ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠲᠡᠭᠷᠢ ᠠᠭᠤᠯᠠ᠎ᠶᠢᠨ ᠥᠩᠭᠡ ᠦᠵᠡᠮᠵᠢ

ᠪᠢ ᠶᠧ

ᠨᠠᠢᠵᠠ᠎ᠮᠢᠨᠢ᠂ ᠲᠠ ᠲᠡᠭᠷᠢ ᠠᠭᠤᠯᠠ᠎ᠳᠤ ᠬᠦᠷᠴᠦ ᠦᠵᠡᠪᠡ᠎ᠦᠦ? ᠲᠡᠭᠷᠢ ᠠᠭᠤᠯᠠ ᠪᠣᠯ ᠮᠠᠨ᠎ᠤ ᠤᠯᠤᠰ᠎ᠤᠨ ᠪᠠᠷᠠᠭᠤᠨ ᠬᠣᠢᠲᠤ ᠬᠢᠯᠢ ᠳᠠᠭᠠᠤ ᠬᠡᠳᠦᠨ ᠮᠢᠩᠭᠠᠨ ᠭᠠᠵᠠᠷ ᠦᠷᠭᠦᠯᠵᠢᠯᠡᠭᠰᠡᠨ ᠲᠣᠮᠤᠬᠠᠨ ᠨᠢᠷᠤᠭᠤ ᠮᠥᠨ ᠪᠥᠭᠡᠳ ᠵᠦᠩᠭᠠᠷ ᠲᠠᠷᠢᠮ ᠬᠣᠶᠠᠷ ᠬᠣᠲᠤᠭᠤᠷ᠎ᠤᠨ ᠳᠤᠮᠳᠠᠭᠤᠷ ᠬᠥᠨᠳᠡᠯᠢᠳᠴᠦ᠂ ᠥᠷᠭᠡᠨ ᠠᠭᠤᠳᠠᠮ ᠰᠢᠨᠵᠢᠶᠠᠩ ᠣᠷᠤᠨ᠎ᠢ ᠡᠮᠦᠨ᠎ᠡ ᠬᠣᠢᠨ᠎ᠠ ᠬᠣᠶᠠᠷ ᠬᠡᠰᠡᠭ ᠪᠣᠯᠭᠠᠨ ᠬᠤᠪᠢᠶᠠᠵᠠᠢ᠃ ᠲᠡᠭᠷᠢ ᠠᠭᠤᠯᠠ᠎ᠶᠢ ᠠᠯᠤᠰ᠎ᠠᠴᠠ ᠪᠠᠷᠠᠯᠠᠬᠤ᠎ᠳᠤ ᠲᠦᠮᠡᠨ ᠦᠵᠡᠮᠵᠢ ᠲᠡᠭᠦᠰ ᠪᠦᠷᠢᠳᠦᠭᠡᠳ ᠡᠭᠦᠯᠡᠨ ᠰᠠᠴᠤᠭ᠎ᠲᠤ ᠰᠢᠷᠭᠤᠭᠰᠠᠨ ᠮᠥᠩᠬᠡ ᠴᠠᠰᠤᠲᠤ ᠰᠠᠷᠢᠳᠠᠭ ᠣᠷᠭᠢᠯ᠎ᠤᠳ᠎ᠨᠢ ᠡᠭᠡᠭᠡ᠎ᠯᠡ ᠪᠥᠵᠢᠭᠯᠡᠯᠴᠡᠵᠦ ᠪᠠᠢᠭ᠎ᠠ ᠤᠢᠭᠤᠷ ᠬᠡᠦᠬᠡᠨᠴᠦᠦᠯ᠎ᠦᠨ ᠣᠷᠤᠢ᠎ᠶᠢᠨ ᠴᠢᠮᠡᠭ ᠪᠣᠯᠤᠭᠰᠠᠨ ᠲᠠᠨ᠎ᠠ ᠰᠤᠪᠤᠳ ᠰᠢᠭᠢᠳᠭᠡᠭᠡᠲᠦ ᠲᠢᠲᠢᠮ ᠠᠳᠠᠯᠢ ᠭᠢᠯᠪᠠᠯᠵᠠᠨ ᠭᠢᠯᠲᠦᠭᠡᠨᠡᠨ᠎ᠡ᠃ ᠠᠯᠠᠭᠯᠠᠨ ᠬᠠᠷᠠᠭᠳᠠᠬᠤ ᠥᠨᠳᠦᠷ ᠨᠠᠮ ᠨᠢᠷᠤᠭᠤ᠎ᠨᠤᠭᠤᠳ᠎ᠨᠢ ᠥᠳᠦ ᠰᠣᠳᠤ᠎ᠪᠠᠨ ᠰᠠᠭᠠᠳᠠᠭᠯᠠᠭᠳᠠᠭᠰᠠᠨ ᠲᠣᠭᠤᠰ ᠰᠢᠪᠠᠭᠤ ᠮᠡᠲᠦ ᠳᠤᠷ᠎ᠠ ᠪᠠᠬᠠᠷᠬᠠᠯ᠎ᠢ ᠲᠠᠲᠠᠭᠰᠠᠨ ᠪᠠᠢᠨ᠎ᠠ᠃

ᠲᠠ᠎ᠮᠢᠨᠢ ᠵᠠᠯᠬᠠᠭᠤᠷᠠᠬᠤ᠎ᠦᠭᠡᠢ ᠪᠣᠯ ᠪᠢ ᠲᠠᠨ᠎ᠳᠤ ᠪᠠᠷ᠎ᠠ ᠪᠣᠯᠵᠤ ᠲᠡᠭᠷᠢ ᠠᠭᠤᠯᠠ᠎ᠪᠠᠷ ᠬᠡᠰᠦᠵᠦ ᠲᠣᠭᠤᠷᠢᠰᠤᠭᠠᠢ᠃

ᠴᠠᠰᠤᠲᠤ ᠣᠷᠭᠢᠯ᠂ ᠲᠤᠩᠭᠠᠯᠠᠭ ᠭᠣᠷᠤᠬ᠎ᠠ᠂ ᠪᠢᠲᠡᠭᠦᠦ ᠣᠢ᠂ ᠬᠤᠸᠠᠷ ᠴᠡᠴᠡᠭ

ᠳᠣᠯᠤᠳᠤᠭᠠᠷ ᠰᠠᠷ᠎ᠠ᠎ᠶᠢᠨ ᠰᠢᠨᠵᠢᠶᠠᠩ᠎ᠤᠨ ᠭᠣᠪᠢ ᠮᠠᠩᠬ᠎ᠠ ᠰᠢᠲᠠᠮ᠎ᠠ ᠬᠠᠯᠠᠭᠤᠨ ᠪᠠᠢᠳᠠᠭ ᠲᠤᠯᠠ ᠲᠡᠭᠷᠢ ᠠᠭᠤᠯᠠ᠎ᠳᠤ ᠮᠣᠷᠢ᠎ᠪᠠᠷ ᠭᠠᠷᠪᠠᠯ ᠲᠠᠭᠠᠲᠠᠢ ᠰᠠᠢᠬᠠᠨ ᠪᠠᠢᠳᠠᠭ᠎ᠶᠤᠮ᠃ ᠰᠢᠨᠵᠢᠶᠠᠩ᠎ᠤᠨ ᠬᠣᠢᠲᠤ ᠪᠡᠶ᠎ᠡ᠎ᠶᠢᠨ ᠢᠯᠢ᠂ ᠡᠮᠦᠨ᠎ᠡ ᠪᠡᠶ᠎ᠡ᠎ᠶᠢᠨ ᠶᠠᠨᠴᠢ᠎ᠳᠤ ᠪᠦᠷ ᠠᠷᠭᠤᠮᠠᠭ ᠬᠦᠯᠦᠭ ᠭᠠᠷᠤᠯᠲᠠ᠎ᠲᠠᠢ᠎ᠶᠤᠮ᠂ ᠢᠯᠢ᠎ᠶᠢᠨ ᠬᠠᠰᠠᠭ ᠠᠭᠲᠠ ᠪᠤᠶᠤ ᠶᠠᠨᠴᠢ᠎ᠶᠢᠨ ᠮᠣᠩᠭᠤᠯ ᠠᠭᠲᠠ᠎ᠶᠢ ᠤᠨᠤᠭᠠᠳ ᠠᠭᠤᠯᠠ ᠳᠠᠪᠠᠬᠤ᠎ᠳᠤ ᠮᠥᠨ᠎ᠴᠦ ᠡᠭᠡᠷᠡᠮ᠎ᠡ ᠲᠠᠯ᠎ᠠ ᠳᠡᠭᠡᠷ᠎ᠡ ᠶᠠᠪᠤᠵᠤ ᠪᠠᠢᠭ᠎ᠠ᠎ᠰᠢᠭ᠋ ᠬᠥᠩᠭᠡᠨ ᠭᠠᠪᠰᠢᠭᠠᠢ ᠪᠠᠢᠳᠠᠭ᠎ᠶᠤᠮ᠃

ᠲᠡᠭᠷᠢ ᠠᠭᠤᠯᠠ᠎ᠳᠤ ᠭᠠᠷᠬᠤ᠎ᠲᠠᠢ ᠵᠡᠷᠭᠡ ᠭᠣᠪᠢ ᠮᠠᠩᠬ᠎ᠠ᠎ᠶᠢᠨ ᠰᠢᠲᠠᠮ᠎ᠠ ᠬᠠᠯᠠᠭᠤᠨ ᠠᠭᠤᠷ ᠠᠮᠢᠰᠭᠤᠯ ᠠᠷᠤ᠎ᠳᠤ᠎ᠴᠢᠨᠢ ᠬᠠᠶᠠᠭᠳᠠᠵᠤ᠂ ᠴᠠᠰᠤᠲᠤ ᠠᠭᠤᠯᠠ᠎ᠶᠢᠨ ᠬᠦᠢᠲᠡᠨ ᠠᠮᠢᠰᠭᠤᠯ ᠨᠢᠭᠤᠷ ᠢᠯᠪᠢᠨ᠂ ᠨᠠᠮᠤᠷ᠎ᠤᠨ ᠴᠠᠭ᠎ᠤᠨ ᠰᠡᠩᠭᠢᠨᠡᠮ᠎ᠡ ᠰᠡᠷᠢᠭᠦᠨ᠎ᠢ ᠦᠳᠲᠡᠷ ᠰᠠᠨᠠᠭᠳᠠᠭᠤᠯᠬᠤ᠎ᠶᠤᠮ᠃ ᠪᠢᠨᠳᠤᠷᠶ᠎ᠠ ᠣᠭᠲᠠᠷᠭᠤᠢ᠎ᠳᠤ ᠠᠪᠤᠷᠭᠤ ᠰᠠᠷᠢᠳᠠᠭ ᠰᠦᠮᠪᠦᠷᠯᠡᠵᠦ᠂ ᠠᠯᠲᠠᠨ ᠨᠠᠷᠠᠨ᠎ᠤ ᠳᠣᠣᠷ᠎ᠠ ᠬᠡᠳᠦᠨ ᠣᠷᠤᠮᠤᠭ ᠬᠥᠪᠦᠩ ᠴᠠᠭᠠᠨ ᠡᠭᠦᠯᠡ ᠰᠠᠷᠢᠳᠠᠭ ᠣᠷᠭᠢᠯ᠎ᠤᠨ ᠵᠠᠪᠰᠠᠷ᠎ᠢᠶᠠᠷ ᠰᠡᠭᠦᠳᠡᠷ᠎ᠢᠶᠡᠨ ᠲᠤᠰᠭᠠᠬᠤ᠎ᠳᠤ ᠴᠠᠭᠠᠨ ᠭᠬᠢᠪ ᠳᠡᠭᠡᠷ᠎ᠡ ᠮᠥᠩᠭᠦᠨ ᠬᠤᠸᠠᠷ ᠬᠠᠳᠭᠤᠭᠰᠠᠨ ᠮᠡᠲᠦ ᠬᠠᠷᠠᠭᠳᠠᠨ᠎ᠠ᠃ ᠬᠠᠢᠯ᠎ᠤᠨ ᠤᠰᠤ᠂ ᠬᠠᠪᠴᠢᠯ ᠵᠢᠯᠠᠭ᠎ᠠ᠂ ᠴᠠᠪᠴᠢᠶᠠᠯ ᠬᠠᠳᠠᠨ᠎ᠠᠴᠠ ᠴᠢᠳᠭᠤᠯᠠᠨ ᠪᠠᠭᠤᠬᠤᠶ᠎ᠠ ᠣᠭᠲᠠᠷᠭᠤᠢ᠎ᠠᠴᠠ ᠤᠨᠵᠢᠭᠤᠯᠤᠭᠰᠠᠨ ᠮᠢᠩᠭ᠎ᠠ ᠲᠦᠮᠡᠨ ᠬᠡᠯᠬᠢᠶ᠎ᠡ ᠮᠥᠩᠭᠦᠨ ᠭᠢᠨᠵᠢ ᠮᠡᠲᠦ ᠭᠢᠯᠠᠰ ᠭᠢᠯᠠᠰ ᠭᠡᠷᠡᠯ ᠰᠠᠴᠤᠷᠠᠨ᠎ᠠ᠃ ᠴᠢᠳᠭᠤᠯᠠᠮ᠎ᠠ ᠬᠠᠢᠯ ᠠᠭᠤᠯᠠ᠎ᠶᠢᠨ ᠬᠣᠷᠮᠤᠢ᠎ᠳᠤ ᠬᠤᠷᠠᠭᠰᠠᠭᠠᠷ ᠳᠣᠯᠭᠢᠨ ᠤᠷᠤᠰᠭᠠᠯᠲᠤ ᠲᠤᠩᠭᠠᠯᠠᠭ ᠭᠣᠷᠤᠬ᠎ᠠ ᠪᠣᠯᠤᠨ ᠳᠣᠯᠭᠢᠰ᠎ᠤᠨ ᠰᠠᠴᠤᠷᠠᠯ᠎ᠨᠢ ᠮᠢᠩᠭ᠎ᠠ ᠲᠦᠮᠡᠨ ᠴᠠᠭᠠᠨ ᠯᠢᠩᠬᠤ᠎ᠠ᠎ᠶᠢᠨ ᠳᠡᠯᠪᠢ ᠪᠣᠯᠵᠤ ᠬᠠᠷᠠᠭᠳᠠᠨ᠎ᠠ᠃ ᠭᠡᠲᠡᠯ᠎ᠡ ᠭᠣᠷᠤᠬ᠎ᠠ᠎ᠶᠢᠨ ᠤᠷᠤᠰᠭᠠᠯ ᠵᠥᠭᠡᠯᠡᠷᠡᠨ ᠴᠣᠩᠬᠢᠶᠠᠯ ᠪᠣᠯᠤᠨ ᠡᠷᠭᠢᠯᠳᠦᠬᠦ᠎ᠳᠦ ᠵᠢᠭᠠᠰᠤ ᠵᠢᠷᠠᠭᠠᠬᠠᠢ ᠱᠤᠩᠪᠠᠨ ᠴᠣᠯᠭᠢᠯᠠᠬᠤ᠎ᠶᠤᠮ᠃ ᠡᠨᠡ ᠬᠢᠷᠢ᠎ᠴᠦ ᠭᠣᠷᠤᠬ᠎ᠠ᠎ᠶᠢᠨ ᠬᠥᠪᠡᠭᠡᠨ᠎ᠳᠦ ᠮᠣᠷᠢ᠎ᠪᠠᠨ ᠤᠰᠤᠯᠠᠬᠤ ᠵᠠᠭᠤᠷ᠎ᠠ ᠡᠮᠡᠭᠡᠯ ᠳᠡᠭᠡᠷ᠎ᠡ᠎ᠡᠴᠡ ᠲᠣᠩᠭᠤᠢᠨ ᠬᠠᠷᠠᠪᠠᠯ ᠲᠤᠩᠭᠠᠯᠠᠭ ᠢᠷᠤᠭᠠᠷ᠎ᠤᠨ ᠬᠢᠨᠢ ᠲᠠᠪᠤᠨ ᠥᠩᠭᠡ᠎ᠪᠡᠷ ᠰᠣᠯᠤᠩᠭᠠᠷᠠᠭᠰᠠᠨ ᠬᠠᠳᠠ ᠴᠢᠯᠠᠭᠤᠨ᠎ᠤ ᠬᠣᠭᠤᠷᠤᠨᠳᠤᠭᠤᠷ ᠵᠢᠭᠠᠰᠤᠨ ᠰᠦᠷᠦᠭ ᠠᠯᠲᠠ ᠮᠥᠩᠭᠦᠨ ᠬᠠᠢᠷᠰᠤ᠎ᠪᠠᠨ ᠭᠢᠯᠠᠯᠵᠠᠭᠤᠯᠤᠨ ᠪᠦᠯᠦᠭ ᠪᠦᠯᠦᠭ᠎ᠢᠶᠡᠷ ᠤᠮᠪᠠᠬᠤ᠎ᠨᠢ ᠨᠠᠮ ᠰᠡᠯᠡᠭᠦᠨ ᠲᠡᠭᠷᠢ ᠠᠭᠤᠯᠠ᠎ᠳᠤ ᠠᠳᠠᠪᠠᠰᠢ ᠶᠡᠬᠡ ᠠᠮᠢᠵᠢᠷᠠᠯ᠎ᠤᠨ ᠬᠦᠴᠦᠨ ᠨᠡᠮᠡᠭᠳᠡᠭᠦᠯᠦᠨ᠎ᠡ᠃

ᠳᠠᠬᠢᠭᠠᠳ ᠳᠣᠲᠤᠭᠰᠢ ᠶᠠᠪᠤᠪᠠᠯ ᠲᠡᠭᠷᠢ ᠠᠭᠤᠯᠠ ᠤᠯᠠᠮ ᠦᠵᠡᠰᠭᠦᠯᠡᠩ ᠭᠤᠤ᠎ᠠ ᠪᠣᠯᠳᠠᠭ᠂ ᠴᠠᠰᠤ ᠴᠠᠭᠠᠨ ᠰᠠᠷᠢᠳᠠᠭ᠎ᠤᠳ᠎ᠤᠨ ᠡᠩᠭᠡᠷ ᠬᠣᠷᠮᠤᠢ᠎ᠪᠠᠷ ᠴᠡᠯ ᠨᠣᠭᠤᠭᠠᠨ ᠪᠢᠲᠡᠭᠦᠦ ᠣᠢ ᠦᠷᠭᠦᠯᠵᠢᠯᠡᠵᠦ᠂ ᠢᠭᠴᠢ ᠵᠤᠵᠠᠭᠠᠨ ᠰᠠᠯᠠᠭ᠎ᠠ ᠨᠠᠮᠠᠭ᠎ᠠ᠎ᠶᠢᠨ ᠵᠠᠪᠰᠠᠷ᠎ᠢᠶᠠᠷ ᠨᠠᠷᠠᠨ᠎ᠤ ᠭᠡᠷᠡᠯ ᠴᠣᠬᠤᠷᠲᠤᠨ ᠲᠤᠰᠴᠤ᠂ ᠤᠨᠤᠭᠰᠠᠨ ᠮᠣᠷᠢᠨ᠎ᠤ ᠳᠥᠷᠪᠡᠨ ᠲᠤᠭᠤᠷᠠᠢ ᠲᠠᠷᠭᠢᠯ᠎ᠤᠨ ᠤᠰᠤ᠎ᠶᠢ ᠴᠠᠪᠴᠢᠯᠠᠨ ᠦᠰᠦᠷᠭᠡᠵᠦ᠂ ᠣᠢ ᠬᠥᠪᠴᠢ᠎ᠶᠢᠨ ᠨᠠᠮ ᠰᠡᠯᠡᠭᠦᠨ᠎ᠳᠦ ᠬᠥᠭ ᠨᠡᠮᠡᠨ᠎ᠡ᠃ ᠡᠨᠡ ᠣᠢ᠎ᠶᠢᠨ ᠳᠠᠯᠠᠢ᠎ᠳᠤ ᠣᠷᠤᠵᠤ ᠣᠴᠢᠪᠠᠯ ᠨᠢᠰᠬᠦ ᠵᠢᠭᠦᠷᠲᠡᠨ᠎ᠴᠦ ᠬᠠᠷᠠᠭᠳᠠᠬᠤ᠎ᠦᠭᠡᠢ ᠵᠥᠪᠬᠡᠨ ᠠᠯᠤᠰ ᠬᠣᠯᠠ᠎ᠠᠴᠠ ᠬᠠᠶᠠ ᠨᠢᠭᠡ ᠰᠢᠪᠠᠭᠤᠳ ᠵᠢᠷᠭᠢᠨ ᠳᠣᠩᠭᠤᠳᠬᠤ ᠰᠣᠨᠤᠰᠳᠠᠨ᠎ᠠ᠃ ᠡᠨᠡ ᠦᠶ᠎ᠡ᠎ᠳᠦ ᠲᠠ ᠬᠡᠷᠪᠡ ᠮᠣᠷᠢᠨ᠎ᠠᠴᠠ᠎ᠪᠠᠨ ᠪᠠᠭᠤᠭᠠᠳ᠂ ᠬᠠᠳᠠ ᠴᠢᠯᠠᠭᠤᠨ ᠳᠡᠭᠡᠷ᠎ᠡ ᠰᠠᠭᠤᠵᠤ᠂ ᠲᠠᠮᠠᠬᠢ ᠲᠠᠲᠠᠬᠤ᠎ᠶᠤᠮ ᠪᠣᠯ ᠣᠢ᠎ᠶᠢᠨ ᠭᠠᠳᠠᠨ᠎ᠠ ᠭᠡᠭᠡᠨ ᠨᠠᠷᠠ᠎ᠲᠠᠢ ᠭᠡᠷᠡᠯᠲᠦ ᠶᠢᠷᠲᠢᠨᠴᠦ ᠪᠠᠢᠵᠤ ᠪᠠᠢᠲᠠᠯ᠎ᠠ ᠪᠢᠲᠡᠭᠦᠦ ᠣᠢ ᠳᠣᠲᠤᠷ᠎ᠠ ᠲᠠᠮᠠᠬᠢᠨ᠎ᠤ᠎ᠴᠢᠨᠢ ᠭᠠᠯ ᠤᠯᠠᠰ ᠤᠯᠠᠰ ᠦᠵᠡᠭᠳᠡᠬᠦ᠎ᠶᠦᠮ᠃ ᠭᠡᠨᠡᠳᠲᠡ ᠨᠢᠭᠡ ᠬᠣᠶᠠᠷ ᠴᠤᠴᠠᠯᠢ ᠬᠠᠷᠠᠭᠳᠠᠬᠤ᠎ᠨᠢ ᠡᠨᠳᠡ ᠰᠢᠷᠭᠠᠭᠤ ᠬᠥᠳᠡᠯᠮᠦᠷᠢᠴᠢ ᠠᠩᠴᠢᠨ ᠬᠥᠮᠦᠨ ᠬᠣᠨᠤᠭᠯᠠᠭᠠᠳ ᠬᠡᠭᠡᠷ᠎ᠡ᠎ᠶᠢᠨ ᠢᠳᠡᠭᠡᠨ ᠠᠮᠲᠠᠯᠠᠭᠰᠠᠨ᠎ᠤ ᠲᠡᠮᠳᠡᠭ᠎ᠶᠦᠮ᠃ ᠲᠡᠭᠷᠢ ᠠᠭᠤᠯᠠ᠎ᠳᠤ ᠬᠥᠪᠬᠡᠷ ᠢᠮᠠᠭ᠎ᠠ᠂ ᠴᠣᠬᠤᠷ ᠪᠤᠭᠤ᠂ ᠵᠡᠷᠯᠢᠭ ᠦᠬᠡᠷ᠂ ᠬᠠᠪᠲᠠᠭᠠᠢ ᠵᠡᠷᠭᠡ ᠠᠮᠢᠲᠠᠳ ᠪᠠᠢᠬᠤ᠎ᠯᠠ᠎ᠶᠤᠮ᠃

ᠲᠡᠭᠷᠢ ᠠᠭᠤᠯᠠ᠎ᠳᠤ ᠡᠳᠦᠢ ᠶᠠᠪᠤᠭᠠᠳ ᠬᠠᠷᠠᠬᠠᠨ ᠨᠠᠮᠤᠷ ᠴᠠᠭ ᠭᠡᠵᠦ ᠪᠣᠳᠤᠭᠳᠠᠵᠤ ᠪᠠᠢᠭᠰᠠᠨ ᠪᠣᠯ ᠳᠠᠬᠢᠭᠠᠳ ᠳᠣᠲᠤᠭᠰᠢ ᠣᠷᠤᠮᠠᠭᠴᠠ ᠬᠠᠪᠤᠷ ᠴᠠᠭ ᠪᠣᠯᠴᠢᠬᠠᠬᠤ᠎ᠶᠤᠮ᠃ ᠠᠭᠤᠯᠠᠰ ᠠᠭᠠᠵᠢᠮ᠎ᠢᠶᠠᠷ ᠨᠣᠭᠤᠭᠠᠷᠠᠵᠤ ᠭᠤᠸᠠᠯᠢᠭᠵᠢᠭᠠᠳ ᠤᠯᠠᠮ᠎ᠢᠶᠠᠷ ᠲᠠᠯᠮᠢᠶᠠᠷᠠᠨ ᠭᠠᠷ᠎ᠲᠤ ᠪᠠᠷᠢᠭᠳᠠᠮᠠᠷ ᠪᠤᠯᠪᠠᠷᠠᠢ ᠵᠥᠭᠡᠯᠡᠨ᠎ᠶᠦᠮ᠎ᠰᠢᠭ ᠰᠠᠨᠠᠭᠳᠠᠳᠠᠭ᠎ᠶᠤᠮ ᠡ᠃ ᠡᠨᠳᠡ ᠲᠤᠩᠭᠠᠯᠠᠭ ᠭᠣᠷᠤᠬᠠᠳ ᠠᠭᠤᠯᠠ᠎ᠶᠢᠨ ᠬᠣᠷᠮᠤᠢ᠎ᠪᠠᠷ ᠤᠭᠠᠯᠵᠠᠯᠠᠵᠤ᠂ ᠳᠥᠯᠭᠡᠨ ᠤᠷᠤᠰᠭᠠᠯᠲᠤ ᠭᠣᠷᠤᠬᠠᠳ᠎ᠤᠨ ᠬᠣᠶᠠᠷ ᠬᠥᠪᠡᠭᠡ᠎ᠪᠡᠷ ᠤᠯᠠᠭᠠᠨ᠂ ᠰᠢᠷ᠎ᠠ᠂ ᠬᠥᠬᠡ᠂ ᠴᠠᠭᠠᠨ᠂ ᠶᠠᠭᠠᠨ ᠴᠡᠴᠡᠭ ᠮᠣᠷᠢᠨ᠎ᠤ ᠲᠣᠯᠤᠭᠠᠢ ᠳᠠᠪᠠᠮᠠᠷ ᠤᠷᠭᠤᠭᠠᠳ᠂ ᠡᠯᠳᠡᠪ ᠥᠩᠭᠡ᠎ᠪᠡᠷ ᠮᠢᠷᠠᠯᠵᠠᠬᠤ᠎ᠨᠢ ᠨᠡᠬᠡᠭᠡᠳ ᠪᠠᠷᠠᠰᠢ᠎ᠦᠭᠡᠢ ᠬᠡᠮᠡᠷᠯᠢᠭ ᠲᠣᠷᠭ᠎ᠠ ᠮᠡᠲᠦ ᠦᠷᠭᠦᠯᠵᠢᠯᠡᠵᠦ᠂ ᠲᠡᠭᠷᠢ᠎ᠶᠢᠨ ᠲᠣᠯᠤᠩ ᠠᠳᠠᠯᠢ ᠭᠡᠷᠡᠯᠲᠦᠨ᠂ ᠣᠭᠲᠠᠷᠭᠤᠢ᠎ᠶᠢᠨ ᠰᠣᠯᠤᠩᠭ᠎ᠠ᠎ᠰᠢᠭ᠋ ᠠᠯᠠᠭᠯᠠᠨ ᠬᠠᠷᠠᠭᠳᠠᠳᠠᠭ᠃ ᠡᠳᠡᠭᠡᠷ ᠪᠠᠭᠰᠢᠷᠠᠨ ᠤᠷᠭᠤᠭᠰᠠᠨ ᠬᠣᠣᠰ ᠠᠯᠲᠠ ᠬᠢᠷᠢᠲᠡᠢ ᠥᠨᠳᠦᠷ ᠬᠤᠸᠠᠷ ᠴᠡᠴᠡᠭ᠎ᠦᠨ ᠴᠣᠮᠤᠷᠯᠢᠭ᠎ᠨᠢ ᠨᠠᠢ᠍ᠮᠠᠨ ᠢᠮᠠᠬᠤ᠎ᠶᠢᠨ ᠮᠠᠨᠤᠬᠤ ᠲᠡᠪᠰᠢ ᠮᠡᠲᠦ ᠲᠣᠮᠤ᠎ᠶᠤᠮ᠃ ᠴᠡᠴᠡᠭ᠎ᠦᠨ ᠳᠠᠯᠠᠢ᠎ᠳᠤ ᠮᠣᠷᠢ ᠤᠷᠮᠠᠲᠠᠢᠬᠠᠨ ᠠᠯᠬᠤᠯᠠᠬᠤ᠎ᠳᠤ ᠳᠡᠭᠡᠭᠦᠷ᠎ᠨᠢ ᠬᠥᠪᠴᠦ ᠶᠠᠪᠤᠭ᠎ᠠ ᠠᠳᠠᠯᠢ᠂ ᠬᠥᠮᠦᠨ᠎ᠳᠦ ᠣᠨᠴᠠ᠎ᠶᠢᠨ ᠵᠢᠪᠬᠤᠯᠠᠩ ᠲᠥᠷᠦᠭᠳᠡᠨ᠎ᠡ᠃ ᠲᠠ ᠮᠣᠷᠢᠨ ᠳᠡᠭᠡᠷ᠎ᠡ᠎ᠡᠴᠡ᠎ᠪᠡᠨ ᠠᠯᠢ ᠪᠠᠬᠠᠷᠠᠭᠰᠠᠨ ᠰᠣᠷᠭᠤᠭ ᠰᠠᠢᠬᠠᠨ ᠴᠡᠴᠡᠭ᠎ᠢᠶᠡᠨ ᠰᠢᠭᠦᠷᠡᠨ ᠠᠪᠴᠤ ᠪᠣᠯᠬᠤ ᠪᠢᠯᠡ᠃

ᠡᠨᠡ ᠦᠶ᠎ᠡ᠎ᠳᠦ ᠲᠡᠭᠷᠢ ᠠᠭᠤᠯᠠ᠎ᠳᠤ ᠬᠡᠳᠦᠢᠪᠡᠷ ᠬᠠᠷᠠᠬᠠᠨ ᠬᠠᠪᠤᠷ ᠴᠠᠭ ᠪᠢᠰᠢ ᠪᠣᠯᠪᠠᠴᠤ ᠬᠠᠮᠢᠭᠠᠬᠢ ᠬᠠᠪᠤᠷᠴᠠᠭ᠎ᠤᠨ ᠴᠡᠴᠡᠭ᠎ᠦᠨ ᠬᠦᠷᠢᠶᠡᠯᠡᠩ᠂ ᠡᠨᠡ ᠦᠶ᠎ᠡ᠎ᠶᠢᠨ ᠲᠡᠭᠷᠢ ᠠᠭᠤᠯᠠ᠎ᠶᠢᠨ ᠬᠤᠸᠠᠷ ᠴᠡᠴᠡᠭ ᠯᠤᠭᠡ ᠲᠡᠩᠴᠡᠵᠦ ᠴᠢᠳᠠᠬᠤ ᠠᠵᠢ?

ᠶᠠᠭᠤᠲᠠᠢ ᠰᠠᠢᠬᠠᠨ ᠵᠤᠰᠠᠯᠠᠩ

ᠶᠠᠪᠤᠭᠠᠳ ᠪᠠᠢᠪᠠᠯ ᠰᠠᠷᠢᠳᠠᠭ᠎ᠤᠳ᠎ᠢᠶᠠᠷ ᠬᠦᠷᠢᠶᠡᠯᠡᠭᠦᠯᠦᠭᠰᠡᠨ ᠰᠣᠨᠢᠨ ᠭᠠᠢᠬᠠᠯᠲᠠᠢ ᠲᠡᠨᠢᠭᠡᠷ ᠠᠭᠤᠳᠠᠮ ᠪᠡᠯᠴᠢᠭᠡᠷ ᠡᠮᠦᠨ᠎ᠡ᠎ᠴᠢᠨᠢ ᠲᠣᠳᠤᠷᠠᠨ᠎ᠠ᠃ ᠭᠦᠨ ᠨᠣᠭᠤᠭᠠᠨ ᠪᠢᠲᠡᠭᠦᠦ ᠣᠢ ᠬᠢᠭᠡᠳ ᠰᠣᠷᠭᠤᠭ ᠰᠠᠢᠬᠠᠨ ᠬᠤᠸᠠᠷ ᠴᠡᠴᠡᠭ᠎ᠨᠢ ᠡᠨᠡ᠎ᠬᠦ ᠲᠡᠨᠢᠭᠡᠷ ᠠᠭᠤᠳᠠᠮ ᠪᠡᠯᠴᠢᠭᠡᠷ᠎ᠲᠦ ᠳᠠᠪᠬᠤᠷ ᠡᠮᠵᠢᠶᠡᠷᠢ ᠳᠠᠷᠤᠭᠤᠯᠤᠭᠰᠠᠨ᠎ᠶᠤᠮ᠎ᠰᠢᠭ᠋ ᠭᠣᠶᠤᠬᠠᠨ ᠬᠠᠷᠠᠭᠳᠠᠨ᠎ᠠ᠃ ᠲᠡᠨᠢᠭᠡᠷ ᠠᠭᠤᠳᠠᠮ ᠲᠠᠯ᠎ᠠ᠎ᠳᠤ ᠥᠩ ᠰᠢᠮᠡᠯᠢᠭ ᠡᠪᠡᠰᠦ ᠪᠡᠯᠴᠢᠭᠡᠷ ᠬᠥᠬᠡᠷᠡᠭᠡᠳ᠂ ᠲᠤᠩᠭᠠᠯᠠᠭ ᠳᠥᠯᠭᠡᠬᠡᠨ ᠭᠣᠷᠤᠬᠠᠳ᠎ᠤᠨ ᠤᠰᠤ ᠡᠷᠭᠢ᠎ᠪᠡᠨ ᠳᠠᠭᠠᠭᠠᠳ ᠪᠢᠯᠬᠠᠨ ᠤᠷᠤᠰᠤᠨ᠎ᠠ᠃ ᠲᠠᠯ᠎ᠠ ᠨᠤᠲᠤᠭ ᠭᠡᠭᠴᠢ ᠡᠢᠮᠦ᠎ᠯᠡ ᠰᠠᠢᠬᠠᠨ ᠲᠡᠨᠢᠭᠡᠷ ᠠᠭᠤᠳᠠᠮ᠎ᠶᠤᠮ ᠳ᠋ᠠ᠂ ᠶᠠᠭ᠎ᠯᠠ ᠰᠠᠯᠬᠢ ᠳᠠᠪᠠᠯᠭᠠᠨ᠎ᠦᠭᠡᠢ ᠨᠡᠯᠦᠭᠡᠷ ᠳᠠᠯᠠᠢ᠎ᠰᠢᠭ᠋ ᠵᠠᠬ᠎ᠠ ᠬᠢᠵᠠᠭᠠᠷ᠎ᠦᠭᠡᠢ ᠠᠵᠢ᠃ ᠨᠠᠷᠠᠨ᠎ᠤ ᠭᠡᠷᠡᠯ᠎ᠳᠦ ᠮᠥᠩᠭᠦᠨ ᠴᠠᠭᠠᠨ ᠮᠣᠩᠭᠤᠯ ᠭᠡᠷ᠎ᠦᠳ ᠤᠰᠤᠨ ᠲᠦᠰᠦᠷᠭᠡ ᠮᠡᠲᠦ ᠴᠠᠢᠷᠠᠨ ᠭᠢᠯᠠᠯᠵᠠᠨ᠎ᠠ᠃

ᠡᠨᠡ᠎ᠬᠦ ᠨᠢᠳᠦ ᠠᠯᠳᠠᠮ᠎ᠠ ᠲᠡᠨᠢᠭᠡᠷ ᠠᠭᠤᠳᠠᠮ ᠪᠡᠯᠴᠢᠭᠡᠷ ᠳᠡᠭᠡᠭᠦᠷ ᠰᠠᠨᠠᠭ᠎ᠠ᠎ᠪᠠᠷ᠎ᠢᠶᠠᠨ ᠳᠠᠪᠬᠢᠵᠤ ᠶᠠᠪᠤᠬᠤ᠎ᠳᠤ᠂ ᠥᠶᠦᠭ ᠲᠠᠪᠠᠲᠠᠢ ᠮᠠᠯ ᠰᠦᠷᠦᠭ ᠵᠥᠩᠳᠡᠭᠡᠨ ᠲᠣᠬᠢᠶᠠᠯᠳᠤᠬᠤ᠎ᠶᠤᠮ᠃ ᠨᠦᠮᠵᠦᠭ ᠰᠢᠮᠡᠯᠢᠭ ᠪᠡᠯᠴᠢᠭᠡᠷ᠎ᠲᠦ ᠴᠠᠳᠲᠠᠯ᠎ᠠ ᠢᠳᠡᠰᠢᠯᠡᠭᠰᠡᠨ ᠮᠠᠯ ᠰᠦᠷᠦᠭ ᠬᠡᠵᠢᠶᠡᠳᠡ ᠲᠣᠰᠤᠨ ᠲᠠᠷᠭᠤ᠎ᠲᠠᠢ᠎ᠪᠠᠨ ᠪᠠᠢᠵᠤ ᠦᠰᠦ ᠵᠢᠰᠦ᠎ᠨᠢ ᠲᠣᠰᠤ ᠲᠦᠷᠬᠢᠭᠰᠡᠨ ᠠᠳᠠᠯᠢ ᠭᠢᠯᠠᠯᠵᠠᠨ᠎ᠠ᠃ ᠢᠯᠠᠩᠭᠤᠶ᠎ᠠ ᠨᠣᠮᠢᠨ ᠨᠣᠭᠤᠭᠠᠨ ᠲᠠᠯ᠎ᠠ᠎ᠶᠢᠨ ᠪᠡᠯᠴᠢᠭᠡᠷ᠎ᠲᠦ ᠲᠠᠪᠠᠲᠠᠢ ᠰᠠᠢᠬᠠᠨ᠃ ᠲᠠᠷᠬᠠᠨ ᠪᠡᠯᠴᠢᠬᠦ ᠬᠤᠸᠠ ᠦᠬᠡᠷ᠂ ᠲᠠᠷᠯᠠᠨ ᠦᠨᠢᠶ᠎ᠡ᠂ ᠴᠠᠭᠠᠨ ᠬᠣᠨᠢ᠂ ᠣᠷᠤᠭ ᠢᠮᠠᠭ᠎ᠠ᠎ᠨᠤᠭᠤᠳ᠂ ᠨᠠᠷᠠᠨ᠎ᠤ ᠭᠡᠷᠡᠯ᠎ᠳᠦ ᠡᠩ᠎ᠦᠭᠡᠢ ᠨᠣᠭᠤᠭᠠᠨ ᠲᠣᠷᠭᠠᠨ ᠳᠡᠭᠡᠷ᠎ᠡ ᠥᠩᠭᠡ᠎ᠶᠢᠨ ᠬᠤᠸᠠᠷ ᠤᠭᠠᠯᠵᠠ ᠣᠶᠤᠭᠰᠠᠨ᠎ᠰᠢᠭ᠋ ᠬᠠᠷᠠᠭᠳᠠᠬᠤ᠎ᠶᠤᠮ᠃

ᠬᠠᠶᠠ ᠤᠷᠢᠬᠠᠨ ᠰᠠᠯᠬᠢ ᠰᠡᠪᠡᠯᠵᠡᠨ ᠥᠩᠭᠡᠷᠡᠬᠦ᠎ᠳᠦ ᠮᠥᠩᠭᠦᠨ ᠬᠣᠩᠬᠤ ᠵᠢᠩᠭᠢᠨᠡᠬᠦ ᠮᠡᠲᠦ ᠳᠠᠭᠤᠨ ᠰᠣᠨᠤᠰᠳᠠᠬᠤ᠎ᠨᠢ ᠮᠠᠯ᠎ᠳᠠᠭᠠᠨ ᠶᠠᠪᠤᠭ᠎ᠠ ᠬᠠᠰᠠᠭ ᠪᠦᠰᠡᠭᠦᠢᠴᠦᠳ᠎ᠦᠨ ᠵᠠᠰᠠᠯ ᠵᠢᠮᠰᠡᠭ᠎ᠦᠨ ᠳᠠᠭᠤᠨ᠎ᠶᠤᠮ᠃ ᠮᠠᠯᠴᠢᠨ ᠪᠦᠰᠡᠭᠦᠢᠴᠦᠳ ᠠᠵᠢᠨᠠᠢ ᠬᠦᠯᠦᠭ᠎ᠢᠶᠡᠨ ᠤᠨᠤᠭᠠᠳ ᠬᠥᠬᠡ ᠲᠡᠭᠷᠢ᠂ ᠴᠠᠰᠤᠲᠤ ᠠᠭᠤᠯᠠ᠂ ᠨᠣᠭᠤᠭᠠᠨ ᠲᠠᠯ᠎ᠠ᠎ᠶᠢᠨ ᠴᠢᠮᠡᠭ ᠪᠣᠯᠵᠤ ᠶᠠᠪᠤᠬᠤ᠎ᠨᠢ ᠪᠠᠬᠠᠷᠬᠠᠮ᠎ᠠ ᠰᠠᠢᠬᠠᠨ ᠰᠠᠨᠠᠭᠳᠠᠨ᠎ᠠ᠃ ᠪᠠᠶᠠᠷᠯᠠᠨ ᠢᠨᠢᠶᠡᠯᠳᠦᠭᠰᠡᠭᠡᠷ ᠠᠳᠤᠭᠤᠨ ᠰᠦᠷᠦᠭ᠎ᠢᠶᠡᠨ ᠲᠠᠭᠤᠵᠤ ᠶᠠᠪᠤᠬᠤ ᠬᠡᠦᠬᠡᠨᠴᠦᠳ ᠵᠣᠭᠰᠤᠬᠤ ᠪᠣᠯᠭᠠᠨ᠎ᠳᠠᠭᠠᠨ ᠤᠷᠭ᠎ᠠ᠎ᠪᠠᠨ ᠨᠠᠬᠢᠯᠵᠠᠭᠤᠯᠤᠨ᠂ ᠢᠨᠠᠭ ᠳᠤᠷᠠᠯᠠᠯ᠎ᠤᠨ ᠤᠶᠠᠩᠭᠠᠲᠤ ᠳᠠᠭᠤᠤ᠎ᠪᠠᠨ ᠳᠠᠭᠤᠯᠠᠵᠤ ᠭᠠᠷᠤᠨ᠎ᠠ᠃

ᠡᠨᠡ᠎ᠬᠦ ᠴᠠᠰᠤᠲᠤ ᠰᠠᠷᠢᠳᠠᠭ᠂ ᠨᠣᠭᠤᠭᠠᠨ ᠣᠢ᠂ ᠥᠨᠢᠷ ᠴᠡᠴᠡᠭ᠎ᠢᠶᠡᠷ ᠬᠦᠷᠢᠶᠡᠯᠡᠭᠳᠡᠭᠰᠡᠨ ᠲᠡᠨᠢᠭᠡᠷ ᠠᠭᠤᠳᠠᠮ ᠲᠡᠭᠷᠢ ᠠᠭᠤᠯᠠ᠎ᠶᠢᠨ ᠪᠡᠯᠴᠢᠭᠡᠷ᠎ᠨᠢ ᠳᠠᠯᠠᠢ᠎ᠶᠢᠨ ᠲᠦᠪᠰᠢᠨ᠎ᠡᠴᠡ ᠬᠣᠶᠠᠷ ᠮᠢᠩᠭᠠᠨ ᠮᠧᠲᠷ ᠥᠨᠳᠦᠷ ᠪᠢᠯᠡ᠃ ᠡᠭᠦᠯᠡᠰ ᠨᠡᠭᠦᠵᠦ ᠢᠷᠡᠬᠦᠶ᠎ᠡ ᠬᠡᠵᠢᠶᠡᠳᠡ ᠲᠠᠯ᠎ᠠ ᠨᠤᠲᠤᠭ᠎ᠢ ᠰᠢᠭᠦᠷᠦᠯᠬᠢᠯᠡᠨ ᠨᠢᠭᠡᠨ ᠵᠡᠷᠭᠡ ᠪᠣᠷᠤᠭᠠᠯᠠᠳᠠᠭ᠎ᠶᠤᠮ᠂ ᠮᠠᠯ ᠰᠦᠷᠦᠭ ᠡᠭᠦᠯᠡ ᠪᠣᠷᠤᠭᠠᠨ ᠬᠣᠯᠢᠯᠳᠤᠨ ᠡᠭᠦᠯᠡᠨ᠎ᠦ ᠥᠩᠭᠡ᠎ᠶᠢ ᠨᠡᠮᠡᠷᠢᠯᠡᠭᠡᠳ᠂ ᠠᠯᠢ᠎ᠨᠢ ᠡᠭᠦᠯᠡᠰ ᠠᠯᠢ᠎ᠨᠢ ᠰᠦᠷᠦᠭ᠎ᠢ ᠢᠯᠭᠠᠬᠤᠶ᠎ᠠ ᠪᠡᠷᠬᠡ ᠪᠠᠢᠳᠠᠭ ᠪᠢᠯᠡ᠂ ᠭᠡᠲᠡᠯ᠎ᠡ ᠪᠣᠷᠤᠭᠠᠨ ᠠᠷᠢᠯᠤᠮᠠᠭᠴᠠ ᠤᠭᠢᠶᠠᠭᠳᠠᠨ ᠴᠡᠪᠡᠷᠰᠢᠭᠰᠡᠨ ᠲᠠᠯ᠎ᠠ ᠨᠤᠲᠤᠭ ᠡᠭᠡᠭᠡ᠎ᠯᠡ ᠬᠡᠮᠵᠢᠶᠡᠯᠡᠰᠢ᠎ᠦᠭᠡᠢ ᠠᠪᠤᠷᠭᠤ ᠲᠣᠮᠤ ᠢᠨᠳᠠᠷᠠᠨᠢᠯᠠ ᠡᠷᠳᠡᠨᠢ᠎ᠰᠢᠭ ᠨᠣᠭᠤᠭᠠᠷᠠᠵᠤ᠂ ᠡᠪᠡᠰᠦᠨ᠎ᠦ ᠰᠤᠷ᠎ᠤᠨ ᠤᠰᠤᠨ ᠪᠥᠮᠪᠦᠯᠢᠭ᠎ᠦᠳ᠎ᠨᠢ ᠲᠣᠭ᠎ᠠ ᠲᠣᠮᠰᠢ᠎ᠦᠭᠡᠢ ᠸᠴᠢᠷ ᠠᠯᠮᠠᠰ ᠮᠡᠲᠦ ᠬᠠᠷᠠᠭᠳᠠᠨ᠎ᠠ᠃

ᠬᠥᠮᠦᠨ᠎ᠦ ᠪᠠᠬᠠᠷᠬᠠᠯ᠎ᠢ ᠬᠠᠮᠤᠭ᠎ᠠᠴᠠ ᠢᠯᠡᠭᠦᠦ ᠲᠠᠲᠠᠳᠠᠭ᠎ᠨᠢ ᠵᠤᠰᠠᠯᠠᠩ᠎ᠤᠨ ᠰᠢᠷ᠎ᠠ ᠪᠦᠷᠦᠢ ᠪᠢᠯᠡ᠂ ᠡᠨᠡ ᠬᠢᠷᠢ᠎ᠳᠦ ᠡᠷᠭᠢᠨ ᠲᠣᠭᠤᠷᠢᠨ᠎ᠤ ᠴᠠᠰᠤᠲᠤ ᠰᠠᠷᠢᠳᠠᠭ᠎ᠤᠳ᠎ᠢ ᠰᠢᠩᠭᠡᠬᠦ ᠨᠠᠷᠠᠨ᠎ᠤ ᠭᠡᠷᠡᠯ ᠭᠡᠢᠭᠦᠯᠦᠭᠡᠳ ᠡᠭᠦᠯᠡᠰ᠎ᠦᠨ ᠲᠣᠯᠤᠩ ᠮᠡᠲᠦ ᠭᠡᠷᠡᠯᠲᠦᠭᠦᠯᠦᠨ᠎ᠡ᠃ ᠴᠠᠰᠤᠲᠤ ᠰᠠᠷᠢᠳᠠᠭ᠎ᠤᠨ ᠤᠯᠠᠪᠢᠷ ᠲᠤᠶᠠᠭ᠎ᠠ ᠠᠭᠤᠳᠠᠮ ᠪᠡᠯᠴᠢᠭᠡᠷ᠎ᠢ ᠭᠡᠢᠭᠦᠯᠬᠦ᠎ᠳᠦ᠂ ᠮᠣᠩᠭᠤᠯ ᠭᠡᠷ᠂ ᠮᠠᠯ ᠰᠦᠷᠦᠭ᠂ ᠮᠠᠯᠴᠢᠨ ᠪᠦᠰᠡᠭᠦᠢᠴᠦᠳ᠎ᠢ ᠥᠪᠴᠢ᠎ᠳᠦᠨᠢ ᠰᠠᠷᠭᠠᠢ ᠴᠡᠴᠡᠭ᠎ᠦᠨ ᠶᠠᠭᠠᠨ ᠥᠩᠭᠡ᠎ᠪᠡᠷ ᠪᠣᠯᠭᠠᠵᠤ᠂ ᠶᠣᠰᠤᠲᠠᠢ ᠨᠢᠭᠡᠨ ᠮᠢᠷᠠᠯᠵᠠᠭᠰᠠᠨ ᠰᠠᠢᠬᠠᠨ ᠶᠢᠷᠲᠢᠨᠴᠦ ᠪᠤᠢ ᠪᠣᠯᠳᠠᠭ᠃ ᠨᠠᠷᠠ ᠵᠢᠷᠭᠠᠵᠤ᠂ ᠴᠠᠰᠤᠲᠤ ᠰᠠᠷᠢᠳᠠᠭ᠎ᠤᠨ ᠤᠯᠠᠪᠢᠷ ᠲᠤᠶᠠᠭ᠎ᠠ ᠲᠠᠲᠠᠷᠠᠭᠠᠳ᠂ ᠮᠥᠩᠭᠦᠨ ᠰᠠᠷᠠᠯ ᠦᠳᠡᠰᠢ᠎ᠶᠢᠨ ᠤᠨᠢᠶᠠᠷ ᠲᠠᠯ᠎ᠠ ᠨᠤᠲᠤᠭ᠎ᠢ ᠪᠦᠷᠬᠦᠬᠦ ᠦᠶ᠎ᠡ᠎ᠳᠦ ᠡᠨᠳᠡ ᠲᠡᠨᠳᠡ᠎ᠦᠭᠡᠢ ᠲᠣᠯᠪᠤ ᠲᠣᠯᠪᠤ ᠭᠠᠯ᠎ᠤᠨ ᠭᠡᠷᠡᠯ ᠦᠵᠡᠭᠳᠡᠬᠦ ᠪᠣᠯᠤᠨ᠎ᠠ᠃ ᠡᠨᠡ ᠪᠣᠯ ᠮᠠᠯᠴᠢᠳ ᠲᠣᠭᠤᠭ᠎ᠠ ᠲᠤᠯᠭ᠎ᠠ ᠨᠡᠢᠯᠡᠭᠦᠯᠦᠨ ᠦᠳᠡᠰᠢᠯᠡᠵᠦ ᠪᠠᠢᠭ᠎ᠠ᠎ᠶᠤᠮ᠃

ᠡᠨᠡ ᠦᠶ᠎ᠡ᠎ᠳᠦ ᠲᠠ ᠡᠷᠡᠭᠡᠯᠡᠬᠦ ᠬᠡᠷᠡᠭ᠎ᠦᠭᠡᠢ᠂ ᠠᠯᠢ ᠮᠣᠩᠭᠤᠯ ᠭᠡᠷ᠎ᠲᠦᠨᠢ ᠣᠷᠤᠭᠰᠠᠨ᠎ᠴᠤ ᠪᠦᠷ ᠬᠠᠯᠠᠭᠤᠨ᠎ᠢᠶᠠᠨ ᠲᠦᠰᠢᠬᠦ᠎ᠶᠦᠮ᠃ ᠭᠠᠯ᠎ᠤᠨ ᠭᠡᠷᠡᠯ᠎ᠢ ᠴᠢᠭᠯᠡᠵᠦ ᠣᠴᠢᠭᠠᠳ ᠠᠯᠢ ᠮᠣᠩᠭᠤᠯ ᠭᠡᠷ᠎ᠲᠦᠨᠢ ᠪᠠᠭᠤᠭᠰᠠᠨ᠎ᠴᠤ ᠭᠡᠢᠴᠢᠨ᠎ᠳᠦ ᠥᠭᠡᠳᠡ ᠬᠠᠰᠠᠭ ᠮᠠᠯᠴᠢᠳ ᠴᠢᠮᠠᠢ ᠲᠥᠷᠦᠯ ᠰᠠᠳᠤᠨ᠎ᠢᠶᠠᠨ᠎ᠰᠢᠭ᠋ ᠳᠠᠢᠯᠠᠬᠤ᠎ᠶᠤᠮ᠃ ᠤᠮᠳᠠᠭᠠᠰᠪᠠᠯ ᠴᠢᠮ᠎ᠠ᠎ᠳᠤ ᠨᠢᠭᠡ ᠬᠥᠨᠦᠭ ᠴᠡᠭᠡ ᠠᠪᠴᠢᠷᠠᠵᠤ ᠥᠭᠭᠦᠨ᠎ᠡ᠂ ᠥᠯᠦᠰᠪᠡᠯ ᠰᠢᠷᠠᠭᠰᠠᠨ ᠬᠣᠨᠢᠨ᠎ᠤ ᠬᠠᠪᠢᠷᠭ᠎ᠠ᠂ ᠠᠭᠠᠷᠤᠤᠯ ᠡᠭᠡᠵᠡᠭᠡᠢ᠂ ᠬᠠᠭᠠᠷᠢᠭᠰᠠᠨ ᠪᠣᠣᠪᠤ ᠥᠷᠦᠵᠦ ᠲᠠᠯᠪᠢᠨ᠎ᠠ᠃ ᠡᠨᠡ ᠦᠶ᠎ᠡ᠎ᠳᠦ ᠲᠠ ᠬᠠᠰᠠᠭ ᠮᠠᠯᠴᠢᠳ᠎ᠲᠠᠢ ᠠᠳᠠᠯᠢ ᠡᠷᠡᠭᠡ ᠵᠢᠷᠤᠭ᠎ᠠ᠎ᠦᠭᠡᠢ ᠬᠠᠨᠲᠠᠯ᠎ᠠ ᠪᠠᠯᠭᠤᠵᠤ ᠴᠠᠳᠲᠠᠯ᠎ᠠ ᠢᠳᠡᠬᠦ᠎ᠪᠡᠨ᠎ᠯᠡ ᠮᠡᠳᠡ᠃

ᠠᠢᠯ ᠠᠢᠯ᠎ᠤᠨ ᠲᠤᠯᠭᠠᠨ᠎ᠤ ᠠᠷᠭᠠᠯ᠎ᠤᠨ ᠭᠠᠯ ᠴᠣᠭᠰᠢᠬᠤ ᠬᠢᠷᠢ ᠰᠥᠨᠢ᠎ᠶᠢᠨ ᠰᠡᠷᠢᠭᠦᠨ ᠰᠠᠯᠬᠢ ᠳᠣᠮᠪᠤᠷ᠎ᠤᠨ ᠡᠭᠡᠰᠢᠭ ᠪᠣᠯᠤᠨ ᠬᠠᠰᠠᠭ ᠮᠠᠯᠴᠢᠨ ᠪᠦᠰᠡᠭᠦᠢᠴᠦᠳ᠎ᠦᠨ ᠤᠶᠠᠩᠭᠠᠲᠤ ᠳᠠᠭᠤᠤ᠎ᠶᠢᠨ ᠠᠶᠠᠰ᠎ᠢ ᠴᠢᠮ᠎ᠠ᠎ᠳᠤ ᠰᠣᠨᠤᠷᠳᠠᠭᠤᠯᠤᠨ᠎ᠠ᠃ ᠠᠷᠪᠠᠭᠠᠳ ᠡᠷᠦᠬᠡ ᠲᠥᠪᠯᠡᠷᠡᠨ ᠰᠠᠭᠤᠭ᠎ᠠ ᠬᠣᠲᠠ ᠤᠰᠤ᠎ᠶᠢᠨ ᠮᠠᠯᠴᠢᠳ ᠠᠭᠤᠵᠢᠮ᠎ᠰᠢᠭ᠋ ᠭᠡᠷ᠎ᠲᠡᠭᠡᠨ ᠴᠤᠭᠯᠠᠷᠠᠭᠠᠳ᠂ ᠨᠢᠭᠡ ᠡᠳᠦᠷ᠎ᠦᠨ ᠬᠠᠮᠤᠭ ᠪᠠᠶᠠᠰᠭᠤᠯᠠᠩᠲᠤ ᠴᠠᠭ ᠮᠥᠴᠡ᠎ᠪᠡᠨ ᠥᠩᠭᠡᠷᠡᠭᠡᠵᠦ ᠪᠠᠢᠭ᠎ᠠ᠎ᠨᠢ ᠡᠨᠡ᠎ᠶᠦᠮ᠃

ᠡᠭᠦᠨ᠎ᠦ ᠳᠠᠷᠠᠭ᠎ᠠ ᠪᠦᠬᠦ ᠲᠠᠯ᠎ᠠ ᠨᠤᠲᠤᠭ ᠰᠥᠨᠢ᠎ᠶᠢᠨ ᠨᠠᠮ ᠰᠡᠯᠡᠭᠦᠨ᠎ᠳᠦ ᠣᠷᠤᠬᠤ ᠪᠣᠯᠤᠨ᠎ᠠ᠃ ᠡᠨᠡ ᠬᠢᠷᠢ᠎ᠳᠦ ᠴᠢ ᠨᠡᠬᠡᠢ ᠳᠡᠪᠡᠯ᠎ᠢᠶᠡᠨ ᠨᠥᠮᠦᠷᠦᠭᠡᠳ ᠮᠣᠩᠭᠤᠯ ᠭᠡᠷ᠎ᠡᠴᠡ ᠭᠠᠷᠴᠤ᠂ ᠰᠠᠷᠠᠨ᠎ᠤ ᠭᠡᠷᠡᠯ᠎ᠳᠦ ᠪᠤᠶᠤ ᠣᠳᠤᠨ᠎ᠤ ᠭᠡᠭᠡ ᠳᠣᠣᠷ᠎ᠠ ᠵᠣᠭᠰᠤᠪᠠᠯ ᠰᠥᠨᠢ᠎ᠶᠢᠨ ᠪᠡᠯᠴᠢᠭᠡᠷ᠎ᠲᠡᠬᠢ ᠮᠠᠯ ᠰᠦᠷᠦᠭ ᠡᠨᠡᠭᠦᠷ ᠲᠡᠨᠡᠭᠦᠷ ᠪᠥᠷᠲᠦᠯᠵᠡᠨ ᠬᠥᠳᠡᠯᠵᠦ᠂ ᠰᠥᠨᠢ᠎ᠶᠢᠨ ᠲᠠᠯ᠎ᠠ ᠨᠤᠲᠤᠭ ᠭᠡᠭᠴᠢ ᠡᠢᠮᠦ᠎ᠯᠡ ᠰᠡᠯᠡᠭᠦᠨ ᠲᠣᠭᠲᠠᠭᠤᠨ ᠠᠮᠤᠭᠤᠯᠠᠩ ᠲᠠᠢᠪᠤᠩ ᠭᠡᠵᠦ ᠪᠣᠳᠤᠭᠳᠠᠬᠤ᠎ᠶᠢᠨ ᠬᠠᠮᠲᠤ ᠭᠤᠷᠴᠢᠭᠢᠨᠠᠨ ᠤᠷᠤᠰᠬᠤ ᠭᠣᠷᠤᠬ᠎ᠠ᠎ᠶᠢᠨ ᠤᠰᠤᠨ᠎ᠤ ᠳᠠᠭᠤᠨ ᠴᠢᠮ᠎ᠠ᠎ᠳᠤ ᠡᠬᠡ ᠪᠠᠢᠭᠠᠯᠢ᠎ᠶᠢᠨ ᠲᠤᠬᠠᠢ ᠡᠯᠳᠡᠪ ᠲᠠᠭᠠᠮᠠᠭᠯᠠᠯ ᠲᠥᠷᠦᠭᠳᠡᠭᠦᠯᠬᠦ᠎ᠶᠦᠮ᠃

᠎ᠲᠠᠬᠢ᠂ ᠮᠥᠬᠦᠨ ᠬᠦᠷᠢᠶ᠎ᠡ᠂ ᠲᠠᠷᠪᠠᠭ᠎ᠠ᠂ ᠴᠠᠰᠤᠨ ᠯᠢᠩᠬᠤ᠎ᠠ

ᠵᠢᠷᠪᠢᠭᠢᠨᠡᠬᠦ ᠣᠳᠤᠨ᠎ᠤ ᠭᠡᠭᠡ ᠳᠣᠣᠷ᠎ᠠ ᠪᠤᠶᠤ ᠶᠠᠯᠢᠩ ᠮᠥᠩᠭᠦᠨ ᠰᠠᠷᠠᠨ᠎ᠤ ᠭᠡᠷᠡᠯ ᠳᠣᠣᠷ᠎ᠠ ᠰᠥᠨᠢ᠎ᠶᠢᠨ ᠲᠠᠯ᠎ᠠ ᠨᠤᠲᠤᠭ᠎ᠲᠤ ᠠᠯᠢ ᠣᠯᠠᠨ ᠰᠡᠳᠭᠢᠯ ᠳᠣᠭᠳᠤᠯᠤᠮ᠎ᠠ ᠰᠠᠢᠬᠠᠨ ᠦᠵᠡᠭᠳᠡᠯ᠎ᠦᠳ ᠪᠠᠢᠳᠠᠭ᠎ᠴᠤ ᠬᠥᠮᠦᠰ ᠲᠡᠭᠦᠨ᠎ᠢ ᠳᠤᠭ ᠨᠣᠢᠷ᠎ᠤᠨ ᠳᠤᠮᠳᠠ᠎ᠪᠠᠨ ᠠᠵᠢᠶᠠᠷᠠᠯ᠎ᠦᠭᠡᠢ ᠥᠩᠭᠡᠷᠡᠭᠡᠵᠦ ᠣᠷᠬᠢᠳᠠᠭ᠎ᠶᠤᠮ᠃ ᠲᠡᠭᠡᠭᠡᠳ ᠲᠠᠯ᠎ᠠ ᠨᠤᠲᠤᠭ᠎ᠲᠤ ᠦᠷ ᠴᠠᠢᠬᠤ᠎ᠲᠠᠢ ᠵᠡᠷᠭᠡ ᠬᠥᠮᠦᠰ ᠨᠢᠭᠡ ᠰᠥᠨᠢ᠎ᠶᠢᠨ ᠬᠣᠭᠤᠷᠤᠨᠳᠤ ᠠᠳᠤᠭᠤᠨ ᠰᠦᠷᠦᠭ᠎ᠨᠢ ᠨᠡᠮᠡᠭᠳᠡᠭᠰᠡᠨ᠎ᠢ ᠬᠠᠷᠠᠵᠤ ᠭᠠᠢᠬᠠᠨ ᠪᠠᠶᠠᠷᠯᠠᠭᠰᠠᠨ ᠰᠡᠳᠭᠢᠯᠭᠡ᠎ᠪᠡᠷ ᠣᠢᠷᠠᠳᠴᠤ ᠬᠦᠷᠬᠦ᠎ᠲᠡᠢ ᠵᠡᠷᠭᠡ ᠲᠡᠷᠡ ᠠᠳᠤᠭᠤ ᠦᠳᠲᠡᠷ ᠬᠣᠶᠠᠷ ᠬᠠᠭᠠᠷᠠᠵᠤ ᠨᠢᠭᠡ ᠰᠦᠷᠦᠭ᠎ᠨᠢ ᠵᠢᠭᠤᠳᠠᠵᠤ ᠠᠯᠠᠭ᠎ᠠ ᠪᠣᠯᠳᠠᠭ᠂ ᠦᠷ᠎ᠦᠨ ᠬᠢᠷᠠᠭ᠎ᠠ᠎ᠪᠠᠷ ᠤᠷᠲᠤ ᠭᠡᠭᠴᠢ᠎ᠶᠢᠨ ᠬᠤᠷ ᠳᠡᠯ᠎ᠢᠶᠡᠨ ᠰᠡᠭᠰᠡᠯᠵᠡᠭᠦᠯᠦᠨ ᠳᠠᠪᠬᠢᠯᠳᠤᠬᠤ᠎ᠨᠢ ᠥᠨᠢᠷ ᠣᠯᠠᠨ ᠬᠠᠳᠠᠭ ᠰᠠᠮᠪᠠᠢ ᠬᠡᠢᠰᠬᠦ ᠠᠳᠠᠯᠢ ᠬᠠᠷᠠᠭᠳᠠᠬᠤ᠎ᠶᠤᠮ᠃ ᠡᠨᠡ ᠦᠶ᠎ᠡ ᠴᠢ᠎ᠳᠡᠬᠢ᠎ᠶᠢᠨ ᠰᠦᠷᠦᠭ ᠪᠠᠢᠭᠰᠠᠨ᠎ᠶᠤᠮ ᠪᠠᠢᠨ᠎ᠠ ᠭᠡᠵᠦ ᠮᠡᠳᠡᠬᠦ ᠪᠣᠯᠤᠨ᠎ᠠ᠃᠎ᠲᠠᠬᠢ᠎ᠨᠤᠭᠤᠳ ᠰᠥᠨᠢ᠎ᠪᠡᠷ ᠠᠳᠤᠭᠤᠨ ᠰᠦᠷᠦᠭ᠎ᠲᠦ ᠨᠡᠢᠯᠡᠵᠦ ᠨᠠᠭᠠᠳᠴᠤ ᠲᠣᠭᠯᠠᠳᠠᠭ᠎ᠶᠤᠮ ᠪᠠᠢᠵᠠᠢ᠃᠎ᠲᠠᠬᠢ ᠭᠡᠭᠴᠢ ᠱᠠᠯᠠᠪ ᠪᠤᠰᠢᠭᠤ ᠠᠮᠢᠲᠠᠨ ᠪᠣᠯᠬᠣᠷ ᠡᠨᠳᠡ ᠲᠡᠨᠳᠡ᠎ᠦᠭᠡᠢ ᠲᠣᠭᠤᠷᠢᠵᠤ᠂ ᠬᠦᠴᠦ ᠲᠠᠷᠭᠤ᠎ᠲᠠᠢ ᠠᠵᠢᠷᠭ᠎ᠠ᠎ᠨᠤᠭᠤᠳ᠎ᠨᠢ ᠰᠦᠷᠦᠭ᠎ᠢᠶᠡᠨ ᠳᠠᠭᠠᠭᠤᠯᠳᠠᠭ᠎ᠶᠤᠮ᠃᠎ᠲᠠᠬᠢ ᠠᠳᠤᠭᠤ᠎ᠲᠠᠢ ᠳᠠᠰᠤᠯ ᠪᠣᠯᠵᠠᠢ᠂ ᠲᠡᠳᠡᠨᠦᠰ ᠠᠭᠤᠯᠵᠠᠮᠠᠭᠴᠠ᠎ᠯᠠ ᠪᠡᠶ᠎ᠡ ᠪᠡᠶᠡᠰ᠎ᠢᠶᠡᠨ ᠦᠨᠦᠷᠯᠡᠵᠦ ᠬᠦᠵᠦᠭᠦᠦ ᠲᠣᠯᠤᠭᠠᠢ᠎ᠪᠠᠨ ᠱᠦᠷᠭᠦᠭᠡᠯᠴᠡᠨ᠂ ᠰᠦᠷᠦᠭ ᠨᠡᠢᠯᠡᠭᠡᠳ ᠨᠠᠭᠠᠳᠴᠤ ᠢᠳᠡᠰᠢᠯᠡᠨ᠎ᠡ᠃ ᠦᠷ᠎ᠢᠶᠡᠷ ᠮᠠᠯᠴᠢᠳ ᠪᠣᠰᠴᠤ ᠮᠣᠩᠭᠤᠯ ᠭᠡᠷ᠎ᠡᠴᠡ᠎ᠪᠡᠨ ᠭᠠᠷᠬᠤ ᠦᠶ᠎ᠡ᠎ᠳᠦ ᠲᠡᠳᠡ ᠰᠦᠷᠦᠭ ᠰᠠᠯᠳᠠᠭ᠎ᠶᠤᠮ᠃᠎ᠲᠠᠬᠢ᠎ᠶᠢᠨ ᠠᠵᠢᠷᠭ᠎ᠠ ᠬᠡᠵᠢᠶᠡᠳᠡ ᠭᠡᠭᠦᠦ ᠪᠣᠯᠤᠨ ᠤᠨᠠᠭ᠎ᠠ᠎ᠪᠠᠨ ᠬᠠᠮᠠᠭᠠᠯᠠᠵᠤ᠂ ᠬᠥᠮᠦᠨ ᠬᠠᠷ᠎ᠠ᠎ᠲᠠᠢ ᠣᠢᠷᠠᠲᠤᠭᠤᠯᠳᠠᠭ᠎ᠦᠭᠡᠢ᠃᠎ᠲᠠᠬᠢ᠎ᠶᠢᠨ ᠰᠦᠷᠦᠭ ᠬᠣᠯᠠ ᠶᠠᠪᠤᠭᠠᠳ ᠵᠣᠭᠰᠤᠬᠤ᠎ᠳᠤ ᠥᠷᠯᠦᠭᠡᠨ᠎ᠦ ᠨᠠᠷᠠᠨ᠎ᠳᠤ ᠭᠡᠢᠭᠦᠯᠦᠭᠳᠡᠭᠰᠡᠨ ᠲᠠᠯ᠎ᠠ ᠨᠤᠲᠤᠭ ᠳᠡᠭᠡᠷ᠎ᠡ ᠰᠦᠷᠦᠭ᠎ᠢᠶᠡᠨ ᠬᠠᠮᠠᠭᠠᠯᠠᠵᠤ ᠰᠣᠷᠲᠤᠢᠨ ᠵᠣᠭᠰᠤᠭᠰᠠᠨ᠎ᠳᠠᠬᠢ᠎ᠶᠢᠨ ᠠᠵᠢᠷᠭ᠎ᠠ᠎ᠶᠢᠨ ᠬᠤᠷ ᠳᠡᠯ᠎ᠨᠢ ᠡᠪᠦᠳᠦᠭ ᠲᠤᠯᠲᠠᠯ᠎ᠠ ᠤᠨᠵᠢᠵᠤ ᠦᠵᠡᠰᠭᠦᠯᠡᠩ ᠰᠠᠢᠬᠠᠨ ᠭᠡᠷᠡᠯ ᠰᠠᠴᠤᠷᠠᠨ᠎ᠠ᠃

ᠨᠠᠷᠠ ᠭᠠᠷᠪᠠᠯ ᠲᠠᠯ᠎ᠠ ᠨᠤᠲᠤᠭ ᠨᠡᠢᠳᠡᠮ ᠭᠡᠢᠵᠦ ᠡᠬᠢᠯᠡᠳᠡᠭ᠂ ᠡᠨᠡ ᠦᠶ᠎ᠡ ᠪᠣᠯ ᠮᠥᠭᠦ ᠲᠡᠭᠦᠬᠦ ᠰᠠᠢᠬᠠᠨ ᠴᠠᠭ᠎ᠶᠤᠮ᠃ ᠲᠡᠭᠷᠢ ᠠᠭᠤᠯᠠ᠎ᠶᠢᠨ ᠮᠥᠭᠦ ᠪᠣᠯ ᠲᠣᠮᠤ ᠪᠥᠭᠡᠳ ᠠᠮᠲᠠ᠎ᠲᠠᠢ᠃ ᠡᠨᠡ ᠦᠶ᠎ᠡ᠎ᠳᠦ ᠴᠢ ᠮᠣᠷᠢᠨ ᠳᠡᠭᠡᠷ᠎ᠡ᠎ᠡᠴᠡ ᠲᠠᠯ᠎ᠠ ᠤᠷᠤᠭᠤ ᠪᠠᠷᠠᠯᠠᠪᠠᠯ ᠡᠨᠳᠡ ᠲᠡᠨᠳᠡ ᠴᠡᠯ ᠨᠣᠭᠤᠭᠠᠨ ᠬᠦᠷᠢᠶ᠎ᠡ ᠨᠤᠭᠦᠳ ᠴᠠᠭᠠᠷᠢᠭᠯᠠᠨ ᠦᠵᠡᠭᠳᠡᠨ᠎ᠡ᠂ ᠲᠡᠷᠡ ᠪᠣᠯ ᠮᠥᠬᠦᠨ ᠬᠦᠷᠢᠶ᠎ᠡ᠎ᠶᠦᠮ᠃ ᠶᠥᠷᠭᠡᠭᠦᠯᠵᠦ ᠣᠴᠢᠭᠠᠳ ᠥᠨᠥ ᠭᠤᠷᠪᠠ ᠳᠥᠷᠪᠡᠨ ᠬᠣᠣᠰ ᠠᠯᠲᠠ ᠡᠩ᠎ᠲᠡᠢ ᠴᠡᠯ ᠨᠣᠭᠤᠭᠠᠨ ᠰᠢᠮᠡᠯᠢᠭ ᠰᠠᠢᠬᠠᠨ ᠡᠪᠡᠰᠦᠨ ᠬᠦᠷᠢᠶᠡᠨ᠎ᠡᠴᠡ ᠵᠤᠨ ᠴᠠᠭ᠎ᠤᠨ ᠰᠥᠨᠢ᠎ᠶᠢᠨ ᠣᠳᠤᠳ ᠠᠳᠠᠯᠢ ᠲᠦᠭᠡᠭᠰᠡᠨ ᠮᠥᠭᠦ᠎ᠶᠢ ᠬᠠᠷᠠᠵᠤ ᠪᠣᠯᠤᠨ᠎ᠠ᠃ ᠨᠣᠭᠤᠭᠠᠨ ᠡᠪᠡᠰᠦᠨ᠎ᠳᠦ ᠳᠠᠯᠳᠠᠯᠠᠭᠰᠠᠨ ᠳᠤᠩ ᠴᠠᠭᠠᠨ ᠮᠥᠭᠦ᠎ᠶᠢ ᠦᠵᠡᠭᠡᠳ ᠱᠠᠭᠰᠢᠬᠤ᠎ᠦᠭᠡᠢ ᠬᠥᠮᠦᠨ ᠭᠡᠵᠦ ᠪᠠᠢᠬᠤ᠎ᠤᠤ? ᠥᠷᠦᠭᠡᠰᠦᠨ ᠭᠠᠷ᠎ᠢᠶᠠᠷ ᠲᠡᠭᠦᠭᠡᠳ ᠦᠯᠦ ᠠᠮᠵᠢᠬᠤ᠎ᠳᠠᠭᠠᠨ ᠬᠣᠶᠠᠷ ᠭᠠᠷ᠎ᠢᠶᠠᠷ᠎ᠢᠶᠠᠨ ᠲᠡᠭᠦᠨ᠎ᠡ᠂ ᠬᠠᠷᠮᠠᠨ᠎ᠳᠠᠭᠠᠨ ᠪᠠᠭᠲᠠᠬᠤ᠎ᠦᠭᠡᠢ᠎ᠳᠤᠨᠢ ᠮᠠᠯᠠᠭᠠᠢ ᠪᠣᠯᠤᠨ ᠭᠤᠲᠤᠯ᠎ᠳᠠᠭᠠᠨ᠎ᠴᠤ ᠴᠢᠬᠢᠵᠦ ᠮᠡᠳᠡᠨ᠎ᠡ᠃ ᠠᠩᠬᠠᠳᠠᠭᠴᠢ ᠤᠳᠠᠭ᠎ᠠ ᠡᠳᠦᠢ ᠠᠷᠪᠢᠨ ᠡᠢᠮᠦ ᠰᠠᠢᠬᠠᠨ ᠮᠥᠭᠦ᠎ᠶᠢ ᠲᠡᠭᠦᠵᠦ ᠦᠵᠡᠬᠦ ᠭᠡᠳᠡᠭ᠎ᠨᠢ ᠠᠯᠤᠰ᠎ᠤᠨ ᠵᠣᠴᠢᠨ᠎ᠳᠤ ᠠᠪᠴᠤ ᠬᠡᠯᠡᠪᠡᠯ ᠬᠠᠮᠤᠭ᠎ᠠᠴᠠ ᠪᠠᠶᠠᠷ᠎ᠲᠠᠢ ᠶᠠᠪᠤᠳᠠᠯ᠎ᠶᠤᠮ᠃ ᠮᠥᠭᠦ᠎ᠪᠡᠨ ᠭᠣᠷᠤᠬ᠎ᠠ᠎ᠶᠢᠨ ᠤᠰᠤᠨ᠎ᠳᠤ ᠤᠭᠠᠭᠠᠳ᠂ ᠳᠠᠪᠤᠰᠤ ᠲᠣᠰᠤ᠎ᠦᠭᠡᠢ᠎ᠪᠠᠷ ᠬᠠᠷ᠎ᠠ ᠤᠰᠤᠨ᠎ᠳᠤ ᠴᠢᠨᠠᠭᠠᠳ ᠢᠳᠡᠪᠡᠴᠦ ᠮᠥᠨ ᠨᠢᠭᠡ ᠵᠦᠢᠯ᠎ᠦᠨ ᠰᠡᠪᠡᠬᠦᠨ ᠰᠠᠢᠬᠠᠨ ᠠᠮᠲᠠ᠎ᠲᠠᠢ ᠪᠠᠢᠳᠠᠭ᠂ ᠬᠡᠷᠪᠡ ᠬᠥᠪᠬᠡᠷ ᠢᠮᠠᠭᠠᠨ ᠮᠢᠬ᠎ᠠ᠎ᠲᠠᠢ ᠴᠢᠨᠠᠬᠤ᠎ᠶᠤᠮ ᠪᠣᠯ ᠴᠢᠬᠢ᠎ᠶᠢ᠎ᠴᠢᠨᠢ ᠣᠭᠲᠤᠯᠪᠠᠴᠤ ᠮᠡᠳᠡᠬᠦ᠎ᠦᠭᠡᠢ᠎ᠶᠦᠮ᠃

ᠲᠡᠭᠷᠢ ᠠᠭᠤᠯᠠ᠎ᠳᠤ ᠬᠣᠪᠤᠷ ᠵᠦᠢᠯᠡᠰ ᠪᠠᠢᠬᠤ᠎ᠯᠠ᠃ ᠬᠠᠯᠢᠭᠤ ᠪᠣᠯ ᠤᠰᠤᠨ᠎ᠤ ᠠᠮᠢᠲᠠᠨ ᠭᠡᠭᠴᠢ᠎ᠶᠢ ᠪᠢᠳᠡ ᠮᠡᠳᠡᠨ᠎ᠡ᠂ ᠭᠡᠲᠡᠯ᠎ᠡ ᠲᠡᠭᠷᠢ ᠠᠭᠤᠯᠠ᠎ᠳᠤ ᠬᠠᠷᠢᠨ ᠬᠠᠯᠢᠭᠤ᠎ᠲᠠᠢ ᠠᠳᠠᠯᠢᠪᠲᠤᠷ ᠲᠠᠷᠪᠠᠭ᠎ᠠ ᠭᠡᠵᠦ ᠪᠠᠢᠳᠠᠭ᠃ ᠪᠡᠯᠴᠢᠭᠡᠷ᠎ᠦᠨ ᠵᠠᠬ᠎ᠠ ᠠᠭᠤᠯᠠᠨ ᠬᠣᠷᠮᠤᠢ᠎ᠳᠤ ᠵᠢᠵᠢᠭᠬᠡᠨ ᠨᠦᠬᠡ ᠨᠤᠭᠦᠳ ᠣᠯᠠᠨ ᠬᠠᠷᠠᠭᠳᠠᠳᠠᠭ᠎ᠨᠢ ᠴᠥᠮ ᠲᠠᠷᠪᠠᠭᠠᠨ᠎ᠤ ᠡᠭᠦᠷ᠎ᠶᠦᠮ᠃ ᠶᠢᠰᠦ᠂ ᠠᠷᠪᠠᠳᠤᠭᠠᠷ ᠰᠠᠷ᠎ᠠ᠎ᠳᠤ ᠴᠠᠰᠤ ᠣᠷᠤᠬᠤ᠎ᠠᠴᠠ ᠠᠪᠤᠭᠠᠳ ᠬᠣᠢᠲᠤᠨ ᠵᠢᠯ᠎ᠦᠨ ᠳᠥᠷᠪᠡ ᠲᠠᠪᠤᠳᠤᠭᠠᠷ ᠰᠠᠷ᠎ᠠ᠎ᠳᠤ ᠴᠠᠰᠤ ᠬᠠᠢᠯᠲᠠᠯ᠎ᠠ ᠲᠠᠷᠪᠠᠭ᠎ᠠ ᠶᠠᠭ ᠬᠠᠭᠠᠰ ᠵᠢᠯ ᠢᠴᠡᠭᠡᠯᠡᠳᠡᠭ᠃ ᠵᠤᠨ᠎ᠤ ᠲᠤᠢᠯ ᠥᠩᠭᠡᠷᠡᠵᠦ᠂ ᠡᠪᠡᠰᠦ ᠨᠣᠭᠤᠭ᠎ᠠ ᠬᠥᠬᠡᠷᠡᠨ ᠤᠷᠭᠤᠵᠤ᠂ ᠰᠢᠮ᠎ᠡ ᠰᠢᠭᠦᠰᠦ ᠪᠦᠷᠢᠳᠦᠭᠰᠡᠨ ᠴᠠᠭ᠎ᠲᠤ ᠲᠠᠷᠪᠠᠭ᠎ᠠ᠎ᠨᠤᠭᠤᠳ ᠭᠣᠯᠢᠢᠲᠠᠯ᠎ᠠ ᠲᠠᠷᠭᠤᠯᠠᠳᠠᠭ ᠪᠢᠯᠡ᠃ ᠡᠨᠡ ᠦᠶ᠎ᠡ᠎ᠳᠡᠭᠡᠨ ᠲᠠᠷᠪᠠᠭ᠎ᠠ᠎ᠶᠢᠨ ᠦᠰᠦ ᠰᠢᠷᠠᠯᠠᠨ ᠭᠢᠯᠲᠦᠭᠡᠨᠡᠵᠦ ᠭᠡᠳᠡᠰᠦ᠎ᠪᠡᠨ ᠴᠢᠷᠴᠦ ᠪᠠᠯᠲᠠᠭᠠᠨᠠᠨ ᠠᠷᠠᠢ ᠴᠢᠮᠠᠢ ᠶᠠᠪᠤᠳᠠᠭ ᠪᠣᠯᠬᠣᠷ ᠦᠯᠡᠮᠵᠢᠬᠡᠨ ᠠᠩᠨᠠᠵᠤ ᠪᠣᠯᠬᠤ᠎ᠶᠤᠮ᠃

ᠪᠠᠰᠠ ᠨᠢᠭᠡᠨ ᠵᠦᠢᠯ᠎ᠦᠨ ᠬᠣᠪᠤᠷ ᠡᠷᠳᠡᠨᠢ ᠪᠣᠯ ᠴᠠᠰᠤᠨ ᠯᠢᠩᠬᠤ᠎ᠠ ᠪᠢᠯᠡ᠃ ᠴᠢ ᠠᠭᠤᠯᠠᠨ ᠬᠣᠷᠮᠤᠢ᠎ᠠᠴᠠ ᠳᠡᠭᠡᠭᠰᠢ ᠮᠠᠴᠤᠵᠤ ᠴᠠᠰᠤᠨ ᠣᠷᠭᠢᠯ᠎ᠤᠨ ᠡᠩᠭᠡᠷ ᠬᠦᠷᠪᠡᠯ ᠴᠠᠰᠤᠨ᠎ᠤ ᠵᠢᠬᠡᠭᠦᠨ ᠬᠥᠬᠡ ᠭᠡᠷᠡᠯ᠎ᠳᠦ ᠬᠠᠰ᠎ᠢᠶᠠᠷ ᠰᠡᠢᠯᠪᠦᠷᠢᠯᠡᠭᠰᠡᠨ ᠭᠡᠮᠡᠷ ᠪᠣᠳᠠ ᠪᠣᠳᠠ ᠴᠠᠰᠤᠨ ᠯᠢᠩᠬᠤ᠎ᠠ ᠦᠵᠡᠭᠳᠡᠬᠦ᠎ᠶᠦᠮ᠃ ᠬᠠᠬᠢᠷ ᠬᠦᠢᠲᠡᠨ᠎ᠳᠦ ᠤᠷᠭᠤᠵᠤ ᠳᠠᠰᠤᠭᠰᠠᠨ ᠴᠠᠰᠤᠨ ᠯᠢᠩᠬᠤ᠎ᠠ ᠪᠣᠯ ᠦᠨᠳᠦᠰᠦ᠎ᠪᠡᠨ ᠬᠠᠳᠠ ᠴᠢᠯᠠᠭᠤᠨ ᠵᠠᠪᠰᠠᠷ ᠭᠦᠨ ᠬᠠᠳᠭᠤᠵᠤ᠂ ᠴᠠᠰᠤᠨ᠎ᠤ ᠤᠰᠤ᠎ᠪᠠᠷ ᠤᠮᠳᠠ ᠬᠢᠵᠦ᠂ ᠴᠠᠰᠤᠨ᠎ᠤ ᠭᠡᠷᠡᠯ᠎ᠢ ᠪᠡᠶ᠎ᠡ᠎ᠳᠡᠭᠡᠨ ᠲᠤᠰᠭᠠᠨ ᠨᠢᠤᠯᠲᠤ ᠪᠤᠯᠪᠠᠷᠠᠢ ᠨᠠᠬᠢᠯᠵᠠᠵᠤ᠂ ᠴᠡᠪᠡᠷ ᠴᠠᠭᠠᠨ᠎ᠢᠶᠠᠷ ᠭᠢᠯᠠᠯᠵᠠᠩᠬᠠᠨ ᠪᠠᠢᠳᠠᠭ᠎ᠶᠤᠮ᠃ ᠬᠥᠮᠦᠨ᠎ᠦ ᠮᠥᠷ ᠪᠠᠷᠤᠭ ᠬᠦᠷᠳᠡᠭ᠎ᠦᠭᠡᠢ ᠳᠠᠯᠠᠢ᠎ᠶᠢᠨ ᠲᠦᠪᠰᠢᠨ᠎ᠡᠴᠡ ᠬᠡᠳᠦᠨ ᠮᠢᠩᠭᠠᠨ ᠮᠧᠲᠷ ᠥᠨᠳᠦᠷ ᠠᠭᠤᠯᠠ᠎ᠶᠢᠨ ᠴᠠᠰᠤᠨ ᠡᠩᠭᠡᠷ᠎ᠲᠦ ᠤᠷᠭᠤᠭᠰᠠᠨ ᠡᠨᠡ ᠬᠣᠪᠤᠷ ᠨᠠᠨᠳᠢᠨ ᠴᠡᠴᠡᠭ᠎ᠨᠢ ᠳᠡᠯᠡᠬᠡᠢ᠎ᠶᠢᠨ ᠬᠣᠪᠤᠷ ᠡᠷᠳᠡᠨᠢ - ᠡᠮᠡᠭᠲᠡᠢ ᠬᠥᠮᠦᠨ᠎ᠦ ᠡᠪᠡᠳᠴᠢᠨ ᠵᠠᠰᠠᠬᠤ᠎ᠳᠤ ᠣᠯᠳᠠᠰᠢ᠎ᠦᠭᠡᠢ ᠰᠠᠢᠨ ᠡᠮ᠎ᠶᠦᠮ ᠭᠡᠨ᠎ᠡ᠃

ᠪᠠᠢᠭᠠᠯᠢ᠎ᠶᠢᠨ ᠨᠠᠭᠤᠷ ᠬᠢᠭᠡᠳ ᠵᠢᠮᠢᠰ᠎ᠦᠨ ᠵᠢᠯᠠᠭ᠎ᠠ

ᠲᠡᠭᠷᠢ ᠠᠭᠤᠯᠠ᠎ᠶᠢᠨ ᠨᠣᠶᠠᠨ ᠣᠷᠭᠢᠯ᠎ᠳᠤ ᠭᠠᠷᠪᠠᠯ ᠲᠣᠮᠤ ᠭᠡᠭᠴᠢ ᠪᠠᠢᠭᠠᠯᠢ᠎ᠶᠢᠨ ᠨᠠᠭᠤᠷ᠎ᠤᠳ ᠵᠥᠩᠳᠡᠭᠡᠨ ᠬᠠᠷᠠᠭᠳᠠᠵᠤ ᠲᠤᠩᠭᠠᠯᠠᠭ ᠲᠣᠯᠢ᠎ᠰᠢᠭ᠋ ᠮᠡᠯᠲᠡᠢᠵᠦ ᠪᠠᠢᠳᠠᠭ᠃ ᠠᠷ᠎ᠦᠭᠡᠢ ᠲᠤᠩᠭᠠᠯᠠᠭ ᠨᠠᠭᠤᠷ᠎ᠤᠨ ᠴᠡᠭᠡᠯ ᠨᠡᠪᠲᠡ ᠦᠵᠡᠭᠳᠡᠵᠦ᠂ ᠣᠭᠲᠠᠷᠭᠤᠢ᠎ᠳᠤ ᠬᠥᠪᠬᠦ ᠴᠠᠭᠠᠨ ᠡᠭᠦᠯᠡ ᠪᠣᠯᠤᠨ ᠡᠷᠭᠢᠨ ᠲᠣᠭᠤᠷᠢᠨ᠎ᠤ ᠴᠠᠰᠤᠲᠤ ᠰᠠᠷᠢᠳᠠᠭ᠎ᠤᠨ ᠳᠦᠷᠰᠦ ᠤᠰᠤᠨ᠎ᠠ ᠲᠣᠩᠭᠤᠷᠤᠤ ᠲᠤᠰᠴᠤ᠂ ᠠᠭᠤᠯᠠ᠂ ᠨᠠᠭᠤᠷ᠂ ᠣᠭᠲᠠᠷᠭᠤᠢ᠎ᠨᠢ ᠭᠢᠯᠲᠦᠭᠡᠨᠡᠨ ᠭᠢᠯᠠᠯᠵᠠᠭᠰᠠᠨ ᠪᠦᠬᠦᠯᠢ ᠴᠣᠭᠴᠠ ᠪᠣᠯᠤᠨ᠎ᠠ᠃ ᠡᠨᠡ ᠨᠠᠮ ᠵᠢᠮ ᠨᠠᠭᠤᠷ᠎ᠲᠤ ᠴᠣᠷᠢ᠎ᠶᠢᠨ ᠭᠠᠭᠴᠠ ᠬᠥᠳᠡᠯᠳᠡᠭ ᠶᠠᠭᠤᠮ᠎ᠠ᠎ᠨᠢ ᠬᠤᠨ ᠭᠠᠯᠠᠭᠤ ᠪᠠᠢᠯ᠎ᠠ᠃ ᠬᠤᠨ ᠭᠠᠯᠠᠭᠤ᠎ᠶᠢᠨ ᠴᠢᠨᠳᠠᠭᠠᠨ ᠴᠠᠭᠠᠨ ᠪᠡᠶ᠎ᠡ ᠨᠠᠭᠤᠷ᠎ᠤᠨ ᠤᠰᠤ᠎ᠶᠢ ᠤᠯᠠᠮ ᠪᠣᠯᠤᠷ ᠲᠤᠩᠭᠠᠯᠠᠭ ᠪᠣᠯᠭᠠᠵᠤ᠂ ᠬᠤᠨ ᠭᠠᠯᠠᠭᠤ᠎ᠶᠢᠨ ᠭᠠᠩᠭᠠᠷ ᠭᠤᠩᠭᠠᠷ ᠳᠣᠩᠭᠤᠳᠤᠯᠭ᠎ᠠ ᠨᠠᠭᠤᠷ᠎ᠢ ᠨᠡᠩᠳᠡ ᠨᠠᠮ ᠵᠢᠮ ᠰᠠᠨᠠᠭᠳᠠᠭᠤᠯᠤᠨ᠎ᠠ᠃ ᠬᠥᠮᠦᠰ ᠠᠭᠤᠯᠠ᠎ᠶᠢ ᠬᠤᠪᠢᠷᠠᠯ ᠶᠡᠬᠡᠲᠡᠢ ᠭᠡᠳᠡᠭ᠂ ᠦᠨᠡᠨ᠎ᠳᠡᠭᠡᠨ ᠪᠣᠯ ᠨᠠᠭᠤᠷ᠎ᠴᠤ ᠬᠤᠪᠢᠷᠠᠯ ᠶᠡᠬᠡᠲᠡᠢ ᠪᠠᠢᠳᠠᠭ᠎ᠶᠤᠮ᠃ ᠥᠨᠳᠦᠷ ᠭᠠᠵᠠᠷ᠎ᠠᠴᠠ ᠨᠠᠭᠤᠷ᠎ᠢ ᠪᠠᠷᠠᠯᠠᠪᠠᠯ ᠰᠡᠳᠭᠢᠯ ᠰᠡᠷᠭᠦᠭᠡᠨ ᠨᠢᠳᠦ ᠪᠠᠶᠠᠰᠭᠠᠬᠤ ᠨᠣᠮᠢᠨ ᠴᠡᠩᠬᠡᠷ ᠤᠰᠤ ᠡᠮᠦᠨ᠎ᠡ᠎ᠴᠢᠨᠢ ᠮᠡᠯᠲᠡᠢᠨ᠎ᠡ᠂ ᠴᠢ ᠳᠠᠬᠢᠭᠠᠳ ᠪᠠᠰᠠ ᠠᠩᠬᠠᠷᠤᠨ ᠰᠢᠷᠲᠡᠬᠦ᠎ᠶᠦᠮ ᠪᠣᠯ ᠬᠠᠷᠠᠭᠠᠨ᠎ᠤ ᠣᠢᠷ᠎ᠠ ᠮᠢᠩᠭ᠎ᠠ ᠲᠦᠮᠡᠨ ᠵᠢᠭᠠᠰᠤ ᠱᠤᠩᠪᠠᠬᠤ᠎ᠰᠢᠭ᠋ ᠮᠥᠩᠭᠦᠨ ᠬᠠᠢᠷᠰᠤ ᠭᠢᠯᠠᠯᠵᠠᠬᠤ ᠪᠥᠭᠡᠳ ᠬᠣᠯᠠᠬᠢ ᠴᠠᠭᠠᠨ᠎ᠠ ᠨᠠᠭᠤᠷ᠎ᠤᠨ ᠤᠰᠤ ᠲᠣᠯᠢ ᠮᠡᠲᠦ ᠮᠡᠯᠲᠡᠢᠵᠦ᠂ ᠥᠴᠦᠬᠡᠨ᠎ᠴᠦ ᠬᠣᠭ ᠲᠣᠭᠤᠰᠤ᠂ ᠵᠢᠭᠠᠬᠠᠨ᠎ᠴᠤ ᠢᠷᠠᠯᠵᠢ ᠠᠷ ᠠᠯᠠᠭ᠎ᠠ᠃ ᠨᠠᠭᠤᠷ᠎ᠤᠨ ᠤᠰᠤ᠎ᠶᠢ ᠣᠢᠷ᠎ᠠ᠎ᠠᠴᠠ ᠬᠣᠯᠠ ᠲᠡᠰᠢ ᠬᠠᠷᠠᠪᠠᠯ ᠮᠥᠩᠭᠦᠨ ᠴᠠᠭᠠᠨ᠂ ᠴᠡᠩᠬᠡᠷ᠂ ᠭᠦᠨ ᠴᠡᠩᠬᠡᠷ᠂ ᠬᠠᠷ᠎ᠠ ᠨᠣᠭᠤᠭᠠᠨ ᠭᠡᠬᠦ ᠮᠡᠲᠦ᠎ᠪᠡᠷ ᠥᠩᠭᠡ ᠢᠯᠭᠤᠮ ᠬᠠᠷᠠᠭᠳᠠᠵᠤ ᠬᠣᠯᠠᠳᠬᠤ ᠲᠤᠰᠤᠮ ᠭᠦᠨ ᠥᠩᠭᠡᠲᠡᠢ ᠪᠣᠯᠳᠠᠭ᠎ᠶᠤᠮ᠃ ᠳᠣᠮᠤᠭ ᠦᠯᠢᠭᠡᠷ᠎ᠲᠦ ᠡᠢᠮᠦ ᠨᠠᠭᠤᠷ ᠪᠣᠯ ᠡᠷᠲᠡ ᠴᠠᠭ᠎ᠲᠤ ᠨᠢᠭᠡᠨ ᠠᠵᠠ ᠪᠤᠰᠤ ᠬᠠᠰᠠᠭ ᠬᠡᠦᠬᠡᠨ᠎ᠦ ᠨᠢᠯᠪᠤᠰᠤ᠎ᠪᠠᠷ ᠪᠦᠲᠦᠭᠰᠡᠨ ᠪᠥᠭᠡᠳ ᠨᠠᠭᠤᠷ᠎ᠤᠨ ᠥᠩᠭᠡ᠎ᠶᠢᠨ ᠡᠯᠳᠡᠪ ᠬᠤᠪᠢᠷᠠᠯ ᠪᠣᠯ ᠲᠡᠷᠡ ᠬᠡᠦᠬᠡᠨ᠎ᠦ ᠤᠢᠳᠭᠠᠷ ᠭᠤᠨᠢᠭ᠎ᠢ ᠪᠡᠯᠭᠡᠳᠡᠵᠦ ᠪᠠᠢᠭ᠎ᠠ᠎ᠶᠤᠮ ᠭᠡᠳᠡᠭ ᠪᠢᠯᠡ᠃

ᠮᠥᠨ ᠡᠨᠡ ᠨᠠᠭᠤᠷ᠎ᠤᠨ ᠬᠥᠪᠡᠭᠦᠨ᠎ᠳᠦ ᠳᠣᠮᠤᠭ ᠦᠯᠢᠭᠡᠷ᠎ᠲᠡᠬᠢ ᠵᠠᠯᠠᠭᠤ ᠬᠡᠦᠬᠡᠨ᠎ᠦ ᠬᠣᠢᠴᠢ ᠦᠶ᠎ᠡ᠎ᠶᠢᠨ ᠦᠷ᠎ᠡ ᠠᠴᠢ᠎ᠨᠠᠷ ᠬᠣᠨᠢ ᠬᠠᠷᠢᠭᠤᠯᠤᠨ᠎ᠠ᠃ ᠨᠠᠭᠤᠷ᠎ᠤᠨ ᠤᠰᠤ ᠡᠪᠡᠰᠦ ᠨᠣᠭᠤᠭ᠎ᠠ᠎ᠶᠢ ᠤᠮᠳᠠᠯᠠᠵᠤ᠂ ᠡᠪᠡᠰᠦ ᠨᠣᠭᠤᠭ᠎ᠠ᠎ᠨᠢ ᠬᠣᠨᠢᠨ ᠰᠦᠷᠦᠭ᠎ᠢ ᠲᠠᠷᠭᠤᠯᠠᠭᠤᠯᠵᠤ᠂ ᠬᠣᠨᠢᠨ ᠰᠦ᠋᠎ᠨᠢ ᠵᠠᠯᠠᠭᠤ ᠬᠡᠦᠬᠡᠨ᠎ᠦ ᠬᠣᠢᠴᠢ ᠦᠶ᠎ᠡ᠎ᠶᠢᠨ ᠦᠷ᠎ᠡ ᠠᠴᠢ᠎ᠨᠠᠷ᠎ᠢ ᠲᠣᠷᠨᠢᠭᠤᠯᠤᠨ ᠪᠣᠢᠵᠢᠭᠤᠯᠵᠠᠢ᠃ ᠬᠡᠯᠡᠯᠭᠡᠨ᠎ᠦᠭᠡᠢ᠂ ᠬᠠᠰᠠᠭ ᠦᠨᠳᠦᠰᠦᠲᠡᠨ᠎ᠦ ᠠᠵᠠ ᠪᠤᠰᠤ᠎ᠶᠢ ᠬᠠᠷᠠᠭᠤᠯᠤᠭᠰᠠᠨ ᠡᠨᠡ ᠨᠠᠭᠤᠷ ᠣᠳᠣ ᠨᠢᠭᠡᠨᠲᠡ ᠵᠢᠩᠬᠢᠨᠢ ᠵᠣᠯ ᠵᠢᠷᠭᠠᠯᠲᠤ ᠨᠠᠭᠤᠷ ᠪᠣᠯᠤᠭᠰᠠᠨ ᠪᠠᠢᠨ᠎ᠠ᠃

ᠠᠭᠤᠯᠠ ᠨᠢᠷᠤᠭᠤ ᠳᠤᠯ ᠲᠤᠩᠭᠠᠯᠠᠭ᠂ ᠨᠠᠭᠤᠷ᠎ᠤᠨ ᠤᠰᠤᠨ ᠴᠡᠪᠡᠷ ᠠᠷᠢᠭᠤᠨ᠂ ᠡᠳᠦᠷ᠎ᠨᠢ ᠨᠠᠷᠠᠨ᠎ᠤ ᠭᠡᠷᠡᠯ᠎ᠳᠦ ᠢᠪᠡᠭᠡᠭᠳᠡᠵᠦ᠂ ᠰᠥᠨᠢ᠎ᠨᠢ ᠣᠳᠤᠨ ᠮᠡᠴᠢᠳ᠎ᠢᠶᠡᠷ ᠪᠦᠷᠬᠦᠭᠳᠡᠨ᠎ᠡ᠃ ᠮᠠᠯᠴᠢᠳ᠎ᠤᠨ ᠮᠣᠩᠭᠤᠯ ᠭᠡᠷ ᠬᠣᠨᠢᠨ ᠰᠦᠷᠦᠭ᠎ᠢᠶᠡᠨ ᠳᠠᠭᠠᠵᠤ᠂ ᠨᠠᠭᠤᠷ᠎ᠢᠶᠠᠨ ᠲᠣᠭᠤᠷᠢᠭᠠᠳ ᠨᠡᠭᠦᠵᠦ ᠰᠠᠭᠤᠨ᠎ᠠ᠂ ᠬᠣᠨᠢᠨ ᠰᠦᠷᠦᠭ᠎ᠨᠢ ᠵᠢᠯ᠎ᠡᠴᠡ ᠵᠢᠯ ᠥᠨᠢᠷ ᠣᠯᠠᠨ ᠦᠷᠡᠵᠢᠨ ᠥᠰᠦᠨ᠎ᠡ᠃ ᠮᠠᠯᠴᠢᠳ ᠶᠠᠲᠤᠭ᠎ᠠ᠎ᠪᠠᠨ ᠴᠢᠪᠬᠠᠳᠠᠨ᠂ ᠵᠣᠯ ᠵᠢᠷᠭᠠᠯᠲᠤ ᠠᠮᠢᠳᠤᠷᠠᠯ᠎ᠢᠶᠠᠨ ᠮᠠᠭᠲᠠᠨ ᠳᠠᠭᠤᠯᠠᠵᠠᠭᠠᠨ᠎ᠠ᠃

ᠥᠨᠳᠦᠷ ᠠᠭᠤᠯᠠ᠎ᠶᠢᠨ ᠴᠠᠰᠤᠨ ᠬᠠᠢᠯ ᠨᠠᠭᠤᠷ᠎ᠲᠤ ᠴᠢᠳᠭᠤᠵᠤ᠂ ᠳᠠᠬᠢᠨ ᠴᠠᠪᠴᠢᠵᠤ ᠭᠠᠷᠭᠠᠭᠰᠠᠨ᠎ᠶᠤᠮ᠎ᠰᠢᠭ᠋ ᠡᠭᠴᠡ ᠬᠠᠪᠴᠢᠯ᠎ᠤᠨ ᠳᠤᠮᠳᠠᠭᠤᠷ ᠠᠰ ᠳᠣᠷᠤᠭᠰᠢ᠎ᠪᠠᠨ ᠮᠢᠩᠭᠠᠨ ᠬᠣᠣᠰ ᠠᠯᠲᠠ ᠭᠦᠨ ᠵᠢᠯᠠᠭ᠎ᠠ᠎ᠳᠠᠬᠢ ᠳᠠᠷᠭᠢᠯ᠎ᠳᠤ ᠴᠢᠳᠭᠤᠳᠠᠭ᠃ ᠬᠡᠢᠰᠦᠮ᠎ᠡ ᠬᠠᠳᠠᠨ᠎ᠠᠴᠠ ᠭᠢᠨᠵᠢ ᠤᠨᠵᠢᠭᠤᠯᠤᠭᠰᠠᠨ ᠮᠡᠲᠦ ᠪᠠᠭᠤᠬᠤ ᠤᠰᠤ᠎ᠶᠢ ᠠᠷᠪᠠᠨ ᠭᠠᠵᠠᠷ᠎ᠤᠨ ᠭᠠᠳᠠᠨᠠᠬᠢ ᠠᠭᠤᠯᠠ᠎ᠶᠢᠨ ᠲᠣᠯᠤᠭᠠᠢ ᠳᠡᠭᠡᠷ᠎ᠡ᠎ᠡᠴᠡ ᠬᠠᠷᠠᠭᠰᠠᠨ᠎ᠴᠤ ᠲᠡᠷᠡ᠎ᠬᠦ ᠤᠷᠲᠤ ᠭᠢᠨᠵᠢᠨ᠎ᠦ ᠴᠠᠭᠠᠨ ᠭᠡᠷᠡᠯ᠎ᠨᠢ ᠲᠣᠳᠤᠬᠠᠨ ᠬᠠᠷᠠᠭᠳᠠᠨ᠎ᠠ᠃ ᠠᠰᠭ᠎ᠠ᠎ᠳᠤ ᠣᠢᠷᠠᠲᠤᠵᠤ ᠬᠦᠷᠪᠡᠯ ᠬᠥᠯ᠎ᠦᠨ᠎ᠴᠢᠨᠢ ᠳᠣᠣᠷ᠎ᠠ᠎ᠠᠴᠠ ᠠᠢᠬᠤᠪᠲᠤᠷ ᠬᠦᠴᠦᠲᠦ ᠳᠣᠩᠰᠤᠯᠤᠯᠲᠠ ᠮᠡᠳᠡᠭᠳᠡᠬᠦ᠎ᠶᠦᠮ᠃ ᠤᠰᠤᠨ ᠭᠢᠨᠵᠢ ᠭᠦᠨ ᠵᠢᠯᠠᠭ᠎ᠠ᠎ᠳᠠᠬᠢ ᠳᠠᠷᠭᠢᠯ᠎ᠳᠤ ᠬᠦᠷᠬᠢᠷ᠎ᠡ ᠪᠣᠯᠤᠨ ᠪᠠᠭᠤᠬᠤ᠎ᠶᠢ ᠳᠣᠷᠤᠭᠰᠢ ᠥᠩᠭᠡᠢᠨ ᠦᠵᠡᠪᠡᠯ ᠵᠢᠯᠠᠭ᠎ᠠ᠎ᠶᠢᠨ ᠢᠷᠤᠭᠠᠷ᠎ᠤᠨ ᠬᠠᠳᠠᠨ ᠳᠡᠭᠡᠷ᠎ᠡ᠎ᠡᠴᠡ ᠬᠥᠭᠡᠰᠦᠷᠡᠨ ᠰᠠᠴᠤᠷᠠᠬᠤ ᠤᠰᠤᠨ᠎ᠤ ᠲᠦᠰᠦᠷᠭᠡ᠎ᠨᠢ ᠨᠠᠷᠠᠨ ᠭᠡᠷᠡᠯ᠎ᠳᠦ ᠰᠣᠯᠤᠩᠭᠠᠷᠠᠨ ᠠᠳᠠᠪᠠᠰᠢ ᠦᠵᠡᠰᠭᠦᠯᠡᠩᠲᠡᠢ ᠰᠠᠢᠬᠠᠨ ᠬᠠᠷᠠᠭᠳᠠᠳᠠᠭ᠃ ᠳᠥᠯᠭᠡᠨ ᠭᠣᠷᠤᠬᠠᠲᠤ ᠵᠢᠯᠠᠭ᠎ᠠ᠎ᠶᠢᠨ ᠳᠡᠷᠭᠡᠳᠡᠬᠢ ᠨᠣᠭᠤᠭᠠᠨ ᠵᠦᠯᠭᠡᠨ ᠳᠡᠭᠡᠷ᠎ᠡ ᠪᠠᠰᠠ ᠲᠣᠪᠤ ᠲᠣᠪᠤ ᠮᠣᠩᠭᠤᠯ ᠭᠡᠷ᠎ᠦᠳ ᠤᠰᠤᠨ᠎ᠳᠤ ᠤᠨᠠᠭᠰᠠᠨ ᠴᠠᠭᠠᠨ ᠬᠠᠰ ᠠᠳᠠᠯᠢ ᠴᠠᠢᠷᠠᠨ ᠭᠢᠯᠠᠯᠵᠠᠳᠠᠭ᠎ᠶᠤᠮ᠃

ᠮᠤᠷᠤᠯᠵᠠᠨ ᠲᠠᠬᠢᠷᠯᠠᠭᠰᠠᠨ ᠳᠠᠷᠭᠢᠯ᠎ᠢ ᠳᠠᠭᠠᠵᠤ ᠤᠷᠤᠭᠤᠳᠠᠪᠠᠯ᠂ ᠵᠠᠮ ᠵᠠᠭᠤᠷ᠎ᠠ ᠣᠯᠠᠨ ᠰᠠᠯᠠᠭ᠎ᠠ ᠤᠷᠤᠰᠭᠠᠯ ᠨᠡᠢᠯᠡᠨ ᠨᠡᠢᠯᠡᠭᠰᠡᠭᠡᠷ ᠪᠠᠢᠭᠠᠳ ᠭᠣᠷᠤᠬ᠎ᠠ ᠪᠣᠯᠤᠨ᠎ᠠ᠂ ᠳᠠᠬᠢᠭᠠᠳ ᠴᠢᠨᠠᠭᠰᠢᠳᠠ ᠳᠠᠷᠭᠢᠯ ᠬᠢᠭᠡᠳ ᠭᠣᠷᠤᠬ᠎ᠠ᠎ᠶᠢᠨ ᠤᠷᠤᠰᠭᠠᠯ ᠨᠡᠢᠯᠡᠭᠰᠡᠭᠡᠷ ᠪᠠᠢᠵᠤ ᠭᠣᠣᠯ ᠪᠣᠯᠤᠭᠠᠳ ᠲᠡᠭᠷᠢ ᠠᠭᠤᠯᠠ᠎ᠠᠴᠠ ᠳᠠᠪᠠᠯᠭᠠᠯᠠᠨ ᠤᠷᠤᠰᠴᠤ ᠭᠠᠷᠤᠨ᠎ᠠ᠃

ᠡᠨᠡ᠎ᠬᠦ ᠭᠦᠨ ᠠᠭᠤᠯᠠ᠎ᠶᠢᠨ ᠬᠥᠨᠳᠡᠢ ᠬᠠᠪᠴᠢᠯ᠎ᠢᠶᠠᠷ ᠤᠷᠤᠰᠬᠤ ᠭᠣᠷᠤᠬᠠᠳ᠎ᠤᠨ ᠳᠡᠷᠭᠡᠳᠡᠭᠦᠷ ᠡᠷᠭᠢ᠎ᠪᠡᠨ ᠳᠠᠭᠠᠭᠠᠳ ᠵᠡᠷᠯᠢᠭ ᠵᠢᠮᠢᠰ ᠤᠷᠭᠤᠭᠰᠠᠨ ᠵᠢᠯᠠᠭ᠎ᠠ ᠦᠷᠭᠦᠯᠵᠢ ᠲᠣᠬᠢᠶᠠᠯᠳᠤᠨ᠎ᠠ᠃ ᠬᠠᠪᠤᠷ ᠥᠨᠢᠷ ᠴᠡᠴᠡᠭ ᠵᠢᠯᠠᠭ᠎ᠠ ᠳᠦᠭᠦᠷᠡᠩ ᠳᠡᠯᠭᠡᠷᠡᠵᠦ᠂ ᠨᠠᠮᠤᠷ ᠦᠷ᠎ᠡ ᠵᠢᠮᠢᠰ ᠮᠥᠴᠢᠷ ᠳᠠᠭᠠᠭᠠᠬᠤ᠎ᠦᠭᠡᠢ ᠤᠨᠵᠢᠭᠢᠨᠠᠨ᠎ᠠ᠃ ᠬᠡᠭᠡᠷ᠎ᠡ᠎ᠶᠢᠨ ᠵᠢᠮᠢᠰ ᠤᠯᠠᠢᠨ ᠪᠣᠯᠪᠠᠰᠤᠷᠠᠬᠤ ᠴᠠᠭ ᠪᠣᠯ ᠵᠢᠭᠦᠷᠲᠡᠨ ᠰᠢᠪᠠᠭᠤ ᠠᠷᠢᠶᠠᠲᠠᠨ ᠭᠥᠷᠦᠭᠡᠰᠦᠨ᠎ᠦ ᠴᠡᠩᠭᠡᠯ᠎ᠦᠨ ᠣᠷᠤᠨ ᠪᠣᠯᠬᠤ ᠦᠶ᠎ᠡ ᠮᠥᠨ᠃ ᠡᠢᠮᠦ ᠵᠢᠮᠢᠰ᠎ᠦᠨ ᠵᠢᠯᠠᠭ᠎ᠠ᠎ᠶᠢ ᠬᠥᠮᠦᠰ ᠳᠡᠮᠡᠢ ᠠᠩᠬᠠᠷᠳᠠᠭ᠎ᠦᠭᠡᠢ᠎ᠶᠤᠮ᠃ ᠡᠳᠡᠭᠡᠷ ᠵᠢᠯᠠᠭ᠎ᠠ᠎ᠶᠢᠨ ᠳᠣᠲᠤᠷ᠎ᠠ ᠵᠡᠷᠯᠢᠭ ᠠᠯᠮᠤᠷᠠᠳ ᠤᠷᠭᠤᠭᠰᠠᠨ ᠪᠥᠭᠡᠳ ᠲᠠᠪᠤᠨ ᠵᠠᠭᠤᠨ ᠭᠠᠵᠠᠷ ᠦᠷᠭᠦᠯᠵᠢᠯᠡᠭᠰᠡᠨ ᠨᠢᠭᠡ ᠵᠢᠯᠠᠭ᠎ᠠ ᠪᠤᠢ᠃ ᠬᠠᠪᠤᠷ ᠴᠠᠭ᠎ᠲᠤ ᠲᠠᠪᠤᠨ ᠵᠠᠭᠤᠨ ᠭᠠᠵᠠᠷ ᠤᠷᠲᠤ ᠠᠯᠮᠤᠷᠠᠳ᠎ᠤᠨ ᠴᠡᠴᠡᠭ ᠳᠡᠯᠭᠡᠷᠡᠬᠦ᠎ᠶᠢ᠎ᠨᠢ ᠬᠥᠮᠦᠰ ᠮᠡᠳᠡᠳᠡᠭ᠎ᠦᠭᠡᠢ᠂ ᠨᠠᠮᠤᠷ ᠴᠠᠭ᠎ᠲᠤ ᠲᠠᠪᠤᠨ ᠵᠠᠭᠤᠨ ᠭᠠᠵᠠᠷ ᠤᠷᠲᠤ ᠠᠯᠮᠤᠷᠠᠳ ᠪᠣᠯᠪᠠᠰᠤᠷᠠᠭᠰᠠᠨ᠎ᠢ ᠬᠥᠮᠦᠰ ᠲᠡᠭᠦᠳᠡᠭ᠎ᠦᠭᠡᠢ᠃ ᠬᠥᠭᠰᠢᠨ ᠠᠯᠮᠤᠷᠠᠳ᠎ᠤᠨ ᠮᠣᠳᠤ᠎ᠨᠢ ᠥᠮᠦᠬᠢᠷᠡᠵᠦ ᠦᠬᠦᠭᠡᠳ ᠰᠢᠨ᠎ᠡ ᠠᠯᠮᠤᠷᠠᠳ᠎ᠤᠨ ᠮᠣᠳᠤ ᠢᠳᠡᠷᠬᠡᠨ ᠤᠷᠭᠤᠭᠰᠠᠭᠠᠷ ᠪᠠᠢᠨ᠎ᠠ᠃ ᠬᠡᠴᠢᠨᠡᠨ ᠣᠯᠠᠨ ᠵᠢᠯ᠎ᠦᠨ ᠲᠤᠷᠰᠢ ᠡᠨᠡ᠎ᠬᠦ ᠲᠠᠪᠤᠨ ᠵᠠᠭᠤᠨ ᠭᠠᠵᠠᠷ᠎ᠤᠨ ᠵᠢᠯᠠᠭ᠎ᠠ᠎ᠳᠤ ᠵᠡᠷᠯᠢᠭ ᠠᠯᠮᠤᠷᠠᠳ ᠬᠡᠳᠦᠨ ᠬᠣᠣᠰ ᠠᠯᠲᠠ ᠵᠤᠵᠠᠭᠠᠨ ᠣᠪᠤᠭᠠᠷᠠᠭᠰᠠᠨ ᠭᠡᠨ᠎ᠡ ᠰᠢᠦ᠃

ᠥᠨᠥ ᠡᠨᠡ ᠵᠡᠷᠯᠢᠭ ᠠᠯᠮᠤᠷᠠᠳ᠎ᠤᠨ ᠵᠢᠯᠠᠭ᠎ᠠ᠎ᠶᠢ ᠬᠥᠮᠦᠰ ᠮᠡᠳᠡᠭᠡᠳ ᠡᠨᠳᠡ ᠭᠠᠬᠠᠢ ᠲᠡᠵᠢᠭᠡᠬᠦ ᠲᠠᠯᠠᠪᠠᠢ ᠪᠠᠢᠭᠤᠯᠵᠤ ᠵᠡᠷᠯᠢᠭ ᠠᠯᠮᠤᠷᠠᠳ᠎ᠢᠶᠠᠷ ᠰᠦᠷᠦᠭ ᠰᠦᠷᠦᠭ ᠦᠺᠷᠠᠢᠨᠠ ᠴᠠᠭᠠᠨ ᠭᠠᠬᠠᠢ ᠲᠡᠵᠢᠭᠡᠵᠦ ᠪᠠᠢᠭ᠎ᠠ᠎ᠪᠠᠷ ᠦᠯᠦ ᠪᠠᠷᠠᠮ ᠠᠷᠢᠬᠢᠨ ᠦᠢᠯᠡᠳᠪᠦᠷᠢ ᠪᠠᠢᠭᠤᠯᠬᠤ᠎ᠪᠠᠷ ᠲᠥᠯᠦᠪᠯᠡᠵᠦ ᠪᠤᠢ᠂ ᠵᠡᠷᠯᠢᠭ ᠠᠯᠮᠤᠷᠠᠳ᠎ᠢᠶᠠᠷ ᠦᠯᠡᠮᠵᠢ ᠶᠡᠬᠡ ᠠᠮᠲᠠᠲᠤ ᠰᠠᠷᠬᠤᠳ ᠨᠡᠷᠡᠵᠦ᠂ ᠡᠬᠡ ᠪᠠᠢᠭᠠᠯᠢ᠎ᠶᠢᠨ ᠬᠣᠪᠤᠷ ᠡᠷᠳᠡᠨᠢᠰ᠎ᠢ ᠬᠥᠮᠦᠰ᠎ᠦᠨ ᠰᠢᠮ᠎ᠡ ᠰᠢᠭᠦᠰᠦ ᠪᠣᠯᠭᠠᠨ ᠡᠷᠡᠭᠦᠯ ᠮᠡᠨᠳᠦ᠎ᠶᠢ ᠰᠠᠢᠵᠢᠷᠠᠭᠤᠯᠤᠨ᠎ᠠ᠃ ᠨᠠᠢᠵᠠ᠎ᠮᠢᠨᠢ᠂ ᠲᠡᠭᠷᠢ ᠠᠭᠤᠯᠠ᠎ᠶᠢᠨ ᠡᠯᠪᠡᠭ ᠪᠠᠶᠠᠯᠢᠭ ᠦᠵᠡᠮᠵᠢ ᠪᠣᠳᠠᠰ ᠬᠡᠷᠬᠢᠨ ᠡᠳᠦᠢᠬᠡᠨ᠎ᠢᠶᠡᠷ ᠵᠣᠭᠰᠤᠬᠤ ᠠᠵᠢ᠂ ᠬᠡᠳᠦᠨ ᠮᠢᠩᠭᠠᠨ ᠭᠠᠵᠠᠷ ᠦᠷᠭᠦᠯᠵᠢᠯᠡᠭᠰᠡᠨ ᠲᠡᠭᠷᠢ ᠠᠭᠤᠯᠠ᠎ᠳᠤ ᠥᠨᠳᠦᠷ ᠠᠭᠤᠯᠠ ᠭᠦᠨ ᠭᠠᠩᠭ᠎ᠠ ᠭᠡᠰᠡᠨ᠎ᠦᠭᠡᠢ᠂ ᠥᠷᠭᠡᠨ ᠲᠠᠯ᠎ᠠ ᠨᠠᠭᠤᠷ ᠴᠥᠭᠦᠷᠦᠮ ᠭᠡᠰᠡᠨ᠎ᠴᠦ᠎ᠦᠭᠡᠢ᠂ ᠣᠢ ᠬᠥᠪᠴᠢ ᠭᠣᠣᠯ ᠭᠣᠷᠤᠬ᠎ᠠ ᠭᠡᠰᠡᠨ᠎ᠴᠦ᠎ᠦᠭᠡᠢ ᠭᠠᠵᠠᠷ ᠪᠣᠯᠭᠠᠨ᠎ᠳᠤ ᠪᠠᠶᠠᠨ ᠭᠠᠷᠤᠯᠲᠠ ᠪᠠᠢᠵᠤ᠂ ᠭᠠᠵᠠᠷ ᠪᠣᠯᠭᠠᠨ᠎ᠳᠤ ᠭᠠᠢᠬᠠᠮᠰᠢᠭᠲᠤ ᠦᠵᠡᠮᠵᠢ ᠪᠠᠢᠬᠤ᠎ᠶᠤᠮ᠂ ᠨᠠᠳᠠ᠎ᠪᠠᠷ ᠠᠯᠢᠪᠠ ᠪᠦᠬᠦᠨ᠎ᠢ ᠬᠡᠯᠡᠭᠦᠯᠦᠶ᠎ᠡ ᠭᠡᠪᠡᠯ ᠪᠢ ᠬᠡᠯᠡᠵᠦ ᠳᠡᠢᠯᠬᠦ᠎ᠦᠭᠡᠢ᠂ ᠬᠡᠵᠢᠶ᠎ᠡ ᠨᠢᠭᠡᠨ ᠡᠳᠦᠷ ᠲᠠ ᠲᠡᠭᠷᠢ ᠠᠭᠤᠯᠠᠨ᠎ᠳᠤ ᠵᠤᠭᠠᠴᠠᠷ᠎ᠠ ᠮᠣᠷᠳᠠᠬᠤ ᠰᠠᠨᠠᠭ᠎ᠠ ᠡᠭᠦᠰᠪᠡᠯ ᠨᠠᠳᠠ ᠴᠢᠮᠡᠭᠡ ᠥᠭᠭᠦᠭᠡᠷᠡᠢ᠂ ᠪᠢ ᠲᠠᠨ᠎ᠳᠤ ᠳᠥᠩᠭᠡᠭᠦᠷᠬᠡᠨ ᠵᠠᠮᠴᠢ ᠪᠣᠯᠵᠤ ᠶᠠᠭᠤ ᠮᠠᠭᠠᠳ᠃ ᠵᠠᠮᠴᠢ ᠪᠣᠯᠤᠶ᠎ᠠ ᠭᠡᠰᠡᠨ᠎ᠮᠠᠨᠢ ᠵᠥᠪᠬᠡᠨ ᠪᠢ ᠬᠤᠪᠢᠨ᠎ᠳᠠᠭᠠᠨ ᠲᠣᠬᠢᠶᠠᠯ ᠲᠠᠭᠠᠷᠠᠪᠠᠯ ᠲᠡᠭᠷᠢ ᠠᠭᠤᠯᠠᠨ᠎ᠳᠤ ᠳᠠᠬᠢᠵᠤ ᠠᠶᠠᠯᠠᠶ᠎ᠠ ᠭᠡᠵᠦ ᠬᠡᠴᠡᠭᠦᠦ ᠰᠠᠨᠠᠵᠤ ᠪᠠᠢᠭ᠎ᠠ᠎ᠶᠢᠨ ᠰᠢᠯᠲᠠᠭ᠎ᠶᠤᠮ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082