ᠮᠣᠩᠭᠣᠯ ᠪᠢᠴᠢᠭ᠌

ᠡᠷᠢᠶ᠎ᠡ  
ᠪᠤᠴᠠᠬᠤ

ᠬᠠᠮᠠᠷ ᠯᠣᠳᠤᠨ

ᠪᠠᠲᠤᠮᠥ᠋ᠩᠬᠡ

ᠬᠠᠮᠠᠷ ᠯᠣᠳᠤᠨ᠂ ᠴᠢᠪᠠᠭᠠᠨᠴᠠ ᠵᠠᠭᠷᠠᠢᠮ᠎ᠠ ᠭᠡᠪᠡᠯ ᠣᠢᠷ᠎ᠠ ᠲᠥᠰᠦᠷ ᠲᠦ ᠲᠠᠨᠢᠬᠤ ᠦᠭᠡᠢ ᠠᠮᠢᠲᠠᠨ ᠭᠡᠵᠦ ᠪᠠᠢᠬᠤ ᠦᠭᠡᠢ᠃ ᠴᠢᠪᠠᠭᠠᠨᠴᠠ ᠴᠤ ᠶᠠᠭᠠᠮᠠᠢ᠂ ᠴᠢᠪᠠᠭᠠᠨᠴᠠ ᠰᠠᠭᠤᠭᠰᠠᠨ ᠳᠠᠭᠠᠨ ᠲᠡᠭᠡᠵᠦ ᠴᠣᠯᠠᠰᠢᠭᠰᠠᠨ ᠪᠠᠢᠯᠭᠦᠢ᠃ ᠬᠠᠷᠢᠨ ᠯᠣᠳᠤᠨ ᠭᠤᠸᠠᠢ ᠬᠠᠮᠢᠭ᠎ᠠ ᠦᠭᠡᠢ ᠵᠢᠭᠠᠬᠠᠨ ᠶᠠᠭᠤᠮᠠᠨ ᠳᠡᠭᠡᠷ᠎ᠡ ᠠᠭᠤᠷᠯᠠᠳᠠᠭ ᠵᠠᠩ ᠲᠠᠢ᠂ ᠠᠭᠤᠷᠯᠠᠬᠤ ᠪᠣᠯᠭᠠᠨ ᠮᠠᠨᠴᠤᠷᠭᠠᠨ ᠬᠠᠮᠠᠷ ᠨᠢ ᠵᠡᠰ ᠤᠯᠠᠭᠠᠨ ᠪᠣᠯᠲᠠᠯ᠎ᠠ ᠴᠡᠨᠳᠡᠢᠳᠡᠭ᠌ ᠢᠶᠡᠷ ᠢᠶᠡᠨ ᠬᠠᠮᠠᠷ ᠯᠣᠳᠤᠨ ᠭᠡᠵᠦ ᠨᠡᠷᠡᠰᠢᠵᠡᠢ᠃

ᠰᠢᠨ᠎ᠡ ᠠᠮᠪᠠᠨ ᠶᠠᠭᠤ ᠳᠤᠲᠠᠪᠠᠯ ᠡᠷᠡᠭᠡᠯᠡᠯ ᠦᠭᠡᠢ ᠬᠡᠯᠡ ᠭᠡᠰᠡᠨ

ᠪᠢᠰᠢ ᠦᠦ︖ ᠳᠤᠭᠤᠢ ᠯᠠ ᠣᠴᠢᠭᠠᠳ ᠨᠡᠬᠡᠶ᠎ᠡ︕

ᠬᠠᠮᠠᠷ ᠯᠣᠳᠤᠨ ᠤ ᠡᠨᠡ ᠶᠠᠪᠤᠭ᠎ᠠ ᠨᠠᠰᠤᠨ ᠳᠠᠭᠠᠨ ᠳᠠᠳᠮᠠᠭᠠᠢᠷᠠᠵᠤ ᠴᠠᠭᠠᠷᠠᠭᠰᠠᠨ ᠠᠵᠢᠯ ᠭᠡᠪᠡᠯ ᠭᠠᠭᠴᠠ ᠯᠠ ᠮᠣᠳᠤ᠃ ᠬᠠᠷᠠᠬᠠᠨ ᠪᠠᠭ᠎ᠠ ᠡᠴᠡ ᠪᠠᠨ ᠡᠷᠭᠦᠭᠰᠡᠨ ᠡᠴᠢᠭᠡ ᠮᠣᠳᠤᠴᠢᠨ ᠯᠣᠷᠤᠢ ᠪᠠᠨ ᠳᠠᠭᠠᠵᠤ᠂ ᠥᠨᠥᠳᠦᠷ ᠡᠨᠡ ᠯᠤᠤᠭᠠᠷ ᠤᠨ ᠬᠠᠰᠠᠭ ᠢ ᠰᠢᠭᠠᠵᠤ ᠲᠣᠪᠬᠢᠭᠠᠳ ᠠᠳᠭᠤ ᠳᠠᠪᠤᠰᠤ ᠠᠮᠠ ᠳᠠᠪᠤᠤ ᠣᠯᠵᠤ᠂ ᠮᠠᠷᠭᠠᠰᠢ ᠲᠡᠷᠡ ᠠᠢᠯ ᠤᠨ ᠪᠠᠯᠪᠠᠷᠬᠠᠢ ᠬᠠᠭᠠᠯᠭ᠎ᠠ ᠶᠢ ᠰᠡᠯᠪᠢᠵᠦ ᠡᠪᠯᠡᠭᠦᠯᠦᠭᠡᠳ᠂ ᠴᠠᠭᠠᠷᠢᠭ ᠴᠢᠰᠤ ᠴᠠᠭᠠᠰᠤᠨ ᠭᠦᠵᠡᠭᠡ ᠣᠯᠵᠤ ᠢᠳᠡᠳᠡᠭ᠌ ᠪᠠᠢᠵᠠᠢ᠃ ᠠᠪᠳᠠᠷ᠎ᠠ ᠱᠦᠭᠦᠢ᠂ ᠠᠷᠠᠯ ᠲᠡᠩᠬᠡᠯᠢᠭ᠌ ᠠᠷᠭᠠᠴᠠᠬᠤ ᠳᠡᠮ ᠲᠠᠢ ᠪᠣᠯᠤᠭᠠᠳ ᠢᠷᠡᠬᠦ ᠳᠦ ᠯᠣᠷᠤᠢ ᠡᠪᠦᠭᠡᠨ ᠯᠣᠳᠤᠨ ᠢ ᠬᠠᠶᠠᠭᠠᠳ ᠬᠣᠷᠤ᠎ᠠ ᠳᠠᠭᠤᠰᠴᠠᠢ᠃ ᠬᠡᠳᠦᠢ ᠡᠷ᠎ᠡ ᠶᠢᠨ ᠴᠡᠭᠡᠯ ᠳᠤ ᠬᠦᠷᠴᠦ ᠭᠠᠯ ᠭᠣᠯᠤᠮᠲᠠ ᠪᠠᠨ ᠵᠠᠯᠭᠠᠭᠰᠠᠨ ᠪᠣᠯᠪᠠᠴᠤ ᠤᠭᠤᠯᠢ ᠬᠢᠷᠦᠭᠡ᠂ ᠴᠦᠴᠡ ᠬᠠᠷᠤᠭᠤᠯ ᠢ ᠭᠠᠷᠭᠠᠪᠠᠯ᠂ ᠯᠣᠷᠤᠢ ᠡᠪᠦᠭᠡᠨ ᠲᠠᠰᠤᠷᠬᠠᠢ ᠪᠦᠷᠢᠶᠡᠰᠦ ᠬᠡᠮᠬᠡᠷᠬᠡᠢ ᠲᠣᠭᠤᠨᠤ ᠴᠤ ᠦᠯᠡᠳᠡᠭᠡᠵᠦ ᠥᠭᠭᠦᠭᠰᠡᠨ ᠦᠭᠡᠢ ᠲᠤᠯᠠ ᠮᠥᠨ ᠯᠡ ᠲᠡᠨᠦᠭᠦᠯ ᠠᠮᠢᠳᠤᠷᠠᠯ ᠢᠶᠡᠨ ᠦᠷᠭᠦᠯᠵᠢᠯᠡᠭᠦᠯᠵᠦ ᠪᠠᠢᠭᠰᠠᠨ᠃ ᠭᠡᠳᠡᠰᠦᠨ ᠳᠡᠭᠡᠨ ᠵᠥᠪ ᠦᠭᠡᠢ ᠯᠣᠳᠤᠨ ᠭᠡᠷ ᠲᠥᠪᠬᠢᠨᠡᠵᠦ ᠭᠡᠷᠭᠡᠢ ᠪᠠᠭᠤᠯᠭᠠᠬᠤ ᠨᠢ ᠶᠣᠰᠤᠲᠠᠢ ᠬᠣᠭᠤᠰᠤᠨ ᠰᠠᠨᠠᠭ᠎ᠠ ᠪᠢᠵᠡ᠃ ᠬᠠᠪᠢ ᠲᠥᠰᠦᠷ ᠲᠦ ᠮᠣᠳᠤᠴᠢᠨ ᠭᠡᠪᠡᠯ ᠭᠠᠭᠴᠠᠬᠠᠨ ᠬᠠᠮᠠᠷ ᠯᠣᠳᠤᠨ ᠪᠣᠯᠬᠤ ᠳᠠᠭᠠᠨ ᠮᠥᠷᠦ ᠪᠡᠨ ᠵᠦᠳᠡᠭᠦᠦ ᠪᠥᠭᠯᠡᠵᠦ᠂ ᠴᠣ᠋ ᠴᠢᠮᠠᠢ ᠠᠮᠢᠳᠤᠷᠠᠵᠤ ᠪᠠᠢᠵᠠᠢ᠃

ᠤᠯᠠᠭᠠᠭᠴᠢᠨ ᠭᠠᠬᠠᠢ ᠵᠢᠯ ᠦᠨ ᠬᠠᠪᠤᠷ ᠬᠠᠮᠠᠷ ᠯᠣᠳᠤᠨ ᠪᠦᠬᠦᠯᠢ ᠰᠢᠭᠦᠰᠦᠨ ᠦ ᠠᠮᠠ ᠰᠢᠷᠡᠭᠡ ᠬᠢᠬᠦ ᠠᠯᠪᠠ ᠳᠤ ᠪᠠᠷᠢᠭᠳᠠᠭᠠᠳ᠂ ᠬᠣᠰᠢᠭᠤ ᠶᠠᠮᠤᠨ ᠳᠡᠭᠡᠷ᠎ᠡ ᠲᠡᠪᠡᠷᠢᠮ᠎ᠡ ᠪᠦᠳᠦᠭᠦᠨ ᠠᠭᠠᠷᠤ ᠵᠦᠰᠦᠵᠦ ᠪᠠᠢᠲᠠᠯ᠎ᠠ᠂«ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠮᠠᠨᠳᠤᠵᠤ ᠭᠡᠭᠡᠨ ᠲᠤᠭ ᠨᠢ ᠬᠡᠢᠰᠴᠦ ᠪᠠᠢᠬᠤ» ᠵᠢᠷᠦᠬᠡ ᠳᠣᠩᠰᠤᠯᠭᠠᠮ᠎ᠠ ᠴᠢᠮᠡᠭᠡ ᠤᠯᠠᠮᠵᠢᠯᠠᠭᠳᠠᠨ ᠢᠷᠡᠵᠡᠢ᠃ ᠬᠣᠰᠢᠭᠤ ᠳᠠᠶᠠᠩ ᠳᠠᠭᠠᠨ᠂ ᠬᠡᠯᠡᠪᠡᠯ ᠮᠢᠨᠦ ᠵᠣᠷᠢᠭ ᠬᠡᠢᠰᠭᠡᠪᠡᠯ ᠲᠡᠭᠷᠢ ᠶᠢᠨ ᠵᠣᠷᠢᠭ ᠭᠡᠵᠦ ᠰᠡᠷᠬᠡᠢᠵᠦ ᠶᠠᠪᠤᠭᠰᠠᠨ ᠠᠮᠪᠠᠨ ᠨᠣᠶᠠᠨᠲᠠᠨ ᠡᠳᠦᠷ ᠰᠥᠨᠢ ᠶᠢᠨ ᠬᠣᠭᠤᠷᠤᠨᠳᠤ᠂ ᠪᠢᠯᠢᠭ᠌ ᠤᠬᠠᠭᠠᠨ ᠨᠢ ᠪᠡᠶ᠎ᠡ ᠡᠴᠡ ᠪᠡᠨ ᠰᠠᠯᠵᠤ᠂ ᠵᠠᠩᠭᠢ ᠵᠠᠯᠠᠨ ᠢᠶᠡᠨ ᠴᠤᠭᠯᠠᠭᠤᠯᠤᠨ ᠬᠥᠯ ᠪᠣᠯᠬᠤ ᠳᠤ ᠬᠠᠮᠠᠷ ᠯᠣᠳᠤᠨ ᠬᠠᠷᠢᠨ ᠦᠢᠮᠡᠭᠡᠨ ᠢ ᠵᠠᠪᠳᠤᠨ ᠰᠥᠨᠢ ᠪᠡᠷ ᠠᠷᠢᠯᠵᠠᠢ᠃

ᠶᠠᠮᠤᠨ ᠳᠡᠭᠡᠷ᠎ᠡ ᠬᠣᠰᠢᠭᠤ ᠠᠷᠠᠳ ᠤᠨ ᠵᠠᠰᠠᠭ ᠪᠠᠢᠭᠤᠯᠤᠭᠳᠠᠪᠠ᠃ ᠬᠠᠮᠠᠷ ᠯᠣᠳᠤᠨ ᠬᠠᠷᠠᠴᠤ ᠠᠷᠠᠳ ᠤᠨ ᠲᠥᠯ᠂ ᠶᠠᠳᠠᠭᠤ ᠨᠢᠴᠦᠭᠦᠨ ᠦᠨᠳᠦᠰᠦᠨ ᠮᠠᠯᠴᠢᠨ ᠲᠤᠯᠠ ᠲᠠᠪᠤᠨ ᠬᠠᠨ᠎ᠠ ᠲᠠᠢ ᠴᠣ᠋ ᠰᠢᠨ᠎ᠡ ᠭᠡᠷ᠂ ᠲᠠᠪᠤ ᠠᠷᠪᠠᠨ ᠮᠠᠯ ᠢᠳᠡᠭᠡ ᠲᠠᠢ ᠲᠡᠳᠭᠦᠮᠵᠢ ᠣᠯᠭᠤᠨ᠎ᠠ ᠭᠡᠵᠦ ᠵᠠᠰᠠᠭ ᠤᠨ ᠣᠷᠳᠤᠨ ᠲᠣᠭᠲᠠᠭᠠᠵᠠᠢ᠃ ᠡᠨᠡ ᠴᠢᠮᠡᠭᠡ ᠪᠡᠷ ᠬᠠᠮᠠᠷ ᠯᠣᠳᠤᠨ ᠲᠠᠪᠲᠤᠷ ᠠᠯᠳᠠᠵᠤ ᠣᠷᠭᠤᠭᠠᠳ ᠭᠦᠶᠦᠴᠢᠬᠡᠮᠡᠷ ᠰᠠᠨᠠᠭᠳᠠᠪᠠ᠃ ᠬᠠᠭᠠᠰ ᠨᠠᠰᠤ ᠶᠢ ᠲᠡᠨᠦᠵᠦ ᠥᠩᠭᠡᠷᠡᠭᠡᠨ᠂ ᠰᠠᠨᠠᠭ᠎ᠠ ᠪᠡᠷ ᠢᠶᠡᠨ ᠰᠠᠪᠠᠵᠤ ᠵᠢᠯᠤᠭᠤ ᠪᠠᠷ ᠢᠶᠡᠨ ᠭᠤᠶᠠᠳᠠᠭᠠᠳ᠂ ᠬᠠᠩᠭᠠᠯ ᠵᠠᠳᠠᠭᠠᠢ ᠰᠤᠷᠴᠢᠬᠠᠭᠰᠠᠨ ᠶᠤᠮ ᠴᠢᠨᠢ᠂ ᠭᠡᠳᠡᠰᠦ ᠴᠠᠳᠪᠠᠯ ᠪᠠᠶᠠᠨ᠂ ᠬᠡᠰᠦᠵᠦ ᠲᠣᠭᠤᠷᠢᠪᠠᠯ ᠪᠤᠶᠠᠨ᠃ ᠮᠠᠯ ᠢᠳᠡᠭᠡ ᠲᠠᠢ ᠨᠣᠴᠤᠯᠳᠤᠨ᠎ᠠ᠂ ᠭᠡᠷ ᠲᠡᠷᠭᠡ ᠳᠣᠳᠤᠮᠳᠠᠨ᠎ᠠ ᠭᠡᠳ ᠬᠠᠷ᠎ᠠ ᠶᠠᠷᠰᠢᠭ᠂ ᠬᠠᠢᠷᠠᠨ ᠪᠡᠶ᠎ᠡ ᠪᠡᠨ ᠠᠷᠭᠠᠮᠵᠢᠭᠤᠯᠬᠤ ᠪᠠᠨ ᠪᠣᠯᠢᠶ᠎ᠠ︕ ᠭᠡᠵᠦ ᠲᠡᠷᠡ ᠪᠣᠳᠤᠵᠠᠢ᠃

ᠰᠤᠮᠤᠨ ᠡᠴᠡ ᠳᠠᠷᠤᠭ᠎ᠠ ᠺᠠᠲᠷ ᠪᠥᠭᠡᠮ ᠢᠶᠡᠷ ᠢᠷᠡᠵᠦ᠄

«ᠠᠪᠬᠤ ᠦᠭᠡᠢ ᠶᠠᠭᠠᠬᠢᠵᠤ ᠪᠣᠯᠬᠤ ᠪᠤᠢ︖ ᠵᠠᠰᠠᠭ ᠤᠨ ᠣᠷᠳᠤᠨ ᠪᠠᠢᠭᠤᠯᠤᠭᠳᠠᠭᠰᠠᠨ ᠨᠢ ᠨᠡᠢᠭᠡᠮ ᠵᠢᠷᠤᠮ ᠤᠨ ᠰᠠᠢᠨ ᠰᠠᠢᠬᠠᠨ ᠡᠬᠢᠯᠡᠵᠦ᠂ ᠶᠠᠳᠠᠭᠤ ᠨᠢᠴᠦᠭᠦᠨ᠂ ᠲᠡᠨᠦᠭᠦᠯ ᠠᠮᠢᠳᠤᠷᠠᠯ ᠪᠤᠴᠠᠯᠲᠠ ᠦᠭᠡᠢ ᠡᠴᠦᠰᠯᠡᠭᠰᠡᠨ ᠲᠡᠮᠳᠡᠭ ᠮᠥᠨ᠃ ᠰᠤᠷ ᠢᠶᠡᠨ ᠪᠦᠰᠡᠯᠡᠵᠦ ᠰᠤᠷᠤᠭᠰᠠᠨ ᠳᠠᠭᠤᠤ ᠪᠠᠨ ᠳᠠᠭᠤᠯᠠᠵᠤ᠂ ᠮᠤᠷᠤᠢ ᠵᠠᠮ ᠢᠶᠡᠨ ᠬᠥᠭᠡᠭᠡᠭᠡᠳ ᠪᠠᠢᠪᠠᠯ ᠰᠢᠨ᠎ᠡ ᠰᠠᠢᠬᠠᠨ ᠴᠠᠭ ᠤᠨ ᠢᠶᠡᠨ ᠨᠢᠭᠤᠷ ᠢ ᠭᠤᠲᠤᠭᠠᠭᠰᠠᠨ ᠶᠠᠪᠤᠳᠠᠯ ᠰᠢᠤ︕» ᠭᠡᠵᠦ ᠣᠯᠠᠨ ᠪᠦᠭᠦᠳᠡᠭᠡᠷ ᠵᠠᠬ᠎ᠠ ᠵᠠᠬ᠎ᠠ ᠡᠴᠡ ᠨᠢ ᠢᠳᠭᠠᠵᠤ ᠭᠠᠷᠬᠤ ᠳᠤ ᠬᠠᠮᠠᠷ ᠯᠣᠳᠤᠨ ᠳᠦᠯᠡᠢ ᠭᠣᠳᠤᠯᠢ ᠶᠤᠮ ᠰᠢᠭ ᠳᠠᠭᠤ ᠦᠭᠡᠢ ᠥᠩᠭᠡᠷᠡᠭᠡᠨ᠎ᠡ᠃

ᠬᠠᠮᠤᠭ ᠰᠡᠭᠦᠯ ᠳᠤᠨᠢ ᠬᠣᠰᠢᠭᠤᠨ ᠳᠠᠷᠤᠭ᠎ᠠ ᠪᠡᠶ᠎ᠡ ᠪᠡᠷ ᠢᠶᠡᠨ ᠮᠣᠷᠢᠯᠠᠵᠤ᠂ ᠬᠠᠮᠠᠷ ᠯᠣᠳᠤᠨ ᠲᠠᠢ ᠠᠭᠤᠯᠵᠠᠭᠠᠳ᠂ ᠲᠡᠮᠳᠡᠭᠯᠡᠯ ᠦᠨ ᠳᠡᠪᠲᠡᠷ ᠳᠡᠭᠡᠷ᠎ᠡ ᠡᠴᠡ ᠪᠡᠨ ᠨᠢᠭᠡ ᠪᠠᠳᠠᠭ ᠤᠩᠰᠢᠭᠠᠳ ᠬᠡᠳᠦᠨ ᠦᠭᠡ ᠬᠡᠯᠡᠪᠡ᠃ ᠤᠭ ᠦᠭᠡ ᠶᠢ ᠨᠢ ᠬᠠᠮᠠᠷ ᠯᠣᠳᠤᠨ ᠴᠡᠭᠡᠵᠢᠯᠡᠬᠦ ᠣᠢ ᠲᠣᠢ ᠦᠭᠡᠢ᠃ ᠶᠠᠭᠤ ᠴᠤ ᠭᠡᠰᠡᠨ ᠶᠠᠳᠠᠭᠤ ᠨᠢᠴᠦᠭᠦᠨ ᠬᠥᠮᠦᠨ ᠪᠣᠯ ᠬᠣᠭᠤᠰᠤᠨ ᠴᠠᠭᠠᠨ ᠴᠠᠭᠠᠰᠤ ᠯᠠ ᠶᠤᠮ ᠪᠠᠢᠨ᠎ᠠ᠃ ᠡᠢᠮᠦ ᠴᠠᠭᠠᠰᠤ ᠬᠠᠮᠤᠭ ᠤᠨ ᠰᠢᠨ᠎ᠡ ᠬᠠᠮᠤᠭ ᠤᠨ ᠰᠠᠢᠬᠠᠨ ᠵᠢᠷᠤᠭ ᠢ ᠬᠢᠯᠪᠠᠷᠬᠠᠨ ᠵᠢᠷᠤᠵᠤ ᠪᠣᠯᠳᠠᠭ ᠶᠤᠮ ᠪᠠᠢᠨ᠎ᠠ᠂ ᠬᠦᠶᠢ᠂ ᠰᠢᠨ᠎ᠡ ᠪᠡᠷ ᠰᠢᠷᠠᠭᠰᠠᠨ ᠠᠮᠪᠠᠨ ᠴᠢᠨᠢ ᠨᠠᠳᠠ ᠨᠠᠳᠠ ᠪᠠᠷ ᠨᠢᠭᠡ ᠵᠢᠷᠤᠭ ᠤᠨ ᠬᠥᠳᠡᠬᠢᠲᠡᠢ ᠨᠣᠶᠠᠨᠲᠠᠨ ᠪᠠᠢᠨ᠎ᠠ ᠰᠢᠤ︕ ᠡᠢᠮᠦ ᠪᠠᠢᠮᠠᠭᠠᠢ ᠠᠮᠪᠠᠨ ᠵᠢᠷᠤ ᠭᠡᠵᠦ ᠪᠠᠢᠬᠤ ᠶᠤᠮ ᠴᠢᠨᠢ ᠳᠤᠭᠤᠢ ᠯᠠ ᠵᠢᠷᠤᠶ᠎ᠠ᠂ ᠬᠠᠮᠠᠷ ᠪᠢ ᠶᠡᠷᠦ ᠨᠢ ᠲᠡᠷᠡ ᠨᠢᠭᠡ ᠵᠢᠷᠤᠭ ᠢ ᠭᠣᠷᠢᠯᠠᠭᠠᠳ ᠤᠳᠠᠭᠰᠠᠨ ᠶᠤᠮ ᠳᠠᠭ᠃ ᠦᠭᠡᠢ ᠴᠢᠩᠭᠢᠭᠡᠳ ᠬᠠᠮᠢᠭ᠎ᠠ ᠪᠠᠨ ᠵᠢᠷᠤᠬᠤ ᠪᠢᠯᠡ︖ ᠠᠯᠠᠭᠠᠨ ᠳᠡᠭᠡᠷ᠎ᠡ ᠪᠡᠨ ᠵᠢᠷᠤᠭᠠᠳ ᠪᠣᠯᠬᠤ ᠦᠭᠡᠢ ᠯᠡ ᠳᠠ᠂ ᠠᠪᠳᠠᠷ᠎ᠠ ᠪᠠᠢᠬᠤ ᠬᠡᠷᠡᠭᠲᠡᠢ᠃ ᠠᠪᠳᠠᠷ᠎ᠠ ᠨᠢ ᠵᠠᠯᠠᠨ ᠵᠠᠩᠭᠢ ᠶᠢᠨ ᠳᠤ ᠯᠠ ᠦᠵᠡᠭᠳᠡᠳᠡᠭ᠌ ᠲᠡᠢᠮᠦ ᠠᠭᠠᠷᠤ ᠽᠠᠨᠳᠠᠨ ᠪᠠᠢᠬᠤ ᠶᠣᠰᠤᠲᠠᠢ︕ ᠠᠪᠳᠠᠷ᠎ᠠ ᠶᠢᠨ ᠨᠢᠭᠤᠷ ᠳᠡᠭᠡᠷ᠎ᠡ ᠨᠢ ᠡᠭᠡᠭᠡ ᠯᠡ ᠵᠢᠭᠠᠬᠠᠨ ᠰᠦᠮ᠎ᠡ ᠶᠢᠨ ᠪᠠᠭᠠᠨ᠎ᠠ ᠳᠡᠭᠡᠷ᠎ᠡ ᠣᠷᠢᠶᠠᠯᠳᠤᠭᠰᠠᠨ ᠰᠢᠭ ᠠᠯᠲᠠᠨ ᠯᠤᠤ ᠲᠣᠭᠯᠠᠭᠰᠠᠨ ᠪᠠᠢᠬᠤ ᠬᠡᠷᠡᠭᠲᠡᠢ︕ ᠡᠢᠮᠦ ᠰᠠᠢᠬᠠᠨ ᠠᠪᠳᠠᠷ᠎ᠠ ᠪᠠᠨ ᠡᠭᠦᠷᠦᠭᠡᠳ ᠶᠠᠪᠤᠵᠤ ᠪᠣᠯᠤᠨ᠎ᠠ ᠤᠤ︖ ᠭᠡᠷ ᠪᠠᠢᠬᠤ ᠬᠡᠷᠡᠭᠲᠡᠢ᠃ ᠭᠡᠷ ᠨᠢ ᠪᠠᠰᠠ ᠴᠤ ᠰᠢᠨ᠎ᠡ ᠪᠥᠮᠪᠦᠭᠡᠷ ᠴᠠᠭᠠᠨ︕ ᠁ ᠵᠠ ᠵᠠ᠂ ᠶᠠᠭᠤᠮ᠎ᠠ ᠦᠭᠡᠢ ᠡᠴᠡ ᠶᠠᠭᠤᠮ᠎ᠠ ᠲᠠᠢ ᠨᠢ ᠳᠡᠭᠡᠷ᠎ᠡ᠂ ᠶᠠᠭᠤ ᠥᠭᠪᠡᠯ ᠲᠡᠭᠦᠨ ᠢ ᠨᠢ ᠠᠪᠤᠶ᠎ᠠ︕ ᠥᠭᠬᠦ ᠬᠥᠮᠦᠨ ᠦ ᠥᠷᠦᠴᠡ ᠨᠢ ᠲᠠᠲᠠᠯᠳᠤᠬᠤ ᠦᠭᠡᠢ ᠪᠠᠢᠲᠠᠯ᠎ᠠ ᠠᠪᠬᠤ ᠪᠢ ᠠᠯᠠᠭ᠎ᠠ ᠪᠠᠨ ᠲᠣᠰᠬᠤ ᠡᠴᠡ ᠰᠢᠷᠬᠢᠬᠦ ᠶᠠᠭᠤ ᠪᠠᠢᠬᠤᠪ︕

ᠬᠥᠮᠦᠨ ᠰᠢᠭ᠌ ᠠᠮᠢᠳᠤᠷᠠᠬᠤ ᠬᠦᠰᠡᠯ ᠴᠢᠩᠭᠠᠷᠠᠭᠰᠠᠨ ᠳᠤᠨᠢ ᠬᠣᠰᠢᠭᠤ ᠳᠠᠷᠤᠭ᠎ᠠ ᠴᠤ ᠪᠠᠶᠠᠷᠯᠠᠭᠠᠳ᠄

«ᠯᠣᠳᠤᠨ ᠭᠤᠸᠠᠢ︕ ᠶᠠᠭᠤ ᠳᠤᠲᠠᠪᠠᠯ ᠡᠷᠡᠭᠡᠯᠡᠯ ᠦᠭᠡᠢ ᠬᠡᠯᠡᠵᠦ ᠯᠡ ᠪᠠᠢ︕ ᠠᠷᠠᠳ ᠤᠨ ᠵᠠᠰᠠᠭ ᠠᠷᠠᠳ ᠢᠶᠡᠨ ᠳᠡᠮᠵᠢᠨ᠎ᠡ» ᠭᠡᠵᠦ ᠡᠨᠡᠷᠢᠩᠭᠦᠢ ᠮᠦᠰᠢᠶᠡᠵᠡᠢ᠃ ᠠ ᠳ᠋ᠠ᠂ ᠰᠢᠨ᠎ᠡ ᠴᠠᠭ ᠤᠨ ᠠᠮᠪᠠᠨ ᠭᠡᠵᠦ ᠴᠦ ᠪᠤᠷᠬᠠᠨ ᠭᠡᠮᠡᠷ ᠶᠤᠮ ᠪᠠᠢᠨ᠎ᠠ ᠭᠡᠵᠦ ᠪᠣᠳᠤᠬᠤ ᠲᠠᠢ ᠵᠡᠷᠭᠡ ᠬᠠᠮᠠᠷ ᠯᠣᠳᠤᠨ ᠬᠣᠰᠢᠭᠤ ᠳᠠᠷᠤᠭ᠎ᠠ ᠶᠢᠨ ᠥᠯᠮᠡᠢ ᠳᠣᠣᠷ᠎ᠠ ᠰᠥᠭᠦᠳᠦᠭᠡᠳ ᠮᠥᠷᠭᠦᠴᠢᠬᠡᠮᠡᠷ ᠰᠠᠨᠠᠭᠳᠠᠨ᠎ᠠ᠃

ᠬᠠᠮᠠᠷ ᠯᠣᠳᠤᠨ ᠢᠩᠭᠢᠭᠡᠳ ᠭᠡᠷ ᠮᠠᠯ ᠲᠠᠢ ᠪᠣᠯᠤᠯ᠎ᠠ᠃ ᠭᠠᠭᠴᠠ ᠯᠠ ᠠᠯᠲᠠᠨ ᠯᠤᠤ ᠵᠢᠷᠤᠴᠢᠬᠠᠮᠠᠷ ᠠᠪᠳᠠᠷ᠎ᠠ ᠪᠠᠢᠬᠤ ᠦᠭᠡᠢ ᠳᠤᠨᠢ ᠮᠠᠨᠴᠤᠷᠭᠠᠨ ᠬᠠᠮᠠᠷ ᠨᠢ ᠪᠠᠰᠠ ᠯᠠ ᠴᠡᠨᠳᠡᠢᠪᠡ᠃ ᠡᠨᠡ ᠪᠠᠬᠠᠨ ᠮᠢᠯᠵᠠᠩ ᠭᠤᠳᠤᠷᠠᠢ ᠪᠠᠷ ᠪᠢ ᠶᠠᠭᠤ ᠪᠠᠨ ᠬᠢᠬᠦ ᠪᠤᠢ︖ ᠲᠡᠭᠡᠬᠦ ᠶᠢᠨ ᠣᠷᠤᠨ ᠳᠤ ᠨᠢᠭᠡ ᠠᠪᠳᠠᠷ᠎ᠠ ᠴᠤ ᠥᠭᠭᠦᠭᠡᠰᠡᠢ᠂ ᠪᠣᠯᠬᠤ ᠦᠭᠡᠢ ᠨᠢ ᠶᠠᠭᠤ ᠪᠤᠢ︖

ᠰᠢᠨ᠎ᠡ ᠠᠮᠪᠠᠨ ᠶᠠᠭᠤ ᠳᠤᠲᠠᠪᠠᠯ ᠡᠷᠡᠭᠡᠯᠡᠯ ᠦᠭᠡᠢ ᠬᠡᠯᠡ ᠭᠡᠰᠡᠨ ᠪᠢᠰᠢ ᠦᠦ︖ ᠳᠤᠭᠤᠢ ᠯᠠ ᠣᠴᠢᠭᠠᠳ ᠨᠡᠬᠡᠶ᠎ᠡ︕ ᠭᠡᠳ ᠶᠠᠪᠤᠬᠤ ᠪᠠᠷ ᠰᠢᠢᠳᠦᠭᠰᠡᠨ ᠪᠣᠯᠪᠠᠴᠤ ᠬᠣᠰᠢᠭᠤ ᠶᠠᠮᠤᠨ ᠤ ᠴᠠᠯᠠᠢᠭᠰᠠᠨ ᠲᠣᠮᠤ ᠬᠠᠭᠠᠯᠭ᠎ᠠ ᠶᠢ ᠪᠣᠳᠤᠮᠠᠭᠴᠠ ᠬᠠᠮᠤᠭ ᠪᠡᠶ᠎ᠡ ᠨᠢ ᠠᠷᠵᠠᠰᠬᠢᠪᠠ᠃ ᠪᠣᠳᠤᠵᠤ ᠪᠣᠳᠤᠭᠠᠳ ᠰᠤᠷᠤᠭᠰᠠᠨ ᠢᠶᠡᠷ ᠢᠶᠡᠨ ᠡᠭᠦᠷ ᠠᠷᠪᠠᠨ ᠢ ᠡᠷᠢᠵᠦ᠄

«ᠪᠠᠢᠳᠠᠭ ᠮᠠᠯ ᠢ ᠴᠢᠨᠢ ᠪᠤᠴᠠᠭᠠᠶ᠎ᠠ᠃ ᠪᠠᠯᠪᠠᠷᠬᠠᠢ ᠴᠤ ᠶᠠᠭᠠᠬᠢᠬᠤᠪ᠂ ᠠᠪᠳᠠᠷ᠎ᠠ ᠡᠴᠡ ᠪᠠᠨ ᠢᠯᠡᠭᠦᠴᠢᠯᠡᠵᠦ ᠥᠭᠭᠦᠨ᠎ᠡ ᠦᠦ» ᠭᠡᠵᠦ ᠭᠠᠩᠰᠢᠭᠠᠳ ᠰᠠᠭᠤᠯᠭᠠᠬᠤ ᠦᠭᠡᠢ ᠪᠣᠯᠭᠠᠪᠠ᠃

«ᠬᠠᠮᠢᠭ᠎ᠠ ᠪᠠᠢᠭᠰᠠᠨ ᠲᠡᠢᠮᠦ ᠪᠡᠯᠡᠨ ᠠᠪᠳᠠᠷ᠎ᠠ ᠪᠤᠢ︖» ᠭᠡᠵᠦ ᠠᠷᠪᠠᠨ ᠤ ᠳ᠋ᠠ ᠤᠴᠠᠭᠠᠷᠯᠠᠵᠤ ᠭᠠᠷᠬᠤ ᠳᠤ᠂ ᠬᠠᠮᠠᠷ ᠯᠣᠳᠤᠨ ᠤ ᠮᠠᠨᠴᠤᠷᠭᠠᠨ ᠬᠠᠮᠠᠷ ᠨᠢ ᠵᠡᠰ ᠤᠯᠠᠭᠠᠨ ᠪᠣᠯᠲᠠᠯ᠎ᠠ ᠴᠡᠨᠳᠡᠢᠭᠡᠳ᠄

«ᠪᠢ ᠲᠡᠭᠡᠪᠡᠯ ᠠᠮᠪᠠᠨ ᠳᠤ ᠵᠠᠷᠭᠤᠯᠳᠤᠨ᠎ᠠ» ᠭᠡᠵᠦ ᠡᠪᠴᠢᠭᠦᠦ ᠳᠡᠯᠡᠳᠬᠦ ᠰᠢᠬᠠᠵᠠᠢ᠃

ᠴᠣᠬᠤᠮ«ᠠᠮᠪᠠᠨ» ᠡᠴᠡ ᠠᠶᠤᠭᠰᠠᠨ ᠳᠠᠭᠠᠨ ᠤᠤ︖ ᠯᠣᠳᠤᠨ ᠢ ᠬᠥᠬᠡᠷᠦᠭᠦᠢᠯᠡᠭᠰᠡᠨ ᠳᠡᠭᠡᠨ ᠤᠤ︖ ᠡᠭᠦᠷ ᠠᠷᠪᠠᠨ ᠡᠴᠡ ᠰᠤᠮᠤᠨ ᠳᠤ ᠮᠡᠳᠡᠭᠦᠯᠵᠦ᠂ ᠰᠤᠮᠤᠨ ᠡᠴᠡ ᠬᠣᠰᠢᠭᠤ ᠳᠤ ᠮᠡᠳᠡᠭᠦᠯᠵᠡᠢ᠃ ᠳᠡᠮᠡᠢ ᠬᠡᠳᠦ ᠬᠣᠨᠤᠭᠰᠠᠨ ᠦᠭᠡᠢ ᠬᠠᠮᠠᠷ ᠯᠣᠳᠤᠨ ᠤ ᠰᠠᠨᠠᠭ᠎ᠠ ᠪᠠᠷ ᠬᠣᠶᠠᠷ ᠬᠡᠰᠡᠭ᠌ ᠰᠥᠭᠦᠮ ᠵᠤᠵᠠᠭᠠᠨ ᠠᠭᠠᠷᠤ ᠬᠠᠪᠲᠠᠰᠤ ᠬᠦᠷᠦᠭᠡᠳ ᠢᠷᠡᠪᠡ᠃ ᠡᠨᠡ ᠨᠢ ᠲᠡᠭᠦᠨ ᠦ ᠬᠣᠰᠢᠭᠤ ᠶᠠᠮᠤᠨ ᠡᠴᠡ ᠣᠷᠭᠤᠵᠤ ᠪᠣᠰᠬᠤ ᠳᠠᠭᠠᠨ ᠳᠤᠲᠠᠭᠤ ᠵᠦᠰᠦᠭᠡᠳ ᠬᠠᠶᠠᠭᠰᠠᠨ ᠠᠭᠠᠷᠤ ᠪᠠᠢᠭᠰᠠᠨ ᠲᠤᠯᠠ ᠬᠠᠮᠠᠷ ᠯᠣᠳᠤᠨ ᠬᠠᠭᠠᠷᠠᠲᠠᠯ᠎ᠠ ᠪᠠᠶᠠᠷᠯᠠᠭᠰᠠᠨ ᠨᠢ ᠭᠠᠷᠴᠠᠭ᠎ᠠ ᠦᠭᠡᠢ᠃«ᠲᠡᠳᠭᠦᠬᠦ ᠪᠡᠷ ᠪᠡᠯᠡᠳᠭᠡᠵᠦ ᠪᠠᠢᠭᠰᠠᠨ ᠤᠰᠤᠨ ᠤ ᠬᠠᠰᠠᠭ ᠢ ᠴᠢᠨᠢ ᠥᠭᠬᠦ ᠦᠭᠡᠢ ᠳᠦ ᠪᠣᠯᠤᠨ᠎ᠠ ᠪᠢᠵᠡ︖» ᠭᠡᠵᠦ ᠠᠷᠪᠠᠨ ᠤ ᠳ᠋ᠠ ᠰᠠᠨᠠᠯ ᠠᠰᠠᠭᠤᠬᠤ ᠳᠤ ᠬᠠᠮᠠᠷ ᠯᠣᠳᠤᠨ᠄«ᠳᠤᠷᠠᠲᠠᠢ ᠳᠤᠷᠠᠲᠠᠢ︕ ᠠᠷᠪᠠᠨ ᠭᠠᠵᠠᠷ ᠡᠴᠡ ᠤᠰᠤ ᠪᠠᠨ ᠳᠠᠮᠨᠠᠵᠤ ᠢᠳᠡᠭᠰᠡᠨ ᠴᠦ ᠠᠮᠪᠠᠨ ᠨᠣᠶᠠᠨᠲᠠᠨ ᠳᠠᠭᠠᠨ ᠪᠢ ᠭᠣᠮᠤᠳᠠᠬᠤ ᠦᠭᠡᠢ» ᠭᠡᠵᠦ ᠭᠡᠨ᠎ᠡ᠃

ᠡᠳᠦᠷ ᠰᠥᠨᠢ ᠦᠭᠡᠢ ᠱᠤᠤᠭᠢᠨᠠᠵᠤ ᠪᠠᠢᠭᠠᠳ ᠬᠠᠮᠠᠷ ᠯᠣᠳᠤᠨ ᠬᠠᠩᠬᠠᠭᠠᠷ ᠪᠡᠬᠢᠯᠢᠭ᠌ ᠵᠦᠢᠷᠡᠢ ᠠᠪᠳᠠᠷ᠎ᠠ ᠵᠠᠭᠠᠳᠠᠰᠤᠯᠠᠵᠤ ᠭᠠᠷᠭᠠᠵᠠᠢ᠃ ᠬᠠᠪᠢ ᠲᠥᠰᠦᠷ ᠲᠦ ᠭᠢᠯᠠᠷ ᠳᠠᠮᠪᠢ ᠡᠴᠡ ᠥᠭᠡᠷ᠎ᠡ ᠵᠢᠷᠤᠭᠴᠢᠨ ᠭᠡᠵᠦ ᠪᠠᠢᠬᠤ ᠦᠭᠡᠢ᠃ ᠠᠪᠳᠠᠷ᠎ᠠ ᠪᠠᠨ ᠰᠢᠷᠳᠡᠵᠦ ᠯᠤᠤ ᠵᠢᠷᠤᠭᠤᠯᠤᠶ᠎ᠠ ᠭᠡᠪᠡᠯ ᠲᠡᠭᠦᠨ ᠢ ᠯᠠ ᠵᠠᠯᠠᠬᠤ ᠬᠡᠷᠡᠭᠲᠡᠢ᠃ ᠭᠡᠲᠡᠯ᠎ᠡ ᠬᠠᠮᠠᠷ ᠯᠣᠳᠤᠨ ᠤ ᠬᠠᠮᠤᠭ ᠪᠡᠶ᠎ᠡ ᠳᠠᠭᠵᠢᠵᠤ ᠠᠪᠤᠪᠠ᠃

ᠤᠤᠯ ᠨᠢ ᠭᠠᠩ ᠵᠢᠯ ᠨᠠᠮᠵᠢᠯ ᠵᠠᠯᠠᠨ ᠪᠤᠶᠠᠨ ᠦᠢᠯᠡᠳᠴᠦ᠂ ᠰᠦᠷᠦᠭ ᠠᠳᠤᠭᠤ ᠪᠠᠷ ᠨᠠᠷᠠᠲᠤ ᠶᠢᠨ ᠭᠡᠭᠡᠨ ᠳᠦ ᠥᠭᠯᠢᠭᠡ ᠡᠷᠭᠦᠭᠡᠳ᠂ ᠵᠢᠭᠠᠬᠠᠨ ᠰᠦᠮ᠎ᠡ ᠶᠢ ᠪᠠᠷᠢᠭᠤᠯᠤᠭᠰᠠᠨ ᠦᠶ᠎ᠡ ᠶᠢᠨ ᠬᠡᠷᠡᠭ᠌ ᠪᠢᠯᠡ᠃ ᠬᠠᠮᠠᠷ ᠯᠣᠳᠤᠨ ᠨᠢᠷᠤᠭᠤ ᠠᠮᠠᠯᠠᠬᠤ ᠠᠯᠪᠠ ᠪᠠᠷ ᠪᠠᠷᠢᠯᠭ᠎ᠠ ᠳᠤ ᠣᠷᠤᠯᠴᠠᠭᠠᠳ ᠰᠡᠭᠦᠯ ᠬᠤᠷᠢᠶᠠᠬᠤ ᠦᠶ᠎ᠡ ᠪᠡᠷ ᠬᠢᠬᠦ ᠠᠵᠢᠯ ᠦᠭᠡᠢ ᠬᠠᠨᠴᠤᠢ ᠰᠠᠵᠢᠳᠠᠭ ᠪᠣᠯᠵᠠᠢ᠃ ᠨᠢᠭᠡ ᠡᠳᠦᠷ ᠭᠡᠶᠦᠷᠡᠵᠦ ᠶᠠᠪᠤᠭᠰᠠᠭᠠᠷ ᠰᠦᠮ᠎ᠡ ᠶᠢᠨ ᠤᠯᠠᠭᠠᠨ ᠪᠠᠭᠠᠨ᠎ᠠ ᠳᠡᠭᠡᠷ᠎ᠡ ᠠᠯᠲᠠᠨ ᠯᠤᠤ ᠠᠮᠢᠯᠠᠲᠠᠯ᠎ᠠ ᠣᠷᠢᠶᠠᠯᠳᠤᠭᠤᠯᠵᠤ ᠪᠠᠢᠭᠰᠠᠨ ᠵᠢᠷᠤᠭᠴᠢᠨ ᠡᠪᠦᠭᠡᠨ ᠭᠢᠯᠠᠷ ᠳᠠᠮᠪᠢ ᠲᠠᠢ ᠲᠠᠭᠠᠷᠠᠯᠳᠤᠪᠠ᠃ ᠬᠥᠬᠦᠷ ᠰᠣᠯᠢᠯᠴᠠᠨ ᠲᠠᠮᠠᠬᠢ ᠲᠠᠲᠠᠵᠤ ᠰᠠᠭᠤᠬᠤ ᠳᠠᠭᠠᠨ ᠭᠢᠯᠠᠷ ᠳᠠᠮᠪᠢ᠄«ᠯᠤᠤ ᠪᠣᠯ ᠬᠤᠷᠮᠤᠰᠲᠠ ᠶᠢᠨ ᠲᠥᠷᠦᠯ» ᠭᠡᠵᠦ ᠮᠡᠷᠭᠡᠯᠡᠨ«ᠯᠤᠤ ᠲᠠᠢ ᠬᠠᠨᠢᠯᠠᠪᠠᠯ ᠥᠭᠡᠳᠡᠯᠡᠵᠦ᠂ ᠭᠤᠤ ᠲᠠᠢ ᠬᠠᠨᠢᠯᠠᠪᠠᠯ ᠪᠤᠯᠠᠭᠳᠠᠨ᠎ᠠ» ᠭᠡᠵᠦ ᠪᠢᠰᠢᠷᠡᠵᠦ ᠭᠠᠢᠬᠠᠲᠠᠯ᠎ᠠ ᠨᠢ ᠠᠢᠯᠠᠳᠴᠠᠢ᠃ ᠬᠠᠮᠠᠷ ᠯᠣᠳᠤᠨ ᠤ ᠴᠢᠬᠢ ᠨᠢ ᠴᠢᠩᠨᠠᠵᠤ ᠪᠠᠢᠪᠠᠴᠤ ᠨᠢᠳᠦ ᠨᠢ ᠬᠠᠷᠢᠨ ᠪᠤᠳᠤᠭ ᠤᠨ ᠬᠠᠢᠷᠴᠠᠭ ᠲᠡᠬᠢ ᠠᠯᠲᠠᠨ ᠨᠤᠨᠳᠠᠭ ᠳᠡᠭᠡᠷ᠎ᠡ ᠲᠣᠭᠲᠠᠭᠠᠳ ᠬᠣᠷᠤᠬᠠᠢ ᠨᠢ ᠬᠡᠴᠡᠭᠦᠦ ᠭᠣᠪᠤᠭᠤᠨᠠᠪᠠ᠃ ᠠᠶᠠᠷᠯᠠᠵᠤ ᠪᠣᠰᠬᠤ ᠳᠠᠭᠠᠨ ᠭᠢᠯᠠᠷ ᠳᠠᠮᠪᠢ ᠶᠢᠨ ᠪᠠᠭᠠᠨ᠎ᠠ ᠲᠠᠢ ᠪᠠᠨ ᠨᠣᠴᠤᠯᠳᠤᠵᠤ ᠲᠠᠰᠢᠷᠠᠮ ᠢ ᠵᠠᠪᠳᠤᠵᠤ᠂ ᠠᠯᠲᠠᠨ ᠨᠤᠨᠳᠠᠭ ᠡᠴᠡ ᠨᠢ ᠠᠳᠭᠤ ᠪᠢᠲᠡᠭᠦᠯᠡᠭᠡᠳ ᠬᠡ ᠴᠦ ᠦᠭᠡᠢ ᠰᠠᠵᠢᠯᠠᠵᠤ ᠣᠳᠴᠠᠢ᠃ ᠭᠡᠪᠡᠴᠦ ᠬᠣᠵᠢᠮ ᠡᠨᠡ ᠨᠢ ᠵᠢᠩᠬᠢᠨᠢ ᠠᠯᠲᠠ ᠪᠢᠰᠢ ᠭᠡᠳᠡᠭ ᠢ ᠮᠠᠢᠮᠠᠢᠴᠢᠨ ᠡᠴᠡ ᠮᠡᠳᠡᠵᠦ᠂ ᠡᠵᠡᠨ ᠳᠤᠨᠢ ᠪᠤᠴᠠᠭᠠᠬᠤ ᠶᠢ ᠪᠣᠳᠤᠭᠰᠠᠨ ᠪᠣᠯᠪᠠᠴᠤ ᠠᠷᠠᠢ ᠵᠣᠷᠢᠭ ᠬᠦᠷᠦᠭᠰᠡᠨ ᠦᠭᠡᠢ᠃ ᠰᠣᠨᠢᠨ ᠵᠢᠭᠲᠡᠢ ᠨᠢ ᠬᠠᠷᠢᠨ ᠬᠠᠮᠠᠷ ᠯᠣᠳᠤᠨ ᠭᠢᠯᠠᠷ ᠳᠠᠮᠪᠢ ᠶᠢᠨ ᠵᠢᠷᠤᠭᠰᠠᠨ ᠲᠠᠢ ᠡᠭᠡᠭᠡ ᠠᠳᠠᠯᠢ ᠠᠯᠲᠠᠨ ᠯᠤᠤ ᠲᠠᠢ ᠵᠡᠭᠦᠳᠦ ᠪᠡᠷ ᠢᠶᠡᠨ ᠬᠡᠳᠦ ᠲᠠᠭᠠᠷᠢᠯᠳᠤᠪᠠ᠃ ᠲᠡᠭᠡᠭᠡᠳ ᠪᠡᠯᠭᠡ ᠳᠡᠮᠪᠡᠷᠢᠯ ᠪᠣᠯᠬᠤ ᠴᠤ ᠮᠠᠭᠠᠳ ᠭᠡᠵᠦ ᠪᠣᠳᠤᠭᠠᠳ ᠣᠯᠵᠠᠯᠠᠭᠰᠠᠨ ᠵᠢᠭᠠᠬᠠᠨ ᠠᠯᠲᠠᠨ ᠪᠤᠳᠤᠭ ᠢᠶᠡᠷ ᠢᠶᠡᠨ ᠯᠤᠤ ᠵᠢᠷᠤᠭᠤᠯᠵᠤ ᠠᠪᠬᠤ ᠶᠢ ᠰᠠᠨᠠᠭᠠᠷᠬᠠᠭᠠᠳ ᠤᠳᠠᠭᠰᠠᠨ ᠪᠠᠢᠵᠠᠢ᠃

ᠣᠳᠣ ᠢᠩᠭᠢᠵᠦ ᠰᠠᠢᠨ ᠰᠠᠢᠬᠠᠨ ᠠᠮᠢᠳᠤᠷᠠᠬᠤ ᠪᠣᠯᠤᠭᠰᠠᠨ ᠨᠢ ᠠᠯᠲᠠᠨ ᠯᠤᠤ ᠵᠡᠭᠦᠳᠦᠨ ᠳᠦ ᠵᠠᠶᠠᠭᠠᠭᠰᠠᠨ ᠤ ᠰᠠᠢᠨ ᠪᠢᠵᠡ︖ ᠬᠡᠷᠪᠡ ᠠᠯᠲᠠᠨ ᠯᠤᠤ ᠶᠢ ᠭᠡᠷ ᠲᠡᠭᠡᠨ ᠲᠣᠭᠯᠠᠭᠤᠯᠴᠢᠬᠠᠪᠠᠯ ᠮᠥᠩᠬᠡ ᠶᠢᠨ ᠢᠷᠦᠭᠡᠯ ᠲᠣᠭᠲᠠᠴᠢᠬᠠᠬᠤ ᠪᠢᠰᠢ ᠦᠦ︖ ᠁

ᠬᠠᠮᠠᠷ ᠯᠣᠳᠤᠨ ᠴᠤᠯᠭᠤᠢ ᠠᠪᠳᠠᠷ᠎ᠠ ᠪᠠᠨ ᠰᠠᠬᠢᠭᠠᠳ ᠳ᠋ᠡᠩ ᠳ᠋ᠤᠩ ᠲᠠᠢ ᠬᠡᠳᠦ ᠬᠣᠨᠤᠪᠠ᠃ ᠬᠠᠮᠢᠭᠠᠰᠢ ᠪᠠᠨ ᠪᠣᠳᠤᠭᠰᠠᠨ ᠴᠤ ᠬᠠᠩᠰᠢ ᠨᠢ ᠨᠢᠭᠡ ᠯᠡ᠂ ᠰᠢᠨ᠎ᠡ ᠨᠡᠢᠭᠡᠮ ᠳᠦ ᠮᠠᠭᠤ ᠪᠠᠨ ᠲᠣᠭᠠᠴᠢᠬᠤ ᠨᠢ ᠢᠷᠠᠭᠤ ᠠᠯᠳᠠᠷ ᠡ᠃ ᠬᠠᠨ᠎ᠠ ᠶᠢᠨ ᠨᠢᠳᠦᠨ ᠳᠦ ᠬᠠᠪᠴᠢᠭᠤᠯᠤᠭᠰᠠᠨ ᠴᠠᠭᠠᠰᠤᠨ ᠪᠤᠭᠤᠯᠲᠠ ᠪᠠᠨ ᠠᠪᠴᠤ ᠡᠪᠦᠷᠯᠡᠭᠡᠳ ᠭᠢᠯᠠᠷ ᠳᠠᠮᠪᠢ ᠶᠢ ᠡᠷᠢᠨ ᠭᠡᠮᠰᠢᠯ ᠢᠶᠡᠨ ᠲᠣᠭᠠᠴᠢᠭᠰᠠᠨ ᠳᠤ ᠠᠯᠲᠠᠨ ᠪᠤᠳᠤᠭ ᠴᠤᠬᠠᠭ ᠲᠠᠭᠠᠨ ᠪᠣᠯᠪᠠ ᠤᠤ︖ ᠠᠰᠪᠤᠷᠢ ᠯᠣᠳᠤᠨ ᠤ ᠬᠥᠭᠡᠷᠦᠬᠦᠢᠯᠡᠯᠲᠡᠢ ᠡᠴᠡ ᠪᠣᠯᠪᠠ ᠤᠤ︖ ᠭᠢᠯᠠᠷ ᠳᠠᠮᠪᠢ ᠭᠢᠳ ᠭᠢᠳ ᠢᠨᠢᠶᠡᠵᠦ ᠬᠠᠮᠠᠷ ᠲᠠᠮᠠᠬᠢ ᠡᠴᠡ ᠪᠠᠨ ᠬᠡᠳᠦ ᠲᠠᠲᠠᠭᠤᠯᠤᠭᠰᠠᠨ ᠪᠥᠭᠡᠳ ᠬᠠᠮᠢᠭ᠎ᠠ ᠪᠠᠢᠭᠰᠠᠨ ᠭᠠᠵᠠᠷ ᠡᠴᠡ ᠬᠠᠢᠪᠠᠭᠠᠨᠠᠨ ᠢᠷᠡᠵᠦ᠂ ᠠᠪᠳᠠᠷ᠎ᠠ ᠶᠢ ᠨᠢ ᠶᠠᠭᠤᠮ᠎ᠠ ᠪᠣᠯᠭᠠᠵᠤ ᠥᠭᠴᠡᠢ᠃

ᠤᠭᠤᠷᠠᠭ ᠤᠨ ᠰᠢᠷ᠎ᠠ ᠳᠡᠪᠢᠰᠭᠡᠷ ᠳᠡᠭᠡᠷ᠎ᠡ ᠠᠯᠲᠠᠨ ᠯᠤᠤ ᠭᠠᠯ ᠪᠥᠮᠪᠦᠭᠡ ᠪᠡᠷ ᠲᠣᠭᠯᠠᠵᠤ᠂ ᠡᠭᠦᠯᠡᠨ ᠤᠭᠠᠯᠵᠠ ᠳᠥᠷᠪᠡᠨ ᠥᠨᠴᠦᠭ᠌ ᠲᠦ ᠦᠵᠡᠮᠵᠢ ᠪᠦᠷᠢᠯᠳᠦᠭᠦᠯᠦᠭᠡᠳ᠂ ᠥᠩᠭᠡ ᠠᠯᠠᠭᠯᠠᠭᠰᠠᠨ ᠠᠯᠤᠬᠠᠨ ᠬᠡ ᠬᠥᠪᠡᠭᠡ ᠳᠠᠷᠤᠨ᠎ᠠ᠃ ᠡᠨᠡ ᠨᠢ ᠬᠠᠮᠠᠷ ᠯᠣᠳᠤᠨ ᠤ ᠰᠠᠨᠠᠵᠤ ᠬᠦᠰᠡᠭᠰᠡᠨ ᠡᠴᠡ ᠬᠣᠯᠠ ᠳᠠᠪᠠᠵᠤ᠂ ᠤᠷᠢᠳᠤ ᠨᠠᠮᠵᠢᠯ ᠵᠠᠯᠠᠨ ᠤ ᠳᠤ ᠴᠤ ᠡᠢᠮᠦ ᠭᠣᠢᠲᠠ ᠰᠠᠢᠬᠠᠨ ᠠᠪᠳᠠᠷ᠎ᠠ ᠬᠠᠷᠠᠭᠳᠠᠭ᠎ᠠ ᠦᠭᠡᠢ ᠲᠤᠯᠠ ᠬᠥᠯ ᠨᠢ ᠭᠠᠵᠠᠷ ᠬᠦᠷᠬᠦ ᠦᠭᠡᠢ ᠬᠥᠭᠰᠡᠵᠦ᠂ ᠠᠮᠠ ᠨᠢ ᠬᠠᠮᠬᠢᠵᠤ ᠵᠠᠪᠳᠤᠯ ᠦᠭᠡᠢ ᠱᠠᠭᠰᠢᠭᠠᠳ᠂ ᠬᠠᠳᠠᠭ ᠰᠠᠮᠪᠠᠢ ᠶᠢᠨ ᠳᠡᠭᠡᠷ᠎ᠡ ᠭᠥᠷᠦᠨ ᠳᠦ ᠨᠡᠷᠡᠲᠡᠢ«ᠸᠠᠨ ᠬᠤᠸᠠᠨ ᠯᠦ» ᠲᠠᠮᠠᠬᠢ ᠲᠠᠯᠪᠢᠵᠤ ᠭᠢᠯᠠᠷ ᠳᠠᠮᠪᠢ ᠳᠤ ᠲᠠᠯᠠᠷᠬᠠᠵᠤ ᠪᠠᠷᠢᠭᠠᠳ ᠦᠳᠡᠵᠦ ᠬᠦᠷᠭᠡᠭᠰᠡᠨ ᠨᠢ ᠭᠠᠷᠴᠠᠭ᠎ᠠ ᠦᠭᠡᠢ᠃

ᠡᠪ ᠬᠠᠮᠲᠤ ᠶᠢᠨ ᠪᠤᠳᠠᠭ᠎ᠠ ᠭᠡᠳᠡᠭ ᠴᠢᠨᠢ ᠢᠳᠡᠳᠡᠭ᠌ ᠯᠡ ᠬᠣᠭᠤᠯᠠ ᠪᠠᠢᠨ᠎ᠠ︕

ᠬᠠᠮᠠᠷ ᠯᠣᠳᠤᠨ ᠤ ᠪᠥᠮᠪᠦᠭᠡᠷ ᠴᠠᠭᠠᠨ ᠭᠡᠷ ᠲᠦ ᠶᠣᠰᠤᠲᠠᠢ ᠴᠢᠮᠡᠭ ᠰᠦᠷ ᠨᠡᠮᠡᠭᠳᠡᠵᠦ᠂ ᠯᠤᠤ ᠶᠢᠨ ᠬᠡ ᠲᠠᠢ ᠠᠪᠳᠠᠷ᠎ᠠ ᠨᠢ ᠰᠢᠨ᠎ᠡ ᠠᠮᠢᠳᠤᠷᠠᠯ ᠤᠨ ᠪᠡᠯᠭᠡ ᠲᠡᠮᠳᠡᠭ ᠪᠣᠯᠤᠭᠠᠳ᠂ ᠬᠠᠪᠢ ᠲᠥᠰᠦᠷ ᠢ ᠳᠦᠷᠭᠢᠭᠦᠯᠵᠡᠢ᠃ ᠨᠡᠢᠭᠡᠮ ᠵᠢᠷᠤᠮ ᠤᠨ ᠰᠠᠢᠨ ᠰᠠᠢᠬᠠᠨ ᠡᠭᠡᠭᠡ ᠯᠡ ᠭᠠᠭᠴᠠᠬᠠᠨ ᠬᠠᠮᠠᠷ ᠯᠣᠳᠤᠨ ᠤ ᠳᠤ ᠯᠠ ᠲᠥᠪᠯᠡᠷᠡᠭᠰᠡᠨ ᠶᠤᠮ ᠰᠢᠭ ᠰᠣᠨᠢᠭᠤᠴᠢᠷᠬᠠᠨ ᠱᠠᠭᠰᠢᠯᠳᠤᠨ᠎ᠠ᠃ ᠢᠩᠭᠢᠬᠦ ᠲᠤᠰᠤᠮ ᠬᠠᠮᠠᠷ ᠯᠣᠳᠤᠨ ᠠᠪᠳᠠᠷ᠎ᠠ ᠪᠠᠨ ᠠᠮᠢ ᠲᠠᠢ ᠪᠠᠨ ᠬᠣᠯᠪᠤᠵᠤ᠂ ᠡᠳᠦᠷ ᠦᠨ ᠠᠷᠪᠠᠨ ᠭᠤᠷᠪᠠ ᠵᠦᠯᠭᠦᠵᠦ ᠠᠷᠴᠢᠭᠠᠳ᠂ ᠬᠡᠨ ᠦ ᠠᠢᠯ ᠤᠨ ᠳᠡᠭᠵᠢᠨ ᠰᠢᠷ᠎ᠠ ᠨᠢ ᠬᠡᠷᠪᠡ ᠬᠢᠮᠤᠰᠤᠯᠠᠵᠤ ᠨᠢᠰᠠᠯᠪᠠᠯ᠂ ᠮᠠᠨᠴᠤᠷᠭᠠᠨ ᠬᠠᠮᠠᠷ ᠵᠢᠡᠠ ᠵᠡᠰ ᠤᠯᠠᠭᠠᠨ ᠪᠣᠯᠲᠠᠯ᠎ᠠ ᠴᠡᠨᠳᠡᠢᠯᠭᠡᠭᠡᠳ ᠨᠠᠷᠢᠨ ᠪᠤᠷᠭᠠᠰᠤ ᠪᠠᠷ ᠰᠢᠪᠠᠭᠳᠠᠵᠤ ᠭᠠᠷᠭᠠᠳᠠᠭ ᠪᠣᠯᠵᠠᠢ᠃

ᠵᠡᠭᠦᠨ ᠭᠡᠷ ᠦᠨ ᠮᠡᠩᠭᠡᠲᠦ ᠶᠢᠨ ᠬᠦᠦ ᠶᠢ ᠬᠠᠮᠠᠷ ᠯᠣᠳᠤᠨ ᠴᠠᠭᠠᠨ᠎ᠠ ᠡᠴᠡ ᠪᠠᠨ ᠠᠳᠠᠯᠠᠵᠤ ᠵᠢᠭ᠍ᠰᠢᠭᠡᠳ᠂ ᠳᠡᠯᠳᠡᠩ ᠴᠢᠬᠢ ᠶᠢ ᠨᠢ ᠤᠷᠠᠭᠳᠠᠵᠤ ᠰᠤᠨᠲᠠᠯ᠎ᠠ ᠮᠣᠰᠭᠢᠵᠤ ᠴᠢᠩᠭᠠᠭᠠᠭᠠᠳ ᠴᠢᠷᠴᠦ ᠭᠠᠷᠭᠠᠭᠰᠠᠨ ᠤᠳᠠᠭ᠎ᠠ ᠪᠤᠢ᠃

ᠬᠠᠶᠠ ᠵᠠᠷᠢᠮ ᠦᠶ᠎ᠡ ᠶᠢᠨ ᠠᠨᠳᠠ ᠨᠢ ᠬᠠᠮᠠᠷ ᠯᠣᠳᠤᠨ ᠤ ᠳᠤ ᠣᠷᠤᠭᠠᠳ ᠭᠠᠷᠬᠤ ᠳ᠋ᠭᠠᠨ ᠴᠤ ᠠᠪᠳᠠᠷ᠎ᠠ ᠶᠢ ᠨᠢ ᠨᠢᠭᠡ ᠰᠢᠷᠪᠢᠵᠦ᠂ ᠡᠵᠡᠨ ᠢ ᠨᠢ ᠨᠢᠭᠡ ᠶᠣᠪᠤᠷᠤᠭᠠᠳ᠄

«ᠮᠠᠨ ᠤ ᠬᠠᠮᠠᠷ ᠤᠨ ᠭᠡᠷ ᠶᠣᠰᠤᠲᠠᠢ ᠬᠥᠳᠡᠭᠡ ᠳᠡᠭᠡᠨ ᠳ᠋ᠧᠪᠠᠵᠠᠨ ᠪᠠᠢᠨ᠎ᠠ ᠳᠠ᠃<ᠰᠠᠢᠨ ᠡᠮᠡᠭᠡᠯ ᠠᠭᠲᠠ ᠶᠢᠨ ᠴᠢᠮᠡᠭ᠂ ᠰᠠᠢᠬᠠᠨ ᠪᠦᠰᠡᠭᠦᠢ ᠭᠡᠷ ᠦᠨ ᠴᠢᠮᠡᠭ> ᠭᠡᠳᠡᠭ᠌ ᠢᠶᠡᠷ ᠵᠠᠯᠠᠭᠤ ᠴᠢᠪᠠᠭᠠᠨᠴᠠ ᠪᠠᠨ ᠬᠣᠢᠮᠤᠷ ᠲᠠᠭᠠᠨ ᠵᠠᠯᠠᠬᠤ ᠯᠠ ᠳᠤᠲᠠᠵᠤ ᠪᠠᠢᠨ᠎ᠠ ᠰᠢᠤ︕» ᠭᠡᠵᠦ ᠱᠤᠤᠯᠠᠵᠤ ᠭᠠᠷᠳᠠᠭ ᠢ ᠶᠠᠭᠠᠬᠢᠨ᠎ᠠ᠃

ᠬᠠᠮᠠᠷ ᠯᠣᠳᠤᠨ ᠭᠤᠴᠢ ᠶᠢ ᠰᠢᠭᠦᠷᠡᠵᠦ ᠶᠠᠪᠤᠭ᠎ᠠ ᠵᠠᠯᠠᠭᠤ ᠲᠤᠯᠠ ᠬᠡᠳᠦᠨ ᠵᠢᠯ ᠦᠨ ᠡᠮᠦᠨ᠎ᠡ ᠡᠴᠡ ᠠᠪᠤᠭᠠᠳ ᠠᠷᠤ ᠳᠡᠬᠢ ᠵᠠᠯᠠᠭᠤ ᠴᠢᠪᠠᠭᠠᠨᠴᠠ ᠵᠠᠭᠷᠠᠢᠮ᠎ᠠ ᠲᠠᠢ ᠨᠠᠰᠢ ᠴᠠᠰᠢ ᠶᠠᠪᠤᠯᠴᠠᠵᠤ ᠢᠷᠡᠭᠰᠡᠨ ᠨᠢ ᠦᠨᠡᠨ᠃ ᠡᠷᠬᠡ ᠴᠢᠯᠦᠭᠡ ᠲᠠᠢ ᠴᠡᠭᠡᠵᠢ ᠲᠡᠨᠢᠭᠦᠨ ᠠᠮᠢᠳᠤᠷᠠᠬᠤ ᠪᠣᠯᠤᠭᠰᠠᠨ ᠳᠠᠭᠠᠨ ᠵᠠᠭᠷᠠᠢᠮ᠎ᠠ ᠪᠠᠨ ᠭᠡᠷ ᠦᠨ ᠴᠢᠮᠡᠭ᠌ ᠢᠶᠡᠷ ᠵᠠᠯᠠᠬᠤ ᠶᠢ ᠬᠡᠵᠢᠶ᠎ᠡ ᠶᠠᠵᠢᠶᠠᠨ ᠡᠴᠡ ᠬᠦᠰᠡᠵᠦ ᠵᠡᠭᠦᠳᠦᠯᠡᠳᠡᠭ ᠪᠠᠢᠨ᠎ᠠ᠃ ᠬᠠᠤᠯᠢ ᠶᠣᠰᠤᠭᠠᠷ ᠬᠠᠨᠢᠯᠠᠨ ᠰᠠᠭᠤᠬᠤ ᠰᠠᠨᠠᠭ᠎ᠠ ᠪᠠᠨ ᠪᠤᠯᠲᠠᠢᠯᠭᠠᠭᠰᠠᠨ ᠤᠳᠠᠭ᠎ᠠ ᠪᠤᠢ ᠴᠤ ᠵᠠᠯᠠᠭᠤ ᠴᠢᠪᠠᠭᠠᠨᠴᠠ ᠨᠢ ᠲᠣᠯᠤᠭᠠᠢ ᠰᠡᠭᠰᠦᠷᠦᠭᠡᠳ ᠬᠦᠯᠢᠶᠡᠭᠰᠡᠨ ᠦᠭᠡᠢ᠃

ᠡᠨᠡ ᠵᠠᠭᠷᠠᠢᠮ᠎ᠠ ᠭᠡᠳᠡᠭ᠌ ᠵᠠᠯᠠᠭᠤ ᠴᠢᠪᠠᠭᠠᠨᠴᠠ ᠶᠢᠨ ᠪᠣᠭᠲᠤᠯᠠᠵᠤ ᠬᠠᠷᠢᠯᠠᠭᠰᠠᠨ ᠬᠠᠷ᠎ᠠ ᠬᠥᠮᠦᠨ ᠨᠢ ᠨᠠᠮᠵᠢᠯ ᠵᠠᠯᠠᠨ ᠤ ᠰᠡᠲᠡᠷ ᠲᠠᠢ ᠭᠡᠭᠦᠦ ᠳᠦ ᠨᠣᠭᠲᠤ ᠭᠦᠶᠦᠯᠭᠡᠭᠡᠳ᠂ ᠲᠣᠯᠤᠭᠠᠢ ᠳᠠᠭᠠᠭᠠᠬᠤ ᠦᠭᠡᠢ ᠶᠠᠯ᠎ᠠ ᠳᠤ ᠤᠨᠠᠵᠤ᠂ ᠬᠣᠰᠢᠭᠤ ᠶᠠᠮᠤᠨ ᠤ ᠱᠣᠷᠤᠩ ᠳᠤ ᠶᠠᠰᠤ ᠪᠠᠨ ᠲᠠᠯᠪᠢᠭᠰᠠᠨ ᠪᠢᠯᠡ᠃ ᠪᠡᠯᠪᠡᠰᠦᠨ ᠬᠣᠴᠤᠷᠤᠭᠰᠠᠨ ᠵᠠᠯᠠᠭᠤ ᠪᠦᠰᠡᠭᠦᠢ ᠶᠢ ᠡᠪᠡᠳᠴᠢᠨ ᠡᠮᠬᠡᠭ᠌ ᠣᠷᠢᠶᠠᠭᠠᠳ ᠪᠠᠢᠬᠤᠯᠠᠷ ᠵᠢᠷᠤᠬᠠᠢᠴᠢ ᠯᠠᠮᠠᠬᠠᠢ ᠡᠴᠡ ᠠᠪᠤᠷᠠᠯ ᠭᠤᠶᠤᠵᠠᠢ᠃«ᠨᠢᠭᠦᠯ ᠦᠨ ᠦᠷ᠎ᠡ ᠠᠢᠬᠤᠪᠲᠤᠷ ᠬᠤᠷᠠᠯ᠎ᠠ ᠰᠢᠤ ᠳ᠋ᠠ︕ ᠵᠢᠰᠦ ᠪᠡᠨ ᠬᠤᠪᠢᠯᠭᠠᠪᠠᠯ ᠡᠪᠡᠳᠴᠢᠨ ᠡᠮᠬᠡᠭ᠌ ᠠᠷᠢᠯᠵᠤ ᠪᠣᠯᠬᠤ ᠶᠤᠮ ᠪᠠᠢᠨ᠎ᠠ» ᠭᠡᠵᠦ ᠯᠠᠮᠠᠬᠠᠢ ᠠᠢᠯᠠᠳᠤᠭᠰᠠᠨ ᠳᠤ ᠵᠠᠯᠠᠭᠤ ᠪᠦᠰᠡᠭᠦᠢ ᠰᠠᠬᠢᠯ ᠪᠠᠭᠰᠢ ᠪᠠᠷ ᠦᠰᠦ ᠪᠡᠨ ᠤᠷᠤᠮᠳᠠᠭᠤᠯᠵᠤ᠂ ᠲᠠᠩᠭᠠᠷᠢᠭ ᠥᠭᠭᠦᠨ ᠰᠠᠬᠢᠯ ᠬᠦᠷᠲᠡᠭᠡᠳ ᠴᠢᠪᠠᠭᠠᠨᠴᠠ ᠪᠣᠯᠪᠠ᠃ ᠰᠦᠮ᠎ᠡ ᠰᠠᠩ ᠤᠨ ᠪᠦᠷᠢᠶ᠎ᠡ ᠪᠢᠰᠭᠢᠭᠦᠷ ᠢ ᠰᠣᠨᠤᠰᠤᠨ᠂ ᠰᠠᠩ ᠬᠦᠵᠢ ᠶᠢᠨ ᠦᠨᠦᠷ ᠢ ᠦᠨᠦᠷᠲᠦᠵᠦ ᠰᠠᠭᠤᠶ᠎ᠠ ᠭᠡᠳ ᠣᠪᠤᠭᠠᠨ ᠠᠷᠤ ᠳᠤ ᠰᠠᠩ ᠰᠦᠷᠦᠭ ᠦᠨ ᠠᠢᠯ ᠲᠠᠢ ᠬᠠᠶᠠᠭ᠎ᠠ ᠳᠡᠷᠡᠯᠡᠨ ᠪᠠᠭᠤᠳᠠᠯᠯᠠᠵᠠᠢ᠃ ᠣᠳᠣ ᠰᠢᠨ᠎ᠡ ᠠᠮᠢᠳᠤᠷᠠᠯ ᠨᠢ ᠲᠡᠭᠦᠨ ᠦ ᠳᠤᠷ᠎ᠠ ᠰᠣᠨᠢᠷᠬᠠᠯ ᠢ ᠡᠷᠬᠡ ᠦᠭᠡᠢ ᠲᠠᠲᠠᠬᠤ ᠪᠣᠯᠵᠤ᠂ ᠬᠠᠮᠠᠷ ᠯᠣᠳᠤᠨ ᠲᠠᠢ ᠠᠮᠢᠳᠤᠷᠠᠯ ᠤᠨ ᠵᠢᠯᠤᠭᠤ ᠪᠠᠨ ᠬᠠᠮᠲᠤᠳᠭᠠᠬᠤ ᠶᠢ ᠬᠡᠴᠢᠨᠡᠨ ᠰᠠᠨᠠᠭᠠᠷᠬᠠᠭᠰᠠᠨ ᠪᠣᠯᠪᠠᠴᠤ ᠮᠢᠩᠭᠠᠨ ᠣᠨ ᠤᠯᠠᠮᠵᠢᠯᠠᠭᠠᠳ ᠢᠷᠡᠭᠰᠡᠨ ᠬᠠᠷ᠎ᠠ ᠰᠢᠷ᠎ᠠ ᠶᠢᠨ ᠮᠤᠬᠤᠷ ᠪᠢᠰᠢᠷᠡᠯ ᠲᠡᠭᠦᠨ ᠦ ᠣᠶᠤᠨ ᠰᠠᠨᠠᠭ᠎ᠠ ᠶᠢ ᠳᠠᠪᠬᠤᠷ ᠳᠠᠪᠬᠤᠷ ᠣᠷᠢᠶᠠᠭᠰᠠᠨ ᠲᠤᠯᠠ ᠦᠨᠡᠨ ᠬᠤᠳᠠᠯ ᠴᠤ ᠠᠮᠠᠨ ᠲᠠᠩᠭᠠᠷᠢᠭ ᠢᠶᠡᠨ ᠪᠤᠴᠠᠭᠠᠬᠤ ᠵᠣᠷᠢᠭ ᠦᠭᠡᠢ᠂ ᠶᠠᠭᠤ ᠴᠤ ᠭᠡᠰᠡᠨ ᠠᠷᠪᠠᠨ ᠵᠢᠯ ᠬᠦᠵᠢ ᠵᠤᠯᠠ ᠡᠷᠭᠦᠵᠦ ᠪᠠᠢᠭᠠᠳ ᠪᠣᠯᠤᠶ᠎ᠠ ᠭᠡᠵᠦ ᠰᠢᠢᠳᠴᠡᠢ᠃

ᠦᠭᠡ ᠪᠡᠨ ᠣᠯᠤᠯᠴᠠᠭᠰᠠᠨ ᠬᠠᠮᠠᠷ ᠯᠣᠳᠤᠨ ᠴᠤ ᠠᠷᠪᠠᠨ ᠵᠢᠯ ᠬᠦᠯᠢᠶᠡᠬᠦ ᠪᠡᠷ ᠪᠣᠯᠵᠤ᠂ ᠯᠤᠤ ᠶᠢᠨ ᠬᠡ ᠲᠠᠢ ᠠᠪᠳᠠᠷ᠎ᠠ ᠪᠠᠨ ᠬᠤᠮᠠᠬᠢ ᠲᠣᠭᠤᠰᠤ ᠰᠠᠭᠤᠯᠭᠠᠯ ᠦᠭᠡᠢ ᠵᠦᠯᠭᠦᠵᠦ ᠠᠷᠴᠢᠨ ᠭᠢᠯᠠ ᠴᠢᠯᠠ ᠬᠡᠪ ᠢᠶᠡᠷ ᠨᠢ ᠬᠠᠮᠠᠭᠠᠯᠠᠵᠤ ᠶᠠᠪᠤᠭᠰᠠᠨ ᠢᠶᠡᠷ ᠪᠠᠷᠠᠬᠤ ᠦᠭᠡᠢ«ᠵᠠᠭᠷᠠᠢᠮ᠎ᠠ ᠳᠠᠭᠠᠨ ᠬᠣᠭᠤᠰᠤᠨ ᠬᠣᠷᠭᠤ ᠶᠢᠨ ᠲᠦᠯᠬᠢᠭᠦᠷ ᠠᠳᠭᠤᠭᠤᠯᠤᠨ᠎ᠠ ᠤᠤ ᠳ᠋ᠠ︖» ᠭᠡᠳ ᠨᠢᠮᠭᠡᠨ ᠡᠮᠦᠰᠴᠦ ᠰᠢᠩᠭᠡᠨ ᠢᠳᠡᠵᠦ ᠪᠠᠢᠭᠠᠳ ᠬᠥᠬᠡ ᠲᠣᠷᠭᠠᠨ ᠵᠤᠪᠴᠠᠭ᠎ᠠ᠂ ᠶᠠᠭᠠᠨ ᠴᠢᠰᠴᠡᠦ ᠪᠦᠰᠡ᠂ ᠪᠤᠯᠢᠭᠠᠷᠢᠨ ᠭᠤᠲᠤᠯ᠂ ᠨᠣᠭᠤᠭᠠᠨ ᠳᠤᠷᠳᠤᠩ ᠠᠯᠴᠢᠭᠤᠷ ᠵᠡᠷᠭᠡ ᠪᠡᠷ ᠠᠪᠳᠠᠷ᠎ᠠ ᠪᠠᠨ ᠳᠦᠭᠦᠷᠭᠡᠵᠦ ᠯᠡ ᠪᠠᠢᠯ᠎ᠠ᠃

ᠬᠦᠯᠢᠶᠡᠭᠡᠳ ᠤᠳᠠᠭᠰᠠᠨ ᠠᠷᠪᠠᠨ ᠵᠢᠯ ᠨᠢ ᠬᠦᠷᠦᠭᠡᠳ ᠢᠷᠡᠪᠡ᠃ ᠡᠨᠡ ᠬᠣᠭᠤᠷᠤᠨᠳᠤ ᠬᠥᠯᠦᠰᠦ ᠰᠡᠪᠡᠬᠦ ᠵᠠᠪ ᠦᠭᠡᠢ ᠶᠠᠭᠠᠷᠠᠵᠤ ᠶᠠᠪᠤᠭᠰᠠᠨ ᠬᠠᠮᠠᠷ ᠯᠣᠳᠤᠨ ᠪᠢᠰᠢᠭᠦᠢ ᠬᠥᠷᠦᠩᠭᠡᠵᠢᠵᠦ᠂ ᠵᠠᠷᠤᠯᠭ᠎ᠠ ᠪᠠᠷᠢᠯᠭ᠎ᠠ ᠳ᠋ᠭᠠᠨ ᠴᠤ ᠶᠡᠬᠡ ᠭᠠᠷ ᠢᠶᠡᠷ ᠬᠥᠳᠡᠯᠳᠡᠭ᠌ ᠪᠣᠯᠤᠭᠠᠳ ᠰᠢᠨ᠎ᠡ ᠠᠮᠢᠳᠤᠷᠠᠯ ᠤᠨ ᠵᠠᠮ ᠳᠤ ᠮᠢᠨᠢ ᠭᠡᠭᠡᠨ ᠰᠠᠷᠠ ᠪᠣᠯᠬᠤ ᠦᠭᠡᠢ ᠴᠦ ᠭᠡᠷᠡᠯᠲᠦ ᠮᠥᠷ ᠢᠶᠡᠨ ᠦᠯᠡᠳᠡᠭᠡᠬᠦ ᠨᠢ ᠵᠠᠭᠷᠠᠢᠮ᠎ᠠ ᠶᠤᠮ ᠡ︕ ᠭᠡᠳ ᠬᠣᠷᠢᠮ ᠢᠶᠡᠨ ᠨᠠᠮᠪᠠᠲᠠᠢᠬᠠᠨ ᠷᠠᠪᠵᠢ ᠶᠢᠨ ᠵᠢᠷᠤᠭ᠎ᠠ ᠰᠠᠷᠠᠯ ᠢ ᠰᠤᠮᠤᠨ ᠳᠠᠷᠤᠭ᠎ᠠ ᠶᠢᠨ ᠮᠥᠩᠭᠦᠨ ᠡᠮᠡᠭᠡᠯ ᠲᠠᠢ ᠵᠢᠭᠡᠯᠡᠵᠦ᠂ ᠪᠡᠷᠢ ᠶᠢᠨ ᠤᠨᠤᠯᠭ᠎ᠠ ᠪᠣᠯᠭᠠᠬᠤ ᠪᠠᠷ ᠪᠣᠯᠵᠤᠵᠤ᠂ ᠵᠢᠪᠵᠢᠳᠮ᠎ᠠ ᠬᠥᠭᠰᠢᠨ ᠢᠶᠡᠷ ᠲᠡᠷᠯᠢᠭ᠌ ᠡᠰᠭᠡᠭᠦᠯᠵᠦ᠂ ᠪᠠᠳᠮ᠎ᠠ ᠪᠡᠷᠭᠡᠨ ᠢᠶᠡᠷ ᠪᠤᠭᠤᠷᠰᠤᠭ ᠬᠠᠭᠠᠷᠢᠭᠤᠯᠤᠭᠠᠳ᠂ ᠬᠣᠷᠯᠣ ᠡᠪᠦᠭᠡᠨ ᠢ ᠲᠦᠷᠦᠭᠦᠦ ᠬᠤᠳᠠ ᠪᠠᠷ ᠵᠠᠯᠠᠭᠠᠳ ᠶᠠᠪ ᠶᠠᠭᠠᠷᠠᠤ᠃

ᠠᠷᠪᠠᠨ ᠵᠢᠯ ᠨᠢ ᠶᠠᠭᠠᠬᠢᠵᠤ ᠡᠢᠭᠡᠳ ᠥᠩᠭᠡᠷᠡᠭᠰᠡᠨ ᠪᠣᠯᠪᠠᠴᠤ᠂ ᠠᠷᠪᠠᠬᠠᠨ ᠬᠣᠨᠤᠭ ᠨᠢ ᠶᠡᠷᠦ ᠥᠩᠭᠡᠷᠡᠵᠦ ᠥᠭᠬᠦ ᠦᠭᠡᠢ ᠬᠠᠮᠠᠷ ᠯᠣᠳᠤᠨ ᠢ ᠬᠡᠴᠡᠭᠦᠦ ᠬᠡᠢᠷᠭᠡᠭᠦᠯᠦᠨ᠎ᠡ᠃ ᠭᠣᠤᠨᠢ ᠪᠡᠶ᠎ᠡ ᠬᠣᠣᠰ ᠪᠣᠯᠵᠤ ᠭᠣᠯᠤᠮᠲᠠ ᠶᠢᠨ ᠵᠡᠭᠦᠨᠲᠡᠢ ᠨᠢ ᠪᠦᠰᠡᠭᠦᠢ ᠳᠣᠮᠪᠤᠢᠬᠤ ᠪᠣᠯᠤᠭᠰᠠᠨ ᠨᠢ ᠰᠢᠨ᠎ᠡ ᠴᠠᠭ ᠢᠷᠡᠭᠰᠡᠨ ᠦᠭᠡᠢ ᠪᠣᠯ ᠬᠠᠮᠠᠷ ᠯᠣᠳᠤᠨ ᠤ ᠵᠡᠭᠦᠳᠦᠨ ᠳᠦ ᠣᠷᠤᠬᠤ ᠦᠭᠡᠢ ᠶᠠᠪᠤᠳᠠᠯ ᠡ︕

ᠭᠡᠪᠡᠴᠦ ᠳᠡᠭᠡᠷ᠎ᠡ ᠡᠴᠡ ᠢᠷᠡᠭᠰᠡᠨ ᠨᠢᠭᠡᠨ ᠬᠠᠭᠤᠳᠠᠰᠤ ᠪᠢᠴᠢᠭ᠌ ᠡᠨᠡ ᠰᠠᠢᠬᠠᠨ ᠮᠥᠴᠡ ᠶᠢ ᠵᠡᠷᠭᠡᠯᠭᠡᠨ ᠮᠡᠲᠦ ᠰᠠᠷᠨᠢᠭᠤᠯᠤᠭᠠᠳ᠂ ᠬᠠᠮᠠᠷ ᠯᠣᠳᠤᠨ ᠵᠠᠯᠠᠭᠤ ᠴᠢᠪᠠᠭᠠᠨᠴᠠ ᠬᠣᠶᠠᠷ ᠢ ᠬᠡᠢ ᠪᠡᠷ ᠬᠥᠭᠡᠷᠦᠭᠦᠯᠵᠦ᠂ ᠬᠥᠭᠡᠰᠦ ᠪᠡᠷ ᠪᠥᠭᠡᠯᠵᠢᠭᠦᠯᠪᠡ᠃

«ᠡᠪ ᠬᠠᠮᠲᠤ ᠶᠢᠨ ᠶᠣᠰᠤ ᠨᠢ ᠥᠨᠥ ᠮᠠᠷᠭᠠᠰᠢ ᠪᠡᠶᠡᠯᠡᠭᠳᠡᠬᠦ ᠲᠤᠯᠠ ᠤᠯᠤᠰ ᠳᠠᠶᠠᠭᠠᠷ ᠦᠰᠦᠷᠦᠩᠭᠦᠢ ᠳᠠᠪᠰᠢᠬᠤ ᠬᠡᠷᠡᠭᠲᠡᠢ» ᠭᠡᠵᠦ ᠬᠣᠷᠰᠢᠶ᠎ᠠ ᠨᠡᠢᠲᠡ ᠪᠡᠷ ᠬᠥᠳᠡᠯᠭᠡᠭᠡᠨ ᠪᠣᠯᠪᠠ᠃«ᠬᠡᠳᠦᠢ ᠴᠢᠳᠠᠯ ᠲᠠᠢ ᠪᠣᠯ ᠲᠡᠳᠦᠢ ᠪᠡᠨ ᠭᠠᠷᠭᠠᠵᠤ ᠶᠠᠭᠤ ᠬᠡᠷᠡᠭ ᠲᠠᠢ ᠪᠣᠯ ᠲᠡᠭᠦᠨ ᠢᠶᠡᠨ ᠠᠪᠬᠤ» ᠨᠢ ᠳᠠᠪᠰᠢᠩᠭᠤᠢ ᠭᠡᠭᠡᠨ ᠶᠣᠰᠤ ᠭᠠᠵᠠᠷ ᠳ᠋ᠠ᠂ ᠨᠠᠮᠵᠢᠯ ᠵᠠᠯᠠᠨ ᠢ ᠭᠠᠷᠭᠠᠪᠠᠯ ᠬᠡᠨ ᠴᠦ ᠭᠡᠳ ᠬᠦᠯᠢᠶᠡᠬᠦ ᠪᠠᠢᠯᠭᠦᠢ᠃ ᠬᠣᠶᠠᠷ ᠲᠣᠯᠤᠭᠠᠢ ᠤᠷᠭᠤᠭᠰᠠᠨ ᠴᠤ᠂ ᠬᠤᠪᠢ ᠶᠢᠨ ᠠᠮᠢᠳᠤᠷᠠᠯ ᠢᠶᠡᠨ ᠲᠥᠪᠬᠢᠨᠡᠭᠦᠯᠦᠶ᠎ᠡ ᠭᠡᠵᠦ ᠬᠠᠮᠠᠷ ᠯᠣᠳᠤᠨ ᠠᠮᠠ ᠨᠡᠭᠡᠭᠡᠬᠦ ᠵᠢᠷᠦᠬᠡ ᠪᠠᠢᠨ᠎ᠠ ᠤᠤ︖ ᠵᠠᠪ ᠪᠠᠢᠨ᠎ᠠ ᠤᠤ︖

ᠳᠡᠭᠡᠷᠡᠬᠢ ᠶᠢᠨ ᠰᠠᠨᠠᠭ᠎ᠠ ᠪᠠᠷ ᠡᠭᠦᠷ ᠤᠨ ᠳᠠᠷᠤᠭ᠎ᠠ ᠡᠷᠦᠬᠡ ᠳᠠᠷᠠᠭᠠᠯᠠᠨ ᠬᠡᠰᠦᠵᠦ᠂ ᠪᠤᠷᠴᠠ ᠲᠠᠢ ᠠᠢᠯ ᠡᠴᠡ ᠪᠤᠷᠴᠠ ᠨᠡᠢᠯᠡᠭᠦᠯᠵᠦ᠂ ᠭᠤᠯᠢᠷ ᠲᠠᠢ ᠠᠢᠯ ᠤᠨ ᠬᠢᠨᠢ ᠬᠡᠦᠳᠡᠢ ᠶᠢ ᠭᠦᠪᠢᠭᠦᠯᠦᠭᠰᠡᠭᠡᠷ ᠡᠨᠡ ᠠᠢᠯ ᠤᠨ ᠰᠢᠨᠠᠭ᠎ᠠ᠂ ᠲᠡᠷᠡ ᠠᠢᠯ ᠤᠨ ᠳᠡᠪᠦᠷ᠎ᠡ ᠭᠡᠵᠦ ᠴᠤᠭᠯᠠᠭᠤᠯᠤᠭᠠᠳ ᠬᠣᠷᠰᠢᠶᠠᠨ ᠤ ᠬᠥᠮᠦᠷᠭᠡ ᠳᠦ ᠬᠣᠭᠤᠯᠠᠨ ᠭᠡᠷ ᠭᠠᠷᠭᠠᠬᠤ ᠪᠠᠷ ᠪᠣᠯᠵᠠᠢ᠃ ᠭᠠᠯ ᠲᠣᠭᠤᠭᠠᠨ ᠤ ᠠᠵᠢᠯ ᠳᠠᠭᠠᠨ ᠬᠠᠮᠠᠷ ᠯᠣᠳᠤᠨ ᠤᠷᠢᠳᠤ ᠡᠴᠡ ᠪᠠᠷᠤᠭᠲᠠᠢ ᠲᠤᠯᠠ ᠠᠢᠯ ᠤᠨ ᠲᠣᠭᠤᠭ᠎ᠠ ᠶᠢ ᠬᠠᠳᠠᠭᠰᠠᠭᠠᠷ ᠢᠷᠡᠭᠰᠡᠨ᠃ ᠭᠡᠷ ᠲᠡᠷᠭᠡ ᠲᠠᠢ ᠪᠣᠯᠤᠭᠰᠠᠨ ᠡᠴᠡ ᠬᠣᠢᠰᠢ᠂ ᠠᠷᠭ᠎ᠠ ᠪᠤᠰᠤ ᠬᠣᠭᠤᠯᠠ ᠬᠤᠰᠢ ᠭᠡᠵᠦ ᠣᠷᠤᠯᠳᠤᠵᠤ ᠡᠬᠢᠯᠡᠭᠰᠡᠨ ᠪᠣᠯᠪᠠᠴᠤ ᠣᠯᠢᠭ ᠲᠠᠢ ᠠᠮᠲᠠ ᠪᠦᠷᠢᠯᠳᠦᠭᠦᠯᠦᠭᠰᠡᠨ ᠡᠷᠢᠨ ᠨᠢ ᠲᠣᠭ᠎ᠠ ᠲᠠᠢ᠃ ᠡᠪ ᠬᠠᠮᠲᠤ ᠶᠢᠨ ᠪᠤᠳᠠᠭ᠎ᠠ ᠭᠡᠳᠡᠭ ᠴᠢᠨᠢ ᠢᠳᠡᠳᠡᠭ᠌ ᠯᠡ ᠬᠣᠭᠤᠯᠠ᠂ ᠡᠷᠢᠨ ᠡᠷᠢᠨ ᠪᠡᠯᠡᠨ ᠪᠤᠳᠠᠭ᠎ᠠ ᠢᠳᠡᠨ᠎ᠡ ᠭᠡᠳᠡᠭ ᠴᠢᠨᠢ ᠡᠢᠮᠦ ᠰᠠᠢᠬᠠᠨ ᠴᠠᠭ ᠢᠷᠡᠭᠰᠡᠨ ᠦᠭᠡᠢ ᠪᠣᠯ ᠬᠠᠮᠠᠷ ᠨᠠᠳᠠ ᠬᠠᠮᠢᠭ᠎ᠠ ᠡᠴᠡ ᠣᠯᠳᠠᠬᠤ ᠰᠠᠨ ᠪᠢᠯᠡ︕ ᠭᠡᠳ ᠬᠠᠮᠠᠷ ᠯᠣᠳᠤᠨ ᠴᠢᠮᠡᠭᠡ ᠪᠡᠷ ᠨᠢ ᠬᠥᠯ ᠦᠭᠡᠢ ᠳᠡᠷᠪᠡᠵᠦ ᠡᠬᠢᠯᠡᠪᠡ᠃

ᠭᠤᠷᠪᠠᠨ ᠬᠣᠲᠠ ᠳᠥᠷᠪᠡᠨ ᠤᠰᠤᠨ ᠤ ᠬᠢᠨ ᠨᠢᠭᠡ ᠯᠡ ᠡᠳᠦᠷ ᠲᠦ ᠣᠪᠤᠭᠠᠨ ᠰᠢᠯᠢ ᠳᠡᠭᠡᠷ᠎ᠡ ᠲᠥᠪᠯᠡᠷᠡᠨ ᠪᠠᠭᠤᠳᠠᠯᠯᠠᠭᠠᠳ᠂ ᠬᠣᠲᠠ ᠪᠠᠯᠭᠠᠰᠤ ᠰᠢᠭ ᠪᠣᠯᠪᠠ᠃ ᠡᠭᠦᠷ ᠤᠨ ᠳᠠᠷᠤᠭ᠎ᠠ ᠠᠢᠯ ᠤᠳ ᠤᠨ ᠢᠯᠡᠭᠦᠦ ᠭᠠᠷᠤᠭᠰᠠᠨ ᠲᠣᠭᠤᠭ᠎ᠠ ᠶᠢ ᠴᠤᠭᠯᠠᠭᠤᠯᠵᠤ᠂ ᠢᠳᠡ ᠲᠠᠢ ᠪᠢᠷ᠎ᠠ ᠲᠠᠢ ᠵᠠᠯᠠᠭᠤᠰ ᠢᠶᠡᠷ ᠨᠢᠴᠠ ᠨᠢᠴᠠ ᠳᠡᠪᠰᠡᠭᠦᠯᠦᠭᠡᠳ᠂ ᠪᠣᠯᠤᠳ ᠤᠨ ᠵᠤᠤᠬᠠᠨ ᠳᠤ ᠬᠦᠷᠭᠡᠵᠦ ᠪᠠᠢᠨ᠎ᠠ᠃ ᠬᠣᠭᠤᠯᠠᠨ ᠭᠡᠷ ᠲᠠᠢ ᠪᠣᠯᠤᠭᠰᠠᠨ ᠶᠤᠮ ᠴᠢᠨᠢ ᠭᠡᠳ ᠬᠠᠮᠠᠷ ᠯᠣᠳᠤᠨ ᠪᠠᠢᠬᠤ ᠡᠴᠡ ᠭᠠᠭᠴᠠ ᠭᠠᠤᠯᠢᠨ ᠬᠠᠢᠪᠤ ᠪᠠᠨ ᠠᠪᠠᠴᠢᠵᠤ ᠥᠭᠭᠦᠭᠰᠡᠨ ᠳᠦ ᠰᠢᠷᠡᠮᠦ ᠪᠢᠰᠢ ᠪᠣᠯ ᠠᠪᠬᠤ ᠦᠭᠡᠢ ᠭᠡᠳ ᠪᠤᠴᠠᠭᠠᠵᠠᠢ᠃

ᠰᠦᠷᠦᠭ ᠨᠣᠬᠠᠳ ᠬᠤᠴᠠᠵᠤ ᠪᠤᠤᠷᠯᠠᠯᠳᠤᠭᠠᠳ ᠡᠮᠡᠰ ᠬᠡᠦᠬᠡᠳ ᠡᠭᠦᠳᠡᠨ ᠡᠴᠡ ᠭᠠᠷᠬᠤ ᠶᠢᠨ ᠠᠷᠭ᠎ᠠ ᠦᠭᠡᠢ ᠪᠣᠯᠤᠭᠠᠳ ᠪᠠᠢᠨ᠎ᠠ᠃

ᠬᠠᠮᠠᠷ ᠯᠣᠳᠤᠨ ᠴᠤ ᠨᠣᠬᠠᠢ ᠶᠢᠨ ᠠᠶᠤᠯ ᠡᠴᠡ ᠳᠥᠩᠭᠡᠵᠢ ᠮᠤᠯᠲᠤᠷᠠᠭᠠᠳ ᠡᠭᠦᠳᠡ ᠲᠠᠭᠠᠷᠠᠮᠠᠭᠴᠠ ᠰᠢᠷᠭᠤᠵᠤ ᠣᠷᠤᠭᠰᠠᠨ ᠳᠤ ᠵᠠᠯᠠᠭᠤ ᠴᠢᠪᠠᠭᠠᠨᠴᠠ ᠴᠠᠢ ᠴᠢᠨᠠᠨ ᠪᠥᠭᠴᠦᠭᠡᠨᠡᠵᠦ ᠪᠠᠢᠪᠠ᠃ ᠲᠣᠭᠤᠭ᠎ᠠ ᠳᠦᠭᠦᠷᠡᠩ ᠳᠠᠷᠭᠢᠯᠠᠬᠤ ᠬᠥᠬᠡ ᠴᠠᠢ ᠡᠴᠡ ᠡᠬᠡᠭᠦᠨ ᠦᠨᠦᠷ ᠰᠠᠩᠭᠢ ᠲᠠᠲᠠᠨ᠎ᠠ᠃

«ᠵᠣᠯᠢᠭ ᠴᠢᠨᠢ ᠮᠥᠨ ᠴᠦ ᠮᠣᠷᠢ ᠲᠠᠢ ᠪᠠᠢᠨ᠎ᠠ︕» ᠭᠡᠵᠦ ᠵᠠᠯᠠᠭᠤ ᠴᠢᠪᠠᠭᠠᠨᠴᠠ ᠨᠢ ᠱᠤᠤᠯᠠᠵᠤ ᠭᠠᠷᠬᠤ ᠳᠤ᠄

«ᠨᠣᠬᠠᠢ ᠳᠤ ᠲᠠᠭᠤᠭᠳᠠᠭᠰᠠᠨ ᠦᠭᠡᠢ ᠪᠣᠯ ᠴᠠᠢ ᠳᠡᠭᠡᠷ᠎ᠡ ᠴᠢᠨᠢ ᠵᠠᠪᠳᠤᠬᠤ ᠦᠭᠡᠢ ᠯᠡ ᠳ᠋ᠠ» ᠭᠡᠳ ᠬᠠᠮᠠᠷ ᠯᠣᠳᠤᠨ ᠬᠠᠭᠵᠠᠷᠬᠠᠢ ᠰᠢᠷᠬᠤᠨᠠᠭ ᠢᠶᠡᠨ ᠬᠣᠷᠮᠤᠢ ᠪᠠᠷ ᠢᠶᠡᠨ ᠪᠥᠭᠯᠡᠵᠦ ᠰᠠᠭᠤᠪᠠ᠃

ᠬᠥᠬᠡ ᠴᠠᠢ ᠶᠢ ᠨᠢ ᠬᠥᠯᠦᠷᠡᠲᠡᠯ᠎ᠡ ᠤᠤᠭᠤᠵᠤ ᠰᠠᠭᠤᠬᠤ ᠵᠠᠭᠤᠷ᠎ᠠ ᠴᠢᠪᠠᠭᠠᠨᠴᠠ ᠶᠢᠨ ᠢᠶᠡᠨ ᠰᠢᠷᠡᠮᠦᠨ ᠲᠣᠭᠤᠭ᠎ᠠ ᠶᠢ ᠬᠠᠷᠠᠭᠠᠳ ᠬᠠᠮᠠᠷ ᠯᠣᠳᠤᠨ ᠭᠡᠨᠡᠳᠲᠡ ᠭᠡᠭᠡᠷᠡᠪᠡ᠃

ᠴᠢᠪᠠᠭᠠᠨᠴᠠ ᠶᠢᠨ ᠲᠣᠭᠤᠭ᠎ᠠ ᠰᠦᠷᠡᠬᠡᠢ ᠴᠦ ᠶᠤᠮ ᠪᠠᠢᠨ᠎ᠠ᠃ ᠯᠠᠪ ᠨᠢᠭᠡ ᠵᠤᠤᠬ᠎ᠠ ᠰᠢᠲᠠᠭᠠᠵᠤ ᠬᠦᠷᠬᠦ ᠪᠠᠢᠬᠤ ᠳ᠋ᠠ︕

ᠬᠠᠮᠠᠷ ᠯᠣᠳᠤᠨ ᠭᠢᠳ ᠭᠢᠳ ᠭᠡᠭᠰᠡᠭᠡᠷ᠄

«ᠡᠨᠡ ᠲᠣᠭᠤᠭ᠎ᠠ ᠪᠠᠨ ᠨᠠᠳᠠ ᠳᠠᠭᠠᠨ ᠥᠭᠴᠢᠬᠡ ᠳ᠋ᠠ︕» ᠭᠡᠵᠦ ᠬᠡ ᠴᠦ ᠦᠭᠡᠢ ᠭᠤᠶᠤᠭᠰᠠᠨ ᠳᠤ ᠵᠠᠯᠠᠭᠤ ᠴᠢᠪᠠᠭᠠᠨᠴᠠ ᠭᠠᠢᠬᠠᠵᠤ᠄

«ᠭᠣᠷᠢ ᠦᠭᠡᠢ᠂ ᠭᠣᠷᠢ ᠦᠭᠡᠢ︕» ᠭᠡᠵᠦ ᠲᠣᠯᠤᠭᠠᠢ ᠳᠠᠮᠠᠷᠤᠳᠠᠪᠠ᠃

«ᠮᠠᠷᠭᠠᠰᠢ ᠡᠴᠡ ᠬᠣᠭᠤᠯᠠᠨ ᠭᠡᠷ ᠲᠦ ᠴᠠᠪᠯᠠᠵᠠᠭᠠᠬᠤ ᠶᠤᠮ ᠴᠢᠨᠢ ᠡᠨᠡ ᠮᠠᠭᠤ ᠲᠣᠭᠤᠭ᠎ᠠ ᠪᠠᠷ ᠡᠴᠢᠭᠡ ᠪᠡᠨ ᠬᠢᠨ᠎ᠡ ᠦᠦ︖» ᠭᠡᠳ ᠬᠠᠮᠠᠷ ᠯᠣᠳᠤᠨ ᠬᠠᠮᠠᠷ ᠵᠢᠡᠠ ᠴᠡᠨᠳᠡᠢᠯᠭᠡᠬᠦ ᠳᠦ᠄

«ᠪᠠᠢᠭ ᠴᠠᠰᠢ︕ ᠪᠢ ᠳᠤᠲᠠᠭᠤ ᠨᠢᠭᠡ ᠡᠷᠢᠨ ᠦ ᠬᠣᠭᠤᠯᠠ ᠢᠳᠡᠭᠰᠡᠨ ᠴᠦ ᠴᠠᠢ ᠡᠴᠡ ᠪᠠᠨ ᠰᠠᠯᠵᠤ ᠴᠢᠳᠠᠳᠠᠭ ᠦᠭᠡᠢ ᠶᠢ ᠴᠢ ᠶᠠᠮᠠᠷ ᠮᠡᠳᠡᠬᠦ ᠦᠭᠡᠢ ᠪᠢᠰᠢ» ᠭᠡᠵᠦ ᠵᠠᠯᠠᠭᠤ ᠴᠢᠪᠠᠭᠠᠨᠴᠠ ᠳᠤᠷᠠᠮᠠᠭᠴᠢᠬᠠᠨ ᠳᠦᠳᠦᠨᠡᠪᠡ᠃

ᠲᠡᠢᠮᠦ ᠴᠦ ᠲᠡᠢᠮᠦ ᠳ᠋ᠡ᠃ ᠴᠢᠪᠠᠭᠠᠨᠴᠠ ᠬᠥᠮᠦᠨ ᠦ ᠬᠠᠮᠤᠭ ᠡᠷᠳᠡᠮ ᠨᠢ ᠴᠠᠢ ᠭᠦᠵᠡᠭᠡᠯᠡᠬᠦ ᠯᠡ ᠰᠢᠦ ᠳ᠋ᠠ︕

«ᠢᠩᠭᠢᠶ᠎ᠡ᠂ ᠪᠢ ᠭᠠᠤᠯᠢᠨ ᠬᠠᠢᠪᠤ ᠪᠠᠷ ᠢᠶᠡᠨ ᠲᠣᠭᠤᠭ᠎ᠠ ᠶᠢ ᠴᠢᠨᠢ ᠰᠣᠯᠢᠵᠤ ᠠᠪᠤᠶ᠎ᠠ︕ᠮᠢᠨᠦ ᠲᠡᠷᠡ ᠬᠠᠢᠪᠤ ᠳᠤ ᠴᠠᠢ ᠴᠢᠨᠠᠵᠤ ᠭᠠᠢᠭᠤᠢ ᠪᠣᠯᠤᠨ᠎ᠠ ᠰᠢᠤ︕»

ᠴᠢᠪᠠᠭᠠᠨᠴᠠ ᠬᠠᠷᠢᠭᠤ ᠳᠤᠤᠭᠠᠷᠤᠭᠰᠠᠨ ᠦᠭᠡᠢ᠃ ᠤᠳᠠᠵᠤ ᠤᠳᠠᠭᠠᠳ ᠲᠣᠯᠤᠭᠠᠢ ᠳᠣᠬᠢᠪᠠ᠃ ᠬᠠᠮᠠᠷ ᠯᠣᠳᠤᠨ ᠬᠠᠭᠠᠷᠠᠲᠠᠯ᠎ᠠ ᠬᠥᠭᠡᠷᠴᠦ᠂ ᠦᠰᠦᠷᠴᠦ ᠪᠣᠰᠤᠭᠠᠳ ᠲᠣᠭᠤᠭ᠎ᠠ ᠶᠢ ᠰᠤᠭᠤᠯᠪᠠ᠃

ᠵᠠᠮ ᠵᠠᠭᠤᠷ᠎ᠠ᠂ ᠪᠦᠲᠦᠨ ᠲᠣᠭᠤᠭ᠎ᠠ ᠠᠪᠳᠠᠭ ᠦᠭᠡᠢ ᠰᠠᠨ ᠭᠡᠵᠦ ᠪᠣᠳᠤᠭᠠᠳ ᠬᠠᠮᠠᠷ ᠯᠣᠳᠤᠨ ᠲᠣᠭᠤᠭ᠎ᠠ ᠪᠠᠨ ᠰᠢᠳᠡᠵᠦ ᠶᠠᠪᠤᠭᠤᠯᠤᠭᠠᠳ ᠬᠠᠷ᠎ᠠ ᠬᠦᠴᠦ ᠪᠡᠷ ᠢᠶᠡᠨ ᠳᠡᠪᠰᠡᠭᠰᠡᠨ ᠪᠣᠯᠪᠠᠴᠤ᠂ ᠬᠥᠯ ᠦᠨ ᠤᠯᠠ ᠨᠢ ᠡᠭᠡᠷᠡᠲᠡᠯ᠎ᠡ ᠡᠪᠡᠳᠦᠭᠰᠡᠨ ᠡᠴᠡ ᠪᠢᠰᠢ ᠲᠣᠭᠤᠭ᠎ᠠ ᠨᠢ ᠬᠡᠮᠬᠡᠷᠡᠭᠰᠡᠨ ᠦᠭᠡᠢ᠃ ᠮᠡᠩᠭᠡᠲᠦ ᠶᠢᠨ ᠬᠦᠦ ᠳᠥᠷᠪᠡᠯᠵᠢᠨ ᠭᠦᠷᠵᠡᠩ ᠴᠢᠨᠡᠭᠡ ᠴᠢᠯᠠᠭᠤ ᠳᠠᠭᠠᠭ᠎ᠠ ᠶᠠᠳᠠᠨ ᠠᠪᠴᠢᠷᠠᠭᠠᠳ ᠲᠣᠭᠤᠭᠠᠨ ᠬᠦᠢᠰᠦ ᠲᠠᠭᠠᠷᠠᠭᠤᠯᠤᠨ ᠪᠠᠭᠤᠯᠭᠠᠪᠠ᠃ ᠨᠠᠰᠤ ᠪᠠᠯᠴᠢᠷ ᠴᠤ ᠤᠬᠠᠭᠠᠨ ᠬᠡᠴᠡᠭᠦᠦ᠃ ᠰᠢᠷᠡᠮᠦᠨ ᠲᠣᠭᠤᠭ᠎ᠠ ᠰᠦᠢᠷᠡᠵᠦ ᠣᠴᠢᠬᠤ ᠳᠤ ᠬᠠᠮᠠᠷ ᠯᠣᠳᠤᠨ ᠮᠠᠭᠠᠰᠠᠢᠵᠤ ᠢᠨᠢᠶᠡᠭᠡᠳ᠂ ᠬᠥ ᠶᠢ ᠴᠦ ᠬᠠᠮᠢᠶᠠᠷᠤᠯ ᠦᠭᠡᠢ ᠲᠡᠭᠦᠵᠦ ᠬᠣᠷᠮᠤᠢᠯᠠᠮᠠᠭᠴᠠ ᠭᠠᠷᠴᠤ ᠭᠦᠶᠦᠪᠡ᠃ ᠬᠠᠷᠠᠮᠰᠠᠯᠲᠠᠢ ᠨᠢ ᠭᠣᠵᠤᠢᠭᠰᠠᠨ ᠦᠭᠡᠢ ᠦᠵᠡᠭᠰᠡᠨ ᠡᠴᠡ ᠪᠢᠰᠢ ᠬᠢᠮᠤᠰᠤᠨ ᠲᠡᠳᠦᠢ ᠱᠠᠩ ᠴᠤ ᠬᠦᠷᠲᠡᠭᠰᠡᠨ ᠦᠭᠡᠢ᠃

ᠬᠠᠮᠠᠷ ᠯᠣᠳᠤᠨ ᠲᠣᠯᠤᠭᠠᠢ ᠪᠠᠨ ᠭᠠᠨᠵᠤᠭᠠᠯᠠᠭᠠᠳ ᠪᠤᠴᠠᠵᠤ ᠬᠠᠷᠢᠬᠤ ᠳᠤ ᠯᠤᠤ ᠶᠢᠨ ᠬᠡ ᠲᠠᠢ ᠠᠪᠳᠠᠷ᠎ᠠ ᠶᠢ ᠨᠢ ᠬᠣᠭᠤᠯᠠᠨ ᠭᠡᠷ ᠲᠦ ᠵᠠᠷᠤᠬᠤ ᠪᠠᠷ ᠬᠠᠰᠠᠭ ᠢᠷᠡᠭᠡᠳ ᠬᠦᠯᠢᠶᠡᠵᠦ ᠪᠠᠢᠪᠠ᠃ ᠨᠢᠯᠪᠤᠰᠤ ᠪᠥᠮᠪᠦᠷᠢᠮᠡᠷ ᠪᠣᠯᠤᠭᠰᠠᠨ ᠪᠣᠯᠪᠠᠴᠤ᠂ ᠵᠠᠯᠠᠭᠤ ᠴᠢᠪᠠᠭᠠᠨᠴᠠ ᠲᠠᠢ ᠪᠠᠨ ᠰᠢᠷᠡᠭᠡ ᠬᠠᠪᠴᠢᠨ ᠬᠣᠭᠤᠯᠠᠯᠠᠬᠤ ᠶᠢ ᠪᠣᠳᠤᠮᠠᠭᠴᠠ᠂ ᠬᠠᠮᠠᠷ ᠯᠣᠳᠤᠨ ᠤ ᠪᠠᠷᠤᠢᠭᠰᠠᠨ ᠴᠢᠷᠠᠢ ᠴᠡᠯᠮᠡᠢᠵᠦ ᠪᠠᠶᠠᠰᠭᠤᠯᠠᠩ ᠲᠤᠶᠠᠭᠠᠷᠠᠭᠠᠳ᠂ ᠳᠠᠭᠤ ᠦᠭᠡᠢ ᠥᠭᠴᠦ ᠶᠠᠪᠤᠭᠤᠯᠪᠠ᠃

ᠰᠢᠨ᠎ᠡ ᠴᠠᠭ ᠭᠠᠵᠠᠷ ᠳ᠋ᠠ᠂ ᠬᠡᠯᠡᠪᠡᠯ ᠬᠢᠳᠡᠭ᠌ ᠯᠡ ᠶᠤᠮ ᠪᠠᠢᠨ᠎ᠠ᠃ ᠮᠠᠷᠭᠠᠰᠢ ᠥᠷᠯᠦᠭᠡᠭᠦᠷ ᠨᠢ ᠴᠠᠪ ᠤᠨ ᠳᠤᠩ ᠨᠡᠭᠡᠷᠡᠨ ᠴᠦ ᠠᠭᠤᠯᠠ ᠤᠰᠤ ᠶᠢ ᠪᠠᠶᠠᠰᠲᠠᠯ᠎ᠠ ᠳᠦᠩᠭᠢᠨᠡᠪᠡ᠃ ᠬᠠᠮᠠᠷ ᠯᠣᠳᠤᠨ ᠬᠣᠭᠤᠯᠠᠨ ᠭᠡᠷ ᠦᠨ ᠬᠠᠲᠠᠪᠴᠢ ᠶᠢ ᠠᠯᠬᠤᠮᠠᠭᠴᠠ ᠨᠢᠭᠡ ᠨᠢᠳᠦ ᠨᠢ ᠵᠠᠯᠠᠭᠤ ᠴᠢᠪᠠᠭᠠᠨᠴᠠ ᠳᠡᠭᠡᠷ᠎ᠡ ᠨᠥᠭᠦᠭᠡ ᠨᠢᠳᠦ ᠨᠢ ᠯᠤᠤ ᠶᠢᠨ ᠬᠡ ᠲᠠᠢ ᠠᠪᠳᠠᠷ᠎ᠠ ᠳᠡᠭᠡᠷ᠎ᠡ ᠪᠡᠨ ᠲᠤᠰᠤᠭᠠᠳ ᠠᠪᠤᠯ᠎ᠠ᠃ ᠲᠦᠷᠦᠭᠦᠦ ᠡᠷᠢᠨ ᠦ ᠬᠣᠭᠤᠯᠠ ᠣᠨᠴᠤᠭᠤᠢ ᠠᠮᠲᠠ ᠲᠠᠢ ᠰᠠᠨᠠᠭᠳᠠᠭᠰᠠᠨ ᠪᠥᠭᠡᠳ ᠨᠡᠩ ᠴᠦ᠄«ᠡᠪ ᠬᠠᠮᠲᠤ ᠶᠢᠨ ᠨᠡᠢᠭᠡᠮ ᠳᠦ ᠬᠤᠪᠢᠨ ᠤ ᠬᠣᠭᠰᠢᠯ ᠬᠡᠷᠡᠭ᠌ ᠦᠭᠡᠢ ᠴᠦ ᠬᠤᠪᠢᠨ ᠤ ᠪᠦᠰᠡᠭᠦᠢ ᠬᠡᠷᠡᠭ ᠲᠠᠢ ᠪᠠᠢᠯᠭᠦᠢ︖ ᠡᠳᠦᠷ ᠰᠥᠨᠢ ᠰᠤᠩᠭᠤᠵᠤ ᠪᠠᠢᠭᠠᠳ ᠥᠨᠥ ᠵᠢᠯ ᠳᠡᠭᠡᠨ ᠪᠠᠲᠤᠯᠠᠪᠤᠷᠢ ᠪᠠᠨ ᠠᠪᠬᠤ ᠤᠤ ᠳ᠋ᠠ︖» ᠭᠡᠰᠡᠨ ᠵᠠᠭᠷᠠᠢᠮ᠎ᠠ ᠶᠢᠨ ᠬᠢᠨᠢ ᠬᠠᠯᠠᠭᠤᠨ ᠰᠢᠪᠡᠨᠡᠭᠡ ᠬᠠᠮᠠᠷ ᠯᠣᠳᠤᠨ ᠳᠤ ᠪᠠᠯ ᠡᠮᠬᠦᠭᠦᠯᠵᠡᠢ᠃

ᠵᠠᠯᠠᠭᠤ ᠴᠢᠪᠠᠭᠠᠨᠴᠠ ᠲᠠᠢ ᠪᠠᠨ ᠡᠳᠦᠷ ᠡᠳᠦᠷ ᠰᠢᠪᠡᠨᠡᠵᠦ ᠶᠠᠷᠢᠯᠳᠤᠬᠤ ᠲᠣᠬᠢᠶᠠᠯ ᠲᠠᠢ ᠪᠣᠯᠤᠭᠰᠠᠨ ᠨᠢ ᠬᠠᠮᠠᠷ ᠯᠣᠳᠤᠨ ᠳᠤ ᠮᠥᠨ ᠴᠦ ᠵᠢᠷᠭᠠᠯᠲᠠᠢ ᠰᠠᠨᠠᠭᠳᠠᠭᠰᠠᠨ ᠪᠣᠯᠪᠠᠴᠤ ᠯᠤᠤ ᠬᠡ ᠲᠠᠢ ᠠᠪᠳᠠᠷ᠎ᠠ ᠨᠢ ᠣᠯᠠᠨ ᠤ ᠬᠥᠯ ᠳᠦ ᠲᠠᠯᠬᠢᠭᠳᠠᠬᠤ ᠶᠢ ᠦᠵᠡᠭᠡᠳ ᠵᠢᠷᠦᠬᠡ ᠨᠢ ᠵᠢᠮ ᠵᠢᠮ ᠪᠠᠵᠠᠯᠬᠢᠯᠠᠨ᠎ᠠ᠃

ᠵᠤᠤᠬᠠᠨ ᠳᠤ ᠨᠠᠭᠠᠯᠳᠤᠭᠰᠠᠨ ᠬᠠᠪᠲᠠᠰᠤ ᠨᠢ ᠰᠢᠲᠠᠵᠤ ᠴᠤ ᠮᠡᠳᠡᠨ᠎ᠡ ᠭᠡᠳ ᠬᠠᠮᠠᠷ ᠯᠣᠳᠤᠨ ᠮᠠᠨᠴᠤᠷᠭᠠᠨ ᠬᠠᠮᠠᠷ ᠢᠶᠡᠨ ᠴᠡᠨᠳᠡᠢᠯᠭᠡᠬᠦ ᠳᠦ ᠵᠠᠯᠠᠭᠤ ᠴᠢᠪᠠᠭᠠᠨᠴᠠ ᠨᠢ ᠲᠡᠭᠦᠨ ᠢ ᠶᠣᠪᠤᠷᠴᠤ ᠠᠪᠤᠭᠠᠳ᠄«ᠢᠩᠭᠢ᠂ ᠴᠢᠩᠭᠢ» ᠭᠡᠪᠡ᠃ ᠬᠠᠮᠠᠷ ᠯᠣᠳᠤᠨ ᠬᠣᠭᠤᠯᠠ ᠬᠠᠮᠢᠶᠠᠷᠤᠭᠴᠢ ᠳᠤ᠄

«ᠭᠤᠯᠢᠷ ᠤᠨ ᠠᠪᠳᠠᠷ᠎ᠠ ᠪᠠᠨ ᠵᠤᠤᠬ᠎ᠠ ᠲᠣᠭᠤᠭᠠᠨ ᠡᠴᠡ ᠵᠢᠭᠠᠬᠠᠨ ᠵᠠᠢᠳᠠᠭᠤᠯᠤᠨ᠎ᠠ ᠤᠤ︖ ᠬᠠᠯᠠᠭᠤᠨ ᠢᠯᠴᠢᠨ ᠳᠦ ᠴᠢᠭᠢᠭ᠌ ᠲᠠᠢ ᠭᠤᠯᠢᠷ ᠭᠠᠰᠢᠯᠵᠤ ᠮᠡᠳᠡᠨ᠎ᠡ ᠰᠢᠦ︕» ᠭᠡᠵᠦ ᠵᠥᠪᠯᠡᠯᠭᠡ ᠲᠠᠯᠪᠢᠭᠰᠠᠨ ᠳᠤ ᠠᠪᠳᠠᠷ᠎ᠠ ᠶᠢ ᠨᠢ ᠨᠡᠭᠡᠷᠡᠨ ᠵᠤᠤᠬᠠᠨ ᠡᠴᠡ ᠵᠠᠢᠳᠠᠭᠤᠯᠪᠠ᠃

ᠬᠡᠳᠦᠢ ᠲᠡᠢᠮᠦ ᠪᠣᠯᠪᠠᠴᠤ ᠴᠢᠭᠢᠭ᠌ ᠲᠠᠢ ᠬᠡᠷᠡᠮ ᠳᠦ ᠨᠠᠭᠠᠯᠳᠤᠭᠰᠠᠨ ᠠᠪᠳᠠᠷ᠎ᠠ ᠶᠢᠨ ᠬᠢᠨᠢ ᠠᠷᠤ ᠬᠠᠪᠲᠠᠰᠤ ᠨᠢ ᠬᠡᠳᠦᠬᠡᠨ ᠬᠣᠨᠤᠭ ᠲᠤ ᠭᠠᠵᠢᠵᠤ ᠮᠤᠰᠢᠢᠭᠠᠳ᠂ ᠳᠣᠷᠰᠤᠢᠲᠠᠯ᠎ᠠ ᠠᠩᠭᠠᠢᠵᠠᠢ᠃

«ᠡᠪ ᠬᠠᠮᠲᠤ ᠶᠣᠰᠤᠨ ᠳᠤ ᠬᠠᠯᠠᠭᠤᠨ ᠲᠠᠢ ᠯᠣᠳᠤᠨ» ᠭᠡᠳ ᠡᠭᠦᠷ ᠠᠷᠪᠠᠨ ᠡᠴᠡ ᠣᠯᠠᠨ ᠤᠳᠠᠭ᠎ᠠ ᠮᠠᠭᠲᠠᠵᠤ ᠰᠠᠢᠰᠢᠶᠠᠪᠠ᠃ ᠭᠡᠪᠡᠴᠦ ᠰᠥᠨᠢ ᠶᠢᠨ ᠭᠦᠨ ᠪᠣᠯᠵᠤ ᠬᠥᠮᠦᠨ ᠠᠮᠢᠲᠠᠨ ᠤ ᠬᠥᠯ ᠬᠤᠷᠢᠶᠠᠭᠳᠠᠬᠤ ᠴᠠᠭ ᠲᠤ ᠬᠠᠮᠠᠷ ᠯᠣᠳᠤᠨ ᠰᠢᠩᠭᠡᠨ ᠪᠤᠳᠠᠭᠠᠨ ᠤ ᠰᠢᠩᠭᠡᠭᠰᠡᠨ ᠬᠣᠢᠨᠠᠬᠢ ᠵᠣᠪᠠᠭᠤᠷᠢ ᠶᠢ ᠡᠳ᠋ᠯᠡᠨ ᠨᠣᠢᠷ ᠬᠣᠯᠬᠢᠨ ᠬᠡᠪᠲᠡᠬᠦ ᠳᠡᠭᠡᠨ᠄

«ᠡᠪ ᠬᠠᠮᠲᠤ ᠶᠢᠨ ᠨᠡᠢᠭᠡᠮ ᠮᠠᠷᠭᠠᠰᠢ ᠢᠷᠡᠴᠢᠬᠡᠨ᠎ᠡ᠃ ᠲᠡᠢᠮᠦ ᠰᠠᠢᠬᠠᠨ ᠨᠡᠢᠭᠡᠮ ᠶᠤᠮ ᠴᠢᠨᠢ ᠮᠠᠭᠤ ᠠᠪᠳᠠᠷ᠎ᠠ ᠪᠠᠷ ᠶᠠᠭᠤ ᠬᠢᠬᠦ ᠪᠤᠢ︖ ᠯᠠᠪ ᠬᠡᠷᠡᠭ᠌ ᠦᠭᠡᠢ ᠶᠠᠭᠤᠮᠠᠨ ᠳᠤ ᠭᠠᠷᠭᠠᠵᠤ ᠬᠠᠶᠠᠬᠤ ᠪᠠᠢᠬᠤ ᠳ᠋ᠠ᠃ ᠡᠪ ᠬᠠᠮᠲᠤ ᠨᠡᠢᠭᠡᠮ ᠦᠨ ᠡᠭᠦᠳᠡᠨ ᠭᠠᠳᠠᠨ᠎ᠠ ᠬᠣᠴᠤᠷᠬᠤ ᠪᠠᠷ ᠢᠶᠡᠨ ᠨᠠᠮᠵᠢᠯ ᠵᠠᠯᠠᠨ ᠬᠠᠷᠢᠨ ᠠᠪᠴᠢᠬᠠᠵᠤ ᠮᠡᠳᠡᠨ᠎ᠡ ᠰᠢᠤ᠂ ᠲᠡᠭᠦᠨ ᠡᠴᠡ ᠯᠠ ᠵᠠᠪᠳᠤᠶ᠎ᠠ︕ ᠁» ᠭᠡᠵᠦ ᠣᠯᠢᠤ ᠰᠣᠯᠢᠤ ᠪᠣᠳᠤᠯ ᠳᠤ ᠮᠣᠩᠬᠠᠷᠠᠳᠠᠭ ᠢ ᠨᠢ ᠬᠡᠨ ᠴᠦ ᠮᠡᠳᠡᠭᠰᠡᠨ ᠦᠭᠡᠢ᠃

ᠡᠢᠮᠦ ᠰᠠᠯᠬᠢ ᠡᠷᠭᠢᠭᠡᠳ ᠬᠣᠶᠠᠷ ᠵᠢᠯ ᠰᠠᠯᠬᠢᠯᠠᠭᠰᠠᠨ ᠴᠤ ᠶᠠᠭᠠᠮᠠᠢ ᠳ᠋ᠠ︕

ᠭᠣᠣᠯ ᠬᠠᠷᠠᠯᠠᠵᠤ ᠨᠣᠢᠷ ᠠᠯᠳᠠᠭᠰᠠᠨ ᠲᠡᠢᠮᠦ ᠨᠢᠭᠡ ᠰᠥᠨᠢ᠂ ᠬᠠᠮᠠᠷ ᠯᠣᠳᠤᠨ ᠤᠷᠪᠠᠨ ᠬᠦᠷᠪᠡᠨ ᠲᠡᠰᠬᠦ ᠠᠯᠳᠠᠷᠠᠬᠤ ᠳᠠᠭᠠᠨ ᠵᠢᠭᠠᠬᠠᠨ ᠢᠳᠡᠬᠦ ᠶᠠᠭᠤᠮ᠎ᠠ ᠡᠷᠭᠢᠴᠡᠭᠦᠯᠬᠦ ᠰᠠᠨᠠᠭᠠᠲᠠᠢ ᠴᠢᠪᠠᠭᠠᠨᠴᠠ ᠶᠢᠨ ᠬᠢ ᠶᠢ ᠰᠡᠮᠬᠡᠨ ᠴᠢᠭᠯᠡᠪᠡ᠃ ᠳᠡᠮᠡᠢ ᠶᠠᠪᠤᠭᠰᠠᠨ ᠦᠭᠡᠢ ᠬᠥᠯ ᠨᠢ ᠥᠪᠡᠷ ᠦᠨ ᠡᠷᠬᠡ ᠦᠭᠡᠢ ᠬᠣᠭᠤᠯᠠᠨ ᠭᠡᠷ ᠤᠷᠤᠭᠤ ᠡᠷᠭᠢᠵᠦ ᠴᠣᠩᠬᠤ ᠪᠠᠷ ᠡᠷᠬᠡ ᠦᠭᠡᠢ ᠱᠠᠭᠠᠢᠵᠠᠢ᠃ ᠱᠠᠭᠠᠢᠬᠤ ᠲᠤᠲᠤᠮ ᠰᠠᠯᠬᠤ ᠳᠤᠷ᠎ᠠ ᠦᠭᠡᠢ ᠪᠣᠯᠵᠤ᠂ ᠥᠩᠭᠡ ᠵᠢᠰᠦ ᠪᠡᠨ ᠠᠯᠳᠠᠭᠰᠠᠨ ᠠᠪᠳᠠᠷ᠎ᠠ ᠨᠢ ᠭᠣᠮᠤᠳᠠᠯ ᠲᠠᠢ ᠴᠢᠷᠠᠢ ᠪᠠᠷ ᠲᠡᠭᠦᠨ ᠢ ᠭᠢᠯᠤᠢᠵᠤ ᠪᠠᠢᠭ᠎ᠠ ᠰᠢᠭ ᠰᠠᠨᠠᠭᠳᠠᠭᠠᠳ᠂ ᠵᠢᠷᠦᠬᠡ ᠭᠣᠣᠯ ᠨᠢ ᠰᠠᠪᠠᠯᠵᠤ ᠳᠡᠯᠡᠰᠬᠦ ᠳᠡᠭᠡᠨ ᠲᠡᠰᠴᠦ ᠴᠢᠳᠠᠭᠰᠠᠨ ᠦᠭᠡᠢ ᠬᠠᠮᠠᠷ ᠨᠢ ᠪᠤᠷᠭᠢᠷᠠᠨ ᠳᠣᠭᠤᠯᠠᠩ ᠨᠢᠯᠪᠤᠰᠤ ᠤᠨᠠᠭᠠᠪᠠ᠃ ᠡᠰᠡᠨ ᠪᠤᠰᠤᠨ ᠢ ᠪᠣᠳᠤᠵᠤ ᠡᠰᠢ ᠲᠡᠰᠢ ᠠᠵᠢᠭᠠᠳ᠂ ᠰᠢᠯ ᠦᠭᠡᠢ ᠴᠣᠩᠬᠤ ᠪᠠᠷ ᠪᠠᠭᠲᠠᠵᠤ ᠶᠠᠳᠠᠨ ᠰᠢᠷᠭᠤᠪᠠ᠃

ᠭᠠᠷ ᠲᠤ ᠲᠠᠭᠠᠷᠠᠵᠤ᠂ ᠨᠢᠳᠦᠨ ᠳᠦ ᠥᠷᠳᠦᠭᠰᠡᠨ ᠡᠴᠡ ᠭᠡᠵᠦ ᠰᠢᠨᠠᠭ᠎ᠠ ᠱᠦᠭᠦᠷ ᠡᠯᠭᠦᠳᠡᠭ᠌ ᠬᠠᠳᠠᠭᠠᠰᠤ ᠡᠴᠡ ᠰᠤᠭᠤᠯᠤᠨ ᠠᠪᠴᠤ᠂ ᠪᠤᠤᠳᠤᠤ ᠶᠢᠨ ᠮᠥᠷᠦ ᠪᠡᠷ ᠠᠯᠤᠬ᠎ᠠ ᠪᠣᠯᠭᠠᠵᠤ᠂ ᠠᠪᠳᠠᠷ᠎ᠠ ᠶᠢᠨ ᠢᠶᠡᠨ ᠭᠠᠵᠢᠭᠰᠠᠨ ᠬᠠᠪᠲᠠᠰᠤ ᠶᠢ ᠬᠠᠳᠠᠵᠤ ᠬᠠᠳᠠᠭᠠᠳ ᠠᠶᠠᠭᠠᠨ ᠵᠦᠯᠭᠦᠭᠦᠷ ᠬᠢᠭᠰᠡᠨ ᠠᠮᠠ ᠳᠠᠪᠤᠤ ᠶᠢ ᠨᠢ ᠰᠢᠭᠦᠷᠡᠨ ᠠᠪᠴᠤ᠂ ᠨᠢᠭᠤᠷ ᠢ ᠨᠢ ᠵᠦᠯᠭᠦᠵᠦ ᠭᠠᠷᠴᠠᠢ᠃ ᠤᠲᠤᠭᠠᠨ ᠳᠤ ᠬᠠᠬᠠᠭᠰᠠᠨ ᠠᠯᠲᠠᠨ ᠯᠤᠤ ᠨᠢ ᠨᠢᠳᠦ ᠪᠡᠨ ᠪᠥᠯᠲᠡᠯᠵᠡᠭᠦᠯᠦᠨ᠂ ᠲᠣᠭᠤᠰᠤᠨ ᠳᠤ ᠳᠠᠷᠤᠭᠳᠠᠭᠰᠠᠨ ᠠᠯᠤᠬᠠᠨ ᠬᠡ ᠨᠢ ᠤᠯᠠᠭᠠᠨ ᠴᠠᠭᠠᠨ ᠢᠶᠡᠨ ᠭᠢᠯᠪᠠᠭᠤᠯᠵᠤ ᠡᠬᠢᠯᠡᠬᠦ ᠳᠦ ᠬᠠᠮᠠᠷ ᠯᠣᠳᠤᠨ ᠮᠠᠭᠠᠰᠠᠢᠵᠤ ᠪᠠᠶᠠᠰᠤᠭᠠᠳ ᠦᠷ ᠮᠠᠩᠬᠠᠢᠬᠤ ᠶᠢ ᠴᠤ ᠤᠪᠠᠢᠯᠠᠭᠰᠠᠨ ᠦᠭᠡᠢ᠃

ᠭᠡᠨᠡᠳᠲᠡ ᠦᠰᠦᠲᠡᠢ ᠬᠠᠷ᠎ᠠ ᠭᠠᠷ ᠲᠡᠭᠦᠨ ᠢ ᠵᠠᠭᠠᠮᠠᠳᠠᠵᠤ ᠠᠪᠤᠭᠠᠳ ᠳᠠᠢᠪᠢᠯᠵᠠᠲᠠᠯ᠎ᠠ ᠳᠤᠭᠲᠤᠷᠪᠠ᠃

ᠵᠣᠭ ᠲᠣᠰᠤᠭᠠᠳ ᠲᠣᠯᠤᠭᠠᠢ ᠡᠷᠭᠦᠪᠡᠯ ᠬᠣᠭᠤᠯᠠ ᠬᠠᠮᠢᠶᠠᠷᠤᠭᠴᠢ ᠬᠡᠳᠦᠨ ᠲᠣᠭᠤᠭᠠᠴᠢ ᠲᠠᠢ ᠪᠠᠨ ᠲᠡᠭᠦᠨ ᠢ ᠪᠦᠰᠡᠯᠡᠵᠦ ᠠᠪᠤᠭᠠᠳ ᠪᠠᠷᠢᠵᠤ ᠢᠳᠡᠮᠡᠷ ᠠᠭᠠᠰᠢᠯᠠᠨ᠎ᠠ᠃ ᠲᠡᠳᠡ ᠭᠠᠷ ᠭᠠᠷ ᠲᠠᠭᠠᠨ ᠭᠠᠯ ᠤᠨ ᠰᠢᠯᠡᠭᠡᠪᠦᠷ ᠬᠠᠢᠴᠢ ᠬᠤᠰᠤᠭᠤᠷ ᠪᠠᠷᠢᠭᠰᠠᠨ ᠡᠴᠡ ᠦᠵᠡᠬᠦ ᠳᠦ ᠬᠡᠷᠡᠭ᠌ ᠶᠡᠷᠦ ᠨᠢ ᠮᠠᠭᠤᠬᠠᠢ ᠪᠣᠯᠬᠤ ᠪᠣᠯᠤᠯᠲᠠᠢ︕

«ᠬᠠᠮᠠᠷ ᠴᠢ ᠲᠣᠮᠤᠭᠠᠲᠠᠢ ᠬᠥᠮᠦᠨ ᠪᠠᠢᠭᠠᠳ ᠡᠢᠮᠦ ᠨᠢᠭᠤᠷ ᠦᠭᠡᠢ ᠬᠡᠷᠡᠭ᠌ ᠦᠢᠯᠡᠳᠦᠨ᠎ᠡ ᠭᠡᠳᠡᠭ ᠴᠢᠨᠢ︕ ᠥᠯᠦᠰᠦᠭᠰᠡᠨ ᠪᠣᠯ ᠪᠢᠳᠡᠨ ᠳᠦ ᠬᠡᠯᠡᠨ᠎ᠡ ᠪᠢᠵᠡ︕» ᠭᠡᠵᠦ ᠬᠣᠭᠤᠯᠠ ᠬᠠᠮᠢᠶᠠᠷᠤᠭᠴᠢ ᠨᠢᠳᠦ ᠦᠵᠦᠭᠦᠷᠯᠡᠬᠦ ᠳᠦ ᠬᠠᠮᠠᠷ ᠯᠣᠳᠤᠨ ᠪᠡᠷᠬᠡ ᠰᠠᠨᠳᠤᠷᠤᠭᠠᠳ᠄

«ᠦᠭᠡᠢ᠂ ᠦᠭᠡᠢ᠂ᠮᠢᠨᠦ ᠴᠠᠳᠭᠤᠯᠠᠩ ᠢ ᠲᠡ᠊ ᠁ ᠲᠡᠭᠷᠢ ᠪᠠᠲᠤᠯᠠᠨ᠎ᠠ» ᠭᠡᠵᠦ ᠪᠤᠯᠢᠬᠠᠢᠯᠠᠪᠠ᠃

«ᠳᠠᠯᠳᠠᠯᠠᠪᠠᠴᠤ ᠳᠠᠯᠤ ᠴᠢᠨᠢ ᠢᠯᠡ︕ ᠦᠨᠡᠭᠡᠨ ᠬᠠᠷᠠᠩᠭᠤᠢ ᠪᠠᠷ ᠬᠣᠭᠤᠯᠠᠨ ᠭᠡᠷ ᠲᠦ ᠬᠤᠯᠠᠭᠤᠨ ᠣᠷᠤᠭᠠᠳ ᠶᠠᠭᠤ ᠬᠢᠬᠦ ᠭᠡᠰᠡᠨ ᠶᠤᠮ︖ ᠪᠢᠳᠡ ᠬᠠᠷᠢᠨ ᠭᠢᠯᠠᠷ ᠳᠠᠮᠪᠢ ᠪᠢᠰᠢ ᠰᠢᠦ︕ ᠬᠠ ᠬᠠ᠂ ᠬᠠ᠂ ᠬᠠ ᠁»

«ᠴᠢ ᠠᠪᠳᠠᠷ᠎ᠠ ᠡᠴᠡ ᠭᠤᠯᠢᠷ ᠲᠠᠭᠠᠷᠴᠤᠭᠯᠠᠬᠤ ᠭᠡᠰᠡᠨ ᠴᠢᠨᠢ ᠦᠨᠡᠨ ᠪᠢᠵᠡ︖»«᠁»

ᠬᠠᠮᠠᠷ ᠯᠣᠳᠤᠨ ᠬᠠᠬᠠᠴᠢᠬᠠᠪᠠ᠃ ᠠᠪᠳᠠᠷ᠎ᠠ ᠪᠠᠨ ᠵᠦᠯᠭᠦᠯ᠎ᠡ ᠭᠡᠪᠡᠯ ᠡᠪ ᠬᠠᠮᠲᠤᠴᠢᠯᠠᠬᠤ ᠶᠢ ᠡᠰᠡᠷᠭᠦᠴᠡᠭᠰᠡᠨ ᠳᠦ ᠣᠷᠤᠨ᠎ᠠ ᠰᠢᠤ᠃ ᠨᠠᠮᠵᠢᠯ ᠵᠠᠯᠠᠨ ᠬᠣᠭᠤᠯᠠᠨ ᠭᠡᠷ ᠦᠨ ᠭᠠᠩ ᠲᠠᠢ ᠤᠰᠤᠨ ᠡᠴᠡ ᠠᠮᠠᠨ ᠴᠠᠩᠭᠠᠭ᠎ᠠ ᠪᠠᠨ ᠭᠠᠷᠭᠠᠭᠠᠳ ᠤᠰᠤᠨ ᠳᠤ ᠬᠣᠣᠷ ᠬᠢᠵᠤ᠂ ᠡᠪ ᠬᠠᠮᠲᠤᠴᠢᠯᠠᠬᠤ ᠶᠢ ᠡᠰᠡᠷᠭᠦᠴᠡᠬᠦ ᠭᠡᠯ᠎ᠡ ᠭᠡᠵᠦ ᠬᠡᠯᠡ ᠠᠮᠠ ᠪᠣᠯᠤᠭᠠᠳ ᠬᠣᠶᠠᠷᠬᠠᠨ ᠬᠣᠨᠤᠵᠤ ᠪᠠᠢᠨ᠎ᠠ᠃ ᠬᠤᠯᠠᠭᠠᠢ ᠨᠡᠷ᠎ᠡ ᠶᠢ ᠡᠭᠦᠷᠦᠭᠰᠡᠨ ᠴᠦ ᠡᠪ ᠬᠠᠮᠲᠤᠴᠢᠯᠠᠬᠤ ᠶᠢ ᠡᠰᠡᠷᠭᠦᠴᠡᠭᠰᠡᠨ ᠶᠠᠯ᠎ᠠ ᠳᠤ ᠪᠤᠤ ᠣᠷᠤᠶ᠎ᠠ︕«ᠪᠢ ᠥᠯᠦᠰᠦᠭᠡᠳ ᠲᠡᠰᠬᠦ ᠦᠭᠡᠢ ᠳᠡᠭᠡᠨ ᠁» ᠭᠡᠵᠦ ᠬᠠᠮᠠᠷ ᠯᠣᠳᠤᠨ ᠳᠣᠭᠤᠤᠷ ᠬᠠᠷᠠᠨ ᠳᠣᠷᠤᠢ ᠳᠤᠤᠭᠠᠷᠪᠠ᠃ ᠬᠣᠷᠤᠮᠬᠠᠨ ᠵᠠᠭᠤᠷ᠎ᠠ ᠲᠠᠯ᠎ᠠ ᠲᠤᠯ᠎ᠠ ᠬᠠᠷ᠎ᠠ ᠭᠤᠯᠢᠷ ᠤᠨ ᠮᠠᠨᠲᠠᠤ᠂ ᠬᠣᠶᠠᠷ ᠭᠤᠷᠪᠠᠨ ᠲᠦᠭᠦᠬᠡᠢ ᠲᠥᠮᠦᠰᠦ ᠁ ᠭᠠᠷ ᠲᠤ ᠠᠳᠭᠤᠭ᠎ᠠ ᠠᠶᠠᠭᠠᠨ ᠵᠦᠯᠭᠦᠭᠦᠷ ᠲᠤᠨᠢ ᠪᠥᠮᠪᠦᠯᠵᠡᠨ ᠣᠷᠤᠭᠠᠳ ᠬᠡᠳᠦᠨ ᠦᠰᠦᠭ ᠲᠠᠢ ᠭᠤᠷᠪᠠᠯᠵᠢᠨ ᠴᠠᠭᠠᠨ ᠳᠤᠭ ᠵᠠᠭᠠᠮᠠᠨ ᠳᠤᠨᠢ ᠬᠠᠳᠭᠤᠭᠳᠠᠪᠠ᠃

ᠬᠣᠭᠤᠯᠠ ᠬᠠᠮᠢᠶᠠᠷᠤᠭᠴᠢ ᠶᠢᠨ ᠵᠣᠪᠠᠯᠠᠩ ᠪᠤᠢ᠃ ᠣᠢᠷ᠎ᠠ ᠡᠴᠡ ᠶᠡᠷᠦ ᠨᠢ ᠬᠣᠭᠤᠯᠠᠨ ᠭᠡᠷ ᠦᠨ ᠬᠠᠮᠤᠵᠤ ᠴᠤᠭᠯᠠᠭᠤᠯᠤᠭᠰᠠᠨ ᠵᠢᠭᠠᠬᠠᠨ ᠬᠥᠨᠡᠰᠦ ᠨᠢ ᠢᠷᠤᠭᠠᠷ ᠭᠠᠷᠬᠤ ᠲᠡᠰᠢ ᠬᠠᠨᠳᠤᠭᠠᠳ ᠳᠠᠭᠠᠭᠠᠮᠠᠯ ᠰᠠᠭᠤᠭᠰᠠᠨ ᠲᠡᠭᠦᠨ ᠢ ᠬᠡᠴᠡᠭᠦᠦ ᠰᠠᠨᠳᠤᠷᠭᠠᠵᠠᠢ᠃ ᠳᠡᠭᠡᠭᠰᠢ ᠪᠡᠨ ᠮᠡᠳᠡᠭᠦᠯᠪᠡᠯ᠄ ᠡᠪ ᠬᠠᠮᠲᠤ ᠶᠢᠨ ᠦᠢᠯᠡᠰ ᠲᠦ ᠡᠷᠴᠢ ᠨᠡᠮᠡᠬᠦ ᠡᠴᠡ ᠪᠢᠰᠢ ᠰᠤᠯᠠᠷᠠᠭᠤᠯᠵᠤ ᠶᠠᠭᠠᠬᠢᠭᠰᠠᠨ ᠴᠤ ᠪᠣᠯᠬᠤ ᠦᠭᠡᠢ᠂ ᠡᠪ ᠬᠠᠮᠲᠤ ᠶᠣᠰᠤᠨ ᠳᠤ ᠢᠲᠡᠭᠡᠯ ᠠᠯᠳᠠᠬᠤ ᠪᠣᠯ ᠠᠶᠤᠯᠲᠠᠢ︕ ᠭᠡᠰᠡᠨ ᠵᠢᠮ᠎ᠡ ᠬᠦᠯᠢᠶᠡᠨ᠎ᠡ᠃ ᠲᠡᠢᠨ ᠬᠦ ᠠᠷᠭ᠎ᠠ ᠦᠭᠡᠢ ᠳᠡᠭᠡᠨ ᠵᠢᠨᠭ᠌ ᠤᠨ ᠣᠳᠤ ᠶᠢ ᠢᠳᠡᠭ ᠢᠳᠡᠭ᠌ ᠢᠶᠡᠷ ᠳᠠᠷᠤᠵᠤ᠂ ᠥᠳᠭᠡᠨ ᠢ ᠰᠢᠩᠭᠡᠨ ᠪᠣᠯᠭᠠᠨ ᠬᠤᠪᠢᠷᠠᠭᠤᠯᠤᠭᠰᠠᠭᠠᠷ ᠴᠠᠳᠬᠤ ᠶᠢ ᠪᠠᠢᠲᠤᠭᠠᠢ᠂ ᠥᠯ ᠳᠠᠷᠤᠵᠤ ᠴᠤ ᠳᠡᠢᠯᠬᠦ ᠦᠭᠡᠢ ᠬᠡᠮᠵᠢᠶᠡᠨ ᠳᠦ ᠬᠦᠷᠭᠡᠪᠡ᠃ ᠣᠯᠠᠨ ᠤ ᠳᠤᠮᠳᠠ ᠱᠤᠤᠭᠢᠶᠠᠨ ᠪᠣᠯᠵᠤ ᠪᠠᠢᠨ᠎ᠠ᠃ ᠬᠠᠮᠠᠷ ᠯᠣᠳᠤᠨ ᠢᠶᠡᠷ ᠬᠠᠷᠠᠭ᠎ᠠ ᠪᠣᠯᠭᠠᠵᠤ ᠪᠠᠢᠭᠠᠳ ᠪᠥᠭᠡᠮ ᠶᠠᠷᠢᠶ᠎ᠠ ᠶᠢ ᠳᠠᠷᠤᠬᠤ ᠨᠢ ᠴᠤ ᠪᠠᠰᠠ ᠨᠢᠭᠡ ᠠᠷᠭ᠎ᠠ ᠡ︕

ᠬᠠᠮᠠᠷ ᠯᠣᠳᠤᠨ ᠴᠡᠴᠡᠷᠡᠵᠦ ᠪᠥᠬᠦᠢᠭᠰᠡᠭᠡᠷ ᠭᠠᠳᠠᠭ᠎ᠠ ᠡᠭᠦᠳᠡᠨ ᠦ ᠲᠤᠰᠢᠶ᠎ᠠ ᠭᠣᠩᠰᠤᠢᠵᠤ ᠵᠣᠭᠰᠤᠲᠠᠯ᠎ᠠ ᠴᠠᠪ ᠤᠨ ᠳᠤᠩ ᠳᠦᠩᠭᠢᠨᠡᠵᠦ ᠡᠬᠢᠯᠡᠯ᠎ᠡ᠃ ᠢᠯᠠᠢ ᠮᠢᠨᠢ︕ ᠭᠤᠷᠪᠠᠨ ᠬᠣᠲᠠ ᠳᠥᠷᠪᠡᠨ ᠤᠰᠤᠨ ᠤ ᠠᠬᠠᠰ ᠵᠠᠬᠠᠰ ᠲᠠᠢ ᠪᠢ ᠶᠠᠮᠠᠷ ᠨᠢᠭᠤᠷ ᠢᠶᠡᠷ ᠵᠣᠯᠭᠠᠨ᠎ᠠ︖ ᠭᠡᠵᠦ ᠪᠣᠳᠤᠮᠠᠭᠴᠠ ᠬᠠᠮᠠᠷ ᠯᠣᠳᠤᠨ ᠤ ᠬᠠᠮᠤᠭ ᠪᠡᠶ᠎ᠡ ᠡᠴᠡ ᠬᠦᠢᠲᠡᠨ ᠬᠥᠯᠦᠰᠦ ᠴᠢᠬᠠᠷᠠᠵᠤ᠂ ᠪᠣᠯᠳᠠᠭ ᠰᠠᠨ ᠪᠣᠯ ᠰᠢᠷᠭᠤᠯᠵᠢ ᠶᠢᠨ ᠨᠦᠬᠡ ᠪᠡᠷ ᠴᠦ ᠰᠢᠷᠭᠤᠴᠢᠬᠠᠮᠠᠷ ᠰᠠᠨᠠᠭᠳᠠᠨ᠎ᠠ᠃

ᠪᠥᠭᠡᠮ ᠬᠥᠮᠦᠨ ᠬᠠᠮᠠᠷ ᠯᠣᠳᠤᠨ ᠢ ᠬᠦᠷᠢᠶᠡᠯᠡᠨ ᠱᠤᠬᠤᠭᠤᠷᠠᠬᠤ ᠳᠤ ᠨᠢᠭᠤᠷ ᠴᠢᠬᠢ ᠨᠢ ᠨᠢᠯ ᠨᠢᠯ ᠬᠢᠨ ᠬᠠᠯᠠᠭᠤ ᠣᠷᠭᠢᠨ᠎ᠠ᠃

«ᠬᠦᠶᠢ᠂ ᠬᠠᠮᠠᠷ ᠴᠢᠨᠢ ᠰᠤᠷᠮᠠᠭᠠᠢ ᠬᠤᠯᠠᠭᠠᠢᠴᠢ ᠪᠠᠢᠭᠰᠠᠨ ᠶᠤᠮ ᠪᠠᠢᠵᠤ ᠰᠢᠤ ᠳ᠋ᠠ» ᠭᠡᠵᠦ ᠬᠡᠨ ᠨᠢᠭᠡ ᠨᠢ ᠬᠠᠯᠪᠠᠯᠵᠠᠨ ᠳᠡᠷᠪᠡᠯᠵᠡᠬᠦ ᠴᠠᠭᠠᠨ ᠲᠤᠭ ᠢ ᠵᠢᠭᠠᠨ᠎ᠠ᠃

«ᠳᠠᠩᠴᠢ ᠲᠡᠢᠮᠦ ᠪᠠᠢᠬᠤ ᠳ᠋ᠠ᠃ ᠣᠢᠷ᠎ᠠ ᠡᠴᠡ ᠪᠢᠳᠡ ᠶᠡᠷᠦ ᠨᠢ ᠴᠠᠳᠭᠤᠯᠠᠩ ᠶᠠᠪᠤᠭ᠎ᠠ ᠦᠭᠡᠢ ᠰᠢᠤ᠃ ᠪᠠᠢᠳᠠᠭ ᠥᠳᠭᠡᠨ ᠢ ᠨᠢ ᠬᠠᠮᠠᠷ ᠮᠢᠨᠢ ᠬᠠᠭᠤᠷᠠᠢᠯᠠᠭᠠᠳ ᠰᠢᠩᠭᠡᠨ ᠱᠤᠩᠭᠠᠨ ᠨᠢ ᠮᠠᠨ ᠤ ᠪᠣᠯᠤᠭᠰᠠᠨ ᠶᠤᠮ ᠴᠢᠨᠢ︕»

«ᠥᠪᠡᠷ ᠢᠶᠡᠨ ᠬᠦᠷᠦᠭᠰᠡᠨ ᠢᠶᠡᠷ ᠪᠠᠷᠠᠬᠤ ᠦᠭᠡᠢ᠂ ᠴᠢᠪᠠᠭᠠᠨᠴᠠ ᠳᠠᠭᠠᠨ ᠬᠡᠳᠦᠢ ᠵᠥᠭᠡᠭᠡᠭᠰᠡᠨ ᠪᠣᠯ︖ ᠁»

ᠴᠢᠪᠠᠭᠠᠨᠴᠠ︖ ᠵᠠᠯᠠᠭᠤ ᠴᠢᠪᠠᠭᠠᠨᠴᠠ ᠡᠨᠡ ᠦᠶᠡᠰ ᠪᠤᠤ ᠯᠠ ᠦᠵᠡᠭᠳᠡᠭᠡᠰᠡᠢ ᠳ᠋ᠠ︕ ᠬᠥᠬᠡ ᠴᠠᠢ ᠳᠠᠭᠠᠨ ᠬᠥᠯᠦᠷᠡᠭᠡᠳ ᠬᠣᠭᠤᠯᠠ ᠢᠳᠡᠬᠦ ᠪᠡᠨ ᠮᠠᠷᠲᠠᠭᠰᠠᠨ ᠴᠤ ᠶᠠᠭᠠᠮᠠᠢ᠂ ᠶᠠᠳᠠᠪᠠᠯ ᠤᠷᠢᠳᠤ ᠰᠥᠨᠢ ᠲᠠᠭᠰᠢᠭᠤᠷ ᠲᠤ ᠳᠠᠭᠠᠷᠢᠭᠳᠠᠭᠠᠳ ᠶᠣᠢᠯᠠᠨ ᠬᠡᠪᠲᠡᠭᠰᠡᠨ ᠴᠦ ᠶᠠᠭᠠᠮᠠᠢ ᠁ ᠭᠡᠵᠦ ᠬᠠᠮᠠᠷ ᠯᠣᠳᠤᠨ ᠳᠣᠲᠤᠷ᠎ᠠ ᠪᠠᠨ ᠵᠠᠯᠪᠠᠷᠢᠨ᠎ᠠ᠃

ᠭᠡᠪᠡᠴᠦ ᠬᠠᠮᠠᠷ ᠯᠣᠳᠤᠨ ᠤ ᠮᠠᠭᠤ ᠶᠢ ᠨᠢ ᠮᠠᠯᠲᠠᠵᠤ ᠮᠤᠬᠤᠷ ᠢ ᠨᠢ ᠲᠥᠭᠡᠯᠡᠬᠦ ᠭᠡᠰᠡᠨ ᠶᠤᠮ ᠰᠢᠭ ᠶᠠᠭ ᠡᠨᠡ ᠭᠠᠯ ᠬᠥᠭ᠌ ᠳᠡᠭᠡᠷ᠎ᠡ ᠨᠢ ᠵᠠᠯᠠᠭᠤ ᠴᠢᠪᠠᠭᠠᠨᠴᠠ ᠲᠠᠯᠪᠢᠭᠠᠳ ᠢᠷᠡᠵᠡᠢ᠃ ᠵᠠᠭᠷᠠᠢᠮ᠎ᠠ ᠲᠡᠭᠦᠨ ᠦ ᠡᠮᠦᠨ᠎ᠡ ᠤᠳᠠᠲᠠᠯ᠎ᠠ ᠮᠡᠯᠡᠷᠡᠵᠦ ᠵᠣᠭᠰᠤᠭᠰᠠᠨ ᠢᠶᠡᠨ ᠭᠡᠨᠡᠳᠲᠡ ᠠᠯᠠᠭ᠎ᠠ ᠪᠠᠷ ᠢᠶᠡᠨ ᠨᠢᠭᠤᠷ ᠢᠶᠡᠨ ᠳᠠᠷᠤᠭᠠᠳ ᠬᠠᠢᠯᠠᠵᠤ ᠮᠠᠢᠯᠠᠭᠰᠠᠭᠠᠷ ᠪᠤᠴᠠᠵᠤ ᠭᠦᠶᠦᠪᠡ᠃

ᠬᠠᠮᠠᠷ ᠯᠣᠳᠤᠨ ᠨᠢᠭᠤᠷ ᠢᠶᠡᠨ ᠢᠩᠭᠢᠵᠦ ᠪᠠᠷᠠᠵᠤ ᠭᠦᠢᠴᠡᠭᠡᠳ᠂ ᠬᠠᠭᠠᠰ ᠰᠠᠷ᠎ᠠ ᠪᠣᠯᠤᠳ ᠤᠨ ᠵᠤᠤᠬᠠᠨ ᠳᠤ ᠭᠠᠯ ᠨᠡᠮᠡᠬᠦ ᠲᠣᠷᠭᠠᠭᠤᠯᠢ ᠳᠤ ᠤᠨᠠᠵᠠᠢ᠃ ᠪᠢᠲᠡᠭᠦᠦ ᠲᠣᠭᠯᠠᠭᠠᠮ ᠳᠤ ᠤᠴᠠᠷᠠᠭᠰᠠᠨ ᠬᠠᠮᠠᠷ ᠯᠣᠳᠤᠨ ᠵᠣᠪᠠᠯᠠᠩ ᠢᠶᠡᠨ ᠲᠣᠭᠠᠴᠢᠬᠤ ᠭᠠᠵᠠᠷ ᠦᠭᠡᠢ ᠳᠡᠭᠡᠨ ᠵᠠᠯᠠᠭᠤ ᠴᠢᠪᠠᠭᠠᠨᠴᠠ ᠪᠠᠨ ᠡᠷᠢᠨ ᠣᠴᠢᠪᠠ᠃ ᠠᠢ ᠯᠠᠮᠠ ᠡ︕ ᠵᠠᠭᠷᠠᠢᠮ᠎ᠠ ᠨᠢ ᠴᠠᠢ ᠴᠤ ᠦᠭᠡᠢ᠂ ᠴᠢᠷᠠᠢ ᠴᠤ ᠦᠭᠡᠢ ᠤᠭᠲᠤᠭᠠᠳ᠄

«ᠰᠢᠷᠢᠨ ᠨᠢᠭᠤᠷ ᠢᠶᠡᠷ ᠮᠢᠨᠦ ᠬᠠᠲᠠᠪᠴᠢ ᠶᠢ ᠠᠯᠬᠤᠪᠠ ᠤᠤ︖ ᠰᠢᠭᠢᠷ᠎ᠡ ᠪᠡᠨ ᠲᠠᠲᠠᠭᠰᠠᠨ ᠴᠢᠨᠢ ᠳᠡᠭᠡᠷ᠎ᠡ ᠦᠭᠡᠢ ᠦᠦ︖» ᠭᠡᠳ ᠵᠦᠷᠢᠭᠦᠦ ᠬᠠᠷᠠᠴᠢᠬᠠᠪᠠ᠃

«ᠪᠠᠢᠭ᠂ ᠪᠢ ᠲᠡᠢᠮᠦ ᠪᠢᠰᠢ ᠁» ᠭᠡᠵᠦ ᠬᠠᠮᠠᠷ ᠯᠣᠳᠤᠨ ᠬᠡᠯᠡᠭᠡᠢᠷᠡᠵᠦ ᠭᠠᠷᠲᠠᠯ᠎ᠠ᠄

«ᠪᠠᠢᠭ ᠴᠠᠰᠢ︕ᠮᠢᠨᠦ ᠨᠢᠭᠦᠯ ᠪᠠᠷᠠᠬᠤ ᠦᠭᠡᠢ ᠭᠡᠳ ᠨᠡᠮᠡᠬᠦ ᠨᠢ ᠦᠦ︖ ᠬᠠᠷᠠᠯᠠ ᠭᠡᠮ᠂ ᠥᠨᠦᠳᠦᠷ ᠡᠴᠡ ᠬᠣᠢᠰᠢ ᠶᠡᠷᠦ ᠨᠢ ᠬᠤᠪᠢ ᠬᠤᠪᠢ ᠪᠠᠨ ᠯᠠ ᠬᠥᠭᠡᠭᠡᠶ᠎ᠡ︕» ᠭᠡᠳ ᠵᠠᠯᠠᠭᠤ ᠴᠢᠪᠠᠭᠠᠨᠴᠠ ᠱᠦᠭᠦᠷ ᠢᠶᠡᠨ ᠪᠠᠷᠢᠵᠤ ᠱᠠᠯᠠ ᠪᠠᠨ ᠱᠦᠭᠦᠷᠳᠡᠵᠦ ᠡᠬᠢᠯᠡᠪᠡ᠃

ᠶᠢᠷᠲᠢᠨᠴᠦ ᠳᠡᠭᠡᠷ᠎ᠡ ᠨᠢᠭᠤᠷ ᠯᠠ ᠬᠡᠷᠡᠭᠲᠡᠢ ᠶᠤᠮ ᠪᠠᠢᠨ᠎ᠠ᠂ ᠲᠡᠭᠦᠨ ᠢ ᠠᠯᠳᠠᠪᠠᠯ ᠶᠣᠰᠤ ᠲᠠᠢ ᠴᠤ ᠶᠣᠰᠤ ᠦᠭᠡᠢ ᠪᠣᠯᠵᠤ᠂ ᠬᠠᠨᠢᠯᠠᠭᠰᠠᠨ ᠡᠮ᠎ᠡ ᠴᠦ ᠰᠠᠯᠵᠤ ᠶᠠᠪᠤᠳᠠᠭ ᠶᠤᠮ ᠪᠠᠢᠨ᠎ᠠ᠃ ᠬᠠᠮᠠᠷ ᠯᠣᠳᠤᠨ ᠭᠣᠩᠰᠤᠢᠵᠤ ᠬᠠᠷᠢᠬᠤ ᠳᠠᠭᠠᠨ ᠢᠩᠭᠢᠵᠦ ᠪᠣᠳᠤᠪᠠ᠃

ᠬᠠᠯᠠ ᠲᠠᠮᠤ ᠪᠠᠨ ᠠᠮᠰᠠᠵᠤ᠂ ᠬᠠᠨᠢ ᠪᠠᠨ ᠠᠯᠳᠠᠭᠰᠠᠨ ᠬᠠᠮᠠᠷ ᠯᠣᠳᠤᠨ ᠴᠤ ᠶᠠᠭᠠᠬᠢᠬᠤᠪ᠂ ᠳᠤᠭᠤᠢ ᠨᠣᠮᠤᠢ ᠠᠮᠢᠳᠤᠷᠠᠭᠰᠠᠭᠠᠷ ᠯᠠ᠃ ᠬᠠᠷᠢᠨ ᠥᠨᠥ ᠰᠦᠷᠡᠬᠡᠢ ᠬᠡᠢ ᠭᠣᠷᠢᠳᠠᠯ᠂ ᠪᠡᠯᠭᠡ ᠳᠡᠮᠪᠠᠷᠢᠯ ᠦᠨ ᠳᠤᠮᠳᠠ ᠱᠠᠩᠳᠠᠭᠤᠷᠠᠵᠤ ᠪᠠᠢᠭᠰᠠᠨ ᠡᠪ ᠬᠠᠮᠲᠤ ᠶᠢᠨ ᠰᠠᠯᠬᠢ ᠨᠢ ᠳᠡᠮᠡᠢ ᠬᠣᠶᠠᠷ ᠰᠠᠷ᠎ᠠ ᠶᠠᠪᠤᠭᠳᠠᠭᠰᠠᠨ ᠦᠭᠡᠢ ᠬᠡᠢ ᠨᠢ ᠭᠠᠷᠤᠭᠰᠠᠨ ᠲᠤᠯᠤᠮ ᠬᠥᠭᠡᠷᠭᠡ ᠰᠢᠭ᠌ ᠠᠶᠠᠨᠳᠠᠭᠠᠨ ᠬᠠᠮᠰᠢᠢᠬᠤ ᠳᠤ ᠬᠦᠷᠴᠦ᠂ ᠬᠠ ᠶᠠ ᠦᠭᠡᠢ ᠰᠡᠭᠦᠷᠡᠰᠦ ᠠᠯᠳᠠᠭᠰᠠᠨ ᠬᠥᠭᠡᠷᠦᠬᠦᠢ ᠳᠠᠭᠤᠨ ᠤ ᠳᠤᠮᠳᠠ ᠨᠤᠷᠠᠩᠬᠠᠢ ᠵᠤᠤᠬᠠᠨ ᠤ ᠪᠠᠭᠤᠷᠢ᠂ ᠳᠤᠲᠠᠭᠤ ᠬᠠᠢᠯᠤᠭᠰᠠᠨ ᠬᠦᠳᠡᠷ ᠦᠨ ᠵᠠᠷᠢᠮᠳᠤᠭ ᠢᠶᠡᠨ ᠳᠤᠷᠠᠰᠭᠠᠯ ᠪᠣᠯᠭᠠᠨ ᠦᠯᠡᠳᠡᠭᠡᠵᠦ ᠠᠷᠢᠯᠪᠠ᠃

ᠬᠣᠭᠤᠯᠠᠨ ᠭᠡᠷ ᠪᠤᠰᠤᠷᠤᠭᠰᠠᠨ ᠴᠢᠮᠡᠭᠡ ᠪᠡᠷ ᠬᠠᠮᠠᠷ ᠯᠣᠳᠤᠨ«ᠡᠪ ᠬᠠᠮᠲᠤ ᠶᠣᠰᠤ»ᠢ᠋ᠢ ᠮᠥᠷᠦᠭᠡᠳᠬᠦ ᠵᠠᠪ ᠦᠭᠡᠢ᠂ ᠰᠢᠭᠤᠳ ᠵᠦᠢᠷᠡᠢ ᠠᠪᠳᠠᠷ᠎ᠠ ᠪᠠᠨ ᠲᠡᠭᠡᠭᠡᠭᠡᠳ ᠭᠡᠷ ᠥᠭᠡᠳᠡ ᠪᠡᠨ ᠭᠣᠳᠤᠢᠵᠠᠢ᠃ ᠬᠣᠰᠢᠭᠤ ᠰᠤᠮᠤᠨ ᠤ ᠳᠠᠷᠤᠭ᠎ᠠ ᠲᠡᠭᠦᠨ ᠡᠴᠡ ᠰᠠᠨᠠᠯ ᠬᠤᠷᠢᠶᠠᠨ ᠲᠥᠯᠦᠪᠦᠷᠢ ᠪᠤᠴᠠᠭᠠᠬᠤ ᠶᠢ ᠵᠥᠪᠰᠢᠭᠰᠡᠨ ᠳᠦ ᠬᠠᠮᠠᠷ ᠯᠣᠳᠤᠨ ᠬᠠᠷᠢᠨ᠄

«ᠰᠠᠨᠠᠯ ᠦᠭᠡᠢ᠂ ᠰᠠᠨᠠᠯ ᠦᠭᠡᠢ᠂ ᠡᠢᠮᠦ ᠰᠠᠯᠬᠢ ᠡᠷᠭᠢᠭᠡᠳ ᠬᠣᠶᠠᠷ ᠵᠢᠯ ᠰᠠᠯᠬᠢᠯᠠᠭᠰᠠᠨ ᠴᠤ ᠶᠠᠭᠠᠮᠠᠢ ᠳ᠋ᠠ︕» ᠭᠡᠳ ᠢᠷᠡᠭᠰᠡᠨ ᠵᠣᠴᠢᠳ ᠢᠶᠡᠨ ᠢᠨᠢᠶᠡᠬᠦ ᠶᠢᠨ ᠴᠦ ᠠᠷᠭ᠎ᠠ ᠦᠭᠡᠢ᠂ ᠤᠬᠢᠯᠠᠬᠤ ᠶᠢᠨ ᠠᠷᠭ᠎ᠠ ᠦᠭᠡᠢ ᠪᠣᠯᠭᠠᠵᠠᠢ᠃

ᠠᠪᠳᠠᠷ᠎ᠠ ᠪᠠᠨ ᠣᠯᠤᠭᠠᠳ᠂ ᠴᠢᠪᠠᠭᠠᠨᠴᠠ ᠪᠠᠨ ᠰᠠᠨᠠᠪᠠ᠃ ᠵᠥᠪ ᠢᠶᠡᠨ ᠣᠯᠵᠤ ᠵᠦᠭ ᠢᠶᠡᠨ ᠭᠠᠷᠭᠠᠭᠰᠠᠨ ᠢ ᠮᠢᠨᠢ ᠵᠠᠭᠷᠠᠢᠮ᠎ᠠ ᠴᠢᠬᠢ ᠲᠠᠢ ᠯᠡ ᠲᠥᠷᠦᠭᠰᠡᠨ ᠪᠣᠯ ᠰᠣᠨᠤᠰᠤᠭᠰᠠᠨ ᠪᠠᠢᠬᠤ᠃ ᠰᠠᠢᠨ ᠯᠣᠳᠤᠨ ᠢᠶᠡᠨ ᠮᠠᠭᠤ ᠯᠣᠳᠤᠨ ᠢᠶᠡᠷ ᠬᠠᠷᠠᠳᠠᠵᠤ᠂ ᠬᠠᠮᠠᠷ ᠵᠢᠡᠠ ᠬᠡᠴᠡᠭᠦᠦ ᠭᠣᠮᠤᠳᠠᠭᠠᠯ᠎ᠠ ᠭᠡᠳ ᠠᠮᠠ ᠨᠡᠭᠡᠭᠡᠬᠦ ᠡᠴᠡ ᠰᠢᠷᠬᠢᠵᠦ ᠪᠠᠢᠯᠭᠦᠢ᠂ ᠨᠢᠭᠤᠷ ᠤᠨ ᠠᠷᠠᠰᠤ ᠵᠤᠵᠠᠭᠠᠨ ᠢᠶᠡᠷ ᠢᠶᠡᠨ ᠪᠢ ᠳᠤᠭᠤᠢ ᠯᠠ ᠣᠴᠢᠶ᠎ᠠ︕ ᠬᠡᠳᠦᠨ ᠰᠠᠢᠬᠠᠨ ᠦᠭᠡ ᠰᠣᠨᠤᠰᠪᠠᠯ ᠬᠠᠭᠤᠴᠢᠨ ᠨᠠᠢᠷ ᠰᠡᠷᠭᠦᠵᠦ ᠪᠣᠯᠬᠤ ᠶᠠᠭᠤ ᠮᠠᠭᠠᠳ︕ ᠭᠡᠵᠦ ᠪᠣᠳᠤᠭᠠᠳ ᠬᠠᠮᠠᠷ ᠯᠣᠳᠤᠨ ᠬᠣᠷᠭᠤ ᠶᠢᠨ ᠢᠷᠤᠭᠠᠷ ᠡᠴᠡ ᠪᠠᠨ ᠨᠣᠭᠤᠭᠠᠨ ᠳᠤᠷᠳᠤᠩ ᠠᠯᠴᠢᠭᠤᠷ ᠠᠪᠴᠤ ᠡᠪᠦᠷᠯᠡᠭᠡᠳ᠂ ᠰᠢᠷ᠎ᠠ ᠪᠦᠷᠦᠢ ᠶᠢ ᠵᠠᠪᠳᠤᠨ ᠣᠪᠤᠭᠠᠨ ᠠᠷᠤ ᠶᠢ ᠰᠡᠮ ᠴᠢᠭᠯᠡᠪᠡ᠃

ᠵᠠᠯᠠᠭᠤ ᠴᠢᠪᠠᠭᠠᠨᠴᠠ ᠲᠡᠭᠦᠨ ᠢ ᠦᠵᠡᠭᠡᠳ ᠭᠢᠯᠠᠪ ᠴᠢᠯᠠᠪ ᠬᠢᠭᠰᠡᠨ ᠦᠭᠡᠢ ᠪᠣᠯᠪᠠᠴᠤ ᠠᠶ᠎ᠠ ᠪᠠᠷ ᠳᠡᠮᠡᠢ ᠯᠡ ᠪᠠᠢᠨ᠎ᠠ᠂ ᠵᠤᠤᠮᠠᠯᠵᠠᠨ ᠢᠨᠢᠶᠡᠭᠰᠡᠭᠡᠷ ᠬᠠᠮᠠᠷ ᠯᠣᠳᠤᠨ ᠲᠠᠢ ᠪᠢᠰᠢ ᠬᠠᠷᠢᠨ ᠬᠣᠷᠯᠣ ᠡᠪᠦᠭᠡᠨ ᠦ ᠬᠥᠯᠦᠰᠦᠯᠡᠭᠰᠡᠨ ᠬᠡᠯᠡᠭᠡᠢ ᠬᠣᠨᠢᠴᠢᠨ ᠲᠠᠢ ᠪᠡᠷᠬᠡ ᠶᠠᠭᠤᠮ᠎ᠠ ᠪᠣᠯᠤᠨ᠎ᠠ᠃

«ᠬᠠᠭᠵᠠᠷᠬᠠᠢ ᠭᠤᠲᠤᠯ ᠢ ᠴᠢᠨᠢ ᠬᠡᠳᠦᠢᠨ ᠲᠣᠪᠬᠢᠭᠠᠳ ᠲᠠᠯᠪᠢᠭᠰᠠᠨ᠂ ᠠᠪᠠᠴᠢᠬᠤ ᠪᠡᠷ ᠢᠷᠡᠬᠦ ᠦᠭᠡᠢ ᠨᠢ ᠶᠠᠭᠤ ᠪᠤᠢ︖ ᠪᠢ ᠴᠢᠮᠠᠢ ᠪᠡᠷᠬᠡ ᠬᠠᠷᠠᠯ᠎ᠠ ᠰᠢᠤ᠃ ᠶᠠᠭᠤ ᠴᠤ ᠭᠠᠢᠭᠤᠢ᠂ ᠥᠨᠥ ᠬᠡᠳᠦᠨ ᠬᠣᠨᠢ ᠪᠠᠨ ᠯᠠ︕» ᠭᠡᠵᠦ ᠵᠠᠯᠠᠭᠤ ᠴᠢᠪᠠᠭᠠᠨᠴᠠ ᠪᠢᠲᠡᠭᠦᠦ ᠬᠠᠲᠠᠭᠤ ᠦᠭᠡ ᠪᠡᠷ ᠬᠡᠯᠡᠭᠡᠢ ᠬᠣᠨᠢᠴᠢᠨ ᠢ ᠪᠠᠶᠠᠷᠯᠠᠭᠤᠯᠵᠤ᠂ ᠥᠷᠦᠮ᠎ᠡ ᠬᠤᠷᠤᠳ ᠢᠶᠡᠨ ᠠᠶᠠᠭ᠎ᠠ ᠳᠦᠭᠦᠷᠡᠩ ᠬᠥᠰᠭᠦᠯᠡᠵᠦ ᠥᠭᠭᠦᠭᠡᠳ᠂ ᠬᠠᠮᠠᠷ ᠯᠣᠳᠤᠨ ᠳᠤ ᠬᠠᠷᠢᠨ ᠬᠣᠭᠤᠰᠤᠨ ᠴᠠᠢ ᠪᠠᠷ ᠭᠡᠳᠡᠰᠦ ᠶᠢ ᠨᠢ ᠵᠠᠢᠯᠤᠭᠤᠯᠤᠭᠰᠠᠨ ᠢ ᠶᠠᠭᠠᠬᠢᠨ᠎ᠠ᠃

ᠤᠷᠢᠳᠤ ᠵᠠᠭᠷᠠᠢᠮ᠎ᠠ ᠶᠢᠨ ᠶᠠᠭᠠᠬᠢᠬᠤ ᠨᠢ ᠴᠤ ᠰᠠᠢᠬᠠᠨ ᠪᠠᠢᠭᠰᠠᠨ ᠶᠤᠮ᠃ ᠣᠳᠣ ᠬᠠᠷᠢᠨ ᠢᠨᠢᠶᠡᠬᠦ ᠨᠢ ᠴᠦ ᠮᠠᠭᠤᠬᠠᠢ ᠪᠣᠯᠵᠠᠢ᠃ ᠬᠠᠮᠠᠷ ᠯᠣᠳᠤᠨ ᠬᠠᠮᠠᠷ ᠢᠶᠡᠨ ᠴᠡᠨᠳᠡᠢᠯᠭᠡᠵᠦ᠂ ᠬᠠᠭᠠᠰ ᠠᠶᠠᠭ᠎ᠠ ᠴᠠᠢ ᠶᠢ ᠲᠤᠯᠭ᠎ᠠ ᠤᠷᠤᠭᠤ ᠴᠠᠷᠳᠠᠭᠠᠳ᠂ ᠬᠠᠨᠴᠤᠢ ᠰᠠᠵᠢᠨ ᠭᠠᠷᠴᠤ ᠶᠠᠪᠤᠵᠠᠢ᠃ ᠲᠡᠭᠦᠨ ᠡᠴᠡ ᠬᠣᠢᠰᠢ ᠵᠠᠯᠠᠭᠤ ᠴᠢᠪᠠᠭᠠᠨᠴᠠ ᠶᠢ ᠬᠠᠶᠠᠨ ᠳᠤᠨᠢ ᠬᠠᠶᠠᠵᠤ ᠣᠪᠤᠭᠠᠨ ᠠᠷᠤ ᠶᠢ ᠬᠠᠪᠢᠳᠠᠭᠰᠠᠨ ᠦᠭᠡᠢ ᠨᠠᠮᠤᠷ ᠢ ᠠᠪᠴᠢᠷᠠᠪᠠ᠃

ᠯᠣᠳᠤᠨ ᠳᠤ ᠯᠣᠳᠤᠨ ᠤ ᠪᠣᠳᠤᠯ ᠪᠠᠢᠬᠤ ᠳᠤ ᠴᠢᠪᠠᠭᠠᠨᠴᠠ ᠳᠤ ᠪᠠᠰᠠ ᠴᠢᠪᠠᠭᠠᠨᠴᠠ ᠶᠢᠨ ᠠᠭᠠᠰᠢ ᠪᠤᠢ᠃ ᠥᠪᠡᠷ ᠦᠨ ᠮᠠᠭᠤ ᠳᠠᠭᠠᠨ ᠨᠢᠭᠤᠷ ᠢᠶᠡᠨ ᠪᠠᠷᠠᠴᠢᠬᠠᠭᠠᠳ ᠨᠠᠳᠠ ᠲᠠᠢ ᠤᠴᠢᠷ ᠦᠭᠡᠢ ᠥᠷᠢᠰᠦᠯᠳᠦᠬᠦ ᠶᠠᠭᠤ ᠪᠠᠢᠬᠤᠪ︖ ᠬᠦᠷᠦᠭᠡᠳ ᠢᠷᠡᠪᠡᠯ ᠪᠢ ᠴᠠᠰᠢ ᠭᠡᠬᠦ ᠦᠭᠡᠢ᠂ ᠢᠷᠡᠬᠦ ᠦᠭᠡᠢ ᠭᠡᠳ ᠪᠢ ᠯᠠᠪ ᠨᠠᠰᠢ ᠭᠡᠬᠦ ᠦᠭᠡᠢ᠂ ᠴᠢᠮ᠎ᠠ ᠲᠠᠢ ᠴᠢᠮ᠎ᠠ ᠦᠭᠡᠢ᠂ ᠨᠠᠳᠠ ᠡᠮᠲᠡᠷᠡᠵᠦ ᠬᠣᠬᠢᠷᠠᠬᠤ ᠵᠦᠢᠯ ᠨᠢᠭᠡ ᠴᠦ ᠦᠭᠡᠢ︕ ᠭᠡᠵᠦ ᠵᠠᠭᠷᠠᠢᠮ᠎ᠠ ᠴᠤ ᠦᠭᠡᠨ ᠳᠡᠭᠡᠨ ᠰᠠᠭᠤᠵᠤ᠂ ᠡᠪᠦᠯ ᠢ ᠥᠩᠭᠡᠷᠡᠭᠡᠵᠡᠢ᠃

ᠵᠠᠯᠠᠭᠤ ᠴᠢᠪᠠᠭᠠᠨᠴᠠ ᠬᠡᠯᠡᠭᠡᠢ ᠬᠣᠨᠢᠴᠢᠨ ᠲᠠᠢ ᠲᠡᠭᠡᠵᠦ ᠰᠦᠷᠡᠬᠡᠢ ᠰᠠᠢᠮᠰᠤᠷᠠᠭᠰᠠᠨ ᠨᠢ ᠵᠥᠪᠬᠡᠨ ᠯᠡ ᠬᠤᠪᠢᠨ ᠤ ᠬᠡᠳᠦᠨ ᠬᠣᠨᠢ ᠪᠠᠨ ᠠᠯᠳᠠᠵᠤ ᠲᠤᠰᠤᠬᠤ ᠡᠴᠡ ᠬᠢᠴᠢᠶᠡᠭᠰᠡᠨ ᠶᠤᠮ ᠭᠡᠳᠡᠭ ᠢ ᠬᠠᠮᠠᠷ ᠯᠣᠳᠤᠨ ᠬᠡᠵᠢᠶ᠎ᠡ ᠬᠣᠵᠢᠮ ᠨᠢ ᠰᠤᠷᠠᠭᠯᠠᠵᠤ ᠮᠡᠳᠡᠭᠡᠳ᠂ ᠲᠠᠪᠲᠤᠷ ᠦᠭᠡᠢ ᠠᠭᠠᠰᠢᠯᠠᠭᠰᠠᠨ ᠳᠠᠭᠠᠨ ᠬᠡᠴᠡᠭᠦᠦ ᠭᠡᠮᠰᠢᠵᠡᠢ᠃ ᠬᠡᠳᠦᠨ ᠵᠢᠯ ᠦᠨ ᠡᠮᠦᠨ᠎ᠡ ᠪᠣᠯᠤᠭᠰᠠᠨ ᠪᠣᠯ ᠪᠤᠷᠤᠭᠤ ᠪᠠᠨ ᠬᠦᠯᠢᠶᠡᠭᠡᠳ ᠣᠴᠢᠬᠤ ᠡᠴᠡ ᠪᠤᠴᠠᠬᠤ ᠦᠭᠡᠢ ᠪᠠᠢᠭᠰᠠᠨ᠃ ᠭᠡᠲᠡᠯ᠎ᠡ ᠭᠢᠯᠠᠷ ᠳᠠᠮᠪᠢ ᠳᠤ ᠪᠡᠶ᠎ᠡ ᠪᠡᠨ ᠵᠢᠮᠡᠯᠡᠭᠡᠳ ᠬᠤᠯᠠᠭᠠᠢ ᠨᠡᠷ᠎ᠡ ᠵᠡᠭᠦᠬᠦ ᠪᠣᠯᠤᠭᠰᠠᠨ ᠳᠠᠭᠠᠨ ᠵᠢᠷᠦᠬᠡᠨ ᠳᠤᠨᠢ ᠰᠢᠷ᠎ᠠ ᠤᠰᠤ ᠴᠤᠭᠯᠠᠭᠠᠳ ᠬᠠᠰᠢᠯᠠ ᠣᠴᠢᠬᠤ ᠦᠭᠡᠢ ᠨᠢ ᠳᠡᠭᠡᠷ᠎ᠡ ᠭᠡᠵᠦ ᠪᠣᠳᠤᠭᠰᠠᠭᠠᠷ ᠵᠤᠨ ᠢᠶᠡᠨ ᠪᠠᠷᠠᠯᠠᠪᠠ᠃

ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ ᠴᠤ ᠨᠢᠭᠡ ᠶᠠᠩᠵᠤ ᠪᠣᠯᠬᠤ ᠭᠡᠵᠦ ᠪᠠᠢᠨ᠎ᠠ︕

ᠨᠢᠭᠡᠲᠦᠯ ᠪᠠᠢᠭᠤᠯᠤᠭᠳᠠᠭᠠᠳ ᠬᠡᠳᠦᠨ ᠵᠢᠯ ᠪᠣᠯᠤᠯ᠎ᠠ᠃ ᠴᠢᠪᠠᠭᠠᠨᠴᠠ ᠲᠠᠢ ᠬᠥᠨᠳᠡᠢᠷᠡᠭᠰᠡᠨ ᠳᠡᠭᠡᠨ ᠬᠠᠮᠠᠷ ᠯᠣᠳᠤᠨ ᠪᠤᠳᠤᠭ ᠨᠢ ᠬᠣᠪᠬᠤᠷᠠᠬᠠᠢ ᠠᠪᠳᠠᠷ᠎ᠠ ᠪᠠᠨ ᠰᠢᠨᠡᠳᠭᠡᠵᠦ ᠵᠠᠰᠠᠬᠤ ᠶᠢ ᠪᠣᠳᠤᠭᠰᠠᠨ ᠦᠭᠡᠢ᠂ ᠥᠩᠭᠡ ᠭᠠᠷᠲᠠᠯ᠎ᠠ ᠵᠦᠯᠭᠦᠬᠦ ᠪᠡᠨ ᠴᠦ ᠪᠣᠯᠢᠪᠠ᠃

ᠲᠡᠭᠦᠨ ᠦ ᠠᠮᠢᠳᠤᠷᠠᠯ ᠤᠨ ᠡᠷᠢᠯ ᠬᠦᠰᠡᠯ ᠨᠢ ᠠᠪᠳᠠᠷ᠎ᠠ ᠶᠢᠨ ᠨᠢᠭᠤᠷ ᠲᠠᠢ ᠪᠠᠨ ᠠᠳᠠᠯᠢᠬᠠᠨ ᠬᠣᠪᠬᠤᠷᠠᠵᠤ ᠡᠮᠲᠡᠷᠡᠭᠰᠡᠨ ᠪᠣᠯᠤᠯᠲᠠᠢ᠃ ᠠᠢ ᠳ᠋ᠠ︕ ᠴᠢᠪᠠᠭᠠᠨᠴᠠ ᠬᠥᠮᠦᠨ ᠬᠠᠨᠠᠰᠠ ᠨᠠᠳᠠ ᠲᠠᠢ ᠨᠢᠭᠡ ᠰᠡᠳᠭᠢᠯ ᠪᠠᠢᠬᠤᠪ︖ ᠬᠠᠮᠠᠷ ᠯᠣᠳᠤᠨ ᠪᠢ ᠰᠣᠷᠲᠤᠭᠤ ᠯᠠᠷᠵᠢᠶ᠎ᠠ ᠲᠠᠢ ᠶᠠᠪᠤᠵᠤ ᠴᠢᠪᠠᠭᠠᠨᠴᠠ ᠶᠢᠨ ᠠᠲᠠᠭ᠎ᠠ ᠶᠢ ᠪᠤᠴᠠᠯᠭᠠᠶ᠎ᠠ︕

ᠲᠡᠭᠦᠨ ᠡᠴᠡ ᠬᠣᠢᠰᠢ ᠬᠠᠮᠠᠷ ᠯᠣᠳᠤᠨ ᠨᠡᠢᠲᠡ ᠶᠢᠨ ᠴᠦ ᠪᠣᠯᠤᠭ ᠬᠤᠪᠢᠨ ᠤ ᠴᠤ ᠪᠣᠯᠤᠭ᠂ ᠬᠠᠮᠢᠭ᠎ᠠ ᠪᠣᠯ ᠲᠡᠨᠳᠡ ᠮᠣᠳᠤ ᠲᠠᠢ ᠨᠣᠴᠤᠯᠳᠤᠭᠠᠳ ᠮᠠᠬᠠᠷᠠᠳᠠᠭ ᠪᠣᠯᠪᠠᠴᠤ ᠵᠠᠩ ᠨᠢ ᠶᠠᠪᠤᠬᠤ ᠲᠤᠰᠤᠮ ᠰᠣᠨᠢᠨ ᠪᠣᠯᠵᠠᠢ᠃

ᠬᠠᠩᠰᠢ ᠥᠩᠭᠡᠷᠡᠵᠦ ᠮᠠᠯ ᠴᠠᠳᠤᠭᠠᠳ ᠪᠠᠢᠬᠤ ᠳᠤ ᠪᠠᠷᠢᠭᠠᠳᠠ ᠡᠴᠡ ᠬᠥᠮᠦᠨ ᠢᠷᠡᠭᠦᠯᠵᠦ᠂«ᠨᠢᠭᠡᠲᠦᠯ ᠳᠡᠭᠡᠷ᠎ᠡ ᠮᠣᠳᠤᠨ ᠤ ᠠᠵᠢᠯ ᠲᠠᠢ» ᠭᠡᠰᠡᠨ ᠦᠭᠡ ᠥᠭᠴᠡᠢ᠃ ᠬᠠᠮᠠᠷ ᠯᠣᠳᠤᠨ ᠤ ᠬᠠᠮᠠᠷ ᠨᠢ ᠴᠡᠨᠳᠡᠢᠭᠰᠡᠨ ᠦᠭᠡᠢ ᠮᠥᠷᠲᠡᠭᠡᠨ ᠮᠠᠭᠠᠰᠠᠢᠭᠠᠳ ᠢᠨᠢᠶᠡᠴᠢᠬᠡᠪᠡ᠃ ᠬᠠᠮᠠᠷ ᠯᠣᠳᠤᠨ ᠣᠳᠣ ᠴᠤ ᠨᠢᠭᠡ ᠥᠪᠵᠢᠬᠦ ᠴᠠᠭ ᠪᠣᠯᠵᠢ ᠳ᠋ᠠ︕ ᠰᠤᠮᠤᠨ ᠳᠠᠷᠤᠭ᠎ᠠ ᠬᠦᠷᠲᠡᠯ᠎ᠡ ᠬᠠᠮᠠᠷ ᠨᠠᠮᠠᠢ ᠪᠡᠷᠬᠡ ᠲᠣᠭᠤᠭᠰᠠᠨ ᠢ ᠦᠵᠡᠬᠦ ᠦᠭᠡᠢ ᠦᠦ︖ ᠡᠭᠦᠷ ᠤᠨ ᠳᠠᠷᠤᠭ᠎ᠠ ᠴᠤ ᠰᠠᠨᠳᠤᠷᠤᠭᠰᠠᠨ ᠲᠥᠯᠦᠪᠲᠡᠢ ᠯᠠᠪ ᠴᠢᠬᠤᠯᠠ ᠠᠵᠢᠯ ᠲᠠᠢ ᠪᠠᠢᠬᠤ︕ ᠢᠷᠭᠡ ᠶᠢᠨ ᠰᠢᠭᠦᠰᠦ ᠲᠠᠯᠪᠢᠳᠠᠭ ᠠᠮᠠ ᠰᠢᠷᠡᠭᠡ ᠬᠢᠯᠭᠡᠬᠦ ᠭᠡᠵᠦ ᠪᠠᠢᠬᠤ ᠪᠣᠯ ᠤᠤ︖ ᠶᠠᠮᠤᠨ ᠣᠷᠳᠤᠨ ᠤ ᠨᠣᠶᠠᠨ ᠨᠢᠷᠤᠭᠤ ᠠᠮᠠᠯᠠᠭᠤᠯᠬᠤ ᠭᠡᠵᠦ ᠪᠠᠢᠬᠤ ᠪᠣᠯ ᠤᠤ ᠁ ᠭᠡᠵᠦ ᠪᠣᠳᠤᠮᠠᠭᠴᠠ ᠪᠡᠷᠬᠡ ᠯᠡ ᠬᠥᠩᠭᠡᠨ ᠱᠥᠩᠭᠡᠨ ᠬᠥᠳᠡᠯᠦᠭᠡᠳ ᠥᠭᠴᠡᠢ᠃

ᠵᠠᠮ ᠳᠠᠭᠠᠨ ᠲᠡᠷᠭᠡ ᠭᠡᠯᠢᠵᠦ ᠶᠠᠪᠤᠭ᠎ᠠ ᠲᠠᠨᠢᠬᠤ ᠦᠭᠡᠢ ᠵᠢᠭᠠᠯ ᠬᠦᠦ ᠲᠠᠢ ᠲᠠᠭᠠᠷᠠᠯᠳᠤᠵᠤ ᠪᠠᠭᠠᠵᠢ ᠪᠠᠨ ᠭᠤᠶᠤᠵᠤ ᠲᠠᠯᠪᠢᠪᠠ᠃ ᠠᠷᠠᠯ ᠤᠨ ᠱᠠᠷ ᠤᠨ ᠭᠡᠯᠳᠦᠷᠢᠭᠡ ᠶᠢ ᠳᠠᠭᠠᠵᠤ ᠪᠠᠢᠲᠠᠯ᠎ᠠ ᠨᠣᠭᠤᠭ᠎ᠠ ᠬᠥᠭᠡᠭᠡᠭᠰᠡᠨ ᠬᠣᠨᠢ ᠪᠠᠨ ᠳᠠᠷᠤᠵᠤ ᠶᠠᠪᠤᠭ᠎ᠠ ᠬᠡᠯᠡᠭᠡᠢ ᠬᠣᠨᠢᠴᠢᠨ ᠲᠠᠢ ᠬᠠᠯᠵᠠ ᠲᠠᠭᠠᠷᠠᠯᠳᠤᠪᠠ᠃ ᠬᠠᠮᠠᠷ ᠯᠣᠳᠤᠨ ᠰᠣᠴᠢᠭᠰᠠᠨ ᠬᠦᠴᠦᠨ ᠳᠡᠭᠡᠨ ᠲᠡᠷᠭᠡ ᠶᠢ ᠣᠩᠬᠤᠯᠢᠳᠠᠲᠠᠯ᠎ᠠ ᠦᠰᠦᠷᠴᠦ ᠭᠠᠷᠤᠭᠠᠳ ᠯᠠᠭ ᠬᠢᠲᠡᠯ᠎ᠡ ᠵᠠᠪᠢᠯᠠᠵᠠᠢ᠃

«ᠬᠠᠮᠠᠷ ᠠᠬ᠎ᠠ ᠬᠠᠮᠢᠭ᠎ᠠ ᠬᠦᠷᠦᠨ᠎ᠡ ᠪᠤᠢ︖»

«ᠡᠨᠡ᠂ ᠡᠨᠡ ᠁ ᠪᠢ ᠁ ᠰᠤᠮᠤᠨ ᠳᠠᠷᠤᠭ᠎ᠠ ᠵᠠᠯᠠᠯᠭ᠎ᠠ ᠠᠢᠯᠠᠳᠤᠭᠰᠠᠨ ᠲᠤᠯᠠ ᠨᠠᠢᠷ ᠲᠤ ᠣᠴᠢᠵᠤ ᠶᠠᠪᠤᠨ᠎ᠠ᠃ ᠥᠴᠦᠭᠡᠳᠦᠷ ᠡᠭᠦᠷ ᠤᠨ ᠳᠠᠷᠤᠭ᠎ᠠ ᠨᠠᠮᠠᠢ ᠵᠠᠯᠠᠭᠠᠳ ᠥᠨᠥᠳᠦᠷ ᠰᠤᠮᠤᠨ ᠳᠠᠷᠤᠭ᠎ᠠ ᠪᠠᠰᠠ ᠬᠦᠦ ᠪᠡᠷ ᠢᠶᠡᠨ ᠲᠡᠷᠭᠡ ᠬᠥᠲᠦᠯᠦᠭᠦᠯᠦᠭᠡᠳ ᠢᠷᠡᠭᠦᠯᠴᠢᠬᠡᠵᠡᠢ᠃ ᠠᠢ᠂ ᠣᠴᠢᠶ᠎ᠠ ᠳ᠋ᠠ ᠣᠴᠢᠶ᠎ᠠ ᠁»

ᠬᠠᠮᠠᠷ ᠯᠣᠳᠤᠨ ᠢᠩᠭᠢᠵᠦ ᠣᠷᠤ ᠦᠭᠡᠢ ᠭᠠᠵᠠᠷ ᠣᠪᠤᠭ᠎ᠠ ᠪᠣᠰᠭᠠᠭᠰᠠᠨ ᠪᠣᠯᠪᠠᠴᠤ ᠢᠴᠢᠵᠦ ᠵᠣᠪᠠᠭᠰᠠᠨ ᠦᠭᠡᠢ ᠮᠥᠷᠲᠡᠭᠡᠨ ᠭᠡᠳᠡᠷᠭᠦ ᠪᠠᠶᠠᠷᠯᠠᠴᠢᠬᠠᠪᠠ᠃ ᠡᠨᠡ ᠦᠭᠡ ᠶᠢ ᠬᠡᠯᠡᠭᠡᠢ ᠬᠣᠨᠢᠴᠢᠨ ᠴᠢᠪᠠᠭᠠᠨᠴᠠ ᠶᠢᠨ ᠴᠢᠬᠢᠨ ᠳᠦ ᠬᠦᠷᠭᠡᠬᠦ ᠳᠦ ᠬᠦᠷᠪᠡᠯ ᠲᠡᠷᠡ ᠶᠠᠭᠠᠬᠢᠵᠤ ᠠᠲᠠᠭᠠᠷᠬᠠᠬᠤ ᠪᠣᠯ︖ ᠪᠠᠷᠤᠭ ᠬᠡᠷᠡᠮ ᠮᠥᠷᠭᠦᠭᠡᠳ ᠦᠬᠦᠬᠦ ᠪᠠᠢᠬᠤ ᠡ︕

ᠨᠢᠭᠡᠲᠦᠯ ᠳᠡᠭᠡᠷ᠎ᠡ ᠬᠡᠳᠦ ᠬᠣᠨᠤᠬᠤ ᠵᠠᠭᠤᠷ᠎ᠠ᠂ ᠠᠯᠪᠠᠨ ᠭᠡᠷ ᠲᠦ ᠶᠠᠷᠢᠯᠳᠤᠬᠤ ᠳᠠᠭᠤᠨ ᠭᠠᠷᠴᠤ ᠯᠠ ᠪᠠᠢᠪᠠᠯ ᠬᠠᠮᠠᠷ ᠯᠣᠳᠤᠨ ᠭᠠᠷ ᠲᠡᠬᠢ ᠪᠡᠨ ᠬᠠᠶᠠᠭᠠᠳ ᠴᠣᠩᠬᠤᠨ ᠳᠣᠣᠷ᠎ᠠ ᠨᠢ ᠣᠴᠢᠵᠤ ᠴᠢᠬᠢ ᠲᠠᠯᠪᠢᠵᠤ ᠯᠠ ᠪᠠᠢᠯ᠎ᠠ᠃ ᠭᠡᠪᠡᠴᠦ ᠲᠡᠷᠡ ᠪᠣᠯᠭᠠᠨ ᠤ ᠤᠬᠠᠭᠠᠨ ᠢ ᠨᠢ ᠶᠡᠷᠦ ᠣᠯᠬᠤ ᠦᠭᠡᠢ᠂ ᠲᠤᠭᠲᠠᠭᠠᠵᠤ ᠠᠪᠬᠤ ᠣᠢ ᠲᠣᠢ ᠨᠡᠩ ᠦᠭᠡᠢ᠃ ᠠᠷᠪᠠᠭᠠᠳ ᠬᠣᠨᠤᠭ ᠲᠤ ᠵᠥᠪᠬᠡᠨ ᠯᠡ᠄«᠁ ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ ᠴᠤ ᠨᠢᠭᠡ ᠶᠠᠩᠵᠤ ᠪᠣᠯᠬᠤ ᠭᠡᠵᠦ ᠪᠠᠢᠨ᠎ᠠ»

ᠭᠡᠰᠡᠨ ᠬᠠᠭᠠᠰ ᠳᠤᠲᠠᠭᠤ ᠦᠭᠡ ᠶᠢ ᠨᠢ ᠯᠡ ᠣᠯᠵᠤ ᠴᠡᠭᠡᠵᠢᠯᠡᠭᠰᠡᠨ ᠢ ᠶᠠᠭᠠᠮᠠᠢ᠃ ᠬᠠᠮᠠᠷ ᠯᠣᠳᠤᠨ ᠨᠢᠭᠡᠲᠦᠯ ᠦᠨ ᠳᠠᠷᠤᠭ᠎ᠠ ᠳᠤ ᠡᠷᠳᠡᠮ ᠢᠶᠡᠨ ᠭᠠᠢᠬᠠᠭᠤᠯᠵᠤ ᠨᠢᠭᠤᠷ ᠣᠯᠬᠤ ᠰᠠᠨᠠᠭᠠᠲᠠᠢ᠃« ᠬᠡᠷᠡᠭ᠌ ᠦᠭᠡᠢ» ᠭᠡᠵᠦ ᠪᠠᠢᠲᠠᠯ᠎ᠠ ᠮᠣᠳᠤᠨ ᠣᠷᠤ ᠬᠢᠬᠦ ᠳᠡᠭᠡᠨ ᠳᠥᠷᠪᠡᠨ ᠲᠠᠯ᠎ᠠ ᠳᠤᠨᠢ ᠢᠯᠡᠭᠦᠴᠡ ᠬᠠᠰᠢᠯᠭ᠎ᠠ ᠲᠠᠭᠠᠷᠠᠭᠤᠯᠵᠤ ᠥᠭᠴᠡᠢ᠃ ᠨᠢᠭᠡᠲᠦᠯ ᠦᠨ ᠳᠠᠷᠤᠭ᠎ᠠ ᠬᠥᠮᠦᠰᠭᠡ ᠪᠡᠨ ᠵᠠᠩᠭᠢᠳᠴᠤ ᠠᠪᠤᠭᠠᠳ ᠲᠡᠭᠦᠨ ᠢ ᠭᠡᠷ ᠲᠤᠨᠢ ᠪᠤᠴᠠᠭᠠᠭᠰᠠᠨ ᠳᠤ᠂ ᠠᠶ᠎ᠠ︕ ᠬᠠᠮᠠᠷ ᠨᠠᠮᠠᠢ ᠥᠩᠭᠡᠷᠡᠦ ᠵᠦᠳᠡᠷᠡᠬᠦ ᠡᠴᠡ ᠬᠢᠴᠢᠶᠡᠭᠡᠳ ᠪᠤᠰᠤᠳ ᠡᠴᠡ ᠡᠮᠦᠨ᠎ᠡ ᠴᠢᠯᠦᠭᠡ ᠥᠭᠴᠢᠭᠡᠯ᠎ᠡ ᠰᠢᠦ ᠭᠡᠵᠦ ᠪᠠᠶᠠᠷᠯᠠᠭᠰᠠᠨ ᠢ ᠶᠠᠭᠠᠬᠢᠨ᠎ᠠ᠃

ᠬᠡᠯᠡᠭᠡᠢ ᠬᠣᠨᠢᠴᠢᠨ ᠴᠢᠪᠠᠭᠠᠨᠴᠠ ᠶᠢᠨ ᠳᠤ ᠣᠴᠢᠭᠠᠳᠤᠢ ᠶᠢ ᠰᠤᠷᠠᠭᠯᠠᠵᠤ ᠮᠡᠳᠡᠭᠡᠳ ᠬᠠᠮᠠᠷ ᠯᠣᠳᠤᠨ ᠰᠢᠷ᠎ᠠ ᠪᠦᠷᠦᠢ ᠪᠡᠷ ᠬᠡᠯᠡᠭᠡᠢ ᠬᠣᠨᠢᠴᠢᠨ ᠲᠠᠢ ᠠᠭᠤᠯᠵᠠᠬᠤ ᠪᠡᠷ ᠬᠦᠷᠴᠡᠢ᠃« ᠵᠠ᠂ ᠬᠠᠮᠠᠷ ᠠᠬ᠎ᠠ ᠬᠡᠳᠦᠨ ᠬᠣᠨᠤᠭ ᠢᠶᠡᠷ ᠨᠢᠭᠡᠲᠦᠯ ᠳᠡᠭᠡᠷ᠎ᠡ ᠰᠠᠭᠤᠭᠠᠳ ᠨᠠᠢᠷ ᠥᠨᠳᠦᠷ ᠪᠣᠯᠤᠭᠰᠠᠨ ᠪᠢᠵᠡ︖»

«ᠬᠡᠯᠡᠳᠡᠭ᠌ ᠦᠦ ᠳ᠋ᠠ᠂ ᠡᠷᠢᠨ ᠡᠷᠢᠨ ᠳᠦ ᠳᠤᠮᠳᠠ ᠪᠠᠨ ᠭᠠᠯ ᠲᠠᠢ᠂ ᠲᠣᠭᠤᠷᠢᠭᠠᠳ ᠱᠥᠯᠦ ᠲᠠᠢ ᠬᠣᠭᠤᠯᠠ︕ ᠰᠤᠮᠤᠨ ᠳᠠᠷᠤᠭ᠎ᠠ᠂ ᠡᠭᠦᠷ ᠤᠨ ᠳᠠᠷᠤᠭ᠎ᠠ ᠮᠠᠨ ᠤ ᠭᠤᠷᠪᠠ ᠵᠥᠪᠳᠡᠯᠴᠡᠭᠡᠳ ᠁»

«ᠶᠠᠭᠤ ᠭᠡᠵᠦ︖︖»

«᠁ ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ ᠴᠤ ᠨᠢᠭᠡ ᠶᠠᠩᠵᠤ ᠪᠣᠯᠬᠤ ᠭᠡᠵᠦ ᠪᠠᠢᠨ᠎ᠠ︕»

«ᠶᠠᠮᠠᠷ ᠶᠠᠩᠵᠤ ᠪᠣᠯᠬᠤ ᠭᠡᠨ᠎ᠡ ᠪᠤᠢ︖»

ᠴᠣᠬᠤᠮ ᠶᠠᠮᠠᠷ ᠶᠠᠩᠵᠤ ᠪᠣᠯᠬᠤ ᠶᠢ ᠬᠠᠮᠠᠷ ᠯᠣᠳᠤᠨ ᠥᠪᠡᠷ ᠢᠶᠡᠨ ᠴᠦ ᠫᠠᠳ ᠲᠤᠯᠠ ᠬᠡᠯᠡᠭᠡᠢ ᠡᠴᠡ ᠢᠯᠡᠭᠦᠦ ᠢᠯᠠᠭᠠᠢ ᠪᠣᠯᠵᠤ᠄

«ᠡᠨᠡ ᠁ ᠲᠡᠢᠮᠦ ᠶᠠᠩᠵᠤ ᠁ ᠮᠣᠷᠢᠨ ᠳᠡᠯ ᠳᠡᠭᠡᠭᠦᠷ ᠁ ᠶᠠᠭᠤ ᠴᠤ ᠭᠡᠰᠡᠨ ᠴᠢᠪᠠᠭᠠᠨᠴᠠ᠂ ᠬᠡᠯᠡᠭᠡᠢ ᠤᠯᠤᠰ ᠤᠳ ᠲᠤ ᠯᠠ ᠬᠡᠴᠡᠭᠦᠦ ᠭᠡᠨ᠎ᠡ ᠳ᠋ᠠ︕» ᠭᠡᠵᠦ ᠲᠠᠪᠠ ᠪᠠᠷ ᠢᠶᠡᠨ ᠠᠢᠯᠠᠳᠤᠭᠠᠳ᠂ ᠰᠠᠩᠳᠡ ᠮᠡᠩᠳᠡ ᠵᠢᠯᠢᠢᠵᠦ ᠣᠷᠬᠢᠵᠠᠢ᠃

ᠡᠨᠡ ᠨᠢ ᠨᠡᠭᠡᠷᠡᠨ ᠲᠤᠰᠠ ᠭᠠᠷᠴᠤ ᠬᠡᠯᠡᠭᠡᠢ ᠬᠣᠨᠢᠴᠢᠨ ᠢ ᠲᠡᠷᠡ ᠮᠥᠷ ᠲᠤᠨᠢ ᠠᠪᠤᠭᠠᠳ ᠠᠷᠤ ᠥᠭᠡᠳᠡ ᠭᠦᠶᠦᠯᠭᠡᠵᠦ ᠴᠢᠳᠠᠵᠠᠢ᠃ ᠤᠤᠬᠠᠢ ᠮᠥᠨ ᠪᠣᠯᠵᠤ ᠪᠠᠢᠨ᠎ᠠ︕ ᠮᠠᠭᠤ ᠴᠢᠪᠠᠭᠠᠨᠴᠠ ᠰᠦᠨᠡᠰᠦ ᠪᠡᠨ ᠵᠠᠢᠯᠠᠲᠠᠯ᠎ᠠ ᠠᠶᠤᠵᠤ ᠪᠠᠢᠨ᠎ᠠ ᠳ᠋ᠠ᠂ ᠠᠶᠠᠭᠦᠢᠳᠡᠪᠡᠯ«ᠢᠯᠠᠢ ᠶᠠᠭᠠᠬᠢᠳᠠᠭ ᠪᠢᠯᠡ︖ ᠠᠷᠭ᠎ᠠ ᠪᠠᠢᠨ᠎ᠠ ᠤᠤ︖ ᠬᠠᠮᠠᠷ ᠮᠢᠨᠢ ᠡ︕» ᠭᠡᠳ ᠠᠪᠤᠷᠠᠯ ᠭᠤᠶᠤᠬᠤ ᠪᠠᠷ ᠢᠷᠡᠵᠦ ᠮᠡᠳᠡᠨ᠎ᠡ ᠰᠢᠦ︕

ᠬᠠᠮᠠᠷ ᠯᠣᠳᠤᠨ ᠭᠠᠷᠤᠨ ᠣᠷᠤᠨ ᠠᠪᠤᠷᠠᠯ ᠭᠤᠶᠤᠬᠤ ᠬᠥᠮᠦᠨ ᠢᠶᠡᠨ ᠬᠠᠷᠠᠭᠰᠠᠭᠠᠷ ᠪᠣᠯᠪᠠᠴᠤ ᠴᠢᠪᠠᠭᠠᠨᠴᠠ ᠶᠢᠨ ᠪᠠᠷ᠎ᠠ ᠠᠯᠠᠭ᠎ᠠ ᠶᠢ ᠶᠠᠭᠠᠬᠢᠨ᠎ᠠ᠃ ᠨᠣᠬᠠᠢ ᠳᠣᠯᠢᠶᠠ︕ ᠮᠥᠨ ᠴᠦ ᠰᠠᠭᠤᠷᠢ ᠲᠠᠢ ᠡᠮ᠎ᠡ ᠪᠠᠢᠨ᠎ᠠ ᠳ᠋ᠠ︕ ᠭᠡᠵᠦ ᠬᠠᠮᠠᠷ ᠯᠣᠳᠤᠨ ᠤᠯᠠᠮ ᠠᠲᠠᠭᠠᠷᠬᠠᠵᠠᠢ᠃

ᠡᠳᠡ ᠴᠢᠨᠢ ᠶᠠᠭᠠᠬᠢᠨ᠎ᠠ ᠭᠡᠪᠡᠯ ᠲᠡᠭᠡᠵᠦ᠂ ᠲᠡᠭᠷᠢ ᠳᠦ

ᠭᠠᠷᠬᠤ ᠡᠴᠡ ᠪᠤᠴᠠᠳᠠᠭ ᠦᠭᠡᠢ ᠤᠯᠤᠰ ᠳ᠋ᠠ︕

ᠵᠤᠨ ᠤ ᠰᠡᠭᠦᠯᠴᠢ ᠨᠠᠮᠤᠷ ᠤᠨ ᠡᠬᠢᠨ ᠳᠦ ᠨᠢᠭᠡ ᠡᠳᠦᠷ ᠪᠢᠴᠢᠬᠠᠨ ᠵᠠᠩᠵᠤᠨ ᠨᠠᠷ ᠢ ᠲᠡᠭᠡᠭᠡᠭᠰᠡᠨ ᠨᠣᠭᠤᠭᠠᠨ ᠮᠠᠰᠢᠨ ᠵᠢᠭᠠᠬᠠᠨ ᠰᠦᠮ᠎ᠡ ᠳᠦ ᠬᠤᠪᠢᠰᠭᠠᠯ ᠬᠢᠬᠦ ᠪᠡᠷ ᠢᠷᠡᠭᠰᠡᠨ ᠣᠨᠴᠠ ᠰᠣᠨᠢᠨ ᠴᠢᠮᠡᠭᠡ ᠳᠤᠭᠤᠯᠳᠠᠪᠠ᠃

ᠤᠷᠢᠳᠤ ᠬᠠᠮᠠᠷ ᠯᠣᠳᠤᠨ ᠬᠠᠭᠠᠰ ᠰᠥᠨᠢ ᠶᠢᠨ ᠨᠣᠢᠷ ᠢᠶᠡᠨ ᠪᠦᠷᠢᠯᠭᠡᠵᠦ ᠪᠠᠢᠭᠠᠳ ᠬᠤᠭᠤᠷᠴᠢ ᠶᠢᠨ ᠠᠮᠠ ᠪᠠᠷ«ᠵᠠᠩᠵᠤᠨ ᠮᠣᠷᠳᠠᠭᠤᠯᠵᠤ» ᠪᠠᠢᠭᠰᠠᠨ ᠪᠢᠯᠡ᠃«ᠭᠡᠷᠡᠯ ᠲᠤᠰᠤᠭᠰᠠᠨ ᠭᠡᠭᠡᠨ ᠮᠠᠩᠨᠠᠢ᠂ ᠬᠡᠪᠲᠡᠭᠡ ᠪᠠᠷᠰ ᠤᠨ ᠬᠠᠷ᠎ᠠ ᠬᠥᠮᠦᠰᠭᠡ᠂ ᠨᠠᠮᠤᠷ ᠤᠨ ᠤᠰᠤᠨ ᠮᠣᠢᠯ ᠨᠢᠳᠦ᠂ ᠨᠠᠴᠢᠨ ᠱᠣᠩᠬᠤᠷ ᠤᠨ ᠰᠤᠢᠷ ᠰᠤᠷᠮᠤᠤᠰᠤ»᠂«ᠮᠢᠨᠳᠠᠰᠤᠨ ᠬᠤᠶᠠᠭ᠂ ᠮᠥᠩᠭᠦᠨ ᠳᠤᠭᠤᠯᠠᠭ᠎ᠠ᠂ ᠰᠤᠪᠤᠳ ᠤᠨ ᠬᠤᠶᠠᠭ» ᠁ ᠣᠳᠣ ᠶᠢᠨ ᠵᠠᠩᠵᠤᠨ ᠮᠥᠨ ᠯᠡ ᠡᠢᠮᠦ ᠪᠠᠢᠭ᠎ᠠ ᠳ᠋ᠠ᠂ ᠶᠠᠳᠠᠬᠤ ᠳᠤ«ᠥᠷᠭᠡᠨ ᠴᠢᠬᠢ ᠮᠥᠷᠦ ᠪᠡᠨ ᠳᠡᠷᠡᠯᠡᠵᠦ᠂ ᠥᠨᠳᠦᠷ ᠮᠥᠴᠢ ᠡᠪᠦᠳᠦᠭ᠌ ᠡᠴᠡ ᠢᠯᠡᠭᠦᠳᠡᠭᠰᠡᠨ» ᠵᠠᠭᠠᠨ ᠵᠠᠭᠠᠨ ᠢᠶᠡᠷ ᠪᠡᠶ᠎ᠡ ᠲᠠᠢ ᠯᠡ ᠪᠠᠢᠬᠤ ᠶᠣᠰᠤᠲᠠᠢ︕ ᠁«ᠬᠦᠨᠳᠦ ᠲᠡᠮᠦᠷ ᠳᠠᠮ ᠢᠯᠳᠦ ᠶᠢ ᠬᠦᠳᠡᠷ ᠭᠠᠷ ᠲᠠᠭᠠᠨ ᠪᠠᠷᠢᠭᠠᠳ᠂ ᠬᠦᠯᠦᠭ ᠦᠨ ᠵᠦᠭ᠌ ᠲᠡᠭᠡᠨ ᠬᠦᠷᠴᠦ ᠬᠥᠮᠦᠯᠳᠦᠷᠭᠡ ᠵᠢᠯᠤᠭᠤ ᠰᠤᠭᠰᠤᠷᠤᠭᠠᠳ» ᠁«ᠲᠡᠮᠦᠷ ᠵᠤᠤᠵᠠᠢ ᠶᠠᠩᠭᠢᠨᠠᠭᠤᠯᠵᠤ᠂ ᠳᠥᠷᠦᠭᠡᠨ ᠳᠡᠭᠡᠷ᠎ᠡ ᠪᠡᠨ ᠳᠠᠪ ᠬᠢᠵᠦ» ᠁ ᠣᠳᠣ ᠶᠢᠨ ᠵᠠᠩᠵᠤᠨ ᠲᠡᠮᠦᠷ ᠢᠯᠳᠦ ᠦᠭᠡᠢ ᠴᠦ ᠭᠠᠩ ᠫᠤᠤ ᠲᠠᠢ ᠪᠠᠢᠯᠭᠦᠢ᠂ ᠮᠠᠰᠢᠨ ᠳᠡᠭᠡᠷ᠎ᠡ ᠪᠡᠨ ᠳᠠᠪ ᠬᠢᠵᠦ ᠮᠥᠨ ᠴᠦ ᠵᠢᠪᠬᠤᠭ᠎ᠠ ᠲᠠᠢ ᠪᠠᠢᠯᠭᠦᠢ︕ ᠪᠠᠰᠠ ᠴᠢᠩᠭᠢᠭᠡᠳ ᠪᠢᠴᠢᠬᠠᠨ ᠭᠡᠨ᠎ᠡ ᠰᠢᠦ᠂ ᠪᠣᠭᠳᠠ ᠴᠢᠩᠭᠢᠰ ᠳᠣᠯᠤᠭᠠᠨ ᠨᠠᠰᠤᠲᠠᠢ ᠳᠠᠢᠨ ᠳᠤ ᠮᠣᠷᠳᠠᠵᠤ᠂ ᠭᠤᠨᠠᠭᠠᠨ ᠤᠯᠠᠭᠠᠨ ᠪᠠᠭᠠᠲᠤᠷ ᠮᠠᠩᠭᠤᠰ ᠢ ᠳᠠᠷᠤᠬᠤ ᠳᠤ ᠭᠤᠷᠪᠠᠬᠠᠨ ᠨᠠᠰᠤᠲᠠᠢ ᠪᠠᠢᠭᠰᠠᠨ ᠳ᠋ᠠᠭ᠂ ᠵᠠᠩᠵᠤᠨ ᠢ ᠪᠢᠴᠢᠬᠠᠨ ᠭᠡᠵᠦ ᠪᠤᠤ ᠯᠠ ᠬᠢᠷᠢᠴᠢᠯᠡᠶ᠎ᠡ᠂ ᠨᠡᠩ ᠴᠦ ᠨᠣᠭᠤᠭᠠᠨ ᠮᠠᠰᠢᠨ ᠲᠠᠢ ᠵᠠᠩᠵᠤᠨ ᠢ︕ ᠁

ᠬᠠᠮᠠᠷ ᠯᠣᠳᠤᠨ ᠪᠣᠳᠤᠬᠤ ᠲᠤᠰᠤᠮ᠂ ᠵᠠᠪ ᠢ ᠠᠯᠳᠠᠵᠤ ᠪᠣᠯᠬᠤ ᠦᠭᠡᠢ ᠭᠡᠵᠦ ᠪᠡᠶ᠎ᠡ ᠪᠡᠨ ᠡᠷᠴᠢᠯᠡᠨ᠎ᠡ᠃ ᠣᠳᠣ ᠨᠢᠳᠦ ᠪᠡᠨ ᠨᠡᠭᠡᠭᠡᠬᠦ ᠦᠭᠡᠢ ᠬᠡᠵᠢᠶ᠎ᠡ ᠨᠢᠳᠦ ᠪᠡᠨ ᠨᠡᠭᠡᠭᠡᠬᠦ ᠪᠤᠢ︖ ᠬᠠᠮᠠᠷ ᠯᠣᠳᠤᠨ ᠭᠠᠷ ᠲᠡᠬᠢ ᠠᠵᠤ ᠪᠠᠨ ᠬᠠᠶᠠᠭᠠᠳ ᠬᠠᠮᠤᠭ ᠲᠡᠩᠬᠡᠭᠡ ᠪᠡᠷ ᠢᠶᠡᠨ ᠵᠢᠭᠠᠬᠠᠨ ᠰᠦᠮ᠎ᠡ ᠥᠭᠡᠳᠡ ᠭᠦᠶᠦᠬᠦ ᠳᠡᠭᠡᠨ ᠲᠡᠷᠯᠢᠭ᠌ ᠢᠶᠡᠨ ᠴᠦ ᠡᠮᠦᠰᠬᠦ ᠪᠡᠨ ᠮᠠᠷᠲᠠᠴᠢᠬᠠᠵᠠᠢ᠃

ᠯᠣᠳᠤᠨ ᠵᠢᠭᠠᠬᠠᠨ ᠰᠦᠮ᠎ᠡ ᠳᠦ ᠣᠢᠷᠠᠳᠲᠠᠯ᠎ᠠ ᠭᠠᠨᠵᠢᠷ᠎ᠠ ᠶᠢᠨ ᠣᠷᠤᠨ ᠳᠤ ᠬᠠᠳᠭᠤᠭᠳᠠᠭᠰᠠᠨ ᠰᠢᠷ᠎ᠠ ᠦᠰᠦᠭ ᠲᠠᠢ ᠤᠯᠠᠭᠠᠨ ᠳᠤᠭ ᠲᠡᠭᠦᠨ ᠢ ᠤᠷᠢᠶᠠᠯᠠᠨ ᠳᠠᠯᠠᠯᠤᠭᠰᠠᠨ ᠳᠤ ᠬᠠᠷ᠎ᠠ ᠬᠤᠷᠲᠤ ᠪᠠᠷ ᠫᠤᠤᠵᠢᠩ ᠰᠢᠭ ᠲᠠᠯᠪᠢᠭᠤᠨ ᠬᠦᠷᠪᠡ᠃ ᠲᠣᠭᠤᠰᠤ ᠲᠣᠷᠲᠤᠭ᠂ ᠤᠲᠤᠭ᠎ᠠ ᠮᠠᠨᠠᠨ ᠰᠦᠮ᠎ᠡ ᠶᠢᠨ ᠬᠦᠷᠢᠶ᠎ᠡ ᠶᠢ ᠵᠠᠯᠭᠢᠵᠤ᠂ ᠲᠤᠩ ᠣᠯᠠᠨ ᠬᠥᠮᠦᠨ ᠴᠤᠭᠯᠠᠭᠰᠠᠨ ᠲᠤᠯᠠ ᠯᠣᠳᠤᠨ ᠥᠯᠮᠡᠢ ᠳᠡᠭᠡᠷ᠎ᠡ ᠪᠡᠨ ᠶᠠᠭᠠᠬᠢᠵᠤ ᠥᠨᠳᠡᠯᠵᠡᠭᠰᠡᠨ ᠴᠦ ᠳᠣᠲᠤᠷ᠎ᠠ ᠨᠢ ᠶᠠᠭᠤ ᠪᠣᠯᠵᠤ ᠪᠠᠢᠭ᠎ᠠ ᠶᠢ ᠣᠯᠵᠤ ᠦᠵᠡᠭᠰᠡᠨ ᠦᠭᠡᠢ᠃ ᠮᠠᠨᠴᠤᠷᠭᠠᠨ ᠬᠠᠮᠠᠷ ᠨᠢ ᠴᠡᠨᠳᠡᠢᠵᠦ ᠠᠪᠤᠭᠠᠳ᠂ ᠬᠥᠮᠦᠬᠡᠢ ᠵᠠᠭᠤᠮᠠᠭᠴᠠ ᠬᠠᠷ᠎ᠠ ᠴᠢᠳᠠᠯ ᠢᠶᠡᠷ ᠢᠶᠡᠨ ᠣᠯᠠᠨ ᠢ ᠬᠠᠪᠢᠷᠭᠠᠯᠠᠨ ᠱᠤᠩᠭᠤᠯᠠᠭᠰᠠᠭᠠᠷ ᠳᠥᠩᠭᠡᠵᠢ ᠳᠣᠲᠤᠭᠰᠢᠯᠠᠯ᠎ᠠ᠃

ᠮᠥᠷᠦ ᠪᠡᠨ ᠴᠠᠪᠴᠢᠭᠤᠯᠵᠤ᠂ ᠲᠣᠯᠤᠭᠠᠢ ᠨᠢ ᠰᠠᠯᠤᠭᠰᠠᠨ ᠮᠠᠬᠠᠷᠠᠨᠽᠠ ᠬᠠᠭᠠᠷᠬᠠᠢ ᠬᠡᠩᠭᠡᠷᠭᠡ ᠳᠡᠷᠡᠯᠡᠵᠦ ᠤᠨᠠᠭᠠᠳ᠂ ᠱᠠᠭᠢᠮᠤᠨᠢ ᠶᠢᠨ ᠭᠡᠭᠡᠨ ᠳᠦᠷᠢ ᠳᠤᠭᠠᠩ ᠤᠨ ᠰᠠᠷᠠᠪᠴᠢᠨ ᠡᠴᠡ ᠪᠤᠭᠤᠮᠢᠯᠠᠭᠳᠠᠵᠠᠢ᠃ ᠰᠠᠮᠪᠠᠷ᠎ᠠ ᠰᠠᠮᠪᠠᠷ᠎ᠠ ᠰᠤᠳᠤᠷ ᠨᠣᠮ ᠰᠦᠮ᠎ᠡ ᠶᠢᠨ ᠬᠦᠷᠢᠶᠡᠨ ᠳᠦ ᠭᠠᠯ ᠠᠪᠤᠯᠴᠠᠭᠠᠳ᠂ ᠬᠦᠵᠢ ᠶᠢᠨ ᠦᠨᠦᠷ ᠲᠠᠢ ᠬᠥᠬᠡ ᠤᠲᠤᠭ᠎ᠠ ᠣᠭᠲᠠᠷᠭᠤᠢ ᠳᠤ ᠪᠤᠷᠭᠢᠯᠤᠨ᠎ᠠ᠃ ᠰᠤᠳᠤᠷ ᠨᠣᠮ ᠳᠡᠭᠡᠷ᠎ᠡ ᠪᠤᠤ ᠯᠠ ᠭᠢᠰᠭᠢᠵᠦ ᠬᠢᠯᠢᠨᠴᠡ ᠨᠢᠭᠦᠯ ᠦᠢᠯᠡᠳᠦᠶ᠎ᠡ ᠭᠡᠵᠦ ᠣᠯᠠᠨ ᠤ ᠳᠤᠮᠳᠠᠭᠤᠷ ᠰᠢᠬᠠᠯᠴᠠᠬᠤ ᠳᠠᠭᠠᠨ ᠬᠠᠮᠠᠷ ᠯᠣᠳᠤᠨ ᠪᠠᠢᠨ ᠪᠠᠢᠨ ᠬᠥᠯ ᠳᠣᠣᠷᠠᠬᠢ ᠪᠠᠨ ᠠᠵᠢᠭᠯᠠᠨ᠎ᠠ᠃

ᠥᠪᠴᠢ ᠪᠡᠶ᠎ᠡ ᠴᠤᠯᠤ ᠨᠣᠭᠤᠭᠠᠨ ᠬᠤᠪᠴᠠᠰᠤ ᠲᠠᠢ᠂ ᠪᠣᠭᠲᠤᠰᠤᠨ ᠳᠠᠭᠠᠨ ᠤᠯᠠᠭᠠᠨ«ᠳᠤᠭ» ᠵᠡᠭᠦᠭᠰᠡᠨ ᠨᠠᠮᠬᠠᠨ ᠪᠡᠶ᠎ᠡ ᠲᠠᠢ ᠬᠠᠷ᠎ᠠ ᠬᠦᠦ ᠰᠦᠮ᠎ᠡ ᠶᠢᠨ ᠶᠡᠨᠳᠡᠷ ᠳᠡᠭᠡᠷ᠎ᠡ ᠨᠠᠮᠪᠠ ᠲᠠᠢ ᠢᠯᠡᠷᠡᠭᠡᠳ᠂ ᠬᠠᠨᠴᠤᠢ ᠪᠠᠨ ᠲᠣᠬᠤᠢ ᠳᠠᠭᠠᠨ ᠲᠤᠯᠲᠠᠯ᠎ᠠ ᠰᠢᠭᠤᠭᠠᠳ ᠨᠢᠳᠤᠷᠭ᠎ᠠ ᠪᠠᠨ ᠬᠤᠷᠤᠢᠯᠠᠨ ᠨᠢᠭᠡ ᠶᠠᠭᠤᠮ᠎ᠠ ᠬᠠᠰᠭᠢᠴᠢᠵᠤ ᠭᠠᠷᠤᠨ᠎ᠠ᠃ ᠣᠯᠠᠨ ᠬᠥᠮᠦᠨ ᠫᠠᠷᠭᠢᠯᠳᠤᠨ᠂ ᠪᠠᠯᠪᠠᠴᠢᠵᠤ ᠬᠡᠮᠬᠡᠯᠬᠦ ᠳᠠᠭᠤᠨ ᠦᠷᠭᠦᠯᠵᠢᠯᠡᠭᠰᠡᠨ ᠲᠤᠯᠠ ᠶᠠᠮᠠᠷ ᠨᠣᠮ ᠲᠠᠯᠪᠢᠵᠤ ᠪᠠᠢᠭ᠎ᠠ ᠶᠢ ᠬᠠᠮᠠᠷ ᠯᠣᠳᠤᠨ ᠴᠢᠬᠢ ᠪᠠᠢᠭᠠᠳ ᠣᠯᠵᠤ ᠰᠣᠨᠤᠰᠬᠤ ᠦᠭᠡᠢ ᠨᠢ ᠬᠠᠢᠷᠠᠯᠠᠯ ᠲᠠᠢ᠂ ᠭᠠᠷᠴᠠᠭ᠎ᠠ ᠦᠭᠡᠢ ᠪᠢᠴᠢᠬᠠᠨ ᠵᠠᠩᠵᠤᠨ︕ ᠤᠷᠲᠤ ᠰᠤᠷᠮᠤᠤᠰᠤ ᠲᠠᠢ ᠬᠠᠷ᠎ᠠ ᠨᠢᠳᠦ᠂ ᠳᠡᠪᠢᠭᠦᠷ ᠭᠡᠮᠡᠷ ᠳᠡᠯᠳᠡᠩ ᠴᠢᠬᠢ ᠪᠡᠷ ᠨᠢ ᠬᠠᠮᠠᠷ ᠯᠣᠳᠤᠨ ᠢᠩᠭᠢᠵᠦ ᠲᠠᠨᠢᠪᠠ᠃ ᠰᠢᠨ᠎ᠡ ᠴᠠᠭ ᠤᠨ ᠵᠠᠩᠵᠤᠨ ᠭᠡᠵᠦ ᠮᠥᠨ ᠴᠦ ᠬᠡᠴᠡᠭᠦᠦ᠂ ᠭᠠᠯᠪᠠ ᠶᠢ ᠡᠵᠡᠯᠡᠭᠰᠡᠨ ᠱᠠᠭᠢᠮᠤᠨᠢ ᠲᠠᠢ ᠴᠤ ᠬᠠᠯᠳᠠᠭᠠᠳ ᠪᠠᠢᠳᠠᠭ ᠨᠢ ᠯᠠᠪ ᠯᠠ ᠬᠤᠷᠮᠤᠰᠲᠠ ᠡᠴᠡ ᠪᠠᠭᠤᠵᠤ ᠢᠷᠡᠭᠰᠡᠨ ᠶᠤᠮ ᠪᠠᠢᠯᠭᠦᠢ᠃ ᠪᠣᠭᠲᠤᠰᠤᠨ ᠳᠠᠭᠠᠨ ᠵᠡᠭᠦᠭᠰᠡᠨ ᠤᠯᠠᠭᠠᠨ ᠲᠤᠭ ᠨᠢ ᠯᠠᠪ ᠨᠣᠮ ᠤᠨ ᠦᠰᠦᠭ ᠲᠠᠢ ᠠᠮᠢᠨ ᠰᠠᠬᠢᠶ᠎ᠠ ᠪᠠᠢᠭ᠎ᠠ ᠳ᠋ᠠ᠃ ᠭᠡᠷᠡᠯ ᠣᠢᠭᠰᠠᠨ ᠲᠣᠯᠢ ᠲᠠᠢ ᠰᠢᠯ ᠢᠶᠡᠷ ᠬᠡᠪᠲᠡᠭᠡ ᠪᠠᠷᠰ ᠤᠨ ᠬᠥᠮᠦᠰᠭᠡ ᠪᠡᠨ ᠳᠠᠷᠤᠵᠤ ᠡᠩᠭᠡᠷ ᠳᠡᠭᠡᠷ᠎ᠡ ᠨᠢ ᠳᠤᠯᠠᠯᠵᠠᠵᠤ ᠬᠠᠷᠠᠭᠳᠠᠬᠤ ᠨᠢ ᠭᠤᠤ ᠳᠤ ᠰᠠᠭᠤᠯᠭᠠᠭᠰᠠᠨ ᠪᠤᠷᠬᠠᠨ ᠴᠤ ᠪᠣᠯᠪᠠ ᠤᠤ︖ ᠁ ᠬᠠᠮᠠᠷ ᠯᠣᠳᠤᠨ ᠡᠷᠬᠡ ᠦᠭᠡᠢ ᠠᠢᠳᠠᠰ ᠬᠦᠷᠦᠭᠡᠳ ᠳᠤᠲᠠᠭᠠᠬᠤ ᠶᠢ ᠪᠣᠳᠤᠭᠰᠠᠨ ᠪᠣᠯᠪᠠᠴᠤ ᠬᠠᠮᠠᠷ ᠪᠢ ᠱᠠᠭᠢᠮᠤᠨᠢ ᠶᠢᠨ ᠬᠦᠦ ᠪᠢᠰᠢ᠂ ᠶᠠᠳᠠᠬᠤ ᠳᠤ ᠬᠣᠯᠠ ᠶᠢᠨ ᠰᠠᠳᠤᠨ ᠨᠢ ᠴᠤ ᠪᠢᠰᠢ ᠲᠤᠯᠠ ᠭᠠᠢᠭᠤᠢ ᠪᠢᠵᠡ ᠡ︕ ᠭᠡᠵᠦ ᠪᠣᠳᠤᠪᠠ᠃

ᠭᠡᠨᠡᠳᠲᠡ ᠪᠢᠴᠢᠬᠠᠨ ᠵᠠᠩᠵᠤᠨ ᠤᠯᠠᠭᠠᠨ ᠳᠡᠪᠲᠠᠷ ᠢᠶᠡᠨ ᠳᠡᠭᠡᠷ᠎ᠡ ᠬᠤᠷᠤᠢᠯᠳᠤᠭᠤᠯᠤᠨ᠄

«ᠴᠢᠳᠭᠦᠷ ᠱᠣᠯᠤᠮ ᠢ ᠴᠢᠷᠴᠦ ᠭᠠᠷᠭᠠᠶ᠎ᠠ︕ ᠴᠣᠬᠢᠵᠤ ᠤᠨᠠᠭᠠᠶ᠎ᠠ︕ ᠱᠦᠭᠦᠷᠳᠡᠨ ᠠᠷᠢᠯᠭᠠᠶ᠎ᠠ︕» ᠭᠡᠵᠦ ᠨᠢᠭᠡᠨ ᠵᠡᠷᠭᠡ ᠬᠠᠰᠭᠢᠷᠤᠭᠰᠠᠨ ᠳᠤ ᠣᠯᠠᠨ ᠳᠠᠭᠠᠯᠴᠠᠨ ᠣᠷᠢᠯᠠᠨ᠎ᠠ᠃ ᠴᠢᠬᠢ ᠳᠦᠯᠡᠢᠷᠡᠮ᠎ᠡ ᠬᠠᠰᠭᠢᠷᠤᠯᠳᠤᠭᠠᠨ ᠳᠤᠮᠳᠠ ᠰᠦᠮ᠎ᠡ ᠶᠢᠨ ᠯᠠᠮᠠ ᠨᠠᠷ ᠢ ᠶᠡᠨᠳᠡᠷ ᠳᠡᠭᠡᠷ᠎ᠡ ᠭᠠᠷᠭᠠᠨ ᠵᠡᠷᠭᠡᠴᠡᠭᠦᠯᠦᠨ ᠲᠣᠩᠭᠤᠢᠯᠭᠠᠪᠠ᠃ ᠴᠠᠭᠠᠨ ᠴᠠᠭᠠᠰᠤᠨ ᠭᠣᠮᠰᠢᠶ᠎ᠠ ᠲᠣᠯᠤᠭᠠᠢ ᠳᠡᠭᠡᠷ᠎ᠡ ᠪᠡᠨ ᠰᠤᠪᠤᠷᠭᠠᠯᠠᠭᠰᠠᠨ ᠨᠢ ᠵᠢᠭᠠᠬᠠᠨ ᠰᠦᠮ᠎ᠡ ᠶᠢᠨ ᠭᠡᠭᠡᠨ ᠪᠠᠢᠨ᠎ᠠ᠃ ᠨᠣᠮ ᠤᠨ ᠰᠠᠮᠪᠠᠷ᠎ᠠ ᠬᠦᠵᠦᠭᠦᠦ ᠡᠴᠡ ᠪᠡᠨ ᠳᠡᠭᠦᠵᠢᠯᠡᠭᠰᠡᠨ ᠨᠢ ᠳ᠋ᠠ ᠯᠠᠮᠠ ᠰᠢᠪ ᠳ᠋ᠠ᠃ ᠲᠡᠭᠦᠨ ᠡᠴᠡ ᠳᠠᠷᠠᠭᠠᠬᠢ ᠨᠢ ᠴᠠᠮ ᠤᠨ ᠬᠣᠬᠢᠮᠠᠢ ᠪᠠᠭ ᠤᠳ ᠵᠡᠭᠦᠭᠰᠡᠨ ᠲᠤᠯᠠ ᠬᠠᠮᠠᠷ ᠯᠣᠳᠤᠨ ᠬᠡᠨ ᠬᠡᠨ ᠢ ᠨᠢ ᠡᠰᠡ ᠲᠠᠨᠢᠪᠠ᠃

ᠣᠯᠠᠨ ᠴᠢᠳᠭᠦᠷ ᠦᠨ ᠳᠤᠮᠳᠠ ᠵᠠᠯᠠᠭᠤ ᠴᠢᠪᠠᠭᠠᠨᠴᠠ ᠲᠣᠩᠭᠤᠢᠵᠤ ᠪᠠᠢᠭ᠎ᠠ ᠨᠢ ᠭᠡᠨᠡᠳᠲᠡ ᠦᠵᠡᠭᠳᠡᠪᠡ᠃ ᠬᠥᠭᠡᠷᠦᠬᠦᠢ ᠵᠠᠭᠷᠠᠢᠮ᠎ᠠ ᠨᠢ ᠬᠦᠵᠦᠭᠦᠨ ᠡᠴᠡ ᠪᠡᠨ ᠬᠢᠩᠭᠠᠷ ᠳᠢᠩᠭᠠᠷ ᠬᠣᠩᠬᠤ ᠳᠠᠮᠠᠷᠤ ᠳᠡᠭᠦᠵᠢᠯᠡᠭᠡᠳ ᠳᠠᠭᠵᠢᠨ ᠴᠡᠴᠡᠷᠡᠵᠦ ᠪᠠᠢᠬᠤ ᠨᠢ ᠪᠡᠷᠬᠡ᠃ ᠬᠠᠮᠠᠷ ᠯᠣᠳᠤᠨ ᠤ ᠮᠠᠨᠴᠤᠷᠭᠠᠨ ᠬᠠᠮᠠᠷ ᠨᠢ ᠪᠤᠷᠭᠢᠷᠠᠵᠤ ᠡᠬᠢᠯᠡᠭᠰᠡᠨ ᠢᠶᠡᠨ ᠳᠣᠣᠷᠠᠬᠠᠨ ᠢᠶᠡᠨ ᠴᠡᠨᠳᠡᠢᠴᠢᠬᠡᠪᠡ᠃ ᠪᠣᠯᠵᠠᠢ᠂ ᠶᠠᠭᠤᠨ ᠤ ᠰᠠᠢᠨ ᠶᠤᠮ︕ ᠴᠢᠮ᠎ᠠ ᠳᠤ ᠪᠠᠰᠠ ᠡᠢᠮᠦ ᠴᠠᠭ ᠪᠠᠢᠳᠠᠭ ᠶᠤᠮ ᠤᠤ︖ ᠬᠠᠮᠠᠷ ᠯᠣᠳᠤᠨ ᠤ ᠯᠠ ᠮᠠᠭᠤ ᠶᠢ ᠦᠵᠡᠨ᠎ᠡ ᠦᠦ ᠴᠢ︕ ᠮᠠᠷᠭᠠᠰᠢ ᠡᠴᠡ ᠪᠢ ᠪᠠᠰᠠ ᠴᠢᠮᠠᠢ«ᠰᠢᠷᠢᠨ ᠨᠢᠭᠤᠷ ᠢᠶᠡᠷ ᠮᠢᠨᠦ ᠬᠠᠲᠠᠪᠴᠢ ᠶᠢ ᠠᠯᠬᠤᠪᠠ ᠤᠤ︖ ᠰᠢᠭᠢᠷ᠎ᠡ ᠪᠡᠨ ᠲᠠᠲᠠᠭᠰᠠᠨ ᠴᠢᠨᠢ ᠳᠡᠭᠡᠷ᠎ᠡ ᠦᠭᠡᠢ ᠦᠦ︖» ᠭᠡᠵᠦ ᠬᠠᠷᠢᠶᠠᠨ᠎ᠠ ᠳ᠋ᠠ︕ ᠵᠠᠭᠷᠠᠢᠮ᠎ᠠ ᠳᠤ ᠲᠠᠯ᠎ᠠ ᠲᠤᠯ᠎ᠠ ᠮᠠᠨᠲᠠᠤ ᠶᠠᠳᠠᠪᠠᠯ ᠲᠠᠬᠢᠯ ᠤᠨ ᠪᠠᠯᠢᠩ ᠴᠤ ᠶᠠᠭᠠᠬᠢᠬᠤᠪ ᠬᠣᠶᠠᠷ ᠢ ᠠᠳᠭᠤᠭᠤᠯᠤᠭᠠᠳ ᠭᠤᠷᠪᠠᠯᠵᠢᠨ ᠴᠠᠭᠠᠨ ᠳᠤᠭ ᠵᠠᠭᠠᠮᠠᠨ ᠳᠤᠨᠢ ᠬᠠᠪᠴᠢᠭᠤᠯᠤᠭᠰᠠᠨ ᠪᠣᠯ ᠡ︕ ᠭᠡᠵᠦ ᠬᠠᠮᠠᠷ ᠯᠣᠳᠤᠨ ᠪᠡᠷᠬᠡ ᠲᠠᠪᠠᠯᠠᠨ᠎ᠠ᠃

ᠪᠢᠴᠢᠬᠠᠨ ᠵᠠᠩᠵᠤᠨ ᠭᠡᠭᠡᠨ ᠯᠠᠮᠠᠬᠠᠢ ᠶᠢ ᠬᠦᠵᠦᠭᠦᠦ ᠶᠢ ᠨᠢ ᠰᠤᠨᠲᠠᠯ᠎ᠠ ᠳᠠᠷᠤᠵᠤ ᠶᠠᠪᠤᠨ᠎ᠠ᠃ ᠡᠳᠡ ᠴᠢᠨᠢ ᠶᠠᠭᠠᠬᠢᠨ᠎ᠠ ᠭᠡᠪᠡᠯ ᠲᠡᠭᠡᠵᠦ᠂ ᠲᠡᠭᠷᠢ ᠳᠦ ᠭᠠᠷᠬᠤ ᠡᠴᠡ ᠴᠤ ᠪᠤᠴᠠᠳᠠᠭ ᠦᠭᠡᠢ ᠤᠯᠤᠰ ᠳ᠋ᠠ ᠁ ᠡᠳᠡ ᠴᠣᠬᠤᠮ ᠶᠠᠭᠠᠬᠢᠵᠤ ᠴᠤ ᠱᠦᠭᠦᠷᠳᠡᠳᠡᠭ᠌ ᠰᠠᠨ ᠪᠣᠯ︖ ᠪᠠᠷᠤᠭ ᠤᠨ ᠱᠦᠭᠦᠷ ᠡᠳᠡᠨ ᠢ ᠬᠥᠳᠡᠯᠭᠡᠵᠦ ᠴᠢᠳᠠᠬᠤ ᠦᠭᠡᠢ ᠳ᠋ᠠ᠂ ᠨᠡᠩ ᠴᠦ ᠶᠣᠯᠬᠤᠭᠤᠷ ᠭᠡᠳᠡᠰᠦ ᠲᠠᠢ ᠭᠡᠭᠡᠨ᠂ ᠪᠥᠬᠡᠴᠢᠨ ᠶᠠᠪᠤᠭᠰᠠᠨ ᠳ᠋ᠠ ᠯᠠᠮᠠ ᠶᠢ︕ ᠴᠣᠬᠤᠮ ᠭᠠᠷ ᠫᠤᠤ ᠪᠠᠷ ᠫᠤᠤᠳᠠᠵᠤ ᠤᠨᠠᠭᠠᠳᠠᠭ ᠪᠣᠯ ᠤᠤ︕ ᠬᠠᠷᠢᠨ ᠰᠦᠮ᠎ᠡ ᠶᠢᠨ ᠠᠷᠢᠭᠤᠨ ᠶᠡᠨᠳᠡᠷ ᠳᠡᠭᠡᠷ᠎ᠡ᠂ ᠱᠠᠭᠢᠮᠤᠨᠢ ᠶᠢᠨ ᠭᠡᠭᠡᠨ ᠨᠢᠳᠦᠨ ᠳᠣᠣᠷ᠎ᠠ᠂ ᠪᠤᠤ ᠯᠠ ᠴᠢᠰᠤ ᠨᠦᠵᠢ ᠶᠢ ᠨᠢ ᠪᠢᠯᠳᠠ ᠳ᠋ᠠ︕ ᠨᠢᠭᠦᠯ ᠬᠤᠷᠢᠶᠠᠵᠤ ᠦᠢᠯᠡ ᠶᠢᠨ ᠦᠷ᠎ᠡ ᠪᠡᠨ ᠲᠠᠷᠢᠬᠤ ᠦᠭᠡᠢ ᠶᠢᠨ ᠲᠥᠯᠦᠭᠡ ᠵᠠᠯᠠᠭᠤ ᠴᠢᠪᠠᠭᠠᠨᠴᠠ ᠶᠢ ᠴᠣᠬᠢᠨ ᠤᠨᠠᠭᠠᠬᠤ ᠦᠶᠡᠰ ᠨᠢᠳᠦ ᠪᠡᠨ ᠠᠨᠢᠵᠤ ᠨᠠᠮᠠᠨᠴᠢᠯᠠᠶ᠎ᠠ ᠭᠡᠵᠦ ᠲᠡᠷᠡ ᠪᠣᠳᠤᠪᠠ︕

ᠥᠨᠥ ᠨᠠᠮᠬᠠᠨ ᠪᠢᠴᠢᠬᠠᠨ ᠵᠠᠩᠵᠤᠨ᠂ ᠥᠨᠳᠦᠷ ᠲᠠᠷᠭᠤᠨ ᠭᠡᠭᠡᠨ ᠦ ᠥᠭᠡᠳᠡ ᠴᠤᠷᠤᠢᠨ᠂ ᠰᠢᠷ᠎ᠠ ᠣᠷᠬᠢᠮᠵᠢ ᠶᠢ ᠨᠢ ᠬᠠᠤ ᠲᠠᠲᠠᠭᠠᠳ«ᠴᠢᠳᠭᠦᠷ ᠦᠨ ᠠᠷᠠᠰᠤ︕» ᠭᠡᠵᠦ ᠠᠮᠠᠨ ᠳᠠᠭᠠᠨ ᠵᠦᠬᠡᠭᠰᠡᠭᠡᠷ ᠳᠦᠷᠡᠯᠵᠡᠬᠦ ᠭᠠᠯ ᠳᠤ ᠰᠢᠳᠡᠵᠦ ᠣᠷᠤᠭᠤᠯᠪᠠ᠃ ᠬᠦᠷᠡᠩ᠂ ᠰᠢᠷ᠎ᠠ ᠥᠩᠭᠡ ᠨᠢ ᠴᠢᠳᠭᠦᠷ ᠦᠨ ᠢᠪᠡᠭᠡᠯᠲᠦ ᠥᠩᠭᠡ ᠶᠤᠮ ᠪᠠᠢᠨ᠎ᠠ ᠰᠢᠤ ᠭᠡᠵᠦ ᠪᠣᠳᠤᠭᠰᠠᠭᠠᠷ᠂ ᠬᠠᠮᠠᠷ ᠯᠣᠳᠤᠨ ᠳ᠋ᠠ ᠯᠠᠮᠠ ᠶᠢᠨ ᠢᠴᠢᠭᠦᠷᠢ ᠭᠤᠲᠤᠮᠰᠢᠭ ᠢ ᠱᠤᠬᠤᠭᠤᠷᠠᠬᠤ ᠪᠠᠷ ᠤᠷᠤᠭᠰᠢ ᠨᠥᠷᠢᠲᠡᠯ᠎ᠡ᠂ ᠬᠥᠯ ᠳᠤᠨᠢ ᠨᠢᠭᠡ ᠬᠠᠪ ᠬᠠᠲᠠᠭᠤ ᠶᠠᠭᠤᠮ᠎ᠠ ᠲᠣᠷᠪᠠ᠃ ᠨᠢᠳᠦ ᠬᠠᠷᠠᠪᠠᠯ ᠯᠤᠤ ᠶᠢᠨ ᠬᠡ ᠲᠠᠢ ᠮᠥᠩᠭᠦᠨ ᠴᠥᠭᠦᠴᠡ ᠠᠵᠢ᠃ ᠬᠠᠮᠠᠷ ᠯᠣᠳᠤᠨ ᠥᠪᠡᠷ ᠦᠨ ᠡᠷᠬᠡ ᠦᠭᠡᠢ ᠥᠯᠮᠡᠢ ᠪᠡᠷ ᠢᠶᠡᠨ ᠬᠠᠮᠤᠵᠤ ᠣᠢᠷᠠᠲᠤᠭᠤᠯᠤᠭᠠᠳ᠂ ᠰᠡᠮᠬᠡᠨ ᠰᠢᠭᠦᠷᠡᠵᠦ ᠡᠪᠦᠷᠯᠡᠬᠦ ᠰᠠᠨᠠᠭ᠎ᠠ ᠲᠠᠢ ᠪᠥᠬᠦᠢᠭᠰᠡᠨ ᠢᠶᠡᠨ ᠬᠥᠯᠦᠰᠦ ᠭ᠋ᠬᠢᠷ ᠪᠣᠯᠤᠭᠰᠠᠨ ᠰᠡᠮᠡᠷᠬᠡᠢ ᠬᠠᠨᠳᠠᠭᠠᠵᠠ ᠶᠢᠨ ᠢᠶᠡᠨ ᠳᠡᠭᠡᠭᠦᠷ ᠰᠢᠷ᠎ᠠ ᠬᠣᠷᠭᠤᠢ ᠡᠯᠢᠭᠡᠪᠴᠢ ᠳᠠᠪᠬᠤᠷᠯᠠᠵᠤ ᠡᠮᠦᠰᠴᠦ ᠶᠠᠪᠤᠭ᠎ᠠ ᠪᠠᠨ ᠭᠡᠨᠡᠳᠲᠡ ᠣᠯᠵᠤ ᠦᠵᠡᠪᠡ᠃ ᠠᠢ ᠪᠠᠯᠠᠷᠠ︕ ᠵᠠᠭᠷᠠᠢᠮ᠎ᠠ ᠶᠢᠨ ᠣᠶᠤᠵᠤ ᠳᠤᠷᠠᠰᠭᠠᠭᠰᠠᠨ ᠡᠨᠡ ᠡᠯᠢᠭᠡᠪᠴᠢ ᠶᠢ ᠲᠡᠷᠡ ᠶᠡᠷᠦ ᠡᠴᠡ ᠢᠯᠡ ᠪᠤᠯᠲᠠᠢᠯᠭᠠᠭᠰᠠᠨ ᠦᠭᠡᠢ ᠰᠠᠨ᠃ ᠥᠨᠥᠳᠦᠷ ᠵᠠᠩᠵᠤᠨ ᠦᠵᠡᠬᠦ ᠭᠡᠵᠦ ᠬᠡᠢᠷᠭᠡᠵᠦ ᠪᠠᠢᠭᠰᠠᠭᠠᠷ ᠲᠡᠷᠯᠢᠭ᠌ ᠢᠶᠡᠨ ᠡᠮᠦᠰᠴᠦ ᠢᠷᠡᠬᠦ ᠪᠡᠨ ᠲᠠᠭ ᠮᠠᠷᠲᠠᠵᠠᠢ᠃ ᠬᠠᠮᠠᠷ ᠯᠣᠳᠤᠨ ᠤ ᠳᠣᠲᠤᠷ᠎ᠠ ᠫᠠᠯ ᠬᠢᠵᠦ ᠡᠳᠡ ᠴᠢᠨᠢ ᠭᠡᠭᠡᠨ ᠢ ᠬᠦᠷᠲᠡᠯ᠎ᠡ ᠨᠣᠭᠤᠭᠠᠨ ᠤ ᠪᠢᠷᠠᠭᠤ ᠶᠢᠨ ᠪᠡᠨ᠎ᠡ ᠲᠠᠢ ᠦᠵᠡᠬᠦ ᠦᠭᠡᠢ᠂ ᠬᠠᠮᠢᠭᠠᠰᠢ ᠨᠢ ᠵᠠᠯᠠᠨ᠎ᠠ ᠭᠡᠪᠡᠯ ᠲᠡᠰᠢ ᠨᠢ ᠭᠤᠶᠠᠳᠠᠵᠤ ᠪᠠᠢᠬᠤ ᠶᠤᠮ ᠴᠢᠨᠢ᠂ ᠬᠠᠮᠠᠷ ᠯᠣᠳᠤᠨ ᠢ ᠶᠠᠭᠤ ᠪᠠᠢᠬᠤᠪ᠂ ᠰᠢᠷ᠎ᠠ ᠡᠯᠢᠭᠡᠪᠴᠢ ᠲᠠᠢ ᠨᠢ ᠭᠠᠯ ᠳᠤ ᠰᠢᠳᠡᠭᠰᠡᠨ ᠴᠦ ᠪᠦᠷ ᠴᠢᠳᠠᠬᠤ ᠭᠠᠷ ᠤᠳ ᠡ︕ ᠦᠭᠡᠢ᠂ ᠶᠡᠷᠦ ᠨᠢ ᠪᠢᠴᠢᠬᠠᠨ ᠵᠠᠩᠵᠤᠨ ᠤ ᠨᠢᠳᠦᠨ ᠳᠦ ᠥᠷᠲᠦᠭᠡ ᠦᠭᠡᠢ ᠵᠠᠪ ᠲᠤ︕ ᠭᠡᠳ ᠲᠡᠷᠡ ᠠᠷᠤ ᠳᠡᠬᠢ ᠬᠥᠮᠦᠰ ᠢᠶᠡᠨ ᠪᠥᠭᠰᠡ ᠪᠡᠷ ᠢᠶᠡᠨ ᠨᠦᠳᠦᠴᠢᠨ ᠪᠠᠢᠵᠤ᠂ ᠣᠯᠠᠨ ᠤ ᠬᠦᠷᠢᠶᠡᠨ ᠡᠴᠡ ᠴᠣ᠋ ᠴᠢᠮᠠᠢ ᠰᠢᠪᠲᠤᠯᠵᠤ ᠭᠠᠷᠤᠭᠠᠳ ᠭᠣᠳ ᠵᠢᠭᠤᠳᠠᠪᠠ᠃

ᠬᠡᠳᠦᠨ ᠳᠣᠪᠤ ᠶᠢ ᠮᠡᠳᠡᠭᠡ ᠲᠠᠢ ᠮᠡᠳᠡᠭᠡ ᠦᠭᠡᠢ ᠳᠠᠪᠠᠵᠤ᠂ ᠨᠠᠭᠤᠷ ᠤᠨ ᠤᠰᠤ ᠶᠢ ᠭᠤᠲᠤᠯ ᠲᠠᠢ ᠪᠠᠨ ᠳᠣᠭᠤᠴᠠᠵᠤ ᠭᠦᠶᠦᠭᠰᠡᠭᠡᠷ ᠬᠣᠲᠠ ᠪᠠᠨ ᠣᠢᠷᠠᠲᠤᠭᠰᠠᠨ ᠢᠶᠡᠨ ᠮᠡᠳᠡᠪᠡ᠃ ᠭᠡᠷ ᠤᠷᠤᠭᠤ ᠪᠠᠨ ᠰᠠᠷᠠᠪᠴᠢᠯᠠᠭᠰᠠᠨ ᠢᠶᠡᠨ ᠵᠣᠭ ᠲᠣᠰᠴᠤ ᠮᠡᠯᠡᠷᠡᠴᠢᠬᠡᠪᠡ᠃ ᠮᠠᠢᠵᠢᠭᠢ ᠪᠣᠷᠤ ᠭᠡᠷ ᠦᠨ ᠬᠢᠨᠢ ᠡᠭᠦᠳᠡᠨ ᠳᠦ ᠬᠥᠮᠦᠨ ᠠᠮᠢᠲᠠᠨ ᠣᠪᠤᠭᠠᠷᠠᠯᠳᠤᠨ ᠬᠥᠯ ᠪᠣᠯᠵᠤ ᠪᠠᠢᠨ᠎ᠠ᠃ ᠪᠣᠳᠤᠪᠠᠯ ᠬᠤᠪᠢᠰᠭᠠᠯ ᠬᠢᠵᠦ ᠪᠠᠢᠭ᠎ᠠ ᠪᠣᠯᠤᠯᠲᠠᠢ᠃ ᠬᠠᠮᠠᠷ ᠯᠣᠳᠤᠨ ᠤ ᠲᠣᠯᠤᠭᠠᠢ ᠶᠢᠨ ᠦᠰᠦ ᠨᠢ ᠨᠢᠭᠡ ᠨᠢᠭᠡ ᠪᠡᠷ ᠪᠣᠰᠤᠭᠠᠳ᠂ ᠰᠢᠷ᠎ᠠ ᠡᠯᠢᠭᠡᠪᠴᠢ ᠪᠡᠨ ᠲᠠᠢᠯᠵᠤ ᠬᠣᠮᠢᠵᠤ ᠬᠣᠮᠢᠭᠠᠳ᠂ ᠳᠡᠷᠡᠰᠦᠨ ᠦ ᠰᠤᠯᠢ ᠳᠣᠭᠤᠤᠷ ᠡᠪᠲᠡᠢᠬᠡᠨ ᠰᠢᠷᠭᠤᠭᠤᠯᠵᠤ ᠲᠠᠯᠪᠢᠪᠠ᠃ ᠤᠷᠤᠭᠰᠢ ᠬᠣᠶᠠᠷ ᠠᠯᠬᠤᠭᠰᠠᠨ ᠢᠶᠡᠨ ᠶᠡᠷᠦ ᠵᠢᠭᠠᠬᠠᠨ ᠬᠠᠨᠤᠮᠵᠢ ᠦᠭᠡᠢ ᠰᠠᠨᠠᠭᠳᠠᠭᠠᠳ ᠪᠠᠢᠬᠤᠯᠠᠷ᠂ ᠬᠠᠷ᠎ᠠ ᠲᠣᠷᠭᠠᠨ ᠲᠣᠭᠤᠷᠴᠤᠭ ᠡᠴᠡ ᠪᠠᠨ ᠬᠠᠭᠵᠠᠷᠬᠠᠢ ᠮᠠᠢᠵᠢᠭᠢ ᠭᠤᠲᠤᠯ ᠳᠠᠭᠠᠨ ᠣᠷᠤᠲᠠᠯ᠎ᠠ ᠳᠠᠬᠢᠵᠤ ᠨᠢᠭᠡ ᠤᠳᠠᠭ᠎ᠠ ᠨᠡᠩᠵᠢᠯᠲᠡ ᠬᠢᠪᠡ᠃ ᠴᠢᠩᠭᠢᠭᠡᠳ ᠬᠦᠷᠡᠩ ᠳᠠᠯᠢᠩᠪᠤᠤ ᠲᠡᠯᠡᠢ ᠪᠡᠨ ᠲᠦᠭᠳᠡᠷᠡᠯ ᠦᠭᠡᠢ ᠲᠠᠢᠯᠵᠤ ᠠᠪᠤᠭᠠᠳ᠂ ᠡᠪᠡᠰᠦᠨ ᠦ ᠥᠳᠭᠡᠨ ᠳᠦ ᠭᠤᠯᠳᠤᠢᠲᠠᠯ᠎ᠠ ᠰᠢᠳᠡᠵᠡᠢ᠃ ᠣᠳᠣ ᠶᠠᠭᠤ ᠴᠤ ᠭᠡᠰᠡᠨ ᠭᠠᠢᠭᠤᠢ ᠪᠠᠢᠬᠤ ᠭᠡᠵᠦ ᠬᠠᠮᠠᠷ ᠯᠣᠳᠤᠨ ᠤᠷᠲᠤᠬᠠᠨ ᠠᠮᠢᠰᠭᠤᠵᠤ ᠠᠪᠤᠭᠠᠳ᠂ ᠠᠭᠤᠵᠢᠮ ᠵᠠᠬ᠎ᠠ ᠲᠠᠢ ᠳᠠᠪᠬᠤᠷ ᠥᠮᠦᠳᠦ ᠪᠡᠨ ᠲᠠᠲᠠᠭᠰᠠᠭᠠᠷ ᠭᠡᠷ ᠵᠦᠭ ᠢᠶᠡᠨ ᠭᠡᠬᠦᠯᠵᠡᠨ ᠠᠯᠬᠤᠪᠠ᠃

ᠬᠠᠮᠠᠷᠲᠤ ᠪᠢ ᠠᠮᠪᠠᠨ ᠰᠠᠭᠤᠭᠰᠠᠨ ᠪᠠᠢᠬᠤ ᠳᠤ ᠮᠡᠩᠭᠡᠲᠦ ᠶᠢᠨ ᠬᠦᠦ ᠳᠥᠩᠭᠡᠵᠢ ᠵᠠᠩᠭᠢ ᠯᠠ ᠪᠢᠵᠡ︕

ᠵᠦᠢᠷᠡᠢ ᠠᠪᠳᠠᠷ᠎ᠠ ᠨᠢ ᠡᠭᠦᠳᠡᠨ ᠭᠠᠳᠠᠨ᠎ᠠ ᠬᠠᠶᠠᠭᠳᠠᠵᠤ᠂ ᠴᠤᠯᠤ ᠨᠣᠭᠤᠭᠠᠨ ᠬᠤᠪᠴᠠᠰᠤᠯᠠᠭᠰᠠᠨ ᠮᠡᠩᠭᠡᠲᠦ ᠶᠢᠨ ᠬᠦᠦ ᠵᠢᠵᠢᠭ᠌ ᠤᠯᠠᠭᠠᠨ ᠳᠡᠪᠲᠡᠷ ᠳᠡᠯᠭᠡᠭᠡᠳ᠄«ᠬᠠᠮᠤᠭ ᠤᠨ ᠳᠡᠭᠡᠳᠦ ᠵᠢᠭᠠᠪᠤᠷᠢ᠄ ᠁ ᠴᠣᠬᠢᠬᠤ ᠦᠭᠡᠢ ᠪᠣᠯ ᠤᠨᠠᠬᠤ ᠦᠭᠡᠢ ᠁» ᠭᠡᠵᠦ ᠣᠯᠠᠨ ᠳᠤ ᠤᠬᠠᠭᠤᠯᠭ᠎ᠠ ᠲᠠᠯᠪᠢᠨ᠎ᠠ᠃ ᠵᠡᠭᠦᠨ ᠠᠢᠯ ᠤᠨ ᠲᠠᠷᠬᠠᠨ ᠤ ᠲᠣᠮᠤ ᠠᠯᠤᠬ᠎ᠠ ᠶᠢ ᠠᠯᠢ ᠵᠠᠪ ᠲᠤᠨᠢ ᠠᠪᠴᠢᠷᠠᠭᠰᠠᠨ ᠢ ᠪᠤᠤ ᠮᠡᠳᠡ᠂ ᠨᠢᠭᠡᠨ ᠮᠠᠷᠢᠶ᠎ᠠ ᠮᠢᠬ᠎ᠠ ᠲᠠᠢ ᠪᠢᠴᠢᠬᠠᠨ ᠵᠠᠩᠵᠤᠨ ᠳᠡᠭᠡᠷ᠎ᠡ ᠭᠡᠭᠴᠢ ᠳᠠᠯᠠᠢᠵᠤ ᠵᠣᠭᠰᠤᠭᠠᠳ᠂ ᠬᠠᠵᠠᠭᠤ ᠳᠡᠬᠢ ᠪᠠᠨ ᠶᠠᠷᠢᠶ᠎ᠠ ᠲᠡᠭᠦᠰᠦᠮᠡᠭᠴᠡ᠂ ᠠᠪᠳᠠᠷ᠎ᠠ ᠳᠡᠭᠡᠷ᠎ᠡ ᠨᠢᠴᠠ ᠪᠠᠭᠤᠯᠭᠠᠬᠤ ᠳᠤ ᠪᠡᠯᠡᠬᠡᠨ ᠪᠠᠢᠨ᠎ᠠ᠃ ᠬᠠᠮᠠᠷ ᠯᠣᠳᠤᠨ ᠡᠭᠡᠷ ᠲᠠᠲᠠᠵᠤ ᠠᠪᠤᠭᠠᠳ᠂ ᠮᠡᠩᠭᠡᠲᠦ ᠶᠢᠨ ᠬᠦᠦ ᠵᠦᠭ᠌ ᠲᠡᠮᠡᠦᠯᠬᠦ ᠳᠡᠭᠡᠨ ᠠᠪᠳᠠᠷ᠎ᠠ ᠳᠣᠲᠤᠷ᠎ᠠ ᠡᠴᠡ ᠭᠣᠭᠤᠵᠢᠵᠤ ᠭᠡᠭᠡᠭᠳᠡᠭᠰᠡᠨ ᠶᠠᠭᠠᠨ ᠳᠤᠷᠳᠤᠩ ᠠᠯᠴᠢᠭᠤᠷ ᠣᠯᠠᠨ ᠤ ᠬᠥᠯ ᠳᠦ ᠳᠡᠪᠰᠡᠭᠳᠡᠨ ᠪᠠᠢᠭ᠎ᠠ ᠶᠢ ᠦᠵᠡᠭᠡᠳ ᠰᠡᠮᠬᠡᠨ ᠰᠢᠭᠦᠷᠡᠵᠦ ᠠᠪᠤᠭᠠᠳ ᠲᠡᠯᠡᠢᠯᠠᠪᠡ᠃

«ᠨᠠᠢᠷ ᠪᠣᠳᠤᠵᠤ ᠥᠷᠦᠰᠢᠶᠡᠯ ᠦᠵᠡᠭᠦᠯᠴᠢᠬᠡ᠂ ᠳᠡᠭᠦᠦ ᠮᠢᠨᠢ︕»

«ᠭᠣᠷᠢ ᠦᠭᠡᠢ᠂ ᠭᠣᠷᠢ ᠦᠭᠡᠢ᠂ ᠳᠥᠷᠪᠡᠨ ᠬᠠᠭᠤᠴᠢᠨ ᠰᠤᠷᠲᠠᠯ ᠢ ᠡᠪᠳᠡᠬᠦ ᠨᠢ ᠮᠠᠨ ᠤ ᠤᠯᠠᠭᠠᠨ ᠬᠠᠮᠠᠭᠠᠯᠠᠬᠤ ᠴᠡᠷᠢᠭ᠌ ᠦᠨ ᠳᠠᠷᠬᠠᠨ ᠦᠢᠯᠡᠰ︕ ᠨᠠᠳᠠ ᠲᠠᠢ ᠪᠠᠢᠲᠤᠭᠠᠢ ᠡᠪᠦᠭᠡ ᠲᠠᠢ ᠮᠢᠨᠢ ᠨᠠᠢᠷ ᠲᠠᠢ ᠶᠠᠪᠤᠭᠰᠠᠨ ᠴᠤ ᠢᠯᠳᠠᠷ ᠬᠠᠶᠠᠬᠤ ᠦᠭᠡᠢ᠃ ᠶᠠᠭᠤ ᠪᠣᠯᠤᠭᠰᠠᠨ ᠴᠤ ᠹᠧᠣᠳᠠᠯ ᠶᠣᠰᠤ ᠶᠢ ᠤᠬᠠᠭᠤᠯᠤᠭᠰᠠᠨ ᠵᠢᠷᠤᠭ ᠢ ᠦᠯᠡᠳᠡᠭᠡᠵᠦ ᠪᠣᠯᠬᠤ ᠦᠭᠡᠢ︕»

«ᠯᠣᠳᠤᠨ ᠠᠬ᠎ᠠ ᠨᠢ ᠠᠯᠲᠠᠨ ᠯᠤᠤ ᠪᠠᠨ ᠁ ᠦᠭᠡᠢ᠂ ᠬᠠᠷ᠎ᠠ ᠹᠸᠤᠳᠠᠯ ᠢᠶᠡᠨ ᠠᠷᠢᠯᠭᠠᠭᠠᠳ ᠬᠠᠶᠠᠴᠢᠬᠠᠪᠠᠯ ᠠᠪᠳᠠᠷ᠎ᠠ ᠶᠢ ᠮᠢᠨᠢ ᠪᠠᠯᠪᠠᠴᠢᠬᠤ ᠦᠭᠡᠢ ᠳᠦ ᠪᠣᠯᠤᠨ᠎ᠠ ᠤᠤ︖» ᠭᠡᠵᠦ ᠬᠠᠮᠠᠷ ᠯᠣᠳᠤᠨ ᠰᠡᠬᠡᠭᠡ ᠦᠭᠡᠢ ᠠᠰᠠᠭᠤᠬᠤ ᠳᠤ᠄

«ᠠᠷᠢᠯᠭᠠᠭᠠᠳ ᠬᠠᠶᠠᠨ᠎ᠠ ᠭᠡᠨ᠎ᠡ︖ ᠲᠡᠭᠡᠪᠡᠯ ᠪᠠᠰᠠ ᠶᠠᠭᠠᠮᠠᠢ᠂ ᠬᠣᠣᠷ ᠲᠠᠷᠬᠠᠭᠠᠭᠰᠠᠨ ᠢᠶᠡᠨ ᠣᠯᠠᠨ ᠤ ᠨᠢᠭᠤᠷ ᠳᠡᠭᠡᠷ᠎ᠡ ᠮᠡᠳᠡᠷᠡᠳᠡᠭ᠌ ᠶᠤᠮ ᠪᠣᠯ ᠶᠠᠭᠠᠬᠢᠬᠤᠪ᠂ ᠤᠯᠠᠭᠠᠨ ᠲᠠᠪᠤᠨ ᠲᠥᠷᠦᠯ ᠳᠦ ᠪᠠᠭᠲᠠᠭᠰᠠᠨ ᠳᠤ ᠴᠢᠨᠢ ᠯᠠ ᠨᠠᠢᠷ ᠬᠠᠷᠠᠵᠤ ᠨᠢᠭᠡ ᠤᠳᠠᠭ᠎ᠠ ᠠᠭᠤᠴᠢᠯᠠᠴᠢᠬᠠᠶ᠎ᠠ︕» ᠭᠡᠳ ᠰᠦᠪᠡᠭᠡ ᠲᠤᠯᠤᠨ ᠰᠦᠷ ᠮᠠᠨᠳᠤᠭᠤᠯᠵᠤ ᠪᠠᠢᠭᠰᠠᠨ ᠮᠡᠩᠭᠡᠲᠦ ᠶᠢᠨ ᠬᠦᠦ ᠵᠢᠭᠠᠬᠠᠨ ᠠᠶᠠᠳᠠᠵᠤ ᠵᠥᠭᠡᠯᠡᠷᠡᠪᠡ᠃

ᠪᠠᠢᠳᠠᠭ ᠪᠠᠭᠠᠵᠢ ᠪᠠᠨ ᠪᠠᠷᠢᠭᠠᠳᠠ ᠳᠡᠭᠡᠷ᠎ᠡ ᠲᠠᠯᠪᠢᠭᠰᠠᠨ ᠲᠤᠯᠠ ᠬᠠᠮᠠᠷ ᠯᠣᠳᠤᠨ ᠭᠠᠷ ᠮᠤᠬᠤᠷᠳᠠᠵᠤ ᠰᠠᠨᠳᠤᠷᠤᠨ᠎ᠠ᠃ ᠠᠪᠳᠠᠷ᠎ᠠ ᠶᠢᠨ ᠬᠥᠨᠳᠡᠢ ᠪᠡᠷ ᠡᠮᠲᠡᠷᠡᠵᠦ ᠮᠤᠬᠤᠭᠰᠠᠨ ᠤᠭᠤᠯᠢ ᠶᠢᠨ ᠲᠣᠯᠤᠭᠠᠢ ᠪᠠᠨ ᠰᠠᠨᠠᠵᠤ᠂ ᠮᠣᠷᠤᠢ ᠮᠣᠳᠤᠨ ᠳᠤ ᠳᠥᠭᠦᠮᠬᠡᠨ ᠡᠰᠢᠯᠡᠪᠡ᠃

ᠲᠦᠰ - ᠮᠤᠬᠤᠭᠤ ᠤᠭᠤᠯᠢ ᠶᠢᠨ ᠲᠤᠰᠤᠯᠲᠠ ᠬᠠᠮᠠᠷ ᠯᠣᠳᠤᠨ ᠤ ᠵᠢᠷᠦᠬᠡ ᠶᠢ ᠣᠨᠤᠪᠠ᠃ ᠮᠠᠩᠨᠠᠢ ᠳᠦᠭᠦᠷᠡᠩ ᠳᠠᠭᠠᠪᠤᠷᠢᠯᠠᠬᠤ ᠬᠥᠯᠦᠰᠦ ᠨᠢ ᠮᠡᠯᠮᠡᠢ ᠳᠦᠭᠦᠷᠡᠩ ᠲᠤᠨᠤᠯᠵᠠᠬᠤ ᠨᠢᠯᠪᠤᠰᠤ ᠲᠠᠢ ᠨᠢ ᠨᠡᠢᠯᠡᠭᠡᠳ ᠮᠠᠨᠴᠤᠷᠭᠠᠨ ᠬᠠᠮᠠᠷ ᠤᠨ ᠬᠢᠨᠢ ᠤᠭ ᠢᠶᠡᠷ ᠵᠢᠮ ᠪᠣᠯᠤᠨ ᠵᠤᠷᠠᠢᠭᠰᠠᠭᠠᠷ ᠵᠠᠪᠠᠵᠢᠨ ᠳᠤᠨᠢ ᠬᠤᠷᠠᠵᠤ ᠱᠣᠷᠪᠤᠭ ᠠᠮᠲᠠ ᠠᠮᠲᠠᠭᠳᠠᠨ᠎ᠠ᠃ ᠮᠠᠨᠳᠠᠭᠠᠨ ᠴᠤ ᠴᠢᠪᠠᠭᠠᠨᠴᠠ ᠲᠠᠢ ᠭᠡᠷᠯᠡᠭᠰᠡᠨ ᠦᠭᠡᠢ᠂ᠴᠢᠪᠠᠭᠠᠨᠴᠠ ᠲᠠᠢ ᠭᠡᠷᠯᠡᠭᠰᠡᠨ ᠪᠣᠯ ᠪᠠᠰᠠ ᠨᠢᠭᠡ ᠹᠸᠤᠳᠠᠯ ᠢᠶᠡᠨ ᠠᠷᠢᠯᠭᠠᠭᠤᠯᠬᠤ ᠪᠣᠯᠤᠨ᠎ᠠ᠃

ᠮᠡᠩᠭᠡᠲᠦ ᠶᠢᠨ ᠬᠦᠦ ᠴᠣᠬᠤᠮ ᠶᠠᠭᠤ ᠪᠣᠳᠤᠭᠰᠠᠨ ᠢ ᠪᠤᠤ ᠮᠡᠳᠡ᠂ ᠬᠠᠮᠠᠷ ᠯᠣᠳᠤᠨ ᠳᠤ ᠪᠣᠭᠲᠤᠰᠤᠨ ᠲᠡᠮᠳᠡᠭ ᠢᠶᠡᠨ ᠪᠡᠯᠡᠭᠯᠡᠵᠦ ᠵᠡᠭᠦᠯᠭᠡᠭᠡᠳ᠄«ᠯᠣᠳᠤᠨ ᠳᠤ ᠮᠡᠨᠳᠦᠴᠢᠯᠡᠯ ᠬᠦᠷᠭᠡᠶ᠎ᠡ︕ ᠯᠣᠳᠤᠨ ᠲᠠᠢ ᠬᠠᠮᠲᠤ ᠪᠠᠢᠯᠳᠤᠵᠤ᠂ ᠯᠣᠳᠤᠨ ᠲᠠᠢ ᠬᠠᠮᠲᠤ ᠢᠯᠠᠯᠲᠠ ᠣᠯᠤᠨ᠎ᠠ︕» ᠭᠡᠵᠦ ᠬᠠᠰᠭᠢᠷᠤᠭᠰᠠᠭᠠᠷ ᠣᠮᠤᠭᠲᠠᠢᠬᠠᠨ ᠠᠶᠠᠷᠯᠠᠨ ᠣᠳᠴᠠᠢ᠃

ᠬᠠᠮᠠᠷ ᠯᠣᠳᠤᠨ ᠰᠤᠭᠤ ᠨᠢ ᠬᠡᠭᠵᠡᠷᠡᠵᠦ᠂ ᠮᠥᠷᠦ ᠨᠢ ᠲᠠᠰᠤᠷᠠᠭᠰᠠᠨ ᠰᠡᠮᠡᠷᠬᠡᠢ ᠬᠠᠨᠳᠠᠭᠠᠵᠠ ᠶᠢᠨ ᠢᠶᠡᠨ ᠬᠠᠨᠴᠤᠢ ᠳᠤ ᠤᠯᠠᠯᠵᠠᠬᠤ ᠠᠮᠢᠨ ᠰᠠᠬᠢᠶ᠎ᠠ ᠲᠠᠢ ᠤᠯᠠᠭᠠᠨ«ᠳᠤᠭ» ᠢ ᠰᠠᠨᠠᠨ ᠰᠠᠨᠠᠨ ᠰᠢᠨᠵᠢᠭᠰᠡᠭᠡᠷ᠂ ᠳᠣᠭᠳᠤᠯᠤᠨ ᠬᠥᠭᠰᠡᠭᠰᠡᠨ ᠭᠡᠵᠦ ᠵᠢᠭᠲᠡᠢ᠃ ᠡᠰᠡ ᠯᠡ ᠰᠣᠯᠢᠶᠠᠷᠠᠪᠠ᠃ ᠬᠠᠮᠠᠷ ᠬᠠᠰᠢ ᠯᠠ ᠬᠠᠮᠠᠷ᠃ ᠰᠢᠷ᠎ᠠ ᠬᠣᠷᠭᠤᠢ ᠡᠯᠢᠭᠡᠪᠴᠢ᠂ ᠬᠦᠷᠡᠩ ᠳᠠᠯᠢᠩᠪᠤᠤ ᠲᠡᠯᠡᠢ ᠪᠡᠷ ᠢᠶᠡᠨ ᠡᠢᠮᠦ ᠰᠠᠢᠬᠠᠨ ᠶᠠᠭᠤᠮ᠎ᠠ ᠰᠣᠯᠢᠭᠠᠳ ᠨᠢᠳᠦ ᠢᠷᠮᠡᠬᠦ ᠵᠠᠭᠤᠷ᠎ᠠ ᠰᠠᠬᠢᠭᠤᠯᠰᠤᠨ ᠤ ᠡᠩᠨᠡᠭᠡᠨ ᠳᠦ ᠲᠠᠯᠪᠢᠭᠠᠳ ᠣᠷᠤᠴᠢᠬᠠᠪᠠ᠃ ᠯᠣᠳᠤᠨ ᠤᠷᠢᠳᠤ ᠶᠢᠨ ᠯᠣᠳᠤᠨ ᠪᠢᠰᠢ ᠪᠣᠯᠵᠠᠢ᠂ ᠣᠳᠣ ᠴᠢᠨᠢ ᠵᠠᠩᠵᠤᠨ ᠮᠥᠷᠲᠡᠭᠡᠨ ᠭᠠᠯ ᠤᠨ ᠠᠬ᠎ᠠ ᠨᠢ ᠡ ᠁ ᠬᠠᠮᠠᠷ ᠯᠣᠳᠤᠨ ᠭᠡᠨᠡᠳᠲᠡ ᠠᠪᠳᠠᠷ᠎ᠠ ᠶᠢᠨ ᠢᠷᠤᠭᠠᠷ ᠢᠶᠡᠨ ᠠᠭᠤᠳᠠᠯᠤᠨ᠂ ᠹᠧᠣᠳᠠᠯ ᠪᠠᠢᠬᠤ ᠡᠰᠡᠬᠦ ᠶᠢ ᠪᠠᠢᠴᠠᠭᠠᠵᠤ ᠡᠬᠢᠯᠡᠪᠡ᠃ ᠰᠡᠮᠡᠷᠬᠡᠢ ᠬᠠᠳᠠᠭ᠂ ᠱᠠᠵᠠᠩ ᠬᠥᠬᠦᠷ᠂ ᠭᠠᠤᠯᠢᠨ ᠴᠥᠭᠦᠴᠡ ᠁ ᠳᠥᠷᠪᠡᠨ ᠬᠠᠭᠤᠴᠢᠨ ᠰᠤᠷᠲᠠᠯ ᠭᠡᠰᠡᠨ ᠶᠤᠮ ᠳ᠋ᠠ᠂ᠮᠢᠨᠦ ᠡᠨᠡ ᠴᠢᠨᠢ ᠭᠤᠷᠪᠠᠬᠠᠨ ᠯᠠ ᠪᠠᠢᠨ᠎ᠠ᠃ ᠥᠭᠡᠷ᠎ᠡ ᠶᠠᠭᠤ ᠪᠠᠨ ᠰᠢᠯᠢᠵᠦ ᠭᠠᠷᠭᠠᠳᠠᠭ ᠪᠢᠯᠡ︖ ᠬᠠᠮᠠᠷ ᠯᠣᠳᠤᠨ ᠪᠠᠢᠳᠠᠭ ᠬᠥᠷᠦᠩᠭᠡ ᠳᠡᠭᠡᠷ᠎ᠡ ᠪᠡᠨ ᠨᠢᠭᠡ ᠵᠡᠷᠭᠡ ᠨᠢᠳᠦ ᠪᠡᠯᠴᠢᠭᠡᠭᠰᠡᠨ ᠢᠶᠡᠨ ᠲᠤᠤᠵᠠ ᠬᠠᠳᠭᠤᠮᠠᠯ ᠲᠠᠢ ᠲᠣᠷᠭᠠᠨ ᠲᠡᠷᠯᠢᠭ᠌ ᠢᠶᠡᠨ ᠰᠢᠭᠦᠷᠦᠨ ᠠᠪᠤᠪᠠ᠃ ᠲᠡᠷᠡ ᠵᠢᠯ ᠪᠠᠳᠮ᠎ᠠ ᠪᠡᠷᠭᠡᠨ ᠦ ᠪᠠᠯᠪᠠᠷᠬᠠᠢ ᠲᠣᠭᠤᠨᠤ ᠶᠢ ᠪᠦᠬᠦᠯᠢ ᠡᠳᠦᠷ ᠵᠠᠰᠠᠵᠤ ᠪᠠᠢᠭᠠᠳ ᠬᠡᠷᠡᠭ᠌ ᠪᠣᠯᠭᠠᠵᠤ ᠣᠶᠤᠭᠤᠯᠤᠭᠰᠠᠨ ᠶᠤᠮ ᠳ᠋ᠠᠭ᠃ ᠵᠠᠭᠷᠠᠢᠮ᠎ᠠ ᠲᠠᠢ ᠭᠡᠷᠯᠡᠬᠦ ᠦᠶ᠎ᠡ ᠳᠡᠭᠡᠨ ᠡᠮᠦᠰᠬᠦ ᠭᠡᠵᠦ ᠴᠣ᠋ ᠰᠢᠨ᠎ᠡ ᠪᠡᠷ ᠨᠢ ᠬᠠᠳᠠᠭᠠᠯᠠᠭᠰᠠᠭᠠᠷ ᠡᠳᠦᠢ ᠪᠣᠯᠵᠠᠢ᠃ ᠬᠠᠶᠠᠪᠠᠯ ᠳᠡᠩᠴᠢ ᠬᠠᠢᠷᠠᠨ᠂ ᠪᠣᠯᠵᠠᠢ ᠴᠠᠰᠢ︕ ᠰᠢᠨ᠎ᠡ ᠪᠣᠯᠪᠠᠴᠤ ᠬᠠᠭᠤᠴᠢᠨ ᠢᠶᠡᠷ ᠪᠣᠳᠤᠴᠢᠬᠠᠶ᠎ᠠ︕ ᠵᠠᠩᠵᠤᠨ ᠪᠣᠯᠤᠭᠰᠠᠨ ᠬᠥᠮᠦᠨ ᠡᠳᠦᠢᠬᠡᠨ ᠢ ᠠᠯᠳᠠᠬᠤ ᠳᠤ ᠭᠡᠮᠰᠢᠬᠦ ᠶᠣᠰᠤ ᠶᠠᠭᠤ ᠪᠠᠢᠨ᠎ᠠ︖ ᠁ ᠬᠠᠮᠠᠷ ᠯᠣᠳᠤᠨ«ᠳᠥᠷᠪᠡᠨ ᠬᠠᠭᠤᠴᠢᠨ ᠰᠤᠷᠲᠠᠯ» ᠢ ᠴᠢᠳᠠᠨ ᠶᠠᠳᠠᠨ ᠪᠦᠷᠢᠳᠦᠭᠦᠯᠵᠦ᠂ ᠦᠨᠡᠰᠦᠨ ᠣᠪᠤᠭᠠᠨ ᠳᠡᠭᠡᠷ᠎ᠡ ᠪᠤᠯᠠᠵᠤ ᠬᠠᠶᠠᠭᠠᠳ ᠢᠯᠠᠭᠤᠭᠰᠠᠨ ᠴᠢᠷᠠᠢ ᠳᠤᠨᠢ ᠪᠠᠶᠠᠰᠭᠤᠯᠠᠩ ᠲᠤᠶᠠᠭᠠᠷᠠᠪᠠ᠃

ᠵᠠᠩᠵᠤᠨ ᠪᠣᠯᠤᠭᠰᠠᠨ ᠬᠥᠮᠦᠨ ᠳᠦ ᠥᠭᠡᠷ᠎ᠡ ᠶᠠᠭᠤ ᠬᠡᠷᠡᠭᠲᠡᠢ ᠪᠢᠯᠡ︖ ᠭᠡᠵᠦ ᠬᠠᠮᠠᠷ ᠯᠣᠳᠤᠨ ᠰᠦᠮ᠎ᠡ ᠶᠢᠨ ᠬᠦᠷᠢᠶᠡᠨ ᠳᠦ᠂ ᠭᠡᠷ ᠦᠨ ᠬᠢᠨᠢ ᠡᠭᠦᠳᠡᠨ ᠳᠦ ᠪᠣᠯᠵᠤ ᠪᠠᠢᠭᠰᠠᠨ ᠠᠯᠢᠪᠠ ᠶᠠᠪᠤᠳᠠᠯ ᠢ ᠡᠷᠭᠢᠴᠡᠭᠦᠯᠪᠡ᠃ ᠥ ᠲᠡᠢᠮᠦ᠂ ᠮᠠᠯᠠᠭᠠᠢ ᠪᠠ ᠡᠩᠭᠡᠷ ᠳᠡᠭᠡᠷ᠎ᠡ ᠪᠡᠨ ᠬᠥᠷᠦᠭ ᠵᠡᠭᠦᠭᠰᠡᠨ ᠪᠠᠢᠬᠤ ᠬᠡᠷᠡᠭᠲᠡᠢ᠃ ᠭᠠᠷ ᠲᠠᠭᠠᠨ ᠵᠢᠵᠢᠭ᠌ ᠤᠯᠠᠭᠠᠨ ᠳᠡᠪᠲᠡᠷ ᠠᠳᠭᠤᠭᠰᠠᠨ ᠪᠠᠢᠬᠤ ᠬᠡᠷᠡᠭᠲᠡᠢ᠃ ᠠᠮᠠ ᠨᠡᠭᠡᠭᠡᠬᠦ ᠪᠣᠯᠭᠠᠨ«ᠬᠠᠮᠤᠭ ᠤᠨ ᠳᠡᠭᠡᠳᠦ ᠵᠢᠭᠠᠪᠤᠷᠢ» ᠭᠡᠵᠦ ᠤᠩᠰᠢᠬᠤ ᠬᠡᠷᠡᠭᠲᠡᠢ︕ ᠭᠡᠲᠡᠯ᠎ᠡ«ᠬᠠᠮᠤᠭ ᠤᠨ ᠳᠡᠭᠡᠳᠦ ᠵᠢᠭᠠᠪᠤᠷᠢ» ᠨᠢ ᠶᠠᠭᠤ ᠪᠣᠯᠬᠤ ᠶᠢ ᠬᠠᠮᠠᠷ ᠯᠣᠳᠤᠨ ᠶᠠᠭ ᠮᠡᠳᠡᠬᠦ ᠦᠭᠡᠢ ᠲᠤᠯᠠ᠂«ᠤᠮ ᠮᠠ ᠨᠢ ᠪᠠᠳ ᠮᠧ ᠬᠤᠮ» ᠭᠡᠵᠦ ᠤᠩᠰᠢᠬᠤ ᠪᠣᠯᠳᠠᠭ ᠪᠣᠯ ᠤᠤ︖ ᠭᠡᠵᠦ ᠪᠣᠳᠤᠵᠠᠢ᠃ ᠮᠠᠷᠭᠠᠰᠢ ᠡᠴᠡ ᠨᠢ ᠬᠠᠮᠠᠷ ᠯᠣᠳᠤᠨ ᠬᠠᠷ᠎ᠠ ᠪᠣᠷᠤ ᠠᠵᠢᠯ ᠢᠶᠡᠨ ᠬᠠᠶᠠᠭᠠᠳ ᠡᠨᠳᠡ ᠲᠡᠨᠳᠡ ᠭᠦᠶᠦᠵᠦ᠂ ᠬᠠᠮᠤᠭ ᠤᠨ ᠳᠡᠭᠡᠳᠦ ᠵᠢᠭᠠᠪᠤᠷᠢ ᠭᠡᠵᠦ ᠪᠣᠯᠪᠠᠰᠤᠷᠠᠵᠤ ᠡᠬᠢᠯᠡᠪᠡ᠃ ᠴᠢᠩᠭᠢᠭᠡᠳ ᠠᠢᠯ ᠤᠨ ᠬᠣᠭᠤᠯᠠ ᠬᠤᠰᠢᠨ ᠳᠡᠭᠡᠷ᠎ᠡ ᠲᠠᠭᠠᠷᠠᠪᠠᠯ᠄ ᠬᠠᠭᠤᠴᠢᠨ ᠪᠡᠯᠡᠨ ᠢᠶᠡᠨ ᠢᠳᠡᠵᠦ ᠪᠣᠯᠬᠤ ᠦᠭᠡᠢ᠂ ᠰᠢᠨ᠎ᠡ ᠭᠤᠯᠢᠷ ᠪᠠᠢᠬᠤ ᠬᠡᠷᠡᠭᠲᠡᠢ ᠬᠡᠮᠡᠬᠦ ᠪᠣᠯᠵᠠᠢ᠃ ᠬᠠᠮᠤᠭ ᠤᠨ ᠠᠮᠵᠢᠯᠲᠠ ᠲᠠᠢ ᠰᠤᠷᠴᠤ ᠬᠡᠷᠡᠭᠯᠡᠭᠰᠡᠨ ᠨᠢᠭᠡ ᠤᠳᠠᠭ᠎ᠠ ᠭᠡᠪᠡᠯ ᠬᠥᠳᠡᠭᠡ ᠶᠢᠨ ᠬᠡᠳᠦᠨ ᠵᠠᠯᠠᠭᠤᠰ«ᠪᠠᠢᠯᠳᠤᠬᠤ ᠠᠩᠭᠢ» ᠪᠠᠢᠭᠤᠯᠬᠤ ᠳᠤ ᠬᠣᠷᠤᠬᠠᠢᠯᠠᠵᠤ᠂ ᠬᠠᠪᠢ ᠲᠥᠰᠦᠷ ᠲᠡᠭᠡᠨ ᠭᠠᠭᠴᠠᠬᠠᠨ ᠪᠣᠭᠲᠤᠰᠤᠨ ᠲᠡᠮᠳᠡᠭ᠌ ᠲᠠᠢ ᠪᠡᠷ ᠨᠢ ᠬᠠᠮᠠᠷ ᠯᠣᠳᠤᠨ ᠢ ᠡᠷᠢᠨ ᠵᠥᠪᠳᠡᠯᠴᠡᠵᠡᠢ᠃ ᠬᠠᠮᠠᠷ ᠯᠣᠳᠤᠨ ᠴᠤ ᠭᠠᠯ ᠤᠨ ᠠᠬ᠎ᠠ ᠶᠢᠨ ᠰᠡᠭᠡᠷᠳᠡᠭᠦᠦ ᠵᠠᠩ ᠢᠶᠡᠷ᠄«ᠲᠡᠷᠡ ᠴᠦ ᠪᠣᠯᠤᠯᠭᠦᠢ ᠳ᠋ᠠ᠂ ᠭᠠᠭᠴᠠ ᠨᠠᠮᠵᠢᠯ ᠵᠠᠯᠠᠨ ᠶᠠᠭᠤ ᠭᠡᠵᠦ ᠪᠠᠢᠨ᠎ᠠ ᠪᠤᠢ︖» ᠭᠡᠵᠦ ᠠᠰᠠᠭᠤᠵᠠᠢ᠃ ᠬᠡᠳᠦᠨ ᠵᠠᠯᠠᠭᠤᠰ ᠦᠭᠡᠨ ᠦ ᠬᠢᠨᠢ ᠤᠬᠠᠭᠠᠨ ᠢ ᠣᠯᠵᠤ ᠶᠠᠳᠠᠨ ᠪᠡᠶ᠎ᠡ ᠪᠡᠶ᠎ᠡ ᠪᠡᠨ ᠰᠢᠷᠲᠡᠯᠴᠡᠭᠰᠡᠨ ᠢᠶᠡᠨ ᠨᠢᠭᠡ ᠨᠢ᠄«ᠨᠠᠮᠵᠢᠯ ᠵᠠᠯᠠᠨ ᠶᠠᠭᠤ ᠴᠤ ᠭᠡᠰᠡᠨ ᠦᠭᠡᠢ᠂ ᠪᠠᠢᠯᠳᠤᠬᠤ ᠠᠩᠭᠢ ᠪᠠᠢᠭᠤᠯᠪᠠᠯ ᠪᠢ ᠪᠠᠰᠠ ᠣᠷᠤᠶ᠎ᠠ ᠭᠡᠵᠦ ᠵᠠᠯᠠᠨ ᠤ ᠰᠢᠷ᠎ᠠ ᠬᠦᠦ ᠯᠡ ᠪᠡᠷᠬᠡ ᠭᠤᠶᠤᠵᠤ ᠪᠠᠢᠭᠰᠠᠨ» ᠭᠡᠵᠦ ᠠᠮᠠ ᠠᠯᠳᠠᠪᠠ᠃

«ᠪᠦᠷ ᠲᠡᠢᠮᠦ ᠪᠣᠯᠬᠤ ᠶᠤᠮ ᠡ︕ ᠳᠠᠢᠰᠤᠨ ᠤ ᠬᠣᠷᠤᠬᠠᠢᠯᠠᠳᠠᠭ ᠪᠦᠬᠦᠨ ᠢ ᠪᠢᠳᠡ ᠡᠰᠡᠷᠭᠦᠴᠡᠨ᠎ᠡ᠃ ᠪᠠᠢᠯᠳᠤᠬᠤ ᠠᠩᠭᠢ ᠭᠠᠷᠭᠠᠵᠤ ᠪᠣᠯᠬᠤ ᠦᠭᠡᠢ» ᠭᠡᠵᠦ ᠬᠠᠮᠠᠷ ᠯᠣᠳᠤᠨ ᠭᠠᠭᠴᠠᠬᠠᠨ ᠦᠭᠡ ᠪᠡᠷ ᠬᠠᠮᠤᠭ ᠵᠠᠯᠠᠭᠤᠰ ᠤᠨ ᠲᠦᠭᠦᠰᠢ ᠶᠢ ᠵᠠᠭᠤᠷᠠᠭᠤᠯᠵᠤ ᠲᠠᠯᠪᠢᠵᠠᠢ᠃ ᠲᠡᠢᠮᠦ ᠡᠴᠡ ᠬᠥᠳᠡᠭᠡ ᠶᠢᠨ ᠬᠥᠮᠦᠰ ᠬᠠᠮᠠᠷ ᠯᠣᠳᠤᠨ ᠭᠡᠪᠡᠯ ᠨᠡᠭᠡᠷᠡᠨ ᠪᠢᠰᠢᠷᠡᠵᠦ ᠬᠦᠨᠳᠦᠯᠡᠳᠡᠭ᠌ ᠡᠴᠡ ᠭᠠᠳᠠᠨ᠎ᠠ ᠪᠠᠰᠠ ᠵᠢᠭᠠᠬᠠᠨ ᠠᠶᠤᠬᠤ ᠳᠠᠢᠵᠢᠳᠠᠭ ᠪᠣᠯᠵᠠᠢ᠃

ᠢᠩᠭᠢᠬᠦ ᠲᠤᠲᠤᠮ ᠬᠠᠮᠠᠷ ᠯᠣᠳᠤᠨ ᠬᠡᠨ ᠢ ᠴᠦ ᠨᠢᠳᠦᠨ ᠳᠡᠭᠡᠨ ᠬᠠᠪᠴᠢᠬᠤ ᠦᠭᠡᠢ ᠪᠣᠯᠵᠤ᠂ ᠵᠥᠪᠬᠡᠨ ᠯᠡ ᠮᠡᠩᠭᠡᠲᠦ ᠶᠢᠨ ᠬᠦᠦ ᠲᠠᠢ ᠪᠣᠯᠤ ᠲᠡᠩᠬᠡᠯᠢᠭ᠌ ᠪᠣᠯᠤᠨ ᠨᠡᠢᠯᠡᠨ᠎ᠡ᠃ ᠪᠢᠴᠢᠬᠠᠨ ᠵᠠᠩᠵᠤᠨ ᠭᠡᠳᠡᠭ ᠴᠢᠨᠢ ᠶᠣᠰᠤᠲᠠᠢ ᠱᠠᠭᠢᠮᠤᠨᠢ ᠶᠢᠨ ᠡᠪᠦᠭᠡ ᠡᠴᠡ ᠴᠦ ᠢᠯᠡᠭᠦᠦ ᠰᠠᠢᠨ ᠵᠠᠩ ᠲᠠᠢ ᠤᠯᠤᠰ ᠪᠠᠢᠨ᠎ᠠ ᠳ᠋ᠠ︕ ᠬᠠᠨᠢᠯᠠᠪᠠᠯ ᠡᠢᠮᠦ ᠯᠡ ᠤᠯᠤᠰ ᠲᠠᠢ ᠬᠠᠨᠢᠯᠠᠵᠤ᠂ ᠮᠥᠷᠳᠡᠪᠡᠯ ᠡᠨᠡ ᠯᠡ ᠵᠠᠮ ᠢ ᠮᠥᠷᠳᠡᠶ᠎ᠡ︕ ᠪᠤᠷᠤᠭᠤ ᠮᠡᠳᠡᠷᠡᠭᠰᠡᠨ ᠪᠠᠢᠲᠠᠯ᠎ᠠ ᠮᠠᠭᠤ ᠶᠢ ᠨᠢ ᠳᠤᠷᠠᠰᠤᠭᠠᠳ ᠪᠠᠢᠳᠠᠭ ᠭᠢᠯᠠᠷ ᠳᠠᠮᠪᠢ᠂ ᠴᠠᠭᠠᠨ ᠬᠥᠮᠦᠨ ᠦ ᠲᠣᠯᠤᠭᠠᠢ ᠳᠡᠭᠡᠷ᠎ᠡ ᠬᠠᠷ᠎ᠠ ᠲᠣᠭᠤᠭ᠎ᠠ ᠬᠥᠮᠦᠷᠢᠳᠡᠭ᠌ ᠬᠣᠭᠤᠯᠠ ᠬᠠᠮᠢᠶᠠᠷᠤᠭᠴᠢ᠂ ᠶᠠᠯᠢᠭᠦᠢ ᠶᠠᠭᠤᠮ᠎ᠠ ᠳᠤ ᠥᠰ ᠵᠠᠩᠭᠢᠳᠤᠭᠰᠠᠨ ᠵᠠᠯᠠᠭᠤ ᠴᠢᠪᠠᠭᠠᠨᠴᠠ ᠁ ᠵᠠᠩᠵᠤᠳ ᠤᠨ ᠮᠢᠨᠢ ᠳᠡᠷᠭᠡᠳᠡ ᠡᠳᠡ ᠶᠣᠰᠤᠲᠠᠢ ᠯᠠ ᠬᠤᠳᠳᠤᠭ ᠤᠨ ᠮᠡᠯᠡᠬᠡᠢ︕ ᠤᠯᠠᠭᠠᠨ ᠨᠠᠷᠠ᠂ ᠤᠯᠠᠭᠠᠨ ᠵᠢᠷᠦᠬᠡ᠃ ᠤᠯᠠᠭᠠᠨ ᠳᠡᠪᠲᠡᠷ᠂ ᠤᠯᠠᠭᠠᠨ ᠬᠥᠷᠦᠭ᠃ ᠤᠯᠠᠭᠠᠨ ᠪᠣᠭᠲᠤᠰᠤᠨ«ᠳᠤᠭ»᠂ ᠤᠯᠠᠭᠠᠨ ᠣᠳᠣ ᠁ ᠠᠶ᠎ᠠ︕ ᠪᠢ ᠴᠢᠨᠢ ᠡᠢᠮᠦ ᠬᠤᠷᠳᠤᠨ ᠤᠯᠠᠭᠠᠨ ᠵᠢᠷᠭᠤᠭᠠᠨ ᠲᠥᠷᠦᠯ ᠲᠠᠢ ᠪᠣᠯᠴᠢᠬᠠᠯ᠎ᠠ᠃ ᠬᠡᠳᠦ ᠬᠣᠨᠤᠪᠠᠯ ᠠᠷᠪᠠ ᠬᠣᠷᠢᠨ ᠤᠯᠠᠭᠠᠨ ᠲᠠᠢ ᠴᠤ ᠪᠣᠯᠵᠤ ᠮᠡᠳᠡᠨ᠎ᠡ ᠳ᠋ᠠ︕ ᠦᠭᠡᠢ ᠶᠡᠷᠦ ᠨᠢ ᠮᠡᠩᠭᠡᠲᠦ ᠶᠢᠨ ᠬᠦᠦ ᠪᠡᠶ᠎ᠡ ᠪᠡᠨ ᠬᠡᠵᠢᠶᠡᠳᠡ ᠤᠯᠠᠭᠠᠨ ᠲᠠᠪᠤᠨ ᠲᠥᠷᠦᠯ ᠭᠡᠵᠦ ᠭᠠᠢᠬᠠᠭᠤᠯᠳᠠᠭ ᠪᠢᠰᠢ ᠦᠦ︖ ᠬᠠᠮᠠᠷ ᠯᠣᠳᠤᠨ ᠣᠳᠣ ᠲᠡᠭᠦᠨ ᠢ ᠲᠡᠯᠡᠢ ᠳᠡᠭᠡᠨ ᠴᠦ ᠬᠠᠪᠴᠢᠭᠤᠯᠬᠤ ᠦᠭᠡᠢ ᠪᠣᠯᠤᠭᠰᠠᠨ ᠡ᠃ ᠬᠠᠭᠤᠴᠢᠨ ᠢᠶᠡᠷ ᠵᠢᠱ᠋ᠢᠪᠡᠯ ᠬᠠᠮᠠᠷ ᠪᠢ ᠠᠮᠪᠠᠨ ᠰᠠᠭᠤᠭᠰᠠᠨ ᠪᠠᠢᠬᠤ ᠳᠤ ᠮᠡᠩᠭᠡᠲᠦ ᠶᠢᠨ ᠬᠦᠦ ᠳᠥᠩᠭᠡᠵᠢ ᠵᠠᠩᠭᠢ ᠯᠠ ᠪᠢᠵᠡ︕

ᠬᠠᠮᠲᠤ ᠶᠢᠨ ᠢᠯᠠᠯᠲᠠ ᠪᠠᠨ ᠣᠯᠬᠤ ᠡᠴᠡ ᠡᠮᠦᠨ᠎ᠡ

ᠬᠠᠮᠠᠷ ᠯᠣᠳᠤᠨ ᠳᠠᠭᠠᠨ ᠪᠠᠭᠤᠴᠢᠬᠠᠬᠤ ᠨᠢ ᠡᠨᠡ ᠦᠦ︕

ᠨᠢᠭᠡᠲᠦᠯ ᠳᠡᠭᠡᠷ᠎ᠡ«ᠰᠧᠯᠢᠩᠪᠦ᠋» ᠶᠢ ᠫᠤᠤᠳᠠᠬᠤ ᠠᠨᠳᠠᠭᠠᠢᠯᠠᠯᠲᠠ ᠶᠢᠨ ᠶᠡᠬᠡ ᠬᠤᠷᠠᠯ ᠪᠣᠯᠪᠠ᠃ ᠶᠠᠳᠠᠭᠤ ᠮᠠᠯᠴᠢᠨ ᠤ ᠲᠥᠯᠦᠭᠡᠯᠡᠭᠴᠢ ᠭᠡᠵᠦ ᠬᠠᠮᠠᠷ ᠯᠣᠳᠤᠨ ᠪᠢᠴᠢᠬᠠᠨ ᠵᠠᠩᠵᠤᠨ ᠤ ᠮᠣᠲ᠋ᠤᠷ ᠤᠨ ᠠᠷᠤ ᠳᠤ ᠰᠤᠨᠳᠠᠯᠠᠨ ᠢᠷᠡᠭᠡᠳ᠂ ᠲᠡᠷᠢᠭᠦᠯᠡᠭᠴᠢ ᠶᠢᠨ ᠲᠠᠢᠰᠠᠨ ᠳᠤ ᠵᠠᠯᠠᠭᠳᠠᠨ ᠭᠠᠷᠤᠭᠰᠠᠨ ᠨᠢ ᠳᠠᠮᠵᠢᠭ ᠦᠭᠡᠢ᠃ ᠬᠠᠮᠠᠷ ᠯᠣᠳᠤᠨ ᠡᠨᠡ ᠶᠠᠪᠤᠭ᠎ᠠ ᠨᠠᠰᠤᠨ ᠳᠠᠭᠠᠨ ᠡᠢᠮᠦ ᠥᠪᠡᠳᠡᠭᠰᠢ ᠴᠤᠭᠯᠠᠭᠠᠨ ᠳᠤ ᠠᠩᠬ᠎ᠠ ᠤᠳᠠᠭ᠎ᠠ ᠣᠷᠤᠯᠴᠠᠵᠤ ᠮᠢᠩᠭᠠᠨ ᠬᠥᠮᠦᠨ ᠦ ᠡᠮᠦᠨ᠎ᠡ ᠲᠣᠩᠬᠤᠢᠨ ᠰᠠᠭᠤᠵᠤ ᠪᠠᠢᠭ᠎ᠠ ᠲᠤᠯᠠ ᠵᠢᠷᠦᠬᠡ ᠨᠢ ᠡᠷᠬᠡ ᠦᠭᠡᠢ ᠰᠠᠪᠠᠯᠵᠤ᠂ ᠵᠠᠩᠭᠤᠤ ᠵᠠᠢᠳᠠᠯᠠᠭᠰᠠᠨ ᠶᠤᠮ ᠰᠢᠭ ᠣᠪᠤᠭᠤᠨᠠᠵᠤ ᠪᠠᠢᠯ᠎ᠠ᠃

ᠲᠠᠢᠰᠠᠨ ᠳᠣᠣᠷ᠎ᠠ ᠡᠯᠳᠡᠪ ᠡᠰᠡ ᠶᠢᠨ ᠮᠠᠯᠠᠭᠠᠢ ᠫᠠᠢᠰᠠ ᠲᠠᠢ ᠨᠢᠭᠡᠲᠦᠯ ᠦᠨ ᠱᠦᠵᠢ᠂ ᠨᠠᠮᠵᠢᠯ ᠵᠠᠯᠠᠨ᠂ ᠰᠦᠮ᠎ᠡ ᠶᠢᠨ ᠭᠡᠭᠡᠨ᠂ ᠭᠢᠯᠠᠷ ᠳᠠᠮᠪᠢ ᠁ ᠭᠡᠳ ᠪᠥᠭᠡᠮ ᠴᠢᠳᠭᠦᠷ ᠱᠣᠯᠤᠮ ᠢ ᠣᠯᠠᠨ ᠤ ᠡᠰᠡᠷᠭᠦ ᠲᠣᠯᠤᠭᠠᠢ ᠪᠦᠬᠦᠢᠯᠭᠡᠨ ᠵᠣᠭᠰᠤᠭᠠᠵᠠᠢ᠃ ᠨᠠᠮᠵᠢᠯ ᠵᠠᠯᠠᠨ ᠤ ᠠᠳᠤᠭᠤᠴᠢᠨ ᠳᠤ ᠶᠠᠪᠤᠵᠤ ᠪᠠᠢᠭᠰᠠᠨ ᠨᠢᠭᠡᠲᠦᠯ ᠦᠨ ᠳᠠᠷᠤᠭ᠎ᠠ᠂ ᠰᠦᠮ᠎ᠡ ᠶᠢᠨ ᠭᠡᠭᠡᠨ ᠦ ᠬᠥᠯᠦᠰᠦ ᠦᠭᠡᠢ ᠠᠯᠪᠠᠨ ᠳᠤ ᠪᠠᠷᠢᠭᠳᠠᠵᠤ ᠪᠠᠢᠭᠰᠠᠨ ᠭᠢᠯᠠᠷ ᠳᠠᠮᠪᠢ ᠨᠠᠷ ᠥᠪᠡᠷ ᠦᠨ ᠳᠠᠢᠰᠤᠨ ᠡᠲᠡᠭᠡᠳ ᠲᠠᠢ ᠪᠡᠨ ᠵᠡᠷᠭᠡᠴᠡᠨ ᠲᠣᠩᠭᠤᠢᠭᠰᠠᠨ ᠨᠢ ᠳᠡᠩᠴᠢ ᠡᠪ ᠦᠭᠡᠢ ᠶᠤᠮ ᠤᠤ︖ ᠭᠡᠵᠦ ᠯᠣᠳᠤᠨ ᠪᠣᠳᠤᠪᠠ᠃

ᠪᠢᠴᠢᠬᠠᠨ ᠵᠠᠩᠵᠤᠨ ᠤ ᠬᠢᠭᠰᠡᠨ ᠢᠯᠡᠳᠭᠡᠯ ᠨᠢ ᠬᠠᠮᠠᠷ ᠯᠣᠳᠤᠨ ᠢ ᠨᠢᠭᠡᠮᠦᠰᠦᠨ ᠬᠢᠷᠳ᠋ᠬᠢᠯᠭᠡᠪᠡ᠃ ᠬᠦᠶᠢ ᠳ᠋ᠠ᠂ ᠬᠥᠷᠦᠨ ᠲᠥᠷᠦ ᠴᠢᠨᠢ ᠲᠦᠪᠰᠢᠨ ᠦᠭᠡᠢ ᠪᠣᠯᠤᠭᠰᠠᠨ ᠶᠤᠮ ᠪᠠᠢᠨ᠎ᠠ ᠰᠢᠤ︕ ᠰᠦᠷᠡᠬᠡᠢ ᠪᠦᠳᠦᠭᠦᠨ ᠬᠡᠷᠡᠭ᠌ ᠭᠠᠷᠴᠤ ᠭᠡᠨ᠎ᠡ᠃ ᠨᠢᠭᠡᠲᠦᠯ ᠦᠨ ᠱᠦᠵᠢ ᠪᠠᠰᠠ ᠰᠠᠪᠠᠭ᠎ᠠ ᠦᠭᠡᠢ ᠳᠤᠮᠳᠠ ᠨᠢ ᠳᠡᠯᠳᠡᠭᠡᠨᠡᠵᠦ ᠨᠠᠮᠵᠢᠯ ᠵᠠᠯᠠᠨ ᠢ ᠡᠷᠭᠦᠨ ᠪᠣᠰᠭᠠᠭᠠᠳ᠂ ᠳᠠᠯᠳᠠᠭᠤᠷ ᠨᠢᠭᠡ ᠨᠢᠭᠤᠴᠠ ᠶᠠᠮᠤᠨ ᠪᠠᠢᠭᠤᠯᠬᠤ ᠪᠠᠷ ᠬᠦᠴᠦᠯᠡᠵᠦ ᠭᠡᠨ᠎ᠡ᠂ ᠬᠣᠰᠢᠭᠤ ᠶᠠᠮᠤᠨ ᠭᠠᠷᠬᠤ ᠳᠤ ᠬᠦᠷᠪᠡᠯ ᠪᠦᠬᠦᠯᠢ ᠶᠢᠨ ᠰᠢᠭᠦᠰᠦᠨ ᠦ ᠠᠮᠠᠨ ᠰᠢᠷᠡᠭᠡ ᠬᠢᠬᠦ ᠨᠢ ᠯᠠᠪ︕ ᠠᠮᠠᠨ ᠰᠢᠷᠡᠭᠡ ᠬᠢᠬᠦ ᠳᠦ ᠬᠦᠷᠪᠡᠯ ᠬᠠᠮᠠᠷ ᠯᠣᠳᠤᠨ ᠢ ᠠᠯᠪᠠ ᠳᠤ ᠪᠠᠷᠢᠵᠤ ᠠᠪᠠᠴᠢᠬᠤ ᠨᠢ ᠭᠠᠷᠴᠠᠭ᠎ᠠ ᠦᠭᠡᠢ᠂ ᠲᠡᠷᠡ ᠨᠢ ᠴᠦ ᠭᠠᠢᠭᠤᠢ ᠯᠠ ᠪᠠᠢᠨ᠎ᠠ᠃ ᠠᠬᠠᠳᠠᠪᠠᠯ ᠬᠡᠳᠦᠨ ᠵᠢᠩ ᠮᠢᠬ᠎ᠠ ᠪᠠᠨ ᠭᠡᠭᠡᠨ᠎ᠡ ᠯᠡ ᠪᠢᠵᠡ᠃ ᠬᠠᠮᠤᠭ ᠤᠨ ᠬᠡᠴᠡᠭᠦᠦ ᠨᠢ ᠬᠠᠷᠢᠨ ᠶᠠᠮᠤᠨ ᠤ ᠠᠭᠠᠷᠤ ᠬᠠᠪᠲᠠᠰᠤ ᠪᠠᠷ ᠠᠪᠳᠠᠷ᠎ᠠ ᠬᠢᠭᠰᠡᠨ ᠤᠴᠢᠷ︕ ᠵᠦᠰᠦᠵᠦ ᠵᠦᠢᠭᠡᠳ ᠰᠦᠢᠳᠭᠡᠭᠰᠡᠨ ᠮᠥᠷᠲᠡᠭᠡᠨ ᠨᠢᠭᠤᠷ ᠤᠨ ᠬᠠᠪᠲᠠᠰᠤ ᠶᠢ ᠨᠢ ᠬᠢᠮᠤᠰᠤ ᠮᠡᠲᠦ ᠨᠢᠮᠭᠡᠷᠡᠲᠡᠯ᠎ᠡ ᠬᠤᠰᠤᠭᠰᠠᠨ ᠢ ᠮᠢᠨᠢ ᠠᠮᠪᠠᠨ ᠨᠣᠶᠠᠨᠲᠠᠨ ᠠᠵᠢᠭ ᠠᠪᠤᠪᠠᠯ ᠬᠥᠩᠭᠡᠨ ᠳᠡᠭᠡᠨ ᠨᠠᠰᠤᠨ ᠤ ᠪᠣᠭᠤᠯ ᠪᠣᠯᠭᠠᠵᠤ᠂ ᠬᠡᠯᠲᠦᠰᠬᠢᠪᠡᠯ ᠴᠢᠪᠠᠭᠠᠨᠴᠠ ᠶᠢᠨ ᠬᠠᠷ᠎ᠠ ᠬᠥᠮᠦᠨ ᠦ ᠣᠷᠤ ᠶᠢ ᠳᠠᠷᠤᠭᠤᠯᠬᠤ ᠳᠤ ᠣᠢᠷᠠᠬᠠᠨ ᠰᠢᠤ︕ ᠁ ᠠᠶ᠎ᠠ︕ ᠡᠨᠡ ᠮᠠᠭᠤ ᠨᠢᠭᠡᠲᠦᠯ ᠦᠨ ᠱᠦᠵᠢ ᠬᠣᠣᠷ᠎ᠠ ᠢᠷᠤ᠎ᠠ ᠲᠠᠢ ᠭᠡᠵᠢ ᠡ︕ ᠁ ᠴᠢᠮᠠᠢ ᠴᠣᠬᠢᠵᠤ ᠤᠨᠠᠭᠠᠬᠤ ᠨᠢ ᠪᠦᠷ ᠲᠠᠭᠠᠷᠠᠨ᠎ᠠ᠂ ᠴᠤᠬᠢᠭᠠᠳ ᠠᠯᠠᠪᠠᠴᠤ ᠰᠠᠨᠠᠯ ᠦᠭᠡᠢ᠃

ᠬᠠᠮᠠᠷ ᠯᠣᠳᠤᠨ ᠮᠠᠨᠴᠤᠷᠭᠠᠨ ᠬᠠᠮᠠᠷ ᠵᠢᠡᠠ ᠤᠭ ᠲᠤᠨᠢ ᠲᠤᠯᠲᠠᠯ᠎ᠠ ᠤᠯᠠᠢᠯᠭᠠᠵᠤ ᠴᠡᠨᠳᠡᠢᠯᠭᠡᠭᠡᠳ ᠰᠠᠭᠤᠷᠢ ᠦᠭᠡᠢ ᠣᠪᠤᠯᠵᠠᠵᠤ ᠪᠠᠢᠲᠠᠯ᠎ᠠ᠂ ᠮᠡᠩᠭᠡᠲᠦ ᠶᠢᠨ ᠬᠦᠦ᠄

«ᠣᠳᠣ ᠶᠠᠳᠠᠭᠤ ᠮᠠᠯᠴᠢᠨ ᠤ ᠵᠢᠩᠬᠢᠨᠢ ᠲᠥᠯᠦᠭᠡᠯᠡᠭᠴᠢ ᠨᠥᠬᠦᠷ ᠯᠣᠳᠤᠨ ᠴᠢᠬᠤᠯᠠ ᠶᠠᠷᠢᠶ᠎ᠠ ᠲᠠᠯᠪᠢᠨ᠎ᠠ» ᠭᠡᠵᠦ ᠵᠠᠷᠯᠠᠭᠠᠳ᠂ ᠤᠷᠭᠠᠨ ᠤ ᠪᠣᠯᠴᠤᠤ ᠭᠡᠮᠡᠷ ᠰᠣᠨᠢᠨ ᠡᠳ᠋ ᠡᠮᠦᠨ᠎ᠡ ᠨᠢ ᠠᠪᠴᠢᠷᠠᠵᠤ ᠲᠠᠯᠪᠢᠪᠠ᠃

ᠢᠷᠠᠢᠲᠠᠯ᠎ᠠ ᠰᠠᠭᠤᠭᠰᠠᠨ ᠮᠢᠩᠭᠠᠨ ᠠᠮᠢᠲᠠᠨ ᠤ ᠠᠶᠤᠩᠭ᠎ᠠ ᠮᠡᠲᠦ ᠨᠢᠵᠢᠭᠢᠨᠡᠭᠰᠡᠨ ᠠᠯᠠᠭ᠎ᠠ ᠲᠠᠰᠢᠯᠲᠠ ᠬᠠᠮᠠᠷ ᠯᠣᠳᠤᠨ ᠤ ᠵᠢᠷᠦᠬᠡ ᠶᠢ ᠫᠣᠯ ᠫᠣᠯ ᠲᠦᠭᠰᠢᠭᠦᠯᠵᠦ᠂ ᠰᠠᠨᠳᠤᠷᠴᠤ ᠲᠡᠪᠡᠳᠡᠬᠦ ᠶᠢᠨ ᠲᠤᠢᠯ ᠳᠤ ᠬᠦᠷᠦᠭᠦᠯᠵᠡᠢ᠃ ᠬᠡᠳᠦᠨ ᠦᠭᠡ ᠶᠠᠷᠢᠬᠤ ᠦᠭᠡᠢ ᠪᠣᠯ ᠮᠡᠩᠭᠡᠲᠦ ᠶᠢᠨ ᠬᠦᠦ ᠳᠦ ᠣᠰᠤᠯᠳᠠᠵᠤ᠂ ᠪᠢᠴᠢᠬᠠᠨ ᠵᠠᠩᠵᠤᠨ ᠳᠤ ᠭᠣᠯᠤᠭᠳᠠᠵᠤ ᠮᠡᠳᠡᠨ᠎ᠡ ᠰᠢᠦ᠃ ᠶᠠᠷᠢᠴᠢᠬᠠᠶ᠎ᠠ ᠭᠡᠬᠦ ᠳᠦ ᠡᠢᠮᠦ ᠣᠯᠠᠨ ᠬᠥᠮᠦᠨ ᠦ ᠡᠮᠦᠨ᠎ᠡ ᠪᠠᠢᠲᠤᠭᠠᠢ᠂ ᠡᠭᠦᠷ ᠠᠷᠪᠠᠨ ᠤ ᠴᠤᠭᠯᠠᠭ᠎ᠠ ᠳᠡᠭᠡᠷ᠎ᠡ ᠬᠡᠳᠦᠬᠡᠨ ᠦᠭᠡᠨ ᠳᠦ ᠬᠡᠯᠡ ᠪᠡᠨ ᠪᠣᠯᠵᠠᠭᠠᠵᠤ ᠬᠠᠮᠤᠭ ᠠᠮᠢᠲᠠᠨ ᠤ ᠬᠠᠷ᠎ᠠ ᠢᠨᠢᠶᠡᠳᠦ ᠪᠣᠯᠵᠤ ᠶᠠᠪᠤᠭᠰᠠᠨ ᠳ᠋ᠠᠭ᠃ ᠠᠢ︕ ᠬᠥᠭᠰᠢᠨ ᠪᠤᠬ᠎ᠠ ᠵᠢᠷᠤᠭ᠎ᠠ ᠰᠤᠷᠬᠤ ᠯᠠ ᠬᠡᠷᠡᠭᠲᠡᠢ ᠪᠣᠯᠵᠠᠢ ᠳ᠋ᠠ︕ ᠶᠠᠭᠤ ᠴᠤ ᠭᠡᠰᠡᠨ«ᠬᠠᠮᠤᠭ ᠤᠨ ᠳᠡᠭᠡᠳᠦ ᠵᠢᠭᠠᠪᠤᠷᠢ» ᠪᠠᠨ ᠤᠩᠰᠢᠵᠤ ᠪᠠᠢᠭᠠᠳ ᠪᠣᠯᠤᠶ᠎ᠠ ᠭᠡᠵᠦ ᠪᠣᠳᠤᠭᠠᠳ ᠬᠠᠮᠠᠷ ᠯᠣᠳᠤᠨ ᠳᠠᠷᠤᠭᠳᠠᠭᠰᠠᠨ ᠢᠰᠢᠭᠡ ᠶᠢᠨ ᠮᠠᠭᠤᠬᠠᠢ ᠬᠣᠭᠤᠯᠠᠢ ᠪᠠᠷ᠄

«ᠬᠠᠮᠤᠭ ᠤᠨ ᠁ ᠳᠡᠭᠡᠳᠦ ᠵᠢᠭᠠᠪᠤᠷᠢ᠄

ᠬᠡᠨ ᠴᠢᠨᠦ ᠳᠠᠢᠰᠤᠨ ᠪᠤᠢ ᠁ ᠬᠡᠨ ᠮᠢᠨᠦ ᠬᠠᠨᠢ ᠪᠤᠢ︖ ᠁ ᠡᠨᠡ ᠪᠣᠯ ᠬᠤᠪᠢᠰᠭᠠᠯ ᠤᠨ ᠁ ᠲᠦᠷᠦᠭᠦᠦ ᠬᠤᠳᠠ ᠮᠥᠨ» ᠭᠡᠪᠡ᠃ ᠴᠠᠰᠢ ᠲᠡᠭᠡᠭᠯᠡᠴᠢᠬᠡᠭᠡᠳ ᠬᠣᠭᠤᠯᠠᠢ ᠪᠠᠨ ᠵᠠᠰᠠᠵᠤ ᠪᠠᠢᠲᠠᠯ᠎ᠠ᠂ ᠮᠡᠩᠭᠡᠲᠦ ᠶᠢᠨ ᠬᠦᠦ ᠶᠢᠨ ᠴᠢᠷᠠᠢ ᠨᠢᠭᠡ ᠯᠡ ᠬᠠᠴᠢᠨ ᠪᠣᠯᠵᠤ ᠠᠪᠤᠭᠠᠳ᠂ ᠲᠡᠮᠦᠷ ᠪᠣᠯᠴᠤᠤ ᠪᠠᠨ ᠰᠤᠭᠤ ᠲᠡᠳᠡᠨ ᠠᠪᠴᠢᠬᠠᠪᠠ᠃ ᠵᠠ ᠪᠣᠯᠵᠠᠢ᠂ ᠲᠡᠷᠡ ᠲᠠᠢ ᠲᠡᠷᠡ ᠦᠭᠡᠢ ᠬᠡᠳᠦᠨ ᠦᠭᠡ ᠡᠪᠯᠡᠭᠦᠯᠵᠦ ᠬᠡᠯᠡᠭᠡᠳ ᠲᠠᠮᠤ ᠡᠴᠡ ᠬᠤᠷᠳᠤᠬᠠᠨ ᠮᠤᠯᠲᠤᠷᠠᠶ᠎ᠠ᠃

ᠪᠢᠴᠢᠬᠠᠨ ᠵᠠᠩᠵᠤᠳ ᠨᠢᠭᠡᠨ ᠵᠡᠷᠭᠡ ᠬᠥᠯ ᠪᠣᠯᠵᠤ᠂ ᠴᠢᠬᠢ ᠴᠢᠬᠢ ᠪᠡᠨ ᠵᠠᠭᠤᠯᠴᠠᠭᠰᠠᠨ ᠢᠶᠡᠨ ᠮᠡᠩᠭᠡᠲᠦ ᠶᠢᠨ ᠬᠦᠦ ᠭᠡᠨᠡᠳᠲᠡ᠄

«ᠬᠠᠮᠠᠷ ᠯᠣᠳᠤᠨ ᠲᠠᠢᠰᠠᠨ ᠡᠴᠡ ᠪᠠᠭᠤ︕» ᠭᠡᠵᠦ ᠬᠠᠰᠭᠢᠷᠪᠠ᠃«ᠥ᠂ ᠳᠣᠣᠷ᠎ᠠ ᠪᠠᠭᠤᠭᠠᠳ ᠶᠠᠷᠢᠪᠠᠯ ᠣᠯᠠᠨ ᠬᠥᠮᠦᠨ ᠲᠣᠳᠤ ᠰᠣᠨᠤᠰᠬᠤ ᠳᠤ ᠠᠮᠠᠷ ᠭᠡᠵᠦ ᠪᠠᠢᠨ᠎ᠠ ᠤᠤ︖ ᠵᠠ᠂ ᠵᠠ︕ ᠁» ᠭᠡᠵᠦ ᠬᠠᠮᠠᠷ ᠯᠣᠳᠤᠨ ᠲᠠᠪᠴᠠᠩ ᠡᠴᠡ ᠪᠠᠭᠤᠬᠤ ᠶᠢᠨ ᠳᠠᠭᠠᠤ᠄«ᠨᠢᠭᠡᠲᠦᠯ ᠦᠨ ᠱᠦᠵᠢ ᠦᠨᠡᠬᠡᠷ ᠣᠯᠢᠭ ᠦᠭᠡᠢ ᠁» ᠭᠡᠵᠦ ᠠᠮᠠᠨ ᠳᠣᠲᠤᠷ᠎ᠠ ᠪᠠᠨ ᠳᠦᠳᠦᠨᠡᠵᠦ ᠶᠠᠪᠤᠨ᠎ᠠ᠃

«ᠲᠡᠨᠳᠡ ᠵᠣᠭᠰᠤ︕» ᠭᠡᠵᠦ ᠮᠡᠩᠭᠡᠲᠦ ᠶᠢᠨ ᠬᠦᠦ ᠴᠢᠳᠭᠦᠷ ᠱᠣᠯᠤᠮ ᠤᠨ ᠵᠦᠭ᠌ ᠵᠢᠭᠠᠭᠰᠠᠨ ᠳᠤ᠂ ᠶᠠᠭᠤ ᠪᠢᠯᠡ︖ ᠭᠡᠵᠦ ᠬᠠᠮᠠᠷ ᠯᠣᠳᠤᠨ ᠵᠣᠭ ᠲᠣᠰᠤᠭᠰᠠᠨ ᠢᠶᠡᠨ ᠬᠠᠭᠵᠠᠷᠬᠠᠢ ᠭᠤᠲᠤᠯ ᠤᠨ ᠬᠣᠩᠰᠢᠶᠠᠷ ᠢᠶᠡᠨ ᠬᠠᠷᠠᠵᠤ᠂ ᠣᠷᠤᠨ ᠳᠠᠭᠠᠨ ᠪᠠᠷᠪᠠᠢᠨ ᠵᠣᠭᠰᠤᠪᠠ᠃

ᠲᠠᠢᠰᠠᠨ ᠳᠡᠭᠡᠷ᠎ᠡ ᠡᠴᠡ ᠭᠡᠨᠡᠳᠲᠡ᠄

«ᠣᠳᠣ ᠪᠠᠷ ᠢᠶᠡᠨ ᠠᠵᠢᠯᠯᠠᠭ᠎ᠠ ᠲᠠᠢ ᠬᠤᠪᠢᠰᠭᠠᠯ ᠢ ᠡᠰᠡᠷᠭᠦᠴᠡᠭᠴᠢ ᠬᠠᠮᠠᠷ ᠯᠣᠳᠤᠨ ᠢ ᠴᠣᠬᠢᠨ ᠤᠨᠠᠭᠠᠶ᠎ᠠ︕» ᠭᠡᠵᠦ ᠴᠢᠬᠢ ᠳᠦᠯᠡᠢᠷᠡᠲᠡᠯ᠎ᠡ ᠬᠠᠰᠭᠢᠷᠤᠭᠰᠠᠨ ᠳᠤ ᠬᠠᠮᠠᠷ ᠯᠣᠳᠤᠨ ᠰᠣᠴᠢᠭᠠᠨ ᠳᠡᠭᠡᠷ᠎ᠡ ᠪᠡᠨ ᠨᠢᠳᠦ ᠨᠢ ᠣᠷᠤᠢ ᠳᠡᠭᠡᠷ᠎ᠡ ᠪᠡᠨ ᠭᠠᠷᠪᠠ᠃ ᠯᠠᠮᠠ ᠭᠤᠩᠴᠤᠭ ᠰᠦᠮ︕ ᠬᠣᠷᠤᠮ ᠤᠨ ᠵᠠᠭᠤᠷ᠎ᠠ ᠢᠵᠢᠯᠢ ᠳᠠᠰᠤᠯ ᠬᠠᠷᠠᠴᠠ ᠨᠤᠭᠤᠳ ᠨᠢ ᠡᠷᠡᠢᠵᠦ ᠦᠵᠦᠭᠦᠷᠯᠡᠭᠰᠡᠨ ᠬᠢᠯᠢᠩᠲᠦ ᠬᠠᠷᠠᠴᠠ ᠪᠣᠯᠤᠨ ᠬᠤᠪᠢᠷᠠᠵᠤ ᠬᠡᠳᠦᠨ ᠮᠢᠩᠭᠠᠨ ᠵᠠᠩᠭᠢᠳᠤᠭᠰᠠᠨ ᠨᠢᠳᠤᠷᠭ᠎ᠠ ᠪᠦᠷ ᠯᠡ ᠲᠡᠭᠦᠨ ᠦ ᠥᠭᠡᠳᠡ ᠵᠠᠩᠭᠠᠯᠴᠠᠨ᠎ᠠ᠃ ᠬᠠᠮᠠᠷ ᠯᠣᠳᠤᠨ ᠴᠡᠴᠡᠷᠡᠵᠦ ᠳᠠᠭᠵᠢᠭᠰᠠᠭᠠᠷ᠂ ᠴᠢᠪᠠᠭᠠᠨᠴᠠ ᠶᠢᠨ ᠢᠶᠡᠨ ᠠᠷᠤ ᠳᠤ ᠣᠴᠢᠵᠤ ᠲᠣᠩᠭᠤᠢᠪᠠ᠃

ᠲᠦᠮᠡᠨ ᠨᠢᠳᠦᠲᠡᠢ ᠲᠡᠭᠷᠢ᠂ ᠲᠥᠷᠦᠯᠬᠢ ᠮᠡᠷᠭᠡᠨ ᠵᠠᠩᠵᠤᠨ ᠡ︕ ᠬᠠᠮᠠᠷ ᠯᠣᠳᠤᠨ ᠴᠢᠨᠢ ᠬᠠᠮᠢᠭ᠎ᠠ ᠨᠢ ᠲᠠ ᠨᠠᠷ ᠤᠨ ᠦᠭᠡ ᠪᠡᠷ ᠶᠠᠪᠤᠭᠰᠠᠨ ᠦᠭᠡᠢ ᠪᠤᠢ︖ ᠬᠤᠪᠢᠰᠭᠠᠯ ᠢ ᠢᠩᠭᠢᠵᠦ ᠬᠢᠳᠡᠭ ᠭᠡᠵᠦ ᠪᠢ ᠲᠠ ᠨᠠᠷ ᠡᠴᠡ ᠰᠤᠷᠴᠤ ᠮᠡᠳᠡᠭᠡᠳ᠂ ᠭᠠᠭᠴᠠ ᠰᠡᠳᠭᠢᠯ ᠪᠠᠷᠢᠵᠤ᠂ ᠲᠥᠭᠡ ᠰᠠᠯᠤᠯ ᠦᠭᠡᠢ ᠮᠥᠷᠳᠡᠭᠰᠡᠭᠡᠷ ᠢᠷᠡᠭᠰᠡᠨ᠃ ᠁ ᠠᠯᠲᠠᠨ ᠯᠤᠤ ᠪᠠᠨ ᠬᠤᠰᠤᠵᠤ ᠬᠠᠶᠠᠯ᠎ᠠ᠂ ᠠᠮᠠᠷᠠᠭ ᠴᠢᠪᠠᠭᠠᠨᠴᠠ ᠪᠠᠨ ᠭᠣᠯᠤᠭᠠᠳ ᠬᠠᠶᠠᠯ᠎ᠠ᠃ ᠳᠥᠷᠪᠡᠨ ᠬᠠᠭᠤᠴᠢᠨ ᠰᠤᠷᠲᠠᠯ ᠢᠶᠡᠨ ᠪᠤᠯᠠᠵᠤ ᠲᠠᠯᠪᠢᠯ᠎ᠠ᠂ ᠲᠠᠪᠤᠨ ᠤᠯᠠᠭᠠᠨ ᠢ ᠪᠦᠷᠢᠳᠦᠯᠭᠦᠵᠦ ᠳᠠᠭᠠᠭᠠᠳ ᠪᠠᠰᠠ ᠵᠠᠪᠳᠤᠬᠤ ᠦᠭᠡᠢ ᠪᠠᠢᠨ᠎ᠠ ᠰᠢᠤ︕ ᠁ ᠬᠠᠮᠲᠤ ᠪᠠᠢᠯᠳᠤᠵᠤ ᠬᠠᠮᠲᠤ ᠶᠢᠨ ᠢᠯᠠᠯᠲᠠ ᠪᠠᠨ ᠣᠯᠬᠤ ᠡᠴᠡ ᠡᠮᠦᠨ᠎ᠡ ᠬᠠᠮᠠᠷ ᠯᠣᠳᠤᠨ ᠳᠠᠭᠠᠨ ᠪᠠᠭᠤᠴᠢᠬᠠᠬᠤ ᠨᠢ ᠡᠨᠡ ᠦᠦ︖ ᠪᠠᠭᠤᠬᠤ ᠮᠥᠷᠲᠡᠭᠡᠨ ᠳᠠᠢᠰᠤᠨ ᠲᠠᠢ ᠴᠤᠭ ᠬᠠᠷᠠᠯᠠᠭᠤᠯᠴᠢᠬᠠᠨ᠎ᠠ ᠭᠡᠵᠢ ᠦᠦ︕ ᠁ ᠬᠠᠮᠠᠷ ᠯᠣᠳᠤᠨ ᠤ ᠭᠣᠮᠤᠳᠠᠯ ᠤᠨ ᠨᠢᠯᠪᠤᠰᠤ ᠨᠢ ᠬᠣᠷᠢᠭᠠᠵᠤ ᠵᠠᠪᠳᠤᠯ ᠦᠭᠡᠢ ᠡᠩᠭᠡᠷ ᠢ ᠨᠢ ᠳᠡᠪᠲᠦᠭᠡᠨ᠎ᠡ᠃

ᠬᠠᠮᠠᠷ ᠯᠣᠳᠤᠨ ᠢᠩᠭᠢᠵᠦ ᠭᠣᠮᠤᠳᠠᠯᠲᠠᠢᠬᠠᠨ ᠲᠣᠩᠭᠤᠢᠭᠠᠳ᠂ ᠨᠢᠭᠡ ᠮᠡᠳᠡᠭᠰᠡᠨ ᠴᠢᠨᠢ ᠠᠷᠪᠠᠨ ᠵᠢᠯ ᠪᠣᠯᠵᠠᠢ᠃ ᠡᠨᠡ ᠳᠤᠮᠳᠠ ᠶᠠᠭᠤ ᠪᠣᠯᠵᠤ ᠶᠠᠭᠠᠬᠢᠵᠤ ᠶᠠᠪᠤᠭᠰᠠᠨ ᠢᠶᠡᠨ ᠲᠡᠷᠡ ᠥᠪᠡᠷ ᠢᠶᠡᠨ ᠴᠦ ᠬᠡᠯᠡᠵᠦ ᠮᠡᠳᠡᠬᠦ ᠦᠭᠡᠢ᠃ ᠰᠦᠭ᠌ ᠰᠦᠨᠡᠰᠦ ᠨᠢ ᠲᠠᠮᠤ ᠶᠢᠨ ᠢᠷᠤᠭᠠᠷ ᠲᠤ ᠬᠡᠪᠲᠡᠭᠡᠳ᠂ ᠬᠣᠭᠤᠰᠤᠨ ᠮᠠᠬᠠᠪᠤᠳ ᠲᠡᠳᠦᠢ ᠣᠪᠤᠢᠵᠤ ᠪᠠᠢᠭᠰᠠᠨ ᠲᠤᠯᠠ ᠠᠮᠢ ᠭᠣᠣᠯ ᠪᠠᠢᠭᠠᠳ ᠲᠤᠤᠭᠠᠷᠴᠤ ᠪᠣᠯᠬᠤ ᠦᠭᠡᠢ᠂ ᠬᠠᠲᠠᠭᠤ ᠬᠦᠨᠳᠦ ᠬᠥᠳᠡᠯᠮᠦᠷᠢ ᠶᠢ ᠪᠡᠶᠡᠯᠡᠭᠦᠯᠦᠭᠡᠳ ᠠᠰᠢᠭ ᠰᠢᠮ᠎ᠡ ᠬᠦᠷᠲᠡᠵᠦ ᠪᠣᠯᠬᠤ ᠦᠭᠡᠢ ᠭᠡᠳᠡᠭ᠌ ᠢ ᠯᠡ ᠴᠡᠭᠡᠵᠢᠯᠡᠵᠦ ᠶᠠᠪᠤᠭᠰᠠᠨ᠃ ᠠᠮᠢᠳᠤᠷᠠᠯ ᠤᠨ ᠵᠠᠮ ᠳᠤ ᠲᠡᠭᠦᠨ ᠳᠦ ᠬᠣᠮᠠᠭᠢ ᠶᠢᠨ ᠲᠡᠳᠦᠢᠯᠡ ᠭᠡᠭᠡ ᠣᠯᠭᠤᠭᠰᠠᠨ ᠬᠥᠮᠦᠨ ᠨᠢ ᠭᠡᠪᠡᠯ ᠵᠠᠯᠠᠭᠤ ᠪᠠᠨ ᠥᠩᠭᠡᠷᠡᠵᠦ ᠵᠠᠵᠢ ᠨᠢ ᠴᠠᠢᠵᠤ ᠡᠬᠢᠯᠡᠭᠰᠡᠨ ᠴᠢᠪᠠᠭᠠᠨᠴᠠ ᠵᠠᠭᠷᠠᠢᠮ᠎ᠠ ᠨᠢ ᠯᠠ ᠠᠵᠢ᠃

«ᠬᠡᠨ ᠬᠡᠨ ᠢᠶᠡᠨ ᠬᠡᠯᠡᠯᠭᠡ ᠦᠭᠡᠢ᠂ ᠬᠡᠭᠡᠷ ᠮᠣᠷᠢ ᠪᠠᠨ ᠭᠤᠶᠠᠳᠠᠯᠭ᠎ᠠ ᠦᠭᠡᠢ᠃ ᠴᠢᠨᠦ ᠮᠢᠨᠦ ᠵᠠᠶᠠᠭ᠎ᠠ ᠨᠢᠭᠡ ᠯᠡ︕ ᠭᠣᠮᠤᠳᠠᠭᠠᠳ ᠴᠤ ᠶᠠᠭᠠᠬᠢᠨ᠎ᠠ ᠪᠤᠢ︖ ᠬᠣᠷᠤᠰᠤᠭᠠᠳ ᠴᠤ ᠶᠠᠭᠠᠬᠢᠨ᠎ᠠ ᠪᠤᠢ︖» ᠭᠡᠳ ᠬᠥᠭᠰᠢᠨ ᠴᠢᠪᠠᠭᠠᠨᠴᠠ ᠲᠡᠭᠦᠨ ᠲᠠᠢ ᠪᠡᠷᠬᠡ ᠣᠢᠷᠠᠳᠴᠤ᠂ ᠣᠭᠤᠴᠢ ᠤᠰᠤ ᠣᠯᠪᠠᠴᠤ ᠬᠤᠪᠢᠶᠠᠵᠤ ᠤᠤᠭᠤᠨ᠂ ᠵᠦᠰᠦᠮ ᠪᠢᠰᠢᠯᠠᠭ ᠣᠯᠪᠠᠴᠤ ᠲᠠᠯᠠᠯᠠᠵᠤ ᠢᠳᠡᠭᠰᠡᠭᠡᠷ ᠡᠳᠦᠢ ᠪᠣᠯᠵᠠᠢ᠃

ᠡᠨᠡ ᠬᠦ ᠶᠢᠷᠲᠢᠨᠴᠦ ᠶᠢᠨ ᠬᠠᠷ᠎ᠠ ᠰᠢᠭᠤᠷᠭᠠᠨ ᠳᠤ᠂ ᠨᠢᠭᠡᠲᠦᠯ ᠦᠨ ᠱᠦᠵᠢ᠂ ᠭᠢᠯᠠᠷ ᠳᠠᠮᠪᠢ ᠁ ᠠᠷᠤ ᠠᠷᠤ ᠡᠴᠡ ᠪᠠᠨ ᠡᠷᠯᠢᠭ᠌ ᠲᠦ ᠣᠴᠢᠬᠤ ᠳᠤ᠂ ᠬᠠᠮᠠᠷ ᠯᠣᠳᠤᠨ ᠬᠠᠷᠢᠨ ᠵᠡᠷᠯᠢᠭ᠌ ᠡᠪᠡᠰᠦ ᠰᠢᠭ᠌ ᠠᠮᠢ ᠪᠥᠬᠡ ᠲᠠᠢ ᠳᠡᠭᠡᠨ ᠵᠣᠯ ᠢᠶᠡᠷ ᠦᠯᠡᠳᠡᠵᠡᠢ᠃ ᠬᠦᠷᠦᠬᠦ ᠰᠢᠬᠠᠭᠰᠠᠨ ᠵᠢᠷᠦᠬᠡᠨ ᠳᠤᠨᠢ ᠪᠦᠯᠢᠶᠡᠨ ᠴᠢᠰᠤ ᠣᠯᠭᠤᠯ᠎ᠠ ᠭᠡᠪᠡᠯ ᠲᠡᠷᠡ ᠨᠢ ᠴᠢᠪᠠᠭᠠᠨᠴᠠ ᠵᠠᠭᠷᠠᠢᠮ᠎ᠠ ᠶᠢᠨ ᠰᠤᠯᠠᠬᠠᠨ ᠰᠢᠪᠡᠨᠡᠭᠡ ᠪᠠ ᠥᠷᠦᠪᠳᠦᠯ ᠦᠨ ᠬᠠᠷᠠᠴᠠ ᠯᠠ︕ ᠁

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082