ᠤ ᠭᠡᠷ ᠦᠨ ᠬᠢᠨ ᠤ ᠠᠯᠢᠪᠠ ᠪᠦᠬᠦᠨ ᠨᠢ ᠴᠥᠮ ᠳᠣᠲᠤᠷ᠎ᠠ ᠪᠠᠨ ᠪᠠᠢᠳᠠᠭ ᠡᠴᠡ ᠪᠣᠯᠵᠤ ᠭᠠᠳᠠᠨ᠎ᠠ ᠡᠴᠡ ᠨᠢ ᠬᠠᠷᠠᠬᠤ ᠳᠤ ᠮᠡᠳᠡᠭᠳᠡᠬᠦ ᠦᠭᠡᠢ ᠪᠣᠯᠪᠠᠴᠤ ᠪᠢ ᠲᠡᠭᠦᠨ ᠳᠡᠭᠡᠨ ᠪᠣᠯ ᠲᠤᠢᠯ ᠤᠨ ᠶᠡᠬᠡ ᠬᠠᠢᠷᠠᠲᠠᠢ ᠪᠠᠢᠳᠠᠭ ᠶᠤᠮ ᠰᠢᠤ᠃ ᠲᠡᠳᠡᠭᠡᠷ ᠬᠡᠷᠡᠭ᠌ ᠮᠢᠨᠦ ᠰᠡᠳᠭᠢᠯ ᠢ ᠪᠦᠷ ᠡᠬᠢ ᠠᠳᠠᠭ ᠦᠭᠡᠢ ᠰᠠᠮᠠᠭᠤᠷᠠᠭᠤᠯᠤᠭᠰᠠᠨ ᠶᠤᠮ᠃ ᠨᠠᠳᠠ ᠪᠠᠰᠠ ᠰᠡᠳᠭᠢᠯ ᠦᠨ ᠵᠣᠪᠠᠯᠠᠩ ᠪᠠᠢᠨ᠎ᠠ᠃ ᠳᠡᠭᠦᠦ ᠦᠬᠦᠭᠰᠡᠨ ᠡᠴᠡ ᠬᠣᠢᠰᠢ ᠰᠡᠳᠭᠢᠯ ᠵᠣᠪᠠᠭᠠᠬᠤ ᠬᠡᠷᠡᠭ᠌ ᠮᠢᠨᠦ ᠭᠡᠷ ᠲᠦ ᠣᠷᠤᠵᠤ ᠢᠷᠡᠭᠰᠡᠨ ᠶᠤᠮ᠃ ᠪᠢ ᠲᠡᠭᠦᠨ ᠦ ᠲᠥᠯᠦᠭᠡ ᠫᠠᠷᠢᠰ ᠲᠤ ᠵᠣᠭᠤᠰ ᠪᠠᠷᠠᠯ᠎ᠠ ᠁ ᠲᠣᠭ᠎ᠠ ᠲᠣᠮᠰᠢ ᠦᠭᠡᠢ ᠣᠯᠠᠨ ᠵᠣᠭᠤᠰ ᠪᠠᠷᠠᠭᠰᠠᠨ︕ ᠲᠡᠭᠡᠭᠡᠳ ᠪᠠᠰᠠ ᠡᠳᠦᠢ ᠪᠣᠯᠲᠠᠯ᠎ᠠ ᠳᠠᠭᠤᠰᠤᠭᠠᠳᠤᠢ᠃ ᠵᠠ ᠪᠠᠶᠠᠷᠲᠠᠢ᠂ ᠠᠪᠤᠭᠠᠢ ᠮᠢᠨᠢ᠃ᠮᠢᠨᠦ ᠬᠠᠲᠤᠨ ᠪᠣᠰᠬᠤ ᠭᠣᠷᠢᠳᠠᠯ ᠲᠠᠢ ᠯᠠ ᠪᠣᠯ ᠪᠣᠰᠭᠠᠵᠤ ᠥᠭᠬᠦ ᠶᠢ ᠨᠠᠢᠳᠠᠶ᠎ᠠ᠃ ᠵᠠᠭᠤ ᠬᠣᠶᠠᠷ ᠵᠠᠭᠤᠨ ᠹᠷᠠᠩᠺ ᠣᠷᠤᠭᠰᠠᠨ ᠴᠤ ᠰᠠᠪᠠᠭ᠎ᠠ ᠦᠭᠡᠢ᠃»

ᠡᠬᠡᠨᠡᠷ ᠢᠶᠡᠨ ᠡᠳᠡᠭᠡᠭᠡᠬᠦ ᠶᠢ ᠭ᠋ᠷᠠᠨᠳᠧᠲ ᠶᠠᠭᠠᠬᠢᠵᠤ ᠶᠡᠬᠡ ᠬᠦᠰᠡᠪᠡᠴᠦ (ᠤᠴᠢᠷ ᠨᠢ ᠲᠡᠭᠦᠨ ᠦ ᠡᠬᠡᠨᠡᠷ ᠦᠬᠦᠪᠡᠯ ᠭᠡᠷᠢᠶᠡᠰ ᠢ ᠨᠢ ᠳᠠᠩᠰᠠᠯᠠᠬᠤ ᠪᠣᠯᠤᠨ᠎ᠠ᠂ ᠡᠨᠡ ᠨᠢ ᠭ᠋ᠷᠠᠨᠳᠧᠲ ᠤᠨ ᠵᠢᠷᠦᠬᠡ ᠶᠢ ᠰᠤᠭᠤᠯᠬᠤ ᠶᠠᠪᠤᠳᠠᠯ ᠠᠵᠢ) ᠡᠵᠢ ᠥᠬᠢᠨ ᠬᠣᠶᠠᠷ ᠲᠤ ᠰᠡᠳᠭᠢᠯ ᠦᠨ ᠬᠢᠨᠢ ᠶᠣᠰᠤᠭᠠᠷ ᠬᠠᠨᠳᠤᠵᠤ ᠨᠢᠭᠡᠨ ᠰᠡᠳᠭᠢᠯ ᠢᠶᠡᠷ ᠰᠠᠢᠮᠰᠤᠷᠠᠬᠤ ᠣᠪᠤᠷ ᠢᠶᠡᠷ ᠲᠡᠳᠡᠨ ᠢ ᠭᠠᠢᠬᠠᠭᠤᠯᠤᠭᠰᠠᠨ ᠪᠣᠯᠪᠠᠴᠤ ᠢᠦᠭᠧᠨ᠋ᠸ ᠠᠴᠢᠯᠠᠯ ᠤᠨ ᠳᠡᠭᠡᠳᠦ ᠪᠡᠷ ᠠᠰᠠᠷᠠᠨ ᠰᠤᠪᠢᠯᠠᠭᠰᠠᠨ ᠪᠣᠯᠪᠠᠴᠤ ᠭ᠋ᠷᠠᠨᠳᠧᠲ ᠤᠨ ᠠᠪᠠᠭᠠᠢ ᠮᠥᠨ ᠯᠡ ᠦᠬᠦᠯ ᠤᠨ ᠵᠠᠮ ᠢᠶᠡᠷ ᠤᠷᠤᠭᠤᠳᠠᠭᠰᠠᠭᠠᠷ ᠪᠠᠢᠪᠠ᠃ ᠡᠢᠮᠦ ᠨᠠᠰᠤᠨ ᠳᠡᠭᠡᠷ᠎ᠡ ᠪᠡᠨ ᠬᠦᠨᠳᠦ ᠡᠪᠡᠳᠴᠢᠨ ᠣᠯᠤᠭᠰᠠᠨ ᠪᠦᠰᠡᠭᠦᠢ ᠬᠥᠮᠦᠨ ᠪᠦᠬᠦᠨ ᠦ ᠠᠳᠠᠯᠢ ᠪᠠᠷ᠂ ᠲᠡᠷᠡ ᠠᠪᠠᠭᠠᠢ ᠶᠢᠨ ᠪᠡᠶ᠎ᠡ ᠡᠳᠦᠷ ᠡᠴᠡ ᠡᠳᠦᠷ ᠴᠢᠷᠠᠢ ᠵᠢᠰᠦ ᠠᠯᠳᠠᠵᠤ᠂ ᠨᠠᠮᠤᠷ ᠤᠨ ᠮᠣᠳᠤᠨ ᠤ ᠨᠠᠪᠴᠢ ᠮᠡᠲᠦ ᠬᠡᠪᠡᠷᠡᠭᠰᠢᠵᠦ ᠪᠠᠢᠪᠠ᠃ ᠨᠠᠷᠠᠨ ᠤ ᠭᠡᠷᠡᠯ ᠮᠣᠳᠤᠨ ᠤ ᠨᠠᠪᠴᠢᠰ ᠢ ᠰᠢᠵᠢᠷ ᠠᠯᠲᠠᠨ ᠥᠩᠭᠡ ᠪᠡᠷ ᠭᠡᠷᠡᠯᠲᠦᠭᠦᠯᠬᠦ ᠠᠳᠠᠯᠢ ᠳ᠋ᠧᠪᠠᠵᠠᠨ ᠤ ᠭᠢᠯᠪᠠᠭ᠎ᠠ ᠲᠡᠭᠦᠨ ᠢ ᠭᠡᠢᠭᠦᠯᠦᠨ᠎ᠡ᠃ ᠠᠮᠢᠳᠤ ᠳᠠᠭᠠᠨ ᠲᠡᠭᠦᠨ ᠰᠢᠭ᠌ ᠶᠠᠪᠤᠭᠰᠠᠨ ᠬᠥᠮᠦᠨ ᠯᠡ ᠦᠬᠦᠬᠦ ᠳᠡᠭᠡᠨ ᠡᠢᠮᠦ ᠪᠠᠢᠬᠤ ᠶᠣᠰᠤᠲᠠᠢ᠂ ᠬᠦᠯᠢᠴᠡᠩᠭᠦᠢ ᠠᠮᠤᠷᠯᠢᠩᠭᠤᠢ ᠪᠠᠷ ᠶᠢᠷᠲᠢᠨᠴᠦ ᠶᠢᠨ ᠤᠯᠠᠭᠠᠨ ᠲᠣᠭᠤᠰᠤᠨ ᠡᠴᠡ ᠠᠩᠭᠢᠵᠢᠷᠠᠵᠤ᠂ ᠴᠣᠬᠤᠮ ᠨᠢᠭᠡᠨ ᠾᠷᠢᠰᠲ᠋ᠣᠰ ᠱᠠᠰᠢᠨᠲᠠᠨ ᠤ ᠦᠬᠦᠯ ᠢᠶᠡᠷ ᠦᠬᠦᠨ᠎ᠡ᠂ ᠲᠡᠭᠦᠨ ᠦ ᠦᠬᠦᠯ ᠨᠢ ᠡᠷᠬᠢᠮ ᠳᠡᠭᠡᠳᠦ᠂ ᠠᠭᠤᠤ ᠶᠡᠬᠡ ᠶᠤᠮ᠃

1822 ᠣᠨ ᠤ ᠠᠷᠪᠠᠳᠤᠭᠠᠷ ᠰᠠᠷ᠎ᠠ ᠬᠦᠷᠦᠭᠡᠳ ᠲᠡᠷᠡ ᠠᠪᠠᠭᠠᠢ ᠶᠢᠨ ᠡᠷᠬᠢᠮ ᠰᠠᠢᠨ ᠵᠠᠩ ᠠᠭᠠᠯᠢ᠂ ᠠᠨᠴᠧᠯ ᠮᠡᠲᠦ ᠠᠮᠤᠷᠯᠢᠩᠭᠤᠢ ᠰᠡᠳᠭᠢᠯ ᠬᠢᠭᠡᠳ ᠥᠬᠢᠨ ᠢᠶᠡᠨ ᠥᠷᠦ ᠡᠪᠡᠳᠦᠨ ᠬᠠᠢᠷᠠᠯᠠᠬᠤ ᠨᠢ ᠤᠷᠢᠳᠤ ᠡᠴᠡ ᠪᠡᠨ ᠤᠯᠠᠮ ᠣᠨᠴᠤᠭᠤᠢ ᠳᠣᠪᠤᠢᠵᠠᠢ ︔ ᠲᠡᠷᠡ ᠭᠠᠭᠴᠠ ᠴᠤ ᠭᠣᠮᠤᠳᠠᠯ ᠤᠨ ᠦᠭᠡ ᠦᠭᠡᠢ ᠪᠡᠷ ᠪᠣᠳᠢ ᠰᠡᠳᠭᠢᠯᠲᠦ ᠬᠣᠨᠢ ᠮᠡᠲᠦ ᠨᠢᠰᠦᠨ ᠡᠴᠦᠰᠯᠡᠪᠡ᠃ ᠲᠡᠷᠡ ᠠᠪᠠᠭᠠᠢ ᠡᠨᠡ ᠶᠢᠷᠲᠢᠨᠴᠦ ᠳᠡᠭᠡᠷ᠎ᠡ᠂ ᠨᠢᠭᠡ ᠨᠠᠰᠤᠨ ᠤ ᠭᠤᠨᠢᠭᠲᠤ ᠠᠮᠢᠳᠤᠷᠠᠯ ᠤᠨ ᠢᠶᠡᠨ ᠳᠤᠮᠳᠠᠬᠢ ᠭᠠᠭᠴᠠ ᠡᠶᠡᠯᠳᠡᠭ᠌ ᠨᠠᠭᠠᠯᠢᠩᠬᠠᠢ ᠬᠠᠨᠢ ᠪᠠᠨ ᠣᠷᠬᠢᠨ ᠶᠠᠳᠠᠨ᠎ᠠ᠂ - ᠲᠡᠭᠦᠨ ᠦ ᠬᠠᠮᠤᠭ ᠤᠨ ᠰᠡᠭᠦᠯ ᠦᠨ ᠬᠡᠳᠦᠨ ᠬᠠᠷᠠᠴᠠ ᠨᠢ ᠥᠬᠢᠨ ᠦ ᠪᠡᠨ ᠢᠷᠡᠭᠡᠳᠦᠢ ᠶᠢᠨ ᠵᠣᠪᠠᠯᠠᠩᠲᠤ ᠠᠮᠢᠳᠤᠷᠠᠯ ᠢ ᠬᠡᠯᠡᠵᠦ ᠥᠭᠴᠦ ᠪᠠᠢᠬᠤ ᠰᠢᠭ ᠪᠠᠢᠯ᠎ᠠ᠃ ᠡᠨᠡ ᠬᠦ ᠥᠪᠡᠷ ᠲᠠᠢ ᠨᠢ ᠠᠳᠠᠯᠢ ᠪᠣᠳᠢ ᠰᠡᠳᠭᠢᠯᠲᠦ ᠬᠤᠷᠠᠭ᠎ᠠ ᠥᠨᠦᠴᠢᠨ ᠥᠷᠦᠭᠡᠰᠦᠨ ᠢᠶᠡᠷ ᠡᠨᠡ ᠬᠠᠷ᠎ᠠ ᠠᠮᠢᠨᠴᠢ ᠶᠢᠷᠲᠢᠨᠴᠦ ᠳᠡᠭᠡᠷ᠎ᠡ ᠬᠣᠴᠤᠷᠴᠤ᠂ ᠬᠥᠮᠦᠨ ᠲᠡᠭᠦᠨ ᠢ ᠳᠤᠷ᠎ᠠ ᠵᠣᠷᠢᠭ ᠢᠶᠡᠷ ᠢᠶᠡᠨ ᠲᠤᠶᠠᠴᠢᠬᠤ ᠶᠢ ᠪᠣᠳᠤᠭᠠᠳ ᠬᠠᠮᠤᠭ ᠪᠡᠶ᠎ᠡ ᠨᠢ ᠴᠡᠴᠡᠷᠡᠨ᠎ᠡ᠃

«ᠬᠡᠦᠬᠡᠨ ᠮᠢᠨᠢ᠂ ᠵᠣᠯ ᠵᠢᠷᠭᠠᠯ ᠭᠡᠳᠡᠭ᠌ ᠪᠣᠯ ᠭᠠᠭᠴᠠ ᠬᠦ ᠲᠡᠭᠷᠢ ᠳᠡᠭᠡᠷ᠎ᠡ ᠯᠡ ᠪᠠᠢᠳᠠᠭ ᠶᠤᠮ ᠰᠢᠤ᠂ ᠴᠢ ᠬᠣᠵᠢᠮ ᠬᠣᠢᠰᠢ ᠳᠠᠭᠠᠨ ᠮᠡᠳᠡᠬᠦ ᠶᠤᠮ» ᠭᠡᠵᠦ ᠠᠮᠢᠰᠭᠤᠯ ᠲᠠᠯᠪᠢᠬᠤ ᠡᠴᠡ ᠪᠠᠨ ᠡᠮᠦᠨ᠎ᠡ ᠬᠡᠦᠬᠡᠨ ᠳᠡᠭᠡᠨ ᠬᠡᠯᠡᠵᠡᠢ᠃

ᠮᠠᠷᠭᠠᠰᠢ ᠥᠷᠯᠦᠭᠡ ᠨᠢ ᠢᠦᠭᠧᠨ᠋ᠸ ᠪᠠᠰᠠ ᠨᠡᠩ ᠰᠢᠨ᠎ᠡ ᠰᠢᠯᠲᠠᠭᠠᠨ ᠨᠤᠭᠤᠳ ᠡᠴᠡ ᠪᠣᠯᠵᠤ᠂ ᠡᠨᠡ ᠬᠦ ᠥᠪᠡᠷ ᠢᠶᠡᠨ ᠳᠣᠲᠤᠷ᠎ᠠ ᠨᠢ ᠲᠥᠷᠦᠵᠦ᠂ ᠳᠣᠲᠤᠷ᠎ᠠ ᠨᠢ ᠵᠣᠪᠠᠯᠠᠩ ᠵᠦᠳᠡᠭᠦᠷᠢ ᠠᠮᠰᠠᠭᠰᠠᠭᠠᠷ ᠢᠷᠡᠭᠰᠡᠨ᠂ ᠡᠬᠡ ᠨᠢ ᠡᠭᠡᠭᠡ ᠰᠠᠶᠢ ᠳᠣᠲᠤᠷ᠎ᠠ ᠨᠢ ᠠᠮᠢᠰᠭᠤᠯ ᠬᠤᠷᠢᠶᠠᠭᠰᠠᠨ ᠭᠡᠷ ᠡᠴᠡ ᠪᠡᠨ ᠠᠯᠬᠤᠮ ᠬᠣᠯᠠᠳᠠᠬᠤ ᠶᠢ ᠪᠣᠯᠢᠶ᠎ᠠ ᠭᠡᠵᠦ ᠪᠣᠳᠤᠬᠤ ᠪᠣᠯᠪᠠ᠃ ᠢᠦᠭᠧᠨ᠋ᠸ ᠭᠡᠷ ᠲᠡᠭᠡᠨ ᠴᠣᠩᠬᠤᠨ ᠤ ᠪᠠᠨ ᠨᠢᠳᠦ ᠨᠤᠭᠦᠳ᠂ ᠡᠪᠡᠰᠦᠨ ᠣᠯᠪᠤᠭᠲᠤ ᠰᠠᠨᠳᠠᠯᠢ ᠵᠡᠷᠭᠡ ᠶᠢ ᠬᠠᠷᠠᠭᠠᠳ ᠲᠡᠰᠭᠡᠯ ᠦᠭᠡᠢ ᠨᠢᠯᠪᠤᠰᠤ ᠤᠨᠠᠭᠠᠪᠠ᠃ ᠢᠦᠭᠧᠨ᠋ᠸ᠂ ᠪᠢ ᠡᠴᠢᠭᠡ ᠶᠢᠨ ᠢᠶᠡᠨ ᠰᠡᠳᠭᠢᠯ ᠢ ᠡᠨᠳᠡᠭᠦᠦ ᠣᠢᠯᠠᠭᠠᠭᠰᠠᠨ ᠶᠤᠮ ᠪᠠᠢᠨ᠎ᠠ ᠭᠡᠵᠦ ᠪᠣᠳᠤᠪᠠ᠃ ᠤᠴᠢᠷ ᠨᠢ ᠡᠳᠦᠭᠡ ᠡᠴᠢᠭᠡ ᠨᠢ ᠲᠡᠭᠦᠨ ᠳᠦ ᠲᠤᠩ ᠶᠡᠬᠡ ᠵᠥᠭᠡᠯᠡᠨ᠂ ᠲᠤᠩ ᠶᠡᠬᠡ ᠬᠠᠯᠠᠭᠤᠨ ᠳᠣᠲᠤᠨᠤ ᠬᠠᠨᠳᠤᠬᠤ ᠪᠣᠯᠵᠤ᠂ ᠰᠤᠭᠤᠳᠠᠨ ᠶᠠᠪᠤᠵᠤ ᠦᠳᠡ ᠶᠢᠨ ᠬᠣᠭᠤᠯᠠ ᠪᠠᠨ ᠢᠳᠡᠨ᠎ᠡ᠃ ᠬᠡᠳᠦᠨ ᠴᠠᠭ ᠢᠶᠡᠷ ᠨᠢᠳᠦ ᠰᠠᠯᠭᠠᠯ ᠦᠭᠡᠢ ᠰᠢᠷᠲᠡᠬᠦ ᠬᠠᠷᠠᠴᠠ ᠨᠢ ᠶᠡᠬᠡᠯ᠎ᠡ ᠡᠨᠡᠷᠢᠩᠭᠦᠢ ᠪᠣᠯᠤᠭᠰᠠᠨ ᠰᠢᠭ ᠪᠠᠢᠪᠠ᠃ ᠥᠬᠢᠨ ᠨᠢ ᠲᠡᠭᠦᠨ ᠦ ᠨᠢᠳᠦᠨ ᠳᠦ ᠠᠯᠲᠠ ᠪᠠᠷ ᠴᠢᠳᠭᠤᠭᠳᠠᠭᠰᠠᠨ ᠬᠥᠮᠦᠨ ᠮᠡᠲᠦ ᠬᠠᠷᠠᠭᠳᠠᠵᠤ ᠪᠠᠢᠵᠠᠢ᠃

ᠡᠪᠦᠭᠡᠨ ᠱᠠᠯᠠᠮᠠᠴᠢᠨ ᠤ ᠵᠠᠩ ᠲᠤᠢᠯ ᠦᠨ ᠶᠡᠬᠡ ᠬᠤᠪᠢᠷᠠᠵᠤ᠂ ᠥᠬᠢᠨ ᠤ ᠪᠡᠨ ᠡᠮᠦᠨ᠎ᠡ ᠬᠡᠵᠢᠶᠡᠳᠡ ᠴᠡᠴᠡᠷᠡᠨ ᠳᠠᠭᠵᠢᠵᠤ ᠪᠠᠢᠬᠤ ᠪᠣᠯᠵᠠᠢ᠃ ᠡᠨᠡ ᠬᠦ ᠪᠠᠢᠳᠠᠯ ᠢ ᠦᠵᠡᠭᠰᠡᠨ ᠨᠠᠨᠤᠩ ᠪᠣᠯᠤᠨ ᠺᠷᠦᠱᠧᠸ ᠨᠠᠷ᠂ ᠨᠠᠰᠤ ᠨᠢ ᠥᠨᠳᠦᠷ ᠪᠣᠯᠤᠭᠰᠠᠨ ᠤ ᠰᠢᠯᠲᠠᠭᠠᠨ ᠪᠤᠶᠤ ᠴᠢᠨᠠᠭᠰᠢᠯᠠᠪᠠᠯ ᠵᠠᠷᠢᠮ ᠨᠢᠭᠡᠨ ᠡᠷᠬᠡᠲᠡᠨ ᠨᠢ ᠨᠢᠭᠡᠨᠲᠡ ᠡᠳ᠋ᠯᠡᠭᠡ ᠦᠭᠡᠢ ᠪᠣᠯᠤᠭᠰᠠᠨ ᠴᠤ ᠶᠤᠮ ᠤᠤ ᠭᠡᠵᠦ ᠪᠣᠳᠤᠨ ᠰᠡᠳᠭᠢᠯ ᠵᠣᠪᠠᠵᠤ ᠪᠠᠢᠯ᠎ᠠ᠃ ᠭᠡᠪᠡᠴᠦ ᠭᠡᠷ ᠢᠶᠡᠷ ᠢᠶᠡᠨ ᠣᠢ ᠭᠠᠰᠢᠭᠤ ᠬᠢᠬᠦ ᠪᠣᠯᠤᠭᠰᠠᠨ ᠲᠡᠷᠡ ᠡᠳᠦᠷ᠂ ᠣᠷᠤᠢ ᠶᠢᠨ ᠬᠣᠭᠤᠯᠠᠨ ᠤ ᠳᠠᠷᠠᠭ᠎ᠠ ᠡᠪᠦᠭᠡᠨ ᠦ ᠨᠢᠭᠤᠴᠠ ᠶᠢ ᠮᠡᠳᠡᠬᠦ ᠴᠣᠷᠢ ᠶᠢᠨ ᠭᠠᠭᠴᠠ ᠬᠥᠮᠦᠨ ᠪᠣᠯᠬᠤ ᠪᠠᠲᠤᠯᠠᠭ᠎ᠠ ᠶᠢᠨ ᠬᠥᠮᠦᠨ ᠰᠠᠭᠤᠵᠤ ᠪᠠᠢᠬᠤ ᠦᠶ᠎ᠡ ᠳᠦ᠂ ᠡᠪᠦᠭᠡᠨ ᠱᠠᠯᠠᠮᠠᠴᠢᠨ ᠤ ᠰᠣᠨᠢᠨ ᠬᠠᠴᠢᠨ ᠬᠥᠳᠡᠯᠪᠦᠷᠢ ᠲᠠᠢᠯᠪᠤᠷᠢᠯᠠᠭᠳᠠᠪᠠ᠃

ᠬᠣᠭᠤᠯᠠᠨ ᠤ ᠰᠢᠷᠡᠭᠡ ᠪᠡᠨ ᠬᠤᠷᠢᠶᠠᠵᠤ ᠡᠭᠦᠳᠡ ᠪᠡᠨ ᠴᠢᠩᠭ᠎ᠠ ᠬᠠᠭᠠᠭᠠᠳ ᠭ᠋ᠷᠠᠨᠳᠧᠲ ᠢᠦᠭᠧᠨ᠋ᠸ ᠳᠦ᠄

«ᠮᠢᠨᠦ ᠤᠬᠠᠭᠠᠨ ᠲᠠᠢ ᠥᠬᠢᠨ ᠡ᠂ ᠴᠢ ᠣᠳᠣ ᠡᠵᠢ ᠶᠢᠨ ᠢᠶᠡᠨ ᠡᠷᠬᠡ ᠶᠢ ᠵᠠᠯᠭᠠᠮᠵᠢᠯᠠᠬᠤ ᠪᠣᠯᠪᠠ᠂ ᠪᠢᠳᠡᠨ ᠦ ᠬᠣᠭᠤᠷᠤᠨᠳᠤᠬᠢ ᠪᠠᠭ᠎ᠠ ᠰᠠᠭ᠎ᠠ ᠶᠠᠪᠤᠳᠠᠯ ᠢᠶᠡᠨ ᠨᠢᠭᠡ ᠲᠡᠰᠢ ᠪᠣᠯᠭᠠᠬᠤ ᠬᠡᠷᠡᠭᠲᠡᠢ ᠪᠠᠢᠨ᠎ᠠ᠃ - ᠲᠡᠢᠮᠦ ᠦᠦ ᠦᠭᠡᠢ ᠦᠦ᠂ ᠺᠷᠦᠱᠧᠸ ᠡ︖» ᠭᠡᠪᠡ᠃

«ᠲᠡᠢᠮᠦ᠃»

«ᠵᠠᠪᠠᠯ ᠥᠨᠦᠳᠦᠷ ᠭᠦᠢᠴᠡᠳᠭᠡᠬᠦ ᠦᠭᠡᠢ ᠪᠣᠯ ᠪᠣᠯᠬᠤ ᠦᠭᠡᠢ ᠭᠡᠵᠢ ᠦᠦ᠂ ᠠᠪᠤ ᠡ︖»

«ᠲᠡᠢᠮᠦ ᠲᠡᠢᠮᠦ᠂ ᠬᠣᠩᠭᠤᠷ ᠮᠢᠨᠢ᠃ ᠪᠢ ᠪᠣᠯ ᠬᠡᠷᠡᠭ᠌ ᠶᠠᠪᠤᠳᠠᠯ ᠢ ᠬᠡᠬᠦᠳᠡᠭ᠌ ᠲᠡᠭᠡᠨ ᠬᠠᠳᠠᠭᠠᠯᠠᠭᠠᠳ ᠪᠠᠢᠵᠤ ᠴᠢᠳᠠᠳᠠᠭ ᠦᠭᠡᠢ ᠬᠥᠮᠦᠨ᠃ ᠴᠢ ᠶᠠᠭᠠᠬᠢᠯ᠎ᠠ ᠴᠤ ᠭᠡᠰᠡᠨ ᠨᠠᠮᠠᠢ ᠵᠣᠪᠠᠭᠠᠶ᠎ᠠ ᠭᠡᠵᠦ ᠪᠣᠳᠤᠬᠤ ᠦᠭᠡᠢ ᠪᠤᠢ ᠳ᠋ᠠ᠃»

«ᠡ︕ ᠠᠪᠤ ᠁»

«ᠵᠠ᠂ ᠲᠡᠭᠡᠪᠡᠯ ᠡᠨᠡ ᠣᠷᠤᠢ ᠪᠦᠭᠦᠳᠡ ᠶᠢ ᠭᠦᠢᠴᠡᠳᠭᠡᠵᠦ ᠳᠠᠭᠤᠰᠭᠠᠶ᠎ᠠ᠃»

«ᠲᠠ ᠨᠠᠳᠠ ᠪᠠᠷ ᠶᠠᠭᠤ ᠬᠢᠯᠭᠡᠬᠦ ᠭᠡᠰᠡᠨ ᠶᠤᠮ︖»

«ᠬᠣᠩᠭᠤᠷ ᠮᠢᠨᠢ᠂ ᠡᠨᠡ ᠬᠠᠷᠢᠨ ᠨᠠᠳᠠ ᠬᠠᠮᠢᠶ᠎ᠠ ᠦᠭᠡᠢ ᠶᠠᠪᠤᠳᠠᠯ᠃ - ᠺᠷᠦᠱᠧᠸ ᠮᠢᠨᠢ ᠴᠢ ᠬᠡᠯᠡᠭᠡᠳ ᠥᠭ᠃»

«ᠠᠪᠠᠭᠠᠢ ᠮᠢᠨᠢ᠂ ᠭ᠋ᠷᠠᠨᠳᠧᠲ ᠭᠤᠸᠠᠢ ᠪᠣᠯ ᠡᠳ᠋ ᠬᠥᠷᠦᠩᠭᠡ ᠪᠡᠨ ᠬᠤᠪᠢᠶᠠᠬᠤ ᠴᠤ ᠳᠤᠷ᠎ᠠ ᠦᠭᠡᠢ᠂ ᠬᠤᠳᠠᠯᠳᠤᠬᠤ ᠴᠤ ᠳᠤᠷ᠎ᠠ ᠦᠭᠡᠢ᠂ ᠨᠡᠩ ᠢᠯᠠᠩᠭᠤᠶ᠎ᠠ ᠪᠡᠯᠡᠨ ᠵᠣᠭᠤᠰ ᠪᠣᠯᠭᠠᠨ ᠬᠤᠪᠢᠯᠭᠠᠵᠤ ᠶᠡᠬᠡ ᠭᠠᠢᠯᠢ ᠲᠤᠰᠢᠶᠠᠬᠤ ᠤᠯᠠᠮ ᠳᠤᠷ᠎ᠠ ᠦᠭᠡᠢ ᠪᠠᠢᠨ᠎ᠠ᠃ ᠲᠡᠢᠮᠦ ᠡᠴᠡ ᠴᠢ ᠠᠪᠤ ᠲᠠᠢ ᠪᠠᠨ ᠬᠠᠮᠲᠤ ᠪᠤᠢ ᠡᠳ᠋ ᠬᠥᠷᠦᠩᠭᠡ ᠪᠡᠨ ᠳᠠᠩᠰᠠᠯᠠᠭᠤᠯᠬᠤ ᠡᠷᠬᠡ ᠪᠡᠨ ᠬᠠᠶᠠᠬᠤ ᠁»

«ᠺᠷᠦᠱᠧᠸ ᠭᠤᠸᠠᠢ᠂ ᠲᠠᠨ ᠤ ᠡᠳᠡᠭᠡᠷ ᠦᠭᠡ ᠴᠢᠨᠢ ᠯᠠᠪ ᠦᠨᠡᠨ ᠶᠤᠮ ᠪᠤᠢ ᠳ᠋ᠠ᠂ ᠬᠡᠦᠬᠡᠳ ᠲᠦ ᠬᠡᠯᠡᠮᠡᠷ ᠦᠭᠡ ᠪᠤᠢ ᠳ᠋ᠠ︖»

«ᠪᠢ ᠬᠡᠯᠡᠵᠦ ᠪᠠᠷᠠᠶ᠎ᠠ᠂ ᠭ᠋ᠷᠠᠨᠳᠧᠲ ᠠᠪᠤᠭᠠᠢ᠃»

«ᠵᠠ ᠰᠠᠢᠨ ᠪᠠᠢᠨ᠎ᠠ᠂ ᠨᠠᠢᠵᠠ ᠮᠢᠨᠢ᠂ᠮᠢᠨᠦ ᠥᠬᠢᠨ ᠲᠠ ᠬᠣᠶᠠᠷ ᠮᠢᠨᠦ ᠬᠤᠪᠢ ᠶᠢᠨ ᠡᠳ᠋ ᠬᠥᠷᠦᠩᠭᠡ ᠶᠢ ᠪᠤᠯᠢᠶᠠᠬᠤ ᠪᠠᠷ ᠯᠠ ᠦᠭᠡᠢ ᠶᠤᠮ᠂ - ᠲᠡᠢᠮᠦ ᠪᠤᠢ ᠳ᠋ᠠ᠂ ᠬᠣᠩᠭᠤᠷ ᠮᠢᠨᠢ︖»

«ᠦᠭᠡᠢ᠂ ᠲᠡᠭᠡᠭᠡᠳ ᠺᠷᠦᠱᠧᠸ ᠭᠤᠸᠠᠢ᠂ ᠲᠠ ᠨᠠᠳᠠ ᠪᠠᠷ ᠴᠣᠬᠤᠮ ᠶᠠᠭᠤ ᠬᠢᠯᠭᠡᠬᠦ ᠭᠡᠳ ᠪᠠᠢᠭ᠎ᠠ ᠶᠤᠮ︖» ᠭᠡᠵᠦ ᠢᠦᠭᠧᠨ᠋ᠸ ᠶᠠᠷᠰᠢᠭᠯᠠᠨ ᠠᠰᠠᠭᠤᠪᠠ᠃

«ᠡᠨᠡ᠂ ᠴᠢ ᠡᠨᠡ ᠳᠠᠩᠰᠠᠨ ᠳᠡᠭᠡᠷ᠎ᠡ ᠭᠠᠷ ᠤᠨ ᠦᠰᠦᠭ ᠵᠢᠷᠤᠵᠤ᠂ ᠭ᠋ᠷᠠᠨᠳᠧᠲ ᠬᠠᠲᠤᠭᠲᠠᠢ ᠶᠢ ᠵᠠᠯᠭᠠᠮᠵᠢᠯᠠᠬᠤ ᠡᠷᠬᠡ ᠪᠡᠨ ᠬᠠᠶᠠᠵᠤ᠂ ᠭ᠋ᠷᠠᠨᠳᠧᠲ ᠨᠣᠶᠠᠨᠲᠠᠨ ᠤ ᠬᠢ ᠲᠠᠢ ᠬᠠᠮᠲᠤ ᠪᠠᠢᠭ᠎ᠠ ᠡᠳ᠋ ᠬᠥᠷᠦᠩᠭᠡ ᠪᠡᠨ ᠴᠥᠮ ᠪᠦᠷᠢᠨ ᠢᠶᠡᠷ ᠨᠢ ᠭ᠋ᠷᠠᠨᠳᠧᠲ ᠨᠣᠶᠠᠨᠲᠠᠨ ᠳᠤ ᠲᠤᠰᠢᠶᠠᠨ ᠬᠠᠮᠢᠶᠠᠷᠤᠭᠤᠯᠵᠤ᠂ ᠣᠷᠤᠯᠭ᠎ᠠ ᠶᠢ ᠨᠢ ᠮᠥᠨ ᠭ᠋ᠷᠠᠨᠳᠧᠲ ᠨᠣᠶᠠᠨᠲᠠᠨ ᠳᠤ ᠡᠵᠡᠮᠰᠢᠭᠦᠯᠵᠦ᠂ ᠥᠪᠡᠷ ᠲᠡᠭᠡᠨ ᠭᠠᠭᠴᠠ ᠬᠦ ᠬᠡᠢᠰᠪᠦᠷᠢ ᠡᠵᠡᠮᠰᠢᠯ ᠦᠨ ᠡᠷᠬᠡ ᠦᠯᠡᠳᠡᠭᠡᠬᠦ ᠪᠡᠨ ᠲᠣᠳᠤᠷᠬᠠᠢᠯᠠ ᠁»

«ᠲᠠᠨ ᠤ ᠬᠡᠯᠡᠭᠰᠡᠨ ᠦᠭᠡ ᠶᠢ ᠪᠢ ᠣᠭᠲᠤ ᠣᠢᠯᠠᠭᠠᠬᠤ ᠦᠭᠡᠢ ᠪᠠᠢᠨ᠎ᠠ» ᠭᠡᠵᠦ ᠢᠦᠭᠧᠨ᠋ᠸ ᠬᠠᠷᠢᠭᠤᠯᠤᠭᠠᠳ«ᠲᠡᠷᠡ ᠭᠡᠷ᠎ᠡ ᠪᠢᠴᠢᠭ᠌ ᠢᠶᠡᠨ ᠨᠠᠳᠠ ᠥᠭᠴᠦ ᠬᠠᠮᠢᠭ᠎ᠠ ᠨᠢ ᠭᠠᠷ ᠤᠨ ᠦᠰᠦᠭ ᠵᠢᠷᠤᠬᠤ ᠶᠢ ᠵᠢᠭᠠᠭᠠᠳ ᠠᠯᠢ» ᠭᠡᠪᠡ᠃

ᠭ᠋ᠷᠠᠨᠳᠧᠲ ᠡᠪᠦᠭᠡᠨ ᠦ ᠬᠠᠷᠠᠴᠠ ᠢᠦᠭᠧᠨ᠋ᠸ ᠭᠡᠷ᠎ᠡ ᠪᠢᠴᠢᠭ᠌ ᠬᠣᠶᠠᠷ ᠳᠡᠭᠡᠷ᠎ᠡ ᠴᠢᠯᠦᠭᠡ ᠵᠠᠪ ᠦᠭᠡᠢ ᠡᠭᠡᠯᠵᠢᠯᠡᠨ ᠲᠤᠰᠴᠤ᠂ ᠮᠠᠩᠨᠠᠢ ᠡᠴᠡ ᠨᠢ ᠬᠥᠯᠦᠰᠦ ᠪᠠᠳᠭᠤᠵᠤ ᠲᠠᠰᠤᠷᠠᠯᠲᠠ ᠦᠭᠡᠢ ᠠᠷᠴᠢᠨ᠎ᠠ᠃

«ᠬᠣᠩᠭᠤᠷ ᠮᠢᠨᠢ᠂ ᠡᠨᠡ ᠬᠦ ᠭᠡᠷ᠎ᠡ ᠪᠢᠴᠢᠭ᠌ ᠢ ᠠᠪᠠᠴᠢᠵᠤ ᠬᠢᠨᠠᠯᠲᠠ ᠶᠢᠨ ᠮᠠᠲ᠋ᠧᠷᠢᠶᠠᠯ ᠪᠣᠯᠭᠠᠬᠤ ᠳᠤ ᠶᠡᠬᠡ ᠬᠡᠮᠵᠢᠶᠡᠨ ᠦ ᠵᠣᠭᠤᠰ ᠵᠠᠷᠤᠴᠠᠭᠤᠯᠳᠠᠭ ᠶᠤᠮ᠃ ᠴᠢ ᠥᠪᠡᠷ ᠦᠨ ᠬᠥᠭᠡᠷᠦᠬᠦᠢᠯᠡᠯᠲᠦ ᠡᠬᠡ ᠪᠡᠨ ᠵᠠᠯᠭᠠᠮᠵᠢᠯᠠᠬᠤ ᠡᠷᠬᠡ ᠪᠡᠨ ᠶᠠᠮᠠᠷ ᠴᠤ ᠨᠥᠬᠦᠴᠡᠯ ᠦᠭᠡᠢ ᠪᠡᠷ ᠬᠠᠶᠠᠵᠤ᠂ ᠥᠪᠡᠷ ᠦᠨ ᠢᠷᠡᠭᠡᠳᠦᠢ ᠪᠡᠨ ᠨᠠᠳᠠ ᠨᠠᠢᠳᠠᠪᠠᠯ ᠪᠢ ᠮᠠᠰᠢ ᠳᠤᠷᠠᠲᠠᠢ᠃ ᠪᠢ ᠰᠠᠷ᠎ᠠ ᠪᠦᠷᠢ ᠴᠢᠮ᠎ᠠ ᠳᠤ ᠵᠠᠭᠤᠨ ᠹᠷᠠᠩᠺ ᠤᠨ ᠶᠡᠬᠡ ᠬᠦᠦ ᠥᠭᠭᠦᠶ᠎ᠡ᠃ ᠢᠩᠭᠢᠭᠡᠳ ᠴᠢ ᠬᠡᠳᠦᠨ ᠤᠳᠠᠭ᠎ᠠ ᠮᠢᠰᠰᠠ ᠪᠡᠯᠡᠳᠭᠡᠵᠦ ᠬᠡᠨ ᠬᠡᠨ ᠢᠶᠡᠨ ᠵᠠᠯᠠᠬᠤ ᠶᠢ ᠳᠤᠷ᠎ᠠ ᠪᠠᠷ ᠢᠶᠡᠨ ᠪᠣᠯ ᠁ ᠡᠩ︕ ᠰᠠᠷ᠎ᠠ ᠪᠦᠷᠢ ᠵᠠᠭᠤᠨ ᠹᠷᠠᠩᠺ ᠪᠣᠯᠬᠤ ᠪᠤᠢ ᠤᠤ︖»

«ᠲᠠ ᠶᠠᠭᠠᠬᠢᠶ᠎ᠠ ᠯᠠ ᠭᠡᠪᠡᠯ ᠲᠡᠭᠡᠵᠦ ᠯᠡ ᠪᠠᠢ᠂ ᠠᠪᠤ ᠡ᠃»

«ᠠᠪᠠᠬᠠᠢ᠂ ᠡᠨᠡ ᠪᠠᠢᠳᠠᠯ ᠢᠶᠡᠷ ᠪᠣᠯ ᠴᠢᠮ᠎ᠠ ᠳᠤ ᠶᠠᠭᠤ ᠴᠤ ᠦᠯᠡᠳᠡᠬᠦ ᠦᠭᠡᠢ ᠪᠣᠯᠤᠨ᠎ᠠ ᠰᠢᠤ ᠭᠡᠵᠦ ᠪᠢ ᠴᠢᠮ᠎ᠠ ᠳᠤ ᠬᠡᠯᠡᠬᠦ ᠬᠠᠷᠢᠭᠤᠴᠠᠯᠭ᠎ᠠ ᠪᠠᠢᠨ᠎ᠠ ᠁»

«ᠲᠡᠭᠷᠢ ᠡ᠂ ᠲᠡᠷᠡ ᠨᠠᠳᠠ ᠶᠠᠭᠤᠨ ᠤ ᠬᠠᠮᠢᠶ᠎ᠠ ᠪᠠᠢᠬᠤ ᠪᠤᠢ︕» ᠭᠡᠵᠦ ᠢᠦᠭᠧᠨ᠋ᠸ ᠬᠠᠷᠢᠭᠤᠯᠪᠠ᠃

«ᠪᠢᠲᠡᠬᠡᠢ ᠢᠯᠡᠭᠦᠦ ᠦᠭᠡ ᠶᠠᠷᠢ᠂ ᠺᠷᠦᠱᠧᠸ ᠡ᠃ - ᠬᠡᠯᠡᠪᠡᠯ ᠬᠠᠤᠯᠢ ᠰᠢᠤ» ᠭᠡᠳ ᠭ᠋ᠷᠠᠨᠳᠧᠲ ᠡᠪᠦᠭᠡᠨ ᠥᠬᠢᠨ ᠤ ᠪᠡᠨ ᠭᠠᠷ ᠢ ᠭᠠᠷ ᠳᠡᠭᠡᠷ᠎ᠡ ᠪᠡᠨ ᠲᠠᠯᠪᠢᠵᠤ ᠢᠯᠪᠢᠨ᠄« ᠢᠦᠭᠧᠨ᠋ᠸ᠂ ᠴᠢ ᠯᠠᠪ ᠬᠣᠵᠢᠮ ᠭᠡᠮᠰᠢᠬᠦ ᠦᠭᠡᠢ ᠶᠤᠮ᠂ ᠴᠢ ᠪᠣᠯ ᠢᠲᠡᠭᠡᠯ ᠨᠠᠢᠳᠠᠪᠤᠷᠢᠲᠤ ᠥᠬᠢᠨ᠂ ᠲᠡᠢᠮᠦ ᠪᠤᠢ ᠳ᠋ᠠ︖» ᠭᠡᠪᠡ᠃

«ᠡᠩ︕ ᠠᠪᠤ ᠁»

ᠭ᠋ᠷᠠᠨᠳᠧᠲ ᠡᠪᠦᠭᠡᠨ ᠲᠡᠭᠦᠨ ᠢ ᠪᠠᠶᠠᠷ ᠲᠠᠢ ᠪᠠᠷ ᠴᠢᠩᠭ᠎ᠠ ᠲᠡᠪᠡᠷᠢᠵᠦ ᠪᠠᠷᠤᠭ ᠠᠮᠢᠰᠭᠤᠭ᠎ᠠ ᠠᠪᠴᠤ ᠪᠣᠯᠬᠤ ᠦᠭᠡᠢ ᠪᠣᠯᠭᠠᠪᠠ᠃

«ᠪᠣᠯᠤᠯ᠎ᠠ᠂ ᠥᠬᠢᠨ ᠮᠢᠨᠢ᠂ ᠴᠢ ᠨᠠᠳᠠ ᠠᠮᠢᠳᠤᠷᠠᠬᠤ ᠵᠠᠮ ᠣᠯᠭᠤᠪᠠ᠃ ᠪᠢ ᠠᠮᠢ ᠲᠠᠢ ᠪᠣᠯᠪᠠ᠃ ᠭᠡᠪᠡᠴᠦ ᠡᠨᠡ ᠪᠣᠯ ᠴᠢ ᠨᠠᠳᠠ ᠥᠷᠢ ᠲᠥᠯᠦᠵᠦ ᠪᠠᠢᠭ᠎ᠠ ᠶᠠᠪᠤᠳᠠᠯ ᠶᠤᠮ᠃ ᠢᠩᠭᠢᠭᠡᠳ ᠪᠢᠳᠡ ᠳᠠᠩᠰᠠ ᠴᠠᠢᠷᠠᠭᠤᠯᠪᠠ᠃ ᠡᠨᠡ ᠪᠣᠯ ᠶᠣᠰᠤᠲᠠᠢ ᠰᠢᠳᠤᠷᠭᠤ ᠲᠡᠭᠰᠢ ᠠᠷᠠᠯᠵᠢᠶ᠎ᠠ ᠮᠠᠢᠮᠠᠢ ᠳᠤ ᠲᠣᠭᠠᠴᠢᠭᠳᠠᠨ᠎ᠠ᠃ ᠬᠥᠮᠦᠨ ᠦ ᠠᠮᠢᠳᠤᠷᠠᠯ ᠭᠡᠳᠡᠭ᠌ ᠪᠣᠯ ᠨᠢᠭᠡ ᠶᠣᠰᠤᠨ ᠤ ᠠᠷᠠᠯᠵᠢᠶ᠎ᠠ ᠮᠠᠢᠮᠠᠢ ᠶᠤᠮ᠃ ᠪᠢ ᠴᠢᠮᠠᠢ ᠢᠷᠦᠭᠡᠶ᠎ᠡ︕ ᠴᠢ ᠪᠣᠯ ᠡᠷᠬᠢᠮ ᠰᠠᠢᠨ ᠵᠠᠩ ᠠᠭᠠᠯᠢ ᠲᠠᠢ ᠥᠬᠢᠨ᠂ ᠠᠪᠤ ᠳᠠᠭᠠᠨ ᠡᠯᠪᠡᠷᠢᠯᠲᠡᠢ ᠥᠬᠢᠨ᠃ ᠴᠢ ᠣᠳᠣ ᠶᠠᠭᠤ ᠬᠢᠶ᠎ᠡ ᠭᠡᠪᠡᠯ ᠳᠤᠷ᠎ᠠ ᠪᠠᠷ ᠢᠶᠡᠨ ᠪᠣᠯ᠃»

ᠭ᠋ᠷᠠᠨᠳᠧᠲ ᠡᠪᠦᠭᠡᠨ᠂ ᠭᠠᠢᠬᠠᠨ ᠮᠡᠯᠡᠷᠡᠭᠰᠡᠨ ᠺᠷᠦᠱᠧᠸ ᠤᠷᠤᠭᠤ ᠬᠠᠷᠠᠵᠤ᠄«ᠪᠠᠶᠠᠷᠲᠠᠢ᠂ ᠮᠠᠷᠭᠠᠰᠢ ᠠᠭᠤᠯᠵᠠᠶ᠎ᠠ᠂ ᠲᠠ ᠰᠢᠭᠦᠬᠦ ᠬᠣᠷᠢᠶᠠᠨ ᠤ ᠨᠠᠷᠢᠨ ᠪᠢᠴᠢᠭ᠌ ᠦᠨ ᠨᠣᠶᠠᠨ ᠲᠠᠢ ᠤᠴᠠᠷᠠᠵᠤ ᠡᠷᠬᠡ ᠪᠡᠨ ᠬᠠᠶᠠᠬᠤ ᠭᠡᠷ᠎ᠡ ᠪᠢᠴᠢᠭ᠌ ᠪᠡᠯᠡᠳᠭᠡᠭᠦᠯᠬᠦ ᠶᠢ ᠬᠦᠰᠡᠶ᠎ᠡ᠃ ᠲᠠ ᠨᠢᠭᠡ ᠲᠤᠰᠠ ᠪᠣᠯᠤᠭᠠᠴᠢ» ᠭᠡᠪᠡ᠃

ᠮᠠᠷᠭᠠᠰᠢ ᠦᠳᠡ ᠳᠤᠨᠢ ᠭᠠᠷ ᠤᠨ ᠦᠰᠦᠭ ᠵᠢᠷᠤᠵᠤ ᠢᠦᠭᠧᠨ᠋ᠸ ᠰᠠᠢᠨ ᠳᠤᠷ᠎ᠠ ᠡᠴᠡ ᠪᠠᠨ ᠡᠷᠬᠡ ᠪᠡᠨ ᠬᠠᠶᠠᠪᠠ᠃

ᠭᠡᠲᠡᠯ᠎ᠡ ᠡᠬᠢᠨ ᠦ ᠵᠢᠯ ᠦᠨ ᠡᠴᠦᠰ ᠪᠣᠯᠤᠭᠰᠠᠨ ᠠᠲᠠᠯ᠎ᠠ ᠡᠪᠦᠭᠡᠨ ᠱᠠᠯᠠᠮᠠᠴᠢᠨ ᠥᠬᠢᠨ ᠳᠡᠭᠡᠨ ᠥᠭᠭᠦᠨ᠎ᠡ ᠭᠡᠵᠦ ᠠᠮᠠᠯᠠᠭᠰᠠᠨ ᠰᠠᠷ᠎ᠠ ᠪᠦᠷᠢ ᠶᠢᠨ ᠵᠠᠭᠤᠨ ᠹᠷᠠᠩᠺ ᠨᠢ ᠪᠠᠷ᠎ᠠ ᠰᠡᠭᠦᠳᠡᠷ ᠦᠭᠡᠢ ᠪᠠᠢᠯ᠎ᠠ᠃ ᠡᠨᠡ ᠲᠤᠬᠠᠢ ᠢᠦᠭᠧᠨ᠋ᠸ ᠶᠠᠷᠢᠶ᠎ᠠ ᠬᠥᠭᠡᠷᠦᠭᠡ ᠶᠢᠨ ᠳᠤᠮᠳᠠ ᠳᠤᠷᠠᠳᠤᠭᠠᠳ ᠠᠪᠤᠭᠰᠠᠨ᠎ᠠ ᠭ᠋ᠷᠠᠨᠳᠧᠲ ᠠᠪᠤᠭᠠᠢ ᠴᠢᠷᠠᠢ ᠤᠯᠠᠢᠭᠠᠳ ᠨᠢᠭᠤᠴᠠ ᠭᠡᠷ ᠲᠡᠭᠡᠨ ᠭᠦᠶᠦᠨ ᠣᠷᠤᠵᠤ᠂ ᠠᠴᠢ ᠬᠦᠦ ᠡᠴᠡ ᠪᠡᠨ ᠲᠤᠩ ᠬᠢᠮᠳᠠᠬᠠᠨ ᠦᠨ᠎ᠡ ᠪᠡᠷ ᠬᠤᠳᠠᠯᠳᠤᠵᠤ ᠠᠪᠤᠭᠰᠠᠨ ᠠᠯᠲᠠᠨ ᠵᠢᠮᠰᠡᠭ᠌ ᠤᠨ ᠢᠶᠡᠨ ᠭᠤᠷᠪᠠᠨ ᠤ ᠨᠢᠭᠡ ᠶᠢ ᠠᠪᠤᠭᠠᠳ ᠪᠠᠭᠤᠵᠤ ᠢᠷᠡᠪᠡ᠃

«ᠥᠬᠢᠨ ᠮᠢᠨᠢ ᠳ᠋ᠠ» ᠭᠡᠳ ᠭ᠋ᠷᠠᠨᠳᠧᠲ ᠠᠪᠤᠭᠠᠢ ᠶᠣᠵᠤᠯᠠᠭᠰᠠᠨ ᠠᠶᠠᠯᠭ᠎ᠠ ᠪᠠᠷ«ᠡᠭᠦᠨ ᠢᠶᠡᠷ ᠮᠢᠩᠭ᠎ᠠ ᠬᠣᠶᠠᠷ ᠵᠠᠭᠤᠨ ᠹᠷᠠᠩᠺ ᠤᠨ ᠢᠶᠡᠨ ᠲᠥᠯᠦᠪᠦᠷᠢ ᠪᠣᠯᠭᠠᠬᠤ ᠤᠤ︖» ᠭᠡᠪᠡ᠃

«ᠢᠯᠢ᠂ ᠠᠪᠤ ᠮᠢᠨᠢ᠂ ᠨᠡᠭᠡᠷᠡᠨ ᠡᠨᠡ ᠪᠦᠭᠦᠳᠡ ᠶᠢ ᠨᠠᠳᠠ ᠥᠭᠬᠦ ᠨᠢ ᠦᠦ︖»

«ᠬᠣᠢᠲᠤᠨ ᠵᠢᠯ ᠪᠢ ᠴᠢᠮ᠎ᠠ ᠳᠤ ᠪᠠᠰᠠ ᠡᠳᠦᠢ ᠥᠭᠭᠦᠶ᠎ᠡ» ᠭᠡᠵᠦ ᠬᠡᠯᠡᠭᠰᠡᠭᠡᠷ ᠠᠯᠲᠠᠨ ᠵᠢᠮᠰᠡᠭ᠌ ᠢ ᠬᠣᠷᠮᠤᠢᠪᠴᠢ ᠶᠢᠨ ᠬᠠᠷᠮᠠᠨ ᠳᠤᠨᠢ ᠬᠢᠵᠦ᠄«ᠵᠠ ᠳ᠋ᠠ᠂ ᠳᠡᠮᠡᠢ ᠤᠳᠠᠬᠤ ᠦᠭᠡᠢ ᠲᠡᠭᠦᠨ ᠦ ᠲᠣᠯᠤᠭᠠᠢ ᠶᠢᠨ ᠵᠠᠰᠠᠯ ᠪᠦᠷ ᠴᠢᠨᠦᠬᠢ ᠪᠣᠯᠬᠤ ᠨᠢ ᠡ» ᠭᠡᠵᠦ ᠭᠠᠷ ᠢᠶᠡᠨ ᠱᠦᠷᠭᠦᠭᠡᠭᠰᠡᠭᠡᠷ ᠬᠡᠯᠡᠪᠡ᠃ ᠭ᠋ᠷᠠᠨᠳᠧᠲ ᠠᠪᠤᠭᠠᠢ ᠥᠬᠢᠨ ᠤ ᠪᠡᠨ ᠬᠠᠢᠷ᠎ᠠ ᠰᠡᠳᠭᠢᠯ ᠢ ᠠᠰᠢᠭᠯᠠᠵᠤ ᠣᠯᠵᠠ ᠲᠠᠢ ᠮᠠᠢᠮᠠᠢ ᠬᠢᠭᠰᠡᠨ ᠳᠡᠭᠡᠨ ᠶᠡᠬᠡ ᠯᠡ ᠪᠠᠶᠠᠰᠤᠭᠰᠠᠨ ᠪᠠᠢᠨ᠎ᠠ᠃ ᠬᠡᠯᠡᠬᠦ ᠳᠦ ᠡᠢᠮᠦ ᠴᠦ ᠭ᠋ᠷᠠᠨᠳᠧᠲ ᠡᠪᠦᠭᠡᠨ ᠪᠠᠰᠠ ᠬᠠᠷᠠᠬᠠᠨ ᠡᠷᠡᠭᠦᠯ ᠲᠡᠩᠬᠡᠯᠡᠭᠦᠨ ᠪᠣᠯᠪᠠᠴᠤ ᠥᠬᠢᠨ ᠳᠡᠭᠡᠨ ᠠᠵᠤ ᠲᠥᠷᠦᠬᠦ ᠳᠡᠮ ᠳᠣᠨᠤ ᠵᠢᠭᠠᠬᠤ ᠭᠡᠵᠦ ᠪᠣᠳᠤᠵᠠᠢ᠃ ᠲᠡᠭᠡᠭᠡᠳ ᠬᠣᠶᠠᠷ ᠵᠢᠯ ᠳᠠᠷᠠᠭᠠᠯᠠᠨ ᠢᠦᠭᠧᠨ᠋ᠸ ᠶᠢ ᠬᠠᠷᠠᠵᠤ ᠪᠠᠢᠭᠠᠳ ᠬᠣᠭᠤᠯᠠ ᠬᠤᠰᠢ ᠳᠠᠭᠤᠳᠠᠭᠤᠯᠬᠤ ᠪᠠ ᠥᠷᠢ ᠰᠢᠷᠢ ᠬᠤᠷᠢᠶᠠᠯᠭᠠᠪᠠ᠃ ᠭ᠋ᠷᠠᠨᠳᠧᠲ ᠠᠭᠠᠵᠢᠮ ᠢᠶᠡᠷ ᠡᠳ᠋ᠯᠡᠩ ᠤᠨ ᠢᠶᠡᠨ ᠭᠠᠵᠠᠷ ᠲᠠᠷᠢᠶᠠᠨ ᠤ ᠨᠡᠷᠡᠢᠳᠦᠯ ᠦᠨ ᠠᠭᠤᠯᠭ᠎ᠠ ᠶᠢ ᠢᠦᠭᠧᠨ᠋ᠸ ᠳᠦ ᠬᠡᠯᠡᠵᠦ ᠥᠭᠴᠡᠢ᠃ ᠢᠩᠭᠢᠵᠦ ᠭᠤᠷᠪᠠᠨ ᠵᠢᠯ ᠦᠨ ᠨᠢᠭᠤᠷ ᠢ ᠦᠵᠡᠬᠦ ᠦᠶ᠎ᠡ ᠳᠦ ᠭ᠋ᠷᠠᠨᠳᠧᠲ ᠠᠪᠤᠭᠠᠢ ᠶᠢᠨ ᠬᠠᠷᠠᠮᠴᠢ ᠬᠡᠪᠴᠡᠭ᠌ ᠵᠠᠩ ᠰᠤᠷᠲᠠᠯ ᠨᠢ ᠥᠬᠢᠨ ᠢᠶᠡᠨ ᠣᠪᠤᠭ᠎ᠠ ᠴᠠᠭᠠᠷᠠᠭᠤᠯᠵᠤ ᠳᠠᠳᠤᠯᠭᠠᠵᠢᠭᠤᠯᠤᠭᠰᠠᠨ ᠡᠴᠡ ᠭ᠋ᠷᠠᠨᠳᠧᠲ ᠠᠪᠤᠭᠠᠢ ᠵᠣᠷᠢᠭ ᠣᠷᠤᠵᠤ ᠭᠠᠯ ᠲᠣᠭᠤᠭᠠᠨ ᠤ ᠭᠡᠷ ᠦᠨ ᠲᠦᠯᠬᠢᠭᠦᠷ ᠢ ᠢᠦᠭᠧᠨ᠋ᠸ ᠳᠦ ᠠᠳᠭᠤᠭᠤᠯᠵᠤ ᠭᠡᠷ ᠦᠨ ᠠᠵᠢᠯ ᠢ ᠵᠢᠩᠬᠢᠨᠢ ᠡᠵᠡᠮᠰᠢᠭᠦᠯᠪᠡ᠃

ᠡᠨᠡ ᠮᠡᠲᠦᠴᠢᠯᠡᠨ ᠲᠠᠪᠤᠨ ᠵᠢᠯ ᠥᠩᠭᠡᠷᠡᠯ᠎ᠡ᠂ ᠢᠦᠭᠧᠨ᠋ᠸ ᠡᠴᠢᠭᠡ ᠥᠬᠢᠨ ᠬᠣᠶᠠᠷ ᠤᠨ ᠴᠤᠯᠭᠤᠢ ᠤᠢᠳᠭᠠᠷᠲᠤ ᠠᠮᠢᠳᠤᠷᠠᠯ ᠳᠤ ᠶᠠᠷᠢᠵᠤ ᠲᠣᠭᠠᠴᠢᠮᠠᠷ ᠶᠠᠭᠤᠮ᠎ᠠ ᠴᠤ ᠠᠯᠠᠭ᠎ᠠ᠂ ᠬᠡᠵᠢᠶᠡᠳᠡ ᠨᠢᠭᠡ ᠯᠡ ᠬᠥᠭ᠌ ᠤᠨ ᠤᠴᠢᠷ ᠶᠠᠪᠤᠳᠠᠯ ᠢ ᠴᠠᠭ ᠤᠨ ᠵᠡᠭᠦᠦ ᠠᠳᠠᠯᠢ ᠣᠨᠤᠪᠴᠢᠲᠠᠢ ᠬᠢᠳᠡᠭ ᠪᠠᠢᠪᠠ᠃ ᠭ᠋ᠷᠠᠨᠳᠧᠲ ᠠᠪᠠᠬᠠᠢ ᠶᠢᠨ ᠭᠤᠨᠢᠭ ᠭᠡᠮᠦᠷᠬᠡᠯ ᠴᠦ ᠨᠢᠭᠡᠮᠦᠰᠦᠨ ᠢᠯᠡᠷᠬᠡᠢ ᠨᠢᠭᠤᠴᠠ ᠪᠣᠯᠵᠠᠢ᠃ ᠡᠨᠡ ᠠᠪᠠᠬᠠᠢ ᠶᠢᠨ ᠭᠤᠨᠢᠭᠯᠠᠯ ᠤᠨ ᠰᠢᠯᠲᠠᠭᠠᠨ ᠢ ᠣᠯᠠᠨ ᠬᠥᠮᠦᠰ ᠰᠡᠷᠡᠨ ᠮᠡᠳᠡᠵᠦ ᠪᠠᠢᠭᠰᠠᠨ ᠪᠣᠯᠪᠠᠴᠤ ᠰᠡᠦᠮᠦᠷ ᠦᠨ ᠬᠥᠮᠦᠰ ᠲᠡᠭᠦᠨ ᠢ ᠬᠠᠢᠷ᠎ᠠ ᠰᠡᠳᠭᠢᠯᠭᠡ ᠶᠢᠨ ᠲᠤᠬᠠᠢ ᠲᠠᠭᠠᠪᠤᠷᠢᠯᠠᠯ ᠳᠠᠭᠠᠨ ᠭᠡᠷᠡᠴᠢ ᠪᠣᠯᠤᠮᠠᠷ ᠨᠢᠭᠡ ᠦᠭᠡ ᠶᠢ ᠥᠪᠡᠷ ᠦᠨ ᠬᠢᠨᠢ ᠠᠮᠠᠨ ᠡᠴᠡ ᠰᠣᠨᠤᠰᠤᠭᠰᠠᠨ ᠦᠭᠡᠢ ᠶᠤᠮ᠃ ᠠᠪᠠᠬᠠᠢ ᠶᠢᠨ ᠶᠠᠪᠤᠯᠴᠠᠳᠠᠭ ᠬᠥᠮᠦᠰ ᠭᠡᠪᠡᠯ ᠬᠡᠳᠦᠨ ᠺᠷᠦᠱᠧᠸ ᠪᠣᠯᠤᠨ ᠲᠡᠳᠡᠨ ᠦ ᠰᠠᠨᠠᠭᠠᠨ ᠳᠤ ᠦᠭᠡᠢ ᠳᠠᠭᠠᠭᠤᠯᠵᠤ ᠢᠷᠡᠭᠰᠡᠭᠡᠷ ᠪᠠᠢᠭᠠᠳ ᠳᠠᠰᠤᠯᠴᠠᠭᠰᠠᠨ ᠨᠠᠢᠵᠠ ᠨᠠᠷ ᠪᠢᠯᠡ᠃ ᠲᠡᠳᠡ ᠠᠪᠠᠬᠠᠢ ᠳᠤ ᠸᠢᠰᠲ᠋ᠤ᠋ ᠬᠥᠵᠦᠷ ᠵᠢᠭᠠᠵᠤ ᠥᠭᠭᠦᠭᠡᠳ ᠣᠷᠤᠢ ᠪᠦᠷᠢ ᠢᠷᠡᠵᠦ ᠨᠠᠭᠠᠳᠳᠠᠭ ᠪᠣᠯᠵᠠᠢ᠃

1827 ᠣᠨ ᠳᠤ ᠢᠦᠭᠧᠨ᠋ᠸ ᠶᠢᠨ ᠡᠴᠢᠭᠡ ᠨᠢ ᠡᠪᠦᠭᠡᠷᠡᠬᠦ ᠶᠢᠨ ᠡᠷᠬᠡᠨ ᠳᠦ ᠠᠷᠭ᠎ᠠ ᠪᠤᠰᠤ ᠥᠬᠢᠨ ᠢᠶᠡᠨ ᠲᠠᠷᠢᠶᠠᠯᠠᠩ ᠠᠳᠠᠯ ᠤᠨ ᠨᠢᠭᠤᠴᠠ ᠳᠤ ᠣᠷᠤᠯᠴᠠᠭᠤᠯᠬᠤ ᠪᠣᠯᠤᠭᠰᠠᠨ ᠪᠠ ᠬᠦᠴᠢᠷ ᠵᠦᠢᠯ ᠲᠣᠬᠢᠶᠠᠯᠳᠤᠪᠠᠯ ᠲᠡᠭᠦᠨ ᠢ ᠪᠠᠲᠤᠯᠠᠭ᠎ᠠ ᠶᠢᠨ ᠬᠥᠮᠦᠨ ᠺᠷᠦᠱᠧᠸ ᠯᠤᠭᠡ ᠵᠥᠪᠳᠡᠭᠦᠯᠳᠡᠭ᠌ - ᠺᠷᠦᠱᠧᠸ ᠦᠨ ᠴᠢᠩ ᠦᠨᠡᠨᠴᠢ ᠰᠡᠳᠭᠢᠯ ᠢ ᠭ᠋ᠷᠠᠨᠳᠧᠲ ᠡᠪᠦᠭᠡᠨ ᠭᠦᠨ᠎ᠡ ᠢᠲᠡᠭᠡᠳᠡᠭ ᠶᠤᠮ᠃ ᠲᠡᠭᠡᠭᠡᠳ ᠡᠨᠡ ᠵᠢᠯ ᠦᠨ ᠡᠴᠦᠰ ᠲᠦ ᠭ᠋ᠷᠠᠨᠳᠧᠲ ᠡᠪᠦᠭᠡᠨ ᠨᠠᠶᠠᠨ ᠬᠣᠶᠠᠷᠲᠠᠢ ᠳᠠᠭᠠᠨ ᠭᠠᠢ ᠪᠣᠯᠵᠤ ᠮᠡᠨᠡᠭ᠌ ᠡᠪᠡᠳᠴᠢᠨ ᠳᠦ ᠨᠡᠷᠪᠡᠭᠳᠡᠭᠡᠳ ᠦᠳᠲᠡᠷ ᠬᠦᠨᠳᠦᠷᠡᠵᠡᠢ᠃ ᠹᠧᠷᠯᠠᠩ ᠡᠮᠴᠢ ᠭ᠋ᠷᠠᠨᠳᠧᠲ ᠡᠪᠦᠭᠡᠨ ᠦ ᠡᠪᠡᠳᠴᠢᠨ ᠢ ᠡᠳᠡᠭᠡᠷᠡᠰᠢ ᠦᠭᠡᠢ ᠡᠪᠡᠳᠴᠢᠨ ᠭᠡᠵᠦ ᠲᠣᠳᠤᠯᠠᠪᠠ᠃

ᠤᠳᠠᠯ ᠦᠭᠡᠢ ᠡᠨᠡ ᠳᠡᠯᠡᠬᠡᠢ ᠳᠦ ᠭᠠᠭᠴᠠᠭᠠᠷ ᠦᠯᠡᠳᠡᠨ᠎ᠡ ᠭᠡᠵᠦ ᠪᠣᠳᠤᠬᠤ ᠳᠠᠭᠠᠨ ᠢᠦᠭᠧᠨ᠋ᠸ᠂ ᠡᠴᠢᠭᠡ ᠳᠡᠭᠡᠨ ᠣᠨᠴᠠ ᠳᠣᠲᠤᠨᠤ ᠪᠠᠢᠵᠤ ᠡᠨᠡ ᠬᠦ ᠬᠠᠮᠤᠭ ᠡᠴᠦᠰ ᠦᠨ ᠬᠠᠢᠷ᠎ᠠ ᠰᠡᠳᠭᠢᠯ ᠢᠶᠡᠨ ᠰᠠᠢᠲᠤᠷ ᠢᠯᠡᠳᠭᠡᠶ᠎ᠡ ᠭᠡᠵᠦ ᠪᠣᠳᠤᠬᠤ ᠪᠠᠢᠵᠠᠢ᠃ ᠢᠨᠠᠭ ᠤᠨ ᠰᠡᠳᠭᠢᠯ ᠬᠥᠪᠬᠡᠯᠵᠡᠭᠰᠡᠨ ᠠᠯᠢᠪᠠ ᠬᠡᠦᠬᠡᠨᠴᠦᠳ ᠤᠨ ᠠᠳᠠᠯᠢ ᠢᠦᠭᠧᠨ᠋ᠸ ᠶᠢᠨ ᠪᠣᠳᠤᠯ ᠳᠣᠲᠤᠷ᠎ᠠ ᠢᠨᠠᠭ ᠳᠤᠷᠠᠯᠠᠯ ᠪᠣᠯ ᠪᠦᠬᠦᠢᠯᠡ ᠶᠢᠷᠲᠢᠨᠴᠦ ᠶᠢᠨ ᠠᠮᠢᠨ ᠰᠦᠨᠡᠰᠦ ᠭᠡᠵᠦ ᠰᠠᠨᠠᠭᠳᠠᠵᠤ ᠪᠠᠢᠭᠰᠠᠨ ᠴᠤ ᠴᠠᠷᠯᠧᠰ ᠳᠡᠷᠭᠡᠳᠡ ᠨᠢ ᠪᠠᠢᠭᠰᠠᠨ ᠦᠭᠡᠢ᠃ ᠢᠦᠭᠧᠨ᠋ᠸ᠂ ᠡᠪᠦᠭᠡᠨ ᠡᠴᠢᠭᠡ ᠪᠡᠨ ᠴᠣᠬᠤᠮ ᠬᠦ ᠴᠢᠩ ᠰᠡᠳᠭᠢᠯ ᠢᠶᠡᠷ ᠠᠰᠠᠷᠠᠵᠤ ᠪᠢᠯᠡ᠃ ᠭ᠋ᠷᠠᠨᠳᠧᠲ ᠠᠪᠤᠭᠠᠢ ᠵᠥᠨᠦᠬᠦ ᠲᠡᠰᠢ ᠬᠠᠨᠳᠤᠵᠤ ᠪᠠᠢᠭᠰᠠᠨ ᠪᠣᠯᠪᠠᠴᠤ ᠮᠥᠩᠭᠦᠨ ᠦ ᠬᠣᠷᠤᠬᠠᠢ ᠶᠢᠨ ᠵᠠᠩ ᠴᠢᠨᠠᠷ ᠨᠢ ᠮᠥᠨ ᠬᠦ ᠲᠥᠷᠦᠯᠬᠢ ᠠᠪᠢᠶᠠᠰ ᠤᠨ ᠬᠤᠪᠢ ᠪᠠᠷ ᠳᠡᠮᠵᠢᠨ ᠬᠠᠪᠰᠤᠷᠴᠤ ᠪᠠᠢᠭᠰᠠᠨ ᠪᠣᠯᠬᠣᠷ ᠡᠨᠡ ᠬᠥᠮᠦᠨ ᠦᠬᠦᠨ ᠦᠬᠦᠲᠡᠯ᠎ᠡ ᠪᠡᠨ ᠣᠭᠲᠤᠬᠠᠨ ᠴᠤ ᠬᠤᠪᠢᠷᠠᠭᠰᠠᠨ ᠦᠭᠡᠢ ᠶᠤᠮ᠃

ᠬᠠᠷ᠎ᠠ ᠥᠷᠯᠦᠭᠡ ᠡᠴᠡ ᠠᠪᠤᠭᠠᠳ ᠭ᠋ᠷᠠᠨᠳᠧᠲ ᠡᠪᠦᠭᠡᠨ ᠡᠷᠭᠢᠭᠦᠯᠭᠡᠨ ᠲᠦᠰᠢᠯᠭᠡᠲᠦ ᠰᠠᠨᠳᠠᠯᠢ ᠳᠡᠭᠡᠷ᠎ᠡ ᠰᠠᠭᠤᠵᠤ᠂ ᠤᠨᠲᠠᠬᠤ ᠥᠷᠦᠭᠡᠨ ᠦ ᠲᠤᠭᠤᠷᠭ᠎ᠠ ᠶᠢᠨ ᠬᠢᠰᠠ ᠪᠣᠯᠤᠨ ᠨᠢᠭᠤᠴᠠ ᠭᠡᠷ ᠦᠨ ᠡᠭᠦᠳᠡᠨ ᠦ ᠬᠣᠭᠤᠷᠤᠨᠳᠤ ᠬᠥᠮᠦᠨ ᠢᠶᠡᠷ ᠨᠠᠰᠢ ᠴᠠᠰᠢ ᠲᠦᠯᠬᠢᠭᠦᠯᠦᠨ᠎ᠡ᠂ ᠨᠢᠭᠤᠴᠠ ᠭᠡᠷ ᠲᠡᠭᠡᠨ ᠰᠢᠵᠢᠷ ᠠᠯᠲᠠ ᠣᠪᠤᠭᠠᠯᠠᠭᠰᠠᠨ ᠢ ᠬᠡᠯᠡᠬᠦ ᠶᠠᠭᠤ ᠪᠠᠢᠬᠤᠪ᠃ ᠭ᠋ᠷᠠᠨᠳᠧᠲ ᠡᠪᠦᠭᠡᠨ ᠣᠭᠲᠤ ᠬᠥᠳᠡᠯᠬᠦ ᠦᠭᠡᠢ ᠰᠠᠭᠤᠬᠤ ᠳᠠᠭᠠᠨ ᠴᠤ ᠭᠡᠳ ᠥᠪᠡᠷ ᠢ ᠢᠶᠡᠨ ᠰᠠᠬᠢᠭᠴᠢ ᠬᠥᠮᠦᠨ ᠪᠣᠯᠭᠠᠨ ᠲᠡᠮᠦᠷ ᠬᠠᠪᠲᠠᠰᠤᠲᠠᠢ ᠬᠠᠭᠠᠯᠭ᠎ᠠ ᠪᠣᠯᠤᠨ ᠲᠡᠭᠦᠨ ᠢ ᠡᠷᠭᠢᠵᠦ ᠦᠵᠡᠬᠦ ᠪᠡᠷ ᠢᠷᠡᠭᠰᠡᠨ ᠬᠥᠮᠦᠨ ᠬᠣᠶᠠᠷ ᠢ ᠰᠡᠵᠢᠭᠲᠡᠢ ᠬᠠᠷᠠᠴᠠ ᠪᠠᠷ ᠡᠭᠡᠯᠵᠢᠯᠡᠨ ᠬᠠᠷᠠᠳᠠᠭ᠃ ᠶᠠᠯᠢᠭᠦᠢ ᠳᠠᠭᠤ ᠴᠢᠮᠡᠭᠡ ᠭᠠᠷᠤᠮᠠᠭᠴᠠ ᠯᠠ ᠤᠴᠢᠷ ᠰᠢᠯᠲᠠᠭᠠᠨ ᠢ ᠠᠰᠠᠭᠤᠭᠠᠳ ᠪᠠᠢᠳᠠᠭ᠃ ᠲᠡᠷᠡᠴᠢᠯᠡᠨ ᠬᠦᠷᠢᠶᠡᠨ ᠳᠣᠲᠤᠷ᠎ᠠ ᠨᠣᠬᠠᠢ ᠡᠪᠰᠢᠶᠡᠬᠦ ᠶᠢ ᠬᠦᠷᠲᠡᠯ᠎ᠡ ᠣᠯᠤᠭᠠᠳ ᠰᠣᠨᠤᠰᠴᠢᠬᠠᠳᠠᠭ ᠢ ᠨᠢ ᠪᠠᠲᠤᠯᠠᠭ᠎ᠠ ᠶᠢᠨ ᠬᠥᠮᠦᠨ ᠺᠷᠦᠱᠧᠸ ᠶᠡᠬᠡᠲᠡ ᠭᠠᠢᠬᠠᠪᠠ᠃ ᠭ᠋ᠷᠠᠨᠳᠧᠲ ᠡᠪᠦᠭᠡᠨ ᠢ ᠦᠵᠡᠬᠦ ᠳᠦ ᠤᠬᠠᠭᠠᠨ ᠰᠠᠨᠠᠭ᠎ᠠ ᠡᠳᠡᠢ ᠪᠤᠳᠠᠢ ᠰᠢᠭ ᠪᠣᠯᠪᠠᠴᠤ ᠬᠥᠮᠦᠨ ᠲᠠᠷᠢᠶᠠᠨ ᠲᠦᠷᠢᠶᠡᠰᠦ ᠬᠦᠷᠭᠡᠵᠦ ᠢᠷᠡᠬᠦ᠂ ᠲᠠᠷᠢᠶᠠᠯᠠᠩ ᠬᠠᠮᠢᠶᠠᠷᠤᠭᠴᠢ ᠲᠠᠢ ᠳᠠᠩᠰᠠ ᠪᠣᠳᠤᠬᠤ ᠪᠤᠶᠤ ᠪᠠᠷᠢᠮᠲᠠ ᠪᠢᠴᠢᠭ᠌ ᠦᠨ ᠡᠳᠦᠷ ᠬᠤᠭᠤᠴᠠᠭ᠎ᠠ ᠲᠣᠭᠲᠠᠬᠤ ᠦᠶ᠎ᠡ ᠳᠦ ᠲᠡᠷᠡ ᠮᠠᠨᠢ ᠳᠣᠣᠷ᠎ᠠ ᠪᠠᠨ ᠰᠡᠷᠭᠡᠢ ᠪᠣᠯᠳᠠᠭ ᠰᠠᠨ᠃ ᠢᠩᠭᠢᠭᠡᠳ ᠲᠡᠷᠡ ᠡᠷᠭᠢᠭᠦᠯᠭᠡᠨ ᠲᠦᠰᠢᠯᠭᠡᠲᠦ ᠰᠠᠨᠳᠠᠯᠢ ᠪᠠᠨ ᠲᠦᠯᠬᠢᠭᠦᠯᠵᠦ ᠨᠢᠭᠤᠴᠠ ᠭᠡᠷ ᠦᠨ ᠡᠭᠦᠳᠡᠨ ᠳᠦ ᠬᠦᠷᠴᠦ ᠥᠬᠢᠨ ᠢᠶᠡᠷ ᠢᠶᠡᠨ ᠡᠭᠦᠳᠡ ᠶᠢ ᠨᠡᠭᠡᠭᠡᠯᠭᠡᠭᠡᠳ ᠬᠠᠷᠠᠵᠤ ᠪᠠᠢᠭᠠᠳ ᠤᠭᠤᠲᠠ ᠲᠠᠢ ᠵᠣᠭᠤᠰ ᠤᠳ ᠢ ᠰᠡᠮᠡᠭᠡᠷ ᠣᠪᠤᠭᠠᠯᠠᠭᠤᠯᠵᠤ ᠪᠠᠷᠠᠪᠠᠯ ᠡᠭᠦᠳᠡ ᠶᠢ ᠭᠠᠢᠭᠤᠢ ᠰᠠᠢᠨ ᠬᠠᠭᠠᠵᠤ ᠣᠷᠬᠢᠳᠠᠭ᠃ ᠲᠡᠭᠡᠭᠡᠳ ᠥᠬᠢᠨ ᠨᠢ ᠥᠨᠥᠬᠢ ᠡᠷᠬᠢᠮ ᠴᠤᠬᠠᠭ ᠲᠦᠯᠬᠢᠭᠦᠷ ᠢ ᠪᠤᠴᠠᠭᠠᠵᠤ ᠥᠭᠭᠦᠭᠰᠡᠨ ᠬᠣᠢᠨ᠎ᠠ ᠡᠯᠢᠭᠡᠪᠴᠢ ᠶᠢᠨ ᠬᠠᠷᠮᠠᠨ ᠳᠠᠭᠠᠨ ᠰᠢᠷᠭᠤᠭᠤᠯᠵᠤ᠂ ᠪᠠᠢᠨ ᠳᠠᠬᠢᠨ ᠳᠠᠷᠤᠯᠬᠢᠯᠠᠵᠤ ᠦᠵᠡᠭᠡᠳ᠂ ᠦᠭᠡ ᠳᠠᠭᠤ ᠦᠭᠡᠢ ᠬᠠᠭᠤᠴᠢᠨ ᠣᠷᠤᠨ ᠳᠠᠭᠠᠨ ᠬᠠᠷᠢᠳᠠᠭ ᠶᠤᠮ᠃ ᠭ᠋ᠷᠠᠨᠳᠧᠲ ᠡᠪᠦᠭᠡᠨ ᠦ ᠬᠠᠭᠤᠴᠢᠨ ᠨᠠᠢᠵᠠ ᠺᠷᠦᠱᠧᠸ ᠦᠨ ᠪᠣᠳᠤᠬᠤ ᠪᠠᠷ ᠴᠠᠷᠯᠧᠰ ᠭ᠋ᠷᠠᠨᠳᠧᠲ ᠬᠡᠷᠪᠡ ᠬᠠᠷᠢᠵᠤ ᠢᠷᠡᠬᠦ ᠦᠭᠡᠢ ᠪᠣᠯ᠂ ᠡᠨᠡ ᠵᠣᠭᠤᠰ ᠮᠥᠩᠭᠦ ᠲᠠᠢ ᠭᠠᠭᠴᠠᠬᠠᠨ ᠥᠬᠢᠨ ᠨᠢ ᠯᠠᠪᠲᠠᠶ᠎ᠠ ᠲᠡᠭᠦᠨ ᠦ ᠳᠠᠷᠤᠭ᠎ᠠ ᠲᠤᠰᠢᠶᠠᠯ ᠲᠠᠢ ᠠᠴᠢ ᠬᠦᠦ ᠯᠤᠭᠡ ᠭᠡᠷᠯᠡᠬᠦ ᠪᠣᠯᠬᠣᠷ ᠺᠷᠦᠱᠧᠸ ᠬᠤᠪᠢ ᠳᠠᠬᠢᠨ ᠬᠥᠩᠭᠡᠨ ᠱᠥᠩᠭᠡᠨ ᠪᠣᠯᠵᠤ ᠡᠳᠦᠷ ᠪᠦᠷᠢ ᠭ᠋ᠷᠠᠨᠳᠧᠲ ᠤᠨ ᠵᠠᠬᠢᠶ᠎ᠠ ᠵᠠᠷᠯᠢᠭ ᠢ ᠬᠦᠯᠢᠶᠡᠵᠦ ᠹᠷᠤᠹᠧᠩ ᠳᠤ ᠬᠦᠷᠴᠦ ᠲᠠᠷᠢᠶᠠᠨ ᠭᠠᠵᠠᠷ ᠢᠶᠡᠷ᠂ ᠪᠡᠯᠴᠢᠭᠡᠷ ᠢᠶᠡᠷ᠂ ᠦᠵᠦᠮ ᠤᠨ ᠬᠦᠷᠢᠶᠡᠯᠡᠩ ᠢᠶᠡᠷ ᠣᠴᠢᠵᠤ ᠭ᠋ᠷᠠᠨᠳᠧᠲ ᠡᠪᠦᠭᠡᠨ ᠢ ᠣᠷᠤᠯᠠᠨ ᠬᠤᠷᠢᠶᠠᠯᠲᠠ ᠶᠢ ᠬᠤᠳᠠᠯᠳᠤᠨ ᠭᠠᠷᠭᠠᠭᠠᠳ᠂ ᠨᠢᠭᠤᠴᠠ ᠭᠡᠷ ᠲᠦ ᠡᠴᠡᠨ᠎ᠡ ᠬᠤᠷᠢᠶᠠᠭᠰᠠᠨ ᠤᠭᠤᠲᠠ ᠤᠭᠤᠲᠠ ᠵᠣᠭᠤᠰ ᠢ ᠰᠢᠵᠢᠷ ᠠᠯᠲᠠ ᠪᠣᠯᠭᠠᠨ ᠰᠣᠯᠢᠳᠠᠭ ᠪᠠᠢᠵᠠᠢ᠃

ᠡᠪᠦᠭᠡᠨ ᠡᠴᠦᠰ ᠲᠡᠭᠡᠨ ᠦᠬᠦᠯ ᠤᠨ ᠳᠠᠪᠠᠭᠠᠨ ᠳᠤ ᠭᠠᠷᠪᠠ᠃ ᠲᠡᠷᠡ ᠬᠡᠳᠦᠨ ᠡᠳᠦᠷ ᠡᠪᠦᠭᠡᠨ ᠦ ᠬᠦᠳᠡᠷᠯᠢᠭ᠌ ᠪᠡᠶ᠎ᠡ ᠨᠢ ᠠᠮᠢ ᠲᠠᠯᠪᠢᠬᠤ ᠱᠠᠲᠤᠨ ᠳᠠᠭᠠᠨ ᠣᠷᠤᠯ᠎ᠠ᠃ ᠲᠡᠷᠡ ᠮᠠᠨᠢ ᠲᠤᠭᠤᠷᠭ᠎ᠠ ᠶᠢᠨ ᠬᠢᠰᠠ ᠶᠢᠨ ᠳᠡᠷᠭᠡᠳᠡ ᠨᠢᠭᠤᠴᠠ ᠭᠡᠷ ᠦᠨ ᠢᠶᠡᠨ ᠡᠮᠦᠨ᠎ᠡ ᠰᠠᠭᠤᠨ᠎ᠠ᠃ ᠬᠤᠴᠢᠭᠰᠠᠨ ᠬᠥᠨᠵᠢᠯᠡ ᠪᠡᠨ ᠳᠡᠭᠡᠭᠰᠢ ᠪᠡᠨ ᠴᠢᠩᠭᠠᠭᠠᠵᠤ᠂ ᠪᠡᠶ᠎ᠡ ᠪᠡᠨ ᠴᠢᠩᠭ᠎ᠠ ᠣᠷᠢᠶᠠᠬᠤ ᠶᠢᠨ ᠳᠠᠭᠠᠤ ᠨᠠᠨᠤᠩ ᠳᠤ᠄

«ᠴᠢᠩᠭ᠎ᠠ ᠣᠷᠢᠶᠠ᠂ ᠴᠢᠩᠭ᠎ᠠ ᠣᠷᠢᠶᠠ᠂ᠮᠢᠨᠦ ᠶᠠᠭᠤᠮ᠎ᠠ ᠶᠢ ᠪᠢᠲᠡᠬᠡᠢ ᠬᠤᠯᠠᠭᠠᠢ ᠳᠤ ᠠᠯᠳᠠ» ᠭᠡᠵᠦ ᠠᠮᠠᠨ ᠳᠠᠭᠠᠨ ᠦᠭᠡᠯᠡᠨ᠎ᠡ᠃

ᠭ᠋ᠷᠠᠨᠳᠧᠲ ᠡᠪᠦᠭᠡᠨ ᠦ ᠪᠤᠢ ᠪᠦᠬᠦᠢ ᠠᠮᠢᠵᠢᠷᠠᠯ ᠤᠨ ᠬᠦᠴᠦ ᠴᠢᠳᠠᠯ ᠨᠢ ᠪᠦᠷ ᠯᠡ ᠨᠢᠳᠦᠨ ᠳᠡᠭᠡᠨ ᠭᠦᠶᠦᠵᠡᠢ᠂ ᠨᠢᠳᠦ ᠪᠡᠨ ᠴᠢᠳᠠᠨ ᠶᠠᠳᠠᠨ ᠨᠡᠭᠡᠭᠡᠬᠦ ᠪᠦᠷᠢ ᠳᠤ ᠬᠠᠷᠠᠴᠠ ᠨᠢ ᠡᠳ᠋ ᠡᠷᠳᠡᠨᠢᠰ ᠳᠦᠭᠦᠷᠡᠩ ᠬᠠᠳᠠᠭᠠᠯᠠᠭᠰᠠᠨ ᠨᠢᠭᠤᠴᠠ ᠭᠡᠷ ᠦᠨ ᠡᠭᠦᠳᠡ ᠤᠷᠤᠭᠤ ᠲᠤᠰᠤᠨ᠎ᠠ᠃

«ᠲᠡᠨᠳᠡ ᠪᠠᠢᠨ᠎ᠠ ᠤᠤ︖ ᠲᠡᠨᠳᠡ ᠪᠠᠢᠨ᠎ᠠ ᠤᠤ︖» ᠭᠡᠵᠦ ᠠᠰᠠᠭᠤᠬᠤ ᠳᠠᠭᠤᠨ ᠳᠤᠨᠢ ᠬᠡᠴᠡᠭᠦᠦ ᠶᠡᠬᠡ ᠬᠡᠯᠮᠡᠵᠦ ᠲᠡᠪᠡᠳᠡᠭᠰᠡᠨ ᠪᠠᠢᠳᠠᠯ ᠢᠯᠡᠷᠡᠨ᠎ᠡ᠃

«ᠲᠡᠨᠳᠡ ᠪᠡᠨ ᠪᠠᠢᠭᠰᠠᠭᠠᠷ ᠡ᠂ ᠠᠪᠤ ᠡ᠃»

«ᠰᠢᠵᠢᠷ ᠠᠯᠲᠠ ᠪᠠᠨ ᠰᠠᠢᠨ ᠰᠠᠬᠢ︕ ᠁ ᠠᠪᠴᠢᠷᠠᠭᠠᠳ ᠮᠢᠨᠦ ᠡᠮᠦᠨ᠎ᠡ ᠲᠡᠯᠭᠡ︕» ᠢᠦᠭᠧᠨ᠋ᠸ ᠠᠯᠲᠠᠨ ᠯᠤᠢᠵᠢ ᠶᠢ ᠰᠢᠷᠡᠭᠡᠨ ᠳᠡᠭᠡᠷ᠎ᠡ ᠠᠰᠭᠠᠭᠰᠠᠨ ᠳᠤ ᠭ᠋ᠷᠠᠨᠳᠧᠲ ᠬᠡᠳᠦᠨ ᠴᠠᠭ ᠨᠢᠳᠦ ᠰᠠᠯᠭᠠᠯ ᠦᠭᠡᠢ ᠰᠢᠷᠲᠡᠨ ᠰᠠᠭᠤᠳᠠᠭ᠃ ᠡᠨᠡ ᠨᠢ ᠶᠠᠭ ᠯᠠ ᠰᠠᠶᠢ ᠶᠠᠭᠤᠮ᠎ᠠ ᠲᠠᠨᠢᠬᠤ ᠪᠣᠯᠤᠭᠰᠠᠨ ᠬᠡᠦᠬᠡᠳ ᠨᠢᠭᠡ ᠶᠠᠭᠤᠮ᠎ᠠ ᠶᠢ ᠮᠡᠭᠡᠢᠷᠡᠨ ᠬᠠᠷᠠᠳᠠᠭ ᠰᠢᠭ ᠪᠥᠭᠡᠳ ᠮᠥᠨ ᠪᠠᠰᠠ ᠬᠡᠦᠬᠡᠳ ᠠᠳᠠᠯᠢ ᠴᠢᠳᠠᠨ ᠶᠠᠳᠠᠨ ᠢᠨᠢᠶᠡᠮᠰᠦᠭᠯᠡᠵᠦ ᠪᠠᠢᠳᠠᠭ᠃ ᠵᠠᠷᠢᠮ ᠳᠠᠭᠠᠨ ᠭ᠋ᠷᠠᠨᠳᠧᠲ ᠪᠠᠰᠠ᠄

«ᠢᠩᠭᠢᠵᠦ ᠰᠠᠭᠤᠪᠠᠯ ᠰᠡᠳᠭᠢᠯ ᠳᠦ ᠮᠢᠨᠢ ᠳᠤᠯᠠᠭᠠᠬᠠᠨ ᠶᠤᠮ ᠡ︕» ᠭᠡᠵᠦ ᠬᠡᠯᠡᠬᠦ ᠦᠶ᠎ᠡ ᠳᠦ ᠡᠭᠡᠭᠡ ᠯᠡ ᠴᠡᠩᠭᠡᠯ ᠤᠨ ᠣᠷᠤᠨ ᠳᠤ ᠪᠠᠢᠭ᠎ᠠ ᠶᠤᠮ ᠰᠢᠭ ᠪᠠᠢᠳᠠᠯ ᠴᠢᠷᠠᠢ ᠳᠤᠨᠢ ᠮᠡᠳᠡᠭᠳᠡᠨ᠎ᠡ᠃ ᠲᠤᠰ ᠲᠣᠭᠤᠷᠢᠭ ᠤᠨ ᠬᠠᠷ᠎ᠠ ᠯᠠᠮᠠ ᠢᠷᠡᠵᠦ ᠭ᠋ᠷᠠᠨᠳᠧᠲ ᠡᠪᠦᠭᠡᠨ ᠳᠦ ᠦᠬᠦᠯ ᠤᠨ ᠮᠠᠨᠢ ᠠᠢᠯᠠᠳᠬᠤ ᠦᠶ᠎ᠡ ᠳᠦ ᠵᠠᠭᠠᠯᠮᠠᠢ᠂ ᠵᠤᠯᠠ ᠶᠢᠨ ᠲᠠᠯᠪᠢᠭᠤᠷ᠂ ᠷᠠᠰᠢᠶᠠᠨ ᠬᠢᠭᠰᠡᠨ ᠮᠥᠩᠭᠦᠨ ᠲᠣᠨᠤᠭᠯᠠᠯ ᠲᠠᠢ ᠬᠤᠮᠬ᠎ᠠ ᠵᠡᠷᠭᠡ ᠶᠢ ᠠᠪᠴᠢᠷᠠᠮᠠᠭᠴᠠ ᠦᠬᠦᠭᠡᠳ ᠬᠡᠳᠦᠨ ᠴᠠᠭ ᠪᠣᠯᠤᠭᠰᠠᠨ ᠬᠡᠮᠡᠷ ᠨᠢᠳᠦ ᠨᠢ ᠳᠣᠣᠷᠠᠬᠠᠨ ᠢᠶᠡᠨ ᠠᠮᠢ ᠣᠷᠤᠵᠤ ᠨᠡᠭᠡᠭᠡᠭᠳᠡᠭᠡᠳ ᠲᠡᠳᠡᠭᠡᠷ ᠬᠡᠷᠡᠭᠰᠡᠯ ᠢ ᠨᠢᠳᠦ ᠴᠠᠪᠴᠢᠯ ᠦᠭᠡᠢ ᠰᠢᠷᠲᠡᠬᠦ ᠪᠥᠭᠡᠳ ᠬᠠᠮᠠᠷ ᠳᠡᠭᠡᠷᠡᠬᠢ ᠠᠰᠢᠭ ᠨᠢ ᠴᠤ ᠬᠠᠮᠤᠭ ᠡᠴᠦᠰ ᠦᠨ ᠤᠳᠠᠭ᠎ᠠ ᠬᠥᠳᠡᠯᠵᠦ ᠠᠪᠤᠪᠠ᠃ ᠬᠠᠷ᠎ᠠ ᠯᠠᠮᠠ ᠠᠯᠲᠠ ᠪᠤᠯᠬᠠᠮᠠᠯ ᠵᠠᠭᠠᠯᠮᠠᠢ ᠶᠢ ᠤᠷᠤᠭᠤᠯ ᠳᠤᠨᠢ ᠬᠦᠷᠭᠡᠵᠦ᠂ ᠾᠷᠢᠰᠲ᠋ᠣᠰ ᠤᠨ ᠠᠷᠢᠭᠤᠨ ᠬᠥᠷᠦᠭ ᠢ ᠦᠨᠦᠰᠦᠭᠦᠯᠬᠦ ᠭᠡᠰᠡᠨ ᠳᠦ ᠭ᠋ᠷᠠᠨᠳᠧᠲ ᠡᠪᠦᠭᠡᠨ ᠬᠥᠮᠦᠨ ᠰᠣᠴᠢᠭᠠᠮᠠᠷ ᠪᠠᠢᠳᠠᠯ ᠭᠠᠷᠭᠠᠵᠤ᠂ ᠵᠠᠭᠠᠯᠮᠠᠢ ᠶᠢ ᠨᠢ ᠪᠤᠯᠢᠶᠠᠵᠤ ᠠᠪᠬᠤ ᠭᠡᠯ᠎ᠡ᠃ ᠡᠨᠡ ᠬᠠᠮᠤᠭ ᠡᠴᠦᠰ ᠦᠨ ᠣᠷᠤᠯᠳᠤᠯᠭ᠎ᠠ ᠨᠢ ᠲᠡᠭᠦᠨ ᠢ ᠡᠷᠯᠢᠭ᠌ ᠲᠦ ᠵᠠᠯᠠᠴᠢᠬᠠᠯ᠎ᠠ᠃ ᠢᠦᠭᠧᠨ᠋ᠸ ᠪᠡᠨ ᠳᠠᠭᠤᠳᠠᠬᠤ ᠳᠤ ᠢᠦᠭᠧᠨ᠋ᠸ ᠨᠢ ᠡᠮᠦᠨ᠎ᠡ ᠨᠢ ᠰᠥᠭᠦᠳᠦᠨ ᠴᠡᠯ ᠬᠦᠢᠲᠡᠨ ᠪᠣᠯᠤᠭᠰᠠᠨ ᠭᠠᠷ ᠢ ᠨᠢ ᠦᠨᠦᠰᠴᠦ᠂ ᠨᠢᠯᠪᠤᠰᠤ ᠤᠨᠠᠭᠠᠪᠠᠴᠤ ᠡᠴᠢᠭᠡ ᠨᠢ ᠣᠯᠵᠤ ᠦᠵᠡᠬᠦ ᠡᠴᠡ ᠪᠡᠨ ᠥᠩᠭᠡᠷᠡᠵᠡᠢ᠃

«ᠠᠪᠤ ᠡ᠂ ᠨᠠᠮᠠᠢ ᠢᠷᠦᠭᠡᠭᠡᠴᠢ ᠳ᠋ᠠ᠃»

«ᠠᠯᠢ ᠪᠠᠢᠭᠰᠠᠨ ᠢᠶᠡᠨ ᠰᠠᠢᠨ ᠬᠢᠮᠠᠭᠠᠳᠠᠵᠤ ᠶᠠᠪᠤ︕ᠮᠢᠨᠦ ᠲᠡᠨᠳᠡ ᠣᠴᠢᠵᠤ ᠳᠠᠩᠰᠠ ᠪᠠᠨ ᠲᠤᠰᠢᠶᠠ︕» ᠭᠡᠰᠡᠨ ᠡᠨᠡ ᠬᠠᠮᠤᠭ ᠰᠡᠭᠦᠯ ᠦᠨ ᠦᠭᠡ ᠨᠢ ᠾᠷᠢᠰᠲ᠋ᠣᠰ ᠤᠨ ᠱᠠᠰᠢᠨ ᠪᠣᠯ ᠮᠥᠩᠭᠦᠨ ᠦ ᠬᠣᠷᠤᠬᠠᠢᠴᠤᠳ ᠤᠨ ᠪᠣᠯᠬᠤ ᠶᠣᠰᠤᠲᠠᠢ ᠭᠡᠰᠡᠨ ᠢ ᠭᠡᠷᠡᠴᠢᠯᠡᠵᠡᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082