ᠮᠣᠩᠭᠣᠯ ᠪᠢᠴᠢᠭ᠌

ᠡᠷᠢᠶ᠎ᠡ  
ᠪᠤᠴᠠᠬᠤ

ᠡᠬᠡ

ᠮ᠂ ᠭᠣᠷᠺᠢ

ᠡᠬᠡ ᠭᠤᠳᠤᠮᠵᠢᠨ ᠳᠤ ᠭᠠᠷᠲᠠᠯ᠎ᠠ ᠬᠦᠢᠲᠡᠨ ᠵᠢᠪᠠᠷ ᠪᠡᠶ᠎ᠡ ᠶᠢ ᠨᠢ ᠴᠢᠩᠭ᠎ᠠ ᠲᠡᠪᠡᠷᠢᠨ ᠣᠷᠢᠶᠠᠵᠤ ᠬᠣᠭᠤᠯᠠᠢ ᠳᠤᠨᠢ ᠨᠡᠪᠲᠡᠷᠡᠨ ᠬᠠᠮᠠᠷ ᠢ ᠬᠠᠭᠠᠷᠢᠵᠤ ᠳᠣᠲᠤᠷ ᠠᠮᠢᠰᠭᠤᠯ ᠢ ᠲᠦᠷ ᠵᠠᠭᠤᠷ᠎ᠠ ᠪᠥᠭᠯᠡᠯ᠎ᠡ᠃ ᠡᠬᠡ ᠵᠣᠭᠰᠤᠨ ᠡᠰᠢ ᠲᠡᠰᠢ ᠪᠡᠨ ᠬᠠᠷᠠᠪᠠᠯ᠄ ᠡᠮᠦᠨᠡᠬᠢ ᠭᠤᠳᠤᠮᠵᠢᠨ ᠪᠣᠯᠤᠩ ᠳᠡᠭᠡᠷ᠎ᠡ ᠨᠢᠭᠡᠨ ᠰᠡᠭᠰᠡᠭᠡᠷ ᠮᠠᠯᠠᠭᠠᠢ ᠲᠠᠢ ᠬᠥᠯᠦᠰᠦᠨ ᠦ ᠲᠡᠷᠭᠡᠴᠢ ᠵᠣᠭᠰᠤᠨ᠂ ᠠᠯᠤᠰ ᠲᠤ ᠨᠢᠭᠡᠨ ᠠᠲᠤᠷᠢᠵᠤ ᠪᠥᠭᠲᠦᠢᠭᠰᠡᠨ ᠬᠥᠮᠦᠨ ᠠᠯᠬᠤᠯᠠᠬᠤ ᠪᠦᠭᠡᠳ ᠲᠡᠭᠦᠨ ᠦ ᠡᠮᠦᠨ᠎ᠡ ᠨᠢᠭᠡᠨ ᠴᠡᠷᠢᠭ᠌ ᠴᠢᠬᠢ ᠪᠡᠨ ᠨᠤᠬᠤᠯᠠᠨ ᠭᠦᠶᠦᠨ ᠬᠠᠷᠠᠢᠨ᠎ᠠ᠃

«ᠡᠨᠡ ᠴᠡᠷᠢᠭ᠌ ᠢ ᠪᠠᠷᠤᠭ ᠳᠡᠯᠭᠡᠭᠦᠷ ᠲᠦ ᠲᠣᠮᠢᠯᠠᠨ ᠢᠷᠡᠭᠦᠯᠦᠭᠰᠡᠨ ᠪᠠᠢᠬᠤ ᠳ᠋ᠠ︕» ᠭᠡᠵᠦ ᠡᠬᠡ ᠪᠣᠳᠤᠭᠠᠳ ᠬᠥᠯ ᠦᠨ ᠳᠣᠣᠷ᠎ᠠ ᠰᠠᠶᠢ᠍ᠬᠠᠨ ᠣᠷᠤᠭᠰᠠᠨ ᠴᠠᠰᠤ ᠠᠶᠠᠯᠭᠤ ᠲᠠᠢ ᠪᠠᠷ ᠱᠠᠵᠢᠭᠢᠨᠠᠬᠤ ᠶᠢ ᠳᠤᠷᠠᠲᠠᠢ ᠪᠠᠷ ᠴᠢᠩᠨᠠᠨ ᠴᠢᠨᠠᠭᠰᠢ ᠪᠠᠨ ᠣᠳᠤᠯ᠎ᠠ᠃ ᠭᠠᠯ ᠲᠡᠷᠭᠡᠨ ᠦ ᠥᠷᠲᠡᠭᠡ ᠳᠦ ᠡᠬᠡ ᠡᠷᠲᠡ ᠬᠦᠷᠴᠡᠢ᠃ ᠡᠬᠡ ᠶᠢᠨ ᠰᠠᠭᠤᠬᠤ ᠭᠠᠯ ᠲᠡᠷᠭᠡ ᠨᠢ ᠶᠠᠪᠤᠬᠤ ᠪᠣᠯᠤᠭ᠎ᠠ ᠦᠭᠡᠢ ᠪᠠᠢᠭᠰᠠᠨ ᠴᠤ ᠠᠭᠤᠷ ᠤᠲᠤᠭ᠎ᠠ ᠳᠤ ᠤᠲᠤᠭᠠᠲᠤᠭᠳᠠᠵᠤ ᠲᠣᠭᠤᠰᠤ ᠲᠣᠷᠲᠤᠭ ᠪᠣᠯᠤᠭᠰᠠᠨ ᠭᠤᠷᠪᠠᠳᠤᠭᠠᠷ ᠳᠡᠰ ᠦᠨ ᠲᠡᠷᠭᠡ ᠬᠦᠯᠢᠶᠡᠬᠦ ᠭᠡᠷ ᠲᠦ ᠣᠯᠠᠨ ᠬᠥᠮᠦᠨ ᠴᠢᠬᠢᠯᠳᠦᠨ᠎ᠡ᠃ ᠲᠡᠮᠦᠷ ᠵᠠᠮ ᠦᠨ ᠠᠵᠢᠯᠴᠢᠳ ᠬᠦᠢᠲᠡᠨ ᠡᠴᠡ ᠵᠠᠢᠯᠠᠨ ᠡᠨᠳᠡ ᠢᠷᠡᠵᠦ ᠬᠥᠯᠦᠰᠦᠨ ᠦ ᠲᠡᠷᠭᠡᠴᠢᠨ ᠪᠠ ᠮᠠᠭᠤ ᠬᠤᠪᠴᠠᠰᠤᠲᠠᠢ ᠲᠡᠨᠦᠭᠦᠯᠴᠢ ᠨᠠᠷ ᠴᠤ ᠳᠤᠯᠠᠭᠠᠴᠠᠬᠤ ᠪᠠᠷ ᠢᠷᠡᠵᠡᠢ᠃ ᠪᠠᠰᠠ ᠵᠠᠷᠢᠮ ᠠᠶᠠᠨᠴᠢᠳ᠂ ᠬᠡᠳᠦᠨ ᠲᠠᠷᠢᠶᠠᠴᠢᠳ᠂ ᠡᠯᠪᠡᠩᠭᠦᠨ ᠰᠢᠨᠧᠯ ᠲᠠᠢ ᠲᠠᠷᠭᠤᠨ ᠬᠤᠳᠠᠯᠳᠤᠭᠠᠴᠢᠨ᠂ ᠴᠣᠬᠤᠷ ᠥᠬᠢᠨ ᠢᠶᠡᠨ ᠳᠠᠭᠠᠭᠤᠯᠤᠭᠰᠠᠨ ᠬᠠᠷ᠎ᠠ ᠯᠠᠮᠠᠲᠠᠨ᠂ ᠳᠥᠷᠪᠡ ᠲᠠᠪᠤᠨ ᠴᠡᠷᠢᠭ᠌᠂ ᠪᠤᠵᠢᠭᠢᠨᠠᠯᠳᠤᠨ ᠦᠢᠮᠡᠯᠳᠦᠭᠰᠡᠨ ᠬᠣᠲᠠ ᠶᠢᠨ ᠪᠣᠷᠤᠴᠤᠤᠯ ᠪᠠᠢᠨ᠎ᠠ᠃ ᠡᠨᠡ ᠬᠥᠮᠦᠰ ᠲᠠᠮᠠᠬᠢ ᠲᠠᠲᠠᠨ᠂ ᠡᠯᠳᠡᠪ ᠬᠣᠶᠠᠷ ᠢ ᠶᠠᠷᠢᠯᠴᠠᠨ᠂ ᠴᠠᠢ ᠠᠷᠢᠬᠢ ᠤᠤᠭᠤᠵᠠᠭᠠᠨ᠎ᠠ᠂ ᠵᠢᠵᠢᠭ᠌ ᠬᠣᠭᠤᠯᠠᠨ ᠭᠡᠷ ᠦᠨ ᠡᠭᠦᠳᠡᠨ ᠳᠦ ᠨᠢᠭᠡ ᠬᠥᠮᠦᠨ ᠲᠠᠴᠢᠭᠢᠨᠠᠨ ᠢᠨᠢᠶᠡᠬᠦ ᠪᠦᠭᠡᠳ ᠬᠥᠮᠦᠰ ᠦᠨ ᠲᠣᠯᠤᠭᠠᠢ ᠳᠡᠭᠡᠭᠦᠷ ᠤᠲᠤᠭ᠎ᠠ ᠤᠨᠢᠶᠠᠷᠲᠤᠨ ᠮᠠᠨᠠᠷᠠᠨ᠎ᠠ᠃ ᠲᠡᠷᠭᠡ ᠬᠦᠯᠢᠶᠡᠬᠦ ᠭᠡᠷ ᠦᠨ ᠡᠭᠦᠳᠡ ᠨᠡᠭᠡᠭᠡᠭᠳᠡᠬᠦ ᠳᠡᠭᠡᠨ ᠬᠢᠬᠤᠨᠠᠨ ᠳᠤᠤᠭᠠᠷᠴᠤ ᠴᠢᠩᠭ᠎ᠠ ᠬᠠᠭᠠᠬᠤ ᠳᠤ ᠰᠢᠯ ᠳᠣᠷᠭᠢᠭᠠᠳ ᠲᠠᠷ ᠲᠠᠷ ᠲᠠᠷᠴᠢᠭᠢᠨᠠᠨ᠎ᠠ᠃ ᠲᠠᠮᠠᠬᠢ ᠪᠣᠯᠤᠨ ᠳᠠᠪᠤᠰᠤᠯᠠᠭᠰᠠᠨ ᠵᠢᠭᠠᠰᠤᠨ ᠤ ᠦᠮᠡᠬᠡᠢ ᠦᠨᠦᠷ ᠬᠠᠮᠠᠷ ᠤᠷᠤᠭᠤ ᠴᠣᠷᠭᠢᠨ᠎ᠠ᠃

ᠡᠬᠡ ᠡᠭᠦᠳᠡᠨ ᠳᠦ ᠦᠵᠡᠭᠳᠡᠬᠦᠢᠴᠡ ᠭᠠᠵᠠᠷ ᠰᠠᠭᠤᠵᠤ ᠬᠦᠯᠢᠶᠡᠯ᠎ᠡ᠃ ᠬᠠᠭᠠᠯᠭ᠎ᠠ ᠣᠩᠭᠤᠢᠬᠤ ᠳᠤ ᠶᠠᠰᠤ ᠶᠠᠩᠭᠢᠨᠠᠮ᠎ᠠ ᠬᠦᠢᠲᠡᠨ ᠵᠢᠪᠠᠷ ᠨᠢᠭᠤᠷ ᠥᠭᠡᠳᠡ ᠰᠡᠷᠴᠢᠭᠢᠨᠡᠬᠦ ᠨᠢ ᠠᠶᠠᠲᠠᠢᠬᠠᠨ ᠰᠠᠨᠠᠭᠳᠠᠵᠤ ᠬᠦᠢᠲᠡᠨ ᠠᠮᠢᠰᠭᠤᠯ ᠢ ᠭᠦᠨ ᠠᠮᠢᠰᠭᠤᠯᠯᠠᠨ᠎ᠠ᠃ ᠭᠠᠷ ᠲᠠᠭᠠᠨ ᠪᠤᠭᠤᠳᠠᠯ ᠲᠠᠢ ᠶᠠᠭᠤᠮ᠎ᠠ ᠪᠠᠷᠢᠭᠰᠠᠨ ᠵᠤᠵᠠᠭᠠᠨ ᠬᠤᠪᠴᠠᠰᠤᠲᠠᠢ ᠬᠥᠮᠦᠰ ᠣᠷᠤᠵᠤ ᠢᠷᠡᠭᠡᠳ ᠡᠭᠦᠳᠡ ᠪᠥᠭᠯᠡᠨ ᠨᠡᠪᠰᠡᠢᠨ ᠵᠣᠭᠰᠤᠵᠤ ᠬᠠᠷᠢᠶᠠᠯ ᠲᠠᠯᠪᠢᠬᠤ ᠪᠥᠭᠡᠳ ᠶᠠᠭᠤᠮ᠎ᠠ ᠪᠠᠨ ᠱᠠᠯᠠ ᠪᠤᠶᠤ ᠰᠠᠨᠳᠠᠯᠢ ᠳᠡᠭᠡᠷ᠎ᠡ ᠬᠠᠶᠠᠭᠠᠳ ᠳ᠋ᠠᠴᠠᠩ ᠤᠨ ᠢᠶᠡᠨ ᠵᠠᠭᠠᠮ᠎ᠠ᠂ ᠬᠠᠨᠴᠤᠢ ᠳᠡᠭᠡᠷᠡᠬᠢ ᠬᠠᠭᠤᠷᠠᠢ ᠴᠠᠩ ᠢ ᠰᠡᠭᠰᠦᠷᠦᠨ ᠰᠠᠬᠠᠯ ᠤᠨ ᠢᠶᠡᠨ ᠴᠠᠩ ᠢ ᠤᠨᠠᠭᠠᠵᠤ ᠬᠣᠭᠤᠯᠠᠢ ᠪᠠᠨ ᠵᠠᠰᠠᠨ ᠬᠠᠨᠢᠶᠠᠯᠭᠠᠨ᠎ᠠ᠃

ᠭᠠᠷ ᠲᠠᠭᠠᠨ ᠰᠢᠷ᠎ᠠ ᠬᠠᠢᠷᠴᠠᠭ ᠳᠡᠭᠦᠵᠢᠯᠡᠭᠰᠡᠨ ᠨᠢᠭᠡᠨ ᠵᠠᠯᠠᠭᠤ ᠣᠷᠤᠵᠤ ᠢᠷᠡᠨ ᠡᠰᠢ ᠲᠡᠰᠢ ᠰᠢᠷᠪᠢᠵᠦ ᠠᠪᠤᠭᠰᠠᠨ ᠢᠶᠡᠨ ᠡᠬᠡ ᠤᠷᠤᠭᠤ ᠰᠢᠭᠤᠳ ᠣᠴᠢᠨ᠄

«ᠮᠤᠰᠺᠸᠠ ᠣᠷᠤᠬᠤ ᠤᠤ︖» ᠭᠡᠵᠦ ᠨᠠᠮ ᠳᠠᠭᠤᠨ ᠢᠶᠡᠷ ᠠᠰᠠᠭᠤᠪᠠ᠃

«ᠲᠡᠭᠡᠨ᠎ᠡ᠂ ᠲᠠᠨᠶᠠ ᠳᠡᠭᠡᠷ᠎ᠡ ᠣᠴᠢᠨ᠎ᠠ» ᠭᠡᠬᠦ ᠳᠦ᠂

«ᠮᠥᠨ» ᠭᠡᠳ ᠲᠡᠷᠡ ᠬᠠᠢᠷᠴᠠᠭ ᠢᠶᠡᠨ ᠡᠬᠡ ᠶᠢᠨ ᠬᠠᠵᠠᠭᠤ ᠳᠡᠬᠢ ᠰᠠᠨᠳᠠᠯᠢ ᠳᠡᠭᠡᠷ᠎ᠡ ᠲᠠᠯᠪᠢᠭᠠᠳ ᠶᠠᠩᠵᠤᠤᠷ ᠲᠠᠮᠠᠬᠢ ᠪᠠᠨ ᠭᠠᠷᠭᠠᠨ ᠨᠣᠴᠤᠭᠠᠭᠠᠳ ᠮᠠᠯᠠᠭᠠᠢ ᠪᠠᠨ ᠪᠢᠴᠢᠬᠠᠨ ᠳᠡᠭᠡᠭᠰᠢ ᠪᠣᠯᠭᠠᠭᠠᠳ᠂ ᠳᠤᠪ ᠳᠤᠭᠤᠢ ᠪᠠᠷ ᠨᠥᠭᠦᠭᠡ ᠲᠠᠯ᠎ᠠ ᠡᠴᠡ ᠡᠭᠦᠳᠡ ᠤᠷᠤᠭᠤ ᠶᠠᠪᠤᠯ᠎ᠠ᠃ ᠡᠬᠡ ᠬᠠᠢᠷᠴᠠᠭ ᠤᠨ ᠵᠢᠩᠭᠢᠨᠡᠮ᠎ᠡ ᠬᠦᠢᠲᠡᠨ ᠰᠢᠷᠢ ᠶᠢ ᠢᠯᠪᠢᠨ ᠳᠡᠭᠡᠷ᠎ᠡ ᠡᠴᠡ ᠨᠢ ᠲᠣᠬᠤᠢᠯᠠᠭᠠᠳ ᠰᠠᠨᠠᠭ᠎ᠠ ᠠᠮᠠᠷᠠᠭᠰᠠᠨ ᠮᠠᠶᠢ᠍ᠭᠲᠠᠢ ᠣᠯᠠᠨ ᠢ ᠬᠠᠷᠠᠪᠠ᠃ ᠲᠡᠭᠡᠭᠡᠳ ᠨᠢᠭᠡ ᠬᠡᠰᠡᠭ᠌ ᠰᠠᠭᠤᠭᠰᠠᠨ ᠢᠶᠡᠨ ᠪᠣᠰᠴᠤ ᠲᠠᠪᠴᠠᠩ ᠳᠤ ᠨᠡᠪᠲᠡᠷᠡᠬᠦ ᠡᠭᠦᠳᠡᠨ ᠦ ᠣᠢᠷᠠᠬᠠᠨ ᠪᠠᠢᠭ᠎ᠠ ᠨᠢᠭᠡᠨ ᠰᠠᠨᠳᠠᠯᠢ ᠤᠷᠤᠭᠤ ᠣᠴᠢᠪᠠ᠃ ᠬᠠᠢᠷᠴᠠᠭ ᠶᠡᠬᠡ ᠪᠢᠰᠢ᠂ ᠠᠪᠴᠤ ᠶᠠᠪᠤᠬᠤ ᠳᠤ ᠮᠠᠰᠢ ᠬᠥᠩᠭᠡᠨ᠃ ᠡᠬᠡ ᠲᠡᠷᠢᠭᠦᠨ ᠡᠷᠭᠦᠨ ᠠᠯᠬᠤᠯᠠᠵᠤ᠂ ᠡᠮᠦᠨᠡᠭᠦᠷ ᠨᠢ ᠢᠷᠠᠯᠵᠠᠨ ᠥᠩᠭᠡᠷᠡᠬᠦ ᠬᠦᠮᠦᠰ ᠦᠨ ᠨᠢᠭᠤᠷ ᠴᠢᠷᠠᠢ ᠶᠢ ᠠᠵᠢᠭᠯᠠᠨ ᠰᠢᠨᠵᠢᠨ᠎ᠡ᠃

ᠣᠬᠤᠷ ᠳ᠋ᠠᠴᠠᠩ ᠤᠨ ᠢᠶᠡᠨ ᠵᠠᠭᠠᠮ᠎ᠠ ᠶᠢ ᠪᠣᠰᠭᠠᠭᠰᠠᠨ ᠨᠢᠭᠡᠨ ᠵᠠᠯᠠᠭᠤ ᠡᠬᠡ ᠲᠠᠢ ᠮᠥᠷᠭᠦᠯᠳᠦᠭᠡᠳ ᠭᠠᠷ ᠢᠶᠡᠨ ᠲᠣᠯᠤᠭᠠᠢ ᠶᠢᠨ ᠢᠶᠡᠨ ᠳᠡᠷᠭᠡᠳᠡᠭᠦᠷ ᠰᠠᠵᠢᠮᠠᠭᠴᠠ ᠳᠠᠭᠤ ᠦᠭᠡᠢ ᠬᠠᠵᠠᠭᠤ ᠲᠡᠰᠢ ᠪᠡᠨ ᠦᠰᠦᠷᠦᠨ ᠵᠠᠢᠯᠠᠪᠠ᠃ ᠡᠨᠡ ᠬᠥᠮᠦᠨ ᠦ ᠵᠢᠰᠦ ᠡᠬᠡ ᠳᠦ ᠨᠢᠭᠡ ᠯᠡ ᠲᠠᠨᠢᠯ ᠶᠤᠮ ᠰᠢᠭ ᠪᠣᠯᠬᠤ ᠳᠤ ᠡᠷᠭᠢᠵᠦ ᠬᠠᠷᠠᠪᠠᠯ ᠲᠡᠷᠡ᠂ ᠪᠣᠰᠭᠠᠭᠰᠠᠨ ᠵᠠᠭᠠᠮ᠎ᠠ ᠶᠢᠨ ᠢᠶᠡᠨ ᠳᠡᠭᠡᠭᠦᠷ ᠥᠷᠦᠭᠡᠰᠦᠨ ᠴᠠᠢᠪᠠᠩ ᠨᠢᠳᠦ ᠪᠡᠷ ᠡᠬᠡ ᠤᠷᠤᠭᠤ ᠱᠠᠭᠠᠢᠵᠤ ᠪᠠᠢᠯ᠎ᠠ᠃ ᠡᠨᠡ ᠠᠵᠢᠭᠯᠠᠯᠲᠠ ᠶᠢᠨ ᠬᠠᠷᠠᠴᠠ ᠨᠢ ᠡᠬᠡ ᠳᠦ ᠵᠡᠭᠦᠦ ᠪᠡᠷ ᠬᠠᠳᠭᠤᠭᠠᠳ ᠠᠪᠤᠭᠰᠠᠨ ᠮᠡᠲᠦ ᠰᠠᠨᠠᠭᠳᠠᠵᠤ᠂ ᠡᠬᠡ ᠶᠢᠨ ᠬᠠᠢᠷᠴᠠᠭ ᠪᠠᠷᠢᠭᠰᠠᠨ ᠭᠠᠷ ᠨᠢ ᠲᠠᠲᠠᠪᠬᠢᠵᠤ᠂ ᠠᠪᠴᠤ ᠶᠠᠪᠤᠭ᠎ᠠ ᠶᠠᠭᠤᠮ᠎ᠠ ᠨᠢ ᠭᠡᠨᠡᠳᠲᠡ ᠬᠦᠨᠳᠦᠷᠡᠭᠰᠡᠨ ᠰᠢᠭ᠌ ᠰᠠᠨᠠᠭᠳᠠᠪᠠ᠃

«ᠪᠢ ᠡᠨᠡ ᠬᠥᠮᠦᠨ ᠢ ᠬᠠᠮᠢᠭ᠎ᠠ ᠨᠢᠭᠡ ᠭᠠᠵᠠᠷ ᠦᠵᠡᠭᠰᠡᠨ︕» ᠭᠡᠵᠦ ᠡᠬᠡ ᠰᠡᠳᠭᠢᠵᠦ ᠠᠪᠤᠭᠠᠳ᠂ ᠡᠨᠡ ᠬᠦ ᠪᠣᠳᠤᠯ ᠢᠶᠡᠷ ᠥᠪᠡᠷ ᠦᠨ ᠳᠤᠷ᠎ᠠ ᠦᠭᠡᠢᠴᠡᠭᠰᠡᠨ ᠰᠡᠳᠭᠢᠯᠭᠡ ᠪᠡᠨ ᠬᠣᠷᠢᠭᠯᠠᠵᠤ᠂ ᠰᠡᠳᠭᠢᠯ ᠢ ᠨᠢ ᠠᠯᠭᠤᠷᠬᠠᠨ ᠮᠥᠷᠲᠡᠭᠡᠨ ᠬᠦᠴᠦᠲᠡᠢᠬᠡᠨ ᠵᠢᠬᠡᠭᠦᠴᠡᠭᠦᠯᠦᠭᠰᠡᠨ ᠰᠡᠷᠡᠭᠳᠡᠯ ᠢ ᠪᠤᠰᠤᠳ ᠦᠭᠡ ᠪᠡᠷ ᠢᠯᠡᠳᠭᠡᠬᠦ ᠶᠢ ᠦᠯᠦ ᠬᠦᠰᠡᠨ᠎ᠡ᠃ ᠭᠡᠲᠡᠯ᠎ᠡ ᠡᠨᠡ ᠬᠦ ᠰᠡᠷᠡᠭᠳᠡᠯ ᠨᠢ ᠤᠯᠠᠮ ᠶᠡᠬᠡᠳᠴᠦ ᠬᠣᠭᠤᠯᠠᠢ ᠳᠤᠨᠢ ᠲᠤᠯᠵᠤ ᠠᠮᠠᠨ ᠳᠣᠲᠤᠷ᠎ᠠ ᠨᠢ ᠬᠠᠭᠤᠷᠠᠢ ᠡᠬᠡᠭᠦᠨ ᠣᠷᠭᠢᠬᠤ ᠳᠤ ᠡᠷᠭᠢᠵᠦ ᠲᠡᠭᠦᠨ ᠢ ᠪᠠᠰᠠ ᠨᠢᠭᠡ ᠬᠠᠷᠠᠬᠤ ᠰᠠᠨ ᠭᠡᠵᠦ ᠰᠠᠨᠠᠨ᠎ᠠ᠃ ᠲᠡᠭᠡᠭᠡᠳ ᠡᠷᠭᠢᠵᠦ ᠬᠠᠷᠠᠪᠠᠯ ᠥᠨᠥᠬᠢ ᠬᠥᠮᠦᠨ ᠬᠣᠶᠠᠷ ᠬᠥᠯ ᠢᠶᠡᠨ ᠡᠭᠡᠯᠵᠢᠯᠡᠨ ᠰᠢᠯᠵᠢᠭᠦᠯᠬᠦ ᠪᠣᠯᠪᠠᠴᠤ ᠵᠣᠭᠰᠤᠭᠰᠠᠨ ᠭᠠᠵᠠᠷ ᠡᠴᠡ ᠪᠡᠨ ᠬᠥᠳᠡᠯᠦᠭᠰᠡᠨ ᠦᠭᠡᠢ᠂ ᠨᠢᠭᠡᠨ ᠶᠠᠭᠤᠮ᠎ᠠ ᠦᠢᠯᠡᠳᠬᠦ ᠭᠡᠵᠦ ᠪᠠᠢᠬᠤ ᠪᠣᠯᠪᠠᠴᠤ ᠵᠣᠷᠢᠭᠯᠠᠬᠤ ᠦᠭᠡᠢ ᠪᠠᠢᠬᠤ ᠰᠢᠭ᠃ ᠪᠠᠷᠠᠭᠤᠨ ᠭᠠᠷ ᠢᠶᠡᠨ ᠳ᠋ᠠᠴᠠᠩ ᠤᠨ ᠢᠶᠡᠨ ᠲᠣᠪᠴᠢᠨ ᠵᠠᠪᠰᠠᠷ ᠢᠶᠡᠷ ᠰᠢᠷᠭᠤᠭᠤᠯᠵᠤ᠂ ᠨᠥᠭᠦᠭᠡ ᠭᠠᠷ ᠢᠶᠡᠨ ᠬᠠᠷᠮᠠᠨ ᠳᠠᠭᠠᠨ ᠬᠢᠭᠰᠡᠨ ᠨᠢ ᠪᠠᠷᠠᠭᠤᠨ ᠮᠥᠷᠦ ᠨᠢ ᠵᠡᠭᠦᠨ ᠮᠥᠷᠦᠨ ᠡᠴᠡ ᠨᠢ ᠥᠨᠳᠦᠷ ᠶᠤᠮ ᠰᠢᠭ ᠬᠠᠷᠠᠭᠳᠠᠨ᠎ᠠ᠃

ᠡᠬᠡ ᠶᠠᠭᠠᠷᠠᠯ ᠦᠭᠡᠢ ᠰᠠᠨᠳᠠᠯᠢ ᠶᠢᠨ ᠳᠡᠷᠭᠡᠳᠡ ᠬᠦᠷᠴᠦ᠂ ᠬᠤᠪᠴᠠᠰᠤᠨ ᠳᠣᠲᠤᠷᠠᠬᠢ ᠶᠠᠮᠠᠷ ᠨᠢᠭᠡ ᠶᠠᠭᠤᠮ᠎ᠠ ᠪᠠᠨ ᠡᠪᠳᠡᠯᠡᠴᠢᠬᠡᠬᠦ ᠡᠴᠡ ᠠᠶᠤᠵᠤ ᠪᠠᠢᠭ᠎ᠠ ᠶᠤᠮ ᠰᠢᠭ ᠪᠣᠯᠭᠤᠮᠵᠢᠲᠠᠢ ᠠᠯᠭᠤᠷᠬᠠᠨ ᠢᠶᠡᠷ ᠳᠣᠭᠤᠭᠰᠢ ᠪᠠᠨ ᠰᠠᠭᠤᠪᠠ᠃ ᠭᠠᠢ ᠭᠠᠮᠰᠢᠭ ᠢ ᠵᠥᠩᠨᠡᠵᠦ ᠮᠡᠳᠡᠬᠦ ᠬᠤᠷᠴᠠ ᠰᠡᠷᠡᠯ ᠨᠢ ᠡᠨᠡ ᠬᠥᠮᠦᠨ ᠲᠠᠢ ᠥᠩᠭᠡᠷᠡᠭᠰᠡᠨ ᠳᠦ ᠠᠭᠤᠯᠵᠠᠭᠰᠠᠨ ᠬᠣᠶᠠᠷ ᠤᠳᠠᠭᠠᠨ ᠤ ᠤᠴᠢᠷ ᠢ ᠨᠢ ᠪᠣᠳᠤᠭᠳᠠᠭᠤᠯᠪᠠ᠃ ᠨᠢᠭᠡ ᠤᠳᠠᠭ᠎ᠠ ᠨᠢ᠂ ᠷᠢᠪᠢᠨ ᠭᠢᠨᠳᠠᠨ ᠡᠴᠡ ᠣᠷᠭᠤᠨ ᠳᠤᠲᠠᠭᠠᠭᠰᠠᠨ ᠤ ᠳᠠᠷᠠᠭ᠎ᠠ ᠬᠣᠲᠠ ᠶᠢᠨ ᠲᠡᠭᠦᠷᠭᠡ ᠶᠢᠨ ᠬᠡᠭᠡᠷ᠎ᠡ ᠲᠠᠯ᠎ᠠ ᠳᠤ ᠠᠭᠤᠯᠵᠠᠵᠠᠢ᠃ ᠨᠥᠭᠦᠭᠡ ᠤᠳᠠᠭ᠎ᠠ ᠨᠢ ᠰᠢᠭᠦᠬᠦ ᠬᠣᠷᠢᠶᠠᠨ ᠳᠤ᠂ ᠷᠢᠪᠢᠨ ᠤ ᠵᠢᠭᠤᠳᠠᠭᠰᠠᠨ ᠵᠠᠮ ᠢ ᠡᠬᠡ ᠡᠴᠡ ᠠᠰᠠᠭᠤᠭᠠᠳ᠂ ᠡᠬᠡ ᠳᠦ ᠮᠡᠬᠡᠯᠡᠭᠳᠡᠭᠰᠡᠨ ᠥᠨᠥᠬᠢ ᠴᠠᠭᠳᠠᠨ ᠬᠠᠷᠠᠭᠠᠯᠵᠠᠭᠴᠢ ᠲᠠᠢ ᠬᠠᠮᠲᠤ ᠡᠨᠡ ᠬᠥᠮᠦᠨ ᠵᠣᠭᠰᠤᠵᠤ ᠪᠠᠢᠯ᠎ᠠ᠃ ᠲᠡᠳᠡ ᠡᠬᠡ ᠶᠢ ᠲᠠᠨᠢᠮᠠᠭᠴᠠ ᠶᠠᠭ ᠬᠣᠢᠨ᠎ᠠ ᠡᠴᠡ ᠨᠢ ᠭᠡᠲᠡᠵᠦ ᠶᠠᠪᠤᠭ᠎ᠠ ᠨᠢ ᠢᠪ ᠢᠯᠡᠷᠬᠡᠢ ᠪᠠᠢᠨ᠎ᠠ᠃

«ᠪᠠᠷᠢᠭᠳᠠᠬᠤ ᠪᠣᠯᠪᠠ ᠤᠤ︖» ᠭᠡᠵᠦ ᠡᠬᠡ ᠥᠪᠡᠷ ᠦᠨ ᠪᠡᠶ᠎ᠡ ᠡᠴᠡ ᠪᠡᠨ ᠠᠰᠠᠭᠤᠵᠤ ᠠᠪᠤᠭᠠᠳ᠄

«ᠠᠷᠠᠢ ᠦᠭᠡᠢ ᠪᠢᠵᠡ ᠳ᠋ᠡ ᠁» ᠭᠡᠵᠦ ᠴᠡᠴᠡᠷᠡᠭᠰᠡᠨ ᠳᠠᠭᠤ ᠪᠠᠷ ᠬᠠᠷᠢᠭᠤᠯᠤᠯ᠎ᠠ᠃

ᠭᠡᠪᠡᠴᠦ ᠡᠬᠡ ᠮᠥᠨ ᠳᠣᠣᠷ᠎ᠠ ᠪᠠᠨ ᠪᠡᠶ᠎ᠡ ᠪᠡᠨ ᠴᠢᠩᠭᠠᠯᠠᠨ ᠵᠣᠷᠢᠭ ᠭᠠᠷᠭᠠᠵᠤ᠄

«ᠣᠳᠣ ᠪᠠᠷᠢᠭᠳᠠᠵᠠᠢ︕» ᠭᠡᠵᠦ ᠬᠡᠯᠡᠯ᠎ᠡ᠃

ᠡᠰᠢ ᠲᠡᠰᠢ ᠪᠡᠨ ᠬᠠᠷᠠᠪᠠᠯ᠂ ᠶᠠᠭᠤ ᠴᠤ ᠦᠭᠡᠢ᠂ ᠭᠡᠲᠡᠯ᠎ᠡ ᠲᠠᠷᠢᠬᠢᠨ ᠳᠣᠲᠤᠷᠠᠬᠢ ᠪᠣᠳᠤᠯᠭ᠎ᠠ ᠨᠢ ᠣᠴᠢ ᠠᠳᠠᠯᠢ ᠪᠠᠢᠨ ᠪᠠᠢᠨ ᠭᠢᠯᠪᠠᠰᠬᠢᠭᠡᠳ ᠥᠩᠭᠡᠷᠡᠳᠡᠭ᠌ ᠪᠠᠢᠯ᠎ᠠ᠃

«ᠬᠠᠢᠷᠴᠠᠭ ᠢᠶᠡᠨ ᠣᠷᠬᠢᠭᠠᠳ ᠳᠤᠲᠠᠭᠠᠴᠢᠬᠠᠬᠤ ᠤᠤ︖»

ᠭᠡᠲᠡᠯ᠎ᠡ ᠥᠭᠡᠷ᠎ᠡ ᠨᠢᠭᠡᠨ ᠣᠴᠢ ᠣᠯᠠᠨ ᠡᠴᠡ ᠣᠨᠴᠤᠭᠤᠢ ᠭᠢᠯᠪᠠᠰᠬᠢᠨ ᠠᠪᠤᠯ᠎ᠠ᠃

«ᠬᠦᠦ ᠶᠢᠨ ᠢᠶᠡᠨ ᠶᠠᠷᠢᠶ᠎ᠠ ᠲᠠᠯᠪᠢᠬᠤ ᠡᠬᠡ ᠨᠤᠤᠷᠠᠭ ᠢ ᠬᠠᠶᠠᠭᠠᠳ ᠤᠤ︖ ᠲᠡᠭᠦᠨ ᠢ ᠡᠢᠮᠦ ᠠᠮᠢᠲᠠᠳ ᠤᠨ ᠭᠠᠷ ᠲᠤ ᠣᠷᠬᠢᠭᠠᠳ ᠁» ᠭᠡᠵᠦ ᠪᠣᠳᠤᠪᠠ᠃

ᠡᠬᠡ ᠬᠠᠢᠷᠴᠠᠭ ᠢᠶᠡᠨ ᠪᠡᠶ᠎ᠡ ᠳᠡᠭᠡᠨ ᠣᠢᠷᠠᠲᠤᠭᠤᠯᠪᠠ᠃

«ᠠᠪᠤᠭᠠᠳ ᠵᠠᠢᠯᠠᠬᠤ ᠤᠤ︖ ᠁ ᠬᠤᠷᠳᠤᠨ ᠳᠤᠲᠠᠭᠠᠶ᠎ᠠ ᠁» ᠭᠡᠰᠡᠨ ᠪᠣᠳᠤᠯᠭ᠎ᠠ ᠶᠢ ᠦᠭᠡᠷ᠎ᠡ ᠨᠢᠭᠡᠨ ᠬᠥᠮᠦᠨ ᠬᠠᠷ᠎ᠠ ᠬᠦᠴᠦ ᠪᠡᠷ ᠰᠢᠭᠠᠵᠤ ᠣᠷᠤᠭᠤᠯᠤᠭᠰᠠᠨ ᠮᠡᠲᠦ ᠪᠠᠢᠯ᠎ᠠ᠃ ᠡᠳᠡᠭᠡᠷ ᠪᠣᠳᠤᠯ ᠤᠳ ᠪᠡᠶ᠎ᠡ ᠶᠢ ᠨᠢ ᠬᠠᠭᠠᠷᠢᠵᠤ ᠰᠢᠲᠠᠭᠠᠵᠤ ᠪᠠᠢᠭ᠎ᠠ ᠮᠡᠲᠦ᠂ ᠲᠠᠷᠢᠬᠢ ᠲᠣᠯᠤᠭᠠᠢ ᠶᠢ ᠨᠢ ᠬᠠᠳᠭᠤᠨ ᠰᠢᠪᠡᠵᠦ᠂ ᠭᠠᠯ ᠤᠲᠠᠰᠤ ᠮᠡᠲᠦ ᠭᠣᠣᠯ ᠵᠢᠷᠦᠬᠡ ᠶᠢ ᠨᠢ ᠰᠢᠪᠬᠠᠴᠢᠵᠤ ᠪᠠᠢᠭ᠎ᠠ ᠮᠡᠲᠦ ᠪᠠᠢᠯ᠎ᠠ᠃ ᠡᠳᠡᠭᠡᠷ ᠪᠣᠳᠤᠯᠭ᠎ᠠ ᠨᠤᠭᠤᠳ ᠨᠢ ᠡᠬᠡ ᠶᠢ ᠲᠠᠷᠴᠢᠯᠠᠭᠠᠨ ᠵᠣᠪᠠᠭᠠᠵᠤ᠂ ᠥᠪᠡᠷ ᠦᠨ ᠪᠡᠶ᠎ᠡ᠂ ᠦᠷ᠎ᠡ ᠫᠠᠸᠧᠯ ᠪᠣᠯᠤᠨ ᠥᠷᠦ ᠵᠢᠷᠦᠬᠡᠨ ᠳᠤᠨᠢ ᠰᠢᠩᠭᠡᠭᠰᠡᠨ ᠳᠠᠰᠤᠭᠰᠠᠨ ᠪᠦᠭᠦᠳᠡ ᠶᠢ ᠪᠡᠶ᠎ᠡ ᠰᠡᠳᠭᠢᠯ ᠡᠴᠡ ᠨᠢ ᠦᠯᠳᠡᠨ ᠬᠥᠭᠡᠭᠡᠵᠦ ᠵᠠᠢᠯᠠᠭᠤᠯᠤᠨ᠎ᠠ᠃ ᠡᠬᠡ ᠳᠦ ᠨᠢᠭᠡ ᠵᠦᠢᠯ ᠦᠨ ᠳᠠᠢᠰᠤᠩᠨᠠᠬᠤ ᠬᠦᠴᠦᠨ ᠵᠥᠷᠢᠭᠦᠳᠯᠡᠨ᠂ ᠲᠡᠭᠦᠨ ᠢ ᠬᠠᠪᠴᠢᠨ ᠰᠢᠬᠠᠵᠤ᠂ ᠮᠥᠷᠦ ᠴᠡᠭᠡᠵᠢ ᠶᠢ ᠨᠢ ᠳᠠᠷᠤᠵᠤ ᠢᠴᠢᠭᠡᠨ ᠳᠣᠷᠤᠮᠵᠢᠯᠠᠵᠤ᠂ ᠠᠮᠢ ᠦᠭᠡᠢ ᠡᠮᠢᠶᠡᠯ ᠳᠦ ᠤᠨᠠᠭᠠᠭᠰᠠᠨ ᠮᠡᠲᠦ ᠰᠠᠨᠠᠭᠳᠠᠬᠤ ᠳᠤ᠂ ᠰᠢᠨᠠ ᠶᠢᠨ ᠰᠤᠳᠠᠰᠤ ᠨᠢ ᠬᠦᠴᠦᠲᠡᠢ ᠴᠣᠬᠢᠯᠠᠨ ᠦᠰᠦᠨ ᠦ ᠤᠭ ᠨᠢ ᠬᠠᠯᠠᠭᠤ ᠣᠷᠭᠢᠵᠤ ᠪᠠᠢᠬᠤ ᠰᠢᠭ ᠪᠣᠯᠪᠠ᠃

ᠲᠡᠭᠡᠬᠦ ᠳᠤᠨᠢ ᠡᠬᠡ ᠶᠢᠨ ᠴᠡᠭᠡᠵᠢᠨ ᠳᠦ ᠪᠦᠬᠦ ᠪᠡᠶ᠎ᠡ ᠶᠢ ᠳᠣᠩᠰᠤᠯᠭᠠᠬᠤ ᠠᠪᠤᠷᠭᠤ ᠬᠦᠴᠦᠨ ᠣᠷᠬᠢᠯᠤᠨ ᠮᠠᠨᠳᠤᠭᠠᠳ᠂ ᠥᠨᠥᠬᠢ ᠣᠯᠠᠨ ᠵᠢᠵᠢᠭ᠌ ᠪᠠᠭᠤᠷᠠᠢ ᠬᠤᠯᠵᠢᠨ ᠣᠴᠢ ᠶᠢ ᠤᠨᠲᠠᠷᠠᠭᠠᠭᠠᠳ᠂ ᠵᠠᠷᠯᠢᠭᠳᠠᠬᠤ ᠰᠢᠭ ᠢᠶᠡᠷ«ᠢᠴᠢᠭᠦᠷᠢᠲᠡᠢ︕» ᠭᠡᠵᠦ ᠥᠪᠡᠷ ᠦᠨ ᠪᠡᠶ᠎ᠡ ᠳᠡᠭᠡᠨ ᠬᠡᠯᠡᠪᠡ᠃

ᠲᠦᠳᠡᠯ ᠦᠭᠡᠢ ᠡᠬᠡ ᠶᠢᠨ ᠪᠡᠶ᠎ᠡ ᠣᠪᠤᠭ᠎ᠠ ᠵᠡᠭᠡᠭᠡᠭᠰᠡᠨ ᠴᠢᠩᠭᠠᠷᠠᠵᠤ᠄«ᠬᠦᠦ ᠪᠡᠨ ᠪᠢᠲᠡᠬᠡᠢ ᠭᠤᠲᠤᠭ᠎ᠠ︕ ᠠᠶᠤᠭᠰᠠᠨ ᠬᠥᠮᠦᠨ ᠠᠯᠠᠭ᠎ᠠ» ᠭᠡᠵᠦ ᠥᠭᠦᠯᠡᠯ᠎ᠡ᠃

ᠡᠬᠡ ᠶᠢᠨ ᠬᠠᠷᠠᠴᠠ ᠨᠢᠭᠡᠨ ᠰᠦᠷ ᠵᠢᠪᠬᠤᠭ᠎ᠠ ᠦᠭᠡᠢ ᠵᠢᠷᠦᠬᠡᠰᠢᠶᠡᠭᠰᠡᠨ ᠬᠠᠷᠠᠴᠠ ᠲᠠᠢ ᠮᠥᠷᠭᠦᠯᠳᠦᠪᠡ᠃ ᠳᠠᠷᠠᠭ᠎ᠠ ᠨᠢ ᠲᠠᠷᠢᠬᠢᠨ ᠳᠤᠨᠢ ᠷᠢᠪᠢᠨ ᠦ ᠴᠢᠷᠠᠢ ᠵᠢᠷᠦᠪᠬᠢᠨ ᠦᠵᠡᠭᠳᠡᠯ᠎ᠡ᠃ ᠭᠱᠠᠨ ᠵᠠᠭᠤᠷ᠎ᠠ ᠶᠢᠨ ᠭᠤᠢᠪᠢᠯᠵᠠᠯ ᠨᠢ ᠡᠬᠡ ᠶᠢ ᠤᠯᠠᠮ ᠴᠢᠩᠭᠠᠷᠠᠭᠤᠯᠵᠤ᠂ ᠵᠢᠷᠦᠬᠡᠨ ᠦ ᠴᠣᠬᠢᠯᠲᠠ ᠨᠢ ᠴᠤ ᠠᠭᠠᠵᠢᠮ ᠲᠠᠯᠪᠢᠭᠤᠬᠠᠨ ᠪᠣᠯᠵᠤ ᠢᠷᠡᠪᠡ᠃

«ᠣᠳᠣ ᠶᠠᠭᠤ ᠪᠣᠯᠬᠤ ᠨᠢ ᠪᠤᠢ︖» ᠭᠡᠵᠦ ᠡᠬᠡ ᠪᠣᠳᠤᠨ ᠠᠵᠢᠭᠯᠠᠯ᠎ᠠ᠃

ᠥᠨᠥᠬᠢ ᠲᠠᠩᠨᠠᠭᠤᠯᠴᠢ ᠨᠢᠭᠡᠨ ᠴᠠᠭᠳᠠᠭ᠎ᠠ ᠶᠢ ᠳᠠᠭᠤᠳᠠᠨ ᠠᠪᠴᠢᠷᠠᠵᠤ᠂ ᠡᠬᠡ ᠤᠷᠤᠭᠤ ᠨᠢᠳᠦ ᠵᠠᠷᠤᠵᠤ ᠴᠢᠬᠢᠨ ᠳᠤᠨᠢ ᠶᠠᠭᠤᠮ᠎ᠠ ᠰᠢᠪᠡᠨᠡᠬᠦ ᠳᠦ ᠴᠠᠭᠳᠠᠭ᠎ᠠ ᠡᠬᠡ ᠶᠢ ᠰᠠᠢᠨ ᠨᠢᠭᠡ ᠬᠠᠷᠠᠵᠤ ᠠᠪᠤᠭᠠᠳ ᠭᠠᠷᠴᠤ ᠶᠠᠪᠤᠪᠠ᠃ ᠪᠠᠰᠠ ᠨᠢᠭᠡ ᠴᠠᠭᠳᠠᠭ᠎ᠠ ᠲᠦᠳᠡᠯᠡᠨ ᠢᠷᠡᠵᠦ ᠲᠠᠩᠨᠠᠭᠤᠯᠴᠢ ᠶᠢᠨ ᠬᠡᠯᠡᠬᠦ ᠶᠢ ᠬᠥᠮᠦᠰᠭᠡ ᠪᠡᠨ ᠵᠠᠩᠭᠢᠳᠤᠨ ᠴᠢᠩᠨᠠᠨ᠎ᠠ᠃ ᠲᠡᠷᠡ ᠨᠢ ᠰᠠᠬᠠᠯ ᠰᠠᠮᠪᠠᠢ ᠪᠠᠨ ᠡᠷᠪᠡᠢᠯᠭᠡᠭᠰᠡᠨ ᠪᠣᠵᠠᠭᠠᠢ ᠬᠠᠵᠠᠭᠠᠢ ᠪᠡᠶ᠎ᠡ ᠲᠠᠢ ᠪᠤᠭᠤᠷᠤᠯ ᠲᠣᠯᠤᠭᠠᠢ ᠲᠠᠢ ᠡᠪᠦᠭᠡᠨ ᠪᠠᠢᠵᠠᠢ᠃ ᠡᠨᠡ ᠡᠪᠦᠭᠡᠨ ᠲᠠᠩᠨᠠᠭᠤᠯᠴᠢ ᠥᠭᠡᠳᠡ ᠲᠣᠯᠤᠭᠠᠢ ᠪᠠᠨ ᠳᠣᠬᠢᠭᠠᠳ ᠡᠬᠡ ᠶᠢᠨ ᠰᠠᠭᠤᠭ᠎ᠠ ᠰᠠᠨᠳᠠᠯᠢ ᠤᠷᠤᠭᠤ ᠶᠠᠪᠤᠬᠤ ᠳᠤ᠂ ᠲᠠᠩᠨᠠᠭᠤᠯᠴᠢ ᠬᠤᠷᠳᠤᠬᠠᠨ ᠵᠠᠢᠯᠠᠪᠠ᠃

ᠡᠪᠦᠭᠡᠨ ᠠᠭᠤᠷᠲᠠᠢ ᠨᠢᠳᠦ ᠪᠡᠷ ᠡᠬᠡ ᠶᠢ ᠰᠤᠷᠠᠭᠰᠠᠭᠠᠷ ᠶᠠᠭᠠᠷᠠᠯ ᠦᠭᠡᠢ ᠠᠯᠬᠤᠵᠤ ᠢᠷᠡᠬᠦ ᠳᠦ᠂ ᠡᠬᠡ ᠰᠠᠨᠳᠠᠯᠢ ᠤᠷᠤᠭᠤ ᠪᠠᠨ ᠯᠠᠪᠰᠢᠷᠠᠨ ᠤᠬᠤᠷᠢᠵᠤ ᠰᠠᠭᠤᠪᠠ᠃

«ᠵᠣᠳᠤᠭᠳᠠᠬᠤ ᠦᠭᠡᠢ ᠯᠡ ᠶᠤᠮ ᠪᠣᠯ ᠁»

ᠡᠪᠦᠭᠡᠨ᠂ ᠡᠬᠡ ᠶᠢᠨ ᠳᠡᠷᠭᠡᠳᠡ ᠢᠷᠡᠵᠦ ᠳᠤᠭᠤᠢ ᠵᠣᠭᠰᠤᠭᠰᠠᠨ ᠢᠶᠡᠨ ᠨᠠᠮ ᠰᠢᠷᠦᠭᠦᠨ ᠳᠠᠭᠤ ᠪᠠᠷ᠄«ᠶᠠᠭᠤ ᠬᠠᠷᠠᠭ᠎ᠠ ᠪᠤᠢ ᠴᠢ︖» ᠭᠡᠬᠦ ᠳᠦ᠂

«ᠶᠠᠭᠤ ᠴᠤ ᠬᠠᠷᠠᠭ᠎ᠠ ᠦᠭᠡᠢ᠃»

«ᠡ ᠲᠡᠢᠮᠦ ᠦᠦ᠂ ᠡᠮ᠎ᠡ ᠬᠤᠯᠠᠭᠠᠢᠴᠢ︕ ᠬᠥᠭᠰᠢᠷᠡᠴᠢᠬᠡᠭᠡᠳ ᠪᠠᠰᠠ ᠯᠠ ᠮᠠᠭᠤ ᠬᠡᠷᠡᠭ᠌ ᠢᠶᠡᠨ ᠬᠢᠭᠰᠡᠭᠡᠷ ᠦᠦ︕»

ᠡᠨᠡ ᠦᠭᠡ ᠡᠬᠡ ᠶᠢᠨ ᠨᠢᠭᠤᠷ ᠤᠷᠤᠭᠤ ᠲᠠᠰ ᠨᠢᠰ ᠬᠢᠲᠡᠯ᠎ᠡ ᠰᠢᠪᠠᠭᠳᠠᠭᠰᠠᠨ ᠠᠳᠠᠯᠢ ᠰᠠᠨᠠᠭᠳᠠᠨ᠎ᠠ᠃ ᠬᠠᠷ᠎ᠠ ᠭᠦᠵᠢᠷ ᠲᠠᠢ ᠰᠥᠭᠡᠩᠭᠢ ᠳᠠᠭᠤ ᠳᠤ ᠬᠠᠴᠠᠷ ᠨᠢ ᠤᠷᠠᠭᠳᠠᠵᠤ᠂ ᠨᠢᠳᠦ ᠨᠢ ᠰᠣᠬᠤ ᠲᠠᠰᠢᠭᠤᠷᠳᠠᠭᠳᠠᠭᠰᠠᠨ ᠮᠡᠲᠦ ᠡᠪᠡᠳᠴᠦ ᠪᠠᠢᠯ᠎ᠠ᠃

«ᠪᠢ ᠦᠦ︖ ᠪᠢ ᠬᠤᠯᠠᠭᠠᠢᠴᠢ ᠡᠮ᠎ᠡ ᠪᠢᠰᠢ᠂ ᠴᠢ ᠬᠤᠳᠠᠯ ᠳᠣᠩᠭᠤᠰ︕» ᠭᠡᠵᠦ ᠡᠬᠡ ᠪᠦᠬᠦ ᠪᠡᠶ᠎ᠡ ᠶᠢᠨ ᠬᠦᠴᠦ ᠪᠡᠨ ᠰᠢᠪᠬᠠᠵᠤ ᠬᠠᠰᠭᠢᠷᠪᠠ᠃ ᠡᠬᠡ ᠶᠢᠨ ᠨᠢᠳᠦᠨ ᠡᠮᠦᠨᠡᠬᠢ ᠠᠯᠢᠪᠠ ᠪᠦᠬᠦᠨ ᠲᠡᠭᠦᠨ ᠦ ᠬᠢᠯᠢᠩᠨᠡᠭᠰᠡᠨ ᠠᠭᠤᠷ ᠲᠤ ᠳᠡᠷᠪᠢᠨ ᠡᠷᠭᠢᠯᠳᠦᠵᠦ᠂ ᠬᠡᠭᠦᠳᠡᠭ᠌ ᠴᠡᠭᠡᠵᠢᠨ ᠳᠤᠨᠢ ᠳᠣᠷᠤᠮᠵᠢᠯᠠᠯ ᠢ ᠬᠦᠷᠲᠡᠭᠰᠡᠨ ᠮᠡᠲᠦ ᠡᠪ ᠦᠭᠡᠢ ᠣᠷᠭᠢᠨ᠎ᠠ᠃ ᠡᠬᠡ ᠬᠠᠢᠷᠴᠠᠭ ᠢᠶᠡᠨ ᠬᠦᠴᠦᠲᠡᠢᠬᠡᠨ ᠲᠠᠲᠠᠵᠤ ᠬᠠᠪᠬᠠᠭ ᠢ ᠨᠢ ᠨᠡᠭᠡᠭᠡᠭᠡᠳ᠄

«ᠴᠢ ᠦᠵᠡ ᠳ᠋ᠠ︕ ᠪᠦᠭᠦᠳᠡᠭᠡᠷ ᠢᠶᠡᠨ ᠦᠵᠡᠵᠡᠭᠡ︕» ᠭᠡᠳ ᠪᠣᠰᠤᠨ ᠵᠣᠭᠰᠤᠵᠤ᠂ ᠨᠢᠭᠡ ᠪᠤᠭᠤᠳᠠᠯ ᠤᠬᠠᠭᠤᠯᠬᠤ ᠬᠠᠭᠤᠳᠠᠰᠤ ᠶᠢ ᠪᠠᠷᠢᠨ ᠲᠣᠯᠤᠭᠠᠢ ᠳᠡᠭᠡᠭᠦᠷ ᠢᠶᠡᠨ ᠬᠤᠷᠤᠯᠵᠠᠭᠤᠯᠤᠨ ᠬᠠᠰᠭᠢᠷᠪᠠ᠃ ᠡᠬᠡ ᠴᠢᠬᠢ ᠶᠢᠨ ᠬᠠᠵᠠᠭᠤᠳᠠᠬᠢ ᠱᠤᠤᠭᠢᠬᠤ ᠴᠢᠮᠡᠭᠡ ᠶᠢᠨ ᠴᠢᠨᠠᠳᠤᠬᠢ ᠴᠤᠭᠯᠠᠷᠠᠵᠤ ᠢᠷᠡᠭᠰᠡᠨ ᠬᠥᠮᠦᠰ ᠦᠨ ᠪᠠᠷᠬᠢᠷᠠᠬᠤ ᠳᠠᠭᠤᠨ ᠢ ᠣᠯᠵᠤ ᠰᠣᠨᠤᠰᠤᠭᠰᠠᠨ ᠪᠥᠭᠡᠳ ᠵᠦᠭ᠌ ᠪᠦᠬᠦᠨ ᠡᠴᠡ ᠭᠦᠶᠦᠯᠳᠦᠨ ᠢᠷᠡᠬᠦ ᠬᠥᠮᠦᠰ ᠢ ᠣᠯᠵᠤ ᠬᠠᠷᠠᠪᠠ᠃

«ᠶᠠᠭᠤ ᠪᠣᠯᠪᠠ︖»

«ᠲᠡᠷᠡ ᠲᠠᠩᠨᠠᠭᠤᠯᠴᠢ ᠁»

«ᠡᠨᠡ ᠶᠠᠭᠠᠬᠢᠪᠠ︖»

«ᠡᠨᠡ ᠡᠮᠡᠭᠲᠡᠢ ᠶᠢ ᠬᠤᠯᠠᠭᠠᠢ ᠬᠢᠭᠰᠡᠨ ᠭᠡᠵᠦ ᠪᠠᠢᠨ᠎ᠠ ᠁»

«ᠡᠢᠮᠦ ᠲᠣᠮᠤᠭᠠᠲᠠᠢ ᠬᠥᠮᠦᠨ ᠪᠠᠢᠲᠠᠯ᠎ᠠ ᠪᠠᠨ᠂ ᠡᠨᠡ ᠪᠠᠰᠠ ᠳ᠋ᠠ︕» ᠭᠡᠯᠴᠡᠨ᠎ᠡ᠃

«ᠪᠢ ᠬᠤᠯᠠᠭᠠᠢᠴᠢ ᠡᠮ᠎ᠡ ᠪᠢᠰᠢ︕» ᠭᠡᠵᠦ ᠡᠬᠡ ᠴᠢᠩᠭ᠎ᠠ ᠳᠠᠭᠤ ᠪᠠᠷ ᠥᠭᠦᠯᠡᠨ ᠲᠠᠯ᠎ᠠ ᠲᠠᠯ᠎ᠠ ᠡᠴᠡ ᠴᠢᠬᠢᠯᠳᠦᠨ ᠲᠡᠮᠡᠦᠯᠬᠦ ᠬᠥᠮᠦᠰ ᠦᠨ ᠪᠠᠷ᠎ᠠ ᠳᠤ ᠪᠠᠬᠠᠨ ᠠᠭᠤᠵᠢᠷᠠᠵᠤ᠄

«ᠥᠴᠦᠭᠡᠳᠦᠷ ᠤᠯᠤᠰ ᠲᠥᠷᠦ ᠶᠢᠨ ᠶᠠᠯᠠᠲᠠᠳ ᠢ ᠰᠢᠳᠭᠡᠭᠰᠡᠨ᠂ᠮᠢᠨᠦ ᠬᠦᠦ ᠸᠯᠠᠰᠤᠪ ᠲᠡᠳᠡᠨ ᠦ ᠳᠣᠲᠤᠷ᠎ᠠ ᠪᠠᠢᠭᠰᠠᠨ ᠶᠤᠮ᠃ᠮᠢᠨᠦ ᠬᠦᠦ ᠰᠢᠭᠦᠬᠦ ᠭᠠᠵᠠᠷ ᠶᠠᠷᠢᠶ᠎ᠠ ᠲᠠᠯᠪᠢᠭᠰᠠᠨ᠂ ᠡᠨᠡ ᠪᠣᠯ ᠲᠡᠭᠦᠨ ᠦ ᠶᠠᠷᠢᠶᠠᠨ ᠤ ᠡᠬᠡ ᠨᠤᠤᠷᠠᠭ ᠮᠥᠨ᠃ ᠪᠢ ᠣᠯᠠᠨ ᠲᠦᠮᠡᠨ ᠳᠦ ᠬᠦᠷᠭᠡᠵᠦ ᠶᠠᠪᠤᠨ᠎ᠠ᠃ ᠠᠮᠢᠲᠠᠨ ᠣᠯᠠᠨ ᠢᠶᠡᠷ ᠢᠶᠡᠨ ᠤᠩᠰᠢᠭ︕ ᠦᠨᠡᠨ ᠶᠣᠰᠤ ᠭᠡᠭᠴᠢ ᠶᠢ ᠪᠣᠳᠤᠭ ᠁» ᠭᠡᠵᠦ ᠬᠡᠯᠡᠪᠡ᠃

ᠨᠢᠭᠡ ᠬᠥᠮᠦᠨ ᠭᠠᠷ ᠲᠡᠬᠢ ᠪᠢᠴᠢᠭ᠌ ᠡᠴᠡ ᠨᠢ ᠬᠡᠳᠦ ᠶᠢ ᠠᠶᠠᠷᠬᠠᠨ ᠲᠠᠲᠠᠬᠤ ᠳᠤ᠂ ᠡᠬᠡ ᠪᠠᠷᠢᠭᠰᠠᠨ ᠪᠢᠴᠢᠭ᠌ ᠦᠳ ᠢᠶᠡᠨ ᠬᠡᠢ ᠳᠡᠭᠡᠷ᠎ᠡ ᠡᠷᠭᠢᠭᠦᠯᠦᠨ ᠣᠯᠠᠨ ᠤ ᠵᠦᠭ᠌ ᠰᠢᠳᠡᠵᠦ ᠣᠷᠬᠢᠯ᠎ᠠ᠃

«ᠢᠩᠭᠢᠭᠰᠡᠨ ᠳᠦ ᠴᠢᠨᠢ ᠱᠠᠩ ᠥᠭᠬᠦ ᠦᠭᠡᠢ ᠶᠤᠮ ᠳ᠋ᠠ︕» ᠭᠡᠵᠦ ᠨᠢᠭᠡᠨ ᠬᠥᠮᠦᠨ ᠦ ᠡᠮᠢᠶᠡᠮᠡᠲᠡᠭᠡᠢ ᠳᠠᠭᠤ ᠭᠠᠷᠪᠠ᠃ ᠬᠥᠮᠦᠰ ᠪᠢᠴᠢᠭ᠌ ᠢ ᠡᠨᠳᠡ ᠲᠡᠨᠳᠡ ᠡᠴᠡ ᠰᠢᠭᠦᠷᠦᠨ ᠠᠪᠴᠤ ᠡᠪᠦᠷ ᠬᠠᠷᠮᠠᠨ ᠤᠷᠤᠭᠤ ᠪᠠᠨ ᠰᠢᠷᠭᠤᠭᠤᠯᠵᠤ ᠪᠠᠢᠬᠤ ᠶᠢ ᠡᠬᠡ ᠬᠠᠷᠠᠭᠠᠳ ᠴᠣᠭ ᠵᠢᠪᠬᠤᠭ᠎ᠠ ᠲᠠᠢ ᠪᠣᠯᠪᠠ᠃ ᠡᠬᠡ ᠶᠢᠨ ᠪᠡᠶ᠎ᠡ ᠴᠢᠩᠭᠠᠷᠠᠵᠤ᠂ ᠤᠬᠠᠮᠰᠠᠷᠠᠭᠰᠠᠨ ᠣᠮᠤᠭ ᠪᠠᠬᠠᠲᠤᠯ ᠬᠡᠭᠦᠳᠡᠭ᠌ ᠴᠡᠭᠡᠵᠢᠨ ᠳᠤᠨᠢ ᠪᠤᠢ ᠪᠣᠯᠵᠤ᠂ ᠳᠠᠷᠤᠭᠳᠠᠵᠤ ᠳᠠᠯᠳᠠᠯᠠᠭᠳᠠᠭᠰᠠᠨ ᠪᠠᠶᠠᠷ ᠪᠠᠶᠠᠰᠤᠯ ᠳᠦᠷᠡᠯᠵᠡᠵᠦ᠂ ᠲᠡᠭᠦᠨ ᠦ ᠶᠠᠷᠢᠶ᠎ᠠ ᠨᠢ ᠤᠯᠠᠮ ᠯᠠᠪᠳᠠᠭᠤᠨ ᠲᠣᠭᠲᠠᠭᠤᠨ᠂ ᠢᠳᠡᠯᠢᠭ᠌ ᠬᠦᠴᠦᠲᠡᠢ ᠪᠣᠯᠵᠠᠢ᠃ ᠡᠬᠡ ᠬᠠᠢᠷᠴᠠᠭ ᠡᠴᠡ ᠪᠡᠨ ᠤᠬᠠᠭᠤᠯᠬᠤ ᠬᠠᠭᠤᠳᠠᠰᠤ ᠪᠠᠨ ᠠᠭᠤᠳᠠᠯᠤᠨ ᠭᠠᠷᠭᠠᠵᠤ ᠵᠡᠭᠦᠨ ᠪᠠᠷᠠᠭᠤᠨ ᠳᠡᠬᠢ ᠰᠠᠷᠪᠠᠢᠵᠤ ᠪᠠᠢᠭ᠎ᠠ ᠣᠯᠠᠨ ᠭᠠᠷ ᠤᠷᠤᠭᠤ ᠬᠠᠶᠠᠯᠠᠵᠤ᠄

«ᠮᠢᠨᠦ ᠬᠦᠦ ᠪᠣᠯᠤᠨ ᠲᠡᠳᠡ ᠪᠦᠭᠦᠳᠡ ᠶᠠᠮᠠᠷ ᠬᠡᠷᠡᠭ ᠲᠦ ᠰᠢᠳᠭᠡᠭᠳᠡᠭᠰᠡᠨ ᠪᠤᠢ︖ ᠲᠠ ᠨᠠᠷ ᠮᠡᠳᠡᠬᠦ ᠦᠦ︖ ᠪᠢ ᠬᠡᠯᠡᠵᠦ ᠥᠭᠭᠦᠶ᠎ᠡ᠂ ᠬᠠᠷᠢᠨ ᠲᠠ ᠨᠠᠷ ᠡᠬᠡ ᠬᠥᠮᠦᠨ ᠦ ᠰᠡᠳᠭᠢᠯ ᠵᠢᠷᠦᠬᠡ᠂ ᠪᠤᠭᠤᠷᠤᠯ ᠲᠣᠯᠤᠭᠠᠢ ᠳᠤᠨᠢ ᠢᠲᠡᠭᠡᠭᠡᠷᠡᠢ᠃ ᠪᠢ ᠲᠠ ᠨᠠᠷ ᠲᠤ ᠬᠡᠯᠡᠵᠦ ᠥᠭᠭᠦᠶ᠎ᠡ᠂ ᠲᠡᠳᠡ ᠲᠠ ᠪᠦᠭᠦᠳᠡ ᠳᠦ ᠦᠨᠡᠨ ᠶᠣᠰᠤ ᠶᠢ ᠳᠠᠮᠵᠢᠭᠤᠯᠵᠤ ᠥᠭᠬᠦ ᠭᠡᠵᠦ ᠪᠠᠢᠭᠠᠳ ᠥᠴᠦᠭᠡᠳᠦᠷ ᠰᠢᠳᠭᠡᠭᠳᠡᠭᠰᠡᠨ ᠰᠢᠦ︕ ᠡᠨᠡ ᠬᠦ ᠦᠨᠡᠨ ᠶᠣᠰᠤ ᠶᠢ ᠬᠡᠨ ᠴᠦ ᠭᠡᠳ ᠡᠰᠡᠷᠭᠦᠴᠡᠵᠦ ᠴᠢᠳᠠᠬᠤ ᠦᠭᠡᠢ ᠭᠡᠳᠡᠭ ᠢ ᠪᠢ ᠥᠴᠦᠭᠡᠳᠦᠷ ᠰᠠᠶᠢ ᠯᠠ ᠮᠡᠳᠡᠯ᠎ᠡ᠂ ᠬᠡᠨ ᠴᠦ ᠲᠡᠭᠦᠨ ᠢ ᠡᠰᠡᠷᠭᠦᠴᠡᠵᠦ ᠴᠢᠳᠠᠬᠤ ᠦᠭᠡᠢ᠂ ᠬᠡᠨ ᠴᠦ ᠴᠢᠳᠠᠬᠤ ᠦᠭᠡᠢ︕» ᠬᠡᠪᠡ᠃

ᠣᠯᠠᠨ ᠬᠥᠮᠦᠨ ᠨᠠᠮ ᠭᠦᠮ ᠪᠣᠯᠵᠤ᠂ ᠡᠬᠡ ᠶᠢᠨ ᠲᠣᠭᠤᠷᠢᠨ ᠳᠤ ᠰᠢᠬᠠᠯᠳᠤᠵᠤ᠂ ᠬᠠᠰᠢᠶᠠᠯᠠᠭᠰᠠᠨ ᠮᠡᠲᠦ ᠪᠡᠷ ᠡᠬᠡ ᠶᠢ ᠳᠤᠮᠳᠠ ᠪᠠᠨ ᠪᠢᠲᠡᠭᠦᠦ ᠬᠦᠷᠢᠶᠡᠯᠡᠯ᠎ᠡ᠃

«ᠶᠠᠳᠠᠭᠤ ᠬᠣᠭᠤᠰᠤᠨ᠂ ᠥᠯᠦᠰᠭᠦᠯᠡᠩ ᠨᠢᠴᠦᠭᠦᠨ᠂ ᠡᠪᠡᠳᠴᠢᠨ ᠳᠠᠬᠤᠯ ᠵᠡᠷᠭᠡ ᠨᠢ ᠳᠠᠷᠤᠢ ᠲᠠ ᠨᠠᠷ ᠤᠨ ᠬᠥᠳᠡᠯᠮᠦᠷᠢ ᠶᠢᠨ ᠬᠠᠷᠠᠮᠵᠢ ᠶᠤᠮ᠃ ᠭᠡᠲᠡᠯ᠎ᠡ ᠡᠨᠡ ᠪᠦᠬᠦᠨ ᠨᠢ ᠮᠠᠨ ᠤ ᠳᠠᠢᠰᠤᠨ ᠮᠥᠨ᠂ ᠪᠢᠳᠡ ᠨᠠᠰᠤ ᠪᠠᠷ ᠢᠶᠡᠨ ᠬᠥᠳᠡᠯᠮᠦᠷᠢ ᠶᠢᠨ ᠳᠤᠮᠳᠠ᠂ ᠪᠣᠬᠢᠷ ᠪᠤᠷᠲᠠᠭ ᠤᠨ ᠳᠣᠲᠤᠷ᠎ᠠ᠂ ᠬᠠᠭᠤᠷᠲᠠᠭᠳᠠᠯ ᠮᠡᠬᠡᠯᠡᠭᠳᠡᠯ ᠦᠨ ᠳᠣᠲᠤᠷ᠎ᠠ ᠠᠮᠢᠳᠤᠷᠠᠵᠤ᠂ ᠨᠢᠭᠡ ᠨᠢᠭᠡ ᠡᠳᠦᠷ ᠢᠶᠡᠷ ᠥᠪᠡᠷ ᠦᠨ ᠠᠮᠢ ᠨᠠᠰᠤ ᠪᠠᠨ ᠪᠣᠯᠠᠰᠢᠯᠠᠵᠤ ᠪᠠᠢᠨ᠎ᠠ᠃ ᠭᠡᠲᠡᠯ᠎ᠡ ᠪᠤᠰᠤᠳ ᠬᠥᠮᠦᠨ ᠬᠠᠷᠢᠨ ᠮᠠᠨ ᠤ ᠬᠥᠯᠦᠰᠦ ᠴᠢᠰᠤ ᠪᠠᠷ ᠵᠢᠷᠭᠠᠯ ᠴᠡᠩᠭᠡᠯ ᠢᠶᠡᠨ ᠪᠠᠢᠭᠤᠯᠵᠤ᠂ ᠠᠮᠤᠷ ᠵᠢᠮᠤᠷ ᠵᠢᠷᠭᠠᠵᠤ ᠪᠠᠢᠨ᠎ᠠ᠃ ᠪᠢᠳᠡ ᠡᠭᠡᠭᠡ ᠯᠡ ᠬᠣᠷᠢᠭᠳᠠᠵᠤ ᠴᠤᠤᠵᠢᠯᠠᠭᠳᠠᠭᠰᠠᠨ ᠨᠣᠬᠠᠢ ᠰᠢᠭ ᠨᠢᠭᠡ ᠨᠠᠰᠤ ᠪᠠᠷ ᠢᠶᠡᠨ ᠮᠣᠩᠬᠠᠭ ᠪᠠᠯᠠᠢ ᠪᠣᠯᠤᠨ ᠡᠮᠢᠶᠡᠯ ᠰᠦᠷᠳᠡᠭᠦᠯᠦᠯ ᠦᠨ ᠳᠣᠲᠤᠷ᠎ᠠ ᠠᠮᠢᠳᠤᠷᠠᠵᠤ᠂ ᠶᠠᠭᠤ ᠶᠢ ᠴᠤ ᠤᠬᠠᠵᠤ ᠮᠡᠳᠡᠬᠦ ᠦᠭᠡᠢ᠂ ᠶᠠᠭᠤ ᠪᠦᠬᠦᠨ ᠡᠴᠡ ᠠᠶᠤᠨ ᠵᠢᠷᠦᠬᠡᠰᠢᠶᠡᠬᠦ ᠪᠣᠯᠤᠭᠰᠠᠨ ᠪᠠᠢᠨ᠎ᠠ᠃ ᠮᠠᠨ ᠤ ᠠᠮᠢᠳᠤᠷᠠᠯ ᠪᠣᠯ ᠳᠠᠷᠤᠢ ᠬᠠᠷᠠᠩᠭᠤᠢ ᠰᠦᠨᠢ᠂ ᠪᠠᠯᠠᠷ ᠬᠠᠷᠠᠩᠭᠤᠢ ᠰᠦᠨᠢ ᠮᠥᠨ︕»

«ᠲᠡᠢᠮᠦ ᠪᠠᠢᠨ᠎ᠠ︕» ᠭᠡᠵᠦ ᠨᠢᠭᠡ ᠨᠢ ᠨᠦᠰᠡᠷ ᠳᠠᠭᠤ ᠪᠠᠷ ᠬᠡᠯᠡᠪᠡ᠃

«ᠠᠮᠠ ᠶᠢ ᠨᠢ ᠲᠠᠭᠯᠠ᠂ ᠴᠢᠨᠠᠳᠤᠬᠢ ᠪᠠᠨ︕»

ᠪᠥᠭᠡᠮᠨᠡᠷᠡᠭᠰᠡᠨ ᠣᠯᠠᠨ ᠤ ᠠᠷᠤ ᠳᠤ ᠥᠨᠥᠬᠢ ᠲᠠᠩᠨᠠᠭᠤᠯᠴᠢ᠂ ᠬᠣᠶᠠᠷ ᠴᠡᠷᠢᠭ᠌ ᠦᠨ ᠴᠠᠭᠳᠠᠭ᠎ᠠ ᠲᠠᠢ ᠪᠠᠢᠬᠤ ᠶᠢ ᠡᠬᠡ ᠠᠵᠢᠭᠯᠠᠭᠠᠳ᠂ ᠰᠡᠭᠦᠯᠴᠢ ᠶᠢᠨ ᠬᠠᠭᠤᠳᠠᠰᠤ ᠨᠤᠭᠤᠳ ᠢᠶᠡᠨ ᠥᠭᠴᠦ ᠳᠠᠭᠤᠰᠭᠠᠬᠤ ᠭᠡᠵᠦ ᠶᠠᠭᠠᠷᠠᠨ᠂ ᠭᠠᠷ ᠢᠶᠡᠨ ᠳᠣᠭᠤᠭᠰᠢ ᠪᠣᠯᠭᠠᠨ ᠬᠠᠢᠷᠴᠠᠭ ᠲᠠᠭᠠᠨ ᠬᠢᠲᠡᠯ᠎ᠡ᠂ ᠥᠭᠡᠷ᠎ᠡ ᠬᠥᠮᠦᠨ ᠦ ᠭᠠᠷ ᠲᠠᠭᠠᠷᠢᠯᠳᠤᠭᠰᠠᠨ ᠳᠤ᠄

«ᠠᠪᠴᠠᠭ᠎ᠠ᠂ ᠠᠪᠴᠠᠭ᠎ᠠ︕» ᠭᠡᠵᠦ ᠡᠬᠡ ᠪᠥᠬᠦᠢᠭᠰᠡᠭᠡᠷ ᠬᠡᠯᠡᠨ᠎ᠡ᠃

«ᠲᠠᠷᠠᠵᠠᠭ᠎ᠠ︕» ᠭᠡᠵᠦ ᠥᠨᠥᠬᠢ ᠴᠠᠭᠳᠠᠭ᠎ᠠ ᠬᠠᠰᠭᠢᠷᠤᠭᠰᠠᠨ ᠳᠤ ᠬᠥᠮᠦᠰ ᠶᠠᠪᠤᠬᠤ ᠳᠤᠷ᠎ᠠ ᠦᠭᠡᠢ ᠪᠠᠢᠭᠰᠠᠨ ᠴᠤ ᠠᠷᠭ᠎ᠠ ᠪᠤᠰᠤ ᠳᠤᠷ᠎ᠠ ᠦᠭᠡᠢ ᠲᠠᠷᠠᠨ ᠶᠠᠪᠤᠬᠤ ᠳ᠋ᠠᠭᠠᠨ ᠴᠠᠭᠳᠠᠭ᠎ᠠ ᠲᠠᠢ ᠮᠥᠷᠭᠦᠯᠳᠦᠵᠦ᠂ ᠡᠬᠡ ᠶᠢᠨ ᠵᠦᠭ᠌ ᠢᠷᠡᠬᠦ ᠶᠢ ᠨᠢ ᠬᠠᠷᠰᠢᠯᠠᠵᠤ ᠪᠠᠢᠪᠠ᠃ ᠡᠨᠡ ᠬᠦ ᠠᠵᠢᠯᠯᠠᠭ᠎ᠠ ᠨᠢ ᠰᠠᠨᠠᠭᠠᠴᠢᠯᠠᠭ᠎ᠠ ᠲᠠᠢ ᠪᠢᠰᠢ ᠪᠠᠢᠭᠰᠠᠨ ᠴᠤ ᠮᠠᠭᠠᠳ᠃ ᠴᠤᠭᠯᠠᠷᠠᠭᠰᠠᠨ ᠣᠯᠠᠨ ᠡᠨᠡ ᠬᠦ ᠬᠣᠩᠭᠤᠷ ᠳᠥᠯᠭᠡᠬᠡᠨ ᠴᠢᠷᠠᠢ ᠲᠠᠢ᠂ ᠰᠢᠳᠤᠷᠭᠤ ᠲᠣᠮᠤ ᠨᠢᠳᠦ ᠲᠠᠢ ᠪᠤᠭᠤᠷᠤᠯ ᠲᠣᠯᠤᠭᠠᠢ ᠲᠠᠢ ᠨᠠᠰᠤᠲᠠᠨ ᠳᠤ ᠬᠦᠴᠦᠲᠡᠢ ᠲᠠᠲᠠᠭᠳᠠᠵᠠᠢ᠃ ᠲᠡᠳᠡ ᠶᠡᠷᠦ ᠨᠢ ᠠᠮᠢᠳᠤᠷᠠᠯ ᠤᠨ ᠡᠷᠬᠡᠨ ᠳᠦ ᠬᠠᠷᠢᠯᠴᠠᠨ ᠲᠤᠰᠠᠭᠠᠷᠯᠠᠭᠳᠠᠵᠤ ᠪᠠᠢᠭᠰᠠᠨ ᠪᠣᠯᠪᠠᠴᠤ ᠣᠳᠣ ᠨᠢᠭᠡᠨᠲᠡ ᠡᠬᠡ ᠶᠢᠨ ᠬᠠᠯᠠᠭᠤᠨ ᠳᠣᠲᠤᠨᠤ ᠶᠠᠷᠢᠶᠠᠨ ᠳᠤ ᠨᠥᠯᠦᠭᠡᠯᠡᠭᠳᠡᠨ ᠵᠣᠷᠢᠭᠵᠢᠵᠤ᠂ ᠨᠢᠭᠡ ᠴᠣᠭᠴᠠ ᠪᠣᠯᠤᠭᠰᠠᠨ ᠪᠠᠢᠨ᠎ᠠ᠃ ᠡᠳᠡᠭᠡᠷ ᠦᠭᠡ ᠨᠢ ᠲᠡᠳᠡᠭᠡᠷ ᠲᠡᠭᠰᠢ ᠪᠣᠰᠤ ᠠᠮᠢᠳᠤᠷᠠᠯ ᠢ ᠬᠢᠵᠤ ᠭᠤᠲᠤᠭᠠᠯ ᠳᠣᠷᠤᠮᠵᠢᠯᠠᠯ ᠢ ᠬᠦᠷᠲᠡᠵᠦ ᠪᠠᠢᠭᠰᠠᠨ ᠬᠥᠮᠦᠰ ᠦᠨ ᠠᠯᠢ ᠬᠡᠳᠦᠢᠨ ᠡᠴᠡ ᠬᠥᠭᠡᠭᠡᠴᠡᠯᠳᠦᠨ᠂ ᠡᠷᠡᠮᠡᠯᠵᠡᠨ ᠬᠦᠰᠡᠵᠦ ᠪᠠᠢᠭᠰᠠᠨ ᠵᠦᠢᠯ ᠪᠠᠢᠵᠤ ᠴᠤ ᠮᠠᠭᠠᠳ᠃ ᠳᠡᠷᠭᠡᠳᠡ ᠨᠢ ᠣᠢᠷᠠᠬᠠᠨ ᠵᠣᠭᠰᠤᠭᠴᠢᠳ ᠳᠠᠭᠤ ᠦᠭᠡᠢ ᠳᠤᠭᠤᠢ ᠪᠠᠢᠬᠤ ᠳᠤ ᠡᠬᠡ ᠲᠡᠳᠡᠨ ᠦ ᠰᠢᠨᠤᠨ ᠠᠩᠬᠠᠷᠴᠤ ᠪᠠᠢᠬᠤ ᠳᠣᠲᠤᠨᠤᠰᠤᠭ ᠬᠠᠷᠠᠴᠠ ᠶᠢ ᠬᠠᠷᠠᠭᠠᠳ ᠪᠦᠯᠢᠶᠡᠨ ᠠᠮᠢᠰᠭᠤᠯ ᠨᠢᠭᠤᠷ ᠳᠡᠭᠡᠷ᠎ᠡ ᠨᠢ ᠢᠷᠡᠵᠦ ᠪᠠᠢᠭ᠎ᠠ ᠶᠢ ᠮᠡᠳᠡᠷᠡᠪᠡ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082