ᠮᠣᠩᠭᠣᠯ ᠪᠢᠴᠢᠭ᠌

ᠡᠷᠢᠶ᠎ᠡ  
ᠪᠤᠴᠠᠬᠤ

ᠠᠩᠭᠢ ᠡᠴᠡ ᠪᠡᠨ ᠡᠭᠦᠷᠢᠳᠡ ᠬᠠᠶᠠᠭᠳᠠᠬᠤ ᠦᠭᠡᠢ

ᠠ᠊᠂ ᠭᠣᠨᠴᠠᠷ

ᠨᠢᠭᠡ ᠳᠡᠳ᠋ ᠫᠷᠤᠹᠧᠰᠰᠤᠷ ᠬᠢᠴᠢᠶᠡᠯ ᠲᠠᠢᠯᠪᠤᠷᠢᠯᠠᠬᠤ ᠲᠠᠢᠵᠠ ᠶᠢᠨ ᠳᠡᠭᠡᠷ᠎ᠡ ᠵᠣᠭᠰᠤᠭᠰᠠᠨ ᠪᠠᠢᠳᠠᠯ ᠨᠢ ᠶᠠᠭ ᠣᠩᠭᠤᠴᠠ ᠶᠢᠨ ᠳᠠᠷᠤᠭ᠎ᠠ ᠲᠤᠰᠢᠶᠠᠯ ᠪᠠᠭᠤᠯᠭᠠᠬᠤ ᠶᠡᠨᠳᠡᠷ ᠳᠡᠭᠡᠷ᠎ᠡ ᠵᠣᠭᠰᠤᠭᠰᠠᠨ ᠰᠢᠭ ᠬᠠᠷᠠᠭᠳᠠᠨ᠎ᠠ᠃ ᠬᠢᠴᠢᠶᠡᠯ ᠦᠨ ᠲᠠᠩᠬᠢᠮ ᠳᠤ ᠬᠣᠪ ᠬᠣᠭᠤᠰᠤᠨ᠂ ᠶᠠᠭ ᠣᠩᠭᠤᠴᠠ ᠶᠢᠨ ᠱᠠᠯᠠ ᠲᠠᠢ ᠠᠳᠠᠯᠢ᠂ ᠰᠢᠷᠡᠭᠡ ᠴᠦ ᠦᠭᠡᠢ᠃ ᠰᠠᠨᠳᠠᠯᠢ ᠴᠤ ᠦᠭᠡᠢ᠂ ᠶᠠᠭᠤᠮ᠎ᠠ ᠪᠦᠬᠦᠨ ᠴᠦᠮ ᠭᠧᠷᠮᠠᠨ ᠹᠠᠱ᠋ᠢᠰ ᠤᠨ ᠲᠦᠷᠢᠮᠡᠭᠡᠢᠯᠡᠨ ᠡᠵᠡᠯᠡᠭᠴᠢᠳ ᠲᠦ ᠰᠢᠲᠠᠭᠠᠭᠳᠠᠵᠠᠢ᠃

ᠭᠡᠪᠡᠴᠦ ᠬᠠᠷᠢ ᠶᠢᠨ ᠳᠣᠪᠲᠤᠯᠤᠭᠴᠢᠳ ᠥᠭᠭᠢᠶᠡᠮᠦᠷ ᠬᠠᠪᠤᠷ ᠢ ᠤᠰᠠᠳᠭᠠᠵᠤ ᠴᠢᠳᠠᠭᠰᠠᠨ ᠦᠭᠡᠢ᠂ ᠬᠠᠪᠤᠷ ᠡᠭᠡᠨᠡᠭᠳᠡ ᠬᠠᠭᠠᠷᠬᠠᠢ ᠴᠣᠩᠬᠤ ᠪᠠᠷ ᠠᠯᠲᠠᠨ ᠨᠠᠷᠠᠨ ᠤ ᠲᠤᠶᠠᠭ᠎ᠠ ᠶᠢ ᠳᠤᠰᠭᠠᠵᠤ᠂ ᠲᠠᠤᠯᠠᠢ ᠶᠢᠨ ᠪᠥᠭᠡᠷ᠎ᠡ ᠶᠢᠨ ᠮᠣᠳᠤᠨ ᠤ ᠨᠣᠭᠤᠭᠠᠨ ᠨᠠᠪᠴᠢ ᠨᠠᠬᠢᠶ᠎ᠠ ᠶᠢ ᠳᠣᠲᠤᠭᠰᠢ ᠱᠠᠭᠠᠢᠯᠭᠠᠪᠠ᠃

ᠥᠬᠢᠳ ᠳᠠᠢᠨ ᠤ ᠡᠮᠦᠨᠡᠬᠢ ᠦᠶ᠎ᠡ ᠶᠢᠨ ᠰᠢᠭ᠌ ᠢᠶᠡᠨ ᠬᠢᠴᠢᠶᠡᠯ ᠪᠠᠭᠤᠬᠤ ᠪᠦᠷᠢ ᠰᠠᠩᠳᠠ ᠮᠡᠩᠳᠡ ᠰᠡᠷᠢᠭᠦᠴᠡᠬᠦ ᠲᠠᠢᠵᠠ ᠤᠷᠤᠭᠤ ᠥᠷᠢᠰᠦᠯᠳᠦᠨ ᠭᠦᠶᠦᠯᠳᠦᠬᠦ ᠪᠡᠨ ᠪᠠᠢᠵᠠᠢ᠃ ᠰᠡᠷᠢᠭᠦᠴᠡᠬᠦ ᠲᠠᠢᠵᠠᠨ ᠳᠤ ᠣᠴᠢᠬᠤ ᠬᠠᠭᠠᠯᠭ᠎ᠠ ᠶᠢ ᠣᠳᠣ ᠨᠢᠭᠡᠨᠲᠡ ᠬᠠᠳᠠᠭᠠᠰᠤ ᠪᠠᠷ ᠬᠠᠳᠠᠵᠤ᠂ ᠡᠪᠳᠡᠷᠬᠡᠢ ᠰᠡᠷᠢᠭᠦᠴᠡᠬᠦ ᠲᠠᠢᠵᠠ ᠨᠤᠷᠠᠵᠤ ᠤᠨᠠᠬᠤ ᠶᠢᠨ ᠨᠠᠭᠠᠲᠤ ᠴᠠᠭᠠᠲᠤ ᠳᠡᠭᠡᠷ᠎ᠡ ᠬᠦᠷᠦᠭᠡᠳ ᠪᠠᠢᠯ᠎ᠠ᠃

ᠳᠡᠳ᠋ ᠫᠷᠤᠹᠧᠰᠰᠤᠷ ᠲᠠᠶᠠᠭ ᠢᠶᠡᠨ ᠲᠤᠯᠤᠭᠰᠠᠭᠠᠷ ᠬᠢᠴᠢᠶᠡᠯ ᠲᠠᠢᠯᠪᠤᠷᠢᠯᠠᠬᠤ ᠲᠠᠢᠵᠠᠨ ᠡᠴᠡ ᠪᠠᠭᠤᠯ᠎ᠠ᠃ ᠶᠠᠭ ᠡᠨᠡ ᠬᠤᠷᠤᠮᠬᠠᠨ᠎ᠠ ᠲᠡᠭᠦᠨ ᠦ ᠥᠭᠡᠳᠡ ᠡᠴᠡ ᠨᠢᠭᠡᠨ ᠬᠥᠮᠦᠨ ᠳᠣᠷᠪᠢᠯᠢᠭ ᠠᠯᠬᠤᠴᠠ ᠪᠠᠷ ᠢᠷᠡᠬᠦ ᠬᠥᠯ ᠦᠨ ᠴᠢᠮᠡᠭᠡ ᠭᠠᠷᠴᠠᠢ᠃

«ᠳ᠋ᠮᠢᠲ᠋ᠷᠢ ᠢᠸᠠᠨᠤᠸᠢᠴᠧ ᠁»

ᠬᠡᠷᠪᠡ ᠳᠡᠳ᠋ ᠫᠷᠤᠹᠧᠰᠰᠤᠷ ᠤᠨ ᠨᠢᠳᠦ ᠨᠢ ᠰᠣᠬᠤᠷᠠᠭ᠎ᠠ ᠦᠭᠡᠢ ᠪᠣᠯ᠂ ᠲᠡᠭᠦᠨ ᠦ ᠡᠮᠦᠨ᠎ᠡ ᠵᠣᠭᠰᠤᠵᠤ ᠪᠠᠢᠭ᠎ᠠ ᠨᠢ ᠰᠠᠶᠢ᠍ᠬᠠᠨ ᠰᠤᠷᠭᠠᠭᠤᠯᠢ ᠳᠤ ᠣᠷᠤᠭᠰᠠᠨ ᠵᠠᠯᠠᠭᠤ ᠴᠡᠷᠢᠭ᠌ ᠦᠨ ᠳᠠᠷᠤᠭ᠎ᠠ ᠭᠡᠵᠦ ᠮᠡᠳᠡᠬᠦ ᠪᠠᠢᠭᠰᠠᠨ ᠪᠢᠯᠡ᠃

ᠲᠡᠷᠡ ᠵᠠᠯᠠᠭᠤ᠄«ᠳ᠋ᠮᠢᠲ᠋ᠷᠢ ᠢᠸᠠᠨᠤᠸᠢᠴᠧ︕ ᠪᠢ ᠲᠠᠨ ᠢ ᠮᠠᠷᠲᠠᠭ᠎ᠠ ᠦᠭᠡᠢ᠃ ᠲᠠ ᠤᠷᠢᠳᠤ ᠮᠢᠨᠦ ᠰᠤᠮᠤᠨ ᠤ ᠪᠠᠢᠯᠳᠤᠭᠴᠢ ᠪᠠᠢᠭᠰᠠᠨ» ᠬᠡᠪᠡ᠃

«ᠲᠠ ᠁ ᠲᠠ ᠁»

«ᠭᠣᠯᠤᠸᠤᠢ᠃»

«ᠠ᠂ ᠳᠡᠰᠯᠡᠭᠴᠢ ᠭᠣᠯᠤᠸᠤᠢ︕»

«ᠪᠢᠰᠢ ᠡ᠃ ᠪᠢ ᠨᠢᠭᠡᠨᠲᠡ ᠭ᠋ᠸᠠᠷᠳᠧ ᠪᠣᠯᠤᠭᠰᠠᠨ᠂ ᠭᠡᠪᠡᠴᠦ ᠣᠳᠣ ᠁ ᠶᠡᠬᠡ ᠰᠤᠷᠭᠠᠭᠤᠯᠢ ᠶᠢᠨ ᠣᠶᠤᠲᠠᠨ ᠭᠣᠯᠤᠸᠤᠢ ᠶᠤᠮ᠃»

«ᠶᠠᠭᠠᠬᠢᠭᠰᠠᠨ ᠰᠠᠢᠨ ᠶᠤᠮ» ᠭᠡᠵᠦ ᠳᠡᠳ᠋ ᠫᠷᠤᠹᠧᠰᠰᠤᠷ ᠭᠠᠷ ᠢᠶᠡᠨ ᠰᠤᠩᠭᠠᠭᠠᠳ᠄

«ᠶᠠᠭᠠᠬᠢᠭᠠᠳ︖ ᠶᠠᠭᠠᠬᠢᠭᠠᠳ ᠨᠠᠳᠠ ᠵᠡᠭᠦᠨ ᠭᠠᠷ ᠢᠶᠡᠨ ᠥᠭᠴᠦ ᠪᠠᠢᠨ᠎ᠠ︖» ᠭᠡᠪᠡ᠃

«ᠳ᠋ᠮᠢᠲ᠋ᠷᠢ ᠢᠸᠠᠨᠤᠸᠢᠴᠧ᠂ ᠨᠠᠳᠠ ᠁ ᠪᠠᠷᠠᠭᠤᠨ ᠭᠠᠷ ᠦᠭᠡᠢ ᠪᠣᠯᠴᠢᠬᠠᠭᠰᠠᠨ᠃»

ᠡᠭᠦᠨ ᠢ ᠰᠣᠨᠤᠰᠤᠭᠠᠳ ᠳᠡᠳ᠋ ᠫᠷᠤᠹᠧᠰᠰᠤᠷ ᠤᠨ ᠲᠦᠯᠡᠭᠳᠡᠭᠰᠡᠨ ᠬᠠᠷᠠᠪᠲᠤᠷ ᠴᠢᠷᠠᠢ ᠨᠢ ᠠᠲᠤᠷᠢᠵᠤ ᠥᠷᠦ ᠡᠪᠡᠳᠦᠭᠰᠡᠨ ᠪᠠᠢᠳᠠᠯ ᠤᠳᠠᠲᠠᠯ᠎ᠠ ᠬᠠᠷᠠᠭᠳᠠᠵᠠᠢ᠃ ᠲᠡᠳᠡ ᠬᠣᠶᠠᠭᠤᠯᠠ ᠬᠡᠳᠦᠨ ᠮᠢᠨᠦ᠋ᠲ ᠳᠤᠪ ᠳᠤᠭᠤᠢ ᠵᠣᠭᠰᠤᠪᠠ᠃

«ᠲᠠ ᠶᠠᠭᠤᠨ ᠳᠤ ᠮᠢᠨᠦ ᠡᠴᠢᠭᠡ ᠶᠢᠨ ᠨᠡᠷ᠎ᠡ ᠪᠡᠷ ᠨᠠᠮᠠᠢ ᠳᠠᠭᠤᠳᠠᠬᠤ ᠶᠤᠮ ᠪᠤᠢ︖»

«ᠡᠨᠳᠡ ᠪᠦᠭᠦᠳᠡᠭᠡᠷ ᠲᠠᠨ ᠢ ᠢᠩᠭᠢᠵᠦ ᠳᠠᠭᠤᠳᠠᠳᠠᠭ ᠰᠢᠤ᠃»

«ᠲᠠ ᠤᠷᠢᠳᠤ ᠶᠢᠨ ᠬᠢ ᠲᠠᠢ ᠪᠠᠨ ᠠᠳᠠᠯᠢ ᠁ ᠨᠠᠮᠠᠢ ᠨᠥᠬᠦᠷ ᠭ᠍ᠯᠤᠪᠠ ᠭᠡᠵᠦ ᠳᠠᠭᠤᠳᠠᠭᠠᠷᠠᠢ᠃ ᠨᠠᠮᠠᠢ ᠢᠩᠭᠢᠵᠦ ᠳᠠᠭᠤᠳᠠᠪᠠᠯ᠂ ᠤᠷᠢᠳᠤ ᠲᠠᠨ ᠤ ᠲᠡᠷᠡ ᠰᠤᠮᠤᠨ ᠳᠤ ᠪᠠᠢᠯᠳᠤᠭᠴᠢ ᠶᠠᠪᠤᠭᠰᠠᠨ ᠦᠶ᠎ᠡ ᠶᠢ ᠮᠢᠨᠢ ᠰᠠᠨᠠᠭᠳᠠᠭᠤᠯᠬᠤ ᠪᠣᠯᠤᠨ᠎ᠠ ᠁»

ᠬᠣᠶᠠᠷ

ᠭᠣᠯᠤᠸᠤᠢ ᠶᠢᠨ ᠥᠩᠭᠡᠷᠡᠭᠰᠡᠨ ᠦ ᠪᠠᠢᠳᠠᠯ ᠭ᠍ᠯᠤᠪᠠ ᠶᠢᠨ ᠳᠣᠲᠤᠷ᠎ᠠ ᠲᠣᠪ ᠲᠣᠳᠤᠬᠠᠨ ᠪᠣᠳᠤᠭᠳᠠᠵᠤ ᠡᠬᠢᠯᠡᠪᠡ᠃ ᠭ᠍ᠯᠤᠪᠠ ᠡᠨᠡ ᠬᠦ ᠤᠴᠠᠭᠠᠷᠳᠠᠩᠭᠤᠢ ᠵᠠᠯᠠᠭᠤ ᠳᠡᠰᠯᠡᠭᠴᠢ ᠶᠢ ᠪᠣᠳᠤᠮᠠᠭᠴᠠ ᠳᠣᠲᠤᠷ᠎ᠠ ᠨᠢ ᠵᠣᠪᠠᠩᠭᠤᠢ ᠭᠡᠮᠰᠢᠩᠭᠦᠢ ᠲᠥᠷᠦᠭᠳᠡᠯ ᠣᠷᠤᠳᠠᠭ ᠪᠠᠢᠵᠠᠢ᠃

ᠡᠨᠡ ᠪᠣᠯ 1941 ᠣᠨ ᠤ ᠲᠡᠭᠷᠢ ᠭᠠᠵᠠᠷ ᠳᠣᠩᠰᠤᠯᠭᠠᠭᠰᠠᠨ ᠨᠠᠢᠮᠠᠳᠤᠭᠠᠷ ᠰᠠᠷ᠎ᠠ ᠳᠤ ᠪᠣᠯᠤᠭᠰᠠᠨ ᠬᠡᠷᠡᠭ᠌ ᠪᠢᠯᠡ᠃

ᠨᠢᠭᠡ ᠰᠥᠨᠢ᠂ ᠭᠣᠯᠤᠸᠤᠢ ᠶᠢᠨ ᠲᠡᠷᠡ ᠰᠤᠮᠤ ᠨᠢᠭᠡ ᠭᠠᠵᠠᠷ ᠡᠴᠡ ᠥᠭᠡᠷ᠎ᠡ ᠨᠢᠭᠡᠨ ᠭᠠᠵᠠᠷ ᠰᠢᠯᠵᠢᠬᠦ ᠪᠣᠯᠪᠠ᠃ ᠵᠦᠰᠡ ᠪᠣᠷᠤᠭᠠᠨ ᠲᠠᠢ᠂ ᠳᠤᠯᠠᠭᠠᠬᠠᠨ ᠫᠠᠳ ᠬᠠᠷᠠᠩᠭᠤᠢ ᠲᠡᠷᠡ ᠰᠥᠨᠢ ᠡᠨᠡ ᠰᠤᠮᠤᠨ ᠤ ᠴᠡᠷᠢᠭ᠌ ᠲᠦᠷᠭᠡᠨ ᠤᠷᠤᠭᠰᠢᠯᠠᠨ ᠶᠠᠪᠤᠵᠤ ᠪᠠᠢᠯ᠎ᠠ᠃ ᠪᠠᠢᠯᠳᠤᠭᠴᠢᠳ ᠡᠭᠦᠨ ᠡᠴᠡ ᠡᠮᠦᠨ᠎ᠡ ᠬᠡᠳᠦᠨ ᠰᠥᠨᠢ ᠤᠨᠲᠠᠭ᠎ᠠ ᠦᠭᠡᠢ ᠲᠤᠯᠠ ᠡᠮᠦᠨ᠎ᠡ ᠮᠥᠷ ᠦᠨ ᠬᠥᠮᠦᠰ ᠭᠡᠨᠡᠳᠲᠡ ᠰᠡᠮᠬᠡᠨ ᠵᠣᠭᠰᠤᠪᠠᠯ ᠬᠣᠢᠨᠠᠬᠢ ᠬᠥᠮᠦᠰ ᠨᠢ ᠡᠮᠦᠨᠡᠬᠢ ᠬᠥᠮᠦᠰ ᠦᠨ ᠢᠶᠡᠨ ᠪᠡᠶ᠎ᠡ ᠳᠡᠭᠡᠷ᠎ᠡ ᠮᠥᠷᠭᠦᠵᠦ ᠠᠪᠤᠭᠠᠳ ᠨᠣᠢᠷ ᠡᠴᠡ ᠪᠡᠨ ᠰᠡᠷᠢᠳᠡᠭ᠌ ᠪᠠᠢᠯ᠎ᠠ᠃

ᠲᠦᠷ ᠠᠮᠤᠰᠬᠢᠬᠦ ᠦᠶᠡᠰ᠂ ᠬᠡᠨ ᠴᠦ ᠬᠠᠭᠤᠷᠠᠢ ᠭᠠᠵᠠᠷ ᠡᠷᠢᠵᠦ ᠵᠠᠪᠳᠤᠯ ᠦᠭᠡᠢ - ᠦᠨᠡᠨ ᠳᠡᠭᠡᠨ ᠬᠠᠭᠤᠷᠠᠢ ᠭᠠᠵᠠᠷ ᠴᠤ ᠪᠠᠢᠬᠤ ᠦᠭᠡᠢ - ᠬᠠᠮᠢᠭ᠎ᠠ ᠲᠤᠰᠢᠶᠠᠯ ᠪᠠᠭᠤᠮᠠᠭᠴᠠ ᠲᠡᠨᠳᠡ ᠯᠡ ᠰᠢᠪᠠᠷ ᠳᠣᠲᠤᠷ᠎ᠠ ᠴᠤ ᠲᠡᠷᠡ᠂ ᠵᠠᠮ ᠳᠡᠭᠡᠷ᠎ᠡ ᠴᠦ ᠲᠡᠷᠡ᠂ ᠬᠡᠪᠲᠡᠭᠡᠳ ᠥᠭᠳᠡᠭ ᠮᠥᠷᠲᠡᠭᠡᠨ ᠳᠣᠣᠷ᠎ᠠ ᠪᠠᠨ ᠤᠨᠲᠠᠴᠢᠬᠠᠳᠠᠭ ᠪᠠᠢᠭᠰᠠᠨ ᠪᠢᠯᠡ᠃ ᠭᠠᠭᠴᠠ ᠯᠠ ᠵᠢᠯᠤᠭᠤᠳᠤᠭᠴᠢ ᠨᠠᠷ ᠡᠨᠡ ᠵᠣᠯ ᠵᠢᠷᠭᠠᠯ ᠢ ᠥᠪᠡᠷᠰᠡᠳ ᠲᠡᠭᠡᠨ ᠣᠯᠭᠤᠳᠠᠭ ᠦᠭᠡᠢ ᠪᠠᠢᠪᠠ᠃ ᠲᠡᠳᠡ ᠵᠠᠪᠠᠯ ᠵᠢᠵᠢᠭᠦᠷ ᠬᠢᠵᠦ ᠴᠠᠭ ᠦᠵᠡᠨ᠎ᠡ᠃

ᠡᠢᠮᠦ ᠲᠠᠪᠤᠬᠠᠨ ᠮᠢᠨᠦ᠋ᠲ ᠦᠨ ᠠᠮᠠᠷᠠᠯᠲᠠ ᠳᠤ ᠬᠡᠪᠲᠡᠬᠦ ᠪᠡᠷ ᠦᠯᠦ ᠪᠠᠷᠠᠮ ᠨᠡᠬᠡᠢ ᠳᠡᠪᠡᠯ ᠦᠨ ᠢᠶᠡᠨ ᠬᠣᠷᠮᠤᠢ ᠪᠠᠷ ᠫᠤᠤ ᠪᠠᠨ ᠳᠠᠷᠤᠵᠤ᠂ ᠲᠡᠮᠦᠷ ᠮᠠᠯᠠᠭᠠᠢ ᠪᠠᠨ ᠵᠠᠰᠠᠨ ᠳᠡᠷᠡᠯᠡᠭᠡᠳ᠂ ᠨᠢᠭᠡ ᠰᠠᠢᠨ ᠵᠡᠭᠦᠳᠦ ᠵᠡᠭᠦᠳᠦᠯᠡᠭᠡᠳ ᠴᠦ ᠠᠮᠵᠢᠳᠠᠭ ᠪᠠᠢᠭᠰᠠᠨ ᠢᠶᠡᠨ ᠭ᠍ᠯᠤᠪᠠ ᠣᠳᠣ ᠬᠦᠷᠲᠡᠯ᠎ᠡ ᠮᠠᠷᠲᠠᠭ᠎ᠠ ᠦᠭᠡᠢ ᠪᠢᠯᠡ᠃ ᠵᠡᠭᠦᠳᠦᠯᠡᠭᠰᠡᠨ ᠵᠦᠢᠯ ᠨᠢ ᠶᠠᠩᠵᠤ ᠪᠦᠷᠢ ᠶᠢᠨ ᠶᠠᠭᠤᠮ᠎ᠠ ᠪᠠᠢᠳᠠᠭ ᠲᠤᠯᠠ ᠨᠡᠯᠢᠶᠡᠳ ᠤᠨᠲᠠᠴᠢᠬᠠᠭᠰᠠᠨ ᠶᠤᠮ ᠪᠠᠢᠨ᠎ᠠ ᠭᠡᠵᠦ ᠪᠣᠳᠤᠳᠠᠭ ᠠᠵᠢ᠃ ᠥᠭᠡᠷ᠎ᠡ ᠬᠥᠮᠦᠨ ᠭᠤᠲᠤᠯ ᠢᠶᠡᠷ ᠢᠶᠡᠨ ᠲᠡᠭᠦᠨ ᠦ ᠨᠢᠷᠤᠭᠤ ᠶᠢ ᠬᠥᠩᠭᠡᠨ ᠢᠰᠭᠦᠯᠵᠦ ᠰᠡᠷᠢᠭᠡᠬᠦ ᠳᠦ᠂ ᠬᠠᠷᠢᠨ ᠳᠥᠩᠭᠡᠵᠢ ᠲᠠᠪᠤᠨ ᠮᠢᠨᠦ᠋ᠲ ᠥᠩᠭᠡᠷᠡᠭᠰᠡᠨ ᠭᠡᠳᠡᠭ ᠢ ᠦᠨᠡᠮᠰᠢᠳᠡᠭ᠌ ᠦᠭᠡᠢ ᠪᠠᠢᠳᠠᠭ ᠰᠠᠨ᠃

ᠨᠢᠭᠡ ᠤᠳᠠᠭ᠎ᠠ ᠶᠢᠨ ᠠᠮᠠᠷᠠᠯᠲᠠ ᠳᠤ ᠭ᠍ᠯᠤᠪᠠ ᠵᠣᠷᠢᠭᠤᠳᠠ ᠵᠠᠮ ᠳᠡᠭᠡᠷ᠎ᠡ ᠬᠡᠪᠲᠡᠭᠡᠳ᠂ ᠴᠡᠷᠢᠭ᠌ ᠠᠩᠭᠢ ᠬᠥᠳᠡᠯᠦᠮᠡᠭᠴᠡ ᠬᠥᠮᠦᠰ ᠲᠡᠭᠦᠨ ᠳᠡᠭᠡᠷ᠎ᠡ ᠪᠦᠳᠦᠷᠢᠪᠡᠯ ᠪᠢ ᠰᠡᠷᠢᠨ᠎ᠡ ᠭᠡᠵᠦ ᠪᠣᠳᠤᠵᠠᠢ᠃ ᠭᠡᠲᠡᠯ᠎ᠡ ᠬᠠᠷᠢᠨ ᠬᠡᠨ ᠴᠦ ᠲᠡᠭᠦᠨ ᠢ ᠰᠡᠷᠢᠭᠡᠭᠰᠡᠨ ᠦᠭᠡᠢ᠂ ᠬᠡᠨ ᠴᠦ ᠲᠡᠭᠦᠨ ᠳᠦ ᠬᠥᠯ ᠬᠦᠷᠦᠭᠰᠡᠨ ᠦᠭᠡᠢ᠂ ᠥᠪᠡᠷ ᠢᠶᠡᠨ ᠴᠦ ᠴᠡᠷᠢᠭ᠌ ᠠᠩᠭᠢ ᠬᠥᠳᠡᠯᠬᠦ ᠵᠠᠷᠯᠢᠭ ᠢ ᠰᠣᠨᠤᠰᠤᠭᠰᠠᠨ ᠦᠭᠡᠢ ᠪᠡᠷ ᠲᠤᠩ ᠰᠠᠢᠨ ᠤᠨᠲᠠᠴᠢᠬᠠᠪᠠ᠃ ᠰᠥᠨᠢ ᠶᠢᠨ ᠭᠦᠨ ᠳᠦ ᠴᠡᠷᠢᠭ᠌ ᠠᠩᠭᠢ ᠴᠢᠪ ᠴᠢᠮᠡᠭᠡ ᠦᠭᠡᠢ ᠬᠥᠳᠡᠯᠴᠢᠬᠡᠪᠡ᠃

ᠭ᠍ᠯᠤᠪᠠ ᠶᠢ ᠰᠡᠷᠢᠬᠦ ᠳᠦ ᠡᠷᠭᠢᠨ ᠲᠣᠭᠤᠷᠢᠨ ᠳᠤᠨᠢ ᠨᠢᠭᠡ ᠴᠦ ᠬᠥᠮᠦᠨ ᠦᠭᠡᠢ ᠪᠠᠢᠯ᠎ᠠ᠃

ᠰᠥᠨᠢ ᠬᠠᠪ ᠬᠠᠷᠠᠩᠭᠤᠢ ᠪᠠᠷ ᠢᠶᠡᠨ᠂ ᠪᠣᠷᠤᠭ᠎ᠠ ᠥᠷᠭᠦᠯᠵᠢᠯᠡᠨ ᠣᠷᠤᠭᠰᠠᠭᠠᠷ ᠪᠠᠢᠯ᠎ᠠ᠃ ᠭ᠍ᠯᠤᠪᠠ ᠡᠵᠡᠭᠦᠢ ᠬᠡᠭᠡᠷ᠎ᠡ ᠲᠠᠯ᠎ᠠ ᠳᠤ ᠬᠠᠶᠠᠭᠳᠠᠭᠰᠠᠨ ᠢᠶᠡᠨ ᠮᠡᠳᠡᠭᠡᠳ ᠠᠶᠤᠨ ᠰᠠᠨᠳᠤᠷᠴᠤ ᠥᠨᠳᠡᠢᠵᠦ ᠪᠣᠰᠤᠭᠠᠳ᠂ ᠫᠠᠳ ᠬᠠᠷᠠᠩᠭᠤᠢ ᠶᠢᠨ ᠳᠤᠮᠳᠠ᠄

«ᠬᠦᠶᠢ ᠁ ᠬᠦᠶᠢ ᠁» ᠭᠡᠵᠦ ᠬᠣᠭᠤᠯᠠᠢ ᠮᠡᠳᠡᠨ ᠪᠠᠷᠬᠢᠷᠠᠪᠠ᠃

ᠲᠡᠭᠡᠭᠡᠳ ᠣᠷᠤᠨ ᠳᠠᠭᠠᠨ ᠵᠣᠭᠰᠤᠵᠤ ᠴᠢᠩᠨᠠᠪᠠ᠃ ᠭᠡᠪᠡᠴᠦ ᠬᠠᠷᠢᠭᠤ ᠴᠢᠮᠡᠭᠡ ᠠᠯᠠᠭ᠎ᠠ᠃

ᠡᠷᠭᠢᠵᠦ ᠦᠭᠡᠷ᠎ᠡ ᠲᠡᠰᠢ ᠪᠡᠨ ᠬᠠᠷᠠᠨ᠄

«ᠬᠦᠶᠢ ᠁ ᠬᠦᠶᠢ ᠁» ᠭᠡᠵᠦ ᠪᠠᠷᠬᠢᠷᠠᠪᠠ᠃

ᠭᠡᠪᠡᠴᠦ ᠬᠠᠷᠠᠩᠭᠤᠢ ᠰᠦᠨᠢ ᠨᠠᠮ ᠭᠦᠮ ᠬᠡᠪ ᠢᠶᠡᠷ ᠪᠠᠢᠯ᠎ᠠ᠃

ᠳᠠᠷᠠᠭ᠎ᠠ ᠨᠢ ᠴᠢᠨᠡᠭᠡ ᠪᠡᠷ ᠢᠶᠡᠨ ᠭᠦᠶᠦᠬᠦ ᠳᠦ ᠡᠪᠳᠡᠯᠡᠭᠳᠡᠭᠰᠡᠨ ᠵᠠᠮ ᠦᠨ ᠰᠢᠷᠤᠢ ᠴᠢᠯᠠᠭᠤ ᠠᠷᠤ ᠳᠤᠨᠢ ᠲᠠᠷ ᠲᠤᠷ ᠬᠢᠨ ᠬᠣᠴᠤᠷᠤᠨ᠎ᠠ᠃

ᠵᠠᠮ ᠦᠨ ᠳᠡᠷᠭᠡᠳᠡᠬᠢ ᠪᠤᠲᠠ ᠪᠤᠷᠭᠠᠰᠤ ᠰᠥᠭᠡᠭ᠌ ᠰᠥᠭᠡᠭ᠌ ᠢᠶᠡᠷ ᠰᠦᠭᠯᠡᠢᠨ ᠬᠠᠷᠠᠭᠳᠠᠨ᠎ᠠ᠃ ᠡᠳᠡᠭᠡᠷ ᠨᠢ ᠬᠠᠮᠢᠭ᠎ᠠ ᠡᠴᠡ ᠭᠠᠷᠤᠭᠠᠳ ᠢᠷᠡᠭᠰᠡᠨ ᠢ ᠪᠤᠤ ᠮᠡᠳᠡ᠂ ᠶᠠᠭ ᠭ᠍ᠯᠤᠪᠠ ᠶᠢᠨ ᠤᠨᠲᠠᠵᠤ ᠪᠠᠢᠭᠰᠠᠨ ᠦᠶ᠎ᠡ ᠡᠨᠳᠡ ᠤᠷᠭᠤᠭᠠᠳ ᠤᠷᠭᠤᠭᠠᠳ ᠭᠠᠷᠤᠭᠰᠠᠨ ᠶᠤᠮ ᠰᠢᠭ ᠪᠠᠢᠯ᠎ᠠ᠃ ᠡᠭᠦᠨ ᠡᠴᠡ ᠡᠮᠦᠨ᠎ᠡ ᠭ᠍ᠯᠤᠪᠠ ᠳᠤ ᠡᠢᠮᠦ ᠪᠤᠲᠠ ᠪᠤᠷᠭᠠᠰᠤ ᠨᠤᠭᠤᠳ ᠶᠡᠷᠦ ᠦᠵᠡᠭᠳᠡᠭᠰᠡᠨ ᠦᠭᠡᠢ᠃

ᠭ᠍ᠯᠤᠪᠠ ᠬᠡᠯᠮᠡᠭᠳᠡᠯ ᠳᠦ ᠣᠯᠵᠠᠯᠠᠭᠳᠠᠪᠠ᠃ ᠡᠨᠡ ᠴᠢᠨᠢ ᠲᠡᠨᠡᠭ᠌᠂ ᠶᠠᠮᠠᠷ ᠮᠠᠭᠤᠬᠠᠢ ᠬᠡᠷᠡᠭ᠌ ᠪᠣᠯᠪᠠ︖ ᠁ ᠨᠢᠭᠡᠨ ᠰᠠᠢᠨ ᠳᠤᠷ᠎ᠠ ᠶᠢᠨ ᠴᠡᠷᠢᠭ᠌ ᠬᠠᠷᠮᠠᠨ ᠳᠠᠭᠠᠨ ᠰᠤᠮᠤ ᠳᠦᠭᠦᠷᠭᠡᠵᠦ ᠲᠤᠯᠤᠯᠳᠤᠭᠠᠨ ᠳᠤ ᠣᠷᠤᠬᠤ ᠭᠡᠵᠦ ᠰᠡᠳᠭᠢᠯ ᠵᠢᠷᠦᠬᠡ ᠳᠣᠭᠳᠤᠯᠤᠨ ᠪᠠᠢᠬᠤ ᠦᠶ᠎ᠡ ᠳᠦ ᠡᠢᠮᠦ ᠬᠡᠷᠡᠭ᠌ ᠭᠠᠷᠤᠨ᠎ᠠ ᠭᠡᠵᠢ ᠳ᠋ᠠ︕ ᠁ ᠴᠡᠷᠢᠭ᠌ ᠠᠩᠭᠢ ᠲᠦᠷᠭᠡᠨ ᠤᠷᠤᠭᠰᠢᠯᠠᠭᠠᠳ᠂ ᠯᠠᠪ ᠲᠤᠯᠤᠯᠳᠤᠬᠤ ᠪᠠᠷ ᠶᠠᠪᠤᠭᠰᠠᠨ ᠪᠠᠢᠬᠤ᠃ ᠭᠡᠪᠡᠴᠦ ᠁ ᠨᠥᠬᠦᠳ ᠨᠢ ᠲᠡᠭᠦᠨ ᠢ ᠶᠠᠭᠤ ᠭᠡᠵᠦ ᠬᠡᠯᠡᠬᠦ ᠪᠣᠯ︖ ᠵᠢᠭᠤᠳᠠᠴᠢᠬᠠᠵᠠᠢ᠂ ᠣᠷᠭᠤᠴᠢᠬᠠᠵᠠᠢ ᠭᠡᠵᠦ ᠬᠡᠯᠡᠨ᠎ᠡ ᠭᠡᠵᠦ ᠪᠣᠳᠤᠬᠤ ᠡᠴᠡ ᠦᠬᠦᠴᠢᠬᠡᠭᠰᠡᠨ ᠨᠢ ᠡᠭᠦᠨ ᠡᠴᠡ ᠳᠡᠭᠡᠷ᠎ᠡ ᠰᠢᠭ᠌ ᠰᠠᠨᠠᠭᠳᠠᠨ᠎ᠠ᠃

ᠭ᠍ᠯᠤᠪᠠ ᠫᠤᠤ ᠶᠢᠨ ᠢᠶᠡᠨ ᠣᠭᠤᠰᠤᠷ ᠢ ᠴᠢᠩᠭ᠎ᠠ ᠲᠠᠲᠠᠭᠠᠳ ᠭᠦᠶᠦᠭᠰᠡᠭᠡᠷ᠃

«ᠵᠣᠭᠰᠤ︕ ᠶᠠᠮᠠᠷ ᠬᠥᠮᠦᠨ ᠪᠤᠢ︖»

ᠲᠡᠭᠦᠨ ᠦ ᠡᠮᠦᠨ᠎ᠡ᠂ ᠪᠦᠷᠦᠩᠬᠦᠢ ᠶᠢᠨ ᠳᠣᠲᠤᠷ᠎ᠠ᠂ ᠲᠡᠮᠦᠷ ᠮᠠᠯᠠᠭᠠᠢ ᠲᠠᠢ ᠬᠣᠶᠠᠷ ᠬᠥᠮᠦᠨ ᠦ ᠰᠡᠭᠦᠳᠡᠷ ᠬᠠᠷᠠᠭᠳᠠᠪᠠ᠃

«ᠥᠪᠡᠷ ᠦᠨ ᠬᠢᠨ᠃»

«ᠬᠡᠨ ᠪᠤᠢ︖ ᠴᠢ ᠬᠠᠮᠢᠭᠠᠰᠢ ᠪᠠᠨ ᠵᠢᠭᠤᠳᠠᠵᠤ ᠪᠠᠢᠨ᠎ᠠ︖»

«ᠠᠩᠭᠢ ᠡᠴᠡ ᠪᠡᠨ ᠬᠠᠶᠠᠭᠳᠠᠵᠠᠢ ᠁ ᠲᠡᠳᠡ ᠨᠠᠮᠠᠢ ᠰᠡᠷᠢᠭᠡᠭᠰᠡᠨ ᠦᠭᠡᠢ ᠁ ᠪᠢ ᠠᠩᠭᠢ ᠪᠠᠨ ᠨᠡᠬᠡᠵᠦ ᠶᠠᠪᠤᠨ᠎ᠠ ᠁»

«ᠠᠩᠭᠢ ᠪᠠᠨ ᠨᠡᠬᠡᠵᠦ ᠶᠠᠪᠤᠨ᠎ᠠ ᠭᠡᠨ᠎ᠡ︕» ᠭᠡᠳ ᠲᠡᠷᠡ ᠬᠣᠶᠠᠷ ᠬᠥᠮᠦᠨ ᠢᠨᠢᠶᠡᠯᠳᠦᠭᠡᠳ᠄«ᠴᠢ ᠲᠡᠳᠡᠨ ᠢ ᠬᠠᠮᠢᠭ᠎ᠠ ᠡᠴᠡ ᠭᠡᠵᠦ ᠨᠡᠬᠡᠬᠦ ᠪᠤᠢ︖ ᠲᠡᠳᠡ ᠡᠮᠦᠨ᠎ᠡ ᠹᠷᠤᠨᠲ ᠤᠷᠤᠭᠤ ᠶᠠᠪᠤᠴᠢᠬᠠᠭᠰᠠᠨ ᠁» ᠬᠡᠪᠡ᠃

«ᠪᠢ ᠪᠠᠰᠠ ᠁»

«ᠴᠢᠨᠦ ᠡᠨᠡ ᠴᠢᠨᠢ ᠠᠷᠤ ᠲᠠᠯ᠎ᠠ ᠤᠷᠤᠭᠤ ᠵᠢᠭᠤᠳᠠᠬᠤ ᠭᠡᠵᠦ ᠪᠠᠢᠨ᠎ᠠ ᠰᠢᠤ︕»

«ᠲᠠ ᠶᠠᠭᠤ ᠭᠡᠨ᠎ᠡ︖ ᠠᠷᠤ ᠲᠠᠯ᠎ᠠ ᠤᠷᠤᠭᠤ ᠵᠢᠭᠤᠳᠠᠨ᠎ᠠ ᠭᠡᠨ᠎ᠡ︖» ᠭᠡᠵᠦ ᠭ᠍ᠯᠤᠪᠠ ᠮᠡᠯᠡᠷᠡᠨ᠎ᠡ᠃

ᠲᠡᠷᠡ ᠬᠣᠶᠠᠷ ᠬᠥᠮᠦᠨ ᠪᠠᠰᠠ ᠯᠠ ᠢᠨᠢᠶᠡᠯᠳᠦᠭᠡᠳ᠄« ᠠᠯᠢ ᠠᠩᠭᠢ ᠶᠢᠨ ᠬᠢᠨ ᠪᠤᠢ︖» ᠭᠡᠵᠦ ᠠᠰᠠᠭᠤᠪᠠ᠃ ᠬᠠᠷᠢᠨ ᠲᠡᠳᠡ ᠨᠢᠭᠡ ᠪᠠᠲ᠋ᠯᠢᠶᠤᠨ ᠤ ᠪᠠᠢᠯᠳᠤᠭᠴᠢ ᠪᠠᠢᠯ᠎ᠠ᠃

«ᠵᠠᠭᠤ ᠨᠠᠶᠠᠨ ᠭᠷᠡᠳᠦ᠋ᠰ ᠡᠷᠭᠢᠭᠡᠷᠡᠢ᠃ ᠪᠢᠳᠡᠨ ᠲᠠᠢ ᠬᠠᠮᠲᠤ ᠶᠠᠪᠤ᠃ ᠪᠢᠳᠡᠨ ᠲᠠᠢ ᠬᠠᠮᠲᠤ ᠪᠣᠯ ᠬᠠᠶᠠᠭᠳᠠᠬᠤ ᠦᠭᠡᠢ᠃ ᠪᠢᠳᠡ ᠪᠠᠰᠠ ᠠᠩᠭᠢ ᠪᠠᠨ ᠨᠡᠬᠡᠵᠦ ᠶᠠᠪᠤᠨ᠎ᠠ᠃»

ᠡᠨᠡ ᠬᠣᠶᠠᠷ ᠰᠠᠢᠨ ᠰᠠᠨᠠᠭᠠᠲᠤ ᠬᠥᠮᠦᠨ ᠠᠩᠬᠠᠨ ᠤ ᠠᠮᠠᠷᠠᠯᠲᠠ ᠳᠤ ᠠᠩᠭᠢ ᠡᠴᠡ ᠪᠡᠨ ᠬᠠᠶᠠᠭᠳᠠᠭᠰᠠᠨ ᠶᠤᠮ᠃ ᠭᠡᠪᠡᠴᠦ ᠲᠡᠳᠡ ᠥᠪᠡᠷ ᠦᠨ ᠬᠢᠨ ᠢᠶᠡᠨ ᠳᠣᠣᠷ᠎ᠠ ᠪᠠᠨ ᠭᠦᠢᠴᠡᠨ᠎ᠡ ᠭᠡᠵᠦ ᠪᠠᠲᠤ ᠢᠲᠡᠭᠡᠭᠰᠡᠨ ᠲᠤᠯᠠ ᠳᠡᠮᠡᠢ ᠰᠠᠨᠳᠤᠷᠬᠤ ᠦᠭᠡᠢ ᠪᠠᠢᠵᠠᠢ᠃ ᠬᠣᠶᠠᠭᠤᠯᠠ ᠪᠣᠯᠬᠣᠷ ᠠᠶᠤᠵᠤ ᠰᠠᠨᠳᠤᠷᠤᠭᠰᠠᠨ ᠦᠭᠡᠢ ᠪᠠᠢᠵᠤ ᠮᠡᠳᠡᠨ᠎ᠡ᠃ ᠬᠣᠶᠠᠭᠤᠯᠠ ᠪᠣᠯ ᠶᠠᠭᠠᠬᠢᠯ᠎ᠠ ᠴᠤ ᠭᠡᠰᠡᠨ ᠭᠠᠭᠴᠠᠬᠠᠨ ᠬᠥᠮᠦᠨ ᠡᠴᠡ ᠠᠶᠠᠲᠠᠢ ᠶᠤᠮ᠃

ᠲᠡᠳᠡ ᠴᠡᠷᠢᠭ᠌ ᠠᠩᠭᠢ ᠪᠠᠨ ᠭᠦᠢᠴᠡᠬᠦ ᠳᠦ ᠭᠡᠭᠡᠷᠡᠪᠡ᠃ ᠳᠡᠰᠯᠡᠭᠴᠢ ᠭᠣᠯᠤᠸᠤᠢ ᠨᠢᠭᠡ ᠪᠠᠢᠯᠳᠤᠭᠴᠢ ᠠᠯᠠᠭ᠎ᠠ ᠭᠡᠵᠦ ᠨᠢᠭᠡᠨᠲᠡ ᠦᠭᠡᠢᠯᠡᠨ ᠮᠡᠳᠡᠭᠰᠡᠨ ᠪᠣᠯᠤᠯᠲᠠᠢ ᠪᠠᠢᠨ ᠳᠠᠬᠢᠨ ᠡᠷᠭᠢᠨ ᠬᠠᠷᠠᠵᠤ ᠶᠠᠪᠤᠵᠠᠢ᠃ ᠭ᠍ᠯᠤᠪᠠ ᠥᠪᠡᠷ ᠦᠨ ᠵᠢᠯᠤᠭᠤᠳᠤᠭᠴᠢ ᠪᠠᠨ ᠬᠣᠯᠠ ᠡᠴᠡ ᠦᠵᠡᠮᠡᠭᠴᠡ ᠪᠠᠶᠠᠷᠯᠠᠨ᠂ ᠲᠡᠭᠦᠨ ᠤᠷᠤᠭᠤ ᠳᠠᠯᠠᠯᠪᠠ᠃ ᠭᠦᠶᠦᠵᠦ ᠣᠴᠢᠭᠠᠳ ᠥᠪᠡᠷ ᠦᠨ ᠬᠠᠢᠷᠠᠲᠤ ᠬᠣᠩᠭᠤᠷ ᠰᠢᠭ ᠢᠶᠡᠨ ᠬᠦᠵᠦᠭᠦᠦ ᠪᠡᠷ ᠨᠢ ᠲᠡᠪᠡᠷᠢᠭᠡᠳ ᠠᠪᠤᠮᠠᠷ ᠰᠠᠨᠠᠭᠳᠠᠪᠠ᠃

ᠭᠣᠯᠤᠸᠤᠢ ᠰᠢᠳᠦ ᠪᠡᠨ ᠵᠠᠭᠤᠭᠠᠳ ᠵᠠᠮ ᠦᠨ ᠬᠠᠵᠠᠭᠤ ᠳᠤ ᠵᠣᠭᠰᠤᠪᠠ᠃

«ᠭ᠍ᠯᠤᠪᠠ᠂ ᠴᠢ ᠬᠠᠮᠢᠭ᠎ᠠ ᠵᠤᠭᠠᠴᠠᠬᠤ ᠪᠠᠷ ᠣᠴᠢᠪᠠ︖» ᠭᠡᠵᠦ ᠲᠡᠭᠦᠨ ᠡᠴᠡ ᠲᠤᠯᠭᠠᠵᠤ ᠠᠰᠠᠭᠤᠪᠠ᠃

«ᠳᠡᠰᠯᠡᠭᠴᠢ ᠡ︕ ᠪᠢ ᠴᠡᠷᠢᠭ᠌ ᠠᠩᠭᠢ ᠡᠴᠡ ᠪᠡᠨ ᠬᠠᠶᠠᠭᠳᠠᠵᠠᠢ ᠁ ᠪᠢ ᠰᠣᠨᠤᠰᠤᠭ᠎ᠠ ᠦᠭᠡᠢ ᠪᠡᠷ ᠁»

ᠵᠢᠯᠤᠭᠤᠳᠤᠭᠴᠢ ᠨᠢ ᠰᠢᠷᠦᠭᠦᠨ ᠬᠠᠷᠠᠴᠠ ᠪᠠᠷ ᠰᠢᠷᠲᠡᠭᠰᠡᠭᠡᠷ ᠯᠡ ᠪᠠᠢᠪᠠ᠃

«ᠰᠣᠨᠤᠰᠤᠭ᠎ᠠ ᠦᠭᠡᠢ ᠭᠡᠨ᠎ᠡ︕ ᠳᠦᠯᠡᠢ ᠶᠤᠮ ᠤᠤ︖ ᠳᠠᠢᠰᠤᠨ ᠳ᠋ᠨᠧᠫᠷ ᠮᠥᠷᠡᠨ ᠢ ᠭᠡᠲᠦᠯᠵᠦ ᠪᠠᠢᠬᠤ ᠶᠢ ᠴᠢ ᠪᠠᠰᠠ ᠯᠠ ᠰᠣᠨᠤᠰᠤᠭ᠎ᠠ ᠦᠭᠡᠢ︕ ᠁ ᠵᠥᠪᠬᠡᠨ ᠁ ᠴᠢᠮ᠎ᠠ ᠳᠤ ᠬᠠᠷᠢᠭᠤᠴᠠᠬᠤ ᠬᠡᠷᠡᠭᠲᠡᠢ ᠁» ᠭᠡᠬᠦ ᠵᠡᠷᠭᠡ ᠪᠡᠷ ᠭᠣᠯᠤᠸᠤᠢ ᠰᠢᠷᠦᠭᠦᠨ ᠵᠠᠩᠨᠠᠪᠠ᠃

«ᠳᠡᠰᠯᠡᠭᠴᠢ ᠨᠥᠬᠦᠷ᠎ᠡ ᠁» ᠭᠡᠳ ᠭ᠍ᠯᠤᠪᠠ ᠵᠢᠭᠠᠬᠠᠨ ᠲᠠᠢᠯᠪᠤᠷᠢᠯᠠᠶ᠎ᠠ ᠭᠡᠵᠦ ᠪᠣᠳᠤᠪᠠ᠃

«ᠠᠯᠬᠤᠭᠠᠳ ᠶᠠᠪᠤ︕ ᠨᠡᠬᠡᠭᠡᠳ ᠭᠦᠢᠴᠡ︕»

ᠭ᠍ᠯᠤᠪᠠ ᠭᠤᠷᠪᠠᠨ ᠠᠯᠬᠤᠮ ᠢ ᠬᠣᠶᠠᠷ ᠠᠯᠬᠤᠮ ᠢᠶᠡᠷ ᠲᠣᠪᠴᠢᠯᠠᠨ ᠠᠯᠬᠤᠪᠠ᠃ ᠶᠡᠷᠦ ᠬᠥᠮᠦᠨ ᠢᠶᠡᠷ ᠡᠢᠨ ᠬᠦ ᠰᠢᠭᠦᠮᠵᠢᠯᠡᠭᠦᠯᠦᠨ ᠵᠠᠩᠳᠤᠷᠤᠭᠤᠯᠵᠤ ᠦᠵᠡᠭᠡ ᠦᠭᠡᠢ ᠲᠤᠯᠠ ᠢᠴᠢᠬᠦ ᠶᠢᠨ ᠬᠠᠮᠲᠤ ᠭᠡᠮᠰᠢᠨ ᠵᠣᠪᠠᠪᠠ᠃ ᠡᠨᠡ ᠶᠠᠪᠤᠳᠠᠯ ᠵᠠᠵᠢᠨ ᠦᠰᠦ ᠨᠢ ᠪᠤᠭᠤᠷᠤᠯᠳᠤᠭᠰᠠᠨ ᠡᠨᠡ ᠬᠦ ᠢᠨᠵᠧᠨᠧᠷ ᠭᠤᠸᠠᠢ ᠳᠤ ᠶᠠᠭ ᠨᠢᠭᠡ ᠤᠳᠠᠭ᠎ᠠ ᠦᠬᠦᠲᠡᠯ᠎ᠡ ᠵᠣᠳᠤᠭᠳᠠᠭᠰᠠᠨ ᠲᠠᠢ ᠠᠳᠠᠯᠢ ᠰᠠᠨᠠᠭᠳᠠᠵᠠᠢ᠃ ᠲᠡᠢᠨ ᠬᠦ ᠪᠤᠴᠠᠵᠤ ᠬᠠᠷᠢᠭᠠᠳ ᠡᠨᠡ ᠬᠠᠢᠷ᠎ᠠ ᠨᠠᠢᠷ ᠦᠭᠡᠢ ᠵᠠᠯᠠᠭᠤ ᠳᠤ ᠬᠡᠷᠡᠭ ᠦᠨ ᠶᠠᠪᠤᠴᠠ ᠶᠢ ᠲᠠᠢᠯᠪᠤᠷᠢᠯᠠᠮᠠᠷ ᠰᠠᠨᠠᠭᠳᠠᠭᠰᠠᠨ ᠪᠠᠢᠯ᠎ᠠ᠃

ᠭᠡᠪᠡᠴᠦ ᠭ᠍ᠯᠤᠪᠠ ᠴᠡᠷᠢᠭ᠌ ᠦᠨ ᠳᠥᠷᠢᠮ ᠢ ᠮᠡᠳᠡᠬᠦ ᠲᠤᠯᠠ ᠨᠢᠭᠡ ᠴᠦ ᠦᠭᠡ ᠬᠡᠯᠡᠭᠰᠡᠨ ᠦᠭᠡᠢ᠃ ᠳᠡᠰᠯᠡᠭᠴᠢ ᠶᠢᠨ ᠦᠭᠡ ᠲᠡᠭᠦᠨ ᠦ ᠵᠢᠷᠦᠬᠡᠨ ᠳᠦ ᠰᠢᠩᠭᠡᠨ ᠬᠣᠨᠤᠭᠰᠢᠯ᠎ᠠ᠃

ᠭ᠍ᠯᠤᠪᠠ᠂ ᠡᠨᠡ ᠳᠡᠰᠯᠡᠭᠴᠢ ᠶᠢᠨ ᠲᠡᠢᠨ ᠬᠦ ᠰᠢᠷᠦᠭᠦᠨ ᠳᠦᠷᠢ ᠭᠠᠷᠭᠠᠨ ᠵᠠᠩᠳᠤᠷᠬᠤ ᠨᠢ ᠵᠦᠢᠲᠡᠢ ᠶᠤᠮ ᠭᠡᠵᠦ ᠵᠠᠷᠢᠮ ᠳᠠᠭᠠᠨ ᠥᠪᠡᠷ ᠦᠨ ᠦᠵᠡᠯᠲᠡ ᠪᠡᠷ ᠢᠶᠡᠨ ᠲᠠᠢᠯᠪᠤᠷᠢᠯᠠᠬᠤ ᠪᠠᠷ ᠴᠢᠷᠮᠠᠢᠳᠠᠭ ᠪᠠᠢᠯ᠎ᠠ᠃ ᠲᠡᠷᠡ ᠦᠶ᠎ᠡ ᠪᠣᠯ ᠶᠠᠭ ᠳᠠᠢᠨ ᠤ ᠪᠠᠴᠢᠮ ᠴᠠᠭ ᠦᠶ᠎ᠡ ᠪᠠᠢᠭᠰᠠᠨ ᠲᠤᠯᠠ ᠵᠠᠷᠢᠮ ᠳᠠᠭᠠᠨ ᠪᠡᠶ᠎ᠡ ᠪᠡᠨ ᠪᠠᠷᠢᠬᠤ ᠳᠤ ᠦᠨᠡᠨ ᠠᠮᠠᠷ ᠦᠭᠡᠢ ᠶᠤᠮ᠃ ᠡᠢᠮᠦ ᠡᠴᠡ ᠡᠨᠡ ᠬᠠᠪᠤᠩᠨᠠᠭᠰᠠᠨ ᠤᠯᠠᠪᠲᠤᠷ ᠨᠢᠳᠦᠲᠡᠢ ᠵᠠᠯᠠᠭᠤ ᠥᠪᠡᠷ ᠦᠨ ᠵᠠᠬᠢᠷᠭᠠᠨ ᠳᠡᠬᠢ ᠨᠢᠭᠡ ᠴᠡᠷᠢᠭ᠌ ᠢᠶᠡᠨ ᠰᠢᠷᠦᠭᠦᠨ ᠳᠦᠷᠢ ᠪᠡᠷ ᠵᠠᠩᠨᠠᠬᠤ ᠨᠢ ᠲᠡᠢᠮᠦ ᠴᠦ ᠶᠡᠬᠡ ᠬᠡᠷᠡᠭ᠌ ᠪᠢᠰᠢ᠃ ᠲᠡᠭᠡᠭᠡᠳ ᠪᠠᠰᠠ ᠵᠢᠯᠤᠭᠤᠳᠤᠭᠴᠢ᠂ ᠡᠨᠡ ᠬᠦ ᠨᠠᠰᠤ ᠠᠬᠢᠮᠠᠭ᠂ ᠵᠠᠩ ᠨᠣᠮᠤᠬᠠᠨ ᠪᠠᠢᠯᠳᠤᠭᠴᠢ ᠶᠢᠨ ᠭᠤᠷᠪᠠᠨ ᠰᠠᠷ᠎ᠠ ᠶᠢᠨ ᠡᠮᠦᠨᠡᠬᠡᠨ ᠥᠪᠡᠷ ᠲᠠᠢ ᠨᠢ ᠠᠳᠠᠯᠢ ᠬᠡᠳᠦᠨ ᠵᠠᠭᠤᠨ ᠨᠢᠯᠬᠠᠷᠬᠠᠭ ᠵᠠᠯᠠᠭᠤᠴᠤᠳ ᠲᠤ ᠬᠢᠴᠢᠶᠡᠯ ᠵᠢᠭᠠᠵᠤ ᠪᠠᠢᠭᠰᠠᠨ ᠢ ᠮᠡᠳᠡᠨ᠎ᠡ ᠭᠡᠵᠢ ᠦᠦ︖ ᠳᠠᠬᠢᠭᠠᠳ ᠬᠡᠯᠡᠪᠡᠯ᠂ ᠭ᠍ᠯᠤᠪᠠ ᠶᠢᠨ ᠳᠠᠢᠨ ᠤ ᠡᠮᠦᠨ᠎ᠡ ᠶᠠᠭᠤ ᠬᠢᠵᠦ ᠪᠠᠢᠭᠰᠠᠨ ᠢ - ᠠᠯᠳᠠᠷ ᠬᠦᠨᠳᠦᠲᠦ ᠢᠨᠵᠧᠨᠧᠷ ᠪᠠᠢᠭᠰᠠᠨ ᠶᠤᠮ ᠤᠤ᠂ ᠡᠰᠡᠪᠡᠯ ᠨᠢᠭᠡ ᠲᠠᠷᠢᠶᠠᠴᠢᠨ᠂ ᠡᠰᠡᠪᠡᠯ ᠨᠡᠷ᠎ᠡ ᠴᠤᠤᠲᠤ ᠬᠥᠮᠦᠨ ᠶᠤᠮ ᠤᠤ᠂ ᠡᠰᠡᠪᠡᠯ ᠶᠡᠷᠦ ᠶᠢᠨ ᠨᠢᠭᠡ ᠬᠥᠮᠦᠨ ᠶᠤᠮ ᠤᠤ︖ ᠭᠡᠳᠡᠭ᠌ ᠲᠤᠬᠠᠢ ᠭᠣᠯᠤᠸᠤᠢ ᠶᠠᠭᠤ ᠭᠡᠵᠦ ᠰᠡᠳᠭᠢᠯ ᠲᠠᠯᠪᠢᠬᠤ ᠪᠢᠯᠡ᠃ ᠭ᠍ᠯᠤᠪᠠ ᠪᠣᠯ ᠲᠡᠭᠦᠨ ᠦ ᠳᠥᠷᠪᠡᠳᠦᠭᠡᠷ ᠰᠤᠮᠤ ᠶᠢᠨ ᠪᠠᠢᠯᠳᠤᠭᠴᠢ ᠭᠡᠵᠦ ᠯᠡ ᠮᠡᠳᠡᠬᠦ ᠪᠥᠭᠡᠳ ᠡᠨᠡ ᠬᠥᠮᠦᠨ ᠦ ᠪᠦᠬᠦ ᠦᠢᠯᠡ ᠬᠡᠷᠡᠭ᠌ ᠲᠤᠨᠢ ᠬᠠᠷᠢᠭᠤᠴᠠᠬᠤ ᠪᠠᠨ ᠯᠠ ᠮᠡᠳᠡᠨ᠎ᠡ᠃

ᠬᠡᠳᠦᠨ ᠡᠳᠦᠷ ᠦᠨ ᠳᠠᠷᠠᠭ᠎ᠠ ᠲᠡᠭᠦᠨ ᠦ ᠰᠤᠮᠤᠨ ᠤ ᠪᠠᠢᠯᠳᠤᠭᠴᠢ ᠭ᠍ᠯᠤᠪᠠ ᠲᠦᠯᠡᠭᠳᠡᠭᠡᠳ ᠬᠦᠨᠳᠦ ᠰᠢᠷᠬᠠᠲᠤᠵᠠᠢ ᠭᠡᠵᠦ ᠭᠣᠯᠤᠸᠤᠢ ᠳᠤ ᠮᠡᠳᠡᠭᠦᠯᠪᠡ᠃ ᠳᠡᠰᠯᠡᠭᠴᠢ ᠶᠢᠨ ᠴᠢᠷᠠᠢ ᠪᠠᠷᠤᠢᠯ᠎ᠠ᠃

«ᠲᠡᠷᠡ ᠪᠠᠢᠯᠳᠤᠭᠴᠢ ᠶᠠᠭᠠᠬᠢᠭᠠᠳ ᠲᠦᠯᠡᠭᠳᠡᠭᠰᠡᠨ ᠶᠤᠮ︖»

ᠮᠡᠳᠡᠭᠦᠯᠦᠭᠴᠢ ᠶᠢᠨ ᠬᠡᠯᠡᠬᠦ ᠪᠡᠷ᠂ ᠳᠠᠢᠰᠤᠨ ᠤ ᠵᠢᠵᠢᠭ᠌ ᠲᠠᠩᠺ ᠭ᠍ᠯᠤᠪᠠ ᠶᠢᠨ ᠬᠠᠮᠠᠭᠠᠯᠠᠯᠲᠠ ᠶᠢᠨ ᠨᠤᠭᠤᠴᠠ ᠤᠷᠤᠭᠤ ᠳᠠᠭᠠᠷᠢᠨ ᠢᠷᠡᠬᠦᠯᠡᠷ ᠭ᠍ᠯᠤᠪᠠ ᠰᠢᠲᠠᠭᠠᠬᠤ ᠪᠥᠮᠪᠦᠭᠡ ᠠᠪᠴᠤ ᠳᠡᠭᠡᠭᠰᠢ ᠡᠷᠭᠦᠭᠡᠳ ᠰᠢᠳᠡᠬᠦ ᠭᠡᠲᠡᠯ᠎ᠡ ᠨᠢᠭᠡ ᠰᠤᠮᠤ ᠶᠠᠭ ᠲᠡᠷᠡ ᠰᠢᠲᠠᠭᠠᠬᠤ ᠪᠥᠮᠪᠦᠭᠡ ᠳᠡᠭᠡᠷ᠎ᠡ ᠳᠤᠰᠪᠠ᠃ ᠭᠠᠯ᠂ ᠭ᠍ᠯᠤᠪᠠ ᠶᠢ ᠪᠦᠰᠡᠯᠡᠭᠡᠳ᠂ ᠬᠠᠮᠠᠭᠠᠯᠠᠯᠲᠠ ᠶᠢᠨ ᠨᠤᠭᠤᠴᠠ ᠳᠣᠲᠤᠷ᠎ᠠ ᠦᠷᠪᠢᠰᠦᠨ ᠣᠷᠤᠪᠠ᠃ ᠪᠦᠭᠦᠳᠡᠭᠡᠷ ᠲᠡᠷᠡ ᠪᠠᠢᠯᠳᠤᠭᠴᠢ ᠯᠠᠪ ᠬᠠᠮᠠᠭᠠᠯᠠᠯᠲᠠ ᠶᠢᠨ ᠨᠤᠭᠤᠴᠠ ᠡᠴᠡ ᠪᠡᠨ ᠦᠰᠦᠷᠴᠦ ᠭᠠᠷᠤᠨ᠎ᠠ - ᠬᠡᠷᠪᠡ ᠦᠰᠦᠷᠴᠦ ᠭᠠᠷᠪᠠᠯ ᠯᠠᠪᠲᠠᠢ ᠠᠮᠢ ᠦᠷᠡᠭᠳᠡᠨ᠎ᠡ ᠭᠡᠵᠦ ᠪᠣᠳᠤᠵᠠᠭᠠᠵᠤ ᠪᠠᠢᠪᠠ᠃ ᠭᠡᠪᠡᠴᠦ ᠲᠡᠷᠡ ᠳᠠᠢᠰᠤᠨ ᠤ ᠫᠦᠯᠧᠮᠶᠣᠲ ᠦᠨ ᠭᠠᠯᠯᠠᠭ᠎ᠠ ᠡᠴᠡ ᠬᠢᠴᠢᠶᠡᠵᠦ᠂ ᠦᠰᠦᠷᠴᠦ ᠭᠠᠷᠤᠭᠰᠠᠨ ᠦᠭᠡᠢ᠂ ᠪᠥᠭᠡᠮ ᠭᠠᠯ ᠪᠣᠯᠤᠭᠰᠠᠨ ᠪᠠᠢᠲᠠᠯ᠎ᠠ ᠪᠠᠨ ᠨᠠᠷᠢᠬᠠᠨ ᠬᠠᠮᠠᠭᠠᠯᠠᠯᠲᠠ ᠶᠢᠨ ᠨᠤᠭᠤᠴᠠ ᠳᠣᠲᠤᠷ᠎ᠠ ᠪᠠᠨ ᠪᠠᠢᠵᠠᠢ᠃ ᠭᠠᠷ ᠢᠶᠡᠨ ᠰᠤᠩᠭᠠᠭᠠᠳ ᠳᠠᠬᠢᠨ ᠨᠢᠭᠡ ᠤᠳᠠᠭ᠎ᠠ ᠪᠥᠮᠪᠦᠭᠡ ᠰᠢᠳᠡᠪᠡ᠃

«ᠲᠡᠷᠡ ᠨᠢ ᠶᠠᠭᠠᠬᠢᠪᠠ︖» ᠭᠡᠵᠦ ᠳᠡᠰᠯᠡᠭᠴᠢ ᠶᠢᠨ ᠨᠢᠳᠦ ᠭᠡᠨᠡᠳᠲᠡ ᠭᠡᠷᠡᠯᠲᠦᠪᠡ᠃

«ᠣᠨᠤᠭᠰᠠᠨ︕»

«ᠶᠠᠭᠠᠬᠢᠭᠰᠠᠨ ᠰᠠᠢᠨ ᠶᠤᠮ︕» ᠭᠡᠵᠦ ᠬᠡᠯᠡᠭᠰᠡᠨ ᠭᠣᠯᠤᠸᠤᠢ ᠶᠢᠨ ᠰᠡᠳᠭᠢᠯ ᠵᠢᠭᠠᠬᠠᠨ ᠲᠠᠯᠪᠢᠭᠳᠠᠯ᠎ᠠ᠃ ᠲᠡᠭᠡᠭᠡᠳ ᠲᠡᠷᠡ ᠰᠥᠨᠢ ᠲᠡᠷᠡ ᠪᠠᠢᠯᠳᠤᠭᠴᠢ ᠳᠤ ᠲᠡᠢᠮᠦ ᠰᠢᠷᠦᠭᠦᠨ ᠵᠠᠩᠨᠠᠬᠤ ᠬᠡᠷᠡᠭ᠌ ᠦᠭᠡᠢ ᠪᠠᠢᠵᠠᠢ ᠭᠡᠵᠦ ᠳᠡᠰᠯᠡᠭᠴᠢ ᠭᠡᠮᠰᠢᠪᠡ᠃

ᠣᠷᠤᠢ ᠨᠢ ᠰᠢᠷᠬᠠᠲᠤᠭᠰᠠᠨ᠂ ᠦᠬᠦᠭᠰᠡᠨ ᠪᠠᠢᠯᠳᠤᠭᠴᠢ ᠶᠢ ᠲᠡᠮᠳᠡᠭᠯᠡᠬᠦ ᠬᠦᠰᠦᠨᠦᠭᠲᠦ ᠳᠡᠭᠡᠷ᠎ᠡ ᠳᠡᠰᠯᠡᠭᠴᠢ᠂ ᠭ᠍ᠯᠤᠪᠠ ᠶᠢᠨ ᠨᠡᠷ᠎ᠡ ᠶᠢ ᠪᠢᠴᠢᠪᠡ᠃ ᠭᠡᠪᠡᠴᠦ ᠬᠣᠵᠢᠮ ᠲᠡᠭᠦᠨ ᠲᠠᠢ ᠪᠠᠰᠠ ᠠᠭᠤᠯᠵᠠᠨ᠎ᠠ ᠭᠡᠵᠦ ᠣᠭᠲᠤ ᠪᠣᠳᠤᠭᠰᠠᠨ ᠦᠭᠡᠢ᠃

ᠭᠤᠷᠪᠠ

ᠭᠣᠯᠤᠸᠤᠢ ᠳᠡᠭᠡᠳᠦ ᠰᠤᠷᠭᠠᠭᠤᠯᠢ ᠳᠤ ᠢᠷᠡᠭᠡᠳ ᠬᠣᠶᠠᠷ ᠨᠢᠳᠦᠨ ᠦ ᠬᠠᠷᠠᠭ᠎ᠠ ᠪᠠᠨ ᠠᠯᠳᠠᠭᠰᠠᠨ ᠳᠡᠳ᠋ ᠫᠷᠤᠹᠧᠰᠰᠤᠷ ᠲᠤ ᠣᠴᠢᠵᠤ ᠠᠭᠤᠯᠵᠠᠬᠤ ᠰᠢᠢᠳᠪᠦᠷᠢ ᠲᠡᠷᠡ ᠳᠠᠷᠤᠢ ᠳᠠᠭᠠᠨ ᠭᠠᠷᠭᠠᠭᠠᠳᠤᠢ ᠪᠠᠢᠯ᠎ᠠ᠃ ᠭᠤᠳᠤᠮ ᠳᠤ᠂ ᠡᠰᠡᠪᠡᠯ ᠬᠢᠴᠢᠶᠡᠯ ᠦᠨ ᠲᠠᠩᠬᠢᠮ ᠳᠤ ᠲᠡᠭᠦᠨ ᠲᠠᠢ ᠲᠠᠭᠠᠷᠢᠯᠳᠤᠪᠠᠯ ᠡᠨᠡ ᠴᠡᠷᠢᠭ᠌ ᠦᠨ ᠳᠠᠷᠤᠭ᠎ᠠ ᠶᠡᠬᠡᠯ᠎ᠡ ᠠᠷᠭ᠎ᠠ ᠪᠠᠨ ᠪᠠᠷᠠᠳᠠᠭ ᠪᠠᠢᠪᠠ᠃ ᠶᠠᠭᠠᠬᠢᠭᠠᠳ ᠶᠤᠮ ᠪᠤᠤ ᠮᠡᠳᠡ᠂ ᠭᠣᠯᠤᠸᠤᠢ ᠣᠳᠣ ᠬᠦᠷᠲᠡᠯ᠎ᠡ ᠲᠡᠷᠡ ᠠᠶᠠᠯᠠᠯ ᠤᠨ ᠳᠤᠮᠳᠠ ᠪᠣᠯᠤᠭᠰᠠᠨ ᠰᠠᠨᠠᠭ᠎ᠠ ᠵᠣᠪᠠᠮ᠎ᠠ ᠬᠡᠷᠡᠭ ᠢ ᠮᠠᠷᠲᠠᠭ᠎ᠠ ᠦᠭᠡᠢ᠃

ᠭᠡᠪᠡᠴᠦ ᠪᠠᠰᠠ ᠡᠢᠮᠦ ᠬᠥᠮᠦᠰ ᠢ ᠵᠢᠯᠤᠭᠤᠳᠴᠤ ᠶᠠᠪᠤᠭᠰᠠᠨ ᠢᠶᠡᠨ ᠪᠠᠬᠠᠷᠬᠠᠯᠲᠤ ᠰᠠᠢᠬᠠᠨ ᠬᠡᠷᠡᠭ᠌ ᠭᠡᠵᠦ ᠭᠣᠯᠤᠸᠤᠢ ᠪᠣᠳᠤᠨ᠎ᠠ᠃ 1941 ᠣᠨ ᠳᠤ ᠤᠯᠤᠰ ᠤᠨ ᠬᠢᠵᠠᠭᠠᠷ ᠲᠤ ᠦᠭᠡ ᠳᠠᠭᠤ ᠦᠭᠡᠢ ᠪᠡᠷ ᠬᠠᠮᠠᠭᠠᠯᠠᠯᠲᠠ ᠶᠢᠨ ᠨᠤᠭᠤᠴᠠ ᠮᠠᠯᠲᠠᠵᠤ᠂ ᠲᠡᠭᠦᠨ ᠦ ᠵᠠᠷᠯᠢᠭ ᠪᠠᠭᠤᠮᠠᠭᠴᠠ ᠭᠦᠶᠦᠨ ᠪᠣᠰᠤᠭᠠᠳ ᠳᠠᠭᠠᠷᠢᠯᠲᠠ ᠬᠢᠵᠦ᠂ ᠠᠮᠢ ᠨᠠᠰᠤ ᠪᠠᠨ ᠬᠠᠢᠷᠠᠯᠠᠬᠤ ᠦᠭᠡᠢ ᠪᠠᠢᠯᠳᠤᠳᠠᠭ ᠪᠠᠢᠭᠰᠠᠨ ᠲᠡᠷᠡ ᠬᠡᠳᠦᠨ ᠠᠷᠪᠠᠨ ᠵᠠᠯᠠᠭᠤ ᠪᠠ ᠠᠬᠢᠮᠠᠭ ᠨᠠᠰᠤᠨ ᠤ ᠪᠠᠢᠯᠳᠤᠭᠴᠢᠳ ᠪᠦᠷ ᠶᠠᠮᠠᠷ ᠬᠥᠮᠦᠰ ᠪᠠᠢᠭᠰᠠᠨ ᠪᠣᠯ︖ ᠳᠣᠲᠤᠷ᠎ᠠ ᠨᠢ ᠨᠡᠷ᠎ᠡ ᠴᠤᠤᠲᠠᠢ ᠲᠷᠠᠺᠲ᠋ᠤᠷ ᠤᠨ ᠢᠨᠵᠧᠨᠧᠷ ᠪᠠ ᠠᠭᠤᠷᠬᠠᠢᠴᠢ ᠨᠠᠷ ᠪᠠᠢᠭᠰᠠᠨ ᠴᠤ ᠪᠠᠢᠵᠤ ᠮᠡᠳᠡᠨ᠎ᠡ ᠢᠷᠠᠭᠤ ᠨᠠᠢᠷᠠᠭᠴᠢ ᠪᠠ ᠢᠨᠵᠧᠨᠧᠷ ᠪᠠᠢᠭᠰᠠᠨ ᠴᠤ ᠮᠠᠭᠠᠳ᠃ ᠶᠠᠭ ᠡᠨᠡᠬᠦ ᠭᠡᠵᠢᠭᠡ ᠨᠢ ᠪᠤᠭᠤᠷᠤᠯᠳᠤᠭᠰᠠᠨ᠂ ᠲᠠᠢᠯᠪᠤᠷᠢᠯᠠᠬᠤ ᠲᠠᠢᠵᠠᠨ ᠳᠡᠭᠡᠷ᠎ᠡ ᠵᠣᠭᠰᠤᠭᠠᠳ᠂ ᠬᠡᠳᠦᠨ ᠠᠷᠪᠠᠨ ᠪᠣᠳᠤᠯᠢᠶᠠᠨ ᠲᠠᠢ ᠲᠡᠭᠰᠢᠳᠭᠡᠯ ᠢ ᠣᠶᠤᠲᠠᠨ ᠳᠤ ᠴᠡᠭᠡᠵᠢ ᠪᠡᠷ ᠲᠠᠢᠯᠪᠤᠷᠢᠯᠠᠨ ᠥᠭᠴᠦ ᠴᠢᠳᠠᠳᠠᠭ᠂ ᠰᠢᠨᠵᠢᠯᠡᠬᠦ ᠤᠬᠠᠭᠠᠨ ᠲᠧᠭᠨᠢᠭ᠌ ᠮᠡᠷᠭᠡᠵᠢᠯ ᠦᠨ ᠳᠡᠳ᠋ ᠡᠷᠳᠡᠮᠲᠡᠨ ᠪᠠᠢᠭᠰᠠᠨ ᠴᠤ ᠮᠡᠳᠡᠨ᠎ᠡ᠃ ᠪᠠᠰᠠ ᠁ ᠭᠡᠪᠡᠴᠦ ᠲᠡᠷᠡ ᠦᠶ᠎ᠡ ᠭᠣᠯᠤᠸᠤᠢ ᠬᠥᠮᠦᠨ ᠪᠦᠬᠦᠨ ᠢ ᠰᠠᠢᠲᠤᠷ ᠠᠵᠢᠭᠯᠠᠬᠤ ᠪᠣᠯᠤᠯᠴᠠᠭ᠎ᠠ ᠪᠠᠢᠭᠰᠠᠨ ᠦᠭᠡᠢ᠃ ᠲᠡᠭᠦᠨ ᠦ ᠰᠤᠮᠤ ᠪᠣᠯ ᠨᠢᠭᠡᠳᠦᠭᠡᠷ ᠱᠤᠭᠤᠮ ᠤᠨ ᠮᠡᠷᠭᠡᠨ ᠫᠤᠤᠴᠢᠳ ᠤᠨ ᠰᠤᠮᠤ ᠪᠠᠢᠭᠰᠠᠨ ᠲᠤᠯᠠ ᠪᠦᠷᠢᠯᠳᠦᠭᠦᠨ ᠦ ᠬᠤᠪᠢ ᠳᠤ ᠶᠡᠬᠡ ᠥᠭᠡᠷᠡᠴᠢᠯᠡᠯᠲᠡ ᠲᠠᠢ ᠪᠠᠢᠳᠠᠭ᠃ ᠳᠠᠢᠨ ᠳᠤ ᠠᠮᠢ ᠦᠷᠡᠭᠳᠡᠭᠰᠡᠨ ᠪᠠ ᠠᠮᠢᠳᠤ ᠪᠠᠢᠭᠴᠢ ᠪᠠᠢᠯᠳᠤᠭᠴᠢ ᠨᠠᠢᠵᠠ ᠨᠠᠷ ᠲᠡᠭᠦᠨ ᠦ ᠳᠤᠲᠠᠭᠤ ᠳᠣᠯᠢᠬᠠᠨ ᠬᠠᠷᠠᠭᠠᠯᠵᠠᠯᠭ᠎ᠠ ᠶᠢ ᠠᠭᠤᠴᠢᠯᠠᠭᠠᠴᠢ︕

ᠲᠡᠢᠮᠦ ᠳ᠋ᠡ᠂ ᠲᠡᠷᠡ ᠴᠦ ᠨᠢᠭᠡ ᠹᠷᠤᠨᠲ ᠪᠠᠢᠭᠰᠠᠨ᠂ ᠡᠨᠡ ᠥᠭᠡᠷ᠎ᠡ ᠨᠢᠭᠡ ᠹᠷᠤᠨᠲ ᠶᠤᠮ᠃ ᠡᠢᠮᠦ ᠡᠴᠡ ᠭᠣᠯᠤᠸᠤᠢ ᠶᠢᠨ ᠡᠮᠦᠨ᠎ᠡ ᠵᠣᠭᠰᠤᠵᠤ ᠪᠠᠢᠭ᠎ᠠ ᠬᠥᠮᠦᠨ ᠪᠣᠯ ᠤᠷᠢᠳᠤ ᠲᠡᠭᠦᠨ ᠦ ᠵᠠᠬᠢᠷᠭᠠᠨ ᠳᠣᠣᠷ᠎ᠠ ᠪᠠᠢᠭᠰᠠᠨ ᠨᠢᠭᠡ ᠪᠠᠢᠯᠳᠤᠭᠴᠢ ᠮᠥᠨ᠃ ᠡᠨᠡ ᠪᠣᠯ ᠲᠡᠢᠮᠦ ᠴᠦ ᠶᠡᠬᠡ ᠰᠣᠨᠢᠨ ᠬᠡᠷᠡᠭ᠌ ᠪᠢᠰᠢ᠃ ᠲᠡᠷᠡ ᠬᠥᠮᠦᠨ ᠰᠢᠨ᠎ᠡ ᠲᠠᠢᠵᠠ ᠶᠢᠨ ᠡᠮᠦᠨ᠎ᠡ ᠵᠣᠭᠰᠤᠭᠠᠳ᠂ ᠲᠣᠯᠤᠭᠠᠢ ᠪᠠᠨ ᠭᠡᠳᠡᠢᠯᠭᠡᠵᠦ᠂ ᠵᠠᠷᠢᠮ ᠳᠠᠭᠠᠨ ᠡᠰᠢ ᠲᠡᠰᠢ ᠬᠠᠷᠠᠳᠠᠭ᠃ ᠠᠩᠭᠢ ᠶᠢᠨ ᠣᠶᠤᠲᠠᠨ ᠲᠡᠭᠦᠨ ᠦ ᠶᠠᠷᠢᠭᠰᠠᠨ ᠦᠭᠡ ᠪᠦᠬᠦᠨ ᠢ ᠠᠩᠬᠠᠷᠤᠨ ᠰᠣᠨᠤᠰᠴᠠᠭᠠᠳᠠᠭ᠃

ᠭᠡᠪᠡᠴᠦ ᠲᠡᠭᠦᠨ ᠦ ᠲᠠᠢᠯᠪᠤᠷᠢᠯᠠᠭᠰᠠᠨ ᠦᠭᠡ ᠪᠦᠬᠦᠨ ᠢ ᠣᠢᠯᠠᠭᠠᠬᠤ ᠳᠤ ᠲᠡᠢᠮᠦ ᠴᠦ ᠬᠢᠯᠪᠠᠷ ᠪᠢᠰᠢ᠃ ᠭᠣᠯᠤᠸᠤᠢ ᠳᠤ ᠵᠠᠷᠢᠮ ᠳᠠᠭᠠᠨ ᠣᠢᠯᠠᠭᠠᠵᠤ ᠳᠡᠢᠯᠬᠦ ᠦᠭᠡᠢ ᠰᠢᠭ᠌ ᠰᠠᠨᠠᠭᠳᠠᠨ᠎ᠠ᠃ ᠶᠠᠭᠠᠬᠢᠵᠤ ᠴᠢᠷᠮᠠᠢᠪᠠᠴᠤ ᠪᠠᠰᠠ ᠯᠠ ᠬᠣᠴᠤᠷᠤᠭᠠᠳ ᠪᠠᠢᠳᠠᠭ ᠪᠠᠢᠯ᠎ᠠ᠃ ᠳᠠᠢᠨ ᠤ ᠦᠶ᠎ᠡ ᠳᠦ ᠪᠠᠢᠯᠳᠤᠭᠴᠢ ᠲᠠᠢ ᠪᠠᠨ ᠬᠠᠮᠲᠤ ᠮᠢᠨ᠎ᠠ ᠪᠤᠯᠠᠭᠰᠠᠨ ᠬᠡᠭᠡᠷ᠎ᠡ ᠲᠠᠯ᠎ᠠ ᠶᠢ ᠰᠡᠮᠬᠡᠨ ᠭᠡᠲᠦᠯᠦᠨ᠂ ᠳᠠᠢᠰᠤᠨ ᠤ ᠨᠢᠭᠡᠳᠦᠭᠡᠷ ᠪᠡᠬᠢᠯᠡᠯᠲᠡ ᠳᠦ ᠮᠥᠯᠬᠦᠨ ᠬᠦᠷᠬᠦ ᠦᠶ᠎ᠡ ᠳᠦ ᠣᠨᠤᠯ ᠤᠨ ᠹᠢᠽᠢᠺ ᠭᠡᠵᠦ ᠪᠣᠳᠤᠬᠤ ᠶᠢᠨ ᠴᠤ ᠵᠠᠪ ᠭᠠᠷᠤᠭᠰᠠᠨ ᠦᠭᠡᠢ ᠁ ᠬᠠᠷᠢᠨ ᠣᠳᠣ ᠁ ᠡᠨᠡ ᠨᠢ ᠲᠡᠭᠦᠨ ᠦ ᠬᠦᠴᠦ ᠬᠦᠷᠬᠦ ᠵᠦᠢᠯ ᠪᠢᠰᠢ ᠰᠢᠭ᠌ ᠰᠠᠨᠠᠭᠳᠠᠨ ᠵᠠᠷᠢᠮ ᠳᠠᠭᠠᠨ ᠡᠭᠦᠨ ᠢ ᠰᠢᠭᠤᠳ ᠬᠠᠶᠠᠭᠠᠳ ᠥᠭᠡᠷ᠎ᠡ ᠠᠵᠢᠯ ᠡᠷᠢᠮᠡᠷ ᠴᠦ ᠪᠣᠳᠤᠭᠳᠠᠨ᠎ᠠ᠃

ᠭ᠍ᠯᠤᠪᠠ ᠲᠠᠢ ᠭᠣᠯᠤᠸᠤᠢ ᠬᠡᠳᠦᠨ ᠤᠳᠠᠭ᠎ᠠ ᠶᠠᠷᠢᠯᠴᠠᠬᠤ ᠳᠤ ᠳᠡᠳ᠋ ᠫᠷᠤᠹᠧᠰᠰᠤᠷ ᠥᠩᠭᠡᠷᠡᠭᠡᠳ ᠨᠡᠯᠢᠶᠡᠳ ᠤᠳᠠᠭᠰᠠᠨ ᠲᠡᠷᠡ ᠬᠡᠷᠡᠭ᠌ ᠦᠳ ᠢᠶᠡᠨ ᠶᠡᠷᠦ ᠳᠤᠷᠠᠳᠤᠭ᠎ᠠ ᠦᠭᠡᠢ᠂ ᠶᠠᠷᠢᠯᠴᠠᠭᠠᠨ ᠳᠤᠮᠳᠠ ᠮᠡᠳᠡᠭᠳᠡᠭᠰᠡᠨ ᠵᠦᠢᠯ ᠴᠦ ᠭᠠᠷᠤᠭᠰᠠᠨ ᠦᠭᠡᠢ᠃«ᠪᠠᠷᠤᠭ ᠮᠠᠷᠲᠠᠴᠢᠬᠠᠭᠰᠠᠨ ᠪᠢᠵᠡ ᠳ᠋ᠡ︖ ᠪᠠᠭ᠎ᠠ ᠬᠡᠷᠡᠭ᠌ ᠶᠤᠮ ᠴᠢᠨᠢ ᠳ᠋ᠠ ᠁ ᠲᠦᠷ ᠴᠠᠭ ᠤᠨ ᠤᠴᠠᠭᠠᠷᠯᠠᠯ ᠲᠡᠳᠦᠢ᠃ ᠬᠡᠷᠪᠡ ᠭ᠍ᠯᠤᠪᠠ ᠶᠢᠨ ᠰᠠᠨᠠᠭᠠᠨ ᠳᠤ ᠳᠣᠷᠤᠮᠵᠢᠯᠠᠭᠳᠠᠭᠰᠠᠨ ᠰᠠᠭᠤᠭᠳᠠᠯ ᠦᠯᠡᠳᠡᠭᠰᠡᠨ ᠪᠣᠯ ᠡᠢᠮᠦ ᠴᠢᠩ ᠦᠨᠡᠨᠴᠢ ᠪᠡᠷ᠂ ᠡᠢᠮᠦ ᠥᠷᠦ ᠡᠪᠡᠳᠦᠩᠭᠦᠢ ᠪᠡᠷ ᠨᠠᠳᠠ ᠲᠠᠢ ᠬᠠᠷᠢᠴᠠᠬᠤ ᠭᠡᠵᠢ ᠦᠦ︖ ᠯᠠᠪ ᠨᠢᠭᠡᠨ ᠤᠳᠠᠭ᠎ᠠ᠂ ᠶᠠᠮᠠᠷ ᠨᠢᠭᠡ ᠬᠡᠷᠡᠭ᠌ ᠳᠡᠭᠡᠷ᠎ᠡ ᠢᠯᠡᠷᠡᠨ ᠭᠠᠷᠤᠨ᠎ᠠ» ᠭᠡᠵᠦ ᠪᠣᠳᠤᠳᠠᠭ ᠪᠠᠢᠯ᠎ᠠ᠃

ᠨᠢᠭᠡ ᠤᠳᠠᠭ᠎ᠠ ᠭᠣᠯᠤᠸᠤᠢ ᠠᠩᠭᠢ ᠶᠢᠨ ᠬᠡᠳᠦᠨ ᠵᠠᠯᠠᠭᠤ ᠬᠡᠦᠬᠡᠨ ᠲᠠᠢ ᠭ᠍ᠯᠤᠪᠠ ᠶᠢᠨ ᠭᠡᠷ ᠲᠦ ᠨᠥᠬᠦᠪᠦᠷᠢ ᠬᠢᠴᠢᠶᠡᠯ ᠰᠣᠨᠤᠰᠬᠤ ᠪᠠᠷ ᠣᠴᠢᠪᠠ᠃ ᠡᠬᠢᠯᠡᠭᠡᠳ ᠵᠠᠯᠠᠭᠤ ᠬᠡᠦᠬᠡᠨᠴᠦᠳ ᠳ᠋ᠮᠢᠲ᠋ᠷᠢ ᠢᠸᠠᠨᠤᠸᠢᠴᠧ ᠡᠴᠡ ᠨᠡᠯᠢᠶᠡᠳ ᠰᠡᠳᠦᠪ ᠠᠰᠠᠭᠤᠪᠠ᠃ ᠳᠠᠷᠠᠭ᠎ᠠ ᠳᠤᠨᠢ ᠭ᠍ᠯᠤᠪᠠ ᠥᠪᠡᠷ ᠦᠨ ᠵᠠᠩᠰᠢᠯ ᠢᠶᠡᠷ ᠢᠶᠡᠨ ᠲᠡᠳᠡᠨ ᠡᠴᠡ ᠠᠰᠠᠭᠤᠵᠤ᠂ ᠲᠤᠰ ᠬᠢᠴᠢᠶᠡᠯ ᠢ ᠬᠢᠷᠢ ᠵᠡᠷᠭᠡ ᠡᠵᠡᠮᠰᠢᠭᠰᠡᠨ ᠢ ᠨᠢ ᠰᠢᠯᠭᠠᠵᠤ ᠡᠬᠢᠯᠡᠪᠡ᠃

ᠳ᠋ᠮᠢᠲ᠋ᠷᠢ ᠢᠸᠠᠨᠤᠸᠢᠴᠧ ᠬᠠᠷ᠎ᠠ ᠺᠣᠰᠲ᠋ᠢᠶᠣᠮ ᠡᠮᠦᠰᠴᠦ᠂ ᠳᠠᠳᠭᠠᠯ ᠢᠶᠡᠷ ᠢᠶᠡᠨ ᠮᠠᠰᠢ ᠲᠡᠭᠰᠢᠬᠡᠨ ᠬᠤᠪᠴᠠᠯᠠᠵᠤ᠂ ᠲᠣᠪᠴᠢ ᠪᠠᠨ ᠪᠦᠷ ᠲᠣᠪᠴᠢᠯᠠᠨ ᠨᠢᠷᠤᠭᠤ ᠪᠠᠨ ᠭᠡᠳᠡᠢᠯᠭᠡᠭᠡᠳ ᠰᠢᠷᠡᠭᠡᠨ ᠦ ᠳᠡᠷᠭᠡᠳᠡ ᠰᠠᠭᠤᠵᠠᠢ᠃ ᠲᠦᠯᠡᠭ᠌ᠳᠡᠭᠰᠡᠨ ᠰᠣᠷᠪᠢ ᠲᠠᠢ ᠴᠢᠷᠠᠢ ᠨᠢ ᠲᠠᠰᠤᠷᠠᠯᠲᠠ ᠦᠭᠡᠢ ᠠᠲᠤᠪᠠᠯᠵᠠᠵᠤ ᠪᠠᠢᠪᠠ᠃

ᠨᠢᠭᠡ ᠬᠡᠦᠬᠡᠨ ᠡᠴᠡ ᠠᠰᠠᠭᠤᠭᠰᠠᠨ ᠳᠤ ᠬᠠᠷᠢᠭᠤᠯᠵᠤ ᠴᠢᠳᠠᠭᠰᠠᠨ ᠦᠭᠡᠢ᠂ ᠳᠠᠷᠠᠭᠠᠯᠠᠨ ᠥᠭᠡᠷ᠎ᠡ ᠨᠢᠭᠡ ᠡᠴᠡ ᠠᠰᠠᠭᠤᠨ᠎ᠠ᠃«ᠶᠠᠱᠧᠨᠢᠶᠠᠼᠺᠠᠶᠠ ᠲᠠ ᠬᠠᠷᠢᠭᠤᠯᠤᠭᠠᠷᠠᠢ︕»

«ᠪᠢ ᠪᠠᠰᠠ ᠁ ᠮᠡᠳᠡᠬᠦ ᠦᠭᠡᠢ ᠁» ᠭᠡᠵᠦ ᠶᠠᠱᠸᠨᠢᠶᠠᠼᠺᠠᠶᠠ ᠲᠣᠷᠴᠤ ᠲᠡᠭᠡᠭᠯᠡᠨ ᠬᠡᠯᠡᠵᠡᠢ᠃

«ᠭᠣᠯᠤᠸᠤᠢ᠂ ᠲᠠ ᠪᠠᠷᠤᠭ ᠮᠡᠳᠡᠬᠦ ᠪᠢᠵᠡ︖» ᠭᠡᠵᠦ ᠳᠡᠳ᠋ ᠫᠷᠤᠹᠧᠰᠰᠤᠷ ᠶᠡᠬᠡ ᠬᠦᠢᠲᠡᠮᠰᠦᠭ ᠵᠠᠩ ᠢᠶᠡᠷ ᠠᠰᠠᠭᠤᠪᠠ᠃

ᠭᠣᠯᠤᠸᠤᠢ ᠶᠢᠨ ᠴᠢᠷᠠᠢ ᠤᠯᠠᠢᠰᠬᠢᠵᠦ ᠣᠷᠤᠨ ᠡᠴᠡ ᠪᠡᠨ ᠪᠣᠰᠤᠭᠠᠳ᠄

«ᠪᠢ ᠮᠡᠳᠡᠨ᠎ᠡ» ᠬᠡᠪᠡ᠃

ᠦᠨᠡᠨ ᠳᠡᠭᠡᠨ ᠭᠣᠯᠤᠸᠤᠢ᠂ ᠡᠨᠡ ᠠᠰᠠᠭᠤᠯᠲᠠ ᠶᠢ ᠪᠠᠰᠠ ᠲᠡᠢᠮᠦ ᠰᠠᠢᠨ ᠣᠢᠯᠠᠭᠠᠭᠰᠠᠨ ᠦᠭᠡᠢ᠂ ᠭᠡᠪᠡᠴᠦ ᠶᠠᠭᠤᠨ ᠡᠴᠡ ᠪᠣᠯᠤᠭᠰᠠᠨ ᠢ ᠪᠤᠤ ᠮᠡᠳᠡ᠂ ᠬᠡᠯᠡ ᠨᠢ« ᠦᠭᠡᠢ» ᠭᠡᠳᠡᠭ᠌ ᠤᠷᠤᠭᠤ ᠰᠢᠯᠵᠢᠵᠦ ᠴᠢᠳᠠᠭᠰᠠᠨ ᠦᠭᠡᠢ᠃

«ᠲᠡᠭᠡᠪᠡᠯ ᠲᠠ ᠲᠠᠢᠯᠪᠤᠷᠢᠯᠠᠭᠠᠷᠠᠢ︕»

ᠭ᠍ᠯᠤᠪᠠ ᠶᠢᠨ ᠴᠢᠷᠠᠢ ᠳᠤ ᠭᠡᠷᠡᠯ ᠨᠡᠮᠡᠭᠳᠡᠪᠡ᠃ ᠪᠡᠶ᠎ᠡ ᠪᠡᠷ ᠲᠡᠭᠰᠢᠬᠡᠨ᠂ ᠬᠠᠲᠠᠭᠤ ᠪᠣᠯᠪᠠᠰᠤᠷᠠᠯ ᠢ ᠬᠦᠷᠲᠡᠭᠰᠡᠨ ᠵᠢᠯᠤᠭᠤᠳᠤᠭᠴᠢ ᠪᠠᠨ ᠲᠣᠳᠤᠷᠬᠠᠢ ᠣᠯᠵᠤ ᠦᠵᠡᠬᠦ ᠦᠭᠡᠢ ᠪᠠᠢᠭᠰᠠᠨ ᠴᠤ ᠲᠡᠭᠦᠨ ᠳᠦ ᠡᠢᠮᠦ ᠬᠠᠨᠢ ᠪᠠᠢᠭ᠎ᠠ ᠳᠠᠭᠠᠨ ᠣᠯᠠᠨ ᠤ ᠡᠮᠦᠨ᠎ᠡ ᠪᠠᠬᠠᠷᠬᠠᠯ ᠲᠠᠢ ᠰᠢᠭ ᠰᠠᠨᠠᠭᠳᠠᠵᠤ ᠪᠠᠢᠬᠤ ᠨᠢ ᠪᠠᠢᠳᠠᠯ ᠡᠴᠡ ᠨᠢ ᠦᠵᠡᠬᠦ ᠳᠦ ᠢᠯᠡᠷᠬᠡᠢ᠃ ᠬᠡᠦᠬᠡᠨᠴᠦᠳ᠂ ᠲᠦᠮᠡᠨ ᠪᠡᠷᠬᠡᠰᠢᠶᠡᠯ ᠦᠨ ᠳᠤᠮᠳᠠ ᠬᠠᠮᠲᠤ ᠶᠠᠪᠤᠭᠰᠠᠨ ᠡᠨᠡ ᠬᠣᠶᠠᠷ ᠪᠠᠢᠯᠳᠤᠭᠴᠢ ᠶᠢ ᠰᠢᠷᠲᠡᠨ᠂ ᠬᠣᠭᠤᠷᠤᠨᠳᠤ ᠪᠠᠨ ᠰᠢᠪᠡᠨᠡᠯᠳᠦᠨ᠎ᠡ᠃ ᠡᠨᠡ ᠬᠣᠷᠤᠮᠬᠠᠨ᠎ᠠ ᠲᠡᠳᠡᠨ ᠳᠦ ᠡᠨᠡ ᠬᠣᠶᠠᠷ ᠬᠥᠮᠦᠨ ᠵᠡᠷᠡᠮᠳᠡᠭ᠌ ᠴᠡᠷᠢᠭ᠌ ᠪᠢᠰᠢ᠂ ᠬᠠᠷᠢᠨ ᠴᠠᠭᠢᠯᠭᠠᠨ ᠳᠤ ᠴᠣᠬᠢᠭᠳᠠᠭᠰᠠᠨ ᠬᠣᠶᠠᠷ ᠪᠦᠳᠦᠭᠦᠨ ᠴᠠᠷᠠᠰᠤᠨ ᠮᠣᠳᠤ ᠰᠢᠭ ᠰᠠᠨᠠᠭᠳᠠᠪᠠ᠂

ᠭᠣᠯᠤᠸᠤᠢ ᠪᠠᠴᠢᠮᠳᠠᠨ ᠪᠤᠷᠤᠭᠤ ᠬᠡᠯᠡᠵᠦ ᠠᠪᠤᠭᠠᠳ ᠳᠠᠬᠢᠨ ᠶᠠᠷᠢᠪᠠ᠃ ᠳ᠋ᠮᠢᠲ᠋ᠷᠢ ᠢᠸᠠᠨᠤᠸᠢᠴᠧ ᠲᠡᠰᠪᠦᠷᠢᠲᠡᠢ ᠪᠡᠷ ᠰᠣᠨᠤᠰᠴᠤ ᠯᠠ ᠪᠠᠢᠯ᠎ᠠ᠃ ᠭᠣᠯᠤᠸᠤᠢ ᠳᠡᠮᠡᠢ ᠬᠤᠳᠠᠯ ᠵᠦᠢᠯ ᠶᠠᠷᠢᠵᠤ ᠪᠠᠢᠭ᠎ᠠ ᠪᠠᠨ ᠥᠪᠡᠷ ᠢᠶᠡᠨ ᠴᠦ ᠮᠡᠳᠡᠵᠡᠢ᠃ ᠡᠴᠦᠰ ᠲᠡᠭᠡᠨ ᠤᠴᠠᠭᠠᠷᠳᠠᠨ ᠭᠠᠷ ᠢᠶᠡᠨ ᠰᠠᠪᠠᠭᠠᠳ᠄

«ᠳᠠᠭᠤᠰᠪᠠ︕» ᠬᠡᠪᠡ᠃

«ᠭᠣᠯᠤᠸᠤᠢ᠂ ᠶᠠᠭᠤ ᠳᠠᠭᠤᠰᠪᠠ︖» ᠭᠡᠵᠦ ᠳᠡᠳ᠋ ᠫᠷᠤᠹᠧᠰᠰᠤᠷ ᠰᠠᠨᠳᠤᠷᠤᠨ ᠠᠰᠠᠭᠤᠪᠠ᠃

«ᠪᠢ ᠰᠤᠷᠬᠤ ᠪᠠᠨ ᠪᠣᠯᠢᠶ᠎ᠠ ᠁ ᠳᠡᠭᠡᠳᠦ ᠰᠤᠷᠭᠠᠭᠤᠯᠢ ᠡᠴᠡ ᠭᠠᠷᠤᠶ᠎ᠠ᠃»

ᠭ᠍ᠯᠤᠪᠠ ᠶᠠᠭᠠᠷᠠᠯ ᠦᠭᠡᠢᠬᠡᠨ ᠪᠣᠰᠤᠭᠠᠳ᠄«ᠲᠠ ᠶᠠᠭᠤ ᠭᠡᠨ᠎ᠡ︖ ᠲᠠ ᠳᠠᠬᠢᠨ ᠨᠢᠭᠡ ᠤᠳᠠᠭ᠎ᠠ ᠬᠡᠯᠡᠭᠡᠷᠡᠢ» ᠬᠡᠪᠡ᠃

«ᠪᠢ ᠨᠢᠭᠡᠨᠲᠡ ᠳᠥᠷᠪᠡᠨ ᠵᠢᠯ ᠢ ᠲᠠᠯᠠᠭᠠᠷ ᠥᠩᠭᠡᠷᠡᠭᠦᠯᠪᠡ᠃ ᠣᠳᠣ ᠁ ᠨᠡᠬᠡᠵᠦ ᠭᠦᠢᠴᠡᠬᠦ ᠦᠭᠡᠢ ᠪᠣᠯᠵᠠᠢ᠃»

«ᠲᠠ ᠨᠡᠬᠡᠵᠦ ᠭᠦᠢᠴᠡᠬᠦ ᠦᠭᠡᠢ ᠪᠣᠯᠤᠭᠰᠠᠨ ᠭᠡᠨ᠎ᠡ︖» ᠳᠡᠳ᠋ ᠫᠷᠤᠹᠧᠰᠰᠤᠷ ᠪᠠᠷᠤᠭ ᠬᠠᠰᠭᠢᠷᠬᠤ ᠰᠢᠬᠠᠮ ᠪᠣᠯᠵᠤ᠂ ᠬᠣᠶᠠᠷ ᠭᠠᠷ ᠨᠢ ᠰᠢᠷᠡᠭᠡᠨ ᠳᠡᠭᠡᠷ᠎ᠡ ᠴᠡᠴᠡᠷᠡᠵᠦ᠄« ᠲᠠ ᠨᠡᠬᠡᠵᠦ ᠭᠦᠢᠴᠡᠬᠦ ᠦᠭᠡᠢ ᠪᠣᠯᠤᠭᠰᠠᠨ ᠭᠡᠨ᠎ᠡ︖» ᠬᠡᠪᠡ᠃

ᠬᠡᠦᠬᠡᠨᠴᠦᠳ ᠪᠠᠰᠠ ᠰᠢᠪᠡᠨᠡᠯᠳᠦᠵᠦ ᠡᠬᠢᠯᠡᠪᠡ᠃

«ᠲᠠ ᠨᠠᠷ ᠁ ᠲᠦᠷ ᠭᠠᠷᠴᠤ ᠪᠠᠢ» ᠭᠡᠵᠦ ᠳᠡᠳ᠋ ᠫᠷᠤᠹᠧᠰᠰᠤᠷ ᠤᠴᠠᠭᠠᠷᠯᠠᠭᠰᠠᠨ ᠪᠠᠢᠳᠠᠯ ᠲᠠᠢ ᠲᠡᠳᠡᠨ ᠳᠦ ᠬᠡᠯᠡᠪᠡ᠃

ᠡᠮᠡᠭᠲᠡᠢ ᠣᠶᠤᠲᠠᠳ ᠭᠠᠷᠴᠠᠭᠠᠪᠠ᠃

«ᠲᠠ ᠶᠠᠭᠤᠨ ᠳᠤ ᠢᠩᠭᠢᠵᠦ ᠪᠣᠳᠤᠬᠤ ᠪᠣᠯᠤᠭᠰᠠᠨ ᠪᠤᠢ︖ ᠲᠠ ᠳᠥᠬᠦᠮ ᠵᠠᠮ ᠡᠷᠢᠨ᠎ᠡ ᠭᠡᠵᠦ ᠪᠣᠳᠤᠨ᠎ᠠ ᠤᠤ︖ ᠡᠨᠳᠡ ᠰᠤᠷᠬᠤ ᠳᠤ ᠬᠡᠴᠡᠭᠦᠦ ᠪᠠᠢᠨ᠎ᠠ ᠤᠤ︖ ᠭᠡᠪᠡᠴᠦ ᠲᠠ ᠪᠠᠰᠠ ᠮᠠᠷᠲᠠᠬᠤ ᠪᠣᠯᠤᠭ᠎ᠠ ᠦᠭᠡᠢ ᠪᠢᠵᠡ ᠁» ᠭᠡᠵᠦ ᠠᠭᠤᠷᠯᠠᠩᠭᠤᠢ ᠨᠠᠮ ᠳᠠᠭᠤᠨ ᠢᠶᠡᠷ ᠠᠰᠠᠭᠤᠪᠠ᠃

ᠭ᠍ᠯᠤᠪᠠ ᠣᠳᠣ ᠲᠡᠷᠡ ᠥᠩᠭᠡᠷᠡᠭᠰᠡᠨ ᠬᠡᠷᠡᠭ ᠢ ᠳᠤᠷᠠᠳᠤᠨ᠎ᠠ ᠳ᠋ᠠ ᠭᠡᠵᠦ ᠭᠣᠯᠤᠸᠤᠢ ᠲᠠᠭᠠᠮᠠᠭᠯᠠᠪᠠ᠃ ᠭ᠍ᠯᠤᠪᠠ ᠴᠤ ᠶᠠᠭ ᠲᠡᠷᠡ ᠬᠡᠷᠡᠭ ᠢ ᠬᠡᠯᠡᠴᠢᠬᠡᠯ᠎ᠡ︕

«ᠥᠷᠭᠡᠨ ᠲᠠᠯ᠎ᠠ ᠶᠢᠨ ᠳᠤᠮᠳᠠ ᠥᠩᠭᠡᠷᠡᠭᠰᠡᠨ ᠵᠣᠪᠠᠭᠤᠷᠢᠲᠤ ᠲᠡᠷᠡ ᠨᠢᠭᠡᠨ ᠰᠥᠨᠢ ᠶᠢ ᠲᠠ ᠴᠡᠭᠡᠵᠢᠯᠡᠵᠦ ᠪᠠᠢᠨ᠎ᠠ ᠤᠤ︖»

«ᠴᠡᠭᠡᠵᠢᠯᠡᠵᠦ ᠪᠠᠢᠨ᠎ᠠ᠃»

«ᠪᠢ ᠠᠩᠭᠢ ᠡᠴᠡ ᠪᠡᠨ ᠬᠠᠶᠠᠭᠳᠠᠬᠤ ᠦᠶ᠎ᠡ ᠳᠦ᠂ ᠲᠠ ᠨᠠᠮᠠᠢ ᠶᠠᠮᠠᠷ ᠮᠠᠶᠢ᠍ᠭ ᠢᠶᠡᠷ ᠰᠤᠷᠭᠠᠵᠤ ᠪᠠᠢᠭᠰᠠᠨ ᠢᠶᠡᠨ ᠴᠡᠭᠡᠵᠢᠯᠡᠵᠦ ᠪᠠᠢᠭ᠎ᠠ ᠪᠢᠵᠡ︖»

«ᠴᠡᠭᠡᠵᠢᠯᠡᠵᠦ ᠪᠠᠢᠨ᠎ᠠ᠃»

«ᠲᠠ ᠲᠡᠷᠡ ᠦᠶ᠎ᠡ ᠳᠦ ᠨᠠᠳᠠ<᠁ ᠰᠣᠨᠤᠰᠤᠭ᠎ᠠ ᠦᠭᠡᠢ︕ ᠳᠦᠯᠡᠢ ᠦᠦ︖ ᠁ ᠵᠥᠪᠬᠡᠨ ᠁ ᠴᠢᠮ᠎ᠠ ᠳᠤ ᠬᠠᠷᠢᠭᠤᠴᠠᠬᠤ ᠬᠡᠷᠡᠭᠲᠡᠢ ᠁> ᠭᠡᠵᠦ ᠬᠡᠯᠡᠭᠰᠡᠨ ᠪᠠᠢᠨ᠎ᠠ ᠤᠤ︖»

«ᠴᠡᠭᠡᠵᠢᠯᠡᠵᠦ ᠪᠠᠢᠨ᠎ᠠ᠃»

«ᠨᠥᠬᠦᠷ ᠭᠣᠯᠤᠸᠤᠢ᠂ ᠪᠢ ᠴᠦ ᠁ ᠴᠡᠭᠡᠵᠢᠯᠡᠵᠦ ᠪᠠᠢᠨ᠎ᠠ᠃ ᠲᠡᠷᠡ ᠦᠶ᠎ᠡ ᠳᠦ᠂ ᠲᠠ ᠨᠠᠳᠠ ᠨᠡᠯᠢᠶᠡᠳ ᠶᠣᠰᠤ ᠶᠢ ᠰᠤᠷᠭᠠᠪᠠ᠃ ᠠᠩᠬᠠᠨ ᠳᠠᠭᠠᠨ ᠪᠢ ᠶᠡᠬᠡ ᠭᠣᠮᠤᠳᠠᠭᠰᠠᠨ᠃ ᠭᠡᠪᠡᠴᠦ ᠶᠠᠪᠤᠭᠠᠨ ᠳᠠᠭᠠᠨ ᠲᠠᠨ ᠢ ᠪᠣᠳᠤᠬᠤ ᠲᠤᠲᠤᠮ ᠲᠠᠨ ᠤ ᠲᠡᠷᠡ ᠬᠦ ᠣᠪᠤᠷ ᠢ ᠵᠦᠢᠲᠡᠢ ᠭᠡᠵᠦ ᠨᠤᠲᠠᠯᠠᠪᠠ᠃ ᠲᠠ ᠥᠩᠭᠡᠷᠡᠭᠰᠡᠨ ᠳᠡᠭᠡᠨ ᠮᠠᠨ ᠢ ᠲᠥᠯᠦᠭᠡᠯᠡᠵᠦ᠂ ᠪᠠᠢᠯᠳᠤᠭᠴᠢᠳ ᠢ ᠲᠥᠯᠦᠭᠡᠯᠡᠨ᠂ ᠡᠬᠡ ᠣᠷᠤᠨ ᠤ ᠪᠠᠨ ᠲᠥᠯᠦᠭᠡ ᠬᠠᠷᠢᠭᠤᠴᠠᠯᠭ᠎ᠠ ᠡᠭᠦᠷᠴᠦ ᠪᠠᠢᠪᠠ᠃ ᠣᠳᠣ ᠪᠢᠳᠡ ᠡᠬᠡ ᠣᠷᠤᠨ ᠤ ᠪᠠᠨ ᠱᠠᠭᠠᠷᠳᠠᠯᠭ᠎ᠠ ᠪᠠᠷ ᠪᠠᠢᠷᠢ ᠪᠠᠨ ᠰᠣᠯᠢᠯᠴᠠᠪᠠ᠃ ᠬᠠᠷᠢᠨ ᠣᠳᠣ ᠪᠢ ᠭᠣᠯᠤᠸᠤᠢ ᠳᠤ ᠬᠠᠷᠢᠭᠤᠴᠠᠬᠤ ᠦᠭᠡᠢ ᠭᠡᠵᠢ ᠦᠦ︖ ᠲᠡᠭᠦᠨ ᠦ ᠠᠩᠭᠢ ᠡᠴᠡ ᠪᠡᠨ ᠬᠠᠶᠠᠭᠳᠠᠨ᠎ᠠ ᠭᠡᠵᠦ ᠪᠠᠢᠬᠤ ᠳᠤᠨᠢ᠂ ᠰᠢᠨᠵᠢᠯᠡᠬᠦ ᠤᠬᠠᠭᠠᠨ ᠢ ᠬᠠᠶᠠᠬᠤ ᠭᠡᠵᠦ ᠪᠠᠢᠬᠤ ᠳᠤᠨᠢ ᠮᠢᠨᠦ ᠵᠢᠷᠦᠬᠡ ᠰᠢᠮᠰᠢᠷᠡᠬᠦ ᠦᠭᠡᠢ ᠭᠡᠵᠢ ᠦᠦ︖ ᠲᠠ ᠨᠠᠳᠠ ᠬᠡᠯᠡᠵᠦ ᠥᠭᠭᠦᠭᠡᠴᠢ᠂ ᠪᠢ ᠲᠠᠨ ᠤ ᠡᠨᠡ ᠬᠦ ᠣᠪᠤᠷ ᠢ ᠶᠠᠭᠤ ᠭᠡᠵᠦ ᠬᠡᠯᠡᠪᠡᠯ ᠵᠣᠬᠢᠬᠤ ᠪᠤᠢ︖» ᠭ᠍ᠯᠤᠪᠠ ᠶᠢᠨ ᠡᠮᠦᠨ᠎ᠡ ᠭᠣᠯᠤᠸᠤᠢ ᠦᠭᠡ ᠳᠠᠭᠤᠨ ᠦᠭᠡᠢ ᠲᠥᠪ ᠵᠣᠭᠰᠤᠨ᠎ᠠ᠃

«ᠮᠠᠨ ᠤ ᠠᠮᠢᠳᠤᠷᠠᠯ ᠪᠢᠳᠡᠨ ᠢ ᠢᠩᠭᠢᠵᠦ ᠯᠡ ᠲᠣᠬᠢᠷᠠᠭᠤᠯᠪᠠ᠃» ᠳᠡᠳ᠋ ᠫᠷᠤᠹᠧᠰᠰᠤᠷ ᠪᠠᠬᠠᠨ ᠲᠠᠢᠪᠤᠰᠢᠷᠠᠯ᠎ᠠ᠃

«ᠪᠢᠳᠡ ᠡᠭᠦᠷᠢᠳᠡ ᠬᠠᠷᠢᠯᠴᠠᠨ ᠬᠠᠷᠢᠭᠤᠴᠠᠬᠤ ᠬᠡᠷᠡᠭᠲᠡᠢ᠃ ᠲᠤᠬᠠᠢ ᠶᠢᠨ ᠦᠶ᠎ᠡ ᠳᠦ ᠲᠠ ᠨᠠᠳᠠ ᠬᠠᠷᠢᠭᠤᠴᠠᠨ᠎ᠠ᠃ ᠥᠭᠡᠷ᠎ᠡ ᠨᠢᠭᠡᠨ ᠦᠶ᠎ᠡ ᠳᠦ ᠪᠢ ᠲᠠᠨ ᠳᠤ ᠬᠠᠷᠢᠭᠤᠴᠠᠨ᠎ᠠ᠃ ᠲᠠ ᠲᠡᠷᠡ ᠦᠶ᠎ᠡ ᠳᠦ ᠬᠠᠰᠭᠢᠷᠤᠭᠠᠳ᠂ ᠨᠠᠮᠠᠢ ᠁»

«ᠠᠯᠬᠤᠭᠠᠳ ᠶᠠᠪᠤ︕» ᠭᠡᠵᠦ ᠭᠣᠯᠤᠸᠤᠢ ᠲᠡᠭᠦᠨ ᠦ ᠦᠭᠡ ᠶᠢ ᠬᠡᠯᠡᠭᠡᠳ ᠶᠡᠬᠡᠲᠡ ᠣᠮᠤᠭᠰᠢᠪᠠ᠃

«ᠲᠡᠢᠮᠦ᠂ ᠶᠠᠭ ᠡᠢᠮᠦ ᠪᠠᠢᠭᠰᠠᠨ ᠁ ᠲᠡᠷᠡ ᠦᠶ᠎ᠡ ᠳᠦ ᠲᠠ ᠨᠠᠮᠠᠢ ᠴᠢᠩᠭ᠎ᠠ ᠪᠠᠷᠢᠭᠠᠳ᠂ ᠤᠷᠤᠭᠰᠢ ᠪᠠᠨ ᠲᠦᠯᠬᠢᠭᠰᠡᠨ ᠶᠤᠮ᠂ ᠪᠢ ᠲᠡᠭᠡᠭᠡᠳ ᠁ ᠭᠦᠢᠴᠡᠪᠡ᠃»

«ᠬᠠᠷᠢᠨ ᠲᠡᠷᠡ ᠴᠦ ᠬᠢᠯᠪᠠᠷ᠃»

«ᠳᠠᠪᠠᠵᠤ ᠲᠤᠭᠤᠯᠤᠭᠰᠠᠨ ᠪᠦᠬᠦᠨ ᠬᠢᠯᠪᠠᠷ ᠳᠥᠬᠦᠮ ᠰᠢᠭ᠌ ᠰᠠᠨᠠᠭᠳᠠᠳᠠᠭ ᠶᠤᠮ» ᠭᠡᠳ ᠳᠡᠳ᠋ ᠫᠷᠤᠹᠧᠰᠰᠤᠷ ᠰᠢᠷᠦᠭᠦᠨ ᠳᠦᠷᠢ ᠭᠠᠷᠭᠠᠨ᠄«ᠪᠢ ᠤᠭ ᠨᠢ ᠡᠨᠡ ᠬᠡᠷᠡᠭ ᠢ ᠲᠠᠨ ᠤ ᠡᠮᠦᠨ᠎ᠡ ᠳᠤᠷᠠᠳᠬᠤ ᠦᠭᠡᠢ ᠭᠡᠵᠦ ᠪᠣᠳᠤᠭᠰᠠᠨ᠃ ᠲᠠ ᠨᠠᠮᠠᠢ ᠪᠢᠲᠡᠬᠡᠢ ᠥᠰᠢᠶ᠎ᠡ ᠪᠣᠳᠤᠬᠤ ᠳᠤᠷᠠᠲᠠᠢ ᠬᠥᠮᠦᠨ ᠭᠡᠵᠦ ᠣᠢᠯᠠᠭᠠᠭᠠᠷᠠᠢ» ᠭᠡᠵᠦ ᠬᠡᠯᠡᠪᠡ᠃

«ᠪᠢ ᠲᠡᠭᠡᠵᠦ ᠶᠡᠷᠦ ᠰᠠᠨᠠᠬᠤ ᠦᠭᠡᠢ» ᠭᠡᠵᠦ ᠭᠣᠯᠤᠸᠤᠢ ᠬᠠᠷᠢᠭᠤᠯᠵᠠᠢ᠃ ᠦᠨᠡᠨ ᠳᠡᠭᠡᠨ ᠴᠦ ᠲᠡᠭᠡᠵᠦ ᠪᠣᠳᠤᠭᠰᠠᠨ ᠦᠭᠡᠢ᠃

«ᠲᠡᠭᠡᠪᠡᠯ ᠲᠠ ᠨᠠᠳᠠ ᠳᠠᠬᠢᠨ ᠪᠢᠲᠡᠬᠡᠢ ᠡᠢᠮᠦ ᠦᠭᠡ ᠶᠢ ᠰᠣᠨᠤᠰᠭᠠᠭᠠᠷᠠᠢ᠃» ᠭᠡᠵᠦ ᠳᠡᠳ᠋ ᠫᠷᠤᠹᠧᠰᠰᠤᠷ ᠠᠭᠤᠷᠲᠠᠢᠬᠠᠨ ᠬᠡᠯᠡᠪᠡ᠃

«ᠵᠠ᠃»

«ᠴᠡᠷᠢᠭ᠌ ᠠᠩᠭᠢ ᠁ ᠹᠢᠽᠢᠺ ᠤᠷᠤᠭᠤ ᠳᠠᠪᠰᠢᠬᠤ ᠪᠣᠯᠵᠠᠢ᠃ ᠲᠡᠢᠮᠦ᠂ ᠹᠢᠽᠢᠺ ᠤᠷᠤᠭᠤ᠃ ᠨᠥᠬᠦᠷ ᠭᠣᠯᠤᠸᠤᠢ ᠲᠠ ᠵᠠᠪᠠᠯ ᠭᠦᠢᠴᠡᠬᠦ ᠬᠡᠷᠡᠭᠲᠡᠢ᠃»

«᠁»

«ᠲᠡᠭᠡᠪᠡᠯ ᠶᠠᠪᠤ︕»

«ᠡᠨᠡ ᠬᠥᠮᠦᠨ ᠦᠨᠡᠬᠡᠷ ᠵᠢᠯᠤᠭᠤᠳᠤᠭᠴᠢ ᠰᠢᠭ ᠪᠠᠢᠨ᠎ᠠ᠂ ᠣᠭᠲᠤ ᠬᠠᠢᠷ᠎ᠠ ᠨᠠᠢᠷ ᠦᠵᠡᠭᠦᠯᠳᠡᠭ ᠦᠭᠡᠢ ᠬᠥᠮᠦᠨ ᠶᠤᠮ ᠪᠠᠢᠨ᠎ᠠ» ᠭᠡᠵᠦ ᠭᠣᠯᠤᠸᠤᠢ ᠳᠣᠲᠤᠷ᠎ᠠ ᠪᠠᠨ ᠪᠣᠳᠤᠭᠠᠳ᠂ ᠥᠪᠡᠷ ᠦᠨ ᠳᠣᠣᠷ᠎ᠠ ᠪᠠᠢᠭᠰᠠᠨ ᠡᠨᠡ ᠪᠠᠢᠯᠳᠤᠭᠴᠢ ᠶᠢ ᠠᠩᠬ᠎ᠠ ᠤᠳᠠᠭ᠎ᠠ ᠨᠠᠷᠢᠨ ᠲᠣᠳᠤᠷᠬᠠᠢ ᠣᠯᠵᠤ ᠦᠵᠡᠭᠰᠡᠨ ᠮᠡᠲᠦ ᠪᠠᠢᠯ᠎ᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082