ᠮᠣᠩᠭᠣᠯ ᠪᠢᠴᠢᠭ᠌

ᠡᠷᠢᠶ᠎ᠡ  
ᠪᠤᠴᠠᠬᠤ

ᠠ᠊ Q ᠶ᠋ᠢᠨ ᠵᠢᠩᠬᠢᠨᠢ ᠨᠠᠮᠲᠠᠷ

ᠯᠦ ᠰᠢᠶᠦ᠋ᠨ

ᠬᠡᠪᠲᠦ ᠶᠣᠰᠤᠨ ᠤ ᠭᠤᠷᠪᠠᠳᠤᠭᠠᠷ ᠣᠨ ᠤ ᠶᠢᠰᠦᠳᠦᠭᠡᠷ ᠰᠠᠷ᠎ᠠ ᠶᠢᠨ ᠠᠷᠪᠠᠨ ᠳᠥᠷᠪᠡᠨ ᠦ ᠡᠳᠦᠷ - ᠥᠭᠡᠷ᠎ᠡ ᠪᠡᠷ ᠬᠡᠯᠡᠪᠡᠯ ᠠ᠊ Q ᠳᠠᠯᠢᠶᠠᠷ ᠢᠶᠡᠨ ᠵᠣᠣ ᠪᠠᠢ ᠶᠠᠨ ᠳᠤ ᠬᠤᠳᠠᠯᠳᠤᠵᠤ ᠥᠭᠭᠦᠭᠰᠡᠨ ᠲᠡᠷᠡ ᠡᠳᠦᠷ ᠦᠨ ᠰᠥᠨᠢ ᠶᠢᠨ ᠭᠤᠷᠪᠠᠨ ᠵᠢᠩ ᠳᠥᠷᠪᠡᠨ ᠮᠥᠴᠡ ᠳᠦ᠂ ᠨᠢᠭᠡᠨ ᠪᠦᠳᠦᠭᠦᠨ ᠬᠠᠷ᠎ᠠ ᠮᠤᠬᠤᠯᠠᠭ ᠲᠠᠢ ᠣᠩᠭᠤᠴᠠ ᠵᠣᠣ ᠣᠪᠤᠭᠳᠠᠨ ᠤ ᠭᠡᠷ ᠦᠨ ᠳᠡᠷᠭᠡᠳᠡᠬᠢ ᠭᠣᠣᠯ ᠤᠨ ᠭᠠᠷᠠᠮ ᠳᠤ ᠬᠦᠷᠴᠦ ᠢᠷᠡᠵᠡᠢ᠃ ᠲᠡᠷᠡ ᠣᠩᠭᠤᠴᠠ ᠬᠠᠪ ᠬᠠᠷᠠᠩᠭᠤᠢ ᠳᠤ ᠬᠦᠷᠴᠦ ᠢᠷᠡᠭᠰᠡᠨ ᠲᠤᠯᠠ ᠬᠥᠳᠡᠭᠡᠨ ᠦ ᠬᠥᠮᠦᠰ ᠴᠥᠮ ᠳᠤᠭ ᠨᠤᠢᠷ ᠤᠨᠲᠠᠵᠠᠭᠠᠭᠠᠳ ᠨᠢᠭᠡ ᠴᠦ ᠮᠡᠳᠡᠭᠰᠡᠨ ᠦᠭᠡᠢ᠃ ᠪᠤᠴᠠᠵᠤ ᠶᠠᠪᠤᠬᠤ ᠳᠤᠨᠢ ᠨᠢᠭᠡᠨᠲᠡ ᠦᠷ ᠴᠠᠢᠬᠤ ᠵᠠᠪᠳᠤᠵᠤ ᠪᠠᠢᠭᠰᠠᠨ ᠲᠤᠯᠠ ᠬᠠᠷᠢᠨ ᠨᠡᠯᠢᠶᠡᠳ ᠬᠡᠳᠦᠨ ᠬᠥᠮᠦᠨ ᠣᠯᠵᠤ ᠬᠠᠷᠠᠭᠰᠠᠨ ᠪᠠᠢᠵᠠᠢ᠃ ᠬᠡᠷᠡᠭ ᠲᠦ ᠳᠤᠷᠠᠲᠠᠢ ᠤᠯᠤᠰ ᠤᠳ ᠤᠨ ᠭᠡᠲᠡᠵᠦ ᠮᠢᠷᠠᠵᠤ ᠣᠯᠤᠭᠰᠠᠨ ᠪᠠᠢᠴᠠᠭᠠᠯᠲᠠ ᠶᠢ ᠦᠨᠳᠦᠰᠦᠯᠡᠪᠡᠯ ᠲᠡᠷᠡ ᠨᠢ ᠡᠷᠭᠦᠭᠰᠡᠳ ᠦᠨ ᠣᠩᠭᠤᠴᠠ ᠠᠵᠢ︕

ᠲᠡᠷᠡ ᠣᠩᠭᠤᠴᠠ ᠸᠧᠢ ᠵᠤᠸᠠᠩ ᠲᠣᠰᠭᠤᠨ ᠳᠤ ᠶᠡᠬᠡ ᠦᠢᠮᠡᠭᠡᠨ ᠠᠪᠴᠢᠷᠠᠵᠤ ᠥᠭᠴᠡᠢ᠃ ᠦᠳᠡ ᠪᠣᠯᠬᠤ ᠡᠴᠡ ᠡᠮᠦᠨ᠎ᠡ ᠲᠣᠰᠭᠤᠨ ᠨᠡᠢᠲᠡ ᠶᠢᠨ ᠰᠡᠳᠭᠢᠯ ᠶᠡᠬᠡ ᠯᠡ ᠦᠢᠮᠡᠪᠡ᠃ ᠣᠩᠭᠤᠴᠠᠨ ᠤ ᠲᠤᠬᠠᠢ ᠤᠴᠢᠷ ᠢ ᠵᠣᠣ ᠣᠪᠤᠭᠳᠠᠨ ᠤ ᠬᠢᠨ ᠬᠡᠳᠦᠢ ᠲᠠᠭ ᠨᠢᠭᠤᠵᠤ ᠪᠠᠢᠭᠰᠠᠨ ᠪᠣᠯᠪᠠᠴᠤ ᠬᠤᠪᠢᠰᠭᠠᠯᠲᠤ ᠨᠠᠮ ᠬᠣᠲᠠ ᠳᠤ ᠣᠷᠤᠵᠤ ᠢᠷᠡᠬᠦ ᠭᠡᠵᠦ ᠪᠠᠢᠨ᠎ᠠ᠃ ᠡᠷᠭᠦᠭᠰᠡᠳ ᠮᠠᠨ ᠤ ᠲᠣᠰᠭᠤᠨ ᠳᠤ ᠳᠤᠲᠠᠭᠠᠵᠤ ᠢᠷᠡᠬᠦ ᠭᠡᠨ᠎ᠡ ᠭᠡᠵᠦ ᠠᠷᠢᠬᠢᠨ ᠤ ᠫᠦᠰᠡ᠂ ᠴᠠᠢ ᠶᠢᠨ ᠮᠤᠬᠤᠯᠠᠭ ᠮᠡᠲᠦ ᠶᠢᠨ ᠭᠠᠵᠠᠷ ᠢᠶᠡᠷ ᠪᠦᠷ ᠬᠡᠯᠡᠯᠴᠡᠬᠦ ᠪᠣᠯᠪᠠ᠃ ᠭᠠᠭᠴᠠ ᠽᠧᠦ ᠴᠢ ᠪᠡᠷᠭᠡᠨ ᠯᠡ ᠢᠩᠭᠢᠵᠦ ᠦᠵᠡᠬᠦ ᠦᠭᠡᠢ᠂ ᠨᠢᠭᠡ ᠬᠡᠳᠦᠨ ᠮᠤᠤᠰᠠᠢᠨ ᠠᠪᠳᠠᠷ᠎ᠠ ᠲᠠᠢ ᠶᠠᠭᠤᠮ᠎ᠠ ᠶᠢ ᠡᠷᠭᠦᠭᠰᠡᠳ ᠠᠪᠴᠢᠷᠠᠵᠤ ᠬᠠᠳᠠᠭᠠᠯᠠᠭᠤᠯᠬᠤ ᠭᠡᠰᠡᠨ ᠪᠣᠯᠪᠠᠴᠤ ᠵᠣᠣ ᠲᠠᠢᠶᠸ ᠨᠣᠶᠠᠨ ᠬᠠᠷᠢᠨ ᠭᠡᠳᠡᠷᠭᠦ ᠪᠤᠴᠠᠭᠠᠭᠰᠠᠨ ᠭᠡᠳᠡᠭ᠌ ᠪᠠᠢᠵᠠᠢ᠃ ᠦᠨᠡᠨ ᠳᠡᠭᠡᠨ ᠡᠷᠭᠦᠭᠰᠡᠳ᠂ ᠵᠣᠣ ᠰᠢᠤᠼᠠᠢ ᠬᠣᠶᠠᠷ ᠪᠣᠯ ᠶᠡᠷᠦ ᠡᠪ ᠲᠠᠭᠠᠷᠠᠳᠠᠭ ᠦᠭᠡᠢ᠂« ᠦᠢᠯᠡ ᠵᠣᠪᠠᠯᠠᠩ ᠢᠶᠡᠨ ᠬᠤᠪᠢᠶᠠᠯᠴᠠᠬᠤ» ᠨᠠᠢᠷ ᠲᠠᠯ᠎ᠠ ᠪᠠᠢᠮᠠᠷ ᠦᠭᠡᠢ ᠡᠴᠡ ᠭᠠᠳᠠᠨ᠎ᠠ᠂ ᠽᠧᠦ ᠴᠢ ᠪᠡᠷᠭᠡᠨ ᠪᠣᠯ ᠵᠣᠣ ᠣᠪᠤᠭᠲᠠᠨ ᠤ ᠠᠢᠯ ᠵᠡᠷᠭᠡᠯᠡᠳᠡᠭᠡ ᠬᠥᠮᠦᠨ᠂ ᠦᠵᠡᠵᠦ ᠰᠣᠨᠤᠰᠤᠭᠰᠠᠨ ᠨᠢ ᠦᠯᠡᠮᠵᠢ ᠨᠠᠢᠳᠠᠪᠤᠷᠢᠲᠠᠢ ᠲᠤᠯᠠ ᠲᠡᠷᠡ ᠨᠢ ᠶᠡᠬᠡ ᠲᠥᠯᠦᠪ ᠵᠥᠪ ᠪᠠᠢᠵᠤ ᠮᠠᠭᠠᠳ ᠦᠭᠡᠢ᠃

ᠭᠡᠲᠡᠯ᠎ᠡ ᠴᠤᠤᠷᠬᠠᠯ ᠭᠡᠭᠴᠢ ᠰᠦᠷᠡᠬᠡᠢ ᠳᠡᠯᠭᠡᠷᠡᠵᠡᠢ᠃ ᠡᠷᠭᠦᠭᠰᠡᠳ ᠬᠡᠳᠦᠢ ᠥᠪᠡᠷ ᠢᠶᠡᠨ ᠢᠷᠡᠭᠰᠡᠨ ᠦᠭᠡᠢ ᠶᠠᠩᠵᠤᠲᠠᠢ ᠪᠣᠯᠪᠠᠴᠤ ᠨᠢᠭᠡ ᠤᠷᠲᠤ ᠵᠠᠬᠢᠳᠠᠯ ᠢᠷᠡᠭᠦᠯᠵᠦ ᠵᠣᠣ ᠣᠪᠤᠭᠲᠠᠨ ᠤ ᠬᠢᠨ ᠲᠠᠢ«ᠰᠠᠳᠤᠨ ᠰᠦᠯᠪᠡᠭᠡ» ᠪᠣᠯᠬᠤ ᠪᠠᠨ ᠦᠶᠡᠯᠡᠵᠦ ᠳᠠᠷᠠᠭᠠᠯᠠᠭᠰᠠᠨ ᠶᠤᠮ ᠭᠡᠨ᠎ᠡ᠃ ᠵᠣᠣ ᠲᠠᠢᠶᠸ ᠳᠣᠲᠤᠷ᠎ᠠ ᠪᠠᠨ ᠪᠣᠯᠭᠤᠭᠠᠵᠤ ᠲᠤᠩᠭᠠᠵᠤ ᠦᠵᠡᠭᠡᠳ᠂ ᠠᠷᠠᠢ ᠲᠡᠭᠦᠨ ᠳᠦ ᠬᠣᠣᠷ ᠪᠣᠯᠤᠮᠠᠷ ᠦᠭᠡᠢ ᠰᠠᠨᠠᠭᠳᠠᠭᠰᠠᠨ ᠲᠤᠯᠠ ᠲᠡᠳᠡᠭᠡᠷ ᠠᠪᠳᠠᠷ᠎ᠠ ᠶᠢ ᠦᠯᠡᠳᠡᠭᠡᠵᠦ ᠠᠪᠤᠭᠰᠠᠨ ᠨᠢ ᠣᠳᠣ ᠬᠠᠲᠤᠨ ᠤ ᠣᠷᠤᠨ ᠳᠣᠣᠷ᠎ᠠ ᠳᠠᠷᠤᠭᠳᠠᠵᠤ ᠪᠠᠢᠨ᠎ᠠ ᠭᠡᠵᠡᠭᠡᠨ᠎ᠡ᠃ ᠬᠤᠪᠢᠰᠭᠠᠯᠲᠤ ᠨᠠᠮ ᠤᠨ ᠲᠤᠬᠠᠢ ᠵᠠᠷᠢᠮ ᠨᠢ ᠡᠨᠡ ᠰᠥᠨᠢ ᠬᠣᠲᠠ ᠳᠤ ᠣᠷᠤᠵᠤ ᠢᠷᠡᠭᠰᠡᠨ᠂ ᠬᠥᠮᠦᠨ ᠪᠦᠷᠢ ᠴᠠᠭᠠᠨ ᠬᠤᠶᠠᠭ ᠳᠤᠭᠤᠯᠠᠭ᠎ᠠ ᠡᠮᠦᠰᠴᠦ ᠭᠡᠨ᠎ᠡ᠄ ᠴᠦᠩᠵᠧᠩ ᠬᠠᠭᠠᠨ ᠳᠤ ᠪᠡᠯᠪᠡᠰᠦᠷᠡᠵᠦ ᠥᠪᠴᠢ ᠴᠠᠭᠠᠨ ᠢ ᠡᠮᠦᠰᠦᠭᠰᠡᠨ ᠶᠤᠮ ᠭᠡᠯᠴᠡᠨ᠎ᠡ᠃

ᠬᠤᠪᠢᠰᠭᠠᠯᠲᠤ ᠨᠠᠮ ᠭᠡᠳᠡᠭ᠌ ᠦᠭᠡ ᠠ᠊ Q ᠶ᠋ᠢᠨ ᠴᠢᠬᠢᠨ ᠳᠦ ᠠᠯᠢ ᠬᠡᠳᠦᠢᠨ ᠳᠤᠭᠤᠯᠳᠠᠵᠤ ᠪᠠᠢᠭᠰᠠᠨ ᠤ ᠳᠡᠭᠡᠷ᠎ᠡ ᠡᠨᠡ ᠵᠢᠯ ᠬᠤᠪᠢᠰᠭᠠᠯᠲᠤ ᠨᠠᠮ ᠤᠨ ᠬᠢᠨ ᠢ ᠠᠯᠠᠬᠤ ᠶᠢ ᠪᠠᠰᠠ ᠥᠪᠡᠷ ᠦᠨ ᠨᠢᠳᠦ ᠪᠡᠷ ᠣᠯᠵᠤ ᠦᠵᠡᠭᠰᠡᠨ ᠪᠠᠢᠵᠠᠢ᠃ ᠭᠡᠲᠡᠯ᠎ᠡ ᠲᠡᠭᠦᠨ ᠳᠦ ᠬᠠᠮᠢᠭ᠎ᠠ ᠶᠠᠭᠤᠨ ᠡᠴᠡ ᠡᠭᠦᠰᠦᠭᠰᠡᠨ ᠨᠢ ᠦᠯᠦ ᠮᠡᠳᠡᠭᠳᠡᠬᠦ ᠨᠢᠭᠡ ᠰᠠᠨᠠᠯ ᠪᠠᠢᠳᠠᠭ ᠪᠠᠢᠪᠠ᠃ ᠬᠤᠪᠢᠰᠭᠠᠯᠲᠤ ᠨᠠᠮ ᠭᠡᠭᠴᠢ ᠨᠢ ᠤᠷᠪᠠᠵᠤ ᠲᠡᠷᠰᠯᠡᠭᠰᠡᠨ ᠬᠡᠷᠡᠭ᠌᠂ ᠤᠷᠪᠠᠵᠤ ᠲᠡᠷᠰᠯᠡᠬᠦ ᠨᠢ ᠥᠰᠢᠯᠳᠦᠭᠰᠡᠨ ᠬᠡᠷᠡᠭ᠌ ᠭᠡᠵᠦ ᠲᠡᠷᠡ ᠪᠣᠳᠤᠳᠠᠭ ᠲᠤᠯᠠ«ᠭᠦᠨ᠎ᠡ ᠵᠢᠭ᠍ᠰᠢᠵᠦ ᠦᠬᠦᠨ ᠬᠣᠷᠤᠰᠳᠠᠭ» ᠪᠠᠢᠯ᠎ᠠ᠃ ᠭᠡᠲᠡᠯ᠎ᠡ ᠡᠨᠡ ᠵᠠᠭᠤᠨ ᠭᠠᠵᠠᠷ ᠲᠤ ᠠᠯᠳᠠᠷᠲᠠᠢ ᠡᠷᠭᠦᠭᠰᠡᠳ ᠨᠣᠶᠠᠨ ᠢ ᠬᠦᠷᠲᠡᠯ᠎ᠡ ᠢᠩᠭᠢᠵᠦ ᠰᠦᠷᠳᠡᠭᠦᠯᠦᠨ᠎ᠡ ᠭᠡᠵᠦ ᠬᠡᠨ ᠰᠠᠨᠠᠪᠠ᠃ ᠢᠩᠭᠢᠬᠦᠯᠡᠷ ᠠ᠊ Q ᠪᠠᠰᠠ ᠠᠷᠭ᠎ᠠ ᠦᠭᠡᠢ«ᠰᠡᠳᠭᠢᠯ ᠲᠠᠲᠠᠭᠳᠠᠭᠰᠠᠨ» ᠰᠢᠭ ᠪᠣᠯᠤᠭᠰᠠᠨ ᠤ ᠳᠡᠭᠡᠷ᠎ᠡ ᠸᠧᠢ ᠵᠤᠸᠠᠩ ᠲᠣᠰᠭᠤᠨ ᠤ ᠥᠨᠥ ᠮᠤᠤᠰᠠᠢᠨ ᠡᠷ᠎ᠡ ᠡᠮᠡᠰ ᠦᠨ ᠠᠶᠤᠵᠤ ᠰᠠᠨᠳᠤᠷᠤᠭᠰᠠᠨ ᠪᠠᠢᠳᠠᠯ ᠠ᠊ Q ᠶ᠋ᠢ ᠨᠡᠩ ᠴᠦ ᠪᠠᠶᠠᠷᠯᠠᠭᠤᠯᠪᠠ᠃

«ᠬᠤᠪᠢᠰᠭᠠᠯ ᠴᠤ ᠶᠠᠭᠠᠮᠠᠢ᠂ ᠡᠨᠡ ᠮᠤᠤᠰᠠᠢᠨ ᠡᠬᠡ ᠪᠡᠨ ᠴᠢᠩᠭᠢᠭᠰᠡᠨ ᠨᠤᠭᠦᠳ ᠢ ᠬᠤᠪᠢᠰᠭᠠᠵᠤ ᠣᠷᠬᠢᠶ᠎ᠠ᠃ ᠳᠡᠩᠴᠢ ᠵᠢᠭ᠍ᠰᠢᠯᠲᠡᠢ︕ ᠳᠡᠩᠴᠢ ᠵᠠᠨᠤᠯᠲᠠᠢ︕᠁ ᠪᠢ ᠴᠦ ᠭᠡᠰᠡᠨ ᠬᠤᠪᠢᠰᠭᠠᠯᠲᠤ ᠨᠠᠮ ᠳᠤ ᠪᠠᠭᠤᠵᠤ ᠥᠭᠬᠦ ᠳᠦ ᠬᠦᠷᠦᠯ᠎ᠡ» ᠭᠡᠵᠦ ᠠ᠊ Q ᠪᠣᠳᠤᠪᠠ᠃

ᠠ᠊ Q ᠤᠢᠷ᠎ᠠ ᠡᠴᠡ ᠪᠠᠬᠠᠨ ᠭᠠᠷ ᠮᠤᠬᠤᠷᠳᠠᠵᠤ ᠳᠣᠲᠤᠷ᠎ᠠ ᠨᠢ ᠨᠡᠯᠢᠶᠡᠳ ᠠᠶᠡᠭᠦᠢ ᠪᠠᠢᠭᠰᠠᠨ ᠤ ᠳᠡᠭᠡᠷ᠎ᠡ᠂ ᠦᠳᠡ ᠶᠢᠨ ᠦᠶ᠎ᠡ ᠳᠦ ᠬᠣᠭᠤᠰᠤᠨ ᠢᠶᠡᠷ ᠬᠣᠶᠠᠷ ᠠᠶᠠᠭ᠎ᠠ ᠠᠷᠢᠬᠢ ᠵᠠᠯᠭᠢᠯᠠᠭᠰᠠᠨ ᠲᠤᠯᠠ ᠤᠯᠠᠮ ᠴᠤ ᠲᠦᠷᠭᠡᠨ ᠰᠣᠭᠲᠤᠭᠰᠠᠨ ᠪᠠᠢᠵᠠᠢ᠃ ᠢᠩᠭᠢᠭᠡᠳ ᠮᠠᠨᠠᠢ ᠬᠥᠮᠦᠨ ᠪᠣᠳᠤᠯᠭ᠎ᠠ ᠪᠣᠯᠤᠭᠰᠠᠭᠠᠷ ᠶᠠᠪᠤᠲᠠᠯ᠎ᠠ᠂ ᠰᠡᠳᠭᠢᠯ ᠨᠢ ᠰᠠᠭᠠᠵᠤ ᠪᠠᠰᠠ ᠯᠠ ᠬᠥᠪᠦᠯᠵᠡᠵᠦ ᠡᠬᠢᠯᠡᠯ᠎ᠡ᠃ ᠢᠩᠭᠢᠲᠡᠯ᠎ᠡ ᠪᠤᠤ ᠮᠡᠳᠡ᠂ ᠨᠢᠭᠡ ᠮᠡᠳᠡᠬᠦ ᠳᠦ ᠮᠠᠨᠠᠢ ᠬᠥᠮᠦᠨ ᠬᠠᠷᠢᠨ ᠥᠪᠡᠷ ᠢᠶᠡᠨ ᠬᠤᠪᠢᠰᠭᠠᠯᠲᠤ ᠨᠠᠮ ᠪᠣᠯᠤᠭᠠᠳ ᠸᠧᠢ ᠵᠤᠸᠠᠩ ᠤᠨ ᠬᠥᠮᠦᠰ ᠴᠥᠮ ᠲᠡᠭᠦᠨ ᠦ ᠣᠯᠵᠠ ᠪᠣᠯᠤᠭᠰᠠᠨ ᠶᠤᠮ ᠰᠢᠭ ᠰᠠᠨᠠᠭᠳᠠᠪᠠ᠃ ᠢᠩᠭᠢᠭᠡᠳ ᠲᠡᠷᠡ ᠪᠠᠶᠠᠷᠯᠠᠬᠤ ᠶᠢᠨ ᠢᠶᠡᠨ ᠶᠡᠬᠡ ᠳᠦ ᠲᠡᠰᠭᠡᠯ ᠦᠭᠡᠢ ᠶᠡᠬᠡ ᠳᠠᠭᠤᠨ ᠢᠶᠡᠷ᠄«ᠤᠷᠪᠠᠯ᠎ᠠ︕ ᠤᠷᠪᠠᠯ᠎ᠠ︕» ᠭᠡᠵᠦ ᠬᠠᠰᠭᠢᠷᠪᠠ᠃

ᠸᠧᠢ ᠵᠤᠸᠠᠩ ᠤᠨ ᠬᠥᠮᠦᠰ ᠴᠥᠮ ᠲᠡᠭᠦᠨ ᠢ ᠡᠮᠢᠶᠡᠵᠦ ᠰᠣᠴᠢᠭᠰᠠᠨ ᠨᠢᠳᠦ ᠪᠡᠷ ᠰᠢᠷᠲᠡᠨ᠎ᠡ᠃ ᠢᠩᠭᠢᠵᠦ ᠥᠷᠦ ᠡᠪᠡᠳᠦᠮᠡᠷ ᠬᠠᠷᠠᠴᠠ ᠶᠢ ᠠ᠊ Q ᠶᠡᠷᠦ ᠣᠯᠵᠤ ᠦᠵᠡᠭᠡᠳᠦᠢ ᠪᠠᠢᠭᠰᠠᠨ ᠲᠤᠯᠠ ᠣᠳᠣ ᠣᠯᠵᠤ ᠦᠵᠡᠭᠡᠳ ᠵᠤᠨ ᠤ ᠵᠢᠷᠭᠤᠭᠠᠨ ᠰᠠᠷ᠎ᠠ ᠳᠤ ᠵᠢᠩᠭᠢᠨᠡᠮ᠎ᠡ ᠮᠥᠰᠦ ᠵᠠᠯᠭᠢᠭᠰᠠᠨ ᠮᠡᠲᠦ ᠳᠣᠲᠤᠷ᠎ᠠ ᠨᠢ ᠶᠡᠬᠡ ᠲᠠᠭᠠᠲᠠᠢ ᠰᠠᠨᠠᠭᠲᠠᠯ᠎ᠠ᠃ ᠢᠩᠭᠢᠭᠡᠳ ᠤᠯᠠᠮ ᠶᠡᠬᠡ ᠪᠠᠶᠠᠷᠯᠠᠵᠤ ᠶᠠᠪᠤᠭᠤᠳᠠ ᠥᠨᠳᠦᠷ ᠳᠠᠭᠤᠨ ᠢᠶᠡᠷ ᠳᠠᠭᠤᠯᠠᠨ᠎ᠠ᠄

«ᠵᠠ ᠁ ᠳᠤᠷ᠎ᠠ ᠪᠠᠷ ᠢᠶᠡᠨ ᠳᠤᠩᠬᠤᠯᠵᠠᠵᠤ ᠰᠠᠨᠠᠭ᠎ᠠ ᠪᠠᠷ ᠢᠶᠡᠨ ᠰᠠᠪᠠᠯᠠᠨ᠎ᠠ ᠪᠢ᠃

ᠳ᠋ᠦᠩ ᠳ᠋ᠦᠩ᠂ ᠴᠢᠶᠠᠩ ᠴᠢᠶᠠᠩ︕

ᠭᠡᠮᠰᠢᠪᠡᠴᠦ ᠣᠷᠤᠢᠲᠠᠯ᠎ᠠ᠂ ᠰᠣᠭᠲᠤᠭᠤ ᠶᠠᠪᠤᠭᠰᠠᠭᠠᠷ ᠮᠡᠷᠭᠡᠨ ᠳᠡᠭᠦᠦ ᠵᠧᠩ ᠢ ᠠᠯᠠᠴᠢᠬᠠᠪᠠ᠃

ᠭᠡᠮᠰᠢᠪᠡᠴᠦ ᠣᠷᠤᠢᠲᠠᠨ᠂ ᠠᠢ ᠶᠠ ᠶᠠ ᠁

ᠳ᠋ᠦᠩ ᠳ᠋ᠦᠩ᠂ ᠴᠢᠶᠠᠩ ᠴᠢᠶᠠᠩ ᠳ᠋ᠦᠩ᠂ ᠴᠢᠶᠠᠩ ᠯᠢᠩ ᠴᠢᠶᠠᠩ︕

ᠭᠠᠷ ᠲᠠᠭᠠᠨ ᠪᠠᠷᠢᠭᠰᠠᠨ ᠭᠠᠩ ᠲᠠᠰᠢᠭᠤᠷ ᠢᠶᠡᠷ ᠭᠠᠢᠭᠤᠢᠬᠠᠨ ᠵᠣᠳᠤᠶ᠎ᠠ ᠳ᠋ᠠ ᠴᠢᠮᠠᠢ ᠪᠢ ᠁»

ᠵᠣᠣ ᠣᠪᠤᠭᠲᠠᠨ ᠤ ᠬᠣᠶᠠᠷ ᠪᠦᠰᠡᠲᠡᠢ ᠬᠥᠮᠦᠨ᠂ ᠪᠠᠰᠠ ᠬᠣᠶᠠᠷ ᠵᠢᠩᠬᠢᠨᠢ ᠲᠥᠷᠦᠯ ᠨᠢ ᠭᠠᠳᠠᠨ᠎ᠠ ᠬᠠᠭᠠᠯᠭᠠᠨ ᠳᠡᠭᠡᠷ᠎ᠡ ᠵᠣᠭᠰᠤᠭᠠᠳ ᠬᠤᠪᠢᠰᠭᠠᠯ ᠤᠨ ᠲᠤᠬᠠᠢ ᠶᠠᠷᠢᠶ᠎ᠠ ᠪᠣᠯᠵᠤ ᠪᠠᠢᠪᠠ᠃ ᠠ᠊ Q ᠣᠯᠵᠤ ᠦᠵᠡᠭᠰᠡᠨ ᠦᠭᠡᠢ᠂ ᠠᠰ ᠳᠡᠭᠡᠭᠰᠢ ᠪᠡᠨ ᠬᠠᠷᠠᠭᠠᠳ ᠠᠶᠠᠯᠵᠤ ᠳᠠᠭᠤᠯᠠᠭᠰᠠᠭᠠᠷ ᠥᠩᠭᠡᠷᠡᠪᠡ᠃

«ᠳ᠋ᠦᠩ ᠳ᠋ᠦᠩ ᠁»

«Q ᠭᠤᠸᠠᠢ» ᠭᠡᠵᠦ ᠵᠣᠣ ᠲᠠᠢᠶᠸ ᠨᠣᠶᠠᠨ ᠲᠣᠰᠴᠤ ᠣᠴᠢᠭᠠᠳ ᠳᠣᠷᠤᠢ ᠳᠤᠤᠭᠠᠷᠪᠠ᠃

«ᠴᠢᠶᠠᠩ ᠴᠢᠶᠠᠩ»

ᠠ᠊ Q ᠥᠪᠡᠷ ᠦᠨ ᠨᠡᠷ᠎ᠡ ᠶᠢ« ᠭᠤᠸᠠᠢ» ᠦᠰᠦᠭ ᠲᠠᠢ ᠬᠠᠪᠢᠳᠠᠵᠤ ᠣᠴᠢᠨ᠎ᠠ ᠭᠡᠵᠦ ᠰᠠᠨᠠᠭᠰᠠᠨ ᠦᠭᠡᠢ᠂ ᠨᠠᠳᠠ ᠲᠠᠢ ᠬᠠᠮᠢᠶ᠎ᠠ ᠦᠭᠡᠢ ᠥᠭᠡᠷ᠎ᠡ ᠦᠭᠡ ᠪᠠᠢᠯᠭᠦᠢ ᠭᠡᠳ ᠳᠠᠭᠤᠯᠠᠵᠤ ᠯᠠ ᠶᠠᠪᠤᠪᠠ᠃

«ᠳ᠋ᠦᠩ᠂ ᠴᠢᠶᠠᠩ᠂ ᠴᠢᠶᠠᠩ ᠯᠢᠩ ᠴᠢᠶᠠᠩ᠂ ᠴᠢᠶᠠᠩ︕»

«Q ᠭᠤᠸᠠᠢ︕»

«ᠭᠡᠮᠰᠢᠪᠡᠴᠦ ᠣᠷᠤᠢᠲᠠᠯ᠎ᠠ ᠁»

«ᠠ᠊ Q» ᠭᠡᠵᠦ ᠰᠢᠤᠼᠠᠢ ᠠᠷᠭ᠎ᠠ ᠦᠭᠡᠢ ᠰᠢᠭᠤᠳ ᠨᠡᠷ᠎ᠡ ᠪᠡᠷ ᠨᠢ ᠳᠠᠭᠤᠳᠠᠪᠠ᠃

ᠠ᠊ Q ᠢᠩᠭᠢᠬᠦᠯᠡᠷ ᠨᠢ ᠵᠣᠭᠰᠤᠵᠤ ᠲᠣᠯᠤᠭᠠᠢ ᠪᠠᠨ ᠳᠠᠯᠵᠢᠢᠯᠭᠠᠨ᠄

«ᠶᠠᠭᠤ ᠪᠤᠢ︖» ᠭᠡᠪᠡ᠃

«Q ᠭᠤᠸᠠᠢ ᠁ ᠣᠳᠣ ᠁» ᠭᠡᠳ ᠵᠣᠣ ᠲᠠᠢᠶᠸ ᠨᠣᠶᠠᠨ ᠬᠠᠷᠢᠨ ᠬᠡᠯᠡᠬᠦ ᠦᠭᠡ ᠪᠡᠨ ᠣᠯᠵᠤ ᠶᠠᠳᠠᠨ᠄«ᠣᠳᠣ ᠁ ᠪᠠᠶᠠᠵᠢᠬᠤ ᠨᠢ ᠤᠤ︖» ᠭᠡᠪᠡ᠃

«ᠪᠠᠶᠠᠵᠢᠨ᠎ᠠ ᠡ︖ ᠲᠡᠭᠡᠯ ᠦᠭᠡᠢ ᠶᠠᠭᠠᠬᠢᠬᠤ ᠪᠤᠢ᠃ ᠶᠠᠭᠤ ᠯᠠ ᠭᠡᠪᠡᠯ ᠲᠡᠷᠡ ᠪᠡᠯᠡᠨ ᠁»

«ᠠ᠊ Q ᠠᠬ᠎ᠠ ᠡ᠂ ᠪᠢᠳᠡᠨ ᠰᠢᠭ᠌ ᠡᠢᠮᠦ ᠶᠠᠳᠠᠭᠤ ᠨᠠᠢᠵᠠ ᠶᠠᠮᠠᠷ ᠬᠠᠮᠢᠶ᠎ᠠ ᠪᠠᠢᠬᠤ ᠪᠤᠢ ᠁» ᠭᠡᠵᠦ ᠵᠣᠣ ᠪᠠᠢ ᠶᠠᠨ ᠬᠤᠪᠢᠰᠭᠠᠯᠲᠤ ᠨᠠᠮ ᠤᠨ ᠲᠤᠬᠠᠢ ᠠᠵᠢᠭ ᠮᠡᠳᠡᠬᠦ ᠭᠡᠰᠡᠨ ᠪᠣᠯᠤᠯᠲᠠᠢ ᠠᠶᠤᠵᠤ ᠵᠢᠷᠦᠬᠡᠰᠢᠨ ᠠᠰᠠᠭᠤᠪᠠ᠃«ᠶᠠᠳᠠᠭᠤ ᠨᠠᠢᠵᠠ ᠡ︖ ᠴᠢ ᠶᠠᠭᠠᠬᠢᠭᠰᠠᠨ ᠴᠤ ᠨᠠᠳᠠ ᠡᠴᠡ ᠪᠠᠶᠠᠨ ᠰᠢᠤ ᠳ᠋ᠠ» ᠭᠡᠳ ᠠ᠊ Q ᠶᠠᠪᠤᠭᠠᠳ ᠥᠭᠪᠡ᠃

ᠪᠦᠭᠦᠳᠡᠭᠡᠷ ᠭᠠᠢᠬᠠᠵᠤ ᠳᠤᠪ ᠳᠤᠭᠤᠢ ᠪᠣᠯᠪᠠ᠃ ᠵᠣᠣ ᠲᠠᠢᠶᠸ ᠨᠣᠶᠠᠨ ᠠᠪᠤ ᠬᠦᠦ ᠬᠣᠶᠠᠭᠤᠯᠠ ᠭᠡᠷ ᠲᠡᠭᠡᠨ ᠬᠠᠷᠢᠭᠠᠳ ᠣᠷᠤᠢ ᠳ᠋ᠧᠩ ᠰᠢᠲᠠᠭᠠᠲᠠᠯ᠎ᠠ ᠶᠠᠷᠢᠯᠴᠠᠪᠠ᠃ ᠵᠣᠣ ᠪᠠᠢ ᠶᠠᠨ ᠭᠡᠷ ᠲᠡᠭᠡᠨ ᠬᠠᠷᠢᠵᠤ ᠢᠷᠡᠭᠡᠳ ᠪᠦᠰᠡᠨ ᠡᠴᠡ ᠪᠡᠨ ᠳᠠᠯᠢᠶᠠᠷ ᠢᠶᠡᠨ ᠠᠪᠴᠤ ᠡᠬᠡᠨᠡᠷ ᠲᠡᠭᠡᠨ ᠥᠭᠭᠦᠭᠡᠳ ᠠᠪᠳᠠᠷ᠎ᠠ ᠶᠢᠨ ᠢᠷᠤᠭᠠᠷ ᠲᠤ ᠨᠢᠭᠤᠯᠭᠠᠪᠠ᠃

ᠠ᠊ Q ᠪᠠᠬᠠᠨ ᠬᠥᠪᠦᠯᠵᠡᠨ ᠨᠢᠰᠴᠦ ᠶᠠᠪᠤᠭᠠᠳ ᠶᠢᠰᠦᠨ ᠡᠵᠡᠳ ᠦᠨ ᠰᠦᠮ᠎ᠡ ᠳᠡᠭᠡᠨ ᠬᠠᠷᠢᠵᠤ ᠢᠷᠡᠲᠡᠯ᠎ᠡ ᠠᠷᠢᠬᠢ ᠨᠢ ᠪᠦᠷ ᠰᠡᠷᠭᠦᠵᠡᠢ᠃ ᠡᠨᠡ ᠣᠷᠤᠢ ᠰᠦᠮ᠎ᠡ ᠬᠠᠷᠠᠭᠴᠢ ᠡᠪᠦᠭᠡᠨ ᠪᠠᠰᠠ ᠰᠦᠷᠡᠬᠡᠢ ᠡᠶᠡᠯᠳᠡᠭ᠌ ᠪᠣᠯᠵᠤ ᠲᠡᠭᠦᠨ ᠢ ᠤᠷᠢᠵᠤ ᠴᠠᠢ ᠤᠤᠭᠤᠯᠭᠠᠪᠠ᠃ ᠠ᠊ Q ᠲᠡᠭᠦᠨ ᠡᠴᠡ ᠬᠣᠶᠠᠷ ᠪᠤᠭᠤᠷᠰᠤᠭ ᠠᠪᠴᠤ ᠢᠳᠡᠵᠦ ᠪᠠᠷᠠᠭᠠᠳ ᠪᠠᠰᠠ ᠬᠠᠭᠠᠰ ᠨᠣᠴᠤᠭᠠᠭᠰᠠᠨ ᠳᠥᠷᠪᠡᠨ ᠯᠠᠩ ᠤᠨ ᠯᠠ ᠣᠯᠵᠤ᠂ ᠲᠡᠭᠦᠨ ᠢᠶᠡᠨ ᠠᠰᠠᠭᠠᠭᠠᠳ ᠪᠢᠴᠢᠬᠠᠨ ᠲᠠᠰᠤᠯᠭᠠᠨ ᠳᠠᠭᠠᠨ ᠭᠠᠭᠴᠠᠭᠠᠷ ᠬᠡᠪᠲᠡᠪᠡ᠃ ᠳᠣᠲᠤᠷ᠎ᠠ ᠨᠢ ᠥᠭᠦᠯᠡᠰᠢ ᠦᠭᠡᠢ ᠰᠠᠢᠬᠠᠨ ᠰᠠᠨᠠᠭᠳᠠᠵᠤ ᠪᠠᠰᠠ ᠶᠡᠬᠡ ᠪᠠᠶᠠᠷ ᠲᠠᠢ ᠪᠣᠯᠪᠠ᠃ ᠯᠠ ᠶᠢᠨ ᠳᠥᠯᠦ ᠨᠢ ᠴᠠᠭᠠᠨ ᠰᠠᠷ᠎ᠠ ᠶᠢᠨ ᠠᠷᠪᠠᠨ ᠲᠠᠪᠤᠨ ᠤ ᠰᠥᠨᠢ ᠰᠢᠭ᠌ ᠳᠤᠯᠠᠯᠵᠠᠨ ᠭᠡᠢᠵᠦ ᠰᠡᠳᠭᠢᠯ ᠨᠢ ᠴᠦ ᠮᠥᠨ ᠡᠭᠦᠨ ᠦ ᠬᠠᠮᠲᠤ ᠬᠥᠪᠦᠯᠵᠡᠨ ᠪᠥᠵᠢᠭᠯᠡᠵᠦ ᠡᠬᠢᠯᠡᠯ᠎ᠡ᠃

«ᠤᠷᠪᠠᠨ᠎ᠠ ᠡ︖ ᠪᠠᠰᠠ ᠪᠠᠬᠠᠲᠠᠢ ᠬᠡᠷᠡᠭ᠌ ᠳ᠋ᠠ ᠁ ᠴᠠᠭᠠᠨ ᠬᠤᠶᠠᠭ ᠳᠤᠭᠤᠯᠠᠭ᠎ᠠ ᠡᠮᠦᠰᠦᠭᠰᠡᠨ ᠨᠢᠭᠡ ᠣᠯᠠᠨ ᠬᠤᠪᠢᠰᠭᠠᠯᠲᠤ ᠨᠠᠮ ᠤᠨ ᠬᠢᠨ ᠬᠦᠷᠴᠦ ᠢᠷᠡᠯ᠎ᠡ᠃ ᠭᠠᠷ ᠲᠠᠭᠠᠨ ᠴᠥᠮ ᠳᠠᠮ ᠢᠯᠳᠦ᠂ ᠭᠠᠩ ᠲᠠᠰᠢᠭᠤᠷ᠂ ᠳᠡᠯᠪᠡᠷᠡᠬᠦ ᠪᠥᠮᠪᠦᠭᠡ᠂ ᠣᠷᠤᠰ ᠫᠤᠤ᠂ ᠵᠢᠳᠠ ᠰᠡᠷᠡᠭᠡ᠂ ᠬᠤᠷᠳᠤᠨ ᠫᠤᠤ ᠪᠠᠷᠢᠵᠠᠭᠠᠭᠠᠳ ᠶᠢᠰᠦᠨ ᠡᠵᠡᠳ ᠦᠨ ᠰᠦᠮ᠎ᠡ ᠪᠡᠷ ᠳᠠᠭᠠᠷᠢᠵᠤ ᠭᠠᠷᠬᠤ ᠳᠠᠭᠠᠨ᠄<ᠠ᠊ Q︕ ᠬᠠᠮᠲᠤ ᠶᠠᠪᠤᠶ᠎ᠠ᠂ ᠬᠠᠮᠲᠤ ᠶᠠᠪᠤᠶ᠎ᠠ︕> ᠭᠡᠯᠴᠡᠨ᠎ᠡ᠃ ᠲᠡᠭᠡᠭᠡᠳ ᠬᠠᠮᠲᠤ ᠶᠠᠪᠤᠪᠠ᠃

«ᠡᠨᠡ ᠦᠶ᠎ᠡ ᠳᠦ ᠸᠧᠢ ᠵᠤᠸᠠᠩ ᠤᠨ ᠥᠨᠥ ᠮᠤᠤᠰᠠᠢᠨ ᠡᠮᠡᠰ ᠤᠳ ᠴᠣᠬᠤᠮ ᠢᠨᠢᠶᠡᠳᠦᠮᠲᠡᠢ ᠰᠢᠦ᠂ ᠰᠥᠭᠦᠳᠴᠢᠬᠡᠭᠡᠳ᠄<ᠠ᠊ Q ᠮᠢᠨᠢ᠂ ᠠᠮᠢ ᠠᠪᠤᠷᠠ︕> ᠭᠡᠵᠡᠭᠡᠨ᠎ᠡ᠃ ᠬᠡᠨ ᠲᠡᠭᠦᠨ ᠢ ᠰᠣᠨᠤᠰᠬᠤ ᠪᠤᠢ︕ ᠡᠩ ᠲᠡᠷᠢᠭᠦᠨ ᠳᠦ ᠵᠢᠭᠠᠯ D᠂ ᠵᠣᠣ ᠲᠠᠢᠶᠸ ᠨᠣᠶᠠᠨ ᠬᠣᠶᠠᠷ ᠤᠨ ᠴᠢᠰᠤ ᠶᠢ ᠬᠣᠯᠢᠶ᠎ᠠ᠂ ᠪᠠᠰᠠ ᠰᠢᠤᠼᠠᠢ ᠶᠢ᠂ ᠬᠠᠭᠤᠷᠮᠠᠴᠢ ᠬᠠᠷᠢ ᠶᠢᠨ ᠴᠢᠳᠭᠦᠷ ᠢ ᠁ ᠨᠢᠭᠡ ᠬᠡᠳᠦ ᠦᠯᠡᠳᠡᠭᠡᠬᠦ ᠦᠦ ᠳ᠋ᠠ︖ ᠸᠠᠩ ᠰᠠᠬᠠᠯᠲᠤ ᠶᠢ ᠦᠯᠡᠳᠡᠭᠡᠭᠰᠡᠨ ᠴᠦ ᠪᠣᠯᠬᠤ ᠶᠤᠮ᠃ ᠵᠠ ᠶᠠᠷᠰᠢᠭ᠂ ᠠᠪᠤᠭᠠᠳ ᠭᠠᠷ᠃ ᠁

«ᠡᠳ᠋ ᠶᠠᠭᠤᠮ᠎ᠠ ᠁ ᠰᠢᠭᠤᠳ ᠣᠷᠤᠵᠤ ᠣᠴᠢᠭᠠᠳ ᠠᠪᠳᠠᠷ᠎ᠠ ᠬᠣᠷᠭᠤ ᠶᠢ ᠨᠡᠭᠡᠭᠡᠨ᠎ᠡ᠃ ᠶᠤᠸᠠᠮᠪᠤᠤ᠂ ᠮᠥᠩᠭᠦᠨ ᠵᠣᠭᠤᠰ᠂ ᠶᠠᠩᠱᠠ ᠴᠠᠮᠴᠠ ᠁ ᠰᠢᠤᠼᠠᠢ ᠶᠢᠨ ᠡᠬᠡᠨᠡᠷ ᠦᠨ ᠨᠢᠩᠪᠦ᠋ᠸᠧ ᠮᠠᠶᠢ᠍ᠭ ᠤᠨ ᠣᠷᠤ ᠶᠢ ᠤᠷᠢᠳᠠ ᠪᠠᠷ ᠶᠢᠰᠦᠨ ᠡᠵᠡᠳ ᠦᠨ ᠰᠦᠮ᠎ᠡ ᠳᠡᠭᠡᠨ ᠠᠪᠴᠢᠷᠠᠶ᠎ᠠ᠂ ᠡᠭᠦᠨ ᠡᠴᠡ ᠭᠠᠳᠠᠨ᠎ᠠ ᠴᠢᠶᠠᠨ ᠣᠪᠤᠭᠲᠠᠨ ᠤ ᠴᠤ ᠶᠠᠭᠠᠮᠠᠢ᠃ ᠥᠪᠡᠷ ᠢᠶᠡᠨ ᠭᠠᠷ ᠬᠥᠳᠡᠯᠬᠦ ᠦᠭᠡᠢ ᠰᠢᠦ︕ ᠵᠢᠭᠠᠯ D ᠢᠶᠡᠷ ᠵᠥᠭᠡᠭᠡᠯᠭᠡᠨ᠎ᠡ᠂ ᠪᠤᠰᠢᠭᠤ ᠵᠥᠭᠡᠭᠡᠬᠦ ᠦᠭᠡᠢ ᠪᠣᠯ ᠲᠦᠭᠦᠰᠢ ᠶᠢ ᠨᠢ ᠠᠪᠤᠨ᠎ᠠ᠃

«ᠵᠣᠣ ᠰᠧ ᠴᠧᠨ ᠦ ᠥᠬᠢᠨ ᠳᠡᠭᠦᠦ ᠶᠠᠭ ᠵᠢᠰᠦ ᠦᠭᠡᠢ᠃ ᠽᠧᠦ ᠴᠢ ᠪᠡᠷᠭᠡᠨ ᠦ ᠥᠬᠢᠨ ᠢ ᠬᠡᠳᠦᠨ ᠵᠢᠯ ᠡᠴᠡ ᠮᠡᠳᠡᠶ᠎ᠡ᠃ ᠬᠠᠭᠤᠷᠮᠠᠴᠢ ᠬᠠᠷᠢ ᠶᠢᠨ ᠴᠢᠳᠭᠦᠷ ᠦᠨ ᠡᠬᠡᠨᠡᠷ ᠨᠢ ᠭᠡᠵᠢᠭᠡ ᠦᠭᠡᠢ ᠬᠥᠮᠦᠨ ᠲᠠᠢ ᠤᠨᠲᠠᠳᠠᠭ ᠶᠤᠮ᠃ ᠫᠦ᠂ ᠣᠯᠢᠭᠲᠠᠢ ᠠᠮᠢᠲᠠᠨ ᠪᠢᠰᠢ︕ ᠰᠢᠤᠼᠠᠢ ᠶᠢᠨ ᠡᠬᠡᠨᠡᠷ ᠦᠨ ᠨᠢᠳᠦᠨ ᠳᠡᠭᠡᠷ᠎ᠡ ᠨᠢ ᠰᠣᠷᠪᠢ ᠲᠠᠢ ᠪᠢᠯᠡ᠃ ᠁ ᠡᠦ ᠮᠠ ᠤᠳᠠᠲᠠᠯ᠎ᠠ ᠬᠠᠷᠠᠭᠳᠠᠭᠰᠠᠨ ᠦᠭᠡᠢ᠂ ᠬᠠᠮᠢᠭ᠎ᠠ ᠪᠠᠢᠬᠤ ᠶᠢ ᠪᠤᠤ ᠮᠡᠳᠡ᠂ ᠭᠡᠪᠡᠴᠦ ᠬᠥᠯ ᠨᠢ ᠳᠡᠩᠴᠢ ᠶᠡᠬᠡ ᠨᠢ ᠬᠠᠷᠠᠮᠰᠠᠯᠲᠠᠢ᠃»

ᠠ᠊ Q ᠭᠦᠢᠴᠡᠳ ᠵᠢᠪ ᠲᠠᠪ ᠪᠣᠳᠤᠬᠤ ᠶᠢᠨ ᠠᠮᠵᠢᠯ ᠦᠭᠡᠢ ᠬᠠᠮᠠᠷ ᠲᠠᠲᠠᠵᠤ ᠭᠠᠷᠪᠠ᠃ ᠳᠥᠷᠪᠡᠨ ᠯᠠᠩ ᠤᠨ ᠯᠠ ᠳᠥᠩᠭᠡᠵᠢ ᠬᠤᠷᠤᠭᠤ ᠬᠢᠷᠢᠲᠡᠢᠬᠡᠨ ᠰᠢᠲᠠᠵᠤ᠂ ᠳᠤᠯᠠᠯᠵᠠᠭᠰᠠᠨ ᠤᠯᠠᠭᠠᠨ ᠭᠡᠷᠡᠯ ᠨᠢ ᠠ᠊ Q ᠶ᠋ᠢᠨ ᠠᠩᠭᠠᠢᠭᠰᠠᠨ ᠠᠮᠠᠨ ᠳᠤ ᠲᠤᠰᠤᠨ᠎ᠠ᠃

«ᠬᠠ ᠬᠠ︕» ᠭᠡᠵᠦ ᠠ᠊ Q ᠭᠡᠨᠡᠳᠲᠡ ᠶᠡᠬᠡ ᠳᠠᠭᠤᠨ ᠢᠶᠡᠷ ᠪᠠᠷᠬᠢᠷᠠᠪᠠ᠃ ᠥᠨᠳᠡᠢᠵᠦ ᠡᠷᠭᠢᠨ ᠲᠣᠭᠤᠷᠢᠨ ᠢ ᠰᠠᠨᠳᠤᠷᠤᠨ ᠠᠵᠢᠭᠯᠠᠵᠤ ᠦᠵᠡᠭᠡᠳ ᠳᠥᠷᠪᠡᠨ ᠯᠠᠩ ᠤᠨ ᠯᠠ ᠨᠢᠳᠦᠨ ᠳᠤᠨᠢ ᠬᠠᠷᠠᠭᠳᠠᠬᠤᠯᠠᠷ ᠳᠠᠬᠢᠨ ᠬᠡᠪᠲᠡᠭᠡᠳ ᠤᠨᠲᠠᠴᠢᠬᠠᠪᠠ᠃

ᠮᠠᠷᠭᠠᠰᠢ ᠨᠢ ᠲᠡᠷᠡ ᠶᠡᠬᠡ ᠣᠷᠤᠢ ᠪᠣᠰᠪᠠ᠃ ᠭᠤᠳᠤᠮᠵᠢᠨ ᠳᠤ ᠭᠠᠷᠴᠤ ᠦᠵᠡᠬᠦᠯ᠎ᠡ ᠬᠠᠮᠤᠭ ᠶᠠᠭᠤᠮ᠎ᠠ ᠴᠥᠮ ᠬᠡᠪ ᠢᠶᠡᠷ᠂ ᠭᠡᠳᠡᠰᠦ ᠨᠢ ᠴᠦ ᠮᠥᠨ ᠥᠯᠦᠰᠦᠭᠰᠡᠭᠡᠷ ᠪᠠᠢᠨ᠎ᠠ᠃ ᠪᠣᠳᠤᠵᠤ ᠦᠵᠡᠭᠰᠡᠨ ᠴᠦ ᠪᠣᠳᠤᠭᠳᠠᠬᠤ ᠶᠠᠭᠤᠮ᠎ᠠ ᠠᠯᠠᠭ᠎ᠠ᠃ ᠭᠡᠲᠡᠯ᠎ᠡ ᠨᠢᠭᠡ ᠮᠡᠳᠡᠬᠦ ᠳᠦ ᠠᠱᠢᠭᠦᠢ ᠰᠠᠢᠨ ᠠᠷᠭ᠎ᠠ ᠣᠯᠤᠭᠰᠠᠨ ᠶᠤᠮ ᠰᠢᠭ ᠠᠭᠠᠵᠢᠮ ᠢᠶᠡᠷ ᠠᠯᠬᠤᠭᠰᠠᠭᠠᠷ ᠴᠢᠪᠠᠭᠠᠨᠴᠠ ᠶᠢᠨ ᠰᠦᠮ᠎ᠡ ᠳᠦ ᠰᠠᠨᠠᠮᠰᠠᠷ ᠦᠭᠡᠢ ᠬᠦᠷᠪᠡ ᠣᠴᠢᠪᠠ᠃

ᠰᠦᠮ᠎ᠡ ᠳᠦ ᠮᠥᠨ ᠬᠠᠪᠤᠷ ᠤᠨ ᠠᠳᠠᠯᠢ ᠨᠠᠮ ᠵᠢᠮᠬᠡᠨ᠂ ᠴᠠᠪ ᠴᠠᠭᠠᠨ ᠬᠡᠷᠡᠮ᠂ ᠬᠠᠪ ᠬᠠᠷ᠎ᠠ ᠬᠠᠭᠠᠯᠭ᠎ᠠ ᠬᠡᠪ ᠢᠶᠡᠷ ᠪᠠᠢᠯ᠎ᠠ᠃ ᠠ᠊ Q ᠲᠦᠷ ᠪᠣᠳᠤᠰᠬᠢᠵᠤ ᠠᠪᠤᠭᠠᠳ ᠣᠴᠢᠵᠤ ᠡᠭᠦᠳᠡ ᠲᠣᠭᠰᠢᠬᠤᠯ᠎ᠠ᠂ ᠬᠠᠰᠢᠶᠠᠨ ᠳᠣᠲᠤᠷ᠎ᠠ ᠨᠣᠬᠠᠢ ᠬᠤᠴᠠᠵᠤ ᠡᠬᠢᠯᠡᠯ᠎ᠡ᠃ ᠲᠡᠷᠡ ᠰᠠᠨᠳᠤᠷᠴᠤ ᠲᠣᠭᠤᠰᠭ᠎ᠠ ᠶᠢᠨ ᠬᠡᠯᠲᠡᠷᠬᠡᠢ ᠬᠡᠳᠦᠨ ᠬᠡᠰᠡᠭ᠌ ᠰᠢᠭᠦᠷᠡᠵᠦ ᠠᠪᠤᠭᠠᠳ ᠳᠠᠬᠢᠨ ᠣᠴᠢᠵᠤ ᠪᠠᠬᠠᠨ ᠬᠦᠴᠦᠲᠡᠢ ᠲᠣᠭᠰᠢᠯ᠎ᠠ᠃ ᠬᠠᠷ᠎ᠠ ᠬᠠᠭᠠᠯᠭ᠎ᠠ ᠳᠡᠭᠡᠷ᠎ᠡ ᠨᠡᠯᠢᠶᠡᠳ ᠣᠷᠤ ᠭᠠᠷᠲᠠᠯ᠎ᠠ ᠲᠣᠭᠰᠢᠭᠰᠠᠨ ᠬᠤᠢᠨ᠎ᠠ ᠬᠠᠭᠠᠯᠭ᠎ᠠ ᠨᠡᠭᠡᠭᠡᠬᠦ ᠪᠡᠷ ᠬᠥᠮᠦᠨ ᠭᠠᠷᠴᠤ ᠢᠷᠡᠬᠦ ᠴᠢᠮᠡᠭᠡ ᠰᠣᠨᠤᠰᠳᠠᠪᠠ᠃

ᠠ᠊ Q ᠰᠠᠩᠳᠠ ᠮᠡᠩᠳᠡ ᠲᠣᠭᠤᠰᠭ᠎ᠠ ᠪᠠᠨ ᠬᠦᠴᠦᠯᠡᠨ ᠠᠳᠭᠤᠵᠤ᠂ ᠠᠯᠴᠠᠢᠵᠤ ᠯᠠᠪᠳᠠᠭᠤᠬᠠᠨ ᠵᠣᠭᠰᠤᠭᠠᠳ᠂ ᠬᠠᠷ᠎ᠠ ᠨᠣᠬᠠᠢ ᠲᠠᠢ ᠦᠵᠡᠯᠴᠡᠬᠦ ᠪᠡᠷ ᠪᠡᠯᠡᠳᠭᠡᠯ᠎ᠡ᠃ ᠭᠡᠲᠡᠯ᠎ᠡ ᠰᠦᠮ᠎ᠡ ᠶᠢᠨ ᠬᠠᠭᠠᠯᠭ᠎ᠠ ᠨᠠᠷᠢᠬᠠᠨ ᠠᠩᠭᠠᠢᠭᠠᠳ ᠬᠠᠷ᠎ᠠ ᠨᠣᠬᠠᠢ ᠴᠤ ᠭᠠᠷᠴᠤ ᠢᠷᠡᠭᠰᠡᠨ ᠦᠭᠡᠢ᠂ ᠠᠵᠢᠭᠯᠠᠵᠤ ᠳᠣᠲᠤᠭᠰᠢ ᠨᠢ ᠬᠠᠷᠠᠪᠠᠯ᠂ ᠬᠥᠭᠰᠢᠨ ᠴᠢᠪᠠᠭᠠᠨᠴᠠ ᠭᠠᠭᠴᠠᠭᠠᠷ ᠪᠠᠢᠪᠠ᠃

«ᠴᠢ ᠪᠠᠰᠠ ᠶᠠᠭᠤᠨ ᠳᠤ ᠢᠷᠡᠪᠡ︖» ᠭᠡᠵᠦ ᠬᠥᠭᠰᠢᠨ ᠴᠢᠪᠠᠭᠠᠨᠴᠠ ᠶᠡᠬᠡ ᠯᠡ ᠰᠣᠴᠢᠵᠤ ᠠᠰᠠᠭᠤᠪᠠ᠃« ᠬᠤᠪᠢᠰᠭᠠᠯ ᠪᠣᠯᠤᠭᠰᠠᠨ ᠰᠢᠤ ᠁ ᠴᠢ ᠮᠡᠳᠡᠨ᠎ᠡ ᠦᠦ︖᠁» ᠭᠡᠵᠦ ᠠ᠊ Q ᠳᠤᠲᠠᠭᠤ ᠬᠠᠭᠠᠰ ᠬᠡᠯᠡᠪᠡ᠃

«ᠬᠤᠪᠢᠰᠭᠠᠯ ᠬᠤᠪᠢᠰᠭᠠᠯ ᠭᠡᠳ ᠬᠤᠪᠢᠰᠭᠠᠵᠤ ᠥᠩᠭᠡᠷᠡᠭᠰᠡᠨ ᠁ ᠲᠠ ᠨᠠᠷ ᠪᠢᠳᠡᠨ ᠢ ᠶᠠᠭᠠᠬᠢᠵᠤ ᠬᠤᠪᠢᠰᠭᠠᠬᠤ ᠨᠢ ᠪᠤᠢ︖» ᠭᠡᠵᠦ ᠬᠥᠭᠰᠢᠨ ᠴᠢᠪᠠᠭᠠᠨᠴᠠ ᠬᠣᠶᠠᠷ ᠨᠢᠳᠦ ᠪᠡᠨ ᠴᠢᠰ ᠤᠯᠠᠭᠠᠨ ᠢᠶᠡᠷ ᠡᠷᠭᠢᠯᠳᠦᠭᠦᠯᠦᠨ ᠬᠡᠯᠡᠪᠡ᠃

«ᠶᠠᠭᠤ︖ ᠁» ᠭᠡᠵᠦ ᠠ᠊ Q ᠠᠰᠠᠭᠤᠪᠠ᠃

«ᠴᠢ ᠮᠡᠳᠡᠬᠦ ᠦᠭᠡᠢ ᠪᠠᠢᠨ᠎ᠠ᠂ ᠲᠡᠳᠡ ᠴᠢᠨᠢ ᠢᠷᠡᠭᠡᠳ ᠬᠤᠪᠢᠰᠭᠠᠴᠢᠬᠠᠭᠰᠠᠨ︕»

«ᠬᠡᠨ︖» ᠭᠡᠵᠦ ᠠ᠊ Q ᠤᠯᠠᠮ ᠭᠠᠢᠬᠠᠪᠠ᠃

«ᠥᠨᠥ ᠰᠢᠤᠼᠠᠢ᠂ ᠬᠠᠭᠤᠷᠮᠠᠴᠢ ᠬᠠᠷᠢ ᠶᠢᠨ ᠴᠢᠳᠭᠦᠷ ᠬᠣᠶᠠᠷ︕»

ᠠ᠊ Q ᠶ᠋ᠢᠨ ᠵᠡᠭᠦᠳᠦᠨ ᠳᠦ ᠴᠦ ᠪᠠᠢᠭᠰᠠᠨ ᠦᠭᠡᠢ ᠲᠤᠯᠠ ᠰᠣᠨᠤᠰᠤᠭᠠᠳ ᠰᠠᠨᠠᠮᠰᠠᠷ ᠦᠭᠡᠢ ᠰᠣᠴᠢᠨ ᠬᠡᠯᠮᠡᠭᠳᠡᠪᠡ᠃ ᠬᠥᠭᠰᠢᠨ ᠴᠢᠪᠠᠭᠠᠨᠴᠠ ᠠ᠊ Q ᠶ᠋ᠢᠨ ᠰᠦᠷ ᠪᠠᠭᠤᠷᠠᠭᠰᠠᠨ ᠢ ᠦᠵᠡᠭᠡᠳ ᠬᠠᠭᠠᠯᠭ᠎ᠠ ᠪᠠᠨ ᠳᠠᠷᠤᠢ ᠬᠠᠭᠠᠵᠤ ᠣᠷᠬᠢᠪᠠ᠃ ᠠ᠊ Q ᠳᠠᠬᠢᠨ ᠲᠦᠯᠬᠢᠲᠡᠯ᠎ᠡ ᠨᠡᠭᠡᠭᠡᠭᠳᠡᠮᠡᠷ ᠦᠭᠡᠢ ᠪᠠᠲᠤ ᠲᠦᠭᠵᠢᠷᠡᠭᠰᠡᠨ ᠪᠥᠭᠡᠳ ᠳᠠᠬᠢᠵᠤ ᠲᠣᠭᠰᠢᠬᠤᠯ᠎ᠠ ᠲᠠᠭ ᠳᠤᠭᠤᠢ ᠪᠣᠯᠪᠠ᠃

ᠲᠡᠷᠡ ᠨᠢ ᠦᠳᠡ ᠶᠢᠨ ᠡᠮᠦᠨ᠎ᠡ ᠭᠠᠷᠤᠭᠰᠠᠨ ᠬᠡᠷᠡᠭ᠌ ᠪᠢᠯᠡ᠃ ᠵᠣᠣ ᠰᠢᠤᠼᠠᠢ ᠰᠤᠷᠠᠭ ᠠᠵᠢᠭ ᠢ ᠠᠨᠳᠤᠬᠤ ᠦᠭᠡᠢ ᠰᠣᠨᠤᠰᠳᠠᠭ ᠲᠤᠯᠠ ᠬᠤᠪᠢᠰᠭᠠᠯᠲᠤ ᠨᠠᠮ ᠰᠥᠨᠢ ᠬᠣᠲᠠᠨ ᠳᠤ ᠣᠷᠤᠵᠤ ᠢᠷᠡᠭᠰᠡᠨ ᠢ ᠮᠡᠳᠡᠮᠡᠭᠴᠡ ᠭᠡᠵᠢᠭᠡ ᠪᠡᠨ ᠣᠷᠤᠢ ᠳᠡᠭᠡᠷ᠎ᠡ ᠪᠡᠨ ᠣᠷᠢᠶᠠᠭᠠᠳ ᠬᠠᠷ᠎ᠠ ᠥᠷᠯᠦᠭᠡᠭᠦᠷ ᠥᠨᠥ ᠶᠡᠷᠦ ᠡᠪ ᠲᠠᠭᠠᠷᠠᠬᠤ ᠦᠭᠡᠢ ᠬᠠᠷᠢ ᠶᠢᠨ ᠴᠢᠳᠭᠦᠷ ᠲᠦ ᠪᠠᠷᠠᠯᠬᠠᠬᠤ ᠪᠠᠷ ᠣᠴᠢᠵᠠᠢ᠃ ᠣᠳᠣ«ᠳᠠᠶᠠᠭᠠᠷ ᠰᠢᠨᠡᠳᠭᠡᠵᠡᠭᠡᠬᠦ» ᠴᠠᠭ ᠪᠣᠯᠤᠭᠰᠠᠨ ᠲᠤᠯᠠ ᠲᠡᠳᠡᠨ ᠦ ᠦᠭᠡ ᠲᠠᠭᠠᠷᠠᠵᠤ ᠶᠠᠷᠢᠶ᠎ᠠ ᠨᠡᠢᠯᠡᠭᠡᠳ ᠳᠣᠣᠷ᠎ᠠ ᠪᠠᠨ ᠰᠠᠨᠠᠭ᠎ᠠ ᠰᠡᠳᠭᠢᠯ ᠢᠶᠡᠨ ᠮᠡᠳᠡᠯᠴᠡᠭᠰᠡᠨ ᠰᠠᠢᠨ ᠨᠥᠬᠦᠷ ᠪᠣᠯᠤᠯᠴᠠᠵᠤ ᠬᠠᠮᠲᠤ ᠶᠠᠪᠤᠵᠤ ᠬᠤᠪᠢᠰᠭᠠᠯ ᠬᠢᠬᠦ ᠪᠡᠷ ᠪᠣᠯᠵᠤᠨ ᠲᠣᠭᠲᠠᠵᠠᠢ᠃ ᠲᠡᠳᠡ ᠪᠣᠳᠤᠭᠰᠠᠨ ᠳᠡᠭᠡᠷ᠎ᠡ ᠪᠣᠳᠤᠭᠰᠠᠭᠠᠷ ᠠᠷᠠᠢᠭᠡᠵᠦ ᠴᠢᠪᠠᠭᠠᠨᠴᠠ ᠶᠢᠨ ᠰᠦᠮ᠎ᠡ ᠳᠦ ᠨᠢᠭᠡᠨ«ᠡᠵᠡᠨ ᠪᠣᠭᠳᠠ ᠲᠦᠮᠡᠨ ᠲᠦᠮᠡᠨ ᠨᠠᠰᠤᠯᠠᠲᠤᠭᠠᠢ» ᠭᠡᠰᠡᠨ ᠦᠰᠦᠭᠲᠡᠢ ᠯᠤᠤᠲᠤ ᠫᠠᠢᠰᠠ ᠪᠠᠢᠳᠠᠭ ᠢ ᠪᠣᠳᠤᠵᠤ ᠣᠯᠤᠭᠠᠳ ᠮᠥᠨ ᠳᠠᠷᠤᠢ ᠲᠡᠭᠦᠨ ᠢ ᠬᠤᠪᠢᠰᠭᠠᠵᠤ ᠣᠷᠬᠢᠬᠤ ᠶᠣᠰᠤᠲᠠᠢ ᠭᠡᠵᠡᠢ᠃ ᠢᠩᠭᠢᠭᠡᠳ ᠰᠦᠮ᠎ᠡ ᠳᠦ ᠬᠠᠮᠲᠤ ᠬᠦᠷᠴᠦ ᠣᠴᠢᠭᠠᠳ ᠬᠤᠪᠢᠰᠭᠠᠯ ᠬᠢᠪᠡ᠃ ᠲᠡᠭᠡᠬᠦ ᠳᠤᠨᠢ ᠬᠥᠭᠰᠢᠨ ᠴᠢᠪᠠᠭᠠᠨᠴᠠ ᠢᠷᠡᠭᠡᠳ ᠬᠠᠰᠢᠵᠤ ᠬᠡᠳᠦᠨ ᠦᠭᠡ ᠬᠡᠯᠡᠭᠰᠡᠨ ᠳᠦ᠂ ᠲᠡᠳᠡ ᠬᠥᠭᠰᠢᠨ ᠴᠢᠪᠠᠭᠠᠨᠴᠠ ᠶᠢ ᠮᠠᠨᠵᠤ ᠶᠢᠨ ᠲᠥᠷᠦ ᠪᠡᠷ ᠦᠵᠡᠵᠦ ᠲᠣᠯᠤᠭᠠᠢ ᠤᠷᠤᠭᠤ ᠨᠢ ᠪᠠᠭ᠎ᠠ ᠦᠭᠡᠢ ᠨᠢᠳᠤᠷᠭᠠᠳᠠᠵᠤ ᠨᠢᠰᠠᠯᠵᠠᠢ᠃ ᠲᠡᠳᠡᠨ ᠢ ᠶᠠᠪᠤᠭᠤᠯᠤᠭᠠᠳ ᠴᠢᠪᠠᠭᠠᠨᠴᠠ ᠠᠭᠤᠷ ᠢᠶᠡᠨ ᠳᠠᠷᠤᠭᠳᠠᠭᠰᠠᠨ ᠬᠤᠢᠨ᠎ᠠ ᠣᠴᠢᠵᠤ ᠪᠠᠢᠴᠠᠭᠠᠵᠤ ᠦᠵᠡᠪᠡᠯ᠂ ᠯᠤᠤᠲᠤ ᠫᠠᠢᠰᠠ ᠴᠤ ᠦᠨᠡᠬᠡᠷ ᠭᠠᠵᠠᠷ ᠤᠨᠠᠵᠤ ᠬᠡᠮᠬᠡᠷᠡᠭᠡᠳ ᠪᠠᠢᠭᠰᠠᠨ ᠪᠥᠭᠡᠳ ᠳ᠋ᠾᠷ᠎ᠠ ᠡᠬᠡ ᠪᠤᠷᠬᠠᠨ ᠤ ᠡᠮᠦᠨ᠎ᠡ ᠲᠠᠯᠪᠢᠵᠤ ᠪᠠᠢᠭᠰᠠᠨ ᠡᠷᠲᠡᠨ ᠦ ᠰᠢᠤᠸᠠᠨ ᠳ᠋ᠸ ᠬᠠᠭᠠᠨ ᠤ ᠦᠶ᠎ᠡ ᠳᠦ ᠴᠢᠳᠭᠤᠭᠰᠠᠨ ᠱᠠᠩᠯᠤᠤ ᠨᠢ ᠠᠯᠠᠭ᠎ᠠ ᠪᠣᠯᠤᠭᠰᠠᠨ ᠪᠠᠢᠪᠠ᠃

ᠡᠨᠡ ᠶᠠᠪᠤᠳᠠᠯ ᠢ ᠠ᠊ Q ᠰᠡᠭᠦᠯ ᠳᠤᠨᠢ ᠣᠯᠵᠤ ᠮᠡᠳᠡᠵᠡᠢ᠃ ᠢᠩᠭᠢᠭᠡᠳ ᠥᠪᠡᠷ ᠦᠨ ᠤᠨᠲᠠᠵᠤ ᠬᠣᠴᠤᠷᠤᠭᠰᠠᠨ ᠳᠠᠭᠠᠨ ᠮᠠᠰᠢ ᠬᠠᠷᠠᠮᠰᠠᠬᠤ ᠪᠣᠯᠪᠠᠴᠤ᠂ ᠲᠡᠳᠡᠨ ᠦ ᠢᠷᠡᠵᠦ ᠳᠠᠭᠤᠳᠠᠭᠰᠠᠨ ᠦᠭᠡᠢ ᠳᠤᠨᠢ ᠮᠥᠨ ᠰᠦᠷᠡᠬᠡᠢ ᠭᠣᠮᠤᠳᠠᠨ᠎ᠠ᠃ ᠲᠡᠷᠡ ᠪᠠᠰᠠ᠄

«ᠮᠢᠨᠦ ᠬᠤᠪᠢᠰᠭᠠᠯᠲᠤ ᠨᠠᠮ ᠳᠤ ᠪᠠᠭᠤᠵᠤ ᠥᠭᠭᠦᠭᠡᠳ ᠪᠠᠢᠬᠤ ᠶᠢ ᠲᠡᠳᠡ ᠪᠠᠰᠠ ᠮᠡᠳᠡᠭᠡᠳᠦᠢ ᠪᠠᠢᠭᠰᠠᠭᠠᠷ ᠶᠤᠮ ᠭᠡᠵᠢ ᠦᠦ︖» ᠭᠡᠵᠦ ᠡᠷᠭᠢᠴᠡᠭᠦᠯᠦᠨ ᠪᠣᠳᠤᠯ᠎ᠠ᠃

ᠸᠧᠢ ᠵᠤᠸᠠᠩ ᠲᠣᠰᠭᠤᠨ ᠤ ᠤᠯᠤᠰ ᠤᠨ ᠰᠡᠳᠭᠢᠯ ᠤᠯᠠᠮ ᠢᠶᠡᠷ ᠲᠠᠢᠪᠤᠷᠠᠪᠠ᠃ ᠤᠯᠤᠰ ᠤᠨ ᠶᠠᠷᠢᠯᠴᠠᠬᠤ ᠪᠠᠷ ᠪᠣᠯ ᠬᠤᠪᠢᠰᠭᠠᠯᠲᠤ ᠨᠠᠮ ᠬᠡᠳᠦᠢᠪᠡᠷ ᠬᠣᠲᠠ ᠳᠤ ᠣᠷᠤᠭᠰᠠᠨ ᠪᠣᠯᠪᠠᠴᠤ᠂ ᠬᠤᠪᠢᠰᠴᠤ ᠥᠭᠡᠷᠡᠲᠦᠭᠰᠡᠨ ᠵᠦᠢᠯ ᠲᠡᠳᠦᠢ ᠯᠠ ᠦᠭᠡᠢ ᠭᠡᠨ᠎ᠡ᠃ ᠰᠢᠶᠠᠨ ᠤ ᠨᠣᠶᠠᠨ ᠮᠥᠨ ᠬᠠᠭᠤᠴᠢᠨ ᠢᠶᠡᠷ ᠢᠶᠡᠨ ᠬᠥᠳᠡᠯᠦᠭᠰᠡᠨ ᠦᠭᠡᠢ᠂ ᠨᠡᠷ᠎ᠡ ᠳᠠᠭᠤᠳᠠᠯᠭ᠎ᠠ ᠶᠢ ᠨᠢ ᠬᠠᠯᠠᠭᠰᠠᠨ ᠲᠡᠳᠦᠢ ᠪᠥᠭᠡᠳ ᠡᠷᠭᠦᠭᠰᠡᠳ ᠪᠠᠰᠠ ᠶᠠᠮᠠᠷ ᠨᠢᠭᠡᠨ ᠨᠣᠶᠠᠨ ᠪᠣᠯᠤᠭᠰᠠᠨ ᠭᠡᠨ᠎ᠡ - ᠡᠳᠡᠭᠡᠷ ᠨᠡᠷᠡᠰ ᠢ ᠸᠧᠢ ᠵᠤᠸᠠᠩ ᠤᠨ ᠬᠥᠮᠦᠰ ᠴᠥᠮ ᠲᠣᠳᠤᠷᠬᠠᠢ ᠬᠡᠯᠡᠵᠦ ᠭᠠᠷᠬᠤ ᠦᠭᠡᠢ ᠶᠤᠮ᠃ ᠴᠡᠷᠢᠭ᠌ ᠵᠠᠬᠢᠷᠤᠭᠴᠢ ᠨᠢ ᠪᠠᠰᠠ ᠯᠠ ᠤᠷᠢᠳ ᠤᠨ ᠥᠨᠥ ᠠᠩᠭᠢ ᠶᠢᠨ ᠳᠠᠷᠤᠭ᠎ᠠ ᠪᠠᠢᠪᠠ᠃ ᠭᠠᠭᠴᠠᠬᠠᠨ ᠠᠶᠤᠮᠰᠢᠭᠲᠠᠢ ᠨᠢᠭᠡ ᠬᠡᠷᠡᠭ᠌ ᠭᠡᠪᠡᠯ᠂ ᠬᠤᠪᠢᠰᠭᠠᠯᠲᠤ ᠨᠠᠮ ᠳᠤ ᠬᠡᠳᠦᠨ ᠦᠯᠦ ᠪᠦᠲᠦᠬᠦ ᠠᠮᠢᠲᠠᠨ ᠬᠤᠳᠭᠤᠯᠳᠤᠨ ᠣᠷᠤᠵᠤ ᠰᠠᠮᠠᠭᠤᠷᠠᠭᠤᠯᠤᠭᠰᠠᠨ ᠡᠴᠡ᠂ ᠳᠠᠷᠠᠭ᠎ᠠ ᠡᠳᠦᠷ ᠡᠴᠡ ᠨᠢ ᠡᠬᠢᠯᠡᠵᠦ ᠭᠡᠵᠢᠭᠡ ᠬᠠᠢᠴᠢᠯᠠᠬᠤ ᠪᠣᠯᠤᠭᠰᠠᠨ ᠪᠥᠭᠡᠳ ᠵᠡᠷᠭᠡᠯᠡᠳᠡᠭᠡ ᠲᠣᠰᠭᠤᠨ ᠤ ᠣᠩᠭᠤᠴᠠ ᠰᠡᠯᠢᠭᠴᠢ ᠳᠣᠯᠤᠭᠠᠲᠠᠢ ᠳᠤ ᠡᠨᠡ ᠭᠠᠢ ᠨᠢ ᠲᠠᠭᠠᠷᠠᠭᠠᠳ ᠭᠡᠵᠢᠭᠡ ᠪᠡᠨ ᠬᠠᠢᠴᠢᠯᠠᠭᠳᠠᠭᠠᠳ ᠬᠥᠮᠦᠨ ᠦ ᠰᠢᠨᠵᠢ ᠦᠭᠡᠢ ᠪᠣᠯᠤᠭᠰᠠᠨ ᠶᠤᠮ ᠭᠡᠨ᠎ᠡ ᠪᠢᠯᠡ᠃ ᠭᠡᠪᠡᠴᠦ ᠸᠧᠢ ᠵᠤᠸᠠᠩ ᠤᠨ ᠬᠥᠮᠦᠰ ᠤᠤᠯ ᠡᠴᠡ ᠬᠣᠲᠠ ᠣᠯᠠᠨ ᠣᠷᠤᠳᠠᠭ ᠦᠭᠡᠢ ᠪᠠᠢᠭᠰᠠᠨ ᠪᠥᠭᠡᠳ ᠬᠠᠶᠠ ᠨᠢᠭᠡ ᠬᠣᠲᠠ ᠳᠤ ᠣᠷᠤᠶ᠎ᠠ ᠭᠡᠰᠡᠨ ᠬᠥᠮᠦᠰ ᠪᠠᠢᠭᠰᠠᠨ ᠴᠤ ᠮᠥᠨ ᠲᠡᠷᠡ ᠳᠠᠷᠤᠢ ᠠᠷᠭ᠎ᠠ ᠤᠬᠠᠭᠠᠨ ᠢᠶᠡᠨ ᠣᠯᠵᠤ ᠡᠨᠡ ᠠᠶᠤᠯ ᠡᠴᠡ ᠮᠤᠯᠲᠤᠷᠠᠵᠤ ᠪᠠᠢᠭᠰᠠᠨ ᠲᠤᠯᠠ ᠡᠨᠡ ᠨᠢ ᠲᠡᠳᠦᠢ ᠯᠡ ᠶᠡᠬᠡ ᠠᠶᠤᠯ ᠪᠣᠯᠤᠭᠰᠠᠨ ᠦᠭᠡᠢ᠃ ᠠ᠊ Q ᠤᠤᠯ ᠨᠢ ᠪᠠᠰᠠ ᠬᠠᠭᠤᠴᠢᠨ ᠲᠠᠨᠢᠯ ᠢᠶᠡᠨ ᠡᠷᠢᠬᠦ ᠪᠡᠷ ᠬᠣᠲᠠ ᠳᠤ ᠣᠷᠤᠬᠤ ᠰᠠᠨᠠᠭ᠎ᠠ ᠲᠠᠢ ᠪᠠᠢᠭᠰᠠᠨ ᠪᠣᠯᠪᠠᠴᠤ ᠡᠨᠡ ᠴᠢᠮᠡᠭᠡ ᠶᠢ ᠰᠣᠨᠤᠰᠤᠭᠠᠳ ᠠᠷᠭ᠎ᠠ ᠦᠭᠡᠢ ᠪᠣᠯᠢᠵᠠᠢ᠃

ᠭᠡᠪᠡᠴᠦ ᠸᠧᠢ ᠵᠤᠸᠠᠩ ᠳᠤ ᠨᠢᠭᠡ ᠴᠦ ᠥᠭᠡᠷᠡᠴᠢᠯᠡᠯᠲᠡ ᠭᠠᠷᠤᠭᠰᠠᠨ ᠦᠭᠡᠢ ᠭᠡᠵᠦ ᠪᠣᠳᠤᠬᠤ ᠦᠭᠡᠢ ᠶᠤᠮ᠃ ᠬᠡᠳᠦ ᠬᠣᠨᠤᠭᠰᠠᠨ ᠤ ᠳᠠᠷᠠᠭ᠎ᠠ ᠭᠡᠵᠢᠭᠡ ᠪᠡᠨ ᠣᠷᠤᠢ ᠳᠡᠭᠡᠷ᠎ᠡ ᠪᠡᠨ ᠣᠷᠢᠶᠠᠭᠰᠠᠳ ᠤᠯᠠᠮ ᠢᠶᠡᠷ ᠣᠯᠠᠰᠢᠷᠠᠪᠠ᠃ ᠳᠡᠭᠡᠷ᠎ᠡ ᠬᠡᠯᠡᠵᠦ ᠥᠩᠭᠡᠷᠡᠭᠰᠡᠨ ᠮᠡᠲᠦ ᠪᠡᠷ ᠡᠩ ᠲᠡᠷᠢᠭᠦᠨ ᠳᠦ ᠶᠠᠷᠢᠶᠠᠨ ᠦᠭᠡᠢ ᠮᠠᠤᠼᠠᠢ ᠠᠪᠤᠭᠠᠢ᠂ ᠲᠡᠭᠦᠨ ᠦ ᠳᠠᠷᠠᠭ᠎ᠠ ᠵᠣᠣ ᠰᠧ ᠴᠧᠨ᠂ ᠵᠣᠣᠪᠠᠢ ᠶᠠᠨ ᠬᠣᠶᠠᠷ᠂ ᠰᠡᠭᠦᠯᠡᠷ ᠨᠢ ᠠ᠊ Q ᠪᠠᠢᠵᠠᠢ᠃ ᠵᠤᠨ ᠤ ᠴᠠᠭ ᠪᠠᠢᠭᠰᠠᠨ ᠪᠣᠯ ᠪᠦᠭᠦᠳᠡᠭᠡᠷ ᠭᠡᠵᠢᠭᠡ ᠪᠡᠨ ᠣᠷᠤᠢ ᠳᠡᠭᠡᠷ᠎ᠡ ᠪᠡᠨ ᠣᠷᠢᠶᠠᠬᠤ ᠪᠤᠶᠤ ᠵᠠᠩᠭᠢᠳᠴᠤ ᠣᠷᠬᠢᠬᠤ ᠨᠢ ᠲᠡᠳᠦᠢ ᠯᠡ ᠭᠠᠢᠬᠠᠯᠲᠠᠢ ᠬᠡᠷᠡᠭ᠌ ᠪᠢᠰᠢ ᠶᠤᠮ᠂ ᠭᠡᠲᠡᠯ᠎ᠡ ᠣᠳᠣ ᠪᠣᠯ ᠨᠠᠮᠤᠷ ᠤᠨ ᠰᠡᠭᠦᠯ ᠪᠣᠯᠬᠤ ᠲᠤᠯᠠ ᠢᠩᠭᠢᠵᠦ« ᠨᠠᠮᠤᠷ ᠴᠠᠭ ᠲᠤ ᠵᠤᠨ ᠤ ᠶᠠᠩᠵᠤ ᠪᠠᠷ ᠠᠭᠠᠰᠢᠯᠠᠬᠤ» ᠨᠢ᠂ ᠭᠡᠵᠢᠭᠡ ᠪᠡᠨ ᠣᠷᠢᠶᠠᠭᠴᠢᠳ ᠲᠤ ᠪᠣᠯ ᠴᠠᠭᠯᠠᠰᠢ ᠦᠭᠡᠢ ᠮᠡᠷᠭᠡᠨ ᠠᠷᠭ᠎ᠠ ᠪᠣᠯᠬᠤ ᠨᠢ ᠡᠷᠡᠭᠡᠯᠵᠡᠭᠡ ᠦᠭᠡᠢ ᠪᠥᠭᠡᠳ ᠸᠧᠢ ᠵᠤᠸᠠᠩ ᠲᠣᠰᠭᠤᠨ ᠳᠤ ᠡᠭᠦᠨ ᠢ ᠥᠭᠡᠷᠡᠴᠢᠯᠡᠯᠲᠡ ᠲᠠᠢ ᠶᠠᠭ ᠬᠣᠯᠪᠤᠭ᠎ᠠ ᠦᠭᠡᠢ ᠭᠡᠬᠦ ᠶᠢᠨ ᠠᠷᠭ᠎ᠠ ᠦᠭᠡᠢ ᠶᠤᠮ᠃

ᠵᠣᠣ ᠰᠧ ᠴᠧᠨ ᠦ ᠰᠢᠯᠢᠨ ᠬᠦᠵᠦᠭᠦᠦ ᠪᠡᠨ ᠣᠩᠭᠤᠯᠵᠠᠭᠤᠯᠤᠨ ᠶᠠᠪᠤᠬᠤ ᠶᠢ ᠦᠵᠡᠭᠰᠡᠨ ᠬᠥᠮᠦᠨ ᠴᠥᠮ ᠶᠡᠬᠡ ᠳᠠᠭᠤᠨ ᠢᠶᠡᠷ᠄

«ᠬᠦᠶᠢ᠂ ᠬᠤᠪᠢᠰᠭᠠᠯᠲᠤ ᠨᠠᠮ ᠬᠦᠷᠦᠭᠡᠳ ᠢᠷᠡᠯ᠎ᠡ︕» ᠭᠡᠯᠴᠡᠨ᠎ᠡ᠃

ᠠ᠊ Q ᠰᠣᠨᠤᠰᠤᠭᠠᠳ ᠲᠤᠩ ᠪᠠᠬᠠᠷᠬᠠᠨ᠎ᠠ᠃ ᠰᠢᠤᠼᠠᠢ ᠭᠡᠵᠢᠭᠡ ᠪᠡᠨ ᠣᠷᠢᠶᠠᠭᠰᠠᠨ ᠲᠤᠬᠠᠢ ᠶᠡᠬᠡ ᠰᠣᠨᠢᠨ ᠢ ᠲᠡᠷᠡ ᠬᠡᠳᠦᠢᠨ ᠣᠯᠵᠤ ᠰᠣᠨᠤᠰᠤᠭᠰᠠᠨ ᠪᠣᠯᠪᠠᠴᠤ ᠪᠡᠶ᠎ᠡ ᠪᠡᠨ ᠪᠠᠰᠠ ᠢᠩᠭᠢᠵᠦ ᠪᠣᠯᠤᠨ᠎ᠠ ᠭᠡᠵᠦ ᠶᠡᠷᠦ ᠰᠠᠨᠠᠭᠰᠠᠨ ᠦᠭᠡᠢ ᠪᠢᠯᠡ᠃ ᠣᠳᠣ ᠵᠣᠣ ᠰᠧ ᠴᠧᠨ ᠪᠠᠰᠠ ᠢᠩᠭᠢᠭᠰᠡᠨ ᠢ ᠣᠯᠵᠤ ᠦᠵᠡᠭᠡᠳ ᠡᠢᠨ ᠬᠦ ᠳᠠᠭᠠᠵᠤ ᠬᠢᠬᠦ ᠰᠠᠨᠠᠭ᠎ᠠ ᠲᠥᠷᠦᠵᠦ ᠪᠦᠷ ᠵᠣᠷᠢᠭ ᠰᠢᠭᠤᠳᠪᠠ᠃ ᠢᠩᠭᠢᠭᠡᠳ ᠨᠢᠭᠡᠨ ᠬᠤᠯᠤᠰᠤᠨ ᠰᠠᠪᠬ᠎ᠠ ᠪᠠᠷ ᠭᠡᠵᠢᠭᠡ ᠪᠡᠨ ᠣᠷᠤᠢ ᠳᠡᠭᠡᠷ᠎ᠡ ᠪᠡᠨ ᠪᠠᠷᠢᠵᠤ ᠣᠷᠢᠶᠠᠭᠠᠳ᠂ ᠤᠳᠠᠲᠠᠯ᠎ᠠ ᠲᠦᠳᠡᠭᠡᠯᠵᠡᠨ ᠪᠠᠢᠵᠤ ᠵᠢᠷᠦᠬᠡ ᠭᠠᠷᠭᠠᠨ ᠭᠠᠷᠴᠤ ᠶᠠᠪᠤᠪᠠ᠃ ᠠ᠊ Q ᠵᠡᠭᠡᠯᠢ ᠪᠡᠷ ᠶᠠᠪᠤᠪᠠ᠃ ᠬᠥᠮᠦᠨ ᠲᠡᠭᠦᠨ ᠢ ᠬᠠᠷᠠᠭᠰᠠᠨ ᠪᠣᠯᠪᠠᠴᠤ ᠶᠠᠭᠤᠮ᠎ᠠ ᠳᠤᠤᠭᠠᠷᠬᠤ ᠦᠭᠡᠢ ᠲᠤᠯᠠ ᠠ᠊ Q ᠡᠬᠢᠯᠡᠭᠡᠳ ᠪᠠᠬᠠᠨ ᠪᠠᠶᠠᠷ ᠦᠭᠡᠢ ᠪᠠᠢᠭᠰᠠᠨ ᠢᠶᠡᠨ ᠰᠡᠭᠦᠯᠡᠷ ᠨᠢ ᠪᠦᠷ ᠳᠤᠷ᠎ᠠ ᠦᠭᠡᠢᠴᠡᠪᠡ᠃ ᠲᠡᠷᠡ ᠤᠢᠷ᠎ᠠ ᠡᠴᠡ ᠲᠤᠩ ᠠᠮᠠᠷᠬᠠᠨ ᠠᠭᠤᠷᠯᠠᠵᠤ ᠪᠤᠬᠢᠨᠢᠳᠤᠳᠠᠭ ᠪᠣᠯᠵᠠᠢ᠃ ᠦᠨᠡᠨ ᠳᠡᠭᠡᠨ ᠲᠡᠭᠦᠨ ᠦ ᠠᠮᠢᠳᠤᠷᠠᠯ ᠴᠤ ᠤᠷᠪᠠᠬᠤ ᠡᠴᠡ ᠡᠮᠦᠨᠡᠬᠢ ᠰᠢᠭ᠌ ᠲᠦᠪᠡᠭ᠌ ᠭᠠᠴᠢᠭᠳᠠᠯ ᠦᠭᠡᠢ᠂ ᠠᠭᠤᠯᠵᠠᠭᠰᠠᠨ ᠬᠥᠮᠦᠨ ᠴᠦ ᠲᠡᠭᠦᠨ ᠳᠦ ᠡᠶᠡᠯᠳᠡᠭ᠌᠂ ᠫᠦᠰᠡ ᠮᠠᠢᠮᠠᠢ ᠴᠤ ᠪᠡᠯᠡᠨ ᠮᠥᠩᠭᠦ ᠠᠪᠤᠨ᠎ᠠ ᠭᠡᠬᠦ ᠦᠭᠡᠢ ᠪᠣᠯᠤᠭᠰᠠᠨ ᠶᠤᠮ᠃ ᠭᠡᠲᠡᠯ᠎ᠡ ᠠ᠊Q ᠥᠪᠡᠷ ᠢ ᠢᠶᠡᠨ ᠳᠠᠩᠴᠢ ᠰᠠᠨᠠᠭᠠᠨ ᠳᠠᠭᠠᠨ ᠬᠦᠷᠦᠭᠰᠡᠨ ᠦᠭᠡᠢ᠂ ᠨᠢᠭᠡᠨᠲᠡᠶ᠎ᠡ ᠬᠤᠪᠢᠰᠭᠠᠯ ᠬᠢᠭᠡᠳ ᠪᠠᠢᠲᠠᠯ᠎ᠠ ᠡᠢᠮᠦᠬᠡᠨ ᠪᠠᠢᠬᠤ ᠶᠣᠰᠤ ᠦᠭᠡᠢ ᠭᠡᠵᠦ ᠪᠣᠳᠤᠳᠠᠭ ᠪᠠᠢᠯ᠎ᠠ᠃ ᠢᠯᠠᠩᠭᠤᠶ᠎ᠠ ᠵᠢᠭᠠᠯ D ᠶᠢ ᠨᠢᠭᠡ ᠤᠳᠠᠭ᠎ᠠ ᠣᠯᠵᠤ ᠦᠵᠡᠭᠡᠳ ᠭᠡᠳᠡᠰᠦ ᠪᠡᠨ ᠬᠠᠭᠠᠷᠠᠲᠠᠯ᠎ᠠ ᠠᠭᠤᠷᠯᠠᠪᠠ᠃

ᠵᠢᠭᠠᠯ D ᠴᠤ ᠭᠡᠵᠢᠭᠡ ᠪᠡᠨ ᠣᠷᠤᠢ ᠳᠡᠭᠡᠷ᠎ᠡ ᠪᠡᠨ ᠣᠷᠢᠶᠠᠴᠢᠬᠠᠵᠠᠢ᠃ ᠲᠡᠷᠡ ᠪᠠᠰᠠ ᠨᠢᠭᠡᠨ ᠬᠤᠯᠤᠰᠤᠨ ᠰᠠᠪᠬ᠎ᠠ ᠬᠡᠷᠡᠭᠯᠡᠭᠰᠡᠨ ᠪᠠᠢᠪᠠ᠃ ᠡᠨᠡ ᠮᠠᠭᠤ ᠪᠠᠰᠠ ᠢᠩᠭᠢᠨ᠎ᠡ ᠭᠡᠵᠦ ᠠ᠊ Q ᠶ᠋ᠢᠨ ᠵᠡᠭᠦᠳᠦᠨ ᠳᠦ ᠴᠦ ᠣᠷᠤᠭᠰᠠᠨ ᠦᠭᠡᠢ᠂ ᠢᠩᠭᠢᠬᠦ ᠶᠢ ᠨᠢ ᠴᠦ ᠣᠭᠲᠤ ᠵᠥᠪᠰᠢᠶᠡᠷᠡᠵᠦ ᠪᠣᠯᠬᠤ ᠦᠭᠡᠢ ᠶᠤᠮ︕ ᠲᠡᠷᠡ ᠮᠠᠭᠤ ᠵᠢᠭᠠᠯ D ᠶᠠᠭᠤ ᠶᠤᠮ ᠪᠤᠢ︖ ᠲᠡᠷᠡ ᠳᠣᠣᠷ᠎ᠠ ᠨᠢ ᠪᠠᠷᠢᠵᠤ ᠠᠪᠤᠭᠠᠳ ᠬᠤᠯᠤᠰᠤᠨ ᠰᠠᠪᠬ᠎ᠠ ᠶᠢ ᠨᠢ ᠬᠤᠭᠤ ᠲᠠᠲᠠᠵᠤ᠂ ᠭᠡᠵᠢᠭᠡ ᠶᠢ ᠨᠢ ᠪᠠᠭᠤᠯᠭᠠᠵᠤ ᠬᠠᠶᠠᠭᠠᠳ᠂ ᠬᠠᠴᠠᠷ ᠢ ᠨᠢ ᠬᠡᠳᠦ ᠰᠠᠢᠨ ᠠᠯᠠᠭᠠᠳᠠᠵᠤ᠂ ᠨᠡᠷ᠎ᠡ ᠨᠠᠰᠤ ᠪᠠᠨ ᠮᠠᠷᠲᠠᠵᠤ ᠠᠶᠤᠮᠰᠢᠭ ᠦᠭᠡᠢ ᠬᠤᠪᠢᠰᠭᠠᠯᠲᠤ ᠨᠠᠮ ᠪᠣᠯᠤᠭᠰᠠᠨ ᠳᠤᠨᠢ ᠵᠢᠭᠠᠬᠠᠨ ᠰᠢᠳᠭᠡᠯ ᠦᠵᠡᠭᠦᠯᠬᠦ ᠭᠡᠵᠦ ᠲᠡᠷᠡ ᠶᠡᠬᠡ ᠰᠠᠨᠠᠵᠤ ᠪᠢᠯᠡ᠃ ᠭᠡᠪᠡᠴᠦ ᠲᠡᠷᠡ ᠡᠴᠦᠰ ᠲᠦ ᠥᠷᠦᠰᠢᠶᠡᠯ ᠦᠵᠡᠭᠦᠯᠵᠦ ᠵᠥᠪᠬᠡᠨ ᠬᠢᠯᠢᠩᠲᠦ ᠨᠢᠳᠦ ᠪᠡᠷ ᠭᠢᠯᠤᠢᠵᠤ᠄«ᠲᠦᠢ︕» ᠭᠡᠵᠦ ᠨᠢᠯᠪᠤᠭᠠᠳ ᠯᠠ ᠵᠣᠭᠰᠤᠵᠠᠢ᠃

ᠡᠨᠡ ᠬᠡᠳᠦᠨ ᠡᠳᠦᠷ᠂ ᠭᠠᠭᠴᠠᠬᠠᠨ ᠬᠠᠭᠤᠷᠮᠠᠴᠢ ᠬᠠᠷᠢ ᠶᠢᠨ ᠴᠢᠳᠭᠦᠷ ᠯᠡ ᠬᠣᠲᠠ ᠳᠤ ᠣᠷᠤᠵᠠᠢ᠃ ᠵᠣᠣ ᠰᠢᠤᠼᠠᠢ ᠤᠤᠯ ᠨᠢ ᠪᠠᠰᠠ ᠠᠪᠳᠠᠷ᠎ᠠ ᠬᠠᠳᠠᠭᠠᠯᠠᠵᠤ ᠥᠭᠭᠦᠭᠰᠡᠨ ᠨᠢᠭᠤᠷ ᠢᠶᠡᠷ ᠢᠶᠡᠨ ᠡᠷᠭᠦᠭᠰᠡᠳ ᠲᠦ ᠪᠡᠶ᠎ᠡ ᠪᠡᠷ ᠪᠠᠷᠠᠳᠠᠬᠤ ᠪᠠᠷ ᠣᠴᠢᠬᠤ ᠭᠡᠰᠡᠨ ᠪᠣᠯᠪᠠᠴᠤ ᠭᠡᠵᠢᠭᠡ ᠬᠠᠢᠴᠢᠯᠠᠬᠤ ᠠᠶᠤᠯ ᠪᠤᠢ ᠭᠡᠵᠦ ᠰᠣᠨᠤᠰᠤᠭᠠᠳ ᠵᠣᠭᠰᠤᠵᠠᠢ᠃ ᠲᠡᠷᠡ᠂«ᠰᠢᠷ᠎ᠠ ᠰᠢᠬᠦᠷ ᠦᠨ ᠬᠡᠯᠪᠡᠷᠢᠲᠦ» ᠵᠠᠬᠢᠳᠠᠯ ᠨᠢᠭᠡ ᠶᠢ ᠪᠢᠴᠢᠵᠦ ᠬᠠᠭᠤᠷᠮᠠᠴᠢ ᠬᠠᠷᠢ ᠶᠢᠨ ᠴᠢᠳᠭᠦᠷ ᠢᠶᠡᠷ ᠬᠣᠲᠠᠨ ᠳᠤ ᠢᠯᠡᠭᠡᠭᠡᠳ ᠪᠠᠰᠠ ᠽᠢ ᠢᠦ ᠳ᠋ᠠᠩ ᠨᠠᠮ ᠳᠤ ᠪᠡᠶ᠎ᠡ ᠪᠡᠨ ᠡᠯᠰᠡᠭᠦᠯᠬᠦ ᠪᠡᠷ ᠲᠠᠨᠢᠯᠴᠠᠭᠤᠯᠵᠤ ᠥᠭᠬᠦ ᠶᠢ ᠲᠡᠭᠦᠨ ᠳᠦ ᠨᠠᠢᠳᠠᠭᠰᠠᠨ ᠠᠵᠢ᠃ ᠬᠠᠭᠤᠷᠮᠠᠴᠢ ᠬᠠᠷᠢ ᠶᠢᠨ ᠴᠢᠳᠭᠦᠷ ᠬᠠᠷᠢᠵᠤ ᠢᠷᠡᠭᠡᠳ᠂ ᠰᠢᠤᠼᠠᠢ ᠡᠴᠡ ᠳᠥᠷᠪᠡᠨ ᠮᠥᠩᠭᠦᠨ ᠲᠥᠭᠦᠷᠢᠭ᠌ ᠠᠪᠤᠭᠠᠳ ᠨᠢᠭᠡ ᠮᠥᠩᠭᠦᠨ ᠲᠤᠭᠤᠷ ᠥᠭᠭᠦᠭᠰᠡᠨ ᠢ ᠰᠢᠤᠼᠠᠢ ᠠᠪᠴᠤ ᠡᠩᠭᠡᠷ ᠳᠡᠭᠡᠷ᠎ᠡ ᠪᠡᠨ ᠵᠡᠭᠦᠪᠡ᠃ ᠡᠭᠦᠨ ᠳᠤᠨᠢ ᠸᠧᠢ ᠵᠤᠸᠠᠩ ᠤᠨ ᠬᠥᠮᠦᠰ ᠴᠥᠮ ᠭᠠᠢᠬᠠᠨ ᠪᠢᠰᠢᠷᠡᠵᠦ ᠡᠨᠡ ᠪᠣᠯ ᠱᠢ ᠢᠦ ᠳ᠋ᠠᠩ ᠨᠠᠮ ᠤᠨ ᠵᠢᠩᠰᠡ ᠶᠤᠮ᠂ ᠪᠢᠴᠢᠭ᠌ ᠦᠨ ᠲᠦᠰᠢᠮᠡᠯ ᠲᠠᠢ ᠲᠡᠩᠴᠡᠨ᠎ᠡ ᠭᠡᠵᠡᠭᠡᠨ᠎ᠡ᠃ ᠵᠣᠣ ᠲᠠᠢᠶᠸ ᠴᠤ ᠡᠭᠦᠨ ᠦ ᠤᠯᠠᠮ ᠡᠴᠡ ᠪᠦᠷ ᠶᠡᠬᠡ ᠶᠠᠩᠪᠠᠷᠬᠠᠵᠤ᠂ ᠬᠦᠦ ᠶᠢᠨ ᠢᠶᠡᠨ ᠠᠩᠬ᠎ᠠ ᠰᠢᠤᠼᠠᠢ ᠪᠣᠯᠬᠤ ᠦᠶ᠎ᠡ ᠡᠴᠡ ᠬᠣᠯᠠ ᠳᠠᠪᠠᠵᠠᠢ᠃ ᠢᠩᠭᠢᠭᠡᠳ ᠪᠦᠷ ᠨᠢᠳᠦᠨ ᠳᠤᠨᠢ ᠬᠠᠷᠠᠭᠳᠠᠬᠤ ᠬᠥᠮᠦᠨ ᠦᠭᠡᠢ ᠪᠣᠯᠤᠭᠰᠠᠨ ᠲᠤᠯᠠ ᠠ᠊ Q ᠶ᠋ᠢ ᠪᠦᠷ ᠴᠦ ᠣᠯᠵᠤ ᠬᠠᠷᠠᠬᠤ ᠦᠭᠡᠢ ᠪᠣᠯᠤᠯ᠎ᠠ᠃

ᠠ᠊ Q ᠶᠠᠭ ᠲᠠᠭᠠᠯᠠᠮᠵᠢ ᠦᠭᠡᠢ ᠪᠠᠢᠭᠰᠠᠨ ᠳᠡᠭᠡᠷ᠎ᠡ ᠪᠠᠰᠠ ᠦᠷᠭᠦᠯᠵᠢ ᠤᠢᠳᠭᠠᠷᠯᠠᠵᠤ ᠪᠠᠢᠭᠰᠠᠨ ᠲᠤᠯᠠ ᠡᠨᠡ ᠮᠥᠩᠭᠦᠨ ᠲᠤᠭᠤᠷ ᠤᠨ ᠲᠤᠬᠠᠢ ᠶᠠᠷᠢᠶ᠎ᠠ ᠶᠢ ᠰᠣᠨᠤᠰᠤᠮᠠᠭᠴᠠ ᠬᠤᠪᠢᠰᠭᠠᠯ ᠬᠢᠶ᠎ᠡ ᠭᠡᠪᠡᠯ ᠵᠥᠪᠬᠡᠨ ᠪᠠᠭᠤᠵᠤ ᠥᠭᠭᠦᠨ᠎ᠡ ᠭᠡᠵᠦ ᠬᠡᠯᠡᠭᠡᠳ ᠪᠣᠯᠬᠤ ᠦᠭᠡᠢ᠂ ᠭᠡᠵᠢᠭᠡ ᠪᠡᠨ ᠣᠷᠢᠶᠠᠭᠠᠳ ᠪᠠᠰᠠ ᠪᠣᠯᠬᠤ ᠦᠭᠡᠢ᠂ ᠶᠠᠭᠤᠨ ᠤ ᠡᠮᠦᠨ᠎ᠡ ᠬᠤᠪᠢᠰᠭᠠᠯᠲᠤ ᠨᠠᠮ ᠤᠨ ᠬᠢᠨ ᠲᠠᠢ ᠠᠭᠤᠯᠵᠠᠵᠤ ᠲᠠᠨᠢᠯᠴᠠᠬᠤ ᠨᠢ ᠴᠢᠬᠤᠯᠠ ᠶᠤᠮ ᠪᠠᠢᠨ᠎ᠠ ᠭᠡᠵᠦ ᠥᠪᠡᠷ ᠦᠨ ᠤᠢᠳᠭᠠᠷᠲᠠᠢ ᠪᠠᠢᠭᠰᠠᠨ ᠤ ᠴᠣᠬᠤᠮ ᠰᠢᠯᠲᠠᠭᠠᠨ ᠢ ᠲᠡᠷᠡ ᠳᠠᠷᠤᠢ ᠣᠯᠵᠤ ᠮᠡᠳᠡᠪᠡ᠃ ᠲᠡᠭᠦᠨ ᠦ ᠨᠠᠰᠤᠨ ᠳᠠᠭᠠᠨ ᠣᠯᠵᠤ ᠮᠡᠳᠡᠭᠰᠡᠨ ᠬᠤᠪᠢᠰᠭᠠᠯᠲᠤ ᠨᠠᠮ ᠤᠨ ᠬᠢᠨ ᠭᠡᠪᠡᠯ ᠬᠣᠶᠠᠷᠬᠠᠨ ᠬᠥᠮᠦᠨ ᠪᠤᠢ᠃ ᠬᠣᠲᠠ ᠳᠤ ᠪᠠᠢᠭᠰᠠᠨ ᠨᠢᠭᠡ ᠶᠢ ᠨᠢ ᠠᠯᠢ ᠬᠡᠳᠦᠢᠨ« ᠴᠠ» ᠬᠢᠵᠦ ᠣᠷᠬᠢᠭᠰᠠᠨ ᠪᠥᠭᠡᠳ ᠣᠳᠣ ᠭᠠᠭᠴᠠᠬᠠᠨ ᠬᠠᠭᠤᠷᠮᠠᠴᠢ ᠬᠠᠷᠢ ᠶᠢᠨ ᠴᠢᠳᠭᠦᠷ ᠲᠠᠢ ᠵᠥᠪᠳᠡᠬᠦ ᠡᠴᠡ ᠥᠭᠡᠷ᠎ᠡ ᠵᠠᠮ ᠦᠭᠡᠢ ᠪᠣᠯᠵᠠᠢ᠃ ᠴᠢᠶᠠᠨ ᠣᠪᠤᠭᠲᠠᠨ ᠦ ᠭᠠᠳᠠᠷ ᠬᠠᠭᠠᠯᠭ᠎ᠠ ᠨᠡᠭᠡᠭᠡᠯᠲᠡ ᠲᠠᠢ ᠪᠠᠢᠨ᠎ᠠ᠃ ᠠ᠊ Q ᠠᠶᠤᠵᠤ ᠳᠠᠯᠳᠢᠷᠠᠭᠰᠠᠭᠠᠷ ᠣᠷᠤᠵᠤ ᠣᠴᠢᠯ᠎ᠠ᠃ ᠳᠣᠲᠤᠷ᠎ᠠ ᠨᠢ ᠣᠷᠤᠵᠤ ᠣᠴᠢᠭᠠᠳ ᠶᠡᠬᠡ ᠯᠠ ᠰᠣᠴᠢᠪᠠ᠃ ᠬᠠᠭᠤᠷᠮᠠᠴᠢ ᠬᠠᠷᠢ ᠶᠢᠨ ᠴᠢᠳᠭᠦᠷ ᠬᠠᠰᠢᠶᠠᠨ ᠤ ᠪᠠᠨ ᠲᠥᠪ ᠲᠦ᠂ ᠥᠪᠴᠢ ᠪᠡᠶ᠎ᠡ ᠬᠠᠷᠢ ᠭᠠᠳᠠᠨ᠎ᠠ ᠶᠢᠨ ᠪᠣᠯᠤᠯᠲᠠᠢ ᠫᠠᠳ ᠬᠠᠷ᠎ᠠ ᠬᠤᠪᠴᠠᠰᠤ ᠡᠮᠦᠰᠴᠦ᠂ ᠡᠩᠭᠡᠷ ᠳᠡᠭᠡᠷ᠎ᠡ ᠪᠡᠨ ᠪᠠᠰᠠ ᠨᠢᠭᠡ ᠮᠥᠩᠭᠦᠨ ᠲᠤᠭᠤᠷ ᠵᠡᠭᠦᠴᠢᠬᠡᠭᠡᠳ ᠭᠠᠷ ᠲᠠᠭᠠᠨ ᠠ᠊ Q ᠶ᠋ᠢᠨ ᠠᠮᠲᠠᠯᠠᠵᠤ ᠥᠩᠭᠡᠷᠡᠭᠰᠡᠨ ᠥᠨᠥ ᠲᠠᠰᠢᠭᠤᠷ ᠢ ᠠᠳᠬᠤᠵᠤ᠂ ᠲᠣᠬᠤᠢ ᠢᠯᠡᠭᠦᠦ ᠤᠷᠭᠤᠭᠰᠠᠨ ᠤᠷᠲᠤ ᠭᠡᠵᠢᠭᠡ ᠪᠡᠨ ᠵᠠᠳᠠᠯᠵᠤ᠂ ᠠᠯᠲᠠᠨ ᠮᠡᠯᠡᠬᠡᠢ ᠶᠢᠨ ᠰᠠᠬᠢᠭᠤᠯᠰᠤᠨ ᠰᠢᠭ ᠮᠥᠷᠦ ᠤᠷᠤᠭᠤ ᠪᠠᠨ ᠰᠡᠭᠰᠡᠢᠯᠭᠡᠨ ᠤᠨᠵᠢᠭᠤᠯᠤᠭᠰᠠᠨ ᠪᠠᠢᠪᠠ᠃ ᠶᠠᠭ ᠡᠮᠦᠨ᠎ᠡ ᠨᠢ ᠵᠣᠣ ᠪᠠᠢ ᠶᠠᠨ ᠭᠤᠷᠪᠠᠨ ᠲᠡᠨᠦᠭᠦᠯᠴᠢᠨ ᠦ ᠬᠠᠮᠲᠤ ᠲᠡᠪ ᠲᠡᠭᠰᠢᠬᠡᠨ ᠵᠣᠭᠰᠤᠭᠠᠳ᠂ ᠲᠡᠭᠦᠨ ᠦ ᠶᠠᠷᠢᠶ᠎ᠠ ᠶᠢ ᠶᠡᠬᠡ ᠯᠡ ᠬᠢᠴᠢᠶᠡᠩᠭᠦᠢ ᠰᠣᠨᠤᠰᠤᠨ᠎ᠠ᠃

ᠠ᠊ Q ᠬᠥᠪ ᠬᠥᠩᠭᠡᠨ ᠠᠯᠬᠤᠵᠤ ᠣᠷᠤᠭᠠᠳ ᠵᠣᠣ ᠪᠠᠢ ᠶᠠᠨ ᠤ ᠠᠷᠤ ᠳᠤ ᠵᠣᠭᠰᠤᠪᠠ᠃ ᠴᠢᠩᠭᠢᠭᠡᠳ ᠦᠭᠡ ᠳᠤᠤᠭᠠᠷᠬᠤ ᠭᠡᠵᠦ ᠶᠡᠬᠡ ᠰᠠᠨᠠᠭᠰᠠᠨ ᠪᠣᠯᠪᠠᠴᠤ ᠶᠠᠭᠤ ᠭᠡᠵᠦ ᠳᠠᠭᠤᠳᠠᠬᠤ ᠪᠠᠨ ᠣᠯᠵᠤ ᠶᠠᠳᠠᠨ᠂ ᠬᠠᠭᠤᠷᠮᠠᠴᠢ ᠬᠠᠷᠢ ᠶᠢᠨ ᠴᠢᠳᠭᠦᠷ ᠭᠡᠵᠦ ᠪᠣᠯᠬᠤ ᠦᠭᠡᠢ ᠨᠢ ᠯᠠᠪ᠂ ᠬᠠᠷᠢ ᠶᠢᠨ ᠬᠥᠮᠦᠨ ᠭᠡᠬᠦ ᠨᠢ ᠪᠠᠰᠠ ᠵᠣᠬᠢᠰ ᠦᠭᠡᠢ᠂ ᠬᠤᠪᠢᠰᠭᠠᠯᠲᠤ ᠨᠠᠮ ᠭᠡᠬᠦ ᠨᠢ ᠮᠥᠨ ᠡᠪ ᠦᠭᠡᠢ᠂ ᠡᠰᠡᠬᠦᠯ᠎ᠡ ᠬᠠᠷᠢ ᠶᠢᠨ ᠪᠠᠭᠰᠢ ᠭᠡᠬᠦ ᠴᠦ ᠶᠤᠮ ᠤᠤ ᠭᠡᠵᠦ ᠪᠣᠳᠤᠨ ᠵᠣᠭᠰᠤᠪᠠ᠃

ᠬᠠᠷᠢ ᠶᠢᠨ ᠪᠠᠭᠰᠢ ᠨᠢ ᠬᠠᠷᠢᠨ ᠲᠡᠭᠦᠨ ᠢ ᠣᠯᠵᠤ ᠦᠵᠡᠭᠰᠡᠨ ᠦᠭᠡᠢ᠂ ᠤᠴᠢᠷ ᠨᠢ ᠲᠡᠷᠡ ᠨᠢᠳᠦ ᠪᠡᠨ ᠴᠠᠭᠠᠨ ᠢᠶᠡᠷ ᠡᠷᠭᠢᠭᠦᠯᠵᠦ ᠶᠡᠬᠡ ᠯᠡ ᠲᠠᠭᠠᠲᠠᠢ ᠪᠠᠷ᠄

«ᠪᠢ ᠪᠣᠯ ᠲᠠᠪᠴᠢᠭᠤ ᠵᠠᠩ ᠲᠠᠢ ᠬᠥᠮᠦᠨ ᠲᠤᠯᠠ ᠨᠢᠭᠤᠷ ᠤᠴᠠᠷᠠᠪᠠᠯ ᠯᠠ ᠵᠠᠪᠠᠯ ᠾᠦᠩ ᠠᠬ᠎ᠠ ᠡ︕ ᠪᠢᠳᠡ ᠭᠠᠷ ᠬᠥᠳᠡᠯᠦᠶ᠎ᠡ︕ ᠭᠡᠳᠡᠭ᠌ ᠶᠤᠮ᠃ ᠭᠡᠲᠡᠯ᠎ᠡ ᠲᠡᠷᠡ ᠬᠡᠵᠢᠶᠡᠳᠡ NO︕ ᠭᠡᠳ ᠯᠡ ᠪᠠᠢᠯ᠎ᠠ᠃ - ᠡᠨᠡ ᠪᠣᠯ ᠬᠠᠷᠢ ᠶᠢᠨ ᠦᠭᠡ᠂ ᠲᠠ ᠨᠠᠷ ᠮᠡᠳᠡᠬᠦ ᠦᠭᠡᠢ᠃ ᠦᠭᠡᠢᠪᠡᠯ ᠬᠤᠪᠢᠰᠭᠠᠯ ᠠᠯᠢ ᠬᠡᠳᠦᠢᠨ ᠪᠦᠲᠦᠴᠢᠬᠡᠭᠰᠡᠨ ᠰᠢᠦ ᠳ᠋ᠠ᠃ ᠭᠡᠲᠡᠯ᠎ᠡ ᠡᠨᠡ ᠨᠢ ᠶᠠᠭ ᠲᠡᠭᠦᠨ ᠦ ᠬᠡᠷᠡᠭ᠌ ᠤᠴᠢᠷ ᠲᠤ ᠬᠢᠴᠢᠶᠡᠮᠡᠲᠡᠭᠡᠢ ᠪᠠᠢᠳᠠᠭ ᠭᠠᠵᠠᠷ ᠨᠢ ᠶᠤᠮ᠃ ᠲᠡᠷᠡ ᠨᠠᠮᠠᠢ ᠬᠤᠪᠧᠢ ᠳᠤ ᠣᠴᠢᠭᠠᠴᠢ ᠭᠡᠵᠦ ᠳᠠᠬᠢᠨ ᠳᠠᠬᠢᠨ ᠭᠤᠶᠤᠭᠰᠠᠨ ᠰᠢᠤ᠂ ᠪᠢ ᠣᠴᠢᠭᠰᠠᠨ ᠦᠭᠡᠢ᠃ ᠬᠡᠨ ᠲᠡᠷᠡ ᠪᠢᠴᠢᠬᠠᠨ ᠰᠢᠶᠠᠨ ᠤ ᠭᠠᠵᠠᠷ ᠠᠵᠢᠯᠯᠠᠬᠤ ᠪᠤᠢ︖ ᠁»

«ᠵᠠ ᠁ ᠣᠳᠣ ᠁» ᠭᠡᠵᠦ ᠠ᠊ Q ᠲᠡᠭᠦᠨ ᠦ ᠶᠠᠷᠢᠶ᠎ᠠ ᠲᠦᠷ ᠵᠣᠭᠰᠤᠰᠬᠢᠬᠤ ᠵᠠᠭᠤᠷ᠎ᠠ᠂ ᠠᠷᠪᠠᠨ ᠬᠤᠪᠢ ᠶᠢᠨ ᠵᠣᠷᠢᠭ ᠭᠠᠷᠭᠠᠵᠤ ᠠᠷᠡᠢᠭᠡᠵᠦ ᠠᠮᠠ ᠨᠡᠭᠡᠭᠡᠪᠡ᠃ ᠭᠡᠲᠡᠯ᠎ᠡ ᠶᠠᠭᠠᠬᠢᠭᠠᠳ ᠴᠤ ᠶᠤᠮ ᠪᠤᠤ ᠮᠡᠳᠡ᠂ ᠬᠠᠷᠢ ᠶᠢᠨ ᠪᠠᠭᠰᠢ ᠭᠡᠵᠦ ᠳᠠᠭᠤᠳᠠᠭᠰᠠᠨ ᠴᠤ ᠦᠭᠡᠢ᠃

ᠦᠭᠡ ᠰᠣᠨᠤᠰᠴᠤ ᠪᠠᠢᠭᠰᠠᠨ ᠳᠥᠷᠪᠡᠨ ᠬᠥᠮᠦᠨ ᠴᠥᠮ ᠰᠣᠴᠢᠵᠤ ᠲᠡᠭᠦᠨ ᠢ ᠡᠷᠭᠢᠵᠦ ᠬᠠᠷᠠᠪᠠ᠃ ᠬᠠᠷᠢ ᠶᠢᠨ ᠪᠠᠭᠰᠢ ᠪᠠᠰᠠ ᠣᠯᠵᠤ ᠦᠵᠡᠭᠡᠳ᠄

«ᠶᠠᠭᠤ︖» ᠭᠡᠪᠡ᠃

«ᠪᠢ ᠁»

«ᠭᠠᠷ︕»

«ᠪᠢ ᠪᠠᠭᠤᠵᠤ ᠁»

«ᠲᠣᠨᠢᠯ︕» ᠭᠡᠵᠦ ᠬᠠᠷᠢ ᠶᠢᠨ ᠪᠠᠭᠰᠢ«ᠪᠡᠯᠪᠡᠰᠦᠷᠡᠯ ᠤᠨ ᠰᠢᠳᠠᠮ» ᠢᠶᠡᠨ ᠳᠠᠯᠠᠢᠪᠠ᠃

ᠵᠣᠣ ᠪᠠᠢ ᠶᠠᠨ ᠪᠣᠯᠤᠨ ᠲᠡᠨᠦᠭᠦᠯᠴᠢᠳ ᠴᠥᠮ᠄«ᠪᠠᠭᠰᠢ ᠴᠢᠮᠠᠢ ᠲᠣᠨᠢᠯ ᠭᠡᠵᠦ ᠪᠠᠢᠬᠤ ᠳᠤ ᠴᠢ ᠪᠠᠰᠠ ᠰᠣᠨᠤᠰᠬᠤ ᠦᠭᠡᠢ ᠦᠦ︖» ᠭᠡᠵᠦ ᠵᠠᠩᠳᠤᠷᠪᠠ᠃

ᠠ᠊ Q ᠭᠠᠷ ᠢᠶᠡᠷ ᠲᠣᠯᠤᠭᠠᠢ ᠪᠠᠨ ᠬᠠᠯᠬᠠᠯᠠᠭᠠᠳ ᠰᠠᠨᠠᠮᠰᠠᠷ ᠦᠭᠡᠢ ᠭᠠᠳᠠᠭᠰᠢ ᠳᠤᠲᠠᠭᠠᠨ ᠭᠠᠷᠪᠠ᠃ ᠬᠠᠷᠢ ᠶᠢᠨ ᠪᠠᠭᠰᠢ ᠬᠠᠷᠢᠨ ᠨᠡᠬᠡᠵᠦ ᠲᠠᠭᠤᠭᠰᠠᠨ ᠴᠤ ᠦᠭᠡᠢ᠃ ᠠ᠊ Q ᠵᠢᠷᠠ ᠭᠠᠷᠤᠢ ᠠᠯᠬᠤᠮ ᠲᠦᠷᠭᠡᠨ ᠭᠦᠶᠦᠭᠡᠳ ᠠᠯᠭᠤᠷᠬᠠᠨ ᠠᠯᠬᠤᠪᠠ᠃ ᠢᠩᠭᠢᠭᠡᠳ ᠲᠡᠭᠦᠨ ᠦ ᠰᠡᠳᠭᠢᠯ ᠤᠢᠳᠭᠠᠷ ᠭᠤᠨᠢᠭ ᠢᠶᠡᠷ ᠳᠦᠭᠦᠷᠴᠦ᠄ ᠬᠠᠷᠢ ᠶᠢᠨ ᠪᠠᠭᠰᠢ ᠲᠡᠭᠦᠨ ᠢ ᠬᠤᠪᠢᠰᠭᠠᠯ ᠬᠢᠯᠭᠡᠬᠦ ᠦᠭᠡᠢ ᠪᠠᠢᠨ᠎ᠠ᠂ ᠣᠳᠣ ᠥᠭᠡᠷ᠎ᠡ ᠵᠠᠮ ᠦᠭᠡᠢ ᠪᠣᠯᠪᠠ᠃ ᠡᠭᠦᠨ ᠡᠴᠡ ᠬᠤᠢᠰᠢ ᠴᠠᠭᠠᠨ ᠬᠤᠶᠠᠭ ᠳᠤᠭᠤᠯᠠᠭ᠎ᠠ ᠲᠠᠢ ᠬᠥᠮᠦᠨ ᠢᠷᠡᠵᠦ ᠳᠠᠭᠤᠳᠠᠬᠤ ᠶᠢ ᠬᠦᠰᠡᠵᠦ ᠣᠭᠲᠤ ᠪᠣᠯᠬᠤ ᠦᠭᠡᠢ᠂ ᠲᠡᠭᠦᠨ ᠦ ᠪᠦᠬᠦ ᠡᠭᠦᠷᠭᠡ ᠬᠠᠷᠢᠭᠤᠴᠠᠯᠭ᠎ᠠ᠂ ᠬᠦᠰᠡᠯ ᠵᠣᠷᠢᠭ᠂ ᠭᠣᠷᠢᠳᠠᠯ ᠡᠷᠡᠮᠡᠯᠵᠡᠯ᠂ ᠬᠡᠲᠦ ᠶᠢᠨ ᠵᠣᠷᠢᠯᠭ᠎ᠠ ᠪᠦᠷ ᠨᠢᠭᠡᠮᠦᠰᠦᠨ ᠪᠠᠯᠠᠷᠠᠪᠠ᠃ ᠰᠤᠯᠠ ᠲᠡᠨᠦᠭᠦᠯᠴᠢᠳ ᠦᠭᠡ ᠭᠠᠷᠭᠠᠵᠤ ᠵᠢᠭᠠᠯ D᠂ ᠸᠠᠩ ᠰᠠᠬᠠᠯᠲᠤ ᠮᠡᠲᠦᠰ ᠲᠦ ᠡᠯᠡᠭ᠌ ᠪᠣᠯᠬᠤ ᠨᠢ ᠴᠤ ᠶᠠᠭᠠᠮᠠᠢ᠂ ᠲᠡᠳᠦᠢ ᠯᠡ ᠴᠢᠬᠤᠯᠠ ᠬᠡᠷᠡᠭ᠌ ᠪᠢᠰᠢ ᠭᠡᠵᠦ ᠪᠣᠳᠤᠵᠤ ᠶᠠᠪᠤᠪᠠ᠃

ᠠ᠊ Q ᠡᠢᠮᠦ ᠣᠯᠢᠭ ᠦᠭᠡᠢ ᠶᠠᠪᠤᠳᠠᠯ ᠳᠤ ᠶᠡᠷᠦ ᠡᠴᠡ ᠤᠴᠠᠷᠠᠵᠤ ᠦᠵᠡᠭᠡᠳᠦᠢ ᠶᠤᠮ ᠰᠢᠭ ᠰᠠᠨᠠᠭᠳᠠᠨ᠎ᠠ᠃ ᠭᠡᠵᠢᠭᠡ ᠣᠷᠢᠶᠠᠭᠰᠠᠨ ᠢᠶᠡᠨ ᠮᠥᠨ ᠤᠴᠢᠷ ᠦᠭᠡᠢ᠂ ᠳᠡᠮᠡᠢ ᠢᠴᠢᠭᠦᠷᠢ ᠭᠡᠵᠦ ᠰᠠᠨᠠᠨ᠎ᠠ᠃ ᠥᠰᠢᠶ᠎ᠡ ᠪᠣᠳᠤᠵᠤ ᠳᠣᠣᠷ᠎ᠠ ᠨᠢ ᠭᠡᠵᠢᠭᠡ ᠪᠡᠨ ᠲᠠᠯᠪᠢᠴᠢᠬᠠᠶ᠎ᠠ ᠭᠡᠵᠦ ᠰᠠᠨᠠᠭᠰᠠᠨ ᠪᠣᠯᠪᠠᠴᠤ ᠪᠠᠰᠠ ᠠᠷᠠᠢ ᠲᠠᠯᠪᠢᠭᠰᠠᠨ ᠦᠭᠡᠢ᠂ ᠰᠥᠨᠢ ᠪᠣᠯᠲᠠᠯ᠎ᠠ ᠬᠡᠰᠦᠵᠦ ᠶᠠᠪᠤᠭᠰᠠᠭᠠᠷ ᠬᠣᠶᠠᠷ ᠠᠶᠠᠭ᠎ᠠ ᠠᠷᠢᠬᠢ ᠵᠢᠭᠡᠯᠡᠵᠦ ᠵᠠᠯᠭᠢᠯᠠᠬᠤᠯ᠎ᠠ ᠠᠭᠠᠵᠢᠮ ᠢᠶᠡᠷ ᠪᠠᠶᠠᠷ ᠪᠠᠶᠠᠰᠤᠯ ᠲᠥᠷᠦᠭᠳᠡᠵᠦ ᠨᠢᠳᠦᠨ ᠳᠤᠨᠢ ᠴᠠᠭᠠᠨ ᠳᠤᠭᠤᠯᠠᠭ᠎ᠠ ᠶᠢᠨ ᠬᠡᠯᠲᠡᠷᠬᠡᠢ ᠲᠠᠰᠤᠷᠬᠠᠢ ᠨᠤᠭᠤᠳ ᠪᠠᠰᠠ ᠳᠠᠬᠢᠭᠠᠳ ᠦᠵᠡᠭᠳᠡᠬᠦ ᠮᠡᠲᠦ ᠪᠣᠯᠪᠠ᠃

ᠨᠢᠭᠡᠨ ᠡᠳᠦᠷ ᠲᠡᠷᠡ ᠮᠥᠨ ᠰᠥᠨᠢ ᠣᠷᠤᠢ ᠪᠣᠯᠲᠠᠯ᠎ᠠ ᠲᠡᠨᠦᠵᠦ ᠠᠷᠢᠬᠢᠨ ᠤ ᠫᠦᠰᠡᠨ ᠦ ᠬᠠᠭᠠᠯᠭ᠎ᠠ ᠪᠠᠨ ᠲᠦᠭᠵᠢᠬᠦ ᠦᠶ᠎ᠡ ᠳᠦ ᠶᠢᠰᠦᠨ ᠡᠵᠡᠳ ᠦᠨ ᠰᠦᠮ᠎ᠡ ᠳᠡᠭᠡᠨ ᠭᠡᠯᠳᠦᠷᠢᠨ ᠬᠠᠷᠢᠪᠠ᠃

ᠫᠢᠩ᠂ ᠫᠢᠩ ᠁

ᠲᠡᠷᠡ ᠭᠡᠨᠡᠳᠲᠡ ᠨᠢᠭᠡᠨ ᠰᠣᠨᠢᠬᠠᠨ ᠳᠠᠭᠤᠨ ᠣᠯᠵᠤ ᠰᠣᠨᠤᠰᠪᠠ᠃ ᠫᠤᠤᠵᠢᠩ ᠤᠨ ᠳᠠᠭᠤᠨ ᠠᠷᠠᠢ ᠴᠤ ᠪᠢᠰᠢ ᠪᠠᠢᠯ᠎ᠠ᠃ ᠠᠢ Q ᠶᠡᠷᠦ ᠨᠢ ᠦᠢᠮᠡᠭᠡᠨ ᠳᠦ ᠳᠤᠷᠠᠲᠠᠢ ᠰᠠᠪᠠᠭ᠎ᠠ ᠦᠭᠡᠢ ᠵᠠᠩ ᠲᠠᠢ ᠬᠥᠮᠦᠨ ᠲᠤᠯᠠ ᠬᠠᠷᠠᠩᠭᠤᠢ ᠪᠠᠷ ᠰᠢᠭᠤᠳ ᠭᠠᠷᠴᠤ ᠡᠷᠢᠪᠡ᠃ ᠡᠮᠦᠨ᠎ᠡ ᠨᠢ ᠬᠥᠯ ᠦᠨ ᠴᠢᠮᠡᠭᠡ ᠭᠠᠷᠬᠤ ᠰᠢᠭ ᠪᠣᠯᠤᠭᠰᠠᠨ ᠳᠤ ᠲᠡᠷᠡ ᠶᠠᠭ ᠵᠣᠭᠰᠤᠭᠠᠳ ᠴᠢᠩᠨᠠᠵᠤ ᠪᠠᠢᠲᠠᠯ᠎ᠠ᠂ ᠭᠡᠨᠡᠳᠲᠡ ᠥᠭᠡᠳᠡ ᠡᠴᠡ ᠨᠢ ᠨᠢᠭᠡ ᠬᠥᠮᠦᠨ ᠳᠤᠲᠠᠭᠠᠵᠤ ᠢᠷᠠᠨ᠎ᠠ᠃ ᠠ᠊ Q ᠣᠯᠵᠤ ᠦᠵᠡᠮᠡᠭᠴᠡ ᠲᠦᠷᠭᠡᠨ ᠪᠤᠴᠠᠭᠠᠳ ᠬᠤᠢᠨ᠎ᠠ ᠡᠴᠡ ᠨᠢ ᠳᠠᠭᠠᠵᠤ ᠳᠤᠲᠠᠭᠠᠪᠠ᠃ ᠲᠡᠷᠡ ᠬᠥᠮᠦᠨ ᠮᠤᠷᠤᠢᠪᠠᠯ ᠠ᠊ Q ᠪᠠᠰᠠ ᠮᠤᠷᠤᠢᠵᠤ ᠭᠦᠶᠦᠨ᠎ᠡ᠃ ᠲᠡᠷᠡ ᠬᠥᠮᠦᠨ ᠮᠤᠷᠤᠢᠵᠤ ᠡᠷᠭᠢᠮᠡᠭᠴᠡ ᠵᠣᠭᠰᠤᠭᠰᠠᠨ ᠳᠤ ᠠ᠊ Q ᠪᠠᠰᠠ ᠵᠣᠭᠰᠤᠪᠠ᠃ ᠠ᠊ Q ᠠᠷᠤ ᠳᠤᠨᠢ ᠬᠥᠮᠦᠨ ᠦᠭᠡᠢ ᠶᠢ ᠮᠡᠳᠡᠭᠡᠳ ᠡᠮᠦᠨᠡᠬᠢ ᠪᠡᠨ ᠬᠠᠷᠠᠬᠤᠯ᠎ᠠ ᠭᠠᠢᠬᠠᠯ ᠵᠢᠭᠠᠯ D ᠪᠠᠢᠪᠠ᠃

«ᠶᠠᠭᠤ ᠪᠤᠢ︖» ᠭᠡᠵᠦ ᠠ᠊ Q ᠳᠤᠷ᠎ᠠ ᠦᠭᠡᠢᠴᠡᠨ ᠠᠰᠠᠭᠤᠪᠠ᠃

«ᠵᠣᠣ ᠁ ᠵᠣᠣ ᠣᠪᠤᠭᠲᠠᠨ ᠤ ᠲᠠᠯᠬᠠᠳᠠᠭᠰᠠᠨ︕» ᠭᠡᠵᠦ ᠵᠢᠭᠠᠯ D ᠠᠮᠢᠰᠭᠤᠭ᠎ᠠ ᠳᠡᠭᠡᠷᠡᠳᠡᠭᠰᠡᠭᠡᠷ ᠬᠡᠯᠡᠪᠡ᠃

ᠠ᠊ Q ᠶ᠋ᠢᠨ ᠵᠢᠷᠦᠬᠡ ᠲᠦᠭ ᠲᠦᠭ ᠲᠦᠭᠰᠢᠨ᠎ᠡ᠃ ᠵᠢᠭᠠᠯ D ᠬᠡᠯᠡᠵᠦ ᠪᠠᠷᠠᠭᠠᠳ ᠶᠠᠪᠤᠵᠤ ᠥᠭᠪᠡ᠃ ᠠ᠊ Q ᠬᠣᠶᠠᠷ ᠭᠤᠷᠪᠠ ᠳᠠᠬᠢᠨ ᠳᠤᠲᠠᠭᠠᠰᠬᠢᠵᠤ ᠵᠣᠭᠰᠤᠰᠬᠢᠪᠠ᠃ ᠭᠡᠪᠡᠴᠦ ᠠ᠊ Q ᠬᠠᠰᠢ ᠯᠠ«ᠡᠢᠮᠦ ᠦᠢᠯᠡ» ᠦᠢᠯᠡᠳᠴᠦ ᠥᠩᠭᠡᠷᠡᠭᠰᠡᠨ ᠬᠥᠮᠦᠨ ᠪᠣᠯᠬᠣᠷ ᠰᠥᠰᠦ ᠵᠣᠷᠢᠭ ᠰᠦᠷᠡᠬᠡᠢ ᠶᠡᠬᠡ᠂ ᠵᠠᠮ ᠦᠨ ᠬᠠᠵᠠᠭᠤ ᠳᠤ ᠵᠠᠢᠯᠠᠵᠤ ᠭᠠᠷᠤᠭᠠᠳ ᠴᠢᠬᠢ ᠲᠠᠯᠪᠢᠵᠤ ᠴᠢᠩᠨᠠᠪᠠᠯ ᠬᠠᠰᠭᠢᠷᠤᠯᠳᠤᠬᠤ ᠪᠣᠯᠤᠯᠲᠠᠢ ᠰᠣᠨᠤᠰᠳᠠᠪᠠ᠃ ᠳᠠᠬᠢᠭᠠᠳ ᠨᠠᠷᠢᠨ ᠠᠵᠢᠭᠯᠠᠪᠠᠯ ᠴᠠᠭᠠᠨ ᠬᠤᠶᠠᠭ ᠴᠠᠭᠠᠨ ᠳᠤᠭᠤᠯᠠᠭ᠎ᠠ ᠡᠮᠦᠰᠦᠭᠰᠡᠨ ᠣᠯᠠᠨ ᠬᠥᠮᠦᠨ ᠬᠤᠢᠨ᠎ᠠ ᠬᠤᠢᠨᠠᠴᠠ ᠪᠠᠨ ᠴᠤᠪᠤᠷᠠᠯᠳᠤᠨ ᠭᠠᠳᠠᠭᠰᠢ ᠪᠠᠨ ᠠᠪᠳᠠᠷ᠎ᠠ ᠵᠥᠭᠡᠭᠡᠵᠡᠭᠡᠬᠦ ᠶᠤᠮ ᠰᠢᠭ᠂ ᠰᠢᠤᠼᠠᠢ ᠶᠢᠨ ᠡᠬᠡᠨᠡᠷ ᠦᠨ ᠨᠢᠩᠪᠦ᠋ᠸᠧ ᠮᠠᠶᠢ᠍ᠭ ᠤᠨ ᠣᠷᠤ ᠶᠢ ᠴᠤ ᠵᠥᠭᠡᠭᠡᠬᠦ ᠶᠤᠮ ᠰᠢᠭ ᠪᠣᠯᠤᠭᠰᠠᠨ ᠴᠤ ᠲᠣᠳᠤ ᠰᠠᠢᠬᠠᠨ ᠬᠠᠷᠠᠭᠳᠠᠬᠤ ᠦᠭᠡᠢ ᠪᠣᠯᠪᠠ᠃ ᠣᠴᠢᠬᠤ ᠴᠤ ᠶᠤᠮ ᠤᠤ ᠭᠡᠵᠦ ᠰᠠᠨᠠᠭᠰᠠᠨ ᠴᠤ ᠬᠣᠶᠠᠷ ᠬᠥᠯ ᠨᠢ ᠬᠥᠳᠡᠯᠵᠦ ᠥᠭᠭᠦᠭᠰᠡᠨ ᠦᠭᠡᠢ᠃

ᠡᠨᠡ ᠰᠥᠨᠢ ᠰᠠᠷᠠ ᠦᠭᠡᠢ᠂ ᠸᠧᠢ ᠵᠤᠸᠠᠩ ᠲᠣᠰᠭᠤᠨ ᠬᠠᠷᠠᠩᠭᠤᠢ ᠶᠢᠨ ᠳᠣᠲᠤᠷ᠎ᠠ ᠴᠢᠮᠡᠭᠡ ᠠᠨᠢᠷ ᠦᠭᠡᠢ᠂ ᠹᠦᠰᠢ ᠬᠠᠭᠠᠨ ᠤ ᠦᠶ᠎ᠡ ᠰᠢᠭ᠌ ᠨᠠᠮ ᠲᠠᠢᠪᠤᠩ ᠪᠠᠢᠪᠠ᠃ ᠠ᠊ Q ᠲᠡᠨᠳᠡ ᠪᠡᠨ ᠵᠣᠭᠰᠤᠭᠠᠳ ᠵᠠᠯᠬᠠᠭᠤ ᠪᠠᠨ ᠬᠦᠷᠲᠡᠯ᠎ᠡ ᠬᠠᠷᠠᠪᠠ᠃ ᠪᠠᠰᠠ ᠯᠠ ᠤᠷᠢᠳᠠᠬᠢ ᠲᠠᠢ ᠪᠠᠨ ᠠᠳᠠᠯᠢ ᠥᠭᠡᠳᠡ ᠤᠷᠤᠭᠤ ᠶᠠᠭᠤᠮ᠎ᠠ ᠵᠥᠭᠡᠭᠡᠵᠦ᠂ ᠠᠪᠳᠠᠷ᠎ᠠ ᠬᠣᠷᠭᠤ ᠨᠤᠭᠤᠳ ᠠᠪᠤᠭᠠᠳ ᠭᠠᠷᠤᠨ᠎ᠠ᠃ ᠡᠳ᠋ᠯᠡᠯ ᠬᠡᠷᠡᠭᠯᠡᠯ ᠢ ᠴᠦ ᠵᠥᠭᠡᠭᠡᠵᠦ ᠭᠠᠷᠤᠨ᠎ᠠ᠃ ᠰᠢᠤᠼᠠᠢ ᠶᠢᠨ ᠡᠬᠡᠨᠡᠷ ᠦᠨ ᠨᠢᠩᠪᠦ᠋ᠸᠧ ᠮᠠᠶᠢ᠍ᠭ ᠤᠨ ᠣᠷᠤ ᠶᠢ ᠴᠤ ᠠᠪᠴᠤ ᠭᠠᠷᠤᠨ᠎ᠠ ᠁ ᠠ᠊ Q ᠡᠭᠦᠨ ᠢ ᠬᠠᠷᠠᠭᠰᠠᠭᠠᠷ ᠥᠪᠡᠷ ᠦᠨ ᠨᠢᠳᠦ ᠪᠡᠨ ᠢᠲᠡᠭᠡᠬᠦ ᠦᠭᠡᠢ ᠰᠢᠬᠠᠮ ᠪᠣᠯᠪᠠ᠃ ᠭᠡᠪᠡᠴᠦ ᠲᠡᠷᠡ ᠲᠡᠨᠳᠡ ᠣᠴᠢᠬᠤ ᠦᠭᠡᠢ ᠭᠡᠵᠦ ᠰᠢᠭᠤᠳᠤᠭᠠᠳ ᠶᠢᠰᠦᠨ ᠡᠵᠡᠳ ᠦᠨ ᠰᠦᠮ᠎ᠡ ᠳᠡᠭᠡᠨ ᠬᠠᠷᠢᠪᠠ᠃

ᠶᠢᠰᠦᠨ ᠡᠵᠡᠳ ᠦᠨ ᠰᠦᠮ᠎ᠡ ᠳᠣᠲᠤᠷ᠎ᠠ ᠨᠡᠩ ᠴᠦ ᠬᠠᠷᠠᠩᠭᠤᠢ ᠪᠣᠯᠪᠠ᠃ ᠲᠡᠷᠡ ᠭᠠᠳᠠᠷ ᠬᠠᠭᠠᠯᠭ᠎ᠠ ᠪᠠᠨ ᠶᠠᠭ ᠳᠠᠷᠤᠭᠠᠳ᠂ ᠥᠷᠦᠭᠡᠨ ᠳᠡᠭᠡᠨ ᠲᠡᠮᠲᠡᠷᠢᠨ ᠣᠷᠤᠪᠠ᠃ ᠲᠡᠭᠡᠭᠡᠳ ᠨᠡᠯᠢᠶᠡᠳ ᠤᠳᠠᠲᠠᠯ᠎ᠠ ᠬᠡᠪᠲᠡᠭᠡᠳ ᠳᠣᠲᠤᠷ᠎ᠠ ᠨᠢ ᠪᠠᠬᠠᠨ ᠲᠠᠢᠪᠤᠷᠠᠵᠤ ᠥᠪᠡᠷ ᠦᠨ ᠲᠤᠬᠠᠢ ᠪᠠᠨ ᠪᠣᠳᠤᠵᠤ ᠡᠬᠢᠯᠡᠪᠡ᠄ ᠴᠠᠭᠠᠨ ᠬᠤᠶᠠᠭ ᠴᠠᠭᠠᠨ ᠳᠤᠭᠤᠯᠠᠭ᠎ᠠ ᠡᠮᠦᠰᠦᠭᠰᠡᠨ ᠬᠥᠮᠦᠨ ᠦᠵᠡᠲᠡᠯ᠎ᠡ ᠬᠦᠷᠦᠭᠡᠳ ᠢᠷᠡᠭᠰᠡᠨ ᠪᠠᠢᠲᠠᠯ᠎ᠠ ᠨᠠᠮᠠᠢ ᠢᠷᠡᠵᠦ ᠳᠠᠭᠤᠳᠠᠬᠤ ᠴᠤ ᠦᠭᠡᠢ᠃ ᠲᠡᠳᠦᠢ ᠠᠷᠪᠢᠨ ᠰᠠᠢᠨ ᠶᠠᠭᠤᠮ᠎ᠠ ᠣᠯᠤᠭᠰᠠᠨ ᠪᠠᠢᠲᠠᠯ᠎ᠠ ᠮᠢᠨᠦ ᠬᠤᠪᠢ ᠭᠡᠵᠦ ᠠᠯᠠᠭ᠎ᠠ᠃ ᠡᠨᠡ ᠪᠣᠯ ᠴᠥᠮ ᠬᠠᠭᠤᠷᠮᠠᠴᠢ ᠬᠠᠷᠢ ᠶᠢᠨ ᠴᠢᠳᠭᠦᠷ ᠦᠨ ᠬᠢᠭᠰᠡᠨ ᠤᠷᠰᠢᠭ ᠡ᠂ ᠨᠠᠮᠠᠢ ᠤᠷᠪᠠᠭᠤᠯᠬᠤ ᠦᠭᠡᠢ᠂ ᠲᠡᠢᠮᠦ ᠪᠢᠰᠢ ᠪᠣᠯ ᠡᠨᠡ ᠤᠳᠠᠭ᠎ᠠ ᠶᠠᠭᠤᠨ ᠳᠤ ᠬᠤᠪᠢ ᠦᠭᠡᠢ ᠳᠦ ᠬᠦᠷᠬᠦ ᠪᠢᠯᠡ︖ ᠭᠡᠵᠦ ᠠ᠊ Q ᠪᠣᠳᠤᠬᠤ ᠲᠤᠲᠤᠮ ᠠᠭᠤᠷ ᠨᠢ ᠬᠦᠷᠴᠦ ᠲᠡᠰᠭᠡᠯ ᠦᠭᠡᠢ ᠴᠡᠭᠡᠵᠢ ᠳᠦᠭᠦᠷᠡᠩ ᠬᠢᠯᠢᠩ ᠲᠥᠷᠦᠭᠡᠳ ᠲᠣᠯᠤᠭᠠᠢ ᠪᠠᠨ ᠬᠣᠣᠷᠲᠠᠢᠬᠠᠨ ᠳᠣᠬᠢᠵᠤ᠄

«ᠪᠢ ᠤᠷᠪᠠᠵᠤ ᠪᠣᠯᠬᠤ ᠦᠭᠡᠢ᠂ ᠴᠢ ᠯᠡ ᠤᠷᠪᠠᠵᠤ ᠪᠣᠯᠤᠨ᠎ᠠ ᠡ︖ ᠡᠬᠡ ᠪᠡᠨ ᠴᠢᠩᠭᠢᠭᠰᠡᠨ ᠮᠠᠭᠤ ᠬᠠᠭᠤᠷᠮᠠᠴᠢ ᠬᠠᠷᠢ ᠶᠢᠨ ᠴᠢᠳᠭᠦᠷ - ᠪᠣᠯᠵᠠᠢ᠂ ᠴᠢ ᠤᠷᠪᠠᠵᠤ ᠪᠠᠢ︕ ᠤᠷᠪᠠᠨ᠎ᠠ ᠭᠡᠭᠴᠢ ᠲᠣᠯᠤᠭᠠᠢ ᠤᠨᠠᠬᠤ ᠶᠠᠯ᠎ᠠ ᠰᠢᠤ ᠳ᠋ᠠ᠂ ᠴᠢᠮᠠᠢ ᠪᠢ ᠵᠠᠪᠠᠯ ᠵᠠᠭᠠᠯᠳᠤᠵᠤ᠂ ᠰᠢᠶᠠᠨ ᠤ ᠭᠠᠵᠠᠷ ᠲᠣᠯᠤᠭᠠᠢ ᠶᠢ ᠴᠢᠨᠢ ᠠᠪᠬᠤ ᠶᠢ ᠦᠵᠡᠨ᠎ᠡ ᠳ᠋ᠠ - ᠡᠭᠦᠳᠡ ᠳᠠᠷᠤᠵᠤ ᠬᠦᠢᠰᠦ ᠶᠢ ᠴᠢᠨᠢ ᠲᠡᠮᠲᠡᠷᠢᠨ᠎ᠡ - ᠴᠠ︕ ᠴᠠ︕» ᠭᠡᠪᠡ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082