ᠮᠣᠩᠭᠣᠯ ᠪᠢᠴᠢᠭ᠌

ᠡᠷᠢᠶ᠎ᠡ  
ᠪᠤᠴᠠᠬᠤ

ᠰᠢᠯᠢᠭ᠌ ᠡᠪᠦᠭᠡᠨ

ᠲᠤ᠊᠂ ᠨᠠᠢᠷᠲᠠᠢ

ᠪᠢ ᠥᠴᠦᠭᠡᠳᠦᠷ ᠦᠳᠡ ᠳᠦ ᠬᠥᠮᠦᠰ ᠲᠠᠢ ᠵᠣᠭᠤᠭ ᠳᠡᠯᠭᠡᠨ ᠰᠠᠭᠤᠵᠤ ᠪᠠᠢᠭᠠᠳ ᠰᠢᠯᠢᠭ᠌ ᠡᠪᠦᠭᠡᠨ ᠦ ᠦᠬᠦᠭᠰᠡᠨ ᠢ ᠰᠣᠨᠤᠰᠤᠯ᠎ᠠ᠃ ᠁ ᠲᠡᠭᠦᠨ ᠦ ᠦᠬᠦᠭᠰᠡᠨ ᠳᠦ ᠪᠢ ᠲᠤᠩ ᠶᠡᠬᠡ ᠬᠠᠷᠠᠮᠰᠠᠵᠤ ᠪᠠᠢᠬᠤ ᠶᠢᠨ ᠬᠠᠮᠲᠤ ᠣᠳᠣ ᠲᠡᠭᠦᠨ ᠢ ᠳᠤᠷᠠᠰᠭᠠᠭᠠᠳ ᠡᠨᠡ ᠵᠣᠬᠢᠶᠠᠯ ᠢᠶᠡᠨ ᠪᠢᠴᠢᠭᠰᠡᠨ ᠶᠤᠮ᠃ ᠪᠣᠳᠤᠬᠤ ᠳᠤ᠂ ᠲᠡᠭᠦᠨ ᠦ ᠨᠢᠭᠡ ᠨᠠᠰᠤᠨ ᠤ ᠠᠮᠢᠳᠤᠷᠠᠯ ᠨᠢ ᠤᠳᠭ᠎ᠠ ᠠᠭᠤᠯᠭ᠎ᠠ ᠦᠭᠡᠢ ᠶᠤᠮ᠃ ᠲᠡᠭᠦᠨ ᠰᠢᠭ᠌ ᠠᠮᠢᠳᠤᠷᠠᠯ ᠲᠠᠢ ᠬᠥᠮᠦᠨ ᠣᠳᠣ ᠪᠠᠰᠠ ᠪᠠᠢᠨ᠎ᠠ ᠤᠤ︖ ᠪᠢ ᠣᠳᠣ ᠬᠦᠷᠲᠡᠯ᠎ᠡ ᠪᠦᠷ ᠤᠴᠠᠷᠠᠯᠳᠤᠭᠠᠳ ᠦᠭᠡᠢ᠃

ᠠᠩᠬ᠎ᠠ ᠲᠠᠨᠢᠯᠴᠠᠭᠰᠠᠨ ᠨᠢ

ᠬᠥᠮᠦᠰ ᠰᠢᠨ᠎ᠡ ᠵᠢᠯ ᠦᠨ ᠴᠠᠭᠠᠨ ᠤ ᠪᠠᠶᠠᠷ ᠥᠩᠭᠡᠷᠡᠭᠦᠯᠦᠭᠡᠳ ᠬᠡᠳᠦ ᠬᠣᠨᠤᠭᠠᠳ ᠦᠭᠡᠢ ᠪᠠᠢᠲᠠᠯ᠎ᠠ ᠨᠢᠭᠡ ᠶᠡᠬᠡ ᠴᠠᠰᠤ ᠣᠷᠤᠵᠤ᠂ ᠡᠪᠡᠰᠦ ᠪᠡᠯᠴᠢᠭᠡᠷ ᠳᠠᠷᠤᠭᠳᠠᠭᠠᠳ᠂ ᠮᠠᠯ ᠢᠳᠡᠰᠢ ᠠᠯᠳᠠᠵᠤ ᠵᠡᠳᠭᠡᠷ ᠪᠣᠯᠤᠭᠰᠠᠨ ᠲᠤᠯᠠ ᠲᠦᠷᠦᠭᠦᠦ ᠵᠦᠳᠡᠭᠦᠦ ᠮᠠᠯᠴᠢᠳ ᠲᠤ ᠲᠤᠰᠠᠯᠠᠬᠤ ᠪᠠᠷ ᠨᠤᠲᠤᠭ ᠡᠴᠡ ᠨᠢᠭᠡ ᠬᠡᠰᠡᠭ᠌ ᠺᠠᠲᠷ ᠢ ᠭᠠᠷᠭᠠᠵᠤ ᠵᠣᠬᠢᠶᠠᠨ ᠪᠠᠢᠭᠤᠯᠤᠭᠠᠳ ᠮᠠᠯ ᠤᠨ ᠰᠠᠭᠤᠷᠢ ᠲᠠᠯ᠎ᠠ ᠶᠠᠪᠤᠭᠤᠯᠪᠠ᠃

«ᠴᠢ ᠰᠢᠯᠢᠭ᠌ ᠳᠡᠭᠡᠷ᠎ᠡ ᠣᠳ︕» ᠭᠡᠵᠦ ᠨᠠᠮ ᠤᠨ ᠬᠣᠷᠢᠶ᠎ᠠ ᠶᠢᠨ ᠱᠦᠵᠢ ᠪᠠᠳᠮ᠎ᠠ ᠨᠠᠳᠠ ᠬᠡᠯᠡᠪᠡ᠃ ᠪᠠᠳᠮ᠎ᠠ ᠱᠦᠵᠢ᠄«ᠴᠢ ᠣᠳᠤᠭᠠᠳ ᠬᠣᠶᠠᠷ ᠨᠢᠭᠡ ᠡᠳᠦᠷ ᠲᠡᠳᠡᠨ ᠢ ᠲᠤᠰᠠᠯᠠᠭᠠᠳ ᠬᠠᠰᠢᠶ᠎ᠠ ᠬᠣᠷᠤᠭ᠎ᠠ ᠶᠢᠨ ᠴᠠᠰᠤ ᠶᠢ ᠨᠢ ᠭᠠᠷᠭᠠᠯᠴᠠᠭᠠᠳ ᠣᠷᠬᠢᠪᠠᠯ ᠪᠣᠯᠤᠭᠰᠠᠨ ᠨᠢ ᠲᠡᠷᠡ᠂ ᠳᠠᠬᠢᠵᠤ ᠬᠢᠮᠡᠷ ᠣᠨᠳᠣᠣ ᠠᠵᠢᠯ ᠪᠠᠢᠬᠤ ᠴᠤ ᠦᠭᠡᠢ᠂ ᠪᠢ ᠴᠢᠮᠠᠢ ᠳᠠᠭᠠᠭᠤᠯᠵᠤ ᠣᠳᠤᠭᠠᠳ ᠲᠠᠨᠢᠯᠴᠠᠭᠤᠯᠵᠤ ᠣᠷᠬᠢᠶ᠎ᠠ» ᠭᠡᠳ ᠲᠡᠷᠡ ᠡᠳᠦᠷ ᠨᠠᠮᠠᠢ ᠳᠠᠭᠠᠭᠤᠯᠤᠭᠠᠳ ᠶᠠᠪᠤᠪᠠ᠃

ᠭᠠᠯ ᠦᠳᠡ ᠶᠢᠨ ᠦᠶ᠎ᠡ ᠳᠦ᠂ ᠪᠢᠳᠡᠨ ᠰᠢᠯᠢᠭ᠌ ᠦᠨ ᠭᠡᠷ ᠲᠦ ᠬᠦᠷᠪᠡ ᠁

ᠪᠠᠳᠮ᠎ᠠ ᠱᠦᠵᠢ ᠪᠢᠳᠡᠨ ᠬᠣᠶᠠᠷ᠂ ᠮᠣᠷᠢ ᠪᠠᠨ ᠲᠤᠱᠠᠭᠠᠳ ᠭᠡᠷ ᠲᠦ ᠣᠷᠤᠪᠠ᠃ ᠪᠢ ᠪᠠᠳᠮ᠎ᠠ ᠱᠦᠵᠢ ᠶᠢᠨ ᠳᠣᠣᠷᠠᠳᠤ ᠲᠠᠯ᠎ᠠ ᠳᠤ ᠰᠠᠭᠤᠮᠠᠭᠴᠠ ᠭᠡᠷ ᠦᠨ ᠡᠵᠡᠨ ᠡᠮᠡᠭᠲᠡᠢ ᠯᠤᠭᠡ ᠮᠡᠨᠳᠦ ᠠᠰᠠᠭᠤᠯᠴᠠᠵᠤ᠂ ᠮᠠᠯ ᠰᠦᠷᠦᠭ ᠦᠨ ᠪᠠᠢᠳᠠᠯ᠂ ᠴᠠᠰᠤ ᠪᠣᠷᠤᠭᠠᠨ ᠤ ᠪᠠᠢᠳᠠᠯ ᠢ ᠠᠰᠠᠭᠤᠵᠤ ᠡᠬᠢᠯᠡᠪᠡ᠃ ᠪᠢ ᠡᠨᠡᠬᠡᠨ ᠵᠠᠪ ᠲᠤ ᠲᠡᠷᠡ ᠡᠮᠡᠭᠲᠡᠢ ᠶᠢ ᠬᠠᠷᠠᠪᠠᠯ ᠳᠥᠴᠢ ᠬᠦᠷᠦᠭᠡᠳ ᠦᠭᠡᠢ ᠢᠳᠡᠷ ᠨᠠᠰᠤᠨ ᠤ ᠡᠮᠡᠭᠲᠡᠢ ᠠᠵᠢ᠃ ᠬᠦᠷᠡᠩ ᠤᠯᠠᠭᠠᠨ ᠴᠢᠷᠠᠢ ᠳᠡᠭᠡᠷ᠎ᠡ ᠨᠢ ᠬᠣᠶᠠᠷ ᠲᠣᠮᠤ ᠠᠯᠠᠭ ᠨᠢᠳᠦ ᠨᠢ ᠡᠷᠭᠢᠯᠳᠦᠵᠦ᠂ ᠨᠠᠳᠠ ᠵᠢᠭᠲᠡᠢᠬᠡᠨ ᠰᠠᠨᠠᠭᠳᠠᠵᠤ ᠪᠢᠯᠡ᠃ ᠲᠡᠷᠡ ᠲᠡᠮᠦᠷ ᠵᠤᠤᠬ᠎ᠠ ᠶᠢᠨ ᠠᠮᠠᠨ ᠳᠤ ᠲᠠᠯᠪᠢᠭᠰᠠᠨ ᠴᠦᠦᠭᠡ ᠡᠴᠡ ᠴᠠᠢ ᠠᠶᠠᠭᠠᠯᠠᠵᠤ᠂ ᠪᠠᠳᠮ᠎ᠠ ᠱᠦᠵᠢ ᠤᠷᠤᠭᠤᠯ ᠬᠦᠷᠭᠡᠵᠦ ᠠᠮᠰᠠᠬᠤ ᠲᠡᠳᠦᠢ ᠨᠠᠳᠠ ᠥᠭᠭᠦᠭᠡᠳ᠄

«ᠵᠠ᠂ ᠡᠨᠡ ᠵᠠᠯᠠᠭᠤ ᠶᠢ ᠲᠠᠨ ᠤ ᠳᠤ ᠬᠦᠷᠭᠡᠵᠦ ᠢᠷᠡᠯ᠎ᠡ᠃ ᠲᠠ ᠨᠠᠷ ᠲᠤ ᠨᠥᠬᠦᠳ ᠪᠣᠯᠵᠤ ᠬᠠᠰᠢᠶ᠎ᠠ ᠬᠣᠷᠤᠭ᠎ᠠ ᠶᠢᠨ ᠴᠠᠰᠤ ᠶᠢ ᠭᠠᠷᠭᠠᠯᠴᠠᠵᠤ ᠥᠭᠭᠦᠭᠡᠳ ᠬᠣᠶᠠᠷ ᠨᠢᠭᠡ ᠡᠳᠦᠷ ᠪᠣᠯᠵᠤ ᠪᠤᠴᠠᠬᠤ ᠶᠤᠮ» ᠬᠡᠪᠡ᠃ ᠲᠡᠷᠡ ᠡᠮᠡᠭᠲᠡᠢ ᠪᠠᠶᠠᠷᠯᠠᠭᠰᠠᠨ ᠮᠠᠶᠢ᠍ᠭᠲᠠᠢ ᠪᠠᠳᠮ᠎ᠠ ᠱᠦᠵᠢ ᠶᠢ ᠬᠠᠷᠠᠵᠤ᠄«ᠵᠠ᠂ ᠲᠡᠭᠡᠯᠭᠦᠢ᠂ ᠮᠠᠨ ᠤ ᠳᠤ ᠢᠯᠡᠭᠦᠦ ᠬᠡᠳᠦ ᠬᠣᠨᠤᠭᠰᠠᠨ ᠴᠤ ᠬᠠᠮᠢᠶ᠎ᠠ ᠦᠭᠡᠢ» ᠭᠡᠵᠦ ᠬᠡᠯᠡᠭᠡᠳ᠂ ᠶᠠᠪᠤᠬᠤ ᠭᠡᠰᠡᠨ ᠪᠠᠳᠮ᠎ᠠ ᠱᠦᠵᠢ ᠶᠢ ᠨᠣᠬᠠᠢ ᠬᠣᠷᠢᠵᠤ ᠭᠠᠷᠭᠠᠪᠠ᠃ ᠮᠣᠷᠢ ᠪᠠᠨ ᠢᠳᠡᠭᠦᠯᠦᠮᠡᠭᠴᠡ ᠪᠡᠨ ᠪᠢ ᠬᠦᠷᠵᠡ ᠠᠪᠴᠤ ᠬᠣᠨᠢᠨ ᠤ ᠬᠠᠰᠢᠶᠠᠨ ᠤ ᠴᠠᠰᠤ ᠶᠢ ᠭᠠᠷᠭᠠᠵᠤ ᠡᠬᠢᠯᠡᠪᠡ᠃

ᠦᠢᠯᠡ ᠪᠡᠨ ᠪᠠᠷᠠᠭᠰᠠᠨ ᠪᠢ ᠨᠢᠭᠡ ᠡᠳᠦᠷ ᠭᠠᠭᠴᠠᠭᠠᠷ ᠢᠶᠡᠨ ᠴᠠᠰᠤ ᠵᠥᠭᠡᠭᠡᠭᠡᠳ ᠳᠠᠭᠤᠰᠭᠠᠵᠤ ᠴᠢᠳᠠᠭᠰᠠᠨ ᠦᠭᠡᠢ᠃ ᠪᠢ ᠬᠠᠰᠢᠶ᠎ᠠ ᠶᠢᠨ ᠠᠮᠠᠨ ᠳᠡᠭᠡᠷ᠎ᠡ ᠨᠢᠭᠡ ᠭᠠᠩᠰᠠ ᠲᠠᠮᠠᠬᠢ ᠲᠠᠲᠠᠭᠠᠳ ᠠᠮᠤᠰᠬᠢᠵᠤ ᠪᠠᠢᠲᠠᠯ᠎ᠠ ᠬᠣᠨᠢᠨ ᠰᠦᠷᠦᠭ ᠢᠶᠡᠨ ᠭᠡᠷ ᠲᠠᠯ᠎ᠠ ᠪᠠᠨ ᠬᠠᠨᠳᠤᠭᠤᠯᠵᠤ ᠣᠷᠬᠢᠭᠠᠳ ᠨᠢᠭᠡ ᠡᠪᠦᠭᠡᠨ ᠬᠦᠷᠴᠦ ᠢᠷᠡᠯ᠎ᠡ ᠁«ᠠ︕ ᠡᠨᠡ ᠴᠢᠨᠢ ᠣᠳᠣᠬᠢ ᠰᠢᠯᠢᠭ᠌ ᠪᠣᠯᠤᠯ ᠦᠭᠡᠢ» ᠭᠡᠵᠦ ᠪᠢ ᠳᠣᠲᠤᠷ᠎ᠠ ᠪᠠᠨ ᠪᠣᠳᠤᠭᠰᠠᠨ ᠲᠡᠳᠦᠢ ᠪᠣᠰᠴᠤ ᠡᠪᠦᠭᠡᠨ ᠯᠤᠭᠡ ᠮᠡᠨᠳᠦ ᠭᠦᠢᠴᠡᠳᠭᠡᠵᠦ᠂ ᠬᠣᠨᠢ ᠮᠠᠯ ᠤᠨ ᠪᠠᠢᠳᠠᠯ ᠢ ᠠᠰᠠᠭᠤᠯ᠎ᠠ᠃

«ᠰᠠᠢᠨ᠂ ᠰᠠᠢᠨ︕» ᠭᠡᠳ ᠰᠢᠯᠢᠭ᠌ ᠡᠪᠦᠭᠡᠨ᠄

«ᠡᠨᠡ ᠴᠠᠰᠤ ᠶᠢ ᠴᠢ ᠵᠥᠭᠡᠭᠡᠵᠦ ᠭᠠᠷᠭᠠᠭᠰᠠᠨ ᠤᠤ︖ ᠡᠨᠡ ᠴᠠᠰᠤ ᠶᠢ ᠡᠷᠲᠡ ᠣᠷᠤᠢ ᠦᠭᠡᠢ ᠵᠠᠪᠠᠯ ᠭᠠᠷᠭᠠᠬᠤ ᠬᠡᠷᠡᠭᠲᠡᠢ ᠭᠡᠵᠦ ᠪᠢ ᠪᠣᠳᠤᠵᠤ ᠪᠠᠢᠭᠰᠠᠨ ᠶᠤᠮ᠃ ᠭᠡᠲᠡᠯ᠎ᠡ ᠨᠠᠳᠠ ᠶᠡᠷᠦ ᠵᠠᠪ ᠪᠣᠯᠬᠤ ᠦᠭᠡᠢ᠃ ᠵᠠ᠂ ᠦᠯᠡᠳᠡᠭᠰᠡᠨ ᠢ ᠨᠢ ᠮᠠᠷᠭᠠᠰᠢ ᠭᠠᠷᠭᠠᠬᠤ ᠪᠢᠵᠡ᠂ ᠭᠡᠷ ᠲᠦ ᠣᠷᠤ» ᠭᠡᠵᠦ ᠰᠢᠯᠢᠭ᠌ ᠳᠣᠲᠤᠨᠤᠰᠤᠭ ᠪᠠᠢᠳᠠᠯ ᠲᠠᠢ ᠪᠠᠷ ᠬᠡᠯᠡᠬᠦ ᠶᠢ ᠨᠢ ᠰᠣᠨᠤᠰᠤᠭᠠᠳ᠂ ᠬᠡᠳᠦᠢ ᠠᠶᠤᠮᠠᠷ ᠰᠢᠨᠵᠢᠲᠡᠢ ᠪᠣᠯᠪᠠᠴᠤ ᠬᠠᠷᠢᠨ ᠰᠡᠳᠭᠢᠯ ᠨᠢ ᠦᠨᠡᠬᠡᠷ ᠰᠠᠢᠨ ᠡᠪᠦᠭᠡᠨ ᠠᠵᠢ ᠭᠡᠵᠦ ᠪᠣᠳᠤᠬᠤ ᠪᠢᠯᠡ᠃ ᠦᠨᠡᠨ ᠳᠡᠭᠡᠨ ᠡᠢᠮᠦ᠂ ᠰᠡᠳᠭᠢᠯ ᠳᠡᠭᠡᠨ ᠶᠠᠭᠤ ᠴᠤ ᠦᠭᠡᠢ ᠬᠥᠨᠳᠡᠢ᠂ ᠴᠠᠭᠠᠨ ᠰᠠᠨᠠᠭ᠎ᠠ ᠲᠠᠢ ᠰᠠᠷᠬᠠᠢᠭᠰᠠᠨ ᠨᠢᠭᠡ ᠮᠠᠯᠴᠢᠨ ᠡᠪᠦᠭᠡᠨ ᠲᠤᠯᠠ ᠲᠡᠷᠡ ᠣᠷᠤᠢ ᠪᠢᠳᠡᠨ ᠤᠨᠲᠠᠬᠤ ᠬᠦᠷᠲᠡᠯ᠎ᠡ ᠬᠠᠯᠠᠭᠤᠮᠰᠤᠭ ᠶᠠᠷᠢᠯᠴᠠᠵᠤ ᠰᠠᠭᠤᠯ᠎ᠠ᠃ ᠢᠷᠭᠢ ᠭᠣᠯᠤᠮᠲᠠ ᠬᠣᠶᠠᠷ ᠤᠨ ᠬᠣᠭᠤᠷᠤᠨᠳᠤ ᠪᠣᠰᠬᠤ ᠡᠴᠡ ᠪᠡᠨ ᠵᠠᠯᠬᠠᠭᠤᠷᠠᠭᠠᠳ᠂ ᠮᠥᠯᠬᠦᠵᠦ ᠰᠠᠭᠤᠳᠠᠭ ᠲᠡᠷᠡ ᠬᠦ ᠡᠮᠡᠭᠲᠡᠢ ᠶᠢᠨ ᠨᠡᠷ᠎ᠡ ᠨᠢ«ᠪᠤᠵᠢᠳ» ᠭᠡᠳᠡᠭ᠌ ᠪᠥᠭᠡᠳ ᠰᠢᠯᠢᠭ᠌ ᠡᠪᠦᠭᠡᠨ ᠡᠴᠡ ᠠᠳᠠᠭ ᠲᠠᠭᠠᠨ ᠠᠷᠪᠠᠨ ᠬᠡᠳᠦᠨ ᠨᠠᠰᠤ ᠳᠡᠭᠦᠦ ᠪᠠᠢᠯ᠎ᠠ᠃ ᠲᠡᠷᠡ ᠨᠢᠭᠡ ᠬᠥᠪᠡᠭᠦᠨ ᠲᠠᠢ ᠪᠣᠯᠬᠤ ᠪᠥᠭᠡᠳ ᠬᠥᠪᠡᠭᠦᠨ ᠨᠢ ᠣᠳᠣ ᠠᠷᠪᠠᠨ ᠨᠢᠭᠡ ᠬᠣᠶᠠᠷ ᠲᠠᠢ ᠁

ᠮᠠᠷᠭᠠᠰᠢ ᠥᠷᠯᠦᠭᠡ ᠨᠢ ᠴᠠᠢ ᠪᠠᠨ ᠤᠤᠭᠤᠭᠠᠳ ᠰᠢᠯᠢᠭ᠌ ᠡᠪᠦᠭᠡᠨ ᠮᠠᠭᠤ ᠮᠣᠷᠢ ᠪᠠᠨ ᠲᠣᠬᠤᠵᠤ᠂ ᠬᠣᠨᠢ ᠪᠠᠨ ᠪᠡᠯᠴᠢᠭᠡᠭᠡᠳ ᠭᠠᠷᠤᠯ᠎ᠠ᠃ ᠪᠢ ᠪᠠᠰᠠ ᠬᠦᠷᠵᠡ ᠪᠡᠨ ᠠᠪᠤᠭᠠᠳ ᠦᠯᠡᠳᠡᠭᠰᠡᠨ ᠴᠠᠰᠤ ᠪᠠᠨ ᠥᠷᠭᠦᠯᠵᠢᠯᠡᠨ ᠭᠠᠷᠭᠠᠪᠠ᠃ ᠡᠨᠡ ᠬᠠᠰᠢᠶ᠎ᠠ ᠶᠢᠨ ᠴᠠᠰᠤ ᠨᠢ ᠨᠢᠭᠡ ᠰᠠᠭᠠᠮ᠎ᠠ ᠴᠤ ᠭᠠᠷᠭᠠᠭᠰᠠᠨ ᠦᠭᠡᠢ ᠪᠡᠷ ᠳᠡᠭᠡᠷ᠎ᠡ ᠳᠡᠭᠡᠷ᠎ᠡ ᠨᠢ ᠬᠣᠨᠢ ᠬᠡᠪᠲᠡᠭᠦᠯᠦᠭᠡᠳ ᠪᠠᠢᠲᠠᠯ᠎ᠠ ᠳᠣᠣᠷᠠᠬᠢ ᠨᠢ ᠪᠦᠷ ᠬᠥᠬᠡ ᠮᠥᠰᠦ ᠪᠣᠯᠤᠭᠠᠳ ᠬᠥᠷᠦᠵᠦ ᠣᠳᠤᠭᠰᠠᠨ ᠲᠤᠯᠠ ᠭᠠᠷᠭᠠᠬᠤ ᠲᠤᠲᠤᠮ ᠳᠠᠭᠤᠰᠬᠤ ᠦᠭᠡᠢ ᠪᠣᠯᠪᠠ᠃ ᠭᠡᠲᠡᠯ᠎ᠡ ᠪᠢ ᠡᠨᠳᠡ ᠢᠷᠡᠵᠦ ᠰᠢᠯᠢᠭ᠌ ᠡᠪᠦᠭᠡᠨ ᠳᠦ ᠲᠤᠰᠠᠯᠠᠭᠠᠳ ᠲᠡᠭᠦᠨ ᠦ ᠬᠠᠰᠢᠶ᠎ᠠ ᠶᠢᠨ ᠴᠠᠰᠤ ᠶᠢ ᠭᠠᠷᠭᠠᠬᠤ ᠡᠭᠦᠷᠭᠡ ᠲᠠᠢ ᠪᠣᠯᠬᠣᠷ ᠭᠤᠷᠪᠠᠳᠤᠭᠠᠷ ᠡᠳᠦᠷ ᠲᠡᠭᠡᠨ ᠪᠠᠰᠠ ᠯᠠ ᠪᠢᠴᠢᠬᠠᠨ ᠴᠤ ᠠᠮᠠᠷᠠᠯ ᠦᠭᠡᠢ ᠪᠡᠷ ᠠᠵᠢᠯᠯᠠᠭᠰᠠᠭᠠᠷ ᠪᠠᠢᠵᠤ ᠨᠠᠷᠠᠨ ᠣᠷᠤᠬᠤ ᠦᠶ᠎ᠡ ᠳᠦ ᠠᠷᠠᠢ ᠭᠡᠵᠦ ᠴᠠᠰᠤ ᠶᠢ ᠭᠠᠷᠭᠠᠭᠠᠳ ᠴᠡᠪᠡᠷᠯᠡᠵᠦ ᠪᠣᠯᠤᠯ᠎ᠠ᠃

ᠣᠷᠤᠢ ᠨᠢ ᠰᠢᠯᠢᠭ᠌ ᠡᠪᠦᠭᠡᠨ ᠬᠠᠷᠢᠵᠤ ᠢᠷᠡᠮᠡᠭᠴᠡ ᠬᠠᠰᠢᠶ᠎ᠠ ᠬᠣᠷᠤᠭ᠎ᠠ ᠶᠢ ᠨᠢ ᠭᠢᠯᠠᠢᠲᠠᠯ᠎ᠠ ᠴᠡᠪᠡᠷᠯᠡᠭᠰᠡᠨ ᠢ ᠦᠵᠡᠭᠡᠳ ᠪᠠᠶᠠᠷᠯᠠᠨ ᠢᠨᠢᠶᠡᠵᠦ«ᠵᠠᠯᠠᠭᠤ ᠬᠥᠮᠦᠨ ᠭᠡᠳᠡᠭ᠌ ᠡᠢᠮᠦ ᠪᠠᠢᠳᠠᠭ ᠶᠤᠮ᠂ ᠨᠢᠭᠡ ᠡᠳᠦᠷ ᠡᠢᠮᠦ ᠶᠡᠬᠡ ᠴᠠᠰᠤ ᠶᠢ ᠭᠠᠷᠭᠠᠬᠤ ᠭᠡᠳᠡᠭ ᠨᠢ ᠠᠮᠠᠷ ᠪᠢᠰᠢ ᠬᠡᠷᠡᠭ᠌᠂ ᠴᠢ ᠴᠢᠨᠢ ᠰᠦᠷᠡᠬᠡᠢ ᠠᠵᠢᠯ ᠬᠥᠳᠡᠯᠮᠦᠷᠢ ᠬᠢᠳᠡᠭ ᠵᠠᠯᠠᠭᠤ ᠪᠠᠢᠨ᠎ᠠ ᠰᠢᠤ» ᠭᠡᠵᠦ ᠨᠠᠮᠠᠢ ᠲᠡᠭᠷᠢ ᠳᠦ ᠭᠠᠷᠤᠮᠠᠷ ᠮᠠᠭᠲᠠᠭᠠᠳ᠄«ᠪᠢ ᠪᠠᠭ᠎ᠠ ᠳᠠᠭᠠᠨ ᠴᠢᠮ᠎ᠠ ᠰᠢᠭ ᠠᠵᠢᠯᠯᠠᠵᠤ ᠴᠢᠳᠠᠳᠠᠭ ᠪᠠᠢᠭᠰᠠᠨ ᠶᠤᠮ᠃<ᠠᠭᠤᠯᠠ ᠶᠢ ᠴᠠᠰᠤ ᠳᠠᠷᠤᠳᠠᠭ᠂ ᠬᠥᠮᠦᠨ ᠢ ᠨᠠᠰᠤ ᠳᠠᠷᠤᠳᠠᠭ> ᠭᠡᠳᠡᠭᠴᠢᠯᠡᠨ ᠣᠳᠣ ᠪᠣᠯᠬᠤ ᠦᠭᠡᠢ ᠪᠣᠯᠵᠠᠢ» ᠭᠡᠨ᠎ᠡ᠃

ᠲᠡᠷᠡ ᠣᠷᠤᠢ ᠪᠢᠳᠡ ᠪᠤᠳᠠᠭ᠎ᠠ ᠪᠠᠨ ᠢᠳᠡᠮᠡᠭᠴᠡ ᠡᠷᠲᠡᠬᠡᠨ ᠰᠢᠭ᠌ ᠬᠡᠪᠲᠡᠯ᠎ᠡ᠃ ᠰᠢᠯᠢᠭ᠌ ᠡᠪᠦᠭᠡᠨ ᠣᠷᠤᠨ ᠳᠠᠭᠠᠨ ᠣᠷᠤᠭᠠᠳ ᠪᠠᠬᠠᠨ ᠵᠠᠭᠤᠷ᠎ᠠ ᠪᠣᠯᠤᠭᠰᠠᠨ ᠦᠭᠡᠢ ᠳᠠᠬᠢᠨ ᠪᠣᠰᠴᠤ ᠰᠠᠭᠤᠭᠠᠳ᠄

«ᠵᠠ᠂ ᠵᠠᠯᠠᠭᠤ︕ ᠮᠠᠷᠭᠠᠰᠢ ᠨᠠᠳᠠ ᠲᠤᠰᠠ ᠪᠣᠯᠤᠭᠠᠳ ᠨᠢᠭᠡ ᠡᠳᠦᠷ ᠬᠣᠨᠢ ᠬᠠᠷᠢᠭᠤᠯᠵᠤ ᠥᠭᠬᠦ ᠪᠢᠵᠡ︕ ᠪᠢ ᠶᠡᠷᠦ ᠨᠢ ᠪᠠᠷᠢᠭᠠᠳᠠ ᠳᠡᠭᠡᠷ᠎ᠡ ᠬᠦᠷᠦᠭᠡᠳ ᠰᠠᠷ᠎ᠠ ᠶᠢᠨ ᠪᠤᠳᠠᠭ᠎ᠠ ᠪᠠᠨ ᠠᠪᠴᠤ ᠢᠷᠡᠮᠡᠷ ᠪᠠᠢᠨ᠎ᠠ» ᠭᠡᠵᠦ ᠡᠮᠡᠭᠡᠨ ᠲᠠᠯ᠎ᠠ ᠪᠠᠨ ᠨᠢᠭᠡ ᠬᠠᠷᠠᠵᠤ ᠠᠪᠤᠭᠠᠳ᠄

«ᠠᠢ ᠪᠤᠵᠢᠳ︕ ᠮᠠᠨ ᠤ ᠭᠤᠯᠢᠷ ᠣᠳᠣ ᠬᠡᠳᠦᠢ ᠪᠠᠢᠳᠠᠭ ᠪᠤᠢ︖» ᠭᠡᠵᠦ ᠬᠠᠰᠭᠢᠷᠤᠨ ᠬᠡᠯᠡᠪᠡ᠃

«ᠶᠠᠭᠤᠨ ᠤ ᠭᠤᠯᠢᠷ ᠪᠠᠢᠳᠠᠭ ᠪᠢᠯᠡ︖» ᠭᠡᠵᠦ ᠪᠤᠵᠢᠳ ᠡᠪᠦᠭᠡᠨ ᠳᠡᠭᠡᠨ ᠠᠭᠤᠷᠯᠠᠵᠤ ᠤᠴᠠᠭᠠᠷᠯᠠᠭᠰᠠᠨ ᠮᠠᠶᠢ᠍ᠭᠲᠠᠢ ᠨᠢᠭᠡ ᠬᠠᠷᠠᠭᠠᠳ ᠰᠢᠯᠢᠭ᠌ ᠡᠪᠦᠭᠡᠨ ᠢ ᠡᠨᠡ ᠰᠥᠨᠢ ᠰᠠᠷ᠎ᠠ ᠶᠢᠨ ᠢᠶᠡᠨ ᠪᠤᠳᠠᠭᠠᠨ ᠳᠤ ᠶᠠᠪᠤᠭᠤᠯᠬᠤ ᠪᠠᠢᠳᠠᠯ ᠲᠠᠢ ᠬᠡᠯᠡᠪᠡ᠃

«ᠪᠣᠯᠤᠨ᠎ᠠ᠂ ᠲᠠ ᠨᠢᠭᠡ ᠡᠳᠦᠷ ᠬᠡᠷᠡᠭ᠌ ᠢᠶᠡᠨ ᠪᠦᠲᠦᠭᠡᠵᠦ ᠠᠪ ᠳ᠋ᠠ︕ ᠮᠠᠷᠭᠠᠰᠢ ᠬᠣᠨᠢ ᠶᠢ ᠴᠢᠨᠢ ᠪᠢ ᠬᠠᠷᠢᠭᠤᠯᠤᠶ᠎ᠠ» ᠭᠡᠵᠦ ᠬᠡᠯᠡᠬᠦ ᠳᠦ᠂ ᠰᠢᠯᠢᠭ᠌ ᠡᠪᠦᠭᠡᠨ ᠶᠡᠬᠡᠯ᠎ᠡ ᠪᠠᠶᠠᠷᠯᠠᠵᠤ ᠪᠢᠯᠡ᠃ ᠮᠠᠷᠭᠠᠰᠢ ᠥᠷᠯᠦᠭᠡ ᠨᠢ ᠪᠢ ᠬᠣᠨᠢ ᠪᠡᠯᠴᠢᠭᠡᠭᠡᠳ ᠭᠠᠷᠬᠤ ᠳᠤ ᠰᠢᠯᠢᠭ᠌ ᠡᠪᠦᠭᠡᠨ ᠨᠠᠳᠠ ᠲᠠᠢ ᠬᠠᠮᠲᠤ ᠮᠣᠷᠳᠠᠭᠠᠳ ᠪᠠᠷᠢᠭᠠᠳᠠ ᠲᠠᠯ᠎ᠠ ᠭᠡᠯᠳᠦᠷᠢᠯ᠎ᠡ᠃ ᠪᠢ ᠬᠣᠨᠢ ᠪᠠᠨ ᠬᠠᠷ᠎ᠠ ᠲᠠᠰᠢᠭᠤ ᠥᠭᠡᠳᠡ ᠭᠠᠷᠭᠠᠭᠠᠳ ᠱᠤᠬᠤ ᠳᠡᠭᠡᠷ᠎ᠡ ᠭᠠᠷᠴᠤ ᠰᠠᠭᠤᠪᠠ᠃ ᠢᠩᠭᠢᠭᠡᠳ ᠨᠠᠷᠠᠨ ᠣᠷᠤᠭᠰᠠᠨ ᠡᠴᠡ ᠬᠣᠢᠨ᠎ᠠ ᠬᠣᠨᠢ ᠪᠠᠨ ᠲᠠᠭᠤᠭᠠᠳ ᠠᠪᠴᠤ ᠢᠷᠡᠭᠡᠳ ᠬᠠᠰᠢᠶᠠᠨ ᠳᠤᠨᠢ ᠣᠷᠤᠭᠤᠯᠵᠤ ᠠᠮᠠ ᠶᠢ ᠨᠢ ᠬᠠᠭᠠᠮᠠᠭᠴᠠ᠂ ᠮᠣᠷᠢ ᠪᠠᠨ ᠲᠠᠯᠪᠢᠵᠤ ᠢᠳᠡᠭᠦᠯᠦᠭᠡᠳ ᠰᠢᠯᠢᠭ᠌ ᠡᠪᠦᠭᠡᠨ ᠦ ᠭᠡᠷ ᠲᠦ ᠣᠷᠤᠪᠠ᠃ ᠰᠢᠯᠢᠭ᠌ ᠦᠨ ᠠᠪᠠᠭᠠᠢ ᠪᠤᠵᠢᠳ ᠥᠨᠥᠳᠦᠷ ᠨᠠᠳᠠ ᠣᠨᠴᠠ ᠶᠢᠨ ᠬᠠᠯᠠᠭᠤᠮᠰᠤᠭ ᠢᠶᠡᠷ᠄

«ᠡ︕ ᠬᠥᠭᠡᠷᠦᠬᠦᠢ᠂ ᠡᠢᠮᠦ ᠬᠦᠢᠲᠡᠨ ᠳᠦ ᠬᠣᠨᠢ ᠬᠠᠷᠢᠭᠤᠯᠬᠤ ᠨᠢ ᠠᠮᠠᠷ ᠪᠢᠰᠢ᠂ ᠬᠠᠯᠠᠭᠤᠨ ᠴᠠᠢ ᠤᠤᠭᠤ᠂ ᠣᠳᠣ ᠬᠣᠭᠤᠯᠠ ᠪᠠᠨ ᠢᠳᠡᠭᠡᠷᠡᠢ» ᠭᠡᠵᠦ ᠨᠢᠭᠡ ᠣᠯᠠᠨ ᠶᠠᠭᠤᠮ᠎ᠠ ᠬᠡᠯᠡᠭᠡᠳ ᠴᠠᠢ ᠠᠶᠠᠭᠠᠯᠠᠵᠤ ᠶᠠᠭᠠᠷᠠᠨ᠎ᠠ᠃ ᠪᠤᠵᠢᠳ ᠪᠠᠬᠠᠨ ᠵᠣᠪᠠᠭᠰᠠᠨ ᠮᠠᠶᠢ᠍ᠭᠲᠠᠢ ᠪᠠᠷ᠄«ᠡᠳᠦᠢ ᠪᠣᠯᠲᠠᠯ᠎ᠠ ᠡᠪᠦᠭᠡᠨ ᠪᠠᠰᠠ ᠬᠠᠷᠢᠵᠤ ᠢᠷᠡᠭᠰᠡᠨ ᠦᠭᠡᠢ᠂ ᠴᠢ ᠮᠠᠷᠭᠠᠰᠢ ᠪᠠᠰᠠ ᠨᠢᠭᠡ ᠡᠳᠦᠷ ᠮᠠᠨ ᠤ ᠬᠣᠨᠢ ᠶᠢ ᠲᠣᠷᠭᠠᠭᠠᠳ ᠥᠭᠬᠦ ᠶᠤᠮ ᠰᠢᠤ» ᠭᠡᠵᠦ ᠳᠣᠣᠷ᠎ᠠ ᠳᠠᠭᠤ ᠪᠠᠷ ᠬᠡᠯᠡᠪᠡ᠃ ᠠᠷᠭ᠎ᠠ ᠪᠤᠰᠤ ᠪᠢ ᠥᠷᠯᠦᠭᠡ ᠨᠢ ᠤᠭ ᠶᠣᠰᠤᠭᠠᠷ ᠬᠣᠨᠢ ᠬᠠᠷᠢᠭᠤᠯᠪᠠ᠃ ᠣᠷᠤᠢ ᠨᠢ ᠬᠣᠨᠢ ᠪᠠᠨ ᠳᠠᠭᠠᠭᠠᠳ ᠢᠷᠡᠬᠦ ᠳᠦ ᠰᠢᠯᠢᠭ᠌ ᠡᠪᠦᠭᠡᠨ ᠪᠠᠰᠠ ᠢᠷᠡᠭᠡᠳ ᠦᠭᠡᠢ ᠪᠠᠢᠯ᠎ᠠ᠃«ᠬᠡᠷᠡᠭ᠌ ᠨᠢ ᠪᠦᠲᠦᠬᠦ ᠦᠭᠡᠢ ᠪᠣᠯ ᠬᠠᠷᠢᠵᠤ ᠢᠷᠡᠬᠦ ᠬᠡᠷᠡᠭᠲᠡᠢ ᠰᠢᠦ ᠳ᠋ᠡ᠂ ᠨᠢᠭᠡ ᠰᠦᠷᠦᠭ ᠬᠣᠨᠢ ᠪᠠᠨ ᠬᠥᠮᠦᠨ ᠳᠦ ᠬᠠᠶᠠᠵᠤ ᠣᠷᠬᠢᠭᠠᠳ ᠰᠡᠳᠭᠢᠯ ᠠᠮᠤᠷ ᠢᠩᠭᠢᠭᠡᠳ ᠶᠠᠪᠤᠬᠤ ᠭᠡᠵᠦ᠂ ᠡᠨᠡ ᠴᠢᠨᠢ ᠶᠠᠮᠠᠷ ᠮᠠᠯᠴᠢᠨ ᠤ ᠶᠣᠰᠤ ᠪᠤᠢ︖» ᠭᠡᠵᠦ ᠪᠢ ᠳᠣᠲᠤᠷ᠎ᠠ ᠪᠠᠨ ᠡᠯᠳᠡᠪ ᠦᠨ ᠶᠠᠭᠤᠮ᠎ᠠ ᠪᠣᠳᠤᠭᠰᠠᠭᠠᠷ ᠬᠣᠨᠤᠯ᠎ᠠ᠃ ᠮᠠᠷᠭᠠᠰᠢ ᠨᠢ ᠨᠠᠷᠠ ᠲᠤᠩ ᠳᠡᠭᠡᠷ᠎ᠡ ᠪᠣᠯᠬᠤ ᠳᠤ ᠪᠢ ᠠᠷᠭ᠎ᠠ ᠪᠤᠰᠤ ᠰᠢᠯᠢᠭ᠌ ᠡᠪᠦᠭᠡᠨ ᠦ ᠬᠣᠨᠢᠴᠢᠨ ᠤ ᠬᠤᠪᠢ ᠪᠠᠷ ᠬᠣᠨᠢ ᠶᠢ ᠨᠢ ᠲᠠᠭᠤᠭᠠᠳ ᠪᠠᠰᠠ ᠭᠠᠷᠤᠯ᠎ᠠ᠃ ᠬᠡᠵᠢᠶ᠎ᠡ ᠦᠳᠡ ᠭᠡᠴᠢᠬᠡᠭᠰᠡᠨ ᠡᠴᠡ ᠬᠣᠢᠨ᠎ᠠ ᠪᠠᠷᠢᠭᠠᠳᠠ ᠶᠢᠨ ᠰᠠᠭᠤᠷᠢᠰᠢᠯ ᠡᠴᠡ ᠨᠢᠭᠡ ᠮᠣᠷᠢᠲᠠᠢ ᠬᠥᠮᠦᠨ ᠨᠠᠰᠢ ᠢᠷᠡᠬᠦ ᠶᠢ  ᠦᠵᠡᠭᠡᠳ᠂ ᠶᠠᠭ ᠰᠢᠯᠢᠭ᠌ ᠡᠪᠦᠭᠡᠨ ᠮᠥᠨ ᠭᠡᠳᠡᠭ ᠢ ᠲᠣᠳᠤᠷᠬᠠᠢ ᠲᠠᠨᠢᠯ᠎ᠠ᠃

ᠰᠢᠯᠢᠭ᠌ ᠡᠪᠦᠭᠡᠨ ᠨᠢᠭᠡᠨᠲᠡ ᠭᠡᠷ ᠲᠡᠭᠡᠨ ᠬᠠᠷᠢᠵᠤ ᠢᠷᠡᠭᠰᠡᠨ ᠪᠣᠯᠪᠠᠴᠤ ᠲᠡᠷᠡ ᠨᠠᠮᠠᠢ ᠲᠣᠰᠴᠤ ᠬᠣᠨᠢᠨ ᠳᠠᠭᠠᠨ ᠢᠷᠡᠭᠰᠡᠨ ᠦᠭᠡᠢ᠃ ᠡᠨᠡ ᠡᠳᠦᠷ ᠪᠢ ᠡᠷᠲᠡ ᠰᠢᠭ᠌ ᠬᠣᠨᠢ ᠪᠠᠨ ᠳᠠᠭᠠᠭᠠᠳ ᠬᠦᠷᠴᠦ ᠢᠷᠡᠯ᠎ᠡ᠃ ᠡᠨᠡ ᠬᠡᠳᠦᠨ ᠡᠳᠦᠷ ᠬᠣᠨᠢ ᠬᠠᠷᠢᠭᠤᠯᠤᠭᠠᠳ ᠣᠷᠤᠭᠠᠳ ᠭᠠᠷᠤᠭᠠᠳ ᠪᠠᠢᠲᠠᠯ᠎ᠠ ᠰᠢᠯᠢᠭ᠌ ᠦᠨ ᠨᠣᠬᠠᠢ ᠴᠤ ᠨᠠᠮᠠᠢ ᠲᠠᠨᠢᠵᠠᠢ᠃

ᠰᠢᠯᠢᠭ᠌ ᠡᠪᠦᠭᠡᠨ ᠬᠣᠢᠮᠤᠷ ᠤᠨ ᠡᠮᠦᠨ᠎ᠡ ᠢᠷᠡᠭᠡᠳ ᠬᠥᠷᠮ᠎ᠡ ᠪᠡᠨ ᠲᠠᠢᠯᠵᠤ ᠮᠠᠬᠠᠯᠠ ᠴᠤ ᠦᠭᠡᠢ ᠯᠠᠭᠯᠠᠢᠨ ᠰᠠᠭᠤᠭᠠᠳ ᠴᠠᠢ ᠤᠤᠭᠤᠵᠤ ᠪᠠᠢᠯ᠎ᠠ᠃ ᠪᠤᠵᠢᠳ ᠴᠤ ᠰᠢᠯᠢᠭ᠌ ᠡᠪᠦᠭᠡᠨ ᠲᠠᠯ᠎ᠠ ᠬᠠᠷᠠᠭᠠᠳ ᠰᠠᠭᠤᠵᠤ᠂ ᠠᠶᠠᠭ᠎ᠠ ᠱᠠᠵᠠᠩ ᠵᠡᠷᠭᠡ ᠨᠢᠭᠡ ᠣᠯᠠᠨ ᠳᠡᠯᠭᠡᠴᠡ ᠪᠡᠨ ᠳᠡᠯᠭᠡᠭᠡᠳ ᠰᠠᠭᠤᠷᠢᠰᠢᠯ ᠤᠨ ᠳᠡᠭᠡᠷᠡᠬᠢ ᠡᠬᠡᠨᠡᠷᠴᠦᠳ ᠶᠠᠮᠠᠷ ᠪᠠᠢᠬᠤ᠂ ᠲᠡᠳᠡ ᠶᠠᠭᠤ ᠶᠠᠭᠤ ᠬᠡᠯᠡᠵᠦ ᠪᠠᠢᠬᠤ ᠵᠡᠷᠭᠡ ᠬᠡᠷᠡᠭ ᠲᠠᠢ ᠬᠡᠷᠡᠭ᠌ ᠦᠭᠡᠢ ᠶᠠᠭᠤᠮ᠎ᠠ ᠠᠰᠠᠭᠤᠵᠤ ᠰᠠᠭᠤᠯ᠎ᠠ᠃ ᠲᠡᠳᠡᠨ ᠬᠣᠶᠠᠷ ᠤᠨ ᠬᠣᠭᠤᠷᠤᠨᠳᠤ ᠤᠪ ᠤᠯᠠᠭᠠᠨ ᠴᠢᠷᠠᠢ ᠲᠠᠢ ᠰᠢᠯᠢᠭ᠌ ᠢᠶᠡᠨ ᠳᠠᠭᠤᠷᠢᠶᠠᠭᠰᠠᠨ ᠬᠥᠪᠡᠭᠦᠨ ᠨᠢ ᠬᠠᠪᠴᠢᠯᠠᠭᠳᠠᠨ ᠤᠮᠪᠠᠯᠵᠠᠵᠤ᠂ ᠴᠠᠢ ᠤᠤᠭᠤᠵᠤ ᠪᠤᠭᠤᠷᠰᠤᠭ ᠢᠳᠡᠵᠦ ᠰᠠᠭᠤᠨ᠎ᠠ᠃ ᠡᠨᠡ ᠭᠤᠷᠪᠠᠨ ᠤ ᠡᠨᠡ ᠬᠦ ᠪᠠᠢᠳᠠᠯ ᠢ ᠦᠵᠡᠭᠡᠳ ᠮᠢᠨᠦ ᠰᠡᠳᠭᠢᠯ ᠪᠠᠬᠠᠨ ᠬᠦᠨᠳᠦᠷᠡᠭᠰᠡᠨ ᠰᠢᠭ᠌ ᠪᠣᠯᠵᠤ᠄«ᠡᠨᠡ ᠴᠢᠨᠢ ᠠᠵᠢᠯ ᠦᠭᠡᠢ ᠠᠮᠠᠷᠠᠯᠲᠠ ᠶᠢᠨ ᠬᠥᠮᠦᠰ ᠰᠢᠭ᠌ ᠴᠡᠭᠡᠵᠢᠨ ᠳᠡᠭᠡᠨ ᠪᠣᠳᠤᠯᠭ᠎ᠠ ᠦᠭᠡᠢ ᠰᠠᠭᠤᠵᠠᠭᠠᠵᠤ ᠪᠠᠢᠬᠤ ᠦᠭᠡᠢ ᠦᠦ︖ ᠠᠷᠪᠠᠨ ᠬᠡᠳᠦ ᠲᠠᠢ ᠲᠡᠷᠡ ᠬᠥᠪᠡᠭᠦᠨ ᠨᠢ ᠠᠪᠤ ᠡᠵᠢ ᠳᠡᠭᠡᠨ ᠨᠥᠬᠦᠳ ᠪᠣᠯᠵᠤ ᠭᠠᠷ ᠤᠨ ᠦᠵᠦᠭᠦᠷ ᠦᠨ ᠠᠷᠰᠠᠷ ᠠᠵᠢᠯ ᠡᠰᠡ ᠬᠢᠭᠰᠡᠨ ᠴᠦ ᠪᠠᠬᠠᠨ ᠵᠠᠭᠤᠷ᠎ᠠ ᠭᠡᠷ ᠢᠶᠡᠨ ᠰᠤᠯᠠᠳᠭᠠᠭᠠᠳ ᠭᠠᠳᠠᠭ᠎ᠠ ᠭᠠᠷᠤᠭᠠᠳ ᠨᠠᠭᠠᠳᠬᠤ ᠶᠢ ᠪᠠᠰᠠ ᠮᠡᠳᠡᠬᠦ ᠦᠭᠡᠢ᠂ ᠮᠥᠨ ᠢᠩᠭᠢᠭᠡᠳ ᠡᠳᠦᠷ ᠦᠨ ᠲᠤᠷᠰᠢ ᠢᠳᠡᠵᠦ ᠤᠤᠭᠤᠭᠠᠳ ᠰᠠᠭᠤᠬᠤ ᠶᠤᠮ ᠪᠠᠢᠨ᠎ᠠ᠂ ᠡᠭᠦᠨ ᠢ ᠰᠤᠷᠭᠠᠭᠤᠯᠢ ᠳᠤ ᠥᠭᠬᠦ ᠦᠭᠡᠢ ᠪᠡᠷ ᠬᠡᠵᠢᠶᠡᠳᠡ ᠢᠩᠭᠢᠭᠡᠳ ᠬᠠᠵᠠᠭᠤ ᠳᠠᠭᠠᠨ ᠰᠠᠭᠤᠯᠭᠠᠭᠠᠳ ᠶᠠᠭᠠᠬᠢᠬᠤ ᠪᠤᠢ︖ ᠡᠭᠦᠨ ᠦ ᠪᠠᠷᠤᠭ ᠤᠨ ᠨᠠᠰᠤᠨ ᠳᠠᠭᠠᠨ ᠪᠤᠰᠤᠳ ᠲᠤ ᠵᠠᠷᠤᠭᠳᠠᠵᠤ ᠠᠶᠠᠭ᠎ᠠ ᠪᠤᠳᠠᠭ᠎ᠠ ᠪᠠᠨ ᠣᠯᠵᠤ ᠢᠳᠡᠭᠡᠳ ᠠᠮᠢᠳᠤᠷᠠᠵᠤ ᠶᠠᠪᠤᠭᠰᠠᠨ ᠬᠥᠮᠦᠨ ᠶᠡᠬᠡ ᠣᠯᠠᠨ ᠡᠰᠡ ᠦᠦ︖» ᠭᠡᠵᠦ ᠣᠯᠠᠨ ᠶᠠᠭᠤᠮ᠎ᠠ ᠪᠣᠳᠤᠯ᠎ᠠ ᠁

ᠨᠠᠮᠠᠢ ᠣᠷᠤᠵᠤ ᠢᠷᠡᠭᠰᠡᠨ ᠢ ᠦᠵᠡᠭᠰᠡᠨ ᠰᠢᠯᠢᠭ᠌ ᠡᠪᠦᠭᠡᠨ᠄

«ᠵᠠ᠂ ᠵᠠᠯᠠᠭᠤ︕ ᠰᠠᠭᠤᠭᠠᠳ ᠴᠠᠢ ᠤᠤᠭᠤ︕» ᠭᠡᠵᠦ ᠶᠡᠬᠡ ᠬᠣᠰᠭᠢᠨᠠᠭ ᠢᠶᠡᠨ ᠠᠷᠠᠢ ᠶᠠᠳᠠᠨ ᠬᠥᠳᠡᠯᠭᠡᠵᠦ᠄

«ᠡᠨᠡ ᠬᠡᠳᠦᠨ ᠡᠳᠦᠷ ᠬᠣᠨᠢ ᠴᠢᠨᠢ ᠶᠠᠮᠠᠷ ᠰᠢᠭ ᠪᠠᠢᠨ᠎ᠠ︖» ᠭᠡᠵᠦ ᠨᠠᠳᠠ ᠪᠠᠷ ᠬᠣᠨᠢᠴᠢᠨ ᠬᠢᠵᠦ ᠠᠪᠤᠭᠰᠠᠨ ᠶᠤᠮ ᠰᠢᠭ ᠠᠰᠠᠭᠤᠭᠰᠠᠨ ᠦᠭᠡ ᠨᠢ ᠮᠠᠰᠢ ᠡᠪ ᠦᠭᠡᠢ ᠰᠠᠨᠠᠭᠳᠠᠵᠤ ᠪᠢᠯᠡ᠃

«ᠲᠠᠨ ᠤ ᠠᠵᠢᠯ ᠪᠦᠲᠦᠭᠰᠡᠨ ᠪᠣᠯᠪᠠᠯ ᠪᠢ ᠡᠨᠡ ᠣᠷᠤᠢ ᠬᠠᠷᠢᠨ᠎ᠠ» ᠭᠡᠵᠦ ᠪᠤᠵᠢᠳ ᠤᠨ ᠬᠢᠵᠦ ᠥᠭᠭᠦᠭᠰᠡᠨ ᠬᠠᠪ ᠬᠠᠷ᠎ᠠ ᠭ᠋ᠬᠢᠷ ᠪᠣᠯᠤᠭᠰᠠᠨ ᠴᠠᠭᠠᠨ ᠱᠠᠵᠠᠩ ᠠᠶᠠᠭ᠎ᠠ ᠲᠠᠢ ᠴᠠᠢ ᠶᠢ ᠪᠠᠬᠠᠨ ᠵᠢᠭ᠍ᠰᠢᠪᠡᠴᠦ ᠳᠤᠷᠠᠲᠠᠢ ᠳᠤᠷ᠎ᠠ ᠦᠭᠡᠢ ᠬᠡᠳᠦ ᠣᠭᠤᠴᠢᠯᠠᠭᠠᠳ ᠬᠡᠯᠡᠬᠦ ᠳᠦ᠂ ᠰᠢᠯᠢᠭ᠌ ᠡᠪᠦᠭᠡᠨ ᠰᠠᠨᠳᠤᠷᠤᠭᠰᠠᠨ ᠮᠠᠶᠢ᠍ᠭᠲᠠᠢ ᠨᠠᠮᠠᠢ ᠨᠢᠭᠡ ᠬᠠᠷᠠᠵᠤ ᠠᠪᠤᠭᠠᠳ᠄

«ᠦᠭᠡᠢ ᠴᠢ ᠠᠳᠭ᠋ᠠᠬᠤ ᠬᠡᠷᠡᠭ᠌ ᠦᠭᠡᠢ» ᠭᠡᠵᠦ ᠤᠬᠤᠷᠬᠠᠢ ᠳᠠᠭᠠᠨ ᠭᠦᠨ ᠰᠢᠭᠢᠳᠦᠭᠰᠡᠨ ᠬᠣᠶᠠᠷ ᠨᠢᠳᠦ ᠪᠡᠨ ᠢᠷᠮᠡᠰᠬᠢᠵᠦ ᠠᠪᠤᠭᠠᠳ᠄

«ᠪᠠᠷᠢᠭᠠᠳᠠ ᠳᠡᠭᠡᠷ᠎ᠡ ᠣᠳᠣ ᠶᠠᠳᠠᠭᠤ ᠮᠠᠯᠴᠢᠨ ᠤ ᠡᠪᠯᠡᠯ ᠪᠠᠢᠭᠤᠯᠬᠤ ᠬᠤᠷᠠᠯ ᠬᠢᠬᠦ ᠭᠡᠵᠦ ᠪᠠᠢᠨ᠎ᠠ᠃ ᠪᠦᠬᠦ ᠶᠠᠳᠠᠭᠤ ᠮᠠᠯᠴᠢᠳ ᠴᠥᠮ ᠣᠷᠤᠯᠴᠠᠭᠠᠳ ᠡᠪᠯᠡᠯ ᠢ ᠰᠤᠩᠭᠤᠵᠤ ᠭᠠᠷᠭᠠᠨ᠎ᠠ ᠭᠡᠨ᠎ᠡ» ᠭᠡᠵᠦ ᠲᠡᠷᠡ ᠦᠭᠡ ᠪᠡᠨ ᠬᠡᠯᠡᠵᠦ ᠪᠠᠷᠠᠭᠠᠳᠤᠢ ᠪᠠᠢᠲᠠᠯ᠎ᠠ ᠪᠤᠵᠢᠳ ᠤᠬᠤᠰᠬᠢᠵᠤ ᠰᠠᠭᠤᠭᠠᠳ᠄

«ᠲᠡᠭᠡᠪᠡᠯ ᠡᠨᠡ ᠴᠢᠨᠢ ᠮᠠᠨ ᠤ ᠣᠷᠤᠯᠴᠠᠬᠤ ᠬᠤᠷᠠᠯ ᠰᠢᠤ ᠳ᠋ᠠ︕ ᠡᠪᠯᠡᠯ ᠦᠨ ᠡᠷᠬᠢᠯᠡᠭᠴᠢ ᠨᠢ ᠬᠡᠨ ᠪᠣᠯᠳᠠᠭ ᠪᠣᠯᠪᠠ︖» ᠭᠡᠵᠦ ᠲᠡᠷᠡ ᠪᠣᠳᠤᠯᠭᠠᠰᠢᠷᠠᠨ ᠰᠠᠭᠤᠭᠰᠠᠭᠠᠷ᠄

«ᠬᠠᠮᠤᠭ ᠤᠨ ᠶᠠᠳᠠᠭᠤ ᠬᠥᠮᠦᠨ ᠪᠣᠯᠬᠤ ᠪᠠᠢᠯᠭᠦᠢ᠂ ᠲᠡᠭᠡᠪᠡᠯ ᠡᠨᠡ ᠪᠠᠷᠢᠭᠠᠳᠠ ᠳᠣᠲᠤᠷ᠎ᠠ ᠮᠠᠨ ᠤ ᠡᠷᠦᠬᠡ ᠡᠴᠡ ᠣᠨᠳᠣᠣ ᠶᠠᠳᠠᠭᠤ ᠡᠷᠦᠬᠡ ᠪᠠᠢᠬᠤ ᠦᠭᠡᠢ ᠰᠢᠦ» ᠭᠡᠨ᠎ᠡ᠃

«ᠲᠡᠢᠮᠦ» ᠭᠡᠵᠦ ᠰᠢᠯᠢᠭ᠌ ᠲᠡᠬᠡ ᠰᠠᠬᠠᠯ ᠢᠶᠡᠨ ᠬᠡᠳᠦ ᠳᠠᠬᠢᠨ ᠰᠢᠪᠲᠤᠷᠤᠨ ᠢᠮᠡᠷᠴᠦ ᠣᠷᠬᠢᠭᠠᠳ᠄

«ᠲᠡᠭᠡᠭᠡᠳ ᠪᠢ ᠶᠠᠭᠠᠬᠢᠳᠠᠭ ᠪᠢᠯᠡ︖ ᠭᠡᠵᠦ ᠪᠠᠷᠢᠭᠠᠳᠠ ᠳᠡᠭᠡᠷ᠎ᠡ ᠪᠠᠢᠭᠰᠠᠨ ᠪᠠᠳᠮ᠎ᠠ ᠱᠦᠵᠢ ᠡᠴᠡ ᠠᠰᠠᠭᠤᠬᠤ ᠳᠤ ᠴᠢᠮᠠᠢ ᠳᠠᠬᠢᠨ ᠬᠡᠳᠦᠨ ᠡᠳᠦᠷ ᠬᠣᠨᠢᠨ ᠳᠤᠨᠢ ᠨᠥᠬᠦᠳ ᠪᠣᠯᠤᠭᠠᠳ ᠬᠠᠯᠢᠶᠠᠯᠴᠠᠭᠠᠳ ᠥᠭᠲᠦᠭᠡᠢ ᠭᠡᠵᠦ ᠬᠡᠯᠡᠭᠰᠡᠨ ᠶᠤᠮ» ᠭᠡᠯ᠎ᠡ᠃ ᠁ ᠱᠦᠵᠢ ᠬᠡᠯᠡᠭᠰᠡᠨ ᠲᠤᠯᠠ ᠨᠠᠳᠠ ᠶᠠᠮᠠᠷ ᠠᠷᠭ᠎ᠠ ᠪᠠᠢᠬᠤ ᠪᠢᠯᠡ︖ ᠶᠠᠳᠠᠭᠤ ᠮᠠᠯᠴᠢᠳ ᠤᠨ ᠡᠪᠯᠡᠯ ᠦᠨ ᠬᠤᠷᠠᠯ ᠲᠡᠭᠦᠰᠲᠡᠯ᠎ᠡ ᠬᠡᠳᠦᠨ ᠡᠳᠦᠷ ᠬᠣᠨᠢ ᠬᠠᠷᠢᠭᠤᠯᠬᠤ ᠬᠡᠷᠡᠭᠲᠡᠢ ᠪᠣᠯᠤᠭᠰᠠᠨ ᠪᠠᠢᠨ᠎ᠠ᠃ ᠲᠡᠷᠡ ᠣᠷᠤᠢ ᠨᠠᠮᠠᠢ ᠣᠷᠤᠨ ᠳᠠᠭᠠᠨ ᠬᠡᠪᠲᠡᠭᠰᠡᠨ ᠦ ᠳᠠᠷᠠᠭ᠎ᠠ ᠲᠡᠳᠡ ᠬᠣᠶᠠᠷ ᠶᠡᠬᠡᠯ᠎ᠡ ᠬᠠᠯᠠᠭᠤᠮᠰᠤᠭ ᠶᠠᠷᠢᠯᠴᠠᠵᠤ ᠪᠠᠢᠪᠠ᠃«ᠬᠥᠮᠦᠰ ᠴᠢᠮᠠᠢ ᠡᠪᠯᠡᠯ ᠦᠨ ᠡᠷᠬᠢᠯᠡᠭᠴᠢ ᠪᠡᠷ ᠰᠤᠩᠭᠤᠬᠤ ᠪᠣᠯᠪᠠ ᠤᠤ︖»

«ᠰᠤᠩᠭᠤᠬᠤ ᠦᠭᠡᠢ ᠶᠠᠭᠠᠬᠢᠳᠠᠭ ᠶᠤᠮ︖ ᠨᠠᠳᠠ ᠡᠴᠡ ᠣᠨᠳᠣᠣ ᠬᠡᠨ ᠶᠠᠳᠠᠭᠤ ᠮᠠᠯᠴᠢᠳ ᠤᠨ ᠡᠪᠯᠡᠯ ᠦᠨ ᠡᠷᠬᠢᠯᠡᠭᠴᠢ ᠪᠣᠯᠵᠤ ᠴᠢᠳᠠᠬᠤ ᠪᠤᠢ︖»

«ᠶᠠᠳᠠᠭᠤ ᠮᠠᠯᠴᠢᠳ ᠤᠨ ᠡᠪᠯᠡᠯ ᠦᠨ ᠡᠷᠬᠢᠯᠡᠭᠴᠢ ᠭᠡᠳᠡᠭ ᠴᠢᠨᠢ ᠪᠠᠷᠢᠭᠠᠳᠠ ᠶᠢᠨ ᠺᠠᠲᠷ ᠪᠣᠯᠬᠤ ᠬᠡᠷᠡᠭ᠌ ᠰᠢᠦ︕»

«ᠦᠭᠡᠢ᠂ ᠶᠠᠳᠠᠭᠤ ᠮᠠᠯᠴᠢᠨ ᠤ ᠡᠪᠯᠡᠯ ᠦᠨ ᠡᠷᠬᠢᠯᠡᠭᠴᠢ ᠭᠡᠳᠡᠭ ᠴᠢᠨᠢ ᠠᠮᠠᠷ ᠠᠵᠢᠯ ᠪᠢᠰᠢ ᠰᠢᠦ᠂ ᠣᠳᠣ ᠶᠠᠳᠠᠭᠤ ᠮᠠᠯᠴᠢᠨ ᠤ ᠳᠠᠪᠠᠭᠤᠯᠢᠭ ᠢ ᠪᠠᠳᠠᠷᠠᠭᠤᠯᠬᠤ ᠬᠡᠷᠡᠭᠲᠡᠢ ᠭᠡᠵᠦ ᠨᠠᠮ ᠡᠴᠡ ᠬᠦᠴᠦᠯᠡᠨ ᠳᠠᠭᠤᠳᠠᠵᠤ ᠪᠠᠢᠨ᠎ᠠ᠃ ᠶᠠᠳᠠᠭᠤ ᠮᠠᠯᠴᠢᠳ ᠤᠨ ᠡᠪᠯᠡᠯ ᠦᠨ ᠡᠷᠬᠢᠯᠡᠭᠴᠢ ᠶᠢᠨ ᠭᠣᠣᠯ ᠡᠭᠦᠷᠭᠡ ᠨᠢ ᠠᠯᠢᠪᠠ ᠱᠠᠲᠤ ᠶᠢᠨ ᠺᠠᠲᠷ ᠢ ᠬᠢᠨᠠᠨ ᠬᠠᠷᠠᠬᠤ ᠡᠴᠡ ᠭᠠᠳᠠᠨ᠎ᠠ ᠪᠠᠰᠠ ᠨᠢᠭᠡᠲᠦᠯ ᠪᠠᠷᠢᠭᠠᠳᠠ ᠶᠢᠨ ᠠᠯᠢᠪᠠ ᠱᠠᠲᠤ ᠶᠢᠨ ᠠᠵᠢᠯ ᠠᠬᠤᠢ ᠶᠢᠨ ᠬᠠᠮᠢᠶᠠᠷᠤᠯᠲᠠ ᠶᠢᠨ ᠪᠠᠢᠳᠠᠯ ᠢ ᠴᠠᠭ ᠳᠡᠭᠡᠷ᠎ᠡ ᠨᠢ ᠪᠠᠢᠴᠠᠭᠠᠵᠤ ᠰᠢᠯᠭᠠᠨ ᠦᠵᠡᠬᠦ᠂ ᠶᠠᠳᠠᠭᠤ ᠮᠠᠯᠴᠢᠳ ᠢ ᠲᠥᠯᠦᠭᠡᠯᠡᠭᠡᠳ ᠪᠠᠷᠢᠭᠠᠳᠠ ᠶᠢᠨ ᠤᠳᠤᠷᠢᠳᠤᠯᠭ᠎ᠠ ᠳᠤ ᠰᠠᠨᠠᠯ ᠳᠤᠷᠠᠳᠬᠤ ᠪᠠ ᠴᠢᠬᠤᠯᠠ ᠲᠠᠢ ᠦᠶ᠎ᠡ ᠳᠦ ᠁ ᠠᠢ᠂ ᠡᠨᠡ ᠴᠢᠨᠢ ᠨᠢᠭᠡ ᠶᠡᠬᠡ ᠠᠵᠢᠯ ᠰᠢᠤ» ᠭᠡᠪᠡ᠃

«ᠰᠦᠷᠡᠬᠡᠢ ᠶᠡᠬᠡ ᠡᠷᠬᠡ ᠪᠠᠢᠨ᠎ᠠ ᠳ᠋ᠠ᠂ ᠦᠭᠡᠢ ᠶᠡᠷᠦ ᠴᠦ ᠰᠤᠩᠭᠤᠭᠳᠠᠭᠠᠳ ᠣᠳᠬᠤ ᠴᠤ ᠮᠠᠭᠠᠳ ᠁» ᠢᠩᠭᠢᠭᠡᠳ ᠨᠢᠭᠡ ᠰᠥᠨᠢ ᠦᠷ ᠴᠠᠢᠲᠠᠯ᠎ᠠ ᠡᠮᠡᠭᠡᠨ ᠡᠪᠦᠭᠡᠨ ᠬᠣᠶᠠᠷ ᠳᠤᠷ᠎ᠠ ᠲᠠᠪᠠ ᠪᠠᠷ ᠢᠶᠡᠨ ᠶᠠᠷᠢᠯᠴᠠᠵᠠᠭᠠᠪᠠ᠃ ᠪᠢ ᠶᠠᠮᠠᠷ ᠴᠠᠭ ᠲᠤ ᠤᠨᠲᠠᠭᠰᠠᠨ ᠢᠶᠡᠨ ᠮᠡᠳᠡᠭᠰᠡᠨ ᠦᠭᠡᠢ᠂ ᠰᠢᠯᠢᠭ᠌ ᠡᠪᠦᠭᠡᠨ ᠨᠢᠭᠡ ᠴᠠᠭ ᠲᠤ᠄

«ᠠᠢ᠂ ᠵᠠᠯᠠᠭᠤ︕ ᠪᠣᠰᠬᠤ ᠦᠭᠡᠢ ᠦᠦ︖» ᠭᠡᠵᠦ ᠨᠠᠮᠠᠢ ᠳᠠᠭᠤᠳᠠᠬᠤ ᠨᠢ ᠶᠠᠭ ᠣᠳᠣ ᠡᠴᠡ ᠡᠬᠢᠯᠡᠭᠡᠳ ᠶᠠᠳᠠᠭᠤ ᠮᠠᠯᠴᠢᠨ ᠤ ᠡᠪᠯᠡᠯ ᠦᠨ ᠡᠷᠬᠢᠯᠡᠭᠴᠢ ᠶᠢᠨ ᠬᠤᠪᠢ ᠪᠠᠷ ᠬᠢᠨᠠᠨ ᠵᠢᠭᠠᠪᠤᠷᠢᠯᠠᠵᠤ ᠪᠠᠢᠬᠤ ᠰᠢᠭ ᠮᠢᠨᠦ ᠨᠣᠢᠷᠮᠤᠭᠯᠠᠵᠤ ᠪᠠᠢᠬᠤ ᠨᠢᠳᠦᠨ ᠳᠦ ᠦᠵᠡᠭᠳᠡᠵᠦ ᠪᠢᠯᠡ᠃ ᠲᠡᠭᠡᠭᠡᠳ ᠰᠢᠯᠢᠭ᠌ ᠡᠪᠦᠭᠡᠨ ᠬᠤᠷᠠᠯ ᠳᠤ ᠶᠠᠪᠤᠵᠤ᠂ ᠪᠢ ᠰᠢᠯᠢᠭ᠌ ᠦᠨ ᠬᠣᠨᠢᠴᠢᠨ ᠪᠣᠯᠤᠯ᠎ᠠ᠃

ᠨᠢᠭᠡ ᠮᠡᠳᠡᠬᠦ ᠳᠦ ᠰᠢᠯᠢᠭ᠌ ᠡᠪᠦᠭᠡᠨ ᠦ ᠭᠡᠷ ᠲᠦ ᠬᠠᠭᠠᠰ ᠰᠠᠷ᠎ᠠ ᠰᠢᠬᠠᠭᠤ ᠬᠣᠨᠢ ᠬᠠᠷᠢᠭᠤᠯᠤᠭᠰᠠᠨ ᠶᠤᠮ᠃ ᠨᠢᠭᠡ ᠣᠷᠤᠢ ᠰᠢᠯᠢᠭ᠌ ᠤᠯᠠᠭᠠᠨ ᠬᠠᠯᠠᠩᠭᠢ ᠰᠣᠭᠲᠤᠭᠤ ᠬᠠᠷᠢᠵᠤ ᠢᠷᠡᠪᠡ᠃ ᠲᠡᠷᠡ ᠰᠤᠩᠭᠤᠭᠳᠠᠭᠰᠠᠨ᠂ ᠡᠰᠡ ᠰᠤᠩᠭᠤᠭᠳᠠᠭᠰᠠᠨ᠂ ᠡᠰᠡᠪᠡᠰᠦ ᠬᠠᠭᠠᠰ ᠰᠠᠷ᠎ᠠ ᠶᠠᠪᠤᠭᠠᠳ ᠶᠠᠭᠤ ᠪᠠᠨ ᠬᠢᠵᠤ ᠢᠷᠡᠭᠰᠡᠨ ᠢ ᠪᠢ ᠮᠡᠳᠡᠬᠦ ᠦᠭᠡᠢ᠃ ᠡᠨᠡ ᠪᠦᠬᠦᠨ ᠬᠠᠮᠢᠶ᠎ᠠ ᠦᠭᠡᠢ ᠬᠡᠷᠡᠭ᠌ ᠪᠣᠯᠬᠤ ᠲᠤᠯᠠ ᠪᠢ ᠮᠣᠷᠢ ᠪᠠᠨ ᠠᠪᠴᠤ ᠢᠷᠡᠭᠡᠳ ᠮᠣᠷᠳᠠᠬᠤ ᠭᠡᠲᠡᠯ᠎ᠡ ᠰᠢᠯᠢᠭ᠌ ᠡᠪᠦᠭᠡᠨ ᠨᠢᠳᠦ ᠪᠡᠨ ᠵᠢᠷᠲᠠᠢᠯᠭᠠᠨ ᠨᠠᠮᠠᠢ ᠬᠠᠷᠠᠭᠠᠳ᠄

«ᠠ᠂ ᠴᠢ ᠶᠠᠪᠤᠬᠤ ᠭᠡᠵᠦ ᠪᠠᠢᠨ᠎ᠠ ᠤᠤ︖ ᠮᠠᠷᠭᠠᠰᠢ ᠡᠴᠡ ᠮᠠᠯᠴᠢᠳ ᠬᠠᠪᠤᠷᠵᠢᠶ᠎ᠠ ᠳᠤ ᠨᠡᠭᠦᠬᠦ ᠭᠡᠵᠦ ᠪᠠᠢᠨ᠎ᠠ᠂ ᠴᠢ ᠨᠠᠮᠠᠢ ᠬᠠᠪᠤᠷᠵᠢᠶ᠎ᠠ ᠳᠤ ᠪᠠᠭᠤᠯᠭᠠᠭᠠᠳ ᠶᠠᠪᠤᠬᠤ ᠦᠭᠡᠢ ᠦᠦ︖» ᠭᠡᠪᠡ᠃ ᠪᠢ ᠲᠡᠭᠦᠨ ᠦ ᠡᠨᠡ ᠦᠭᠡ ᠶᠢ ᠬᠠᠮᠢᠶᠠᠷᠤᠭᠰᠠᠨ ᠴᠤ ᠦᠭᠡᠢ᠂ ᠶᠠᠪᠤᠬᠤ ᠪᠠᠷ ᠢᠶᠡᠨ ᠶᠠᠪᠤᠬᠤ ᠪᠣᠯᠤᠭᠰᠠᠨ ᠳᠤ ᠰᠢᠯᠢᠭ᠌ ᠡᠪᠦᠭᠡᠨ ᠶᠡᠬᠡ ᠰᠠᠨᠳᠤᠷᠴᠤ᠄

«ᠨᠢᠭᠡᠲᠦᠯ ᠦᠨ ᠺᠠᠲᠷᠴᠤᠳ ᠨᠢᠭᠡ ᠵᠢᠯ ᠬᠡᠳᠦᠨ ᠡᠳᠦᠷ ᠦᠨ ᠬᠥᠳᠡᠯᠮᠦᠷᠢ ᠳᠦ ᠣᠷᠤᠯᠴᠠᠨ᠎ᠠ ᠭᠡᠵᠦ ᠣᠳᠣᠬᠢ ᠳᠡᠭᠡᠷ᠎ᠡ ᠲᠣᠳᠤᠷᠬᠠᠢ ᠪᠢᠴᠢᠵᠦ ᠪᠠᠢᠨ᠎ᠠ᠂ ᠴᠢ ᠢᠩᠭᠢᠭᠡᠳ ᠶᠠᠪᠤᠵᠤ ᠣᠳᠤᠨ᠎ᠠ ᠤᠤ︖» ᠭᠡᠵᠦ ᠬᠡᠯᠡᠭᠡᠳ ᠬᠣᠴᠤᠷᠤᠯ᠎ᠠ᠃

ᠠᠮᠢᠳᠤᠷᠠᠯ ᠤᠨ ᠳᠣᠷᠤᠢᠲᠠᠯ

ᠰᠢᠯᠢᠭ᠌ ᠡᠪᠦᠭᠡᠨ ᠦ ᠠᠵᠢᠯ ᠬᠥᠳᠡᠯᠮᠦᠷᠢ ᠳᠦ ᠠᠯᠵᠠᠭᠤ ᠬᠣᠢᠷᠭᠤ ᠪᠣᠯᠤᠭᠰᠠᠨ ᠨᠢ ᠦᠨᠳᠦᠰᠦ ᠲᠠᠢ ᠰᠠᠨᠵᠢ᠃ ᠲᠡᠷᠡ ᠬᠠᠭᠤᠴᠢᠨ ᠨᠡᠢᠭᠡᠮ ᠳᠦ ᠬᠥᠮᠦᠨ ᠳᠦ ᠵᠠᠷᠤᠭᠳᠠᠭᠠᠳ ᠬᠠᠭᠠᠰ ᠨᠠᠰᠤ ᠪᠠᠨ ᠴᠢᠯᠡᠭᠡᠭᠰᠡᠨ ᠲᠤᠯᠠ ᠬᠥᠯᠦᠰᠦ ᠬᠦᠴᠦ ᠭᠠᠷᠭᠠᠭᠠᠳ ᠮᠥᠩᠭᠦ ᠣᠯᠤᠭᠰᠠᠨ ᠡᠴᠡ ᠭᠦᠵᠡᠭᠡ ᠪᠡᠨ ᠴᠠᠳᠭᠠᠬᠤ ᠠᠷᠭ᠎ᠠ ᠲᠠᠢ ᠪᠣᠯ ᠪᠣᠯᠤᠭᠰᠠᠨ ᠨᠢ ᠲᠡᠷᠡ ᠭᠡᠵᠦ ᠣᠷᠤᠯᠳᠤᠭᠰᠠᠭᠠᠷ ᠢᠷᠡᠭᠰᠡᠨ ᠬᠥᠮᠦᠨ ᠠᠵᠢ᠃ ᠠᠮᠢᠳᠤᠷᠠᠯ ᠤᠨ ᠲᠠᠯ᠎ᠠ ᠪᠠᠷ ᠲᠡᠷᠡ ᠡᠪᠦᠭᠡᠨ ᠪᠡᠶ᠎ᠡ ᠶᠢᠨ ᠢᠶᠡᠨ ᠬᠢᠷᠢ ᠳᠦ ᠲᠣᠬᠢᠷᠠᠭᠰᠠᠨ ᠠᠷᠭ᠎ᠠ ᠤᠬᠠᠭᠠᠨ ᠲᠠᠢ ᠬᠥᠮᠦᠨ᠃ ᠲᠡᠭᠦᠨ ᠦ ᠭᠦᠨ ᠤᠬᠠᠭᠠᠨ ᠢᠶᠡᠷ ᠪᠣᠯ«ᠤᠬᠠᠭ᠎ᠠ ᠪᠠᠷ ᠪᠠᠶᠠᠵᠢᠬᠤ ᠬᠡᠷᠡᠭᠲᠡᠢ ᠡᠴᠡ ᠪᠢᠰᠢ᠂ ᠡᠳ᠋ ᠢᠶᠡᠷ ᠪᠠᠶᠠᠵᠢᠵᠤ ᠴᠢᠳᠠᠬᠤ ᠦᠭᠡᠢ ᠶᠤᠮ» ᠭᠡᠨ᠎ᠡ᠃ ᠤᠬᠠᠭ᠎ᠠ ᠪᠠᠷ ᠪᠠᠶᠠᠵᠢᠬᠤ ᠭᠡᠳᠡᠭ ᠨᠢ ᠨᠡᠢᠭᠡᠮ ᠦᠨ ᠣᠷᠴᠢᠨ ᠡᠷᠭᠢᠭᠡᠨ ᠦ ᠴᠠᠭ ᠵᠠᠪ ᠢ ᠦᠯᠡᠳᠡᠭᠡᠯ ᠦᠭᠡᠢ ᠠᠰᠢᠭᠯᠠᠵᠤ ᠪᠠᠢᠭᠠᠳ ᠬᠤᠳᠠᠯᠳᠤᠭ᠎ᠠ ᠮᠠᠢᠮᠠᠢ ᠬᠢᠬᠦ ᠬᠡᠷᠡᠭᠲᠡᠢ ᠪᠠᠢᠨ᠎ᠠ᠃ ᠴᠢᠯᠦᠭᠡᠯᠡᠭᠳᠡᠬᠦ ᠶᠢᠨ ᠡᠮᠦᠨ᠎ᠡ ᠬᠥᠳᠡᠭᠡ ᠨᠤᠲᠤᠭ ᠲᠤ ᠳᠠᠪᠤᠰᠤ ᠳᠤᠲᠠᠭᠳᠠᠵᠤ ᠪᠠᠢᠬᠤ ᠨᠢᠭᠡ ᠦᠶ᠎ᠡ ᠪᠡᠷ᠂ ᠲᠡᠷᠡ ᠳᠠᠪᠤᠰᠤ ᠠᠴᠢᠵᠤ ᠬᠤᠳᠠᠯᠳᠤᠭᠠᠳ ᠨᠢᠭᠡ ᠤᠳᠠᠭ᠎ᠠ ᠠᠰᠢᠭ ᠣᠯᠤᠭᠰᠠᠨ ᠲᠤᠯᠠ ᠨᠢᠳᠦ ᠨᠢ ᠤᠯᠠᠢᠵᠤ᠂ ᠬᠤᠳᠠᠯᠳᠤᠭᠠᠨ ᠤ ᠠᠷᠤ ᠳᠤ ᠣᠷᠤᠭᠠᠳ᠂ ᠡᠴᠦᠰ ᠲᠡᠭᠡᠨ ᠰᠦᠷᠡᠬᠡᠢ ᠬᠡᠴᠡᠭᠦᠦ ᠳᠡᠢᠯᠦᠭᠳᠡᠯ ᠳᠦ ᠤᠴᠠᠷᠠᠵᠤ᠂ ᠡᠬᠡ ᠮᠥᠩᠭᠦ ᠪᠡᠨ ᠠᠯᠳᠠᠵᠤ ᠬᠣᠭᠤᠰᠤᠷᠠᠭᠰᠠᠨ ᠪᠠᠢᠨ᠎ᠠ᠃ ᠬᠣᠢᠨ᠎ᠠ ᠨᠢ ᠲᠡᠷᠡ ᠳᠠᠬᠢᠭᠠᠳ ᠬᠥᠮᠦᠨ ᠳᠦ ᠵᠠᠷᠤᠭᠳᠠᠵᠤ ᠮᠠᠯ ᠬᠠᠷᠢᠭᠤᠯᠪᠠ᠃ ᠨᠢᠭᠡ ᠦᠶ᠎ᠡ ᠳᠦ ᠰᠦᠮ᠎ᠡ ᠬᠡᠢᠳ ᠦᠨ ᠲᠡᠮᠦᠷ ᠦᠨ ᠬᠣᠨᠢ ᠬᠠᠷᠢᠭᠤᠯᠬᠤ ᠨᠢ ᠠᠰᠢᠭᠲᠠᠢ ᠭᠡᠵᠦ ᠲᠡᠮᠡᠦᠯᠵᠦ ᠠᠪᠤᠭᠰᠠᠨ ᠡᠬᠡ ᠬᠣᠨᠢ ᠪᠠᠨ ᠰᠢᠭᠤᠷᠭᠠᠨ ᠪᠣᠷᠤᠭᠠᠨ ᠳᠤ ᠴᠢᠯᠡᠭᠰᠡᠨ ᠲᠤᠯᠠ ᠪᠠᠰᠠ ᠬᠣᠶᠠᠷ ᠵᠢᠯ ᠬᠦᠴᠦ ᠬᠥᠯᠦᠰᠦ ᠦᠭᠡᠢ ᠰᠦᠮ᠎ᠡ ᠳᠡᠭᠡᠷ᠎ᠡ ᠵᠠᠷᠤᠭᠳᠠᠭᠰᠠᠨ ᠪᠠᠢᠵᠠᠢ᠃ ᠠᠮᠢᠳᠤᠷᠠᠯ ᠨᠢ ᠤᠯᠠᠮ ᠬᠦᠴᠢᠷᠲᠡᠢ ᠪᠣᠯᠤᠭᠰᠠᠨ ᠪᠣᠯᠪᠠᠴᠤ ᠲᠡᠷᠡ ᠭᠠᠭᠴᠠᠬᠠᠨ ᠴᠣᠭᠴᠠ ᠪᠣᠯᠤᠭᠰᠠᠨ ᠲᠤᠯᠠ ᠠᠷᠠᠢ ᠶᠠᠳᠠᠨ ᠲᠡᠰᠦᠭᠡᠳ ᠠᠮᠢᠳᠤᠷᠠᠵᠤ ᠪᠠᠢᠭᠰᠠᠨ ᠠᠵᠢ᠃

ᠴᠢᠯᠦᠭᠡᠯᠡᠭᠳᠡᠭᠰᠡᠨ ᠡᠴᠡ ᠬᠣᠢᠨ᠎ᠠ ᠲᠡᠷᠡ ᠳᠡᠭᠡᠳᠦᠰ ᠦᠨ ᠢᠶᠡᠨ ᠲᠡᠦᠬᠡᠨ ᠳᠦ ᠭᠠᠷᠴᠤ ᠦᠵᠡᠭᠡᠳ ᠦᠭᠡᠢ ᠪᠡᠷ ᠨᠢᠭᠡ ᠤᠳᠠᠭ᠎ᠠ ᠪᠠᠶᠠᠵᠢᠭᠰᠠᠨ ᠪᠠᠢᠪᠠ᠃ ᠶᠠᠭ ᠡᠨᠡ ᠦᠶ᠎ᠡ ᠳᠦ ᠨᠠᠰᠤ ᠨᠢ ᠳᠥᠴᠢᠨ ᠨᠠᠢᠮᠠ ᠬᠦᠷᠲᠡᠯ᠎ᠡ ᠡᠬᠡᠨᠡᠷ ᠦᠭᠡᠢ ᠶᠠᠪᠤᠭᠰᠠᠨ ᠰᠢᠯᠢᠭ᠌ ᠪᠤᠵᠢᠳ ᠲᠠᠢ ᠬᠣᠷᠢᠮ ᠬᠢᠵᠦ ᠤᠷᠤᠭ ᠬᠣᠯᠪᠤᠭᠠᠳ ᠥᠪᠡᠷ ᠦᠨ ᠭᠡᠵᠦ ᠪᠣᠯᠬᠤ ᠭᠡᠷ ᠮᠠᠯ ᠲᠠᠢ ᠪᠣᠯᠤᠭᠰᠠᠨ ᠪᠠᠢᠨ᠎ᠠ᠃ ᠮᠠᠯ ᠠᠵᠤ ᠠᠬᠤᠢ ᠶᠢ ᠨᠡᠢᠭᠡᠮ ᠵᠢᠷᠤᠮ ᠢᠶᠡᠷ ᠥᠭᠡᠷᠡᠴᠢᠯᠡᠬᠦ ᠦᠶ᠎ᠡ ᠳᠦ ᠲᠡᠷᠡ ᠡᠳᠡᠭᠡᠷ ᠮᠠᠯ ᠢᠶᠡᠨ ᠬᠣᠷᠰᠢᠶ᠎ᠠ ᠳᠤ ᠡᠬᠡ ᠣᠷᠤᠭᠤᠯᠵᠤ ᠥᠭᠭᠦᠭᠡᠳ ᠪᠠᠰᠠ ᠬᠡᠳᠦᠨ ᠮᠠᠯ ᠲᠠᠢ ᠦᠯᠡᠳᠡᠭᠰᠡᠨ ᠲᠤᠯᠠ ᠬᠡᠷᠡᠭ ᠲᠠᠢ ᠦᠶ᠎ᠡ ᠳᠦ ᠨᠢᠭᠡ ᠬᠣᠶᠠᠷ ᠢ ᠬᠤᠳᠠᠯᠳᠤᠵᠤ ᠭᠠᠷ ᠤᠨ ᠦᠵᠦᠭᠦᠷ ᠦᠨ ᠡᠳ᠋ᠯᠡᠪᠦᠷᠢ ᠬᠢᠵᠦ᠂ ᠬᠡᠷᠡᠭ᠌ ᠦᠭᠡᠢ ᠦᠶ᠎ᠡ ᠳᠦ ᠬᠠᠮᠲᠤᠷᠠᠯ ᠤᠨ ᠮᠠᠯ ᠤᠨ ᠵᠠᠬ᠎ᠠ ᠳᠤ ᠲᠠᠯᠪᠢᠭᠠᠳ ᠦᠷᠡᠵᠢᠭᠦᠯᠵᠦ ᠥᠰᠭᠡᠭᠡᠳ ᠠᠮᠢᠳᠤᠷᠠᠯ ᠨᠢ ᠪᠠᠶᠠᠨ ᠴᠢᠨᠡᠭᠡᠯᠢᠭ᠌ ᠰᠠᠢᠬᠠᠨ ᠶᠠᠪᠤᠵᠤ ᠪᠠᠢᠭᠰᠠᠨ ᠲᠤᠯᠠ ᠬᠣᠷᠰᠢᠶ᠎ᠠ ᠡᠴᠡ ᠣᠯᠠᠨ ᠤᠳᠠᠭ᠎ᠠ ᠰᠢᠯᠢᠭ᠌ ᠢ ᠮᠠᠭᠲᠠᠨ ᠰᠠᠢᠰᠢᠶᠠᠭᠰᠠᠨ ᠪᠠᠢᠨ᠎ᠠ᠃

ᠬᠣᠷᠰᠢᠶᠠᠵᠢᠬᠤ ᠲᠡᠷᠡ ᠵᠢᠯ ᠬᠤᠪᠢ ᠶᠢᠨ ᠮᠠᠯ ᠢ ᠪᠦᠭᠦᠳᠡ ᠶᠢ ᠨᠢ ᠬᠤᠷᠢᠶᠠᠵᠤ ᠠᠪᠤᠨ᠎ᠠ ᠭᠡᠵᠦ ᠰᠢᠯᠢᠭ᠌ ᠦᠨ ᠬᠡᠳᠦᠨ ᠮᠠᠯ ᠢ ᠪᠠᠷᠢᠭᠠᠳᠠ ᠡᠴᠡ ᠲᠤᠰᠢᠶᠠᠯᠭᠠᠵᠤ ᠠᠪᠤᠭᠰᠠᠨ ᠪᠢᠯᠡ᠃ ᠳᠡᠮᠡᠢ ᠬᠡᠳᠦᠨ ᠰᠠᠷ᠎ᠠ ᠪᠣᠯᠤᠭᠰᠠᠨ ᠦᠭᠡᠢ ᠲᠡᠭᠦᠨ ᠢ ᠪᠣᠯᠤᠳ ᠲᠡᠮᠦᠷ ᠬᠠᠢᠯᠤᠭᠤᠯᠬᠤ ᠠᠵᠢᠯ ᠳᠤ ᠭᠠᠷᠭᠠᠭᠰᠠᠨ ᠲᠤᠯᠠ ᠬᠡᠵᠢᠶᠡᠳᠡ ᠪᠡᠨ ᠢᠳᠠᠪᠬᠢ ᠤᠷᠢᠶᠠᠯᠭ᠎ᠠ ᠪᠠᠢᠳᠠᠭ ᠰᠢᠯᠢᠭ᠌«ᠦᠭᠡᠢ» ᠭᠡᠵᠦ ᠳᠤᠤᠭᠠᠷᠤᠯ ᠦᠭᠡᠢ ᠶᠠᠪᠤᠭᠰᠠᠨ ᠶᠤᠮ᠃ ᠪᠣᠯᠤᠳ ᠲᠡᠮᠦᠷ ᠬᠠᠢᠯᠤᠭᠤᠯᠬᠤ ᠠᠵᠢᠯ ᠤᠨ ᠭᠠᠵᠠᠷ ᠲᠤ ᠰᠠᠭᠤᠬᠤ ᠭᠡᠷ ᠦᠭᠡᠢ ᠲᠤᠯᠠ ᠥᠪᠡᠷ ᠦᠨ ᠮᠣᠩᠭᠤᠯ ᠭᠡᠷ ᠢᠶᠡᠨ ᠠᠴᠢᠭᠠᠳ ᠣᠳᠤᠭᠰᠠᠨ ᠴᠤ ᠲᠡᠷᠡ ᠨᠢ ᠪᠦᠬᠦ ᠠᠵᠢᠯᠴᠢᠨ ᠤ ᠨᠡᠢᠲᠡ ᠶᠢᠨ ᠪᠤᠳᠠᠭᠠᠨ ᠤ ᠭᠡᠷ ᠪᠣᠯᠵᠤ᠂ ᠵᠢᠯ ᠦᠨ ᠠᠳᠠᠭ ᠲᠤ ᠥᠭᠢᠷᠡᠨ ᠲᠦᠯᠡᠭᠳᠡᠭᠡᠳ ᠬᠡᠷᠡᠭ᠌ ᠡᠴᠡ ᠪᠡᠨ ᠭᠠᠷᠴᠠᠢ᠃ ᠬᠡᠳᠦᠢ ᠲᠡᠢᠮᠦ ᠪᠣᠯᠪᠠᠴᠤ ᠡᠷ᠎ᠡ ᠡᠮ᠎ᠡ ᠬᠣᠶᠠᠷ ᠰᠢᠷᠪᠦᠰᠦ ᠰᠤᠩᠭᠠᠭᠠᠳ ᠨᠢᠭᠡ ᠵᠢᠯ ᠠᠵᠢᠯᠯᠠᠭᠰᠠᠨ ᠠᠵᠢ᠃ ᠰᠢᠯᠢᠭ᠌ ᠬᠠᠷᠢᠵᠤ ᠢᠷᠡᠬᠦ ᠦᠶ᠎ᠡ ᠳᠡᠭᠡᠨ ᠠᠵᠢᠯ ᠤᠨ ᠤᠳᠤᠷᠢᠳᠤᠯᠭ᠎ᠠ ᠶᠢ ᠬᠠᠢᠵᠤ ᠣᠳᠤᠭᠠᠳ ᠭᠡᠷ ᠦᠨ ᠮᠥᠩᠭᠦ ᠪᠠ ᠬᠥᠳᠡᠯᠮᠦᠷᠢ ᠶᠢᠨ ᠬᠥᠯᠦᠰᠦ ᠪᠡᠨ ᠠᠪᠤᠨ᠎ᠠ ᠭᠡᠬᠦ ᠳᠦ ᠵᠠᠰᠠᠭ ᠤᠨ ᠲᠣᠮᠤ ᠲᠠᠮᠠᠭ᠎ᠠ ᠲᠠᠢ ᠪᠢᠴᠢᠭ᠌ ᠥᠭᠭᠦᠭᠡᠳ ᠪᠠᠷᠢᠭᠠᠳᠠ ᠡᠴᠡ ᠪᠡᠨ ᠠᠪ ᠭᠡᠰᠡᠨ ᠪᠠᠢᠨ᠎ᠠ᠃ ᠪᠠᠷᠢᠭᠠᠳᠠ ᠳᠠᠭᠠᠨ ᠢᠷᠡᠪᠡᠯ ᠡᠨᠡ ᠬᠡᠷᠡᠭ ᠢ ᠮᠡᠳᠡᠬᠦ ᠬᠥᠮᠦᠨ ᠦᠭᠡᠢ ᠭᠡᠵᠦ ᠨᠢᠭᠡᠲᠦᠯ ᠡᠴᠡ ᠠᠪ ᠭᠡᠵᠦ ᠶᠠᠪᠤᠭᠤᠯᠤᠯ᠎ᠠ᠃ ᠨᠢᠭᠡᠲᠦᠯ ᠨᠢ ᠪᠠᠰᠠ ᠴᠠᠰᠢ ᠲᠡᠷᠡ ᠬᠦ ᠪᠢᠴᠢᠭ᠌ ᠥᠭᠭᠦᠭᠰᠡᠨ ᠪᠣᠯᠤᠳ ᠲᠡᠮᠦᠷ ᠬᠠᠢᠯᠤᠭᠤᠯᠬᠤ ᠠᠵᠢᠯ ᠤᠨ ᠵᠢᠯᠤᠭᠤᠳᠬᠤ ᠭᠠᠵᠠᠷ ᠲᠤ ᠣᠳ ᠭᠡᠵᠦ ᠵᠢᠭᠠᠵᠠᠢ᠃ ᠲᠡᠷᠡ ᠬᠦ ᠵᠢᠯᠤᠭᠤᠳᠬᠤ ᠪᠠᠢᠭᠤᠯᠤᠮᠵᠢ ᠨᠢ ᠡᠷᠲᠡ ᠨᠢᠭᠡᠨᠲᠡ ᠦᠭᠡᠢ ᠪᠣᠯᠤᠭᠰᠠᠨ ᠲᠤᠯᠠ ᠣᠳᠣ ᠬᠠᠮᠢᠭ᠎ᠠ ᠡᠴᠡ ᠲᠡᠭᠦᠨ ᠢ ᠣᠯᠬᠤ ᠪᠤᠢ︖ ᠰᠢᠯᠢᠭ᠌ ᠡᠷ᠎ᠡ ᠡᠮ᠎ᠡ ᠬᠣᠶᠠᠷ ᠪᠣᠯᠤᠳ ᠲᠡᠮᠦᠷ ᠬᠠᠢᠯᠤᠭᠤᠯᠬᠤ ᠠᠭᠤᠤ ᠶᠡᠬᠡ ᠠᠵᠢᠯ ᠦᠢᠯᠡᠰ ᠦᠨ ᠲᠥᠯᠦᠭᠡ ᠪᠠᠷᠢᠵᠤ ᠪᠠᠢᠭᠰᠠᠨ ᠮᠣᠩᠭᠤᠯ ᠭᠡᠷ ᠡᠴᠡ ᠰᠣᠬᠤᠷ ᠵᠣᠭᠤᠰ ᠴᠤ ᠠᠪᠤᠯ ᠦᠭᠡᠢ ᠪᠠᠰᠠ ᠨᠢᠭᠡ ᠵᠢᠯ ᠦᠨ ᠬᠥᠳᠡᠯᠮᠦᠷᠢ ᠪᠡᠨ ᠵᠣᠷᠢᠭᠤᠯᠪᠠ᠃ ᠢᠩᠭᠢᠭᠡᠳ ᠰᠢᠯᠢᠭ᠌ ᠪᠣᠷᠪᠢ ᠪᠠᠨ ᠨᠤᠭᠤᠷᠠᠯ ᠦᠭᠡᠢ ᠡᠬᠡᠨᠡᠷ ᠲᠠᠢ ᠪᠠᠨ ᠨᠢᠭᠡ ᠵᠢᠯ ᠴᠢᠷᠮᠠᠢᠭᠠᠳ ᠠᠷᠠᠢ ᠭᠡᠵᠦ ᠨᠢᠭᠡ ᠮᠣᠩᠭᠤᠯ ᠭᠡᠷ ᠲᠠᠢ ᠪᠣᠯᠤᠯ᠎ᠠ᠂ ᠭᠡᠲᠡᠯ᠎ᠡ ᠲᠡᠭᠦᠨ ᠦ ᠰᠡᠳᠭᠢᠯ ᠳᠦ ᠬᠡᠵᠢᠶᠡᠳᠡ ᠪᠡᠨ ᠨᠢᠭᠡ ᠵᠦᠢᠯ ᠦᠨ ᠡᠷᠡᠭᠡᠯᠵᠡᠭᠡᠨ ᠣᠷᠤᠰᠢᠭᠰᠠᠭᠠᠷ ᠪᠠᠢᠵᠠᠢ᠃

ᠬᠡᠳᠦᠢ ᠡᠢᠮᠦ ᠪᠣᠯᠪᠠᠴᠤ ᠲᠡᠷᠡ ᠢᠳᠡᠪᠬᠢ ᠲᠠᠢ ᠣᠪᠤᠷ ᠭᠠᠷᠭᠠᠵᠤ ᠪᠠᠢᠳᠠᠭ ᠪᠣᠯᠤᠭᠰᠠᠨ ᠭᠡᠨ᠎ᠡ᠃ ᠲᠡᠷᠡ ᠵᠢᠯ ᠰᠢᠯᠢᠭ᠌ ᠡᠪᠦᠭᠡᠨ ᠳᠦ«ᠡᠪ ᠬᠠᠮᠲᠤ ᠶᠢᠨ ᠰᠠᠯᠬᠢᠨ» ᠢ ᠬᠠᠷᠢᠭᠤᠯᠵᠤ ᠪᠠᠢᠨ᠎ᠠ ᠭᠡᠵᠦ ᠬᠡᠳᠦ ᠬᠡᠳᠦᠨ ᠮᠠᠯ ᠭᠠᠷᠭᠠᠵᠤ ᠥᠭᠭᠦᠭᠰᠡᠨ ᠠᠵᠢ᠃ ᠢᠩᠬᠢᠭᠰᠡᠨ ᠴᠢᠨᠢ ᠰᠢᠯᠢᠭ᠌ ᠦᠨ ᠰᠡᠳᠭᠢᠯ ᠪᠠᠬᠠᠨ ᠲᠥᠪᠬᠢᠨᠡᠭᠰᠡᠨ ᠪᠣᠯᠤᠯᠲᠠᠢ᠂ ᠬᠠᠷᠢᠭᠤᠯᠵᠤ ᠠᠪᠤᠭᠰᠠᠨ ᠬᠡᠳᠦᠨ ᠮᠠᠯ ᠢᠶᠡᠨ ᠶᠠᠭᠠᠬᠢᠵᠤ ᠥᠰᠭᠡᠵᠦ ᠠᠪᠬᠤ ᠶᠢ ᠪᠣᠳᠤᠵᠤ ᠲᠣᠯᠤᠭᠠᠢ ᠲᠠᠲᠠᠯ ᠦᠭᠡᠢ ᠠᠵᠢᠯᠯᠠᠳᠠᠭ ᠪᠣᠯᠵᠤ ᠪᠢᠯᠡ᠃ ᠭᠡᠲᠡᠯ᠎ᠡ ᠳᠡᠮᠡᠢ ᠤᠳᠠᠭᠰᠠᠨ ᠦᠭᠡᠢ ᠨᠡᠢᠭᠡᠮ ᠳᠡᠭᠡᠷ᠎ᠡ ᠵᠦᠢᠯ ᠪᠦᠷᠢ ᠶᠢᠨ ᠦᠭᠡ ᠬᠡᠯᠡᠯᠭᠡ ᠭᠠᠷᠤᠭᠰᠠᠨ ᠶᠤᠮ᠃ ᠡᠨᠡ ᠨᠢ ᠶᠠᠭᠤᠨ ᠤ«ᠬᠤᠪᠢ ᠳᠤ ᠮᠠᠯ ᠥᠭᠭᠦᠭᠰᠡᠨ ᠶᠠᠪᠤᠳᠠᠯ ᠪᠣᠯ ᠨᠡᠢᠭᠡᠮ ᠵᠢᠷᠤᠮ ᠤᠨ ᠬᠠᠮᠲᠤᠷᠠᠯ ᠠᠵᠤ ᠠᠬᠤᠢ ᠶᠢ ᠡᠪᠳᠡᠵᠦ ᠪᠠᠢᠬᠤ ᠬᠡᠷᠡᠭ᠌ ᠮᠥᠨ»᠂«ᠵᠠᠷᠢᠮ ᠬᠥᠮᠦᠨ ᠣᠳᠣ ᠬᠤᠪᠢ ᠶᠢᠨ ᠠᠵᠤ ᠠᠬᠤᠢ ᠶᠢ ᠬᠥᠭᠵᠢᠭᠦᠯᠵᠦ᠂ ᠬᠠᠮᠲᠤᠷᠠᠯ ᠤᠨ ᠦᠢᠯᠡᠰ ᠢ ᠬᠣᠬᠢᠷᠠᠭᠤᠯᠵᠤ ᠪᠠᠢᠨ᠎ᠠ» ᠬᠡᠮᠡᠬᠦ ᠶᠠᠪᠤᠳᠠᠯ ᠪᠣᠯᠤᠨ᠎ᠠ᠃ ᠡᠨᠡ ᠦᠶ᠎ᠡ ᠳᠦ ᠰᠢᠯᠢᠭ᠌ ᠡᠪᠦᠭᠡᠨ ᠳᠦ ᠬᠠᠮᠲᠤᠷᠠᠯ ᠢ ᠲᠦᠰᠢᠭᠡᠳ ᠠᠮᠢᠳᠤᠷᠠᠬᠤ ᠭᠡᠳᠡᠭ᠌ ᠰᠢᠨ᠎ᠡ ᠤᠬᠠᠭᠠᠨ ᠣᠷᠤᠵᠠᠢ᠃ ᠡᠨᠡ ᠨᠢ ᠦᠨᠡᠨ ᠳᠡᠭᠡᠨ ᠶᠠᠭ ᠲᠡᠭᠦᠨ ᠦ ᠤᠭ ᠤᠨ ᠪᠠᠷᠢᠮᠲᠠᠯᠠᠭᠠᠳ ᠢᠷᠡᠭᠰᠡᠨ«ᠭᠦᠵᠡᠭᠡ ᠪᠡᠨ ᠴᠠᠳᠭᠠᠳᠠᠭ» ᠵᠦᠢ ᠶᠣᠰᠤ ᠶᠤᠮ᠃ ᠭᠡᠲᠡᠯ᠎ᠡ ᠲᠡᠷᠡ ᠡᠭᠦᠨ ᠦ ᠲᠥᠯᠦᠭᠡ ᠬᠤᠪᠢ ᠶᠢᠨ ᠬᠡᠳᠦᠨ ᠮᠠᠯ ᠢᠶᠡᠨ ᠦᠭᠡᠢ ᠬᠢᠵᠦ ᠦᠷᠡᠭᠳᠡᠯ ᠰᠦᠢᠲᠦᠯ ᠭᠠᠷᠭᠠᠭᠠᠳ᠂ ᠤᠳᠤᠷᠢᠳᠤᠯᠭ᠎ᠠ ᠶᠢᠨ ᠰᠠᠢᠰᠢᠶᠠᠯ ᠬᠦᠷᠢᠶᠡᠯᠡᠯ ᠢ ᠣᠯᠬᠤ ᠬᠡᠷᠡᠭᠲᠡᠢ ᠪᠣᠯᠤᠯ᠎ᠠ᠃ ᠳᠠᠬᠢᠪᠠᠯ ᠴᠢᠷᠮᠠᠢᠵᠤ ᠪᠠᠢᠭᠠᠳ ᠪᠠᠷᠢᠭᠠᠳᠠ ᠶᠢᠨ ᠪᠤᠶᠤ ᠴᠠᠰᠢ ᠳᠠᠭᠠᠨ ᠨᠢᠭᠡᠲᠦᠯ ᠦᠨ ᠵᠠᠬᠢᠶ᠎ᠠ ᠴᠢᠮᠡᠭᠡ ᠬᠦᠷᠭᠡᠬᠦ᠂ ᠠᠷᠭᠠᠯ ᠲᠦᠯᠡᠭᠡ ᠠᠬᠤᠢᠯᠠᠬᠤ ᠶᠤᠮ ᠤᠤ ᠡᠰᠡᠪᠡᠯ ᠲᠠᠯ᠎ᠠ ᠳᠠᠭᠠᠨ ᠶᠠᠮᠠᠷ ᠨᠢᠭᠡ ᠠᠵᠢᠯ ᠲᠠᠢ ᠪᠣᠯᠵᠤ ᠠᠪᠤᠪᠠᠯ᠂ ᠤᠷᠲᠤ ᠬᠤᠭᠤᠴᠠᠭᠠᠨ ᠳᠤ ᠲᠥᠪᠬᠢᠨᠡᠭᠦᠨ ᠰᠠᠭᠤᠵᠤ ᠢᠳᠡᠬᠦ ᠬᠡᠷᠡᠭᠲᠡᠢ ᠰᠢᠦ ᠳ᠋ᠡ ᠭᠡᠵᠦ ᠬᠠᠮᠤᠭ ᠤᠨ ᠨᠠᠵᠠᠭᠠᠢ ᠲᠠᠯ᠎ᠠ ᠡᠴᠡ ᠡᠬᠢᠯᠡᠨ ᠪᠣᠳᠤᠳᠠᠭ ᠪᠠᠢᠪᠠ᠃ ᠲᠡᠭᠡᠭᠡᠳ ᠲᠡᠷᠡ ᠤᠳᠠᠯ ᠦᠭᠡᠢ ᠬᠤᠪᠢ ᠶᠢᠨ ᠮᠠᠯ ᠬᠥᠷᠦᠩᠭᠡ ᠪᠡᠨ ᠦᠭᠡᠢ ᠬᠢᠳᠡᠭ ᠰᠠᠨᠠᠭ᠎ᠠ ᠲᠠᠢ ᠪᠠᠷ ᠬᠣᠢᠮᠤᠷ ᠤᠨ ᠡᠮᠦᠨ᠎ᠡ ᠭᠠᠷᠤᠭᠠᠳ ᠯᠠᠭᠯᠠᠢᠨ ᠰᠠᠭᠤᠭᠰᠠᠨ ᠬᠡᠪ ᠢᠶᠡᠷ ᠢᠶᠡᠨ᠄

«ᠠᠢ᠂ ᠡᠮᠡᠭᠡᠨ︕ ᠮᠠᠯ ᠠᠭᠤᠷᠠᠰᠤ ᠪᠠᠷ ᠶᠠᠭᠤ ᠬᠢᠬᠦ ᠪᠢᠯᠡ︖ ᠴᠠᠭᠠᠨ᠎ᠠ ᠴᠢᠨᠢ ᠬᠤᠪᠢ ᠶᠢᠨ ᠶᠠᠭᠤᠮ᠎ᠠ ᠶᠢ ᠨᠢᠭᠡᠴᠦ ᠦᠯᠡᠳᠡᠭᠡᠯ ᠦᠭᠡᠢ ᠪᠡᠷ ᠬᠤᠷᠢᠶᠠᠵᠤ ᠠᠪᠤᠨ᠎ᠠ ᠭᠡᠨ᠎ᠡ ᠰᠢᠦ︕ ᠡᠷᠲᠡᠬᠡᠨ ᠰᠢᠭ᠌ ᠲᠡᠷᠡ ᠬᠡᠳᠦᠨ ᠶᠠᠭᠤᠮ᠎ᠠ ᠪᠠᠨ ᠮᠥᠩᠭᠦ ᠪᠣᠯᠭᠠᠭᠠᠳ ᠠᠪᠳᠠᠷ᠎ᠠ ᠳᠠᠭᠠᠨ ᠲᠥᠷᠦᠵᠦ ᠠᠪᠬᠤ ᠦᠭᠡᠢ ᠦᠦ︖» ᠭᠡᠵᠦ ᠬᠡᠯᠡᠵᠡᠢ᠃ ᠲᠡᠭᠡᠭᠡᠳ ᠲᠡᠷᠡ ᠶᠡᠬᠡ ᠪᠠᠭ᠎ᠠ ᠬᠡᠳᠦᠨ ᠮᠠᠯ ᠢᠶᠡᠨ ᠲᠠᠭᠤᠭᠠᠳ ᠠᠷᠤ ᠶᠢᠨ ᠠᠢᠯ ᠳᠡᠭᠡᠷ᠎ᠡ ᠪᠠᠢᠭᠰᠠᠨ ᠬᠠᠩᠭᠠᠯᠭ᠎ᠠ ᠶᠢᠨ ᠬᠣᠷᠰᠢᠶ᠎ᠠ ᠳᠤ ᠬᠤᠳᠠᠯᠳᠤᠭᠠᠴᠢᠨ ᠣᠯᠵᠤ ᠬᠣᠶᠠᠷ ᠵᠠᠭᠤᠨ ᠥᠩᠭᠡᠷᠡᠦ ᠲᠦᠭᠦᠷᠢᠭ᠌ ᠢᠯᠡ ᠮᠥᠩᠭᠦ ᠪᠣᠯᠭᠠᠭᠠᠳ᠂ ᠥᠪᠡᠷ ᠢᠶᠡᠨ ᠬᠣᠶᠠᠷ ᠯᠣᠩᠬᠤ ᠠᠷᠢᠬᠢ ᠠᠪᠴᠤ ᠬᠥᠪᠡᠭᠦᠨ ᠳᠡᠭᠡᠨ ᠨᠢᠭᠡ ᠵᠢᠩ ᠰᠢᠬᠢᠷ ᠲᠠᠮᠤᠰᠤ ᠠᠪᠤᠭᠠᠳ ᠬᠠᠷᠢᠵᠤ ᠢᠷᠡᠮᠡᠭᠴᠡ ᠡᠪᠦᠷ ᠢᠶᠡᠨ ᠠᠭᠤᠳᠠᠯᠵᠤ ᠪᠡᠯᠡ ᠮᠥᠩᠭᠦ ᠪᠡᠨ ᠭᠠᠷᠭᠠᠭᠠᠳ᠄

«ᠵᠠ︕ ᠡᠭᠦᠨ ᠢ ᠪᠠᠲᠤ ᠭᠠᠵᠠᠷ ᠲᠤ ᠲᠥᠷᠦᠵᠦ ᠣᠷᠬᠢ᠂ ᠬᠣᠢᠰᠢ ᠡᠳᠦᠷ ᠬᠡᠷᠡᠭ᠌ ᠪᠣᠯᠬᠤ ᠶᠤᠮ᠃ ᠬᠡᠳᠦᠨ ᠮᠠᠯ ᠤᠨ ᠴᠢᠨᠢ ᠮᠥᠩᠭᠦ ᠰᠢᠦ» ᠭᠡᠵᠦ ᠥᠭᠬᠦ ᠳᠦ᠂ ᠪᠤᠵᠢᠳ ᠨᠢ᠄

«ᠵᠠ» ᠭᠡᠳ ᠲᠣᠰᠴᠤ ᠠᠪᠤᠭᠠᠳ ᠠᠪᠳᠠᠷ᠎ᠠ ᠶᠢᠨ ᠢᠷᠤᠭᠠᠷ ᠲᠤ ᠪᠠᠲᠤᠯᠠᠨ ᠲᠥᠷᠦᠭᠰᠡᠨ ᠪᠣᠯᠪᠠᠴᠤ ᠳᠠᠪᠤᠰᠤ ᠭᠡᠲᠡᠯ᠎ᠡ ᠴᠠᠢ ᠭᠡᠵᠦ᠂ ᠴᠠᠢ ᠭᠡᠲᠡᠯ᠎ᠡ ᠲᠣᠰᠤ ᠭᠡᠳ ᠬᠣᠶᠠᠷ ᠨᠢᠭᠡ ᠲᠥᠭᠦᠷᠢᠭ᠌ ᠢᠶᠡᠷ ᠠᠪᠴᠤ ᠡᠳ᠋ᠯᠡᠭᠰᠡᠭᠡᠷ ᠪᠠᠢᠵᠤ᠂ ᠵᠢᠯ ᠦᠨ ᠡᠴᠦᠰ ᠪᠣᠯᠬᠤ ᠳᠤ ᠭᠡᠷ ᠦᠨ ᠳᠣᠲᠤᠷ᠎ᠠ ᠰᠢᠨ᠎ᠡ ᠪᠡᠷ ᠠᠪᠤᠭᠰᠠᠨ ᠶᠠᠭᠤ ᠴᠤ ᠦᠭᠡᠢ ᠪᠡᠷ ᠮᠥᠩᠭᠦ ᠨᠢ ᠪᠠᠷᠠᠭᠳᠠᠭᠰᠠᠨ ᠪᠢᠯᠡ᠃

«ᠪᠤᠵᠢᠳ᠂ ᠴᠢᠨᠦ ᠭᠠᠷ ᠲᠤ ᠣᠷᠤᠭᠰᠠᠨ ᠶᠠᠭᠤᠮ᠎ᠠ ᠤᠰᠤᠨ ᠳᠤ ᠬᠠᠶᠠᠭᠰᠠᠨ ᠴᠢᠯᠠᠭᠤ ᠰᠢᠭ ᠴᠢᠭ᠌ ᠦᠭᠡᠢ ᠯᠡ ᠪᠣᠯᠤᠭᠠᠳ ᠪᠠᠢᠬᠤ ᠶᠤᠮ» ᠭᠡᠵᠦ ᠠᠭᠤᠷᠲᠠᠢᠬᠠᠨ ᠬᠡᠯᠡᠭᠡᠳ ᠲᠡᠬᠡ ᠰᠠᠬᠠᠯ ᠢᠶᠡᠨ ᠬᠡᠳᠦ ᠰᠢᠪᠲᠤᠷᠬᠤ ᠳᠤ᠄

«ᠪᠢ ᠯᠡ ᠭᠠᠭᠴᠠᠭᠠᠷ ᠢᠶᠡᠨ ᠢᠳᠡᠵᠦ ᠣᠷᠬᠢᠭᠰᠠᠨ ᠦᠭᠡᠢ ᠰᠢᠦ︕ ᠡᠨᠡ ᠮᠠᠭᠤ ᠭᠡᠷ ᠲᠦ ᠴᠢᠨᠢ ᠶᠠᠭᠤ ᠲᠣᠷᠳᠠᠭ ᠪᠢᠯᠡ» ᠭᠡᠵᠦ ᠭᠤᠩᠰᠢᠨ ᠤᠷᠤᠭᠤ ᠴᠢᠷᠠᠢᠯᠠᠭᠠᠳ ᠵᠠᠩᠨᠠᠬᠤ ᠳᠤ᠄

«ᠵᠠ ᠪᠣᠯᠤᠭ᠂ ᠴᠢ ᠶᠡᠷᠦ ᠨᠢ ᠰᠢᠷᠦᠭᠦᠨ ᠬᠥᠮᠦᠨ ᠰᠢᠦ᠂ ᠴᠢᠨᠦ ᠭᠠᠷ ᠲᠤ ᠣᠷᠤᠭᠰᠠᠨ ᠲᠣᠰᠤ ᠪᠣᠯᠪᠠᠴᠤ ᠤᠰᠤ ᠪᠠᠷ ᠪᠤᠴᠠᠯᠳᠠᠭ» ᠬᠡᠪᠡ᠃

«ᠪᠠᠶᠠᠵᠢᠨ᠎ᠠ ᠭᠡᠵᠦ ᠪᠣᠳᠤᠵᠤ ᠪᠠᠢᠬᠤ ᠴᠢᠨᠢ ᠤᠭ ᠢᠶᠡᠨ ᠮᠠᠷᠲᠠᠵᠤ ᠪᠠᠢᠬᠤ ᠬᠡᠷᠡᠭ᠌ ᠭᠡᠵᠦ ᠠᠷᠤ ᠠᠢᠯ ᠤᠨ ᠡᠬᠡᠨᠡᠷᠴᠦᠳ ᠬᠡᠯᠡᠯᠴᠡᠳᠡᠭ᠌ ᠪᠣᠯᠵᠠᠢ» ᠭᠡᠵᠦ ᠨᠢᠭᠡ ᠡᠳᠦᠷ ᠠᠢᠯ ᠡᠷᠭᠢᠭᠡᠳ ᠣᠷᠤᠢ ᠬᠠᠷᠢᠵᠤ ᠢᠷᠡᠭᠰᠡᠨ ᠪᠤᠵᠢᠳ᠂ ᠪᠣᠷᠪᠢ ᠪᠠᠨ ᠨᠤᠭᠤᠷᠠᠯ ᠦᠭᠡᠢ ᠪᠠᠢᠵᠤ ᠦᠵᠡᠵᠦ ᠰᠣᠨᠤᠰᠤᠭᠰᠠᠨ ᠶᠠᠭᠤᠮ᠎ᠠ ᠪᠠᠨ ᠰᠣᠨᠢᠨ ᠪᠣᠯᠭᠠᠨ ᠰᠢᠯᠢᠭ᠌ ᠡᠪᠦᠭᠡᠨ ᠳᠡᠭᠡᠨ ᠬᠡᠯᠡᠬᠦ ᠳᠦ᠂ ᠡᠢᠮᠦ ᠦᠭᠡ ᠶᠢ ᠰᠣᠨᠤᠰᠤᠭᠠᠳ ᠬᠡᠳᠦ ᠬᠣᠨᠤᠵᠤ ᠪᠠᠢᠬᠤ ᠰᠢᠯᠢᠭ᠌᠄

«ᠲᠡᠷᠡ ᠴᠦ ᠦᠨᠡᠨ ᠪᠠᠢᠯᠭᠦᠢ᠂ ᠪᠢ ᠪᠣᠯ ᠦᠭᠡᠭᠦᠦ ᠶᠠᠳᠠᠭᠤ ᠪᠠᠷ ᠢᠶᠡᠨ ᠵᠠᠰᠠᠭ ᠲᠠᠭᠠᠨ ᠢᠲᠡᠭᠡᠭᠳᠡᠵᠦ᠂ ᠲᠦᠰᠢᠭ᠌ ᠶᠠᠳᠠᠭᠤ ᠠᠩᠭᠢ ᠪᠠᠨ ᠲᠥᠯᠦᠭᠡᠯᠡᠵᠦ ᠶᠠᠪᠤᠭ᠎ᠠ ᠬᠥᠮᠦᠨ ᠰᠢᠦ᠂ ᠬᠡᠳᠦᠨ ᠢᠮᠠᠭᠠᠨ ᠤ ᠦᠭᠡᠷᠢ ᠵᠦᠭᠡᠷᠢ ᠶᠢ ᠬᠣᠭᠰᠢᠭᠤᠯᠵᠤ ᠪᠠᠶᠠᠵᠢᠬᠤ ᠭᠡᠵᠦ ᠪᠣᠳᠤᠬᠤ ᠪᠣᠯ ᠶᠡᠷᠦ ᠨᠢ ᠨᠠᠮ ᠵᠠᠰᠠᠭ ᠡᠴᠡ ᠪᠡᠨ ᠰᠠᠯᠵᠤ᠂ ᠬᠥᠷᠦᠩᠭᠡᠲᠦ ᠶᠣᠰᠤᠨ ᠤ ᠵᠠᠮ ᠢᠶᠡᠷ ᠶᠠᠪᠤᠬᠤ ᠭᠡᠵᠦ ᠪᠠᠢᠬᠤ ᠬᠡᠷᠡᠭ᠌ ᠰᠢᠦ ᠳ᠋ᠡ»᠃ ᠵᠠ᠂ ᠥᠩᠭᠡᠷᠡᠭᠰᠡᠨ ᠬᠠᠭᠤᠴᠢᠨ ᠨᠡᠢᠭᠡᠮ ᠳᠦ ᠬᠣᠭᠤᠰᠤᠨ ᠶᠠᠳᠠᠭᠤ ᠶᠠᠪᠤᠭᠠᠳ ᠬᠠᠷᠭᠠᠨᠠᠵᠤ ᠦᠬᠦᠭᠰᠡᠨ ᠦᠭᠡᠢ ᠰᠢᠯᠢᠭ᠌ ᠡᠪᠦᠭᠡᠨ ᠳᠦ ᠪᠠᠰᠠ ᠶᠠᠭᠤ ᠬᠣᠴᠤᠷᠬᠤ ᠪᠤᠢ︖

ᠪᠠᠷᠢᠭᠠᠳᠠ ᠶᠢᠨ ᠶᠠᠳᠠᠭᠤ ᠮᠠᠯᠴᠢᠨ ᠤ ᠡᠪᠯᠡᠯ ᠪᠠᠢᠭᠤᠯᠬᠤ ᠶᠡᠬᠡ ᠬᠤᠷᠠᠯ ᠨᠢ ᠰᠢᠯᠢᠭ᠌ ᠡᠪᠦᠭᠡᠨ ᠳᠦ ᠰᠠᠨᠠᠭᠠᠨ ᠤ ᠭᠠᠳᠠᠭᠤᠷ ᠨᠢᠭᠡ ᠤᠳᠠᠭᠠᠨ ᠤ ᠬᠦᠴᠦᠲᠡᠢ ᠴᠣᠬᠢᠯᠲᠠ ᠪᠣᠯᠤᠭᠰᠠᠨ ᠪᠠᠢᠨ᠎ᠠ᠃«ᠡᠪ ᠬᠠᠮᠲᠤ ᠨᠠᠮ ᠢᠶᠡᠨ ᠳᠠᠭᠠᠵᠤ᠂ ᠨᠡᠢᠭᠡᠮ ᠵᠢᠷᠤᠮ ᠢ ᠪᠦᠲᠦᠭᠡᠨ ᠪᠠᠢᠭᠤᠯᠬᠤ ᠳᠤ ᠬᠤᠪᠢ ᠨᠡᠮᠡᠭᠦᠷᠢ ᠪᠡᠨ ᠡᠷᠭᠦᠭᠰᠡᠨ ᠨᠠᠳᠠ ᠯᠤᠭ᠎ᠠ ᠠᠳᠠᠯᠢ ᠬᠠᠮᠲᠤᠷᠠᠯ ᠳᠠᠭᠠᠨ ᠦᠨᠡᠨᠴᠢ ᠰᠢᠳᠤᠷᠭᠤ ᠪᠠᠷ ᠬᠠᠮᠤᠭ ᠮᠠᠯ ᠢᠶᠡᠨ ᠲᠤᠰᠢᠶᠠᠭᠰᠠᠨ ᠶᠠᠳᠠᠭᠤ ᠮᠠᠯᠴᠢᠨ ᠡᠷᠬᠢᠯᠡᠭᠴᠢ ᠪᠣᠯᠬᠤ ᠦᠭᠡᠢ᠂ ᠣᠨᠳᠣᠣ ᠬᠡᠨ ᠪᠣᠯᠬᠤ ᠪᠤᠢ» ᠭᠡᠵᠦ ᠰᠢᠯᠢᠭ᠌ ᠲᠡᠨᠳᠡ ᠰᠠᠭᠤᠭᠠᠳ ᠪᠣᠳᠤᠵᠠᠢ᠃ ᠭᠡᠲᠡᠯ᠎ᠡ«ᠰᠢᠯᠢᠭ᠌ ᠦᠨ ᠠᠩᠭᠢ ᠶᠢᠨ ᠵᠣᠭᠰᠤᠯᠲᠠ ᠨᠢ ᠪᠠᠲᠤ ᠪᠢᠰᠢ᠂ ᠵᠠᠷᠢᠮ ᠨᠢᠭᠡ ᠪᠠᠶᠠᠨ ᠮᠠᠯᠴᠢᠨ᠂ ᠬᠤᠪᠢᠰᠭᠠᠯ ᠤᠨ ᠡᠰᠡᠷᠭᠦᠦ ᠡᠲᠡᠭᠡᠳ ᠲᠠᠢ ᠡᠷᠡᠭᠡ ᠴᠡᠷᠡᠭᠡ ᠦᠭᠡᠢ ᠶᠠᠪᠤᠯᠴᠠᠳᠠᠭ᠂ ᠪᠠᠰᠠ ᠬᠠᠷᠢᠭᠤᠯᠤᠭᠰᠠᠨ ᠬᠣᠨᠢ ᠪᠠᠨ ᠰᠠᠢᠨ ᠬᠠᠯᠢᠶᠠᠬᠤ ᠦᠭᠡᠢ᠂ ᠵᠢᠯ ᠪᠦᠷᠢ ᠶᠡᠬᠡᠪᠡᠷ ᠭᠠᠷᠤᠭᠤᠳᠠᠭᠤᠯᠵᠤ ᠢᠷᠡᠭᠰᠡᠨ ᠵᠠᠯᠬᠠᠭᠤ ᠬᠣᠢᠷᠭᠤ ᠬᠥᠮᠦᠨ» ᠭᠡᠵᠦ ᠬᠡᠰᠡᠭ᠌ ᠶᠠᠳᠠᠭᠤ ᠮᠠᠯᠴᠢᠨ ᠰᠠᠨᠠᠯ ᠭᠠᠷᠭᠠᠭᠰᠠᠨ ᠢᠶᠡᠷ ᠰᠢᠯᠢᠭ᠌ ᠦᠨ ᠰᠤᠩᠭᠤᠭᠳᠠᠬᠤ ᠭᠡᠵᠦ ᠪᠠᠢᠭᠰᠠᠨ ᠰᠠᠢᠬᠠᠨ ᠬᠦᠰᠡᠯ ᠨᠢ ᠵᠠᠮᠬᠠᠷᠠᠭᠰᠠᠨ ᠪᠠᠢᠨ᠎ᠠ᠃ ᠰᠢᠯᠢᠭ᠌ ᠦᠨ ᠭᠣᠣᠯ ᠨᠢ ᠬᠠᠷᠠᠯᠠᠭᠰᠠᠨ ᠰᠢᠭ ᠪᠣᠯᠪᠠ᠃ ᠰᠢᠯᠢᠭ᠌ ᠡᠪᠦᠭᠡᠨ ᠬᠤᠷᠠᠯ ᠤᠨ ᠭᠡᠷ ᠡᠴᠡ ᠤᠬᠤᠷᠢᠨ ᠭᠠᠷᠴᠤ ᠶᠠᠪᠤᠪᠠ᠃ ᠲᠡᠷᠡ ᠣᠳᠣ ᠶᠠᠮᠠᠷ ᠶᠠᠳᠠᠭᠤ ᠮᠠᠯᠴᠢᠨ ᠤ ᠡᠪᠯᠡᠯ ᠦᠨ ᠨᠢᠭᠡ ᠶᠠᠭᠤᠮ᠎ᠠ ᠪᠣᠯᠬᠤ ᠶᠢ ᠪᠣᠳᠤᠵᠤ ᠦᠭᠡᠢ᠂ ᠬᠡᠳᠦᠨ ᠬᠥᠮᠦᠨ ᠦ ᠬᠡᠯᠡᠭᠰᠡᠨ ᠰᠠᠨᠠᠯ ᠨᠢ ᠰᠢᠯᠢᠭ᠌ ᠡᠪᠦᠭᠡᠨ ᠦ ᠬᠦᠵᠦᠭᠦᠦ ᠶᠢ ᠣᠷᠢᠶᠠᠵᠤ᠂ ᠥᠨᠥᠳᠦᠷ ᠮᠠᠷᠭᠠᠰᠢ ᠡᠬᠢᠯᠡᠬᠦ ᠨᠡᠢᠭᠡᠮ ᠵᠢᠷᠤᠮ ᠤᠨ ᠬᠥᠮᠦᠵᠢᠯ ᠦᠨ ᠬᠥᠳᠡᠯᠭᠡᠭᠡᠨ ᠳᠦ ᠲᠡᠭᠦᠨ ᠢ ᠪᠠᠭᠠᠯᠵᠤᠤᠷᠳᠠᠨ ᠠᠯᠠᠬᠤ ᠰᠢᠭ ᠰᠠᠨᠠᠭᠳᠠᠨ᠎ᠠ᠃ ᠰᠢᠯᠢᠭ᠌ ᠡᠪᠦᠭᠡᠨ ᠦ ᠵᠢᠷᠦᠬᠡᠨ ᠦ ᠬᠡᠢ ᠨᠢ ᠬᠥᠳᠡᠯᠪᠡᠯ ᠪᠦᠬᠦ ᠮᠡᠳᠡᠷᠡᠯ ᠦᠨ ᠡᠷᠬᠡᠲᠡᠨ ᠨᠢ ᠲᠡᠩᠴᠡᠭᠦᠷᠢ ᠪᠡᠨ ᠠᠯᠳᠠᠵᠤ ᠪᠡᠶ᠎ᠡ ᠪᠡᠨ ᠬᠠᠮᠢᠶᠠᠷᠴᠤ ᠴᠢᠳᠠᠬᠤ ᠦᠭᠡᠢ ᠪᠣᠯᠵᠤ ᠣᠷᠬᠢᠳᠠᠭ ᠶᠤᠮ᠃ ᠲᠡᠷᠡ ᠬᠤᠷᠠᠯ ᠤᠨ ᠭᠡᠷ ᠡᠴᠡ ᠭᠠᠷᠤᠮᠠᠭᠴᠠ ᠪᠠᠷᠢᠭᠠᠳᠠ ᠶᠢᠨ ᠰᠠᠭᠤᠷᠢᠰᠢᠯ ᠤᠨ ᠬᠤᠳᠠᠯᠳᠤᠭᠠᠨ ᠤ ᠬᠣᠷᠰᠢᠶ᠎ᠠ ᠳᠤ ᠣᠳᠴᠤ ᠬᠣᠶᠠᠷ ᠯᠣᠩᠬᠤ ᠠᠷᠢᠬᠢ ᠠᠪᠤᠭᠠᠳ ᠭᠠᠷᠴᠤ ᠢᠷᠡᠭᠡᠳ«ᠭᠣᠳ ᠭᠣᠳ» ᠬᠢᠲᠡᠯ᠎ᠡ ᠪᠠᠯᠭᠤᠵᠤ ᠡᠬᠢᠯᠡᠪᠡ᠃ ᠤᠤᠭᠤᠬᠤ ᠲᠤᠲᠤᠮ ᠢᠶᠡᠨ ᠳᠡᠢᠯᠵᠦ ᠬᠠᠶᠠᠭᠠᠳ ᠡᠭᠦᠳᠡᠨ ᠳᠡᠭᠡᠷ᠎ᠡ ᠭᠠᠷᠴᠤ᠄« ᠶᠠᠭᠤᠨ ᠤ ᠪᠠᠶᠠᠨ ᠮᠠᠯᠴᠢᠨ᠂ ᠬᠤᠪᠢᠰᠭᠠᠯ ᠤᠨ ᠡᠰᠡᠷᠭᠦᠴᠦᠳ ᠯᠤᠭᠡ ᠬᠠᠷᠢᠴᠠᠭ᠎ᠠ ᠲᠠᠢ ᠭᠡᠨ᠎ᠡ︖ ᠴᠤᠬᠤᠮ ᠬᠡᠨ ᠬᠠᠷᠢᠴᠠᠭ᠎ᠠ ᠲᠠᠢ ᠪᠤᠢ︖ ᠲᠠ ᠨᠠᠷ ᠬᠠᠮᠲᠤᠷᠠᠯ ᠤᠨ ᠶᠠᠭᠤᠮ᠎ᠠ ᠶᠢ ᠢᠳᠡᠵᠦ ᠬᠤᠪᠢ ᠪᠠᠨ ᠪᠠᠶᠠᠵᠢᠭᠤᠯᠵᠠᠢ ᠭᠡᠨ᠎ᠡ︖ ᠰᠢᠯᠢᠭ᠌ ᠨᠠᠳᠠ ᠶᠠᠭᠤᠨ ᠪᠠᠢᠬᠤ ᠪᠤᠢ︖ ᠪᠢ ᠬᠠᠮᠤᠭ ᠤᠨ ᠶᠠᠳᠠᠭᠤ ᠦᠭᠡᠭᠦᠦ ᠠᠩᠭᠢ ᠮᠥᠨ» ᠭᠡᠵᠦ ᠪᠡᠷᠲᠡᠭᠴᠢᠨ ᠡᠷ᠎ᠡ ᠶᠢᠨ ᠤᠭ ᠳᠦᠷᠰᠦ ᠪᠡᠨ ᠭᠠᠷᠭᠠᠵᠤ ᠬᠠᠰᠭᠢᠷᠴᠤ ᠡᠬᠢᠯᠡᠪᠡ᠃ ᠬᠡᠳᠦᠨ ᠬᠥᠮᠦᠨ ᠢᠷᠡᠭᠡᠳ ᠲᠡᠭᠦᠨ ᠢ ᠲᠠᠲᠠᠵᠤ ᠨᠣᠯᠤᠯᠳᠤᠭᠠᠳ ᠬᠦᠴᠦ ᠬᠦᠷᠴᠦ ᠴᠢᠳᠠᠭᠰᠠᠨ ᠦᠭᠡᠢ᠂ ᠬᠡᠵᠢᠶ᠎ᠡ ᠬᠣᠢᠨ᠎ᠠ ᠨᠢ ᠪᠠᠳᠮ᠎ᠠ ᠱᠦᠵᠢ ᠢᠷᠡᠭᠡᠳ ᠭᠡᠷ ᠲᠤᠨᠢ ᠬᠦᠷᠭᠡᠬᠦ ᠭᠡᠵᠦ ᠬᠡᠳᠦᠨ ᠦᠭᠡ ᠬᠡᠯᠡᠲᠡᠯ᠎ᠡ᠂ ᠰᠢᠯᠢᠭ᠌ ᠨᠢᠳᠦ ᠪᠡᠨ ᠮᠠᠭᠤᠬᠠᠢ ᠨᠢᠭᠡ ᠡᠷᠭᠢᠯᠳᠦᠭᠦᠯᠦᠭᠡᠳ᠄«ᠡ︕ ᠴᠢ ᠯᠣᠪᠰᠠᠩ ᠤᠨ ᠪᠠᠳᠮ᠎ᠠ ᠤᠤ︖ ᠴᠢ ᠳᠣᠷᠵᠢ ᠬᠦᠵᠦᠲᠡᠢ ᠶᠢᠨ ᠠᠴᠢ᠂ ᠬᠡᠨ ᠪᠠᠶᠠᠨ ᠮᠠᠯᠴᠢᠨ ᠤ ᠮᠠᠯ ᠤᠨ ᠡᠵᠡᠨ ᠯᠤᠭᠡ ᠶᠠᠪᠤᠯᠴᠠᠵᠤ ᠪᠠᠢᠳᠠᠭ ᠪᠤᠢ︖» ᠭᠡᠵᠦ ᠬᠠᠰᠭᠢᠷᠬᠤ ᠪᠠᠷ ᠢᠶᠡᠨ ᠬᠠᠰᠭᠢᠷᠴᠤ ᠨᠢᠭᠡ ᠰᠥᠨᠢ ᠦᠷ ᠴᠠᠢᠲᠠᠯ᠎ᠠ ᠰᠠᠭᠤᠷᠢᠰᠢᠯ ᠤᠨ ᠠᠢᠯ ᠢ ᠤᠨᠲᠠᠭᠤᠯᠵᠤ ᠠᠮᠠᠷᠠᠭᠤᠯᠤᠭᠰᠠᠨ ᠦᠭᠡᠢ᠃ ᠰᠢᠯᠢᠭ᠌ ᠡᠪᠦᠭᠡᠨ ᠥᠩᠭᠡᠷᠡᠭᠰᠡᠨ ᠳᠡᠭᠡᠨ ᠵᠣᠪᠠᠯᠠᠩ ᠦᠵᠡᠭᠰᠡᠨ ᠪᠣᠯᠪᠠᠴᠤ ᠴᠠᠭ ᠤᠨ ᠳᠡᠭᠡᠷ᠎ᠡ ᠨᠢ ᠭᠠᠪᠰᠢᠭᠠᠢᠯᠠᠨ ᠵᠠᠪ ᠢ ᠠᠰᠢᠭᠯᠠᠵᠤ᠂ ᠨᠢᠭᠡ ᠶᠠᠭᠤᠮ᠎ᠠ ᠪᠣᠯᠤᠭᠠᠳ ᠠᠪᠬᠤ ᠪᠠᠷ ᠣᠷᠤᠯᠳᠤᠭᠠᠳ ᠴᠢᠳᠠᠭᠰᠠᠨ ᠦᠭᠡᠢ ᠶᠢᠨ ᠮᠠᠭᠤ ᠨᠡᠷ᠎ᠡ ᠲᠠᠢ ᠪᠣᠯᠤᠭᠰᠠᠨ ᠲᠤᠯᠠ ᠵᠤᠨ ᠤ ᠲᠦᠷᠦᠭᠦᠨ ᠰᠠᠷ᠎ᠠ ᠡᠴᠡ ᠡᠬᠢᠯᠡᠭᠡᠳ ᠠᠷᠢᠬᠢ ᠶᠢᠨ ᠠᠷᠤ ᠳᠤ ᠣᠷᠤᠵᠤ᠂ ᠠᠢᠯ ᠤᠨ ᠪᠠᠳᠢᠷᠴᠢ ᠪᠣᠯᠵᠠᠢ᠃ ᠲᠡᠷᠡ ᠬᠠᠶᠠ ᠨᠢᠭᠡ ᠨᠢᠭᠡᠲᠦᠯ ᠳᠡᠭᠡᠷ᠎ᠡ ᠢᠷᠡᠵᠦ ᠦᠵᠡᠭᠰᠡᠨ ᠬᠥᠮᠦᠨ ᠲᠠᠢ ᠪᠡᠨ ᠨᠣᠴᠤᠯᠳᠤᠭᠠᠳ᠂ ᠬᠠᠷ᠎ᠠ ᠮᠣᠷᠢᠨ ᠤ ᠬᠤᠷᠳᠤ ᠪᠠᠷ ᠠᠢᠯ ᠠᠢᠯ ᠤᠨ ᠭᠠᠳᠠᠨ᠎ᠠ ᠪᠠᠭᠤᠵᠤ᠂ ᠨᠢᠭᠡ ᠴᠥᠭᠦᠴᠡ ᠠᠷᠢᠬᠢ ᠥᠭᠪᠡᠯ ᠢᠷᠦᠭᠡᠯ ᠲᠠᠯᠪᠢᠵᠤ᠂ ᠠᠶᠠᠭ᠎ᠠ ᠶᠢᠨ ᠠᠮᠠ ᠡᠰᠡ ᠵᠠᠭᠤᠯᠭᠠᠪᠠᠯ ᠬᠠᠮᠤᠭ ᠪᠦᠬᠦᠨ ᠢ ᠬᠠᠷᠢᠶᠠᠭᠠᠳ᠂ ᠰᠠᠭᠤᠭᠰᠠᠨ ᠳᠠᠭᠠᠨ ᠰᠠᠭᠤᠭᠠᠳ᠂ ᠬᠡᠪᠲᠡᠭᠰᠡᠨ ᠳᠡᠭᠡᠨ ᠬᠡᠪᠲᠡᠵᠦ ᠶᠠᠪᠤᠳᠠᠭ ᠪᠣᠯᠪᠠ᠃

ᠪᠤᠵᠢᠳ ᠢ ᠬᠡᠯᠡᠪᠡᠯ᠂ ᠲᠡᠷᠡ ᠬᠥᠪᠡᠭᠦᠨ ᠲᠠᠢ ᠪᠡᠨ ᠬᠣᠶᠠᠭᠤᠯᠠ ᠨᠢᠭᠡ ᠰᠦᠷᠦᠭ ᠬᠣᠨᠢ ᠲᠠᠢ ᠬᠣᠴᠤᠷᠤᠭᠰᠠᠨ ᠲᠤᠯᠠ ᠬᠥᠪᠡᠭᠦᠨ ᠢᠶᠡᠷ ᠢᠶᠡᠨ ᠡᠭᠦᠳᠡᠨ ᠳᠡᠭᠡᠷ᠎ᠡ ᠪᠡᠨ ᠬᠣᠨᠢ ᠪᠠᠨ ᠬᠠᠯᠢᠶᠠᠯᠭᠠᠵᠤ ᠣᠷᠬᠢᠭᠠᠳ᠂ ᠵᠠᠷᠢᠮ ᠳᠠᠭᠠᠨ ᠪᠠᠰᠠ ᠠᠢᠯ ᠤᠨ ᠢᠩ ᠨᠢ ᠬᠥᠳᠡᠯᠵᠦ᠂ ᠣᠢᠷ᠎ᠠ ᠬᠤᠰᠢᠶ᠎ᠠ ᠠᠢᠯ ᠢ ᠨᠢᠭᠡ ᠳᠠᠷᠤᠭᠠᠳ ᠭᠠᠷᠳᠠᠭ ᠪᠠᠢᠪᠠ᠃ ᠲᠡᠢᠮᠦ ᠡᠴᠡ ᠬᠣᠨᠢᠨ ᠰᠦᠷᠦᠭ ᠨᠢ ᠮᠢᠬ᠎ᠠ ᠪᠠᠷᠢᠵᠤ ᠴᠢᠳᠠᠯ ᠦᠭᠡᠢ ᠡᠪᠦᠯ ᠤᠨ ᠲᠦᠷᠦᠭᠦᠨ ᠰᠠᠷ᠎ᠠ ᠡᠴᠡ ᠡᠬᠢᠯᠡᠨ᠂ ᠨᠢᠭᠡ ᠵᠢᠯ ᠳᠡᠭᠡᠨ ᠳᠠᠯᠠ ᠨᠠᠶᠠᠨ ᠬᠣᠨᠢ ᠲᠤᠷᠠᠵᠤ ᠦᠬᠦᠳᠡᠭ᠌ ᠪᠠᠢᠯ᠎ᠠ᠃ ᠪᠤᠰᠤᠳ ᠬᠥᠮᠦᠨ ᠵᠢᠯ ᠳᠡᠭᠡᠨ ᠵᠠᠭᠤᠨ ᠤ ᠨᠠᠶᠠ ᠶᠡᠷᠡ ᠪᠡᠷ ᠲᠥᠯ ᠲᠣᠰᠴᠤ ᠪᠠᠢᠬᠤ ᠳᠤ ᠰᠢᠯᠢᠭ᠌ ᠡᠪᠦᠭᠡᠨ ᠬᠠᠷᠢᠨ ᠠᠷᠠᠢ ᠯᠠ ᠵᠠᠭᠤᠨ ᠤ ᠳᠥᠴᠢ ᠪᠠᠷᠢᠵᠤ᠂ ᠵᠢᠯ ᠦᠨ ᠡᠴᠦᠰ ᠦᠨ ᠳᠠᠩᠰᠠ ᠲᠣᠭᠠᠯᠠᠪᠠᠯ ᠣᠯᠠᠨ ᠠᠷᠪᠢᠨ ᠮᠥᠩᠭᠦᠨ ᠳᠤ ᠥᠷᠢᠲᠦᠵᠦ ᠭᠠᠷᠳᠠᠭ ᠪᠠᠢᠪᠠ᠃«ᠥᠷᠢᠲᠦᠭᠰᠡᠨ ᠪᠣᠯᠪᠠᠯ ᠥᠷᠢᠲᠦᠭᠰᠡᠨ ᠪᠢᠵᠡ︕ ᠰᠢᠯᠢᠭ᠌ ᠦᠨ ᠶᠠᠭᠤ ᠶᠢ ᠠᠪᠳᠠᠭ ᠪᠢᠯᠡ︖ ᠳᠠᠩᠰᠠ ᠳᠤ ᠣᠷᠤᠭᠤᠯᠤᠭᠠᠳ ᠴᠠᠰᠢ ᠲᠠᠯᠪᠢᠵᠤ ᠣᠷᠬᠢᠬᠤ ᠡᠴᠡ ᠣᠨᠳᠣᠣ ᠶᠠᠭᠠᠬᠢᠳᠠᠭ ᠪᠢᠯᠡ ᠁» ᠭᠡᠵᠦ ᠪᠠᠳᠮ᠎ᠠ ᠱᠦᠵᠢ ᠨᠢᠭᠡ ᠦᠭᠡ ᠬᠡᠯᠡᠪᠡᠯ ᠬᠠᠮᠤᠭ ᠬᠡᠷᠡᠭ᠌ ᠲᠡᠭᠡᠭᠡᠳ ᠲᠡᠭᠦᠰᠳᠡᠭ᠌ ᠪᠠᠢᠭᠰᠠᠨ ᠶᠤᠮ᠃ ᠨᠢᠭᠡ ᠮᠡᠳᠡᠬᠦ ᠳᠦ ᠰᠢᠯᠢᠭ᠌ ᠡᠪᠦᠭᠡᠨ ᠦ ᠪᠠᠷᠢᠭᠰᠠᠨ ᠭᠡᠷ ᠨᠢ ᠴᠦ ᠬᠠᠭᠤᠴᠢᠷᠠᠭᠠᠳ ᠰᠠᠯᠪᠠᠷᠠᠬᠤ ᠳᠠᠭᠠᠨ ᠳᠠᠬᠢᠨ ᠪᠠᠷᠢᠵᠤ ᠪᠣᠯᠤᠰᠢ ᠦᠭᠡᠢ ᠪᠣᠯᠤᠭᠰᠠᠨ ᠲᠤᠯᠠ ᠶᠡᠬᠡ ᠭᠡᠷ ᠢᠶᠡᠨ ᠪᠠᠭᠤᠯᠭᠠᠭᠠᠳ ᠪᠠᠭ᠎ᠠ ᠵᠣᠯᠤᠮ ᠪᠣᠯᠭᠠᠵᠤ ᠪᠠᠷᠢᠪᠠ᠃ ᠣᠳᠣ ᠲᠡᠷᠡ ᠮᠠᠭᠤ ᠬᠠᠷ᠎ᠠ ᠵᠣᠯᠤᠮ ᠤᠨ ᠢᠶᠡᠨ ᠬᠣᠢᠮᠤᠷ ᠤᠨ ᠡᠮᠦᠨ᠎ᠡ ᠯᠠᠭᠯᠠᠢᠨ ᠰᠠᠭᠤᠭᠠᠳ᠄

«ᠬᠦᠶᠢ ᠡᠮᠡᠭᠡᠨ︕ ᠴᠠᠭᠠᠲᠤᠬᠢ ᠬᠣᠨᠢ ᠴᠢᠨᠢ ᠪᠠᠢᠨ᠎ᠠ ᠤᠤ︖ ᠦᠭᠡᠢ ᠦᠦ︖» ᠭᠡᠵᠦ ᠠᠰᠠᠭᠤᠭᠠᠳ᠄

«ᠶᠠᠭᠤᠨ ᠤ ᠶᠠᠳᠠᠭᠤ ᠮᠠᠯᠴᠢᠨ ᠤ ᠡᠪᠯᠡᠯ ᠦᠨ ᠡᠷᠬᠢᠯᠡᠭᠴᠢ ᠨᠠᠳᠠ ᠬᠡᠷᠡᠭᠲᠡᠢ ᠶᠤᠮ︖ ᠲᠡᠷᠡ ᠦᠭᠡᠢ ᠪᠣᠯᠪᠠᠴᠤ ᠰᠠᠷ᠎ᠠ ᠶᠢᠨ ᠨᠣᠷᠮ᠎ᠠ ᠪᠠᠨ ᠠᠳᠠᠯᠢᠬᠠᠨ ᠠᠪᠤᠭᠠᠳ ᠢᠳᠡᠵᠦ ᠡᠰᠡ ᠪᠠᠢᠨ᠎ᠠ ᠤᠤ︖ ᠬᠥᠮᠦᠨ ᠨᠠᠳᠠ ᠡᠴᠡ ᠮᠣᠷᠢ ᠪᠠᠨ ᠠᠪᠬᠤ ᠡᠴᠡ ᠪᠢᠰᠢ᠂ᠮᠢᠨᠦ ᠶᠠᠭᠤ ᠶᠢ ᠠᠪᠬᠤ ᠪᠤᠢ︖ ᠰᠢᠨ᠎ᠡ ᠨᠡᠢᠭᠡᠮ ᠳᠦ ᠬᠥᠮᠦᠨ ᠢ ᠥᠯᠦᠰᠭᠡᠵᠦ ᠠᠯᠠᠬᠤ ᠶᠣᠰᠤ ᠦᠭᠡᠢ» ᠭᠡᠵᠦ ᠰᠢᠪᠡᠨᠡᠨ ᠬᠡᠯᠡᠵᠦ ᠰᠠᠭᠤᠨ᠎ᠠ᠃

ᠰᠢᠯᠢᠭ᠌ ᠨᠣᠶᠠᠨ ᠰᠠᠭᠤᠭᠰᠠᠨ ᠨᠢ

ᠲᠡᠦᠬᠡᠨ ᠳᠡᠭᠡᠷ᠎ᠡ ᠭᠠᠷᠤᠭᠰᠠᠨ ᠦᠭᠡᠢ ᠠᠷᠪᠠᠨ ᠵᠢᠯ ᠦᠨ ᠬᠠᠷ᠎ᠠ ᠠᠶᠤᠯ ᠪᠣᠯᠬᠤ«ᠰᠣᠶᠣᠯ ᠤᠨ ᠬᠤᠪᠢᠰᠭᠠᠯ» ᠤᠨ ᠬᠠᠪᠤᠷ᠂ ᠪᠠᠷᠢᠭᠠᠳᠠ ᠶᠢᠨ ᠰᠠᠭᠤᠷᠢᠰᠢᠯ ᠳᠡᠭᠡᠷ᠎ᠡ ᠡᠳᠦᠷ ᠲᠡᠭᠡᠨ ᠡᠢᠮᠦ ᠬᠤᠷᠠᠯ ᠭᠡᠲᠡᠯ᠎ᠡ ᠲᠡᠢᠮᠦ ᠬᠤᠷᠠᠯ ᠬᠢᠵᠦ᠂ ᠰᠢᠯᠢᠭ᠌ ᠨᠢᠭᠡ ᠴᠦ ᠤᠳᠠᠭ᠎ᠠ ᠳᠤᠲᠠᠯ ᠦᠭᠡᠢ ᠣᠷᠤᠯᠴᠠᠳᠠᠭ ᠪᠣᠯᠪᠠ᠃ ᠢᠩᠭᠢᠭᠡᠳ ᠤᠳᠠᠭᠠᠨ ᠡᠳᠦᠷ ᠵᠤᠵᠠᠭᠠᠨ ᠬᠣᠨᠤᠭ ᠥᠩᠭᠡᠷᠡᠭᠡᠳ ᠰᠢᠯᠢᠭ᠌ ᠡᠪᠦᠭᠡᠨ ᠦ ᠨᠡᠷ᠎ᠡ ᠲᠥᠷᠦ ᠴᠦ ᠶᠡᠬᠡᠪᠡᠷ ᠮᠠᠨᠳᠤᠵᠤ᠂ ᠪᠠᠷᠢᠭᠠᠳᠠ ᠶᠢᠨ ᠳᠣᠲᠤᠷ᠎ᠠ ᠲᠡᠭᠦᠨ ᠡᠴᠡ ᠢᠯᠡᠭᠦᠳᠡᠬᠦ ᠬᠤᠪᠢᠰᠭᠠᠯᠴᠢ ᠦᠭᠡᠢ ᠪᠣᠯᠵᠠᠢ᠃ ᠰᠢᠯᠢᠭ᠌ ᠡᠪᠦᠭᠡᠨ ᠭᠡᠷ ᠮᠠᠯ᠂ ᠬᠠᠷᠢᠭᠤᠯᠤᠭᠰᠠᠨ ᠬᠣᠨᠢ ᠪᠠᠨ ᠬᠠᠶᠠᠵᠤ ᠣᠷᠬᠢᠭᠠᠳ᠂ ᠬᠣᠷᠮᠤᠢ ᠰᠢᠭᠤᠷᠳᠠᠨ«ᠬᠤᠪᠢᠰᠭᠠᠯ» ᠳᠤ ᠣᠷᠤᠯᠴᠠᠪᠠ ᠁

ᠨᠢᠭᠡ ᠦᠳᠡ ᠶᠢᠨ ᠦᠶ᠎ᠡ ᠳᠦ ᠬᠡᠳᠦᠨ ᠵᠠᠭᠤᠨ ᠮᠣᠷᠢᠲᠠᠢ ᠬᠥᠮᠦᠨ ᠳᠤᠭ ᠳᠠᠯᠪᠠᠭ᠎ᠠ ᠡᠷᠭᠦᠵᠦ᠂ ᠬᠡᠩᠭᠡᠷᠭᠡ ᠴᠠᠩ ᠨᠢᠵᠢᠭᠢᠨᠡᠭᠦᠯᠵᠦ ᠨᠢᠭᠡᠲᠦᠯ ᠳᠡᠭᠡᠷ᠎ᠡ ᠬᠦᠷᠴᠦ ᠢᠷᠡᠪᠡ᠃ ᠣᠯᠠᠨ ᠳᠣᠲᠤᠷ᠎ᠠ ᠡᠴᠡ ᠨᠢᠭᠡ ᠬᠥᠮᠦᠨ ᠭᠠᠷᠴᠤ ᠵᠣᠭᠰᠤᠭᠠᠳ᠄«ᠭᠠᠯᠳᠠᠶ᠎ᠠ︕»«ᠴᠣᠬᠢᠵᠤ ᠤᠨᠠᠭᠠᠶ᠎ᠠ︕» ᠭᠡᠵᠦ ᠣᠷᠢᠶ᠎ᠠ ᠬᠠᠰᠭᠢᠷᠤᠭᠠᠳ ᠪᠠᠢᠨ᠎ᠠ᠃ ᠡᠨᠡ ᠨᠢ ᠬᠡᠨ ᠪᠣᠯᠪᠠ ᠭᠡᠵᠦ ᠪᠢ ᠪᠠᠬᠠᠨ ᠰᠣᠨᠢᠷᠬᠠᠭᠰᠠᠨ ᠮᠠᠶᠢ᠍ᠭᠲᠠᠢ ᠬᠠᠷᠠᠬᠤ ᠳᠤ᠂ ᠲᠡᠷᠡ ᠴᠢᠨᠢ ᠰᠢᠯᠢᠭ᠌ ᠡᠪᠦᠭᠡᠨ ᠰᠠᠨᠵᠢ᠃ ᠲᠡᠷᠡ ᠬᠠᠨᠴᠤᠢ ᠳᠡᠭᠡᠷ᠎ᠡ ᠪᠡᠨ«ᠤᠯᠠᠭᠠᠨ ᠬᠠᠮᠠᠭᠠᠯᠠᠬᠤ ᠴᠡᠷᠢᠭ᠌» ᠦᠨ ᠲᠡᠮᠳᠡᠭ ᠵᠡᠭᠦᠵᠦ᠂ ᠥᠷᠦᠴᠡ ᠳᠡᠭᠡᠷ᠎ᠡ ᠪᠡᠨ ᠮᠠᠤ ᠲᠡᠷᠢᠭᠦᠯᠡᠭᠴᠢ ᠶᠢᠨ ᠳᠤᠷᠠᠰᠭᠠᠯ ᠤᠨ ᠲᠡᠮᠳᠡᠭ᠌ ᠦᠨ ᠵᠦᠢᠯ ᠪᠦᠷᠢ ᠡᠴᠡ ᠨᠢ ᠭᠤᠷᠪᠠ ᠶᠢ ᠭᠢᠯᠠᠯᠵᠠᠭᠤᠯᠤᠨ᠂ ᠭᠠᠷ ᠲᠠᠭᠠᠨ ᠮᠠᠤ ᠲᠡᠷᠢᠭᠦᠯᠡᠭᠴᠢ ᠶᠢᠨ ᠤᠯᠠᠭᠠᠨ ᠭᠠᠳᠠᠷ ᠲᠠᠢ ᠦᠭᠡ ᠶᠢᠨ ᠲᠡᠭᠦᠪᠦᠷᠢ ᠡᠴᠡ ᠨᠢᠭᠡ ᠶᠢ ᠪᠠᠷᠢᠵᠤ᠂ ᠪᠠᠢᠨ ᠪᠠᠢᠨ ᠢᠳᠡ ᠬᠦᠴᠦ ᠲᠠᠢ᠂ ᠣᠮᠤᠭ ᠲᠡᠭᠦᠯᠳᠡᠷ ᠣᠷᠢᠶ᠎ᠠ ᠬᠠᠰᠭᠢᠷᠴᠤ ᠪᠠᠢᠬᠤ ᠶᠢ ᠨᠢ ᠦᠵᠡᠬᠦ ᠳᠦ ᠨᠠᠳᠠ ᠰᠢᠯᠢᠭ᠌ ᠪᠢᠰᠢ ᠰᠢᠭ᠌ ᠰᠠᠨᠠᠭᠲᠠᠯ᠎ᠠ᠃ ᠰᠢᠯᠢᠭ᠌ ᠣᠯᠠᠨ ᠤ ᠡᠮᠦᠨ᠎ᠡ ᠭᠠᠷᠤᠭᠠᠳ ᠣᠮᠤᠭ ᠲᠡᠭᠦᠯᠳᠡᠷ ᠵᠣᠭᠰᠤᠬᠤ ᠳᠤ᠂ ᠨᠢᠭᠡ ᠲᠠᠨᠢᠳᠠᠭ ᠦᠭᠡᠢ ᠡᠴᠡᠩᠬᠡᠢ ᠴᠠᠭᠠᠨ ᠴᠢᠷᠠᠢ ᠲᠠᠢ ᠬᠥᠮᠦᠨ᠄

«ᠣᠳᠣ ᠮᠠᠨ ᠤ ᠠᠬᠠᠮᠠᠳ ᠮᠠᠯᠴᠢᠨ ᠰᠢᠯᠢᠭ᠌ ᠨᠥᠬᠦᠷ ᠢᠯᠡᠴᠢᠯᠡᠨ ᠪᠤᠷᠤᠭᠤᠰᠢᠶᠠᠨ᠎ᠠ» ᠭᠡᠵᠦ ᠵᠠᠷᠯᠠᠮᠠᠭᠴᠠ ᠰᠢᠯᠢᠭ᠌ ᠡᠪᠦᠭᠡᠨ ᠶᠠᠭ ᠪᠥᠬᠡ ᠶᠢᠨ ᠲᠠᠯᠠᠪᠠᠢ ᠳᠤ ᠣᠷᠤᠵᠤ ᠪᠠᠢᠬᠤ ᠰᠢᠭ ᠢᠶᠡᠨ ᠮᠠᠭᠰᠢᠨ ᠭᠠᠷᠴᠤ ᠢᠷᠡᠭᠡᠳ᠂ ᠲᠥᠪ ᠳᠤᠮᠳᠠ ᠬᠥᠨᠳᠡᠯᠡᠨ ᠲᠠᠯᠪᠢᠭᠰᠠᠨ ᠬᠥᠬᠡ ᠰᠢᠷᠡᠭᠡ ᠶᠢᠨ ᠠᠷᠤ ᠳᠤ ᠢᠷᠡᠵᠦ ᠣᠯᠠᠨ ᠤ ᠲᠠᠯ᠎ᠠ ᠴᠡᠷᠢᠭ᠌ ᠮᠠᠶᠢ᠍ᠭ ᠢᠶᠡᠷ ᠨᠢᠭᠡ ᠶᠣᠰᠤᠯᠠᠭᠠᠳ᠂ ᠮᠠᠤ ᠲᠡᠷᠢᠭᠦᠯᠡᠭᠴᠢ ᠶᠢᠨ ᠦᠭᠡ ᠶᠢᠨ ᠲᠡᠭᠦᠪᠦᠷᠢ ᠪᠡᠨ ᠰᠡᠬᠦᠵᠦ᠂ ᠨᠢᠭᠡᠯᠡ ᠬᠡᠢ ᠪᠡᠷ ᠬᠡᠳᠦ ᠬᠡᠳᠦᠨ ᠬᠠᠭᠤᠳᠠᠰᠤ ᠶᠢ ᠤᠩᠰᠢᠵᠤ ᠪᠠᠷᠠᠯ᠎ᠠ᠃«ᠤᠤᠬᠠᠢ᠂ ᠦᠬᠡᠷ ᠤᠨ ᠴᠢᠨᠡᠭᠡᠨ<ᠦ> ᠦᠰᠦᠭ ᠢ ᠢᠯᠭᠠᠵᠤ ᠴᠢᠳᠠᠳᠠᠭ ᠦᠭᠡᠢ ᠰᠢᠯᠢᠭ᠌ ᠡᠪᠦᠭᠡᠨ ᠡᠨᠡ ᠬᠡᠳᠦᠨ ᠡᠳᠦᠷ ᠦᠨ ᠳᠣᠲᠤᠷ᠎ᠠ ᠡᠢᠮᠦ ᠯᠡ ᠰᠦᠷᠡᠬᠡᠢ ᠡᠷᠳᠡᠮ ᠰᠤᠷᠤᠭᠰᠠᠨ ᠪᠠᠢᠨ᠎ᠠ ᠳ᠋ᠠ» ᠭᠡᠵᠦ ᠨᠢᠭᠡ ᠮᠠᠯᠴᠢᠨ ᠬᠡᠯᠡᠬᠦ ᠳᠦ ᠪᠠᠰᠠ ᠨᠢᠭᠡ ᠨᠢ᠄«ᠦᠭᠡᠢ᠂ ᠲᠡᠭᠦᠨ ᠦ ᠲᠡᠷᠡ ᠴᠡᠷᠢᠭ᠌ ᠮᠠᠶᠢ᠍ᠭ ᠤᠨ ᠶᠣᠰᠤᠯᠠᠯ ᠢ ᠦᠵᠡᠬᠦ ᠦᠭᠡᠢ ᠦᠦ︖<ᠰᠣᠶᠣᠯ ᠤᠨ ᠶᠡᠬᠡ ᠬᠤᠪᠢᠰᠭᠠᠯ> ᠭᠡᠵᠦ ᠰᠦᠷᠡᠬᠡᠢ ᠶᠠᠭᠤᠮ᠎ᠠ ᠡ︕ ᠬᠡᠳᠦᠬᠡᠨ ᠡᠳᠦᠷ ᠬᠥᠮᠦᠰ ᠢ ᠡᠷᠳᠡᠮ ᠰᠣᠶᠣᠯ ᠲᠠᠢ ᠪᠣᠯᠭᠠᠵᠤ ᠣᠷᠬᠢᠵᠠᠢ᠃ ᠲᠡᠢᠮᠦ ᠡᠰᠡ ᠪᠣᠯᠪᠠᠯ ᠰᠣᠶᠣᠯ ᠤᠨ ᠬᠤᠪᠢᠰᠭᠠᠯ ᠭᠡᠵᠦ ᠶᠠᠭᠤ ᠬᠢᠬᠦ ᠪᠢᠯᠡ» ᠭᠡᠪᠡ᠃ ᠬᠡᠳᠦᠨ ᠡᠳᠦᠷ ᠦᠨ ᠳᠠᠷᠠᠭ᠎ᠠ᠂ ᠪᠢ ᠲᠣᠮᠤ ᠦᠵᠦᠭ᠌ ᠦᠨ ᠣᠷᠢᠶ᠎ᠠ ᠪᠢᠴᠢᠵᠦ ᠪᠠᠢᠭᠠᠳ ᠠᠳᠭᠠᠵᠤ ᠶᠠᠭᠠᠷᠠᠭᠰᠠᠨ ᠡᠴᠡ«ᠮᠠᠨᠳᠤᠲᠤᠭᠠᠢ» ᠭᠡᠰᠡᠨ ᠦᠭᠡ ᠶᠢᠨ« ᠮᠠ» ᠦᠵᠦᠭ᠌ ᠦᠨ ᠭᠡᠵᠢᠭᠡ ᠶᠢ ᠲᠠᠲᠠᠯ ᠦᠭᠡᠢ ᠮᠠᠷᠲᠠᠭᠰᠠᠨ ᠢ ᠬᠡᠨ ᠨᠢᠭᠡ ᠨᠢ ᠰᠢᠯᠢᠭ᠌ ᠡᠪᠦᠭᠡᠨ ᠳᠦ ᠬᠡᠯᠡᠭᠰᠡᠨ ᠪᠣᠯᠤᠯᠲᠠᠢ᠃ ᠨᠠᠳᠠ ᠢᠯᠡ ᠠᠵᠢᠯᠯᠠᠭ᠎ᠠ ᠲᠠᠢ ᠬᠤᠪᠢᠰᠭᠠᠯ ᠤᠨ ᠡᠰᠡᠷᠭᠦᠴᠡᠭᠴᠢ ᠭᠡᠳᠡᠭ᠌ ᠨᠡᠷ᠎ᠡ ᠬᠠᠳᠠᠵᠤ ᠭᠠᠷᠭᠠᠭᠠᠳ ᠪᠠᠷᠢᠭᠠᠳᠠ ᠳᠡᠭᠡᠷ᠎ᠡ ᠬᠦᠷᠭᠡᠯ᠎ᠡ᠃ ᠡᠨᠡ ᠦᠶ᠎ᠡ ᠳᠦ ᠶᠠᠭ ᠮᠠᠯ ᠤᠨ ᠲᠥᠯ ᠠᠪᠬᠤ ᠬᠥᠳᠡᠯᠮᠦᠷᠢ ᠶᠢᠨ ᠬᠦᠴᠦ ᠲᠣᠬᠢᠷᠠᠭᠤᠯᠵᠤ ᠪᠠᠢᠭᠰᠠᠨ ᠴᠠᠭ ᠠᠵᠢ᠃ ᠪᠠᠷᠢᠭᠠᠳᠠ ᠶᠢᠨ«ᠰᠣᠶᠣᠯ ᠤᠨ ᠬᠤᠪᠢᠰᠭᠠᠯ» ᠤᠨ ᠤᠳᠤᠷᠢᠳᠬᠤ ᠳᠤᠭᠤᠢᠯᠠᠩ ᠤᠨ ᠭᠡᠰᠢᠭᠦᠨ ᠪᠣᠯᠵᠤ ᠪᠠᠢᠭᠰᠠᠨ ᠰᠢᠯᠢᠭ᠌ ᠡᠪᠦᠭᠡᠨ᠂ ᠡᠷᠬᠡ ᠬᠦᠴᠦᠨ ᠳᠡᠭᠡᠨ ᠡᠷᠲᠦᠵᠦ ᠨᠠᠮᠠᠢ ᠬᠣᠨᠢᠴᠢᠨ ᠤ ᠭᠦᠪᠳᠡᠭ᠌ ᠬᠢᠭᠡᠳ ᠪᠡᠶ᠎ᠡ ᠨᠢ ᠰᠢᠨ᠎ᠡ ᠴᠠᠭᠠᠨ ᠮᠣᠩᠭᠤᠯ ᠭᠡᠷ ᠲᠦ ᠣᠷᠤᠵᠤ ᠰᠠᠭᠤᠭᠰᠠᠨ ᠪᠠᠢᠵᠠᠢ᠃ ᠰᠢᠯᠢᠭ᠌ ᠡᠪᠦᠭᠡᠨ ᠣᠳᠣ ᠤᠷᠢᠳᠠᠬᠢ ᠰᠢᠭ ᠬᠣᠨᠢᠨ ᠠᠷᠠᠰᠤᠨ ᠬᠦᠷᠮ᠎ᠡ ᠥᠮᠦᠳᠦ ᠡᠮᠦᠰᠬᠦ ᠦᠭᠡᠢ ᠪᠣᠯᠤᠭᠰᠠᠨ ᠪᠥᠭᠡᠳ ᠴᠡᠪ ᠴᠡᠪᠡᠷᠬᠡᠨ ᠴᠡᠷᠢᠭ᠌ ᠦᠨ ᠰᠢᠷ᠎ᠠ ᠬᠦᠷᠮ᠎ᠡ ᠥᠮᠦᠳᠦ ᠡᠮᠦᠰᠴᠦ᠂ ᠡᠪᠦᠯ ᠤᠨ ᠲᠠᠰᠭᠢᠮ᠎ᠠ ᠬᠦᠢᠲᠡᠨ ᠳᠦ ᠴᠦ ᠴᠡᠷᠢᠭ᠌ ᠦᠨ ᠮᠠᠬᠠᠯᠠ ᠵᠡᠭᠦᠳᠡᠭ᠌ ᠪᠠᠢᠪᠠ᠃ ᠨᠢᠭᠡ ᠡᠳᠦᠷ ᠭᠡᠷ ᠲᠡᠭᠡᠨ ᠣᠷᠤᠭᠠᠳ ᠬᠣᠢᠮᠤᠷ ᠤᠨ ᠡᠮᠦᠨ᠎ᠡ ᠯᠠᠭᠯᠠᠢᠨ ᠰᠠᠭᠤᠵᠤ᠂ ᠶᠡᠬᠡᠮᠰᠦᠭ ᠪᠠᠢᠳᠠᠯᠲᠠᠢ ᠪᠠᠷ ᠮᠠᠬᠠᠯᠠ ᠪᠠᠨ ᠠᠪᠤᠭᠠᠳ ᠠᠪᠳᠠᠷ᠎ᠠ ᠳᠡᠭᠡᠷ᠎ᠡ ᠪᠡᠨ ᠲᠠᠯᠪᠢᠵᠤ᠂ ᠲᠡᠭᠰᠢᠬᠡᠨ ᠣᠬᠤᠷ ᠭᠡᠵᠢᠭᠡ ᠪᠡᠨ ᠢᠯᠪᠢᠵᠦ ᠰᠠᠭᠤᠭᠠᠳ ᠨᠠᠮᠠᠢ ᠨᠢᠭᠡ ᠬᠠᠷᠠᠵᠤ ᠠᠪᠤᠭᠠᠳ᠄

«ᠵᠠ᠂ ᠴᠢ ᠣᠳᠣ ᠲᠡᠷᠡ ᠴᠠᠭᠠᠲᠤᠬᠢ ᠬᠤᠷᠠᠭᠠᠨ ᠤ ᠭᠦᠪᠳᠡᠭ᠌ ᠦᠨ ᠨᠢᠭᠡ ᠵᠠᠬ᠎ᠠ ᠳᠤ ᠣᠷᠤ ᠵᠠᠰᠠᠵᠤ ᠠᠪ᠃ ᠲᠡᠭᠡᠭᠡᠳ ᠬᠣᠨᠢ ᠪᠠᠨ ᠰᠠᠢᠨ ᠬᠠᠷᠢᠭᠤᠯᠬᠤ ᠬᠡᠷᠡᠭᠲᠡᠢ» ᠭᠡᠵᠦ ᠶᠠᠩᠪᠠ ᠲᠠᠲᠠᠨ ᠦᠭᠡ ᠪᠡᠨ ᠰᠤᠨᠵᠤᠷᠠᠭᠤᠯᠵᠤ᠄

«ᠬᠥᠷᠦᠩᠭᠡᠲᠡᠨ ᠠᠩᠭᠢ ᠶᠢᠨ ᠰᠡᠬᠡᠭᠡᠲᠡᠨ ᠦ ᠦᠵᠡᠯ ᠰᠠᠨᠠᠭ᠎ᠠ ᠪᠠᠨ ᠰᠠᠢᠲᠤᠷ ᠥᠭᠡᠷᠡᠴᠢᠯᠡᠬᠦ ᠬᠡᠷᠡᠭᠲᠡᠢ᠃ ᠬᠣᠨᠢ ᠪᠠᠨ ᠰᠠᠢᠨ ᠬᠠᠷᠢᠭᠤᠯᠤᠭᠠᠳ ᠶᠣᠰᠤᠲᠠᠢ ᠨᠢᠭᠡ ᠲᠥᠯ ᠪᠠᠷᠢᠵᠤ ᠣᠷᠬᠢᠪᠠᠯ ᠴᠢᠨᠦ ᠨᠢᠭᠡ ᠦᠵᠦᠭ᠌ ᠢ ᠬᠠᠵᠠᠭᠠᠷ ᠪᠢᠴᠢᠭᠰᠡᠨ ᠴᠢᠨᠢ ᠶᠠᠭᠤ ᠪᠠᠢᠬᠤ ᠪᠤᠢ︖ ᠰᠢᠯᠢᠭ᠌ ᠴᠢᠨᠢ ᠡᠵᠡᠨ ᠪᠣᠯᠤᠭᠠᠳ ᠴᠢᠮ᠎ᠠ ᠶᠢ ᠴᠢᠯᠦᠭᠡᠯᠡᠵᠦ ᠣᠷᠬᠢᠨ᠎ᠠ ᠰᠢᠤ» ᠭᠡᠵᠦ ᠬᠡᠯᠡᠪᠡ᠃

ᠤᠳᠠᠯ ᠦᠭᠡᠢ ᠮᠠᠯ ᠤᠨ ᠲᠥᠯ ᠠᠪᠬᠤ ᠲᠡᠭᠦᠰᠴᠦ᠂ ᠰᠢᠯᠢᠭ᠌ ᠦᠨᠡᠬᠡᠷ ᠬᠥᠳᠡᠯᠮᠦᠷᠢ ᠶᠢᠨ ᠵᠢᠱ᠋ᠢᠶᠡᠴᠢ ᠪᠣᠯᠪᠠ᠃ ᠲᠡᠷᠡ᠂ ᠨᠢᠭᠡᠲᠦᠯ ᠦᠨ ᠬᠥᠳᠡᠯᠮᠦᠷᠢ ᠶᠢᠨ ᠵᠢᠱ᠋ᠢᠶᠡᠴᠢ ᠨᠠᠷ ᠤᠨ ᠶᠡᠬᠡ ᠬᠤᠷᠠᠯ᠂ ᠨᠤᠲᠤᠭ ᠤᠨ ᠬᠥᠳᠡᠯᠮᠦᠷᠢ ᠶᠢᠨ ᠵᠢᠱ᠋ᠢᠶᠡᠴᠢᠳ ᠦᠨ ᠶᠡᠬᠡ ᠬᠤᠷᠠᠯ ᠴᠢᠨᠠᠭᠰᠢᠯᠠᠨ ᠰᠢᠶᠠᠨ ᠤ ᠬᠤᠷᠠᠯ ᠬᠦᠷᠲᠡᠯ᠎ᠡ ᠣᠳᠳᠠᠭ ᠪᠣᠯᠪᠠ᠃ ᠪᠢ ᠵᠥᠪᠬᠡᠨ ᠰᠢᠯᠢᠭ᠌ ᠦᠨ ᠭᠡᠷ ᠲᠦ ᠬᠣᠨᠢ ᠬᠠᠷᠢᠭᠤᠯᠤᠭᠠᠳ ᠪᠣᠷᠤ ᠡᠳᠦᠷ ᠢ ᠥᠩᠭᠡᠷᠡᠭᠡᠵᠦ ᠪᠠᠢᠭᠰᠠᠨ ᠶᠤᠮ ᠁

ᠨᠢᠭᠡᠨ ᠡᠳᠦᠷ ᠨᠠᠮᠠᠢ ᠬᠠᠷᠢᠭᠠᠳ ᠨᠢᠭᠡᠲᠦᠯ ᠳᠡᠭᠡᠷ᠎ᠡ ᠬᠦᠷᠴᠦ ᠠᠰᠠᠭᠤᠳᠠᠯ ᠢᠶᠡᠨ ᠲᠤᠰᠢᠶᠠᠭᠠᠳ ᠬᠥᠳᠡᠯᠮᠦᠷᠢ ᠬᠢᠲᠦᠭᠡᠢ ᠭᠡᠵᠦ ᠳᠠᠭᠤᠳᠠᠯᠭ᠎ᠠ ᠢᠷᠡᠬᠦ ᠳᠦ᠂ ᠰᠢᠯᠢᠭ᠌ ᠨᠣᠶᠠᠨ ᠲᠡᠷᠡ ᠢᠷᠡᠭᠰᠡᠨ ᠬᠥᠮᠦᠨ ᠳᠦ ᠨᠠᠮᠠᠢ ᠳᠣᠯᠤᠪᠤᠷ ᠢᠶᠡᠷ ᠢᠶᠡᠨ ᠵᠢᠭᠠᠵᠤ ᠪᠠᠢᠭᠠᠳ᠄

«ᠡᠢᠮᠦ ᠶᠡᠬᠡ ᠶᠠᠯ᠎ᠠ ᠲᠠᠢ ᠬᠥᠮᠦᠨ ᠢ ᠭᠠᠭᠴᠠ ᠬᠦ ᠪᠢ ᠯᠡ ᠥᠭᠡᠷᠡᠴᠢᠯᠡᠵᠦ ᠴᠢᠳᠠᠨ᠎ᠠ» ᠭᠡᠵᠦ ᠥᠷᠦᠴᠡ ᠪᠡᠨ ᠴᠣᠬᠢᠨ ᠬᠠᠰᠭᠢᠷᠬᠤ ᠳᠤ ᠲᠡᠷᠡ ᠬᠥᠮᠦᠨ ᠰᠢᠯᠢᠭ᠌ ᠲᠦ ᠨᠢᠭᠡ ᠠᠮᠠ ᠬᠠᠷᠢᠭᠤ ᠬᠡᠯᠡᠬᠦ ᠴᠢᠳᠠᠯ ᠦᠭᠡᠢ ᠬᠠᠷᠢᠭᠠᠳ ᠶᠠᠪᠤᠪᠠ᠃

ᠡᠳᠦᠷ ᠰᠠᠷ᠎ᠠ ᠶᠢᠨ ᠥᠩᠭᠡᠷᠡᠬᠦ ᠨᠢ ᠨᠢᠰᠬᠦ ᠮᠡᠲᠦ᠂ ᠨᠢᠭᠡ ᠮᠡᠳᠡᠬᠦ ᠳᠦ ᠰᠢᠯᠢᠭ᠌ ᠦᠨ ᠭᠡᠷ ᠲᠦ ᠬᠣᠶᠠᠷ ᠵᠢᠯ ᠬᠣᠨᠢ ᠬᠠᠷᠢᠭᠤᠯᠤᠭᠠᠳ ᠪᠠᠢᠪᠠ ᠪᠢ᠃ ᠨᠢᠭᠡ ᠡᠳᠦᠷ ᠪᠢ ᠲᠡᠭᠦᠨ ᠦ ᠭᠡᠷ ᠦᠨ ᠡᠭᠦᠳᠡᠨ ᠳᠦ ᠰᠠᠭᠤᠭᠠᠳ ᠣᠷᠤᠢ ᠶᠢᠨ ᠬᠣᠭᠤᠯᠠ ᠢᠳᠡᠵᠦ ᠪᠠᠢᠲᠠᠯ᠎ᠠ᠂ ᠭᠠᠳᠠᠭ᠎ᠠ ᠮᠣᠷᠢᠨ ᠤ ᠲᠥᠪᠡᠷᠭᠡᠨ ᠭᠠᠷᠤᠯ᠎ᠠ᠃ ᠪᠢ ᠰᠠᠨᠳᠤᠷᠤᠨ ᠠᠶᠠᠭ᠎ᠠ ᠲᠠᠢ ᠪᠤᠳᠠᠭ᠎ᠠ ᠪᠠᠨ ᠲᠠᠯᠪᠢᠵᠤ ᠣᠷᠬᠢᠭᠠᠳ᠂ ᠰᠢᠯᠢᠭ᠌ ᠡᠪᠦᠭᠡᠨ ᠢ ᠲᠣᠰᠤᠭᠠᠳ ᠮᠣᠷᠢ ᠶᠢ ᠨᠢ ᠠᠪᠴᠤ ᠤᠶᠠᠬᠤ ᠳᠤ᠂ ᠲᠡᠷᠡ ᠭᠡᠷ ᠦᠨ ᠬᠣᠢᠮᠤᠷ ᠲᠤ ᠭᠠᠷᠴᠤ ᠯᠠᠭᠯᠠᠢᠨ ᠰᠠᠭᠤᠭᠠᠳ ᠨᠢᠭᠡ ᠠᠶᠠᠭ᠎ᠠ ᠬᠦᠢᠲᠡᠨ ᠤᠰᠤ ᠬᠢᠵᠦ ᠠᠪᠤᠭᠠᠳ᠂ ᠤᠰᠤᠷᠬᠠᠭᠰᠠᠨ ᠦᠬᠡᠷ ᠰᠢᠭ᠌ ᠰᠣᠷᠤᠵᠤ ᠤᠤᠭᠤᠭᠠᠳ ᠰᠣᠭᠲᠤᠭᠤ ᠨᠢᠳᠦ ᠪᠡᠷ ᠢᠶᠡᠨ ᠨᠠᠮᠠᠢ ᠨᠢᠭᠡ ᠬᠠᠷᠠᠵᠤ ᠠᠪᠤᠭᠠᠳ᠄

«ᠴᠢ ᠶᠠᠪᠤ︕ ᠴᠢ ᠥᠨᠥᠳᠦᠷ ᠵᠠᠪᠠᠯ ᠬᠠᠷᠢᠬᠤ ᠬᠡᠷᠡᠭᠲᠡᠢ᠃ᠮᠢᠨᠦ ᠬᠠᠷ᠎ᠠ ᠮᠣᠷᠢ ᠶᠢ ᠤᠨᠤᠭᠠᠳ ᠶᠠᠪᠤ︕» ᠭᠡᠵᠦ ᠬᠡᠯᠡᠭᠡᠳ ᠳᠠᠭᠤ ᠦᠭᠡᠢ ᠤᠷᠤᠭᠤ ᠬᠠᠷᠠᠵᠤ ᠰᠠᠭᠤᠬᠤ ᠳᠤᠨᠢ ᠪᠢ ᠳᠣᠲᠤᠷ᠎ᠠ ᠪᠠᠨ᠄«ᠰᠢᠯᠢᠭ᠌ ᠡᠪᠦᠭᠡᠨ ᠥᠨᠥᠳᠦᠷ ᠶᠡᠬᠡ ᠤᠤᠭᠤᠵᠤ ᠣᠷᠬᠢᠵᠠᠢ» ᠭᠡᠵᠦ ᠪᠣᠳᠤᠵᠤ ᠰᠠᠭᠤᠯ᠎ᠠ᠃

«ᠴᠢ ᠪᠣᠯ ᠨᠢᠭᠡ ᠰᠠᠢᠨ ᠵᠠᠯᠠᠭᠤ ᠶᠤᠮ᠃ ᠴᠢᠮ᠎ᠠ ᠳᠤ ᠶᠠᠮᠠᠷ ᠴᠤ ᠶᠠᠯ᠎ᠠ ᠪᠠᠢᠬᠤ ᠦᠭᠡᠢ᠃ ᠲᠡᠷᠡ ᠪᠦᠬᠦᠨ ᠢᠶᠡᠷ ᠢᠶᠡᠨ ᠴᠢᠮᠠᠢ ᠬᠤᠳᠠᠯ ᠬᠡᠯᠡᠭᠡᠳ ᠬᠣᠣᠷᠯᠠᠵᠤ ᠪᠠᠢᠬᠤ ᠬᠡᠷᠡᠭ᠌᠃ ᠬᠡᠨ ᠬᠥᠮᠦᠨ ᠨᠢᠭᠡ ᠦᠰᠦᠭ ᠢ ᠪᠤᠷᠤᠭᠤ ᠪᠢᠴᠢᠵᠦ ᠪᠣᠯᠬᠤ ᠦᠭᠡᠢ ᠪᠤᠢ︖ ᠴᠢ ᠪᠣᠯ ᠰᠠᠢᠨ ᠵᠠᠯᠠᠭᠤ ᠰᠢᠤ᠃ ᠠᠢ︕ ᠡᠨᠡ ᠬᠡᠳᠦᠨ ᠵᠢᠯ ᠳᠦ ᠪᠢ ᠴᠦ ᠬᠤᠳᠠᠯ ᠬᠡᠯᠡᠭᠡᠳ ᠴᠢᠮ᠎ᠠ ᠶᠢ ᠪᠠᠭ᠎ᠠ ᠵᠣᠪᠠᠭᠠᠭᠰᠠᠨ ᠦᠭᠡᠢ ᠳ᠋ᠠ ᠁» ᠭᠡᠵᠦ ᠲᠡᠭᠦᠨ ᠦ ᠨᠢᠳᠦᠨ ᠡᠴᠡ ᠨᠢᠯᠪᠤᠰᠤ ᠳᠤᠰᠤᠯᠠᠭᠰᠠᠨ ᠨᠢ ᠲᠣᠰᠤᠨ ᠰᠢᠮᠤᠷ ᠤᠨ ᠭᠡᠷᠡᠯ ᠳᠦ ᠲᠣᠳᠤᠬᠠᠨ ᠦᠵᠡᠭᠳᠡᠵᠦ ᠪᠢᠯᠡ᠃

ᠰᠢᠯᠢᠭ᠌ ᠡᠪᠦᠭᠡᠨ ᠦ ᠰᠡᠭᠦᠯᠴᠢ ᠶᠢᠨ ᠠᠮᠢᠳᠤᠷᠠᠯ

ᠨᠢᠭᠡᠲᠦᠯ ᠳᠡᠭᠡᠷ᠎ᠡ ᠬᠦᠷᠢᠶ᠎ᠡ ᠬᠡᠪᠴᠢᠶ᠎ᠡ ᠪᠡᠷ ᠬᠠᠮᠤᠭ ᠤᠨ ᠶᠡᠬᠡ ᠨᠢᠭᠡ ᠤᠳᠠᠭ᠎ᠠ ᠶᠢᠨ ᠪᠤᠷᠤᠭᠤᠰᠢᠶᠠᠨ ᠰᠢᠭᠦᠮᠵᠢᠯᠡᠯ ᠦᠨ ᠬᠤᠷᠠᠯ ᠬᠢᠪᠡ᠃ ᠡᠨᠡ ᠬᠤᠷᠠᠯ ᠳᠤ ᠪᠦᠬᠦ ᠨᠢᠭᠡᠲᠦᠯ ᠦᠨ ᠠᠯᠢ ᠨᠢᠭᠡ ᠪᠠᠷᠢᠭᠠᠳᠠ ᠡᠴᠡ ᠴᠦ ᠬᠥᠮᠦᠨ ᠢᠷᠡᠭᠰᠡᠨ ᠪᠥᠭᠡᠳ ᠨᠤᠲᠤᠭ ᠤᠨ ᠲᠥᠪ ᠡᠴᠡ ᠪᠠᠰᠠ ᠬᠣᠶᠠᠷ ᠲᠠᠨᠢᠳᠠᠭ ᠦᠭᠡᠢ ᠺᠠᠲᠷ ᠢᠷᠡᠵᠦ ᠣᠷᠤᠯᠴᠠᠭᠰᠠᠨ ᠪᠢᠯᠡ᠃ ᠡᠢᠮᠦ ᠨᠢᠭᠡ ᠶᠡᠬᠡ ᠬᠡᠮᠵᠢᠶᠡᠨ ᠦ ᠰᠦᠷ ᠳᠠᠯᠠᠢᠴᠠ ᠲᠠᠢ ᠪᠤᠷᠤᠭᠤᠰᠢᠶᠠᠨ ᠰᠢᠭᠦᠮᠵᠢᠯᠡᠯ ᠦᠨ ᠶᠡᠬᠡ ᠬᠤᠷᠠᠯ ᠳᠤ ᠵᠠᠷᠴᠢᠮ ᠤᠨ ᠶᠣᠰᠤᠭᠠᠷ ᠪᠣᠯ ᠭᠣᠣᠯ ᠪᠣᠯᠬᠤ ᠪᠤᠷᠤᠭᠤᠰᠢᠶᠠᠨ ᠲᠡᠮᠡᠴᠡᠭᠳᠡᠬᠦ ᠬᠥᠮᠦᠨ ᠡᠴᠡ ᠭᠠᠳᠠᠨ᠎ᠠ᠂ ᠮᠠᠯ ᠤᠨ ᠡᠵᠡᠨ᠂ ᠪᠠᠶᠠᠨ ᠮᠠᠯᠴᠢᠨ᠂ ᠬᠤᠪᠢᠰᠭᠠᠯ ᠤᠨ ᠡᠰᠡᠷᠭᠦᠦ ᠡᠲᠡᠭᠡᠳ᠂ ᠪᠠᠷᠠᠭᠤᠨᠲᠠᠨ᠂ ᠬᠥᠷᠦᠩᠭᠡᠲᠦ ᠶᠣᠰᠤᠨ ᠤ ᠵᠠᠮ ᠢᠶᠡᠷ ᠵᠠᠮᠨᠠᠭᠰᠠᠨ ᠡᠷᠬᠡ ᠪᠠᠷᠢᠭᠴᠢ ᠪᠠ ᠣᠳᠣ ᠪᠠᠷ ᠢᠶᠡᠨ ᠠᠵᠢᠯᠯᠠᠭ᠎ᠠ ᠲᠠᠢ ᠬᠤᠪᠢᠰᠭᠠᠯ ᠤᠨ ᠡᠰᠡᠷᠭᠦᠦ ᠡᠲᠡᠭᠡᠳ ᠭᠡᠬᠦ ᠵᠡᠷᠭᠡ ᠨᠡᠢᠭᠡᠮ ᠳᠡᠭᠡᠷᠡᠬᠢ ᠪᠤᠢ ᠪᠦᠬᠦᠢ ᠴᠢᠳᠭᠦᠷ ᠰᠢᠮᠨᠤ᠂ ᠬᠠᠷ᠎ᠠ ᠪᠦᠯᠦᠭ᠌ ᠢ ᠬᠠᠮᠲᠤ ᠳᠤᠨᠢ ᠵᠣᠭᠰᠤᠭᠠᠵᠤ ᠪᠤᠷᠤᠭᠤᠰᠢᠶᠠᠨ ᠲᠡᠮᠡᠴᠡᠭᠰᠡᠨ ᠦᠭᠡᠢ ᠨᠢ ᠮᠠᠰᠢ ᠰᠣᠨᠢᠨ ᠪᠥᠭᠡᠳ ᠰᠠᠢᠨ ᠬᠡᠷᠡᠭ᠌ ᠪᠣᠯᠵᠤ ᠪᠢᠯᠡ᠃ ᠦᠳᠡ ᠶᠢᠨ ᠬᠣᠢᠨ᠎ᠠ ᠶᠡᠬᠡ ᠬᠤᠷᠠᠯ ᠲᠠᠷᠬᠠᠭᠰᠠᠨ ᠡᠴᠡ ᠬᠣᠢᠨ᠎ᠠ ᠬᠡᠵᠢᠶᠡᠳᠡ ᠤᠢᠳᠭᠠᠷ ᠲᠠᠢ ᠶᠠᠪᠤᠳᠠᠭ ᠮᠢᠨᠦ ᠡᠬᠡᠨᠡᠷ ᠤᠷᠢᠳ ᠡᠮᠦᠨ᠎ᠡ ᠭᠠᠷᠤᠭᠠᠳ ᠦᠭᠡᠢ ᠲᠡᠢᠮᠦ ᠪᠠᠶᠠᠷᠲᠠᠢ ᠬᠠᠷᠢᠵᠤ ᠢᠷᠡᠯ᠎ᠡ᠃

«ᠥᠨᠥᠳᠦᠷ ᠬᠡᠨ ᠢ ᠪᠤᠷᠤᠭᠤᠰᠢᠶᠠᠨ ᠲᠡᠮᠡᠴᠡᠭᠰᠡᠨ ᠪᠤᠢ︖»

«ᠰᠢᠯᠢᠭ᠌ ᠢ᠂ ᠡᠪᠦᠭᠡᠨ ᠰᠢᠯᠢᠭ᠌ ᠢ︕»

«ᠡ︕» ᠭᠡᠵᠦ ᠪᠢ ᠠᠮᠠᠨ ᠤ ᠠᠶ᠎ᠠ ᠪᠠᠷ ᠵᠥᠪᠰᠢᠶᠡᠷᠡᠭᠰᠡᠨ ᠮᠠᠶᠢ᠍ᠭᠲᠠᠢ ᠳᠤᠤᠭᠠᠷᠪᠠ᠃ᠮᠢᠨᠦ ᠡᠬᠡᠨᠡᠷ ᠢᠩᠭᠢᠭᠡᠳ ᠪᠠᠶᠠᠷᠯᠠᠬᠤ ᠦᠭᠡᠢ ᠶᠠᠭᠠᠬᠢᠬᠤ ᠪᠤᠢ︖ ᠭᠡᠵᠦ ᠪᠢ ᠳᠣᠲᠤᠷ᠎ᠠ ᠪᠠᠨ ᠪᠣᠳᠤᠯ᠎ᠠ᠃ ᠰᠢᠯᠢᠭ᠌ ᠡᠪᠦᠭᠡᠨ ᠥᠩᠭᠡᠷᠡᠭᠰᠡᠨ ᠬᠣᠶᠠᠷ ᠵᠢᠯ ᠦᠨ ᠲᠤᠷᠰᠢ ᠨᠠᠮᠠᠢ ᠲᠡᠢᠮᠦ ᠶᠡᠬᠡ ᠭᠠᠰᠠᠯᠭᠠᠭᠰᠠᠨ ᠪᠣᠯᠬᠣᠷ ᠵᠣᠪᠠᠯᠠᠩ ᠵᠢᠷᠭᠠᠯ ᠢᠶᠡᠨ ᠨᠠᠳᠠ ᠯᠤᠭ᠎ᠠ ᠬᠠᠮᠲᠤᠳᠭᠠᠭᠰᠠᠨ ᠬᠥᠭᠡᠷᠦᠬᠦᠢ ᠡᠬᠡᠨᠡᠷ ᠮᠢᠨᠢ ᠮᠢᠨᠦ ᠲᠥᠯᠦᠭᠡ ᠭᠡᠰᠡᠨ ᠴᠦ ᠲᠡᠭᠦᠨ ᠳᠦ ᠬᠣᠷᠤᠰᠬᠤ ᠦᠭᠡᠢ ᠶᠠᠭᠠᠬᠢᠬᠤ ᠪᠢᠯᠡ︖

«ᠰᠢᠯᠢᠭ᠌ ᠭᠡᠵᠦ ᠦᠨᠡᠬᠡᠷ ᠰᠥᠰᠦ ᠵᠣᠷᠢᠭ ᠲᠠᠢ ᠡᠪᠦᠭᠡᠨ ᠰᠢᠦ» ᠭᠡᠵᠦ ᠮᠢᠨᠦ ᠡᠬᠡᠨᠡᠷ ᠭᠡᠳᠡᠷᠭᠦ ᠪᠡᠨ ᠰᠢᠯᠢᠭ᠌ ᠢ ᠮᠠᠭᠲᠠᠬᠤ ᠮᠠᠶᠢ᠍ᠭ ᠲᠠᠢ ᠦᠭᠡ ᠬᠡᠯᠡᠬᠦ ᠳᠤᠨᠢ ᠪᠢ ᠲᠡᠭᠦᠨ ᠡᠴᠡ᠄

«ᠴᠢ ᠶᠠᠭᠤᠨ ᠭᠡᠨ᠎ᠡ︖» ᠭᠡᠵᠦ ᠵᠠᠩᠳᠤᠷᠪᠠ᠃

«ᠴᠢ ᠮᠡᠳᠡᠬᠦ ᠦᠭᠡᠢ ᠰᠢᠦ» ᠭᠡᠵᠦ ᠮᠢᠨᠦ ᠡᠬᠡᠨᠡᠷ ᠪᠠᠶᠠᠷᠯᠠᠭᠰᠠᠨ ᠰᠡᠳᠭᠢᠯ ᠢᠶᠡᠨ ᠳᠠᠷᠤᠵᠤ ᠶᠠᠳᠠᠨ᠄

«ᠡᠨᠡ ᠬᠡᠳᠦᠨ ᠵᠢᠯ ᠦᠨ ᠲᠤᠷᠰᠢ ᠬᠢᠭᠰᠡᠨ ᠶᠠᠮᠠᠷ ᠴᠤ ᠬᠡᠷᠡᠭ᠌ ᠦᠨ ᠣᠪ ᠮᠡᠬᠡ ᠶᠢ ᠲᠡᠷᠡ ᠪᠦᠷ ᠢᠯᠡᠴᠢᠯᠡᠭᠡᠳ ᠭᠠᠷᠭᠠᠪᠠ᠃ ᠲᠡᠷᠡ ᠶᠠᠭᠠᠬᠢᠵᠤ ᠯᠢᠦ᠂ ᠵᠠᠩ ᠬᠣᠶᠠᠷ ᠲᠤ ᠮᠡᠬᠡᠯᠡᠭᠳᠡᠵᠦ᠂ ᠬᠡᠨ ᠬᠡᠨ ᠢ ᠶᠠᠭᠠᠬᠢᠵᠤ ᠬᠣᠣᠷᠯᠠᠭᠰᠠᠨ ᠢᠶᠡᠨ᠂ ᠶᠠᠮᠠᠷ ᠬᠤᠳᠠᠯ ᠬᠡᠷᠡᠭ ᠢ ᠦᠨᠡᠨ ᠪᠣᠯᠭᠠᠵᠤ᠂ ᠦᠭᠡᠢ ᠬᠡᠷᠡᠭ ᠢ ᠪᠠᠢᠨ᠎ᠠ ᠭᠡᠰᠡᠨ ᠢᠶᠡᠨ ᠪᠦᠭᠦᠳᠡ ᠶᠢ ᠨᠢ ᠬᠡᠯᠡᠭᠰᠡᠨ ᠦ ᠬᠠᠮᠲᠤ<ᠮᠣᠩᠭᠤᠯ ᠬᠠᠭᠠᠨᠲᠤ ᠤᠯᠤᠰ> ᠭᠡᠳᠡᠭ ᠴᠢᠨᠢ ᠴᠥᠮ ᠳᠡᠭᠡᠨ ᠯᠢᠦ᠂ ᠵᠠᠩ ᠬᠣᠶᠠᠷ ᠤᠨ ᠵᠣᠬᠢᠶᠠᠵᠤ ᠭᠠᠷᠭᠠᠭᠠᠳ ᠬᠠᠷ᠎ᠠ ᠠᠯᠪᠠ ᠪᠠᠷ ᠪᠤᠰᠤᠳ ᠲᠤ ᠲᠣᠬᠤᠭᠰᠠᠨ ᠬᠡᠷᠡᠭ᠌ ᠭᠡᠵᠦ ᠬᠡᠯᠡᠵᠦ ᠭᠠᠷᠭᠠᠯ᠎ᠠ ᠪᠢᠰᠢ ᠦᠦ︖ ᠥᠨᠦᠳᠦᠷ ᠦᠨ ᠡᠨᠡ ᠬᠤᠷᠠᠯ ᠬᠠᠷᠢᠨ ᠶᠣᠰᠤᠲᠠᠢ ᠰᠠᠨᠠᠭᠠᠨ ᠡᠴᠡ ᠭᠠᠳᠠᠭᠤᠷ ᠲᠠᠭᠠᠯᠠᠮᠵᠢᠲᠠᠢ ᠪᠣᠯᠤᠯ᠎ᠠ» ᠭᠡᠨ᠎ᠡ᠃«ᠣᠳᠣ ᠰᠢᠯᠢᠭ᠌ ᠶᠠᠭᠠᠬᠢᠭᠰᠠᠨ ᠪᠤᠢ︖ ᠯᠢᠦ᠂ ᠵᠠᠩ ᠬᠣᠶᠠᠷ ᠲᠡᠭᠦᠨ ᠢ ᠳᠤᠷ᠎ᠠ ᠪᠠᠷ ᠨᠢ ᠬᠡᠯᠡᠭᠦᠯᠦᠭᠡᠳ ᠪᠠᠢᠨ᠎ᠠ ᠤᠤ︖» ᠭᠡᠵᠦ ᠪᠢ ᠪᠠᠬᠠᠨ ᠪᠠᠴᠢᠮᠳᠠᠭᠰᠠᠨ ᠮᠠᠶᠢ᠍ᠭ ᠲᠠᠢ ᠠᠰᠠᠭᠤᠪᠠ᠃

«ᠬᠥᠮᠦᠨ ᠨᠢᠭᠡᠨᠲᠡ ᠡᠬᠢᠯᠡᠵᠦ ᠬᠡᠯᠡᠭᠰᠡᠨ ᠪᠣᠯᠬᠣᠷ ᠬᠡᠯᠡᠭᠦᠯᠬᠦ ᠦᠭᠡᠢ ᠶᠠᠭᠠᠬᠢᠵᠤ ᠪᠣᠯᠬᠤ ᠪᠤᠢ︖ ᠲᠡᠢᠮᠦ ᠣᠯᠠᠨ ᠬᠥᠮᠦᠨ ᠦ ᠡᠮᠦᠨ᠎ᠡ ᠲᠡᠭᠦᠨ ᠦ ᠠᠮᠠ ᠶᠢ ᠪᠥᠭᠯᠡᠪᠡᠯ ᠰᠢᠪᠰᠢᠭ᠌ ᠢᠶᠡᠨ ᠭᠠᠷᠭᠠᠬᠤ ᠪᠢᠰᠢᠦ» ᠭᠡᠵᠦ ᠮᠢᠨᠦ ᠡᠬᠡᠨᠡᠷ ᠪᠠᠬᠠᠨ ᠵᠣᠪᠠᠭᠰᠠᠨ ᠮᠠᠶᠢ᠍ᠭᠲᠠᠢ᠄

«ᠭᠡᠲᠡᠯ᠎ᠡ ᠬᠤᠷᠠᠯ ᠤᠨ ᠰᠡᠭᠦᠯ ᠳᠦ ᠰᠢᠯᠢᠭ᠌ ᠢ< ᠰᠣᠶᠣᠯ ᠤᠨ ᠬᠤᠪᠢᠰᠭᠠᠯ ᠢ ᠡᠰᠡᠷᠭᠦᠴᠡᠵᠦ᠂ ᠬᠡᠷᠡᠭ᠌ ᠢᠶᠡᠨ ᠦᠭᠡᠢᠰᠭᠡᠵᠦ ᠪᠠᠢᠬᠤ ᠪᠠᠷ ᠪᠠᠷᠠᠬᠤ ᠦᠭᠡᠢ᠂ ᠬᠤᠪᠢᠰᠭᠠᠯᠲᠤ ᠺᠠᠲᠷ ᠲᠤ ᠬᠠᠷᠢᠭᠤ ᠳᠠᠪᠢᠷᠠᠯᠲᠠ ᠬᠢᠪᠡ᠃ ᠰᠢᠯᠢᠭ᠌ ᠦᠨ ᠠᠰᠠᠭᠤᠳᠠᠯ ᠨᠢ ᠬᠦᠨᠳᠦ ᠪᠥᠭᠡᠳ ᠣᠪᠤᠷ ᠨᠢ ᠨᠣᠮᠤᠬᠠᠨ ᠪᠢᠰᠢ᠂ ᠬᠤᠪᠢᠰᠭᠠᠯ ᠤᠨ ᠦᠷ᠎ᠡ ᠪᠦᠲᠦᠭᠡᠯ ᠢ ᠦᠭᠡᠢᠰᠭᠡᠵᠦ ᠬᠠᠷ᠎ᠠ ᠬᠣᠣᠷ᠎ᠠ ᠪᠠᠨ ᠲᠠᠷᠬᠠᠭᠠᠪᠠ᠃ ᠲᠡᠢᠮᠦ ᠡᠴᠡ ᠰᠢᠯᠢᠭ᠌ ᠢ ᠬᠠᠤᠯᠢ ᠶᠢᠨ ᠶᠣᠰᠤᠭᠠᠷ ᠬᠣᠷᠢᠨ᠎ᠠ> ᠭᠡᠵᠦ ᠬᠡᠯᠡᠭᠡᠳ ᠠᠪᠴᠤ ᠶᠠᠪᠤᠯ᠎ᠠ» ᠬᠡᠪᠡ᠃ ᠣᠳᠣ ᠰᠢᠯᠢᠭ᠌ ᠨᠢᠭᠡᠨᠲᠡ ᠬᠣᠷᠢᠭᠤᠯ ᠳᠤ ᠣᠷᠤᠭᠰᠠᠨ ᠪᠣᠯᠬᠣᠷ ᠪᠤᠵᠢᠳ ᠤᠨ ᠠᠮᠢᠳᠤᠷᠠᠯ ᠤᠯᠠᠮ ᠳᠣᠷᠤᠢᠲᠠᠵᠤ ᠪᠠᠢᠪᠠ᠃

«ᠴᠢ ᠭᠡᠷ ᠲᠡᠭᠡᠨ ᠪᠠᠢᠵᠤ ᠪᠤᠢ᠃ ᠪᠢ ᠨᠢᠭᠡ ᠤᠭᠤᠲᠠ ᠠᠷᠭᠠᠰᠤ ᠲᠡᠭᠦᠵᠦ ᠢᠷᠡᠶ᠎ᠡ> ᠭᠡᠵᠦ ᠬᠥᠪᠡᠭᠦᠨ ᠳᠡᠭᠡᠨ ᠬᠡᠯᠡᠭᠡᠳ ᠭᠠᠷᠴᠤ ᠶᠠᠪᠤᠭᠰᠠᠨ ᠪᠤᠵᠢᠳ ᠬᠠᠷᠢᠵᠤ ᠢᠷᠡᠬᠦ ᠦᠭᠡᠢ᠃ ᠬᠥᠪᠡᠭᠦᠨ ᠨᠢ ᠡᠭᠦᠳᠡᠨ ᠳᠡᠭᠡᠷ᠎ᠡ ᠪᠡᠨ ᠭᠠᠷᠴᠤ ᠪᠠᠢᠨ ᠪᠠᠢᠨ ᠡᠬᠡ ᠶᠢᠨ ᠢᠶᠡᠨ ᠣᠳᠤᠭᠰᠠᠨ ᠵᠦᠭ᠌ ᠪᠠᠷᠠᠯᠠᠨ ᠬᠠᠷᠠᠬᠤ ᠳᠤ ᠪᠦᠬᠦᠯᠢ ᠡᠳᠦᠷ ᠢᠷᠡᠭᠰᠡᠨ ᠦᠭᠡᠢ ᠡᠬᠡ ᠨᠢ ᠬᠡᠵᠢᠶ᠎ᠡ ᠣᠷᠤᠢ ᠪᠣᠯᠬᠤ ᠦᠶ᠎ᠡ ᠪᠡᠷ ᠠᠷᠠᠢ ᠭᠡᠵᠦ ᠨᠢᠭᠡ ᠤᠭᠤᠲᠠ ᠠᠷᠭᠠᠰᠤ ᠲᠠᠢ ᠢᠷᠠᠨ᠎ᠠ᠃ ᠲᠡᠷᠡ᠂ ᠤᠨᠲᠠᠷᠠᠬᠤ ᠰᠢᠬᠠᠭᠰᠠᠨ ᠭᠣᠯᠤᠮᠲᠠ ᠳᠡᠭᠡᠷ᠎ᠡ ᠪᠡᠨ ᠠᠷᠭᠠᠰᠤ ᠲᠠᠯᠪᠢᠨ ᠤᠲᠤᠭ᠎ᠠ ᠪᠤᠷᠭᠢᠭᠤᠯᠵᠤ ᠣᠷᠬᠢᠭᠠᠳ᠄

«ᠵᠠ᠂ ᠴᠢ ᠠᠷᠤ ᠶᠢᠨ ᠠᠢᠯ ᠳᠤ ᠣᠳᠤᠭᠠᠳ ᠨᠢᠭᠡ ᠠᠶᠠᠭ᠎ᠠ ᠭᠤᠯᠢᠷ ᠰᠤᠷᠠᠭᠠᠳ ᠢᠷ᠎ᠡ︕ ᠣᠳᠣ ᠬᠣᠭᠤᠯᠠ ᠪᠠᠨ ᠬᠢᠵᠦ ᠢᠳᠡᠬᠦ ᠦᠭᠡᠢ ᠦᠦ︖» ᠭᠡᠵᠦ ᠲᠣᠯᠤᠭᠠᠢ ᠪᠠᠨ ᠮᠠᠭᠠᠵᠢᠨ ᠪᠠᠢᠵᠤ ᠬᠡᠯᠡᠬᠦ ᠳᠦ᠂ ᠬᠥᠪᠡᠭᠦᠨ ᠨᠢ ᠳᠠᠯᠠᠨ ᠨᠥᠬᠦᠭᠡᠰᠦ ᠲᠠᠢ ᠭᠤᠯᠢᠷ ᠤᠨ ᠤᠭᠤᠲᠠ ᠪᠠᠨ ᠠᠪᠤᠭᠠᠳ ᠠᠢᠯ ᠤᠷᠤᠭᠤ ᠭᠡᠯᠳᠦᠷᠢᠨ᠎ᠡ ᠁

ᠡᠢᠮᠦ ᠠᠮᠢᠳᠤᠷᠠᠯ ᠳᠤ ᠬᠥᠮᠦᠨ ᠶᠠᠭᠠᠬᠢᠵᠤ ᠲᠡᠰᠬᠦ ᠪᠤᠢ ᠳ᠋ᠠ︖ ᠤᠳᠠᠭᠰᠠᠨ ᠦᠭᠡᠢ ᠰᠢᠯᠢᠭ᠌ ᠡᠪᠦᠭᠡᠨ ᠦ ᠬᠥᠪᠡᠭᠦᠨ ᠡᠯᠢᠭᠡᠨ ᠦ ᠡᠪᠡᠳᠴᠢᠨ ᠲᠠᠢ ᠪᠣᠯᠤᠭᠰᠠᠨ ᠪᠠᠢᠯ᠎ᠠ᠃ ᠪᠤᠵᠢᠳ ᠬᠡᠳᠦᠢ ᠬᠥᠭᠡᠷᠦᠬᠦᠢᠯᠡᠯᠲᠡᠢ ᠪᠣᠯᠤᠭᠰᠠᠨ ᠴᠤ ᠭᠠᠷᠭᠠᠭᠰᠠᠨ ᠦᠷ᠎ᠡ ᠪᠡᠨ ᠬᠠᠷᠠᠵᠤ ᠪᠠᠢᠭᠠᠳ ᠶᠠᠭᠠᠬᠢᠵᠤ ᠠᠯᠳᠠᠳᠠᠭ ᠪᠢᠯᠡ︖ ᠲᠡᠷᠡ ᠥᠭᠡᠳᠡ ᠤᠷᠤᠭᠤ ᠭᠦᠶᠦᠭᠰᠡᠭᠡᠷ ᠪᠠᠢᠵᠤ ᠡᠮᠴᠢ ᠳᠣᠮᠴᠢ ᠵᠠᠯᠠᠭᠠᠳ ᠢᠷᠡᠬᠦ ᠳᠦ ᠦᠵᠡᠭᠰᠡᠨ ᠡᠮᠴᠢ ᠪᠦᠬᠦᠨ ᠴᠥᠮ᠄

«ᠪᠢᠳᠡ ᠡᠮᠨᠡᠵᠦ ᠴᠢᠳᠠᠬᠤ ᠦᠭᠡᠢ᠂ ᠵᠠᠪᠠᠯ ᠶᠡᠬᠡ ᠡᠮᠨᠡᠯᠭᠡ ᠳᠦ ᠬᠦᠷᠭᠡᠭᠡᠳ ᠦᠵᠡᠭᠦᠯ» ᠭᠡᠳᠡᠭ᠌ ᠪᠠᠢᠪᠠ᠃ ᠪᠤᠵᠢᠳ ᠲᠡᠭᠡᠭᠡᠳ ᠪᠠᠷᠢᠭᠠᠳᠠ ᠶᠢᠨ ᠠᠯᠪᠠᠨ ᠭᠡᠷ ᠲᠦ ᠣᠳᠴᠠᠢ᠃ ᠲᠡᠨᠳᠡ ᠡᠴᠡ ᠲᠡᠷᠡ ᠬᠡᠳᠦᠨ ᠮᠥᠩᠭᠦᠨ ᠦ ᠵᠢᠭᠡᠯᠡᠪᠦᠷᠢ ᠠᠪᠴᠤ ᠬᠥᠪᠡᠭᠦᠨ ᠢᠶᠡᠨ ᠡᠮᠨᠡᠭᠦᠯᠬᠦ ᠭᠡᠰᠡᠨ ᠵᠣᠷᠢᠯᠭ᠎ᠠ ᠲᠠᠢ ᠠᠵᠢ᠃ ᠭᠡᠲᠡᠯ᠎ᠡ ᠨᠢᠭᠲᠠᠯᠠᠨ ᠪᠣᠳᠤᠭᠴᠢ ᠲᠡᠭᠦᠨ ᠳᠦ᠄

«ᠲᠠᠨᠠᠢᠬᠢᠨ ᠮᠢᠩᠭ᠎ᠠ ᠲᠠᠪᠤᠨ ᠵᠠᠭᠤᠨ ᠲᠥᠭᠦᠷᠢᠭ᠌ ᠦᠨ ᠥᠷᠢ ᠲᠠᠢ ᠪᠣᠯᠤᠭᠰᠠᠨ ᠪᠠᠢᠬᠤ ᠳᠤ᠂ ᠲᠠ ᠨᠠᠷ ᠲᠡᠷᠡ ᠥᠷᠢ ᠪᠠᠰᠠ ᠥᠭᠭᠦᠭᠡᠳ ᠦᠭᠡᠢ ᠪᠠᠢᠵᠤ᠂ ᠳᠠᠬᠢᠨ ᠮᠥᠩᠭᠦ ᠵᠢᠭᠡᠯᠡᠬᠦ ᠭᠡᠵᠢ ᠦᠦ︖ ᠣᠳᠣ ᠲᠠ ᠨᠠᠷ ᠲᠤ ᠥᠭᠳᠡᠭ ᠮᠥᠩᠭᠦ ᠦᠭᠡᠢ» ᠭᠡᠵᠦ ᠬᠡᠯᠡᠬᠦᠯ᠎ᠡ᠄

«ᠮᠠᠨᠠᠢᠬᠢᠨ ᠡᠢᠮᠦ ᠶᠡᠬᠡ ᠮᠥᠩᠭᠦᠨ ᠳᠦ ᠬᠡᠵᠢᠶ᠎ᠡ ᠨᠢ ᠥᠷᠢᠲᠦᠭᠰᠡᠨ ᠪᠤᠢ︖» ᠭᠡᠵᠦ ᠪᠤᠵᠢᠳ ᠴᠣᠴᠢᠨ ᠭᠠᠢᠬᠠᠵᠤ ᠠᠰᠠᠭᠤᠵᠠᠢ᠃

«ᠶᠠᠭᠤᠨ ᠭᠡᠨ᠎ᠡ︖» ᠭᠡᠵᠦ ᠥᠨᠥᠬᠢ ᠨᠢᠭᠲᠠᠯᠠᠨ ᠪᠣᠳᠤᠭᠴᠢ ᠳᠠᠩᠰᠠᠨ ᠳᠡᠪᠲᠡᠷ ᠢᠶᠡᠨ ᠵᠢᠭᠠᠭᠠᠳ᠂ ᠪᠤᠵᠢᠳ ᠢ ᠰᠢᠷᠦᠭᠦᠨ ᠨᠢᠳᠦ ᠪᠡᠷ ᠨᠢᠭᠡ ᠬᠠᠷᠠᠵᠤ᠄

«ᠲᠠᠨ ᠤ ᠲᠡᠷᠡ ᠤᠷᠢᠳᠤᠬᠢ ᠴᠠᠭᠠᠨ ᠭᠡᠷ᠂ ᠠᠮᠢᠳᠤᠷᠠᠯ ᠤᠨ ᠬᠡᠷᠡᠭᠰᠡᠯ ᠪᠣᠯᠤᠨ ᠡᠮᠦᠰᠴᠦ ᠵᠡᠭᠦᠭᠰᠡᠨ ᠴᠢᠨᠢ ᠮᠥᠩᠭᠦ ᠪᠢᠰᠢ ᠦᠦ︖» ᠭᠡᠪᠡ᠃

«ᠠᠢ᠂ ᠡᠨᠡ ᠴᠢᠨᠢ ᠮᠠᠨ ᠳᠤ ᠥᠭᠭᠦᠭᠰᠡᠨ ᠲᠡᠳᠭᠦᠮᠵᠢ ᠪᠢᠰᠢ ᠦᠦ︖»

«ᠲᠡᠳᠭᠦᠮᠵᠢ ᠭᠡᠨ᠎ᠡ︖ ᠲᠡᠭᠡᠭᠡᠳ ᠤᠴᠢᠷ ᠦᠭᠡᠢ ᠪᠡᠷ ᠬᠠᠮᠲᠤᠷᠠᠯ ᠤᠨ ᠮᠥᠩᠭᠦ ᠶᠢ ᠴᠢᠮ᠎ᠠ ᠳᠤ ᠥᠭᠭᠦᠭᠡᠳ ᠪᠠᠢᠳᠠᠭ ᠬᠡᠷᠡᠭ ᠦᠦ︖»

ᠬᠡᠳᠦᠨ ᠡᠳᠦᠷ ᠦᠨ ᠳᠠᠷᠠᠭ᠎ᠠ ᠪᠠᠳᠮ᠎ᠠ ᠶᠢᠨ ᠠᠵᠢᠯ ᠢ ᠰᠡᠷᠭᠦᠭᠡᠵᠦ ᠳᠠᠬᠢᠨ ᠨᠢᠭᠡᠲᠦᠯ ᠦᠨ ᠱᠦᠵᠢ ᠪᠣᠯᠭᠠᠪᠠ ᠭᠡᠵᠦ ᠰᠣᠨᠤᠰᠤᠭᠰᠠᠨ ᠪᠤᠵᠢᠳ ᠡᠴᠦᠰ ᠲᠡᠭᠡᠨ ᠨᠢᠭᠡ ᠥᠷᠯᠦᠭᠡ ᠶᠡᠬᠡ ᠡᠷᠲᠡ ᠪᠣᠰᠤᠭᠠᠳ ᠪᠠᠳᠮ᠎ᠠ ᠱᠦᠵᠢ ᠶᠢ ᠬᠠᠢᠵᠤ ᠨᠢᠭᠡᠲᠦᠯ ᠳᠡᠭᠡᠷ᠎ᠡ ᠬᠦᠷᠪᠡ᠃ ᠰᠢᠯᠢᠭ᠌ ᠡᠪᠦᠭᠡᠨ ᠨᠣᠶᠠᠨ ᠰᠠᠭᠤᠬᠤ ᠳᠠᠭᠠᠨ ᠬᠡᠳᠦᠢᠪᠡᠷ ᠪᠠᠳᠮ᠎ᠠ ᠱᠦᠵᠢ ᠶᠢ ᠵᠣᠪᠠᠭᠠᠭᠰᠠᠨ ᠪᠣᠯᠪᠠᠴᠤ ᠡᠨᠡ ᠪᠦᠬᠦᠨ ᠢ ᠪᠠ ᠱᠦᠵᠢ ᠰᠠᠨᠠᠭᠠᠨ ᠳᠠᠭᠠᠨ ᠠᠪᠤᠭᠰᠠᠨ ᠴᠤ ᠦᠭᠡᠢ᠃ ᠪᠠᠰᠠ ᠨᠢᠭᠡ ᠲᠠᠯ᠎ᠠ ᠪᠠᠷ ᠬᠡᠯᠡᠪᠡᠯ ᠪᠠ ᠱᠦᠵᠢ ᠣᠯᠠᠨ ᠵᠢᠯ ᠡᠴᠡ ᠨᠠᠭᠠᠷᠤ ᠰᠢᠯᠢᠭ᠌ ᠡᠪᠦᠭᠡᠨ ᠢ ᠬᠠᠷᠠᠵᠤ ᠬᠠᠪᠰᠤᠷᠤᠭᠰᠠᠭᠠᠷ ᠢᠷᠡᠭᠰᠡᠨ ᠢ ᠨᠤᠲᠤᠭ ᠤᠨ ᠬᠢᠨ ᠪᠦᠷ ᠮᠡᠳᠡᠳᠡᠭ ᠶᠤᠮ᠃ ᠭᠡᠲᠡᠯ᠎ᠡ ᠡᠭᠦᠨ ᠢ ᠰᠢᠯᠢᠭ᠌ ᠡᠪᠦᠭᠡᠨ ᠶᠠᠭᠠᠬᠢᠵᠤ ᠣᠢᠯᠠᠭᠠᠭᠠᠳ᠂ ᠶᠠᠭᠠᠬᠢᠵᠤ ᠬᠠᠷᠢᠭᠤᠯᠤᠭᠰᠠᠨ ᠪᠤᠢ︖ ᠡᠨᠡ ᠬᠡᠳᠦᠨ ᠵᠢᠯ ᠦᠨ ᠳᠣᠲᠤᠷ᠎ᠠ ᠪᠠᠳᠮ᠎ᠠ ᠳᠤ ᠲᠡᠭᠦᠨ ᠦ ᠬᠢᠭᠰᠡᠨ ᠬᠣᠣᠷ᠎ᠠ ᠬᠥᠨᠦᠭᠡᠯ ᠨᠢ ᠰᠢᠯᠢᠭ᠌ ᠦᠨ ᠰᠡᠳᠭᠢᠯ ᠶᠠᠮᠠᠷ ᠭᠡᠳᠡᠭ ᠢ ᠪᠠᠯᠠᠷᠠᠰᠢ ᠦᠭᠡᠢ ᠪᠡᠷ ᠭᠡᠷᠡᠴᠢᠯᠡᠨ ᠲᠡᠮᠳᠡᠭᠯᠡᠭᠰᠡᠨ ᠪᠠᠢᠨ᠎ᠠ᠃ ᠪᠠᠳᠮ᠎ᠠ ᠪᠣᠯ ᠠᠰᠪᠤᠷᠢ ᠴᠠᠭᠠᠨ ᠰᠠᠨᠠᠭ᠎ᠠ ᠲᠠᠢ᠂ ᠪᠤᠵᠢᠳ ᠤᠨ ᠳᠣᠭᠤᠯᠠᠩ ᠨᠢᠯᠪᠤᠰᠤ ᠲᠠᠢ ᠡᠮᠦᠨ᠎ᠡ ᠨᠢ ᠢᠷᠡᠭᠡᠳ ᠭᠤᠶᠤᠬᠤ ᠳᠤ᠂ ᠤᠴᠢᠷ ᠢ ᠨᠢ ᠮᠡᠳᠡᠭᠡᠳ ᠴᠠᠭᠠᠰᠤ ᠭᠠᠷᠭᠠᠭᠠᠳ ᠪᠠᠷᠢᠭᠠᠳᠠ ᠳᠤ ᠨᠢᠭᠡ ᠬᠤᠪᠢ ᠪᠢᠴᠢᠭ᠌ ᠥᠭᠪᠡ᠃

ᠪᠠᠷᠢᠭᠠᠳᠠ ᠶᠢᠨ ᠨᠢᠭᠲᠠᠯᠠᠨ ᠪᠣᠳᠤᠭᠴᠢ ᠪᠠᠳᠮ᠎ᠠ ᠱᠦᠵᠢ ᠶᠢᠨ ᠪᠢᠴᠢᠭ᠌ ᠢ ᠠᠪᠴᠤ ᠦᠵᠡᠮᠡᠭᠴᠡ ᠪᠡᠨ᠄

«ᠡᠭᠦᠨ ᠦ ᠲᠥᠯᠦᠭᠡ ᠲᠠ ᠨᠢᠭᠡᠲᠦᠯ ᠲᠠᠯ᠎ᠠ ᠬᠦᠷᠦᠭᠰᠡᠨ ᠬᠡᠷᠡᠭ᠌ ᠦᠭᠡᠢ ᠪᠠᠢᠭᠰᠠᠨ ᠶᠤᠮ᠃ ᠶᠠᠳᠠᠭᠤ ᠮᠠᠯᠴᠢᠳ ᠤᠨ ᠲᠦᠷᠡᠮᠵᠢ ᠶᠢ ᠪᠢᠳᠡᠨ ᠥᠪᠡᠷ ᠢᠶᠡᠨ ᠰᠢᠢᠳᠪᠦᠷᠢᠯᠡᠭᠡᠳ ᠪᠣᠯᠳᠠᠭ ᠶᠤᠮ» ᠭᠡᠵᠦ ᠦᠭᠡ ᠪᠡᠨ ᠵᠠᠯᠭᠠᠨ᠄

«ᠵᠠ᠂ ᠲᠡᠭᠡᠭᠡᠳ ᠬᠡᠳᠦᠢ ᠮᠥᠩᠭᠦ ᠠᠪᠬᠤ ᠭᠡᠵᠦ ᠪᠠᠢᠨ᠎ᠠ︖» ᠭᠡᠵᠦ ᠠᠰᠠᠭᠤᠪᠠ᠃

ᠪᠤᠵᠢᠳ ᠮᠥᠩᠭᠦ ᠵᠢᠭᠡᠯᠡᠬᠦ ᠭᠡᠵᠦ ᠡᠨᠡ ᠬᠡᠳᠦᠨ ᠡᠳᠦᠷ ᠶᠠᠪᠤᠵᠤ ᠪᠠᠢᠳᠠᠭ ᠪᠣᠯᠪᠠᠴᠤ ᠴᠤᠬᠤᠮ ᠬᠡᠳᠦᠢ ᠮᠥᠩᠭᠦ ᠵᠢᠭᠡᠯᠡᠬᠦ᠂ ᠴᠠᠭ ᠤᠨ ᠵᠠᠷᠤᠳᠠᠯ ᠳᠤ ᠬᠡᠳᠦᠢ ᠮᠥᠩᠭᠦ ᠬᠡᠷᠡᠭᠯᠡᠭᠳᠡᠬᠦ᠂ ᠡᠮᠨᠡᠯᠭᠡ ᠳᠦ ᠬᠡᠳᠦᠢ ᠮᠥᠩᠭᠦ ᠵᠠᠷᠤᠬᠤ ᠭᠡᠳᠡᠭ ᠢ ᠪᠣᠳᠤᠵᠤ ᠦᠵᠡᠭᠡᠳ ᠴᠦ ᠦᠭᠡᠢ ᠶᠤᠮ᠃ ᠲᠡᠷᠡ ᠨᠢ ᠪᠠᠢᠭᠠᠳᠤᠢ ᠪᠠᠷᠢᠭᠠᠳᠠ ᠡᠴᠡ ᠪᠡᠨ ᠭᠠᠵᠠᠭᠠᠷᠤ ᠪᠠᠨ ᠭᠠᠷᠴᠤ ᠨᠡᠢᠭᠡᠮ ᠣᠷᠴᠢᠯᠠᠩ ᠤᠨ ᠶᠠᠮᠠᠷ ᠭᠡᠳᠡᠭ ᠢ ᠮᠡᠳᠡᠭᠡᠳᠦᠢ ᠬᠥᠮᠦᠨ ᠰᠢᠦ᠃

«ᠵᠠ᠂ ᠢᠯᠡᠭᠦᠴᠢᠷ ᠠᠪᠬᠤ ᠬᠡᠷᠡᠭᠲᠡᠢ ᠪᠠᠢᠨ᠎ᠠ» ᠭᠡᠬᠦ ᠡᠴᠡ ᠣᠨᠳᠣᠣ ᠦᠭᠡ ᠬᠡᠯᠡᠭᠰᠡᠨ ᠦᠭᠡᠢ᠃

«ᠭᠤᠷᠪᠠᠨ ᠵᠠᠭᠤᠨ ᠲᠥᠭᠦᠷᠢᠭ᠌ ᠶᠠᠮᠠᠷ ᠪᠤᠢ» ᠭᠡᠵᠦ ᠨᠢᠭᠲᠠᠯᠠᠨ ᠪᠣᠳᠤᠭᠴᠢ ᠠᠰᠠᠭᠤᠬᠤ ᠳᠤ᠂ ᠪᠤᠵᠢᠳ ᠪᠠᠴᠢᠮᠳᠠᠵᠤ ᠪᠠᠢᠭᠠᠳ᠄

«ᠪᠣᠯᠬᠤ ᠪᠠᠢᠯᠭᠦᠢ» ᠭᠡᠪᠡ᠃ ᠨᠢᠭᠲᠠᠯᠠᠨ ᠪᠣᠳᠤᠭᠴᠢ ᠣᠳᠣ ᠶᠠᠭᠠᠬᠢᠭᠠᠳ ᠡᠢᠮᠦ ᠬᠠᠯᠠᠭᠤᠮᠰᠤᠭ ᠬᠠᠨᠳᠤᠬᠤ ᠪᠣᠯᠤᠭᠰᠠᠨ ᠢ ᠪᠤᠵᠢᠳ ᠪᠠᠰᠠ ᠭᠦᠢᠴᠡᠰ ᠣᠢᠯᠠᠭᠠᠵᠤ ᠴᠢᠳᠠᠬᠤ ᠦᠭᠡᠢ ᠣᠨᠢᠰᠤᠭ᠎ᠠ ᠪᠣᠯᠭᠠᠵᠤ ᠰᠠᠭᠤᠨ᠎ᠠ᠃ ᠰᠡᠭᠦᠯ ᠳᠤᠨᠢ ᠨᠢᠭᠡ ᠪᠠᠭᠯᠠᠭ᠎ᠠ ᠮᠥᠩᠭᠦ ᠠᠪᠤᠭᠠᠳ ᠭᠠᠷ ᠤᠨ ᠬᠤᠶ᠎ᠠ ᠪᠠᠨ ᠳᠠᠷᠤᠭᠠᠳ᠄

«ᠠᠴᠢᠲᠠᠢ ᠪᠣᠯᠪᠠ︕ ᠬᠥᠪᠡᠭᠦᠨ ᠮᠢᠨᠢ ᠡᠳᠡᠭᠡᠳᠡᠭ᠌ ᠪᠣᠯᠤᠯ᠎ᠠ» ᠭᠡᠵᠦ ᠳᠠᠬᠢᠨ ᠳᠠᠬᠢᠨ ᠮᠡᠬᠦᠰᠬᠢᠨ ᠶᠣᠰᠤᠯᠠᠭᠠᠳ ᠵᠠᠮ ᠦᠨ ᠲᠡᠮᠳᠡᠭ᠂ ᠲᠠᠨᠢᠯᠴᠠᠭᠤᠯᠭ᠎ᠠ ᠠᠪᠤᠭᠠᠳ ᠭᠠᠷᠴᠤ ᠶᠠᠪᠤᠪᠠ᠃

ᠪᠤᠵᠢᠳ ᠭᠤᠷᠪᠠᠨ ᠵᠠᠭᠤᠨ ᠲᠥᠭᠦᠷᠢᠭ᠌ ᠢᠶᠡᠨ ᠠᠪᠤᠭᠠᠳ ᠭᠡᠷ ᠲᠡᠭᠡᠨ ᠬᠦᠷᠴᠦ ᠢᠷᠡᠬᠦ ᠳᠦ ᠬᠣᠷᠢᠭᠳᠠᠵᠤ ᠪᠠᠢᠭᠰᠠᠨ ᠰᠢᠯᠢᠭ᠌ ᠡᠪᠦᠭᠡᠨ ᠪᠠᠰᠠ ᠭᠠᠷᠤᠭᠠᠳ ᠢᠷᠡᠵᠡᠢ᠃ ᠲᠡᠭᠡᠭᠡᠳ ᠰᠢᠯᠢᠭ᠌ ᠡᠪᠦᠭᠡᠨ ᠬᠥᠪᠡᠭᠦᠨ ᠢᠶᠡᠨ ᠠᠪᠤᠭᠠᠳ ᠶᠡᠬᠡ ᠬᠣᠲᠠ ᠶᠢᠨ ᠡᠮᠨᠡᠯᠭᠡ ᠳᠦ ᠣᠳᠬᠤ ᠪᠠᠷ ᠶᠠᠪᠤᠪᠠ᠃ ᠪᠤᠵᠢᠳ ᠭᠠᠭᠴᠠᠭᠠᠷ ᠢᠶᠡᠨ ᠮᠠᠭᠤ ᠬᠠᠷ᠎ᠠ ᠭᠡᠷ ᠲᠡᠭᠡᠨ ᠦᠯᠡᠳᠡᠭᠡᠳ ᠰᠡᠳᠭᠢᠯ ᠨᠢ ᠤᠢᠳᠭᠠᠷᠯᠠᠳᠠᠳ ᠪᠣᠯᠬᠤ ᠦᠭᠡᠢ ᠳᠡᠭᠡᠨ ᠪᠠᠰᠠ ᠯᠠ ᠬᠠᠭᠤᠴᠢᠨ ᠵᠠᠩᠰᠢᠯ ᠢᠶᠡᠷ ᠢᠶᠡᠨ ᠠᠢᠯ ᠬᠡᠰᠦᠨ ᠣᠳᠪᠠ᠃ ᠬᠡᠳᠦᠨ ᠡᠳᠦᠷ ᠠᠢᠯ ᠬᠡᠰᠦᠵᠦ ᠠᠷᠠᠰᠤ ᠨᠡᠬᠡᠢ ᠶᠢ ᠢᠳᠡᠭᠡᠯᠡᠨ ᠡᠯᠳᠡᠵᠦ ᠥᠭᠭᠦᠭᠡᠳ ᠭᠡᠳᠡᠰᠦ ᠪᠡᠨ ᠴᠠᠳᠭᠠᠭᠠᠳ ᠡᠷᠭᠢᠵᠦ ᠢᠷᠡᠬᠦ ᠳᠦ ᠨᠠᠮᠤᠷ ᠤᠨ ᠬᠤᠵᠢᠷᠰᠢᠭᠰᠠᠨ ᠦᠬᠡᠷ ᠦᠳ᠂ ᠮᠠᠭᠤ ᠬᠠᠷ᠎ᠠ ᠭᠡᠷ ᠢ ᠨᠢ ᠱᠥᠷᠭᠦᠭᠡᠵᠦ ᠡᠪᠳᠡᠭᠡᠳ᠂ ᠲᠠᠰᠤᠴᠢᠨ ᠬᠠᠶᠠᠵᠤ᠂ ᠬᠥᠨᠵᠢᠯᠡ ᠳᠡᠪᠢᠰᠭᠡᠷ ᠢ ᠨᠢ ᠬᠦᠷᠲᠡᠯ᠎ᠡ ᠶᠠᠭᠤ ᠴᠤ ᠦᠯᠡᠳᠡᠭᠡᠭᠰᠡᠨ ᠦᠭᠡᠢ ᠢᠷᠠᠭᠠᠳ ᠬᠠᠶᠠᠭᠰᠠᠨ ᠪᠥᠭᠡᠳ ᠭᠡᠷ ᠨᠢ ᠪᠠᠢᠷᠢᠨ ᠳᠠᠭᠠᠨ ᠨᠢᠭᠡ ᠣᠪᠤᠭ᠎ᠠ ᠰᠠᠯᠪᠠᠷᠬᠠᠢ ᠢᠰᠡᠭᠡᠢ᠂ ᠬᠤᠭᠤᠷᠬᠠᠢ ᠲᠡᠷᠮ᠎ᠡ ᠣᠨᠢ ᠪᠣᠯᠵᠤ ᠣᠪᠤᠭᠠᠯᠠᠭᠠᠳ ᠭᠠᠵᠠᠷ ᠲᠤ ᠬᠡᠪᠲᠡᠨ᠎ᠡ᠃ ᠪᠦᠰ ᠬᠥᠪᠦᠩ ᠨᠢ ᠪᠤᠲᠠᠷᠠᠭᠰᠠᠨ᠂ ᠦᠬᠡᠷ ᠤᠨ ᠪᠠᠭᠠᠰᠤ ᠰᠢᠭᠡᠰᠦ ᠪᠣᠯᠵᠤ ᠭᠢᠰᠭᠢᠭᠳᠡᠨ ᠦᠷᠡᠭᠳᠡᠭᠰᠡᠨ ᠬᠥᠨᠵᠢᠯᠡ ᠳᠡᠪᠢᠰᠭᠡᠷ ᠨᠢ ᠠᠪᠬᠤ ᠶᠢᠨ ᠠᠷᠭ᠎ᠠ ᠦᠭᠡᠢ ᠪᠠᠢᠪᠠ᠃ ᠣᠳᠣ ᠪᠤᠵᠢᠳ ᠬᠠᠮᠢᠭ᠎ᠠ ᠬᠣᠨᠤᠵᠤ ᠪᠠᠢᠷᠢᠯᠠᠬᠤ ᠶᠤᠮ ᠪᠤᠢ︖

ᠪᠤᠵᠢᠳ ᠡᠨᠳᠡ ᠲᠡᠨᠳᠡ ᠲᠡᠨᠦᠵᠦ ᠶᠠᠪᠤᠲᠠᠯ᠎ᠠ ᠰᠢᠯᠢᠭ᠌ ᠬᠥᠪᠡᠭᠦᠨ ᠢᠶᠡᠨ ᠳᠠᠭᠠᠭᠤᠯᠤᠨ ᠬᠠᠷᠢᠵᠤ ᠢᠷᠡᠪᠡ᠃ ᠰᠠᠭᠤᠬᠤ ᠭᠡᠷ ᠦᠭᠡᠢ ᠪᠣᠯᠤᠭᠰᠠᠨ ᠲᠤᠯᠠ ᠪᠠᠷᠢᠭᠠᠳᠠ ᠡᠴᠡ ᠮᠣᠳᠤ ᠴᠢᠯᠠᠭᠤ ᠠᠪᠴᠤ ᠥᠪᠡᠷ ᠢᠶᠡᠨ ᠭᠠᠷ ᠬᠥᠳᠡᠯᠦᠨ᠂ ᠪᠠᠶᠠᠨ ᠨᠠᠮᠤᠷ ᠤᠨ ᠰᠡᠭᠦᠯ ᠦᠨ ᠡᠳᠦᠷ ᠤᠳ ᠲᠦ ᠰᠢᠳᠦ ᠪᠡᠨ ᠵᠠᠭᠤᠨ ᠴᠢᠷᠮᠠᠢᠵᠤ ᠪᠠᠢᠭᠠᠳ ᠪᠣᠷᠤ ᠰᠢᠯᠢ ᠶᠢᠨ ᠡᠩᠭᠡᠷ ᠲᠦ ᠨᠢᠭᠡ ᠥᠷᠦᠭᠡ ᠪᠠᠢᠰᠢᠩ ᠭᠡᠷ ᠪᠣᠰᠭᠠᠵᠤ ᠠᠪᠤᠭᠠᠳ ᠲᠡᠨᠳᠡ ᠪᠡᠨ ᠰᠠᠭᠤᠷᠢᠰᠢᠨ ᠰᠠᠭᠤᠭᠰᠠᠨ ᠪᠢᠯᠡ᠃

ᠨᠢᠭᠡᠲᠦᠯ ᠡᠴᠡ ᠨᠤᠲᠤᠭ ᠤᠨ ᠲᠥᠪ ᠤᠷᠤᠭᠤ ᠣᠷᠤᠬᠤ ᠶᠡᠬᠡ ᠵᠠᠮ ᠦᠨ ᠬᠠᠵᠠᠭᠤ ᠳᠤ ᠣᠨᠴᠠ ᠨᠢᠭᠡ ᠥᠷᠦᠭᠡ ᠪᠠᠢᠰᠢᠩ ᠭᠡᠷ ᠪᠠᠢᠳᠠᠭ ᠨᠢ ᠳᠠᠷᠤᠢ ᠰᠢᠯᠢᠭ᠌ ᠡᠪᠦᠭᠡᠨ ᠦ ᠭᠡᠷ ᠶᠤᠮ᠃ ᠡᠨᠳᠡ ᠰᠢᠯᠢᠭ᠌ ᠡᠪᠦᠭᠡᠨ ᠡᠮᠡᠭᠡᠨ ᠬᠥᠪᠡᠭᠦᠨ ᠲᠠᠢ ᠪᠡᠨ ᠠᠵᠤ ᠲᠥᠷᠦᠵᠦ᠂ ᠰᠢᠨ᠎ᠡ ᠠᠮᠢᠳᠤᠷᠠᠯ ᠢᠶᠡᠨ ᠴᠣᠭᠴᠠᠯᠠᠨ ᠪᠠᠢᠭᠤᠯᠪᠠ᠃ ᠰᠢᠯᠢᠭ᠌ ᠡᠪᠦᠭᠡᠨ ᠳᠦ ᠲᠠᠭᠠᠷᠢᠯᠳᠤᠭᠰᠠᠨ ᠵᠠᠷᠢᠮ ᠬᠥᠮᠦᠨ ᠵᠠᠮ ᠲᠠᠭᠠᠷᠠᠬᠤ ᠳᠠᠭᠠᠨ ᠢᠷᠡᠭᠡᠳ ᠲᠡᠭᠦᠨ ᠲᠠᠢ ᠵᠣᠭᠤᠭ ᠳᠡᠯᠭᠡᠨ ᠶᠠᠷᠢᠵᠤ ᠪᠠᠢᠭᠠᠳ᠂ ᠦᠭᠡ ᠶᠢᠨ ᠵᠠᠪᠰᠠᠷ ᠢᠶᠡᠷ᠄«ᠡᠪᠦᠭᠡᠨ᠂ ᠲᠠ<ᠰᠣᠶᠣᠯ ᠤᠨ ᠬᠤᠪᠢᠰᠭᠠᠯ» ᠤᠨ ᠦᠶ᠎ᠡ ᠳᠦ ᠰᠦᠷᠡᠬᠡᠢ ᠳᠣᠭᠰᠢᠷᠠᠭᠰᠠᠨ ᠪᠢᠯᠡ᠃ ᠠᠳᠠᠭ ᠲᠠᠭᠠᠨ ᠮᠠᠭᠤ ᠨᠡᠮᠡᠷᠢ ᠪᠠᠨ ᠲᠠᠨᠢᠬᠤ ᠦᠭᠡᠢ ᠪᠣᠯᠲᠠᠯ᠎ᠠ ᠬᠤᠪᠢᠷᠠᠭᠰᠠᠨ ᠪᠢᠰᠢ ᠦᠦ︖ ᠵᠠ᠂ ᠲᠡᠭᠡᠭᠡᠳ ᠶᠠᠭᠤᠨ ᠪᠣᠯᠤᠭᠰᠠᠨ ᠪᠢᠯᠡ︖» ᠭᠡᠵᠦ ᠠᠰᠠᠭᠤᠬᠤ ᠳᠤ ᠰᠢᠯᠢᠭ᠌ ᠡᠪᠦᠭᠡᠨ ᠬᠠᠯᠠᠭᠤᠨ ᠬᠠᠢᠰᠤᠨ ᠳᠤ ᠬᠠᠭᠤᠷᠤᠭᠳᠠᠭᠰᠠᠨ ᠰᠢᠷᠭᠤᠯᠵᠢ ᠰᠢᠭ ᠰᠠᠨᠳᠤᠷᠤᠭᠠᠳ᠄«ᠥᠩᠭᠡᠷᠡᠭᠰᠡᠨ ᠳᠦ ᠨᠠᠮ ᠪᠠ ᠠᠷᠠᠳ ᠲᠦᠮᠡᠨ ᠳᠡᠭᠡᠨ ᠣᠰᠤᠯ ᠪᠣᠯᠤᠯ᠎ᠠ ᠰᠢᠤ» ᠭᠡᠵᠦ ᠤᠷᠲᠤ ᠰᠡᠭᠦᠷᠡᠰᠦ ᠠᠯᠳᠠᠭᠠᠳ ᠬᠥᠮᠦᠨ ᠦ ᠴᠢᠷᠠᠢ ᠬᠠᠷᠠᠵᠤ ᠴᠢᠳᠠᠬᠤ ᠦᠭᠡᠢ ᠰᠠᠭᠤᠳᠠᠭ ᠪᠢᠯᠡ᠃

ᠨᠠᠮᠤᠷ ᠤᠨ ᠰᠡᠭᠦᠯ ᠰᠠᠷ᠎ᠠ ᠶᠢᠨ ᠨᠢᠭᠡ ᠡᠳᠦᠷ᠂ ᠵᠠᠮ ᠦᠨ ᠬᠣᠷᠭᠤ ᠲᠡᠷᠭᠡ ᠡᠪᠳᠡᠷᠡᠭᠰᠡᠨ ᠪᠣᠯᠬᠣᠷ ᠪᠢ ᠰᠢᠯᠢᠭ᠌ ᠡᠪᠦᠭᠡᠨ ᠦ ᠭᠡᠷ ᠲᠦ ᠬᠣᠨᠤᠬᠤ ᠪᠣᠯᠪᠠ᠃

ᠨᠠᠮᠠᠢ ᠭᠡᠷ ᠲᠦ ᠣᠷᠤᠬᠤ ᠳᠤ ᠪᠤᠵᠢᠳ ᠤᠷᠢᠳᠠᠬᠢ ᠯᠤᠭ᠎ᠠ ᠠᠳᠠᠯᠢᠬᠠᠨ ᠰᠠᠯᠪᠠᠷᠬᠠᠢ ᠪᠠᠭᠤᠷᠬᠠᠢ ᠳᠡᠪᠡᠯ ᠲᠠᠢ᠂ ᠪᠦᠬᠦ ᠪᠡᠶ᠎ᠡ ᠨᠢ ᠭ᠋ᠬᠢᠷ ᠪᠣᠯᠤᠭᠰᠠᠨ ᠪᠥᠭᠡᠳ ᠭᠡᠵᠢᠭᠡ ᠦᠰᠦ ᠨᠢ ᠰᠠᠷᠯᠤᠭ ᠤᠨ ᠨᠣᠣᠰᠤ ᠰᠢᠭ ᠰᠡᠭᠰᠡᠢᠭᠰᠡᠨ ᠪᠠᠢᠪᠠ᠃ ᠰᠢᠯᠢᠭ᠌ ᠡᠪᠦᠭᠡᠨ ᠣᠷᠤᠨ ᠳᠡᠭᠡᠷ᠎ᠡ ᠪᠡᠨ ᠬᠡᠪᠲᠡᠵᠦ ᠪᠠᠢᠪᠠ᠃ ᠨᠠᠮᠠᠢ ᠣᠷᠤᠮᠠᠭᠴᠠ ᠥᠨᠳᠡᠢᠵᠦ ᠪᠣᠰᠤᠭᠠᠳ ᠶᠡᠬᠡᠯ᠎ᠡ ᠪᠠᠶᠠᠷᠯᠠᠭᠰᠠᠨ ᠪᠠᠢᠳᠠᠯ ᠲᠠᠢ᠄

«ᠠᠢ ᠳ᠋ᠠ︕ ᠴᠢ ᠬᠦᠷᠦᠭᠡᠳ ᠢᠷᠡᠭᠰᠡᠨ ᠶᠤᠮ ᠤᠤ︖ ᠬᠥᠭᠰᠢᠨ ᠠᠬ᠎ᠠ ᠴᠢᠨᠢ ᠴᠢᠮᠠᠢ ᠨᠢᠭᠡ ᠬᠦᠷᠦᠭᠡᠳ ᠢᠷᠡᠬᠦ ᠪᠣᠯᠪᠠ ᠤᠤ ᠭᠡᠵᠦ ᠪᠣᠳᠤᠵᠤ ᠪᠠᠢᠭᠰᠠᠨ ᠶᠤᠮ» ᠭᠡᠵᠦ ᠬᠡᠯᠡᠭᠡᠳ᠄

«ᠬᠦᠶᠢ᠂ ᠪᠤᠵᠢᠳ︕ ᠲᠦᠷᠭᠡᠨ ᠬᠠᠯᠠᠭᠤᠨ ᠴᠠᠢ ᠠᠶᠠᠭᠠᠯᠠ︕» ᠭᠡᠪᠡ᠃ ᠰᠢᠯᠢᠭ᠌ ᠡᠪᠦᠭᠡᠨ ᠣᠳᠣ ᠨᠡᠯᠢᠶᠡᠳ ᠨᠠᠰᠤᠵᠢᠭᠰᠠᠨ ᠪᠠᠢᠳᠠᠯ ᠲᠠᠢ ᠪᠣᠯᠵᠠᠢ᠃ ᠲᠡᠭᠦᠨ ᠦ ᠲᠥᠪ ᠲᠥᠭᠦᠷᠢᠭ᠌ ᠴᠢᠷᠠᠢ᠂ ᠲᠠᠷᠪᠤᠰ ᠰᠢᠭ ᠲᠣᠮᠤ ᠲᠣᠯᠤᠭᠠᠢ ᠨᠢ ᠨᠢᠭᠡᠯᠡ ᠵᠢᠵᠢᠭ᠌ ᠶᠠᠭᠤᠮ᠎ᠠ ᠪᠣᠯᠵᠤ᠂ ᠠᠷᠠᠰᠤᠨ ᠶᠠᠰᠤᠨ ᠳᠠᠭᠠᠨ ᠬᠠᠲᠠᠵᠤ᠂ ᠦᠰᠦ ᠨᠢ ᠴᠠᠢᠵᠤ᠂ ᠭᠦᠨ ᠤᠬᠤᠷᠬᠠᠢ ᠳᠣᠲᠤᠷᠠᠬᠢ ᠨᠢᠳᠦ ᠨᠢ ᠠᠨᠢᠯᠳᠤᠭᠠᠳ ᠵᠣᠪᠬᠢ ᠪᠠᠷ ᠢᠶᠡᠨ ᠤᠯᠠᠢᠭᠰᠠᠨ ᠪᠠᠢᠪᠠ᠃ ᠲᠡᠭᠦᠨ ᠦ ᠡᠨᠡ ᠪᠠᠢᠳᠠᠯ ᠢ ᠦᠵᠡᠪᠡᠯ ᠦᠨᠡᠬᠡᠷ ᠬᠥᠮᠦᠨ ᠦ ᠰᠠᠨᠠᠭ᠎ᠠ ᠶᠢ ᠵᠣᠪᠠᠭᠠᠨ᠎ᠠ᠃ ᠲᠡᠭᠡᠭᠡᠳ ᠪᠢ᠄

«ᠬᠥᠭᠰᠢᠨ ᠠᠬ᠎ᠠ ᠲᠠ ᠣᠷᠴᠢᠮ ᠡᠴᠡ ᠨᠠᠭᠠᠷᠤ ᠡᠷᠡᠭᠦᠯ ᠮᠡᠨᠳᠦ ᠦᠦ︖» ᠭᠡᠵᠦ ᠮᠡᠨᠳᠦ ᠰᠤᠷᠠᠬᠤ ᠳᠤ ᠰᠢᠯᠢᠭ᠌ ᠪᠠᠶᠠᠷᠯᠠᠨ ᠢᠨᠢᠶᠡᠵᠦ᠄

«ᠰᠠᠢᠨ ᠰᠠᠢᠨ︕ ᠨᠠᠮ ᠤᠨ ᠠᠴᠢ ᠣᠯᠠᠨ ᠤ ᠪᠤᠶᠠᠨ ᠳᠤ ᠲᠤᠩ ᠰᠠᠢᠨ ᠶᠠᠪᠤᠵᠤ ᠪᠠᠢᠨ᠎ᠠ» ᠭᠡᠯ᠎ᠡ᠃

«ᠣᠳᠣ ᠶᠠᠭᠠᠬᠢᠵᠤ ᠠᠮᠢᠳᠤᠷᠠᠵᠤ ᠪᠠᠢᠨ᠎ᠠ︖»

«ᠪᠢ ᠡᠮᠡᠭᠡᠨ ᠲᠠᠢ ᠪᠡᠨ ᠨᠢᠭᠡ ᠠᠷᠭ᠎ᠠ ᠪᠣᠳᠤᠵᠤ ᠣᠯᠪᠠ᠃ ᠪᠢ ᠣᠳᠣ ᠪᠤᠰᠤᠳ ᠠᠵᠢᠯ ᠢ ᠬᠢᠵᠦ ᠴᠢᠳᠠᠬᠤ ᠦᠭᠡᠢ᠂ ᠪᠠᠷᠢᠭᠠᠳᠠ ᠶᠢᠨ ᠥᠷᠢ ᠵᠠᠩ ᠢ ᠪᠠᠰᠠ ᠬᠠᠷᠢᠭᠤᠯᠤᠭᠠᠳ ᠦᠭᠡᠢ᠂ ᠲᠡᠢᠮᠦ ᠡᠴᠡ ᠭᠠᠬᠠᠢ ᠣᠯᠵᠤ ᠢᠷᠡᠭᠡᠳ ᠲᠡᠵᠢᠭᠡᠵᠦ ᠲᠡᠭᠦᠨ ᠢᠶᠡᠷ ᠨᠢᠭᠡ ᠲᠡᠩᠬᠡᠵᠢᠶ᠎ᠡ ᠭᠡᠵᠦ ᠪᠣᠳᠤᠵᠤ ᠪᠠᠢᠨ᠎ᠠ» ᠭᠡᠪᠡ᠃ ᠪᠤᠵᠢᠳ᠄

«ᠴᠢ ᠮᠠᠷᠭᠠᠰᠢ ᠲᠡᠷᠡ ᠴᠡᠷᠢᠭ᠌ ᠦᠨ ᠥᠭᠳᠡᠭ ᠪᠣᠯᠤᠭᠰᠠᠨ ᠬᠡᠳᠦᠨ ᠭᠠᠬᠠᠢ ᠶᠢᠨ ᠲᠣᠷᠤᠢ ᠶᠢ ᠠᠪᠴᠤ ᠢᠷᠡᠬᠦ ᠦᠭᠡᠢ ᠦᠦ︖» ᠭᠡᠪᠡ᠃

«ᠪᠢᠳᠡᠨ ᠤᠷᠢᠳᠠᠪᠠᠷ ᠨᠠᠷᠢᠨ ᠪᠣᠳᠤᠬᠤ ᠬᠡᠷᠡᠭᠲᠡᠢ᠂ ᠠᠷᠪᠠᠨ ᠭᠠᠬᠠᠢ ᠭᠡᠵᠦ ᠪᠣᠳᠤᠶ᠎ᠠ᠃ ᠲᠡᠭᠦᠨ ᠡᠴᠡ ᠣᠯᠠᠨ ᠪᠣᠯ ᠠᠮᠠᠷ ᠪᠢᠰᠢ᠃ ᠭᠠᠬᠠᠢ ᠶᠢᠨ ᠢᠳᠡᠬᠦ ᠪᠤᠳᠠᠭ᠎ᠠ ᠭᠡᠵᠦ ᠪᠠᠭ᠎ᠠ ᠦᠭᠡᠢ ᠰᠢᠦ᠃ ᠮᠠᠨᠠᠢᠬᠢᠨ ᠰᠢᠭ ᠠᠢᠯ ᠲᠡᠵᠢᠭᠡᠬᠦ ᠳᠦ ᠬᠦᠴᠢᠷᠲᠡᠢ ᠪᠣᠯᠪᠠᠴᠤ ᠶᠠᠮᠠᠷ ᠠᠷᠭ᠎ᠠ ᠪᠠᠢᠨ᠎ᠠ︖ ᠲᠡᠵᠢᠭᠡᠬᠦ ᠯᠡ ᠬᠡᠷᠡᠭ᠌᠃»

«ᠲᠡᠭᠡᠪᠡᠯ ᠠᠷᠪᠠ ᠲᠡᠵᠢᠭᠡᠬᠦ ᠬᠡᠷᠡᠭ᠌ ᠦᠭᠡᠢ᠂ ᠳᠥᠷᠪᠡ ᠲᠠᠪᠤ ᠪᠣᠯᠤᠭᠰᠠᠨ ᠴᠤ ᠪᠣᠯᠤᠨ᠎ᠠ᠃»

«ᠦᠭᠡᠢ᠂ ᠵᠠᠪᠠᠯ ᠠᠷᠪᠠ ᠲᠡᠵᠢᠭᠡᠬᠦ ᠶᠤᠮ᠃ ᠠᠯᠢ ᠨᠢᠭᠡ ᠵᠢᠯ ᠳᠦ ᠭᠠᠬᠠᠢ ᠶᠢ ᠶᠡᠬᠡ ᠴᠦ ᠪᠢᠰᠢ᠂ ᠪᠠᠭ᠎ᠠ ᠴᠤ ᠪᠢᠰᠢ᠂ ᠵᠠᠭᠤᠨ ᠲᠥᠭᠦᠷᠢᠭ᠌ ᠭᠡᠵᠦ ᠪᠣᠳᠤᠪᠠᠯ ᠵᠢᠯ ᠳᠡᠭᠡᠨ ᠵᠢᠷᠭᠤᠭ᠎ᠠ ᠬᠤᠳᠠᠯᠳᠤᠪᠠᠯ ᠵᠢᠷᠭᠤᠭᠠᠨ ᠵᠠᠭᠤᠨ ᠲᠥᠭᠦᠷᠢᠭ᠌ ᠣᠯᠬᠤ ᠶᠤᠮ» ᠭᠡᠬᠦ ᠳᠦ ᠪᠤᠵᠢᠳ ᠪᠠᠶᠠᠷᠯᠠᠨ᠄

«ᠵᠠᠭᠤᠨ ᠲᠥᠭᠦᠷᠢᠭ᠌ ᠪᠣᠯᠪᠠᠯ ᠠᠷᠪᠠᠨ ᠭᠠᠬᠠᠢ ᠬᠤᠳᠠᠯᠳᠤᠪᠠᠯ ᠬᠡᠳᠦᠢ ᠲᠥᠭᠦᠷᠢᠭ᠌ ᠪᠣᠯᠬᠤ ᠪᠤᠢ︖» ᠭᠡᠵᠦ ᠠᠰᠠᠭᠤᠪᠠ᠃

«ᠪᠦᠭᠦᠳᠡ ᠶᠢ ᠬᠤᠳᠠᠯᠳᠤᠵᠤ ᠣᠷᠬᠢᠭᠠᠳ᠂ ᠳᠠᠬᠢᠵᠤ ᠴᠢᠮ᠎ᠠ ᠪᠠᠷ ᠲᠥᠷᠦᠭᠦᠯᠬᠦ ᠦᠦ︖» ᠭᠡᠵᠦ ᠰᠢᠯᠢᠭ᠌ ᠠᠭᠤᠷᠯᠠᠪᠠ᠃ ᠢᠩᠭᠢᠭᠡᠳ ᠰᠢᠯᠢᠭ᠌ ᠡᠪᠦᠭᠡᠨ ᠥᠲᠡᠯᠦᠭᠡ ᠨᠠᠰᠤᠨ ᠳᠠᠭᠠᠨ ᠭᠠᠬᠠᠢ ᠲᠡᠵᠢᠭᠡᠵᠦ«ᠪᠠᠶᠠᠵᠢᠬᠤ» ᠵᠠᠮ ᠳᠤ ᠣᠷᠤᠪᠠ᠃

ᠪᠢ ᠲᠡᠭᠦᠨ ᠦ ᠬᠠᠮᠤᠭ ᠰᠡᠭᠦᠯ ᠦᠨ ᠠᠮᠢᠳᠤᠷᠠᠯ ᠢ ᠮᠡᠳᠡᠵᠦ ᠴᠢᠳᠠᠭᠰᠠᠨ ᠦᠭᠡᠢ᠃«ᠰᠢᠯᠢᠭ᠌ ᠡᠪᠦᠭᠡᠨ ᠪᠠᠷᠢᠭᠠᠳᠠ ᠶᠢᠨ ᠨᠢᠭᠡ ᠴᠠᠷ (ᠱᠠᠷ) ᠢ ᠡᠭᠦᠳᠡᠨ ᠳᠡᠭᠡᠷ᠎ᠡ ᠪᠡᠨ ᠤᠶᠠᠵᠤ ᠪᠠᠢᠭᠠᠳ ᠠᠮᠢᠳᠤ ᠪᠠᠷ ᠥᠯᠪᠡᠷᠦᠭᠦᠯᠵᠦ ᠠᠯᠠᠪᠠ»᠂«ᠰᠢᠯᠢᠭ᠌ ᠡᠪᠦᠭᠡᠨ ᠡᠪᠦᠯ ᠤᠨ ᠢᠳᠡᠰᠢ ᠬᠢᠬᠦ ᠪᠣᠯᠤᠭᠰᠠᠨ ᠪᠦᠳᠦᠭᠦᠨ ᠦᠬᠡᠷ ᠢᠶᠡᠨ ᠤᠰᠤᠨ ᠳᠤ ᠲᠠᠯᠪᠢᠵᠠᠢ»᠂«ᠰᠢᠯᠢᠭ᠌ ᠡᠪᠦᠭᠡᠨ ᠪᠣᠷᠤ ᠰᠢᠯᠢ ᠶᠢᠨ ᠡᠩᠭᠡᠷ ᠲᠦ ᠰᠤᠪᠠᠭ ᠲᠠᠲᠠᠵᠤ ᠲᠠᠷᠪᠠᠭ᠎ᠠ ᠤᠰᠤᠯᠠᠭᠠᠳ ᠠᠯᠠᠵᠤ ᠪᠠᠢᠨ᠎ᠠ»᠂«ᠰᠢᠯᠢᠭ᠌ ᠡᠪᠦᠭᠡᠨ ᠠᠷᠠᠯ ᠡᠴᠡ ᠭᠠᠯᠠᠭᠤᠨ ᠤ ᠥᠨᠳᠡᠭᠡ ᠣᠯᠤᠭᠠᠳ ᠬᠢᠲᠠᠳ ᠬᠥᠮᠦᠨ ᠳᠦ ᠬᠤᠳᠠᠯᠳᠤᠵᠤ ᠪᠠᠢᠨ᠎ᠠ»᠂«ᠰᠢᠯᠢᠭ᠌ ᠡᠪᠦᠭᠡᠨ ᠮᠥᠭᠦ ᠲᠡᠭᠦᠭᠡᠳ ᠬᠤᠳᠠᠯᠳᠤᠵᠤ ᠪᠠᠢᠨ᠎ᠠ»᠂«ᠰᠢᠯᠢᠭ᠌ ᠡᠪᠦᠭᠡᠨ ᠡᠮ ᠦᠨ ᠡᠪᠡᠰᠦ ᠲᠡᠭᠦᠭᠡᠳ᠂ ᠬᠤᠳᠠᠯᠳᠤᠵᠤ ᠪᠠᠢᠨ᠎ᠠ»᠂«ᠰᠢᠯᠢᠭ᠌ ᠡᠪᠦᠭᠡᠨ ᠁» ᠭᠡᠳᠡᠭ᠌ ᠡᠯᠳᠡᠪ ᠴᠢᠮᠡᠭᠡ ᠰᠣᠨᠤᠰᠤᠭᠰᠠᠨ ᠪᠣᠯᠪᠠᠴᠤ ᠡᠳᠡᠭᠡᠷ ᠵᠥᠭᠡᠭᠡᠪᠦᠷᠢ ᠴᠢᠮᠡᠭᠡ ᠳᠣᠲᠤᠷ᠎ᠠ«ᠰᠢᠯᠢᠭ᠌ ᠡᠪᠦᠭᠡᠨ ᠭᠠᠬᠠᠢ ᠲᠡᠵᠢᠭᠡᠭᠡᠳ ᠬᠤᠳᠠᠯᠳᠤᠭᠰᠠᠨ» ᠴᠢᠮᠡᠭᠡ ᠶᠢ ᠣᠯᠵᠤ ᠰᠣᠨᠤᠰᠤᠭᠰᠠᠨ ᠦᠭᠡᠢ ᠪᠢ᠃ ᠰᠢᠯᠢᠭ᠌ ᠡᠪᠦᠭᠡᠨ ᠣᠳᠣ ᠨᠢᠭᠡᠨᠲᠡ ᠬᠥᠮᠦᠨ ᠦ ᠶᠢᠷᠲᠢᠨᠴᠦ ᠡᠴᠡ ᠬᠠᠭᠠᠴᠠᠵᠠᠢ᠃ ᠠᠢ᠂ ᠬᠥᠭᠡᠷᠦᠬᠦᠢ ᠳ᠋ᠡ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082