ᠮᠣᠩᠭᠣᠯ ᠪᠢᠴᠢᠭ᠌

ᠡᠷᠢᠶ᠎ᠡ  
ᠪᠤᠴᠠᠬᠤ

ᠰᠡᠲᠡᠷᠯᠡᠭ᠌ᠰᠡᠨ ᠬᠣᠶᠠᠷ ᠢᠮᠠᠭ᠎ᠠ

ᠰᠣᠳᠨᠠᠮ

ᠨᠢᠭᠡ

ᠡᠷᠲᠡ ᠤᠷᠢᠳᠤ ᠴᠠᠭ ᠲᠤ ᠨᠢᠭᠡᠨ ᠠᠢᠯ ᠤᠨ ᠰᠦᠷᠦᠭ ᠳᠡᠭᠡᠷ᠎ᠡ ᠬᠣᠶᠠᠷ ᠪᠦᠳᠦᠭᠦᠨ ᠡᠷ᠎ᠡ ᠢᠮᠠᠭ᠎ᠠ ᠪᠠᠢᠵᠢ ᠭᠡᠨ᠎ᠡ᠃ ᠨᠢᠭᠡ ᠨᠢ ᠪᠤᠭᠤ ᠶᠢᠨ ᠴᠢᠨᠡᠭᠡ ᠪᠡᠶ᠎ᠡ ᠲᠠᠢ᠂ ᠪᠣᠯᠤᠳ ᠰᠡᠯᠡᠮ᠎ᠡ ᠡᠪᠡᠷᠲᠡᠢ᠂ ᠦᠵᠡᠬᠦ ᠳᠦ ᠦᠵᠡᠮᠵᠢ ᠲᠠᠢ ᠪᠦᠭᠡᠳ ᠰᠦᠷᠲᠡᠢ ᠴᠠᠭᠠᠨ ᠢᠮᠠᠭ᠎ᠠ ᠠᠵᠢ᠃ ᠨᠥᠭᠦᠭᠡ ᠨᠢ ᠪᠢᠷᠠᠭᠤ ᠮᠡᠲᠦ ᠪᠡᠶ᠎ᠡ ᠲᠠᠢ᠂ ᠮᠤᠬᠤᠷ ᠲᠣᠯᠤᠭᠠᠢ ᠲᠠᠢ᠂ ᠬᠠᠷᠠᠬᠤ ᠳᠤ ᠬᠠᠴᠢᠨ ᠬᠦᠳᠡᠷ ᠪᠥᠭᠡᠳ ᠮᠤᠨᠳᠠᠭ ᠬᠥᠬᠡ ᠢᠮᠠᠭ᠎ᠠ ᠠᠵᠤᠭᠤ᠃ ᠡᠨᠡ ᠬᠣᠶᠠᠷ ᠢᠮᠠᠭ᠎ᠠ ᠤᠯᠠᠷᠢᠯ ᠤᠨ ᠭᠠᠮᠰᠢᠭ ᠲᠤ ᠣᠯᠠᠨ ᠤ ᠡᠮᠦᠨ᠎ᠡ ᠣᠷᠤᠵᠤ᠂ ᠴᠠᠭ ᠤᠨ ᠬᠠᠲᠠᠭᠤ ᠳᠤ ᠰᠦᠷᠦᠭ ᠢᠶᠡᠨ ᠳᠠᠭᠠᠭᠤᠯᠤᠨ ᠪᠡᠯᠴᠢᠳᠡᠭ᠌ ᠲᠤᠯᠠ ᠡᠵᠡᠨ ᠳᠡᠭᠡᠨ ᠲᠦᠰᠢᠭ᠌ ᠪᠣᠯᠵᠤ ᠰᠦᠷᠦᠭ᠌ ᠲᠡᠭᠡᠨ ᠰᠦᠯᠳᠡ ᠪᠣᠯᠵᠤ ᠪᠠᠢᠵᠠᠢ᠃ ᠡᠪᠦᠭᠡᠨ ᠬᠣᠨᠢᠴᠢᠨ ᠮᠠᠰᠢ ᠶᠡᠬᠡ ᠪᠠᠶᠠᠷᠯᠠᠵᠤ᠄«ᠤᠤᠬᠠᠢ ᠳ᠋ᠠ᠂ ᠡᠪᠦᠭᠡᠨ ᠪᠢ ᠥᠲᠡᠯᠦᠭᠡ ᠪᠣᠯᠲᠠᠯ᠎ᠠ ᠢᠮᠠᠭ᠎ᠠ ᠬᠠᠷᠢᠭᠤᠯᠵᠤ ᠶᠠᠪᠤᠬᠤ ᠳ᠋ᠠᠭᠠᠨ ᠶᠡᠷᠦ ᠨᠢ ᠡᠢᠮᠦ ᠰᠠᠢᠨ ᠢᠮᠠᠭ᠎ᠠ ᠲᠠᠢ ᠪᠣᠯᠵᠤ ᠦᠵᠡᠭᠡ ᠦᠭᠡᠢ᠃ ᠬᠥᠭᠡᠷᠦᠬᠦᠢ᠂ ᠬᠥᠭᠡᠷᠦᠬᠦᠢ᠂ ᠰᠦᠷᠦᠭ᠌ ᠦᠨ ᠮᠢᠨᠢ ᠰᠦᠯᠳᠡ ᠪᠣᠯᠵᠤ ᠶᠠᠪᠤ︕» ᠭᠡᠳ ᠲᠠᠪᠤᠨ ᠥᠩᠭᠡ ᠶᠢᠨ ᠭ᠋ᠬᠢᠪ ᠬᠠᠳᠠᠭ ᠢᠶᠡᠷ ᠰᠡᠲᠡᠷ ᠬᠢᠵᠦ ᠬᠣᠶᠠᠭᠤᠯᠠ ᠶᠢᠨ ᠬᠦᠵᠦᠭᠦᠨ ᠳᠤᠨᠢ ᠵᠡᠭᠦᠯᠭᠡᠵᠦ ᠥᠭᠴᠡᠢ᠃ ᠢᠩᠭᠢᠭᠡᠳ ᠰᠡᠯᠡᠮ᠎ᠡ ᠡᠪᠡᠷᠲᠡᠢ ᠴᠠᠭᠠᠨ ᠢᠮᠠᠭ᠎ᠠ ᠪᠣᠯᠤᠨ ᠮᠤᠬᠤᠷ ᠲᠣᠯᠤᠭᠠᠢ ᠲᠠᠢ ᠬᠥᠬᠡ ᠢᠮᠠᠭ᠎ᠠ ᠬᠣᠶᠠᠷ ᠲᠡᠭᠷᠢ ᠶᠢᠨ ᠬᠡᠰᠢᠭ᠌ ᠢ ᠡᠳ᠋ᠯᠡᠬᠦ ᠪᠣᠯᠵᠤ᠂ ᠶᠠᠷᠭᠠᠴᠢᠨ ᠤ ᠬᠢᠲᠤᠭ᠎ᠠ ᠡᠪᠴᠢᠭᠦᠨ ᠳᠤᠨᠢ ᠴᠢᠭᠯᠡᠬᠦ ᠦᠭᠡᠢ᠂ ᠢᠮᠠᠭᠠᠴᠢᠨ ᠤ ᠰᠢᠯᠪᠢᠭᠦᠷ ᠪᠡᠶ᠎ᠡ ᠳᠡᠭᠡᠷ᠎ᠡ ᠨᠢ ᠬᠦᠷᠬᠦ ᠦᠭᠡᠢ ᠪᠣᠯᠤᠭᠠᠳ ᠨᠢᠭᠡᠮᠦᠰᠦᠨ ᠪᠤᠬᠠᠰᠢᠨ ᠲᠠᠷᠯᠠᠪᠠ᠃

ᠥᠷᠯᠦᠭᠡ ᠪᠦᠷᠢ ᠬᠣᠨᠢ ᠢᠮᠠᠭ᠎ᠠ ᠭᠠᠷᠬᠤ ᠳᠤ ᠴᠠᠭᠠᠨ ᠢᠮᠠᠭ᠎ᠠ ᠳᠡᠷᠡᠯᠵᠡᠨ ᠰᠡᠷᠡᠯᠵᠡᠵᠦ᠂ ᠬᠥᠬᠡ ᠢᠮᠠᠭ᠎ᠠ ᠣᠨᠳᠤᠯᠵᠠᠨ ᠰᠠᠭᠰᠠᠯᠵᠠᠭᠰᠠᠭᠠᠷ ᠰᠦᠷᠦᠭ ᠦᠨ ᠲᠦᠷᠦᠭᠦᠨ ᠳᠦ ᠣᠷᠤᠵᠤ ᠪᠡᠯᠴᠢᠭᠡᠷ ᠵᠦᠭ᠌ ᠴᠢᠭᠯᠡᠬᠦ ᠳᠦ᠂ ᠬᠣᠨᠢ ᠢᠮᠠᠭᠠᠳ ᠢᠪᠡᠷᠡᠨ ᠴᠤᠪᠤᠷᠠᠵᠤ ᠱᠣᠵᠢᠷ ᠱᠣᠵᠢᠷ ᠠᠯᠬᠤᠯᠠᠨ᠎ᠠ᠃ ᠬᠡᠭᠡᠷ᠎ᠡ ᠲᠠᠯ᠎ᠠ ᠪᠠᠷ ᠲᠠᠷᠬᠠᠨ ᠪᠡᠯᠴᠢᠭᠰᠡᠨ ᠬᠣᠨᠢᠳ ᠡᠨᠳᠡ ᠲᠡᠨᠳᠡ ᠪᠥᠭᠡᠮᠨᠡᠷᠡᠨ ᠲᠠᠪᠠᠲᠠᠢ ᠰᠠᠢᠬᠠᠨ ᠲᠣᠭᠲᠠᠨ ᠢᠳᠡᠰᠢᠯᠡᠵᠦ ᠪᠠᠢᠬᠤ ᠳᠤ᠂ ᠡᠨᠡ ᠬᠣᠶᠠᠷ ᠢᠮᠠᠭ᠎ᠠ ᠡᠪᠡᠰᠦᠨ ᠦ ᠰᠤᠷ ᠢ ᠰᠠᠷᠮᠠᠨ ᠢᠳᠡᠵᠦ ᠤᠰᠤᠨ ᠤ ᠲᠤᠩᠭᠠᠯᠠᠭ ᠢ ᠰᠢᠮᠡᠨ ᠤᠤᠭᠤᠭᠠᠳ ᠰᠦᠷᠦᠭ ᠦᠨ ᠳᠤᠮᠳᠠᠭᠤᠷ ᠨᠠᠰᠢ ᠴᠠᠰᠢ ᠬᠡᠭᠵᠡᠢᠯᠵᠡᠨ ᠰᠡᠭᠡᠷ ᠪᠣᠰᠭᠠᠨ ᠲᠡᠨᠦᠯᠵᠡᠨ ᠠᠯᠬᠤᠨ᠎ᠠ᠃ ᠬᠣᠨᠢᠳ ᠤᠨ ᠳᠡᠷᠭᠡᠳᠡᠭᠦᠷ ᠰᠡᠷᠭᠡᠯᠵᠡᠨ ᠥᠩᠭᠡᠷᠡᠬᠦ ᠣᠮᠤᠭᠯᠠᠭᠤᠨ ᠪᠠᠢᠳᠠᠯ ᠢ ᠨᠢ ᠦᠵᠡᠪᠡᠯ«ᠪᠢ ᠪᠣᠯ ᠲᠡᠭᠷᠢ ᠶᠢᠨ ᠲᠠᠭᠠᠯᠠᠯ ᠲᠠᠢ ᠠᠮᠢᠲᠠᠨ᠂ ᠲᠠ ᠨᠠᠷ ᠪᠣᠯ ᠭᠠᠵᠠᠷ ᠤᠨ ᠵᠠᠶᠠᠭ᠎ᠠ ᠲᠠᠢ ᠠᠳᠤᠭᠤᠰᠤ︕» ᠬᠡᠮᠡᠨ ᠥᠭᠦᠯᠡᠬᠦ ᠮᠡᠲᠦ ᠪᠣᠯᠠᠢ᠃ ᠲᠦᠮᠡᠨ ᠬᠣᠨᠢᠨ ᠤ ᠳᠤᠮᠳᠠ ᠲᠡᠳᠡᠨ ᠡᠴᠡ ᠰᠦᠷᠲᠡᠢ ᠠᠮᠢᠲᠠᠨ ᠦᠭᠡᠢ ᠲᠤᠯᠠ ᠡᠳᠡ ᠬᠣᠶᠠᠷ ᠴᠤ ᠥᠪᠡᠷ ᠦᠨ ᠪᠡᠶ᠎ᠡ ᠳᠡᠭᠡᠨ ᠦᠯᠡᠮᠵᠢ ᠡᠷᠡᠮᠰᠢᠬᠦ ᠪᠣᠯᠵᠤᠬᠤᠢ᠃ ᠦᠳᠡᠰᠢ ᠪᠣᠯᠵᠤ ᠬᠣᠨᠢᠨ ᠰᠦᠷᠦᠭ ᠬᠣᠲᠠᠨ ᠳᠠᠭᠠᠨ ᠪᠤᠴᠠᠬᠤ ᠳᠤ᠂ ᠡᠨᠡ ᠬᠣᠶᠠᠷ ᠪᠠᠰᠠ ᠰᠦᠷᠦᠭ ᠢᠶᠡᠨ ᠳᠠᠭᠠᠭᠤᠯᠵᠤ ᠮᠥᠷᠭᠦᠯᠳᠦᠨ ᠬᠠᠪᠢᠷᠤᠯᠳᠤᠭᠰᠠᠭᠠᠷ ᠬᠣᠲᠠ ᠪᠠᠨ ᠴᠢᠭᠯᠡᠨ᠎ᠡ᠃ ᠪᠤᠰᠤᠳ ᠬᠣᠨᠢ ᠢᠮᠠᠭ᠎ᠠ ᠳᠠᠭᠠᠯᠳᠤᠨ ᠢᠷᠡᠵᠦ ᠳᠡᠷᠭᠡᠳᠡ ᠨᠢ ᠣᠴᠢᠪᠠᠯ ᠡᠷᠭᠢᠨ ᠬᠠᠷᠠᠵᠤ«ᠨᠠᠳᠠ ᠡᠴᠡ ᠵᠠᠢᠲᠠᠢ ᠶᠠᠪᠤ︕» ᠭᠡᠰᠡᠨ ᠮᠠᠶᠢ᠍ᠭᠲᠠᠢ ᠰᠡᠵᠢᠨ ᠶᠠᠪᠤᠭᠤᠯᠤᠨ᠎ᠠ᠃ ᠪᠤᠰᠤᠳ ᠬᠣᠨᠢᠳ ᠴᠤ ᠲᠡᠳᠡᠨ ᠦ ᠬᠠᠭᠠᠰ ᠵᠡᠷᠯᠢᠭ᠌ ᠪᠠᠢᠳᠠᠯ ᠢᠯᠡᠷᠡᠭᠰᠡᠨ ᠭᠥᠯᠢᠢᠨ ᠰᠢᠷᠲᠡᠬᠦ ᠴᠡᠩᠬᠡᠷ ᠬᠥᠬᠡ ᠨᠢᠳᠦᠨ ᠡᠴᠡ ᠨᠢ ᠠᠶᠤᠨ ᠵᠠᠢᠯᠠᠵᠤ᠂ ᠭᠠᠵᠠᠷ ᠬᠠᠷᠠᠨ ᠳᠣᠩᠭᠤᠰ ᠳᠣᠩᠭᠤᠰ ᠠᠯᠬᠤᠯᠠᠨ ᠳᠠᠭᠠᠵᠤ ᠴᠤᠪᠤᠷᠠᠨ᠎ᠠ᠃

ᠬᠥᠬᠡ᠂ ᠴᠠᠭᠠᠨ ᠢᠮᠠᠭ᠎ᠠ ᠢᠩᠭᠢᠵᠦ ᠰᠡᠲᠡᠷ ᠬᠡᠢᠰᠭᠡᠨ ᠬᠠᠪᠢᠷᠤᠯᠳᠤᠵᠤ ᠶᠠᠪᠤᠭᠰᠠᠭᠠᠷ᠂ ᠬᠣᠵᠢᠮ ᠨᠢ ᠪᠣᠯᠤᠭᠠᠳ ᠵᠠᠮ ᠪᠤᠯᠢᠶᠠᠯᠳᠤᠨ ᠮᠥᠷᠭᠦᠯᠳᠦᠬᠦ ᠪᠣᠯᠪᠠ᠃ ᠲᠦᠮᠡᠨ ᠬᠣᠨᠢ ᠴᠤᠪᠤᠷᠠᠵᠤ ᠪᠠᠭᠲᠠᠮᠠᠷ ᠶᠡᠬᠡ ᠵᠠᠮ ᠨᠢ ᠡᠨᠡ ᠬᠣᠶᠠᠷ ᠲᠤ ᠨᠠᠷᠢᠳᠠᠭᠰᠠᠨ ᠪᠠᠢᠵᠠᠢ᠃ ᠴᠠᠭᠠᠨ ᠢᠮᠠᠭ᠎ᠠ ᠰᠡᠭᠡᠷ ᠡᠪᠡᠷ ᠢᠶᠡᠨ ᠰᠡᠷᠡᠯᠵᠡᠭᠦᠯᠦᠨ ᠰᠦᠷᠦᠭ ᠦᠨ ᠲᠦᠷᠦᠭᠦᠨ ᠳᠦ ᠣᠷᠤᠬᠤ ᠳᠤ ᠮᠤᠬᠤᠷ ᠬᠥᠬᠡ ᠲᠡᠭᠦᠨ ᠢ ᠬᠥᠨᠳᠡᠯᠢᠳᠲᠡᠯ᠎ᠡ ᠨᠢ ᠨᠦᠳᠦᠵᠦ ᠣᠷᠬᠢᠭᠠᠳ ᠡᠮᠦᠨ᠎ᠡ ᠨᠢ ᠭᠠᠷᠤᠨ᠎ᠠ᠃ ᠲᠡᠭᠡᠬᠦᠯᠡᠷ ᠠᠭᠤᠷ ᠬᠢᠯᠢᠩ ᠲᠥᠷᠦᠭᠰᠡᠨ ᠴᠠᠭᠠᠨ ᠢᠮᠠᠭ᠎ᠠ ᠨᠠᠢᠷ ᠲᠠᠯᠪᠢᠯ ᠦᠭᠡᠢ ᠭᠦᠶᠦᠵᠦ ᠬᠦᠷᠦᠭᠡᠳ ᠰᠡᠵᠢᠵᠦ ᠵᠠᠢᠯᠠᠭᠤᠯᠤᠨ᠂ ᠮᠥᠨ ᠰᠦᠷᠦᠭ ᠦᠨ ᠲᠦᠷᠦᠭᠦᠨ ᠳᠦ ᠱᠣᠭᠰᠢᠨ᠎ᠠ᠃ ᠬᠣᠶᠠᠷ ᠢᠮᠠᠭ᠎ᠠ ᠬᠠᠷᠢᠯᠴᠠᠨ ᠵᠠᠮ ᠬᠡᠷᠦᠭᠰᠡᠭᠡᠷ ᠪᠠᠢᠵᠤ᠂ ᠬᠠᠶᠠ ᠳ᠋ᠠᠭᠠᠨ ᠶᠠᠪᠤᠬᠤ ᠪᠠᠨ ᠪᠣᠯᠢᠭᠠᠳ ᠮᠥᠷᠭᠦᠯᠳᠦᠨ ᠡᠬᠢᠯᠡᠬᠦ ᠳᠦ ᠠᠷᠤ ᠳᠤᠨᠢ ᠳᠠᠭᠠᠭᠰᠠᠨ ᠬᠣᠨᠢᠳ ᠡᠳᠡ ᠬᠣᠶᠠᠷ ᠢ ᠦᠷᠭᠦᠵᠦ ᠰᠣᠴᠢᠭᠰᠠᠨ ᠪᠠᠢᠳᠠᠯ ᠲᠠᠢ ᠬᠠᠷᠠᠵᠤ ᠠᠪᠤᠭᠠᠳ ᠵᠠᠮ ᠢ ᠳᠠᠭᠠᠵᠤ ᠬᠠᠭᠠᠷᠠᠨ ᠴᠤᠪᠤᠵᠤ ᠬᠣᠲᠠ ᠤᠷᠤᠭᠤ ᠪᠠᠨ ᠶᠠᠪᠤᠨ᠎ᠠ᠃ ᠬᠥᠬᠡ ᠴᠠᠭᠠᠨ ᠬᠣᠶᠠᠷ ᠢᠮᠠᠭ᠎ᠠ᠂ ᠰᠦᠷᠦᠭ ᠦᠨ ᠰᠡᠭᠦᠯ ᠳᠦ ᠬᠣᠴᠤᠷᠤᠭᠠᠳ᠂ ᠢᠳᠡᠭᠰᠡᠨ ᠢᠶᠡᠨ ᠰᠢᠩᠭᠡᠭᠡᠵᠦ ᠲᠠᠷ ᠢᠶᠡᠨ ᠪᠠᠷᠠᠲᠠᠯ᠎ᠠ ᠮᠥᠷᠭᠦᠯᠳᠦᠭᠡᠳ᠂ ᠬᠡᠨ ᠠᠯᠢᠨ ᠢᠶᠡᠨ ᠳᠠᠢᠯᠵᠦ ᠴᠢᠳᠠᠬᠤ ᠦᠭᠡᠢ ᠪᠣᠯᠬᠤᠯᠠᠷ ᠭᠥᠨᠳᠡᠭ᠌ ᠰᠥᠨᠳᠡᠭ᠌ ᠠᠯᠬᠤᠯᠠᠨ ᠬᠦᠷᠢᠶ᠎ᠡ ᠬᠣᠲᠠᠨ ᠳ᠋ᠠᠭᠠᠨ ᠪᠤᠴᠠᠨ᠎ᠠ᠃

ᠡᠨᠡ ᠬᠣᠶᠠᠷ ᠢᠮᠠᠭ᠎ᠠ ᠮᠥᠷᠭᠦᠯᠳᠦᠵᠦ ᠪᠠᠢᠭᠰᠠᠨ ᠡᠴᠡ ᠪᠡᠨ ᠥᠰ ᠪᠠᠷᠢᠯᠳᠤᠵᠤ᠂ ᠬᠠᠪᠢᠷᠤᠯᠳᠤᠵᠤ ᠪᠠᠢᠭᠰᠠᠨ ᠡᠴᠡ ᠪᠡᠨ ᠬᠣᠷᠤᠰᠤᠯ ᠲᠠᠢ ᠪᠣᠯᠵᠤ ᠢᠷᠡᠯ᠎ᠡ᠃ ᠦᠳᠡᠰᠢ ᠰᠥᠨᠢ ᠶᠢᠨ ᠭᠦᠨ ᠣᠯᠠᠨ ᠬᠣᠨᠢᠳ ᠲᠠᠭᠠᠲᠠᠢ ᠰᠠᠢᠬᠠᠨ ᠬᠡᠪᠢᠨ ᠬᠡᠪᠲᠡᠵᠦ ᠪᠠᠢᠬᠤ ᠳᠤ᠂ ᠡᠳᠡ ᠬᠣᠶᠠᠷ ᠰᠢᠷ᠎ᠠ ᠲᠤᠶᠠᠭ᠎ᠠ ᠰᠠᠴᠤᠷᠠᠭᠤᠯᠤᠭᠰᠠᠨ ᠴᠡᠩᠬᠡᠷ ᠨᠢᠳᠦ ᠪᠡᠨ ᠭᠥᠯᠢᠢᠯᠵᠡᠭᠦᠯᠦᠨ᠄«ᠮᠠᠭᠤ ᠰᠡᠪᠡᠰᠦ ᠴᠢ ᠡᠨᠡ ᠰᠥᠨᠢ ᠴᠢᠨᠤ᠎ᠠ ᠶᠢᠨ ᠬᠣᠭᠤᠯᠠ ᠪᠣᠯᠤᠭᠠᠰᠠᠢ ᠳ᠋ᠠ︕» ᠭᠡᠵᠦ ᠬᠠᠷᠢᠯᠴᠠᠨ ᠵᠠᠨᠤᠯᠬᠢᠯᠠᠨ ᠬᠡᠪᠲᠡᠨ᠎ᠡ᠃

ᠲᠤᠩᠭᠠᠯᠠᠭ ᠰᠠᠢᠬᠠᠨ ᠬᠠᠪᠤᠷ ᠤᠨ ᠥᠷᠯᠦᠭᠡ᠂ ᠪᠡᠯᠴᠢᠭᠡᠷ ᠲᠦ ᠭᠠᠷᠤᠭᠰᠠᠨ ᠬᠣᠨᠢ ᠢᠮᠠᠭᠠᠳ ᠳᠣᠪᠤ ᠰᠣᠨᠳᠤᠤᠯᠠ ᠳᠡᠭᠡᠭᠦᠷ ᠲᠠᠷᠬᠠᠵᠤ᠂ ᠡᠳᠦᠷ ᠦᠨ ᠰᠠᠢᠬᠠᠨ ᠳᠤ ᠰᠢᠨ᠎ᠡ ᠰᠣᠷᠭᠤᠭ ᠡᠪᠡᠰᠦ ᠨᠣᠭᠤᠭ᠎ᠠ ᠶᠢ ᠲᠣᠯᠤᠭᠠᠢ ᠥᠨᠳᠡᠢᠯ ᠦᠭᠡᠢ ᠴᠢᠮᠬᠢᠯᠡᠨ ᠢᠳᠡᠰᠢᠯᠡᠵᠦ ᠪᠠᠢᠬᠤ ᠳᠤ ᠬᠥᠬᠡ ᠴᠠᠭᠠᠨ ᠬᠣᠶᠠᠷ ᠢᠮᠠᠭ᠎ᠠ᠂ ᠰᠦᠷᠦᠭ ᠦᠨ ᠳᠤᠮᠳᠠᠭᠤᠷ ᠡᠰᠢ ᠪᠡᠨ ᠬᠠᠷᠠᠵᠤ ᠲᠡᠰᠢ ᠪᠡᠨ ᠰᠣᠯᠢᠯᠴᠠᠨ᠂ ᠶᠠᠮᠠᠷ ᠨᠢᠭᠡᠨ ᠬᠡᠷᠡᠭ ᠲᠦ ᠴᠠᠭᠯᠠᠰᠢ ᠦᠭᠡᠢ ᠶᠠᠭᠠᠷᠠᠵᠤ ᠪᠠᠢᠭ᠎ᠠ ᠮᠡᠲᠦ ᠶᠠᠪᠤᠨ᠎ᠠ᠃ ᠬᠡᠳᠦᠨ ᠬᠡᠨᠵᠡ ᠬᠤᠷᠠᠭ᠎ᠠ ᠨᠣᠭᠤᠭᠠᠨ ᠳᠡᠷᠡᠰᠦᠨ ᠳᠡᠭᠡᠷ᠎ᠡ ᠪᠥᠭᠡᠮᠨᠡᠷᠡᠵᠦ ᠪᠠᠢᠬᠤ ᠶᠢ ᠪᠡᠯᠴᠢᠭᠡᠷ ᠦᠨ ᠰᠠᠢᠨ ᠢ ᠡᠵᠡᠷᠬᠡᠬᠦ ᠬᠤᠪᠢ ᠲᠠᠢ ᠴᠠᠭᠠᠨ ᠢᠮᠠᠭ᠎ᠠ ᠣᠯᠵᠤ ᠦᠵᠡᠮᠡᠭᠴᠡ ᠬᠦᠷᠴᠦ ᠣᠴᠢᠭᠠᠳ᠂ ᠪᠠᠭᠤᠷᠠᠢ ᠳᠣᠷᠤᠢ ᠬᠡᠨᠵᠡ ᠬᠤᠷᠠᠭ᠎ᠠ ᠨᠤᠭᠤᠳ ᠢ ᠰᠡᠵᠢᠨ ᠵᠠᠢᠯᠠᠭᠤᠯᠵᠤ ᠭᠠᠭᠴᠠᠭᠠᠷ ᠢᠶᠡᠨ ᠢᠳᠡᠰᠢᠯᠡᠵᠦ ᠭᠠᠷᠤᠯ᠎ᠠ᠃ ᠲᠡᠭᠡᠲᠡᠯ᠎ᠠ ᠬᠥᠬᠡ ᠢᠮᠠᠭ᠎ᠠ ᠴᠤ ᠪᠠᠰᠠ ᠳᠣᠩᠭᠤᠰ ᠳᠣᠩᠭᠤᠰ ᠠᠯᠬᠤᠯᠠᠨ ᠲᠣᠯᠤᠭᠠᠢ ᠰᠠᠵᠢᠯᠠᠨ ᠢᠷᠡᠬᠦ ᠳᠦ᠂ ᠰᠡᠷᠡᠭᠡᠷ ᠴᠠᠭᠠᠨ ᠢᠳᠡᠰᠢᠯᠡᠬᠦ ᠶᠢᠨ ᠬᠠᠮᠲᠤ ᠭᠥᠯᠢᠢᠨ ᠬᠠᠷᠠᠭᠠᠳ᠄«ᠮᠠᠭᠤ ᠲᠤᠷᠤᠰᠭ᠎ᠠ ᠴᠢ ᠲᠦᠷᠭᠡᠬᠡᠨ ᠵᠠᠢᠯᠠ︕ᠮᠢᠨᠦ ᠣᠯᠤᠭᠰᠠᠨ ᠪᠤᠲᠠ ᠡᠴᠡ ᠮᠥᠳᠳᠦᠬᠡᠨ ᠵᠠᠢᠯᠠᠬᠤ ᠦᠭᠡᠢ ᠪᠣᠯ ᠮᠥᠷᠭᠦᠵᠦ ᠴᠢᠮᠠᠢ ᠠᠯᠠᠨ᠎ᠠ︕» ᠭᠡᠰᠡᠨ ᠳᠦ ᠬᠥᠬᠡ ᠢᠮᠠᠭ᠎ᠠ᠄« ᠲᠡᠭᠷᠢ ᠡᠴᠡ ᠲᠠᠷᠢᠭᠰᠠᠨ ᠪᠤᠲᠠ ᠪᠣᠷᠤᠯᠵᠢ ᠶᠢ ᠲᠡᠭᠷᠢ ᠶᠢᠨ ᠢᠮᠠᠭ᠎ᠠ ᠢᠳᠡᠬᠦ ᠨᠢ ᠵᠦᠢ᠂ ᠲᠡᠷᠡ ᠲᠠᠢ ᠲᠡᠷᠡ ᠦᠭᠡᠢ ᠬᠤᠷᠳᠤᠨ ᠲᠣᠨᠢᠯ︕ ᠳᠡᠷᠡᠢᠭᠡᠷ ᠡᠪᠡᠷ ᠢ ᠴᠢᠨᠢ ᠬᠤᠭᠤ ᠮᠥᠷᠭᠦᠨ᠎ᠡ︕» ᠭᠡᠳ ᠱᠤᠩᠭᠤᠯᠠᠨ ᠣᠷᠤᠵᠤ ᠣᠴᠢᠪᠠ᠃ ᠴᠠᠭᠠᠨ ᠢᠮᠠᠭ᠎ᠠ ᠭᠥᠯᠢᠢᠨ ᠬᠠᠷᠠᠵᠤ ᠠᠪᠤᠭᠠᠳ ᠭᠠᠩᠭᠠᠩ ᠤᠷᠲᠤ ᠡᠪᠡᠷ ᠢᠶᠡᠷ ᠢᠶᠡᠨ ᠭᠠᠭᠴᠠᠬᠠᠨ ᠰᠡᠵᠢᠨ ᠣᠷᠬᠢᠭᠠᠳ᠂ ᠪᠤᠲᠠ ᠶᠢ ᠬᠠᠮᠠᠭᠠᠯᠠᠨ ᠵᠣᠭᠰᠤᠬᠤ ᠳᠤ ᠬᠥᠬᠡ ᠢᠮᠠᠭ᠎ᠠ ᠰᠠᠭᠰᠠᠭᠠᠷ ᠰᠡᠭᠦᠯ ᠢᠶᠡᠨ ᠬᠥᠳᠡᠯᠭᠡᠨ ᠠᠭᠤᠷᠰᠠᠨ ᠬᠦᠷᠴᠦ ᠢᠷᠡᠭᠡᠳ᠂ ᠴᠠᠭᠠᠨ ᠢᠮᠠᠭ᠎ᠠ ᠶᠢ ᠬᠥᠨᠳᠡᠯᠡᠨ ᠡᠴᠡ ᠨᠢ ᠬᠡᠷᠦᠵᠦ ᠨᠠᠢᠭᠤᠵᠤ ᠳᠠᠢᠪᠢᠲᠠᠯ᠎ᠠ ᠨᠢ ᠮᠥᠷᠭᠦᠪᠡ᠃ ᠳᠠᠢᠰᠤᠩᠨᠠᠭᠴᠢ ᠬᠣᠶᠠᠷ ᠢᠮᠠᠭ᠎ᠠ ᠥᠭᠡᠳᠡ ᠥᠭᠡᠳᠡ ᠡᠴᠡ ᠪᠡᠨ ᠭᠥᠯᠢᠢᠯᠴᠡᠨ ᠵᠣᠭᠰᠤᠵᠤ ᠮᠥᠷᠭᠦᠯᠳᠦᠬᠦ ᠪᠡᠷ ᠵᠡᠬᠡᠯ᠎ᠡ᠃ ᠡᠪᠡᠷᠲᠦ ᠴᠠᠭᠠᠨ ᠰᠡᠭᠡᠷ ᠪᠣᠰᠭᠠᠨ ᠬᠡᠳᠦᠨ ᠠᠯᠬᠤᠮ ᠤᠬᠤᠷᠢᠵᠤ ᠪᠠᠢᠭᠠᠳ ᠪᠣᠰᠴᠤ ᠢᠷᠡᠬᠦᠯᠡᠷ ᠮᠤᠬᠤᠷ ᠬᠥᠬᠡ ᠴᠦ ᠳᠤᠬᠤ ᠱᠤᠩᠭᠤᠯᠠᠨ ᠣᠷᠤᠵᠤ ᠤᠷᠢᠳᠤ ᠤᠷᠢᠳᠤ ᠡᠴᠡ ᠪᠡᠨ ᠪᠦᠷ ᠴᠦ ᠬᠣᠷᠤᠰᠤᠯᠲᠠᠢ ᠮᠥᠷᠭᠦᠯᠳᠦᠯ᠎ᠡ᠃ ᠪᠣᠰᠤᠨ ᠪᠣᠰᠤᠨ ᠲᠤᠯᠤᠨ᠎ᠠ᠂ ᠪᠤᠴᠠᠭᠠᠳ ᠪᠤᠴᠠᠭᠠᠳ ᠭᠠᠷᠤᠨ᠎ᠠ᠃ ᠳᠠᠯᠵᠢᠢᠨ ᠳᠠᠯᠵᠢᠢᠨ ᠮᠥᠷᠭᠦᠨ᠎ᠡ᠃ ᠳᠠᠬᠢᠭᠠᠳ ᠳᠠᠬᠢᠭᠠᠳ ᠢᠷᠡᠨ᠎ᠡ᠃

ᠲᠡᠳᠡᠨ ᠦ ᠳᠡᠷᠭᠡᠳᠡᠭᠦᠷ ᠢᠳᠡᠰᠢᠯᠡᠵᠦ ᠶᠠᠪᠤᠭ᠎ᠠ ᠬᠣᠨᠢ ᠢᠮᠠᠭ᠎ᠠ«ᠲᠦᠰ ᠨᠢᠰ» ᠭᠡᠬᠦ ᠴᠢᠮᠡᠭᠡ ᠶᠢ ᠰᠣᠨᠤᠰᠤᠭᠠᠳ ᠰᠣᠴᠢᠭᠰᠠᠨ ᠮᠠᠶᠢ᠍ᠭᠲᠠᠢ ᠡᠷᠭᠢᠨ ᠡᠷᠭᠢᠨ ᠬᠠᠷᠠᠵᠤ ᠠᠪᠤᠭᠠᠳ ᠴᠢᠨᠠᠭᠰᠢ ᠪᠡᠯᠴᠢᠨ ᠶᠠᠪᠤᠨ᠎ᠠ᠃ ᠴᠢᠳᠠᠯ ᠮᠠᠭᠤᠲᠠᠢ ᠢᠰᠢᠭᠡ᠂ ᠬᠤᠷᠠᠭ᠎ᠠ᠂ ᠬᠡᠨᠵᠡ ᠨᠤᠭᠦᠳ ᠬᠥᠯ ᠳᠤᠨᠢ ᠳᠠᠭᠠᠷᠢᠭᠳᠠᠬᠤ ᠡᠴᠡ ᠪᠡᠨ ᠠᠶᠤᠭᠠᠳ ᠵᠠᠢᠯᠠᠨ ᠳᠤᠲᠠᠭᠠᠨ᠎ᠠ᠃

ᠡᠳᠡ ᠬᠣᠶᠠᠷ ᠤᠳᠠᠲᠠᠯ᠎ᠠ ᠳᠠᠢᠳᠤᠵᠤ᠂ ᠬᠥᠰᠢᠲᠡᠯ᠎ᠡ ᠪᠡᠨ ᠮᠥᠷᠭᠦᠯᠳᠦᠪᠡ᠃ ᠴᠠᠭᠠᠨ ᠢᠮᠠᠭ᠎ᠠ ᠶᠢᠨ ᠡᠪᠡᠷ ᠨᠢ ᠳᠣᠷᠭᠢᠵᠤ᠂ ᠬᠥᠬᠡ ᠢᠮᠠᠭᠠᠨ ᠤ ᠳᠤᠬᠤ ᠨᠢ ᠬᠣᠯᠴᠤᠷᠠᠭᠰᠠᠨ ᠪᠣᠯᠪᠠᠴᠤ ᠲᠡᠳᠡᠨ ᠦ ᠭᠥᠯᠢᠢᠭᠰᠡᠨ ᠬᠠᠷᠠᠴᠠ ᠳᠤ ᠬᠡᠨ ᠠᠯᠢᠨ ᠢᠶᠡᠨ ᠤᠰᠠᠳᠭᠠᠬᠤ ᠭᠡᠰᠡᠨ ᠵᠠᠨᠤᠯ ᠢᠯᠡᠷᠬᠡᠢ᠃ ᠬᠥᠬᠡ ᠢᠮᠠᠭ᠎ᠠ ᠶᠢᠨ ᠪᠣᠷᠤᠩᠬᠤᠢᠯᠠᠨ ᠲᠤᠯᠬᠤ ᠶᠢ ᠡᠪᠡᠷᠲᠦ ᠴᠠᠭᠠᠨ ᠲᠡᠰᠴᠦ ᠶᠠᠳᠠᠬᠤ ᠳ᠋ᠠᠭᠠᠨ ᠡᠴᠦᠰ ᠦᠨ ᠬᠦᠴᠦ ᠪᠡᠨ ᠰᠢᠪᠬᠠᠵᠤ ᠱᠠᠯᠠᠮᠠᠭ ᠳᠠᠭᠠᠷᠢᠯᠲᠠ ᠬᠢᠯ᠎ᠡ᠃ ᠬᠥᠬᠡ ᠢᠮᠠᠭ᠎ᠠ ᠡᠷᠭᠢᠵᠦ ᠬᠠᠷᠠᠨ ᠲᠣᠰᠬᠤ ᠭᠡᠳ ᠡᠪ ᠲᠣᠬᠢᠶᠠᠯ ᠢᠶᠡᠨ ᠣᠯᠤᠭᠰᠠᠨ ᠦᠭᠡᠢ ᠪᠡᠷ ᠡᠷᠢᠶᠡᠨ ᠨᠢᠳᠦ ᠪᠡᠨ ᠰᠡᠵᠢᠭᠦᠯᠪᠡ᠃ ᠡᠨᠡ ᠳᠠᠯᠢᠮ ᠢᠶᠡᠷ ᠡᠪᠡᠷᠲᠦ ᠴᠠᠭᠠᠨ ᠲᠡᠭᠦᠨ ᠢ ᠤᠨᠠᠲᠠᠯ᠎ᠠ ᠮᠥᠷᠭᠦᠵᠦ ᠣᠷᠬᠢᠭᠠᠳ ᠳᠦᠢᠷᠡᠩᠭᠢ ᠲᠣᠯᠤᠭᠠᠢ ᠪᠠᠨ ᠰᠠᠵᠢᠯᠠᠭᠰᠠᠭᠠᠷ ᠴᠢᠨᠠᠭᠰᠢ ᠣᠳᠪᠠ᠃

ᠬᠥᠬᠡ ᠢᠮᠠᠭ᠎ᠠ ᠡᠷᠢᠶᠡᠨ ᠨᠢᠳᠦ ᠪᠡᠨ ᠰᠡᠵᠢᠭᠦᠯᠵᠦ ᠪᠠᠷᠠᠭᠠᠨ ᠴᠢᠰᠤ ᠪᠠᠨ ᠭᠣᠭᠤᠵᠢᠭᠤᠯᠤᠨ ᠳᠠᠬᠢᠵᠤ ᠲᠤᠯᠬᠤ ᠲᠡᠩᠬᠡᠯ ᠦᠭᠡᠢ ᠪᠣᠯᠬᠤ ᠳ᠋ᠠᠭᠠᠨ ᠲᠣᠯᠤᠭᠠᠢ ᠪᠠᠨ ᠳᠠᠯᠵᠢᠭᠢᠨᠠᠨ ᠰᠡᠭᠰᠦᠷᠴᠦ ᠰᠦᠷᠦᠭ ᠡᠴᠡ ᠪᠡᠨ ᠰᠠᠯᠵᠤ ᠶᠠᠪᠤᠯ᠎ᠠ᠃

ᠬᠣᠶᠠᠷ

ᠬᠥᠬᠡ ᠢᠮᠠᠭ᠎ᠠ᠂ ᠠᠯᠤᠰ ᠲᠡᠷᠲᠡᠭᠡ ᠬᠥᠬᠡᠷᠡᠨ ᠬᠠᠷᠠᠭᠳᠠᠬᠤ ᠠᠭᠤᠯᠠ ᠶᠢ ᠴᠢᠭᠯᠡᠨ ᠣᠳᠪᠠ᠃ ᠳᠠᠯᠵᠢᠰ ᠳᠠᠯᠵᠢᠰ ᠱᠣᠭᠰᠢᠨ᠎ᠠ᠂ ᠳᠠᠪᠠᠭ᠎ᠠ ᠬᠥᠪᠡᠭᠡ ᠶᠢ ᠴᠢᠭᠯᠡᠨ᠎ᠡ᠃ ᠴᠢᠨᠲᠤᠰ ᠴᠢᠨᠲᠤᠰ ᠠᠯᠬᠤᠨ᠎ᠠ᠂ ᠴᠢᠰᠤ ᠪᠠᠨ ᠦᠵᠡᠨ ᠬᠣᠷᠤᠰᠤᠨ᠎ᠠ᠃

«ᠬᠡᠭᠡᠷ᠎ᠡ ᠶᠢᠨ ᠠᠮᠢᠲᠠᠨ ᠪᠦᠭᠦᠳᠡ ᠮᠠᠨ ᠤ ᠰᠦᠯᠪᠡᠭᠡ ᠭᠡᠳᠡᠭ᠌ ᠶᠤᠮᠰᠠᠨ᠃ ᠲᠡᠳᠡ ᠪᠣᠯ ᠴᠥᠮ ᠬᠦᠴᠦᠨ ᠴᠢᠳᠠᠯ ᠲᠠᠢ ᠪᠥᠭᠡᠳ ᠤᠷᠠᠨ ᠰᠠᠮᠪᠠᠭ᠎ᠠ ᠲᠠᠢ᠂ ᠮᠠᠨ ᠰᠢᠭ ᠬᠣᠲᠠᠨ ᠤ ᠲᠣᠭᠤᠰᠤᠨ ᠳᠤ ᠳᠠᠷᠤᠭᠳᠠᠭᠰᠠᠨ ᠨᠣᠮᠤᠢ ᠠᠮᠢᠲᠠᠨ ᠪᠢᠰᠢ ᠳ᠋ᠡᠭ᠌᠃ ᠲᠡᠳᠡᠨ ᠢᠶᠡᠷ ᠮᠠᠭᠤ ᠡᠪᠡᠷᠲᠦ ᠴᠠᠭᠠᠨ ᠢ ᠨᠢᠬᠠᠭᠤᠯᠵᠤ ᠣᠷᠬᠢᠶ᠎ᠠ» ᠬᠡᠮᠡᠨ ᠪᠣᠳᠤᠨ ᠵᠣᠷᠢᠭ ᠣᠷᠤᠵᠤ᠂ ᠭᠥᠷᠦᠭᠡᠰᠦ ᠪᠣᠯᠭᠠᠨ ᠡᠴᠡ ᠲᠤᠰᠠᠯᠠᠮᠵᠢ ᠡᠷᠢᠵᠦ᠂ ᠭᠦᠵᠢᠷ ᠴᠠᠭᠠᠨ ᠡᠴᠡ ᠥᠰᠢᠶ᠎ᠡ ᠠᠪᠬᠤ ᠪᠠᠷ ᠰᠢᠢᠳᠪᠡ᠃

ᠬᠥᠬᠡ ᠢᠮᠠᠭ᠎ᠠ ᠶᠠᠪᠤᠨ ᠶᠠᠪᠤᠭᠰᠠᠭᠠᠷ ᠬᠥᠬᠡᠷᠡᠨ ᠬᠠᠷᠠᠭᠳᠠᠬᠤ ᠥᠨᠳᠦᠷ ᠠᠭᠤᠯᠠᠨ ᠤ ᠪᠡᠯ ᠳᠦ ᠬᠦᠷᠦᠭᠡᠳ ᠤᠳᠠᠭᠰᠠᠨ ᠦᠭᠡᠢ ᠵᠡᠷᠭᠡᠯᠭᠡᠨ ᠮᠡᠲᠦ ᠵᠢᠷᠢᠯᠵᠡᠨ ᠥᠩᠭᠡᠷᠡᠬᠦ ᠵᠡᠭᠡᠷ᠎ᠡ ᠶᠢᠨ ᠰᠦᠷᠦᠭ᠌ ᠲᠠᠢ ᠲᠠᠭᠠᠷᠢᠯᠳᠤᠪᠠ᠃ ᠬᠥᠬᠡ ᠢᠮᠠᠭ᠎ᠠ ᠬᠦᠵᠦᠭᠦᠦ ᠪᠡᠨ ᠭᠤᠳᠤᠰᠬᠢᠵᠤ ᠮᠤᠬᠤᠷ ᠲᠣᠯᠤᠭᠠᠢ ᠪᠠᠨ ᠮᠤᠯᠲᠤᠰᠬᠢᠨ ᠤᠷᠤᠭᠰᠢ ᠣᠴᠢᠵᠤ᠄

«ᠵᠡᠭᠡᠷ᠎ᠡ ᠡ︕ ᠵᠡᠭᠡᠷ᠎ᠡ ᠡ︕ ᠵᠡᠷᠭᠡᠴᠡᠵᠦ ᠨᠠᠳᠠᠲᠠᠢ ᠵᠣᠭᠰᠤᠵᠤ ᠪᠠᠢ᠃ ᠵᠢᠭᠡ ᠨᠠᠭᠠᠴᠤ ᠶᠤᠮ ᠰᠢᠤ ᠪᠢᠳᠡ ᠬᠣᠶᠠᠷ᠃ ᠵᠡᠷᠯᠢᠭ᠌ ᠴᠠᠭᠠᠨ ᠬᠡᠴᠡᠭᠦᠳᠡᠵᠦ ᠪᠠᠢᠨ᠎ᠠ᠃ ᠰᠡᠲᠡᠷ ᠵᠡᠭᠦᠭᠰᠡᠨ ᠳᠡᠭᠡᠨ ᠰᠡᠨᠳᠡᠩᠨᠡᠵᠦ᠂ ᠰᠡᠵᠢᠵᠦ ᠮᠥᠷᠭᠦᠬᠦ ᠨᠢ ᠳᠡᠩᠳᠡᠭᠦᠦ ᠪᠣᠯᠪᠠ᠃ ᠳᠤᠬᠤ ᠶᠢ ᠮᠢᠨᠢ ᠮᠥᠷᠭᠦᠵᠦ ᠬᠠᠭᠠᠯᠤᠭᠠᠳ ᠴᠢᠰᠤ ᠶᠢ ᠮᠢᠨᠢ ᠠᠰᠭᠠᠵᠤ ᠳᠠᠷᠤᠯᠠᠪᠠ᠃ ᠲᠡᠭᠷᠢ ᠶᠢᠨ ᠬᠡᠰᠢᠭᠲᠦ ᠨᠠᠮᠠᠢ ᠲᠡᠭᠡᠵᠦ ᠳᠠᠷᠤᠯᠠᠬᠤ ᠨᠢ ᠵᠦᠢ ᠦᠦ︖ ᠲᠤᠰᠠᠯᠠᠭᠠᠴᠢ︕ ᠲᠤᠰᠠᠯᠠᠭᠠᠴᠢ︕» ᠭᠡᠵᠦ ᠭᠤᠶᠤᠭᠰᠠᠨ ᠳᠤ᠂ ᠰᠡᠷᠲᠡᠭᠡᠷ ᠴᠢᠬᠢ ᠲᠠᠢ ᠵᠡᠭᠡᠷ᠎ᠡ᠂ ᠬᠥᠬᠡ ᠢᠮᠠᠭ᠎ᠠ ᠶᠢ ᠰᠢᠷᠪᠢᠰᠬᠢᠨ ᠠᠪᠤᠭᠠᠳ ᠮᠠᠢᠯᠠᠵᠤ᠂ ᠬᠣᠯᠠ ᠶᠢᠨ ᠪᠠᠷ᠎ᠠ ᠶᠢ ᠰᠡᠷᠡᠰᠬᠢᠨ ᠬᠠᠷᠠᠵᠤ ᠰᠣᠨᠤᠷᠯᠠᠭᠠᠳ᠄

«ᠵᠡᠷᠭᠡᠯᠭᠡᠨ ᠲᠠᠲᠠᠭᠰᠠᠨ ᠲᠠᠯ᠎ᠠ ᠳᠡᠭᠡᠷ᠎ᠡ᠂ ᠵᠢᠷᠢᠢᠲᠡᠯ᠎ᠡ ᠳᠠᠪᠬᠢᠵᠤ ᠪᠣᠯᠪᠠᠰᠤᠷᠠᠨ᠎ᠠ ᠪᠢ᠃ ᠵᠡᠷᠯᠢᠭ᠌ ᠠᠮᠢᠲᠠᠨ ᠨᠠᠮᠠᠢ ᠲᠠᠭᠤᠪᠠᠯ᠂ ᠲᠣᠭᠤᠰᠤ ᠪᠠᠨ ᠣᠷᠬᠢᠭᠠᠳ ᠶᠠᠪᠤᠨ᠎ᠠ ᠪᠢ᠃ ᠵᠢᠪ ᠬᠣᠪ ᠢᠶᠡᠨ ᠲᠠᠲᠠ᠂ ᠵᠢᠯᠢᠢᠵᠦ ᠴᠢᠨᠠᠭᠰᠢ ᠪᠠᠨ ᠲᠣᠨᠢᠯ︕» ᠭᠡᠳ ᠤᠭᠯᠤ ᠦᠰᠦᠷᠦᠨ ᠬᠠᠷᠠᠢᠵᠤ ᠣᠷᠤᠢ ᠳᠠᠪᠠᠨ ᠪᠠᠷ᠎ᠠ ᠲᠠᠰᠤᠷᠠᠪᠠ᠃

ᠬᠥᠬᠡ ᠢᠮᠠᠭ᠎ᠠ ᠪᠠᠰᠠ ᠴᠢᠨᠠᠭᠰᠢ ᠪᠠᠨ ᠶᠠᠪᠤᠭᠰᠠᠨ ᠳᠤ ᠪᠠᠯᠠᠷ ᠰᠥᠭᠡᠭ᠌ ᠴᠠᠭᠠᠨ᠎ᠠ ᠨᠢ ᠪᠠᠭᠠᠨᠠᠳᠠᠨ ᠦᠵᠡᠭᠳᠡᠨ᠎ᠡ᠃ ᠬᠥᠬᠡ ᠢᠮᠠᠭ᠎ᠠ ᠪᠤᠲᠠ ᠰᠥᠭᠡᠭ᠌ ᠦᠨ ᠳᠤᠮᠳᠠᠭᠤᠷ ᠵᠠᠢᠴᠢᠯᠠᠨ ᠣᠷᠤᠵᠤ ᠪᠦᠳᠦᠭᠦᠨ ᠨᠠᠷᠠᠰᠤᠨ ᠤ ᠳᠡᠷᠭᠡᠳᠡ ᠣᠴᠢᠭᠰᠠᠨ ᠴᠢᠨᠢ ᠰᠡᠭᠡᠷ ᠵᠣᠭᠳᠤᠷ ᠨᠢ ᠪᠣᠰᠤᠭᠰᠠᠨ ᠰᠡᠯᠡᠮ᠎ᠡ ᠴᠠᠭᠠᠨ ᠰᠣᠶᠤᠭ᠎ᠠ ᠲᠠᠢ ᠲᠣᠮᠤ ᠭᠡᠭᠴᠢ ᠶᠢᠨ ᠪᠣᠳᠤᠩ ᠭᠠᠬᠠᠢ ᠨᠠᠷᠠᠨ ᠤ ᠡᠭᠡᠪᠦᠷ ᠲᠦ ᠵᠣᠭᠰᠤᠵᠤ ᠨᠠᠷᠠᠰᠤᠨ ᠤ ᠲᠠᠪᠠᠷᠬᠠᠢ ᠳᠡᠭᠡᠷ᠎ᠡ ᠪᠡᠶ᠎ᠡ ᠪᠡᠨ ᠱᠥᠷᠭᠦᠭᠡᠵᠦ ᠪᠠᠢᠯ᠎ᠠ᠃ ᠬᠥᠬᠡ ᠢᠮᠠᠭ᠎ᠠ ᠦᠵᠡᠭᠡᠳ ᠰᠦᠷᠳᠡᠭᠰᠡᠨ ᠳᠡᠭᠡᠨ ᠪᠤᠲᠠᠨ ᠤ ᠴᠠᠭᠠᠨ᠎ᠠ ᠣᠷᠤᠪᠠ᠃ ᠪᠣᠳᠤᠩ ᠭᠠᠬᠠᠢ ᠪᠡᠶ᠎ᠡ ᠪᠡᠨ ᠠᠵᠢᠭ ᠦᠭᠡᠢ ᠱᠥᠷᠭᠦᠭᠡᠵᠦ«ᠬᠤᠷ᠎ᠠ ᠬᠤᠷ᠎ᠠ» ᠳᠤᠤᠭᠠᠷᠤᠭᠰᠠᠭᠠᠷ᠄«ᠶᠠᠭᠤ ᠪᠣᠯᠪᠠ︖ ᠶᠠᠮᠠᠷ ᠠᠮᠢᠲᠠᠨ ᠢᠷᠡᠪᠡ︖» ᠬᠡᠮᠡᠨ ᠠᠰᠠᠭᠤᠭᠰᠠᠨ ᠳᠤ᠂ ᠬᠥᠬᠡ ᠢᠮᠠᠭ᠎ᠠ ᠬᠦᠵᠦᠭᠦᠨ ᠳᠡᠬᠢ ᠰᠡᠲᠡᠷ ᠢᠶᠡᠨ ᠰᠡᠭᠰᠦᠷᠴᠦ ᠬᠥᠪᠴᠢᠨ ᠪᠡᠶ᠎ᠡ ᠪᠡᠨ ᠴᠡᠴᠡᠷᠡᠭᠦᠯᠦᠭᠰᠡᠭᠡᠷ ᠴᠠᠭᠠᠨ ᠢᠮᠠᠭ᠎ᠠ ᠳᠤ ᠮᠥᠷᠭᠦᠭᠳᠡᠭᠰᠡᠨ ᠤᠴᠢᠷ ᠢᠶᠡᠨ ᠴᠠᠭᠠᠪᠤᠷᠯᠠᠨ ᠲᠣᠭᠠᠴᠢᠭᠠᠳ᠄« ᠠᠪᠤᠭᠠᠢ ᠡ᠂ ᠮᠡᠷᠭᠡᠨ ᠴᠠᠭᠠᠨ ᠰᠡᠵᠢᠭᠦᠷ ᠢᠶᠡᠷ ᠢᠶᠡᠨ ᠳᠡᠭᠦᠦ ᠨᠠᠳᠠ ᠪᠠᠨ ᠲᠤᠰᠠᠯᠠᠨ᠎ᠠ ᠤᠤ︖ ᠮᠠᠭᠤ ᠴᠠᠭᠠᠨ ᠢᠮᠠᠭᠠᠨ ᠤ ᠬᠡᠬᠦᠷᠡᠭ᠌ ᠢ ᠨᠢ ᠳᠡᠯᠭᠡᠵᠦ ᠭᠡᠳᠡᠰᠦ ᠶᠢ ᠨᠢ ᠴᠤᠪᠤᠭᠤᠯᠵᠤ ᠦᠵᠡᠨ᠎ᠡ ᠦᠦ︖» ᠭᠡᠯ᠎ᠡ᠃ ᠪᠣᠳᠤᠩ ᠭᠠᠬᠠᠢ ᠵᠢᠷᠪᠢᠭᠢᠷ ᠨᠢᠳᠦ ᠪᠡᠷ ᠪᠤᠯᠤᠩᠳᠠᠨ ᠭᠥᠯᠢᠢᠵᠦ᠂ ᠳᠡᠪᠢᠭᠦᠷ ᠴᠢᠬᠢ ᠪᠡᠨ ᠳᠠᠯᠪᠠᠰ ᠳᠠᠯᠪᠠᠰ ᠬᠥᠳᠡᠯᠭᠡᠨ᠄«ᠥᠰᠲᠡᠨ ᠳᠠᠢᠰᠤᠨ ᠲᠠᠢ ᠲᠤᠯᠤᠯᠳᠤᠬᠤ ᠪᠠᠷ ᠥᠪᠴᠢ ᠪᠡᠶ᠎ᠡ ᠪᠡᠨ ᠬᠤᠶᠠᠭᠯᠠᠨ᠎ᠠ ᠪᠢ᠃ ᠡᠪᠡᠰᠦᠨ ᠲᠡᠵᠢᠭᠡᠯᠲᠡᠨ ᠦ ᠤᠴᠢᠷ ᠨᠠᠳᠠ ᠶᠡᠷᠦ ᠨᠢ ᠬᠠᠮᠢᠶ᠎ᠠ ᠦᠭᠡᠢ᠂ ᠬᠣᠪᠴᠢ ᠶᠢᠨ ᠮᠠᠭᠤ ᠢᠮᠠᠭ᠎ᠠ ᠴᠢ᠂ ᠬᠣᠯᠠ ᠲᠣᠨᠢᠯ︕» ᠭᠡᠵᠦ ᠬᠥᠭᠡᠭᠡᠪᠡ᠃

ᠬᠥᠬᠡ ᠢᠮᠠᠭ᠎ᠠ ᠳᠠᠬᠢᠭᠠᠳ ᠴᠢᠨᠠᠭᠰᠢ ᠪᠠᠨ ᠶᠠᠪᠤᠪᠠ᠃ ᠬᠥᠪᠴᠢ ᠣᠢ ᠶᠢ ᠲᠤᠭᠤᠯᠤᠨ ᠬᠥᠬᠡ ᠬᠠᠳᠠᠨ ᠤ ᠡᠩᠭᠡᠷ ᠬᠦᠷᠬᠦ ᠳᠦ᠂ ᠬᠠᠳᠠᠨ ᠪᠤᠯᠠᠭ ᠳᠡᠭᠡᠷ᠎ᠡ ᠴᠣᠬᠤᠷ ᠪᠤᠭᠤ ᠤᠰᠤ ᠤᠤᠭᠤᠵᠤ ᠪᠠᠢᠯ᠎ᠠ᠃ ᠬᠥᠬᠡ ᠢᠮᠠᠭ᠎ᠠ ᠬᠦᠷᠴᠦ ᠣᠴᠢᠭᠠᠳ᠄«ᠪᠤᠭᠤ ᠭᠤᠸᠠᠢ᠂ ᠪᠤᠭᠤ ᠭᠤᠸᠠᠢ︕ ᠪᠤᠷᠬᠠᠨ ᠤ ᠬᠥᠯᠦᠭ᠌ ᠴᠢ ᠪᠢᠰᠢ ᠦᠦ︖ ᠲᠡᠭᠷᠢ ᠶᠢᠨ ᠢᠮᠠᠭ᠎ᠠ ᠪᠢ ᠰᠢᠤ᠂ ᠴᠠᠭᠠᠨ ᠢᠮᠠᠭ᠎ᠠ ᠭᠠᠯᠵᠠᠭᠤᠷᠠᠵᠤ ᠪᠠᠢᠨ᠎ᠠ᠂ ᠴᠢᠰᠤ ᠶᠢ ᠮᠢᠨᠢ ᠠᠰᠭᠠᠵᠤ᠂ ᠳᠤᠬᠤ ᠶᠢ ᠮᠢᠨᠢ ᠬᠠᠭᠠᠯᠪᠠ᠂ ᠥᠰᠢᠶ᠎ᠡ ᠠᠪᠴᠤ ᠥᠭᠭᠦᠭᠡᠴᠢ︕» ᠭᠡᠵᠦ ᠭᠤᠶᠤᠯ᠎ᠠ᠃ ᠴᠣᠬᠤᠷ ᠪᠤᠭᠤ ᠤᠷᠤᠭᠤᠯ ᠢᠶᠡᠨ ᠴᠣᠷᠪᠤᠢᠯᠭᠠᠵᠤ᠂ ᠰᠡᠷᠭᠦᠯᠡᠩ ᠰᠠᠢᠬᠠᠨ ᠨᠢᠳᠦ ᠪᠡᠷ ᠢᠶᠡᠨ ᠠᠭᠤᠯᠠ ᠬᠥᠪᠴᠢ ᠶᠢ ᠰᠢᠷᠲᠡᠨ᠄«ᠡᠩ ᠦᠭᠡᠢ ᠣᠢ ᠪᠠᠷ ᠰᠡᠯᠡᠭᠦᠴᠡᠵᠦ᠂ ᠡᠷᠳᠡᠨᠢ ᠶᠢᠨ ᠡᠪᠡᠰᠦ ᠪᠡᠨ ᠲᠡᠭᠦᠵᠦ ᠢᠳᠡᠨ᠎ᠡ᠂ ᠪᠡᠷᠬᠡ ᠪᠠᠷᠲᠠᠭ᠎ᠠ ᠪᠠᠷ ᠲᠣᠭᠤᠷᠢᠨ ᠶᠠᠪᠤᠵᠤ᠂ ᠪᠢᠯᠢᠭᠲᠦ ᠳᠡᠯᠳᠡᠦ ᠲᠡᠭᠦᠵᠦ ᠢᠳᠡᠨ᠎ᠡ᠃ ᠡᠷᠬᠡ ᠪᠡᠨ ᠪᠠᠷᠠᠭᠰᠠᠨ ᠬᠥᠬᠡ ᠢᠮᠠᠭ᠎ᠠ ᠴᠢ᠂ ᠡᠷᠲᠡᠬᠡᠨ ᠨᠠᠳᠠ ᠡᠴᠡ ᠵᠠᠢᠯᠠᠵᠤ ᠶᠠᠪᠤ︕» ᠭᠡᠵᠦ ᠬᠥᠭᠡᠭᠡᠭᠡᠳ᠂ ᠡᠷᠬᠢᠮᠰᠦᠭ᠌ ᠡᠪᠡᠷ ᠢᠶᠡᠨ ᠳᠡᠩᠬᠡᠢᠯᠭᠡᠨ ᠬᠦᠵᠦᠭᠦᠦ ᠪᠡᠨ ᠰᠤᠨᠤᠰᠬᠢᠵᠤ ᠠᠪᠤᠭᠠᠳ ᠣᠢ ᠶᠢᠨ ᠳᠣᠲᠤᠷ᠎ᠠ ᠣᠷᠤᠵᠤ ᠠᠯᠠᠭ᠎ᠠ ᠪᠣᠯᠪᠠ᠃

ᠡᠷᠢᠯ ᠤᠨ ᠴᠥᠬᠦᠷᠡᠩ ᠳᠦ ᠠᠪᠲᠠᠭᠰᠠᠨ ᠬᠥᠬᠡ ᠢᠮᠠᠭ᠎ᠠ ᠴᠦᠯᠲᠦᠰ ᠴᠦᠯᠲᠦᠰ ᠠᠯᠬᠤᠯᠠᠨ ᠳᠠᠬᠢᠭᠠᠳ ᠴᠢᠨᠠᠭᠰᠢ ᠶᠠᠪᠤᠪᠠ᠃ ᠠᠭᠤᠯᠠ ᠶᠢᠨ ᠬᠥᠨᠳᠡᠢ ᠪᠡᠷ ᠣᠷᠤᠵᠤ ᠣᠴᠢᠬᠤ ᠳᠤ ᠵᠢᠬᠡᠭᠦᠨ ᠰᠠᠯᠬᠢ ᠰᠡᠷᠴᠢᠭᠢᠨᠡᠵᠦ ᠬᠠᠵᠠᠭᠤ ᠬᠠᠪᠢ ᠡᠴᠡ ᠵᠡᠪᠡᠭᠦᠨ ᠳᠠᠭᠤᠨ ᠰᠣᠨᠤᠰᠳᠠᠨ᠎ᠠ᠃ ᠬᠥᠬᠡ ᠢᠮᠠᠭ᠎ᠠ ᠵᠢᠭ᠌ ᠬᠢᠵᠦ ᠠᠢᠳᠠᠰ ᠬᠦᠷᠬᠦ ᠪᠣᠯᠪᠠᠴᠤ ᠵᠠᠨᠤᠯ ᠤᠨ ᠬᠦᠴᠦᠨ ᠳᠦ ᠵᠠᠯᠭᠠᠨ ᠵᠠᠯᠭᠠᠨ ᠶᠠᠪᠤᠵᠤ᠂ ᠮᠠᠢᠯᠠᠨ ᠮᠠᠢᠯᠠᠨ ᠱᠣᠭᠰᠢᠨ᠎ᠠ᠃ ᠲᠡᠭᠡᠭᠡᠳ ᠠᠭᠤᠯᠠ ᠶᠢᠨ ᠵᠠᠪᠠ ᠪᠠᠷ ᠤᠷᠢᠳᠤ ᠨᠢ ᠬᠥᠬᠡ ᠴᠢᠨᠤ᠎ᠠ ᠰᠢᠩᠰᠢᠯᠡᠨ ᠶᠠᠪᠤᠬᠤ ᠬᠠᠷᠠᠭᠳᠠᠨ᠎ᠠ᠃ ᠬᠥᠬᠡ ᠢᠮᠠᠭ᠎ᠠ ᠲᠥᠷᠦᠯᠬᠢ ᠶᠢᠨ ᠵᠥᠩ ᠪᠢᠯᠢᠭ᠌ ᠢᠶᠡᠷ ᠰᠣᠴᠢᠭᠰᠠᠨ ᠳᠠᠭᠠᠨ ᠵᠣᠭ ᠲᠣᠰᠴᠤ᠂ ᠠᠶᠤᠭᠰᠠᠨ ᠳᠠᠭᠠᠨ ᠮᠠᠢ ᠮᠠᠢ ᠭᠡᠵᠦ ᠮᠠᠢᠯᠠᠵᠤ ᠭᠠᠷᠤᠯ᠎ᠠ᠃ ᠴᠢᠨᠤ᠎ᠠ ᠦᠨᠦᠷ ᠠᠪᠤᠨ ᠥᠨᠳᠡᠰᠬᠢᠵᠦ ᠰᠡᠪ ᠠᠪᠤᠨ ᠰᠡᠷᠡᠢᠵᠦ ᠬᠠᠷᠠᠪᠠᠯ᠂ ᠨᠢᠭᠡᠨ ᠬᠥᠬᠡ ᠢᠮᠠᠭ᠎ᠠ ᠪᠠᠢᠵᠠᠢ᠃ ᠬᠠᠷᠠᠭᠠᠨ ᠳᠤ ᠣᠷᠤᠭᠰᠠᠨ ᠪᠦᠬᠦᠨ ᠢ ᠴᠥᠯᠪᠡᠨ ᠶᠠᠪᠤᠳᠠᠭ ᠬᠠᠪᠤᠷ ᠴᠠᠭ ᠤᠨ ᠥᠯᠦᠨ ᠴᠢᠨᠤ᠎ᠠ ᠲᠡᠳᠦᠬᠡᠨ ᠵᠠᠭᠤᠷ᠎ᠠ ᠳᠤ ᠬᠣᠩᠰᠢᠶᠠᠷ ᠰᠤᠩᠭᠠᠨ ᠢᠷᠡᠬᠦ ᠳᠦ᠂ ᠬᠥᠬᠡ ᠢᠮᠠᠭ᠎ᠠ ᠬᠦᠴᠦᠲᠦ ᠰᠠᠯᠬᠢᠨ ᠳᠤ ᠴᠣᠬᠢᠭᠤᠯᠤᠭᠰᠠᠨ ᠮᠡᠲᠦ ᠨᠠᠢᠭᠤᠰᠬᠢᠵᠤ ᠠᠪᠤᠭᠠᠳ᠂ ᠬᠥᠯ ᠢᠶᠡᠨ ᠴᠡᠴᠡᠭᠡᠨᠡᠭᠦᠯᠦᠨ ᠲᠣᠯᠤᠭᠠᠢ ᠪᠠᠨ ᠳᠠᠯᠵᠢᠭᠢᠨᠠᠭᠤᠯᠵᠤ ᠵᠢᠰᠦᠮ ᠨᠢᠭᠡ ᠲᠠᠢ ᠪᠡᠨ ᠵᠦᠢᠴᠢᠯᠡᠨ ᠶᠠᠷᠢᠵᠤ ᠵᠥᠭᠡᠯᠡᠷᠡᠭᠦᠯᠵᠦ ᠠᠪᠬᠤ ᠪᠠᠷ ᠣᠷᠤᠯᠳᠤᠭᠠᠳ᠂ ᠵᠣᠷᠢᠵᠤ ᠢᠷᠡᠭᠰᠡᠨ ᠤᠴᠢᠷ ᠢᠶᠡᠨ ᠭᠠᠷᠭᠠᠵᠤ᠄«ᠴᠢᠨᠤ᠎ᠠ ᠠᠪᠤᠭᠠᠢ᠂ ᠴᠢᠨᠤ᠎ᠠ ᠠᠪᠤᠭᠠᠢ ᠡ︕ ᠰᠡᠲᠡᠷᠲᠦ ᠴᠠᠭᠠᠨ ᠁» ᠭᠡᠵᠦ ᠬᠡᠯᠡᠬᠦ ᠶᠢ ᠵᠠᠪᠳᠤᠲᠠᠯ᠎ᠠ᠂ ᠴᠢᠨᠤ᠎ᠠ᠄«ᠠᠪᠤᠭᠠᠢ ᠮᠠᠪᠤᠭᠠᠢ ᠭᠡᠬᠦ ᠬᠡᠷᠡᠭ᠌ ᠦᠭᠡᠢ᠂ ᠠᠮᠠᠨ ᠳᠤ ᠣᠷᠤᠬᠤ ᠴᠢᠨᠢ ᠴᠢᠬᠤᠯᠠ ᠪᠠᠢᠨ᠎ᠠ» ᠭᠡᠯ᠎ᠡ᠃ ᠬᠥᠬᠡ ᠢᠮᠠᠭ᠎ᠠ ᠪᠠᠯᠠᠷᠳᠠᠵᠤ᠄«ᠪᠠᠢᠵᠠ᠂ ᠪᠠᠢᠵᠠ᠂ ᠪᠠᠢᠵᠠ᠂ ᠴᠢᠨᠤ᠎ᠠ ᠠᠪᠤᠭᠠᠢ ᠡ︕ ᠪᠢ ᠪᠣᠯ ᠲᠡᠭᠷᠢ ᠶᠢᠨ ᠢᠮᠠᠭ᠎ᠠ᠂ ᠲᠠ ᠪᠣᠯ ᠲᠡᠭᠷᠢ ᠶᠢᠨ ᠨᠣᠬᠠᠢ᠂ ᠲᠡᠭᠷᠢ ᠶᠢᠨ ᠢᠮᠠᠭ᠎ᠠ ᠪᠠᠨ ᠬᠠᠮᠠᠭᠠᠯᠠᠵᠤ ᠶᠠᠪᠤᠬᠤ ᠶᠢ ᠠᠪᠤᠭᠠᠢ ᠲᠠ ᠯᠠ ᠮᠡᠳᠡᠨ᠎ᠡ ᠳ᠋ᠡ» ᠭᠡᠵᠦ ᠴᠢᠷᠠᠯᠠᠨ ᠬᠡᠯᠡᠪᠡᠯ᠂ ᠴᠢᠨᠤ᠎ᠠ ᠦᠯᠦ ᠣᠢᠰᠢᠶᠠᠨ᠄«ᠬᠡᠬᠦᠳᠡᠭ᠌ ᠢᠶᠡᠨ ᠳᠡᠯᠭᠡ᠂ ᠰᠡᠪᠡᠰᠦ ᠪᠡᠨ ᠬᠠᠶᠠ︕ ᠭᠡᠳᠡᠰᠦᠨ ᠳᠦ ᠣᠷᠤ᠂ ᠭᠡᠷ ᠢᠶᠡᠨ ᠪᠣᠯᠭ᠎ᠠ︕ ᠲᠡᠭᠷᠢ ᠶᠢᠨ ᠢᠮᠠᠭ᠎ᠠ ᠲᠡᠭᠷᠢ ᠳᠦ ᠭᠠᠷᠬᠤ ᠳᠤ ᠲᠡᠰᠭᠡᠯ ᠦᠭᠡᠢ ᠨᠠᠳᠠ ᠪᠠᠷ ᠳᠠᠮᠵᠢᠨ᠎ᠠ︕» ᠭᠡᠳ ᠣᠯᠠᠨ ᠦᠭᠡ ᠨᠤᠷᠱᠤᠯ ᠦᠭᠡᠢ ᠤᠭᠯᠤ ᠦᠰᠦᠷᠦᠨ ᠳᠠᠭᠠᠷᠢᠯ᠎ᠠ᠃ ᠬᠥᠬᠡ ᠢᠮᠠᠭ᠎ᠠ ᠬᠡᠷᠡᠭ᠌ ᠦᠯᠦ ᠪᠦᠲᠦᠬᠦ ᠶᠢ ᠮᠡᠳᠡᠭᠡᠳ ᠪᠤᠴᠠᠬᠤ ᠭᠡᠲᠡᠯ᠎ᠡ ᠪᠠᠭᠠᠯᠵᠤᠤᠷ ᠢᠶᠡᠷ ᠨᠢ ᠳᠠᠭᠠᠷᠢᠪᠠ᠃ ᠡᠷᠭᠢᠬᠦ ᠭᠡᠲᠡᠯ᠎ᠡ ᠡᠪᠴᠢᠭᠦᠦ ᠪᠡᠷ ᠨᠢ ᠳᠠᠭᠠᠷᠢᠪᠠ᠃ ᠢᠩᠭᠢᠭᠡᠳ ᠬᠥᠬᠡ ᠢᠮᠠᠭ᠎ᠠ ᠰᠡᠲᠡᠷ ᠢᠶᠡᠨ ᠮᠣᠳᠤᠨ ᠳᠤ ᠡᠯᠭᠦᠵᠦ᠂ ᠰᠡᠪᠡᠰᠦ ᠪᠡᠨ ᠪᠤᠲᠠᠨ ᠳᠤ ᠠᠰᠭᠠᠪᠠ᠃

ᠥᠯᠦᠨ ᠴᠢᠨᠤ᠎ᠠ ᠥᠯ ᠢᠶᠡᠨ ᠳᠠᠷᠤᠵᠤ ᠪᠠᠷᠠᠭᠠᠳ᠂ ᠬᠥᠬᠡ ᠢᠮᠠᠭ᠎ᠠ ᠶᠢᠨ ᠮᠥᠷ ᠢᠶᠡᠷ ᠠᠭᠤᠯᠠᠨ ᠡᠴᠡ ᠪᠠᠭᠤᠵᠤ ᠢᠷᠡᠯ᠎ᠡ᠃

ᠭᠤᠷᠪᠠ

ᠬᠣᠨᠢᠨ ᠰᠦᠷᠦᠭ ᠲᠠᠯ᠎ᠠ ᠬᠥᠨᠳᠡᠢ ᠪᠡᠷ ᠲᠠᠪᠠᠳᠠᠢ ᠰᠠᠢᠬᠠᠨ ᠪᠡᠯᠴᠢᠨ᠎ᠡ᠃ ᠬᠥᠭᠰᠢᠨ ᠪᠠᠭᠤᠷᠠᠢ ᠬᠣᠨᠢ ᠢᠮᠠᠭ᠎ᠠ᠂ ᠬᠥᠷᠦᠪᠡᠵᠢᠭᠰᠡᠨ ᠢᠰᠢᠭᠡ ᠬᠤᠷᠠᠭ᠎ᠠ᠂ ᠬᠦᠵᠦᠭᠦᠦ ᠨᠢ ᠪᠠᠮᠪᠠᠢᠭᠰᠠᠨ ᠢᠷᠭᠡ ᠲᠥᠯᠦᠭᠡ᠂ ᠬᠦᠴᠦ ᠲᠠᠷ ᠲᠠᠢ ᠰᠤᠪᠠᠢ ᠰᠤᠭᠤᠯᠳᠤᠷᠭ᠎ᠠ ᠨᠤᠭᠤᠳ ᠡᠳᠦᠷ ᠦᠨ ᠰᠠᠢᠬᠠᠨ ᠢ ᠠᠮᠵᠢᠵᠤ ᠡᠪᠡᠰᠦᠨ ᠦ ᠰᠠᠢᠨ ᠢ ᠢᠳᠡᠰᠢᠯᠡᠵᠦ ᠶᠠᠪᠤᠨ᠎ᠠ᠃ ᠲᠡᠳᠡ ᠴᠥᠮ ᠡᠪᠦᠯ ᠤᠨ ᠬᠦᠢᠲᠡᠨ ᠳᠦ ᠥᠭᠡᠬᠦ ᠲᠠᠢ ᠰᠠᠭᠤᠵᠤ᠂ ᠥᠰᠬᠦ ᠴᠠᠭ ᠲᠤ ᠲᠥᠯ ᠪᠠᠢᠬᠤ ᠶᠢ ᠵᠣᠷᠢᠬᠤ ᠠᠵᠢ᠃ ᠰᠦᠷᠦᠭ ᠦᠨ ᠳᠤᠮᠳᠠᠭᠤᠷ ᠰᠡᠷᠡᠭᠡᠷ ᠴᠠᠭᠠᠨ ᠢᠮᠠᠭ᠎ᠠ ᠰᠡᠲᠡᠷ ᠬᠡᠢᠰᠭᠡᠨ ᠶᠠᠪᠤᠨ᠎ᠠ᠃ ᠰᠦᠷ ᠢᠶᠡᠷ ᠪᠦᠭᠦᠳᠡ ᠶᠢ ᠳᠠᠷᠤᠵᠤ᠂ ᠰᠡᠲᠡᠷ ᠢᠶᠡᠷ ᠣᠯᠠᠨ ᠢ ᠠᠶᠤᠯᠭᠠᠭᠰᠠᠨ ᠡᠴᠡ ᠬᠤᠴᠠ ᠤᠬᠤᠨ᠎ᠠ ᠬᠦᠷᠲᠡᠯ᠎ᠡ ᠲᠡᠭᠦᠨ ᠡᠴᠡ ᠵᠠᠢᠳᠠᠭᠤ ᠭᠠᠷᠤᠨ᠎ᠠ᠃ ᠲᠡᠭᠦᠨ ᠲᠠᠢ ᠮᠥᠷᠭᠦᠯᠳᠦᠵᠦ ᠬᠠᠷᠭᠤᠯᠳᠤᠵᠤ ᠪᠠᠢᠳᠠᠭ ᠬᠥᠬᠡ ᠢᠮᠠᠭ᠎ᠠ ᠲᠣᠨᠢᠯᠤᠭᠰᠠᠨ ᠲᠤᠯᠠ ᠡᠪᠡᠷ ᠦᠨ ᠤᠭ ᠨᠢ ᠬᠦᠷᠲᠡᠯ᠎ᠡ ᠵᠠᠭᠠᠲᠤᠨᠠᠬᠤ ᠪᠣᠯᠵᠤ᠂ ᠡᠰᠢ ᠪᠡᠨ ᠨᠢᠭᠡ ᠮᠥᠷᠭᠦᠵᠦ᠂ ᠲᠡᠰᠢ ᠪᠡᠨ ᠨᠢᠭᠡ ᠰᠡᠵᠢᠯᠬᠢᠯᠡᠨ᠎ᠡ᠃ ᠲᠡᠭᠡᠭᠡᠳ ᠲᠡᠷᠡ ᠰᠦᠷᠦᠭ ᠡᠴᠡ ᠵᠠᠢᠳᠠᠭᠤ ᠶᠠᠭ᠎ᠠ ᠬᠥᠭᠰᠢᠨ ᠤᠬᠤᠨ᠎ᠠ ᠶᠢᠨ ᠳᠡᠷᠭᠡᠳᠡ ᠬᠦᠷᠴᠦ᠄«ᠬᠥᠭᠰᠢᠨ ᠵᠥᠨᠦᠭ ᠴᠢ᠂ ᠬᠥᠬᠡ ᠨᠢᠳᠦ ᠪᠡᠨ ᠡᠷᠡᠢᠯᠭᠡᠭᠡᠳ ᠶᠠᠭᠤ ᠪᠣᠳᠤᠵᠤ ᠶᠠᠪᠤᠨ᠎ᠠ ᠪᠤᠢ︖ ᠬᠥᠬᠡ ᠢᠮᠠᠭ᠎ᠠ ᠬᠦᠦ ᠴᠢᠨᠢ ᠪᠢᠰᠢ ᠦᠦ︖ ᠬᠥᠳᠡᠭᠡ ᠲᠡᠭᠦᠨ ᠢᠶᠡᠨ ᠳᠠᠭᠠᠳᠠᠭ ᠪᠢᠰᠢ ᠦᠦ︖ ᠣᠳᠣ ᠲᠡᠭᠦᠨ ᠦ ᠪᠡᠨ ᠬᠣᠢᠨ᠎ᠠ ᠡᠴᠡ ᠶᠠᠪᠤᠬᠤ ᠶᠢ ᠪᠣᠳᠤᠵᠤ ᠪᠠᠢᠭ᠎ᠠ ᠤᠤ︖ ᠰᠦᠷᠦᠭ ᠡᠴᠡ ᠲᠣᠨᠢᠯ︕ ᠰᠡᠭᠦᠳᠡᠷ ᠢᠶᠡᠨ ᠪᠤᠤ ᠦᠵᠡᠭᠦᠯ︕» ᠭᠡᠳ ᠬᠣᠢᠨ᠎ᠠ ᠡᠴᠡ ᠨᠢ ᠬᠦᠴᠦᠲᠡᠢ ᠮᠥᠷᠭᠦᠵᠦ ᠣᠷᠬᠢᠭᠰᠠᠨ ᠴᠢᠨᠢ ᠬᠥᠭᠰᠢᠨ ᠤᠬᠤᠨ᠎ᠠ ᠨᠢᠭᠡ ᠪᠦᠳᠦᠷᠢᠵᠦ ᠠᠪᠤᠭᠠᠳ᠂ ᠬᠥᠰᠢᠭᠦᠨ ᠪᠡᠶ᠎ᠡ ᠪᠡᠨ ᠰᠡᠭᠰᠦᠷᠴᠦ ᠭᠥᠯᠢᠢᠨ ᠬᠠᠷᠠᠭᠠᠳ᠄«ᠪᠢ ᠡᠪᠦᠭᠡᠷᠡᠪᠡ᠂ ᠬᠥᠬᠡ ᠢᠮᠠᠭ᠎ᠠ ᠬᠦᠦ ᠮᠢᠨᠢ ᠪᠣᠯᠪᠠᠴᠤ ᠬᠥᠬᠦᠯᠲᠦ ᠡᠬᠡ ᠴᠢᠨᠢ ᠨᠠᠳᠠᠲᠠᠢ ᠰᠠᠢᠨ ᠰᠢᠤ︕» ᠬᠡᠮᠡᠪᠡ᠃ ᠴᠠᠭᠠᠨ ᠢᠮᠠᠭ᠎ᠠ ᠠᠭᠤᠷᠯᠠᠵᠤ᠄«ᠰᠡᠲᠡᠷ ᠢ ᠮᠢᠨᠢ ᠭᠤᠲᠤᠭᠠᠭᠰᠠᠨ ᠰᠡᠪᠡᠰᠦ ᠴᠢ ᠲᠣᠨᠢᠯ︕» ᠭᠡᠳ ᠬᠥᠭᠰᠢᠨ ᠤᠬᠤᠨ᠎ᠠ ᠶᠢ ᠪᠦᠳᠦᠷᠢᠲᠡᠯ᠎ᠡ ᠨᠢ ᠮᠥᠷᠭᠦᠵᠦ ᠪᠥᠭᠯᠡᠷᠡᠲᠡᠯ᠎ᠡ ᠨᠢ ᠲᠠᠭᠤᠭᠰᠠᠭᠠᠷ ᠳᠣᠪᠤ ᠲᠣᠯᠤᠭᠠᠢ ᠶᠢᠨ ᠴᠠᠭᠠᠨ᠎ᠠ ᠣᠷᠤᠭᠤᠯᠪᠠ᠃

ᠴᠠᠭᠠᠨ ᠢᠮᠠᠭ᠎ᠠ ᠪᠤᠴᠠᠭᠠᠳ ᠢᠷᠡᠬᠦ ᠳᠦ ᠬᠡᠪ ᠵᠠᠩ ᠲᠠᠭᠠᠷᠠᠭᠰᠠᠨ ᠬᠡᠳᠦᠨ ᠬᠡᠨᠵᠡ ᠢᠰᠢᠭᠡ ᠬᠤᠷᠠᠭ᠎ᠠ ᠪᠥᠭᠡᠮᠨᠡᠷᠡᠯᠳᠦᠨ ᠪᠤᠲᠠᠨ ᠤ ᠨᠠᠮᠠᠭ᠎ᠠ ᠶᠢ ᠪᠤᠪᠠᠷ ᠪᠤᠪᠠᠷ ᠬᠡᠮᠡᠯᠢᠵᠦ ᠳᠡᠷᠡᠰᠦᠨ ᠦ ᠨᠠᠮᠠᠭ᠎ᠠ ᠶᠢ ᠲᠠᠪᠤᠷ ᠲᠠᠪᠤᠷ ᠬᠡᠪᠢᠬᠦ ᠳᠡᠭᠡᠨ ᠲᠡᠭᠦᠨ ᠢ ᠪᠠᠢᠨ ᠪᠠᠢᠨ ᠭᠥᠯᠢᠢᠨ ᠬᠠᠷᠠᠵᠠᠭᠠᠨ᠎ᠠ᠃ ᠡᠪᠡᠷᠲᠦ ᠴᠠᠭᠠᠨ ᠡᠰᠡᠷᠭᠦᠯᠡᠨ ᠬᠦᠷᠴᠦ᠄«ᠲᠠ ᠮᠠᠭᠤ ᠶᠠᠭᠤᠮᠠᠰ ᠶᠠᠭᠤᠨ ᠳᠤ ᠨᠠᠮᠠᠢ ᠮᠠᠭᠤᠬᠠᠢ ᠬᠠᠷᠠᠨ ᠪᠠᠪᠠᠲᠤᠨᠠᠭᠠᠳ ᠪᠠᠢᠳᠠᠭ ᠶᠤᠮ︖ ᠬᠥᠬᠡ ᠢᠮᠠᠭ᠎ᠠ ᠲᠠᠢ ᠲᠤᠯᠤᠯᠳᠤᠵᠤ ᠪᠠᠢᠬᠤ ᠳᠤ ᠬᠥᠯ ᠦᠨ ᠲᠣᠷᠤᠭᠠᠰᠤ ᠪᠣᠯᠵᠤ ᠪᠠᠢᠭᠰᠠᠨ ᠢᠶᠡᠨ ᠮᠡᠳᠡᠨ᠎ᠡ ᠦᠦ︖ ᠲᠠᠷᠠᠵᠠᠭ᠎ᠠ᠂ ᠵᠣᠯᠢᠭ ᠤᠳ︕» ᠭᠡᠳ ᠡᠪᠡᠷ ᠦᠵᠡᠭᠦᠯᠦᠭᠰᠡᠨ ᠳᠦ ᠬᠡᠨᠵᠡ ᠨᠤᠭᠦᠳ ᠭᠣᠳ ᠭᠠᠷᠤᠨ ᠳᠤᠲᠠᠭᠠᠵᠤ ᠳᠣᠪᠤ ᠶᠢᠨ ᠴᠠᠭᠠᠨ᠎ᠠ ᠨᠢᠭᠤᠭᠳᠠᠪᠠ᠃

ᠴᠠᠭᠠᠨ ᠢᠮᠠᠭ᠎ᠠ ᠰᠦᠷᠦᠭ ᠦᠨ ᠳᠤᠮᠳᠠᠭᠤᠷ ᠰᠦᠷᠲᠡᠢ ᠪᠥᠭᠡᠳ ᠠᠭᠤᠷᠲᠠᠢ ᠶᠠᠪᠤᠨ᠎ᠠ᠃ ᠡᠪᠡᠷ ᠦᠨ ᠦᠵᠦᠭᠦᠷ ᠢᠶᠡᠷ ᠡᠨᠡ ᠲᠡᠷᠡ ᠶᠢ ᠠᠶᠤᠯᠭᠠᠨ ᠶᠠᠪᠤᠵᠤ ᠪᠠᠢᠲᠠᠯ᠎ᠠ ᠬᠠᠷᠠᠭᠠᠨ ᠳᠤᠨᠢ ᠬᠠᠴᠢᠨ ᠬᠠᠷᠠᠭᠳᠠᠬᠤ ᠬᠠᠷ᠎ᠠ ᠢᠮᠠᠭ᠎ᠠ ᠦᠵᠡᠭᠳᠡᠪᠡ᠃ ᠴᠠᠭᠠᠨ ᠢᠮᠠᠭ᠎ᠠ ᠳᠡᠷᠭᠡᠳᠡ ᠨᠢ ᠭᠦᠶᠦᠵᠦ ᠣᠴᠢᠭᠠᠳ᠄« ᠰᠡᠭᠰᠡᠭᠡᠷ ᠬᠠᠷ᠎ᠠ ᠴᠢ᠂ ᠨᠣᠬᠠᠢ ᠶᠤᠮ ᠤᠤ︖ ᠢᠮᠠᠭ᠎ᠠ ᠶᠤᠮ ᠤᠤ︖ ᠤᠳᠤᠮ ᠳᠤ ᠦᠭᠡᠢ ᠬᠠᠷ᠎ᠠ᠂ ᠰᠦᠷᠦᠭ ᠲᠦ ᠦᠭᠡᠢ ᠬᠥᠬᠡ᠂ ᠠᠯᠢ ᠨᠢ ᠪᠣᠯᠪᠠᠴᠤ ᠰᠠᠢᠨ ᠶᠠᠭᠤᠮ᠎ᠠ ᠪᠢᠰᠢ᠂ ᠰᠡᠲᠡᠷ ᠦᠨ ᠮᠢᠨᠢ ᠭᠤᠳᠤᠮᠰᠢᠭ ᠪᠣᠯᠵᠤ ᠰᠦᠷᠦᠭ᠌ ᠲᠦ ᠮᠢᠨᠢ ᠴᠢᠳᠭᠦᠷ ᠪᠣᠯᠪᠠ» ᠭᠡᠰᠡᠨ ᠳᠦ ᠬᠠᠷ᠎ᠠ ᠢᠮᠠᠭ᠎ᠠ ᠰᠡᠯᠡᠮ᠎ᠡ ᠡᠪᠡᠷ ᠦᠨ ᠠᠮᠲᠠ ᠶᠢ ᠦᠵᠡᠬᠦ ᠡᠴᠡ ᠠᠶᠤᠵᠤ᠂ ᠡᠪ ᠢ ᠨᠢ ᠦᠵᠡᠵᠦ ᠵᠠᠢᠯᠠᠨ ᠭᠠᠷᠴᠤ᠂ ᠡᠷᠭᠢᠨ ᠡᠷᠭᠢᠨ ᠬᠠᠷᠠᠵᠤ ᠡᠷᠭᠢ ᠳᠠᠮᠵᠢᠨ ᠱᠣᠭᠰᠢᠵᠤ᠂ ᠲᠤᠵᠢᠷ ᠲᠤᠵᠢᠷ ᠠᠯᠬᠤᠯᠠᠨ ᠳᠣᠪᠤ ᠶᠢᠨ ᠴᠠᠭᠠᠨ᠎ᠠ ᠣᠷᠤᠪᠠ᠃

ᠴᠠᠭᠠᠨ ᠢᠮᠠᠭ᠎ᠠ ᠳᠠᠬᠢᠨ ᠰᠦᠷᠦᠭ ᠦᠨ ᠳᠤᠮᠳᠠᠭᠤᠷ ᠰᠢᠪᠲᠤᠯᠤᠨ ᠶᠠᠪᠤᠵᠤ᠂ ᠨᠢᠯᠴᠠᠭ ᠨᠢᠯᠴᠠᠭ ᠠᠯᠬᠤᠬᠤ ᠬᠡᠭᠡᠯ ᠲᠠᠢ ᠬᠣᠨᠢ ᠶᠢᠨ ᠳᠡᠷᠭᠡᠳᠡ ᠣᠴᠢᠯ᠎ᠠ᠃ ᠬᠡᠭᠡᠯ ᠲᠠᠢ ᠬᠣᠨᠢ ᠡᠪᠡᠷ ᠢ ᠨᠢ ᠬᠠᠷᠠᠨ ᠠᠶᠤᠵᠤ ᠰᠡᠲᠡᠷ ᠢ ᠨᠢ ᠦᠵᠡᠨ ᠬᠡᠯᠮᠡᠵᠦ᠂ ᠬᠡᠪᠢᠵᠦ ᠢᠳᠡᠬᠦ ᠪᠡᠨ ᠪᠣᠯᠢᠭᠠᠳ ᠨᠣᠮᠤᠬᠠᠨ ᠴᠡᠩᠬᠡᠷ ᠨᠢᠳᠦ ᠪᠡᠨ ᠡᠷᠭᠢᠯᠳᠦᠭᠦᠯᠦᠨ ᠵᠣᠭᠰᠤᠵᠤ ᠪᠠᠢᠬᠤ ᠶᠢ ᠨᠢ ᠦᠵᠡᠪᠡᠯ«ᠨᠠᠮᠠᠢ ᠥᠷᠦᠰᠢᠶᠡᠭᠡᠴᠢ︕» ᠭᠡᠵᠦ ᠥᠷᠦᠰᠢᠶᠡᠯ ᠭᠤᠶᠤᠬᠤ ᠨᠢ ᠢᠯᠡᠷᠬᠡᠢ᠃ ᠴᠠᠭᠠᠨ ᠢᠮᠠᠭ᠎ᠠ ᠬᠠᠪᠢᠳᠠᠨ ᠬᠦᠷᠴᠦ᠄«ᠰᠦᠷᠦᠭ ᠦᠨ ᠰᠡᠭᠦᠯ ᠳᠦ ᠰᠡᠭᠦᠳᠡᠷ ᠰᠢᠭ᠌ ᠨᠡᠪᠰᠡᠭᠡᠨᠡᠭᠡᠳ᠂ ᠲᠤᠯᠤᠯᠳᠤᠭᠠᠨ ᠳᠤ ᠲᠤᠰᠠ ᠦᠭᠡᠢ᠂ ᠮᠥᠷᠭᠦᠯᠳᠦᠭᠡᠨ ᠳᠦ ᠨᠡᠮᠡᠷᠢ ᠦᠭᠡᠢ ᠨᠣᠪᠰᠢ︕» ᠭᠡᠯ᠎ᠡ᠃ ᠬᠡᠭᠡᠯ ᠲᠠᠢ ᠬᠣᠨᠢ᠄« ᠪᠡᠶ᠎ᠡ ᠮᠢᠨᠢ ᠬᠦᠨᠳᠦᠷᠡᠵᠦ᠂ ᠬᠥᠯ ᠮᠢᠨᠢ ᠬᠥᠰᠢᠪᠡ᠂ ᠰᠡᠲᠡᠷᠲᠦ ᠮᠡᠷᠭᠡᠨ ᠲᠠ ᠮᠢᠨᠢ ᠥᠷᠦᠰᠢᠶᠡᠭᠡᠴᠢ︕» ᠭᠡᠵᠦ ᠡᠶ᠎ᠡ ᠵᠠᠰᠠᠵᠤ ᠪᠡᠶ᠎ᠡ ᠵᠠᠢᠯᠠᠭᠠᠳ᠂ ᠱᠤᠭᠤᠷ ᠱᠤᠭᠤᠷ ᠠᠯᠬᠤᠨ ᠰᠢᠷᠤᠢ ᠦᠨᠦᠷᠲᠦᠨ ᠶᠠᠪᠤᠵᠤ᠂ ᠲᠣᠬᠤᠢ ᠪᠤᠯᠤᠩ ᠢᠶᠡᠷ ᠢᠳᠡᠰᠢᠯᠡᠵᠦ ᠳᠣᠪᠤ ᠶᠢᠨ ᠴᠠᠭᠠᠨ᠎ᠠ ᠣᠷᠤᠪᠠ᠃

ᠣᠮᠤᠭᠲᠤ ᠴᠠᠭᠠᠨ ᠰᠡᠲᠡᠷ ᠬᠡᠢᠰᠭᠡᠨ ᠰᠡᠩᠭᠡᠯᠵᠡᠨ ᠶᠠᠪᠤᠨ᠎ᠠ᠃ ᠣᠯᠠᠨ ᠬᠣᠨᠢᠳ ᠤᠨ ᠲᠡᠭᠦᠨ ᠡᠴᠡ ᠵᠠᠢᠲᠠᠢ᠂ ᠡᠭᠦᠪᠡᠷ ᠲᠡᠭᠦᠪᠡᠷ ᠪᠡᠯᠴᠢᠨ᠎ᠡ᠃ ᠲᠡᠷᠡ ᠦᠵᠡᠪᠡᠯ᠂ ᠡᠨᠡ ᠰᠦᠷᠦᠭ ᠲᠦ ᠣᠯᠢᠭᠲᠠᠢ ᠠᠮᠢᠲᠠᠨ ᠭᠡᠵᠦ ᠨᠢᠭᠡ ᠴᠦ ᠦᠭᠡᠢ᠂ ᠪᠤᠯᠲᠤ ᠶᠢ ᠨᠢ ᠰᠡᠵᠢᠵᠦ ᠣᠷᠬᠢᠮᠠᠷ ᠰᠠᠨᠠᠭᠳᠠᠨ᠎ᠠ᠃ ᠨᠣᠪᠰᠢ ᠪᠣᠯᠤᠭᠰᠠᠨ ᠡᠳᠡᠭᠡᠷ ᠠᠳᠤᠭᠤᠰᠤ ᠲᠠᠢ ᠶᠠᠪᠤᠬᠤ ᠨᠢ ᠭᠤᠳᠤᠮᠰᠢᠭ ᠪᠣᠯᠬᠤ ᠰᠢᠭ ᠪᠥᠭᠡᠳ ᠲᠡᠳᠡᠨ ᠡᠴᠡ ᠰᠠᠯᠪᠠᠯ ᠠᠰᠢᠭᠲᠠᠢ ᠰᠢᠭ ᠪᠣᠳᠤᠭᠳᠠᠵᠤ᠂ ᠰᠦᠷᠦᠭ ᠦᠨ ᠳᠡᠭᠡᠭᠦᠷ ᠲᠡᠭᠷᠢ ᠶᠢᠨ ᠬᠠᠶᠠᠭ᠎ᠠ ᠶᠢ ᠰᠢᠷᠲᠡᠬᠦ ᠳᠦ᠂ ᠲᠡᠭᠷᠢ ᠶᠢᠨ ᠣᠷᠳᠤᠨ ᠤ ᠠᠷᠤ ᠬᠠᠰᠢᠶᠠᠨ ᠳᠡᠬᠢ ᠲᠡᠨᠢᠭᠡᠷ ᠣᠭ᠍ᠶᠤᠨ ᠪᠡᠯᠴᠢᠭᠡᠷ ᠰᠡᠳᠭᠢᠯ ᠳᠤᠨᠢ ᠤᠷᠭᠤᠨ᠎ᠠ᠃

ᠳᠥᠷᠪᠡ

ᠬᠠᠪᠤᠷ ᠤᠨ ᠨᠢᠭᠡᠨ ᠪᠦᠷᠬᠦᠭ᠌ ᠡᠳᠦᠷ ᠪᠠᠢᠵᠢ ᠪᠢᠯᠡ᠃ ᠬᠠᠮᠤᠭ ᠬᠣᠨᠢᠳ ᠬᠠᠭᠳᠠ ᠨᠣᠭᠤᠭ᠎ᠠ ᠳᠤ ᠲᠣᠯᠤᠭᠠᠢ ᠰᠢᠭᠠᠵᠤ᠂ ᠵᠤᠳ ᠤᠨ ᠡᠮᠦᠨ᠎ᠡ ᠰᠢᠮᠳᠠᠭᠤ ᠢᠳᠡᠰᠢᠯᠡᠨ᠎ᠡ᠃ ᠢᠰᠢᠭᠡ ᠬᠤᠷᠠᠭ᠎ᠠ ᠨᠤᠭᠤᠳ ᠴᠤ ᠡᠬᠡ ᠡᠴᠡ ᠪᠡᠨ ᠰᠠᠯᠤᠯ ᠦᠭᠡᠢ ᠶᠠᠪᠤᠬᠤ ᠨᠢ ᠬᠠᠪᠤᠷ ᠤᠨ ᠵᠤᠳ ᠲᠤ ᠲᠠᠭᠤᠭᠳᠠᠬᠤ ᠡᠴᠡ ᠠᠶᠤᠵᠤ ᠪᠠᠢᠬᠤ ᠮᠡᠲᠦ᠃

ᠢᠯᠠᠭᠤᠭᠰᠠᠨ ᠰᠡᠲᠡᠷᠲᠦ ᠴᠠᠭᠠᠨ ᠢᠮᠠᠭ᠎ᠠ ᠮᠠᠨᠢ᠂ ᠶᠠᠮᠠᠷᠴᠤ ᠭᠠᠮᠰᠢᠭ ᠢ ᠰᠡᠳᠭᠢᠯ ᠳᠡᠭᠡᠨ ᠠᠪᠤᠯ ᠦᠭᠡᠢ ᠪᠠᠢᠵᠤ᠂ ᠭᠤᠤ ᠰᠤᠪᠠᠭ ᠢᠶᠡᠷ ᠬᠡᠷᠦᠢᠵᠦ᠂ ᠳᠣᠪᠤ ᠬᠢᠷ᠎ᠠ ᠪᠠᠷ ᠳᠡᠮᠡᠢ ᠯᠠ ᠡᠷᠭᠢᠴᠡᠵᠦ᠂ ᠡᠰᠢ ᠲᠡᠰᠢ ᠰᠦᠯᠵᠢᠨ᠎ᠡ᠃ ᠲᠡᠷᠡ ᠳᠠᠢᠰᠤᠩᠨᠠᠨ ᠮᠥᠷᠭᠦᠯᠳᠦᠭᠴᠢ ᠪᠡᠨ ᠠᠯᠳᠠᠭᠰᠠᠨᠰᠳᠠᠭᠠᠨ ᠮᠠᠰᠢᠳᠠ ᠤᠢᠳᠭᠠᠷᠯᠠᠨ ᠪᠠᠢᠭ᠎ᠠ ᠨᠢ ᠢᠯᠡᠳᠲᠡ ᠠᠵᠢ᠃

ᠤᠮᠠᠷ᠎ᠠ ᠰᠠᠯᠬᠢ ᠬᠦᠴᠦᠲᠡᠢ ᠦᠯᠢᠶᠡᠵᠦ᠂ ᠨᠢᠳᠭᠡᠷᠡᠭᠰᠡᠨ ᠡᠭᠦᠯᠡᠰ ᠬᠤᠢᠯᠠᠷᠠᠨ ᠨᠡᠭᠦᠭᠡᠳ ᠲᠡᠭᠷᠢ ᠶᠢᠨ ᠴᠢᠷᠠᠢ ᠮᠠᠭᠤᠬᠠᠢ ᠪᠣᠯᠵᠤ᠂ ᠠᠯᠤᠰ ᠤᠨ ᠶᠠᠭᠤᠮ᠎ᠠ ᠨᠡᠲᠦᠢᠨ ᠬᠠᠷᠠᠭᠳᠠᠭᠠᠳ ᠪᠤᠲᠠ ᠪᠣᠷᠤᠯᠵᠢ ᠴᠤ ᠣᠪᠤᠯᠵᠠᠨ ᠬᠥᠳᠡᠯᠬᠦ ᠮᠡᠲᠦ᠃ ᠲᠡᠭᠡᠲᠡᠯ᠎ᠠ ᠠᠯᠤᠰ ᠤᠨ ᠠᠭᠤᠯᠠ ᠶᠢᠨ ᠬᠥᠲᠦᠯ ᠳᠡᠭᠡᠭᠦᠷ ᠨᠢᠭᠡᠨ ᠶᠠᠭᠤᠮ᠎ᠠ ᠪᠥᠷᠲᠦᠯᠵᠡᠨ ᠠᠢᠰᠤᠢ᠂ ᠴᠠᠭᠠᠨ ᠢᠮᠠᠭ᠎ᠠ ᠳᠣᠪᠤ ᠶᠢᠨ ᠣᠷᠤᠢ ᠳᠤ ᠭᠠᠷᠴᠤ ᠥᠯᠢᠢᠨ ᠬᠠᠷᠠᠪᠠᠯ᠂ ᠬᠥᠬᠡ ᠵᠢᠰᠦᠮ ᠦᠨ ᠶᠠᠭᠤᠮ᠎ᠠ ᠪᠥᠭᠡᠳ ᠤᠯᠠᠮ ᠣᠢᠷᠠᠳᠬᠤ ᠲᠤᠲᠤᠮ ᠬᠠᠷᠠᠭᠠᠳ ᠪᠠᠢᠪᠠᠯ ᠢᠮᠠᠭ᠎ᠠ ᠲᠠᠢ ᠠᠳᠠᠯᠢᠬᠠᠨ ᠨᠢᠭᠡ ᠶᠠᠭᠤᠮ᠎ᠠ ᠢᠨᠠᠭᠰᠢ ᠱᠣᠭᠰᠢᠨ᠎ᠠ᠃«ᠦᠬᠦᠭᠡ ᠦᠭᠡᠢ ᠮᠠᠭᠤ ᠲᠤᠷᠤᠰᠭ᠎ᠠ ᠶᠢ ᠣᠳᠣ ᠡᠷᠯᠢᠭ᠌ ᠦᠨ ᠴᠢᠳᠭᠦᠷ ᠲᠤᠨᠢ ᠢᠯᠡᠭᠡᠶ᠎ᠡ︕» ᠬᠡᠮᠡᠨ ᠴᠠᠭᠠᠨ ᠢᠮᠠᠭ᠎ᠠ ᠪᠣᠳᠤᠭᠠᠳ᠂ ᠬᠠᠩᠭᠢᠨᠠᠲᠠᠯ᠎ᠠ ᠮᠠᠢᠯᠠᠵᠤ ᠬᠠᠨᠢ ᠳᠠᠭᠠᠨ ᠴᠢᠮᠡᠭᠡ ᠥᠭᠴᠦ᠂ ᠪᠦᠯᠦᠭ ᠢᠮᠠᠭ᠎ᠠ ᠲᠠᠰᠤᠯᠤᠨ ᠠᠪᠴᠤ ᠪᠥᠷᠳᠦᠭᠡᠨᠡᠭᠦ ᠶᠠᠭᠤᠮᠠᠨ ᠤ ᠵᠦᠭ᠌ ᠭᠦᠶᠦᠵᠡᠢ᠃ ᠭᠣᠳᠤᠭᠤᠨᠠᠭᠤᠷ ᠢᠮᠠᠭᠠᠳ ᠬᠣᠢᠨ᠎ᠠ ᠡᠮᠦᠨ᠎ᠡ ᠨᠢ ᠣᠷᠤᠨ᠎ᠠ᠂ ᠭᠤᠪᠰᠢᠭᠤᠷ ᠢᠮᠠᠭ᠎ᠠ ᠮᠠᠢᠯᠠᠨ ᠴᠠᠢᠯᠠᠨ ᠭᠦᠶᠦᠨ᠎ᠡ᠂ ᠪᠠᠪᠠᠲᠤᠨᠠᠭᠤᠷ ᠤᠬᠤᠨ᠎ᠠ ᠪᠠᠪᠠᠲᠤᠨᠠᠨ ᠳᠣᠪᠠᠲᠤᠨᠠᠨ ᠵᠢᠷᠤᠭᠠᠯᠠᠨ᠎ᠠ᠂ ᠰᠦᠷᠦᠭ ᠢᠮᠠᠭ᠎ᠠ ᠰᠡᠭᠦᠯ ᠰᠢᠭ᠌ ᠳᠠᠭᠠᠯᠳᠤᠨ ᠶᠠᠪᠤᠨ᠎ᠠ᠃ ᠬᠠᠵᠠᠭᠤ ᠳᠡᠭᠡᠭᠦᠷ ᠪᠥᠮᠪᠦᠷᠢᠬᠦ ᠬᠠᠪᠤᠷ ᠴᠠᠭ ᠤᠨ ᠬᠠᠮᠬᠤᠤᠯ ᠰᠢᠭ ᠲᠡᠷᠡ ᠬᠥᠬᠡ ᠶᠠᠭᠤᠮ᠎ᠠ ᠪᠥᠷᠲᠦᠰ ᠪᠥᠷᠲᠦᠰ ᠬᠠᠷᠠᠭᠳᠠᠨ ᠪᠦᠷ ᠴᠦ ᠴᠢᠭᠯᠡᠭᠡᠳ ᠢᠷᠡᠵᠦ ᠠᠢᠰᠤᠢ᠃ ᠲᠣᠰᠴᠤ ᠮᠥᠷᠭᠦᠯᠳᠦᠬᠦ ᠡᠪᠡᠷᠲᠦ ᠴᠠᠭᠠᠨ ᠴᠤ ᠪᠤᠰᠢᠭᠤ ᠲᠤᠰᠢᠭᠤ ᠭᠦᠶᠦᠵᠦ ᠪᠢᠯᠠᠭᠤ ᠰᠢᠳᠡᠮ᠎ᠡ ᠬᠢᠷᠢ ᠣᠢᠷᠠᠳᠪᠠ᠃ ᠰᠦᠷᠦᠭ ᠢᠮᠠᠭ᠎ᠠ ᠴᠤᠪᠤᠷᠠᠨ ᠴᠤᠪᠤᠷᠠᠨ ᠭᠦᠶᠦᠯᠳᠦᠭᠰᠡᠭᠡᠷ ᠴᠢᠯᠠᠭᠤ ᠰᠢᠳᠡᠮ᠎ᠡ ᠬᠢᠷᠢ ᠳᠥᠬᠦᠪᠡ᠃

ᠴᠠᠭᠠᠨ ᠢᠮᠠᠭ᠎ᠠ ᠵᠣᠭ ᠬᠢᠵᠦ ᠰᠥᠯᠢᠢᠨ ᠬᠠᠷᠠᠭᠰᠠᠨ ᠴᠢᠨᠢ ᠦᠵᠡᠰᠡ᠂ ᠬᠥᠬᠡ ᠢᠮᠠᠭ᠎ᠠ ᠪᠢᠰᠢ᠂ ᠬᠥᠬᠡ ᠴᠢᠨᠤ᠎ᠠ ᠪᠠᠢᠵᠠᠢ︕ ᠵᠠᠪᠠᠵᠢᠨ ᠳᠤᠨᠢ ᠬᠥᠬᠡ ᠤᠩᠭᠠᠰᠤ ᠪᠠᠷᠢᠯᠳᠤᠵᠤ᠂ ᠬᠣᠩᠰᠢᠶᠠᠷ ᠲᠤᠨᠢ ᠤᠯᠠᠭᠠᠨ ᠴᠢᠰᠤ ᠨᠠᠭᠠᠯᠳᠤᠭᠠᠳ ᠵᠢᠭᠲᠡᠢ ᠵᠢᠪᠡᠭᠦᠨ ᠬᠠᠷᠠᠭᠳᠠᠨ᠎ᠠ᠃ ᠴᠠᠭᠠᠨ ᠢᠮᠠᠭ᠎ᠠ ᠤᠷᠤᠭᠰᠢ ᠣᠴᠢᠵᠤ ᠮᠥᠷᠭᠦᠬᠦ ᠭᠡᠰᠡᠨ ᠢᠶᠡᠨ ᠪᠣᠯᠢᠵᠤ᠂ ᠰᠠᠨᠳᠤᠷᠬᠤ ᠶᠢᠨ ᠡᠬᠢᠨ ᠳᠦ ᠰᠠᠢᠬᠠᠨ ᠦᠭᠡ ᠡᠷᠢᠵᠦ᠂ ᠪᠠᠴᠢᠮᠳᠠᠬᠤ ᠶᠢᠨ ᠲᠦᠷᠦᠭᠦᠦ ᠪᠢᠯᠳᠠᠤᠴᠢ ᠦᠭᠡ ᠰᠠᠨᠠᠵᠤ᠄«ᠴᠢᠨᠤ᠎ᠠ ᠭᠤᠸᠠᠢ᠂ ᠴᠢᠨᠤ᠎ᠠ ᠭᠤᠸᠠᠢ︕ ᠰᠠᠢᠨ ᠪᠣᠯᠤᠯ᠎ᠠ᠂ ᠮᠠᠭᠤ ᠬᠥᠬᠡ ᠶᠢ ᠁» ᠭᠡᠬᠦ ᠳᠦ ᠴᠢᠨᠤ᠎ᠠ ᠶᠢᠨ ᠨᠢᠭᠤᠷ ᠲᠤ ᠶᠠᠮᠠᠷ ᠴᠤ ᠡᠶᠡᠪᠡᠷᠭᠦ ᠲᠠᠭᠠᠯᠠᠯ ᠢᠯᠡᠷᠡᠭᠰᠡᠨ ᠦᠭᠡᠢ᠂ ᠬᠠᠷᠢᠨ ᠴᠣᠷᠭᠢᠨ ᠬᠠᠷᠠᠭᠰᠠᠨ ᠬᠡᠪ ᠢᠶᠡᠷ ᠢᠶᠡᠨ ᠴᠤᠷᠤᠢᠨ ᠦᠰᠦᠷᠴᠦ ᠣᠷᠤᠭᠠᠳ ᠢᠷᠡᠯ᠎ᠡ᠃ ᠴᠠᠭᠠᠨ ᠢᠮᠠᠭ᠎ᠠ ᠤᠭᠯᠤ ᠦᠰᠦᠷᠦᠨ ᠡᠷᠭᠢᠵᠦ᠂ ᠰᠦᠷᠦᠭ ᠢᠮᠠᠭ᠎ᠠ ᠪᠠᠨ ᠣᠷᠬᠢᠨ ᠰᠦᠨᠡᠰᠦ ᠦᠭᠡᠢ ᠭᠠᠷᠴᠤ ᠳᠤᠲᠠᠭᠠᠯ᠎ᠠ᠃

ᠬᠥᠬᠡ ᠴᠢᠨᠤ᠎ᠠ ᠰᠦᠷᠦᠭ ᠦᠨ ᠬᠣᠢᠨ᠎ᠠ ᠡᠴᠡ ᠳᠠᠭᠠᠷᠢᠯ᠎ᠠ᠃ ᠬᠥᠨᠳᠡᠢ ᠪᠡᠷ ᠰᠡᠭ᠌ ᠲᠠᠷᠬᠠᠭᠠᠵᠤ᠂ ᠬᠥᠲᠦᠯ ᠢᠶᠡᠷ ᠰᠡᠪᠡᠰᠦ ᠭᠣᠭᠤᠵᠢᠭᠤᠯᠪᠠ᠃

ᠰᠦᠨᠡᠰᠦ ᠦᠭᠡᠢ ᠳᠤᠲᠠᠭᠠᠭᠰᠠᠨ ᠰᠡᠲᠡᠷᠲᠦ ᠴᠠᠭᠠᠨ ᠴᠤ ᠪᠠᠷ᠎ᠠ ᠰᠤᠷᠠᠭ ᠦᠭᠡᠢ ᠪᠣᠯᠵᠠᠢ᠃ ᠬᠠᠶᠠ ᠠᠭᠤᠯᠠ ᠬᠥᠳᠡᠭᠡ ᠪᠡᠷ ᠢᠮᠠᠭ᠎ᠠ ᠮᠠᠢᠯᠠᠬᠤ ᠳᠠᠭᠤᠨ ᠰᠣᠨᠤᠰᠳᠠᠯ᠎ᠠ ᠭᠡᠵᠦ ᠬᠥᠮᠦᠰ ᠬᠡᠯᠡᠯᠴᠡᠬᠦ ᠪᠣᠯᠪᠠᠴᠤ ᠦᠵᠡᠭᠰᠡᠨ ᠬᠥᠮᠦᠨ ᠭᠡᠵᠦ ᠶᠡᠷᠦ ᠠᠯᠠᠭ᠎ᠠ᠃ ᠵᠠᠷᠢᠮ ᠨᠢ ᠴᠠᠭᠠᠨ ᠢᠮᠠᠭᠠᠨ ᠤ ᠰᠡᠲᠡᠷ ᠢ ᠠᠯᠤᠰ ᠤᠨ ᠠᠭᠤᠯᠠᠨ ᠤ ᠮᠣᠳᠤᠨ ᠰᠠᠯᠠᠭᠠᠨ ᠳᠡᠭᠡᠷ᠎ᠡ ᠪᠠᠢᠯ᠎ᠠ ᠭᠡᠬᠦ ᠶᠤᠮ᠃ ᠭᠡᠬᠦ ᠳᠦ ᠣᠯᠵᠤ ᠠᠪᠤᠭᠰᠠᠨ ᠬᠥᠮᠦᠨ ᠶᠡᠷᠦ ᠭᠠᠷᠤᠭ᠎ᠠ ᠦᠭᠡᠢ᠃ ᠦᠨᠡᠬᠡᠷ ᠲᠡᠭᠷᠢ ᠳᠦ ᠭᠠᠷᠤᠭᠰᠠᠨ ᠪᠣᠯᠤᠯᠲᠠᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082