ᠮᠣᠩᠭᠣᠯ ᠪᠢᠴᠢᠭ᠌

ᠡᠷᠢᠶ᠎ᠡ  
ᠪᠤᠴᠠᠬᠤ

ᠯᠢᠩᠬᠤ᠎ᠠ ᠴᠡᠴᠡᠭ᠌ᠲᠦ ᠪᠢᠯᠬᠠᠮᠠᠯ ᠳᠡᠭᠡᠷ᠎ᠡ

ᠰᠦᠨ ᠯᠢ

ᠰᠠᠷᠠᠨ ᠮᠠᠨᠳᠤᠯ᠎ᠠ᠂ ᠬᠦᠷᠢᠶᠡᠨ ᠳᠣᠲᠤᠷ᠎ᠠ ᠮᠠᠰᠢ ᠰᠡᠷᠢᠭᠦᠬᠡᠨ ᠪᠥᠭᠡᠳ ᠴᠡᠪᠡᠷᠬᠡᠨ ᠴᠦ ᠪᠠᠢᠯ᠎ᠠ᠃ ᠡᠳᠦᠷ ᠦᠨ ᠬᠠᠭᠠᠯᠤᠭᠰᠠᠨ ᠬᠤᠯᠤᠰᠤ ᠴᠢᠭᠢᠭᠳᠡᠨ ᠳᠡᠪᠲᠦᠭᠡᠳ ᠰᠦᠯᠵᠢᠬᠦ ᠳᠦ ᠲᠠᠭᠠᠲᠠᠢ ᠰᠠᠢᠬᠠᠨ ᠪᠠᠢᠨ᠎ᠠ᠃ ᠨᠢᠭᠡ ᠡᠮᠡᠭᠲᠡᠢ ᠵᠢᠵᠢᠭᠬᠡᠨ ᠬᠦᠷᠢᠶᠡᠨ ᠳᠣᠲᠤᠷ᠎ᠠ ᠵᠥᠭᠡᠯᠡᠷᠡᠵᠦ ᠳᠡᠪᠲᠦᠭᠰᠡᠨ ᠬᠤᠯᠤᠰᠤ ᠶᠢ ᠬᠤᠷᠤᠭᠤᠨ ᠳᠠᠭᠠᠨ ᠣᠷᠢᠶᠠᠵᠤ ᠰᠠᠭᠤᠨ᠎ᠠ᠃ ᠨᠢᠮᠭᠡᠨ ᠪᠥᠭᠡᠳ ᠨᠠᠷᠢᠬᠠᠨ ᠰᠠᠢᠬᠠᠨ ᠬᠠᠭᠠᠯᠤᠭᠰᠠᠨ ᠬᠤᠯᠤᠰᠤ ᠲᠡᠭᠦᠨ ᠦ ᠡᠮᠦᠨ᠎ᠡ ᠨᠠᠬᠢᠯᠵᠠᠨ᠎ᠠ᠃

ᠯᠢᠩᠬᠤ᠎ᠠ ᠴᠡᠴᠡᠭᠲᠦ ᠪᠢᠯᠬᠠᠮᠠᠯ ᠳᠤ ᠬᠤᠯᠤᠰᠤ ᠲᠠᠢ ᠭᠠᠵᠠᠷ ᠬᠡᠳᠦᠢ ᠪᠠᠢᠳᠠᠭ ᠪᠤᠢ︖ ᠭᠡᠪᠡᠯ ᠮᠡᠳᠡᠬᠦ ᠦᠭᠡᠢ᠃ ᠵᠢᠯ ᠳᠦ ᠬᠡᠳᠦᠢ ᠬᠤᠯᠤᠰᠤ ᠭᠠᠷᠳᠠᠭ ᠪᠤᠢ︖ ᠭᠡᠪᠡᠯ ᠪᠠᠰᠠ ᠯᠠ ᠮᠡᠳᠡᠬᠦ ᠦᠭᠡᠢ᠃ ᠵᠥᠪᠬᠡᠨ ᠵᠢᠯ ᠪᠣᠯᠭᠠᠨ ᠬᠤᠯᠤᠰᠤᠨ ᠤ ᠨᠠᠪᠴᠢ ᠰᠢᠷᠠᠯᠠᠵᠤ᠂ ᠰᠠᠬᠠᠯ ᠰᠠᠮᠪᠠᠢ ᠨᠢ ᠨᠢᠰᠦᠨ ᠳᠡᠭᠳᠡᠬᠦ ᠦᠶ᠎ᠡ ᠳᠦ ᠪᠢᠯᠬᠠᠮᠠᠯ ᠤᠨ ᠬᠤᠯᠤᠰᠤ ᠴᠥᠮ ᠬᠠᠮᠤᠭᠳᠠᠭᠠᠳ ᠯᠢᠩᠬᠤ᠎ᠠ ᠴᠡᠴᠡᠭᠲᠦ ᠪᠢᠯᠬᠠᠮᠠᠯ ᠣᠷᠴᠢᠮ ᠤᠨ ᠥᠷᠭᠡᠨ ᠲᠠᠯᠠᠪᠠᠢ ᠨᠢ ᠶᠣᠰᠤᠲᠠᠢ ᠨᠢᠭᠡ ᠬᠤᠯᠤᠰᠤᠨ ᠬᠣᠷᠤᠭ᠎ᠠ ᠪᠣᠯᠳᠠᠭ ᠰᠠᠨ᠃ ᠡᠮᠡᠭᠲᠡᠢᠴᠦᠳ ᠲᠠᠯᠠᠪᠠᠢ ᠪᠤᠶᠤ ᠬᠠᠰᠢᠶᠠᠨ ᠳᠤ ᠰᠠᠭᠤᠵᠤ ᠴᠢᠭᠢᠷᠰᠦ ᠰᠦᠯᠵᠢᠵᠡᠭᠡᠨ᠎ᠡ᠃ ᠳᠠᠷᠠᠭ᠎ᠠ ᠵᠢᠯ ᠦᠨ ᠬᠢᠨᠢ ᠵᠢᠷᠭᠤᠭᠠᠨ ᠰᠠᠷ᠎ᠠ ᠳᠤ ᠪᠢᠯᠬᠠᠮᠠᠯ ᠤᠨ ᠤᠰᠤ ᠨᠡᠮᠡᠭᠳᠡᠮᠡᠭᠴᠡ ᠲᠣᠭ᠎ᠠ ᠲᠣᠮᠰᠢ ᠦᠭᠡᠢ ᠣᠩᠭᠤᠴᠠ ᠨᠤᠭᠤᠳ ᠮᠥᠩᠭᠦᠨ ᠴᠠᠭᠠᠨ ᠭᠡᠷᠡᠯ ᠰᠠᠴᠤᠷᠠᠭᠤᠯᠤᠭᠰᠠᠨ ᠴᠢᠭᠢᠷᠰᠦ ᠠᠴᠢᠭᠠᠳ ᠭᠠᠳᠠᠭᠰᠢ ᠵᠥᠭᠡᠭᠡᠵᠦ ᠡᠬᠢᠯᠡᠳᠡᠭ᠌᠃ ᠲᠡᠭᠡᠭᠡᠳ ᠤᠳᠠᠯ ᠦᠭᠡᠢ ᠬᠣᠲᠠ ᠲᠣᠰᠭᠤᠨ ᠳᠤ ᠭᠣᠶᠤ ᠰᠠᠢᠬᠠᠨ ᠬᠤᠸᠠᠷ ᠬᠡ ᠲᠠᠢ᠂ ᠨᠢᠭᠲᠠ ᠨᠠᠷᠢᠨ ᠤᠷᠠᠯᠢᠭ ᠰᠠᠢᠬᠠᠨ ᠰᠦᠯᠵᠢᠭᠰᠡᠨ ᠴᠢᠭᠢᠷᠰᠦ ᠲᠠᠢ ᠪᠣᠯᠴᠢᠬᠠᠳᠠᠭ᠃ ᠬᠥᠮᠦᠰ᠄«ᠰᠠᠢᠨ ᠴᠢᠭᠢᠷᠰᠦ᠂ ᠯᠢᠩᠬᠤ᠎ᠠ ᠴᠡᠴᠡᠭᠲᠦ ᠪᠢᠯᠬᠠᠮᠠᠯ ᠤᠨ ᠴᠢᠭᠢᠷᠰᠦ︕» ᠬᠡᠮᠡᠨ ᠪᠤᠯᠢᠶᠠᠯᠳᠤᠨ ᠠᠪᠳᠠᠭ ᠪᠢᠯᠡ᠃

ᠲᠡᠷᠡ ᠡᠮᠡᠭᠲᠡᠢ ᠴᠢᠭᠢᠷᠰᠦ ᠪᠡᠨ ᠰᠦᠯᠵᠢᠭᠰᠡᠭᠡᠷ ᠪᠠᠢᠯ᠎ᠠ᠃ ᠤᠳᠠᠯ ᠦᠭᠡᠢ ᠨᠢᠭᠡ ᠶᠢ ᠰᠦᠯᠵᠢᠵᠦ ᠣᠷᠬᠢᠯ᠎ᠠ᠃ ᠲᠡᠷᠡ ᠡᠮᠡᠭᠲᠡᠢ ᠶᠠᠭ ᠯᠠ ᠴᠡᠪᠡᠷ ᠰᠠᠢᠬᠠᠨ ᠴᠠᠰᠤᠨ ᠳᠡᠭᠡᠷ᠎ᠡ ᠰᠠᠭᠤᠵᠤ ᠪᠠᠢᠭ᠎ᠠ ᠰᠢᠭ ᠪᠤᠶᠤ ᠬᠥᠪᠦᠩ ᠴᠠᠭᠠᠨ ᠡᠭᠦᠯᠡ ᠬᠥᠯᠭᠡᠯᠡᠭᠰᠡᠨ ᠴᠦ ᠶᠤᠮ ᠰᠢᠭ ᠪᠠᠢᠯ᠎ᠠ᠃ ᠪᠠᠢᠨ ᠪᠠᠢᠨ ᠪᠢᠯᠬᠠᠮᠠᠯ ᠤᠷᠤᠭᠤ ᠰᠢᠷᠲᠡᠨ᠎ᠡ᠃ ᠪᠢᠯᠬᠠᠮᠠᠯ ᠤᠨ ᠤᠰᠤ ᠴᠤ ᠮᠥᠩᠭᠦᠨ ᠴᠠᠭᠠᠨ ᠳᠡᠯᠡᠬᠡᠢ ᠪᠣᠯᠤᠭᠰᠠᠨ ᠪᠠᠢᠯ᠎ᠠ᠃ ᠤᠰᠤᠨ ᠳᠡᠭᠡᠭᠦᠷ ᠰᠡᠪᠰᠡᠭᠡᠷ ᠨᠢᠮᠭᠡᠨ ᠮᠠᠨᠠᠨ ᠬᠥᠰᠢᠭᠡ ᠲᠠᠲᠠᠵᠤ ᠰᠣᠷᠭᠤᠭ ᠰᠠᠢᠬᠠᠨ ᠯᠢᠩᠬᠤ᠎ᠠ ᠴᠡᠴᠡᠭ ᠦᠨ ᠦᠨᠦᠷ ᠠᠩᠭᠢᠯᠤᠨ᠎ᠠ᠃

ᠭᠡᠪᠡᠴᠦ ᠬᠦᠷᠢᠶᠡᠨ ᠦ ᠬᠠᠭᠠᠯᠭ᠎ᠠ ᠪᠠᠨ ᠴᠤ ᠬᠠᠭᠠᠭᠠᠳᠤᠢ᠂ ᠡᠷ᠎ᠡ ᠨᠥᠬᠦᠷ ᠨᠢ ᠢᠷᠡᠭᠡᠳᠦᠢ ᠬᠦᠯᠢᠶᠡᠭᠰᠡᠭᠡᠷ ᠠᠵᠢ᠃

ᠡᠷ᠎ᠡ ᠨᠥᠬᠦᠷ ᠨᠢ ᠣᠷᠤᠢᠬᠠᠨ ᠢᠷᠡᠵᠡᠢ᠃ ᠲᠡᠷᠡ ᠵᠠᠯᠠᠭᠤ᠂ ᠬᠣᠷᠢ ᠬᠡᠲᠦᠷᠡᠭᠡᠳᠦᠢ ᠪᠥᠭᠡᠳ ᠲᠣᠯᠤᠭᠠᠢ ᠳᠠᠭᠠᠨ ᠲᠣᠮᠤ ᠭᠡᠭᠴᠢ ᠶᠢᠨ ᠡᠪᠡᠰᠦᠨ ᠮᠠᠯᠠᠭᠠᠢ ᠵᠡᠭᠦᠵᠡᠢ᠃ ᠴᠠᠪ ᠴᠠᠭᠠᠨ ᠬᠠᠨᠳᠠᠭᠠᠵᠠ ᠲᠠᠢ ᠪᠥᠭᠡᠳ ᠲᠠᠰ ᠬᠠᠷ᠎ᠠ ᠥᠮᠦᠳᠦᠨ ᠦ ᠪᠡᠨ ᠰᠢᠷᠬᠤᠨᠠᠭ ᠢ ᠡᠪᠦᠳᠦᠭ᠌ ᠡᠴᠡ ᠳᠡᠭᠡᠭᠰᠢ ᠭᠠᠷᠲᠠᠯ᠎ᠠ ᠰᠢᠭᠤᠵᠤ ᠣᠷᠬᠢᠭᠠᠳ ᠬᠥᠯ ᠨᠢᠴᠦᠭᠦᠨ᠃ ᠨᠡᠷ᠎ᠡ ᠨᠢ ᠱᠦᠢ ᠱᠧᠩ ᠭᠡᠳᠡᠭ᠌ ᠪᠥᠭᠡᠳ ᠬᠤᠯᠤᠰᠤᠲᠤ ᠲᠣᠰᠭᠤᠨ ᠤ ᠫᠠᠷᠲ᠋ᠢᠽᠠᠨ ᠳᠤᠭᠤᠢᠯᠠᠩ ᠤᠨ ᠳᠠᠷᠤᠭ᠎ᠠ᠂ ᠨᠠᠮ ᠤᠨ ᠬᠠᠷᠢᠭᠤᠴᠠᠯᠭᠠᠲᠠᠨ ᠶᠤᠮ᠃ ᠡᠨᠡ ᠵᠠᠯᠠᠭᠤ ᠳᠤᠭᠤᠢᠯᠠᠩ ᠢᠶᠡᠨ ᠳᠠᠭᠠᠭᠤᠯᠵᠤ ᠰᠤᠮᠤᠨ ᠳᠡᠭᠡᠷ᠎ᠡ ᠣᠴᠢᠵᠤ ᠬᠤᠷᠠᠯ ᠬᠢᠭᠡᠳ ᠢᠷᠡᠭᠰᠡᠨ ᠠᠵᠢ᠃

ᠡᠬᠡᠨᠡᠷ ᠨᠢ᠄«ᠥᠨᠥᠳᠦᠷ ᠶᠠᠭᠠᠬᠢᠭᠠᠳ ᠡᠢᠮᠦ ᠣᠷᠤᠢᠲᠠᠪᠠ︖» ᠭᠡᠳ ᠬᠣᠭᠤᠯᠠ ᠪᠠᠨ ᠠᠪᠴᠢᠷᠠᠬᠤ ᠪᠠᠷ ᠪᠣᠰᠤᠯ᠎ᠠ᠃

ᠱᠦᠢ ᠱᠧᠩ᠄«ᠬᠣᠭᠤᠯᠠ ᠢᠳᠡᠴᠢᠬᠡᠭᠰᠡᠨ᠂ ᠠᠪᠴᠢᠷᠠᠬᠤ ᠬᠡᠷᠡᠭ᠌ ᠦᠭᠡᠢ» ᠭᠡᠯ᠎ᠡ᠃

ᠡᠬᠡᠨᠡᠷ ᠨᠢ ᠮᠥᠨ ᠥᠨᠥᠬᠢ ᠴᠢᠭᠢᠷᠰᠦᠨ ᠳᠡᠭᠡᠷ᠎ᠡ ᠪᠡᠨ ᠰᠠᠭᠤᠯ᠎ᠠ᠃ ᠡᠷ᠎ᠡ ᠨᠥᠬᠦᠷ ᠦᠨ ᠢᠶᠡᠨ ᠴᠢᠷᠠᠢ ᠨᠢ ᠬᠤᠪᠢᠷᠠᠵᠤ ᠠᠭᠤᠷᠲᠠᠢ ᠰᠢᠭ ᠪᠠᠢᠬᠤ ᠶᠢ ᠮᠡᠳᠡᠭᠡᠳ᠄«ᠲᠡᠷᠡ ᠬᠡᠳᠦᠭᠦᠯᠡ ᠴᠢᠨᠢ︖» ᠭᠡᠵᠦ ᠠᠰᠠᠭᠤᠬᠤ ᠳᠤ᠄«ᠰᠤᠮᠤᠨ ᠳᠡᠭᠡᠷ᠎ᠡ ᠪᠠᠢᠭᠰᠠᠭᠠᠷ᠃ ᠠᠪᠤ ᠬᠠᠮᠢᠭ᠎ᠠ ᠣᠴᠢᠭᠰᠠᠨ ᠶᠤᠮ ᠪᠤᠢ︖» ᠭᠡᠪᠡ᠃

«ᠤᠨᠲᠠᠴᠢᠬᠠᠭᠰᠠᠨ᠃»

«ᠰᠢᠶᠣᠣ ᠬᠤᠸᠠ︖»

«ᠰᠢᠶᠣᠣ ᠬᠤᠸᠠ᠂ ᠡᠪᠦᠭᠡ ᠠᠪᠤ ᠲᠠᠢ ᠪᠠᠨ ᠬᠠᠭᠠᠰ ᠡᠳᠦᠷ ᠰᠢᠬᠠᠭᠤ ᠬᠠᠪᠴᠢ ᠪᠠᠷᠢᠬᠤ ᠰᠠᠭᠰᠤ ᠲᠠᠢ ᠪᠠᠨ ᠣᠷᠤᠯᠳᠤᠭᠰᠠᠭᠠᠷ ᠠᠯᠢ ᠬᠡᠳᠦᠢᠨᠡᠢ ᠤᠨᠲᠠᠴᠢᠬᠠᠭᠰᠠᠨ᠃ ᠨᠥᠭᠦᠭᠡᠳᠦᠭᠦᠯᠡ ᠴᠢᠨᠢ ᠶᠠᠭᠠᠬᠢᠭᠠᠳ ᠬᠠᠷᠢᠵᠤ ᠢᠷᠡᠭᠰᠡᠨ ᠦᠭᠡᠢ ᠶᠤᠮ ᠪᠤᠢ︖»

ᠱᠦᠢ ᠱᠧᠩ ᠢᠨᠢᠶᠡᠮᠰᠦᠭᠯᠡᠯ᠎ᠡ᠃ ᠡᠬᠡᠨᠡᠷ ᠨᠢ ᠲᠡᠭᠦᠨ ᠦ ᠶᠡᠷᠦ ᠪᠣᠰᠤ ᠶᠢᠨ ᠢᠨᠢᠶᠡᠮᠰᠦᠭᠯᠡᠯ ᠢ ᠦᠵᠡᠭᠡᠳ«ᠴᠢ ᠮᠢᠨᠢ ᠪᠠᠰᠠ ᠶᠠᠭᠠᠬᠢᠴᠢᠬᠠᠪᠠ︖» ᠭᠡᠬᠦ ᠳᠦ᠂ᠱᠦᠢ ᠱᠧᠩ ᠨᠠᠮ ᠳᠠᠭᠤ ᠪᠠᠷ᠄«ᠪᠢ ᠮᠠᠷᠭᠠᠰᠢ ᠶᠡᠬᠡ ᠠᠩᠭᠢ ᠶᠢᠨ ᠭᠠᠵᠠᠷ ᠲᠤ ᠣᠴᠢᠬᠤ ᠪᠣᠯᠤᠯ᠎ᠠ» ᠭᠡᠪᠡ᠃

ᠡᠬᠡᠨᠡᠷ ᠨᠢ ᠰᠣᠨᠤᠰᠤᠩᠭᠤᠳᠠ ᠬᠠᠴᠢᠨ ᠪᠣᠯᠵᠤ ᠭᠠᠷ ᠨᠢ ᠰᠠᠯᠭᠠᠨᠠᠵᠤ ᠬᠤᠯᠤᠰᠤᠨ ᠤ ᠢᠷ ᠲᠦ ᠬᠤᠷᠤᠭᠤ ᠪᠠᠨ ᠡᠰᠭᠡᠵᠦ ᠠᠮᠠᠨ ᠳᠠᠭᠠᠨ ᠰᠢᠮᠡᠨ᠎ᠡ᠃

ᠱᠦᠢ ᠱᠧᠩ᠄«ᠰᠢᠶᠠᠨ ᠤ ᠨᠠᠮ ᠤᠨ ᠺᠣᠮᠢᠰ ᠪᠢᠳᠡᠨ ᠢ ᠥᠨᠥᠳᠦᠷ ᠬᠤᠷᠠᠯᠳᠤᠭᠤᠯᠵᠤ᠂ ᠳᠠᠢᠰᠤᠨ ᠬᠡᠷᠪᠡ ᠲᠦᠩ ᠺᠧᠦ ᠳᠦ ᠳᠠᠬᠢᠨ ᠪᠡᠬᠢᠯᠡᠯᠲᠡ ᠬᠢᠳᠡᠭ ᠶᠤᠮ ᠪᠣᠯ ᠳ᠋ᠤᠸᠠᠨ ᠼᠦᠨ ᠲᠣᠰᠭᠤᠨ ᠲᠠᠢ ᠨᠢᠭᠡ ᠱᠤᠭᠤᠮ ᠪᠣᠯᠵᠤ ᠪᠢᠯᠬᠠᠮᠠᠯ ᠤᠨ ᠲᠡᠮᠡᠴᠡᠯ ᠦᠨ ᠪᠠᠢᠳᠠᠯ ᠥᠭᠡᠷ᠎ᠡ ᠪᠣᠯᠤᠨ᠎ᠠ ᠭᠡᠵᠦ ᠦᠵᠡᠭᠡᠳ᠂ ᠣᠷᠤᠨ ᠨᠤᠲᠤᠭ ᠤᠨ ᠳᠤᠭᠤᠢᠯᠠᠩ ᠪᠠᠢᠭᠤᠯᠬᠤ ᠪᠠᠷ ᠲᠣᠭᠲᠠᠯ᠎ᠠ᠃ ᠪᠢ ᠬᠡᠨ ᠡᠴᠡ ᠴᠦ ᠲᠦᠷᠦᠭᠦᠨ ᠳᠦ ᠭᠠᠷ ᠡᠷᠭᠦᠵᠦ ᠨᠡᠷ᠎ᠡ ᠪᠡᠨ ᠪᠦᠷᠢᠳᠭᠡᠭᠦᠯᠦᠭᠰᠡᠨ» ᠭᠡᠬᠦ ᠳᠦ᠂

ᠡᠬᠡᠨᠡᠷ ᠨᠢ ᠳᠣᠷᠤᠭᠰᠢ ᠬᠠᠷᠠᠭᠠᠳ᠄«ᠴᠢ ᠭᠡᠵᠦ ᠳᠠᠩᠳᠠ ᠢᠳᠠᠪᠬᠢ ᠭᠠᠷᠭᠠᠵᠤ ᠯᠠ ᠪᠠᠢᠳᠠᠭ ᠰᠢᠤ» ᠭᠡᠯ᠎ᠡ᠃

ᠱᠦᠢ ᠱᠧᠩ᠄«ᠪᠢ ᠴᠢᠨᠢ ᠲᠣᠰᠭᠤᠨ ᠤ ᠫᠠᠷᠲ᠋ᠢᠽᠠᠨ ᠠᠩᠭᠢ ᠶᠢ ᠬᠠᠷᠢᠭᠤᠴᠠᠵᠤ ᠪᠠᠢᠭ᠎ᠠ ᠪᠥᠭᠡᠳ ᠺᠠᠲᠷ ᠬᠥᠮᠦᠨ ᠲᠤᠯᠠ ᠪᠦᠬᠦᠨ ᠦ ᠲᠦᠷᠦᠭᠦᠨ ᠳᠦ ᠵᠣᠭᠰᠤᠬᠤ ᠶᠣᠰᠤᠲᠠᠢ ᠰᠢᠤ ᠳ᠋ᠠ᠃ ᠨᠥᠭᠦᠭᠡᠳᠦᠭᠦᠯᠡ ᠮᠠᠨᠢ ᠪᠠᠰᠠ ᠨᠡᠷ᠎ᠡ ᠪᠡᠨ ᠪᠦᠷᠢᠳᠭᠡᠭᠦᠯᠦᠭᠰᠡᠨ᠃ ᠲᠡᠳᠡ ᠮᠠᠨᠢ᠂ ᠠᠷᠤ ᠭᠡᠷ ᠦᠨ ᠬᠢᠨ ᠲᠠᠢ ᠪᠡᠨ ᠵᠢᠭᠤᠷᠠᠯᠳᠤᠬᠤ ᠡᠴᠡ ᠠᠶᠤᠭᠠᠳ ᠢᠷᠡᠭᠰᠡᠨ ᠦᠭᠡᠢ᠃ ᠪᠦᠭᠦᠳᠡ ᠯᠠ ᠨᠡᠮᠡᠢ ᠪᠠᠨ ᠲᠦᠯᠬᠢᠨ᠂ ᠠᠷᠤ ᠭᠡᠷ ᠦᠨ ᠬᠢᠨ ᠲᠠᠢ ᠪᠡᠨ ᠶᠠᠷᠢᠯᠴᠠᠵᠤ ᠥᠭᠭᠦᠨ᠎ᠡ ᠦᠦ ᠭᠡᠰᠡᠨ ᠶᠤᠮ᠃ ᠬᠠᠷᠢᠨ ᠴᠢᠮᠠᠢ ᠪᠠᠨ ᠪᠣᠯ ᠲᠡᠳᠡ ᠴᠥᠮ ᠣᠪᠤᠭ᠎ᠠ ᠲᠣᠮᠤᠭᠠᠲᠠᠢ ᠶᠤᠮ ᠭᠡᠵᠡᠭᠡᠵᠦ ᠪᠠᠢᠯ᠎ᠠ» ᠭᠡᠬᠦ ᠳᠦ᠂

ᠡᠬᠡᠨᠡᠷ ᠨᠢ ᠶᠠᠭᠤ ᠴᠤ ᠭᠡᠵᠦ ᠳᠤᠤᠭᠠᠷᠤᠭᠰᠠᠨ ᠦᠭᠡᠢ ᠪᠠᠬᠠᠨ ᠪᠠᠢᠭᠰᠠᠨ ᠢᠶᠡᠨ᠄«ᠶᠠᠪᠤ ᠯᠠ ᠳ᠋ᠠ᠂ ᠪᠢ ᠴᠢᠮᠠᠢ ᠬᠣᠷᠢᠭᠯᠠᠬᠤ ᠦᠭᠡᠢ᠂ ᠬᠠᠷᠢᠨ ᠭᠡᠷ ᠦᠨ ᠢᠶᠡᠨ ᠬᠥᠮᠦᠰ ᠢ ᠶᠠᠭᠠᠬᠢᠬᠤ ᠪᠤᠢ︖» ᠭᠡᠪᠡ᠃

ᠱᠦᠢ ᠱᠧᠩ ᠡᠴᠢᠭᠡ ᠶᠢᠨ ᠢᠶᠡᠨ ᠰᠠᠭᠤᠳᠠᠭ ᠵᠢᠵᠢᠭᠬᠡᠨ ᠥᠷᠦᠭᠡ ᠶᠢ ᠵᠢᠭᠠᠵᠤ᠄«ᠨᠠᠮ ᠳᠠᠭᠤ ᠪᠠᠷ ᠶᠠᠷᠢᠭᠠᠴᠢ ᠳ᠋ᠠ᠂ ᠭᠡᠷ ᠦᠨ ᠬᠢᠨ ᠴᠦ ᠶᠠᠭᠠᠬᠢᠬᠤᠪ᠂ ᠬᠠᠷᠠᠭᠠᠯᠵᠠᠬᠤ ᠬᠥᠮᠦᠨ ᠯᠠᠪ ᠪᠠᠢᠬᠤ ᠶᠤᠮ᠃ ᠭᠡᠪᠡᠴᠦ ᠮᠠᠨ ᠤ ᠲᠣᠰᠭᠤᠨ ᠵᠢᠵᠢᠭᠬᠡᠨ ᠪᠣᠯᠬᠣᠷ ᠴᠡᠷᠢᠭ᠌ ᠲᠦ ᠡᠯᠰᠡᠭᠳᠡᠭᠰᠡᠨ ᠨᠢ ᠳᠣᠯᠤᠭᠠᠬᠠᠨ ᠬᠥᠮᠦᠨ᠃ ᠵᠠᠯᠠᠭᠤᠴᠤᠳ ᠴᠥᠬᠡᠨ ᠪᠣᠯᠬᠣᠷ ᠶᠠᠭᠤᠮ᠎ᠠ ᠪᠦᠬᠦᠨ ᠳᠦ ᠯᠡ ᠪᠤᠰᠤᠳ ᠤᠨ ᠴᠢᠷᠠᠢ ᠶᠢ ᠬᠠᠷᠠᠵᠤ ᠪᠣᠯᠬᠤ ᠦᠭᠡᠢ᠂ ᠭᠡᠷ ᠦᠨ ᠢᠶᠡᠨ ᠠᠵᠢᠯ ᠢ ᠴᠢ ᠮᠢᠨᠢ ᠪᠠᠬᠠᠨ ᠢᠯᠡᠭᠦᠬᠡᠨ ᠬᠢᠵᠦ ᠪᠠᠢᠭᠠᠷᠠᠢ᠃ ᠡᠴᠢᠭᠡ ᠮᠢᠨᠢ ᠴᠦ ᠨᠠᠰᠤᠵᠢᠯ᠎ᠠ᠃ ᠢᠯᠠᠩᠭᠤᠶ᠎ᠠ ᠰᠢᠶᠣᠣ ᠬᠤᠸᠠ ᠶᠠᠭᠤ ᠪᠠᠨ ᠬᠢᠵᠦ ᠴᠢᠳᠠᠬᠤ ᠪᠤᠢ» ᠭᠡᠬᠦ ᠳᠦ᠂

ᠡᠬᠡᠨᠡᠷ ᠦᠨ ᠬᠢᠨᠢ ᠬᠠᠮᠠᠷ ᠤᠷᠤᠭᠤ ᠱᠠᠷᠭᠢᠷᠠᠭᠰᠠᠨ ᠪᠣᠯᠪᠠᠴᠤ ᠤᠬᠢᠯᠠᠭᠰᠠᠨ ᠦᠭᠡᠢ᠂ ᠵᠥᠪᠬᠡᠨ᠄«ᠴᠢ ᠭᠡᠷ ᠦᠨ ᠢᠶᠡᠨ ᠵᠣᠪᠠᠭᠤᠷᠢ ᠲᠠᠢ ᠭᠠᠵᠠᠷ ᠪᠠᠢᠬᠤ ᠯᠠ ᠭᠡᠳᠡᠭ ᠢ ᠮᠡᠳᠡᠵᠦ ᠪᠠᠢᠭ᠎ᠠ ᠪᠢᠵᠡ ᠳ᠋ᠡ» ᠭᠡᠵᠦ ᠬᠡᠯᠡᠪᠡ᠃

ᠱᠦᠢ ᠱᠧᠩ ᠲᠡᠭᠦᠨ ᠢ ᠢᠳᠭᠠᠨ ᠠᠷᠭᠠᠳᠠᠬᠤ ᠶᠢ ᠪᠣᠳᠤᠭᠰᠠᠨ ᠪᠣᠯᠪᠠᠴᠤ ᠪᠣᠳᠤᠵᠤ ᠲᠤᠩᠭᠠᠬᠤ ᠪᠠ ᠪᠡᠯᠡᠳᠭᠡᠬᠦ ᠠᠵᠢᠯ ᠲᠤᠩ ᠣᠯᠠᠨ ᠪᠠᠢᠭᠰᠠᠨ ᠲᠤᠯᠠ ᠵᠥᠪᠬᠡᠨ«ᠮᠢᠩᠭᠠᠨ ᠵᠢᠩ ᠦᠨ ᠡᠭᠦᠷᠭᠡ ᠶᠢ ᠴᠢ ᠮᠢᠨᠢ ᠤᠷᠢᠳ ᠢᠶᠡᠷ ᠡᠭᠦᠷᠴᠦ ᠪᠠᠢ᠂ ᠪᠢ ᠳᠠᠢᠰᠤᠨ ᠢᠶᠡᠨ ᠳᠠᠷᠤᠵᠤ ᠳᠠᠷᠬᠠᠨ ᠣᠷᠤᠨ ᠢᠶᠡᠨ ᠬᠠᠮᠠᠭᠠᠯᠠᠭᠰᠠᠨ ᠤ ᠳᠠᠷᠠᠭ᠎ᠠ ᠴᠢᠮ᠎ᠠ ᠳᠠᠭᠠᠨ ᠪᠠᠶᠠᠷ ᠲᠠᠯᠠᠷᠬᠠᠯ ᠢᠶᠡᠨ ᠢᠯᠡᠷᠬᠡᠢᠯᠡᠶ᠎ᠡ» ᠭᠡᠵᠦ ᠬᠡᠳᠦᠬᠡᠨ ᠦᠭᠡ ᠬᠡᠯᠡᠵᠦ ᠨᠥᠭᠦᠭᠡᠳᠦᠭᠦᠯᠡ ᠶᠢᠨ ᠢᠶᠡᠨ ᠭᠡᠷ ᠢᠶᠡᠷ ᠶᠠᠪᠤᠯ᠎ᠠ᠃ ᠠᠢᠯ ᠢᠶᠡᠷ ᠶᠠᠪᠤᠵᠤ ᠢᠷᠡᠭᠰᠡᠨ ᠦ ᠬᠣᠢᠨ᠎ᠠ ᠠᠪᠤ ᠲᠠᠢ ᠪᠠᠨ ᠶᠠᠷᠢᠯᠴᠠᠬᠤ ᠪᠠᠷ ᠰᠢᠢᠳᠦᠯ᠎ᠡ᠃

ᠱᠦᠢ ᠱᠧᠩ ᠲᠠᠬᠢᠶ᠎ᠠ ᠳᠤᠤᠭᠠᠷᠬᠤ ᠦᠶ᠎ᠡ ᠪᠡᠷ ᠬᠠᠷᠢᠵᠤ ᠢᠷᠡᠪᠡ᠃ ᠡᠬᠡᠨᠡᠷ ᠨᠢ ᠮᠥᠨ ᠯᠡ ᠭᠥᠯᠢᠷᠡᠨ ᠬᠦᠯᠢᠶᠡᠭᠰᠡᠭᠡᠷ ᠪᠠᠢᠭᠰᠠᠨ ᠲᠤᠯᠠ ᠡᠷ᠎ᠡ ᠨᠥᠬᠦᠷ ᠲᠡᠭᠡᠨ᠄«ᠴᠢ ᠨᠠᠳᠠ ᠵᠠᠬᠢᠬᠤ ᠦᠭᠡ ᠪᠠᠢᠨ᠎ᠠ ᠤᠤ︖» ᠭᠡᠪᠡᠯ᠂ᠡᠷ᠎ᠡ ᠨᠥᠬᠦᠷ ᠨᠢ᠄

« ᠴᠢ ᠮᠢᠨᠢ ᠴᠤᠴᠠᠯᠲᠠ ᠦᠭᠡᠢ ᠤᠷᠤᠭᠰᠢᠯᠠᠵᠤ᠂ ᠪᠢᠴᠢᠭ᠌ ᠦᠰᠦᠭ᠌ ᠢᠶᠡᠨ ᠰᠠᠢᠨ ᠰᠤᠷᠴᠤ᠂ ᠰᠠᠢᠨ ᠠᠵᠢᠯᠯᠠᠵᠤ ᠪᠠᠢᠭᠠᠷᠠᠢ» ᠭᠡᠯ᠎ᠡ᠃

«ᠡᠩ᠃»

«ᠶᠠᠮᠠᠷ ᠴᠤ ᠶᠠᠪᠤᠳᠠᠯ ᠳᠤ ᠪᠢᠲᠡᠬᠡᠢ ᠪᠤᠰᠤᠳ ᠤᠨ ᠬᠣᠢᠨ᠎ᠠ ᠣᠷᠤ᠃»

«ᠵᠠ᠂ ᠥᠭᠡᠷ᠎ᠡ ᠶᠠᠭᠤᠮ᠎ᠠ ᠪᠠᠢᠨ᠎ᠠ ᠤᠤ︖»

«ᠳᠠᠢᠰᠤᠨ ᠳᠤ ᠪᠢᠲᠡᠬᠡᠢ ᠯᠡ ᠠᠮᠢᠳᠤ ᠪᠠᠷ ᠢᠶᠡᠨ ᠪᠠᠷᠢᠭᠳᠠᠵᠤ ᠪᠠᠭᠤᠵᠤ ᠥᠭᠭᠦᠭᠡᠷᠡᠢ︕ ᠪᠠᠷᠢᠭᠳᠠᠳᠠᠭ ᠯᠠ ᠶᠤᠮ ᠪᠣᠯ ᠦᠬᠦᠨ ᠲᠡᠮᠡᠴᠡᠭᠡᠷᠡᠢ» ᠭᠡᠯ᠎ᠡ᠃ ᠡᠨᠡ ᠨᠢ ᠲᠡᠭᠦᠨ ᠦ ᠬᠠᠮᠤᠭ ᠤᠨ ᠴᠢᠬᠤᠯᠠ ᠵᠠᠬᠢᠶ᠎ᠠ ᠪᠠᠢᠯ᠎ᠠ᠃ ᠡᠬᠡᠨᠡᠷ ᠨᠢ ᠵᠠᠬᠢᠭᠰᠠᠨ ᠪᠦᠬᠦᠨ ᠢ ᠨᠢ ᠨᠢᠯᠪᠤᠰᠤ ᠤᠨᠠᠭᠠᠨ ᠬᠦᠯᠢᠶᠡᠨ ᠠᠪᠴᠤ ᠪᠠᠢᠯ᠎ᠠ᠃

ᠳᠠᠷᠠᠭ᠎ᠠ ᠡᠳᠦᠷ᠂ ᠡᠬᠡᠨᠡᠷ ᠨᠢ ᠲᠡᠭᠦᠨ ᠳᠦ ᠳ᠋ᠠᠩ ᠬᠤᠪᠴᠠᠰᠤ᠂ ᠨᠢᠭᠤᠷ ᠭᠠᠷ ᠤᠨ ᠰᠢᠨ᠎ᠡ ᠠᠯᠴᠢᠭᠤᠷ᠂ ᠰᠢᠨ᠎ᠡ ᠣᠶᠤᠭᠰᠠᠨ ᠱᠠᠬᠠᠢ ᠵᠡᠷᠭᠡ ᠶᠢ ᠪᠡᠯᠡᠳᠭᠡᠵᠦ ᠥᠭᠭᠦᠭᠰᠡᠨ ᠪᠠ ᠵᠠᠮ ᠵᠠᠭᠤᠷ᠎ᠠ ᠪᠠᠨ ᠬᠡᠷᠡᠭᠯᠡᠬᠦ ᠶᠠᠭᠤᠮ᠎ᠠ ᠬᠡᠦᠮ᠎ᠡ ᠶᠢ ᠪᠤᠭᠤᠵᠤ ᠪᠠᠭᠯᠠᠭᠰᠠᠨ ᠵᠢᠵᠢᠭᠬᠡᠨ ᠪᠣᠭᠴᠤ ᠪᠡᠯᠡᠳᠭᠡᠵᠦ ᠥᠭᠪᠡ᠃ ᠨᠥᠭᠦᠭᠡ ᠬᠡᠳᠦᠨ ᠭᠡᠷ ᠦᠨ ᠬᠢᠨᠢ ᠡᠢᠮᠦᠷᠬᠦᠦ ᠶᠠᠭᠤᠮ᠎ᠠ ᠬᠡᠦᠮ᠎ᠡ ᠶᠢ«ᠠᠪᠤᠭᠠᠳ ᠶᠠᠪᠤ᠂ ᠬᠦᠦ ᠮᠢᠨᠢ» ᠭᠡᠳ ᠯᠡ ᠱᠦᠢ ᠱᠧᠩ ᠳᠦ ᠥᠭᠴᠦ ᠪᠠᠢᠯ᠎ᠠ᠃

ᠠᠷᠤ ᠭᠡᠷ ᠦᠨ ᠬᠢᠨ ᠴᠥᠮ ᠦᠳᠡᠵᠡᠭᠡᠯ᠎ᠡ᠃ ᠠᠪᠤ ᠨᠢ ᠰᠢᠶᠣᠣ ᠬᠤᠸᠠ ᠪᠠᠨ ᠬᠥᠲᠦᠯᠦᠭᠰᠡᠭᠡᠷ᠄«ᠱᠦᠢ ᠱᠧᠩ ᠮᠢᠨᠢ᠂ ᠴᠢᠨᠦ ᠬᠢᠵᠦ ᠪᠤᠢ ᠠᠵᠢᠯ ᠢᠷᠠᠭᠤ ᠠᠯᠳᠠᠷᠲᠠᠢ ᠠᠵᠢᠯ᠂ ᠠᠪᠤ ᠨᠢ ᠴᠢᠮ᠎ᠠ ᠳᠠᠭᠠᠨ ᠰᠠᠭᠠᠳ ᠪᠣᠯᠬᠤ ᠦᠭᠡᠢ᠂ ᠴᠢ ᠮᠢᠨᠢ ᠰᠠᠨᠠᠭ᠎ᠠ ᠠᠮᠤᠷ ᠶᠠᠪᠤᠭᠠᠷᠠᠢ᠂ ᠭᠡᠷ ᠦᠨ ᠶᠡᠬᠡ ᠪᠠᠭ᠎ᠠ ᠶᠢ ᠴᠥᠮ ᠠᠪᠤ ᠨᠢ ᠬᠠᠷᠠᠭᠠᠯᠵᠠᠵᠤ ᠪᠠᠢᠶ᠎ᠠ᠂ ᠶᠠᠭᠤᠨ ᠳ᠋ᠠᠭᠠᠨ ᠴᠤ ᠭᠡᠰᠡᠨ ᠪᠢᠲᠡᠬᠡᠢ ᠰᠡᠳᠭᠢᠯ ᠬᠤᠪᠢᠶᠠᠭᠳᠠᠭᠠᠷᠠᠢ» ᠭᠡᠪᠡ᠃ ᠲᠣᠰᠭᠤᠨ ᠤ ᠬᠥᠭᠰᠢᠨ ᠵᠠᠯᠠᠭᠤ᠂ ᠡᠷᠡᠭᠲᠡᠢ ᠡᠮᠡᠭᠲᠡᠢ ᠴᠥᠮ ᠢᠶᠡᠷ ᠢᠶᠡᠨ ᠦᠳᠡᠵᠡᠭᠡᠯ᠎ᠡ᠃ ᠱᠦᠢ ᠱᠧᠩ ᠣᠯᠠᠨ ᠤ ᠵᠦᠭ᠌ ᠬᠠᠷᠠᠵᠤ ᠢᠨᠢᠶᠡᠮᠰᠦᠭᠯᠡᠨ ᠣᠩᠭᠤᠴᠠᠨ ᠳᠠᠭᠠᠨ ᠭᠠᠷᠤᠭᠠᠳ ᠶᠠᠪᠤᠵᠤ ᠬᠣᠯᠠᠳᠤᠯ᠎ᠠ᠃

ᠡᠮᠡᠭᠲᠡᠢᠴᠦᠳ ᠡᠷᠡᠰ ᠤᠳ ᠡᠴᠡ ᠪᠡᠨ ᠪᠡᠶ᠎ᠡ ᠨᠢ ᠰᠠᠯᠤᠭᠰᠠᠨ ᠴᠤ ᠰᠡᠳᠭᠢᠯ ᠨᠢ ᠰᠠᠯᠤᠭᠠᠳᠤᠢ ᠪᠠᠢᠯ᠎ᠠ᠃ ᠬᠣᠶᠠᠷ ᠬᠣᠨᠤᠭ ᠤᠨ ᠳᠠᠷᠠᠭ᠎ᠠ ᠳᠥᠷᠪᠡᠨ ᠵᠠᠯᠠᠭᠤ ᠪᠦᠰᠡᠭᠦᠢ ᠱᠦᠢ ᠱᠧᠩ ᠤᠨ ᠭᠡᠷ ᠲᠦ ᠢᠷᠡᠵᠡᠭᠡᠵᠦ ᠵᠥᠪᠯᠡᠯᠳᠦᠵᠦ ᠡᠬᠢᠯᠡᠯ᠎ᠡ᠃

«ᠰᠣᠨᠤᠰᠬᠤ ᠳᠤ ᠲᠡᠳᠡ ᠴᠦ ᠶᠠᠪᠤᠭᠠᠳᠤᠢ ᠡᠨᠳᠡ ᠪᠡᠨ ᠪᠠᠢᠭᠰᠠᠭᠠᠷ ᠭᠡᠨ᠎ᠡ ᠰᠢᠦ ᠳ᠋ᠡ᠃ ᠪᠢ ᠴᠦ ᠲᠡᠳᠡᠨ ᠳᠦ ᠰᠠᠭᠠᠳ ᠪᠣᠯᠬᠤ ᠦᠭᠡᠢ᠂ ᠬᠠᠷᠢᠨ ᠨᠢᠭᠡ ᠬᠤᠪᠴᠠᠰᠤ ᠶᠢ ᠨᠢ ᠥᠭᠴᠦ ᠶᠠᠪᠤᠭᠤᠯᠬᠤ ᠪᠠᠨ ᠮᠠᠷᠲᠠᠴᠢᠬᠠᠵᠠᠢ᠃»

«ᠪᠢ ᠴᠦ ᠭᠡᠳ ᠨᠢᠭᠡ ᠦᠭᠡ ᠬᠡᠯᠡᠵᠦ ᠪᠠᠢᠭᠰᠠᠨ ᠶᠤᠮᠰᠠᠨ» ᠭᠡᠵᠡᠭᠡᠬᠦ ᠳᠦ ᠱᠦᠢ ᠱᠧᠩ ᠤᠨ ᠡᠬᠡᠨᠡᠷ᠄

«ᠰᠣᠨᠤᠰᠬᠤ ᠳᠤ ᠳᠠᠢᠰᠤᠨ᠂ ᠲᠦᠩ ᠺᠧᠦ ᠳᠦ ᠳᠠᠬᠢᠨ ᠪᠡᠬᠢᠯᠡᠬᠦ ᠭᠡᠨ᠎ᠡ ᠁» ᠭᠡᠬᠦ ᠳᠦ᠂

«ᠬᠠᠮᠢᠭ᠎ᠠ ᠡᠴᠡ ᠲᠡᠭᠡᠵᠦ ᠰᠠᠢᠬᠠᠨ ᠲᠠᠭᠠᠷᠢᠯᠳᠤᠬᠤ ᠭᠡᠵᠢ ᠳ᠋ᠠ᠂ ᠪᠢᠳᠡ ᠲᠦᠷᠭᠡᠬᠡᠨ ᠣᠴᠢᠭᠠᠳ ᠢᠷᠡᠵᠡᠭᠡᠶ᠎ᠡ» ᠭᠡᠨ᠎ᠡ᠃

«ᠪᠢ ᠦᠨᠡᠨ ᠳᠡᠭᠡᠨ ᠣᠴᠢᠶ᠎ᠠ ᠴᠤ ᠭᠡᠵᠦ ᠰᠠᠨᠠᠬᠤ ᠦᠭᠡᠢ᠂ ᠬᠠᠷᠢᠨ ᠮᠠᠨᠠᠢ ᠬᠠᠳᠠᠮ ᠡᠬᠡ ᠯᠡ ᠶᠠᠭᠠᠬᠢᠭᠰᠠᠨ ᠴᠤ ᠳᠠᠬᠢᠨ ᠨᠢᠭᠡ ᠣᠴᠢᠭᠠᠳ ᠦᠵᠡᠵᠦ ᠢᠷ᠎ᠡ ᠭᠡᠳ ᠪᠠᠢᠬᠤ ᠶᠤᠮ᠃ ᠶᠠᠭᠤ ᠶᠢ ᠨᠢ ᠦᠵᠡᠭᠡᠳ ᠯᠡ ᠪᠠᠢᠬᠤ ᠶᠤᠮ ᠪᠣᠯ ᠪᠤᠤ ᠮᠡᠳᠡ︕» ᠭᠡᠨ᠎ᠡ᠃

ᠲᠡᠨᠳᠡ ᠡᠴᠡ ᠪᠡᠨ ᠲᠡᠳᠡᠨ ᠬᠡᠳᠦᠭᠦᠯᠡ ᠨᠢᠭᠡ ᠵᠢᠵᠢᠭᠬᠡᠨ ᠵᠠᠪᠢ ᠣᠯᠵᠤ ᠰᠡᠯᠢᠭᠡᠳ ᠠᠰ ᠡᠮᠦᠨ᠎ᠡ ᠨᠢ ᠪᠠᠢᠭ᠎ᠠ ᠮᠠ ᠵᠤᠸᠠᠩ ᠲᠣᠰᠭᠤᠨ ᠤᠷᠤᠭᠤ ᠶᠠᠪᠤᠯ᠎ᠠ᠃

ᠲᠡᠳᠡ ᠲᠣᠰᠭᠤᠨ ᠳᠤ ᠬᠦᠷᠦᠮᠡᠭᠴᠡ ᠵᠡᠭᠡᠯᠢ ᠭᠤᠳᠤᠮᠵᠢ ᠪᠠᠷ ᠶᠠᠪᠤᠵᠤ ᠡᠷᠢᠬᠦ ᠡᠴᠡ ᠪᠡᠨ ᠬᠠᠯᠠᠰᠢᠷᠠᠨ ᠲᠣᠰᠭᠤᠨ ᠤ ᠵᠠᠬ᠎ᠠ ᠳᠤ ᠪᠠᠢᠭ᠎ᠠ ᠰᠠᠳᠤᠨ ᠤ ᠳᠠᠭᠠᠨ ᠪᠠᠭᠤᠪᠠ᠃ ᠰᠠᠳᠤᠨ ᠤ ᠬᠢᠨ«ᠲᠠ ᠨᠠᠷ ᠮᠣᠷᠢ ᠪᠠᠨ ᠮᠠᠭᠤ ᠭᠤᠶᠠᠳᠠᠵᠠᠢ᠂ ᠲᠡᠳᠡ ᠥᠴᠦᠭᠡᠳᠦᠷ ᠣᠷᠤᠢᠬᠠᠨ ᠡᠨᠳᠡ ᠪᠠᠢᠵᠠᠭᠠᠵᠤ ᠪᠠᠢᠭᠠᠳ ᠰᠥᠨᠢ ᠳᠤᠮᠳᠠ ᠪᠠᠷ ᠶᠠᠪᠤᠵᠠᠭᠠᠭᠰᠠᠨ᠂ ᠴᠣᠬᠤᠮ ᠬᠠᠮᠢᠭᠠᠰᠢ ᠪᠠᠨ ᠶᠠᠪᠤᠭᠰᠠᠨ ᠢ ᠪᠤᠤ ᠮᠡᠳᠡ᠃ ᠲᠠ ᠨᠠᠷ ᠲᠡᠳᠡᠨ ᠦ ᠲᠥᠯᠦᠭᠡ ᠵᠣᠪᠠᠬᠤ ᠶᠢᠨ ᠬᠡᠷᠡᠭ᠌ ᠠᠯᠠᠭ᠎ᠠ᠃ ᠱᠦᠢ ᠱᠧᠩ ᠳᠡᠳ᠋ ᠰᠠᠯᠠᠭᠠᠨ ᠳᠠᠷᠤᠭ᠎ᠠ ᠪᠣᠯᠵᠤ᠂ ᠨᠥᠬᠦᠳ ᠨᠢ ᠴᠥᠮ ᠬᠥᠭᠵᠢᠶᠡᠨ ᠬᠥᠷ ᠲᠠᠢ ᠪᠠᠶᠠᠷᠯᠠᠵᠤ ᠪᠠᠢᠨ᠎ᠠ᠁» ᠭᠡᠪᠡ᠃

ᠲᠡᠳᠡ ᠬᠡᠳᠦᠭᠦᠯᠡ ᠮᠠᠨᠢ ᠢᠴᠢᠭᠰᠡᠨ ᠪᠣᠯᠤᠯᠲᠠᠢ ᠨᠢᠭᠤᠷ ᠢᠶᠡᠨ ᠤᠯᠠᠢᠯᠭᠠᠨ ᠭᠠᠷᠴᠠᠭᠠᠵᠤ᠂ ᠨᠠᠭᠤᠷ ᠤᠨ ᠬᠥᠪᠡᠭᠡᠨ ᠳᠤ ᠲᠠᠯᠪᠢᠭᠰᠠᠨ ᠵᠠᠪᠢ ᠪᠠᠨ ᠰᠡᠯᠢᠭᠰᠡᠭᠡᠷ ᠣᠳᠤᠯ᠎ᠠ᠃ ᠦᠳᠡ ᠪᠣᠯᠬᠤ ᠰᠢᠬᠠᠵᠤ ᠪᠠᠢᠯ᠎ᠠ᠃ ᠣᠭᠲᠠᠷᠭᠤᠢ ᠳᠤ ᠡᠭᠦᠯᠡ ᠴᠦ ᠦᠭᠡᠢ ᠴᠡᠯᠮᠡᠭ ᠰᠠᠢᠬᠠᠨ᠃ ᠬᠠᠷᠢᠨ ᠤᠰᠤᠨ ᠳᠡᠭᠡᠷ᠎ᠡ ᠰᠡᠷᠢᠭᠦᠬᠡᠨ ᠵᠢᠪᠠᠷ ᠰᠡᠷᠴᠢᠭᠢᠨᠡᠵᠦ᠂ ᠲᠤᠲᠤᠷᠭ᠎ᠠ ᠶᠢᠨ ᠲᠦᠷᠦᠭᠦᠦ᠂ ᠬᠤᠯᠤᠰᠤᠨ ᠤ ᠲᠣᠯᠤᠭᠠᠢ ᠶᠢ ᠰᠢᠷᠪᠢᠭᠦᠯᠦᠨ ᠰᠡᠩᠭᠢᠨᠡᠭᠦᠯᠦᠭᠰᠡᠭᠡᠷ ᠪᠠᠢᠯ᠎ᠠ᠃ ᠤᠰᠤᠨ ᠳᠤ ᠨᠢᠭᠡ ᠴᠦ ᠣᠩᠭᠤᠴᠠ ᠦᠭᠡᠢ ᠨᠢᠳᠦ ᠠᠯᠳᠠᠮ᠎ᠠ ᠴᠠᠪ ᠴᠡᠯᠡᠭᠡᠷ ᠬᠠᠷᠠᠭᠳᠠᠨ᠎ᠠ᠃

ᠬᠡᠳᠦᠨ ᠡᠮᠡᠭᠲᠡᠢᠴᠦᠳ ᠬᠡᠰᠡᠭ᠌ ᠤᠷᠮ᠎ᠠ ᠠᠯᠳᠠᠵᠤ ᠭᠤᠲᠤᠷᠠᠨ ᠭᠤᠨᠢᠬᠤ ᠳᠠᠭᠠᠨ ᠣᠷᠬᠢᠭᠠᠳ ᠶᠠᠪᠤᠭᠰᠠᠨ ᠬᠠᠷ᠎ᠠ ᠰᠡᠳᠭᠢᠯᠲᠦ ᠡᠷ᠎ᠡ ᠨᠥᠭᠦᠷ ᠲᠡᠭᠡᠨ ᠬᠣᠷᠤᠰᠤᠨ᠎ᠠ᠃ ᠭᠡᠪᠡᠴᠦ ᠵᠠᠯᠠᠭᠤ ᠬᠥᠮᠦᠰ ᠦᠷᠭᠦᠯᠵᠢ ᠪᠠᠶᠠᠷ ᠴᠡᠩᠭᠡᠯᠲᠡᠢ ᠤᠴᠢᠷ ᠢ ᠪᠣᠳᠤᠵᠤ ᠬᠠᠷᠠᠵᠤ ᠪᠠᠢᠳᠠᠭ᠃ ᠢᠯᠠᠩᠭᠤᠶ᠎ᠠ ᠡᠮᠡᠭᠲᠡᠢᠴᠦᠳ ᠲᠡᠢᠮᠦᠷᠬᠦ ᠪᠠᠭ᠎ᠠ ᠰᠠᠭ᠎ᠠ ᠤᠴᠠᠷᠠᠯ ᠤᠳ ᠢ ᠬᠢᠯᠪᠠᠷᠬᠠᠨ ᠮᠠᠷᠲᠠᠳᠠᠭ᠃ ᠦᠨᠡᠬᠡᠷ᠂ ᠨᠥᠭᠦᠭᠡᠳᠦᠭᠦᠯᠡ ᠴᠢᠨᠢ ᠤᠳᠠᠭᠰᠠᠨ ᠴᠤ ᠦᠭᠡᠢ ᠢᠨᠢᠶᠡᠯᠳᠦᠵᠦ ᠣᠷᠬᠢᠯ᠎ᠠ᠃

«ᠬᠠᠷᠠ ᠯᠠ ᠳ᠋ᠠ᠂ ᠶᠠᠪᠤᠨ᠎ᠠ ᠭᠡᠪᠡᠯ ᠶᠠᠪᠤᠴᠢᠬᠠᠳᠠᠭ ᠪᠢᠰᠢᠦ᠃»

«ᠶᠣᠰᠤᠲᠠᠢ ᠬᠥᠭᠡᠷᠦᠭᠰᠡᠨ︕ ᠶᠠᠭᠤ ᠡᠴᠡ ᠴᠤ ᠢᠯᠡᠭᠦᠦ ᠪᠠᠶᠠᠷᠯᠠᠭᠰᠠᠨ᠃ ᠵᠢᠯ ᠴᠠᠭᠠᠨ ᠰᠠᠷ᠎ᠠ ᠪᠠ ᠪᠡᠷᠢ ᠠᠪᠬᠤ ᠳᠠᠭᠠᠨ ᠴᠤ ᠲᠡᠷᠡ ᠢᠩᠭᠢᠵᠦ ᠶᠡᠬᠡ ᠪᠠᠶᠠᠷᠯᠠᠨ ᠬᠥᠭᠡᠷᠴᠦ ᠦᠵᠡᠭᠡ ᠦᠭᠡᠢ ᠪᠢᠯᠡ᠃»

«ᠲᠡᠳᠡᠨ ᠢ ᠲᠡᠮᠦᠷ ᠠᠷᠭᠠᠮᠵᠢᠶ᠎ᠠ ᠴᠤ ᠳᠡᠢᠯᠬᠦ ᠡᠴᠡ ᠥᠩᠭᠡᠷᠡᠭᠰᠡᠨ᠃»

«ᠪᠣᠯᠬᠤ ᠪᠠᠨ ᠪᠣᠯᠢᠭᠰᠠᠨ᠃ ᠪᠦᠷ ᠰᠠᠨᠠᠭᠠᠨ ᠲᠠᠪᠠ ᠪᠠᠷ ᠢᠶᠡᠨ ᠪᠣᠯᠤᠭᠰᠠᠨ᠃»

«ᠨᠢᠭᠡᠨᠲᠡ ᠴᠡᠷᠢᠭ᠌ ᠲᠦ ᠣᠷᠤᠭᠰᠠᠨ ᠬᠣᠢᠨ᠎ᠠ ᠭᠡᠷ ᠢᠶᠡᠨ ᠮᠠᠷᠲᠠᠨ᠎ᠠ ᠳ᠋ᠠ᠃»

«ᠲᠡᠷᠡ ᠴᠦ ᠦᠨᠡᠨ ᠤᠴᠢᠷ᠃ ᠮᠠᠨᠠᠢ ᠳᠤ ᠬᠡᠳᠦᠨ ᠵᠠᠯᠠᠭᠤ ᠴᠡᠷᠢᠭ᠌ ᠰᠠᠭᠤᠵᠤ ᠥᠩᠭᠡᠷᠡᠭᠰᠡᠨ᠃ ᠲᠡᠳᠡ ᠡᠳᠦᠷᠵᠢᠨ ᠯᠡ ᠪᠣᠳᠤᠬᠤ ᠶᠠᠭᠤᠮ᠎ᠠ ᠠᠯᠠᠭ᠎ᠠ᠂ ᠡᠷᠡᠦ ᠪᠡᠨ ᠡᠷᠲᠡᠢᠯᠭᠡᠵᠦ᠂ ᠣᠷᠤᠪᠠᠴᠤ ᠳᠠᠭᠤᠯᠠᠭᠠᠳ ᠭᠠᠷᠪᠠᠴᠤ ᠳᠠᠭᠤᠯᠠᠭᠠᠳ ᠪᠠᠢᠳᠠᠭ ᠪᠠᠢᠭᠰᠠᠨ᠃ ᠪᠢᠳᠡ ᠶᠡᠷᠦ ᠨᠠᠰᠤᠨ ᠳᠠᠭᠠᠨ ᠲᠡᠭᠡᠵᠦ ᠵᠢᠷᠭᠠᠵᠤ ᠦᠵᠡᠭᠡ ᠦᠭᠡᠢ᠃ ᠲᠡᠳᠡ ᠵᠠᠷᠢᠮ ᠳᠠᠭᠠᠨ ᠴᠢᠮᠡᠭᠡ ᠦᠭᠡᠢ ᠪᠣᠯᠬᠤ ᠳᠤᠨᠢ ᠪᠢ᠄<ᠣᠳᠣ ᠲᠣᠯᠤᠭᠠᠢ ᠤᠨᠵᠢᠭᠤᠯᠬᠤ ᠴᠠᠭ ᠨᠢ ᠪᠣᠯᠤᠭᠰᠠᠨ ᠪᠠᠢᠬᠤ︕> ᠭᠡᠵᠦ ᠳᠡᠮᠡᠢ ᠪᠣᠳᠤᠨ᠎ᠠ᠃ ᠭᠡᠲᠡᠯ᠎ᠡ ᠲᠡᠳᠡ ᠶᠠᠭᠤ ᠬᠢᠵᠦ ᠪᠠᠢᠭᠰᠠᠨ ᠢ ᠮᠡᠳᠡᠨ᠎ᠡ ᠦᠦ︖ ᠴᠠᠭᠠᠨ ᠴᠣᠬᠤᠢ ᠪᠠᠷ ᠮᠠᠨ ᠤ ᠬᠡᠷᠡᠮ ᠳᠡᠭᠡᠷ᠎ᠡ ᠲᠣᠭᠤᠷᠢᠭ ᠵᠢᠷᠤᠭᠠᠳ᠂ ᠴᠥᠮ ᠣᠴᠤᠢᠵᠤ ᠰᠠᠭᠤᠭᠠᠳ ᠲᠡᠷᠡ ᠤᠷᠤᠭᠤ ᠪᠠᠨ ᠣᠨᠢᠯᠠᠵᠤ ᠪᠠᠢᠳᠠᠭ ᠰᠢᠤ᠂ ᠲᠡᠭᠡᠭᠡᠳ ᠪᠠᠰᠠ ᠳᠠᠭᠤᠯᠠᠵᠠᠭᠠᠨ᠎ᠠ᠃»

ᠲᠡᠳᠡ ᠣᠩᠭᠤᠴᠠ ᠪᠠᠨ ᠬᠣᠶᠠᠷ ᠬᠠᠵᠠᠭᠤ ᠶᠢᠨ ᠤᠰᠤ ᠶᠢ ᠢᠷᠠᠯᠵᠠᠲᠠᠯ᠎ᠠ ᠠᠯᠭᠤᠷᠬᠠᠨ ᠰᠡᠯᠢᠨ᠎ᠡ᠃ ᠭᠠᠷ ᠤᠨ ᠢᠶᠡᠨ ᠠᠶ᠎ᠠ ᠪᠠᠷ ᠤᠰᠤᠨ ᠤ ᠳᠣᠲᠤᠷ᠎ᠠ ᠡᠴᠡ ᠪᠣᠲᠠ ᠲᠡᠮᠦᠷ ᠵᠠᠩᠭᠤᠤ ᠱᠦᠭᠦᠵᠦ ᠠᠪᠤᠭᠠᠳ ᠦᠵᠡᠪᠡᠯ ᠲᠡᠷᠡ ᠨᠢ ᠲᠤᠩ ᠵᠢᠵᠢᠭᠬᠡᠨ ᠪᠥᠭᠡᠳ ᠰᠦᠨ ᠴᠠᠭᠠᠨ ᠨᠢᠯᠬ᠎ᠠ ᠪᠠᠷ ᠢᠶᠡᠨ ᠪᠠᠢᠭ᠎ᠠ ᠲᠤᠯᠠ ᠤᠰᠤ ᠤᠷᠤᠭᠤ ᠪᠤᠴᠠᠭᠠᠨ ᠬᠠᠶᠠᠨ᠎ᠠ᠃

«ᠡᠳᠦᠭᠡ ᠲᠡᠳᠡ ᠬᠠᠮᠢᠭ᠎ᠠ ᠣᠴᠢᠭᠰᠠᠨ ᠢ ᠴᠢ ᠮᠡᠳᠡᠨ᠎ᠡ ᠦᠦ︖»

«ᠶᠠᠷᠰᠢᠭ᠂ ᠬᠡᠨ ᠮᠡᠳᠡᠬᠦ ᠪᠤᠢ︕ ᠲᠡᠭᠷᠢ ᠳᠦ ᠭᠠᠷᠤᠭᠰᠠᠨ ᠪᠠᠢᠬᠤ ᠡ᠃»

ᠲᠡᠳᠡ ᠨᠠᠷ ᠴᠥᠮ ᠠᠯᠤᠰ ᠢ ᠰᠥᠯᠢᠢᠨ ᠰᠢᠷᠲᠡᠨ᠎ᠡ᠃

«ᠥ︕ ᠲᠡᠨᠳᠡ ᠡᠴᠡ ᠨᠢᠭᠡ ᠣᠩᠭᠤᠴᠠ ᠢᠷᠡᠵᠦ ᠶᠠᠪᠤᠨ᠎ᠠ᠃»

«ᠠᠶ᠎ᠠ᠂ ᠬᠠᠷᠠᠭᠠᠴᠢ᠂ ᠶᠠᠫᠤᠨ ᠬᠤᠪᠴᠠᠰᠤ ᠲᠠᠢ︕»

«ᠬᠤᠷᠳᠤᠬᠠᠨ ᠰᠡᠯᠢ︕»

ᠵᠢᠵᠢᠭᠬᠡᠨ ᠵᠠᠪᠢ ᠠᠮᠢ ᠲᠡᠮᠡᠴᠡᠨ ᠤᠷᠤᠭᠰᠢᠯᠠᠨ᠎ᠠ᠃ ᠲᠡᠳᠡ ᠢᠩᠭᠢᠵᠦ ᠲᠠᠮᠤ ᠪᠠᠨ ᠡᠳ᠋ᠯᠡᠵᠦ ᠶᠠᠪᠤᠬᠤ ᠡᠴᠡ ᠢᠷᠡᠭᠰᠡᠨ ᠦᠭᠡᠢ ᠨᠢ ᠳᠡᠭᠡᠷ᠎ᠡ ᠪᠠᠢᠵᠢ ᠳ᠋ᠠ ᠭᠡᠵᠦ ᠪᠣᠳᠤᠬᠤ ᠴᠤ ᠪᠠᠢᠵᠤ ᠮᠡᠳᠡᠨ᠎ᠡ᠃ ᠪᠠᠰᠠ ᠲᠡᠳᠡᠭᠡᠷ ᠶᠠᠪᠤᠭᠰᠠᠨ ᠬᠥᠮᠦᠰ ᠢᠶᠡᠨ ᠵᠠᠨᠤᠨ ᠬᠣᠷᠤᠰᠴᠤ ᠪᠠᠢᠵᠤ ᠮᠡᠳᠡᠨ᠎ᠡ᠃ ᠬᠡᠷᠡᠭ ᠲᠠᠢ ᠬᠡᠷᠡᠭ᠌ ᠦᠭᠡᠢ ᠶᠠᠭᠤᠮ᠎ᠠ ᠪᠣᠳᠤᠬᠤ ᠶᠢᠨ ᠵᠠᠪ ᠠᠯᠠᠭ᠎ᠠ᠃ ᠨᠥᠭᠦᠭᠡ ᠣᠩᠭᠤᠴᠠ ᠶᠠᠭᠠᠬᠢᠬᠤ ᠵᠠᠪ ᠦᠭᠡᠢ ᠣᠢᠷᠠᠲᠤᠯ᠎ᠠ︕

ᠲᠣᠮᠤ ᠣᠩᠭᠤᠴᠠ ᠮᠠᠰᠢ ᠣᠢᠷᠠᠬᠠᠨ ᠪᠣᠯᠤᠯ᠎ᠠ᠃ ᠠᠵᠠ ᠪᠠᠷ ᠯᠢᠩᠬᠤ᠎ᠠ ᠴᠡᠴᠡᠭᠲᠦ ᠪᠢᠯᠬᠠᠮᠠᠯ ᠶᠡᠬᠡ᠂ ᠰᠡᠯᠢᠬᠦ ᠨᠢ ᠴᠦ ᠬᠤᠷᠳᠤᠨ᠂ ᠪᠢᠴᠢᠬᠠᠨ ᠵᠠᠪᠢ ᠶᠠᠭ ᠯᠠ ᠤᠰᠤ ᠡᠴᠡ ᠰᠠᠯᠤᠭᠰᠠᠨ ᠦᠬᠦᠷᠢ ᠵᠢᠭᠠᠰᠤ ᠦᠰᠦᠷᠬᠢᠯᠡᠨ ᠲᠣᠩᠭᠤᠴᠠᠵᠤ ᠪᠠᠢᠭ᠎ᠠ ᠶᠤᠮ ᠰᠢᠭ ᠪᠠᠢᠯ᠎ᠠ᠃ ᠲᠡᠳᠡ ᠤᠯᠠᠭᠠᠨ ᠨᠢᠯᠬ᠎ᠠ ᠡᠴᠡ ᠪᠠᠨ ᠵᠠᠪᠢ ᠲᠠᠢ ᠨᠣᠴᠤᠯᠳᠤᠵᠤ ᠰᠤᠷᠤᠭᠰᠠᠨ ᠪᠣᠯᠬᠣᠷ ᠰᠡᠯᠢᠨ᠎ᠡ ᠴᠦ ᠭᠡᠵᠦ ᠶᠣᠰᠤᠲᠠᠢ ᠯᠠ ᠨᠢᠰᠴᠢᠬᠡᠬᠦ ᠶᠤᠮ᠃

ᠠᠷᠤ ᠡᠴᠡ ᠨᠥᠭᠦᠭᠡ ᠲᠣᠮᠤ ᠣᠩᠭᠤᠴᠠ ᠨᠢᠰᠬᠦ ᠮᠡᠲᠦ ᠬᠤᠷᠳᠤᠯᠠᠨ᠎ᠠ᠃ ᠲᠡᠷᠡ ᠴᠦ ᠳᠠᠢᠰᠤᠨ ᠭᠡᠳᠡᠭ ᠨᠢ ᠢᠪ ᠢᠯᠡᠷᠬᠡᠢ ᠪᠠᠢᠯ᠎ᠠ᠃ ᠡᠨᠡ ᠬᠡᠳᠦᠨ ᠡᠮᠡᠭᠲᠡᠢ ᠮᠠᠨᠢ ᠵᠢᠷᠦᠬᠡᠨ ᠲᠦᠭᠰᠢᠯᠲᠡ ᠪᠡᠨ ᠳᠠᠷᠤᠨ᠂ ᠰᠢᠳᠦ ᠪᠡᠨ ᠲᠠᠴᠢᠭᠢᠨᠠᠲᠠᠯ᠎ᠠ ᠵᠠᠭᠤᠵᠤ ᠠᠵᠢᠭ ᠦᠭᠡᠢ ᠴᠠᠢᠯᠵᠠᠲᠠᠯ᠎ᠠ ᠰᠡᠯᠢᠵᠦ ᠪᠠᠢᠯ᠎ᠠ᠃

«ᠯᠢᠩᠬᠤ᠎ᠠ ᠴᠡᠴᠡᠭᠲᠦ ᠪᠢᠯᠬᠠᠮᠠᠯ ᠲᠡᠰᠢ ᠵᠠᠯᠠᠭᠠᠷᠠᠢ︕ ᠲᠡᠨᠳᠡᠬᠢ ᠤᠰᠤ ᠭᠦᠶᠦᠬᠡᠨ᠂ ᠲᠣᠮᠤ ᠣᠩᠭᠤᠴᠠ ᠬᠠᠢᠷᠳᠠᠨ᠎ᠠ» ᠭᠡᠨ᠎ᠡ᠃

ᠲᠡᠳᠡ ᠬᠡᠮᠵᠢᠶ᠎ᠡ ᠬᠢᠵᠠᠭᠠᠷ ᠢ ᠨᠢ ᠦᠯᠦ ᠮᠡᠳᠡᠬᠦ ᠯᠢᠩᠬᠤ᠎ᠠ ᠴᠡᠴᠡᠭᠲᠦ ᠪᠢᠯᠬᠠᠮᠠᠯ ᠲᠡᠰᠢ ᠲᠡᠮᠡᠦᠯᠦᠨ᠎ᠡ᠃ ᠪᠢᠲᠡᠭᠦᠦ ᠪᠦᠷᠬᠦᠭᠰᠡᠨ ᠯᠢᠩᠬᠤ᠎ᠠ ᠶᠢᠨ ᠲᠣᠮᠤ ᠨᠠᠪᠴᠢ ᠨᠠᠷᠠᠨ ᠤ ᠭᠡᠷᠡᠯ ᠢ ᠤᠭᠲᠤᠨ ᠳᠡᠯᠭᠡᠭᠰᠡᠨ ᠨᠢ ᠭᠠᠤᠯᠢᠨ ᠬᠡᠷᠡᠮ ᠲᠡᠮᠦᠷ ᠬᠠᠨ᠎ᠠ ᠰᠢᠭ ᠠᠵᠢ᠃ ᠦᠵᠡᠰᠭᠦᠯᠡᠩᠲᠦ ᠶᠠᠭᠠᠨ ᠯᠢᠩᠬᠤ᠎ᠠ ᠥᠨᠳᠦᠷ ᠡᠴᠡ ᠥᠨᠳᠦᠷ ᠲᠦ ᠰᠡᠬᠦᠢᠨ᠂ ᠯᠢᠩᠬᠤ᠎ᠠ ᠴᠡᠴᠡᠭᠲᠦ ᠪᠢᠯᠬᠠᠮᠠᠯ ᠤᠨ ᠢᠶᠡᠨ ᠬᠠᠷᠠᠭᠤᠯ ᠨᠢ ᠪᠣᠯᠵᠤ ᠪᠠᠢᠭ᠎ᠠ ᠪᠢᠵᠡ᠃

ᠲᠡᠳᠡ ᠵᠠᠪᠢ ᠪᠠᠨ ᠪᠢᠯᠬᠠᠮᠠᠯ ᠲᠡᠰᠢ ᠵᠠᠯᠠᠯ᠎ᠠ᠃ ᠵᠠᠪᠢ ᠬᠠᠮᠤᠭ ᠤᠨ ᠡᠴᠦᠰ ᠦᠨ ᠴᠢᠷᠮᠠᠢᠯᠲᠠ ᠪᠠᠷ ᠯᠢᠩᠬᠤ᠎ᠠ ᠴᠡᠴᠡᠭᠲᠦ ᠪᠢᠯᠬᠠᠮᠠᠯ ᠤᠷᠤᠭᠤ ᠰᠤᠮᠤᠳᠠᠨ ᠣᠷᠤᠪᠠ᠃ ᠬᠡᠳᠦᠨ ᠨᠤᠭᠤᠰᠤ ᠰᠠᠩᠳᠠ ᠮᠡᠩᠳᠡ ᠨᠢᠰᠦᠨ ᠭᠠᠷᠴᠤ ᠠᠶᠤᠨ ᠰᠣᠴᠢᠭᠰᠠᠨ ᠳᠠᠭᠤᠨ ᠢᠶᠡᠷ ᠳᠤᠤᠭᠠᠷᠤᠭᠠᠳ ᠬᠠᠯᠢᠨ ᠳᠡᠭᠳᠡᠯ᠎ᠡ᠃ ᠲᠡᠳᠡᠨ ᠦ ᠬᠠᠵᠠᠭᠤᠬᠠᠨ ᠳᠤ ᠫᠤᠤ ᠫᠠᠷᠴᠢᠭᠢᠨᠠᠯ᠎ᠠ᠃

ᠯᠢᠩᠬᠤ᠎ᠠ ᠴᠡᠴᠡᠭᠲᠦ ᠪᠢᠯᠬᠠᠮᠠᠯ ᠪᠤᠯᠲᠤ ᠪᠠᠷ ᠢᠶᠡᠨ ᠬᠥᠳᠡᠯᠬᠦ ᠰᠢᠭ᠌ ᠪᠣᠯᠤᠯ᠎ᠠ᠃ ᠲᠡᠳᠡ ᠳᠠᠢᠰᠤᠨ ᠤ ᠳᠤᠮᠳᠠ ᠣᠷᠤᠴᠢᠬᠠᠭᠰᠠᠨ ᠪᠠᠢᠬ᠎ᠠ᠂ ᠯᠠᠪ ᠦᠬᠦᠬᠦ ᠨᠢ ᠭᠡᠵᠦ ᠪᠣᠳᠤᠭᠠᠳ ᠴᠥᠮ ᠤᠰᠤ ᠤᠷᠤᠭᠤ ᠬᠠᠷᠠᠢᠨ ᠣᠷᠤᠵᠠᠭᠠᠯ᠎ᠠ᠃ ᠪᠠᠭ᠎ᠠ ᠪᠠᠢᠰᠬᠢᠭᠠᠳ ᠫᠤᠤ ᠶᠢᠨ ᠳᠠᠭᠤᠨ ᠤᠯᠠᠮ ᠢᠶᠡᠷ ᠭᠠᠳᠠᠭᠰᠢ ᠴᠢᠭᠯᠡᠭᠰᠡᠨ ᠢ ᠮᠡᠳᠡᠭᠡᠳ ᠲᠣᠯᠤᠭᠠᠢ ᠪᠠᠨ ᠵᠠᠪᠢ ᠪᠠᠷ ᠳᠠᠯᠳᠠᠯᠠᠨ ᠴᠤᠬᠤᠢᠯᠭᠠᠯ᠎ᠠ᠃ ᠳᠡᠮᠡᠢ ᠬᠣᠯᠠ ᠦᠭᠡᠢ ᠪᠠᠢᠭ᠎ᠠ ᠲᠣᠮᠤᠬᠠᠨ ᠯᠢᠩᠬᠤ᠎ᠠ ᠶᠢᠨ ᠨᠠᠪᠴᠢ ᠳᠣᠭᠤᠤᠷ ᠨᠢᠭᠡ ᠬᠥᠮᠦᠨ ᠦ ᠴᠢᠷᠠᠢ ᠪᠦᠷᠲᠦᠭᠡᠨᠡᠨ ᠴᠤᠬᠤᠢᠨ᠎ᠠ᠃ ᠬᠠᠭᠠᠰ ᠪᠡᠶ᠎ᠡ ᠨᠢ ᠤᠰᠤᠨ ᠳᠤ ᠪᠤᠢ᠃ ᠯᠢᠩᠬᠤ᠎ᠠ ᠬᠤᠪᠢᠷᠠᠭᠰᠠᠨ ᠪᠢᠰᠢ ᠪᠢᠵᠡ︖ ᠱᠦᠢ ᠱᠧᠩ ᠮᠠᠨᠢ ᠪᠢᠰᠢ ᠭᠡᠵᠢ ᠦᠦ︖ ᠳᠠᠬᠢᠨ ᠯᠠᠪᠯᠠᠨ ᠠᠵᠢᠭᠯᠠᠭᠰᠠᠭᠠᠷ ᠤᠳᠠᠯ ᠦᠭᠡᠢ ᠥᠪᠡᠷ ᠥᠪᠡᠷ ᠦᠨ ᠡᠷ᠎ᠡ ᠨᠥᠬᠦᠷ ᠦᠨ ᠢᠶᠡᠨ ᠵᠢᠰᠦ ᠴᠢᠷᠠᠢ ᠶᠢ ᠣᠯᠵᠤ ᠬᠠᠷᠠᠯ᠎ᠠ᠃ ᠠ᠂ ᠲᠡᠳᠡ ᠮᠠᠨᠢ ᠰᠢᠪ ᠳ᠋ᠠ︕

ᠭᠡᠲᠡᠯ᠎ᠡ ᠴᠡᠴᠡᠭ ᠦᠨ ᠨᠠᠪᠴᠢᠨ ᠳᠣᠣᠷ᠎ᠠ ᠨᠢᠭᠤᠨ ᠬᠣᠷᠭᠤᠭᠳᠠᠵᠤ ᠪᠠᠢᠭᠰᠠᠨ ᠲᠡᠳᠡᠭᠡᠷ ᠪᠠᠢᠯᠳᠤᠭᠴᠢᠳ᠂ ᠪᠦᠬᠦ ᠠᠩᠬᠠᠷᠤᠯ ᠢᠶᠡᠨ ᠳᠠᠢᠰᠤᠨ ᠤᠷᠤᠭᠤ ᠲᠥᠪᠯᠡᠷᠡᠭᠦᠯᠵᠦ ᠪᠠᠢᠭᠰᠠᠨ ᠲᠤᠯᠠ ᠲᠡᠳᠡᠨ ᠢ ᠪᠡᠨ ᠣᠭᠲᠤᠬᠠᠨ ᠴᠤ ᠣᠯᠵᠤ ᠦᠵᠡᠭᠰᠡᠨ ᠦᠭᠡᠢ ᠪᠠᠢᠵᠠᠢ᠃ ᠫᠤᠤ ᠶᠢᠨ ᠳᠠᠭᠤᠨ ᠬᠡᠰᠡᠭ᠌ ᠰᠦᠷᠡᠬᠡᠢ ᠰᠢᠷᠦᠭᠦᠰᠴᠦ ᠲᠣᠪ ᠲᠣᠳᠤᠬᠠᠨ ᠪᠣᠯᠵᠤ᠂ ᠬᠡᠳᠦᠨ ᠬᠡᠰᠡᠭ᠌ ᠭᠠᠯᠯᠠᠯᠲᠠ ᠶᠢᠨ ᠳᠠᠷᠠᠭ᠎ᠠ ᠲᠡᠳᠡ ᠭᠠᠷᠨᠠᠲᠠ ᠰᠢᠳᠡᠭᠰᠡᠭᠡᠷ ᠪᠢᠯᠬᠠᠮᠠᠯ ᠡᠴᠡ ᠳᠠᠭᠠᠷᠢᠨ ᠭᠠᠷᠴᠤ ᠢᠷᠡᠯ᠎ᠡ᠃

ᠭᠠᠷᠨᠠᠲᠠ ᠳᠠᠢᠰᠤᠨ ᠤ ᠲᠣᠮᠤ ᠣᠩᠭᠤᠴᠠ ᠶᠢ ᠵᠢᠪᠪᠦᠭᠦᠯᠴᠢᠬᠡᠯ᠎ᠡ᠃ ᠪᠠᠢᠳᠠᠭ ᠨᠢ ᠴᠥᠮ ᠤᠰᠤᠨ ᠳᠤ ᠵᠢᠪᠴᠦ᠂ ᠤᠰᠤᠨ ᠳᠡᠭᠡᠷ᠎ᠡ ᠵᠥᠪᠬᠡᠨ ᠪᠥᠭᠡᠮ ᠬᠠᠷ᠎ᠠ ᠳᠠᠷᠢ ᠶᠢᠨ ᠤᠲᠤᠭᠠᠨ ᠤ ᠦᠨᠦᠷ ᠡᠴᠡ ᠥᠭᠡᠷ᠎ᠡ ᠶᠠᠭᠤᠮ᠎ᠠ ᠭᠡᠵᠦ ᠦᠯᠡᠳᠡᠭᠰᠡᠨ ᠦᠭᠡᠢ ᠪᠢᠯᠡ᠃ ᠪᠠᠢᠯᠳᠤᠭᠴᠢᠳ ᠬᠠᠰᠭᠢᠷᠤᠯᠳᠤᠨ ᠢᠨᠢᠶᠡᠯᠴᠡᠭᠰᠡᠭᠡᠷ ᠣᠯᠵᠠᠯᠠᠭᠰᠠᠨ ᠶᠠᠭᠤᠮ᠎ᠠ ᠬᠡᠦᠮ᠎ᠡ ᠪᠡᠨ ᠱᠦᠭᠦᠨ ᠭᠠᠷᠭᠠᠨ᠎ᠠ᠃ ᠲᠡᠳᠡ ᠤᠰᠤᠨ ᠤ ᠢᠷᠤᠭᠠᠷ ᠲᠤ ᠣᠷᠤᠭᠠᠳ ᠲᠣᠮᠤ ᠵᠢᠭᠠᠰᠤ ᠶᠢ ᠱᠦᠭᠦᠳᠡᠭ᠌ ᠡᠷᠳᠡᠮ ᠢᠶᠡᠨ ᠭᠠᠷᠭᠠᠵᠤ ᠳᠠᠢᠰᠤᠨ ᠤ ᠫᠤᠤ ᠰᠤᠮᠤ ᠵᠡᠷᠭᠡ ᠶᠢ ᠤᠷᠤᠯᠳᠤᠨ ᠱᠦᠭᠦᠵᠡᠭᠡᠵᠦ ᠪᠠᠰᠠ ᠭᠤᠯᠢᠷ᠂ ᠲᠤᠲᠤᠷᠭ᠎ᠠ ᠭᠠᠷᠭᠠᠨ᠎ᠠ᠃ ᠱᠦᠢ ᠱᠧᠩ ᠤᠰᠤᠨ ᠳᠡᠭᠡᠷ᠎ᠡ ᠬᠥᠪᠴᠦ ᠶᠠᠪᠤᠭ᠎ᠠ ᠨᠠᠷᠢᠯᠢᠭ ᠬᠢᠴᠡᠲᠦ ᠴᠠᠭᠠᠰᠤᠨ ᠬᠠᠢᠷᠴᠠᠭ ᠲᠤ ᠬᠢᠭᠰᠡᠨ ᠪᠣᠣᠪᠤ ᠶᠢ ᠨᠡᠬᠡᠨ᠎ᠡ᠃

ᠡᠮᠡᠭᠲᠡᠢᠴᠦᠳ᠂ ᠪᠦᠬᠦ ᠪᠡᠶ᠎ᠡ ᠡᠴᠡ ᠪᠡᠨ ᠤᠰᠤ ᠭᠣᠭᠤᠵᠢᠭᠤᠯᠤᠨ᠂ ᠵᠠᠪᠢ ᠪᠠᠨ ᠰᠡᠯᠢᠭᠰᠡᠭᠡᠷ ᠣᠴᠢᠵᠠᠭᠠᠯ᠎ᠠ᠃

ᠱᠦᠢ ᠱᠧᠩ ᠲᠡᠷᠡ ᠬᠦ ᠴᠠᠭᠠᠰᠤᠨ ᠬᠠᠢᠷᠴᠠᠭ ᠲᠠᠢ ᠪᠣᠣᠪᠤ ᠶᠢ ᠨᠢᠭᠡ ᠭᠠᠷ ᠲᠠᠭᠠᠨ ᠳᠡᠭᠡᠷ᠎ᠡ ᠡᠷᠭᠦᠨ᠂ ᠨᠥᠭᠦᠭᠡ ᠭᠠᠷ ᠢᠶᠡᠷ ᠢᠶᠡᠨ ᠤᠰᠤ ᠰᠡᠯᠢᠭᠰᠡᠭᠡᠷ ᠪᠢᠯᠬᠠᠮᠠᠯ ᠤᠷᠤᠭᠤ ᠶᠡᠬᠡ ᠳᠠᠭᠤᠨ ᠢᠶᠡᠷ᠄

«ᠲᠠ ᠨᠠᠷ ᠭᠠᠷᠴᠤ ᠢᠷᠡᠵᠡᠭᠡ︕» ᠭᠡᠵᠦ ᠪᠠᠷᠬᠢᠷᠠᠯ᠎ᠠ᠃

ᠡᠮᠡᠭᠲᠡᠢᠴᠦᠳ ᠵᠠᠪᠢ ᠪᠠᠨ ᠰᠡᠯᠢᠭᠰᠡᠭᠡᠷ ᠭᠠᠷᠴᠤ ᠢᠷᠡᠯ᠎ᠡ᠃ ᠭᠡᠨᠡᠳᠲᠡ ᠲᠡᠳᠡᠨ ᠦ ᠣᠩᠭᠤᠴᠠᠨ ᠳᠣᠣᠷ᠎ᠠ ᠡᠴᠡ ᠨᠢᠭᠡ ᠬᠥᠮᠦᠨ ᠦ ᠲᠣᠯᠤᠭᠠᠢ ᠴᠤᠬᠤᠢᠪᠠ᠃ ᠡᠨᠡ ᠬᠥᠮᠦᠨ ᠨᠢ ᠨᠤᠲᠤᠭ ᠤᠨ ᠪᠠᠭ᠎ᠠ ᠠᠩᠭᠢ ᠶᠢᠨ ᠳᠠᠷᠤᠭ᠎ᠠ ᠪᠣᠯᠬᠤ ᠶᠢ ᠱᠦᠢ ᠱᠧᠩ ᠤᠨ ᠡᠬᠡᠨᠡᠷ ᠨᠢ ᠯᠡ ᠲᠠᠨᠢᠳᠠᠭ ᠪᠠᠢᠵᠠᠢ᠃ ᠲᠡᠷᠡ ᠬᠥᠮᠦᠨ ᠨᠢᠭᠤᠷ ᠳᠡᠭᠡᠷᠡᠬᠢ ᠤᠰᠤ ᠪᠠᠨ ᠬᠤᠰᠤᠭᠠᠳ᠄«ᠲᠠ ᠨᠠᠷ ᠶᠠᠭᠤ ᠬᠢᠬᠦ ᠪᠡᠷ ᠢᠷᠡᠪᠡ︖» ᠭᠡᠵᠦ ᠠᠰᠠᠭᠤᠪᠠ᠃

ᠱᠦᠢ ᠱᠧᠩ ᠤᠨ ᠡᠬᠡᠨᠡᠷ᠄«ᠲᠡᠳᠡᠨ ᠳᠦ ᠬᠤᠪᠴᠠᠰᠤ ᠬᠦᠷᠭᠡᠬᠦ ᠪᠡᠷ ᠢᠷᠡᠵᠦ ᠶᠠᠪᠤᠭ᠎ᠠ» ᠭᠡᠪᠡ᠃

ᠠᠩᠭᠢ ᠶᠢᠨ ᠳᠠᠷᠤᠭ᠎ᠠ᠂ ᠱᠦᠢ ᠱᠧᠩ ᠤᠷᠤᠭᠤ ᠬᠠᠷᠠᠭᠠᠳ᠄«ᠴᠥᠮ ᠲᠠᠨ ᠤ ᠲᠣᠰᠭᠤᠨ ᠤ ᠬᠢ ᠤᠤ︖» ᠭᠡᠬᠦ ᠳᠦ᠂

«ᠲᠡᠳᠡᠨ ᠡᠴᠡ ᠥᠭᠡᠷ᠎ᠡ ᠬᠡᠨ ᠪᠠᠢᠬᠤ ᠪᠤᠢ︖ ᠬᠡᠰᠡᠭ᠌ ᠬᠣᠴᠤᠷᠤᠭᠳᠠᠩᠭᠤᠢ ᠡᠮᠡᠭᠲᠡᠢᠴᠦᠳ︕» ᠭᠡᠵᠦ ᠬᠡᠯᠡᠭᠡᠳ ᠱᠦᠢ ᠱᠧᠩ ᠨᠥᠭᠦᠭᠡ ᠴᠠᠭᠠᠰᠤᠨ ᠬᠠᠢᠷᠴᠠᠭ ᠲᠠᠢ ᠪᠠᠨ ᠲᠡᠳᠡᠨ ᠦ ᠵᠠᠪᠢ ᠳᠤ ᠰᠢᠳᠡᠵᠦ ᠣᠷᠬᠢᠭᠠᠳ ᠳᠠᠬᠢᠨ ᠤᠰᠤᠨ ᠤ ᠢᠷᠤᠭᠠᠷ ᠲᠤ ᠵᠢᠪᠪᠦᠵᠦ ᠣᠷᠤᠭᠠᠳ᠂ ᠲᠡᠷᠲᠡᠭᠡ ᠬᠣᠯᠠ ᠣᠴᠢᠭᠠᠳ ᠲᠣᠯᠤᠭᠠᠢ ᠪᠠᠨ ᠴᠤᠬᠤᠢᠯᠭᠠᠨ᠎ᠠ᠃

ᠠᠩᠭᠢ ᠶᠢᠨ ᠳᠠᠷᠤᠭ᠎ᠠ ᠲᠣᠭᠯᠠᠭᠠᠮ ᠬᠢᠵᠦ᠄«ᠲᠠ ᠨᠠᠷ ᠤᠨ ᠢᠷᠡᠭᠰᠡᠨ ᠲᠠᠯᠠᠭᠠᠷ ᠪᠣᠯᠤᠭᠰᠠᠨ ᠦᠭᠡᠢ᠃ ᠲᠠ ᠨᠠᠷ ᠢᠷᠡᠭᠡ ᠦᠭᠡᠢ ᠪᠣᠯ ᠪᠢᠳᠡᠨ ᠦ ᠪᠦᠭᠦᠳᠡ ᠳᠠᠭᠠᠷᠢᠬᠤ ᠲᠤᠯᠤᠯᠳᠤᠭᠠᠨ ᠢᠩᠭᠢᠵᠦ ᠲᠤᠤᠱᠲᠠᠢ ᠶᠠᠪᠤᠭᠳᠠᠵᠤ ᠴᠢᠳᠠᠬᠤ ᠦᠭᠡᠢ᠃ ᠡᠭᠦᠷᠭᠡ ᠮᠠᠨᠢ ᠪᠡᠶᠡᠯᠡᠭᠳᠡᠯ᠎ᠡ᠃ ᠨᠥᠬᠦᠳ ᠬᠠᠷᠢᠭᠠᠳ ᠬᠤᠪᠴᠠᠰᠤ ᠬᠤᠨᠠᠷ ᠢᠶᠡᠨ ᠬᠠᠲᠠᠭᠠᠵᠤ ᠪᠣᠯᠤᠨ᠎ᠠ᠃ ᠭᠡᠪᠡᠴᠦ ᠪᠠᠢᠳᠠᠯ ᠪᠣᠯ ᠰᠢᠷᠦᠭᠦᠨ ᠪᠠᠢᠭ᠎ᠠ ᠰᠢᠤ ᠳ᠋ᠠ» ᠭᠡᠯ᠎ᠡ᠃

ᠪᠠᠢᠯᠳᠤᠭᠴᠢᠳ ᠣᠯᠵᠠᠯᠠᠭᠰᠠᠨ ᠶᠠᠭᠤᠮ᠎ᠠ ᠬᠡᠦᠮ᠎ᠡ ᠪᠡᠨ ᠴᠥᠮ ᠲᠡᠳᠡᠨ ᠦ ᠵᠠᠪᠢ ᠳᠤ ᠠᠴᠢᠵᠤ ᠪᠤᠴᠠᠬᠤ ᠪᠠᠷ ᠪᠡᠯᠡᠳᠭᠡᠯ᠎ᠡ᠃ ᠨᠢᠭᠡ ᠨᠢ ᠯᠢᠩᠬᠤ᠎ᠠ ᠶᠢᠨ ᠲᠣᠮᠤ ᠨᠠᠪᠴᠢ ᠶᠢ ᠲᠠᠰᠤᠳᠠᠨ ᠲᠣᠯᠤᠭᠠᠢ ᠳᠡᠭᠡᠷ᠎ᠡ ᠪᠡᠨ ᠲᠠᠯᠪᠢᠵᠤ ᠦᠳᠡ ᠳᠤᠮᠳᠠ ᠶᠢᠨ ᠨᠠᠷᠠ ᠶᠢ ᠬᠠᠯᠬᠠᠯᠠᠨ᠎ᠠ᠃ ᠡᠮᠡᠭᠲᠡᠢᠴᠦᠳ᠂ ᠨᠥᠭᠦᠭᠡ ᠬᠠᠢᠷᠴᠠᠭ ᠲᠠᠢ ᠶᠢ ᠳᠠᠬᠢᠨ ᠲᠡᠳᠡ ᠤᠷᠤᠭᠤ ᠰᠢᠳᠡᠨ᠎ᠡ᠃ ᠪᠠᠢᠯᠳᠤᠭᠴᠢᠳ ᠤᠨ ᠪᠢᠴᠢᠬᠠᠨ ᠭᠤᠷᠪᠠᠨ ᠵᠠᠪᠢ ᠠᠰ ᠤᠷᠤᠭᠰᠢ ᠴᠢᠭᠯᠡᠨ ᠬᠠᠷᠪᠤᠭᠰᠠᠨ ᠰᠤᠮᠤ ᠰᠢᠭ ᠬᠠᠯᠢᠨ ᠳᠡᠭᠳᠡᠵᠦ ᠤᠳᠠᠯ ᠦᠭᠡᠢ ᠤᠲᠤᠭ᠎ᠠ ᠤᠨᠢᠶᠠᠷ ᠡᠴᠡ ᠰᠠᠯᠤᠨ ᠣᠳᠪᠠ᠃

ᠬᠡᠳᠦᠨ ᠵᠠᠯᠠᠭᠤ ᠡᠮᠡᠭᠲᠡᠢᠴᠦᠳ ᠥᠪᠡᠷ ᠦᠨ ᠢᠶᠡᠨ ᠵᠠᠪᠢ ᠶᠢ ᠰᠡᠯᠢᠭᠰᠡᠭᠡᠷ ᠭᠡᠷ ᠦᠨ ᠢᠶᠡᠨ ᠵᠦᠭ᠌ ᠱᠠᠯᠠᠪᠳᠠᠨ ᠶᠠᠪᠤᠨ᠎ᠠ᠃ ᠲᠡᠳᠡ ᠴᠥᠮ ᠤᠰᠤᠨ ᠳᠤ ᠤᠨᠠᠭᠰᠠᠨ ᠲᠠᠬᠢᠶ᠎ᠠ ᠰᠢᠭ ᠯᠠ ᠪᠠᠢᠯ᠎ᠠ᠃ ᠬᠡᠲᠦᠷᠬᠡᠢ ᠬᠡᠢᠷᠭᠡᠭᠰᠡᠨ ᠬᠡᠳᠦᠭᠦᠯᠡ ᠮᠠᠨᠢ ᠳᠠᠬᠢᠨ ᠶᠠᠷᠢᠯᠴᠠᠨ ᠬᠥᠭᠡᠷᠦᠯᠳᠦᠭᠰᠡᠭᠡᠷ ᠶᠠᠪᠤᠨ᠎ᠠ᠃

ᠣᠩᠭᠤᠴᠠᠨ ᠤ ᠲᠣᠯᠤᠭᠠᠢ ᠳᠡᠭᠡᠷ᠎ᠡ ᠭᠡᠳᠡᠷᠭᠦ ᠬᠠᠨᠳᠤᠵᠤ ᠰᠠᠭᠤᠭᠰᠠᠨ ᠨᠢᠭᠡ ᠡᠮᠡᠭᠲᠡᠢ᠄«ᠲᠡᠳᠡ ᠪᠢᠳᠡᠨ ᠢ ᠬᠠᠷᠠᠴᠢᠬᠠᠭᠠᠳ ᠣᠢᠰᠢᠶᠠᠬᠤ ᠴᠤ ᠦᠭᠡᠢ ᠪᠠᠢᠭᠰᠠᠨ ᠢ ᠦᠵᠡᠭᠡᠴᠢ ᠳ᠋ᠡ︕» ᠭᠡᠬᠦ ᠳᠦ ᠨᠥᠭᠦᠭᠡ ᠨᠢ᠄

«ᠲᠡᠢᠮᠦ᠂ ᠶᠠᠭ ᠯᠠ ᠪᠢᠳᠡ ᠲᠡᠳᠡᠨ ᠦ ᠨᠢᠭᠤᠷ ᠢ ᠨᠢ ᠪᠠᠷᠠᠴᠢᠬᠠᠭᠰᠠᠨ ᠶᠤᠮ ᠰᠢᠭ ᠯᠠ» ᠭᠡᠨ᠎ᠡ᠃

ᠲᠡᠳᠡ ᠥᠪᠡᠷᠰᠡᠳ ᠢᠶᠡᠨ ᠴᠦ ᠢᠨᠢᠶᠡᠵᠡᠭᠡᠭᠡᠳ᠂ ᠥᠨᠥᠳᠦᠷ ᠦᠨ ᠶᠠᠪᠤᠳᠠᠯ ᠴᠤ ᠲᠡᠢᠮᠦ ᠥᠩᠭᠡ ᠭᠡᠷᠡᠯᠲᠡᠢ ᠪᠢᠰᠢ ᠯᠡ ᠳ᠋ᠡ᠂ ᠭᠡᠪᠡᠴᠦ -

«ᠪᠢᠳᠡᠨ ᠳᠦ ᠫᠤᠤ ᠪᠠᠢᠭᠰᠠᠨ ᠦᠭᠡᠢ ᠶᠤᠮ ᠴᠢᠨᠢ᠂ ᠫᠤᠤ ᠲᠠᠢ ᠰᠠᠨ ᠪᠣᠯ ᠯᠢᠩᠬᠤ᠎ᠠ ᠴᠡᠴᠡᠭᠲᠦ ᠪᠢᠯᠬᠠᠮᠠᠯ ᠤᠷᠤᠭᠤ ᠳᠤᠲᠠᠭᠠᠬᠤ ᠦᠭᠡᠢ᠂ ᠰᠢᠭᠤᠳ ᠲᠣᠮᠤ ᠪᠢᠯᠬᠠᠮᠠᠯ ᠤᠨ ᠳᠣᠲᠤᠷ᠎ᠠ ᠴᠢᠳᠭᠦᠷ ᠤᠳ ᠲᠠᠢ ᠦᠵᠡᠯᠴᠡᠬᠦ ᠪᠠᠢᠭᠰᠠᠨ ᠶᠤᠮ︕»

«ᠪᠠᠢᠯᠳᠤᠨ ᠲᠤᠯᠤᠯᠳᠤᠬᠤ ᠶᠢ ᠪᠢ ᠥᠨᠥᠳᠦᠷ ᠣᠯᠵᠤ ᠦᠵᠡᠯ᠎ᠡ᠃ ᠲᠤᠯᠤᠭ᠎ᠠ ᠬᠢᠨ᠎ᠡ ᠭᠡᠳᠡᠭ ᠴᠢᠨᠢ ᠲᠡᠢᠮᠦ ᠯᠡ ᠠᠢᠬᠤᠪᠲᠤᠷ ᠶᠠᠭᠤᠮ᠎ᠠ ᠪᠢᠰᠢ ᠳ᠋ᠡ᠂ ᠵᠥᠪᠬᠡᠨ ᠵᠣᠷᠢᠭ ᠲᠠᠢ ᠯᠠ ᠪᠠᠢᠳᠠᠭ ᠶᠤᠮ ᠪᠣᠯ᠂ ᠲᠡᠨᠳᠡ ᠬᠡᠪᠲᠡᠭᠡᠳ ᠭᠠᠯᠯᠠᠬᠤ ᠶᠢ ᠬᠡᠨ ᠴᠢᠳᠠᠬᠤ ᠦᠭᠡᠢ ᠪᠤᠢ ᠳ᠋ᠠ︕»

«ᠣᠩᠭᠤᠴᠠ ᠶᠢ ᠴᠣᠬᠢᠭᠠᠳ ᠵᠢᠪᠪᠦᠭᠦᠯᠴᠢᠬᠡᠪᠡᠯ ᠪᠢ ᠴᠦ ᠭᠡᠰᠡᠨ ᠤᠰᠤᠨ ᠳᠤ ᠣᠷᠤᠭᠠᠳ ᠶᠠᠭᠤᠮ᠎ᠠ ᠱᠦᠭᠦᠵᠦ ᠴᠢᠳᠠᠨ᠎ᠠ᠃ ᠪᠢ ᠤᠰᠤᠨ ᠳᠠᠭᠠᠨ ᠲᠡᠳᠡᠨ ᠡᠴᠡ ᠬᠠᠮᠢᠶ᠎ᠠ ᠦᠭᠡᠢ ᠰᠠᠢᠨ᠃ ᠲᠡᠭᠦᠨ ᠡᠴᠡ ᠭᠦᠨ ᠪᠣᠯᠤᠭᠰᠠᠨ ᠴᠤ ᠠᠶᠤᠬᠤ ᠦᠭᠡᠢ᠃»

«ᠱᠦᠢ ᠱᠧᠩ ᠪᠡᠷᠭᠡᠨ ᠡ᠂ ᠬᠠᠷᠢᠭᠠᠳ ᠪᠢᠳᠡ ᠪᠠᠰᠠ ᠳᠤᠭᠤᠢᠯᠠᠩ ᠪᠠᠢᠭᠤᠯᠵᠠᠭᠠᠶ᠎ᠠ᠃ ᠲᠡᠭᠡᠬᠦ ᠦᠭᠡᠢ ᠪᠣᠯ ᠪᠢᠳᠡ ᠮᠥᠨ ᠭᠠᠳᠠᠭᠰᠢ ᠭᠠᠷᠴᠤ ᠴᠢᠳᠠᠬᠤ ᠦᠭᠡᠢ ᠰᠢᠦ᠃»

«ᠰᠠᠶᠢ ᠴᠡᠷᠢᠭ᠌ ᠲᠦ ᠣᠷᠤᠮᠠᠭᠴᠠ ᠪᠠᠨ ᠮᠠᠨ ᠢ ᠣᠢᠰᠢᠶᠠᠬᠤ ᠦᠭᠡᠢ ᠪᠣᠯᠴᠢᠬᠠᠯ᠎ᠠ᠃ ᠨᠢᠭᠡ ᠬᠣᠶᠠᠷ ᠵᠢᠯ ᠦᠨ ᠳᠠᠷᠠᠭ᠎ᠠ ᠪᠢᠳᠡᠨ ᠢ ᠤᠯᠠᠮ ᠰᠣᠬᠤᠷ ᠵᠣᠭᠤᠰ ᠴᠤ ᠬᠦᠷᠬᠦ ᠦᠭᠡᠢ ᠪᠡᠷ ᠦᠵᠡᠬᠦ ᠪᠠᠢᠬᠤ᠃ ᠴᠣᠬᠤᠮ ᠬᠡᠨ ᠨᠢ ᠬᠡᠨ ᠡᠴᠡ ᠪᠡᠨ ᠬᠣᠴᠤᠷᠤᠭᠠᠳ ᠬᠠᠮᠢᠭ᠎ᠠ ᠬᠦᠷᠬᠦ ᠪᠤᠢ ᠳ᠋ᠠ︕»

ᠡᠨᠡ ᠵᠢᠯ ᠦᠨ ᠨᠠᠮᠤᠷ ᠲᠡᠳᠡ ᠫᠤᠤᠳᠠᠯᠭ᠎ᠠ ᠬᠢᠵᠦ ᠰᠤᠷᠤᠯ᠎ᠠ᠃ ᠡᠪᠦᠯ ᠨᠢ ᠮᠥᠰᠦ ᠬᠠᠭᠠᠯᠵᠤ ᠵᠢᠭᠠᠰᠤ ᠱᠦᠭᠦᠬᠦ ᠦᠶ᠎ᠡ ᠪᠡᠷ ᠲᠡᠳᠡ ᠴᠥᠮ ᠴᠢᠷᠭ᠎ᠠ ᠪᠠᠷ ᠢᠶᠡᠨ ᠨᠠᠰᠢ ᠴᠠᠰᠢ ᠰᠦᠯᠵᠢᠵᠦ ᠰᠡᠷᠭᠡᠢᠯᠡᠵᠡᠭᠡᠵᠦ ᠪᠠᠢᠯ᠎ᠠ᠃ ᠳᠠᠢᠰᠤᠨ ᠲᠡᠷᠡ ᠬᠦ ᠬᠤᠯᠤᠰᠤᠲᠤ ᠨᠠᠮᠤᠭ ᠢ«ᠪᠦᠰᠡᠯᠡᠨ ᠱᠦᠭᠦᠷᠳᠡᠬᠦ» ᠦᠶ᠎ᠡ ᠳᠦ ᠲᠡᠳᠡ᠂ ᠠᠬ᠎ᠠ ᠳᠡᠭᠦᠦ ᠪᠠᠢᠯᠳᠤᠭᠴᠢᠳ ᠲᠠᠢ ᠪᠠᠨ ᠬᠠᠮᠲᠤᠷᠠᠨ ᠪᠠᠢᠯᠳᠤᠬᠤ ᠨᠢ ᠲᠡᠷᠡ ᠶᠡᠬᠡ ᠬᠤᠯᠤᠰᠤᠨ ᠳᠠᠯᠠᠢ ᠳᠤ ᠬᠠᠷᠠᠭᠳᠠᠵᠤ ᠪᠠᠢᠭᠰᠠᠨ ᠪᠢᠯᠡ᠃

1945 ᠣᠨ᠎ᠠ ᠶᠠᠨ ᠠᠨ ᠳᠤ

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082