ᠮᠣᠩᠭᠣᠯ ᠪᠢᠴᠢᠭ᠌

ᠡᠷᠢᠶ᠎ᠡ  
ᠪᠤᠴᠠᠬᠤ

ᠶᠠᠭᠠᠷᠮᠠᠭ ᠲᠤ

ᠾᠧ ᠱᠢ ᠭᠤᠸᠠᠩ

ᠦᠮᠧᠩᠱᠠᠨ ᠠᠭᠤᠯᠠᠨ ᠳᠡᠬᠢ ᠪᠢᠴᠢᠬᠠᠨ ᠵᠡᠭᠡᠯᠢ - ᠯᠢ ᠬᠤᠸᠠ ᠲᠦᠨ ᠲᠣᠰᠭᠤᠨ ᠳᠤ ᠮᠠᠨᠢ ᠠᠷᠢᠬᠢᠨ ᠳᠤ ᠣᠷᠤᠵᠤ ᠬᠥᠷᠦᠩᠭᠡ ᠪᠡᠨ ᠬᠥᠨᠲᠡᠷᠦᠭᠰᠡᠨ᠂ ᠳᠥᠴᠢ ᠭᠠᠷᠤᠢ ᠨᠠᠰᠤᠲᠠᠢ᠂ ᠪᠡᠶ᠎ᠡ ᠪᠢᠯᠳᠠᠷ ᠶᠡᠬᠡᠲᠡᠢ ᠹᠧᠩ ᠶᠣᠣ ᠪᠠ ᠭᠡᠳᠡᠭ᠌ ᠬᠦᠨᠳᠦ ᠪᠡᠨ ᠪᠠᠷᠠᠭᠰᠠᠨ ᠨᠢᠭᠡᠨ ᠲᠠᠷᠢᠶᠠᠴᠢᠨ ᠰᠠᠭᠤᠵᠤ ᠪᠠᠢᠳᠠᠭ᠃ ᠵᠢᠯ ᠦᠨ ᠭᠤᠷᠪᠠᠨ ᠵᠠᠭᠤ ᠵᠢᠷᠠᠨ ᠲᠠᠪᠤᠨ ᠬᠣᠨᠤᠭ ᠲᠤ ᠶᠠᠭᠠᠬᠢᠵᠤ ᠴᠤ ᠶᠠᠪᠤᠳᠠᠭ ᠢ ᠨᠢ ᠣᠢᠷ᠎ᠠ ᠶᠢᠨ ᠵᠢᠯ ᠤᠳ ᠲᠦ ᠮᠡᠳᠡᠬᠦ ᠬᠥᠮᠦᠨ ᠪᠠᠷᠤᠭ ᠦᠭᠡᠢ ᠪᠣᠯᠤᠭᠰᠠᠨ ᠶᠤᠮ ᠴᠢᠨᠢ ᠶᠠᠭᠠᠷᠮᠠᠭ ᠲᠤ ᠶᠠᠭᠠᠬᠢᠵᠤ ᠶᠠᠪᠤᠳᠠᠭ ᠢ ᠨᠡᠩ ᠴᠦ ᠳᠤᠷᠠᠳᠬᠤ ᠶᠢᠨ ᠬᠡᠷᠡᠭ᠌ ᠠᠯᠠᠭ᠎ᠠ᠃ ᠣᠳᠣ ᠬᠠᠷᠢᠨ ᠲᠡᠭᠦᠨ ᠢ ᠬᠠᠮᠢᠭ᠎ᠠ ᠡᠴᠡ ᠣᠯᠵᠤ ᠢᠷᠡᠭᠰᠡᠨ ᠢ ᠪᠤᠤ ᠮᠡᠳᠡ᠂ ᠭᠱᠠᠨ ᠵᠠᠭᠤᠷ᠎ᠠ ᠣᠯᠳᠠᠰᠢ ᠦᠭᠡᠢ ᠣᠷᠬᠣᠳᠠᠢ ᠪᠣᠯᠴᠢᠬᠠᠭᠠᠳ᠂ ᠬᠣᠶᠠᠷ ᠡᠮᠡᠭᠲᠡᠢ ᠶᠢᠨ ᠬᠡᠷᠡᠭᠦᠯ ᠵᠢᠭᠤᠷᠠᠭᠠᠨ ᠤ ᠭᠡᠷᠡᠴᠢ ᠭᠡᠵᠦ ᠳᠤᠮᠳᠠ ᠨᠢ ᠵᠣᠭᠰᠤᠭᠠᠳ᠂ ᠨᠠᠮ ᠤᠨ ᠡᠭᠦᠷ ᠤᠨ ᠳᠠᠷᠤᠭ᠎ᠠ ᠶᠢᠨ ᠥᠭᠡᠳᠡ ᠡᠴᠡ ᠢᠷᠵᠠᠢᠨ ᠢᠨᠢᠶᠡᠬᠦ ᠨᠢ ᠨᠡᠭᠡᠷᠡᠨ ᠢᠨᠢᠶᠡᠳᠦ ᠬᠦᠷᠭᠡᠮᠡᠷ ᠠᠵᠢ︕

«ᠹᠧᠩ ᠶᠣᠣ ᠪᠠ︕ ᠴᠢ ᠰᠠᠶᠢ ᠪᠠᠭ᠎ᠠ ᠰᠤᠷᠭᠠᠭᠤᠯᠢ ᠶᠢᠨ ᠡᠷᠲᠡ ᠶᠢᠨ ᠬᠣᠭᠤᠯᠠᠨ ᠤ ᠵᠠᠪᠰᠠᠷᠯᠠᠭ᠎ᠠ ᠶᠢᠨ ᠦᠶ᠎ᠡ ᠪᠡᠷ ᠶᠠᠭᠠᠷᠮᠠᠭ ᠤᠨ ᠳᠡᠷᠭᠡᠳᠡᠭᠦᠷ ᠦᠬᠡᠷ ᠬᠥᠲᠦᠯᠵᠦ ᠭᠠᠷᠪᠠ ᠤᠤ ᠦᠭᠡᠢ ᠦᠦ︖»

ᠡᠭᠦᠷ ᠤᠨ ᠳᠠᠷᠤᠭ᠎ᠠ ᠼᠣᠣ ᠹᠦ ᠭᠦᠢ ᠢᠩᠭᠢᠵᠦ ᠠᠰᠠᠭᠤᠯ᠎ᠠ᠃ ᠬᠡᠷᠡᠭ᠌ ᠶᠠᠪᠤᠳᠠᠯ ᠶᠠᠭᠠᠷᠮᠠᠭ ᠲᠤ ᠭᠠᠷᠤᠭᠰᠠᠨ ᠲᠤᠯᠠ ᠴᠣᠬᠤᠮ ᠳᠠᠭᠠᠨ ᠼᠣᠣ ᠳᠠᠷᠤᠭ᠎ᠠ ᠪᠤᠶᠤ ᠡᠰᠡᠬᠦᠯ᠎ᠡ ᠶᠠᠭᠠᠷᠮᠠᠭ ᠳᠡᠭᠡᠷᠡᠬᠢ ᠰᠦᠩ ᠳᠠᠷᠤᠭ᠎ᠠ ᠶᠢ ᠡᠷᠢᠵᠦ ᠪᠠᠢᠭᠠᠳ ᠡᠨᠡ ᠬᠡᠷᠡᠭ ᠢ ᠰᠢᠳᠭᠡᠭᠦᠯᠬᠦ ᠨᠢ ᠵᠦᠢᠲᠡᠢ᠃ ᠭᠡᠪᠡᠴᠦ ᠼᠣᠣ ᠳᠠᠷᠤᠭ᠎ᠠ ᠪᠣᠯ ᠯᠦᠸᠧ ᠡᠯ ᠨᠢᠶᠠᠩ ᠢ ᠥᠮᠦᠭᠡᠷᠡᠳᠡᠭ᠌ ᠭᠡᠰᠡᠨ ᠢ ᠳᠡᠷᠭᠡᠳᠡ ᠨᠢ ᠪᠠᠢᠭᠰᠠᠨ ᠬᠥᠮᠦᠰ ᠴᠥᠮ ᠰᠠᠢᠨ ᠮᠡᠳᠡᠨ᠎ᠡ᠃ ᠹᠧᠩ ᠶᠣᠣ ᠪᠠ ᠲᠠᠢ ᠨᠠᠰᠤ ᠬᠤᠷᠠᠭ ᠡᠨᠡ ᠡᠭᠦᠷ ᠤᠨ ᠳᠠᠷᠤᠭ᠎ᠠ ᠠᠰ ᠡᠩᠭᠡᠷ ᠲᠠᠢ ᠬᠤᠪᠴᠠᠰᠤ ᠡᠮᠦᠰᠴᠦ᠂ ᠴᠠᠭᠠᠨ ᠠᠯᠴᠢᠭᠤᠷ ᠢᠶᠡᠷ ᠲᠣᠯᠤᠭᠠᠢ ᠪᠠᠨ ᠣᠷᠢᠶᠠᠭᠰᠠᠨ᠂ ᠲᠠᠷᠢᠶᠠᠴᠢᠨ ᠮᠠᠶᠢ᠍ᠭ ᠲᠣᠳᠤᠷᠬᠠᠢ ᠪᠣᠯᠪᠠᠴᠤ ᠮᠠᠰᠢ ᠲᠥᠪᠯᠡᠭᠦᠨ ᠬᠥᠮᠦᠨ ᠶᠤᠮ︕ ᠨᠢᠳᠦ ᠬᠠᠶᠠᠮᠠᠭᠴᠠ ᠨᠡᠪᠲᠡ ᠰᠢᠪᠲᠦ ᠬᠠᠷᠠᠭᠳᠠᠬᠤ ᠪᠢᠴᠢᠬᠠᠨ ᠵᠡᠭᠡᠯᠢ ᠶᠢ ᠳᠠᠭᠠᠨ ᠰᠢᠬᠠᠯᠳᠤᠨ ᠰᠠᠭᠤᠭᠰᠠᠨ ᠯᠢ ᠬᠤᠸᠠ ᠲᠣᠰᠭᠤᠨ ᠤ ᠬᠥᠮᠦᠰ ᠬᠡᠨ ᠨᠢ ᠬᠡᠨ ᠦ ᠪᠡᠨ ᠪᠠᠢᠳᠠᠯ ᠢ ᠮᠡᠳᠡᠬᠦ ᠦᠭᠡᠢ ᠪᠤᠢ︖

ᠹᠧᠩ ᠶᠣᠣ ᠪᠠ ᠨᠢᠳᠦ ᠪᠡᠨ ᠠᠨᠢᠪᠴᠢᠵᠤ ᠥᠷᠪᠦᠭᠡᠷ ᠭᠡᠵᠢᠭᠡ ᠪᠡᠨ ᠮᠠᠭᠠᠵᠢᠯᠬᠢᠯᠠᠭᠰᠠᠭᠠᠷ᠄

«ᠠᠢᠯ ᠠᠢᠮᠠᠭ ᠰᠠᠭᠤᠵᠤ ᠪᠠᠢᠭᠠᠳ ᠴᠢᠩᠭᠢᠵᠦ ᠮᠠᠭᠤᠬᠠᠢ ᠬᠡᠷᠡᠯᠳᠦᠬᠦ ᠶᠤᠮ ᠤᠤ ᠳ᠋ᠠ︕» ᠭᠡᠵᠦ ᠮᠠᠷᠵᠠᠩᠨᠠᠨ ᠬᠡᠯᠡᠬᠦ ᠳᠦ ᠬᠥᠮᠦᠰ ᠲᠡᠰᠴᠦ ᠶᠠᠳᠠᠨ ᠳᠦᠷᠬᠢᠷᠡᠲᠡᠯ᠎ᠡ ᠢᠨᠢᠶᠡᠯᠳᠦᠨ᠎ᠡ᠃

ᠡᠷᠲᠡ ᠶᠢᠨ ᠬᠣᠭᠤᠯᠠ ᠪᠠᠨ ᠢᠳᠡᠵᠦ ᠪᠠᠷᠠᠭᠠᠳ ᠪᠠᠢᠭᠰᠠᠨ ᠲᠤᠯᠠ ᠲᠣᠰᠭᠤᠨ ᠤ ᠤᠯᠤᠰ ᠤᠨ ᠬᠠᠭᠠᠰ ᠨᠢ ᠡᠨᠡ ᠨᠠᠷᠢᠨ ᠵᠡᠭᠡᠯᠢ ᠳᠡᠭᠡᠷ᠎ᠡ ᠴᠤᠭᠯᠠᠵᠤ ᠶᠠᠭᠠᠷᠮᠠᠭ ᠲᠤ ᠭᠠᠷᠤᠭᠰᠠᠨ ᠥᠨᠥ ᠬᠡᠷᠡᠭ ᠢ ᠰᠣᠨᠢᠷᠬᠠᠨ ᠦᠢᠮᠡᠯᠳᠦᠵᠡᠭᠡᠨ᠎ᠡ᠃ ᠪᠠᠭ᠎ᠠ ᠲᠣᠰᠭᠤᠨ ᠳᠤ ᠬᠡᠷᠡᠭ᠌ ᠵᠠᠷᠭᠤ ᠭᠠᠷᠪᠠᠯ ᠬᠡᠨ ᠠᠯᠢᠨ ᠴᠤ ᠴᠢᠷᠦᠭᠳᠡᠵᠦ ᠮᠡᠳᠡᠬᠦ ᠶᠢᠨ ᠳᠡᠭᠡᠷ᠎ᠡ᠂ ᠶᠠᠭᠠᠷᠮᠠᠭ ᠲᠤ ᠦᠵᠡᠵᠦ ᠬᠠᠷᠠᠮᠠᠷ ᠶᠠᠭᠤᠮ᠎ᠠ ᠳᠡᠩᠳᠡᠭᠦᠦ ᠴᠥᠬᠡᠨ ᠪᠠᠢᠬᠤ ᠳᠠᠭᠠᠨ ᠯᠠ ᠢᠩᠭᠢᠵᠦ ᠪᠠᠢᠭ᠎ᠠ ᠪᠢᠵᠡ︕ ᠥᠨᠥ ᠹᠧᠩ ᠶᠣᠣ ᠪᠠ ᠬᠠᠷᠢᠨ ᠵᠠᠯᠢ ᠮᠡᠬᠡ ᠭᠠᠷᠭᠠᠵᠤ ᠪᠠᠢᠭ᠎ᠠ ᠪᠢᠰᠢ ᠪᠣᠯ ᠤᠤ︖ ᠠᠷᠠᠢ ᠲᠡᠢᠮᠦ ᠰᠠᠢᠨ ᠭᠡᠷᠡᠴᠢ ᠪᠣᠯᠵᠤ ᠴᠢᠳᠠᠬᠤ ᠭᠡᠵᠢ ᠦᠦ ᠳ᠋ᠠ︕

«ᠬᠦᠶᠢ︕ ᠴᠢ ᠬᠡᠯᠡᠭᠡᠴᠢ ᠳ᠋ᠠ᠂ ᠭᠠᠷᠪᠠ ᠤᠤ ᠦᠭᠡᠢ ᠦᠦ︖»

«᠁ ᠡᠷᠲᠡ ᠶᠢᠨ ᠬᠣᠭᠤᠯᠠᠨ ᠳᠤ ᠤᠤ︖»

«ᠡᠷᠲᠡ ᠶᠢᠨ ᠬᠣᠭᠤᠯᠠᠨ ᠤ ᠵᠠᠪᠰᠠᠷᠯᠠᠭ᠎ᠠ ᠶᠢᠨ ᠦᠶ᠎ᠡ ᠪᠡᠷ︕»

«ᠤᠤ᠂ ᠦᠬᠡᠷ ᠬᠥᠲᠦᠯᠦᠭᠡᠳ ᠦᠦ︖»

«ᠲᠡᠢᠮᠦ︕»

ᠹᠧᠩ ᠶᠣᠣ ᠪᠠ ᠢᠴᠡᠩᠭᠦᠷᠡᠭᠰᠡᠨ ᠮᠠᠶᠢ᠍ᠭ ᠲᠠᠢ ᠲᠣᠯᠤᠭᠠᠢ ᠪᠠᠨ ᠮᠠᠭᠠᠵᠢᠭᠰᠠᠭᠠᠷ ᠳᠠᠷᠪᠠᠢᠨ ᠢᠨᠢᠶᠡᠬᠦ ᠳᠦ ᠣᠯᠠᠨ ᠢᠶᠡᠷ ᠢᠶᠡᠨ ᠳᠦᠷᠬᠢᠷᠡᠲᠡᠯ᠎ᠡ ᠢᠨᠢᠶᠡᠯᠳᠦᠪᠡ᠃

ᠡᠨᠡ ᠦᠶ᠎ᠡ ᠳᠦ᠂ ᠳᠡᠷᠭᠡᠳᠡ ᠨᠢ ᠪᠠᠢᠭᠰᠠᠨ ᠫᠠᠭᠳᠠᠭᠠᠷ ᠲᠠᠷᠭᠤᠨ ᠡᠬᠡᠨᠡᠷ ᠯᠦᠸᠧ ᠡᠯ ᠨᠢᠶᠠᠩ ᠴᠠᠭᠠᠲᠤᠬᠢ ᠲᠤᠷᠠᠩᠬᠠᠢ ᠡᠮᠡᠭᠲᠡᠢ ᠳᠦ ᠵᠣᠷᠢᠭᠤᠯᠤᠨ ᠬᠦᠢᠲᠡᠨ ᠢᠶᠡᠷ ᠢᠨᠢᠶᠡᠭᠡᠳ᠄

«ᠹᠧᠩ ᠶᠣᠣ ᠪᠠ ᠡ᠂ ᠬᠡᠷᠡᠯᠳᠦᠬᠦ ᠦᠶ᠎ᠡ ᠳᠦ ᠴᠢᠮᠠᠢ ᠬᠠᠷᠠᠵᠤ ᠪᠠᠢᠭᠰᠠᠨ ᠭᠡᠵᠦ ᠬᠥᠮᠦᠨ ᠬᠡᠯᠡᠵᠦ ᠪᠠᠢᠨ᠎ᠠ ᠰᠢᠤ︕ ᠮᠠᠨ ᠤ ᠯᠦᠸᠧ ᠣᠪᠤᠭᠲᠤ ᠶᠢᠨ ᠬᠢ ᠶᠢ ᠬᠣᠶᠠᠷᠬᠠᠨ ᠮᠥᠩᠭᠦ ᠵᠣᠭᠤᠰᠤᠨ ᠳᠤ ᠨᠢᠳᠦ ᠤᠯᠠᠢᠳᠠᠭ ᠣᠯᠢᠭ ᠦᠭᠡᠢ ᠠᠮᠢᠲᠠᠨ ᠭᠡᠵᠦ ᠳᠣᠷᠤᠰᠢᠶᠠᠨ ᠦᠵᠡᠵᠦ ᠴᠣᠬᠢᠨ᠎ᠠ ᠤᠤ ᠁» ᠭᠡᠨ᠎ᠡ᠃

ᠡᠨᠡ ᠡᠮ᠎ᠡ ᠠᠮᠠ ᠨᠡᠭᠡᠭᠡᠬᠦ ᠲᠠᠢ ᠵᠡᠷᠭᠡ ᠹᠧᠩ ᠶᠣᠣ ᠪᠠ ᠡᠴᠡ ᠪᠣᠯᠤᠭᠰᠠᠨ ᠳᠦᠷᠭᠢᠶᠡᠨ ᠨᠠᠮᠳᠠᠴᠢᠬᠠᠯ᠎ᠠ᠃ ᠡᠨᠡ ᠬᠡᠷᠡᠭ ᠦᠨ ᠲᠤᠬᠠᠢ ᠣᠯᠠᠨ ᠢᠶᠡᠷ ᠢᠶᠡᠨ ᠠᠷᠭ᠎ᠠ ᠠᠯᠳᠠᠷᠠᠨ ᠪᠤᠬᠢᠨᠢᠳᠤᠨ᠎ᠠ᠃ ᠡᠨᠡ ᠬᠡᠳᠦᠨ ᠵᠢᠯ ᠳᠦ᠂ ᠯᠦᠸᠧ ᠡᠯ ᠨᠢᠶᠠᠩ ᠤᠨ ᠳᠠᠭᠤ ᠶᠢ ᠰᠣᠨᠤᠰᠤᠮᠠᠭᠴᠠ ᠬᠥᠮᠦᠰ ᠦᠨ ᠳᠣᠲᠤᠷ᠎ᠠ ᠬᠢᠯᠢᠩ ᠲᠥᠷᠦᠵᠦ ᠶᠡᠬᠡᠯ᠎ᠡ ᠵᠢᠪᠡᠭᠦᠬᠡᠨ ᠰᠠᠨᠠᠭᠳᠠᠬᠤ ᠪᠣᠯᠤᠭᠰᠠᠨ ᠶᠤᠮ᠃ ᠡᠨᠡ ᠡᠮ᠎ᠡ ᠶᠢᠨ ᠢᠨᠢᠶᠡᠳᠦ ᠬᠦᠷᠭᠡᠮᠡᠷ ᠶᠠᠪᠤᠵᠤ ᠰᠠᠭᠤᠵᠤ ᠪᠠᠢᠬᠤ ᠰᠢᠨᠵᠢ ᠶᠢ ᠦᠵᠡᠬᠦ ᠦᠭᠡᠢ ᠦᠦ︖ ᠭᠬᠢᠷᠲᠦᠵᠦ ᠳᠠᠭᠲᠤᠭᠰᠠᠨ ᠬᠣᠶᠠᠷ ᠵᠠᠬ᠎ᠠ ᠲᠠᠩᠽᠢᠷᠤᠩ ᠬᠠᠨᠳᠠᠭᠠᠵᠠ ᠶᠢ ᠰᠤᠭᠰᠤᠷᠴᠤ ᠡᠮᠦᠰᠦᠭᠡᠳ᠂ ᠦᠰᠦ ᠭᠡᠵᠢᠭᠡ ᠪᠡᠨ ᠰᠤᠯᠠ ᠲᠠᠯᠪᠢᠵᠤ ᠨᠢᠭᠤᠷ ᠢᠶᠡᠨ ᠴᠤ ᠤᠭᠢᠶᠠᠭᠰᠠᠨ ᠦᠭᠡᠢ ᠰᠢᠭ᠌ ᠶᠠᠪᠤᠭ᠎ᠠ ᠭᠤᠴᠢᠭᠠᠳ ᠨᠠᠰᠤᠲᠠᠢ ᠡᠨᠡ ᠡᠮ᠎ᠡ᠂ ᠥᠭᠡᠷ᠎ᠡ ᠭᠠᠵᠠᠷ ᠪᠣᠯᠤᠭᠰᠠᠨ ᠪᠣᠯ ᠨᠡᠩ ᠢᠯᠡᠭᠦᠦ ᠣᠯᠠᠨ ᠤ ᠡᠯᠡᠭ᠌ ᠪᠣᠯᠬᠤ ᠪᠠᠢᠵᠠᠢ᠃ ᠭᠡᠪᠡᠴᠦ ᠡᠷ᠎ᠡ ᠨᠢ ᠶᠠᠭ ᠶᠠᠭᠠᠷᠮᠠᠭ ᠳᠡᠭᠡᠷᠡᠬᠢ ᠢᠳᠡᠭᠡᠨ ᠦ ᠵᠦᠢᠯ ᠢ ᠬᠤᠳᠠᠯᠳᠤᠨ ᠪᠤᠷᠤᠯᠠᠭᠤᠯᠬᠤ ᠥᠷᠲᠡᠭᠡᠨ ᠦ ᠨᠢᠭᠲᠠᠯᠠᠨ ᠪᠣᠳᠤᠭᠴᠢ ᠪᠥᠭᠡᠳ ᠮᠢᠬ᠎ᠠ ᠬᠤᠳᠠᠯᠳᠤᠳᠠᠭ ᠪᠣᠯᠬᠣᠷ ᠥᠨᠥᠬᠢ ᠡᠮ᠎ᠡ ᠴᠢᠨᠢ ᠬᠠᠷᠢᠨ ᠯᠢ ᠬᠤᠸᠠ ᠲᠦᠨ ᠲᠣᠰᠭᠤᠨ ᠤ ᠶᠠᠭᠠᠷᠮᠠᠭ ᠳᠡᠭᠡᠷ᠎ᠡ ᠠᠪᠠᠢ ᠬᠠᠲᠤᠨ ᠰᠢᠭ ᠵᠠᠯᠠᠷᠠᠵᠤ ᠪᠠᠢᠨ᠎ᠠ ᠁ ᠲᠡᠷᠡ ᠲᠤᠷᠠᠩᠬᠠᠢ ᠡᠮᠡᠭᠲᠡᠢ ᠪᠤᠶᠤ ᠡᠰᠡᠬᠦᠯ᠎ᠡ ᠲᠡᠭᠦᠨ ᠦ ᠬᠡᠦᠬᠡᠳ ᠢ ᠯᠦᠸᠧ ᠣᠪᠤᠭᠲᠤ ᠶᠢᠨ ᠬᠢᠨ ᠳᠤ ᠬᠠᠯᠳᠠᠨ᠎ᠠ ᠭᠡᠵᠦ ᠬᠡᠨ ᠴᠦ ᠦᠨᠡᠮᠰᠢᠬᠦ ᠦᠭᠡᠢ ᠪᠢᠯᠡ᠃ ᠲᠡᠭᠦᠨ ᠦ ᠡᠷ᠎ᠡ ᠿᠧᠨ ᠯᠣᠣ ᠳ᠋ᠠ ᠪᠣᠯ ᠲᠣᠰᠭᠤᠨ ᠤ ᠪᠠᠭ᠎ᠠ ᠰᠤᠷᠭᠠᠭᠤᠯᠢ ᠳᠤ ᠤᠳᠠᠭᠠᠨ ᠵᠢᠯ ᠪᠠᠭᠰᠢᠯᠠᠵᠤ ᠪᠠᠢᠭ᠎ᠠ ᠨᠣᠮᠤᠬᠠᠨ ᠰᠢᠳᠤᠷᠭᠤ ᠠᠷᠠᠳ ᠤᠨ ᠪᠠᠭᠰᠢ ᠶᠤᠮ ᠴᠢᠨᠢ ᠯᠦᠸᠧ ᠣᠪᠤᠭᠲᠤ ᠶᠢᠨ ᠬᠢᠨ ᠲᠠᠢ ᠶᠠᠭᠠᠬᠢᠵᠤ ᠠᠳᠠᠯᠢᠳᠭᠠᠵᠤ ᠪᠣᠯᠬᠤ ᠪᠢᠯᠡ᠃ ᠬᠥᠮᠦᠰ᠂ ᠶᠠᠭᠠᠷᠮᠠᠭ ᠤᠨ ᠢᠯᠦᠮ ᠵᠢᠯᠦᠮ ᠪᠠᠢᠳᠠᠯ ᠡᠴᠡ ᠰᠠᠯᠤᠭᠠᠳ ᠤᠳᠠᠭᠠᠳᠤᠢ ᠪᠣᠯᠬᠣᠷ ᠲᠤᠰ ᠵᠡᠭᠡᠯᠢ ᠶᠢᠨ ᠬᠢᠨ ᠤ ᠳᠣᠲᠤᠨᠤᠴᠢᠯᠠᠯ ᠪᠠ ᠭᠠᠳᠠᠭᠤᠷᠴᠢᠯᠠᠯ ᠤᠨ ᠰᠡᠳᠭᠢᠯᠭᠡ ᠡᠨᠡ ᠬᠣᠶᠠᠷ ᠡᠮᠡᠭᠲᠡᠢ ᠶᠢᠨ ᠬᠡᠨ ᠳᠤᠨᠢ ᠶᠠᠭᠠᠬᠢᠵᠤ ᠲᠤᠰᠬᠤ ᠶᠢ ᠪᠦᠷ ᠮᠡᠳᠡᠨ᠎ᠡ - ᠡᠨᠡ ᠨᠢ ᠬᠡᠳᠦᠢᠪᠡᠷ ᠬᠠᠷ᠎ᠠ ᠳᠠᠷᠤᠭᠰᠠᠨ ᠰᠢᠭ ᠬᠠᠴᠢᠨ ᠬᠡᠷᠡᠭ᠌ ᠪᠣᠯᠪᠠᠴᠤ ᠬᠠᠳᠠ ᠴᠢᠯᠠᠭᠤ ᠰᠢᠭ ᠦᠨᠡᠨ ᠪᠣᠳᠠᠲᠠᠢ ᠶᠠᠪᠤᠳᠠᠯ ᠶᠤᠮ - ᠯᠦᠸᠧ ᠡᠯ ᠨᠢᠶᠠᠩ ᠴᠣᠬᠤᠮ ᠬᠥᠮᠦᠨ ᠢ ᠳᠠᠷᠤᠯᠠᠨ ᠳᠣᠷᠤᠮᠵᠢᠯᠠᠵᠤ ᠪᠠᠢᠨ᠎ᠠ ᠭᠡᠰᠡᠨ ᠢ ᠮᠡᠳᠡᠵᠦ ᠪᠠᠢᠭ᠎ᠠ ᠲᠤᠯᠠ ᠪᠦᠷ ᠿᠧᠨ ᠯᠣᠣ ᠳ᠋ᠠ ᠶᠢᠨ ᠡᠬᠡᠨᠡᠷ ᠦᠨ ᠲᠥᠯᠦᠭᠡ ᠰᠠᠨᠠᠭ᠎ᠠ ᠵᠣᠪᠠᠨ᠎ᠠ ᠁

«ᠹᠧᠩ ᠶᠣᠣ ᠪᠠ︕ ᠲᠠ ᠨᠢᠭᠡ ᠭᠣᠣᠯᠴᠢ ᠦᠭᠡ ᠬᠡᠯᠡᠭᠡᠴᠢ ᠳ᠋ᠠ᠂ᠮᠢᠨᠦ ᠬᠡᠦᠬᠡᠳ ᠨᠡᠭᠡᠷᠡᠨ ᠴᠣᠬᠢᠭ᠎ᠠ ᠦᠭᠡᠢ ᠁»

ᠿᠧᠨ ᠯᠣᠣ ᠳ᠋ᠠ ᠶᠢᠨ ᠡᠬᠡᠨᠡᠷ ᠹᠧᠩ ᠶᠣᠣ ᠪᠠ ᠶᠢ ᠨᠢᠳᠦ ᠰᠠᠯᠭᠠᠯ ᠦᠭᠡᠢ ᠰᠢᠷᠲᠡᠵᠦ᠂ ᠦᠨᠡᠨ ᠰᠡᠳᠭᠢᠯ ᠡᠴᠡ ᠪᠡᠨ ᠭᠤᠶᠤᠨ᠎ᠠ᠃ ᠪᠠᠭᠰᠢ ᠬᠥᠮᠦᠨ ᠲᠠᠢ ᠰᠠᠭᠤᠭᠰᠠᠨ ᠵᠠᠶᠠᠭ᠎ᠠ ᠮᠠᠭᠤᠲᠠᠢ ᠡᠨᠡ ᠡᠮᠡᠭᠲᠡᠢ ᠣᠯᠠᠨ ᠤ ᠳᠣᠲᠤᠷ᠎ᠠ ᠶᠡᠷᠦ ᠨᠢ ᠬᠥᠮᠦᠨ ᠦ ᠲᠣᠭᠠᠨ ᠳᠤ ᠲᠣᠭᠠᠴᠠᠭᠳᠠᠵᠤ ᠦᠵᠡᠭᠡ ᠦᠭᠡᠢ ᠶᠤᠮ᠃ ᠡᠮᠦᠰᠴᠦ ᠵᠡᠭᠦᠭᠰᠡᠨ ᠬᠤᠪᠴᠠᠰᠤ ᠬᠤᠨᠠᠷ ᠨᠢ ᠶᠠᠭᠠᠷᠮᠠᠭ ᠤᠨ ᠳᠡᠷᠭᠡᠳᠡᠬᠢ ᠮᠠᠢᠵᠢᠭᠢ ᠰᠢᠪᠠᠷ ᠭᠡᠷ ᠲᠠᠢ ᠨᠢ ᠠᠳᠠᠯᠢ ᠲᠡᠯᠡᠨ ᠨᠥᠬᠦᠭᠡᠰᠦ ᠪᠡᠷ ᠳᠦᠭᠦᠷᠴᠡᠢ᠃ ᠴᠢᠷᠠᠢ ᠨᠢ ᠬᠤᠵᠢᠢᠨ ᠰᠢᠷᠠᠯᠠᠵᠤ᠂ ᠡᠷᠡᠦ ᠨᠢ ᠱᠤᠪᠲᠤᠢᠭᠠᠳ᠂ ᠭᠠᠯ ᠨᠢ ᠬᠠᠷᠢᠭᠰᠠᠨ ᠬᠣᠶᠠᠷ ᠨᠢᠳᠦ ᠨᠢ ᠬᠣᠩᠬᠤᠢᠵᠠᠢ᠃ ᠡᠨᠡ ᠡᠬᠡᠨᠡᠷ ᠪᠣᠯ ᠶᠡᠷᠦ ᠡᠴᠡ ᠬᠤᠪᠢ ᠪᠠᠨ ᠰᠠᠬᠢᠵᠤ ᠳᠣᠪᠤ ᠪᠠᠨ ᠪᠤᠷᠤᠯᠠᠭᠤᠯᠵᠤ ᠢᠷᠡᠭᠰᠡᠨ ᠬᠥᠮᠦᠨ ᠶᠤᠮ᠃ ᠬᠡᠷᠪᠡ ᠶᠠᠭ ᠠᠷᠭ᠎ᠠ ᠦᠭᠡᠢ ᠪᠠᠢᠳᠠᠯ ᠳᠤ ᠣᠷᠤᠭᠰᠠᠨ ᠦᠭᠡᠢ ᠯᠡ ᠪᠣᠯ ᠹᠧᠩ ᠶᠣᠣ ᠪᠠ ᠶᠢ ᠢᠩᠭᠢᠵᠦ ᠭᠤᠶᠤᠵᠤ ᠭᠤᠩᠰᠢᠬᠤ ᠦᠭᠡᠢ ᠰᠠᠨ ᠪᠢᠯᠡ᠃

ᠲᠡᠭᠡᠲᠡᠯ᠎ᠠ ᠯᠦᠸᠧ ᠡᠯ ᠨᠢᠶᠠᠩ ᠡᠯᠭᠦᠵᠦ ᠠᠪᠤᠭᠠᠳ᠄

«ᠴᠣᠬᠢᠭ᠎ᠠ ᠦᠭᠡᠢ ᠭᠡᠨ᠎ᠡ ᠦᠦ︕ ᠴᠣᠬᠢᠵᠤ ᠭᠦᠢᠴᠡᠭᠡ ᠦᠭᠡᠢ ᠦᠦ︖ ᠮᠠᠨ ᠤ ᠯᠦᠸᠧ ᠣᠪᠤᠭᠲᠤ ᠶᠢᠨ ᠬᠡᠦᠬᠡᠳ ᠢ ᠡᠨᠡ ᠲᠣᠰᠭᠤᠨ ᠳᠤ ᠲᠣᠯᠤᠭᠠᠢ ᠥᠨᠳᠡᠢᠯᠭᠡᠬᠦ ᠦᠭᠡᠢ ᠰᠠᠨᠠᠭ᠎ᠠ ᠲᠠᠢ ᠤᠤ᠂ ᠴᠢ︖ ᠁ ᠭᠣᠨᠵᠢ ᠶᠢᠨ ᠵᠣᠭᠤᠭ︕ ᠴᠢᠮ᠎ᠠ ᠰᠢᠭ ᠠᠮᠢᠲᠠᠨ ᠲᠡᠷᠡ ᠵᠣᠷᠢᠯᠭ᠎ᠠ ᠳᠤ ᠬᠦᠷᠬᠦ ᠳᠦ ᠬᠣᠯᠠ ᠪᠠᠢᠨ᠎ᠠ ᠁» ᠭᠡᠪᠡ᠃

ᠡᠨᠡ ᠡᠮ᠎ᠡ ᠨᠢᠭᠡ ᠴᠠᠭ ᠬᠠᠷᠢᠶᠠᠯ ᠲᠠᠯᠪᠢᠬᠤ ᠦᠭᠡᠢ ᠶᠤᠮ ᠪᠣᠯ ᠨᠡᠷ᠎ᠡ ᠨᠢᠭᠤᠷ ᠢᠶᠡᠨ ᠭᠡᠭᠡᠭᠰᠡᠨ ᠰᠢᠭ᠌ ᠪᠣᠳᠤᠳᠠᠭ᠃ ᠲᠡᠷᠡ ᠿᠧᠨ ᠯᠣᠣ ᠳ᠋ᠠ ᠶᠢᠨ ᠡᠭᠦᠳᠡᠨ ᠳᠦ ᠣᠴᠢᠭᠠᠳ ᠬᠠᠷᠢᠶᠠᠵᠤ ᠬᠠᠷᠢᠶᠠᠭᠠᠳ ᠶᠠᠪᠤᠵᠤ ᠪᠠᠢᠭ᠎ᠠ ᠨᠢ ᠡᠨᠡ ᠶᠤᠮ᠃«ᠮᠢᠨᠦ ᠬᠡᠦᠬᠡᠳ ᠢ ᠵᠡᠭᠡᠯᠢ ᠶᠢᠨ ᠲᠡᠷᠡ ᠡᠮᠴᠢ ᠳᠦ ᠦᠵᠡᠭᠦᠯᠵᠦ ᠡᠮ ᠳᠣᠮ ᠠᠪᠴᠤ ᠥᠭ᠃ ᠵᠣᠭᠤᠰ ᠵᠤᠭ᠎ᠠ ᠶᠢ ᠨᠢ ᠪᠦᠷ ᠴᠢ ᠭᠠᠷᠭ᠎ᠠ᠃ ᠯᠢ ᠬᠤᠸᠠ ᠲᠦᠨ ᠦ ᠡᠮᠴᠢ ᠵᠠᠰᠠᠭᠠᠳ ᠳᠡᠢᠯᠬᠦ ᠦᠭᠡᠢ ᠪᠣᠯ ᠰᠢᠶᠠᠨ᠂ ᠲᠤᠰᠭᠠᠢ ᠣᠷᠤᠨ᠂ ᠮᠤᠵᠢ ᠳᠤ ᠠᠪᠠᠴᠢᠵᠤ ᠡᠮᠨᠡᠭᠦᠯᠵᠦ ᠥᠭ︕» ᠭᠡᠵᠦ ᠿᠧᠨ ᠯᠣᠣ ᠳ᠋ᠠ ᠶᠢᠨ ᠡᠬᠡᠨᠡᠷ ᠲᠦ ᠠᠭᠰᠤᠷᠪᠠ᠃ ᠡᠨᠡ ᠡᠮ᠎ᠡ ᠬᠠᠯᠲᠤᠰᠬᠢᠪᠠᠯ ᠬᠥᠮᠦᠨ ᠢ ᠳᠠᠷᠤᠵᠤ ᠠᠪᠬᠤ ᠭᠡᠵᠦ ᠣᠷᠤᠯᠳᠤᠳᠠᠭ ᠶᠤᠮ᠃ ᠬᠣᠣᠷ ᠬᠥᠷ ᠢ ᠨᠢ ᠦᠵᠡᠬᠦ ᠦᠭᠡᠢ ᠦᠦ︖ ᠬᠡᠷᠡᠭ᠌ ᠵᠠᠷᠭᠤ ᠦᠨᠡᠨ ᠶᠡᠬᠡᠳᠪᠡᠯ ᠬᠥᠭᠡᠷᠦᠬᠦᠢ ᠡᠨᠡ ᠶᠠᠳᠠᠭᠤ ᠪᠦᠰᠡᠭᠦᠢ ᠶᠠᠭᠠᠬᠢᠳᠠᠭ ᠴᠤ ᠪᠢᠯᠡ︖

«ᠯᠦᠸᠧ ᠡᠯ ᠨᠢᠶᠠᠩ ᠡ᠂ ᠬᠡᠷᠡᠯᠳᠦᠭᠡᠳ ᠶᠠᠮᠠᠷ ᠲᠤᠰᠠ ᠭᠠᠷᠬᠤ ᠪᠤᠢ» ᠭᠡᠵᠦ ᠼᠣᠣ ᠳᠠᠷᠤᠭ᠎ᠠ ᠠᠭᠠᠵᠢᠮᠬᠠᠨ ᠬᠡᠯᠡᠵᠦ ᠬᠣᠷᠢᠭᠯᠠᠯ᠎ᠠ᠃ ᠲᠡᠭᠦᠨ ᠦ ᠤᠬᠠᠭᠠᠨ ᠶᠠᠷᠢᠶᠠᠨ ᠦᠭᠡᠢ ᠯᠦᠸᠧ ᠡᠯ ᠨᠢᠶᠠᠩ ᠡᠴᠡ ᠢᠯᠡᠭᠦᠦ᠃«ᠹᠧᠩ ᠶᠣᠣ ᠪᠠ ᠬᠠᠷᠠᠵᠤ ᠪᠠᠢᠭᠰᠠᠨ ᠭᠡᠵᠦ ᠿᠧᠨ ᠯᠣᠣ ᠳ᠋ᠠ ᠶᠢᠨ ᠭᠡᠷᠭᠡᠢ ᠬᠡᠯᠡᠵᠦ ᠪᠠᠢᠬᠤ ᠶᠤᠮ ᠴᠢᠨᠢ ᠬᠠᠰᠢ ᠯᠠ ᠹᠧᠩ ᠶᠣᠣ ᠪᠠ ᠪᠠᠷ ᠬᠡᠯᠡᠭᠦᠯᠦᠶ᠎ᠡ᠃ ᠤᠴᠢᠷ ᠶᠠᠪᠤᠳᠠᠯ ᠢ ᠨᠢ ᠲᠣᠳᠤᠯᠠᠴᠢᠬᠠᠪᠠᠯ ᠰᠢᠢᠳᠪᠦᠷᠢᠯᠡᠬᠦ ᠳᠦ ᠠᠮᠠᠷ ᠪᠣᠯᠴᠢᠬᠠᠬᠤ ᠶᠤᠮ᠃ ᠹᠧᠩ ᠶᠣᠣ ᠪᠠ ᠡ᠂ ᠲᠠ ᠬᠡᠯᠡ ᠳ᠋ᠠ︕» ᠭᠡᠵᠦ ᠼᠣᠣ ᠳᠠᠷᠤᠭ᠎ᠠ ᠵᠠᠯᠭᠠᠨ ᠬᠡᠯᠡᠪᠡ᠃

ᠹᠧᠩ ᠶᠣᠣ ᠪᠠ ᠪᠠᠬᠠᠨ ᠰᠠᠨᠲᠤᠷᠤᠰᠭᠢᠭᠰᠠᠨ ᠢᠶᠡᠨ᠄«ᠥᠨᠥ ᠥᠷᠯᠦᠭᠡ ᠪᠢᠯᠢᠦ᠂ ᠪᠢ ᠬᠥᠯᠭᠡᠨ ᠳᠦ ᠶᠠᠪᠤᠵᠤ ᠪᠠᠢᠭᠰᠠᠨ ᠁ ᠡᠨᠡ ᠵᠢᠯ ᠦᠨ ᠬᠢ ᠪᠣᠯ ᠳᠠᠭᠠᠭᠠᠴᠢᠯᠠᠵᠤ ᠠᠪᠤᠭᠰᠠᠨ ᠲᠠᠷᠢᠶ᠎ᠠ ᠰᠢᠤ ᠳ᠋ᠠ︕» ᠭᠡᠳ ᠢᠨᠢᠶᠡᠬᠦ ᠭᠡᠵᠦ ᠢᠷᠵᠠᠢᠰᠭᠢᠭᠰᠠᠨ ᠪᠣᠯᠪᠠᠴᠤ ᠢᠨᠢᠶᠡᠭᠰᠡᠨ ᠦᠭᠡᠢ᠃

ᠪᠠᠢᠳᠠᠯ ᠡᠴᠡ ᠨᠢ ᠦᠵᠡᠪᠡᠯ᠂ ᠹᠧᠩ ᠶᠣᠣ ᠪᠠ ᠨᠡᠭᠡᠷᠡᠨ ᠬᠠᠷᠠᠵᠤ ᠪᠠᠢᠭᠰᠠᠨ ᠪᠣᠯᠪᠠᠴᠤ ᠬᠡᠯᠡᠬᠦ ᠡᠴᠡ ᠪᠡᠨ ᠵᠢᠷᠦᠬᠡᠰᠢᠵᠦ ᠪᠠᠢᠭ᠎ᠠ ᠪᠣᠯᠤᠯᠲᠠᠢ᠃ ᠣᠢᠷ᠎ᠠ ᠶᠢᠨ ᠵᠢᠯ ᠤᠳ ᠲᠤ ᠲᠠᠷᠢᠶᠠᠴᠢᠳ ᠠᠮᠠᠨ ᠳᠡᠭᠡᠷ᠎ᠡ ᠪᠡᠨ ᠡᠪᠲᠡᠢ ᠬᠡᠳᠦᠨ ᠦᠭᠡ ᠣᠯᠵᠤ ᠬᠡᠯᠡᠬᠦ ᠶᠢ ᠬᠢᠴᠢᠶᠡᠳᠡᠭ᠌ ᠪᠣᠯᠤᠭᠰᠠᠨ ᠢ ᠶᠠᠷᠢᠬᠤ ᠬᠡᠷᠡᠭ᠌ ᠦᠭᠡᠢ᠂ ᠠᠢᠯ ᠣᠯᠠᠨ ᠤ ᠳᠤᠮᠳᠠ ᠶᠡᠷᠦ ᠨᠢ ᠬᠥᠮᠦᠨ ᠡᠴᠡ ᠳᠣᠷᠤ ᠦᠵᠡᠭᠳᠡᠳᠡᠭ᠌ ᠶᠤᠮ ᠴᠢᠨᠢ ᠹᠧᠩ ᠶᠣᠣ ᠪᠠ ᠨᠡᠩ ᠴᠦ ᠬᠡᠨ ᠡᠴᠡ ᠴᠦ ᠳᠣᠷᠤ ᠬᠥᠮᠦᠨ ᠲᠤᠯᠠ ᠶᠠᠭᠤᠨ ᠥᠭᠦᠯᠡᠬᠦ ᠪᠢᠯᠡ᠃ ᠭᠡᠷ ᠲᠡᠭᠡᠨ ᠡᠬᠡᠨᠡᠷ ᠬᠡᠦᠬᠡᠳ ᠲᠠᠢ ᠪᠡᠨ ᠨᠠᠢᠮᠠᠭᠤᠯᠠ ᠪᠣᠯᠪᠠᠴᠤ ᠠᠵᠤ ᠠᠮᠢᠳᠤᠷᠠᠯ ᠭᠡᠵᠦ ᠰᠠᠨᠠᠭᠠᠨ ᠳᠤ ᠦᠭᠡᠢ ᠶᠠᠪᠤᠳᠠᠭ ᠬᠥᠮᠦᠨ ᠶᠤᠮ᠃«ᠲᠡᠭᠡᠵᠦ ᠮᠤᠩᠭᠢᠨᠠᠨ᠎ᠠ ᠭᠡᠵᠢ ᠳ᠋ᠠ︕» ᠭᠡᠳ ᠲᠡᠷᠡ ᠲᠣᠯᠤᠭᠠᠢ ᠰᠡᠭᠰᠦᠷᠦᠨ᠄«ᠠᠵᠢᠯᠯᠠᠭᠰᠠᠨ ᠴᠤ ᠲᠡᠷᠡ᠂ ᠠᠮᠠᠷᠠᠭᠰᠠᠨ ᠴᠤ ᠲᠡᠷᠡ᠂ ᠢᠯᠭᠠᠭ᠎ᠠ ᠶᠠᠭᠤ ᠪᠠᠢᠨ᠎ᠠ︖ ᠠᠮᠠᠨ ᠳᠤ ᠴᠤ ᠦᠭᠡᠢ ᠬᠠᠮᠠᠷ ᠲᠤ ᠴᠤ ᠦᠭᠡᠢ ᠶᠠᠭᠤᠮ᠎ᠠ ᠣᠯᠤᠭᠰᠠᠨ ᠢ ᠴᠢᠨᠢ ᠡᠢᠮᠦ ᠠᠮᠤ ᠭᠡᠲᠡᠯ᠎ᠡ ᠲᠡᠢᠮᠦ ᠠᠮᠤ ᠭᠡᠳ ᠬᠤᠰᠤᠭᠰᠠᠭᠠᠷ ᠢᠷᠡᠪᠡᠯ ᠮᠥᠨ ᠹᠧᠩ ᠶᠣᠣ ᠪᠠ ᠮᠢᠨᠦ ᠪᠡᠶ᠎ᠡ ᠰᠢᠭ᠌ ᠡᠷᠭᠢᠭᠡᠳ ᠯᠡ ᠬᠣᠭᠤᠰᠤᠷᠠᠴᠢᠬᠠᠬᠤ ᠦᠭᠡᠢ ᠦᠦ︖» ᠭᠡᠳᠡᠭ᠌᠃ ᠲᠠᠷᠢᠶᠠᠨ ᠤ ᠠᠵᠢᠯ ᠬᠢᠬᠦ ᠳᠤᠷ᠎ᠠ ᠦᠭᠡᠢ ᠳᠡᠭᠡᠷ᠎ᠡ ᠪᠡᠨ ᠥᠭᠡᠷ᠎ᠡ ᠶᠠᠮᠠᠷ ᠴᠤ ᠭᠠᠷ ᠤᠷ᠎ᠠ ᠦᠭᠡᠢ᠃ ᠭᠠᠬᠠᠢ ᠠᠷᠠᠯᠵᠢᠬᠤ ᠶᠤᠮ ᠤᠤ᠂ ᠮᠠᠢᠮᠠᠢ ᠬᠤᠳᠠᠯᠳᠤᠭ᠎ᠠ ᠬᠢᠶ᠎ᠡ ᠭᠡᠬᠦ ᠳᠦ ᠬᠥᠷᠦᠩᠭᠡ ᠮᠥᠩᠭᠦ ᠦᠭᠡᠢ ᠪᠡᠷ ᠦᠯᠦ ᠪᠠᠷᠠᠮ ᠲᠡᠢᠮᠦ ᠠᠵᠢᠯ ᠢ ᠬᠢᠬᠦ ᠨᠢ«ᠵᠢᠷᠤᠮ ᠦᠭᠡᠢ ᠶᠠᠪᠤᠳᠠᠯ» ᠭᠡᠳᠡᠭ᠌ ᠪᠠᠢᠯ᠎ᠠ᠃ ᠨᠠᠮᠤᠷ ᠪᠣᠯᠤᠭᠠᠳ ᠬᠤᠪᠢᠶᠠᠵᠤ ᠣᠯᠤᠭᠰᠠᠨ ᠪᠠᠭ᠎ᠠ ᠰᠠᠭ᠎ᠠ ᠠᠮᠤ ᠡᠴᠡ ᠪᠠᠨ ᠨᠢᠭᠡ ᠬᠣᠶᠠᠷ ᠱᠧᠩ ᠢ ᠬᠤᠳᠠᠯᠳᠤᠭᠠᠳ ᠠᠷᠢᠬᠢ ᠨᠢᠭᠡ ᠯᠣᠩᠬᠤ᠂ ᠭᠠᠬᠠᠢ ᠶᠢᠨ ᠭᠡᠳᠡᠰᠦ ᠳᠣᠲᠤᠷ ᠵᠢᠭᠠᠯ ᠠᠪᠴᠤ ᠭᠠᠢᠭᠤᠢᠬᠠᠨ ᠤᠤᠭᠤᠭᠠᠳ ᠬᠥᠯᠴᠦᠭᠦᠦ ᠰᠣᠭᠲᠤᠭᠤ ᠶᠠᠪᠤᠳᠠᠭ᠃ ᠬᠥᠮᠦᠨ ᠲᠡᠭᠦᠨ ᠢ ᠬᠣᠷᠢᠭᠯᠠᠪᠠᠯ ᠤᠷᠢᠳᠠ ᠡᠴᠡ ᠨᠢ«ᠶᠠᠭᠠᠬᠢᠪᠠ︖ ᠲᠠ ᠨᠠᠷ ᠤᠤᠭᠤᠵᠤ ᠪᠣᠯᠤᠭᠠᠳ ᠪᠢ ᠤᠤᠭᠤᠵᠤ ᠪᠣᠯᠳᠠᠭ ᠦᠭᠡᠢ ᠶᠤᠮ ᠤᠤ︖ ᠪᠢ ᠬᠥᠮᠦᠨ ᠪᠢᠰᠢ ᠶᠤᠮ ᠤᠤ︖» ᠭᠡᠵᠦ ᠭᠡᠳᠡᠷᠭᠦᠯᠡᠨ᠎ᠡ᠃ ᠰᠣᠭᠲᠤᠪᠠᠯ ᠮᠡᠭᠰᠢᠨ ᠤᠬᠢᠯᠠᠵᠤ ᠰᠡᠷᠭᠦᠪᠡᠯ ᠮᠠᠷᠵᠠᠩᠨᠠᠨ ᠢᠨᠢᠶᠡᠳᠡᠭ᠌ ᠶᠤᠮ᠃ ᠬᠠᠪᠤᠷ ᠪᠣᠯᠤᠭᠠᠳᠤᠢ ᠪᠠᠷ ᠪᠤᠳᠠᠭ᠎ᠠ ᠠᠪᠤᠨ᠎ᠠ ᠭᠡᠵᠦ ᠼᠣᠣ ᠳᠠᠷᠤᠭ᠎ᠠ ᠲᠠᠢ ᠨᠤᠤᠷᠠᠯᠳᠤᠨ᠎ᠠ᠃ ᠰᠡᠭᠦᠯ ᠰᠡᠭᠦᠯ ᠳᠡᠭᠡᠨ ᠤᠷᠤᠭᠤ ᠴᠢᠷᠠᠢᠯᠠᠨ ᠭᠤᠶᠤᠵᠤ ᠭᠤᠩᠰᠢᠨ᠂ ᠠᠶᠠᠭ᠎ᠠ ᠰᠢᠨᠠᠭ᠎ᠠ ᠠᠯᠠᠭ ᠠᠮᠤ ᠵᠢᠭᠡᠯᠡᠵᠦ ᠯᠠ ᠠᠮᠢ ᠵᠢᠭᠤᠨ᠎ᠠ᠃ ᠪᠠᠰᠠ ᠬᠥᠮᠦᠨ ᠳᠦ ᠵᠠᠷᠤᠭᠳᠠᠵᠤ ᠡᠨᠡ ᠲᠡᠷᠡ ᠶᠢ ᠨᠢ ᠬᠢᠵᠦ ᠥᠭᠳᠡᠭ᠂ ᠵᠢᠱ᠋ᠢᠶᠠᠯᠠᠪᠠᠯ ᠯᠦᠸᠧ ᠡᠯ ᠨᠢᠶᠠᠩ ᠤᠨ ᠬᠢ ᠵᠣᠴᠢᠨ ᠳᠠᠢᠯᠠᠬᠤ ᠳᠤ ᠰᠢᠷᠡᠭᠡ ᠰᠠᠨᠳᠠᠯᠢ ᠵᠥᠭᠡᠭᠡᠵᠦ ᠥᠭᠭᠦᠭᠡᠳ ᠨᠢᠭᠡ ᠴᠠᠭ ᠤᠨ ᠬᠣᠭᠤᠯᠠ ᠣᠯᠵᠤ ᠢᠳᠡᠳᠡᠭ᠌᠃ ᠬᠥᠮᠦᠨ ᠦ ᠡᠮᠦᠨ᠎ᠡ ᠠᠯᠠᠭ᠎ᠠ ᠪᠠᠨ ᠲᠣᠰᠴᠤ ᠭᠤᠶᠤᠵᠤ ᠲᠡᠭᠦᠳᠡᠭ ᠶᠤᠮ ᠴᠢᠨᠢ ᠬᠥᠮᠦᠨ ᠲᠠᠢ ᠬᠡᠷᠬᠢᠨ ᠮᠠᠭᠤᠲᠠᠯᠴᠠᠵᠤ ᠪᠣᠯᠬᠤ ᠶᠤᠮ᠃ ᠭᠡᠲᠡᠯ᠎ᠡ ᠬᠥᠮᠦᠨ ᠦ ᠦᠨᠦᠷ ᠢᠶᠡᠨ ᠠᠯᠳᠠᠭ᠎ᠠ ᠦᠭᠡᠢ ᠯᠠ ᠴᠠᠭ ᠲᠤ ᠿᠧᠨ ᠯᠣᠣ ᠳ᠋ᠠ ᠰᠢᠭ ᠡᠢᠮᠦ ᠬᠥᠭᠡᠷᠦᠬᠦᠢ ᠬᠥᠮᠦᠨ ᠳᠦ ᠬᠡᠷᠡᠭ᠌ ᠨᠥᠮᠦᠷᠦᠭᠦᠯᠬᠦ ᠨᠢ ᠮᠥᠨ ᠰᠡᠳᠭᠢᠯ ᠳᠤᠨᠢ ᠲᠥᠪᠳᠡᠬᠦ ᠦᠭᠡᠢ ᠤᠴᠢᠷ ᠪᠢᠯᠡ᠃ ᠣᠳᠣ ᠹᠧᠩ ᠶᠣᠣ ᠪᠠ ᠴᠣᠬᠤᠮ ᠶᠠᠭᠠᠬᠢᠪᠠᠯ ᠵᠦᠢᠲᠡᠢ ᠪᠢᠯᠡ︖

«ᠴᠢ ᠪᠠᠢᠭᠰᠠᠨ ᠪᠣᠯ ᠪᠠᠢᠭᠰᠠᠨ ᠢᠶᠡᠨ ᠬᠡᠯᠡᠴᠢᠬᠡ᠂ ᠪᠠᠢᠭᠰᠠᠨ ᠦᠭᠡᠢ ᠪᠣᠯ ᠪᠠᠢᠭᠰᠠᠨ ᠦᠭᠡᠢ ᠭᠡᠳᠡᠭ ᠢᠶᠡᠨ ᠬᠡᠯᠡᠴᠢᠬᠡ︕» ᠭᠡᠵᠦ ᠼᠣᠣ ᠳᠠᠷᠤᠭ᠎ᠠ ᠴᠢᠩᠭ᠎ᠠ ᠰᠠᠨᠠᠭᠤᠯᠵᠠᠢ᠃

«ᠪᠢ ᠁ ᠬᠥᠯᠭᠡᠨ ᠡᠴᠡ ᠪᠡᠨ ᠬᠠᠷᠢᠵᠤ ᠢᠷᠡᠬᠦᠯᠡᠷ ᠁»

«ᠬᠦᠶᠢ᠂ ᠹᠧᠩ ᠶᠣᠣ ᠪᠠ ᠡ» ᠭᠡᠳ ᠯᠦᠸᠧ ᠡᠯ ᠨᠢᠶᠠᠩ ᠤᠤᠯᠭ᠎ᠠ ᠠᠯᠳᠠᠨ᠄«ᠴᠢ ᠨᠡᠭᠡᠷᠡᠨ ᠪᠠᠢᠭᠰᠠᠨ ᠤᠤ︖ ᠳᠠᠪᠠᠭᠤ ᠴᠤ ᠪᠣᠯᠤᠯ᠎ᠠ︕ ᠴᠢ ᠬᠡᠯᠡ᠂ ᠿᠧᠨ ᠣᠪᠤᠭᠲᠤ ᠶᠢᠨ ᠬᠢᠨ ᠤ ᠬᠡᠯᠡᠭᠰᠡᠨ ᠨᠢ ᠲᠠᠭᠠᠷᠠᠵᠤ ᠪᠠᠢᠨ᠎ᠠ ᠤᠤ︖ ᠴᠢ ᠦᠨᠡᠨ ᠬᠠᠷᠠᠪᠠ ᠤᠤ︖» ᠭᠡᠯ᠎ᠡ᠃

ᠹᠧᠩ ᠶᠣᠣ ᠪᠠ᠂ ᠬᠠᠷᠠᠵᠤ ᠪᠠᠢᠭᠰᠠᠨ ᠭᠡᠵᠦ ᠬᠡᠯᠡᠭᠡᠳᠦᠢ ᠪᠠᠢᠲᠠᠯ᠎ᠠ ᠯᠦᠸᠧ ᠡᠯ ᠨᠢᠶᠠᠩ ᠲᠡᠰᠴᠦ ᠶᠠᠳᠠᠨ ᠥᠭᠡᠳᠡ ᠡᠴᠡ ᠨᠢ ᠣᠢᠷᠠᠳᠴᠤ ᠢᠷᠡᠪᠡ᠃ ᠹᠧᠩ ᠶᠣᠣ ᠪᠠ ᠨᠠᠮᠠᠢ ᠥᠮᠦᠭᠡᠷᠡᠬᠦ ᠦᠭᠡᠢ ᠪᠠᠢᠵᠤ ᠴᠢᠳᠠᠨ᠎ᠠ ᠤᠤ︖ ᠹᠧᠩ ᠶᠣᠣ ᠪᠠ ᠪᠣᠯ ᠲᠡᠭᠦᠨ ᠦ ᠨᠢᠳᠦᠨ ᠳᠦ ᠶᠠᠭᠠᠷᠮᠠᠭ ᠲᠡᠬᠢ ᠵᠣᠯᠪᠢᠩ ᠨᠣᠬᠠᠢ ᠲᠠᠢ ᠠᠳᠠᠯᠢᠬᠠᠨ ᠦᠵᠡᠭᠳᠡᠳᠡᠭ᠌ ᠲᠤᠯᠠ ᠲᠡᠭᠦᠨ ᠦ ᠡᠮᠦᠨ᠎ᠡ ᠰᠢᠷᠪᠠᠯᠵᠠᠬᠤ ᠯᠠ ᠶᠣᠰᠤᠲᠠᠢ ᠰᠢᠭ ᠪᠠᠢᠯ᠎ᠠ᠃ ᠨᠢᠭᠡᠨ ᠤᠳᠠᠭ᠎ᠠ᠂ ᠭᠠᠬᠠᠢ ᠶᠢᠨ ᠭᠡᠳᠡᠰᠦ ᠣᠯᠵᠤ ᠢᠳᠡᠭᠰᠡᠨ ᠳᠡᠭᠡᠨ ᠬᠥᠳᠡᠭᠡ ᠣᠴᠢᠵᠤ ᠱᠠᠯ ᠰᠣᠭᠲᠤᠭᠤ ᠡᠷ᠎ᠡ ᠶᠢ ᠨᠢ ᠰᠥᠨᠢ ᠳᠦᠯᠢ ᠪᠡᠷ ᠲᠦᠰᠢᠵᠦ ᠲᠤᠯᠵᠤ ᠠᠪᠴᠢᠷᠠᠭᠰᠠᠨ ᠦᠭᠡᠢ ᠦᠦ ᠳ᠋ᠠ︖ ᠲᠡᠳᠦᠢ ᠬᠦᠢᠲᠡᠨ ᠳᠦ ᠹᠧᠩ ᠶᠣᠣ ᠪᠠ ᠶᠢ ᠬᠥᠮᠦᠨ ᠢᠶᠡᠷ ᠳᠠᠭᠤᠳᠠᠭᠤᠯᠤᠭᠠᠳ ᠢᠷᠡᠭᠰᠡᠨ ᠪᠢᠰᠢ ᠦᠦ ᠳ᠋ᠠ︖ ᠬᠡᠷᠡᠭᠦᠯ ᠴᠤᠤᠭᠢᠶᠠᠨ ᠤ ᠬᠣᠭᠤᠷᠤᠨᠳᠤ ᠡᠶᠡᠳᠡᠭᠦᠯᠬᠦ ᠠᠵᠢᠯ ᠬᠢᠯᠭᠡᠬᠦ ᠪᠠᠢᠲᠤᠭᠠᠢ᠂ ᠬᠥᠮᠦᠨ ᠢ ᠬᠢᠯᠢᠰᠳᠡᠭᠦᠯᠬᠦ ᠳᠦ ᠴᠦ ᠭᠡᠳ ᠬᠡᠳᠦᠨ ᠵᠢᠩ ᠶᠠᠰᠤ ᠠᠳᠭᠤᠭᠤᠯᠪᠠᠯ ᠪᠣᠯᠴᠢᠬᠠᠬᠤ ᠶᠤᠮ ᠳ᠋ᠠ᠂ ᠬᠡᠦᠬᠡᠳ ᠦᠨ ᠢᠶᠡᠨ ᠨᠢᠭᠡ ᠶᠢ ᠦᠢᠯᠡᠳᠪᠦᠷᠢ ᠳᠦ ᠣᠷᠤᠭᠤᠯᠬᠤ ᠤᠴᠢᠷ ᠢᠶᠡᠨ ᠲᠠᠯ᠎ᠠ ᠭᠠᠬᠠᠢ ᠶᠢᠨ ᠮᠢᠬ᠎ᠠ ᠪᠠᠷ ᠪᠣᠯᠭᠠᠴᠢᠬᠠᠭᠰᠠᠨ ᠪᠢᠰᠢ ᠦᠦ︖ ᠡᠨᠡ ᠮᠠᠭᠤ ᠹᠧᠩ ᠶᠣᠣ ᠪᠠ ᠶᠢ ᠠᠷᠭᠠᠯᠠᠬᠤ ᠳᠤ ᠴᠣᠬᠤᠮ ᠶᠠᠭᠤᠬᠠᠨ ᠪᠠᠢᠬᠤ ᠪᠤᠢ ᠳ᠋ᠠ︖

ᠹᠧᠩ ᠶᠣᠣ ᠪᠠ ᠰᠠᠨᠳᠤᠷᠴᠤ᠄«ᠪᠢ ᠁» ᠭᠡᠳ ᠵᠣᠭᠰᠤᠴᠢᠬᠠᠪᠠ᠃

᠁ ᠠᠢ ᠳ᠋ᠠ᠂ ᠥᠨᠥᠬᠢ ᠴᠢᠨᠢ ᠦᠨᠡᠷᠡᠨ ᠵᠢᠷᠦᠬᠡᠰᠢᠵᠦ ᠪᠠᠢᠨ᠎ᠠ᠂ ᠶᠠᠭᠠᠬᠢᠭᠰᠠᠨ ᠬᠡᠴᠡᠭᠦᠦ ᠠᠵᠢ︕

ᠬᠥᠮᠦᠰ ᠹᠧᠩ ᠶᠣᠣ ᠪᠠ ᠶᠢ ᠥᠷᠦ ᠡᠪᠡᠳᠬᠦ ᠪᠣᠯᠤᠯ᠎ᠠ᠃ ᠯᠦᠸᠧ ᠡᠯ ᠨᠢᠶᠠᠩ ᠲᠠᠢ ᠮᠠᠭᠤᠲᠠᠯᠴᠠᠬᠤ ᠨᠢ ᠭᠠᠭᠴᠠᠬᠠᠨ ᠭᠡᠷ ᠲᠠᠢ ᠮᠠᠭᠤᠲᠠᠯᠴᠠᠬᠤ ᠶᠠᠪᠤᠳᠠᠯ ᠭᠡᠵᠦ ᠴᠢ ᠪᠣᠳᠤᠵᠤ ᠪᠠᠢᠨ᠎ᠠ ᠤᠤ︖ ᠦᠨᠡᠨ ᠲᠡᠢᠮᠦ ᠪᠣᠯᠪᠠᠯ ᠴᠢᠩᠭᠢᠵᠦ ᠵᠢᠷᠦᠬᠡᠰᠢᠮᠡᠷ ᠬᠡᠷᠡᠭ᠌ ᠦᠭᠡᠢ ᠰᠢᠦ ᠳ᠋ᠡ᠃ ᠬᠠᠷᠢᠨ ᠤᠴᠢᠷ ᠶᠠᠪᠤᠳᠠᠯ ᠲᠡᠢᠮᠦ ᠴᠦ ᠠᠮᠠᠷᠬᠠᠨ ᠪᠢᠰᠢ ᠰᠢᠤ︕ ᠨᠢᠭᠡ ᠦᠬᠡᠷ ᠤᠨ ᠡᠪᠡᠷ ᠢ ᠴᠣᠬᠢᠪᠠᠯ ᠮᠢᠩᠭᠠᠨ ᠦᠬᠡᠷ ᠤᠨ ᠡᠪᠡᠷ ᠳᠣᠷᠭᠢᠨ᠎ᠠ ᠭᠡᠭᠴᠢ ᠪᠡᠷ ᠯᠦᠸᠧ ᠣᠪᠤᠭᠲᠤ ᠲᠠᠢ ᠬᠠᠯᠳᠠᠪᠠᠯ ᠡᠨᠡ ᠲᠣᠰᠭᠤᠨ ᠤ ᠪᠦᠬᠦ ᠳᠡᠭᠡᠳᠦ ᠳᠠᠪᠬᠤᠷᠭᠠᠲᠠᠨ ᠲᠠᠢ ᠬᠠᠯᠳᠠᠭᠰᠠᠨ ᠬᠡᠷᠡᠭ᠌ ᠪᠣᠯᠤᠨ᠎ᠠ︕ ᠮᠠᠨ ᠤ ᠡᠨᠡ ᠶᠠᠭᠠᠷᠮᠠᠭ ᠳᠥᠷᠪᠡᠨ ᠲᠠᠯ᠎ᠠ ᠪᠠᠷ ᠢᠶᠡᠨ ᠤᠰᠤᠨ ᠲᠠᠷᠢᠶᠠᠨ ᠳᠤ ᠬᠦᠷᠢᠶᠡᠯᠡᠭᠳᠡᠵᠦ ᠴᠠᠭᠠᠭᠤᠷ ᠢᠶᠡᠨ ᠬᠥᠬᠡᠷᠡᠨ ᠵᠠᠯᠭᠠᠯᠳᠤᠭᠰᠠᠨ ᠠᠭᠤᠯᠠ ᠨᠢᠷᠤᠭᠤ ᠲᠠᠢ ᠪᠤᠢᠳᠠ ᠪᠦᠭᠯᠡᠭᠦᠦ ᠭᠠᠵᠠᠷ ᠪᠣᠯᠪᠠᠴᠤ ᠮᠠᠨ ᠤ ᠡᠨᠡ ᠯᠢ ᠬᠤᠸᠠ ᠲᠦᠨ ᠲᠣᠰᠭᠤᠨ ᠤ ᠬᠢᠨ ᠳᠤ ᠠᠪᠴᠤ ᠬᠡᠯᠡᠪᠡᠯ᠂ ᠨᠢᠭᠡ ᠪᠦᠷᠢᠨ ᠲᠥᠬᠦᠷ ᠶᠢᠷᠲᠢᠨᠴᠦ ᠭᠡᠵᠦ ᠮᠡᠳᠡ᠃ ᠦᠯᠢᠭᠡᠷᠯᠡᠵᠦ ᠬᠡᠯᠡᠪᠡᠯ᠂ ᠴᠢ ᠡᠨᠡ ᠶᠠᠭᠠᠷᠮᠠᠭ ᠳᠡᠭᠡᠷ᠎ᠡ ᠡᠴᠡ ᠮᠧᠢᠶᠢᠦ ᠲᠣᠰᠤ᠂ ᠰᠠᠪᠤᠩ᠂ ᠠᠯᠴᠢᠭᠤᠷ ᠠᠪᠬᠤ ᠦᠭᠡᠢ ᠪᠣᠯ ᠥᠭᠡᠷ᠎ᠡ ᠣᠯᠬᠤ ᠭᠠᠵᠠᠷ ᠲᠠᠭ ᠦᠭᠡᠢ︕ ᠯᠦᠸᠧ ᠡᠯ ᠨᠢᠶᠠᠩ ᠲᠠᠢ ᠬᠠᠯᠳᠠᠪᠠᠯ ᠶᠠᠭᠠᠷᠮᠠᠭ ᠲᠡᠬᠢ ᠴᠧᠨ ᠠᠪᠤᠭᠠᠢ ᠶᠢᠨ ᠬᠦᠢᠲᠡᠨ ᠴᠢᠷᠠᠢ ᠶᠢ ᠬᠠᠷᠠᠵᠤ ᠰᠥᠨᠢ ᠬᠠᠷᠠᠩᠭᠤᠢ ᠰᠠᠭᠤᠨ᠎ᠠ᠂ ᠬᠤᠪᠴᠠᠰᠤ ᠤᠭᠢᠶᠠᠬᠤ ᠳᠤ ᠶᠠᠭᠤ ᠬᠡᠷᠡᠭᠯᠡᠬᠦ ᠪᠡᠨ ᠮᠡᠳᠡᠬᠦ ᠦᠭᠡᠢ ᠪᠣᠯᠤᠨ᠎ᠠ᠃ ᠬᠣᠶᠠᠳᠤᠭᠠᠷ ᠰᠠᠷ᠎ᠠ ᠳᠤ ᠠᠮᠤ ᠬᠤᠳᠠᠯᠳᠤᠵᠤ ᠥᠭᠭᠦᠨ᠎ᠡ ᠭᠡᠰᠡᠨ ᠼᠣᠣ ᠳᠠᠷᠤᠭ᠎ᠠ ᠦᠭᠡ ᠪᠡᠨ ᠪᠤᠴᠠᠭᠠᠪᠠᠯ᠂ ᠬᠠᠪᠤᠷ ᠤᠨ ᠬᠠᠲᠠᠭᠤ ᠴᠠᠭ ᠲᠤ ᠵᠣᠪᠠᠬᠤ ᠪᠠᠨ ᠮᠡᠳᠡ᠃ ᠴᠢ ᠰᠠᠨᠳᠤᠷᠬᠤ ᠳᠠᠭᠠᠨ ᠮᠠᠷᠭᠠᠰᠢ ᠶᠠᠭᠠᠷᠮᠠᠭ ᠳᠡᠭᠡᠷ᠎ᠡ ᠣᠴᠢᠵᠤ ᠰᠦᠩ ᠳᠠᠷᠤᠭ᠎ᠠ ᠶᠢ ᠡᠷᠢᠶ᠎ᠡ ᠭᠡᠵᠦ ᠪᠣᠳᠤᠪᠠᠴᠤ ᠰᠦᠩ ᠳᠠᠷᠤᠭ᠎ᠠ ᠯᠦᠸᠧ ᠡᠯ ᠨᠢᠶᠠᠩ ᠤᠨ ᠭᠡᠷ ᠡᠴᠡ ᠨᠢᠭᠡ ᠮᠠᠳᠠᠢ ᠶᠠᠭᠤᠮ᠎ᠠ ᠠᠪᠤᠭᠠᠳ ᠶᠠᠪᠤᠭᠰᠠᠨ ᠭᠡᠵᠦ ᠮᠥᠨ ᠣᠷᠤᠢ ᠳᠠᠭᠠᠨ ᠰᠣᠨᠤᠰᠬᠤ ᠪᠣᠯᠤᠨ᠎ᠠ︕ ᠁ ᠦᠭᠡᠢ᠂ ᠲᠤᠰ ᠲᠤᠰ ᠢᠶᠡᠷ ᠢᠶᠡᠨ ᠬᠤᠪᠢ ᠣᠷᠤᠭᠤᠯᠤᠭᠠᠳ ᠡᠵᠡᠩᠨᠡᠵᠦ ᠪᠠᠢᠭ᠎ᠠ ᠰᠢᠭ ᠪᠣᠯᠤᠭᠰᠠᠨ ᠡᠨᠡ ᠶᠠᠭᠠᠷᠮᠠᠭ ᠳᠡᠭᠡᠷ᠎ᠡ ᠡᠴᠡ ᠣᠷᠤᠮ᠎ᠠ ᠦᠭᠡᠢ ᠠᠷᠭ᠎ᠠ ᠪᠠᠷᠠᠭᠳᠠᠬᠤᠢᠴᠠ ᠰᠣᠨᠢᠨ ᠬᠡᠷᠡᠭ᠌ ᠦᠳ ᠭᠠᠷᠬᠤ ᠯᠠ ᠰᠢᠤ︕ ᠲᠡᠭᠡᠪᠡᠯ ᠴᠢ ᠵᠠᠯᠭᠠᠭᠠᠳ ᠠᠮᠢᠳᠤᠷᠠᠨ᠎ᠠ ᠤᠤ ᠪᠠᠢᠨ᠎ᠠ ᠤᠤ︖ ᠡᠨᠡ ᠪᠣᠯ ᠰᠠᠯᠤᠶ᠎ᠠ ᠭᠡᠪᠡᠴᠦ ᠰᠠᠯᠵᠤ ᠪᠣᠯᠤᠰᠢ ᠦᠭᠡᠢ ᠨᠤᠲᠤᠭ ᠤᠰᠤ ᠴᠢᠨᠢ ᠶᠤᠮ᠂ ᠦᠷ᠎ᠡ ᠬᠡᠦᠬᠡᠳ ᠤᠨ ᠴᠢᠨᠢ ᠣᠯᠠᠩᠬᠢ ᠨᠢ ᠮᠥᠨ ᠡᠨᠳᠡ ᠪᠡᠨ ᠥᠭᠡᠯᠡᠢ ᠥᠨᠳᠦᠷ ᠪᠣᠯᠬᠤ ᠶᠤᠮ ᠴᠢᠨᠢ ᠠᠷᠭ᠎ᠠ ᠶᠠᠭᠤ ᠪᠠᠢᠨ᠎ᠠ︖ ᠁ ᠡᠨᠡ ᠳᠡᠯᠡᠬᠡᠢ ᠳᠦ ᠠᠯᠳᠠᠷ ᠨᠡᠷ᠎ᠡ ᠪᠡᠨ ᠮᠠᠨᠳᠤᠭᠤᠯᠤᠭᠰᠠᠨ ᠣᠯᠠᠨ ᠰᠠᠢᠨ ᠡᠷᠡᠰ ᠤᠳ ᠥᠨᠥᠬᠢ ᠬᠡᠳᠦᠨ ᠰᠢᠮᠨᠤ ᠶᠢᠨ ᠡᠮᠦᠨ᠎ᠡ ᠠᠭᠤᠷ ᠢᠶᠡᠨ ᠳᠠᠷᠤᠵᠤ ᠰᠠᠭᠤᠵᠤ ᠪᠠᠢᠭᠰᠠᠨ ᠪᠢᠰᠢ ᠦᠦ︖ ᠡᠢᠮᠦ ᠴᠤ ᠤᠴᠢᠷ ᠡᠴᠡ᠂ ᠡᠨᠡ ᠵᠢᠵᠢᠭᠬᠡᠨ ᠶᠠᠭᠠᠷᠮᠠᠭ ᠲᠡᠬᠢ ᠹᠧᠩ ᠶᠣᠣ ᠪᠠ ᠰᠢᠭ ᠡᠢᠮᠦ ᠬᠥᠮᠦᠨ ᠢ ᠰᠥᠰᠦ ᠦᠭᠡᠢ ᠠᠮᠢᠲᠠᠨ ᠭᠡᠵᠦ ᠵᠢᠮᠡᠯᠡᠬᠦ ᠳᠦ ᠮᠥᠨ ᠪᠡᠷᠬᠡ ᠲᠠᠢ ᠁

«ᠶᠠᠭᠤ ᠬᠡᠯᠡᠬᠦ ᠶᠢ ᠴᠢᠨᠢ ᠁» ᠭᠡᠵᠦ ᠯᠦᠸᠧ ᠡᠯ ᠨᠢᠶᠠᠩ ᠬᠡᠯᠡᠪᠡ᠃

ᠹᠧᠩ ᠶᠣᠣ ᠪᠠ ᠰᠠᠨᠳᠤᠷᠴᠤ ᠢᠨᠢᠶᠡᠯᠴᠡᠬᠡᠨ ᠪᠣᠯᠪᠠ᠃ ᠬᠠᠢᠷᠠᠨ ᠰᠠᠢᠬᠠᠨ ᠡᠷ᠎ᠡ ᠬᠥᠮᠦᠨ᠂ ᠡᠨᠡ ᠡᠮ᠎ᠡ ᠶᠢᠨ ᠮᠠᠭᠤᠬᠠᠢ ᠬᠠᠷᠠᠴᠠ ᠳᠤ ᠥᠬᠢᠨ ᠬᠥᠮᠦᠨ ᠰᠢᠭ᠌ ᠠᠶᠤᠨ ᠰᠢᠷᠪᠡᠭᠡᠲᠦᠵᠦ ᠪᠠᠢᠬᠤ ᠨᠢ ᠡ᠃ ᠬᠥᠳᠡᠯᠬᠦ ᠦᠭᠡᠢ ᠵᠣᠭᠰᠤᠪᠠᠯ ᠳᠤᠤᠭᠠᠷᠬᠤ ᠳᠤᠨᠢ ᠬᠠᠷᠰᠢ ᠪᠣᠯᠤᠭᠤᠵᠠᠢ ᠭᠡᠰᠡᠨ ᠰᠢᠭ᠌ ᠬᠥᠯ ᠰᠣᠯᠢᠵᠤ ᠵᠣᠭᠰᠤᠭᠰᠠᠨ ᠪᠣᠯᠪᠠᠴᠤ ᠮᠥᠨ ᠯᠡ ᠲᠠᠰ ᠳᠤᠭᠤᠢ᠃ ᠵᠢᠭᠦᠷᠲᠡᠨ ᠪᠣᠯᠵᠤᠮᠤᠷ ᠵᠢᠷᠭᠢᠨ ᠳᠣᠩᠭᠤᠳᠤᠭᠰᠠᠨ᠂ ᠬᠠᠪᠤᠷ ᠤᠨ ᠡᠳᠦᠷ ᠦᠨ ᠳᠤᠯᠠᠢᠮ᠎ᠠ ᠨᠠᠷᠠᠨ ᠳᠤ᠂ ᠹᠧᠩ ᠶᠣᠣ ᠪᠠ ᠶᠡᠬᠡᠯ᠎ᠡ ᠬᠠᠯᠠᠭᠤᠴᠠᠭᠰᠠᠨ ᠪᠣᠯᠤᠯᠲᠠᠢ᠂ ᠰᠠᠨᠴᠢᠭ ᠡᠴᠡ ᠨᠢ ᠴᠢᠬᠠᠷᠠᠭᠰᠠᠨ ᠬᠥᠯᠦᠰᠦ ᠥᠷᠭᠡᠨ ᠰᠢᠨᠠ ᠶᠢ ᠨᠢ ᠳᠠᠭᠠᠭᠠᠳ ᠴᠢᠪ ᠴᠢᠪ ᠳᠤᠰᠤᠯᠠᠨ᠎ᠠ ᠁

ᠯᠦᠸᠧ ᠡᠯ ᠨᠢᠶᠠᠩ ᠲᠡᠰᠬᠦ ᠠᠯᠳᠠᠨ᠄«ᠮᠠᠭᠤ ᠪᠣᠯᠤᠭ ᠰᠠᠢᠨ ᠴᠤ ᠪᠣᠯᠤᠭ᠂ ᠨᠢᠭᠡ ᠳᠤᠤᠭᠠᠷ ᠯᠠ ᠳ᠋ᠠ᠃ ᠁ ᠴᠢᠨᠦ ᠡᠨᠡ ᠶᠠᠩᠵᠤ ᠪᠠᠷ ᠦᠵᠡᠪᠡᠯ ᠬᠠᠷᠢᠨ ᠯᠦᠸᠧ ᠣᠪᠤᠭᠲᠤ ᠶᠢᠨ ᠬᠢ ᠪᠤᠷᠤᠭᠤᠳᠠᠴᠢᠬᠠᠭᠰᠠᠨ ᠰᠢᠭ ᠪᠠᠢᠨ᠎ᠠ︕» ᠭᠡᠬᠦ ᠳᠦ᠂

ᠼᠣᠣ ᠳᠠᠷᠤᠭ᠎ᠠ ᠲᠠᠮᠠᠬᠢ ᠣᠷᠢᠶᠠᠨ ᠨᠣᠴᠤᠭᠠᠭᠰᠠᠨ ᠢᠶᠡᠨ ᠤᠷᠤᠭᠰᠢ ᠳᠠᠪᠰᠢᠨ᠄«ᠹᠧᠩ ᠶᠣᠣ ᠪᠠ ᠡ᠂ ᠴᠢᠮᠠᠢ ᠪᠠᠢᠭᠰᠠᠨ ᠭᠡᠵᠦ ᠿᠧᠨ ᠣᠪᠤᠭᠲᠤ ᠶᠢᠨ ᠬᠡᠦᠬᠡᠳ ᠬᠡᠯᠡᠭᠰᠡᠨ᠃ ᠴᠢ ᠪᠠᠢᠭᠰᠠᠨ ᠪᠣᠯ ᠪᠠᠢᠭᠰᠠᠨ ᠢᠶᠡᠨ ᠬᠡᠯᠡ᠂ ᠪᠠᠢᠭᠰᠠᠨ ᠦᠭᠡᠢ ᠪᠣᠯ ᠪᠠᠢᠭᠰᠠᠨ ᠦᠭᠡᠢ ᠪᠡᠨ ᠬᠡᠯᠡ︕ ᠠᠷᠠᠳ ᠲᠦᠮᠡᠨ ᠳᠦ ᠬᠠᠷᠢᠭᠤᠴᠠᠬᠤ ᠬᠡᠷᠡᠭᠲᠡᠢ᠂ ᠿᠧᠨ ᠯᠣᠣ ᠳ᠋ᠠ ᠶᠢᠨ ᠬᠢᠨ ᠳᠤ ᠬᠠᠷᠢᠭᠤᠴᠠᠨ᠎ᠠ᠂ ᠯᠦᠸᠧ ᠡᠯ ᠨᠢᠶᠠᠩ ᠳᠤ ᠮᠥᠨ ᠬᠡᠯᠡᠯᠭᠡᠨ ᠦᠭᠡᠢ ᠬᠠᠷᠢᠭᠤᠴᠠᠨ᠎ᠠ ᠰᠢᠤ︕ ᠰᠣᠨᠤᠰᠪᠠ ᠤᠤ︖» ᠭᠡᠨ᠎ᠡ᠃

ᠼᠣᠣ ᠳᠠᠷᠤᠭ᠎ᠠ ᠶᠡᠬᠡᠯ᠎ᠡ ᠲᠣᠮᠤᠭ᠎ᠠ ᠲᠠᠢ ᠬᠡᠯᠡᠵᠦ ᠪᠠᠢᠨ᠎ᠠ᠃ ᠭᠡᠪᠡᠴᠦ ᠶᠠᠭ ᠡᠨᠡ ᠲᠣᠮᠤᠭ᠎ᠠ ᠲᠠᠢ ᠬᠡᠯᠡᠵᠦ ᠪᠠᠢᠬᠤ ᠦᠭᠡᠨ ᠡᠴᠡ ᠨᠢ ᠹᠧᠩ ᠶᠣᠣ ᠪᠠ ᠳᠤ ᠪᠢᠲᠡᠭᠦᠦ ᠪᠡᠷ ᠳᠠᠷᠤᠯᠲᠠ ᠦᠵᠡᠭᠦᠯᠵᠦ ᠪᠠᠢᠭ᠎ᠠ ᠶᠢ ᠬᠦᠮᠦᠰ ᠲᠣᠳᠤᠷᠬᠠᠢ ᠮᠡᠳᠡᠯ᠎ᠡ᠃ ᠡᠨᠡ ᠦᠶ᠎ᠡ ᠳᠦ ᠹᠧᠩ ᠶᠣᠣ ᠪᠠ ᠤᠯᠠᠮ ᠴᠤ ᠶᠠᠭᠠᠬᠢᠵᠤ ᠵᠣᠭᠰᠤᠬᠤ ᠪᠠᠨ ᠣᠯᠬᠤ ᠦᠭᠡᠢ ᠪᠣᠯᠵᠤ ᠪᠠᠰᠠ ᠯᠠ ᠬᠥᠯ ᠢᠶᠡᠨ ᠰᠣᠯᠢᠵᠤ ᠵᠣᠭᠰᠤᠯ᠎ᠠ᠃

ᠢᠩᠭᠢᠭᠡᠳ ᠪᠠᠢᠪᠠᠯ ᠤᠴᠢᠷ ᠶᠠᠪᠤᠳᠠᠯ ᠰᠦᠢᠳ ᠪᠣᠯᠬᠤ ᠨᠢ ᠳᠠᠮᠵᠢᠭ ᠦᠭᠡᠢ ᠭᠡᠵᠦ ᠭᠣᠣᠯᠴᠢ ᠬᠥᠮᠦᠰ ᠲᠡᠰᠴᠦ ᠶᠠᠳᠠᠨ᠂ ᠨᠠᠭᠠᠨ᠎ᠠ ᠴᠠᠭᠠᠨ᠎ᠠ ᠡᠴᠡ ᠨᠢ ᠡᠯᠭᠦᠵᠦ ᠠᠪᠤᠭᠠᠳ᠄

«ᠹᠧᠩ ᠶᠣᠣ ᠪᠠ ᠡ᠂ ᠲᠠ ᠬᠡᠯᠡᠴᠢᠬᠡ︕»

«ᠶᠠᠮᠠᠷ ᠯᠠ ᠶᠡᠬᠡ ᠶᠠᠪᠤᠳᠠᠯ ᠭᠡᠵᠢ ᠳ᠋ᠠ︕ ᠬᠡᠯᠡᠴᠢᠬᠡᠬᠦ ᠳᠦ ᠶᠠᠮᠠᠷ ᠬᠠᠮᠢᠶ᠎ᠠ ᠲᠠᠢ ᠪᠤᠢ︖»

«ᠬᠡᠯᠡᠴᠢᠬᠡ ᠲᠠ ᠣᠳᠣ᠂ ᠴᠢᠩᠭᠢᠭᠡᠳ ᠠᠵᠢᠯ ᠳᠠᠭᠠᠨ ᠭᠠᠷᠴᠠᠭᠠᠬᠤ ᠦᠭᠡᠢ ᠦᠦ᠂ ᠬᠠᠪᠤᠷ ᠤᠨ ᠠᠵᠢᠯ ᠤᠨ ᠶᠠᠭᠠᠷᠠᠤ ᠳᠤ ᠁»

ᠣᠳᠣ ᠲᠦᠯᠬᠢᠵᠦ ᠲᠠᠲᠠᠬᠤ ᠭᠠᠵᠠᠷ ᠦᠭᠡᠢ ᠪᠣᠯᠤᠯ᠎ᠠ᠃ ᠹᠧᠩ ᠶᠣᠣ ᠪᠠ ᠶᠠᠭᠠᠬᠢᠭᠰᠠᠨ ᠢ ᠪᠤᠤ ᠮᠡᠳᠡ᠂ ᠰᠡᠭᠦᠷᠡᠰᠦ ᠠᠯᠳᠠᠵᠤ᠂ ᠬᠠᠵᠠᠭᠤ ᠲᠡᠰᠢ ᠪᠡᠨ ᠬᠡᠳᠦᠨ ᠠᠯᠬᠤᠮ ᠶᠠᠪᠤᠵᠤ ᠪᠠᠢᠰᠢᠩ ᠤᠨ ᠰᠠᠷᠠᠪᠴᠢᠨ ᠳᠣᠣᠷ᠎ᠠ ᠣᠴᠤᠢᠨ ᠰᠠᠭᠤᠭᠠᠳ ᠭᠠᠷ ᠢᠶᠡᠨ ᠨᠤᠬᠤᠯᠤᠨ ᠪᠤᠬᠢᠨᠢᠳᠤᠨ ᠪᠠᠴᠢᠮᠳᠠᠭᠰᠠᠨ ᠪᠠᠢᠳᠠᠯ ᠲᠠᠢ ᠳᠤᠪ ᠳᠤᠭᠤᠢ ᠭᠥᠯᠢᠷᠡᠨ᠎ᠡ᠃ ᠹᠧᠩ ᠶᠣᠣ ᠪᠠ ᠶᠡᠷᠦ ᠳᠡᠭᠡᠨ ᠭᠡᠷ ᠦᠨ ᠢᠶᠡᠨ ᠡᠮᠦᠨᠡᠬᠢ ᠨᠠᠷᠠᠨ ᠡᠭᠡᠪᠦᠷ ᠲᠦ ᠨᠢᠳᠦ ᠰᠡᠢᠮᠡᠢᠯᠭᠡᠨ ᠲᠠᠭᠠᠲᠠᠢᠬᠠᠨ ᠣᠴᠤᠢᠳᠠᠭ ᠪᠠᠢᠵᠠᠢ᠃ ᠥᠨᠥᠳᠦᠷ ᠬᠠᠷᠢᠨ ᠦᠰᠦᠨ ᠡᠴᠡ ᠪᠡᠨ ᠠᠷᠪᠢᠨ ᠥᠷᠢᠨ ᠳᠦ ᠤᠨᠠᠭᠰᠠᠨ ᠬᠥᠮᠦᠨ ᠰᠢᠭ᠌ ᠤᠷᠮ᠎ᠠ ᠦᠭᠡᠢᠬᠡᠨ ᠰᠠᠭᠤᠨ᠎ᠠ᠃ ᠠᠢ ᠳ᠋ᠠ ᠬᠥᠭᠡᠷᠦᠬᠦᠢ᠂ ᠬᠥᠮᠦᠨ ᠭᠡᠵᠦ ᠶᠠᠪᠤᠭᠠᠳ ᠡᠢᠮᠦ ᠠᠯᠬᠤᠮ ᠳᠤ ᠬᠦᠷᠬᠦ ᠭᠡᠵᠢ ᠳ᠋ᠠ᠂ ᠠᠵᠤ ᠠᠮᠢᠳᠤᠷᠠᠯ ᠢᠶᠡᠷ ᠬᠥᠮᠦᠨ ᠳᠦ ᠦᠯᠦ ᠬᠦᠷᠬᠦ ᠴᠦ ᠶᠠᠭᠠᠮᠠᠢ᠂ ᠡᠨᠡᠬᠡᠨ ᠪᠠᠭ᠎ᠠ ᠶᠠᠪᠤᠳᠠᠯ ᠳᠤ ᠳᠠᠷᠤᠭᠳᠠᠭᠠᠳ ᠦᠨᠡᠨ ᠢᠶᠡᠨ ᠬᠡᠯᠡᠵᠦ ᠴᠢᠳᠠᠬᠤ ᠦᠭᠡᠢ ᠨᠢ ᠶᠠᠭᠤ ᠪᠤᠢ ᠳ᠋ᠠ︕

ᠵᠡᠭᠡᠯᠢ ᠳᠡᠭᠡᠷ᠎ᠡ ᠨᠠᠮ ᠵᠢᠮ ᠪᠣᠯᠤᠨ᠎ᠠ᠃ ᠣᠭᠲᠠᠷᠭᠤᠢ ᠳᠡᠭᠡᠭᠦᠷ ᠴᠠᠭᠠᠨ ᠡᠭᠦᠯᠡ ᠬᠥᠪᠪᠦᠨ ᠨᠡᠭᠦᠵᠦ ᠤᠷᠠᠨ ᠬᠠᠷᠢᠶᠠᠴᠠᠢ ᠳᠣᠭᠤᠤᠷ ᠨᠢ ᠬᠠᠯᠢᠨ ᠱᠤᠯᠤᠭᠠᠨᠠᠵᠤ ᠁ ᠬᠥᠬᠦᠭᠡ ᠶᠢᠨ ᠳᠠᠭᠤᠨ ᠬᠣᠯᠠ ᠡᠴᠡ ᠰᠣᠨᠤᠰᠳᠠᠨ᠎ᠠ᠃

ᠹᠧᠩ ᠶᠣᠣ ᠪᠠ ᠲᠠᠭ ᠳᠤᠭᠤᠢ ᠪᠠᠢᠬᠤ ᠨᠢ ᠡᠨᠡ ᠡᠮ᠎ᠡ ᠶᠢ ᠪᠤᠷᠤᠭᠤᠳᠠᠯ᠎ᠠ ᠭᠡᠰᠡᠨ ᠬᠡᠷᠡᠭ᠌ ᠪᠢᠰᠢ ᠦᠦ︖ ᠡᠨᠡ ᠴᠢᠨᠢ ᠣᠯᠠᠨ ᠤ ᠡᠮᠦᠨ᠎ᠡ ᠨᠢᠭᠤᠷ ᠢ ᠨᠢ ᠪᠠᠷᠠᠭᠰᠠᠨ ᠶᠠᠪᠤᠳᠠᠯ ᠪᠢᠰᠢ ᠦᠦ︖ ᠲᠡᠭᠡᠪᠡᠴᠦ ᠨᠣᠬᠠᠢ ᠶᠢ ᠴᠤ ᠦᠯᠦ ᠬᠦᠷᠬᠦ ᠹᠧᠩ ᠶᠣᠣ ᠪᠠ ᠪᠠᠷ ᠨᠢᠭᠤᠷ ᠢᠶᠡᠨ ᠪᠠᠷᠠᠭᠤᠯᠬᠤ ᠴᠢᠨᠢ ᠶᠠᠭᠠᠬᠢᠵᠤ ᠪᠣᠯᠬᠤ ᠪᠢᠯᠡ︖ ᠣᠨᠳᠤᠭᠤᠴᠠᠭᠰᠠᠨ ᠯᠦᠸᠧ ᠡᠯ ᠨᠢᠶᠠᠩ ᠬᠠᠷᠢᠶᠠᠯ ᠲᠠᠯᠪᠢᠨ ᠬᠠᠰᠭᠢᠷᠤᠯ᠎ᠠ᠃

«ᠬᠦᠶᠢ︕ ᠹᠧᠩ ᠶᠣᠣ ᠪᠠ᠂ ᠴᠢ ᠴᠢᠨᠢ ᠬᠥᠮᠦᠨ ᠶᠤᠮ ᠤᠤ︖ ᠶᠠᠪᠠᠷᠠᠴᠢᠬᠠᠭᠰᠠᠨ ᠶᠤᠮ ᠤᠤ ᠴᠢ︖ ᠯᠦᠸᠧ ᠡᠯ ᠨᠢᠶᠠᠩ ᠪᠢ ᠴᠢᠮ᠎ᠠ ᠳᠤ ᠣᠰᠤᠯᠳᠠᠭᠰᠠᠨ ᠭᠠᠵᠠᠷ ᠶᠠᠭᠤ ᠪᠠᠢᠨ᠎ᠠ︖ ᠲᠤᠬᠢᠷᠪᠠᠯ ᠨᠣᠬᠠᠢ ᠴᠤ ᠭᠡᠰᠡᠨ ᠬᠡᠳᠦ ᠬᠤᠴᠠᠳᠠᠭ ᠰᠢᠤ ᠳ᠋ᠠ︕»

ᠯᠦᠸᠧ ᠡᠯ ᠨᠢᠶᠠᠩ ᠲᠡᠷᠡ ᠬᠦ ᠿᠧᠨ ᠯᠣᠣ ᠳ᠋ᠠ ᠶᠢᠨ ᠡᠬᠡᠨᠡᠷ ᠲᠠᠢ ᠬᠡᠯᠡᠯᠴᠡᠬᠦ ᠪᠡᠨ ᠪᠣᠯᠢᠭᠠᠳ᠂ ᠭᠡᠨᠡᠳᠲᠡ ᠥᠰᠢᠶᠡᠲᠡᠨ ᠢᠶᠡᠨ ᠮᠡᠳᠡᠭᠰᠡᠨ ᠰᠢᠭ᠌ ᠹᠧᠩ ᠶᠣᠣ ᠪᠠ ᠲᠠᠢ ᠵᠢᠭᠤᠷᠠᠵᠤ᠂ ᠬᠠᠷᠢᠶᠠᠬᠤ ᠶᠢᠨ ᠮᠠᠭᠤ ᠪᠠᠷ ᠬᠠᠷᠢᠶᠠᠵᠤ ᠡᠬᠢᠯᠡᠯ᠎ᠡ᠃

«ᠬᠥᠮᠦᠨ ᠢ ᠪᠢᠲᠡᠬᠡᠢ ᠬᠠᠷᠢᠶᠠᠭᠲᠤᠨ︕»

«᠁ ᠬᠥᠮᠦᠨ ᠢᠶᠡᠷ ᠭᠡᠷᠡᠴᠢ ᠪᠣᠯᠭᠠᠨ᠎ᠠ ᠭᠡᠵᠦ ᠪᠠᠢᠭᠠᠳ ᠁»

ᠰᠣᠨᠤᠰᠤᠭᠰᠠᠭᠠᠷ ᠪᠠᠢᠵᠤ ᠲᠡᠰᠬᠦ ᠠᠯᠳᠠᠷᠠᠭᠰᠠᠨ ᠬᠥᠮᠦᠰ ᠢᠩᠭᠢᠵᠦ ᠬᠡᠯᠡᠵᠡᠭᠡᠨ᠎ᠡ᠃

«ᠬᠠᠷᠢᠶᠠᠨ᠎ᠠ᠂ ᠶᠠᠭᠠᠬᠢᠳᠠᠭ ᠶᠤᠮ︕ᠮᠢᠨᠦ ᠬᠠᠷᠢᠶᠠᠬᠤ ᠲᠠᠨ ᠳᠤ ᠬᠠᠮᠢᠶ᠎ᠠ ᠦᠭᠡᠢ︕ ᠲᠣᠯᠤᠭᠠᠢ ᠲᠠᠢ ᠨᠢ ᠭᠠᠷᠴᠤ ᠢᠷ᠎ᠡ᠂ ᠯᠦᠸᠧ ᠡᠯ ᠨᠢᠶᠠᠩ ᠬᠥᠮᠦᠨ ᠲᠠᠨᠢᠬᠤ ᠦᠭᠡᠢ ᠪᠣᠯᠵᠠᠢ ᠭᠡᠵᠦ ᠪᠤᠤ ᠭᠣᠮᠤᠳᠠ︕»

ᠹᠧᠩ ᠶᠣᠣ ᠪᠠ ᠲᠣᠯᠤᠭᠠᠢ ᠪᠠᠨ ᠤᠨᠵᠢᠭᠤᠯᠤᠭᠰᠠᠭᠠᠷ ᠮᠥᠨ ᠲᠠᠭ ᠳᠤᠭᠤᠢ᠃ ᠠᠢ ᠳ᠋ᠠ᠂ ᠹᠧᠩ ᠶᠣᠣ ᠪᠠ ᠴᠤ ᠬᠠᠷᠠᠯᠠᠵᠤ ᠳᠠᠭᠤᠰᠤᠯ᠎ᠠ ᠭᠡᠵᠦ ᠣᠯᠠᠨ ᠢᠶᠡᠷ ᠢᠶᠡᠨ ᠰᠠᠨᠠᠭ᠎ᠠ ᠵᠣᠪᠠᠨ᠎ᠠ᠃

ᠬᠠᠷᠢᠶᠠᠯ ᠳᠠᠭᠠᠨ ᠬᠠᠯᠠᠮᠰᠢᠭᠰᠠᠨ ᠯᠦᠸᠧ ᠡᠯ ᠨᠢᠶᠠᠩ ᠬᠠᠶᠠ ᠰᠦᠪᠡᠭᠡ ᠲᠤᠯᠵᠤ ᠰᠦᠷ ᠪᠠᠳᠠᠷᠠᠭᠤᠯᠤᠨ᠂ ᠬᠠᠶᠠ ᠬᠥᠯ ᠳᠡᠪᠰᠡᠨ ᠡᠪᠦᠳᠦᠭ ᠠᠯᠠᠭᠠᠳᠠᠵᠤ ᠹᠧᠩ ᠶᠣᠣ ᠪᠠ ᠤᠷᠤᠭᠤ«ᠲᠦᠢ ᠲᠦᠢ» ᠨᠤᠯᠮᠤᠨ᠎ᠠ᠃ ᠼᠣᠣ ᠳᠠᠷᠤᠭ᠎ᠠ᠄«ᠪᠢ ᠬᠡᠯᠡᠪᠡᠯ᠂ ᠹᠧᠩ ᠶᠣᠣ ᠪᠠ᠂ ᠲᠠ ᠦᠨᠡᠨ ᠢᠶᠡᠷ ᠨᠢ ᠬᠡᠯᠡᠴᠢᠬᠡ︕<ᠳᠥᠷᠪᠡᠨ ᠬᠠᠮᠰᠠᠭᠠᠲᠠᠨ> ᠢ ᠪᠣᠲᠠ ᠨᠢᠷᠭᠡᠭᠡᠳ ᠮᠥᠨ ᠳᠥᠷᠪᠡᠨ ᠵᠢᠯ ᠪᠣᠯᠵᠤ ᠪᠠᠢᠬᠤ ᠶᠤᠮ ᠴᠢᠨᠢ ᠦᠨᠡᠨ ᠢᠶᠡᠷ ᠦᠨᠡᠨ ᠢ ᠶᠠᠷᠢᠪᠠᠯ ᠳᠡᠭᠡᠷ᠎ᠡ ᠰᠢᠦ ᠁» ᠭᠡᠯ᠎ᠡ᠃

ᠣᠯᠠᠨ ᠳᠠᠬᠢᠨ ᠰᠠᠨᠠᠭᠤᠯᠤᠭᠰᠠᠨ ᠤ ᠠᠴᠢ ᠪᠠᠷ ᠹᠧᠩ ᠶᠣᠣ ᠪᠠ ᠳᠡᠪᠡᠯ ᠢᠶᠡᠨ ᠰᠡᠭᠰᠦᠷᠦᠭᠰᠡᠭᠡᠷ ᠪᠣᠰᠴᠤ ᠵᠣᠭᠰᠤᠯ᠎ᠠ᠃

ᠼᠣᠣ ᠳᠠᠷᠤᠭ᠎ᠠ᠄«ᠤᠤᠬᠠᠢ᠂ ᠴᠣᠬᠤᠮ ᠳᠠᠭᠠᠨ ᠴᠢᠮ᠎ᠠ ᠳᠤ ᠴᠤ ᠬᠠᠮᠢᠶ᠎ᠠ ᠦᠭᠡᠢ ᠬᠡᠷᠡᠭ᠌ ᠰᠢᠦ ᠳ᠋ᠡ ᠁» ᠭᠡᠬᠦ ᠳᠦ᠂

ᠹᠧᠩ ᠶᠣᠣ ᠪᠠ ᠤᠬᠢᠯᠠᠩᠬᠠᠢ ᠴᠢᠷᠠᠢᠯᠠᠨ᠂ ᠳᠤᠪ ᠳᠤᠭᠤᠢ ᠳᠣᠬᠢᠭᠰᠠᠭᠠᠷ ᠬᠥᠯ ᠢᠶᠡᠨ ᠴᠢᠷᠴᠦ ᠤᠷᠤᠭᠰᠢ ᠳᠥᠬᠦᠪᠡ᠃ ᠢᠴᠢᠭᠰᠡᠨ ᠬᠥᠮᠦᠨ ᠬᠥᠮᠦᠨ ᠠᠯᠠᠨ᠎ᠠ ᠭᠡᠭᠴᠢ ᠪᠡᠷ ᠹᠧᠩ ᠶᠣᠣ ᠪᠠ ᠮᠠᠨᠢ ᠶᠠᠳᠠᠭᠤ ᠵᠥᠳᠡᠭᠦᠦ ᠬᠥᠭᠡᠷᠦᠬᠦᠢ ᠪᠠᠭᠰᠢ ᠶᠢᠨ ᠭᠡᠷ ᠲᠦ ᠬᠡᠷᠡᠭ᠌ ᠣᠷᠤᠭᠤᠯᠬᠤ ᠭᠡᠵᠦ ᠪᠠᠢᠬᠤ ᠦᠭᠡᠢ ᠪᠢᠵᠡ ᠳ᠋ᠡ︖

«ᠼᠣᠣ ᠳᠠᠷᠤᠭ᠎ᠠ ᠡ» ᠭᠡᠰᠡᠨ ᠢᠶᠡᠨ ᠹᠧᠩ ᠶᠣᠣ ᠪᠠ ᠴᠡᠴᠡᠷᠬᠢᠯᠡᠭᠰᠡᠨ ᠳᠠᠭᠤᠨ ᠢᠶᠡᠷ᠄«ᠲᠠ ᠁ ᠨᠠᠮᠠᠢ ᠬᠡᠯᠡ ᠭᠡᠨ᠎ᠡ︖» ᠭᠡᠵᠦ ᠠᠰᠠᠭᠤᠯ᠎ᠠ᠃

«ᠲᠡᠭᠡᠭᠡᠳ ᠯᠡ ᠬᠦᠯᠢᠶᠡᠭᠰᠡᠭᠡᠷ ᠰᠢᠤ ᠳ᠋ᠠ︕»

ᠹᠧᠩ ᠶᠣᠣ ᠪᠠ ᠲᠣᠯᠤᠭᠠᠢ ᠳᠣᠬᠢᠰᠬᠢᠨ᠄

«ᠹᠧᠩ ᠶᠣᠣ ᠪᠠ ᠨᠠᠮᠠᠢ ᠣᠯᠠᠨ ᠢᠶᠡᠷ ᠢᠶᠡᠨ ᠮᠡᠳᠡᠵᠦ ᠪᠠᠢᠨ᠎ᠠ» ᠭᠡᠳ ᠲᠡᠷᠡ ᠶᠡᠬᠡᠯ᠎ᠡ ᠵᠣᠪᠠᠭᠰᠠᠨ ᠪᠠᠢᠳᠠᠯ ᠲᠠᠢ ᠣᠯᠠᠨ ᠤ ᠥᠭᠡᠳᠡ ᠬᠠᠷᠠᠭᠰᠠᠭᠠᠷ᠄«ᠡᠨᠡ ᠲᠣᠰᠭᠤᠨ ᠳᠤ ᠪᠢ ᠬᠥᠮᠦᠨ ᠳᠦᠷᠢ ᠲᠠᠢ ᠶᠠᠪᠤᠭ᠎ᠠ ᠦᠭᠡᠢ ᠁ ᠨᠢᠭᠤᠮᠠᠷ ᠶᠠᠭᠤ ᠪᠠᠢᠬᠤ ᠪᠤᠢ᠂ ᠡᠭᠡᠭᠡ ᠯᠡ ᠨᠣᠬᠠᠢ ᠰᠢᠤ ᠳ᠋ᠠ︕ ᠁ ᠪᠢ ᠶᠠᠳᠠᠭᠤᠷᠠᠬᠤ ᠶᠢᠨ ᠲᠤᠢᠯ ᠳᠤ ᠬᠦᠷᠦᠭᠰᠡᠨ ᠁ ᠨᠠᠳᠠ ᠠᠷᠭ᠎ᠠ ᠦᠭᠡᠢ ᠰᠢᠦ︕ ᠁ ᠣᠯᠠᠨ ᠢᠶᠡᠷ ᠢᠶᠡᠨ ᠦᠵᠡᠵᠦ ᠪᠠᠢᠨ᠎ᠠ ᠁ ᠪᠢ ᠴᠢᠨᠢ ᠨᠢᠭᠡᠮᠦᠰᠦᠨ ᠨᠢᠭᠤᠷ ᠢᠶᠡᠨ ᠪᠠᠷᠠᠭᠰᠠᠨ ᠬᠥᠮᠦᠨ ᠁» ᠭᠡᠵᠦ ᠶᠠᠭᠠᠷᠠᠮ ᠦᠭᠡᠢ ᠨᠢᠭᠡ ᠨᠢᠭᠡ ᠪᠡᠷ ᠬᠡᠯᠡᠨ᠎ᠡ᠃

«ᠡᠨᠡ ᠴᠢᠨᠢ ᠶᠠᠭᠠᠬᠢᠵᠤ ᠪᠠᠢᠨ᠎ᠠ ᠪᠤᠢ︖» ᠭᠡᠵᠦ ᠴᠤᠭᠯᠠᠷᠠᠭᠰᠠᠨ ᠬᠥᠮᠦᠰ ᠭᠠᠢᠬᠠᠰᠢ ᠠᠯᠳᠠᠨ ᠨᠠᠮ ᠵᠢᠮ ᠪᠣᠯᠵᠤ ᠲᠡᠭᠦᠨ ᠤᠷᠤᠭᠤ ᠰᠢᠷᠲᠡᠵᠡᠭᠡᠨ᠎ᠡ᠃

«ᠨᠢᠳᠤᠨᠤᠨ ᠪᠠ ᠳ᠋ᠠ» ᠭᠡᠳ ᠹᠧᠩ ᠶᠣᠣ ᠪᠠ ᠦᠭᠡ ᠪᠡᠨ ᠵᠠᠯᠭᠠᠵᠤ᠄«ᠲᠤᠲᠤᠷᠭ᠎ᠠ ᠨᠣᠶᠠᠨ ᠰᠢᠰᠢ ᠲᠠᠢ ᠬᠡᠳᠦᠨ ᠵᠠᠭᠤᠨ ᠵᠢᠩ ᠬᠤᠪᠢᠶᠠᠵᠤ ᠠᠪᠤᠭᠠᠳ᠂ ᠨᠢᠭᠡ ᠭᠡᠷ ᠢᠶᠡᠷ ᠢᠶᠡᠨ ᠲᠠᠪᠤᠨ ᠰᠠᠷ᠎ᠠ ᠶᠢᠨ ᠰᠢᠨ᠎ᠠ ᠶᠢᠨ ᠲᠠᠪᠤᠨ ᠬᠦᠷᠲᠡᠯ᠎ᠡ ᠭᠦᠢᠴᠡᠴᠢᠭᠡᠨ᠎ᠡ ᠭᠡᠵᠦ ᠪᠣᠳᠤᠭᠰᠠᠨ᠃ ᠨᠠᠩᠭᠢ ᠲᠤᠲᠤᠷᠭ᠎ᠠ ᠪᠠᠷ ᠢᠶᠡᠨ ᠬᠡᠦᠬᠡᠳ ᠲᠡᠭᠡᠨ ᠽᠦᠩᠽᠢ ᠢᠳᠡᠭᠦᠯᠦᠶ᠎ᠡ ᠭᠡᠵᠦ ᠮᠠᠨ ᠤ ᠡᠬᠡᠨᠡᠷ ᠬᠡᠯᠡᠵᠦ ᠪᠠᠢᠯ᠎ᠠ᠃ ᠲᠥᠮᠦᠰᠦ ᠴᠦ ᠮᠥᠨ ᠤᠷᠭᠤᠴᠢᠬᠠᠭᠰᠠᠨ ᠪᠠᠢᠵᠠᠢ᠃ ᠪᠠᠢᠬᠤ ᠪᠠᠭ᠎ᠠ ᠨᠣᠭᠤᠭ᠎ᠠ ᠶᠢᠨ ᠦᠷ᠎ᠡ ᠶᠢ ᠮᠢᠨᠢ ᠤᠯᠤᠰ ᠡᠴᠡ ᠲᠤᠲᠤᠷᠭ᠎ᠠ ᠱᠠᠩᠨᠠᠵᠤ ᠬᠤᠳᠠᠯᠳᠤᠨ ᠠᠪᠬᠤ ᠭᠡᠵᠦ ᠪᠠᠢᠭᠰᠠᠨ᠂ ᠬᠤᠪᠢ ᠶᠢᠨ ᠲᠠᠷᠢᠶᠠᠨ ᠡᠴᠡ ᠪᠡᠨ ᠪᠠᠰᠠ ᠪᠤᠭᠤᠳᠠᠢ ᠬᠤᠷᠢᠶᠠᠬᠤ ᠶᠤᠮ᠂ ᠁ ᠨᠢᠳᠤᠨᠤᠨ ᠬᠠᠭᠤᠴᠢᠨ ᠲᠠᠷᠢᠶᠠᠨ ᠤ ᠤᠰᠤ ᠶᠢ ᠲᠠᠯᠪᠢᠨ ᠰᠡᠯᠭᠦᠭᠡ ᠲᠠᠷᠢᠶ᠎ᠠ ᠲᠠᠷᠢ ᠭᠡᠵᠦ ᠠᠯᠪᠠᠳᠠᠭᠰᠠᠨ ᠦᠭᠡᠢ᠂ ᠪᠢᠯᠬᠠᠮ᠎ᠠ ᠤᠰᠤ ᠲᠠᠢ ᠲᠠᠷᠢᠶ᠎ᠠ ᠶᠢ ᠬᠥᠮᠦᠨ ᠳᠦ ᠳᠠᠭᠠᠭᠠᠴᠢᠯᠠᠨ ᠥᠭᠭᠦᠭᠰᠡᠨ ᠢᠶᠡᠷ ᠳᠠᠯᠠᠩ ᠲᠠᠲᠠᠵᠤ ᠴᠢᠬᠢ ᠰᠠᠭᠤᠯᠭᠠᠬᠤ ᠳᠤ ᠴᠤ ᠠᠮᠠᠷᠬᠠᠨ ᠁ ᠴᠢᠬᠢ ᠰᠠᠭᠤᠯᠭᠠᠭᠠᠳ ᠠᠪᠴᠢᠬᠠᠪᠠᠯ ᠨᠣᠶᠠᠨ ᠰᠢᠰᠢ ᠲᠤᠲᠤᠷᠭ᠎ᠠ ᠣᠯᠬᠤ ᠳᠤ ᠬᠦᠴᠢᠷ ᠶᠠᠭᠤ ᠪᠠᠢᠬᠤ ᠪᠤᠢ ᠳ᠋ᠠ ᠁» ᠭᠡᠲᠡᠯ᠎ᠡ᠂

«ᠹᠧᠩ ᠶᠣᠣ ᠪᠠ ᠡ᠂ ᠦᠭᠡ ᠴᠢᠨᠢ ᠣᠯᠠᠳᠠᠵᠤ ᠦᠬᠡᠷ ᠴᠢᠨᠢ ᠬᠣᠯᠠᠳᠤᠯ᠎ᠠ᠃ ᠴᠢ ᠴᠢᠨᠢ ᠡᠷᠦᠢ ᠬᠤᠷᠤᠢ ᠦᠭᠡᠢ ᠶᠠᠭᠤ ᠴᠠᠯᠴᠢᠭᠠᠳ ᠯᠠ ᠪᠠᠢᠬᠤ ᠶᠤᠮ ᠪᠤᠢ︕» ᠭᠡᠵᠦ ᠯᠦᠸᠧ ᠡᠯ ᠨᠢᠶᠠᠩ ᠲᠣᠰᠴᠤ ᠠᠪᠤᠯ᠎ᠠ᠃

ᠰᠠᠨᠠᠮᠰᠠᠷ ᠦᠭᠡᠢ ᠪᠠᠢᠲᠠᠯ᠎ᠠ ᠹᠧᠩ ᠶᠣᠣ ᠪᠠ ᠤᠬᠤᠰᠬᠢᠵᠤ ᠡᠷᠭᠢᠵᠦ ᠬᠠᠷᠠᠭᠠᠳ ᠨᠢᠳᠦ ᠤᠯᠠᠢᠯᠭᠠᠨ ᠲᠡᠪᠴᠢᠭᠰᠡᠭᠡᠷ᠄

«ᠼᠣᠣ ᠳᠠᠷᠤᠭ᠎ᠠ ᠡ︕ ᠠᠮᠤ ᠬᠤᠳᠠᠯᠳᠤᠵᠤ ᠥᠭᠭᠦᠨ᠎ᠡ ᠦᠦ ᠦᠭᠡᠢ ᠦᠦ᠂ ᠪᠦᠷ ᠴᠢᠨᠦ ᠬᠡᠷᠡᠭ᠌᠃ ᠪᠢ ᠥᠨᠥ ᠵᠢᠯ ᠠᠪᠬᠤ ᠦᠭᠡᠢ ᠴᠦ ᠭᠡᠰᠡᠨ ᠠᠮᠢᠳᠤᠷᠠᠵᠤ ᠴᠢᠳᠠᠨ᠎ᠠ︕» ᠭᠡᠵᠦ ᠠᠭᠤᠷᠰᠠᠨ ᠬᠠᠰᠭᠢᠷᠤᠯ᠎ᠠ᠃

ᠹᠧᠩ ᠶᠣᠣ ᠪᠠ ᠶᠢᠨ ᠡᠨᠡ ᠮᠡᠲᠦ ᠰᠦᠷᠡᠬᠡᠢ ᠵᠠᠩᠨᠠᠬᠤ ᠶᠢ ᠬᠥᠮᠦᠰ ᠶᠡᠷᠦ ᠣᠯᠵᠤ ᠦᠵᠡᠭᠰᠡᠨ ᠦᠭᠡᠢ ᠲᠤᠯᠠ ᠨᠢᠭᠡᠮᠦᠰᠦᠨ ᠭᠠᠢᠬᠠᠰᠢ ᠠᠯᠳᠠᠨ ᠮᠡᠯᠡᠷᠡᠨ᠎ᠡ᠃ ᠹᠧᠩ ᠶᠣᠣ ᠪᠠ ᠶᠢᠨ ᠥᠷᠭᠡᠨ ᠴᠢᠷᠠᠢ ᠭᠱᠠᠨ ᠵᠠᠭᠤᠷ᠎ᠠ ᠪᠠᠷᠤᠢᠵᠤ ᠬᠥᠬᠡᠷᠡᠭᠡᠳ᠂ ᠰᠢᠳᠦ ᠪᠡᠨ ᠵᠠᠭᠤᠬᠤ ᠳᠤᠨᠢ ᠦᠨᠡᠬᠡᠷ ᠠᠶᠤᠵᠤ ᠰᠦᠷᠳᠡᠮᠡᠷ ᠪᠠᠢᠯ᠎ᠠ᠃

«ᠪᠢ ᠬᠣᠶᠠᠷ ᠯᠠᠩ ᠮᠢᠬ᠎ᠠ ᠣᠯᠵᠤ ᠢᠳᠡᠬᠦ ᠦᠦ᠂ ᠶᠠᠭᠠᠬᠢᠬᠤ ᠪᠤᠢ︖» ᠭᠡᠳ ᠹᠧᠩ ᠶᠣᠣ ᠪᠠ ᠴᠡᠭᠡᠵᠢ ᠪᠡᠨ ᠠᠯᠠᠭᠠᠳᠠᠵᠤ᠄«ᠢᠳᠠᠨ᠎ᠠ ᠳ᠋ᠠ︕ ᠬᠤᠳᠠᠯᠳᠤᠵᠤ ᠠᠪᠤᠨ᠎ᠠ ᠰᠢᠤ ᠳ᠋ᠠ︕ ᠶᠠᠭᠠᠬᠢᠯ᠎ᠠ ᠴᠤ ᠭᠡᠰᠡᠨ ᠯᠦᠸᠧ ᠣᠪᠤᠭᠳᠤ ᠶᠢᠨ ᠬᠢ ᠡᠴᠡ ᠭᠣᠷᠢᠳᠠᠬᠤ ᠦᠭᠡᠢ᠂ ᠨᠣᠭᠤᠭ᠎ᠠ ᠶᠢᠨ ᠦᠷ᠎ᠡ ᠪᠡᠨ ᠬᠤᠳᠠᠯᠳᠤᠭᠰᠠᠨ ᠤ ᠰᠡᠭᠦᠯᠡᠷ ᠮᠢᠬ᠎ᠠ ᠬᠤᠳᠠᠯᠳᠤᠨ ᠠᠪᠴᠤ ᠬᠡᠦᠬᠡᠳ ᠤᠳ ᠲᠡᠭᠡᠨ ᠨᠢᠭᠡ ᠴᠠᠭ ᠰᠠᠢᠨ ᠢᠳᠡᠭᠦᠯᠦᠨ᠎ᠡ︕ ᠣᠳᠣ ᠶᠠᠭᠠᠷᠮᠠᠭ ᠲᠤ ᠭᠠᠬᠠᠢ ᠶᠢᠨ ᠮᠢᠬ᠎ᠠ ᠪᠠᠢᠬᠤ ᠯᠠ ᠪᠤᠶᠠᠨ᠂ ᠭᠠᠭᠴᠠ ᠢᠳᠡᠭᠡᠨ ᠦ ᠥᠷᠲᠡᠭᠡᠨ ᠳᠦ ᠯᠡ ᠪᠠᠢᠬᠤ ᠶᠤᠮ ᠤᠤ︖ ᠢᠯᠡᠭᠦᠦ ᠬᠡᠳᠦᠨ ᠮᠥᠩᠭᠦ ᠭᠠᠷᠭᠠᠪᠠᠯ ᠶᠠᠮᠠᠷ ᠢ ᠨᠢ ᠰᠢᠯᠢᠵᠦ ᠠᠪᠤᠪᠠᠴᠤ ᠳᠤᠷ᠎ᠠ ᠪᠠᠷ ᠢᠶᠡᠨ︕ ᠁ ᠣᠳᠣ᠂ ᠠᠩᠬᠠᠨ ᠤ ᠬᠡᠳᠦᠨ ᠵᠢᠯ ᠲᠠᠢ ᠲᠠᠭᠠᠷᠠᠬᠤ ᠦᠭᠡᠢ ᠪᠣᠯᠤᠭᠰᠠᠨ᠃ ᠡᠭᠦᠨ ᠢ ᠬᠤᠳᠠᠯᠳᠤᠬᠤ ᠦᠭᠡᠢ ᠭᠡᠲᠡᠯ᠎ᠡ ᠲᠡᠭᠦᠨ ᠢ ᠬᠤᠳᠠᠯᠳᠤᠬᠤ ᠦᠭᠡᠢ ᠭᠡᠳ ᠯᠠᠩᠭᠦᠢ ᠳᠣᠣᠷ᠎ᠠ ᠪᠠᠨ ᠳᠠᠷᠤᠲᠠᠯ᠎ᠠ ᠡᠭᠦᠳᠡᠨ ᠦ ᠠᠷᠤ ᠳᠠᠭᠠᠨ ᠨᠢᠭᠤᠪᠠᠯ ᠡᠭᠦᠷᠭᠡ ᠪᠡᠨ ᠪᠡᠶᠡᠯᠡᠭᠦᠯᠵᠦ ᠴᠢᠳᠠᠬᠤ ᠦᠭᠡᠢ ᠨᠢ ᠯᠠᠪ︕ ᠡᠴᠢᠭᠡ ᠴᠢᠨᠢ ᠪᠢ ᠡᠨᠡ ᠵᠢᠯ ᠁» ᠭᠡᠲᠡᠯ᠎ᠡ᠂

«ᠹᠧᠩ ᠶᠣᠣ ᠪᠠ ᠡ︕ ᠴᠢ ᠠᠮᠠ ᠪᠠᠨ ᠬᠢᠴᠢᠶᠡ᠂ ᠴᠢ ᠬᠡᠨ ᠳᠦ ᠡᠴᠢᠭᠡ ᠪᠣᠯᠬᠤ ᠶᠤᠮ︖»

«ᠴᠢ ᠶᠠᠭᠠᠬᠢᠬᠤ ᠰᠠᠨᠠᠭ᠎ᠠ ᠲᠠᠢ ᠶᠤᠮ︖ ᠴᠢ ᠨᠠᠳᠠ ᠲᠠᠢ ᠬᠠᠯᠳᠠᠬᠤ ᠰᠠᠨᠠᠭ᠎ᠠ ᠲᠠᠢ ᠤᠤ︖ ᠭᠠᠷ ᠬᠥᠳᠡᠯᠪᠡᠯ ᠬᠥᠳᠡᠯᠭᠡᠵᠦ ᠦᠵᠡᠶ᠎ᠡ ᠳ᠋ᠠ︕ ᠁ ᠡᠴᠢᠭᠡ ᠴᠢᠨᠢ ᠪᠢ ᠲᠦᠷᠦᠭᠦᠦ ᠬᠡᠳᠦᠨ ᠵᠢᠯ ᠬᠥᠮᠦᠨ ᠦ ᠰᠢᠨᠵᠢ ᠦᠭᠡᠢ ᠶᠠᠪᠤᠵᠤ ᠦᠢᠯᠡ ᠲᠠᠮᠤ ᠪᠠᠨ ᠭᠦᠢᠴᠡᠭᠰᠡᠨ︕ ᠡᠨᠡ ᠬᠣᠶᠠᠷ ᠵᠢᠯ ᠳᠦ ᠤᠯᠤᠰ ᠣᠷᠤᠨ ᠤ ᠠᠴᠢ ᠪᠠᠷ ᠲᠠᠷᠢᠶᠠᠴᠢᠳ ᠪᠢᠳᠡ ᠡᠷᠬᠡ ᠴᠢᠯᠦᠭᠡ ᠲᠠᠢ ᠪᠣᠯᠤᠯ᠎ᠠ᠃ ᠥᠨᠥᠳᠦᠷ ᠬᠡᠨ ᠨᠠᠮᠠᠢ ᠳᠠᠬᠢᠵᠤ ᠬᠠᠷᠢᠶᠠᠪᠠᠯ ᠲᠡᠭᠦᠨ ᠳᠦ ᠨᠠᠢᠷ ᠬᠠᠶᠠᠬᠤ ᠦᠭᠡᠢ ᠭᠡᠵᠦ ᠮᠡᠳᠡ︕»

«ᠠᠢ᠂ ᠹᠧᠩ ᠶᠣᠣ ᠪᠠ ᠡ︕» ᠭᠡᠵᠦ ᠼᠣᠣ ᠳᠠᠷᠤᠭ᠎ᠠ ᠬᠣᠷᠢᠭᠯᠠᠲᠠᠯ᠎ᠠ ᠹᠧᠩ ᠶᠣᠣ ᠪᠠ ᠦᠭᠡ ᠶᠢ ᠨᠢ ᠲᠠᠰᠤᠯᠤᠯ᠎ᠠ᠄

«ᠨᠠᠳᠠ ᠪᠢᠲᠡᠬᠡᠢ ᠲᠡᠭᠡᠵᠦ ᠠᠭᠠᠰᠢᠯᠠ︕ ᠲᠡᠷᠡ ᠮᠤᠤᠰᠠᠢᠨ ᠠᠷᠭ᠎ᠠ ᠪᠠᠰᠢᠷ ᠢᠶᠡᠨ ᠴᠠᠰᠢ ᠪᠠᠨ︕ ᠨᠠᠮᠠᠢ ᠬᠠᠮᠢᠶᠠᠷᠬᠤ ᠠᠩᠭᠢ ᠳᠤ ᠣᠷᠤᠭᠤᠯᠤᠨ᠎ᠠ ᠤᠤ︖ ᠪᠢᠲᠡᠭᠦᠨ ᠰᠢᠨ᠎ᠡ ᠶᠢᠨ ᠨᠢᠭᠡᠨ ᠳᠦ ᠤᠰᠤᠨ ᠰᠤᠪᠠᠭ ᠲᠠᠲᠠᠭᠤᠯᠬᠤ ᠪᠠᠷ ᠶᠠᠪᠤᠭᠤᠯᠤᠨ᠎ᠠ ᠤᠤ︖ ᠣᠳᠣ ᠲᠡᠭᠡᠵᠦ ᠴᠢᠳᠠᠬᠤ ᠦᠭᠡᠢ ᠰᠢᠦ︕ ᠲᠡᠭᠡᠵᠦ ᠰᠣᠷᠲᠤᠭᠤᠯᠠᠬᠤ ᠴᠠᠭ ᠴᠢᠨᠢ ᠥᠩᠭᠡᠷᠡᠭᠰᠡᠨ︕ ᠁ ᠴᠢ ᠨᠣᠶᠠᠨ ᠰᠠᠭᠤᠬᠤ ᠪᠠᠷ ᠢᠶᠡᠨ ᠰᠠᠭᠤ᠂ ᠴᠢᠮᠠᠢ ᠨᠣᠶᠠᠨ ᠰᠠᠭᠤᠬᠤ ᠬᠤᠭᠤᠴᠠᠭᠠᠨ ᠳᠤ ᠪᠢ ᠶᠠᠭᠠᠬᠢᠪᠠᠴᠤ ᠬᠤᠯᠠᠭᠠᠢ ᠵᠠᠯᠠᠭᠠᠢ ᠬᠢᠬᠦ ᠦᠭᠡᠢ᠃ ᠤᠯᠤᠰ ᠣᠷᠤᠨ ᠡᠴᠡ ᠠᠵᠤ ᠠᠮᠢᠳᠤᠷᠠᠯ ᠢ ᠡᠳᠦᠢ ᠰᠠᠢᠨ ᠲᠣᠬᠢᠷᠠᠭᠤᠯᠵᠤ ᠪᠠᠢᠬᠤ ᠶᠤᠮ ᠴᠢᠨᠢ ᠴᠢ ᠣᠳᠣ ᠶᠠᠭᠠᠬᠢᠵᠤ ᠴᠢᠳᠠᠬᠤ ᠪᠤᠢ︖»

«ᠴᠢ᠂ ᠴᠢ ᠁»

«ᠶᠠᠭᠠᠬᠢᠨ᠎ᠠ︕ ᠴᠢ ᠨᠠᠳᠠ ᠪᠠᠷ ᠭᠡᠷᠡᠴᠢ ᠪᠣᠯᠭᠠᠬᠤ ᠭᠡᠰᠡᠨ ᠪᠢᠰᠢ ᠶᠤᠮ ᠤᠤ︖ ᠪᠢ ᠶᠠᠭ ᠬᠠᠷᠠᠵᠤ ᠪᠠᠢᠭᠰᠠᠨ︕ ᠯᠦᠸᠧ ᠣᠪᠤᠭᠲᠤ ᠶᠢᠨ ᠬᠡᠦᠬᠡᠳ ᠯᠡ ᠬᠥᠮᠦᠨ ᠦᠦ︖ ᠬᠥᠮᠦᠨ ᠦ ᠶᠠᠭᠤᠮ᠎ᠠ ᠶᠢ ᠣᠯᠵᠤ ᠠᠪᠤᠭᠠᠳ ᠥᠭᠬᠦ ᠦᠭᠡᠢ ᠳᠡᠭᠡᠷ᠎ᠡ ᠪᠡᠨ ᠬᠥᠮᠦᠨ ᠢ ᠠᠰᠠᠭᠤᠬᠤᠯᠠᠷ ᠠᠮᠠ ᠠᠩᠭᠠᠢᠮᠠᠭᠴᠠ ᠬᠠᠷᠢᠶᠠᠯ ᠲᠠᠯᠪᠢᠵᠤ ᠭᠠᠷ ᠬᠥᠳᠡᠯᠬᠦ ᠨᠢ︕ ᠬᠡᠨ ᠲᠡᠭᠦᠨ ᠢ ᠴᠣᠬᠢᠭᠰᠠᠨ ᠶᠤᠮ︖ ᠿᠧᠨ ᠣᠪᠤᠭᠲᠤ ᠶᠢᠨ ᠬᠡᠦᠬᠡᠳ ᠭᠠᠷ ᠬᠥᠳᠡᠯᠦᠭᠰᠡᠨ ᠦᠭᠡᠢ ᠮᠥᠷᠲᠡᠭᠡᠨ ᠬᠠᠷᠢᠭᠤ ᠬᠠᠷᠢᠶᠠᠭᠰᠠᠨ ᠴᠤ ᠦᠭᠡᠢ︕ ᠣᠳᠣ ᠴᠢ ᠰᠠᠢᠬᠠᠨ ᠰᠣᠨᠤᠰᠤᠯ᠎ᠠ ᠪᠢᠵᠡ︖︕»

ᠲᠣᠭᠤᠷᠢᠵᠤ ᠵᠣᠭᠰᠤᠭᠰᠠᠨ ᠬᠥᠮᠦᠰ ᠡᠢᠮᠦ ᠪᠠᠢᠳᠠᠯ ᠢ ᠦᠵᠡᠭᠡᠳ ᠭᠠᠢᠬᠠᠰᠢ ᠠᠯᠳᠠᠵᠤ ᠪᠠᠢᠭᠰᠠᠨ ᠢᠶᠡᠨ ᠭᠡᠨᠡᠳᠲᠡ ᠳᠦᠷᠬᠢᠷᠡᠲᠡᠯ᠎ᠡ ᠢᠨᠢᠶᠡᠯᠳᠦᠬᠦ ᠳᠦ᠂ ᠠᠶᠤᠩᠭ᠎ᠠ ᠮᠡᠲᠦ ᠳᠠᠭᠤ ᠵᠡᠭᠡᠯᠢ ᠳᠠᠶᠠᠭᠠᠷ ᠳᠠᠭᠤᠷᠢᠰᠤᠨ᠎ᠠ᠃ ᠬᠥᠮᠦᠰ ᠦᠨ ᠬᠡᠯᠡᠯᠴᠡᠭᠡᠨ ᠱᠠᠭᠢᠵᠤ ᠢᠷᠡᠭᠰᠡᠨ ᠠᠵᠢᠷᠭᠠᠨ ᠪᠣᠷᠤᠭᠠᠨ ᠮᠡᠲᠦ᠂ ᠤᠳᠠᠲᠠᠯ᠎ᠠ ᠱᠤᠤᠭᠢᠯᠳᠤᠭᠠᠳ ᠯᠤᠤᠲᠤ ᠳ᠋ᠧᠩ ᠭᠠᠷᠭᠠᠵᠤ ᠫᠤᠤᠵᠢᠩ ᠲᠠᠯᠪᠢᠨ ᠤᠭᠲᠤᠭᠰᠠᠨ ᠴᠠᠭᠠᠨ ᠰᠠᠷ᠎ᠠ ᠶᠢᠨ ᠨᠠᠢᠷ ᠨᠠᠭᠠᠳᠤᠮ ᠡᠴᠡ ᠴᠤ ᠳᠣᠷᠤ ᠦᠭᠡᠢ ᠪᠣᠯᠪᠠ︕ ᠁ ᠦᠭᠡ ᠦᠭᠡᠢ ᠣᠴᠤᠢᠵᠤ ᠪᠠᠢᠭᠰᠠᠨ ᠹᠧᠩ ᠶᠣᠣ ᠪᠠ ᠭᠤᠸᠠᠢ ᠬᠠᠷᠢᠨ ᠢᠩᠭᠢᠬᠦ ᠭᠡᠰᠡᠨ ᠪᠠᠢᠵᠢ ᠳ᠋ᠠ᠂ ᠲᠡᠭᠦᠨ ᠢ ᠳᠣᠲᠤᠷ᠎ᠠ ᠪᠠᠨ ᠡᠢᠮᠦ ᠪᠣᠳᠤᠯᠭ᠎ᠠ ᠲᠠᠢ ᠬᠥᠮᠦᠨ ᠭᠡᠵᠦ ᠶᠡᠷᠦ ᠮᠡᠳᠡᠭᠰᠡᠨ ᠦᠭᠡᠢ ᠪᠢᠯᠡ᠃ ᠡᠢᠮᠦ ᠯᠡ ᠪᠠᠢᠬᠤ ᠶᠣᠰᠤᠲᠠᠢ᠂ ᠦᠨᠡᠨ ᠢ ᠦᠨᠡᠨ ᠢᠶᠡᠷ ᠨᠢ ᠬᠡᠯᠡᠭᠰᠡᠨ ᠳᠦ ᠬᠥᠮᠦᠰ ᠦᠨ ᠳᠣᠲᠤᠷ᠎ᠠ ᠨᠡᠭᠡᠷᠡᠨ ᠴᠦ ᠣᠩᠭᠤᠢᠯ᠎ᠠ ᠁

ᠹᠧᠩ ᠶᠣᠣ ᠪᠠ ᠡᠷᠭᠢᠵᠦ ᠬᠠᠷᠠᠭᠠᠳ᠄«ᠬᠡᠦᠬᠡᠳ ᠴᠢᠨᠢ ᠬᠥᠮᠦᠨ ᠢ ᠴᠣᠬᠢᠭ᠎ᠠ ᠦᠭᠡᠢ ᠭᠡᠵᠦ ᠿᠧᠨ ᠪᠠᠭᠰᠢ ᠳᠤ ᠬᠡᠯᠡᠭᠡᠷᠡᠢ᠃ ᠪᠢ ᠬᠠᠷᠠᠵᠤ ᠪᠠᠢᠭᠰᠠᠨ︕ ᠮᠠᠨ ᠤ ᠲᠠᠷᠢᠶᠠᠴᠢᠨ ᠬᠥᠮᠦᠨ ᠪᠣᠯ ᠲᠡᠢᠮᠦ ᠮᠠᠭᠤ ᠠᠮᠢᠲᠠᠳ ᠲᠠᠢ ᠲᠠᠭᠠᠷᠠᠬᠤ ᠦᠭᠡᠢ ᠶᠤᠮ ᠁» ᠭᠡᠵᠦ ᠿᠧᠨ ᠯᠣᠣ ᠳ᠋ᠠ ᠶᠢᠨ ᠡᠬᠡᠨᠡᠷ ᠲᠦ ᠬᠡᠯᠡᠯ᠎ᠡ᠃

ᠯᠦᠸᠧ ᠡᠯ ᠨᠢᠶᠠᠩ ᠬᠠᠷᠢᠶᠠᠭᠰᠠᠭᠠᠷ ᠪᠠᠢᠵᠤ ᠰᠥᠭᠡᠩᠭᠢᠲᠦᠭᠰᠡᠨ ᠬᠣᠭᠤᠯᠠᠢ ᠪᠠᠨ ᠰᠢᠬᠠᠨ᠄«ᠠ ᠲᠡᠭᠡᠨ᠎ᠡ ᠦᠦ ᠴᠢ᠂ ᠹᠧᠩ ᠶᠣᠣ ᠪᠠ ᠴᠢ ᠮᠠᠷᠲᠠᠬᠤ ᠦᠭᠡᠢ ᠪᠢᠵᠡ ᠁» ᠭᠡᠵᠦ ᠣᠷᠢᠯᠠᠨ᠎ᠠ᠃

ᠭᠡᠪᠡᠴᠦ ᠬᠥᠮᠦᠰ ᠦᠨ ᠪᠠᠶᠠᠷᠯᠠᠯᠳᠤᠨ ᠢᠨᠢᠶᠡᠯᠴᠡᠬᠦ ᠳᠠᠭᠤᠨ ᠤ ᠳᠤᠮᠳᠠᠭᠤᠷ ᠥᠨᠥᠬᠢ ᠵᠢᠪᠡᠭᠦᠬᠡᠨ ᠨᠠᠮ ᠳᠠᠭᠤ ᠨᠢ ᠰᠣᠨᠤᠰᠳᠠᠬᠤ ᠪᠠᠨ ᠪᠣᠯᠢᠵᠤ ᠹᠧᠩ ᠶᠣᠣ ᠪᠠ ᠶᠢᠨ ᠳᠠᠭᠤ ᠬᠠᠷᠢᠨ ᠬᠥᠩᠭᠢᠨᠡᠵᠦ ᠯᠡ ᠪᠠᠢᠯ᠎ᠠ᠄

«᠁ ᠤᠯᠤᠰ ᠣᠷᠤᠨ ᠤ ᠲᠥᠷᠦ ᠶᠢᠨ ᠪᠣᠳᠤᠯᠭ᠎ᠠ ᠤᠷᠢᠳᠤ ᠶᠢᠨ ᠵᠢᠯ ᠤᠳ ᠲᠠᠢ ᠠᠳᠠᠯᠢ ᠪᠠᠷ ᠤᠷᠪᠠᠵᠤ ᠬᠥᠷᠪᠡᠬᠦ ᠦᠭᠡᠢ᠂ ᠲᠠᠷᠢᠶᠠᠴᠢᠨ ᠪᠢᠳᠡᠨ ᠢ ᠡᠯᠳᠡᠪ ᠬᠣᠶᠠᠷ ᠢᠶᠡᠷ ᠵᠣᠪᠠᠭᠠᠬᠤ ᠦᠭᠡᠢ ᠯᠡ ᠶᠤᠮ ᠪᠣᠯ᠂ ᠬᠦᠵᠦᠭᠦᠦ ᠲᠣᠯᠤᠭᠠᠢ ᠬᠦᠴᠦ ᠲᠠᠮᠢᠷ ᠲᠠᠢ ᠪᠠᠷ ᠠᠶᠤᠬᠤ ᠵᠦᠢᠯ ᠶᠠᠭᠤᠨ︖»

ᠲᠡᠭᠡᠭᠡᠳ ᠴᠢᠮ᠎ᠠ ᠳᠤ ᠪᠠᠷ᠎ᠠ ᠪᠣᠯᠬᠤ ᠵᠠᠪ ᠠᠯᠠᠭ᠎ᠠ ᠭᠡᠭᠰᠡᠭᠡᠷ ᠡᠷᠭᠢᠵᠦ ᠬᠠᠷᠠᠭᠰᠠᠨ ᠴᠤ ᠦᠭᠡᠢ ᠪᠡᠷ ᠭᠡᠩᠬᠦᠯᠵᠡᠨ ᠣᠳᠤᠯ᠎ᠠ᠃ ᠲᠠᠩᠬᠠᠢᠭᠰᠠᠨ ᠲᠣᠮᠤ ᠪᠡᠶ᠎ᠡ ᠶᠢ ᠨᠢ ᠠᠷᠤ ᠡᠴᠡ ᠨᠢ ᠬᠠᠷᠠᠵᠤ ᠵᠣᠭᠰᠤᠭᠰᠠᠨ ᠬᠥᠮᠦᠰ ᠲᠡᠭᠦᠨ ᠦ ᠥᠩᠭᠡᠷᠡᠭᠰᠡᠨ ᠶᠠᠪᠤᠳᠠᠯ ᠤᠳ ᠢ ᠥᠪᠡᠷ ᠦᠨ ᠡᠷᠬᠡ ᠦᠭᠡᠢ ᠪᠣᠳᠤᠵᠠᠭᠠᠨ᠎ᠠ᠃ ᠲᠡᠭᠡᠯᠭᠦᠢ ᠶᠠᠭᠠᠬᠢᠬᠤ ᠪᠤᠢ᠂ ᠹᠧᠩ ᠶᠣᠣ ᠪᠠ ᠨᠢᠳᠤᠨᠤᠨ ᠡᠴᠡ ᠠᠪᠤᠭᠠᠳ ᠶᠡᠬᠡ ᠬᠤᠪᠢᠷᠠᠵᠤ ᠠᠷᠢᠬᠢ ᠴᠤ ᠪᠠᠭ᠎ᠠ ᠤᠤᠭᠤᠬᠤ ᠪᠣᠯᠵᠤ᠂ ᠶᠡᠬᠡᠯ᠎ᠡ ᠠᠵᠢᠯᠰᠠᠭ ᠪᠣᠯᠵᠠᠢ᠃ ᠡᠮᠦᠰᠴᠦ ᠪᠠᠢᠬᠤ ᠨᠣᠭᠤᠭᠠᠨ ᠥᠩᠭᠡᠲᠡᠢ ᠵᠢᠶᠣᠣᠫᠢ ᠱᠠᠬᠠᠢ ᠪᠠᠨ ᠨᠢᠳᠤᠨᠤᠨ ᠡᠪᠦᠯ ᠰᠠᠶᠢ ᠬᠤᠳᠠᠯᠳᠤᠵᠤ ᠠᠪᠤᠭᠰᠠᠨ ᠪᠢᠰᠢ ᠦᠦ︖«ᠠᠮᠤ ᠬᠥᠨᠡᠰᠦ ᠬᠦᠷᠦᠯᠴᠡᠭᠡ ᠲᠠᠢ ᠪᠣᠯ᠂ ᠬᠥᠯ ᠤᠯᠠ ᠪᠠᠨ ᠣᠯᠪᠠᠯ ᠬᠥᠷ ᠪᠠᠶᠠᠷ ᠲᠠᠢ ᠠᠮᠢᠳᠤᠷᠠᠨ᠎ᠠ» ᠭᠡᠳᠡᠭ ᠨᠢ ᠶᠠᠭ ᠡᠨᠡ ᠰᠢᠤ ᠳ᠋ᠠ︕ ᠴᠡᠷᠢᠭ᠌ ᠦᠨ ᠨᠣᠭᠤᠭᠠᠨ ᠱᠠᠬᠠᠢ ᠡᠮᠦᠰᠦᠭᠰᠡᠨ ᠹᠧᠩ ᠶᠣᠣ ᠪᠠ ᠴᠢᠯᠦᠭᠡᠯᠡᠭᠳᠡᠭᠡᠳ ᠶᠠᠪᠤᠵᠤ ᠪᠠᠢᠨ᠎ᠠ᠃ ᠭᠣᠣᠯᠴᠢ ᠪᠤᠰᠤ ᠡᠳᠦᠷ ᠬᠣᠨᠤᠭ ᠮᠠᠨᠠᠨ ᠮᠡᠲᠦ ᠠᠷᠢᠯᠵᠤ ᠶᠠᠭᠠᠷᠮᠠᠭ ᠳᠡᠭᠡᠷ᠎ᠡ ᠴᠦ ᠠᠯᠲᠠᠨ ᠨᠠᠷᠠᠨ ᠤ ᠲᠤᠶᠠᠭ᠎ᠠ ᠭᠡᠢᠵᠦ ᠤᠯᠠᠮ ᠤᠯᠠᠮ ᠬᠥᠭᠵᠢᠨ ᠳᠡᠭᠵᠢᠷᠡᠭᠡᠳ ᠪᠠᠶᠠᠷᠲᠤ ᠲᠠᠷᠢᠶᠠᠴᠢᠳ ᠨᠢᠷᠤᠭᠤ ᠲᠡᠨᠡᠢᠯᠭᠡᠨ ᠶᠠᠪᠤᠵᠠᠭᠠᠨ᠎ᠠ ᠁

ᠡᠪ ᠡᠩ ᠦᠨ ᠡᠨᠡ ᠵᠢᠭᠤᠷᠠᠭᠠᠨ ᠡᠴᠡ ᠪᠣᠯᠤᠭᠠᠳ ᠯᠢ ᠬᠤᠸᠠ ᠲᠦᠨ ᠲᠣᠰᠭᠤᠨ ᠤ ᠤᠯᠤᠰ ᠤᠨ ᠪᠠᠶᠠᠷᠯᠠᠭᠰᠠᠨ ᠭᠡᠵᠢ ᠳ᠋ᠠ᠃ ᠯᠦᠸᠧ ᠡᠯ ᠨᠢᠶᠠᠩ ᠢ ᠠᠭᠠᠰᠢᠯᠠᠬᠤ ᠪᠠᠨ ᠮᠡᠳᠡᠭ ᠭᠡᠰᠡᠨ ᠰᠢᠭ᠌ ᠬᠥᠮᠦᠰ ᠪᠠᠶᠠᠷᠯᠠᠨ ᠬᠥᠭᠡᠷᠦᠭᠰᠡᠭᠡᠷ ᠤᠳᠠᠭᠰᠠᠨ ᠴᠤ ᠦᠭᠡᠢ ᠲᠠᠷᠠᠵᠠᠢ᠃ ᠬᠠᠪᠤᠷ ᠤᠨ ᠶᠠᠭᠠᠷᠠᠯ ᠲᠠᠢ ᠴᠠᠭ ᠲᠤ ᠬᠢᠬᠦ ᠠᠵᠢᠯ ᠪᠠᠢᠬᠤ ᠯᠠ ᠶᠤᠮ ᠴᠢᠨᠢ ᠡᠷᠡᠭᠲᠡᠢ ᠡᠮᠡᠭᠲᠡᠢ ᠪᠦᠭᠦᠳᠡᠭᠡᠷ ᠢᠶᠡᠨ ᠬᠤᠪᠢ ᠬᠤᠪᠢᠨ ᠤ ᠠᠵᠢᠯ ᠳᠠᠭᠠᠨ ᠪᠤᠵᠢᠭᠢᠨᠠᠯᠳᠤᠨ᠎ᠠ ᠁

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082