ᠮᠣᠩᠭᠣᠯ ᠪᠢᠴᠢᠭ᠌
|


ᠨᠢᠳᠦ ᠪᠣᠯ ᠬᠥᠮᠦᠨ ᠪᠠ ᠠᠮᠢᠲᠠᠨ ᠤ ᠪᠡᠶ᠎ᠡ ᠳᠡᠭᠡᠷᠡᠬᠢ ᠴᠢᠬᠤᠯᠠ ᠰᠡᠷᠡᠯ ᠦᠨ ᠡᠷᠬᠡᠲᠡᠨ ᠮᠥᠨ᠃ ᠬᠥᠮᠦᠨ ᠦ ᠨᠢᠳᠦ ᠪᠣᠯ ᠪᠤᠰᠤᠳ ᠰᠡᠷᠡᠯ ᠦᠨ ᠡᠷᠬᠡᠲᠡᠨ ᠦ ᠮᠡᠳᠡᠳᠡᠭ ᠦᠭᠡᠢ ᠳᠣᠬᠢᠶ᠎ᠠ ᠶᠢ ᠭᠠᠳᠠᠭᠠᠳᠤ ᠶᠢᠷᠲᠢᠨᠴᠦ ᠡᠴᠡ ᠣᠯᠵᠤ ᠮᠡᠳᠡᠳᠡᠭ᠌ ᠢᠶᠡᠷ ᠦᠯᠦ ᠪᠠᠷᠠᠨ ᠪᠤᠰᠤᠳ ᠰᠡᠷᠡᠯ ᠦᠨ ᠡᠷᠬᠡᠲᠡᠨ ᠡᠴᠡ ᠬᠣᠯᠠ ᠢᠯᠡᠭᠦᠦ ᠮᠡᠳᠡᠳᠡᠭ ᠶᠤᠮ᠃ ᠰᠤᠳᠤᠯᠤᠭᠰᠠᠨ ᠢ ᠦᠨᠳᠦᠰᠦᠯᠡᠪᠡᠯ ᠭᠠᠳᠠᠭᠠᠳᠤ ᠶᠢᠷᠲᠢᠨᠴᠦ ᠡᠴᠡ ᠬᠥᠮᠦᠨ ᠦ ᠲᠠᠷᠢᠬᠢᠨ ᠳᠤ ᠲᠤᠰᠭᠠᠭᠳᠠᠭᠰᠠᠨ ᠳᠣᠬᠢᠶᠠᠨ ᠤ ᠵᠠᠭᠤᠨ ᠤ ᠶᠡᠷᠡ ᠡᠴᠡ ᠳᠡᠭᠡᠭᠰᠢᠬᠢ ᠨᠢ ᠴᠥᠮ ᠨᠢᠳᠦ ᠪᠡᠷ ᠢᠶᠡᠨ ᠣᠯᠵᠤ ᠮᠡᠳᠡᠭᠰᠡᠨ ᠵᠦᠢᠯᠡᠰ ᠪᠣᠯᠤᠨ᠎ᠠ᠃
ᠨᠢᠳᠦᠨ ᠦ ᠦᠨᠳᠦᠰᠦᠨ ᠠᠵᠢᠯᠯᠠᠭ᠎ᠠ ᠪᠣᠯ ᠭᠡᠷᠡᠯ ᠦᠨ ᠰᠡᠳᠦᠯᠲᠡ ᠪᠡᠷ ᠵᠢᠷᠤᠭ ᠳᠦᠷᠰᠦ ᠶᠢ ᠲᠣᠳᠤᠯᠠᠬᠤ ᠪᠣᠯᠤᠨ᠎ᠠ᠄ ᠭᠠᠳᠠᠭᠠᠳᠤ ᠶᠢᠷᠲᠢᠨᠴᠦ ᠶᠢᠨ ᠦᠵᠡᠮᠵᠢ ᠡᠴᠡ ᠡᠭᠦᠰᠦᠭᠰᠡᠨ ᠭᠡᠷᠡᠯ ᠦᠨ ᠱᠤᠭᠤᠮ ᠨᠢᠳᠦᠨ ᠦ ᠭᠡᠷᠡᠯᠯᠢᠭ᠌ ᠦᠨ ᠰᠢᠰᠲ᠋ᠧᠮ ᠢᠶᠡᠷ ᠳᠠᠮᠵᠢᠭᠠᠳ ᠨᠢᠳᠦᠨ ᠦ ᠲᠣᠣᠷᠯᠢᠭ ᠪᠦᠷᠬᠦᠪᠴᠢ ᠶᠢᠨ ᠰᠡᠷᠡᠯ ᠦᠨ ᠡᠰ ᠳᠡᠭᠡᠷ᠎ᠡ ᠲᠤᠰᠪᠠᠯ ᠰᠡᠷᠡᠯ ᠦᠨ ᠡᠰ ᠭᠡᠷᠡᠯ ᠦᠨ ᠰᠡᠳᠦᠯᠲᠡ ᠶᠢ ᠨᠢᠭᠡᠨ ᠴᠠᠬᠢᠯᠭᠠᠨ ᠳᠣᠬᠢᠶ᠎ᠠ ᠪᠣᠯᠭᠠᠭᠠᠳ ᠳᠠᠷᠠᠭ᠎ᠠ ᠨᠢ ᠬᠠᠷᠠᠭᠠᠨ ᠤ ᠮᠡᠳᠡᠷᠡᠯ ᠢᠶᠡᠷ ᠳᠠᠮᠵᠢᠭᠤᠯᠵᠤ ᠶᠡᠬᠡ ᠲᠠᠷᠢᠬᠢᠨ ᠳᠤ ᠬᠦᠷᠭᠡᠭᠡᠳ᠂ ᠳᠠᠬᠢᠨ ᠲᠠᠷᠢᠬᠢᠨ ᠤ ᠶᠡᠷᠦᠩᠬᠡᠢ ᠵᠠᠳᠠᠯᠤᠯᠲᠠ ᠪᠠᠷ ᠬᠥᠮᠦᠨ ᠪᠠ ᠠᠮᠢᠲᠠᠨ᠂ ᠦᠵᠡᠮᠵᠢ ᠶᠢᠨ ᠬᠡᠪ ᠳᠦᠷᠰᠦ᠂ ᠥᠩᠭᠡ ᠪᠤᠳᠤᠭ ᠪᠣᠯᠤᠨ ᠦᠢᠯᠡ ᠬᠥᠳᠡᠯᠦᠯ ᠦᠨ ᠪᠠᠢᠳᠠᠯ ᠢ ᠨᠢ ᠣᠯᠵᠤ ᠬᠠᠷᠠᠳᠠᠭ ᠶᠤᠮ᠃ ᠬᠥᠮᠦᠨ ᠦ ᠨᠢᠳᠦ ᠶᠢ ᠪᠤᠰᠤᠳ ᠵᠦᠢᠯ ᠦᠨ ᠠᠮᠢᠲᠠᠨ ᠤ ᠨᠢᠳᠦᠨ ᠲᠠᠢ ᠠᠳᠠᠯᠢᠳᠭᠠᠪᠠᠯ᠂ ᠪᠦᠲᠦᠴᠡ ᠶᠢᠨ ᠲᠠᠯ᠎ᠠ ᠪᠠᠷ ᠠᠳᠠᠯᠢ ᠦᠭᠡᠢ ᠪᠠᠢᠳᠠᠭ᠃ ᠠᠳᠠᠯᠢ ᠦᠭᠡᠢ ᠪᠦᠲᠦᠴᠡ ᠲᠠᠢ ᠣᠯᠠᠨ ᠵᠦᠢᠯ ᠦᠨ ᠨᠢᠳᠦ ᠨᠢ ᠠᠵᠢᠯᠯᠠᠭ᠎ᠠ ᠶᠢᠨ ᠲᠠᠯ᠎ᠠ ᠪᠠᠷ ᠮᠥᠨ ᠴᠥᠮ ᠣᠨᠴᠤᠭᠤᠢ ᠲᠠᠯ᠎ᠠ ᠲᠠᠢ ᠪᠠᠢᠳᠠᠭ᠃ ᠨᠢᠳᠦᠨ ᠦ ᠣᠯᠠᠨ ᠵᠦᠢᠯ ᠦᠨ ᠪᠦᠲᠦᠴᠡ ᠪᠠ ᠠᠵᠢᠯᠯᠠᠭ᠎ᠠ ᠶᠢ ᠰᠤᠳᠤᠯᠤᠨ ᠲᠠᠨᠢᠪᠠᠯ ᠬᠦᠨᠳᠦ ᠴᠢᠬᠤᠯᠠ ᠰᠡᠩᠬᠡᠷᠡᠯ ᠢ ᠣᠯᠵᠤ ᠪᠣᠯᠬᠤ ᠶᠤᠮ᠃ ᠡᠨᠡ ᠨᠢ ᠣᠳᠣ ᠦᠶ᠎ᠡ ᠶᠢᠨ ᠰᠢᠨᠵᠢᠯᠡᠬᠦ ᠤᠬᠠᠭᠠᠨ ᠲᠧᠭᠨᠢᠭ᠌ ᠮᠡᠷᠭᠡᠵᠢᠯ ᠢ ᠬᠥᠭᠵᠢᠭᠦᠯᠬᠦ ᠳᠦ ᠴᠢᠬᠤᠯᠠ ᠶᠡᠬᠡ ᠠᠴᠢ ᠬᠣᠯᠪᠤᠭᠳᠠᠯ ᠲᠠᠢ ᠶᠤᠮ᠃
ᠬᠥᠮᠦᠨ ᠦ ᠨᠢᠳᠦᠨ ᠦ ᠭᠡᠷᠡᠯᠯᠢᠭ᠌ ᠦᠨ ᠰᠢᠰᠲ᠋ᠧᠮ ᠪᠣᠯ ᠵᠢᠷᠤᠭ ᠲᠠᠲᠠᠬᠤ ᠮᠠᠰᠢᠨ ᠯᠤᠭ᠎ᠠ ᠮᠠᠰᠢ ᠠᠳᠠᠯᠢᠪᠲᠤᠷ ᠪᠠᠢᠳᠠᠭ᠃ ᠭᠡᠪᠡᠴᠦ ᠵᠢᠷᠤᠭ ᠲᠠᠲᠠᠬᠤ ᠮᠠᠰᠢᠨ ᠪᠣᠯ ᠵᠥᠪᠬᠡᠨ ᠦᠵᠡᠮᠵᠢ ᠶᠢᠨ ᠵᠢᠷᠤᠭ ᠳᠦᠷᠰᠦ ᠶᠢ ᠵᠥᠭᠡᠯᠡᠨ ᠢᠯᠲᠠᠰᠤᠨ ᠳᠡᠭᠡᠷ᠎ᠡ ᠰᠡᠭᠦᠳᠡᠷᠯᠡᠨ ᠠᠪᠳᠠᠭ᠃ ᠭᠡᠲᠡᠯ᠎ᠡ ᠬᠥᠮᠦᠨ ᠦ ᠨᠢᠳᠦ ᠪᠣᠯ ᠨᠢᠳᠦᠨ ᠲᠣᠣᠷᠯᠢᠭ ᠪᠦᠷᠬᠦᠪᠴᠢ ᠳᠡᠭᠡᠷ᠎ᠡ ᠲᠤᠰᠤᠭᠰᠠᠨ ᠵᠢᠷᠤᠭ ᠳᠦᠷᠰᠦ ᠶᠢ ᠶᠡᠬᠡ ᠲᠠᠷᠢᠬᠢᠨ ᠳᠤ ᠶᠠᠭ ᠣᠷᠬᠢᠭᠳᠠᠭᠤᠯᠤᠯ ᠦᠭᠡᠢ ᠪᠡᠷ ᠳᠠᠮᠵᠢᠭᠤᠯᠤᠨ ᠥᠭᠬᠦ ᠪᠢᠰᠢ᠂ ᠬᠠᠷᠢᠨ ᠤᠷᠢᠳᠠ ᠪᠠᠷ ᠵᠢᠷᠤᠭ ᠳᠦᠷᠰᠦ ᠶᠢ ᠳᠣᠬᠢᠶᠠᠨ ᠤ ᠲᠠᠯ᠎ᠠ ᠪᠠᠷ ᠪᠣᠯᠪᠠᠰᠤᠷᠠᠭᠤᠯᠵᠤ᠂ ᠬᠡᠷᠴᠢᠮ᠂ ᠥᠨᠴᠦᠭ᠌᠂ ᠮᠤᠷᠤᠢᠴᠠ᠂ ᠬᠥᠳᠡᠯᠦᠯ᠂ ᠥᠩᠭᠡ ᠬᠢᠭᠡᠳ ᠭᠡᠭᠡ ᠶᠢᠨ ᠬᠠᠷᠢᠴᠠᠯ ᠵᠡᠷᠭᠡ ᠴᠢᠬᠤᠯᠠ ᠳᠣᠬᠢᠶ᠎ᠠ ᠠᠭᠤᠯᠵᠤ ᠪᠦᠬᠦᠢ ᠳᠥᠬᠦᠮ ᠣᠨᠴᠠᠯᠢᠭ ᠢ ᠨᠢ ᠰᠢᠯᠢᠵᠦ ᠠᠪᠬᠤ ᠪᠥᠭᠡᠳ ᠲᠡᠭᠦᠨ ᠢᠶᠡᠨ ᠮᠡᠳᠡᠷᠡᠯ ᠦᠨ ᠨᠢᠭᠤᠴᠠ ᠲᠡᠮᠳᠡᠭ᠌ ᠦᠨ ᠳᠣᠬᠢᠶ᠎ᠠ ᠪᠣᠯᠭᠠᠨ ᠬᠡᠯᠬᠢᠭᠡᠳ ᠳᠠᠬᠢᠨ ᠶᠡᠬᠡ ᠲᠠᠷᠢᠬᠢᠨ ᠳᠤ ᠳᠠᠮᠵᠢᠭᠤᠯᠤᠨ᠎ᠠ᠃ ᠬᠥᠮᠦᠨ ᠦ ᠨᠢᠳᠦᠨ ᠦ ᠳᠣᠬᠢᠶ᠎ᠠ ᠪᠣᠯᠪᠠᠰᠤᠷᠠᠭᠤᠯᠬᠤ ᠡᠨᠡ ᠤᠭ ᠶᠣᠰᠤ ᠨᠢ᠂ ᠵᠠᠷᠢᠮ ᠮᠠᠰᠢᠨ ᠤ ᠣᠷᠤᠭᠤᠯᠤᠯᠲᠠ ᠶᠢᠨ ᠲᠥᠬᠦᠭᠡᠷᠦᠮᠵᠢ ᠪᠠ ᠠᠦ᠋ᠲ᠋ᠣ᠋ ᠡᠵᠡᠮᠰᠢᠯ ᠦᠨ ᠰᠢᠰᠲ᠋ᠧᠮ ᠦᠨ ᠴᠤᠪᠤᠭᠤᠯᠤᠤᠷ ᠢ ᠥᠭᠡᠷᠡᠴᠢᠯᠡᠨ ᠰᠠᠢᠵᠢᠷᠠᠭᠤᠯᠬᠤ ᠳᠤ᠂ ᠰᠢᠨ᠎ᠡ ᠬᠡᠯᠪᠡᠷᠢ ᠶᠢᠨ ᠮᠥᠷᠳᠡᠨ ᠨᠡᠬᠡᠮᠵᠢᠯᠡᠬᠦ ᠪᠠ ᠢᠯᠡᠷᠡᠭᠦᠯᠦᠨ ᠮᠡᠳᠡᠬᠦ ᠰᠢᠰᠲ᠋ᠧᠮ ᠢ ᠰᠤᠳᠤᠯᠤᠨ ᠦᠢᠯᠡᠳᠬᠦ ᠳᠦ ᠴᠥᠮ ᠲᠤᠢᠯ ᠦᠨ ᠴᠢᠬᠤᠯᠠ ᠯᠠᠪᠯᠠᠯᠲᠠ ᠶᠢᠨ ᠦᠨ᠎ᠡ ᠴᠡᠨ᠎ᠡ ᠲᠠᠢ ᠶᠤᠮ᠃
ᠬᠥᠮᠦᠨ ᠦ ᠨᠢᠳᠦ ᠪᠠᠰᠠ ᠡᠷᠭᠢᠨ ᠲᠣᠭᠤᠷᠢᠨ ᠤ ᠪᠠᠨ ᠦᠵᠡᠮᠵᠢ ᠶᠢ ᠬᠣᠭᠤᠷᠤᠨᠳᠤ ᠨᠢ ᠠᠳᠠᠯᠢᠳᠭᠠᠵᠤ ᠪᠠᠢᠳᠠᠭ ᠡᠴᠡ ᠬᠥᠮᠦᠰ ᠥᠪᠡᠷ ᠦᠨ ᠪᠡᠶ᠎ᠡ ᠶᠢᠨ ᠢᠶᠡᠨ ᠦᠢᠯᠡ ᠬᠥᠳᠡᠯᠦᠯ᠂ ᠣᠷᠤᠨ ᠪᠠᠢᠷᠢ ᠶᠢ ᠪᠠᠨ ᠰᠡᠷᠡᠵᠦ ᠮᠡᠳᠡᠭᠡᠳ ᠪᠡᠶᠡᠰ ᠦᠨ ᠬᠣᠭᠤᠷᠤᠨᠳᠤᠬᠢ ᠵᠠᠢ ᠵᠠᠭᠠᠭ᠂ ᠳᠦᠷᠰᠦ ᠪᠠᠢᠳᠠᠯ ᠪᠠ ᠶᠡᠬᠡ ᠪᠠᠭ᠎ᠠ ᠶᠢ ᠲᠣᠭᠲᠠᠭᠠᠵᠤ ᠪᠠᠢᠳᠠᠭ᠃ ᠬᠥᠮᠦᠰ ᠡᠭᠦᠨ ᠡᠴᠡ ᠰᠡᠩᠬᠡᠷᠡᠯ ᠣᠯᠵᠤ«ᠠᠮᠢᠳᠤ ᠪᠣᠳᠠᠰ - ᠡᠯᠧᠺᠲ᠋ᠷᠤᠨ ᠣᠷᠤᠨ ᠴᠤᠪᠤᠭᠤᠯᠤᠤᠷ» ᠭᠡᠭᠴᠢ«ᠵᠣᠬᠢᠶᠠᠮᠠᠯ ᠨᠢᠳᠦ» ᠶᠢ ᠰᠤᠳᠤᠯᠤᠨ ᠦᠢᠯᠡᠳᠦᠭᠰᠡᠨ ᠶᠤᠮ᠃ ᠡᠨᠡ ᠬᠦ ᠲᠧᠭᠨᠢᠭ᠌ ᠮᠡᠷᠭᠡᠵᠢᠯ ᠦᠨ ᠲᠥᠬᠦᠭᠡᠷᠦᠮᠵᠢ ᠴᠢᠨᠠᠭᠰᠢᠳᠠ ᠲᠡᠭᠦᠯᠳᠡᠷᠵᠢᠪᠡᠯ ᠣᠷᠴᠢᠯᠠᠩ ᠤᠨ ᠨᠢᠰᠬᠦ ᠣᠩᠭᠤᠴᠠᠨ ᠤ ᠳᠣᠭᠤᠭᠰᠢᠯᠠᠬᠤ ᠱᠠᠲᠤᠨ ᠤ ᠵᠠᠯᠠᠭᠤᠷ ᠢ ᠠᠦ᠋ᠲ᠋ᠣᠴᠢᠯᠠᠨ ᠵᠠᠬᠢᠷᠴᠤ ᠲᠣᠬᠢᠲᠠᠢ ᠭᠠᠵᠠᠷ ᠢ ᠰᠤᠩᠭᠤᠨ ᠯᠠᠪᠳᠠᠭᠤᠨ ᠪᠠᠭᠤᠵᠤ ᠪᠣᠯᠤᠨ᠎ᠠ᠃ ᠪᠠᠰᠠ ᠵᠢᠯᠤᠭᠤᠴᠢ ᠦᠭᠡᠢ ᠲᠠᠩᠨᠠᠭᠴᠢ ᠲᠡᠷᠭᠡ ᠶᠢ ᠵᠠᠬᠢᠷᠴᠤ ᠬᠠᠷᠰᠢ ᠰᠠᠭᠠᠳ ᠡᠴᠡ ᠣᠨᠤᠪᠴᠢᠲᠠᠢ ᠪᠥᠭᠡᠳ ᠰᠣᠷᠭᠤᠭ ᠢᠶᠡᠷ ᠵᠠᠢᠯᠠᠭᠤᠯᠤᠨ᠂ ᠶᠠᠪᠤᠬᠤ ᠵᠠᠮ ᠣᠯᠤᠭᠤᠯᠵᠤ ᠬᠥᠮᠦᠨ ᠦ ᠮᠥᠷ ᠬᠦᠷᠦᠭᠡ ᠦᠭᠡᠢ ᠭᠠᠵᠠᠷ ᠢᠶᠡᠷ ᠬᠣᠯᠠ ᠵᠠᠮ ᠦᠨ ᠬᠠᠢᠯᠲᠠ ᠶᠠᠪᠤᠭᠤᠯᠵᠤ ᠴᠤ ᠪᠣᠯᠤᠨ᠎ᠠ᠃
ᠲᠠ ᠬᠡᠷᠪᠡ«ᠮᠣᠷᠢᠨ ᠮᠡᠯᠡᠬᠡᠢ ᠶᠢ ᠬᠠᠮᠠᠭᠠᠯᠠᠬᠤ ᠨᠢ» ᠭᠡᠳᠡᠭ᠌ ᠰᠢᠨᠵᠢᠯᠡᠬᠦ ᠤᠬᠠᠭᠠᠨ ᠰᠤᠷᠭᠠᠨ ᠬᠥᠮᠦᠵᠢᠯ ᠦᠨ ᠺᠢᠨᠤ᠋ ᠶᠢ ᠦᠵᠡᠭᠰᠡᠨ ᠶᠤᠮ ᠪᠣᠯ ᠯᠠᠪᠲᠠᠶ᠎ᠠ ᠮᠣᠷᠢᠨ ᠮᠡᠯᠡᠬᠡᠢ ᠶᠢᠨ ᠬᠥᠳᠡᠯᠵᠦ ᠶᠠᠪᠤᠬᠤ ᠨᠢ ᠬᠤᠷᠴᠠ ᠰᠡᠷᠭᠡᠢ᠂ ᠥᠭᠶᠦᠭᠡ ᠪᠠᠷᠢᠬᠤ ᠨᠢ ᠣᠨᠤᠪᠴᠢᠲᠠᠢ ᠮᠡᠷᠭᠡᠨ ᠪᠠᠢᠳᠠᠭ ᠲᠤ ᠡᠷᠬᠡ ᠦᠭᠡᠢ ᠭᠠᠢᠬᠠᠰᠢ ᠲᠥᠷᠦᠬᠦ ᠶᠤᠮ᠃ ᠮᠣᠷᠢᠨ ᠮᠡᠯᠡᠬᠡᠢ ᠡᠢᠮᠦ ᠣᠯᠠᠨ ᠣᠨᠴᠤᠭᠤᠢ ᠴᠢᠳᠠᠯ ᠲᠠᠢ ᠪᠠᠢᠳᠠᠭ ᠨᠢ ᠭᠣᠣᠯᠳᠠᠭᠤ ᠲᠡᠭᠦᠨ ᠳᠦ ᠣᠬᠢ ᠰᠠᠢᠨ ᠠᠵᠢᠯᠯᠠᠭ᠎ᠠ ᠲᠠᠢ ᠲᠣᠮᠤ ᠬᠣᠶᠠᠷ ᠨᠢᠳᠦ ᠲᠠᠢ ᠪᠠᠢᠳᠠᠭ ᠡᠴᠡ ᠪᠣᠯᠤᠭᠰᠠᠨ ᠪᠢᠯᠡ᠃
ᠮᠡᠯᠡᠬᠡᠢ ᠶᠢᠨ ᠨᠢᠳᠦ ᠬᠥᠳᠡᠯᠭᠡᠭᠡᠨᠲᠦ ᠪᠡᠶᠡᠰ ᠢ ᠪᠣᠯ ᠴᠤᠬᠤᠮ ᠶᠣᠰᠤᠲᠠᠢ«ᠠᠵᠢᠳᠠᠭ» ᠪᠣᠯᠪᠠᠴᠤ ᠲᠠᠢᠪᠤᠩ ᠪᠡᠶᠡᠰ ᠢ ᠬᠠᠷᠢᠨ«ᠪᠦᠯᠲᠡᠢᠲᠡᠯᠡ ᠬᠠᠷᠠᠵᠤ ᠪᠠᠢᠭᠠᠳ ᠣᠯᠵᠤ ᠦᠵᠡᠬᠦ ᠦᠭᠡᠢ» ᠪᠠᠢᠳᠠᠭ᠃ ᠡᠨᠡ ᠪᠣᠯ ᠲᠡᠷᠡ ᠬᠦ ᠠᠮᠢᠳᠤᠷᠠᠯ ᠤᠨ ᠣᠨᠴᠤᠭᠤᠢ ᠣᠷᠴᠢᠨ ᠳᠠᠭᠠᠨ ᠤᠳᠠᠭᠠᠨ ᠵᠢᠯ ᠠᠮᠢᠳᠤᠷᠠᠭᠰᠠᠨ ᠤ ᠳ᠋ᠦᠩ ᠳᠦ ᠪᠤᠢ ᠪᠣᠯᠤᠭᠰᠠᠨ ᠡᠲᠡᠭᠡᠳ ᠴᠢᠳᠠᠯ ᠨᠢ ᠪᠣᠯᠤᠨ᠎ᠠ᠃ ᠮᠣᠷᠢᠨ ᠮᠡᠯᠡᠬᠡᠢ ᠡᠢᠮᠦ ᠡᠲᠡᠭᠡᠳ ᠴᠢᠳᠠᠯ ᠲᠠᠢ ᠳᠠᠭᠠᠨ ᠯᠠ ᠢᠳᠡᠭᠡ ᠥᠭᠶᠦᠭᠡ ᠪᠠᠷᠢᠬᠤ ᠪᠠ ᠥᠰᠢᠶᠡᠲᠦ ᠳᠠᠢᠰᠤᠨ ᠡᠴᠡ ᠪᠡᠨ ᠳᠤᠲᠠᠭᠠᠬᠤ ᠳᠠᠭᠠᠨ ᠲᠡᠢᠮᠦ ᠣᠨᠤᠪᠴᠢᠲᠠᠢ ᠪᠠᠢᠵᠤ᠂ ᠳᠡᠯᠡᠬᠡᠢ ᠶᠢᠨ ᠪᠥᠮᠪᠦᠷᠴᠡᠭ᠌ ᠳᠡᠭᠡᠷ᠎ᠡ ᠠᠮᠢᠳᠤᠷᠠᠨ ᠲᠣᠭᠲᠠᠨᠢᠭᠠᠳ ᠬᠣᠶᠠᠷ ᠵᠠᠭᠤᠨ ᠲᠦᠮᠡᠨ ᠣᠨ ᠪᠣᠯᠵᠤ ᠪᠠᠢᠭ᠎ᠠ ᠪᠢᠯᠡ᠃
ᠮᠡᠯᠡᠬᠡᠢ ᠶᠢᠨ ᠨᠢᠳᠦ ᠣᠨᠴᠤᠭᠤᠢ ᠳᠦᠷᠰᠦ ᠲᠠᠢ ᠬᠥᠳᠡᠯᠵᠦ ᠬᠠᠷᠠᠯᠲᠠ ᠶᠢ ᠰᠣᠷᠭᠤᠭ ᠢᠶᠡᠷ ᠮᠡᠳᠡᠵᠦ᠂ ᠲᠡᠭᠦᠨ ᠦ ᠣᠷᠤᠨ ᠪᠠᠢᠷᠢ᠂ ᠬᠥᠳᠡᠯᠭᠡᠭᠡᠨ ᠦ ᠴᠢᠭᠯᠡᠯ ᠪᠠ ᠬᠤᠷᠳᠤᠴᠠ ᠶᠢ ᠣᠨᠤᠪᠴᠢᠲᠠᠢ ᠲᠣᠭᠲᠠᠭᠠᠳᠠᠭ ᠮᠥᠷᠲᠡᠭᠡᠨ ᠠᠯᠢ ᠰᠠᠢᠨ ᠳᠣᠪᠲᠤᠯᠬᠤ ᠴᠠᠭ ᠢᠶᠡᠨ ᠴᠤ ᠰᠤᠩᠭᠤᠵᠤ ᠴᠢᠳᠠᠳᠠᠭ᠃ ᠡᠨᠡ ᠬᠦ ᠠᠵᠢᠯᠯᠠᠭ᠎ᠠ ᠶᠢᠨ ᠣᠨᠴᠠᠯᠢᠭ ᠢ ᠲᠧᠭᠨᠢᠭ᠌ ᠮᠡᠷᠭᠡᠵᠢᠯ ᠳᠦ᠂ ᠢᠯᠠᠩᠭᠤᠶ᠎ᠠ ᠴᠡᠷᠢᠭ᠌ ᠳᠠᠢᠨ ᠤ ᠲᠧᠭᠨᠢᠭ᠌ ᠮᠡᠷᠭᠡᠵᠢᠯ ᠳᠦ ᠬᠡᠷᠡᠭᠯᠡᠬᠦ ᠶᠤᠮ ᠪᠣᠯ ᠴᠢᠬᠤᠯᠠ ᠦᠢᠯᠡᠳᠦᠯ ᠦᠵᠡᠭᠦᠯᠬᠦ ᠪᠣᠯᠤᠨ᠎ᠠ᠃ ᠮᠡᠯᠡᠬᠡᠢ ᠶᠢᠨ ᠨᠢᠳᠦᠨ ᠦ ᠬᠠᠷᠠᠬᠤ ᠰᠡᠷᠡᠯ ᠦᠨ ᠤᠭ ᠶᠣᠰᠤ ᠶᠢ ᠦᠨᠳᠦᠰᠦᠯᠡᠨ ᠡᠯᠧᠺᠲ᠋ᠷᠤᠨ ᠲᠧᠭᠨᠢᠭ᠌ ᠮᠡᠷᠭᠡᠵᠢᠯ ᠢ ᠬᠠᠪᠰᠤᠷᠭᠠᠭᠠᠳ ᠬᠥᠮᠦᠰ ᠣᠯᠠᠨ ᠵᠦᠢᠯ ᠦᠨ« ᠡᠯᠧᠺᠲ᠋ᠷᠤᠨ ᠮᠡᠯᠡᠬᠡᠢ ᠶᠢᠨ ᠨᠢᠳᠦ» ᠶᠢ ᠦᠢᠯᠡᠳᠦᠨ ᠪᠦᠲᠦᠭᠡᠵᠡᠢ᠃ ᠡᠭᠦᠨ ᠳᠦ ᠦᠨᠡᠨ ᠮᠡᠯᠡᠬᠡᠢ ᠶᠢᠨ ᠨᠢᠳᠦ ᠲᠠᠢ ᠡᠭᠡᠭᠡ ᠠᠳᠠᠯᠢᠬᠠᠨ ᠨᠢᠭᠡ ᠵᠦᠢᠯ ᠦᠨ ᠡᠯᠧᠺᠲ᠋ᠷᠤᠨ ᠮᠡᠯᠡᠬᠡᠢ ᠶᠢᠨ ᠨᠢᠳᠦ ᠪᠠᠢᠨ᠎ᠠ᠃ ᠲᠡᠷᠡ ᠨᠢ ᠣᠯᠠᠨ ᠵᠦᠢᠯ ᠦᠨ ᠳᠦᠷᠰᠦ ᠲᠠᠢ ᠪᠡᠶ᠎ᠡ ᠶᠢᠨ ᠳᠣᠲᠤᠷ᠎ᠠ ᠡᠴᠡ ᠢᠯᠠᠭ᠎ᠠ ᠵᠡᠷᠭᠡ ᠶᠢᠨ ᠰᠢᠪᠡᠵᠢ ᠳᠦᠷᠰᠦ ᠲᠠᠢ ᠪᠡᠶ᠎ᠡ ᠨᠤᠭᠦᠳ ᠢ ᠢᠯᠭᠠᠨ ᠲᠠᠨᠢᠵᠤ ᠴᠢᠳᠠᠳᠠᠭ᠃ ᠵᠢᠷᠤᠭ ᠳᠦᠷᠰᠦ ᠶᠢ ᠢᠯᠭᠠᠨ ᠲᠠᠨᠢᠬᠤ ᠡᠢᠮᠦ ᠴᠢᠳᠠᠯ ᠨᠢ ᠴᠢᠪ ᠬᠡᠮᠡᠨ ᠷᠠᠳᠠᠷ ᠤᠨ ᠰᠢᠰᠲ᠋ᠧᠮ ᠳᠦ ᠱᠠᠭᠠᠷᠳᠠᠭᠳᠠᠵᠤ ᠪᠠᠢᠭ᠎ᠠ ᠵᠦᠢᠯ ᠶᠤᠮ᠃ ᠡᠨᠡ ᠬᠦ ᠡᠯᠧᠺᠲ᠋ᠷᠤᠨ ᠮᠡᠯᠡᠬᠡᠢ ᠶᠢᠨ ᠨᠢᠳᠦ ᠶᠢ ᠲᠠᠰᠤᠷᠠᠯᠲᠠ ᠦᠭᠡᠢ ᠰᠠᠢᠵᠢᠷᠠᠭᠤᠯᠤᠭᠠᠳ ᠷᠠᠳᠠᠷ ᠤᠨ ᠰᠢᠰᠲ᠋ᠧᠮ ᠳᠦ ᠬᠡᠷᠡᠭᠯᠡᠪᠡᠯ ᠡᠷᠢᠬᠦ ᠭᠡᠰᠡᠨ ᠬᠠᠷᠠᠯᠲᠠ ᠪᠠᠨ ᠡᠨᠳᠡᠯ ᠦᠭᠡᠢ ᠪᠡᠷ ᠢᠯᠭᠠᠨ ᠲᠣᠳᠤᠯᠠᠵᠤ᠂ ᠢᠯᠠᠩᠭᠤᠶ᠎ᠠ ᠬᠠᠷᠠᠯᠲᠠ ᠪᠠᠨ ᠦᠵᠡᠮᠵᠢ ᠠᠬᠤᠢ ᠡᠴᠡ ᠢᠯᠭᠠᠨ ᠲᠣᠳᠤᠯᠠᠵᠤ ᠴᠢᠳᠠᠬᠤ ᠶᠢᠨ ᠤᠯᠠᠮ ᠡᠴᠡ ᠷᠠᠳᠠᠷ ᠤᠨ ᠰᠢᠰᠲ᠋ᠧᠮ ᠦᠨ ᠬᠠᠷᠰᠢᠯᠠᠯ ᠢ ᠢᠯᠠᠬᠤ ᠴᠢᠳᠠᠯ ᠨᠢ ᠶᠡᠬᠡ ᠪᠡᠷ ᠳᠡᠭᠡᠭᠰᠢᠯᠡᠭᠡᠳ᠂ ᠳᠡᠯᠭᠡᠴᠡ ᠶᠢᠨ ᠳᠡᠭᠡᠷ᠎ᠡ ᠬᠠᠷᠠᠯᠲᠠ ᠨᠢ ᠤᠯᠠᠮ ᠲᠣᠳᠤᠷᠠᠭᠤᠨ ᠬᠠᠷᠠᠭᠳᠠᠬᠤ ᠪᠣᠯᠤᠨ᠎ᠠ᠃ ᠬᠠᠯᠠᠵᠤ ᠰᠠᠢᠵᠢᠷᠠᠭᠤᠯᠤᠭᠰᠠᠨ ᠡᠯᠧᠺᠲ᠋ᠷᠤᠨ ᠮᠡᠯᠡᠬᠡᠢ ᠶᠢᠨ ᠨᠢᠳᠦ ᠶᠢ ᠲᠠᠭᠠᠷᠠᠭᠤᠯᠤᠭᠰᠠᠨ ᠷᠠᠳᠠᠷ ᠤᠨ ᠰᠢᠰᠲ᠋ᠧᠮ ᠨᠢ ᠵᠠᠯᠠᠭᠤᠷᠲᠤ ᠰᠤᠮᠤᠨ ᠤ ᠨᠢᠰᠬᠦ ᠣᠨᠴᠠᠯᠢᠭ ᠢ ᠦᠨᠳᠦᠰᠦᠯᠡᠨ ᠵᠠᠯᠠᠭᠤᠷᠲᠤ ᠰᠤᠮᠤᠨ ᠤ ᠦᠨᠡᠨ ᠬᠤᠳᠠᠯ ᠢ ᠠᠪ ᠠᠮᠠᠷᠬᠠᠨ ᠲᠣᠳᠤᠯᠠᠭᠠᠳ ᠬᠥᠮᠦᠰ ᠢ ᠬᠤᠳᠠᠯ ᠬᠠᠭᠤᠷᠮᠠᠭ ᠲᠤ ᠲᠥᠭᠡᠷᠢᠭᠦᠯᠬᠦ ᠦᠭᠡᠢ ᠪᠡᠷ ᠦᠨᠡᠨ ᠵᠠᠯᠠᠭᠤᠷᠲᠤ ᠰᠤᠮᠤ ᠶᠢ ᠴᠠᠭ ᠲᠤᠬᠠᠢ ᠳᠤᠨᠢ ᠴᠣᠬᠢᠭᠤᠯᠵᠤ ᠴᠢᠳᠠᠨ᠎ᠠ᠃ ᠭᠠᠳᠠᠭᠠᠳᠤ ᠳᠤ ᠨᠢᠭᠡᠨᠲᠡ ᠬᠡᠷᠡᠭᠯᠡᠵᠦ ᠪᠠᠢᠭ᠎ᠠ ᠨᠢᠭᠡ ᠵᠦᠢᠯ ᠦᠨ ᠬᠢᠮᠡᠯ ᠳᠠᠭᠠᠭᠤᠯᠢ ᠣᠳᠤᠨ ᠤ ᠨᠡᠬᠡᠮᠵᠢᠯᠡᠬᠦ ᠰᠢᠰᠲ᠋ᠧᠮ ᠪᠣᠯ ᠮᠥᠨ ᠴᠦ ᠮᠡᠯᠡᠬᠡᠢ ᠶᠢᠨ ᠨᠢᠳᠦᠨ ᠦ ᠬᠠᠷᠠᠬᠤ ᠰᠡᠷᠡᠯ ᠦᠨ ᠤᠭ ᠶᠣᠰᠤ ᠶᠢ ᠳᠠᠭᠤᠷᠢᠶᠠᠭᠰᠠᠨ ᠶᠤᠮ᠃
ᠬᠠᠷᠠᠭᠠᠨ ᠤ ᠬᠡᠪᠴᠢᠶ᠎ᠡ ᠪᠣᠯᠤᠨ ᠬᠠᠷᠠᠭᠠᠨ ᠤ ᠰᠣᠷᠭᠤᠭ ᠬᠡᠮᠵᠢᠶᠡᠨ ᠦ ᠬᠢᠵᠠᠭᠠᠷᠯᠠᠯ ᠡᠴᠡ ᠪᠣᠯᠵᠤ ᠥᠨᠳᠦᠷ ᠲᠦ ᠨᠢᠰᠦᠭᠴᠢ ᠨᠢ ᠭᠠᠵᠠᠷ ᠳᠡᠭᠡᠷᠡᠬᠢ ᠬᠠᠷᠠᠯᠲᠠ ᠶᠢ ᠡᠭᠡᠯ ᠨᠢᠳᠦ ᠪᠡᠷ ᠢᠶᠡᠨ ᠣᠯᠵᠤ ᠦᠵᠡᠬᠦ ᠳᠦ ᠲᠤᠩ ᠪᠡᠷᠬᠡᠲᠡᠢ᠃ ᠵᠢᠱ᠋ᠢᠶᠠᠯᠠᠪᠠᠯ ᠨᠢᠰᠭᠡᠯ ᠵᠢᠷᠭᠤᠭᠠᠨ ᠮᠢᠩᠭᠠᠨ ᠮᠧᠲ᠋ᠷ ᠥᠨᠳᠦᠷ ᠠᠭᠠᠷ ᠢᠶᠡᠷ ᠲᠡᠭᠰᠢ ᠨᠢᠰᠴᠦ ᠶᠠᠪᠤᠭ᠎ᠠ ᠦᠶ᠎ᠡ ᠳᠦ᠂ ᠨᠢᠰᠦᠭᠴᠢ ᠶᠢᠨ ᠨᠢᠳᠦᠨ ᠳᠦ ᠵᠥᠪᠬᠡᠨ ᠬᠣᠶᠠᠷ ᠬᠠᠵᠠᠭᠤ ᠶᠢᠨ ᠨᠠᠢᠮᠠ ᠶᠢᠰᠦᠨ ᠺᠢᠯᠤᠮᠧᠲ᠋ᠷ ᠪᠠ ᠡᠮᠦᠨ᠎ᠡ ᠲᠠᠯ᠎ᠠ ᠶᠢᠨ ᠠᠷᠪᠠ ᠬᠣᠷᠢᠨ ᠺᠢᠯᠤᠮᠧᠲ᠋ᠷ ᠦᠨ ᠢᠪᠴᠤᠤ ᠬᠡᠪᠴᠢᠶᠡᠨ ᠳᠡᠬᠢ ᠭᠠᠵᠠᠷ ᠤᠨ ᠭᠠᠳᠠᠷᠭᠤ ᠯᠠ ᠬᠠᠷᠠᠭᠳᠠᠨ᠎ᠠ᠃ ᠡᠨᠡ ᠬᠦ ᠬᠡᠪᠴᠢᠶᠡᠨ ᠳᠡᠬᠢ ᠨᠡᠯᠢᠶᠡᠳ ᠲᠣᠮᠤᠬᠠᠨ ᠰᠢᠭ ᠬᠠᠷᠠᠯᠲᠠ ᠶᠢ ᠭᠡᠳ ᠬᠡᠵᠢᠶ᠎ᠡ ᠴᠦ ᠭᠡᠰᠡᠨ ᠠᠨᠳᠠᠬᠤ ᠦᠭᠡᠢ ᠵᠥᠪ ᠮᠡᠳᠡᠬᠦ ᠪᠠ ᠢᠯᠭᠠᠨ ᠲᠠᠨᠢᠳᠠᠭ ᠪᠢᠰᠢ᠃ ᠭᠡᠲᠡᠯ᠎ᠡ ᠬᠠᠷᠴᠠᠭᠠᠢ ᠶᠢᠨ ᠨᠢᠳᠦᠨ ᠦ ᠬᠠᠷᠠᠭᠠᠨ ᠤ ᠬᠡᠪᠴᠢᠶ᠎ᠡ ᠬᠥᠮᠦᠨ ᠦ ᠬᠢ ᠡᠴᠡ ᠬᠠᠷᠢᠨ ᠬᠠᠮᠢᠶ᠎ᠠ ᠦᠭᠡᠢ ᠥᠷᠭᠡᠨ ᠪᠠᠢᠨ᠎ᠠ᠃ ᠬᠣᠶᠠᠷ ᠭᠤᠷᠪᠠᠨ ᠮᠢᠩᠭᠠᠨ ᠮᠧᠲ᠋ᠷ ᠥᠨᠳᠦᠷ ᠳᠡᠭᠡᠭᠦᠷ ᠳᠡᠭᠦᠯᠢᠨ ᠨᠢᠰᠴᠦ ᠶᠠᠪᠤᠭ᠎ᠠ ᠬᠠᠷᠴᠠᠭᠠᠢ ᠪᠣᠯ ᠭᠠᠵᠠᠷ ᠳᠡᠭᠡᠷᠡᠬᠢ ᠥᠷᠭᠡᠨ ᠬᠡᠪᠴᠢᠶᠡᠨ ᠳᠡᠬᠢ ᠪᠥᠵᠦᠩ ᠪᠤᠶᠤ ᠴᠤᠷᠪᠠᠭ᠎ᠠ ᠶᠢ ᠬᠦᠷᠲᠡᠯ᠎ᠡ ᠠᠯᠳᠠᠰᠢ ᠦᠭᠡᠢ ᠣᠯᠵᠤ ᠬᠠᠷᠠᠳᠠᠭ᠃ ᠬᠡᠷᠪᠡ ᠪᠢᠳᠡ ᠬᠠᠷᠴᠠᠭᠠᠢ ᠶᠢᠨ ᠨᠢᠳᠦ ᠠᠳᠠᠯᠢ ᠡᠷᠢᠵᠦ ᠮᠥᠷᠳᠡᠬᠦ᠂ ᠬᠠᠢᠨ ᠰᠢᠨᠵᠢᠬᠦ ᠲᠧᠭᠨᠢᠭ᠌ ᠮᠡᠷᠭᠡᠵᠢᠯ ᠦᠨ ᠰᠢᠰᠲ᠋ᠧᠮ ᠢ ᠦᠢᠯᠡᠳᠦᠨ ᠪᠦᠲᠦᠭᠡᠭᠡᠳ ᠴᠢᠳᠠᠳᠠᠭ ᠶᠤᠮ ᠪᠣᠯ ᠨᠢᠰᠦᠭᠴᠢ ᠨᠠᠷ ᠤᠨ ᠬᠠᠷᠠᠭᠠᠨ ᠤ ᠬᠡᠪᠴᠢᠶ᠎ᠡ ᠪᠣᠯᠤᠨ ᠬᠠᠷᠠᠭᠠᠨ ᠤ ᠰᠣᠷᠭᠤᠭ ᠬᠡᠮᠵᠢᠶ᠎ᠡ ᠶᠢ ᠶᠡᠬᠡ ᠪᠡᠷ ᠥᠷᠭᠡᠳᠭᠡᠨ ᠳᠡᠭᠡᠭᠰᠢᠯᠡᠭᠦᠯᠵᠦ ᠴᠢᠳᠠᠨ᠎ᠠ᠃ ᠬᠡᠷᠪᠡ ᠬᠠᠷᠴᠠᠭᠠᠢ ᠶᠢᠨ ᠨᠢᠳᠦᠨ ᠦ ᠬᠠᠷᠠᠬᠤ ᠰᠡᠷᠡᠯ ᠦᠨ ᠤᠭ ᠶᠣᠰᠤ ᠲᠠᠢ«ᠡᠯᠧᠺᠲ᠋ᠷᠤᠨ ᠬᠠᠷᠴᠠᠭᠠᠢ ᠶᠢᠨ ᠨᠢᠳᠦ» ᠶᠢ ᠦᠢᠯᠡᠳᠦᠨ ᠪᠦᠲᠦᠭᠡᠵᠦ ᠴᠢᠳᠠᠳᠠᠭ ᠶᠤᠮ ᠪᠣᠯ ᠠᠯᠤᠰ ᠵᠠᠢ ᠶᠢᠨ ᠯᠠᠢᠰᠧᠷ ᠵᠠᠯᠠᠭᠤᠷᠲᠤ ᠵᠡᠪᠰᠡᠭ᠌ ᠢ ᠡᠷᠬᠡᠰᠢᠶᠡᠯ ᠳᠡᠭᠡᠨ ᠣᠷᠤᠭᠤᠯᠬᠤ ᠳᠤ ᠬᠡᠷᠡᠭᠯᠡᠵᠦ ᠪᠣᠯᠤᠨ᠎ᠠ᠃ ᠬᠡᠷᠪᠡ ᠵᠠᠯᠠᠭᠤᠷᠲᠤ ᠰᠤᠮᠤᠨ ᠳᠤ ᠨᠠᠷᠢᠯᠢᠭ ᠵᠢᠭᠠᠬᠠᠨ« ᠬᠠᠷᠴᠠᠭᠠᠢ ᠶᠢᠨ ᠨᠢᠳᠦᠨ ᠦ ᠰᠢᠰᠲ᠋ᠧᠮ» ᠢ᠋ ᠲᠠᠭᠠᠷᠠᠭᠤᠯᠵᠤ ᠥᠭᠬᠦ ᠶᠤᠮ ᠪᠣᠯ ᠲᠡᠷᠡ ᠣᠳᠣ ᠬᠠᠷᠴᠠᠭᠠᠢ ᠲᠠᠢ ᠠᠳᠠᠯᠢ ᠪᠠᠷ ᠬᠠᠷᠠᠯᠲᠠ ᠪᠠᠨ ᠠᠶᠠᠨᠳᠠᠭᠠᠨ ᠡᠷᠢᠵᠦ ᠢᠯᠭᠠᠨ ᠮᠥᠷᠳᠡᠵᠦ ᠪᠠᠢᠭᠠᠳ ᠠᠯᠳᠠᠰᠢ ᠦᠭᠡᠢ ᠮᠡᠷᠭᠡᠨ ᠣᠨᠤᠭᠠᠬᠤ ᠪᠣᠯᠤᠨ᠎ᠠ᠃
ᠥᠭᠡᠷ᠎ᠡ ᠨᠢᠭᠡ ᠵᠦᠢᠯ ᠦᠨ ᠠᠮᠢᠲᠠᠨ ᠤ ᠨᠢᠳᠦ ᠨᠢ ᠬᠥᠮᠦᠨ ᠦ ᠨᠢᠳᠦ ᠪᠠ ᠳᠡᠭᠡᠷ᠎ᠡ ᠳᠤᠷᠠᠳᠤᠭᠰᠠᠨ ᠣᠯᠠᠨ ᠠᠮᠢᠲᠠᠨ ᠤ ᠨᠢᠳᠦ ᠲᠠᠢ ᠠᠳᠠᠯᠢ ᠦᠭᠡᠢ᠂ ᠣᠯᠠᠨ ᠡᠴᠡ ᠣᠨᠴᠤᠭᠤᠢ ᠪᠠᠢᠳᠠᠭ ᠶᠤᠮ᠃ ᠦᠯᠢᠳᠭᠡᠪᠡᠯ ᠥᠷᠦᠮ᠎ᠡ ᠬᠤᠯᠠᠭᠠᠢᠴᠢ ᠶᠢᠨ ᠨᠢᠳᠦ ᠪᠣᠯ ᠬᠥᠮᠦᠨ ᠦ ᠨᠢᠳᠦ ᠰᠢᠭ᠌ ᠲᠡᠢᠮᠦ ᠴᠡᠴᠡᠭᠡᠢ ᠲᠠᠢ ᠪᠢᠰᠢ᠂ ᠡᠷᠭᠢᠯᠳᠦᠬᠦ ᠴᠦ ᠦᠭᠡᠢ᠂ ᠬᠠᠷᠢᠨ ᠲᠣᠯᠤᠭᠠᠢ ᠶᠢᠨ ᠢᠶᠡᠨ ᠡᠷᠭᠢᠯᠳᠦᠬᠦ ᠪᠡᠷ ᠡᠷᠭᠢᠯᠳᠦᠵᠦ ᠪᠠᠢᠳᠠᠭ᠂ ᠲᠡᠷᠡ ᠨᠢᠳᠦ ᠨᠢ ᠬᠠᠲᠠᠭᠤᠬᠠᠨ ᠰᠢᠭ ᠵᠠᠷᠢᠮᠳᠤᠭ ᠲᠤᠩᠭᠠᠯᠠᠭ ᠡᠪᠡᠷᠯᠢᠭ᠌ ᠪᠦᠷᠬᠦᠪᠴᠢ ᠲᠠᠢ ᠪᠠᠢᠳᠠᠭ ᠪᠦᠭᠡᠳ ᠵᠠᠬ᠎ᠠ ᠬᠥᠪᠡᠭᠡ ᠨᠢ ᠲᠣᠯᠤᠭᠠᠢ ᠶᠢᠨ ᠬᠢᠨᠢ ᠠᠷᠠᠰᠤ ᠲᠠᠢ ᠨᠡᠢᠯᠡᠭᠡᠳ ᠨᠢᠭᠡᠨ ᠴᠣᠭᠴᠠ ᠪᠣᠯᠵᠤ ᠪᠠᠢᠳᠠᠭ᠃ ᠪᠢᠳᠡ ᠮᠢᠺᠷᠤᠰᠺᠤᠫ ᠢᠶᠡᠷ ᠰᠢᠨᠵᠢᠵᠦ ᠦᠵᠡᠪᠡᠯ᠂ ᠥᠷᠦᠮ᠎ᠡ ᠬᠤᠯᠠᠭᠠᠢᠴᠢ ᠶᠢᠨ ᠨᠢᠳᠦ ᠨᠢ ᠨᠢᠭᠲᠠᠷᠠᠨ ᠵᠢᠭᠰᠠᠭᠰᠠᠨ ᠬᠣᠶᠠᠷ ᠲᠦᠮᠡ ᠢᠯᠡᠭᠦᠦ ᠵᠢᠷᠭᠤᠭᠠᠯᠵᠢᠨ«ᠵᠢᠵᠢᠭ᠌ ᠨᠢᠳᠦ» ᠨᠤᠭᠦᠳ ᠢᠶᠡᠷ ᠪᠦᠲᠦᠭᠰᠡᠨ ᠭᠡᠳᠡᠭ ᠢ ᠰᠣᠴᠢᠮᠠᠭ ᠬᠠᠷᠠᠬᠤ ᠪᠣᠯᠤᠨ᠎ᠠ᠃ ᠲᠡᠳᠡᠭᠡᠷ ᠣᠯᠠᠨ ᠵᠢᠵᠢᠭ᠌ ᠨᠢᠳᠦ ᠨᠤᠭᠦᠳ ᠬᠤᠪᠢ ᠬᠤᠪᠢ ᠪᠠᠷ ᠢᠶᠡᠨ ᠰᠢᠰᠲ᠋ᠧᠮ ᠲᠠᠢ᠂ ᠥᠪᠡᠷ ᠥᠪᠡᠷ ᠦᠨ ᠬᠢᠨᠢ ᠭᠡᠷᠡᠯᠯᠢᠭ᠌ ᠦᠨ ᠰᠢᠰᠲ᠋ᠧᠮ ᠪᠠ ᠰᠡᠷᠡᠯ ᠦᠨ ᠡᠰ ᠲᠠᠢ᠂ ᠪᠦᠷ ᠶᠠᠭᠤᠮ᠎ᠠ ᠶᠢ ᠣᠯᠵᠤ ᠬᠠᠷᠠᠳᠠᠭ᠃ ᠡᠢᠮᠦᠷᠬᠦᠦ ᠬᠡᠳᠦᠨ ᠠᠷᠪᠠ ᠪᠤᠶᠤ ᠴᠢᠨᠠᠭᠰᠢᠯᠠᠭᠠᠳ ᠬᠡᠳᠦᠨ ᠲᠦᠮᠡᠨ ᠪᠡᠶ᠎ᠡ ᠪᠡᠨ ᠳᠠᠭᠠᠭᠠᠭᠰᠠᠨ ᠵᠢᠵᠢᠭ᠌ ᠨᠢᠳᠦ ᠨᠤᠭᠦᠳ ᠢᠶᠡᠷ ᠪᠦᠲᠦᠭᠰᠡᠨ ᠨᠢᠳᠦ ᠶᠢ ᠪᠣᠯ«ᠨᠡᠢᠯᠡᠮᠡᠯ ᠨᠢᠳᠦ» ᠭᠡᠳᠡᠭ᠌᠃ ᠰᠠᠮ᠂ ᠨᠠᠢᠮᠠᠯᠵᠢ᠂ ᠵᠥᠭᠡᠢ᠂ ᠰᠢᠷᠭᠤᠯᠵᠢ᠂ ᠢᠯᠠᠭ᠎ᠠ ᠵᠡᠷᠭᠡ ᠦᠶᠡᠲᠦ ᠬᠥᠯᠲᠡᠨ ᠦ ᠨᠢᠳᠦ ᠪᠣᠯ ᠴᠦᠮ ᠨᠡᠢᠯᠡᠮᠡᠯ ᠨᠢᠳᠦ ᠪᠣᠯᠬᠤ ᠶᠤᠮ᠃ ᠨᠡᠢᠯᠡᠮᠡᠯ ᠨᠢᠳᠦᠨ ᠦ ᠨᠠᠷᠢᠯᠢᠭ ᠤᠷᠠᠨ ᠪᠦᠲᠦᠴᠡ᠂ ᠡᠲᠡᠭᠡᠳ ᠭᠠᠢᠬᠠᠮᠰᠢᠭᠲᠤ ᠠᠵᠢᠯᠯᠠᠭ᠎ᠠ ᠨᠢ ᠵᠠᠷᠢᠮ ᠲᠠᠯ᠎ᠠ ᠪᠠᠷ ᠢᠶᠡᠨ ᠬᠥᠮᠦᠨ ᠦ ᠨᠢᠳᠦᠨ ᠡᠴᠡ ᠳᠠᠪᠠᠨ᠎ᠠ᠃ ᠡᠢᠮᠦ ᠡᠴᠡ ᠨᠡᠢᠯᠡᠮᠡᠯ ᠨᠢᠳᠦ ᠨᠢᠭᠡᠨᠲᠡ ᠬᠥᠮᠦᠰ ᠦᠨ ᠳᠤᠷ᠎ᠠ ᠰᠣᠨᠢᠷᠬᠠᠯ ᠢ ᠲᠤᠢᠯ ᠢᠶᠡᠷ ᠲᠠᠲᠠᠭᠰᠠᠨ ᠰᠤᠳᠤᠯᠤᠭᠳᠠᠬᠤᠨ ᠪᠣᠯᠤᠭᠠᠳ ᠵᠦᠢᠯ ᠪᠦᠷᠢ ᠶᠢᠨ ᠠᠴᠢ ᠲᠤᠰᠠ ᠲᠠᠢ ᠰᠡᠩᠬᠡᠷᠡᠯ ᠢ ᠬᠥᠮᠦᠰ ᠲᠦ ᠣᠯᠭᠤᠵᠤ ᠪᠠᠢᠨ᠎ᠠ᠃
ᠵᠠᠭᠠᠨ ᠬᠤᠰᠢᠭᠤᠲᠤ ᠭᠡᠳᠡᠭ᠌ ᠴᠤᠬᠤ ᠬᠣᠷᠤᠬᠠᠢ ᠪᠣᠯ ᠨᠡᠢᠯᠡᠮᠡᠯ ᠨᠢᠳᠦ ᠲᠠᠢ᠃ ᠲᠡᠷᠡ ᠬᠦ ᠬᠠᠭᠠᠰ ᠪᠥᠮᠪᠦᠭᠡᠨ ᠬᠡᠯᠪᠡᠷᠢ ᠲᠠᠢ ᠨᠢᠳᠦᠨ ᠦ ᠬᠢᠨᠢ ᠭᠦᠳᠦᠭᠦᠷ ᠳᠡᠭᠡᠭᠦᠷ ᠨᠢ ᠮᠠᠰᠢ ᠣᠯᠠᠨ ᠵᠢᠵᠢᠭ᠌ ᠨᠢᠳᠦ ᠵᠢᠭᠰᠠᠵᠠᠢ᠃ ᠨᠢᠰᠴᠦ ᠶᠠᠪᠤᠭ᠎ᠠ ᠦᠶ᠎ᠡ ᠳᠦ ᠣᠯᠠᠨ ᠵᠢᠵᠢᠭ᠌ ᠨᠢᠳᠦ ᠨᠢ ᠠᠳᠠᠯᠢ ᠪᠣᠰᠤ ᠴᠠᠭ ᠲᠤ ᠠᠳᠠᠯᠢ ᠨᠢᠭᠡᠨ ᠪᠡᠶᠡᠰ ᠢ ᠣᠯᠵᠤ ᠬᠠᠷᠠᠳᠠᠭ᠃ ᠵᠠᠭᠠᠨ ᠬᠤᠰᠢᠭᠤᠲᠤ ᠣᠯᠠᠨ ᠵᠢᠵᠢᠭ᠌ ᠨᠢᠳᠦᠨ ᠦ ᠪᠡᠨ ᠠᠳᠠᠯᠢ ᠨᠢᠭᠡᠨ ᠪᠡᠶᠡᠰ ᠢ ᠬᠠᠷᠠᠬᠤ ᠴᠠᠭ ᠤᠨ ᠵᠥᠷᠢᠶ᠎ᠡ ᠬᠢᠭᠡᠳ ᠡᠨᠡ ᠬᠣᠭᠤᠷᠤᠨᠳᠤ ᠶᠢᠨ ᠥᠪᠡᠷ ᠦᠨ ᠨᠢᠰᠦᠭᠰᠡᠨ ᠵᠠᠢ ᠪᠠᠨ ᠦᠨᠳᠦᠰᠦᠯᠡᠨ ᠭᠠᠵᠠᠷ ᠤᠨ ᠭᠠᠳᠠᠷᠭᠤ ᠲᠠᠢ ᠬᠠᠷᠢᠴᠠᠭᠤᠯᠤᠭᠰᠠᠨ ᠬᠤᠷᠳᠤᠴᠠ ᠪᠠᠨ ᠮᠠᠰᠢ ᠲᠥᠷᠭᠡᠨ ᠢᠶᠡᠷ«ᠪᠣᠳᠤᠵᠤ» ᠭᠠᠷᠭᠠᠬᠤ ᠶᠤᠮ᠃ ᠲᠡᠭᠦᠨ ᠦ ᠨᠢᠳᠦ ᠪᠣᠯ ᠴᠣᠬᠤᠮ ᠬᠦ ᠲᠥᠷᠦᠯᠬᠢ ᠬᠤᠷᠳᠤᠴᠠ ᠶᠢᠨ ᠬᠡᠮᠵᠢᠭᠦᠷ ᠮᠦᠨ᠃ ᠵᠠᠭᠠᠨ ᠬᠤᠰᠢᠭᠤᠲᠤ ᠶᠢᠨ ᠨᠢᠳᠦᠨ ᠦ ᠠᠵᠢᠯᠯᠠᠭ᠎ᠠ ᠶᠢᠨ ᠤᠭ ᠶᠣᠰᠤ ᠶᠢ ᠳᠠᠭᠤᠷᠢᠶᠠᠵᠤ ᠪᠠᠢᠭᠠᠳ ᠬᠥᠮᠦᠰ ᠨᠢᠰᠭᠡᠯ ᠦᠨ ᠪᠠᠭᠤᠬᠤ ᠦᠶᠡᠰ ᠦᠨ ᠭᠠᠵᠠᠷ ᠤᠨ ᠭᠠᠳᠠᠷᠭᠤ ᠲᠠᠢ ᠬᠠᠷᠢᠴᠠᠭᠤᠯᠤᠭᠰᠠᠨ ᠬᠤᠷᠳᠤᠴᠠ ᠶᠢ ᠬᠡᠮᠵᠢᠬᠦ ᠨᠢᠭᠡᠨ ᠵᠦᠢᠯ ᠦᠨ ᠪᠠᠭᠠᠵᠢ - ᠭᠠᠵᠠᠷ ᠤᠨ ᠬᠤᠷᠳᠤᠴᠠ ᠶᠢᠨ ᠬᠡᠮᠵᠢᠭᠦᠷ ᠢ ᠦᠢᠯᠡᠳᠦᠨ ᠪᠦᠲᠦᠭᠡᠭᠡᠳ ᠣᠳᠣ ᠨᠢᠰᠭᠡᠯ ᠳᠡᠭᠡᠷ᠎ᠡ ᠲᠤᠷᠰᠢᠨ ᠬᠡᠷᠡᠭᠯᠡᠵᠦ ᠪᠠᠢᠨ᠎ᠠ᠃ ᠵᠠᠯᠠᠭᠤᠷᠲᠤ ᠰᠤᠮᠤ ᠪᠠᠷ ᠴᠣᠬᠢᠬᠤ ᠦᠶ᠎ᠡ ᠶᠢᠨ ᠬᠠᠷᠢᠴᠠᠩᠭᠤᠢ ᠬᠤᠷᠳᠤᠴᠠ ᠶᠢ ᠪᠣᠳᠤᠬᠤ ᠳᠤ ᠴᠤ ᠲᠤᠰ ᠬᠡᠮᠵᠢᠭᠦᠷ ᠢ ᠬᠡᠷᠡᠭᠯᠡᠵᠦ ᠪᠣᠯᠤᠨ᠎ᠠ᠃
ᠨᠠᠷᠠᠨ ᠤ ᠭᠡᠷᠡᠯ ᠪᠣᠯ ᠤᠤᠯ ᠡᠴᠡ ᠪᠠᠨ ᠣᠯᠠᠨ ᠴᠢᠭᠯᠡᠯ ᠳᠦ ᠬᠡᠯᠪᠡᠯᠵᠡᠯᠲᠡ ᠪᠡᠨ ᠵᠢᠭᠳᠡ ᠲᠠᠷᠬᠠᠭᠠᠳᠠᠭ ᠪᠠᠢᠭᠠᠯᠢ ᠶᠢᠨ ᠭᠡᠷᠡᠯ ᠮᠦᠨ᠃ ᠭᠡᠪᠡᠴᠦ ᠠᠭᠠᠷ ᠮᠠᠨᠳᠠᠯ ᠤᠨ ᠳᠠᠪᠬᠤᠷᠭ᠎ᠠ ᠪᠠᠷ ᠨᠡᠪᠲᠡᠯᠦᠨ ᠲᠤᠰᠬᠤ ᠦᠶ᠎ᠡ ᠳᠦ ᠠᠭᠠᠷ ᠮᠠᠨᠳᠠᠯ ᠤᠨ ᠮᠤᠯᠧᠺᠦᠯ ᠪᠣᠯᠤᠨ ᠬᠣᠭ ᠲᠣᠭᠤᠰᠤᠨ ᠤ ᠮᠥᠬᠦᠯᠢᠭ᠌ ᠵᠡᠷᠭᠡ ᠶᠢᠨ ᠪᠤᠲᠠᠷᠠᠵᠤ ᠪᠠᠢᠭ᠎ᠠ ᠡᠴᠡ ᠪᠣᠯᠵᠤ ᠨᠠᠷᠠᠨ ᠤ ᠭᠡᠷᠡᠯ ᠦᠨ ᠬᠡᠯᠪᠡᠯᠵᠡᠯᠲᠡ ᠨᠢ ᠵᠥᠪᠬᠡᠨ ᠶᠠᠮᠠᠷ ᠨᠢᠭᠡᠨ ᠴᠢᠭᠯᠡᠯ ᠳᠡᠭᠡᠷ᠎ᠡ ᠲᠠᠷᠬᠠᠬᠤ ᠪᠤᠶᠤ ᠡᠰᠡᠬᠦᠯ᠎ᠡ ᠶᠠᠮᠠᠷ ᠨᠢᠭᠡᠨ ᠴᠢᠭᠯᠡᠯ ᠳᠡᠭᠡᠷᠡᠬᠢ ᠬᠡᠯᠪᠡᠯᠵᠡᠯᠲᠡ ᠨᠢ ᠳᠠᠪᠠᠭᠤᠯᠢᠭ ᠪᠠᠢᠷᠢ ᠶᠢ ᠡᠵᠡᠯᠡᠳᠡᠭ᠌᠃ ᠡᠢᠮᠦᠷᠬᠦᠦ ᠦᠵᠡᠭᠳᠡᠯ ᠢ ᠪᠣᠯ ᠭᠡᠷᠡᠯ ᠦᠨ ᠲᠤᠢᠯᠰᠢᠷᠠᠬᠤ ᠦᠵᠡᠭᠳᠡᠯ ᠭᠡᠳᠡᠭ᠌᠃ ᠲᠤᠢᠯᠰᠢᠷᠠᠬᠤ ᠦᠵᠡᠭᠳᠡᠯ ᠪᠦᠬᠦᠢ ᠭᠡᠷᠡᠯ ᠢ ᠲᠤᠢᠯᠰᠢᠷᠠᠬᠤ ᠭᠡᠷᠡᠯ ᠭᠡᠨ᠎ᠡ᠃ ᠬᠥᠮᠦᠨ ᠦ ᠨᠢᠳᠦ ᠨᠢ ᠪᠠᠭᠠᠵᠢ ᠶᠢᠨ ᠲᠤᠰᠠᠯᠠᠮᠵᠢ ᠦᠭᠡᠢ ᠪᠡᠷ ᠭᠡᠷᠡᠯ ᠦᠨ ᠲᠤᠢᠯᠰᠢᠷᠠᠬᠤ ᠦᠵᠡᠭᠳᠡᠯ ᠢ ᠠᠵᠢᠭᠯᠠᠵᠤ ᠳᠡᠢᠯᠬᠦ ᠦᠭᠡᠢ ᠶᠤᠮ᠃ ᠭᠡᠲᠡᠯ᠎ᠡ ᠵᠥᠭᠡᠢ᠂ ᠰᠢᠷᠭᠤᠯᠵᠢ ᠪᠣᠯᠤᠨ ᠵᠠᠷᠢᠮ ᠴᠤᠬᠤ ᠬᠣᠷᠤᠬᠠᠢ ᠨᠤᠭᠤᠳ ᠬᠠᠷᠢᠨ ᠨᠡᠢᠯᠡᠮᠡᠯ ᠨᠢᠳᠦ ᠪᠡᠷ ᠢᠶᠡᠨ ᠲᠤᠢᠯᠰᠢᠷᠠᠬᠤ ᠭᠡᠷᠡᠯ ᠦᠨ ᠬᠡᠯᠪᠡᠯᠵᠡᠯᠲᠡ ᠶᠢᠨ ᠴᠢᠭᠯᠡᠯ ᠢ ᠣᠯᠵᠤ ᠬᠠᠷᠠᠬᠤ ᠪᠥᠭᠡᠳ ᠪᠠᠰᠠ ᠣᠭᠲᠠᠷᠭᠤᠢ ᠳᠡᠬᠢ ᠨᠠᠷᠠᠨ ᠤ ᠲᠤᠢᠯᠰᠢᠷᠠᠬᠤ ᠭᠡᠷᠡᠯ ᠢ ᠠᠰᠢᠭᠯᠠᠨ ᠠᠶᠠᠯᠠᠯ ᠢᠶᠡᠨ ᠵᠠᠯᠠᠵᠤ ᠴᠢᠭᠯᠡᠯ ᠢᠶᠡᠨ ᠲᠣᠭᠲᠠᠭᠠᠳᠠᠭ ᠶᠤᠮ᠃
ᠵᠥᠭᠡᠢ ᠶᠢᠨ ᠨᠡᠢᠯᠡᠮᠡᠯ ᠨᠢᠳᠦ ᠨᠢ ᠣᠨᠴᠤᠭᠤᠢ ᠪᠦᠲᠦᠴᠡ ᠲᠠᠢ ᠤᠴᠢᠷ ᠡᠴᠡ ᠨᠠᠷᠠᠨ ᠤ ᠲᠤᠢᠯᠰᠢᠷᠠᠬᠤ ᠭᠡᠷᠡᠯ ᠦᠨ ᠬᠡᠯᠪᠡᠯᠵᠡᠯᠲᠡ ᠶᠢᠨ ᠴᠢᠭᠯᠡᠯ ᠢ ᠣᠯᠵᠤ ᠬᠠᠷᠠᠳᠠᠭ ᠪᠥᠭᠡᠳ ᠡᠨᠡ ᠴᠢᠭᠯᠡᠯ ᠨᠢ ᠨᠠᠷᠠᠨ ᠤ ᠪᠠᠢᠷᠢᠰᠢᠯ ᠯᠤᠭ᠎ᠠ ᠲᠣᠭᠳᠠᠭᠰᠠᠨ ᠬᠠᠷᠢᠴᠠᠭ᠎ᠠ ᠲᠠᠢ ᠪᠠᠢᠳᠠᠭ ᠪᠣᠯᠬᠣᠷ ᠵᠥᠭᠡᠢ ᠴᠠᠭ ᠲᠤᠬᠠᠢ ᠳᠤᠨᠢ ᠨᠠᠷᠠᠨ ᠤ ᠣᠷᠤᠨ ᠪᠠᠢᠷᠢ ᠶᠢ ᠢᠯᠭᠠᠨ ᠲᠠᠨᠢᠵᠤ ᠥᠪᠡᠷ ᠦᠨ ᠵᠦᠭ᠌ ᠴᠢᠭ᠌ ᠢᠶᠡᠨ ᠲᠣᠭᠲᠠᠭᠠᠵᠤ ᠠᠨᠳᠠᠭᠤᠷᠠᠯ ᠦᠭᠡᠢ ᠪᠡᠷ ᠪᠠᠯ ᠭᠠᠷᠳᠠᠭ ᠭᠠᠵᠠᠷ ᠢ ᠡᠷᠢᠵᠦ ᠣᠯᠳᠠᠭ ᠪᠤᠶᠤ ᠡᠭᠦᠷ ᠲᠡᠭᠡᠨ ᠡᠭᠡᠵᠦ ᠪᠤᠴᠠᠳᠠᠭ ᠪᠠᠢᠨ᠎ᠠ᠃ ᠵᠥᠭᠡᠢ ᠶᠢᠨ ᠨᠡᠢᠯᠡᠮᠡᠯ ᠨᠢᠳᠦᠨ ᠦ ᠪᠦᠲᠦᠴᠡ ᠶᠢᠨ ᠣᠨᠴᠠᠯᠢᠭ ᠪᠠ ᠠᠵᠢᠯᠯᠠᠭ᠎ᠠ ᠶᠢᠨ ᠤᠭ ᠶᠣᠰᠤ ᠶᠢ ᠮᠥᠷᠳᠡᠵᠦ᠂ ᠬᠥᠮᠦᠰ ᠣᠭᠲᠠᠷᠭᠤᠢ ᠶᠢᠨ ᠲᠤᠢᠯᠰᠢᠷᠠᠬᠤ ᠭᠡᠷᠡᠯ ᠢᠶᠡᠷ ᠠᠶᠠᠯᠠᠯ ᠵᠠᠯᠠᠳᠠᠭ ᠢ ᠦᠨᠳᠦᠰᠦᠯᠡᠭᠰᠡᠨ ᠳᠠᠯᠠᠢ ᠶᠢᠨ ᠠᠶᠠᠯᠠᠯ ᠤᠨ ᠬᠡᠮᠵᠢᠭᠦᠷᠯᠢᠭ᠌ -«ᠲᠤᠢᠯᠰᠢᠷᠠᠭᠠ ᠭᠡᠷᠡᠯᠲᠦ ᠣᠳᠤᠨ ᠣᠷᠤᠨ ᠤ ᠺᠣᠮᠫᠠᠰ» ᠢ᠋ ᠦᠢᠯᠡᠳᠦᠨ ᠪᠦᠲᠦᠭᠡᠵᠡᠢ᠃ ᠺᠣᠮᠫᠠᠰ ᠢ ᠬᠡᠷᠡᠭᠯᠡᠭᠰᠡᠨ ᠡᠴᠡ ᠪᠠᠷᠠᠭᠠᠨ ᠡᠭᠦᠯᠡ ᠪᠦᠷᠬᠦᠭᠰᠡᠨ ᠡᠳᠦᠷ ᠪᠤᠶᠤ ᠵᠢᠴᠢ ᠦᠷ ᠪᠠ ᠥᠳᠡᠰᠢ ᠪᠡᠷ ᠭᠡᠷᠡᠯᠲᠦ ᠨᠠᠷᠠ ᠦᠭᠡᠢ ᠪᠠᠢᠯ᠎ᠠ ᠴᠤ ᠭᠡᠰᠡᠨ ᠮᠥᠨ ᠵᠦᠭ᠌ ᠴᠢᠭ᠌ ᠢᠶᠡᠨ ᠠᠯᠳᠠᠬᠤ ᠦᠭᠡᠢ ᠪᠣᠯᠵᠠᠢ᠃ ᠣᠨᠴᠤᠭᠤᠢᠯᠠᠨ ᠰᠣᠷᠢᠨᠵᠢᠨ ᠺᠣᠮᠫᠠᠰ ᠢ ᠬᠡᠷᠡᠭᠯᠡᠵᠦ ᠪᠣᠯᠳᠠᠭ ᠦᠭᠡᠢ ᠡᠮᠦᠨᠡᠲᠦ ᠤᠮᠠᠷᠠᠲᠤ ᠬᠣᠶᠠᠷ ᠲᠤᠢᠯ ᠡᠴᠡ ᠣᠢᠷᠠᠬᠠᠨ ᠪᠠᠢᠭ᠎ᠠ ᠥᠨᠳᠦᠷ ᠥᠷᠭᠡᠷᠢᠭᠲᠦ ᠣᠷᠤᠨ ᠳᠤ ᠡᠨᠡ ᠬᠦ ᠲᠤᠢᠯᠰᠢᠷᠠᠭᠠ ᠭᠡᠷᠡᠯᠲᠦ ᠺᠣᠮᠫᠠᠰ ᠢ ᠬᠡᠷᠡᠭᠯᠡᠪᠡᠯ ᠲᠡᠭᠦᠨ ᠦ ᠳᠠᠪᠠᠭᠤᠯᠢᠭ ᠴᠢᠨᠠᠷ ᠨᠢ ᠨᠡᠩ ᠲᠣᠳᠤᠷᠬᠠᠢ ᠪᠣᠯᠤᠨ᠎ᠠ᠃
ᠥᠷᠦᠮ᠎ᠡ ᠬᠤᠯᠠᠭᠠᠢᠴᠢ᠂ ᠢᠯᠠᠭ᠎ᠠ ᠶᠢᠨ ᠨᠡᠢᠯᠡᠮᠡᠯ ᠨᠢᠳᠦᠨ ᠦ ᠡᠪᠡᠷᠯᠢᠭ᠌ ᠪᠦᠷᠬᠦᠪᠴᠢ ᠳᠤᠨᠢ ᠳᠦᠷᠰᠦ ᠬᠠᠷᠠᠭᠳᠠᠬᠤ ᠰᠣᠨᠢᠨ ᠣᠨᠴᠠᠯᠢᠭ ᠲᠠᠢ᠂ ᠥᠷᠦᠮ᠎ᠡ ᠬᠤᠯᠠᠭᠠᠢᠴᠢ ᠪᠣᠯᠤᠨ ᠢᠯᠠᠭ᠎ᠠ ᠶᠢᠨ ᠨᠡᠢᠯᠡᠮᠡᠯ ᠨᠢᠳᠦᠨ ᠦ ᠡᠪᠡᠷᠯᠢᠭ᠌ ᠪᠦᠷᠬᠦᠪᠴᠢ ᠶᠢ ᠱᠠᠭᠠᠯᠵᠤ ᠠᠪᠤᠭᠠᠳ ᠮᠢᠺᠷᠤᠰᠺᠤᠫ ᠤᠨ ᠳᠣᠣᠷ᠎ᠠ ᠲᠠᠯᠪᠢᠵᠤ ᠠᠵᠢᠭᠯᠠᠪᠠᠯ ᠡᠪᠡᠷᠯᠢᠭ᠌ ᠪᠦᠷᠬᠦᠪᠴᠢ ᠶᠢᠨ ᠡᠮᠦᠨ᠎ᠡ ᠨᠢ ᠭᠠᠭᠴᠠᠬᠠᠨ ᠶᠠᠭᠤᠮ᠎ᠠ ᠲᠠᠯᠪᠢᠭᠰᠠᠨ ᠴᠤ ᠣᠯᠠᠨ ᠳᠦᠷᠰᠦ ᠬᠠᠷᠠᠭᠳᠠᠨ᠎ᠠ᠃ ᠡᠭᠦᠨ ᠦ ᠤᠴᠢᠷ ᠨᠢ ᠡᠢᠮᠦᠷᠬᠦᠦ ᠨᠡᠢᠯᠡᠮᠡᠯ ᠨᠢᠳᠦᠨ ᠦ ᠡᠪᠡᠷᠯᠢᠭ᠌ ᠪᠦᠷᠬᠦᠪᠴᠢ ᠪᠣᠯ ᠵᠢᠷᠭᠤᠭᠠᠯᠵᠢᠨ ᠬᠡᠯᠪᠡᠷᠢ ᠲᠠᠢ ᠣᠯᠠᠨ ᠵᠢᠵᠢᠭ᠌ ᠨᠢᠳᠦᠨ ᠦ ᠡᠪᠡᠷᠯᠢᠭ᠌ ᠪᠦᠷᠬᠦᠪᠴᠢ ᠪᠡᠷ ᠪᠦᠲᠦᠭᠰᠡᠨ ᠮᠥᠷᠲᠡᠭᠡᠨ ᠵᠢᠵᠢᠭ᠌ ᠨᠢᠳᠦᠨ ᠦ ᠡᠪᠡᠷᠯᠢᠭ᠌ ᠪᠦᠷᠬᠦᠪᠴᠢ ᠪᠣᠯᠭᠠᠨ ᠳᠤᠨᠢ ᠴᠥᠮ ᠨᠢᠭᠡᠨ ᠳᠦᠷᠰᠦ ᠬᠠᠷᠠᠭᠳᠠᠳᠠᠭ ᠡᠴᠡ ᠪᠣᠯᠤᠭᠰᠠᠨ ᠶᠤᠮ᠃ ᠬᠥᠮᠦᠰ ᠡᠨᠳᠡ ᠡᠴᠡ ᠰᠡᠩᠬᠡᠷᠡᠯ ᠣᠯᠵᠤ ᠡᠳᠡᠭᠡᠷ ᠰᠢᠪᠡᠵᠢ ᠬᠣᠷᠤᠬᠠᠢ ᠶᠢᠨ ᠨᠡᠢᠯᠡᠮᠡᠯ ᠨᠢᠳᠦᠨ ᠦ ᠡᠪᠡᠷᠯᠢᠭ᠌ ᠪᠦᠷᠬᠦᠪᠴᠢ ᠶᠢᠨ ᠪᠦᠲᠦᠴᠡ ᠶᠢ ᠳᠠᠭᠤᠷᠢᠶᠠᠨ ᠵᠢᠵᠢᠭᠬᠡᠨ ᠭᠡᠷᠡᠯᠯᠢᠭ᠌ ᠮᠡᠰᠢᠯ ᠢ ᠡᠮᠬᠢ ᠴᠡᠭᠴᠡ ᠲᠠᠢ ᠣᠯᠠᠨ ᠵᠢᠭᠰᠠᠭᠠᠭᠠᠳ ᠰᠢᠨ᠎ᠡ ᠭᠡᠷᠡᠯᠯᠢᠭ᠌ ᠲᠣᠨᠤᠭ -«ᠨᠡᠢᠯᠡᠮᠡᠯ ᠨᠢᠳᠦᠲᠦ ᠮᠡᠰᠢᠯ» ᠢ ᠦᠢᠯᠡᠳᠦᠨ ᠭᠠᠷᠭᠠᠵᠠᠢ᠃ ᠲᠡᠭᠦᠨ ᠢᠶᠡᠷ ᠳᠤᠷᠠᠨᠳᠠᠭᠤᠷ ᠪᠣᠯᠭᠠᠭᠰᠠᠨ«ᠨᠡᠢᠯᠡᠮᠡᠯ ᠨᠢᠳᠦᠲᠦ ᠵᠢᠷᠤᠭ ᠲᠠᠲᠠᠬᠤ ᠮᠠᠰᠢᠨ» ᠪᠣᠯ ᠭᠠᠭᠴᠠᠬᠠᠨ ᠤᠳᠠᠭ᠎ᠠ ᠳᠤ ᠮᠢᠩᠭ᠎ᠠ ᠲᠦᠮᠡᠨ ᠬᠤᠪᠢ ᠠᠳᠠᠯᠢ ᠵᠢᠷᠤᠭ ᠢ ᠲᠠᠲᠠᠵᠤ ᠴᠢᠳᠠᠨ᠎ᠠ᠃ ᠬᠡᠪᠯᠡᠯ ᠦᠨ ᠪᠠᠷ ᠦᠢᠯᠡᠳᠬᠦ ᠪᠠ ᠥᠷᠭᠡᠨ ᠬᠡᠪᠴᠢᠶᠡᠨ ᠦ ᠬᠤᠷᠠᠮᠠᠯ ᠴᠠᠬᠢᠯᠭᠠᠨ ᠬᠡᠯᠬᠢᠶ᠎ᠡ ᠳᠡᠬᠢ ᠨᠠᠷᠢᠨ ᠪᠢᠴᠢᠯ ᠬᠡᠯᠬᠢᠶ᠎ᠡ ᠶᠢ ᠦᠯᠡᠮᠵᠢ ᠣᠯᠠᠨ ᠢᠶᠡᠷ ᠳᠠᠬᠢᠨ ᠦᠢᠯᠡᠳᠬᠦ ᠳᠦ ᠡᠨᠡ ᠬᠦ ᠨᠡᠢᠯᠡᠮᠡᠯ ᠨᠢᠳᠦᠲᠦ ᠵᠢᠷᠤᠭ ᠲᠠᠲᠠᠬᠤ ᠮᠠᠰᠢᠨ ᠢ ᠬᠡᠷᠡᠭᠯᠡᠭᠰᠡᠨ ᠡᠴᠡ ᠠᠵᠢᠯ ᠤᠨ ᠪᠦᠲᠦᠮᠵᠢ ᠪᠣᠯᠤᠨ ᠶᠠᠰᠤ ᠴᠢᠨᠠᠷ ᠢ ᠶᠡᠬᠡ ᠪᠡᠷ ᠳᠡᠭᠡᠭᠰᠢᠯᠡᠭᠦᠯᠦᠭᠰᠡᠨ ᠪᠠᠢᠨ᠎ᠠ᠃
ᠳᠡᠭᠡᠷ᠎ᠡ ᠳᠤᠷᠠᠳᠤᠭᠰᠠᠨ ᠣᠯᠠᠨ ᠲᠠᠯ᠎ᠠ ᠶᠢᠨ ᠰᠤᠳᠤᠯᠬᠤ ᠠᠵᠢᠯ ᠪᠣᠯ ᠲᠧᠭᠨᠢᠭ᠌ ᠮᠡᠷᠭᠡᠵᠢᠯ ᠦᠨ ᠵᠢᠷᠤᠭ ᠲᠥᠯᠦᠪᠯᠡᠭᠡ ᠬᠢᠬᠦ ᠨᠢᠭᠡᠨ ᠰᠢᠨ᠎ᠡ ᠠᠷᠭ᠎ᠠ ᠵᠠᠮ ᠪᠣᠯᠬᠤ ᠪᠥᠭᠡᠳ ᠰᠢᠨ᠎ᠡ ᠪᠡᠷ ᠬᠥᠭᠵᠢᠭᠰᠡᠨ ᠵᠠᠪᠰᠠᠷ ᠤᠨ ᠰᠢᠨᠵᠢᠯᠡᠬᠦ ᠤᠬᠠᠭᠠᠨ -«ᠪᠢᠣᠨᠢᠺᠰ» ᠤᠨ ᠰᠤᠳᠤᠯᠬᠤ ᠬᠡᠪᠴᠢᠶᠡᠨ ᠳᠦ ᠬᠠᠷᠢᠶᠠᠯᠠᠭᠳᠠᠨ᠎ᠠ᠃ ᠪᠢᠣᠨᠢᠺᠰ ᠪᠣᠯ ᠠᠮᠢᠳᠤ ᠪᠣᠳᠠᠰ ᠤᠨ ᠰᠢᠨᠵᠢᠯᠡᠬᠦ ᠤᠬᠠᠭᠠᠨ ᠪᠣᠯᠤᠨ ᠲᠧᠭᠨᠢᠭ᠌ ᠮᠡᠷᠭᠡᠵᠢᠯ ᠦᠨ ᠰᠢᠨᠵᠢᠯᠡᠬᠦ ᠤᠬᠠᠭᠠᠨ ᠤ ᠬᠣᠭᠤᠷᠤᠨᠳᠤ ᠡᠴᠡ ᠬᠥᠭᠵᠢᠨ ᠭᠠᠷᠤᠭᠰᠠᠨ ᠶᠤᠮ᠃ ᠲᠡᠭᠦᠨ ᠦ ᠡᠭᠦᠷᠭᠡ ᠪᠣᠯ ᠣᠳᠣ ᠮᠧᠬᠠᠨᠢᠭ ᠰᠢᠰᠲ᠋ᠧᠮ᠂ ᠪᠠᠭᠠᠵᠢ᠂ ᠲᠣᠨᠤᠭᠯᠠᠯ᠂ ᠪᠠᠷᠢᠯᠭ᠎ᠠ ᠶᠢᠨ ᠪᠦᠲᠦᠴᠡ ᠪᠠ ᠤᠷᠠᠯᠠᠯ ᠳᠠᠷᠬᠠᠯᠠᠯ ᠤᠨ ᠶᠠᠪᠤᠴᠠ ᠵᠡᠷᠭᠡ ᠶᠢ ᠠᠮᠢᠳᠤ ᠪᠣᠳᠠᠰ ᠤᠨ ᠪᠡᠶ᠎ᠡ ᠶᠢᠨ ᠪᠦᠲᠦᠴᠡ ᠪᠣᠯᠤᠨ ᠠᠵᠢᠯᠯᠠᠭ᠎ᠠ ᠶᠢᠨ ᠤᠭ ᠶᠣᠰᠤ ᠪᠠᠷ ᠬᠠᠯᠠᠵᠤ ᠰᠠᠢᠵᠢᠷᠠᠭᠤᠯᠬᠤ ᠪᠤᠶᠤ ᠰᠢᠨ᠎ᠡ ᠶᠢ ᠡᠭᠦᠳᠬᠦ ᠳᠦ ᠣᠷᠤᠰᠢᠨ᠎ᠠ᠃
ᠬᠥᠮᠦᠨ ᠠᠮᠢᠲᠠᠨ ᠤ ᠨᠢᠳᠦᠨ ᠦ ᠡᠴᠢᠨ᠎ᠡ ᠳᠠᠯᠳᠠ ᠶᠢ ᠨᠢᠭᠲᠠᠯᠠᠨ ᠰᠢᠨᠵᠢᠭ᠍ᠴᠢ ᠪᠢᠣᠨᠢᠺᠰ ᠤᠨ ᠰᠤᠳᠤᠯᠭᠠᠨ ᠤ ᠠᠵᠢᠯ ᠢ ᠬᠠᠷᠠᠬᠤ ᠰᠡᠷᠡᠯ ᠦᠨ ᠪᠢᠣᠨᠢᠺᠰ ᠭᠡᠳᠡᠭ᠌᠃ ᠲᠡᠭᠦᠨ ᠢ ᠰᠣᠨᠤᠰᠬᠤ ᠰᠡᠷᠡᠯ ᠦᠨ ᠪᠢᠣᠨᠢᠺᠰ᠂ ᠦᠨᠦᠷ ᠦᠨ ᠰᠡᠷᠡᠯ ᠦᠨ ᠪᠢᠣᠨᠢᠺᠰ᠂ ᠬᠥᠨᠳᠡᠬᠦ ᠰᠡᠷᠡᠯ ᠦᠨ ᠪᠢᠣᠨᠢᠺᠰ ᠪᠠ ᠠᠮᠲᠠᠨ ᠤ ᠰᠡᠷᠡᠯ ᠦᠨ ᠪᠢᠣᠨᠢᠺᠰ ᠤᠳ ᠲᠠᠢ ᠬᠠᠮᠲᠤ ᠳᠤᠨᠢ ᠰᠡᠷᠡᠯ ᠦᠨ ᠪᠢᠣᠨᠢᠺᠰ ᠭᠡᠵᠦ ᠶᠡᠷᠦᠩᠬᠡᠢᠯᠡᠨ ᠨᠡᠷᠡᠢᠳᠳᠡᠭ᠌ ᠶᠤᠮ᠃ ᠰᠠᠷᠠᠯ ᠦᠨ ᠪᠢᠣᠨᠢᠺᠰ ᠨᠢᠭᠡᠨᠲᠡ ᠣᠳᠣᠬᠠᠨ ᠤ ᠪᠢᠣᠨᠢᠺᠰ ᠤᠨ ᠬᠥᠭᠵᠢᠬᠦ ᠭᠣᠣᠯᠳᠠᠯᠭ᠎ᠠ ᠪᠣᠯᠤᠭᠰᠠᠨ ᠪᠠᠢᠨ᠎ᠠ᠃