ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠮᠠᠯᠴᠢᠨ᠎ᠤ ᠬᠡᠦᠬᠡᠨ

ᠭᠦᠩ᠂ ᠪᠠᠳᠠᠷᠠᠬᠤ

ᠨᠥᠬᠦᠳ᠎ᠮᠢᠨᠢ᠂ ᠲᠠ᠎ᠨᠠᠷ ᠬᠣᠨᠢᠨ᠎ᠤ ᠨᠣᠣᠰᠤ᠎ᠪᠠᠷ ᠦᠢᠯᠡᠳᠪᠦᠷᠢᠯᠡᠭᠰᠡᠨ ᠭᠣᠶᠤ ᠰᠠᠢᠬᠠᠨ ᠬᠤᠪᠴᠠᠰᠤ ᠡᠮᠦᠰᠦᠭᠡᠳ ᠨᠢᠰᠭᠡᠯ᠎ᠳᠦ ᠰᠠᠭᠤᠵᠤ ᠡᠭᠦᠯᠡᠨ ᠳᠤᠮᠳᠠᠭᠤᠷ ᠠᠶᠠᠯᠠᠬᠤ᠎ᠳᠠᠭᠠᠨ; ᠭᠢᠯᠲᠠᠭᠠᠨᠠᠭᠰᠠᠨ ᠰᠠᠢᠬᠠᠨ ᠦᠬᠡᠷ᠎ᠦᠨ ᠠᠷᠠᠰᠤᠨ ᠱᠠᠬᠠᠢ ᠡᠮᠦᠰᠦᠭᠡᠳ ᠴᠠᠷᠳᠠᠮᠠᠯ ᠵᠠᠮ᠎ᠢᠶᠠᠷ᠂ ᠡᠰᠡᠬᠦᠯ᠎ᠡ ᠴᠡᠩᠬᠡᠷ ᠤᠰᠤ ᠨᠣᠭᠤᠭᠠᠨ ᠤᠳᠠ᠎ᠲᠠᠢ ᠴᠡᠴᠡᠷᠯᠢᠭ᠎ᠢᠶᠡᠷ ᠵᠤᠭᠠᠯᠠᠬᠤ᠎ᠳᠠᠭᠠᠨ; ᠲᠠᠨᠢᠯ ᠰᠠᠢᠬᠠᠨ ᠨᠠᠢᠵᠠ᠎ᠲᠠᠢ᠎ᠪᠠᠨ ᠭᠤᠸᠠᠩᠵᠠᠨ᠎ᠳᠤ ᠪᠠᠭᠤᠵᠤ ᠬᠠᠯᠠᠭᠤᠨ ᠲᠣᠭᠤᠭᠠᠨ᠎ᠳᠤ ᠰᠢᠵᠢᠭᠢᠨᠠᠨ ᠪᠤᠴᠠᠯᠵᠤ ᠪᠠᠢᠭ᠎ᠠ ᠰᠠᠢᠬᠠᠨ ᠠᠮᠲᠠ᠎ᠲᠠᠢ ᠬᠣᠨᠢᠨ ᠮᠢᠬᠠᠨ ᠱᠥᠯᠦ ᠬᠠᠯᠪᠠᠭᠠᠳᠠᠵᠤ ᠬᠤᠨᠳᠠᠭ᠎ᠠ ᠡᠷᠭᠦᠬᠦ᠎ᠳᠡᠭᠡᠨ᠂ ᠡᠳᠡᠭᠡᠷ ᠶᠠᠭᠤᠮ᠎ᠠ ᠪᠦᠬᠦᠨ᠎ᠦ ᠲᠦᠭᠦᠬᠡᠢ ᠡᠳ᠋᠎ᠢ ᠬᠠᠩᠭᠠᠬᠤ᠎ᠶᠢᠨ ᠲᠥᠯᠦᠭᠡ ᠮᠠᠯᠴᠢᠨ ᠬᠥᠮᠦᠨ ᠵᠤᠨ᠎ᠤ ᠰᠢᠲᠠᠮ᠎ᠠ ᠨᠠᠷᠠ᠂ ᠬᠠᠪᠤᠷ᠎ᠤᠨ ᠬᠠᠷ᠎ᠠ ᠬᠠᠪᠰᠠᠷᠭ᠎ᠠ᠂ ᠡᠪᠦᠯ᠎ᠦᠨ ᠬᠦᠢᠲᠡᠨ ᠰᠢᠭᠤᠷᠭᠠᠨ᠎ᠳᠤ ᠲᠤᠵᠢ᠎ᠯᠠ ᠮᠠᠯ᠎ᠤᠨ ᠬᠣᠢᠨ᠎ᠠ᠎ᠠᠴᠠ ᠳᠠᠭᠠᠵᠤ᠂ ᠬᠠᠲᠠᠭᠤᠵᠢᠯᠲᠠᠢ ᠬᠥᠳᠡᠯᠮᠦᠷᠢᠯᠡᠵᠦ ᠪᠠᠢᠳᠠᠭ ᠶᠠᠪᠤᠳᠠᠯ ᠰᠡᠳᠭᠢᠯ᠎ᠳᠦ᠎ᠴᠢᠨᠢ ᠣᠷᠤᠳᠠᠭ᠎ᠤᠤ?

ᠬᠦᠴᠢᠷ ᠪᠡᠷᠬᠡ᠎ᠶᠢ ᠲᠡᠰᠪᠦᠷᠢᠯᠡᠵᠦ ᠦᠭᠡ ᠳᠠᠭᠤᠨ᠎ᠦᠭᠡᠢ ᠠᠵᠢᠯᠯᠠᠳᠠᠭ ᠮᠠᠯᠴᠢᠳ᠎ᠤᠨ ᠵᠣᠷᠢᠭ ᠰᠠᠨᠠᠭ᠎ᠠ ᠭᠡᠭᠴᠢ ᠦᠨᠡᠬᠡᠷ ᠭᠠᠢᠬᠠᠯᠲᠠᠢ᠎ᠶᠤᠮ᠃ ᠲᠡᠳᠡ ᠡᠪᠦᠯ ᠵᠤᠨ᠎ᠤ ᠳᠥᠷᠪᠡᠨ ᠤᠯᠠᠷᠢᠯ᠎ᠳᠤ ᠡᠳᠦᠷ ᠪᠦᠷᠢ ᠦᠷ᠎ᠦᠨ ᠭᠡᠭᠡ ᠲᠡᠮᠳᠡᠭᠷᠡᠬᠦ᠎ᠡᠴᠡ ᠦᠳᠡᠰᠢ᠎ᠶᠢᠨ ᠬᠥᠰᠢᠭᠡ ᠪᠠᠭᠤᠲᠠᠯ᠎ᠠ ᠰᠦᠷᠦᠭ᠎ᠦᠨ ᠳᠡᠷᠭᠡᠳᠡ᠂ ᠬᠤᠳᠳᠤᠭ᠎ᠤᠨ ᠪᠦᠭᠦᠷᠭᠡᠨ ᠳᠡᠭᠡᠷ᠎ᠡ᠂ ᠲᠥᠯ᠎ᠦᠨ ᠫᠧᠩ᠎ᠳᠦ᠂ ᠦᠨᠢᠶᠡᠨ ᠵᠡᠯ᠎ᠡ ᠳᠡᠭᠡᠷ᠎ᠡ ᠪᠣᠷᠪᠢ ᠨᠤᠭᠤᠷᠠᠯ᠎ᠦᠭᠡᠢ ᠠᠵᠢᠯᠯᠠᠵᠤ᠎ᠯᠠ ᠪᠠᠢᠳᠠᠭ᠃ ᠮᠠᠯᠵᠢᠬᠤ ᠣᠷᠤᠨ᠎ᠤ ᠠᠵᠢᠯ ᠭᠡᠭᠴᠢ ᠡᠢᠮᠦ ᠬᠠᠲᠠᠭᠤ ᠪᠡᠷᠬᠡᠲᠡᠢ᠂ ᠳᠠᠭᠤᠰᠤᠰᠢ᠎ᠦᠭᠡᠢ᠂ ᠮᠠᠯᠴᠢᠨ ᠬᠥᠮᠦᠨ᠎ᠦ ᠵᠣᠷᠢᠭ ᠭᠡᠭᠴᠢ ᠡᠢᠮᠦ᠎ᠯᠡ ᠳᠠᠭᠠᠭᠠᠴᠠ ᠲᠡᠰᠪᠦᠷᠢᠲᠡᠢ ᠴᠥᠬᠦᠷᠡᠰᠢ᠎ᠦᠭᠡᠢ᠃

ᠬᠡᠯᠡᠯᠭᠡᠨ᠎ᠦᠭᠡᠢ ᠮᠠᠯᠴᠢᠨ᠎ᠤ ᠢᠷᠠᠭᠤ ᠠᠯᠳᠠᠷ ᠡᠨᠡᠬᠡᠨ᠎ᠢᠶᠡᠷ ᠵᠣᠭᠰᠤᠬᠤ ᠪᠢᠰᠢ᠂ ᠮᠠᠯᠴᠢᠳ᠎ᠤᠨ ᠦᠢᠯᠡ ᠠᠵᠢᠯᠯᠠᠭ᠎ᠠ ᠨᠡᠩ ᠬᠥᠮᠦᠰ᠎ᠦᠨ ᠰᠡᠳᠭᠢᠯ ᠵᠢᠷᠦᠬᠡ᠎ᠶᠢ ᠳᠣᠭᠳᠤᠯᠤᠭᠤᠯᠤᠮ᠎ᠠ ᠶᠠᠪᠤᠳᠠᠯ ᠵᠥᠩᠳᠡᠭᠡᠨ ᠳᠤᠭᠤᠯᠳᠠᠨ ᠳᠠᠭᠤᠷᠢᠰᠭᠠᠭᠳᠠᠵᠤ ᠪᠠᠢᠳᠠᠭ᠎ᠶᠤᠮ᠃ ᠪᠢ ᠣᠳᠣ ᠮᠠᠯᠴᠢᠨ ᠬᠥᠮᠦᠨ᠎ᠦ ᠣᠮᠤᠭᠰᠢᠯ ᠪᠣᠯᠵᠤ᠂ ᠮᠠᠨ᠎ᠤ ᠴᠠᠭ ᠦᠶ᠎ᠡ᠎ᠶᠢᠨ ᠳᠠᠭᠤᠷᠢᠰᠤᠯ ᠪᠣᠯᠤᠭᠰᠠᠨ ᠲᠠᠯ᠎ᠠ ᠨᠤᠲᠤᠭ᠎ᠤᠨ ᠬᠡᠦᠬᠡᠨ - ᠴᠡᠴᠡᠭ᠎ᠦᠨ ᠲᠤᠬᠠᠢ ᠡᠨᠳᠡ ᠲᠡᠮᠳᠡᠭᠯᠡᠰᠦᠭᠡᠢ᠃

ᠴᠡᠴᠡᠭ ᠬᠡᠦᠬᠡᠨ ᠭᠡᠬᠦ᠎ᠲᠡᠢ ᠵᠡᠷᠭᠡ ᠬᠣᠶᠠᠷ ᠰᠠᠯᠠᠭ᠎ᠠ ᠭᠡᠵᠢᠭᠡ᠎ᠶᠢᠨ᠎ᠢᠶᠡᠨ ᠦᠵᠦᠭᠦᠷ᠎ᠢ ᠤᠯᠠᠭᠠᠨ ᠳᠤᠷᠳᠤᠩ᠎ᠢᠶᠠᠷ ᠡᠷᠪᠡᠬᠡᠢᠴᠢᠯᠡᠨ ᠤᠶᠠᠭᠠᠳ ᠮᠥᠷᠦᠨ ᠳᠡᠭᠡᠭᠦᠷ᠎ᠢᠶᠡᠨ ᠬᠠᠶᠠᠯᠠᠭᠰᠠᠨ᠂ ᠮᠡᠯᠲᠡᠭᠡᠨᠡᠭᠰᠡᠨ ᠬᠠᠷ᠎ᠠ ᠨᠢᠳᠦ᠎ᠲᠡᠢ᠂ ᠲᠣᠭᠤᠷᠢᠭ ᠪᠣᠷᠤ ᠴᠢᠷᠠᠢ᠎ᠲᠠᠢ᠂ ᠪᠦᠱᠦᠭᠦᠷᠬᠡᠮᠡᠲᠡᠭᠡᠢ ᠪᠣᠯᠪᠠᠴᠤ ᠴᠣᠪᠤᠭᠤ ᠳᠡᠭᠵᠢᠨ ᠵᠠᠩ᠎ᠲᠠᠢ ᠬᠡᠦᠬᠡᠨ ᠮᠢᠨᠦ ᠨᠢᠳᠦᠨ᠎ᠡ ᠥᠪᠡᠷ᠎ᠦᠨ ᠡᠷᠬᠡ᠎ᠦᠭᠡᠢ ᠬᠠᠷᠠᠭᠳᠠᠳᠠᠭ᠃ ᠨᠠᠮᠠᠢ ᠰᠢᠬᠢᠷ ᠥᠭᠬᠦᠯᠡᠷ ᠬᠣᠶᠠᠷ ᠭᠠᠷ᠎ᠢᠶᠠᠷ᠎ᠢᠶᠠᠨ ᠲᠣᠰᠴᠤ ᠠᠪᠴᠤ ᠪᠠᠢᠭᠰᠠᠨ (ᠠᠷᠪᠠᠨ ᠵᠢᠷᠭᠤᠭ᠎ᠠ ᠬᠦᠷᠦᠭᠰᠡᠨ ᠬᠡᠦᠬᠡᠨ ᠰᠢᠦ ᠳ᠋ᠠ ) ᠶᠣᠰᠤᠷᠬᠠᠭ ᠪᠣᠯᠪᠠᠰᠤᠨ ᠪᠠᠢᠳᠠᠯ ᠦᠵᠡᠭᠳᠡᠳᠡᠭ᠃ ᠴᠡᠴᠡᠭ ᠬᠠᠷᠠᠬᠠᠨ ᠪᠠᠭ᠎ᠠ᠎ᠠᠴᠠ᠎ᠪᠠᠨ ᠠᠵᠢᠯ ᠬᠥᠳᠡᠯᠮᠦᠷᠢ᠎ᠳᠦ ᠢᠳᠡᠪᠬᠢᠲᠡᠢ᠂ ᠬᠠᠪᠢ ᠣᠢᠷ᠎ᠠ᠎ᠳᠠᠭᠠᠨ 《 ᠠᠵᠢᠯᠴᠢ ᠬᠡᠦᠬᠡᠨ》 ᠬᠡᠮᠡᠨ ᠮᠠᠭᠲᠠᠭᠳᠠᠭᠰᠠᠨ᠎ᠶᠤᠮ᠃ ᠮᠢᠩᠭᠠᠨ ᠬᠣᠨᠢᠨ᠎ᠤ ᠳᠤᠮᠳᠠ᠎ᠠᠴᠠ᠎ᠴᠤ ᠭᠠᠷᠤᠭᠰᠠᠨ ᠲᠥᠯ᠎ᠢᠶᠡᠨ ᠠᠯᠳᠠᠯ᠎ᠦᠭᠡᠢ ᠲᠠᠨᠢᠳᠠᠭ ᠭᠢᠷᠠᠬᠠᠢ ᠨᠢᠳᠦᠲᠡᠢ᠂ ᠵᠤᠨ᠎ᠤ ᠬᠠᠯᠠᠭᠤᠨ ᠨᠠᠷᠠ᠂ ᠡᠪᠦᠯ᠎ᠦᠨ ᠲᠠᠰᠭᠢᠮ᠎ᠠ ᠬᠦᠢᠲᠡᠨ᠎ᠳᠦ᠎ᠴᠦ ᠬᠤᠳᠳᠤᠭ᠎ᠠᠴᠠ ᠤᠰᠤ ᠠᠯᠳᠠᠯᠠᠨ ᠲᠠᠲᠠᠵᠤ᠂ ᠣᠩᠭᠤᠴᠠ᠎ᠠᠴᠠ ᠬᠠᠮᠤᠭ ᠰᠡᠭᠦᠯᠴᠢ᠎ᠶᠢᠨ ᠮᠠᠯ ᠰᠢᠮᠡᠨ ᠰᠢᠮᠡᠨ ᠤᠤᠭᠤᠭᠰᠠᠭᠠᠷ ᠰᠠᠯᠲᠠᠯ᠎ᠠ ᠬᠠᠷᠠᠵᠤ ᠵᠣᠭᠰᠤᠳᠠᠭ ᠮᠠᠯᠴᠢᠨ ᠬᠡᠦᠬᠡᠨ᠎ᠶᠦᠮ᠃ ᠮᠠᠯ᠎ᠢᠶᠠᠨ ᠠᠮᠢ᠎ᠰᠢᠭ᠋᠎ᠢᠶᠠᠨ ᠬᠠᠢᠷᠠᠯᠠᠵᠤ᠂ ᠠᠳᠭᠤ ᠴᠢᠮᠬᠢ ᠡᠪᠡᠰᠦ᠎ᠶᠢ᠎ᠴᠦ ᠲᠡᠭᠦᠵᠦ ᠬᠣᠷᠮᠤᠢᠯᠠᠨ ᠶᠠᠪᠤᠳᠠᠭ ᠪᠠ ᠨᠠᠩᠭᠢᠯᠠᠭᠰᠠᠨ ᠰᠢᠬᠢᠷ᠎ᠢᠶᠡᠨ᠎ᠴᠦ ᠢᠰᠢᠭᠡ ᠬᠤᠷᠠᠭᠠᠨ᠎ᠳᠠᠭᠠᠨ ᠥᠭᠳᠡᠭ ᠪᠠᠢᠭᠰᠠᠨ ᠮᠠᠯᠴᠢᠨ ᠬᠡᠦᠬᠡᠨ᠎ᠶᠦᠮ᠃

ᠨᠢᠳᠤᠨᠤᠨ ᠨᠠᠮᠤᠷ ᠪᠢ ᠬᠣᠰᠢᠭᠤᠨ᠎ᠤ ᠲᠡᠦᠬᠡ ᠡᠮᠬᠢᠳᠭᠡᠬᠦ ᠠᠵᠢᠯ᠎ᠢᠶᠠᠷ ᠶᠠᠪᠤᠵᠤ ᠴᠡᠴᠡᠭ᠎ᠦᠨ ᠠᠪᠤ ᠭᠤᠮᠪᠤᠵᠠᠪ ᠨᠠᠰᠤᠲᠠᠨ᠎ᠢ ᠰᠤᠷᠪᠤᠯᠵᠢᠯᠠᠬᠤ᠎ᠪᠠᠷ ᠲᠡᠳᠡᠨᠡᠢᠬᠢ᠎ᠪᠡᠷ ᠬᠦᠷᠦᠭᠰᠡᠨ ᠪᠢᠯᠡ᠃

ᠨᠠᠮᠤᠷ᠎ᠤᠨ ᠶᠠᠭᠠᠷᠠᠤ ᠤᠯᠠᠷᠢᠯ᠎ᠶᠤᠮ᠎ᠴᠢᠨᠢ᠂ ᠪᠡᠶ᠎ᠡ ᠮᠠᠭᠤᠲᠠᠢ ᠭᠤᠮᠪᠤᠵᠠᠪ ᠭᠤᠸᠠᠢ᠎ᠠᠴᠠ ᠪᠤᠰᠤᠳ᠎ᠨᠢ ᠪᠦᠷ ᠭᠡᠷ᠎ᠲᠡᠭᠡᠨ ᠪᠠᠢᠬᠤ᠎ᠦᠭᠡᠢ ᠪᠠᠢᠯ᠎ᠠ᠃

ᠬᠣᠲᠠ ᠬᠣᠷᠤᠭᠠᠨ᠎ᠤ᠎ᠪᠠᠨ ᠡᠩᠭᠡᠷ᠎ᠢ ᠭᠢᠯᠠᠢᠲᠠᠯ᠎ᠠ ᠴᠡᠪᠡᠷᠯᠡᠵᠡᠢ᠃ ᠵᠡᠯ᠎ᠡ ᠳᠡᠭᠡᠷ᠎ᠡ᠎ᠨᠢ ᠨᠢᠭᠡ᠎ᠴᠦ ᠨᠣᠢᠲᠠᠨ ᠬᠦᠢᠲᠡᠨ ᠶᠠᠭᠤᠮ᠎ᠠ ᠪᠠᠢᠭᠰᠠᠨ᠎ᠦᠭᠡᠢ᠂ ᠲᠡᠭᠷᠢ ᠵᠢᠭᠳᠡ ᠡᠩᠨᠡᠷᠡᠭᠰᠡᠨ ᠳᠠᠯᠠᠩ᠎ᠲᠠᠢ ᠠᠷᠭᠠᠯ᠂ ᠰᠢᠯ ᠴᠣᠩᠬᠤ᠎ᠨᠢ ᠭᠢᠯᠠᠯᠵᠠᠭᠰᠠᠨ ᠪᠠᠢᠰᠢᠩ ᠵᠡᠷᠭᠡ᠎ᠶᠢ᠎ᠨᠢ ᠬᠠᠷᠠᠬᠤ᠎ᠳᠤ ᠠᠵᠢᠯᠴᠢ ᠨᠢᠮᠪᠠᠢ ᠠᠢᠯ ᠭᠡᠳᠡᠭ᠎ᠨᠢ ᠬᠡᠨ᠎ᠴᠦ ᠬᠠᠷᠠᠩᠭᠤᠲᠠ ᠮᠡᠳᠡᠵᠦ ᠪᠣᠯᠬᠤ ᠠᠵᠢ᠃

ᠭᠡᠪᠡᠴᠦ ᠡᠨᠡ ᠠᠢᠯ᠎ᠢ ᠢᠩᠭᠢᠵᠦ ᠡᠵᠡᠩᠨᠡᠵᠦ ᠪᠠᠢᠭ᠎ᠠ᠎ᠨᠢ 《 ᠠᠷᠪᠠᠨ ᠵᠢᠯ᠎ᠦᠨ ᠴᠥᠪ》᠎ᠤᠨ ᠤᠷᠰᠢᠭ᠎ᠢᠶᠠᠷ ᠬᠠᠢᠷᠠᠲᠤ ᠡᠵᠢ᠎ᠡᠴᠡ᠎ᠪᠡᠨ ᠬᠠᠭᠠᠴᠠᠭᠠᠳ᠂ ᠡᠪᠡᠳᠴᠢᠨ ᠬᠠᠭᠤᠴᠢᠨ᠎ᠲᠠᠢ ᠨᠠᠰᠤᠲᠠᠢ ᠠᠪᠤ᠎ᠲᠠᠢ᠎ᠪᠠᠨ ᠬᠠᠷᠠᠬᠠᠨ ᠪᠠᠭ᠎ᠠ᠎ᠠᠴᠠ᠎ᠪᠠᠨ ᠭᠠᠴᠢᠭᠳᠠᠯ ᠵᠣᠪᠠᠯᠠᠩ᠎ᠤᠨ ᠳᠤᠮᠳᠠ ᠠᠮᠢᠳᠤᠷᠠᠵᠤ ᠢᠷᠡᠭᠰᠡᠨ ᠬᠡᠳᠦᠨ ᠥᠨᠦᠴᠢᠨ ᠬᠡᠦᠬᠡᠳ ᠭᠡᠵᠦ ᠬᠡᠨ ᠰᠠᠨᠠᠬᠤ ᠪᠢᠯᠡ!

ᠨᠠᠮᠠᠢ ᠣᠴᠢᠭᠠᠳ ᠰᠠᠭᠤᠵᠤ ᠪᠠᠢᠲᠠᠯ᠎ᠠ ᠳᠡᠮᠡᠢ ᠤᠳᠠᠭᠰᠠᠨ᠎ᠦᠭᠡᠢ ᠰᠢᠷ᠎ᠠ ᠪᠦᠷᠦᠢ ᠪᠣᠯᠵᠤ᠂ ᠡᠮᠦᠨ᠎ᠡ ᠲᠣᠯᠤᠭᠠᠢ ᠳᠡᠭᠡᠭᠦᠷ ᠬᠣᠨᠢᠨ ᠰᠦᠷᠦᠭ ᠭᠠᠷᠴᠤ ᠢᠷᠡᠪᠡ᠃ ᠲᠠᠷᠬᠠᠨ ᠪᠡᠯᠴᠢᠭᠰᠡᠭᠡᠷ ᠭᠠᠷᠴᠤ ᠢᠷᠡᠭᠰᠡᠨ ᠬᠤᠨ ᠴᠠᠭᠠᠨ ᠬᠣᠨᠢᠳ᠎ᠤᠨ ᠵᠡᠭᠦᠨ ᠲᠠᠯ᠎ᠠ᠎ᠪᠠᠷ ᠲᠡᠩᠨᠡᠭᠡ ᠠᠴᠢᠶ᠎ᠠ᠎ᠲᠠᠢ ᠮᠣᠷᠢ ᠬᠥᠲᠦᠯᠵᠦ ᠠᠷᠤᠭ ᠡᠭᠦᠷᠦᠭᠰᠡᠨ ᠬᠥᠮᠦᠨ ᠨᠠᠰᠢᠯᠠᠵᠤ ᠪᠠᠢᠬᠤ᠎ᠶᠢ ᠭᠤᠮᠪᠤᠵᠠᠪ ᠭᠤᠸᠠᠢ ᠵᠢᠭᠠᠵᠤ: 《ᠲᠡᠷᠡ ᠪᠣᠯ ᠮᠢᠨᠦ ᠬᠣᠶᠠᠳᠤᠭᠠᠷ ᠬᠡᠦᠬᠡᠨ ᠴᠡᠴᠡᠭ ᠰᠢᠦ ᠳ᠋ᠠ᠂ ᠡᠨᠡ ᠵᠢᠯ ᠠᠷᠪᠠᠨ ᠵᠢᠷᠭᠤᠭᠠᠲᠠᠢ᠎ᠶᠤᠮ᠂ ᠠᠢ ᠳ᠋ᠠ᠂ ᠡᠨᠡ ᠬᠡᠦᠬᠡᠨ᠎ᠢ ᠬᠡᠯᠡᠭᠡᠳ ᠬᠡᠯᠡᠭᠡᠳ ᠦᠭᠡ ᠰᠣᠨᠤᠰᠬᠤ᠎ᠦᠭᠡᠢ᠂ ᠬᠣᠨᠢᠨ᠎ᠳᠤ ᠶᠠᠪᠤᠬᠤ᠎ᠳᠠᠭᠠᠨ ᠡᠪᠡᠰᠦ ᠬᠠᠮᠤᠬᠤ ᠬᠡᠷᠡᠭ᠎ᠦᠭᠡᠢ ᠭᠡᠬᠦᠯᠡᠷ᠂ ᠡᠨᠡ ᠵᠢᠯ ᠡᠪᠡᠰᠦ ᠬᠠᠳᠤᠯᠠᠩ ᠮᠠᠭᠤᠲᠠᠢ᠎ᠶᠤᠮ᠎ᠴᠢᠨᠢ ᠨᠢᠭᠡ ᠠᠳᠭᠤ᠎ᠴᠤ ᠭᠡᠰᠡᠨ ᠢᠯᠡᠭᠦᠦ ᠬᠤᠷᠢᠶᠠᠵᠤ ᠪᠠᠢᠪᠠᠯ ᠡᠪᠦᠯ ᠬᠠᠪᠤᠷ ᠬᠡᠷᠡᠭᠲᠡᠢ ᠭᠡᠳ ᠵᠠᠪᠠᠯ ᠮᠠᠳᠠᠢ ᠠᠪᠴᠤ ᠡᠭᠦᠷᠦᠭᠡᠳ ᠶᠠᠪᠤᠬᠤ᠎ᠶᠤᠮ》 ᠭᠡᠵᠦ ᠵᠢᠮᠡᠯᠡᠭᠰᠡᠨ ᠮᠠᠶᠢᠭᠲᠠᠢ ᠬᠡᠯᠡᠬᠦ ᠪᠣᠯᠪᠠᠴᠤ ᠡᠢᠮᠦ ᠠᠵᠢᠯᠴᠢ ᠬᠥᠳᠡᠯᠮᠦᠷᠢᠴᠢ ᠬᠡᠦᠬᠡᠨ ᠬᠥᠮᠦᠵᠢᠭᠦᠯᠦᠭᠰᠡᠨ᠎ᠳᠡᠭᠡᠨ ᠪᠠᠶᠠᠷᠲᠠᠢ ᠪᠠᠢᠭ᠎ᠠ᠎ᠨᠢ ᠢᠨᠢᠶᠡᠮᠰᠦᠭᠯᠡᠩᠭᠦᠢ ᠨᠢᠳᠦᠨ᠎ᠳᠦᠨᠢ ᠢᠯᠡᠬᠡᠨ ᠪᠠᠢᠯ᠎ᠠ᠃

ᠰᠠᠶᠢᠬᠠᠨ ᠡᠪᠡᠰᠦ ᠲᠡᠭᠡᠭᠡᠵᠦ ᠢᠷᠡᠭᠰᠡᠨ ᠴᠡᠴᠡᠭ᠎ᠦᠨ ᠡᠭᠡᠴᠢ᠎ᠨᠢ ᠳᠡᠭᠦᠦ᠎ᠪᠡᠨ ᠲᠣᠰᠴᠤ ᠣᠴᠢᠭᠠᠳ ᠠᠷᠤᠭ᠎ᠢ᠎ᠨᠢ ᠬᠠᠪᠰᠤᠷᠤᠨ ᠪᠠᠭᠤᠯᠭᠠᠵᠤ᠂ ᠳᠡᠭᠦᠦ᠎ᠶᠢᠨ᠎ᠢᠶᠡᠨ ᠨᠢᠷᠤᠭᠤᠨ᠎ᠤ ᠲᠣᠭᠤᠰᠤ᠎ᠶᠢ ᠭᠦᠪᠢᠵᠦ᠂ ᠵᠢᠮᠡᠯᠡᠭᠰᠡᠨ ᠳᠠᠭᠤᠨ᠎ᠢᠶᠠᠷ: 《ᠴᠢᠮᠠᠢ ᠪᠢᠲᠡᠭᠡᠢ ᠠᠷᠤᠭ ᠠᠪᠴᠤ ᠶᠠᠪᠤ ᠭᠡᠵᠦ ᠪᠠᠢᠬᠤ᠎ᠳᠤ ᠴᠢ ᠵᠠᠪᠠᠯ ᠵᠣᠷᠢᠭ᠎ᠢᠶᠠᠷ᠎ᠢᠶᠠᠨ ᠠᠭᠠᠰᠢᠯᠠᠬᠤ᠎ᠶᠤᠮ᠂ ᠢᠩᠭᠢᠵᠦ ᠪᠠᠢᠭᠠᠳ ᠪᠣᠷᠰᠤᠴᠢᠬᠠᠪᠠᠯ ᠶᠠᠭᠠᠬᠢᠨ᠎ᠠ?》 ᠭᠡᠪᠡ᠃

ᠴᠡᠴᠡᠭ 《ᠵᠦᠭᠡᠷ》 ᠭᠡᠵᠦ ᠠᠶᠠᠷᠬᠠᠨ ᠳᠤᠤᠭᠠᠷᠤᠭᠰᠠᠨ᠎ᠢᠶᠠᠨ ᠭᠡᠷ᠎ᠲᠡᠭᠡᠨ ᠣᠷᠤᠵᠤ ᠢᠷᠡᠭᠡᠳ ᠨᠠᠳᠠ᠎ᠲᠠᠢ ᠶᠣᠰᠤᠷᠬᠠᠭ ᠬᠢᠴᠢᠶᠡᠩᠭᠦᠢ ᠮᠡᠨᠳᠦᠯᠡᠪᠡ᠃

ᠪᠢ ᠨᠤᠲᠤᠭ᠎ᠤᠨ ᠵᠠᠩᠰᠢᠯ ᠶᠣᠰᠤᠭᠠᠷ ᠰᠢᠬᠢᠷ ᠥᠭᠬᠦ᠎ᠳᠦ ᠴᠡᠴᠡᠭ ᠬᠡᠦᠬᠡᠨ ᠶᠠᠭ᠎ᠯᠠ ᠵᠢᠭᠠᠬᠠᠨ ᠬᠡᠦᠬᠡᠳ᠎ᠰᠢᠭ ᠬᠣᠶᠠᠷ ᠭᠠᠷ᠎ᠢᠶᠠᠷ᠎ᠢᠶᠠᠨ ᠬᠢᠴᠢᠶᠡᠩᠭᠦᠢ ᠲᠣᠰᠴᠤ ᠠᠪᠬᠤ᠎ᠨᠢ ᠶᠣᠰᠤ ᠮᠣᠷᠠᠯ᠎ᠲᠠᠢ ᠬᠥᠮᠦᠵᠢᠭᠰᠡᠨ ᠭᠡᠳᠡᠭ᠎ᠨᠢ ᠢᠯᠡᠷᠬᠡᠢ ᠪᠠᠢᠯ᠎ᠠ᠃

ᠦᠳᠡᠰᠢ ᠭᠤᠮᠪᠤᠵᠠᠪ ᠭᠤᠸᠠᠢ ᠪᠢᠳᠡ ᠬᠣᠶᠠᠭᠤᠯᠠ ᠭᠡᠷ᠎ᠦᠨ ᠡᠭᠦᠳᠡᠨ᠎ᠳᠦ ᠵᠣᠭᠤᠭ ᠳᠡᠯᠭᠡᠨ ᠪᠠᠢᠲᠠᠯ᠎ᠠ ᠬᠣᠨᠢᠳ᠎ᠴᠤ ᠬᠣᠲᠠᠨ᠎ᠳᠤ ᠣᠷᠤᠵᠤ ᠢᠷᠡᠯ᠎ᠡ᠃ ᠰᠦᠷᠦᠭ᠎ᠦᠨ ᠳᠣᠲᠤᠷ᠎ᠠ᠎ᠠᠴᠠ ᠨᠢᠭᠡ ᠬᠣᠨᠢ᠂ ᠨᠢᠭᠡ ᠢᠮᠠᠭ᠎ᠠ ᠰᠢᠭᠤᠳ ᠴᠡᠴᠡᠭ᠎ᠢ ᠴᠢᠭᠯᠡᠨ ᠭᠦᠶᠦᠵᠦ ᠢᠷᠡᠭᠡᠳ᠂ ᠢᠮᠠᠭ᠎ᠠ᠎ᠨᠢ ᠴᠣᠷᠤᠢᠯᠠᠨ ᠬᠣᠨᠢ᠎ᠨᠢ ᠬᠣᠩᠰᠢᠶᠠᠷ᠎ᠢᠶᠠᠷ᠎ᠢᠶᠠᠨ ᠨᠥᠷᠢᠵᠦ ᠴᠡᠴᠡᠭ᠎ᠦᠨ ᠬᠠᠷᠮᠠᠨ᠎ᠢ ᠮᠠᠯᠲᠠᠨ᠎ᠠ᠃ ᠭᠤᠮᠪᠤᠵᠠᠪ ᠭᠤᠸᠠᠢ ᠰᠠᠷᠯᠤᠭ᠎ᠰᠢᠭ᠋ ᠰᠡᠭᠰᠡᠭᠡᠷ ᠦᠰᠦᠲᠡᠢ ᠴᠠᠭᠠᠨ ᠢᠮᠠᠭ᠎ᠠ᠂ ᠬᠤᠪᠠ ᠰᠢᠷ᠎ᠠ ᠬᠣᠨᠢ ᠬᠣᠶᠠᠷ᠎ᠢ ᠵᠢᠭᠠᠵᠤ: 《ᠡᠨᠡ ᠬᠣᠶᠠᠷ᠎ᠴᠢᠨᠢ ᠮᠠᠨ᠎ᠤ ᠴᠡᠴᠡᠭ᠎ᠦᠨ ᠠᠮᠢ ᠭᠣᠣᠯ᠎ᠨᠢ᠎ᠶᠤᠮ ᠰᠢᠤ᠂ ᠵᠤᠳ᠎ᠤᠨ ᠬᠠᠪᠤᠷ ᠡᠬᠡ᠎ᠨᠢ ᠦᠬᠦᠴᠢᠬᠡᠭᠡᠳ ᠡᠨᠡ ᠬᠣᠶᠠᠷ᠎ᠴᠤ ᠦᠬᠦᠮᠡᠷ ᠶᠠᠭᠤᠮ᠎ᠠ ᠪᠠᠢᠭᠰᠠᠨ᠎ᠢ ᠴᠡᠴᠡᠭ ᠬᠣᠭᠤᠯᠠ ᠴᠠᠢ᠎ᠪᠠᠷ᠎ᠢᠶᠠᠨ ᠲᠡᠵᠢᠭᠡᠵᠦ ᠣᠨᠳᠤᠷᠤᠭᠤᠯᠤᠭᠰᠠᠨ᠎ᠶᠤᠮ᠃ ᠴᠢᠩᠭᠢᠭᠡᠳ ᠡᠷᠬᠡ ᠪᠣᠯᠴᠢᠬᠠᠭᠰᠠᠨ᠎ᠨᠢ ᠪᠡᠷᠬᠡ》 ᠭᠡᠪᠡ᠃ ᠴᠡᠴᠡᠭ ᠥᠨᠥ ᠬᠣᠶᠠᠷ᠎ᠢᠶᠠᠨ ᠥᠬᠦᠭᠡᠷᠳᠡᠨ ᠢᠯᠪᠢᠵᠦ᠂ ᠬᠠᠷᠮᠠᠨ᠎ᠠᠴᠠ᠎ᠪᠠᠨ ᠰᠢᠬᠢᠷ ᠭᠠᠷᠭᠠᠨ ᠡᠮᠬᠦᠭᠦᠯᠪᠡ᠃

ᠪᠢ ᠴᠡᠴᠡᠭ ᠬᠡᠦᠬᠡᠨ᠎ᠲᠡᠢ ᠢᠩᠭᠢᠵᠦ ᠠᠩᠬ᠎ᠠ ᠤᠳᠠᠭ᠎ᠠ ᠠᠭᠤᠯᠵᠠᠭᠰᠠᠨ ᠪᠢᠯᠡ᠃ ᠲᠡᠭᠡᠭᠡᠳ ᠲᠡᠭᠦᠨ᠎ᠦ ᠦᠢᠯᠡ ᠠᠵᠢᠯᠯᠠᠭ᠎ᠠ᠎ᠠᠴᠠ ᠦᠵᠡᠵᠦ ᠰᠣᠨᠤᠰᠤᠭᠰᠠᠨ ᠪᠣᠯᠪᠠᠯ ᠳᠠᠬᠢᠨ ᠨᠠᠷᠢᠨ ᠣᠢᠯᠠᠭᠠᠵᠤ ᠪᠠᠢᠭᠠᠳ ᠨᠢᠭᠡ ᠮᠡᠳᠡᠭᠡᠯᠡᠯ᠎ᠴᠦ ᠭᠡᠰᠡᠨ ᠪᠢᠴᠢᠶ᠎ᠡ ᠭᠡᠵᠦ ᠪᠣᠳᠤᠵᠤ ᠪᠠᠢᠭᠰᠠᠨ᠎ᠶᠤᠮ᠃ ᠭᠡᠲᠡᠯ᠎ᠡ ᠣᠳᠣ ᠬᠠᠭᠠᠰ ᠵᠢᠯ᠎ᠴᠦ ᠪᠣᠯᠤᠭ᠎ᠠ᠎ᠦᠭᠡᠢ᠂ ᠪᠢ᠎ᠴᠦ ᠳᠠᠬᠢᠵᠤ ᠣᠴᠢᠵᠤ ᠠᠮᠵᠢᠭ᠎ᠠ᠎ᠦᠭᠡᠢ ᠪᠠᠢᠲᠠᠯ᠎ᠠ ᠠᠵᠠ ᠪᠤᠰᠤ ᠴᠢᠮᠡᠭᠡ ᠰᠣᠨᠤᠰᠳᠠᠯ᠎ᠠ᠃

ᠡᠨᠡ ᠵᠢᠯ᠎ᠦᠨ ᠬᠣᠶᠠᠳᠤᠭᠠᠷ ᠰᠠᠷ᠎ᠠ᠎ᠶᠢᠨ ᠬᠣᠷᠢᠨ ᠳᠥᠷᠪᠡᠨ᠎ᠦ ᠦᠳᠡ᠎ᠶᠢᠨ ᠬᠣᠢᠨ᠎ᠠ ᠪᠢᠯᠡ᠃ ᠠᠯᠪᠠᠨ ᠭᠡᠷ᠎ᠦᠨ ᠤᠲᠠᠰᠤ ᠲᠠᠷᠴᠢᠭᠢᠨᠠᠨ ᠳᠤᠤᠭᠠᠷᠬᠤᠯᠠᠷ ᠣᠴᠢᠵᠤ ᠲᠣᠰᠪᠠ᠃ ᠴᠠᠭᠠᠲᠤᠬᠢ ᠬᠥᠮᠦᠨ᠎ᠦ ᠦᠭᠡ᠎ᠶᠢ ᠰᠣᠨᠤᠰᠤᠭᠠᠳ ᠮᠢᠨᠦ ᠬᠠᠮᠤᠭ ᠪᠡᠶ᠎ᠡ ᠬᠦᠢᠲᠡᠨ ᠣᠷᠭᠢᠵᠤ᠂ ᠵᠢᠷᠦᠬᠡ᠎ᠮᠢᠨᠢ ᠪᠠᠵᠠᠯᠠᠬᠤ᠎ᠰᠢᠭ᠋ ᠪᠣᠯᠪᠠ᠃

《ᠶᠠᠭᠤ ᠭᠡᠨ᠎ᠡ? ᠴᠡᠴᠡᠭ ᠭᠡᠨ᠎ᠡ᠎ᠦᠦ?》 ᠭᠡᠰᠡᠨ᠎ᠢᠶᠡᠨ ᠬᠣᠭᠤᠯᠠᠢ᠎ᠮᠢᠨᠢ ᠴᠡᠴᠡᠷᠬᠢᠯᠡᠵᠦ ᠴᠠᠰᠢ ᠶᠠᠷᠢᠵᠤ ᠭᠠᠷᠬᠤ᠎ᠪᠠᠨ ᠪᠠᠢᠵᠤ᠂ ᠬᠠᠷᠢᠯᠴᠠᠭᠤᠷ᠎ᠢ ᠲᠠᠯᠪᠢᠩᠭᠤᠲᠠ ᠲᠡᠷᠡ ᠴᠢᠭ᠎ᠢᠶᠡᠷ᠎ᠢᠶᠡᠨ ᠨᠣᠭᠤᠭᠠᠨ ᠨᠢᠷᠤᠭᠤ ᠰᠤᠮᠤ᠎ᠶᠢ ᠴᠢᠭᠯᠡᠪᠡ᠃

ᠠᠢ ᠬᠥᠭᠡᠷᠦᠬᠦᠢ᠂ ᠮᠠᠯ᠎ᠳᠠᠭᠠᠨ ᠬᠠᠢᠷᠠᠲᠠᠢ ᠪᠠᠢᠳᠠᠭ ᠮᠠᠯᠴᠢᠨ ᠬᠥᠮᠦᠨ᠎ᠦ ᠦᠷᠡᠰ ᠭᠡᠭᠴᠢ ᠦᠨᠡᠬᠡᠷ ᠬᠡᠴᠡᠭᠦᠦ᠎ᠶᠦᠮ᠂ ᠲᠡᠳᠡᠨ᠎ᠦ ᠪᠣᠳᠤᠯ᠎ᠳᠤ᠂ ᠮᠠᠯ ᠬᠥᠷᠦᠩᠭᠡ᠎ᠪᠡᠨ ᠬᠠᠢᠷᠠᠯᠠᠵᠤ ᠬᠠᠮᠠᠭᠠᠯᠠᠳᠠᠭ᠎ᠯᠠ᠎ᠶᠤᠮ ᠪᠣᠯ ᠴᠣᠬᠤᠮ ᠰᠠᠢᠨ ᠮᠠᠯᠴᠢᠨ ᠬᠥᠮᠦᠨ᠂ ᠡᠬᠡ ᠣᠷᠤᠨ᠎ᠳᠠᠭᠠᠨ ᠬᠠᠢᠷᠠᠲᠠᠢ ᠬᠥᠮᠦᠨ᠂ ᠠᠷᠠᠳ ᠲᠦᠮᠡᠨ᠎ᠳᠡᠭᠡᠨ ᠲᠤᠰᠠᠲᠠᠢ ᠬᠥᠮᠦᠨ᠃ ᠲᠡᠭᠡᠬᠦᠯᠡᠷ ᠬᠣᠨᠢ ᠮᠠᠯ᠎ᠨᠢ ᠵᠤᠳ ᠭᠠᠮᠰᠢᠭ᠎ᠲᠤ ᠲᠣᠬᠢᠶᠠᠯᠳᠤᠬᠤ ᠦᠶ᠎ᠡ᠎ᠳᠦ ᠠᠮᠢ᠎ᠪᠠᠨ ᠴᠥᠯᠡᠨ ᠲᠡᠮᠡᠴᠡᠵᠦ ᠬᠠᠮᠠᠭᠠᠯᠠᠵᠤ ᠶᠠᠪᠤᠳᠠᠭ᠎ᠨᠢ᠎ᠴᠤ ᠦᠨᠡᠨ᠃ ᠴᠡᠴᠡᠭ᠎ᠦᠨ ᠠᠵᠠ ᠪᠤᠰᠤ ᠶᠠᠪᠤᠳᠠᠯ ᠮᠠᠯᠴᠢᠨ ᠬᠥᠮᠦᠨ᠎ᠦ ᠡᠨᠡ᠎ᠬᠦ ᠠᠷᠢᠭᠤᠨ ᠨᠠᠨᠳᠢᠨ ᠵᠠᠩ ᠴᠢᠨᠠᠷ ᠪᠠ ᠢᠷᠠᠭᠤ ᠠᠯᠳᠠᠷ᠎ᠢ ᠲᠣᠳᠤᠷᠬᠠᠢ ᠬᠠᠷᠠᠭᠤᠯᠬᠤ᠎ᠨᠢ ᠯᠠᠪᠲᠠᠢ᠃

ᠥᠩᠭᠡᠷᠡᠬᠦ ᠡᠪᠦᠯ᠎ᠦᠨ ᠴᠠᠰᠤ ᠭᠡᠭᠴᠢ ᠪᠠᠷᠠᠭᠤᠨ ᠰᠥᠨᠢᠳ᠎ᠦᠨ ᠨᠣᠭᠤᠭᠠᠨ ᠨᠢᠷᠤᠭᠤ ᠬᠠᠪᠢ᠎ᠪᠠᠷ ᠨᠡᠩ ᠬᠤᠪᠢ ᠢᠯᠡᠭᠦᠦ ᠪᠣᠯᠤᠭᠰᠠᠨ ᠪᠠᠢᠯ᠎ᠠ᠃

ᠨᠦᠭᠦᠭᠡᠨᠴᠡᠭᠡᠯ ᠪᠠᠭ᠎ᠤᠨ ᠶᠡᠬᠡᠩᠬᠢ ᠨᠤᠲᠤᠭ᠎ᠨᠢ ᠮᠠᠩᠬᠠᠨ᠎ᠳᠤ ᠪᠠᠢᠳᠠᠭ᠂ ᠭᠡᠲᠡᠯ᠎ᠡ ᠵᠤᠨ ᠨᠠᠮᠤᠷ᠎ᠨᠢ ᠭᠠᠩᠳᠠᠵᠤ᠂ ᠡᠪᠦᠯᠵᠢᠨ ᠪᠠᠰᠠ ᠮᠠᠯ ᠰᠠᠭᠤᠭᠰᠠᠨ ᠲᠤᠯᠠ ᠪᠡᠯᠴᠢᠭᠡᠷ᠎ᠦᠭᠡᠢ ᠪᠣᠯᠵᠤ᠂ ᠬᠠᠪᠤᠷᠵᠢᠶᠠᠨ᠎ᠳᠤ ᠡᠷᠲᠡ ᠰᠢᠯᠵᠢᠬᠦ ᠴᠢᠬᠤᠯᠠᠲᠠᠢ ᠪᠣᠯᠤᠭᠠᠳ᠂ ᠴᠡᠴᠡᠭ᠎ᠦᠨ ᠬᠣᠨᠢᠨ ᠰᠦᠷᠦᠭ ᠪᠣᠯᠤᠨ ᠣᠢᠷ᠎ᠠ ᠬᠠᠪᠢ᠎ᠶᠢᠨ ᠬᠡᠳᠦᠨ ᠰᠦᠷᠦᠭ ᠬᠣᠨᠢ ᠲᠠᠯ᠎ᠠ᠎ᠶᠢᠨ ᠬᠠᠪᠤᠷᠵᠢᠶ᠎ᠠ᠎ᠳᠤ ᠭᠠᠷᠬᠤ᠎ᠪᠠᠷ ᠪᠣᠯᠵᠠᠢ᠃

ᠤᠳᠤᠷᠢᠳᠤᠯᠭ᠎ᠠ᠎ᠨᠢ ᠲᠡᠳᠡᠨ᠎ᠦ ᠬᠢ᠎ᠶᠢ ᠡᠭᠡᠴᠢ᠎ᠨᠢ ᠨᠢᠯᠬ᠎ᠠ᠎ᠲᠠᠢ᠂ ᠬᠦᠷᠭᠡᠨ ᠠᠬ᠎ᠠ᠎ᠨᠢ ᠪᠠᠰᠠ ᠠᠳᠤᠭᠤ ᠬᠠᠷᠢᠭᠤᠯᠵᠤ ᠪᠠᠢᠨ᠎ᠠ᠂ ᠴᠡᠴᠡᠭ ᠪᠠᠽᠠᠷ ᠠᠬ᠎ᠠ ᠥᠬᠢᠨ ᠳᠡᠭᠦᠦ ᠬᠣᠶᠠᠭᠤᠯᠠ ᠨᠠᠰᠤ ᠪᠠᠭ᠎ᠠ ᠲᠤᠯᠠ ᠬᠣᠨᠢ᠎ᠶᠢ᠎ᠨᠢ ᠣᠨᠳᠣᠣ ᠠᠢᠯ᠎ᠳᠤ ᠥᠭᠴᠦ ᠶᠠᠪᠤᠭᠤᠯᠤᠶ᠎ᠠ ᠭᠡᠰᠡᠨ ᠪᠣᠯᠪᠠᠴᠤ ᠮᠠᠯ᠎ᠳᠠᠭᠠᠨ ᠬᠠᠢᠷᠠᠲᠠᠢ᠂ ᠬᠠᠮᠲᠤ ᠨᠡᠢᠲᠡ᠎ᠳᠡᠭᠡᠨ ᠬᠠᠷᠢᠭᠤᠴᠠᠯᠭᠠᠲᠠᠢ ᠲᠡᠳᠡ 《ᠡᠨᠡ ᠭᠠᠮᠰᠢᠭ᠎ᠲᠠᠢ ᠦᠶ᠎ᠡ᠎ᠳᠦ ᠳᠠᠭᠠᠭᠠᠭᠰᠠᠨ ᠮᠠᠯ᠎ᠢᠶᠠᠨ ᠪᠤᠰᠤᠳ᠎ᠲᠤ ᠥᠭᠴᠦ ᠳᠠᠷᠤᠭᠠᠰᠤ ᠨᠡᠮᠡᠵᠦ ᠪᠣᠯᠬᠤ᠎ᠦᠭᠡᠢ᠂ ᠪᠢᠳᠡ ᠥᠪᠡᠷᠰᠡᠳ᠎ᠢᠶᠡᠨ ᠶᠠᠪᠤᠶ᠎ᠠ》 ᠭᠡᠵᠦ ᠵᠢᠳᠭᠦᠵᠡᠢ᠃

ᠬᠡᠳᠦᠢᠪᠡᠷ ᠬᠣᠶᠠᠷ ᠰᠠᠷ᠎ᠠ᠎ᠶᠢᠨ ᠬᠠᠭᠤᠴᠢᠳ ᠪᠣᠯᠤᠭᠰᠠᠨ ᠪᠣᠯᠪᠠᠴᠤ ᠲᠡᠭᠷᠢ ᠵᠠᠰᠠᠷᠠᠬᠤ ᠮᠠᠶᠢ᠍ᠭ᠎ᠦᠭᠡᠢ ᠬᠣᠶᠠᠷ ᠬᠣᠨᠤᠭᠠᠳ᠎ᠯᠠ ᠣᠭᠲᠠᠷᠭᠤᠢ ᠪᠦᠷᠬᠦᠢᠨ ᠡᠭᠦᠯᠡ ᠨᠡᠲᠦᠢᠵᠦ᠂ ᠲᠣᠮᠤ ᠲᠣᠮᠤ ᠯᠠᠪᠰᠠ ᠴᠠᠰᠤ ᠬᠠᠶᠠᠯᠠᠨ ᠮᠥᠩᠭᠦᠨ ᠴᠠᠭᠠᠨ᠎ᠢᠶᠠᠷ ᠭᠥᠯᠢᠢᠭᠰᠡᠨ ᠲᠠᠯ᠎ᠠ᠎ᠳᠤ ᠨᠡᠷᠮᠡᠭᠡᠰᠦᠯᠡᠵᠦ᠎ᠯᠡ ᠪᠠᠢᠯ᠎ᠠ᠃

ᠴᠡᠴᠡᠭ᠎ᠦᠨ ᠬᠢᠨ᠂ ᠬᠣᠰᠢᠭᠤᠨ᠎ᠠᠴᠠ ᠭᠠᠮᠰᠢᠭ᠎ᠲᠠᠢ ᠣᠷᠤᠨ᠎ᠳᠤ ᠲᠤᠰᠠᠯᠠᠬᠤ᠎ᠪᠠᠷ ᠢᠷᠡᠭᠰᠡᠨ ᠮᠠᠰᠢᠨ᠎ᠢᠶᠠᠷ ᠭᠡᠷ᠎ᠢᠶᠡᠨ ᠨᠡᠭᠦᠯᠭᠡᠭᠡᠳ᠂ ᠵᠡᠷᠭᠡᠯᠡᠳᠡᠭᠡ ᠬᠣᠲᠠ᠎ᠲᠠᠢ᠎ᠪᠠᠨ ᠬᠠᠮᠲᠤᠷᠠᠨ ᠬᠣᠨᠢ᠎ᠪᠠᠨ ᠨᠡᠢᠯᠡᠭᠦᠯᠵᠦ ᠵᠠᠩᠭᠤᠲᠤ ᠭᠡᠳᠡᠭ ᠭᠠᠵᠠᠷ ᠤᠷᠤᠭᠤ ᠠᠪᠠᠴᠢᠭᠰᠠᠨ ᠪᠠᠢᠨ᠎ᠠ᠃

ᠬᠣᠶᠠᠳᠤᠭᠠᠷ ᠰᠠᠷ᠎ᠠ᠎ᠶᠢᠨ ᠬᠣᠷᠢᠨ ᠨᠢᠭᠡᠨ᠎ᠳᠦ ᠰᠢᠨ᠎ᠡ ᠪᠠᠭᠤᠭᠰᠠᠨ ᠬᠠᠪᠤᠷᠵᠢᠶ᠎ᠠ - ᠴᠠᠭᠠᠨ ᠲᠣᠯᠤᠭᠠᠢ ᠭᠡᠳᠡᠭ ᠭᠠᠵᠠᠷ᠎ᠲᠤ ᠭᠡᠷ ᠪᠠᠷᠢᠵᠤ ᠲᠥᠪᠬᠢᠨᠡᠭᠦᠯᠪᠡ᠃ ᠦᠳᠡ᠎ᠶᠢᠨ ᠬᠣᠢᠨ᠎ᠠ᠎ᠨᠢ ᠴᠡᠴᠡᠭ ᠬᠦᠷᠭᠡᠨ ᠠᠬ᠎ᠠ᠎ᠲᠠᠢ᠎ᠪᠠᠨ ᠬᠣᠶᠠᠭᠤᠯᠠ ᠬᠣᠨᠢ᠎ᠪᠠᠨ ᠢᠯᠭᠠᠵᠤ ᠠᠪᠴᠢᠷᠠᠬᠤ᠎ᠪᠠᠷ ᠵᠠᠩᠭᠤᠲᠤ ᠬᠦᠷᠲᠡᠯ᠎ᠡ ᠲᠠᠪᠢ ᠰᠢᠬᠠᠮ ᠭᠠᠵᠠᠷ ᠵᠠᠢᠲᠠᠢ ᠲᠤᠯᠠ ᠠᠬ᠎ᠠ ᠳᠡᠭᠦᠦ ᠬᠣᠶᠠᠷ᠂ ᠬᠠᠭᠠᠰ ᠲᠣᠬᠤᠢ ᠰᠢᠬᠠᠮ ᠵᠤᠵᠠᠭᠠᠨ ᠴᠠᠰᠤᠨ᠎ᠳᠤ ᠮᠠᠴᠤᠯᠬᠢᠯᠠᠨ ᠠᠯᠬᠤᠭᠰᠠᠭᠠᠷ ᠲᠡᠷᠡ ᠡᠳᠦᠷ᠎ᠲᠡᠭᠡᠨ ᠤᠤᠯ ᠵᠡᠷᠭᠡᠯᠡᠳᠡᠭᠡ ᠬᠣᠲᠠ ᠠᠢᠯ᠎ᠤᠨ ᠪᠠᠭᠤᠭᠰᠠᠨ ᠬᠠᠪᠤᠷᠵᠢᠶ᠎ᠠ - ᠳᠠᠪᠬᠤᠷ ᠣᠪᠤᠭ᠎ᠠ ᠭᠡᠳᠡᠭ ᠭᠠᠵᠠᠷ᠎ᠲᠤ ᠬᠦᠷᠴᠦ ᠬᠣᠨᠤᠭᠠᠳ ᠮᠠᠷᠭᠠᠰᠢ ᠥᠷᠯᠦᠭᠡ᠎ᠨᠢ ᠭᠤᠷᠪᠠᠨ ᠴᠠᠭ᠎ᠲᠤ ᠪᠣᠰᠴᠤ ᠴᠠᠢ ᠤᠤᠭᠤᠭᠠᠳ ᠲᠡᠷᠡ ᠬᠣᠲᠠᠨ᠎ᠤ ᠬᠥᠮᠦᠨ᠎ᠲᠡᠢ ᠬᠠᠮᠲᠤ ᠭᠤᠷᠪᠠᠭᠤᠯᠠ ᠬᠥᠳᠡᠯᠪᠡ᠃ ᠵᠠᠩᠭᠤᠲᠤ ᠬᠦᠷᠬᠦ᠎ᠳᠦ ᠥᠷᠯᠦᠭᠡ ᠳᠣᠯᠤᠭᠠᠨ ᠴᠠᠭ ᠪᠣᠯᠵᠤ ᠪᠠᠢᠪᠠ᠃

ᠥᠷᠯᠦᠭᠡ ᠲᠡᠭᠷᠢ ᠲᠤᠩ ᠰᠠᠢᠬᠠᠨ ᠪᠠᠢᠯ᠎ᠠ᠃ ᠮᠥᠩᠭᠦᠨ ᠴᠠᠭᠠᠨ ᠲᠠᠯ᠎ᠠ ᠬᠥᠪᠡᠭᠡ ᠬᠢᠵᠠᠭᠠᠷ᠎ᠦᠭᠡᠢ᠂ ᠴᠠᠰᠤᠨ᠎ᠤ ᠳᠣᠣᠷ᠎ᠠ᠎ᠠᠴᠠ ᠪᠤᠯᠲᠠᠢᠨ ᠭᠢᠯᠲᠠᠭᠠᠨᠠᠬᠤ ᠬᠢᠶᠠᠭ ᠬᠢᠯᠭᠠᠨ᠎ᠠ ᠥᠷᠯᠦᠭᠡ᠎ᠶᠢᠨ ᠨᠠᠷᠠᠨ᠎ᠤ ᠰᠢᠷᠭᠠᠯ ᠲᠤᠶᠠᠭᠠᠨ᠎ᠳᠤ ᠭᠠᠩᠬᠤᠨ ᠳᠣᠬᠢᠯᠵᠠᠬᠤ᠎ᠨᠢ ᠴᠡᠴᠡᠭ᠎ᠦᠨ ᠨᠢᠳᠦᠨ᠎ᠳᠦ ᠣᠨᠴᠠ ᠰᠠᠢᠬᠠᠨ ᠬᠠᠷᠠᠭᠳᠠᠵᠤ ᠪᠠᠢᠯ᠎ᠠ᠃ ᠴᠣᠪᠤᠭᠤ ᠳᠡᠭᠵᠢᠨ ᠵᠠᠩᠲᠠᠢ ᠴᠡᠴᠡᠭ ᠬᠡᠦᠬᠡᠨ ᠳᠠᠭᠤᠤ ᠠᠶᠠᠯᠤᠨ ᠭᠦᠶᠦᠵᠦ ᠶᠠᠪᠤᠩᠭᠤᠲᠠ᠎ᠪᠠᠨ ᠨᠢᠭᠡ ᠪᠤᠲᠠ ᠬᠢᠯᠭᠠᠨ᠎ᠠ ᠲᠠᠰᠤᠳᠠᠵᠤ ᠠᠪᠤᠭᠠᠳ ᠬᠦᠷᠭᠡᠨ ᠠᠬ᠎ᠠ᠎ᠪᠠᠨ ᠳᠠᠭᠤᠳᠠᠵᠤ 《ᠬᠦᠷᠭᠡᠨ ᠠᠬ᠎ᠠ ᠡ᠂ ᠡᠨᠡ ᠪᠡᠯᠴᠢᠭᠡᠷ᠎ᠢ ᠦᠵᠡ᠂ ᠣᠳᠣ ᠮᠠᠨ᠎ᠤ ᠬᠣᠨᠢ ᠠᠷᠭ᠎ᠠ᠎ᠲᠠᠢ ᠪᠣᠯᠤᠯ᠎ᠠ ᠰᠢᠤ᠂ ᠳᠥᠩᠭᠡᠭᠡᠳ᠎ᠯᠡ ᠡᠨᠡ ᠴᠠᠰᠤ ᠬᠠᠭᠵᠠᠷᠠᠳᠠᠭ ᠪᠣᠯ ᠪᠡᠯᠴᠢᠭᠡᠷ ᠭᠡᠳᠡᠭ᠎ᠴᠦ ᠡᠨᠳᠡ ᠬᠠᠯᠢᠭᠤᠷᠠᠭᠠᠳ ᠭᠠᠷᠤᠨ᠎ᠠ ᠰᠢᠤ᠂ ᠲᠡᠷᠡ ᠦᠶ᠎ᠡ᠎ᠳᠦ ᠮᠢᠨᠦ 〈ᠰᠡᠭᠰᠡᠭᠡᠷ ᠴᠠᠭᠠᠨ〉᠂ 〈ᠬᠤᠪᠠ ᠰᠢᠷ᠎ᠠ〉 ᠬᠣᠶᠠᠷ ᠪᠠᠰᠠ ᠲᠥᠯᠯᠡᠴᠢᠬᠡᠨ᠎ᠡ᠂ ᠶᠠᠮᠠᠷ ᠰᠠᠢᠬᠠᠨ ᠢᠰᠢᠭᠡ ᠬᠤᠷᠠᠭ᠎ᠠ ᠭᠠᠷᠳᠠᠭ ᠪᠣᠯ? ᠲᠡᠭᠡᠪᠡᠯ ᠪᠢ ᠪᠠᠰᠠ᠎ᠯᠠ ᠡᠨᠡ ᠬᠣᠶᠠᠷ᠎ᠰᠢᠭ᠋᠎ᠢᠶᠠᠨ ᠡᠷᠬᠡᠯᠡᠭᠦᠯᠵᠦ ᠪᠠᠢᠭᠠᠳ ᠪᠡᠶ᠎ᠡ᠎ᠳᠡᠭᠡᠨ ᠳᠠᠰᠭᠠᠨ᠎ᠠ》 ᠭᠡᠵᠦ ᠢᠨᠢᠶᠡᠨ ᠬᠡᠯᠡᠬᠦ᠎ᠳᠦ ᠪᠤᠯᠪᠠᠷᠠᠢ ᠪᠣᠷᠤ ᠴᠢᠷᠠᠢ᠎ᠨᠢ ᠳᠡᠯᠭᠡᠷᠡᠵᠦ ᠪᠠᠢᠭ᠎ᠠ ᠴᠡᠴᠡᠭ᠎ᠰᠢᠭ ᠤᠯᠠᠯᠵᠠᠨ᠎ᠠ᠃

ᠴᠡᠴᠡᠭ᠎ᠦᠨ᠎ᠮᠢᠨᠢ ᠪᠠᠶᠠᠰᠭᠤᠯᠠᠩ ᠡᠭᠦᠨ᠎ᠳᠦ ᠪᠠᠢᠬᠤ᠎ᠶᠤᠮ᠃ ᠲᠡᠷᠡ ᠠᠷᠢᠭᠤᠨ ᠴᠠᠭᠠᠨ ᠬᠥᠳᠡᠯᠮᠦᠷᠢ᠎ᠪᠡᠷ ᠵᠣᠷᠢᠯᠭ᠎ᠠ᠎ᠪᠠᠨ ᠪᠣᠯᠭᠠᠵᠤ᠂ ᠡᠯᠪᠡᠭ ᠪᠠᠶᠠᠨ᠂ ᠡᠷᠬᠡ ᠲᠡᠭᠰᠢ ᠠᠮᠢᠳᠤᠷᠠᠯ᠎ᠢᠶᠠᠷ ᠬᠦᠰᠡᠯᠡᠩ᠎ᠢᠶᠡᠨ ᠪᠣᠯᠭᠠᠭᠰᠠᠨ ᠲᠤᠯᠠ ᠬᠥᠷ ᠴᠠᠰᠤᠨ᠎ᠤ ᠳᠤᠮᠳᠠᠭᠤᠷ ᠬᠥᠮᠦᠨ᠎ᠦ ᠠᠮᠢᠳᠤᠷᠠᠯ᠎ᠤᠨ ᠵᠢᠷᠭᠠᠯ᠎ᠤᠨ ᠲᠥᠯᠦᠭᠡ ᠪᠡᠭᠡᠷᠡᠵᠦ᠂ ᠶᠠᠳᠠᠷᠠᠵᠤ ᠵᠦᠳᠡᠷᠡᠨ ᠲᠡᠮᠡᠴᠡᠬᠦ᠎ᠳᠡᠭᠡᠨ ᠵᠢᠷᠭᠠᠯᠲᠠᠢ᠎ᠯᠠ ᠭᠡᠵᠦ ᠪᠣᠳᠤᠵᠤ ᠶᠠᠪᠤᠳᠠᠭ ᠪᠠᠢᠵᠠᠢ᠃

ᠴᠡᠴᠡᠭ ᠬᠦᠷᠭᠡᠨ ᠠᠬ᠎ᠠ᠎ᠲᠠᠢ᠎ᠪᠠᠨ ᠬᠣᠶᠠᠭᠤᠯᠠ ᠵᠠᠩᠭᠤᠲᠤ᠎ᠠᠴᠠ ᠬᠣᠨᠢ ᠢᠯᠭᠠᠵᠤ ᠠᠪᠤᠭᠠᠳ ᠠᠶᠠᠭ᠎ᠠ ᠴᠠᠢ ᠤᠤᠭᠤᠭᠠᠳ ᠭᠠᠷᠴᠤ ᠢᠷᠡᠲᠡᠯ᠎ᠡ ᠦᠳᠡ᠎ᠶᠢᠨ ᠡᠮᠦᠨ᠎ᠡ᠎ᠶᠢᠨ ᠠᠷᠪᠠᠨ ᠴᠠᠭ ᠪᠣᠯᠴᠢᠬᠠᠪᠠ᠃

《ᠬᠠᠪᠤᠷ᠎ᠤᠨ ᠲᠡᠭᠷᠢ ᠬᠠᠭᠠᠰ᠎ᠲᠠᠢ ᠬᠤᠭᠤᠰ᠎ᠲᠠᠢ》 ᠭᠡᠳᠡᠭᠴᠢᠯᠡᠨ ᠠᠬ᠎ᠠ ᠳᠡᠭᠦᠦ ᠬᠣᠶᠠᠷ᠎ᠢ ᠬᠣᠨᠢ᠎ᠪᠠᠨ ᠭᠡᠯᠢᠭᠡᠳ ᠪᠤᠴᠠᠵᠤ ᠶᠠᠪᠤᠲᠠᠯ᠎ᠠ ᠰᠢᠭᠤᠷᠭᠠᠨ ᠳᠡᠭᠳᠡᠯ᠎ᠡ᠃ ᠠᠩᠬᠠᠨ᠎ᠳᠠᠭᠠᠨ ᠬᠡᠰᠡᠭ ᠬᠠᠷᠠᠩᠭᠤᠢᠯᠠᠵᠤ ᠬᠡᠰᠡᠭ ᠭᠡᠢᠵᠦ ᠪᠠᠢᠭᠰᠠᠨ᠎ᠢᠶᠠᠨ ᠰᠡᠭᠦᠯ᠎ᠳᠡᠭᠡᠨ ᠪᠦᠷ ᠲᠡᠭᠷᠢ ᠭᠠᠵᠠᠷ᠎ᠢ ᠨᠡᠢᠯᠡᠭᠦᠯᠦᠮᠡᠷ ᠬᠠᠷᠠᠩᠭᠤᠢᠯᠠᠵᠤ᠂ ᠬᠣᠨᠢᠨ᠎ᠤ ᠬᠣᠶᠠᠷ ᠲᠠᠯ᠎ᠠ᠎ᠳᠤᠨᠢ ᠶᠠᠪᠤᠵᠤ ᠪᠠᠢᠭᠰᠠᠨ ᠠᠬ᠎ᠠ ᠥᠬᠢᠨ ᠳᠡᠭᠦᠦ ᠬᠣᠶᠠᠷ ᠪᠡᠶ᠎ᠡ ᠪᠡᠶ᠎ᠡ᠎ᠪᠡᠨ ᠣᠯᠵᠤ ᠦᠵᠡᠬᠦ᠎ᠪᠡᠨ ᠪᠠᠢᠪᠠ᠃ ᠬᠦᠴᠦᠲᠦ ᠰᠢᠭᠤᠷᠭᠠᠨ ᠬᠥᠨᠦᠭᠡᠯᠲᠦ ᠮᠠᠩᠭᠤᠰ᠎ᠰᠢᠭ᠋ ᠦᠩᠭᠢᠨᠡᠨ ᠱᠦᠩᠭᠢᠨᠡᠵᠦ ᠭᠠᠯᠵᠠᠭᠤᠷᠠᠨ ᠠᠷᠬᠢᠷᠠᠵᠤ᠂ ᠭᠡᠳᠡᠰᠦ ᠬᠣᠭᠤᠰᠤᠨ ᠬᠣᠨᠢᠳ᠎ᠢ ᠬᠣᠷᠭᠤᠯ᠎ᠰᠢᠭ᠋ ᠰᠢᠪᠬᠠᠳᠠᠭᠠᠳ᠂ ᠲᠡᠳᠡ ᠬᠣᠶᠠᠷ ᠶᠠᠭᠠᠬᠢᠵᠤ ᠬᠣᠷᠢᠭᠰᠠᠨ᠎ᠴᠤ ᠳᠡᠢᠯᠬᠦ᠎ᠪᠡᠨ ᠪᠣᠯᠢᠵᠤ ᠤᠷᠤᠭᠤᠳᠠᠨ ᠪᠠᠢᠪᠠ᠃ ᠲᠡᠷᠡ ᠬᠣᠶᠠᠷ 《ᠬᠣᠨᠢ᠎ᠠᠴᠠ᠎ᠪᠠᠨ ᠶᠠᠭᠠᠬᠢᠭᠰᠠᠨ᠎ᠴᠤ ᠰᠠᠯᠵᠤ ᠪᠣᠯᠬᠤ᠎ᠦᠭᠡᠢ》 ᠭᠡᠳᠡᠭ ᠪᠣᠳᠤᠯ᠎ᠢ ᠴᠢᠩᠭ᠎ᠠ ᠪᠠᠷᠢᠵᠤ᠂ ᠬᠣᠨᠢ᠎ᠪᠠᠨ ᠬᠠᠰᠢᠨ ᠲᠡᠮᠡᠴᠡᠯᠳᠦᠵᠦ ᠶᠠᠪᠤᠯ᠎ᠠ᠃ ᠰᠢᠭᠤᠷᠭ᠎ᠠ ᠤᠯᠠᠮ ᠰᠢᠷᠦᠭᠦᠰᠴᠦ ᠴᠠᠰᠤ ᠪᠠᠰᠠ ᠨᠡᠮᠡᠨ ᠣᠷᠤᠵᠤ ᠤᠯᠠᠮ᠎ᠢᠶᠠᠷ ᠲᠡᠭᠷᠢ ᠭᠠᠵᠠᠷ ᠨᠡᠢᠯᠡᠮᠡᠷ ᠪᠣᠯᠵᠤ᠂ ᠨᠠᠷᠠ ᠬᠠᠮᠢᠭ᠎ᠠ ᠪᠠᠢᠬᠤ᠎ᠨᠢ᠎ᠴᠤ ᠮᠡᠳᠡᠭᠳᠡᠬᠦ᠎ᠦᠭᠡᠢ ᠪᠣᠯᠪᠠ᠃ ᠲᠡᠭᠡᠵᠦ ᠲᠡᠮᠡᠴᠡᠯᠳᠦᠵᠦ ᠶᠠᠪᠤᠭᠰᠠᠭᠠᠷ ᠰᠢᠭᠤᠷᠭ᠎ᠠ ᠨᠢᠭᠡ ᠵᠢᠭᠠᠬᠠᠨ ᠨᠠᠮᠳᠠᠬᠤ᠎ᠰᠢᠭ᠋ ᠪᠣᠯᠬᠤ᠎ᠳᠤ᠂ ᠬᠠᠷᠠᠪᠠᠯ ᠳᠠᠪᠬᠤᠷ ᠣᠪᠤᠭᠠᠨ᠎ᠤ ᠠᠢᠯ ᠪᠠᠷᠠᠭᠤᠨᠲᠠᠢᠬᠠᠨ᠎ᠨᠢ ᠬᠠᠷᠠᠭᠳᠠᠵᠤ ᠪᠠᠢᠯ᠎ᠠ᠃ ᠬᠦᠷᠭᠡᠨ ᠠᠬ᠎ᠠ᠎ᠨᠢ ᠴᠠᠭ᠎ᠢᠶᠠᠨ ᠦᠵᠡᠪᠡᠯ ᠨᠢᠭᠡᠨᠲᠡ ᠲᠠᠪᠤᠨ ᠴᠠᠭ ᠪᠣᠯᠴᠢᠬᠠᠭᠰᠠᠨ ᠪᠠᠢᠪᠠ᠃

ᠲᠡᠳᠡ ᠬᠣᠶᠠᠭᠤᠯᠠ ᠥᠷᠯᠦᠭᠡ᠎ᠶᠢᠨ ᠲᠠᠪᠤᠨ ᠴᠠᠭ᠎ᠲᠤ ᠵᠢᠭᠠᠬᠠᠨ ᠶᠠᠭᠤᠮ᠎ᠠ ᠢᠳᠡᠵᠦ ᠴᠠᠢ ᠤᠤᠭᠤᠭᠠᠳ ᠭᠠᠷᠤᠭᠰᠠᠨ᠎ᠠᠴᠠ ᠬᠣᠢᠰᠢ ᠠᠷᠪᠠᠨ ᠴᠠᠭ᠎ᠤᠨ ᠠᠯᠲᠠ᠎ᠳᠤ ᠵᠠᠩᠭᠤᠲᠤ᠎ᠶᠢᠨ ᠠᠢᠯ᠎ᠳᠤ ᠠᠶᠠᠭ᠎ᠠ ᠴᠠᠢ ᠤᠤᠭᠤᠭᠰᠠᠨ᠎ᠠᠴᠠ ᠥᠭᠡᠷ᠎ᠡ ᠬᠡᠯᠡᠨ ᠳᠡᠭᠡᠷ᠎ᠡ᠎ᠪᠡᠨ ᠶᠠᠭᠤᠮ᠎ᠠ ᠲᠠᠯᠪᠢᠭᠠᠳᠤᠢ ᠶᠠᠪᠤᠭ᠎ᠠ ᠳᠡᠭᠡᠷ᠎ᠡ ᠲᠤᠷᠰᠢᠯᠭ᠎ᠠ᠎ᠦᠭᠡᠢ᠎ᠠᠴᠠ ᠬᠠᠭᠤᠮᠠᠭᠠᠢᠳᠠᠨ᠂ ᠲᠡᠭᠷᠢ᠎ᠶᠢᠨ ᠰᠠᠢᠬᠠᠨ᠎ᠳᠤ ᠬᠠᠭᠤᠷᠲᠠᠵᠤ ᠬᠤᠪᠴᠠᠰᠤ ᠨᠢᠮᠭᠡᠨ᠎ᠲᠡᠢ ᠭᠠᠷᠴᠤ ᠢᠷᠡᠭᠰᠡᠨ ᠲᠤᠯᠠ ᠥᠯᠦᠰᠴᠦ ᠶᠠᠳᠠᠷᠠᠬᠤ ᠬᠣᠣᠰᠯᠠᠭᠠᠳ ᠪᠠᠷᠤᠭ ᠬᠥᠯ᠎ᠢᠶᠡᠨ ᠡᠷᠭᠦᠬᠦ ᠲᠡᠩᠬᠡᠭᠡ᠎ᠦᠭᠡᠢ ᠪᠣᠯᠵᠠᠢ᠃

ᠶᠠᠭ ᠡᠨᠡ ᠦᠶ᠎ᠡ᠎ᠳᠦ ᠠᠢᠯ ᠬᠠᠷᠠᠭᠳᠠᠬᠤ ᠭᠡᠳᠡᠭ᠎ᠴᠢᠨᠢ! ᠠᠢᠯ᠂ ᠨᠢᠯᠴᠢᠭᠢᠨᠡᠨ ᠤᠯᠠᠢᠵᠤ ᠬᠦᠷᠴᠢᠭᠢᠨᠡᠨ ᠳᠤᠯᠠᠯᠵᠠᠭᠰᠠᠨ ᠭᠠᠯ᠎ᠲᠠᠢ ᠵᠤᠤᠬ᠎ᠠ᠂ ᠠᠭᠤᠷ ᠰᠠᠪᠰᠠᠮ᠎ᠠ ᠬᠣᠭᠤᠯᠠ ᠴᠠᠢ᠂ ᠬᠠᠯᠠᠭᠤᠨ ᠳᠤᠯᠠᠭᠠᠨ ᠣᠷᠤᠨᠵᠢ᠎ᠨᠢ ᠴᠠᠰᠤ ᠮᠥᠰᠦᠨ᠎ᠳᠦ ᠥᠯᠦᠨ ᠬᠣᠭᠤᠰᠤᠨ᠎ᠢᠶᠠᠷ ᠡᠳᠦᠷᠵᠢᠨ ᠬᠣᠨᠢ᠎ᠲᠠᠢ ᠨᠣᠴᠤᠯᠳᠤᠵᠤ᠂ ᠲᠠᠭᠠᠷᠠᠵᠤ ᠪᠡᠭᠡᠷᠡᠵᠦ ᠵᠦᠳᠡᠷᠡᠭᠰᠡᠨ ᠬᠥᠮᠦᠰ᠎ᠲᠦ ᠶᠠᠭᠤᠲᠠᠢ ᠰᠠᠢᠬᠠᠨ ᠰᠠᠨᠠᠭᠳᠠᠬᠤ᠎ᠨᠢ ᠪᠤᠢ! ᠶᠠᠭᠤᠲᠠᠢ ᠶᠡᠬᠡ ᠲᠠᠲᠠᠬᠤ ᠬᠦᠴᠦᠨ᠎ᠲᠡᠢ ᠠᠵᠢ!

ᠠᠬ᠎ᠠ ᠥᠬᠢᠨ ᠳᠡᠭᠦᠦ ᠬᠣᠶᠠᠭᠤᠯᠠ ᠬᠣᠨᠢ᠎ᠪᠠᠨ ᠡᠷᠭᠢᠭᠦᠯᠵᠦ ᠲᠡᠷᠡ ᠠᠢᠯ᠎ᠳᠤ ᠣᠴᠢᠬᠤ᠎ᠪᠠᠷ ᠰᠢᠭᠤᠳᠤᠨ ᠬᠣᠨᠢ᠎ᠪᠠᠨ ᠥᠭᠡᠳᠡ᠎ᠨᠢ ᠭᠡᠯᠢᠵᠦ ᠡᠬᠢᠯᠡᠪᠡ᠃

ᠭᠡᠪᠡᠴᠦ ᠭᠠᠢ᠎ᠲᠠᠢ ᠲᠡᠭᠷᠢ ᠪᠠᠰᠠ᠎ᠯᠠ ᠳᠠᠬᠢᠭᠠᠳ ᠭᠠᠯᠵᠠᠭᠤᠷᠠᠵᠤ᠂ ᠰᠠᠯᠬᠢᠨ᠎ᠳᠤ ᠤᠯᠠᠮ ᠰᠢᠷᠦᠭᠦᠰᠦᠭᠡᠳ ᠰᠢᠭᠤᠷᠭ᠎ᠠ ᠲᠡᠭᠷᠢ ᠭᠠᠵᠠᠷ᠎ᠢ ᠨᠡᠢᠯᠡᠭᠦᠯᠦᠨ ᠪᠠᠳᠯᠠᠵᠤ᠂ ᠲᠡᠳᠡ ᠬᠣᠶᠠᠷ ᠪᠡᠶ᠎ᠡ᠎ᠪᠡᠨ ᠪᠦᠷ ᠣᠯᠵᠤ ᠦᠵᠡᠬᠦ᠎ᠪᠡᠨ ᠪᠣᠯᠢᠵᠤ᠂ ᠬᠣᠨᠢᠳ᠎ᠨᠢ ᠰᠢᠭᠤᠷᠭᠠᠨ᠎ᠤ ᠤᠷᠤᠭᠤ ᠪᠥᠮᠪᠦᠷᠢᠯᠳᠦᠨ ᠤᠷᠤᠭᠤᠳᠠᠵᠤ ᠡᠬᠢᠯᠡᠪᠡ᠃ ᠴᠠᠰᠤ ᠣᠷᠤᠨ ᠰᠢᠭᠤᠷᠴᠤ ᠤᠯᠠᠮ ᠵᠤᠵᠠᠭᠠᠨ ᠪᠣᠯᠤᠭᠠᠳ᠂ ᠠᠯᠬᠤᠬᠤ ᠪᠦᠷᠢ ᠭᠤᠳᠤᠷᠴᠤ᠂ ᠱᠠᠬᠠᠢ ᠡᠮᠦᠰᠦᠭᠰᠡᠨ ᠴᠡᠴᠡᠭ᠎ᠦᠨ ᠰᠢᠷᠬᠤᠨᠠᠭ᠎ᠢᠶᠠᠷ᠎ᠨᠢ ᠴᠠᠰᠤ ᠴᠢᠬᠢᠭᠡᠳ᠂ ᠬᠢᠩᠭᠠᠷ᠎ᠠ ᠰᠢᠯᠪᠢ᠎ᠶᠢ ᠳᠠᠭᠠᠵᠤ ᠬᠠᠢᠯᠤᠨ ᠭᠡᠰᠴᠦ᠂ ᠳᠠᠬᠢᠨ ᠬᠥᠯᠳᠡᠭᠡᠳ᠂ ᠮᠥᠰᠦᠨ ᠭᠤᠲᠤᠯ ᠡᠮᠦᠰᠦᠭᠰᠡᠨ᠎ᠰᠢᠭ ᠪᠣᠯᠵᠤ᠂ ᠬᠥᠯ᠎ᠢ᠎ᠨᠢ ᠲᠠᠰᠤ ᠵᠢᠮᠵᠢᠭᠢᠨᠡᠭᠦᠯᠵᠦ ᠪᠠᠢᠯ᠎ᠠ᠃ ᠨᠠᠰᠤ ᠪᠠᠯᠴᠢᠷ᠂ ᠭᠡᠳᠡᠰᠦ ᠬᠣᠭᠤᠰᠤᠨ ᠴᠡᠴᠡᠭ᠎ᠦᠨ ᠲᠠᠮᠢᠷ ᠲᠡᠩᠬᠡᠭᠡ ᠨᠢᠭᠡᠮᠦᠰᠦᠨ ᠪᠠᠷᠠᠭᠳᠠᠵᠤ ᠵᠢᠮᠵᠢᠭᠢᠨᠡᠵᠦ ᠪᠠᠢᠭᠰᠠᠨ ᠬᠥᠯ᠎ᠨᠢ ᠨᠢᠭᠡᠨᠲᠡ ᠮᠡᠳᠡᠭᠡ᠎ᠦᠭᠡᠢ ᠪᠣᠯᠵᠤ᠂ ᠠᠯᠬᠤᠮ ᠪᠦᠷᠢ᠎ᠳᠦ᠎ᠴᠦ ᠪᠦᠷ ᠪᠦᠬᠦ ᠪᠡᠶ᠎ᠡ᠎ᠡᠴᠡ᠎ᠨᠢ ᠬᠦᠢᠲᠡᠨ ᠬᠥᠯᠦᠰᠦ ᠴᠢᠬᠠᠷᠠᠵᠤ ᠪᠠᠢᠯ᠎ᠠ᠃

ᠬᠦᠷᠭᠡᠨ ᠠᠬ᠎ᠠ᠎ᠨᠢ ᠴᠡᠴᠡᠭ᠎ᠢ᠎ᠪᠡᠨ ᠦᠵᠡᠭᠡᠳ 《 ᠴᠢ ᠬᠤᠷᠳᠤᠨ ᠡᠨᠡ ᠠᠢᠯ᠎ᠳᠤ ᠣᠴᠢᠵᠤ ᠶᠠᠭᠤᠮ᠎ᠠ ᠬᠡᠦᠮ᠎ᠡ ᠢᠳᠡᠵᠦ ᠳᠤᠯᠠᠭᠠᠴᠠᠭᠠᠳ ᠬᠤᠪᠴᠠᠰᠤ ᠵᠤᠵᠠᠭᠠᠯᠠᠵᠤ ᠡᠮᠦᠰᠦᠭᠡᠳ ᠢᠷ᠎ᠡ᠂ ᠪᠢ ᠭᠠᠭᠴᠠᠭᠠᠷ ᠬᠣᠨᠢ᠎ᠪᠠᠨ ᠬᠣᠷᠢᠭᠠᠵᠤ ᠪᠠᠢᠶ᠎ᠠ》 ᠭᠡᠵᠦ ᠱᠠᠭᠠᠷᠳᠠᠪᠠ᠃ ᠴᠡᠴᠡᠭ ᠮᠥᠨ ᠥᠪᠡᠷ᠎ᠲᠡᠢ᠎ᠨᠢ ᠠᠳᠠᠯᠢᠬᠠᠨ ᠬᠥᠯᠳᠡᠵᠦ ᠪᠡᠭᠡᠷᠡᠵᠦ ᠥᠯᠦᠰᠴᠦ ᠶᠠᠳᠠᠷᠠᠭᠰᠠᠨ ᠬᠦᠷᠭᠡᠨ ᠠᠬ᠎ᠠ᠎ᠪᠠᠨ ᠬᠠᠷᠠᠵᠤ ᠲᠣᠯᠤᠭᠠᠢ᠎ᠪᠠᠨ ᠰᠠᠵᠢᠨ ᠲᠤᠩᠭᠠᠯᠠᠭ ᠬᠠᠷ᠎ᠠ ᠨᠢᠳᠦ᠎ᠪᠡᠨ ᠪᠦᠯᠲᠡᠭᠡᠨᠡᠭᠦᠯᠵᠦ 《ᠪᠣᠯᠬᠤ᠎ᠦᠭᠡᠢ᠂ ᠠᠬ᠎ᠠ ᠭᠠᠭᠴᠠᠭᠠᠷ᠎ᠢᠶᠠᠨ ᠶᠠᠭᠠᠬᠢᠵᠤ ᠬᠣᠨᠢ᠎ᠪᠠᠨ ᠳᠡᠢᠯᠬᠦ ᠪᠤᠢ? ᠶᠠᠭᠠᠬᠢᠭᠰᠠᠨ᠎ᠴᠤ ᠬᠣᠨᠢ᠎ᠪᠠᠨ ᠠᠯᠳᠠᠵᠤ ᠪᠣᠯᠬᠤ᠎ᠦᠭᠡᠢ᠂ ᠪᠢ ᠶᠠᠪᠤᠬᠤ᠎ᠦᠭᠡᠢ》 ᠭᠡᠪᠡ᠃ ᠬᠦᠷᠭᠡᠨ ᠠᠬ᠎ᠠ᠎ᠨᠢ ᠴᠡᠴᠡᠭ᠎ᠦᠨ ᠳᠠᠭᠠᠷᠠᠵᠤ ᠪᠡᠭᠡᠷᠡᠭᠡᠳ ᠪᠣᠯᠬᠤ᠎ᠪᠠᠨ ᠪᠠᠢᠭᠰᠠᠨ᠎ᠢ ᠦᠵᠡᠵᠦ ᠮᠠᠭᠤ ᠴᠢᠷᠠᠢ ᠭᠠᠷᠭᠠᠨ ᠳᠡᠭᠦᠦ᠎ᠪᠡᠨ ᠵᠠᠩᠨᠠᠵᠤ᠂ 《ᠪᠢ ᠮᠡᠳᠡᠵᠦ ᠪᠠᠢᠨ᠎ᠠ᠂ ᠴᠢ ᠬᠤᠷᠳᠤᠨ ᠶᠠᠪᠤ》 ᠭᠡᠵᠦ ᠵᠠᠩᠳᠤᠷᠤᠭᠠᠳ ᠤᠷᠤᠭᠤᠳᠠᠵᠤ ᠪᠠᠢᠭ᠎ᠠ ᠬᠣᠨᠢᠳ᠎ᠤᠨ᠎ᠢᠶᠠᠨ ᠠᠷᠤ᠎ᠠᠴᠠ ᠭᠦᠶᠦᠪᠡ᠃ ᠴᠡᠴᠡᠭ ᠠᠷᠭ᠎ᠠ᠎ᠦᠭᠡᠢ ᠬᠥᠯᠳᠡᠭᠰᠡᠨ ᠬᠥᠯ᠎ᠢᠶᠡᠨ ᠴᠢᠷᠴᠦ ᠠᠢᠯ ᠤᠷᠤᠭᠤ ᠡᠪᠦᠳᠦᠭ ᠲᠤᠯᠤᠮ᠎ᠠ ᠴᠠᠰᠤᠨ ᠳᠤᠮᠳᠠᠭᠤᠷ ᠠᠷᠠᠢ ᠴᠢᠮᠠᠢ ᠠᠯᠬᠤᠵᠤ ᠪᠠᠢᠭᠰᠠᠨ᠎ᠢᠶᠠᠨ ᠡᠷᠭᠢᠵᠦ ᠬᠠᠷᠠᠪᠠᠯ ᠬᠣᠨᠢᠳ᠎ᠨᠢ ᠰᠠᠯᠬᠢᠨ᠎ᠤ ᠤᠷᠤᠭᠤ ᠪᠥᠮᠪᠦᠷᠢᠯᠳᠦᠨ ᠭᠦᠶᠦᠯᠳᠦᠵᠦ᠂ ᠬᠦᠴᠦᠲᠦ ᠰᠢᠭᠤᠷᠭᠠᠨ ᠬᠣᠨᠢᠨ ᠰᠦᠷᠦᠭ᠎ᠢ᠎ᠨᠢ ᠪᠦᠬᠦᠯᠢ᠎ᠪᠡᠷ᠎ᠨᠢ ᠵᠠᠯᠭᠢᠮᠠᠷ ᠰᠢᠪᠬᠠᠳᠠᠨ ᠢᠰᠭᠡᠷᠴᠦ᠂ ᠬᠦᠷᠭᠡᠨ ᠠᠬ᠎ᠠ᠎ᠨᠢ ᠬᠣᠨᠢᠨ᠎ᠤ᠎ᠪᠠᠨ ᠤᠷᠳᠤᠭᠤᠷ᠎ᠨᠢ ᠨᠠᠰᠢ ᠴᠠᠰᠢ ᠭᠦᠶᠦᠵᠦ ᠶᠠᠭᠠᠬᠢᠵᠤ ᠬᠣᠷᠢᠭᠠᠪᠠᠴᠤ ᠳᠡᠢᠯᠬᠦ᠎ᠦᠭᠡᠢ ᠪᠠᠢᠯ᠎ᠠ᠃

ᠴᠡᠴᠡᠭ ᠡᠭᠦᠨ᠎ᠢ ᠬᠠᠷᠠᠩᠭᠤᠲᠠ᠎ᠪᠠᠨ ᠬᠥᠮᠦᠬᠡᠢ᠎ᠪᠡᠨ ᠲᠠᠰᠤ ᠵᠠᠭᠤᠵᠤ᠂ ᠬᠣᠷᠮᠤᠢ᠎ᠪᠠᠨ ᠰᠢᠭᠤᠭᠠᠳ᠂ ᠡᠪᠦᠳᠦᠭ ᠲᠤᠯᠤᠮ᠎ᠠ ᠴᠠᠰᠤ᠎ᠶᠢ ᠲᠣᠭᠤᠴᠢᠨ᠂ ᠬᠣᠨᠢᠨ᠎ᠤ᠎ᠪᠠᠨ ᠵᠦᠭ ᠬᠠᠷ᠎ᠠ ᠬᠤᠷᠳᠤ᠎ᠪᠠᠷ᠎ᠢᠶᠠᠨ ᠭᠦᠶᠦᠪᠡ᠃ ᠬᠠᠮᠢᠭ᠎ᠠ᠎ᠠᠴᠠ ᠢᠷᠡᠭᠰᠡᠨ ᠲᠡᠢᠮᠦ ᠶᠡᠬᠡ ᠬᠦᠴᠦ ᠵᠣᠷᠢᠭ ᠪᠤᠢ? ᠶᠠᠮᠠᠷ ᠬᠦᠴᠦᠨ ᠴᠢᠨᠦ ᠬᠥᠯᠳᠡᠭᠰᠡᠨ ᠬᠥᠯ᠎ᠢ ᠴᠢᠩᠭᠢᠵᠦ ᠬᠤᠷᠳᠤᠨ ᠬᠥᠳᠡᠯᠭᠡᠪᠡ? ᠪᠠᠭᠠᠲᠤᠷ ᠵᠣᠷᠢᠭᠲᠤ ᠮᠠᠯᠴᠢᠨ ᠬᠡᠦᠬᠡᠨ ᠴᠡᠴᠡᠭ᠎ᠮᠢᠨᠢ!

ᠴᠡᠴᠡᠭ ᠬᠣᠨᠢ ᠤᠷᠤᠭᠤ᠎ᠪᠠᠨ ᠭᠦᠶᠦᠵᠦ ᠶᠠᠪᠤᠲᠠᠯ᠎ᠠ ᠬᠥᠯ᠎ᠳᠦᠨᠢ ᠵᠥᠭᠡᠯᠡᠨ ᠶᠠᠭᠤᠮ᠎ᠠ ᠲᠡᠭᠡᠭᠯᠡᠬᠦ᠎ᠳᠦ ᠲᠣᠷᠴᠤ ᠣᠢᠴᠢᠪᠠ᠃ ᠲᠡᠮᠲᠡᠷᠬᠢᠯᠡᠨ ᠮᠠᠴᠤᠯᠬᠢᠯᠠᠵᠤ ᠪᠣᠰᠤᠭᠠᠳ ᠦᠵᠡᠪᠡᠯ᠂ ᠴᠡᠴᠡᠭ᠎ᠦᠨ ᠬᠠᠮᠤᠭ᠎ᠤᠨ ᠬᠠᠢᠷᠠᠲᠠᠢ ᠡᠷᠬᠡ ᠢᠮᠠᠭ᠎ᠠ 《ᠰᠡᠭᠰᠡᠭᠡᠷ ᠴᠠᠭᠠᠨ》᠎ᠨᠢ ᠲᠠᠷᠳᠠᠭᠠᠳ ᠣᠢᠴᠢᠭᠰᠠᠨ ᠪᠠᠢᠯ᠎ᠠ᠃ ᠬᠡᠭᠡᠯ᠎ᠨᠢ ᠬᠦᠨᠳᠦᠷᠡᠭᠰᠡᠨ ᠡᠨᠡ ᠬᠥᠭᠡᠷᠦᠬᠦᠢ ᠠᠮᠢᠲᠠᠨ᠎ᠢ ᠴᠡᠴᠡᠭ ᠦᠵᠡᠩᠭᠦᠲᠡ᠎ᠪᠡᠨ ᠥᠪᠡᠷ᠎ᠦᠨ ᠡᠷᠬᠡ᠎ᠦᠭᠡᠢ ᠵᠢᠷᠦᠬᠡ᠎ᠨᠢ ᠡᠮᠲᠡᠷᠡᠵᠦ ᠡᠷᠭᠦᠵᠦ ᠪᠣᠰᠭᠠᠪᠠᠯ ᠥᠨᠦᠬᠢ᠎ᠨᠢ ᠨᠢᠭᠡᠮᠦᠰᠦᠨ ᠲᠠᠷᠳᠠᠭᠰᠠᠨ ᠲᠤᠯᠠ ᠳᠠᠬᠢᠭᠠᠳ ᠣᠢᠴᠢᠴᠢᠬᠠᠯ᠎ᠠ᠃ 《 ᠶᠠᠭᠠᠬᠢᠬᠤ ᠪᠤᠢ? ᠬᠠᠶᠠᠭᠠᠳ ᠶᠠᠪᠤᠬᠤ᠎ᠤᠤ?᠎ᠦᠭᠡᠢ᠂ 〈ᠰᠡᠭᠰᠡᠭᠡᠷ ᠴᠠᠭᠠᠨ〉᠎ᠢᠶᠡᠨ ᠶᠠᠭᠠᠬᠢᠭᠰᠠᠨ᠎ᠴᠤ ᠬᠠᠶᠠᠬᠤ᠎ᠦᠭᠡᠢ》 ᠭᠡᠵᠦ ᠵᠣᠷᠢᠭ ᠰᠢᠭᠤᠳᠤᠭᠠᠳ ᠢᠮᠠᠭ᠎ᠠ᠎ᠪᠠᠨ ᠠᠪᠴᠤ ᠡᠭᠦᠷᠦᠮᠡᠭᠴᠡ᠎ᠪᠡᠨ ᠬᠣᠨᠢᠨ᠎ᠤ᠎ᠪᠠᠨ ᠠᠷᠤ᠎ᠠᠴᠠ ᠶᠠᠪᠤᠪᠠ᠃ ᠭᠡᠪᠡᠴᠦ ᠳᠡᠮᠡᠢ ᠶᠠᠪᠤᠭᠰᠠᠨ᠎ᠦᠭᠡᠢ ᠴᠡᠴᠡᠭ ᠥᠪᠡᠷ᠎ᠢᠶᠡᠨ᠎ᠴᠦ ᠶᠠᠪᠤᠵᠤ ᠳᠡᠢᠯᠬᠦ᠎ᠦᠭᠡᠢ ᠪᠣᠯᠵᠤ ᠴᠠᠰᠤᠨ᠎ᠳᠤ ᠭᠤᠳᠤᠷᠤᠨ ᠣᠢᠴᠢᠪᠠ᠃ ᠴᠡᠴᠡᠭ ᠭᠦᠶᠦᠵᠦ ᠪᠣᠰᠤᠭᠠᠳ ᠢᠮᠠᠭ᠎ᠠ᠎ᠪᠠᠨ ᠬᠠᠷᠠᠵᠤ ᠮᠡᠳᠡᠷᠡᠯ᠎ᠦᠭᠡᠢ ᠪᠣᠯᠤᠭᠰᠠᠨ ᠬᠥᠯ᠎ᠢᠶᠡᠨ ᠬᠥᠳᠡᠯᠭᠡᠨ ᠦᠵᠡᠭᠡᠳ ᠲᠦᠷ ᠡᠷᠡᠭᠡᠯᠵᠡᠪᠡ᠃ ᠡᠨᠡ ᠦᠶ᠎ᠡ᠎ᠳᠦ 《ᠰᠡᠭᠰᠡᠭᠡᠷ ᠴᠠᠭᠠᠨ》᠎ᠨᠢ 《ᠮᠠᠢ᠂ ᠮᠠᠢ》 ᠭᠡᠵᠦ ᠮᠠᠢᠯᠠᠭᠠᠳ ᠥᠭᠡᠳᠡ᠎ᠡᠴᠡ᠎ᠨᠢ ᠮᠡᠯᠲᠡᠭᠡᠨᠡᠨ ᠬᠠᠷᠠᠬᠤ᠎ᠨᠢ ᠶᠠᠭ᠎ᠯᠠ 《ᠡᠵᠡᠨ᠎ᠮᠢᠨᠢ ᠨᠠᠮᠠᠢ ᠪᠢᠲᠡᠭᠡᠢ ᠬᠠᠶᠠᠭᠠᠴᠢ ᠳ᠋ᠠ 》 ᠭᠡᠵᠦ ᠪᠠᠢᠬᠤ᠎ᠰᠢᠭ᠋ ᠰᠠᠨᠠᠭᠳᠠᠵᠠᠢ᠃ ᠴᠡᠴᠡᠭ ᠬᠠᠮᠤᠭ ᠬᠦᠴᠦᠨ᠎ᠢᠶᠡᠨ ᠰᠢᠪᠬᠠᠨ 《ᠰᠡᠭᠰᠡᠭᠡᠷ ᠴᠠᠭᠠᠨ》᠎ᠢᠶᠡᠨ ᠡᠭᠦᠷᠦᠭᠡᠳ ᠶᠠᠪᠤᠯ᠎ᠠ᠃

ᠰᠢᠭᠤᠷᠭ᠎ᠠ ᠤᠯᠠᠮ ᠬᠦᠴᠦᠲᠡᠢ ᠰᠢᠭᠤᠷᠤᠭᠰᠠᠭᠠᠷ᠂ ᠬᠣᠶᠠᠷ ᠤᠯᠠᠭᠠᠨ ᠵᠢᠷᠦᠬᠡ ᠴᠣᠬᠢᠯᠠᠭᠰᠠᠭᠠᠷ᠂ ᠦᠬᠦᠯ ᠪᠠ ᠠᠮᠢᠳᠤᠷᠠᠯ ᠲᠡᠮᠡᠴᠡᠯᠳᠦᠭᠰᠡᠭᠡᠷ ᠪᠠᠢᠨ᠎ᠠ᠃ ᠫᠠᠳ ᠬᠠᠷᠠᠩᠭᠤᠢ ᠪᠣᠯᠪᠠ᠃ ᠰᠥᠨᠢ ᠪᠣᠯᠤᠯ᠎ᠠ ᠪᠣᠯᠤᠯᠲᠠᠢ᠃ ᠭᠡᠪᠡᠴᠦ ᠪᠠᠰᠠ᠎ᠯᠠ ᠲᠡᠭᠷᠢ ᠭᠠᠵᠠᠷ ᠨᠡᠢᠯᠡᠭᠰᠡᠨ ᠬᠡᠪ᠎ᠢᠶᠡᠷ᠎ᠢᠶᠡᠨ᠃

ᠰᠥᠨᠢ᠎ᠶᠢᠨ ᠭᠤᠷᠪᠠᠨ ᠴᠠᠭ᠎ᠤᠨ ᠦᠶ᠎ᠡ᠎ᠳᠦ ᠰᠢᠭᠤᠷᠭ᠎ᠠ ᠵᠢᠭᠠᠬᠠᠨ ᠨᠠᠮᠳᠠᠬᠤ᠎ᠳᠤ ᠲᠡᠷᠡ ᠨᠢᠭᠡ ᠡᠵᠡᠭᠦᠢ ᠬᠠᠭᠤᠴᠢᠨ ᠡᠪᠦᠯᠵᠢᠶᠡᠨ᠎ᠳᠦ ᠬᠦᠷᠴᠦ ᠬᠣᠨᠢ᠎ᠪᠠᠨ ᠲᠣᠭᠲᠠᠭᠠᠪᠠ᠃

ᠡᠨᠡ ᠦᠶ᠎ᠡ᠎ᠳᠦ ᠠᠬ᠎ᠠ ᠥᠬᠢᠨ ᠳᠡᠭᠦᠦ ᠬᠣᠶᠠᠭᠤᠯᠠ ᠨᠢᠭᠡᠨᠲᠡ ᠳᠠᠭᠠᠷᠠᠵᠤ ᠥᠯᠦᠰᠦᠭᠡᠳ ᠶᠠᠳᠠᠷᠠᠨ ᠲᠤᠢᠯᠳᠠᠵᠤ᠂ ᠴᠡᠴᠡᠭ᠎ᠦᠨ ᠬᠥᠯ᠎ᠨᠢ ᠪᠦᠷ ᠮᠡᠳᠡᠭᠡ᠎ᠦᠭᠡᠢ ᠪᠣᠯᠤᠭᠠᠳ ᠠᠯᠬᠤᠵᠤ ᠳᠡᠢᠯᠬᠦ᠎ᠦᠭᠡᠢ ᠪᠣᠯᠢᠵᠠᠢ᠃ ᠭᠡᠪᠡᠴᠦ ᠪᠠᠭᠠᠲᠤᠷ ᠥᠬᠢᠨ ᠴᠡᠴᠡᠭ᠎ᠮᠢᠨᠢ ᠮᠡᠨᠳᠦ ᠠᠪᠴᠤ ᠢᠷᠡᠭᠰᠡᠨ ᠰᠦᠷᠦᠭ᠎ᠢᠶᠡᠨ ᠬᠠᠷᠠᠵᠤ 《 ᠰᠡᠭᠰᠡᠭᠡᠷ ᠴᠠᠭᠠᠨ》᠎ᠢᠶᠡᠨ ᠲᠡᠪᠡᠷᠢᠨ ᠰᠠᠭᠤᠬᠤ᠎ᠳᠠᠭᠠᠨ ᠬᠥᠯᠳᠡᠵᠦ ᠪᠣᠷᠤᠯᠠᠭᠰᠠᠨ ᠴᠢᠷᠠᠢ᠎ᠳᠤᠨᠢ ᠢᠯᠠᠭᠴᠢ᠎ᠶᠢᠨ ᠣᠮᠤᠭᠰᠢᠯ ᠳᠦᠭᠦᠷᠴᠦ ᠪᠠᠢᠯ᠎ᠠ᠃

ᠬᠦᠷᠭᠡᠨ ᠠᠬ᠎ᠠ᠎ᠨᠢ ᠳᠡᠪᠡᠯ᠎ᠢᠶᠡᠷ᠎ᠢᠶᠡᠨ ᠬᠥᠯ᠎ᠢ᠎ᠨᠢ ᠬᠤᠴᠢᠵᠤ᠂ ᠲᠡᠭᠦᠨ᠎ᠢ ᠲᠦᠰᠢᠵᠦ ᠬᠣᠷᠤᠭ᠎ᠠ ᠲᠣᠭᠤᠷᠢᠭᠤᠯᠬᠤ ᠵᠡᠷᠭᠡ᠎ᠪᠡᠷ ᠣᠷᠤᠯᠳᠤᠭᠰᠠᠭᠠᠷ ᠦᠷ ᠴᠠᠢᠯᠭᠠᠪᠠ᠃

ᠭᠡᠭᠡ ᠣᠷᠤᠯ᠎ᠠ᠃ ᠰᠢᠭᠤᠷᠭ᠎ᠠ ᠨᠠᠮᠳᠠᠯ᠎ᠠ᠃ ᠭᠡᠷ᠎ᠴᠦ ᠣᠢᠷᠠᠲᠤᠯ᠎ᠠ᠂ ᠬᠣᠨᠢ᠎ᠪᠠᠨ ᠠᠯᠳᠠᠭᠰᠠᠨ᠎ᠦᠭᠡᠢ᠃ ᠬᠡᠯᠡᠨ᠎ᠳᠡᠭᠡᠨ ᠶᠠᠭᠤᠮ᠎ᠠ ᠲᠠᠯᠪᠢᠭ᠎ᠠ᠎ᠦᠭᠡᠢ᠃ ᠪᠣᠷᠪᠢ ᠨᠤᠭᠤᠯᠤᠭᠠᠳᠤᠢ᠎ᠪᠠᠷ ᠪᠦᠬᠦᠯᠢ ᠬᠣᠷᠢᠨ ᠳᠥᠷᠪᠡᠨ ᠴᠠᠭ ᠲᠡᠮᠡᠴᠡᠭᠰᠡᠨ ᠪᠠᠭᠠᠲᠤᠷ ᠠᠬ᠎ᠠ ᠥᠬᠢᠨ ᠳᠡᠭᠦᠦ ᠬᠣᠶᠠᠷ᠎ᠤᠨ ᠰᠡᠳᠭᠢᠯ᠎ᠳᠦ 《ᠪᠢᠳᠡ ᠢᠯᠠᠯ᠎ᠠ》 ᠭᠡᠰᠡᠨ ᠣᠮᠤᠭ ᠵᠣᠷᠢᠭ ᠪᠢᠯᠬᠠᠵᠤ᠂ ᠬᠣᠨᠢ ᠭᠡᠯᠢᠵᠦ ᠭᠡᠷ ᠵᠦᠭ᠎ᠢᠶᠡᠨ ᠬᠥᠳᠡᠯᠪᠡ᠃

ᠭᠡᠷ᠎ᠨᠢ ᠠᠷᠪᠠ ᠰᠢᠬᠠᠮ ᠭᠠᠵᠠᠷ ᠵᠠᠢᠲᠠᠢ ᠬᠠᠷᠠᠭᠳᠠᠵᠤ ᠪᠠᠢᠯ᠎ᠠ᠃ ᠭᠡᠪᠡᠴᠦ ᠴᠡᠴᠡᠭ᠎ᠦᠨ ᠬᠥᠯ᠎ᠨᠢ ᠬᠥᠯᠳᠡᠵᠦ ᠲᠠᠮᠢᠷ ᠲᠡᠩᠬᠡᠯ᠎ᠨᠢ ᠪᠠᠷᠠᠭᠳᠠᠭᠠᠳ ᠠᠯᠬᠤᠵᠤ ᠳᠡᠢᠯᠬᠦ᠎ᠪᠡᠨ ᠪᠣᠯᠢᠭᠰᠠᠨ ᠲᠤᠯᠠ ᠬᠦᠷᠭᠡᠨ ᠠᠬ᠎ᠠ᠎ᠨᠢ ᠡᠭᠦᠷᠦᠭᠡᠳ ᠬᠣᠨᠢ᠎ᠪᠠᠨ ᠭᠡᠯᠢᠵᠦ ᠶᠠᠪᠤᠪᠠ᠃

ᠳᠡᠮᠡᠢ ᠶᠠᠪᠤᠭᠰᠠᠨ᠎ᠦᠭᠡᠢ ᠨᠢᠭᠦᠯᠲᠦ ᠰᠢᠭᠤᠷᠭᠠᠨ ᠳᠠᠬᠢᠭᠠᠳ ᠬᠥᠳᠡᠯᠵᠦ ᠬᠣᠨᠢᠨ ᠰᠦᠷᠦᠭ᠎ᠨᠢ ᠳᠠᠬᠢᠭᠠᠳ᠎ᠯᠠ ᠤᠷᠤᠭᠤᠳᠠᠯ᠎ᠠ᠃

ᠴᠡᠴᠡᠭ ᠬᠥᠯᠳᠡᠵᠦ ᠬᠥᠰᠢᠭᠰᠡᠨ ᠤᠷᠤᠭᠤᠯ᠎ᠢᠶᠠᠨ ᠳᠥᠩᠭᠡᠵᠢ ᠬᠥᠳᠡᠯᠭᠡᠨ᠂ ᠥᠪᠡᠷ᠎ᠢ᠎ᠨᠢ ᠡᠭᠦᠷᠦᠭᠡᠳ ᠵᠦᠳᠡᠨ ᠶᠠᠳᠠᠨ ᠠᠯᠬᠤᠵᠤ ᠪᠠᠢᠭ᠎ᠠ ᠬᠦᠷᠭᠡᠨ ᠠᠬ᠎ᠠ᠎ᠳᠠᠭᠠᠨ 《ᠨᠠᠮᠠᠢ ᠡᠭᠦᠷᠦᠭᠡᠳ ᠶᠠᠪᠤᠪᠠᠯ ᠬᠣᠨᠢ᠎ᠪᠠᠨ ᠠᠯᠳᠠᠨ᠎ᠠ᠂ ᠪᠢ ᠬᠣᠨᠢ᠎ᠪᠠᠨ ᠬᠠᠷᠠᠵᠤ ᠪᠠᠢᠶ᠎ᠠ᠂ ᠠᠬ᠎ᠠ ᠬᠤᠷᠳᠤᠨ ᠬᠠᠷᠢᠵᠤ ᠬᠥᠮᠦᠨ ᠳᠠᠭᠤᠳᠠ》 ᠭᠡᠵᠡᠢ᠃

ᠬᠦᠷᠭᠡᠨ ᠠᠬ᠎ᠠ᠎ᠨᠢ ᠡᠩᠭᠦᠷᠡᠢ ᠬᠠᠢᠷᠠᠲᠤ ᠳᠡᠭᠦᠦ᠎ᠪᠡᠨ ᠲᠠᠯᠪᠢᠵᠤ ᠶᠠᠳᠠᠬᠤ ᠪᠣᠯᠪᠠᠴᠤ ᠲᠡᠭᠦᠨ᠎ᠦ ᠬᠡᠯᠡᠬᠦ᠎ᠶᠢ ᠠᠷᠭ᠎ᠠ᠎ᠦᠭᠡᠢ ᠵᠥᠪ ᠭᠡᠵᠦ ᠰᠠᠨᠠᠨ᠎ᠠ᠃ ᠴᠢᠩᠭᠢᠭᠡᠳ ᠬᠡᠦᠬᠡᠨ ᠳᠡᠭᠦᠦ᠎ᠪᠡᠨ ᠭᠠᠵᠠᠷ᠎ᠲᠤ ᠵᠥᠭᠡᠯᠡᠨ ᠭᠡᠭᠴᠢ ᠲᠠᠯᠪᠢᠭᠠᠳ ᠡᠷᠭᠢᠨ ᠡᠷᠭᠢᠨ ᠬᠠᠷᠠᠭᠰᠠᠭᠠᠷ ᠬᠠᠮᠤᠭ ᠬᠦᠴᠦᠨ᠎ᠢᠶᠡᠨ ᠰᠢᠪᠬᠠᠨ ᠭᠦᠶᠦᠨ᠎ᠡ᠃

ᠰᠥᠨᠢᠵᠢᠨ ᠰᠡᠳᠭᠢᠯ ᠵᠣᠪᠠᠵᠤ ᠪᠠᠷ᠎ᠠ ᠬᠠᠷᠠᠭᠰᠠᠭᠠᠷ ᠪᠠᠢᠭᠰᠠᠨ ᠭᠡᠷ᠎ᠦᠨ ᠬᠢᠨ᠎ᠨᠢ ᠪᠠᠲᠤᠮᠥ᠋ᠩᠬᠡ᠎ᠶᠢ ᠦᠵᠡᠮᠡᠭᠴᠡ ᠭᠦᠶᠦᠯᠳᠦᠵᠦ ᠢᠷᠡᠯ᠎ᠡ᠃

ᠴᠡᠴᠡᠭ᠎ᠦᠨ ᠠᠬ᠎ᠠ ᠪᠠᠽᠠᠷ ᠲᠡᠷᠡ ᠳᠣᠣᠷ᠎ᠠ᠎ᠪᠠᠨ ᠭᠠᠳᠠᠨ᠎ᠠ ᠪᠠᠢᠭᠰᠠᠨ ᠲᠡᠮᠡᠭᠡ᠎ᠶᠢ ᠤᠨᠤᠵᠤ ᠭᠦᠶᠦᠯᠭᠡᠪᠡ᠃

ᠬᠣᠨᠢᠳ᠎ᠨᠢ ᠤᠷᠤᠭᠤᠳᠠᠭᠰᠠᠭᠠᠷ ᠨᠡᠯᠢᠶᠡᠳ ᠶᠠᠪᠤᠴᠢᠬᠠᠵᠠᠢ᠃ ᠰᠢᠨᠡᠬᠡᠨ ᠰᠢᠭᠤᠷᠤᠭᠰᠠᠨ ᠴᠠᠰᠤᠨ ᠳᠡᠭᠡᠭᠦᠷ ᠬᠥᠮᠦᠨ ᠮᠥᠯᠬᠦᠭᠰᠡᠨ ᠨᠢᠭᠡᠨ ᠵᠤᠷᠪᠤᠰ ᠮᠥᠷ ᠭᠦᠨ ᠳᠤᠷᠠᠢᠭᠰᠠᠭᠠᠷ ᠪᠠᠢᠯ᠎ᠠ᠃ ᠨᠢᠭᠡ ᠮᠧᠲᠷ᠂ ᠬᠣᠶᠠᠷ ᠮᠧᠲᠷ ᠁ ᠠᠷᠪᠠᠨ ᠮᠧᠲᠷ ᠬᠣᠷᠢᠨ ᠮᠧᠲᠷ ᠁ ᠵᠠᠭᠤᠨ ᠮᠧᠲᠷ ᠁ ᠠ᠂ ᠴᠡᠴᠡᠭ ᠡᠴᠦᠰ᠎ᠲᠡᠭᠡᠨ ᠡᠨᠡ ᠵᠠᠭᠤᠨ ᠮᠧᠲᠷ᠎ᠢ ᠰᠢᠪᠲᠤᠯᠵᠠᠢ᠃ ᠭᠡᠪᠡᠴᠦ ᠬᠡᠳᠦᠬᠡᠨ ᠰᠧᠺᠦ᠋ᠨ᠋ᠳ᠋᠎ᠦᠨ ᠳᠠᠭᠠᠷᠢᠯᠲᠠ᠎ᠪᠠᠷ ᠪᠢᠰᠢ᠂ ᠬᠠᠷᠢᠨ ᠬᠠᠮᠤᠭ ᠰᠡᠭᠦᠯᠴᠢ᠎ᠶᠢᠨ ᠠᠮᠢᠰᠭᠤᠭ᠎ᠠ᠎ᠪᠠᠨ ᠬᠤᠷᠢᠶᠠᠲᠠᠯ᠎ᠠ ᠵᠢᠳᠭᠦᠭᠰᠡᠨ᠂ ᠲᠠᠯ᠎ᠠ ᠨᠤᠲᠤᠭ᠎ᠤᠨ ᠮᠠᠯᠴᠢᠨ ᠠᠷᠠᠳ᠎ᠤᠨ ᠰᠠᠢᠨ ᠦᠷᠡᠰ᠂ ᠨᠠᠮ᠎ᠤᠨ ᠬᠥᠮᠦᠵᠢᠯ᠎ᠦᠨ ᠳᠣᠣᠷ᠎ᠠ ᠥᠰᠦᠨ ᠪᠣᠢᠵᠢᠭᠰᠠᠨ ᠵᠠᠯᠠᠭᠤ ᠨᠢᠭᠡ ᠦᠶ᠎ᠡ᠎ᠶᠢᠨ ᠰᠢᠯᠢᠳᠡᠭ ᠲᠥᠯᠦᠭᠡᠯᠡᠭᠴᠢ᠂ ᠨᠢᠭᠡᠨ ᠮᠠᠯᠴᠢᠨ ᠬᠡᠦᠬᠡᠨ ᠭᠠᠯ ᠬᠠᠯᠠᠭᠤᠨ ᠵᠢᠷᠦᠬᠡ ᠪᠠ ᠭᠠᠢᠬᠠᠮᠰᠢᠭᠲᠤ ᠪᠠᠭᠠᠲᠤᠷ ᠵᠣᠷᠢᠭ᠎ᠢᠶᠠᠷ᠎ᠢᠶᠠᠨ ᠲᠤᠭᠤᠯᠤᠭᠰᠠᠨ᠎ᠶᠤᠮ᠃

ᠪᠠᠽᠠᠷ᠎ᠢ ᠲᠡᠮᠡᠭᠡᠨ᠎ᠡᠴᠡ᠎ᠪᠡᠨ ᠪᠠᠭᠤᠵᠤ ᠬᠠᠢᠷᠠᠲᠤ ᠳᠡᠭᠦᠦ᠎ᠶᠢᠨ᠎ᠢᠶᠡᠨ ᠨᠡᠷ᠎ᠡ᠎ᠪᠡᠷ ᠳᠠᠭᠤᠳᠠᠨ ᠲᠡᠪᠡᠷᠢᠨ ᠠᠪᠬᠤ᠎ᠳᠤ᠂ ᠴᠡᠴᠡᠭ ᠨᠢᠭᠡᠨᠲᠡ ᠬᠠᠯᠠᠭᠤᠨ ᠠᠮᠢᠰᠭᠤᠭ᠎ᠠ᠎ᠪᠠᠨ ᠬᠤᠷᠢᠶᠠᠴᠢᠬᠠᠭᠰᠠᠨ ᠪᠠᠢᠯ᠎ᠠ᠃ ᠦᠷᠭᠦᠯᠵᠢ ᠠᠳᠭᠤᠵᠤ ᠶᠠᠪᠤᠳᠠᠭ ᠪᠢᠴᠢᠬᠠᠨ ᠰᠢᠯᠪᠢᠭᠦᠷ᠎ᠨᠢ ᠭᠠᠷ᠎ᠲᠤᠨᠢ ᠠᠳᠭᠤᠭᠠᠲᠠᠢ ᠬᠡᠪ᠎ᠢᠶᠡᠷ᠎ᠢᠶᠡᠨ᠂ ᠬᠡᠵᠢᠶᠡᠳᠡ ᠰᠠᠯᠳᠠᠭ᠎ᠦᠭᠡᠢ 《ᠰᠡᠭᠰᠡᠭᠡᠷ ᠴᠠᠭᠠᠨ》᠎ᠨᠢ ᠳᠡᠷᠭᠡᠳᠡ᠎ᠨᠢ ᠮᠠᠢᠯᠠᠭᠰᠠᠭᠠᠷ᠂ ᠢᠮᠠᠭᠲᠠ ᠢᠨᠢᠶᠡᠮᠰᠦᠭᠯᠡᠵᠦ ᠶᠠᠪᠤᠳᠠᠭ ᠲᠤᠩᠭᠠᠯᠠᠭ ᠬᠠᠷ᠎ᠠ ᠨᠢᠳᠦ᠎ᠨᠢ ᠬᠣᠨᠢᠨ ᠰᠦᠷᠦᠭ᠎ᠦᠨ᠎ᠢᠶᠡᠨ ᠬᠣᠢᠨ᠎ᠠ᠎ᠠᠴᠠ ᠰᠢᠷᠲᠡᠵᠦ ᠥᠨᠢᠳᠡ ᠠᠨᠢᠰᠢ᠎ᠦᠭᠡᠢ ᠬᠡᠪ᠎ᠢᠶᠡᠷ ᠁

ᠠᠷᠪᠠᠨ ᠳᠣᠯᠤᠭᠠᠨ ᠨᠠᠰᠤᠲᠠᠢ ᠪᠠᠭᠠᠲᠤᠷ ᠬᠡᠦᠬᠡᠨ ᠴᠡᠴᠡᠭ᠎ᠮᠢᠨᠢ ᠢᠩᠭᠢᠭᠡᠳ ᠬᠠᠮᠲᠤ᠎ᠶᠢᠨ ᠰᠦᠷᠦᠭ᠎ᠦᠨ᠎ᠢᠶᠡᠨ ᠲᠥᠯᠦᠭᠡ ᠬᠠᠯᠠᠭᠤᠨ ᠠᠮᠢ᠎ᠪᠠᠨ ᠦᠷᠡᠭᠳᠡᠭᠦᠯᠪᠡ᠃

ᠲᠡᠷᠡ ᠣᠬᠤᠷᠬᠠᠨ ᠨᠢᠭᠡ ᠨᠠᠰᠤᠨ᠎ᠳᠠᠭᠠᠨ ᠶᠠᠮᠠᠷ᠎ᠴᠤ ᠰᠦᠷ ᠵᠢᠪᠬᠤᠭᠠᠲᠠᠢ ᠦᠭᠡ ᠶᠠᠷᠢᠶ᠎ᠠ ᠶᠠᠷᠢᠭᠰᠠᠨ᠎ᠦᠭᠡᠢ᠂ ᠭᠡᠪᠡᠴᠦ ᠬᠥᠮᠦᠰ᠎ᠦᠨ ᠰᠡᠳᠭᠢᠯ᠎ᠢ ᠬᠥᠳᠡᠯᠭᠡᠮ᠎ᠡ ᠠᠤᠭ᠎ᠠ ᠬᠦᠴᠦᠨ᠎ᠲᠡᠢ ᠡᠭᠡᠯ ᠪᠤᠰᠤ ᠨᠠᠨᠳᠢᠨ ᠦᠢᠯᠡᠰ᠎ᠢ ᠪᠦᠲᠦᠭᠡᠪᠡ᠃ ᠪᠢᠳᠡ ᠴᠡᠴᠡᠭ᠎ᠦᠨ᠎ᠢᠶᠡᠨ ᠦᠷᠡᠭᠳᠡᠭᠰᠡᠨ᠎ᠳᠦ ᠡᠮᠭᠡᠨᠢᠨ ᠭᠠᠰᠢᠭᠤᠳᠠᠨ᠎ᠠ᠃

ᠭᠡᠪᠡᠴᠦ ᠪᠢᠳᠡ ᠡᠢᠮᠦ ᠪᠠᠭᠠᠲᠤᠷ ᠥᠬᠢᠨ᠎ᠲᠡᠢ ᠪᠠᠢᠭᠰᠠᠨ᠎ᠳᠠᠭᠠᠨ ᠣᠮᠤᠭᠰᠢᠨ᠎ᠠ᠃

ᠣᠳᠣ ᠴᠡᠴᠡᠭ᠎ᠦᠨ ᠬᠠᠮᠤᠭ᠎ᠤᠨ ᠡᠴᠦᠰ᠎ᠦᠨ ᠦᠨᠦᠰᠴᠦ ᠥᠩᠭᠡᠷᠡᠭᠰᠡᠨ᠂ ᠬᠥᠯᠦᠰᠦ᠎ᠪᠡᠨ ᠳᠤᠰᠤᠯᠠᠭᠤᠯᠤᠭᠰᠠᠨ ᠲᠡᠷᠡ ᠬᠡᠰᠡᠭ ᠭᠠᠵᠠᠷ ᠳᠡᠭᠡᠷ᠎ᠡ ᠨᠢᠭᠡ ᠪᠤᠲᠠ ᠴᠠᠬᠢᠷᠮ᠎ᠠ ᠴᠡᠴᠡᠭ ᠰᠢᠨ᠎ᠡ ᠬᠠᠪᠤᠷ᠎ᠢ ᠤᠭᠲᠤᠨ ᠮᠢᠷᠠᠯᠵᠠᠨ ᠳᠡᠯᠭᠡᠷᠡᠭᠡᠳ ᠪᠠᠢᠨ᠎ᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082