ᠮᠣᠩᠭᠣᠯ ᠪᠢᠴᠢᠭ᠌

ᠡᠷᠢᠶ᠎ᠡ  
ᠪᠤᠴᠠᠬᠤ

ᠰᠠᠷᠠᠭᠤᠯ ᠨᠤᠲᠤᠭ ᠤᠨ ᠬᠦᠦ

ᠠ᠊᠂ ᠣᠳᠽᠠᠷ

ᠳᠣᠯᠤᠭ᠎ᠠ

ᠪᠠᠲᠤᠰᠦ᠋ᠬᠡ ᠨᠢᠳᠦ ᠪᠡᠨ ᠠᠯᠭᠤᠷ ᠨᠡᠭᠡᠭᠡᠪᠡ᠃ ᠪᠠᠢᠰᠢᠩ ᠭᠡᠷ ᠦᠨ ᠰᠢᠷᠡᠭᠡᠨ ᠳᠡᠭᠡᠷ᠎ᠡ ᠯᠠᠪ ᠤᠨ ᠭᠡᠷᠡᠯ ᠰᠠᠴᠤᠷᠠᠵᠤ᠂ ᠴᠠᠭᠠᠨ ᠬᠤᠪᠴᠠᠰᠤ ᠲᠠᠢ ᠡᠮᠴᠢ ᠬᠠᠵᠠᠭᠤ ᠳᠤᠨᠢ ᠵᠣᠭᠰᠤᠵᠤ ᠪᠠᠢᠪᠠ᠃ ᠰᠠᠨᠴᠢᠭ ᠤᠨ ᠦᠰᠦ ᠨᠢ ᠬᠤᠢᠬᠠᠯᠠᠭᠳᠠᠭᠰᠠᠨ ᠰᠠᠢᠬᠠᠨ ᠬᠡᠦᠬᠡᠨ ᠠᠶᠠᠭ᠎ᠠ ᠲᠠᠢ ᠤᠰᠤ ᠪᠠᠷᠢᠭᠠᠳ ᠪᠠᠲᠤᠰᠦ᠋ᠬᠡ ᠶᠢᠨ ᠳᠡᠷᠭᠡᠲᠡ ᠵᠣᠭᠰᠤᠨ᠎ᠠ᠃

ᠲᠡᠷᠲᠡᠭᠡ ᠬᠠᠨᠵᠤᠨ ᠪᠣᠯᠤᠩ ᠳᠤ ᠬᠥᠭᠰᠢᠨ ᠡᠵᠢ ᠬᠦᠦ ᠪᠡᠨ ᠲᠡᠪᠡᠷᠢᠵᠦ ᠰᠠᠭᠤᠨ᠎ᠠ᠃ ᠲᠣᠯᠤᠭᠠᠢ ᠳᠠᠭᠠᠨ ᠴᠠᠭᠠᠨ ᠣᠷᠢᠶᠠᠯᠲᠠ ᠲᠠᠢ ᠬᠡᠦᠬᠡᠳ ᠪᠢᠴᠢᠬᠠᠨ ᠭᠠᠷ ᠢᠶᠡᠨ ᠰᠠᠪᠠᠯᠵᠠᠭᠤᠯᠤᠨ ᠪᠠᠲᠤᠰᠦ᠋ᠬᠡ ᠶᠢᠨ ᠵᠦᠭ᠌ ᠬᠠᠷᠠᠵᠤ ᠵᠤᠤᠮᠠᠭ ᠵᠤᠤᠮᠠᠭ ᠢᠨᠢᠶᠡᠬᠦ ᠳᠦ ᠪᠠᠲᠤᠰᠦ᠋ᠬᠡ ᠬᠡᠳᠦᠢ ᠪᠡᠷ ᠪᠦᠬᠦ ᠪᠡᠶ᠎ᠡ ᠨᠢ ᠬᠠᠯᠠᠭᠤᠨ ᠣᠷᠭᠢᠵᠤ ᠰᠢᠲᠠᠭᠳᠠᠭᠰᠠᠨ ᠰᠢᠷᠬ᠎ᠠ ᠨᠢ ᠬᠠᠳᠭᠤᠯᠠᠨ ᠡᠪᠡᠳᠪᠡᠴᠦ ᠴᠢᠷᠠᠢ ᠳᠤᠨᠢ ᠢᠨᠢᠶᠡᠮᠰᠦᠭᠯᠡᠭᠰᠡᠨ ᠳᠦᠷᠢ ᠣᠷᠤᠪᠠ᠃ ᠲᠡᠷᠡ᠂ ᠡᠨᠡ ᠦᠶ᠎ᠡ ᠳᠦ ᠳᠠᠢᠰᠤᠨ ᠤ ᠬᠦᠨᠳᠦ ᠫᠦᠯᠧᠮᠧᠲ ᠢ ᠣᠯᠵᠠᠯᠠᠭᠰᠠᠨ ᠡᠴᠡ ᠳᠣᠷᠤ ᠦᠭᠡᠢ ᠪᠠᠶᠠᠷᠯᠠᠵᠤ ᠴᠡᠭᠡᠵᠢᠨ ᠳᠣᠲᠤᠷ᠎ᠠ ᠨᠢ ᠲᠤᠢᠯ ᠦᠨ ᠰᠠᠷᠠᠭᠤᠯ ᠲᠤᠩᠭᠠᠯᠠᠭ ᠰᠠᠨᠠᠭᠳᠠᠪᠠ᠃ ᠲᠡᠷᠡ᠂ ᠬᠣᠶᠠᠷ ᠭᠠᠷ ᠢᠶᠡᠨ ᠰᠠᠷᠪᠠᠢᠵᠤ ᠠᠶᠠᠭ᠎ᠠ ᠲᠠᠢ ᠤᠰᠤ ᠶᠢ ᠠᠪᠬᠤ ᠳᠤ᠂ ᠵᠡᠭᠦᠨ ᠭᠠᠷ ᠢ ᠨᠢ ᠬᠦᠨᠳᠦ ᠶᠠᠭᠤᠮ᠎ᠠ ᠪᠠᠷ ᠳᠠᠷᠤᠭᠰᠠᠨ ᠰᠢᠭ ᠰᠠᠨᠠᠭ᠎ᠠ ᠶᠢ ᠨᠢ ᠳᠠᠭᠠᠬᠤ ᠦᠭᠡᠢ ᠪᠣᠯᠵᠠᠢ᠃ ᠪᠠᠷᠠᠭᠤᠨ ᠭᠠᠷ ᠢᠶᠡᠷ ᠢᠶᠡᠨ ᠠᠶᠠᠭᠠᠨ ᠤ ᠬᠥᠪᠡᠭᠡᠨ ᠡᠴᠡ ᠠᠳᠭᠤᠭᠠᠳ᠂ ᠬᠣᠶᠠᠷ ᠭᠠᠷ ᠲᠣᠯᠤᠭᠠᠢ ᠲᠦᠷᠦᠭᠦᠦ ᠶᠢ ᠨᠢ ᠴᠦᠮ ᠴᠠᠭᠠᠨ ᠪᠥᠰ ᠢᠶᠡᠷ ᠣᠷᠢᠶᠠᠭᠰᠠᠨ ᠢ ᠣᠯᠵᠤ ᠮᠡᠳᠡᠪᠡ᠃

ᠨᠢᠭᠡ ᠪᠠᠢᠯᠳᠤᠭᠴᠢ ᠲᠡᠭᠦᠨ ᠦ ᠬᠠᠵᠠᠭᠤ ᠳᠤ ᠰᠠᠭᠤᠵᠤ᠂ ᠡᠨᠡ ᠡᠳᠦᠷ ᠦᠨ ᠪᠠᠢᠯᠳᠤᠭᠠᠨ ᠤ ᠥᠩᠭᠡᠷᠡᠭᠡᠯ ᠢ ᠶᠠᠷᠢᠵᠤ ᠪᠠᠢᠪᠠ᠃ ᠭᠠᠯ ᠳᠤ ᠦᠰᠦᠷᠦᠨ ᠣᠷᠤᠵᠤ ᠲᠡᠷᠡ ᠬᠡᠦᠬᠡᠳ ᠢ ᠠᠪᠤᠷᠠᠭᠰᠠᠨ ᠪᠠ ᠰᠤᠮᠤᠨ ᠡᠴᠡ ᠪᠡᠨ ᠰᠠᠯᠵᠤ ᠳ᠋ᠢᠸᠢᠽᠢ ᠶᠢᠨ ᠡᠮᠨᠡᠯᠭᠡ ᠶᠢᠨ ᠭᠠᠵᠠᠷ ᠢᠷᠡᠵᠦ ᠡᠮᠨᠡᠭᠦᠯᠦᠭᠰᠡᠨ ᠵᠡᠷᠭᠡ ᠶᠠᠪᠤᠳᠠᠯ ᠤᠳ ᠨᠢ ᠪᠠᠲᠤᠰᠦ᠋ᠬᠡ ᠳᠦ ᠵᠡᠭᠦᠳᠦ ᠵᠡᠷᠭᠡᠯᠭᠡᠨ ᠰᠢᠭ᠌ ᠪᠣᠳᠤᠭᠳᠠᠪᠠ᠃ ᠰᠦᠨᠢ ᠭᠦᠨ ᠪᠣᠯᠵᠤ ᠬᠦᠴᠦᠲᠡᠢ ᠰᠠᠯᠬᠢᠨ ᠴᠣᠩᠬᠤᠨ ᠤ ᠴᠠᠭᠠᠰᠤ ᠶᠢ ᠦᠯᠢᠶᠡᠨ᠎ᠡ᠃ ᠪᠠᠲᠤᠰᠦ᠋ᠬᠡ ᠶᠢᠨ ᠬᠠᠯᠠᠭᠠᠭᠳᠠᠭᠰᠠᠨ ᠰᠢᠷᠬ᠎ᠠ ᠵᠢᠮᠵᠢᠭᠢᠨᠡᠨ ᠬᠠᠳᠭᠤᠯᠠᠨ ᠡᠪᠡᠳᠴᠦ᠂ ᠬᠠᠪᠤᠷ ᠤᠨ ᠰᠦᠨᠢ ᠲᠡᠭᠦᠨ ᠳᠦ ᠣᠨᠴᠠ ᠤᠷᠲᠤ ᠪᠣᠯᠤᠭᠰᠠᠨ ᠮᠡᠲᠦ ᠰᠠᠨᠠᠭᠳᠠᠪᠠ᠃

ᠪᠠᠲᠤᠰᠦ᠋ᠬᠡ ᠪᠠᠢᠨ ᠪᠠᠢᠨ ᠥᠨᠳᠡᠢᠵᠦ ᠲᠡᠷᠡ ᠥᠬᠢᠨ ᠢ ᠤᠨᠲᠠᠭᠠᠷᠠᠢ ᠭᠡᠵᠦ ᠬᠡᠯᠡᠭᠰᠡᠨ ᠪᠣᠯᠪᠠᠴᠤ ᠲᠡᠷᠡ ᠶᠡᠷᠦ ᠨᠢᠳᠦ ᠠᠨᠢᠭᠰᠠᠨ ᠦᠭᠡᠢ ᠪᠡᠷ ᠪᠠᠲᠤᠰᠦ᠋ᠬᠡ ᠶᠢᠨ ᠳᠡᠷᠭᠡᠲᠡ ᠵᠣᠭᠰᠤᠵᠤ ᠬᠥᠨᠵᠢᠯᠡ ᠶᠢ ᠨᠢ ᠬᠤᠴᠢᠬᠤ ᠪᠤᠶᠤ ᠤᠰᠤ ᠶᠢ ᠨᠢ ᠪᠤᠴᠠᠯᠭᠠᠵᠤ ᠠᠰᠠᠷᠠᠨ ᠪᠠᠢᠭᠰᠠᠭᠠᠷ ᠴᠣᠩᠬᠤᠨ ᠳᠡᠭᠡᠷ᠎ᠡ ᠨᠠᠷᠠ ᠳᠤᠰᠭᠠᠪᠠ᠃

ᠡᠨᠡ ᠥᠬᠢᠨ ᠪᠣᠯ ᠮᠦᠨ ᠭᠡᠷ ᠦᠨ ᠬᠥᠭᠰᠢᠨ ᠡᠵᠢ ᠶᠢᠨ ᠬᠡᠦᠬᠡᠨ ᠪᠣᠯᠤᠨ᠎ᠠ᠃ ᠨᠡᠷ᠎ᠡ ᠪᠠᠳᠮ᠎ᠠ᠂ ᠨᠠᠰᠤ ᠠᠷᠪᠠᠨ ᠨᠠᠢᠮᠠ᠂ ᠲᠠᠰ ᠬᠠᠷ᠎ᠠ ᠭᠡᠵᠢᠭᠡ ᠲᠠᠢ᠂ ᠮᠣᠢᠯ ᠬᠠᠷ᠎ᠠ ᠨᠢᠳᠦ ᠲᠠᠢ᠂ ᠮᠢᠬᠠᠯᠢᠭ ᠰᠠᠢᠬᠠᠨ ᠪᠡᠶ᠎ᠡ ᠲᠠᠢ᠂ ᠦᠢᠯᠡ ᠠᠵᠢᠯ ᠳᠠᠭᠠᠨ ᠰᠠᠢᠨ ᠭᠡᠵᠦ ᠬᠣᠯᠠ ᠣᠢᠷ᠎ᠠ ᠳᠠᠭᠠᠨ ᠠᠯᠳᠠᠷᠰᠢᠵᠠᠢ᠃

ᠲᠡᠭᠦᠨ ᠦ ᠡᠴᠢᠭᠡ ᠪᠥᠬᠡ ᠭᠡᠳᠡᠭ᠌ ᠡᠪᠦᠭᠡᠨ ᠪᠣᠯ ᠪᠠᠭ ᠤᠨ ᠳᠠᠷᠤᠭ᠎ᠠ ᠶᠢᠨ ᠲᠤᠰᠢᠶᠠᠯ ᠲᠠᠢ᠂ ᠬᠤᠪᠢᠰᠭᠠᠯ ᠤᠨ ᠲᠠᠨᠢᠯᠲᠠ ᠪᠠᠷ ᠥᠨᠳᠦᠷ᠂ ᠰᠠᠢᠨ ᠮᠠᠯᠴᠢᠨ ᠪᠢᠯᠡ᠃ ᠪᠥᠬᠡ᠂ ᠬᠤᠰᠢᠭᠤᠨ ᠤ ᠴᠡᠷᠢᠭ᠌ ᠢ ᠬᠠᠪᠰᠤᠷᠴᠤ ᠬᠤᠪᠢᠰᠭᠠᠯ ᠤᠨ ᠡᠰᠡᠷᠭᠦᠴᠦᠳ ᠢ ᠳᠠᠷᠤᠩᠭᠤᠢᠯᠠᠵᠤ᠂ ᠳᠠᠢᠰᠤᠨ ᠲᠠᠢ ᠬᠣᠯᠪᠤᠯᠳᠤᠵᠤ ᠪᠠᠢᠭᠰᠠᠨ ᠬᠥᠮᠦᠰ ᠢ ᠦᠯᠡᠳᠡᠭᠡᠯ ᠦᠭᠡᠢ ᠪᠠᠷᠢᠪᠴᠢᠯᠠᠭᠰᠠᠨ ᠪᠦᠭᠡᠳ ᠳᠠᠢᠰᠤᠨ ᠤ ᠰᠤᠷᠠᠭ ᠴᠢᠮᠡᠭᠡ ᠶᠢ ᠴᠠᠭ ᠰᠠᠭᠠᠲᠠᠯ ᠦᠭᠡᠢ ᠪᠡᠷ ᠬᠤᠪᠢᠰᠭᠠᠯᠲᠤ ᠴᠡᠷᠢᠭ᠌ ᠲᠡᠭᠡᠨ ᠬᠦᠷᠭᠡᠵᠦ ᠬᠡᠳᠦᠨ ᠠᠷᠪᠠ ᠪᠠᠷ ᠰᠥᠨᠦᠭᠡᠳᠡᠭ᠌ ᠲᠤᠯᠠ ᠳᠣᠯᠤᠨ ᠨᠠᠭᠤᠷ ᠤᠨ ᠭᠣᠮᠢᠨᠳᠠᠩ ᠪᠠ ᠪᠤᠷᠢᠶᠠᠳ ᠤᠨ ᠬᠤᠯᠠᠭᠠᠢ ᠨᠤᠭᠤᠳ ᠲᠡᠭᠦᠨ ᠳᠦ ᠲᠤᠢᠯ ᠢᠶᠡᠷ ᠬᠣᠷᠤᠰᠴᠤ ᠪᠠᠢᠵᠠᠢ᠃

ᠥᠷᠯᠦᠭᠡ ᠴᠡᠷᠢᠭ᠌ ᠮᠣᠷᠳᠠᠬᠤ ᠳᠣᠬᠢᠶ᠎ᠠ ᠲᠠᠯᠪᠢᠪᠠ᠃ ᠳ᠋ᠢᠸᠢᠽᠢ ᠶᠢᠨ ᠺᠣᠮᠢᠰᠰᠠᠷ᠂ ᠪᠠᠲᠤᠰᠦ᠋ᠬᠡ ᠶᠢᠨ ᠬᠡᠪᠲᠡᠵᠦ ᠪᠠᠢᠭᠰᠠᠨ ᠭᠡᠷ ᠦᠨ ᠬᠠᠭᠠᠯᠭ᠎ᠠ ᠶᠢ ᠠᠯᠭᠤᠷ ᠨᠡᠭᠡᠭᠡᠨ ᠣᠷᠤᠵᠤ ᠢᠷᠡᠪᠡ᠃ ᠪᠠᠲᠤᠰᠦ᠋ᠬᠡ ᠺᠣᠮᠢᠰᠰᠠᠷ ᠤᠨ ᠭᠡᠷᠡᠯ ᠲᠠᠢ ᠨᠢᠭᠤᠷ ᠢ ᠦᠵᠡᠭᠡᠳ ᠥᠨᠳᠡᠢᠬᠦ ᠭᠡᠲᠡᠯ᠎ᠡ ᠺᠣᠮᠢᠰᠰᠠᠷ ᠲᠡᠭᠦᠨ ᠦ ᠴᠡᠭᠡᠵᠢᠨ ᠳᠡᠭᠡᠷ᠎ᠡ ᠳᠠᠷᠤᠵᠤ ᠬᠡᠪᠲᠡᠭᠦᠯᠦᠭᠡᠳ᠄

«ᠪᠢᠲᠡᠬᠡᠢ ᠬᠥᠳᠡᠯ᠂ ᠪᠢᠲᠡᠬᠡᠢ ᠬᠥᠳᠡᠯ︕» ᠭᠡᠵᠦ ᠮᠠᠭᠤᠬᠠᠨ ᠮᠣᠩᠭᠤᠯ ᠬᠡᠯᠡ ᠪᠡᠷ ᠶᠠᠷᠢᠪᠠ᠃

ᠺᠣᠮᠢᠰᠰᠠᠷ᠂ ᠡᠬᠡ ᠬᠥᠮᠦᠨ ᠬᠡᠦᠬᠡᠳ ᠢᠶᠡᠨ ᠰᠢᠷᠲᠡᠵᠦ ᠪᠠᠢᠭ᠎ᠠ ᠰᠢᠭ᠌ ᠪᠠᠲᠤᠰᠦ᠋ᠬᠡ ᠶᠢ ᠡᠨᠡᠷᠢᠯᠲᠦ ᠬᠠᠷᠠᠴᠠ ᠪᠠᠷ ᠠᠩᠬᠠᠷᠤᠨ ᠦᠵᠡᠵᠦ᠂ ᠪᠠᠰᠠ ᠲᠡᠷᠲᠡᠭᠡ ᠬᠠᠨᠵᠤᠨ ᠳᠡᠭᠡᠷᠡᠬᠢ ᠡᠬᠡ ᠬᠦᠦ ᠬᠣᠶᠠᠷ ᠢ ᠲᠣᠬᠤᠨᠢᠭᠤᠯᠤᠨ ᠠᠰᠠᠭᠤᠬᠤ ᠳᠠᠭᠠᠨ᠂ ᠨᠥᠮᠦᠷᠭᠡ ᠶᠢᠨ ᠤᠭᠤᠲᠠᠨ ᠡᠴᠡ ᠪᠡᠨ ᠬᠡᠳᠦᠨ ᠵᠣᠭᠤᠰ ᠭᠠᠷᠭᠠᠵᠤ᠂ ᠪᠢᠴᠢᠬᠠᠨ ᠬᠦᠦ ᠳᠦ ᠠᠳᠭᠤᠭᠤᠯᠤᠭᠠᠳ ᠮᠣᠩᠭᠤᠯᠴᠤᠳ ᠤᠨ ᠵᠠᠩᠰᠢᠯ ᠢᠶᠡᠷ«ᠪᠣᠭᠤᠷᠰᠤᠭ ᠠᠪᠴᠤ ᠢᠳᠡᠭᠡᠷᠡᠢ» ᠬᠡᠪᠡ᠃ ᠬᠥᠭᠰᠢᠨ ᠲᠠᠯᠠᠷᠬᠠᠬᠤ ᠰᠡᠳᠭᠢᠯᠭᠡ ᠪᠡᠨ ᠪᠦᠷᠢᠨ ᠢᠯᠡᠳᠭᠡᠵᠦ ᠴᠢᠳᠠᠬᠤ ᠦᠭᠡᠢ ᠠᠷᠭ᠎ᠠ ᠪᠠᠨ ᠪᠠᠷᠠᠵᠤ ᠨᠢᠳᠦᠨ ᠨᠢᠯᠪᠤᠰᠤ ᠪᠥᠮᠪᠦᠷᠢᠭᠦᠯᠦᠨ᠄

«ᠲᠠᠨ ᠤ ᠰᠠᠢᠨ ᠢ ᠪᠢ ᠦᠬᠦᠪᠡᠴᠦ ᠮᠠᠷᠲᠠᠬᠤ ᠦᠭᠡᠢ᠂ ᠲᠠ ᠪᠣᠯ ᠮᠢᠨᠦ ᠠᠮᠢ ᠭᠣᠣᠯ ᠢ ᠦᠬᠦᠯ ᠤᠨ ᠠᠶᠤᠯ ᠡᠴᠡ ᠠᠪᠤᠷᠠᠭᠰᠠᠨ ᠰᠢᠤ» ᠭᠡᠬᠦ ᠳᠦ ᠺᠣᠮᠢᠰᠰᠠᠷ ᠢᠨᠢᠶᠡᠮᠰᠦᠭᠯᠠᠨ᠄

«ᠡᠨᠡ ᠪᠣᠯ ᠲᠡᠷᠢᠭᠦᠯᠡᠭᠴᠢ ᠮᠠᠤ ᠽᠧ ᠳ᠋ᠦᠩ ᠤᠨ ᠠᠴᠢ ᠶᠤᠮ ᠡ᠃ ᠲᠡᠷᠡ᠂ ᠪᠢᠳᠡ ᠨᠠᠷ ᠲᠤ ᠠᠷᠠᠳ ᠲᠦᠮᠡᠨ ᠦ ᠠᠰᠢᠭ ᠲᠤᠰᠠ ᠶᠢ ᠠᠮᠢ ᠪᠡᠶ᠎ᠡ ᠡᠴᠡ ᠪᠡᠨ ᠢᠯᠡᠭᠦᠦ ᠬᠠᠢᠷᠠᠯᠠᠭᠠᠷᠠᠢ ᠭᠡᠵᠦ ᠰᠤᠷᠭᠠᠭᠰᠠᠨ ᠢᠶᠡᠷ ᠮᠠᠨ ᠤ ᠪᠠᠢᠯᠳᠤᠭᠴᠢ ᠥᠷᠭᠡᠨ ᠣᠯᠠᠨ ᠲᠦᠮᠡᠨ ᠦ ᠡᠭᠦᠷᠢᠳᠡ ᠶᠢᠨ ᠡᠷᠬᠡ ᠴᠢᠯᠦᠭᠡᠨ ᠦ ᠲᠥᠯᠦᠭᠡ ᠪᠠᠢᠯᠳᠤᠬᠤ ᠪᠠᠨ ᠶᠠᠭᠤᠨ ᠡᠴᠡ ᠴᠤ ᠡᠷᠬᠢᠮ ᠳᠡᠭᠡᠳᠦ ᠢᠷᠠᠭᠤ ᠠᠯᠳᠠᠷᠲᠠᠢ ᠦᠢᠯᠡᠰ ᠭᠡᠵᠦ ᠦᠵᠡᠳᠡᠭ ᠶᠤᠮ᠃ ᠡᠢᠮᠦ ᠤᠴᠢᠷ ᠡᠴᠡ ᠠᠷᠠᠳ ᠤᠨ ᠴᠡᠷᠢᠭ᠌ ᠡᠭᠦᠷᠢᠳᠡ ᠪᠠᠭᠠᠲᠤᠷ ᠵᠣᠷᠢᠭ ᠲᠠᠢ ᠢᠯᠠᠭᠳᠠᠰᠢ ᠦᠭᠡᠢ ᠬᠦᠴᠦᠨ ᠲᠠᠢ ᠪᠣᠯᠤᠭᠰᠠᠨ ᠶᠤᠮ» ᠬᠡᠪᠡ᠃ ᠴᠢᠩᠭᠢᠭᠡᠳ ᠺᠣᠮᠢᠰᠰᠠᠷ᠂ ᠳᠠᠢᠰᠤᠨ ᠲᠡᠭᠦᠨ ᠦ ᠭᠡᠷ ᠢ ᠶᠠᠭᠤᠨ ᠤ ᠤᠴᠢᠷ ᠲᠤ ᠭᠠᠯᠳᠠᠭᠰᠠᠨ ᠢ ᠬᠥᠭᠰᠢᠨ ᠡᠴᠡ ᠠᠰᠠᠭᠤᠭᠰᠠᠨ ᠳᠤ᠂ ᠬᠥᠭᠰᠢᠨ ᠤᠷᠲᠤ ᠰᠠᠨᠠᠭ᠎ᠠ ᠠᠯᠳᠠᠭᠠᠳ᠄

«ᠬᠠᠭᠠᠰ ᠰᠠᠷ᠎ᠠ ᠶᠢᠨ ᠡᠮᠦᠨ᠎ᠡ᠂ ᠬᠣᠶᠠᠳᠤᠭᠠᠷ ᠰᠠᠷ᠎ᠠ ᠶᠢᠨ ᠬᠣᠷᠢᠨ ᠤ ᠰᠦᠨᠢ ᠭᠤᠴᠢ ᠭᠠᠷᠤᠢ ᠳᠡᠭᠡᠷᠡᠮ ᠭᠡᠷ ᠢ ᠮᠢᠨᠢ ᠪᠦᠰᠡᠯᠡᠨ ᠠᠪᠴᠤ᠂ ᠠᠷᠰᠯᠠᠨ ᠱᠣᠩᠬᠤᠷ ᠬᠣᠶᠠᠷ ᠨᠣᠬᠠᠢ ᠶᠢ ᠮᠢᠨᠢ ᠫᠤᠤᠳᠠᠵᠤ ᠠᠯᠠᠭᠠᠳ ᠭᠡᠷ ᠲᠦ ᠣᠷᠤᠵᠤ ᠢᠷᠡᠪᠡ᠃<ᠮᠠᠨ ᠤ ᠠᠷᠪᠠᠨ ᠨᠠᠢᠮᠠᠨ ᠬᠦᠮᠦᠨ ᠢ ᠨᠠᠢᠮᠠᠨ ᠵᠠᠮ ᠳᠤ ᠮᠡᠳᠡᠭᠦᠯᠵᠦ ᠪᠠᠷᠢᠭᠤᠯᠤᠭᠰᠠᠨ ᠪᠥᠬᠡ ᠭᠡᠳᠡᠭ᠌ ᠬᠦᠮᠦᠨ ᠴᠢ ᠮᠦᠨ ᠦᠦ︖> ᠭᠡᠵᠦ ᠬᠢᠲᠠᠳ᠂ ᠮᠣᠩᠭᠤᠯ ᠬᠡᠯᠡ ᠪᠡᠷ ᠠᠰᠠᠭᠤᠭᠠᠳ ᠮᠠᠨ ᠤ ᠭᠡᠷ ᠦᠨ ᠡᠵᠡᠨ ᠦ ᠲᠣᠯᠤᠭᠠᠢ ᠤᠷᠤᠭᠤ ᠲᠠᠰᠢᠭᠤᠷ ᠣᠷᠤᠭᠤᠯᠵᠤ᠂ ᠬᠣᠶᠠᠷ ᠭᠠᠷ ᠢ ᠨᠢ ᠠᠷᠤ ᠳᠤᠨᠢ ᠰᠣᠯᠪᠢᠨ ᠬᠦᠯᠢᠵᠦ᠂ ᠮᠣᠩᠭᠤᠯ ᠭᠡᠷ ᠦᠨ ᠲᠣᠭᠤᠨᠤ ᠡᠴᠡ ᠳᠡᠭᠦᠵᠢᠯᠡᠪᠡ᠃ ᠴᠢᠩᠭᠢᠭᠡᠳ ᠵᠦᠢᠯ ᠵᠦᠢᠯ ᠦᠨ ᠶᠠᠭᠤᠮ᠎ᠠ ᠠᠰᠠᠭᠤᠬᠤ ᠳᠤ᠂ ᠡᠪᠦᠭᠡᠨ ᠮᠢᠨᠢ<ᠮᠡᠳᠡᠬᠦ ᠦᠭᠡᠢ᠂ ᠪᠢ ᠨᠢᠭᠡᠨ ᠮᠠᠯᠴᠢᠨ ᠠᠷᠠᠳ ᠶᠠᠭᠤ ᠮᠡᠳᠡᠬᠦ ᠪᠤᠢ︖> ᠭᠡᠰᠡᠨ ᠡᠴᠡ ᠦᠭᠡᠷ᠎ᠡ ᠶᠠᠭᠤ ᠴᠤ ᠬᠡᠯᠡᠭᠰᠡᠨ ᠦᠭᠡᠢ ᠪᠠᠢᠪᠠ᠃ ᠴᠢᠩᠭᠢᠭᠡᠳ ᠳᠡᠭᠡᠷᠡᠮᠴᠢᠳ ᠶᠠᠪᠤᠬᠤ ᠦᠶᠡᠰ ᠲᠡᠭᠡᠨ ᠪᠠᠢᠳᠠᠭ ᠶᠠᠭᠤᠮ᠎ᠠ ᠶᠢ ᠮᠢᠨᠢ ᠪᠤᠯᠢᠶᠠᠨ ᠳᠡᠭᠡᠷᠡᠮᠳᠡᠭᠡᠳ᠂ ᠡᠪᠦᠭᠡᠨ ᠢ ᠮᠢᠨᠢ ᠵᠠᠢᠳᠠᠩ ᠮᠣᠷᠢ ᠤᠨᠤᠭᠤᠯᠤᠨ ᠳᠣᠯᠤᠨ ᠨᠠᠭᠤᠷ ᠲᠤ ᠠᠪᠠᠴᠢᠪᠠ᠃ ᠣᠳᠣ ᠶᠠᠭᠤᠨ ᠤ ᠠᠮᠢᠳᠤ ᠪᠠᠢᠬᠤ ᠪᠤᠢ» ᠭᠡᠵᠦ ᠨᠢᠯᠪᠤᠰᠤ ᠪᠠᠨ ᠠᠷᠴᠢᠵᠤ ᠤᠬᠢᠯᠠᠭᠰᠠᠭᠠᠷ ᠪᠠᠰᠠ᠄

«ᠥᠴᠦᠭᠡᠳᠦᠷ ᠦᠨ ᠢᠷᠡᠭᠰᠡᠨ ᠳᠡᠭᠡᠷᠡᠮᠴᠢᠳ ᠥᠬᠢᠨ ᠪᠢᠳᠡ ᠬᠣᠶᠠᠷ ᠢ ᠮᠣᠷᠢᠨ ᠤᠶᠠᠭᠠᠨ ᠡᠴᠡ ᠤᠶᠠᠵᠤ ᠪᠢᠴᠢᠬᠠᠨ ᠬᠦᠦ ᠶᠢ ᠬᠣᠷᠢᠵᠤ ᠣᠨᠢᠰᠤᠯᠠᠭᠠᠳ ᠭᠠᠯ ᠲᠠᠯᠪᠢᠵᠤ ᠳᠤᠲᠠᠭᠠᠪᠠ᠃ ᠤᠴᠢᠷ ᠨᠢ᠂ ᠮᠠᠨ ᠤ ᠭᠡᠷ ᠦᠨ ᠡᠵᠡᠨ ᠪᠠᠭ ᠤᠨ ᠳᠠᠷᠤᠭ᠎ᠠ ᠶᠠᠪᠤᠵᠤ᠂ ᠳᠡᠭᠡᠷᠡᠮᠴᠢᠳ ᠦᠨ ᠴᠢᠮᠡᠭᠡ ᠶᠢ ᠨᠠᠢᠮᠠᠨ ᠵᠠᠮ ᠦᠨ ᠴᠡᠷᠢᠭ᠌ ᠲᠦ ᠬᠦᠷᠭᠡᠳᠡᠭ᠌ ᠭᠡᠵᠦ ᠬᠣᠷᠤᠰᠤᠭᠰᠠᠨ ᠳᠠᠭᠠᠨ ᠶᠤᠮ» ᠬᠡᠪᠡ᠃

«ᠬᠣᠵᠢᠮ ᠳᠣᠯᠤᠨ ᠨᠠᠭᠤᠷ ᠢ ᠴᠢᠯᠦᠭᠡᠯᠡᠭᠰᠡᠨ ᠦ ᠬᠣᠢᠨ᠎ᠠ᠂ ᠮᠡᠨᠳᠦ ᠰᠠᠢᠬᠠᠨ ᠢᠶᠡᠷ ᠬᠠᠷᠢᠵᠤ ᠢᠷᠡᠬᠦ ᠪᠢᠵᠡ» ᠭᠡᠵᠦ ᠺᠣᠮᠢᠰᠰᠠᠷ ᠲᠠᠢᠳᠭᠤᠷᠠᠭᠤᠯᠤᠨ ᠬᠡᠯᠡᠬᠦ ᠳᠦ᠂

«ᠵᠠ᠂ ᠲᠠ ᠮᠢᠨᠢ ᠳᠣᠯᠤᠨ ᠨᠠᠭᠤᠷ ᠢ ᠲᠦᠷᠭᠡᠬᠡᠨ ᠴᠢᠯᠦᠭᠡᠯᠡᠵᠦ᠂ ᠪᠠᠷᠢᠭᠳᠠᠭᠰᠠᠨ ᠬᠥᠮᠦᠰ ᠦᠨ ᠮᠢᠨᠢ ᠠᠮᠢ ᠶᠢ ᠠᠪᠤᠭᠠᠷᠠᠢ ᠳ᠋ᠠ᠂ ᠵᠠ ᠠᠮᠢᠳᠤ ᠯᠠ ᠪᠠᠢᠭᠠᠰᠠᠢ» ᠭᠡᠵᠦ ᠬᠥᠭᠰᠢᠨ ᠬᠡᠯᠡᠪᠡ᠃ ᠪᠠᠳᠮ᠎ᠠ ᠬᠠᠵᠠᠭᠤ ᠡᠴᠡ ᠨᠢ᠄

«ᠴᠢᠯᠦᠭᠡᠯᠡᠬᠦ ᠴᠡᠷᠢᠭ᠌ ᠦᠨ ᠨᠥᠬᠦᠳ ᠡ᠂ ᠲᠠ ᠲᠡᠷᠡ ᠵᠠᠩ ᠢᠦᠢ ᠯᠢᠨ ᠭᠡᠳᠡᠭ᠌ ᠬᠤᠯᠠᠭᠠᠢ ᠶᠢ ᠪᠠᠷᠢᠪᠠᠯ ᠵᠠᠪᠠᠯ ᠮᠠᠨ ᠤ ᠡᠨᠳᠡ ᠠᠪᠴᠢᠷᠠᠵᠤ ᠥᠭᠭᠦᠭᠡᠷᠡᠢ᠃ᠮᠢᠨᠦ ᠡᠴᠢᠭᠡ ᠶᠢ ᠪᠠᠷᠢᠭᠰᠠᠨ᠂ ᠮᠠᠨ ᠤ ᠭᠡᠷ ᠢ ᠭᠠᠯᠳᠠᠭᠰᠠᠨ ᠨᠢ ᠴᠦᠮ ᠲᠡᠷᠡ ᠬᠤᠯᠠᠭᠠᠢ ᠪᠢᠯᠡ» ᠭᠡᠬᠦ ᠳᠦ ᠪᠠᠲᠤᠰᠦ᠋ᠬᠡ ᠥᠨᠳᠡᠢᠨ ᠪᠣᠰᠴᠤ᠄

«ᠵᠠᠩ ᠢᠦᠢ ᠯᠢᠨ ᠭᠡᠨ᠎ᠡ︖ ᠶᠠᠮᠠᠷ ᠶᠠᠩᠵᠤ ᠲᠠᠢ ᠬᠦᠮᠦᠨ ᠶᠤᠮ ᠪᠤᠢ︖» ᠭᠡᠵᠦ ᠶᠡᠬᠡ ᠰᠣᠨᠢᠷᠬᠠᠨ ᠠᠰᠠᠭᠤᠪᠠ᠃

«ᠥᠨᠳᠦᠷ ᠪᠡᠶ᠎ᠡ ᠲᠠᠢ᠂ ᠬᠠᠷ᠎ᠠ ᠴᠣᠬᠤᠷ ᠴᠢᠷᠠᠢ ᠲᠠᠢ᠂ ᠵᠡᠭᠦᠨ ᠭᠠᠵᠠᠷ ᠤᠨ ᠮᠣᠩᠭᠤᠯ ᠬᠡᠯᠡ ᠲᠠᠢ ᠬᠦᠮᠦᠨ» ᠭᠡᠬᠦ ᠳᠦ᠂

«ᠠᠯᠲᠠᠨ ᠰᠢᠳᠦ ᠲᠠᠢ ᠦᠦ︖» ᠭᠡᠵᠦ ᠪᠠᠲᠤᠰᠦ᠋ᠬᠡ ᠯᠠᠪᠯᠠᠨ ᠠᠰᠠᠭᠤᠪᠠ᠃

«ᠠᠯᠲᠠᠨ ᠰᠢᠳᠦ ᠲᠠᠢ᠂ ᠠᠮᠠ ᠳᠦᠭᠦᠷᠡᠩ ᠠᠯᠲᠠᠨ ᠰᠢᠳᠦ ᠲᠠᠢ» ᠭᠡᠵᠦ ᠪᠠᠳᠮ᠎ᠠ ᠥᠴᠢᠲᠡᠯ᠎ᠡ ᠪᠠᠲᠤᠰᠦ᠋ᠬᠡ ᠰᠢᠷᠡᠭᠡ ᠶᠢ ᠠᠯᠠᠭᠠᠳᠠᠵᠤ᠄

«ᠮᠢᠨᠦ ᠥᠰᠢᠶ᠎ᠡ ᠲᠠᠢ ᠬᠦᠮᠦᠨ ᠵᠠᠩ ᠪᠠ ᠫᠢ ᠶᠠᠭ ᠮᠦᠨ᠂ ᠨᠢᠳᠤᠨᠤᠨ ᠵᠢᠯ ᠺᠠᠢᠯᠤ ᠶᠢ ᠴᠢᠯᠦᠭᠡᠯᠡᠬᠦ ᠦᠶᠡᠰ ᠲᠦ ᠠᠷᠠᠯᠵᠢᠶᠠᠴᠢᠨ ᠤ ᠶᠠᠩᠵᠤ ᠪᠠᠷ ᠵᠠᠰᠠᠵᠤ ᠣᠷᠭᠤᠭᠰᠠᠨ ᠶᠤᠮ» ᠬᠡᠪᠡ᠃

«ᠲᠡᠳᠡ ᠬᠡᠵᠢᠶ᠎ᠡ ᠪᠣᠯᠪᠠᠴᠤ ᠠᠷᠠᠳ ᠲᠦᠮᠡᠨ ᠦ ᠭᠠᠷ ᠡᠴᠡ ᠭᠠᠷᠬᠤ ᠦᠭᠡᠢ ᠶᠤᠮ» ᠭᠡᠳ ᠺᠣᠮᠢᠰᠰᠠᠷ ᠠᠯᠭᠤᠷ ᠪᠣᠰᠴᠤ ᠪᠠᠲᠤᠰᠦ᠋ᠬᠡ ᠶᠢᠨ ᠭᠠᠷ ᠢ ᠠᠳᠭᠤᠭᠠᠳ᠄

«ᠳ᠋ᠢᠸᠢᠽᠢ ᠶᠢᠨ ᠨᠠᠮ ᠤᠨ ᠬᠣᠷᠢᠶ᠎ᠠ᠂ ᠴᠢᠨᠦ ᠠᠷᠠᠳ ᠲᠦᠮᠡᠨ ᠦ ᠲᠥᠯᠦᠭᠡ ᠠᠮᠢ ᠪᠡᠶ᠎ᠡ ᠪᠡᠨ ᠴᠥᠯᠡᠵᠦ ᠲᠡᠮᠡᠴᠡᠭᠰᠡᠨ ᠳᠦ ᠶᠡᠬᠡ ᠭᠠᠪᠢᠶ᠎ᠠ ᠲᠡᠮᠳᠡᠭᠯᠡᠨ ᠥᠭᠪᠡ» ᠭᠡᠬᠦ ᠳᠦ ᠪᠠᠲᠤᠰᠦ᠋ᠬᠡ ᠪᠠᠶᠠᠷᠯᠠᠬᠤ ᠶᠢᠨ ᠶᠡᠬᠡ ᠪᠡᠷ ᠪᠠᠶᠠᠷᠯᠠᠪᠠ᠃ ᠺᠣᠮᠢᠰᠰᠠᠷ ᠶᠠᠪᠤᠬᠤ ᠦᠶ᠎ᠡ ᠳᠡᠭᠡᠨ ᠭᠠᠷ ᠢ ᠨᠢ ᠳᠠᠬᠢᠨ ᠠᠳᠭᠤᠵᠤ᠄

«ᠵᠠ᠂ ᠪᠠᠲᠤᠰᠦ᠋ᠬᠡ ᠮᠢᠨᠢ᠂ ᠴᠢ ᠡᠨᠳᠡ ᠬᠣᠴᠤᠷᠴᠤ ᠰᠠᠢᠬᠠᠨ ᠰᠤᠪᠢᠯᠠᠭᠠᠷᠠᠢ︕» ᠭᠡᠳ ᠬᠥᠭᠰᠢᠨ ᠦ ᠵᠦᠭ᠌ ᠬᠠᠷᠠᠵᠤ᠄

«ᠲᠠ ᠰᠠᠨᠠᠭ᠎ᠠ ᠠᠮᠤᠷ ᠪᠠᠢᠭᠠᠷᠠᠢ᠂ ᠭᠣᠮᠢᠨᠳᠠᠩ ᠤᠨ ᠳᠠᠢᠰᠤᠨ ᠦᠶᠡᠷ ᠦᠨ ᠤᠰᠤ ᠠᠳᠠᠯᠢ ᠥᠩᠭᠡᠷᠡᠭᠡᠳ ᠣᠳᠣ ᠡᠭᠦᠷᠢᠳᠡ ᠡᠭᠡᠵᠦ ᠢᠷᠡᠬᠦ ᠦᠭᠡᠢ ᠶᠤᠮ» ᠬᠡᠪᠡ᠃

ᠪᠠᠲᠤᠰᠦ᠋ᠬᠡ ᠺᠣᠮᠢᠰᠰᠠᠷ ᠤᠨ ᠢᠶᠡᠨ ᠶᠡᠬᠡ ᠠᠯᠬᠤᠮ ᠢᠶᠡᠷ ᠠᠯᠭᠤᠷᠬᠠᠨ ᠭᠠᠷᠬᠤ ᠶᠢ ᠬᠣᠢᠨ᠎ᠠ ᠡᠴᠡ ᠨᠢ ᠬᠠᠷᠠᠬᠤ ᠳᠤ᠂ ᠠᠷᠢᠯᠤᠭᠰᠠᠨ ᠲᠡᠭᠷᠢ ᠡᠭᠦᠳᠡᠨ ᠦ ᠵᠠᠪᠰᠠᠷ ᠢᠶᠡᠷ ᠴᠡᠩᠬᠡᠷᠯᠡᠨ ᠬᠠᠷᠠᠭᠳᠠᠭᠠᠳ᠂ ᠤᠷᠤᠭᠰᠢᠯᠠᠵᠤ ᠪᠠᠢᠭ᠎ᠠ ᠮᠣᠷᠢᠲᠤ ᠴᠡᠷᠢᠭ᠌ ᠤᠷᠲᠤ ᠯᠣᠣ ᠰᠢᠭ ᠭᠦᠷᠪᠡᠯᠵᠡᠭᠰᠡᠭᠡᠷ ᠬᠣᠯᠠᠳᠪᠠ᠃ ᠬᠥᠭᠰᠢᠨ ᠡᠵᠢ ᠬᠦᠦ ᠪᠡᠨ ᠲᠡᠪᠡᠷᠢᠵᠦ᠂ ᠬᠡᠦᠬᠡᠨ ᠢᠶᠡᠨ ᠳᠠᠭᠠᠭᠤᠯᠤᠨ ᠬᠣᠭ ᠤᠨ ᠣᠪᠤᠭ᠎ᠠ ᠳᠡᠭᠡᠷ᠎ᠡ ᠪᠡᠨ ᠬᠣᠶᠠᠷ ᠨᠢᠳᠦ ᠪᠡᠨ ᠪᠠᠢᠨ ᠪᠠᠢᠨ ᠠᠷᠴᠢᠵᠤ᠂ ᠪᠠᠷ᠎ᠠ ᠲᠠᠰᠤᠷᠠᠲᠠᠯ᠎ᠠ ᠬᠠᠷᠠᠵᠤ ᠵᠣᠭᠰᠤᠪᠠ᠃

ᠨᠠᠢᠮᠠ

ᠵᠡᠭᠦᠨ ᠡᠮᠦᠨ᠎ᠡ ᠵᠦᠭ ᠡᠴᠡ ᠰᠠᠶᠢ᠍ᠬᠠᠨ ᠰᠢᠷᠠᠯᠠᠪᠠ᠃ ᠪᠠᠳᠮ᠎ᠠ ᠬᠡᠳᠦᠢᠨ ᠪᠣᠰᠴᠤ᠂ ᠪᠠᠲᠤᠰᠦ᠋ᠬᠡ ᠶᠢᠨ ᠰᠠᠷᠠᠯ ᠮᠣᠷᠢ ᠶᠢ ᠭᠣᠣᠯ ᠤᠨ ᠲᠤᠬᠤᠢ ᠶᠢᠨ ᠵᠦᠯᠭᠡᠨ ᠳᠦ ᠴᠢᠳᠦᠷᠯᠡᠨ ᠲᠠᠯᠪᠢᠭᠠᠳ᠂ ᠡᠷᠦᠬᠡ ᠪᠡᠨ ᠰᠡᠬᠦᠵᠦ ᠭᠠᠯ ᠢᠶᠡᠨ ᠨᠣᠴᠤᠭᠠᠭᠠᠳ᠂ ᠬᠥᠪᠦᠩ ᠲᠠᠢ ᠳᠡᠪᠡᠯ ᠢᠶᠡᠨ ᠪᠠᠲᠤᠰᠦ᠋ᠬᠡ ᠶᠢᠨ ᠳᠡᠭᠡᠷ᠎ᠡ ᠰᠡᠮᠬᠡᠨ ᠬᠤᠴᠢᠵᠤ ᠥᠭᠭᠦᠨ᠂ ᠭᠠᠵᠠᠷ ᠬᠥᠰᠡᠷ ᠢᠶᠡᠨ ᠰᠠᠢᠬᠠᠨ ᠱᠦᠭᠦᠷᠳᠡᠭᠡᠳ ᠥᠷᠯᠦᠭᠡ ᠶᠢᠨ ᠴᠠᠢ ᠪᠠᠨ ᠪᠤᠴᠠᠯᠭᠠᠪᠠ᠃

ᠪᠠᠲᠤᠰᠦ᠋ᠬᠡ ᠪᠣᠰᠤᠭᠠᠳ ᠲᠠᠶᠠᠭ ᠢᠶᠡᠨ ᠲᠤᠯᠵᠤ᠂ ᠮᠣᠷᠢᠨ ᠤ ᠪᠠᠨ ᠵᠦᠭ᠌ ᠠᠯᠬᠤᠲᠠᠯ᠎ᠠ᠂ ᠪᠠᠳᠮ᠎ᠠ ᠡᠮᠦᠨ᠎ᠡ ᠡᠴᠡ ᠤᠰᠤ ᠳᠠᠮᠨᠠᠭᠠᠳ ᠠᠢᠰᠤᠢ᠃ ᠤᠷᠭᠤᠬᠤ ᠨᠠᠷᠠᠨ ᠤ ᠭᠡᠷᠡᠯ ᠤᠯᠠᠭᠠᠨ ᠴᠢᠷᠠᠢ ᠳᠡᠭᠡᠷ᠎ᠡ ᠨᠢ ᠲᠤᠰᠴᠤ ᠤᠯᠠᠮ ᠴᠤ ᠰᠠᠢᠬᠠᠨ ᠭᠡᠷᠡᠯᠲᠦᠭᠦᠯᠦᠭᠡᠳ᠂ ᠬᠡᠵᠢᠶ᠎ᠡ ᠴᠦ ᠪᠠᠶᠠᠷᠲᠠᠢ ᠪᠠᠢᠳᠠᠭ ᠨᠢᠳᠦ ᠨᠢ ᠪᠠᠲᠤᠰᠦ᠋ᠬᠡ ᠳᠡᠭᠡᠷ᠎ᠡ ᠲᠤᠰᠴᠤ᠄

«ᠰᠦᠬᠡ ᠠᠬ᠎ᠠ ᠡ᠂ ᠮᠣᠷᠢ ᠶᠢ ᠴᠢᠨᠢ ᠭᠡᠭᠡᠷᠡᠬᠦ ᠡᠴᠡ ᠡᠮᠦᠨ᠎ᠡ ᠲᠠᠯᠪᠢᠭᠰᠠᠨ ᠶᠤᠮ᠃ ᠬᠡᠳᠦᠢᠨ ᠢᠳᠡᠵᠦ ᠴᠠᠳᠤᠭᠰᠠᠨ ᠪᠢᠯᠡ᠂ ᠴᠢ ᠣᠴᠢᠬᠤ ᠬᠡᠷᠡᠭ᠌ ᠦᠭᠡᠢ» ᠭᠡᠬᠦ ᠳᠦ ᠪᠠᠲᠤᠰᠦ᠋ᠬᠡ᠄

«ᠡᠨᠡ ᠥᠷᠯᠦᠭᠡ ᠪᠢ ᠪᠠᠰᠠ ᠴᠢᠮ᠎ᠠ ᠡᠴᠡ ᠬᠣᠵᠢᠭᠳᠠᠵᠠᠢ᠃ ᠵᠠ᠂ ᠮᠠᠷᠭᠠᠳᠠ ᠡᠷᠲᠡ ᠮᠡᠳᠡᠶ᠎ᠡ» ᠭᠡᠵᠦ ᠢᠨᠢᠶᠡᠪᠡ᠃

«ᠪᠢᠳᠡ ᠪᠣᠯ ᠢᠩᠭᠢᠵᠦ ᠡᠷᠲᠡ ᠪᠣᠰᠤᠭᠠᠳ ᠳᠠᠳᠤᠭᠰᠠᠨ ᠶᠤᠮ» ᠭᠡᠳ ᠪᠠᠳᠮ᠎ᠠ ᠪᠠᠲᠤᠰᠦ᠋ᠬᠡ ᠶᠢᠨ ᠬᠠᠵᠠᠭᠤ ᠪᠠᠷ ᠰᠡᠷᠴᠢᠭᠢᠨᠡᠨ ᠥᠩᠭᠡᠷᠡᠪᠡ᠃

ᠪᠠᠳᠮ᠎ᠠ ᠶᠢᠨ ᠬᠥᠮᠦᠨ ᠳᠦ ᠬᠤᠪᠢ ᠲᠠᠢ᠂ ᠬᠥᠳᠡᠯᠮᠦᠷᠢ ᠳᠦ ᠢᠳᠡᠪᠬᠢᠲᠡᠢ᠂ ᠤᠷᠭᠠᠨ ᠮᠣᠷᠢ ᠰᠢᠭ ᠲᠦᠷᠭᠡᠨ᠂ ᠣᠷᠤᠭ᠎ᠠ ᠮᠣᠷᠢ ᠰᠢᠭ ᠰᠡᠴᠡᠨ ᠨᠢ ᠪᠠᠲᠤᠰᠦ᠋ᠬᠡ ᠶᠢᠨ ᠵᠢᠷᠦᠬᠡᠨ ᠦ ᠬᠠᠢᠷ᠎ᠠ ᠶᠢ ᠥᠪᠡᠷ ᠦᠨ ᠡᠷᠬᠡ ᠦᠭᠡᠢ ᠲᠠᠲᠠᠵᠤ᠂ ᠦᠨᠡᠬᠡᠷ ᠬᠥᠳᠡᠭᠡ ᠶᠢᠨ ᠥᠬᠢᠳ ᠦᠨ ᠠᠯᠢᠪᠠ ᠰᠠᠢᠬᠠᠨ ᠵᠠᠩᠰᠢᠯ ᠢ ᠴᠦᠮ ᠪᠡᠶ᠎ᠡ ᠳᠡᠭᠡᠨ ᠪᠠᠭᠴᠠᠯᠠᠭᠠᠳ ᠲᠥᠷᠦᠭᠰᠡᠨ ᠰᠢᠭ᠌ ᠬᠠᠯᠠᠭᠤᠨ ᠢᠨᠠᠭ ᠰᠠᠨᠠᠭᠳᠠᠪᠠ᠃

ᠪᠠᠳᠮ᠎ᠠ ᠥᠷᠯᠦᠭᠡ ᠬᠠᠮᠤᠭ ᠡᠴᠡ ᠡᠷᠲᠡ ᠪᠣᠰᠴᠤ᠂ ᠦᠳᠡᠰᠢ ᠬᠠᠮᠤᠭ ᠡᠴᠡ ᠣᠷᠤᠢ ᠤᠨᠲᠠᠵᠤ᠂ ᠮᠠᠯ ᠳᠤ ᠶᠠᠪᠤᠬᠤ᠂ ᠦᠨᠢᠶ᠎ᠡ ᠰᠠᠭᠠᠬᠤ᠂ ᠪᠤᠳᠠᠭ᠎ᠠ ᠴᠠᠢᠯᠭᠠᠬᠤ᠂ ᠲᠣᠭᠤᠭ᠎ᠠ ᠨᠡᠷᠡᠬᠦ᠂ ᠦᠢᠯᠡ ᠣᠶᠤᠬᠤ ᠵᠡᠷᠭᠡ ᠶᠢᠨ ᠨᠢᠭᠡ ᠭᠡᠷ ᠤᠨ ᠬᠦᠨᠳᠦ ᠬᠥᠩᠭᠡᠨ ᠠᠵᠢᠯ ᠢ ᠭᠠᠭᠴᠠᠭᠠᠷ ᠬᠢᠵᠤ᠂ ᠠᠪᠤ ᠳᠠᠭᠠᠨ ᠬᠦᠦ ᠰᠢᠭ᠌᠂ ᠡᠵᠢ ᠳᠡᠭᠡᠨ ᠬᠡᠦᠬᠡᠨ ᠰᠢᠭ᠌ ᠲᠦᠰᠢᠭ᠌ ᠲᠤᠯᠠ ᠤᠷᠤᠭ ᠬᠡᠯᠡᠯᠴᠡᠬᠦ ᠬᠦᠮᠦᠨ ᠥᠨᠵᠢᠵᠦ ᠬᠣᠨᠤᠬᠤ ᠦᠭᠡᠢ ᠢᠷᠡᠳᠡᠭ ᠪᠣᠯᠪᠠᠴᠤ ᠡᠵᠢ ᠠᠪᠤ ᠨᠢ ᠠᠮᠠ ᠠᠯᠳᠠᠭᠠᠳᠤᠢ ᠪᠠᠢᠭᠰᠠᠭᠠᠷ ᠶᠤᠮ᠃

ᠡᠳᠦᠷ ᠬᠣᠨᠤᠭ ᠥᠩᠭᠡᠷᠡᠵᠦ᠂ ᠡᠪᠦᠭᠡᠨ ᠶᠡᠷᠦ ᠢᠷᠡᠬᠦ ᠦᠭᠡᠢ ᠳᠦ ᠡᠵᠢ᠂ ᠥᠬᠢᠨ ᠭᠤᠷᠪᠠᠭᠤᠯᠠ ᠤᠯᠠᠮ ᠰᠠᠨᠠᠭ᠎ᠠ ᠵᠣᠪᠠᠵᠤ᠂ ᠣᠷᠤᠵᠤ ᠭᠠᠷᠬᠤ ᠪᠦᠷᠢ ᠳᠤ ᠤᠷᠳᠤ ᠬᠥᠲᠦᠯ ᠢᠶᠡᠨ ᠬᠠᠷᠠᠵᠤ᠂ ᠵᠠᠮ ᠦᠨ ᠬᠦᠮᠦᠨ ᠢ ᠦᠵᠡᠪᠡᠯ᠂ ᠵᠠ ᠮᠦᠨ ᠤᠤ ᠭᠡᠵᠦ ᠲᠠᠭᠠᠵᠤ᠂ ᠪᠢᠴᠢᠬᠠᠨ ᠴᠢᠮᠡᠳ ᠢᠶᠡᠨ ᠨᠠᠢᠲᠠᠭᠠᠪᠠᠴᠤ ᠪᠠᠶᠠᠷ ᠪᠣᠯᠪᠠ ᠤᠤ︖ ᠭᠡᠵᠦ ᠢᠷᠦᠭᠡᠵᠦ᠂ ᠪᠦᠷᠦᠢ ᠪᠣᠯᠲᠠᠯ᠎ᠠ ᠢᠷᠡᠬᠦ ᠦᠭᠡᠢ ᠪᠣᠯ᠂ ᠪᠤᠷᠤᠭᠤ ᠮᠠᠭᠤ ᠲᠠᠯ᠎ᠠ ᠤᠷᠤᠭᠤ ᠨᠢ ᠪᠣᠳᠤᠵᠤ ᠪᠣᠬᠢᠨᠢᠳᠤᠨ ᠰᠠᠭᠤᠭᠰᠠᠭᠠᠷ ᠪᠠᠷᠤᠭ ᠰᠠᠷ᠎ᠠ ᠢᠯᠡᠭᠦᠦ ᠪᠣᠯᠤᠭᠰᠠᠨ ᠠᠵᠢ᠃

ᠡᠨᠡ ᠥᠷᠯᠦᠭᠡ ᠬᠥᠭᠰᠢᠨ ᠡᠵᠢ ᠶᠢᠨ ᠴᠢᠷᠠᠢ ᠡᠩ ᠦᠨ ᠡᠳᠦᠷ ᠡᠴᠡ ᠮᠠᠭᠤ᠂ ᠴᠠᠢ ᠴᠤ ᠳᠡᠮᠡᠢ ᠤᠤᠭᠤᠭᠰᠠᠨ ᠦᠭᠡᠢ ᠪᠡᠷ ᠤᠬᠢᠯᠠᠵᠤ ᠰᠠᠭᠤᠪᠠ᠃ ᠡᠵᠢ ᠨᠢ ᠰᠡᠳᠭᠢᠯ ᠵᠣᠪᠠᠬᠤ ᠳᠤ᠂ ᠪᠠᠳᠮ᠎ᠠ ᠶᠢᠨ ᠴᠢᠷᠠᠢ ᠪᠠᠰᠠ ᠬᠤᠪᠢᠷᠠᠵᠤ᠂ ᠡᠴᠢᠭᠡ ᠪᠡᠨ ᠰᠠᠨᠠᠵᠤ ᠤᠷᠲᠤ ᠰᠠᠨᠠᠭ᠎ᠠ ᠠᠯᠳᠠᠪᠠ᠃ ᠪᠠᠲᠤᠰᠦ᠋ᠬᠡ ᠡᠨᠳᠡ ᠰᠢᠷᠬ᠎ᠠ ᠰᠤᠪᠢᠯᠠᠵᠤ᠂ ᠬᠠᠭᠠᠰ ᠰᠠᠷ᠎ᠠ ᠢᠯᠡᠭᠦᠦ ᠰᠠᠭᠤᠵᠤ᠂ ᠡᠨᠡ ᠭᠡᠷ ᠲᠡᠭᠦᠨ ᠳᠦ ᠲᠥᠷᠦᠭᠰᠡᠨ ᠭᠡᠷ ᠮᠡᠲᠦ ᠳᠣᠲᠤᠨᠤ ᠬᠠᠯᠠᠭᠤᠨ ᠪᠣᠯᠤᠭᠰᠠᠨ ᠲᠤᠯᠠ ᠲᠡᠷᠡ ᠪᠠᠰᠠ ᠰᠡᠳᠭᠢᠯ ᠠᠮᠤᠷ ᠦᠭᠡᠢ ᠪᠣᠯᠵᠤ᠂ ᠬᠡᠦᠬᠡᠨ ᠬᠥᠮᠦᠨ ᠰᠢᠭ᠌ ᠨᠣᠮᠤᠬᠠᠷᠠᠵᠤ ᠳᠤᠪ ᠳᠤᠭᠤᠢ ᠭᠠᠷ ᠢᠶᠡᠨ ᠨᠤᠬᠤᠯᠠᠨ ᠰᠠᠭᠤᠯ᠎ᠠ᠃ ᠭᠡᠷ ᠳᠣᠲᠤᠷ᠎ᠠ ᠭᠱᠠᠨ ᠵᠠᠭᠤᠷ᠎ᠠ ᠨᠠᠮ ᠰᠡᠯᠡᠭᠦᠨ᠂ ᠭᠠᠭᠴᠠ ᠭᠤᠷᠪᠠᠨ ᠨᠠᠰᠤᠲᠠᠢ ᠨᠢᠯᠬ᠎ᠠ ᠴᠢᠮᠡᠳ ᠯᠡ ᠰᠠᠨᠠᠭ᠎ᠠ ᠠᠮᠤᠷ ᠨᠠᠭᠠᠳᠤᠨ᠎ᠠ᠃

ᠬᠥᠭᠰᠢᠨ ᠡᠵᠢ ᠰᠠᠨᠠᠭ᠎ᠠ ᠵᠣᠪᠠᠬᠤ ᠪᠦᠷᠢ ᠪᠠᠲᠤᠰᠦ᠋ᠬᠡ ᠠᠷᠭ᠎ᠠ ᠠᠭᠠᠰᠢ ᠪᠠᠨ ᠪᠠᠷᠠᠵᠤ᠂ ᠡᠯᠳᠡᠪ ᠵᠦᠢᠯ ᠦᠨ ᠢᠨᠢᠶᠡᠳᠦᠮ ᠱᠣᠭ ᠦᠯᠢᠭᠡᠷ ᠬᠣᠯᠪᠤᠭ᠎ᠠ ᠬᠡᠯᠡᠵᠦ᠂ ᠡᠵᠢ ᠶᠢᠨ ᠢᠶᠡᠨ ᠰᠡᠳᠭᠢᠯ ᠢ ᠲᠠᠢᠳᠭᠤᠷᠠᠭᠤᠯᠳᠠᠭ ᠪᠢᠯᠡ᠃ ᠭᠡᠪᠡᠴᠦ ᠪᠠᠲᠤᠰᠦ᠋ᠬᠡ ᠪᠠᠰᠠ ᠨᠠᠰᠤ ᠪᠠᠭ᠎ᠠ ᠲᠤᠯᠠ ᠦᠵᠡᠵᠦ ᠰᠣᠨᠤᠰᠤᠭᠰᠠᠨ ᠵᠦᠢᠯ ᠥᠩᠭᠡᠷᠡᠦ ᠴᠦ ᠠᠷᠪᠢᠨ ᠪᠠᠢᠬᠤ ᠦᠭᠡᠢ᠃ ᠪᠠᠭ᠎ᠠ ᠰᠠᠭ᠎ᠠ ᠮᠡᠳᠡᠭᠰᠡᠨ ᠢᠶᠡᠨ ᠬᠡᠳᠦᠢᠨᠡᠢ ᠶᠠᠷᠢᠵᠤ ᠪᠠᠷᠠᠭᠠᠳ᠂ ᠶᠠᠭᠤ ᠴᠤ ᠬᠡᠯᠡᠶ᠎ᠡ ᠭᠡᠵᠦ ᠠᠷᠭ᠎ᠠ ᠪᠠᠨ ᠪᠠᠷᠠᠵᠤ ᠰᠠᠭᠤᠲᠠᠯ᠎ᠠ᠂ ᠪᠠᠳᠮ᠎ᠠ ᠬᠠᠵᠠᠭᠤ ᠡᠴᠡ ᠨᠢ᠄

«ᠰᠦᠬᠡ ᠠᠬ᠎ᠠ ᠡ᠂ ᠴᠢ ᠨᠢᠭᠡ ᠦᠯᠢᠭᠡᠷ ᠬᠡᠯᠡᠵᠦ ᠥᠭᠬᠦ ᠦᠭᠡᠢ ᠦᠦ︖ ᠡᠵᠢ ᠶᠡᠬᠡ ᠳᠤᠷ᠎ᠠ ᠲᠠᠢ ᠶᠤᠮ» ᠬᠡᠪᠡ᠃

«ᠣᠳᠣ ᠶᠠᠭᠤ ᠬᠡᠯᠡᠳᠡᠭ ᠪᠢᠯᠡ︕ ᠶᠡᠷᠦ ᠬᠡᠯᠡᠬᠦ ᠶᠠᠭᠤᠮ᠎ᠠ ᠣᠯᠳᠠᠬᠤ ᠦᠭᠡᠢ ᠳ᠋ᠠ» ᠭᠡᠵᠦ ᠪᠠᠲᠤᠰᠦ᠋ᠬᠡ ᠤᠯᠠᠮ ᠠᠷᠭ᠎ᠠ ᠪᠠᠨ ᠪᠠᠷᠠᠨ᠎ᠠ᠃

«ᠠᠩᠬ᠎ᠠ ᠤᠳᠠᠭ᠎ᠠ ᠶᠢᠨ ᠪᠠᠢᠯᠳᠤᠭᠠᠨ ᠤ ᠲᠤᠬᠠᠢ ᠬᠡᠯᠡᠭᠡᠷᠡᠢ᠂ ᠲᠡᠷᠡ ᠶᠠᠭᠤᠨ ᠡᠴᠡ ᠴᠤ ᠢᠯᠡᠭᠦᠦ ᠰᠣᠨᠤᠰᠤᠯᠲᠠᠢ ᠶᠤᠮ» ᠭᠡᠵᠦ ᠪᠠᠳᠮ᠎ᠠ ᠱᠠᠭᠠᠷᠳᠠᠪᠠ᠃ ᠪᠠᠲᠤᠰᠦ᠋ᠬᠡ ᠥᠪᠡᠷ ᠦᠨ ᠰᠠᠢᠨ ᠢᠶᠡᠨ ᠬᠦᠮᠦᠨ ᠦ ᠡᠮᠦᠨ᠎ᠡ ᠭᠠᠢᠬᠠᠭᠤᠯᠤᠨ ᠶᠠᠷᠢᠬᠤ ᠡᠴᠡ ᠪᠠᠬᠠᠨ ᠲᠦᠪᠡᠭᠰᠢᠶᠡᠳᠡᠭ ᠪᠣᠯᠪᠠᠴᠤ ᠪᠠᠳᠮ᠎ᠠ ᠶᠢᠨ ᠱᠠᠭᠠᠷᠳᠠᠯᠭ᠎ᠠ ᠲᠣᠣᠷ᠎ᠠ ᠪᠠᠰᠠ ᠡᠵᠢ ᠶᠢᠨ ᠢᠶᠡᠨ ᠵᠣᠪᠠᠵᠤ ᠪᠠᠢᠬᠤ ᠶᠢ ᠦᠵᠡᠭᠡᠳ᠄

«ᠵᠠ᠂ ᠴᠢᠩᠭᠢᠪᠡᠯ ᠪᠣᠯᠤᠨ᠎ᠠ᠂ ᠡᠵᠢ ᠰᠣᠨᠤᠰᠬᠤ ᠳᠤᠷ᠎ᠠ ᠲᠠᠢ ᠪᠣᠯ ᠪᠣᠯᠬᠤ ᠦᠭᠡᠢ ᠶᠠᠭᠠᠬᠢᠬᠤ ᠪᠤᠢ» ᠭᠡᠳ ᠪᠠᠲᠤᠰᠦ᠋ᠬᠡ ᠴᠠᠭᠠᠨ ᠮᠠᠩᠬᠠᠨ ᠤ ᠣᠷᠤᠢ ᠳᠡᠭᠡᠷ᠎ᠡ ᠳᠠᠢᠰᠤᠨ ᠤ ᠬᠦᠨᠳᠦ ᠫᠦᠯᠧᠮᠧᠲ ᠢ ᠪᠤᠯᠢᠶᠠᠭᠰᠠᠨ ᠢᠶᠡᠨ ᠦᠯᠢᠭᠡᠷ ᠬᠡᠯᠡᠬᠦ ᠰᠢᠭ᠌ ᠡᠬᠢᠯᠡᠨ ᠶᠠᠷᠢᠪᠠ᠃ ᠴᠢᠩᠭᠢᠭᠡᠳ ᠬᠥᠬᠡ ᠳᠡᠪᠡᠯ ᠲᠠᠢ ᠡᠪᠦᠭᠡᠨ ᠲᠡᠭᠦᠨ ᠳᠦ ᠲᠤᠰᠠᠯᠠᠭᠰᠠᠨ ᠢ ᠶᠠᠷᠢᠬᠤ ᠦᠶᠡᠰ ᠲᠦ᠂ ᠪᠠᠳᠮ᠎ᠠ ᠶᠡᠬᠡᠯ᠎ᠡ ᠰᠣᠨᠢᠷᠬᠠᠭᠰᠠᠨ ᠪᠠᠢᠳᠠᠯ ᠲᠠᠢ ᠤᠷᠤᠭᠰᠢ ᠲᠠᠪᠰᠢᠵᠤ ᠰᠢᠮᠡᠲᠡᠢ ᠰᠣᠨᠤᠰᠴᠤ ᠪᠠᠷᠠᠭᠠᠳ᠄

«ᠥᠨᠳᠦᠷ ᠪᠡᠶ᠎ᠡ ᠲᠠᠢ ᠬᠠᠷ᠎ᠠ ᠡᠪᠦᠭᠡᠨ ᠭᠡᠨ᠎ᠡ︖ ᠰᠠᠬᠠᠯ ᠲᠠᠢ ᠤᠤ︖» ᠭᠡᠵᠦ ᠠᠰᠠᠭᠤᠪᠠ᠃

«ᠰᠠᠬᠠᠯ ᠲᠠᠢ᠂ ᠰᠡᠷᠪᠡᠢᠭᠰᠡᠨ ᠬᠠᠷ᠎ᠠ ᠰᠠᠬᠠᠯ ᠲᠠᠢ» ᠭᠡᠵᠦ ᠪᠠᠲᠤᠰᠦ᠋ᠬᠡ ᠬᠠᠷᠢᠭᠤᠯᠪᠠ᠃

«ᠰᠣᠨᠢᠨ ᠶᠤᠮ ᠳ᠋ᠠ᠂ ᠠᠪᠤ ᠴᠢᠨᠢ ᠪᠢᠰᠢ ᠦᠦ ᠳ᠋ᠠ ᠬᠡᠦᠬᠡᠨ︖» ᠭᠡᠵᠦ ᠬᠥᠭᠰᠢᠨ ᠶᠡᠬᠡᠯ᠎ᠡ ᠰᠣᠨᠢᠷᠬᠠᠪᠠ᠃

«ᠠᠪᠤ ᠶᠢ ᠮᠢᠨᠢ ᠳᠠᠢᠰᠤᠨ ᠳᠣᠯᠤᠨ ᠨᠠᠭᠤᠷ ᠲᠤ ᠪᠠᠷᠢᠵᠤ ᠠᠪᠠᠴᠢᠴᠢᠬᠠᠭᠰᠠᠨ ᠶᠤᠮ ᠪᠢᠯᠡ᠂ ᠶᠠᠭᠤᠨ ᠤ ᠮᠦᠨ ᠪᠣᠯᠬᠤ ᠪᠤᠢ» ᠭᠡᠵᠦ ᠪᠠᠳᠮ᠎ᠠ ᠤᠷᠮ᠎ᠠ ᠦᠭᠡᠢ ᠬᠡᠯᠡᠨ᠎ᠡ᠃

«ᠬᠤᠪᠢ ᠵᠠᠶᠠᠭ᠎ᠠ ᠨᠢ ᠪᠠᠢᠭᠠᠳ ᠳᠣᠯᠤᠨ ᠨᠠᠭᠤᠷ ᠲᠤ ᠠᠪᠠᠴᠢᠭᠰᠠᠨ ᠦᠭᠡᠢ ᠴᠦ ᠪᠠᠢᠵᠤ ᠮᠠᠭᠠᠳ ᠲᠠᠢ ᠤᠤ ᠳ᠋ᠠ» ᠭᠡᠵᠦ ᠬᠥᠭᠰᠢᠨ ᠭᠣᠷᠢᠳᠠᠵᠤ ᠰᠠᠭᠤᠨ᠎ᠠ᠃« ᠨᠡᠷ᠎ᠡ ᠶᠢ ᠨᠢ ᠲᠠ ᠮᠡᠳᠡᠨ᠎ᠡ ᠦᠦ︖» ᠭᠡᠵᠦ ᠪᠠᠳᠮ᠎ᠠ ᠤᠯᠠᠮ ᠯᠠᠪᠯᠠᠪᠠ᠃

«ᠬᠠᠷᠠᠯᠠ᠂ ᠬᠠᠷᠠᠯᠠ᠂ ᠪᠢ ᠨᠡᠷ᠎ᠡ ᠶᠢ ᠨᠢ ᠶᠡᠷᠦ ᠠᠰᠠᠭᠤᠵᠤ ᠠᠮᠵᠢᠭᠰᠠᠨ ᠦᠭᠡᠢ ᠰᠢᠤ ᠳ᠋ᠠ᠂ ᠪᠢᠳᠡ ᠲᠡᠭᠦᠨ ᠢ ᠶᠡᠷᠦ ᠵᠠᠮᠴᠢ ᠠᠪᠤ ᠯᠠ ᠭᠡᠵᠦ ᠳᠠᠭᠤᠳᠠᠳᠠᠭ ᠡᠴᠡ ᠪᠢᠰᠢ᠂ ᠨᠡᠷ᠎ᠡ ᠶᠢ ᠨᠢ ᠬᠡᠨ ᠴᠦ ᠮᠡᠳᠡᠭᠰᠡᠨ ᠦᠭᠡᠢ» ᠬᠡᠪᠡ᠃

«ᠮᠦᠨ ᠪᠣᠯᠤᠭᠠᠳ ᠮᠡᠨᠳᠦ ᠰᠠᠢᠬᠠᠨ ᠢᠷᠡᠭᠡᠷᠡᠢ ᠳ᠋ᠠ᠂ ᠠᠪᠤ ᠮᠢᠨᠢ» ᠭᠡᠵᠦ ᠪᠠᠳᠮ᠎ᠠ ᠬᠦᠰᠡᠵᠦ ᠬᠡᠯᠡᠲᠡᠯ᠎ᠡ᠂ ᠭᠡᠨᠡᠳᠲᠡ ᠡᠭᠦᠳᠡᠨ ᠦ ᠵᠠᠪᠰᠠᠷ ᠢᠶᠡᠷ ᠬᠥᠬᠡ ᠳᠡᠪᠡᠯ ᠦᠨ ᠬᠣᠷᠮᠤᠢ ᠬᠠᠯᠲᠤ ᠦᠵᠡᠭᠳᠡᠵᠦ ᠨᠢᠭᠡ ᠬᠥᠮᠦᠨ ᠣᠷᠤᠵᠤ ᠢᠷᠡᠪᠡ᠃ ᠭᠡᠷ ᠲᠡᠬᠢ ᠬᠥᠮᠦᠰ ᠨᠢᠭᠡ ᠯᠡ ᠵᠡᠷᠭᠡ ᠪᠡᠷ᠄

«ᠠᠪᠤ ᠡ᠂ ᠠᠪᠤ ᠡ︕» ᠭᠡᠳ ᠭᠦᠶᠦᠯᠴᠡᠨ ᠪᠣᠰᠲᠠᠯ᠎ᠠ᠂ ᠪᠢᠴᠢᠬᠠᠨ ᠴᠢᠮᠡᠳ ᠨᠢ ᠤᠭᠲᠤᠨ ᠣᠴᠢᠵᠤ ᠠᠪᠤ ᠶᠢᠨ ᠢᠶᠡᠨ ᠬᠦᠵᠦᠭᠦᠦ ᠪᠡᠷ ᠨᠢ ᠲᠡᠪᠡᠷᠢᠪᠡ᠃ ᠡᠪᠦᠭᠡᠨ ᠬᠦᠦ ᠪᠡᠨ ᠲᠡᠪᠡᠷᠢᠵᠦ ᠠᠪᠤᠭᠠᠳ᠂ ᠦᠭᠡ ᠳᠠᠭᠤᠨ ᠦᠭᠡᠢ ᠬᠦᠷᠴᠦ ᠢᠷᠠᠨ᠂ ᠪᠠᠲᠤᠰᠦ᠋ᠬᠡ ᠶᠢᠨ ᠭᠠᠷ ᠢ ᠠᠳᠭᠤᠭᠠᠳ ᠨᠢᠳᠦ ᠳᠦᠭᠦᠷᠡᠩ ᠵᠠᠢᠷ ᠭᠦᠶᠦᠯᠭᠡᠵᠦ ᠨᠡᠯᠢᠶᠡᠳ ᠤᠳᠠᠲᠠᠯ᠎ᠠ ᠦᠭᠡ ᠬᠡᠯᠡᠵᠦ ᠭᠠᠷᠬᠤ ᠦᠭᠡᠢ ᠪᠦᠭᠯᠡᠷᠡᠭᠰᠡᠨ ᠢᠶᠡᠨ᠄

«ᠵᠠ᠂ ᠪᠠᠲᠤᠰᠦ᠋ᠬᠡ ᠬᠦᠦ ᠮᠢᠨᠢ᠂ ᠴᠢ ᠰᠠᠢᠨ ᠰᠠᠭᠤᠪᠠ ᠤᠤ︖ ᠰᠢᠷᠬ᠎ᠠ ᠴᠢᠨᠢ ᠶᠠᠭᠠᠬᠢᠵᠤ ᠪᠠᠢᠬᠤ ᠪᠤᠢ︖» ᠭᠡᠵᠦ ᠪᠠᠲᠤᠰᠦ᠋ᠬᠡ ᠶᠢ ᠲᠣᠯᠤᠭᠠᠢ ᠡᠴᠡ ᠨᠢ ᠬᠥᠯ ᠳᠤᠨᠢ ᠲᠤᠯᠲᠠᠯ᠎ᠠ ᠨᠢᠭᠡᠨ ᠵᠡᠷᠭᠡ ᠠᠩᠬᠠᠷᠤᠨ ᠰᠢᠷᠲᠡᠵᠦ ᠪᠠᠢᠪᠠ᠃ ᠪᠠᠳᠮ᠎ᠠ ᠶᠠᠭᠠᠷᠠᠨ᠄

«ᠠᠪᠤ ᠡ᠂ ᠡᠨᠡ ᠠᠬ᠎ᠠ ᠪᠠᠢᠭᠰᠠᠨ ᠦᠭᠡᠢ ᠪᠣᠯ ᠴᠢᠮᠡᠳ ᠴᠢᠨᠢ ᠪᠠᠰᠠ ᠪᠠᠢᠵᠤ ᠴᠢᠳᠠᠬᠤ ᠦᠭᠡᠢ ᠰᠢᠤ» ᠭᠡᠵᠦ ᠪᠠᠲᠤᠰᠦ᠋ᠬᠡ ᠶᠢᠨ ᠴᠢᠮᠡᠳ ᠢ ᠠᠪᠤᠷᠠᠭᠰᠠᠨ ᠢ ᠶᠠᠷᠢᠬᠤ ᠭᠡᠲᠡᠯ᠎ᠡ᠂ ᠬᠥᠭᠰᠢᠨ ᠬᠠᠵᠠᠭᠤ ᠡᠴᠡ ᠨᠢ ᠬᠡᠦᠬᠡᠨ ᠢᠶᠡᠨ ᠪᠦᠷᠢᠨ ᠬᠡᠯᠡᠵᠦ ᠥᠭᠴᠦ ᠴᠢᠳᠠᠬᠤ ᠦᠭᠡᠢ ᠠᠶᠤᠭᠰᠠᠨ ᠰᠢᠭ᠄

«ᠪᠢ ᠬᠡᠯᠡᠵᠦ ᠥᠭᠭᠦᠶ᠎ᠡ᠂ ᠪᠢ ᠬᠡᠯᠡᠵᠦ ᠥᠭᠭᠦᠶ᠎ᠡ ᠁» ᠭᠡᠵᠦ ᠡᠬᠢᠯᠡᠨ ᠶᠠᠷᠢᠲᠠᠯ᠎ᠠ ᠡᠪᠦᠭᠡᠨ ᠢᠨᠢᠶᠠᠨ᠄

«ᠪᠢ ᠳ᠋ᠢᠸᠢᠽᠢ ᠶᠢᠨ ᠺᠣᠮᠢᠰᠰᠠᠷ ᠨᠥᠬᠦᠷ ᠡᠴᠡ ᠬᠡᠳᠦᠢᠨ ᠰᠣᠨᠤᠰᠤᠭᠰᠠᠨ ᠶᠤᠮ᠃ ᠲᠠ ᠶᠠᠭᠠᠷᠠᠵᠤ ᠶᠠᠷᠢᠬᠤ ᠬᠡᠷᠡᠭ᠌ ᠦᠭᠡᠢ» ᠭᠡᠳ ᠬᠡᠦᠬᠡᠳ ᠢᠶᠡᠨ ᠬᠠᠵᠠᠭᠤ ᠳᠠᠭᠠᠨ ᠠᠪᠴᠢᠷᠠᠨ ᠳᠠᠬᠢᠨ ᠳᠠᠬᠢᠨ ᠦᠨᠦᠰᠦᠨ᠎ᠡ᠃ ᠡᠨᠡ ᠬᠣᠭᠤᠷᠤᠨᠳᠤ ᠬᠥᠭᠰᠢᠨ ᠬᠡᠵᠢᠶᠡᠨᠡᠢ ᠭᠠᠳᠠᠨ᠎ᠠ ᠪᠠᠨ ᠭᠦᠶᠦᠨ ᠭᠠᠷᠴᠤ᠂ ᠰᠣᠯᠢᠶᠠᠷᠠᠭᠰᠠᠨ ᠶᠤᠮ ᠰᠢᠭ᠄

«ᠬᠦᠶᠢ᠂ ᠲᠠ ᠪᠦᠭᠦᠳᠡᠭᠡᠷ ᠰᠣᠨᠤᠰᠤᠭᠠᠷᠠᠢ᠂ ᠪᠠᠶᠠᠷ ᠪᠣᠯᠵᠠᠢ᠃ ᠪᠠᠭ ᠤᠨ ᠳᠠᠷᠤᠭ᠎ᠠ ᠡᠪᠦᠭᠡᠨ ᠴᠢᠨᠢ ᠬᠠᠷᠢᠵᠤ ᠢᠷᠡᠵᠡᠢ᠃ ᠪᠠᠭ ᠤᠨ ᠳᠠᠷᠤᠭ᠎ᠠ ᠡᠪᠦᠭᠡᠨ ᠴᠢᠨᠢ ᠬᠠᠷᠢᠵᠤ ᠢᠷᠡᠵᠡᠢ᠃ ᠬᠤᠷᠳᠤᠨ ᠢᠷᠡᠵᠡᠭᠡ» ᠭᠡᠵᠦ ᠡᠷᠢᠶᠡᠨ ᠮᠢᠷᠢᠶᠡᠨ ᠳᠠᠭᠤᠨ ᠢᠶᠡᠷ ᠵᠡᠭᠦᠨ ᠪᠠᠷᠠᠭᠤᠨ ᠭᠡᠷ ᠲᠡᠭᠡᠨ ᠨᠡᠪᠲᠡᠷᠡᠭᠦᠯᠪᠡ᠃ ᠠᠢᠯ ᠤᠨ ᠬᠦᠮᠦᠰ ᠰᠣᠨᠤᠰᠤᠭᠠᠳ᠂ ᠭᠡᠷ ᠭᠡᠷ ᠡᠴᠡ ᠪᠡᠨ ᠪᠠᠷᠬᠢᠷᠠᠯᠴᠠᠭᠰᠠᠭᠠᠷ ᠭᠦᠶᠦᠯᠴᠡᠨ ᠢᠷᠡᠪᠡ᠃ ᠪᠠᠳᠮ᠎ᠠ ᠬᠡᠵᠢᠶᠡᠨᠡᠢ ᠬᠥᠬᠡ ᠴᠠᠢ ᠪᠠᠨ ᠪᠤᠴᠠᠯᠭᠠᠵᠤ ᠢᠳᠡᠭᠡᠰᠢᠲᠡᠯ᠎ᠡ ᠰᠦᠯᠡᠭᠡᠳ᠂ ᠮᠣᠩᠭᠤᠯ ᠭᠡᠷ ᠢ ᠡᠷᠭᠦᠵᠦ ᠠᠪᠤᠮᠠᠷ ᠨᠠᠷᠭᠢᠯᠴᠠᠨ ᠦᠢᠮᠡᠯᠳᠦᠵᠦ ᠪᠠᠶᠠᠷ ᠤᠨ ᠴᠠᠢ ᠪᠠᠨ ᠤᠤᠭᠤᠯᠴᠠᠪᠠ᠃ ᠬᠥᠭᠰᠢᠨ ᠶᠠᠭᠠᠷᠠᠨ ᠪᠣᠰᠴᠤ ᠬᠡᠵᠢᠶᠡᠨᠡᠢ ᠪᠡᠯᠡᠳᠭᠡᠭᠡᠳ ᠪᠠᠢᠭᠰᠠᠨ ᠴᠥᠭᠦᠴᠡ ᠲᠠᠢ ᠵᠤᠯᠠ ᠪᠠᠨ ᠪᠤᠷᠬᠠᠨ ᠤ ᠪᠠᠨ ᠡᠮᠦᠨ᠎ᠡ ᠠᠰᠠᠭᠠᠭᠠᠳ᠂ ᠡᠪᠦᠭᠡᠨ ᠦ ᠬᠢᠨᠢ ᠮᠡᠨᠳᠦ ᠰᠠᠢᠬᠠᠨ ᠬᠠᠷᠢᠵᠤ ᠢᠷᠡᠭᠰᠡᠨ ᠨᠢ ᠴᠦᠮ ᠪᠤᠷᠬᠠᠨ ᠰᠢᠲᠦᠭᠡᠨ ᠦ ᠠᠪᠤᠷᠠᠯ ᠡᠴᠡ ᠪᠣᠯᠤᠭᠰᠠᠨ ᠰᠢᠭ ᠴᠠᠢ ᠶᠢᠨ ᠢᠶᠡᠨ ᠳᠡᠭᠡᠵᠢ ᠶᠢ ᠲᠠᠬᠢᠯ ᠳᠦᠭᠦᠷᠭᠡᠨ ᠡᠷᠭᠦᠪᠡ᠃

ᠡᠪᠦᠭᠡᠨ ᠭᠡᠨᠡᠳᠲᠡ ᠨᠢᠭᠡ ᠶᠠᠭᠤᠮ᠎ᠠ ᠰᠠᠨᠠᠭᠠᠨ ᠳᠤ ᠣᠷᠤᠭᠰᠠᠨ ᠰᠢᠭ ᠡᠪᠦᠷ ᠢᠶᠡᠨ ᠠᠭᠤᠳᠠᠯᠵᠤ᠂ ᠨᠢᠭᠡᠨ ᠪᠣᠭᠤᠳᠠᠯ ᠢ ᠨᠡᠭᠡᠭᠡᠭᠡᠳ᠂ ᠳᠣᠲᠤᠷ᠎ᠠ ᠡᠴᠡ ᠨᠢ ᠬᠣᠶᠠᠷ ᠴᠠᠭᠠᠰᠤᠨ ᠬᠥᠷᠦᠭ ᠭᠠᠷᠭᠠᠪᠠ᠃ ᠲᠡᠭᠦᠨ ᠦ ᠨᠢᠭᠡ ᠨᠢ ᠲᠡᠷᠢᠭᠦᠯᠡᠭᠴᠢ ᠮᠠᠤ ᠽᠧ ᠳ᠋ᠦᠩ ᠤᠨ ᠬᠥᠷᠦᠭ ᠪᠦᠭᠡᠳ ᠨᠥᠭᠦᠭᠡ ᠨᠢᠭᠡ ᠨᠢ ᠥᠪᠦᠷ ᠮᠤᠩᠭᠤᠯ ᠤᠨ ᠠᠷᠠᠳ ᠲᠦᠮᠡᠨ ᠦ ᠬᠠᠢᠷᠠᠲᠤ ᠤᠳᠤᠷᠢᠳᠤᠭᠴᠢ ᠨᠥᠬᠦᠷ ᠤᠯᠠᠭᠠᠨᠬᠦᠦ ᠶᠢᠨ ᠬᠥᠷᠦᠭ ᠪᠢᠯᠡ᠃ ᠭᠡᠷ ᠳᠦᠭᠦᠷᠡᠩ ᠬᠦᠮᠦᠰ ᠥᠨᠳᠡᠢᠯᠴᠡᠨ ᠪᠣᠰᠤᠯᠴᠠᠵᠤ ᠭᠠᠷ ᠳᠠᠮᠵᠢᠭᠤᠯᠤᠨ ᠪᠤᠯᠢᠶᠠᠯᠳᠤᠨ ᠦᠵᠡᠨ᠎ᠡ᠃ ᠬᠦᠮᠦᠨ ᠪᠦᠷᠢ ᠶᠢᠨ ᠨᠢᠭᠤᠷ ᠲᠤ ᠪᠠᠶᠠᠷ ᠴᠡᠩᠬᠡᠯ ᠳᠦᠭᠦᠷᠴᠦ᠂ ᠬᠡᠨ ᠠᠯᠢᠨ ᠨᠢ ᠴᠤ ᠦᠵᠡᠭᠡᠳ ᠬᠠᠩᠬᠤ ᠦᠭᠡᠢ ᠰᠢᠭ᠌ ᠪᠠᠢᠪᠠ᠃

ᠡᠪᠦᠭᠡᠨ᠄«ᠡᠨᠡ ᠬᠥᠷᠦᠭ ᠢ ᠺᠣᠮᠢᠰᠰᠠᠷ ᠨᠥᠬᠦᠷ ᠬᠠᠮᠤᠭ ᠤᠨ ᠰᠠᠢᠨ ᠪᠡᠯᠡᠭ ᠪᠣᠯᠭᠠᠨ ᠨᠠᠳᠠ ᠦᠭᠭᠦᠭᠰᠡᠨ ᠶᠤᠮ» ᠭᠡᠳ ᠪᠠᠰᠠ ᠨᠢᠭᠡ ᠠᠷᠪᠢᠨ ᠪᠢᠲᠡᠭᠦᠮᠵᠢ ᠵᠠᠬᠢᠳᠠᠯ ᠭᠠᠷᠭᠠᠨ ᠪᠠᠲᠤᠰᠦ᠋ᠬᠡ ᠳᠦ ᠥᠭᠭᠦᠭᠡᠳ᠄

«ᠮᠠᠢ︕ ᠬᠦᠦ ᠮᠢᠨᠢ᠃ ᠰᠤᠮᠤᠨ ᠳᠠᠷᠤᠭ᠎ᠠ᠂ ᠵᠢᠭᠠᠨ ᠤᠳᠤᠷᠢᠳᠤᠭᠴᠢ ᠬᠣᠶᠠᠷ ᠡᠴᠡ ᠴᠢᠨᠢ ᠲᠡᠷᠢᠭᠦᠯᠡᠨ ᠣᠯᠠᠨ ᠨᠥᠬᠦᠳ ᠴᠢᠨᠢ ᠴᠢᠮ᠎ᠠ ᠳᠤ ᠦᠭᠭᠦᠭᠰᠡᠨ ᠵᠠᠬᠢᠳᠠᠯ᠂ ᠠᠪᠤ ᠨᠢ ᠴᠤ ᠢᠯᠭᠠᠵᠤ ᠴᠢᠳᠠᠬᠤ ᠦᠭᠡᠢ» ᠭᠡᠳ ᠪᠠᠭᠯᠠᠭ᠎ᠠ ᠲᠠᠢ ᠪᠠᠷ ᠨᠢ ᠲᠤᠰᠢᠶᠠᠪᠠ᠃

ᠪᠥᠬᠡ ᠡᠪᠦᠭᠡᠨ ᠦ ᠬᠠᠷᠢᠵᠤ ᠢᠷᠡᠭᠰᠡᠨ ᠴᠢᠮᠡᠭᠡ᠂ ᠦᠬᠡᠷᠴᠢᠨ ᠡᠴᠡ ᠬᠣᠨᠢᠴᠢᠨ ᠳᠤ᠂ ᠬᠣᠨᠢᠴᠢᠨ ᠡᠴᠡ ᠠᠳᠤᠭᠤᠴᠢᠨ ᠳᠤ ᠵᠠᠯᠭᠠᠮᠵᠢᠯᠠᠵᠤ ᠴᠠᠬᠢᠯᠭᠠᠨ ᠮᠡᠳᠡᠭᠡ ᠰᠢᠭ᠌ ᠲᠥᠷᠭᠡᠨ ᠢᠶᠡᠷ ᠳᠥᠷᠪᠡᠨ ᠵᠦᠭ᠌ ᠲᠤ ᠨᠡᠪᠲᠡᠷᠡᠵᠦ᠂ ᠣᠢᠷ᠎ᠠ ᠬᠣᠯᠠ ᠶᠢᠨ ᠬᠦᠮᠦᠰ ᠵᠠᠯᠭ᠎ᠠ ᠪᠠᠷ ᠢᠷᠡᠵᠦ ᠠᠶᠠᠨᠳᠠᠭᠠᠨ ᠴᠤᠭᠯᠠᠷᠠᠭᠰᠠᠨ ᠶᠡᠬᠡ ᠬᠣᠷᠢᠮ ᠰᠢᠭ ᠬᠡᠳᠦᠨ ᠡᠳᠦᠷ ᠦᠷᠭᠦᠯᠵᠢᠯᠡᠪᠡ᠃

ᠶᠢᠰᠦ

ᠪᠠᠳᠮ᠎ᠠ᠂ ᠪᠠᠲᠤᠰᠦ᠋ᠬᠡ ᠶᠢᠨ ᠬᠠᠨᠳᠠᠭᠠᠵᠠ ᠶᠢ ᠴᠠᠪ ᠴᠠᠭᠠᠨ ᠪᠣᠯᠲᠠᠯ᠎ᠠ ᠤᠭᠠᠵᠤ ᠭᠡᠷ ᠳᠡᠭᠡᠷ᠎ᠡ ᠪᠡᠨ ᠳᠡᠯᠭᠡᠭᠡᠳ᠂ ᠲᠡᠭᠦᠨ ᠦ ᠫᠤᠤ ᠶᠢᠨ ᠡᠭᠦᠷᠦᠪᠴᠢ ᠪᠡᠷ ᠨᠢ ᠴᠣᠭᠤᠷᠤᠭᠰᠠᠨ ᠬᠥᠬᠡ ᠳᠡᠪᠡᠯ ᠦᠨ ᠮᠥᠷᠦ ᠶᠢ ᠨᠢ ᠨᠥᠬᠦᠨ᠎ᠡ᠃

ᠪᠥᠬᠡ ᠡᠪᠦᠭᠡᠨ᠂ ᠪᠠᠲᠤᠰᠦ᠋ᠬᠡ ᠶᠢᠨ ᠭᠡᠷ ᠲᠦ ᠣᠷᠤᠭᠰᠠᠨ ᠬᠣᠭᠤᠷᠤᠨᠳᠤ ᠵᠠᠪᠳᠤᠵᠤ᠂ ᠤᠶᠠᠵᠤ ᠪᠠᠢᠭᠰᠠᠨ ᠬᠠᠷ᠎ᠠ ᠲᠦᠷᠦᠭᠦᠦ ᠬᠣᠨᠢ ᠪᠠᠨ ᠳᠠᠷᠤᠨ ᠤᠨᠠᠭᠠᠵᠤ ᠡᠳ᠋ ᠪᠣᠯᠭᠠᠪᠠ᠃ ᠬᠥᠭᠰᠢᠨ ᠬᠠᠵᠠᠭᠤ ᠳᠤᠨᠢ ᠰᠠᠭᠤᠵᠤ ᠬᠣᠨᠢᠨ ᠭᠡᠳᠡᠰᠦ ᠠᠷᠢᠯᠭᠠᠨ᠎ᠠ᠃ ᠪᠠᠲᠤᠰᠦ᠋ᠬᠡ ᠶᠢᠨ ᠰᠠᠢᠬᠠᠨ ᠰᠠᠷᠠᠯ ᠮᠣᠷᠢ ᠢᠵᠠᠷᠠᠲᠠᠯ᠎ᠠ ᠲᠠᠷᠭᠤᠯᠠᠭᠠᠳ᠂ ᠮᠥᠩᠭᠦᠨ ᠳᠠᠷᠤᠭᠤᠯᠭ᠎ᠠ ᠲᠠᠢ ᠪᠤᠯᠢᠭᠠᠷᠢ ᠭᠥᠯᠢᠮ ᠬᠢᠭᠰᠡᠨ ᠲᠤᠯᠤᠨ ᠨᠠᠭᠤᠷ ᠶᠠᠩᠵᠤ ᠶᠢᠨ ᠱᠠᠪᠢ ᠡᠮᠡᠭᠡᠯ ᠲᠤᠬᠤᠵᠤ ᠤᠶᠠᠭᠠᠨ ᠳᠡᠭᠡᠷ᠎ᠡ ᠤᠶᠠᠭᠰᠠᠨ ᠨᠢ᠂ ᠵᠢᠷᠤᠭ ᠤᠨ ᠮᠣᠷᠢ ᠮᠡᠲᠦ ᠬᠠᠷᠠᠭᠳᠠᠨ᠎ᠠ᠃ ᠬᠣᠯᠠᠭᠤᠷ ᠭᠠᠷᠬᠤ ᠬᠥᠮᠦᠨ ᠴᠦ ᠬᠠᠵᠠᠭᠤ ᠲᠤᠨᠢ ᠣᠴᠢᠵᠤ ᠦᠵᠡᠪᠡᠯ ᠡ︕ ᠬᠡᠮᠡᠷ ᠬᠡᠪ ᠶᠠᠩᠵᠤ ᠲᠠᠢ ᠲᠤᠯᠠ ᠮᠣᠷᠢᠨ ᠳᠤ ᠳᠤᠷ᠎ᠠ ᠲᠠᠢ ᠠᠢᠯ ᠤᠨ ᠪᠠᠭᠠᠴᠤᠳ ᠢᠷᠠᠨ ᠢᠷᠠᠨ ᠪᠠᠬᠠᠷᠬᠠᠨ᠎ᠠ᠃

ᠪᠥᠬᠡ ᠡᠪᠦᠭᠡᠨ ᠦ ᠨᠢᠭᠡ ᠭᠡᠷ ᠢᠶᠡᠷ ᠢᠶᠡᠨ ᠬᠣᠷᠢᠮ ᠬᠢᠵᠤ ᠪᠠᠢᠭ᠎ᠠ ᠰᠢᠭ ᠶᠠᠭᠠᠷᠠᠨ᠂ ᠣᠷᠤᠵᠤ ᠭᠠᠷᠴᠤ ᠶᠡᠬᠡᠯ᠎ᠡ ᠶᠠᠪᠤᠳᠠᠯ ᠪᠣᠯᠪᠠ᠃ ᠪᠠᠲᠤᠰᠦ᠋ᠬᠡ ᠡᠪᠦᠷ ᠳᠣᠲᠤᠷ᠎ᠠ ᠡᠴᠡ ᠪᠠᠨ ᠨᠢᠭᠡᠨ ᠵᠠᠬᠢᠳᠠᠯ ᠭᠠᠷᠭᠠᠨ ᠦᠵᠡᠭᠰᠡᠭᠡᠷ ᠲᠡᠰᠭᠡᠯ ᠦᠭᠡᠢ ᠢᠨᠢᠶᠡᠮᠰᠦᠭᠯᠠᠨ ᠳᠣᠣᠷ᠎ᠠ ᠳᠠᠭᠤᠨ ᠢᠶᠡᠷ ᠤᠩᠰᠢᠭᠰᠠᠨ ᠨᠢ᠄

«ᠨᠥᠬᠦᠷ ᠪᠠᠲᠤᠰᠦ᠋ᠬᠡ ᠲᠠᠨ᠎ᠠ᠄ ᠬᠠᠢᠷᠠᠲᠤ ᠨᠥᠬᠦᠷ ᠮᠢᠨᠢ ᠴᠢ ᠰᠠᠢᠨ ᠰᠠᠭᠤᠵᠤ ᠪᠠᠢᠨ᠎ᠠ ᠤᠤ︖» ᠭᠡᠵᠦ ᠡᠬᠢᠯᠡᠭᠰᠡᠨ᠂ ᠶᠠᠪᠤᠭᠤᠯ ᠤᠨ ᠬᠦᠮᠦᠨ ᠪᠢᠴᠢᠭᠰᠡᠨ ᠵᠠᠬᠢᠳᠠᠯ ᠨᠢ ᠲᠡᠭᠦᠨ ᠦ ᠰᠡᠳᠭᠢᠯ ᠢ ᠬᠥᠳᠡᠯᠭᠡᠪᠡ᠃ ᠵᠠᠯᠭᠠᠭᠠᠳ ᠤᠩᠰᠢᠬᠤ ᠳᠤ᠄

«ᠳᠠᠢᠰᠤᠨ ᠤ ᠰᠤᠮᠤᠨ ᠪᠣᠷᠤᠭᠠᠨ ᠤ ᠳᠣᠭᠤᠤᠷ ᠰᠢᠨᠲᠠᠷᠠᠯ ᠦᠭᠡᠢ ᠰᠢᠷᠭᠤᠯᠠᠨ ᠣᠷᠤᠵᠤ᠂ ᠶᠡᠬᠡ ᠢᠯᠠᠯᠲᠠ ᠶᠢᠨ ᠡᠭᠦᠳᠡ ᠶᠢ ᠨᠡᠭᠡᠭᠡᠭᠰᠡᠨ ᠪᠠ ᠠᠷᠠᠳ ᠲᠦᠮᠡᠨ ᠦ ᠲᠥᠯᠦᠭᠡ ᠪᠡᠶ᠎ᠡ ᠪᠡᠨ ᠬᠠᠢᠬᠤᠷᠤᠯ ᠦᠭᠡᠢ ᠭᠠᠯ ᠳᠣᠲᠤᠷ᠎ᠠ ᠡᠴᠡ ᠬᠡᠦᠬᠡᠳ ᠦᠨ ᠠᠮᠢ ᠶᠢ ᠠᠪᠤᠷᠠᠭᠰᠠᠨ ᠢᠷᠠᠭᠤ ᠭᠠᠪᠢᠶ᠎ᠠ ᠵᠢᠳᠭᠦᠯ ᠳᠦ ᠴᠢᠨᠢ ᠳ᠋ᠢᠸᠢᠽᠢ ᠶᠢᠨ ᠤᠯᠤᠰ ᠲᠥᠷᠦ ᠶᠢᠨ ᠭᠠᠵᠠᠷ ᠡᠴᠡ ᠶᠡᠬᠡ ᠭᠠᠪᠢᠶ᠎ᠠ ᠲᠡᠮᠳᠡᠭᠯᠡᠵᠦ ᠰᠠᠢᠰᠢᠶᠠᠯ ᠤᠨ ᠲᠡᠮᠳᠡᠭ ᠢᠶᠡᠷ ᠱᠠᠩᠨᠠᠪᠠ᠃ ᠬᠤᠷᠢᠶᠠᠨ ᠠᠪᠤᠭᠠᠷᠠᠢ︕ ᠪᠢᠳᠡᠨ ᠦ ᠰᠤᠮᠤᠨ ᠤ ᠳᠠᠷᠤᠭ᠎ᠠ ᠴᠡᠷᠢᠭ᠌ ᠪᠦᠬᠦᠨ ᠢᠶᠡᠷ ᠲᠠᠨ ᠤ ᠢᠷᠠᠭᠤ ᠠᠯᠳᠠᠷ ᠲᠤ ᠬᠠᠯᠠᠭᠤᠨ ᠪᠠᠶᠠᠷ ᠬᠦᠷᠭᠡᠶ᠎ᠡ» ᠭᠡᠵᠡᠢ᠃

ᠪᠠᠲᠤᠰᠦ᠋ᠬᠡ ᠡᠨᠳᠡ ᠬᠦᠷᠲᠡᠯ᠎ᠡ ᠤᠩᠰᠢᠭᠠᠳ ᠡᠩᠭᠡᠷ ᠳᠡᠭᠡᠷ᠎ᠡ ᠪᠡᠨ ᠵᠡᠭᠦᠭᠰᠡᠨ ᠰᠠᠢᠰᠢᠶᠠᠯ ᠤᠨ ᠲᠡᠮᠳᠡᠭ ᠢᠶᠡᠨ ᠬᠠᠷᠠᠪᠠ᠃ ᠲᠡᠭᠦᠨ ᠦ ᠡᠷᠲᠡ ᠡᠳᠦᠷ ᠦᠨ ᠵᠡᠭᠦᠳᠦ᠂ ᠡᠨᠡ ᠡᠳᠦᠷ ᠦᠨᠡᠨ ᠪᠣᠯᠤᠭᠰᠠᠨ ᠳᠤ ᠢᠲᠡᠭᠡᠵᠦ ᠶᠠᠳᠠᠬᠤ ᠰᠢᠭ ᠰᠠᠨᠠᠭᠳᠠᠪᠠ᠃ ᠡᠭᠦᠨ ᠦ ᠬᠠᠮᠲᠤ᠂ ᠥᠪᠡᠷ ᠦᠨ ᠠᠮᠢ ᠪᠡᠶ᠎ᠡ᠂ ᠡᠴᠦᠰ ᠦᠨ ᠨᠢᠭᠡᠨ ᠳᠤᠰᠤᠯ ᠴᠢᠰᠤ ᠪᠠᠨ ᠠᠷᠢᠭᠤᠨ ᠦᠢᠯᠡᠰ ᠦᠨ ᠢᠶᠡᠨ ᠲᠥᠯᠦᠭᠡ ᠡᠷᠭᠦᠭᠰᠡᠨ ᠪᠠᠯᠠᠷᠠᠰᠢ ᠦᠭᠡᠢ ᠪᠠᠭᠠᠲᠤᠷ ᠬᠠᠢᠷᠠᠲᠤ ᠨᠥᠬᠦᠷ ᠪᠣᠯᠲᠤ ᠰᠠᠨᠠᠭᠠᠨ ᠳᠤᠨᠢ ᠣᠷᠤᠪᠠ᠃ ᠬᠠᠮᠤᠭ ᠤᠨ ᠶᠡᠬᠡ ᠥᠩᠭᠡ ᠭᠡᠷᠡᠯ ᠭᠠᠪᠢᠶ᠎ᠠ ᠵᠢᠳᠭᠦᠯ ᠴᠦᠮ ᠲᠡᠭᠦᠨ ᠦ ᠬᠢ ᠪᠣᠯᠬᠤ ᠶᠣᠰᠤᠲᠠᠢ᠃ ᠲᠡᠷᠡ ᠪᠣᠯ ᠴᠣᠬᠤᠮ ᠡᠪ ᠬᠠᠮᠲᠤ ᠨᠠᠮ ᠤᠨ ᠭᠡᠰᠢᠭᠦᠨ ᠦ ᠢᠷᠠᠭᠤ ᠰᠠᠢᠨ ᠴᠢᠨᠠᠷ ᠢ ᠦᠵᠡᠭᠦᠯᠦᠨ ᠴᠢᠳᠠᠭᠰᠠᠨ ᠪᠦᠭᠡᠳ ᠮᠠᠨ ᠤ ᠠᠭᠤᠤ ᠶᠡᠬᠡ ᠢᠯᠠᠯᠲᠠ ᠪᠣᠯ ᠲᠦᠮᠡ ᠪᠣᠮᠠᠨ ᠪᠣᠯᠲᠤ ᠰᠢᠭ ᠪᠠᠭᠠᠲᠤᠷ ᠤᠳ ᠤᠨ ᠭᠠᠪᠢᠶ᠎ᠠ ᠵᠢᠳᠭᠦᠯ ᠢᠷᠠᠭᠤ ᠠᠯᠳᠠᠷ ᠡᠴᠡ ᠰᠠᠯᠵᠤ ᠪᠣᠯᠬᠤ ᠦᠭᠡᠢ ᠶᠤᠮ ᠭᠡᠵᠦ ᠪᠣᠳᠤᠬᠤ ᠳᠠᠭᠠᠨ ᠥᠪᠡᠷ ᠦᠨ ᠪᠡᠶ᠎ᠡ ᠪᠡᠨ ᠬᠢᠨᠠᠵᠤ ᠦᠵᠡᠪᠡ᠃«ᠪᠢ ᠡᠬᠡ ᠣᠷᠤᠨ ᠠᠷᠠᠳ ᠲᠦᠮᠡᠨ ᠳᠡᠭᠡᠨ ᠶᠠᠮᠠᠷ ᠵᠡᠷᠭᠡ ᠵᠢᠳᠭᠦᠭᠰᠡᠨ ᠪᠤᠢ︖ ᠳᠠᠷᠤᠭ᠎ᠠ ᠨᠠᠷ ᠤᠨ ᠶᠠᠷᠢᠳᠠᠭ ᠦᠯᠢᠭᠡᠷ ᠵᠢᠱ᠋ᠢᠶ᠎ᠡ ᠪᠠ ᠪᠣᠯᠲᠤ ᠨᠥᠬᠦᠷ ᠰᠢᠭ᠌ ᠪᠠᠭᠠᠲᠤᠷ ᠤᠳ ᠲᠠᠢ ᠠᠳᠠᠯᠢᠳᠭᠠᠪᠠᠯ ᠶᠠᠮᠠᠷ ᠴᠤ ᠭᠠᠪᠢᠶ᠎ᠠ ᠵᠢᠳᠭᠦᠯ ᠦᠭᠡᠢ ᠪᠢᠰᠢ ᠦᠦ︖ ᠁» ᠭᠡᠵᠦ ᠪᠣᠳᠤᠭᠰᠠᠭᠠᠷ ᠨᠡᠯᠢᠶᠡᠳ ᠤᠳᠠᠪᠠ᠃

«ᠳᠣᠭᠤᠭᠰᠢ ᠪᠠᠨ ᠤᠩᠰᠢᠭᠠᠷᠠᠢ» ᠭᠡᠵᠦ ᠪᠠᠳᠮ᠎ᠠ ᠬᠠᠵᠠᠭᠤ ᠡᠴᠡ ᠨᠢ ᠬᠡᠯᠡᠲᠡᠯ᠎ᠡ ᠳᠠᠬᠢᠨ ᠵᠠᠯᠭᠠᠵᠤ᠄

«ᠭᠠᠷ ᠪᠠᠷᠢᠯᠴᠠᠨ ᠰᠠᠯᠤᠭᠰᠠᠨ ᠡᠴᠡ ᠢᠨᠠᠭᠰᠢ ᠬᠣᠶᠠᠷ ᠰᠠᠷ᠎ᠠ ᠢᠯᠡᠭᠦᠦ ᠪᠣᠯᠪᠠ᠂ ᠬᠡᠰᠢᠭᠲᠡᠨ ᠬᠤᠰᠢᠭᠤᠨ ᠤ ᠵᠠᠰᠠᠭ ᠤᠨ ᠣᠷᠳᠤᠨ ᠤ ᠨᠥᠬᠦᠳ ᠡᠴᠡ ᠴᠢᠨᠦ ᠰᠢᠷᠬ᠎ᠠ ᠮᠠᠰᠢ ᠲᠦᠷᠭᠡᠨ ᠰᠠᠢᠨ ᠪᠣᠯᠵᠤ ᠪᠠᠢᠨ᠎ᠠ ᠭᠡᠵᠦ ᠰᠣᠨᠤᠰᠤᠭᠠᠳ ᠪᠢᠳᠡ ᠲᠤᠢᠯ ᠢᠶᠡᠷ ᠪᠠᠶᠠᠷᠯᠠᠪᠠ᠃ ᠪᠢᠳᠡ ᠴᠢᠮᠠᠢ ᠬᠦᠮᠦᠨ ᠪᠣᠯᠤᠨ᠎ᠠ ᠭᠡᠵᠦ ᠶᠡᠷᠦ ᠪᠣᠳᠤᠭᠰᠠᠨ ᠦᠭᠡᠢ ᠪᠠᠢᠪᠠ᠃ ᠴᠢ ᠶᠡᠷᠦ ᠲᠡᠮᠦᠷ ᠰᠢᠭ᠌ ᠬᠦᠦ ᠶᠤᠮ ᠪᠠᠢᠨ᠎ᠠ᠃

ᠵᠠ᠂ ᠪᠤᠤ ᠮᠠᠷᠲᠠᠭᠠᠷᠠᠢ᠂ ᠡᠨᠡ ᠪᠣᠯ ᠴᠢᠮᠠᠢ ᠰᠤᠪᠢᠯᠠᠵᠤ ᠪᠠᠢᠭ᠎ᠠ ᠠᠷᠠᠳ ᠤᠨ ᠬᠠᠢᠷᠠᠯᠠᠨ ᠬᠠᠷᠠᠭᠠᠯᠵᠠᠭᠰᠠᠨ ᠤ ᠠᠴᠢ ᠰᠢᠤ ᠳ᠋ᠠ᠃ ᠴᠢ ᠮᠠᠨ ᠤ ᠲᠤᠯᠤᠯᠳᠤᠭᠠᠨ ᠤ ᠲᠤᠬᠠᠢ ᠰᠣᠨᠤᠰᠤᠶ᠎ᠠ ᠭᠡᠵᠦ ᠶᠡᠬᠡ ᠳᠤᠷᠠᠯᠠᠵᠤ ᠪᠠᠢᠬᠤ ᠪᠢᠵᠡ᠂ ᠡᠨᠡ ᠣᠷᠴᠢᠮ ᠶᠡᠬᠡ ᠪᠠᠢᠯᠳᠤᠭᠠᠨ ᠭᠠᠷᠤᠭᠰᠠᠨ ᠦᠭᠡᠢ᠃ ᠲᠦᠷᠦᠭᠦᠦ ᠤᠳᠠᠭ᠎ᠠ ᠶᠢᠨ ᠪᠠᠢᠯᠳᠤᠭᠠᠨ ᠤ ᠢᠯᠠᠯᠲᠠ ᠶᠢ ᠠᠩᠬ᠎ᠠ ᠤᠳᠠᠭ᠎ᠠ ᠶᠢᠨ ᠵᠠᠬᠢᠳᠠᠯ ᠳᠡᠭᠡᠷ᠎ᠡ ᠬᠡᠯᠡᠭᠰᠡᠨ ᠲᠤᠯᠠ ᠡᠨᠳᠡ ᠳᠠᠪᠲᠠᠬᠤ ᠶᠢ ᠵᠣᠭᠰᠤᠶ᠎ᠠ᠂ ᠪᠢᠳᠡ ᠣᠳᠣ ᠬᠦᠴᠦ ᠪᠡᠨ ᠭᠠᠷᠭᠠᠨ ᠳᠣᠯᠤᠨ ᠨᠠᠭᠤᠷ ᠢ ᠴᠣᠬᠢᠬᠤ ᠪᠠᠢᠯᠳᠤᠭᠠᠨ ᠤ ᠪᠡᠯᠡᠳᠭᠡᠯ ᠬᠢᠵᠤ ᠪᠠᠢᠨ᠎ᠠ᠃ ᠠᠭᠤᠤ ᠶᠡᠬᠡ ᠢᠯᠠᠯᠲᠠ ᠨᠢᠳᠦᠨ ᠡᠮᠦᠨ᠎ᠡ ᠪᠣᠯᠵᠤ ᠪᠠᠢᠨ᠎ᠠ᠃ ᠳᠣᠯᠤᠨ ᠨᠠᠭᠤᠷ ᠢ ᠴᠢᠯᠦᠭᠡᠯᠡᠭᠰᠡᠨ ᠦ ᠳᠠᠷᠠᠭ᠎ᠠ ᠪᠣᠯ ᠵᠠᠩ ᠵᠢᠶᠠ ᠺᠧᠦ᠂ ᠵᠠᠩ ᠵᠢᠶᠠ ᠺᠧᠦ ᠶᠢᠨ ᠳᠠᠷᠠᠭ᠎ᠠ ᠪᠡᠭᠡᠵᠢᠩ᠂ ᠲᠡᠭᠦᠨ ᠡᠴᠡ ᠵᠠᠯᠭᠠᠯᠳᠤᠯᠭ᠎ᠠ ᠪᠠᠷ ᠪᠦᠬᠦ ᠤᠯᠤᠰ ᠢ ᠴᠢᠯᠦᠭᠡᠯᠡᠬᠦ ᠴᠠᠭ ᠣᠢᠷᠠᠳᠴᠤ ᠪᠠᠢᠨ᠎ᠠ ᠰᠢᠤ᠃ ᠵᠠ᠂ ᠨᠥᠬᠦᠷ ᠴᠢ ᠮᠢᠨᠢ ᠰᠢᠷᠬ᠎ᠠ ᠪᠠᠨ ᠰᠠᠢᠨ ᠰᠤᠪᠢᠯᠠᠭᠠᠳ᠂ ᠬᠣᠭ ᠦᠭᠡᠢ ᠰᠠᠢᠨ ᠪᠣᠯᠤᠭᠰᠠᠨ ᠬᠣᠢᠨ᠎ᠠ ᠢᠷᠡᠭᠡᠷᠡᠢ᠃ ᠪᠢᠲᠡᠬᠡᠢ ᠶᠠᠭᠠᠷᠠ ᠳ᠋ᠠ᠃ ᠪᠦᠬᠦ ᠤᠯᠤᠰ ᠤᠨ ᠶᠡᠬᠡ ᠬᠠᠭᠠᠰ ᠨᠢ ᠪᠠᠰᠠ ᠴᠢᠯᠦᠭᠡᠯᠡᠭᠳᠡᠭᠡᠳᠦᠢ ᠪᠠᠢᠭᠰᠠᠭᠠᠷ᠂ ᠴᠢᠨᠦ ᠣᠷᠤᠬᠤ ᠲᠤᠯᠤᠯᠳᠤᠭᠠᠨ ᠪᠠᠢᠬᠤ ᠯᠠ᠂ ᠭᠠᠪᠢᠶ᠎ᠠ ᠪᠠᠢᠭᠤᠯᠬᠤ ᠲᠣᠬᠢᠶᠠᠯ ᠴᠤ ᠪᠠᠰᠠ ᠪᠠᠢᠬᠤ ᠯᠠ᠃ ᠡᠭᠦᠨ ᠦ ᠲᠤᠯᠠ᠂ ᠪᠠᠶᠠᠷᠲᠠᠢ᠃

ᠥᠯᠵᠡᠢ

ᠷᠢᠨᠴᠢᠨ ᠡᠴᠡ

ᠲᠠᠪᠤᠳᠤᠭᠠᠷ ᠰᠠᠷ᠎ᠠ ᠶᠢᠨ ᠲᠠᠪᠤᠨ᠎ᠠ᠃»

ᠪᠠᠲᠤᠰᠦ᠋ᠬᠡ ᠵᠠᠬᠢᠳᠠᠯ ᠢᠶᠡᠨ ᠤᠩᠰᠢᠵᠤ ᠲᠡᠭᠦᠰᠭᠡᠭᠡᠳ᠂ ᠨᠢᠭᠡᠨ ᠬᠣᠪᠤᠷ ᠡᠷᠳᠡᠨᠢ ᠰᠢᠭ᠌ ᠬᠡᠳᠦᠨ ᠳᠠᠪᠬᠤᠷ ᠪᠠᠭᠯᠠᠭᠠᠳ ᠤᠭᠤᠲᠠᠨ ᠳᠠᠭᠠᠨ ᠬᠤᠷᠢᠶᠠᠪᠠ᠃ ᠪᠠᠳᠮ᠎ᠠ ᠣᠶᠤᠳᠠᠯ ᠢᠶᠡᠨ ᠲᠦᠷ ᠵᠣᠭᠰᠤᠭᠠᠳ ᠨᠢᠭᠡ ᠶᠠᠭᠤᠮ᠎ᠠ ᠪᠣᠳᠤᠭᠰᠠᠨ ᠰᠢᠭ ᠳᠤᠪ ᠳᠤᠭᠤᠢ ᠪᠠᠢᠪᠠ᠃ ᠴᠢᠩᠭᠢᠭᠡᠳ ᠪᠠᠲᠤᠰᠦ᠋ᠬᠡ ᠡᠴᠡ᠄

«ᠪᠢᠳᠡ ᠬᠡᠵᠢᠶ᠎ᠡ ᠳᠠᠬᠢᠵᠤ ᠠᠭᠤᠯᠵᠠᠬᠤ ᠶᠤᠮ ᠪᠣᠯᠪᠠ︖» ᠭᠡᠵᠦ ᠳᠣᠣᠷ᠎ᠠ ᠳᠠᠭᠤᠨ ᠢᠶᠡᠷ ᠠᠰᠠᠭᠤᠪᠠ᠃

«ᠬᠡᠨ ᠬᠡᠯᠡᠵᠦ ᠮᠡᠳᠡᠬᠦ ᠪᠤᠢ︖ ᠪᠠᠳᠮ᠎ᠠ ᠡ᠂ ᠪᠢ ᠵᠢᠶᠠᠩ ᠵᠢᠶᠧ ᠱ᠋ᠢ ᠶᠢ ᠪᠦᠷᠢᠮᠦᠰᠦᠨ ᠰᠥᠨᠦᠭᠡᠭᠡᠳ ᠪᠦᠬᠦ ᠤᠯᠤᠰ ᠢ ᠴᠢᠯᠦᠭᠡᠯᠡᠭᠰᠡᠨ ᠬᠣᠢᠨ᠎ᠠ ᠵᠠᠪᠠᠯ ᠴᠢᠯᠦᠭᠡ ᠭᠤᠶᠤᠵᠤ ᠢᠷᠡᠭᠡᠳ ᠲᠠᠨ ᠢ ᠦᠵᠡᠶ᠎ᠡ᠃ ᠵᠠ᠂ ᠲᠡᠷᠡ ᠦᠶ᠎ᠡ ᠳᠦ ᠴᠢ ᠲᠤᠭᠤᠯ ᠬᠠᠷᠢᠭᠤᠯᠵᠤ ᠪᠠᠢᠳᠠᠭ ᠪᠣᠯᠪᠠ ᠤᠤ︖ ᠲᠥᠷᠦ ᠶᠢᠨ ᠲᠥᠯᠦᠭᠡ ᠶᠠᠪᠤᠵᠤ ᠪᠠᠢᠳᠠᠭ ᠪᠣᠯᠪᠠ ᠤᠤ ᠳᠠ︖» ᠭᠡᠳ ᠢᠨᠢᠶᠡᠮᠰᠦᠭᠯᠡᠨ᠎ᠡ᠃ ᠭᠡᠲᠡᠯ᠎ᠡ ᠪᠠᠳᠮ᠎ᠠ ᠡᠯᠢᠭᠡᠰᠡᠭ ᠵᠦᠭᠡᠯᠡᠨ ᠬᠠᠷᠠᠴᠠ ᠪᠠᠷ ᠪᠠᠲᠤᠰᠦ᠋ᠬᠡ ᠶᠢᠨ ᠴᠢᠷᠠᠢ ᠶᠢ ᠰᠢᠷᠲᠡᠵᠦ᠄

«ᠰᠦᠬᠡ ᠡ (ᠲᠡᠷᠡ ᠠᠩᠬ᠎ᠠ ᠤᠳᠠᠭ᠎ᠠ ᠰᠦᠬᠡ ᠭᠡᠵᠦ ᠰᠢᠭᠤᠳ ᠨᠡᠷ᠎ᠡ ᠪᠡᠷ ᠨᠢ ᠳᠠᠭᠤᠳᠠᠪᠠ)᠂ ᠴᠢ ᠬᠠᠷᠠᠵᠤ ᠪᠠᠢᠭᠠᠷᠠᠢ︕ ᠪᠢ ᠶᠠᠭᠠᠬᠢᠪᠠᠴᠤ<ᠬᠠᠷᠢ ᠳᠤ ᠬᠠᠳᠠᠭᠠᠰᠤ᠂ ᠬᠠᠨᠴᠤᠢ ᠶᠢᠨ ᠨᠥᠬᠦᠭᠡᠰᠦ> ᠪᠣᠯᠵᠤ ᠨᠢᠭᠡᠨ ᠨᠠᠰᠤ ᠪᠠᠨ ᠪᠠᠷᠠᠬᠤ ᠦᠭᠡᠢ᠃ ᠪᠢ ᠥᠴᠦᠭᠡᠳᠦᠷ ᠰᠦᠨᠢ᠂ ᠰᠦᠨᠢ ᠳᠤᠮᠳᠠ ᠥᠩᠭᠡᠷᠡᠲᠡᠯ᠎ᠡ ᠤᠨᠲᠠᠭᠰᠠᠨ ᠦᠭᠡᠢ᠂ ᠣᠯᠠᠨ ᠶᠠᠭᠤᠮ᠎ᠠ ᠪᠣᠳᠤᠵᠤ ᠬᠡᠪᠲᠡᠭᠰᠡᠨ ᠰᠢᠤ» ᠬᠡᠪᠡ᠃

«ᠶᠠᠭᠤ ᠪᠣᠳᠤᠭᠰᠠᠨ ᠶᠤᠮ ᠪᠤᠢ︖ ᠨᠠᠳᠠ ᠬᠡᠯᠡᠭᠡᠷᠡᠢ︕»

«ᠪᠠᠢᠬᠤ ᠯᠠ᠂ ᠪᠠᠢᠬᠤ ᠯᠠ᠂ ᠴᠢᠨᠦ ᠬᠡᠯᠡᠭᠰᠡᠨ ᠦᠭᠡ ᠶᠢ ᠭᠡᠭᠡᠯᠲᠡ ᠦᠭᠡᠢ ᠬᠢᠨᠠᠵᠤ ᠪᠣᠳᠤᠪᠠ᠃ ᠨᠢᠭᠡᠳᠦᠭᠡᠷ ᠲᠦ ᠪᠢᠴᠢᠭ᠌ ᠦᠰᠦᠭ ᠴᠢᠷᠮᠠᠢᠨ ᠰᠤᠷᠤᠯᠴᠠᠨ᠎ᠠ᠃ ᠢᠩᠭᠢᠭᠡᠳ ᠠᠵᠢᠯ ᠬᠥᠳᠡᠯᠮᠦᠷᠢ ᠶᠢᠨ ᠲᠠᠯ᠎ᠠ ᠪᠠᠷ ᠪᠠᠰᠠ ᠶᠡᠬᠡ ᠪᠦᠲᠦᠭᠡᠯ ᠭᠠᠷᠭᠠᠶ᠎ᠠ ᠭᠡᠵᠦ ᠪᠣᠳᠤᠵᠤ ᠪᠠᠢᠨ᠎ᠠ᠃ ᠶᠠᠮᠠᠷ ᠪᠤᠢ︖ ᠪᠢ ᠴᠢᠨᠦ ᠬᠡᠯᠡᠭᠰᠡᠨ ᠢᠶᠡᠷ ᠶᠠᠪᠤᠵᠤ ᠴᠢᠳᠠᠨ᠎ᠠ ᠭᠡᠵᠦ ᠴᠢ ᠨᠠᠮᠠᠢ ᠢᠲᠡᠭᠡᠨ᠎ᠡ ᠦᠦ︖»

«ᠶᠡᠬᠡ ᠰᠠᠢᠨ᠂ ᠶᠡᠬᠡ ᠰᠠᠢᠨ᠂ ᠪᠢ ᠴᠢᠮᠠᠢ ᠪᠠᠲᠤ ᠢᠲᠡᠭᠡᠨ᠎ᠡ ᠁» ᠭᠡᠵᠦ ᠪᠠᠲᠤᠰᠦ᠋ᠬᠡ ᠢᠨᠢᠶᠡᠭᠰᠡᠭᠡᠷ ᠬᠡᠯᠡᠪᠡ᠃

ᠭᠡᠲᠡᠯ᠎ᠡ ᠬᠥᠭᠰᠢᠨ ᠡᠵᠢ ᠣᠷᠤᠵᠤ ᠢᠷᠡᠭᠡᠳ ᠲᠡᠷᠡ ᠬᠣᠶᠠᠷ ᠤᠨ ᠦᠭᠡ ᠶᠢ ᠲᠠᠰᠤᠯᠪᠠ᠃ ᠪᠠᠲᠤᠰᠦ᠋ᠬᠡ ᠢᠴᠡᠩᠭᠦᠷᠡᠭᠰᠡᠨ ᠶᠤᠮ ᠰᠢᠭ ᠬᠠᠵᠠᠭᠤ ᠳᠤᠨᠢ ᠰᠠᠭᠤᠵᠤ ᠪᠠᠢᠭᠰᠠᠨ ᠪᠢᠴᠢᠬᠠᠨ ᠴᠢᠮᠡᠳ ᠢ ᠲᠡᠪᠡᠷᠢᠨ ᠠᠪᠴᠤ ᠬᠤᠪᠠᠨ ᠰᠢᠷ᠎ᠠ ᠲᠣᠯᠤᠭᠠᠢ ᠶᠢ ᠨᠢ ᠢᠯᠪᠢᠵᠦ ᠮᠠᠨᠲᠠᠭᠠᠷ ᠤᠯᠠᠭᠠᠨ ᠬᠠᠴᠠᠷ ᠢ ᠨᠢ ᠦᠨᠦᠰᠦᠨ᠎ᠡ᠃

ᠴᠢᠮᠡᠳ ᠪᠠᠲᠤᠰᠦ᠋ᠬᠡ ᠶᠢᠨ ᠡᠪᠦᠷ ᠳᠡᠭᠡᠷ᠎ᠡ ᠨᠢ ᠰᠠᠭᠤᠭᠠᠳ᠂ ᠲᠡᠭᠦᠨ ᠦ ᠡᠩᠭᠡᠷ ᠳᠡᠭᠡᠷ᠎ᠡ ᠪᠡᠨ ᠵᠡᠭᠦᠭᠰᠡᠨ ᠣᠳᠤᠨ ᠲᠡᠮᠳᠡᠭ ᠢ ᠪᠠᠷᠢᠵᠤ ᠳᠤᠷᠠᠯᠠᠭᠰᠠᠨ ᠰᠢᠭ ᠪᠠᠬᠠᠷᠬᠠᠨ ᠠᠭᠠᠰᠢᠯᠠᠨ᠎ᠠ᠃

ᠪᠠᠲᠤᠰᠦ᠋ᠬᠡ᠂ ᠪᠢᠴᠢᠬᠠᠨ ᠴᠢᠮᠡᠳ ᠢ ᠬᠠᠢᠷᠠᠯᠠᠨ ᠲᠠᠭᠠᠯᠠᠬᠤ ᠳᠠᠭᠠᠨ ᠲᠡᠭᠦᠨ ᠦ ᠥᠰᠦᠭᠰᠡᠨ ᠬᠣᠢᠨ᠎ᠠ ᠪᠠᠨ ᠶᠠᠮᠠᠷ ᠬᠦᠮᠦᠨ ᠪᠣᠯᠵᠤ᠂ ᠶᠠᠮᠠᠷ ᠶᠡᠬᠡ ᠬᠡᠷᠡᠭ᠌ ᠦᠢᠯᠡᠰ ᠢ ᠪᠦᠲᠦᠭᠡᠬᠦ ᠶᠢ ᠨᠢ ᠪᠣᠳᠤᠵᠤ᠂ ᠪᠠᠷᠠᠭᠤᠨ ᠬᠣᠢᠨ᠎ᠠ ᠬᠠᠨ᠎ᠠ ᠳᠤ ᠡᠯᠭᠦᠵᠦ ᠪᠠᠢᠬᠤ ᠳᠤᠮᠳᠠᠳᠤ ᠤᠯᠤᠰ ᠤᠨ ᠠᠷᠠᠳ ᠲᠦᠮᠡᠨ ᠦ ᠵᠤᠯ ᠵᠢᠷᠭᠠᠯ ᠤᠨ ᠵᠠᠮ ᠢ ᠭᠡᠷᠡᠯᠲᠦᠭᠦᠯᠦᠨ ᠵᠢᠭᠠᠭᠰᠠᠨ ᠪᠦᠭᠡᠳ ᠳᠣᠷᠤᠢ ᠪᠠᠭ᠎ᠠ ᠦᠨᠳᠦᠰᠦᠲᠡᠨ ᠦ ᠠᠪᠤᠷᠠᠭᠴᠢ ᠣᠳᠤᠨ ᠠᠭᠤᠤ ᠶᠡᠬᠡ ᠪᠠᠭᠰᠢ᠂ ᠮᠠᠨ ᠤ ᠦᠶ᠎ᠡ ᠶᠢᠨ ᠭᠠᠢᠬᠠᠮᠰᠢᠭᠲᠤ ᠲᠡᠮᠡᠴᠡᠯ ᠦᠨ ᠵᠢᠯᠤᠭᠤᠳᠤᠭᠴᠢ ᠬᠠᠢᠷᠠᠲᠠᠢ ᠤᠳᠤᠷᠢᠳᠤᠭᠴᠢ ᠲᠡᠷᠢᠭᠦᠯᠡᠭᠴᠢ ᠮᠠᠤ ᠽᠧ ᠳ᠋ᠦᠩ ᠤᠨ ᠬᠥᠷᠦᠭ ᠢ ᠬᠠᠷᠠᠪᠠ᠃

ᠲᠡᠷᠢᠭᠦᠯᠡᠭᠴᠢ ᠶᠢᠨ ᠠᠭᠤᠳᠠᠮ ᠥᠷᠭᠡᠨ ᠮᠠᠩᠨᠠᠢ᠂ ᠶᠡᠬᠡᠮᠰᠦᠭ ᠵᠢᠪᠬᠤᠯᠠᠩ ᠲᠠᠢ ᠳᠦᠷᠢ᠂ ᠥᠷᠦᠰᠢᠶᠡᠯ ᠬᠠᠢᠷᠠᠯᠠᠯ ᠲᠠᠢ ᠨᠢᠳᠦ ᠨᠢ ᠰᠠᠨᠠᠭ᠎ᠠ ᠰᠠᠢᠲᠠᠢ ᠪᠢᠴᠢᠬᠠᠨ ᠴᠢᠮᠡᠳ᠂ ᠪᠠᠳᠮ᠎ᠠ᠂ ᠪᠠᠲᠤᠰᠦ᠋ᠬᠡ ᠭᠤᠷᠪᠠᠭᠤᠯᠠ ᠶᠢ ᠬᠠᠷᠠᠭᠠᠳ ᠢᠨᠢᠶᠡᠮᠰᠦᠭᠯᠡᠭᠰᠡᠨ ᠰᠢᠭ᠌ ᠰᠠᠨᠠᠭᠳᠠᠨ᠎ᠠ᠃ ᠪᠠᠲᠤᠰᠦ᠋ᠬᠡ᠂ ᠥᠴᠦᠭᠡᠳᠦᠷ ᠰᠤᠮᠤᠨ ᠳᠠᠷᠤᠭ᠎ᠠ᠂ ᠵᠢᠭᠠᠨ ᠤᠳᠤᠷᠢᠳᠤᠭᠴᠢ ᠬᠣᠶᠠᠷ ᠤᠨ ᠢᠶᠡᠨ ᠵᠠᠬᠢᠳᠠᠯ ᠢ ᠣᠯᠤᠭᠰᠠᠨ ᠡᠴᠡ ᠨᠠᠰᠢ ᠰᠦᠨᠢ ᠤᠨᠲᠠᠭᠠᠳ ᠨᠣᠢᠷ ᠦᠭᠡᠢ᠂ ᠡᠳᠦᠷ ᠪᠣᠰᠤᠭᠠᠳ ᠰᠠᠭᠤᠳᠠᠯ ᠦᠭᠡᠢ ᠪᠣᠯᠵᠤ᠂ ᠵᠠᠪᠠᠯ ᠴᠡᠷᠢᠭ᠌ ᠳᠡᠭᠡᠷ᠎ᠡ ᠪᠡᠨ ᠶᠠᠪᠤᠨ᠎ᠠ ᠭᠡᠬᠦ ᠳᠦ᠂ ᠪᠥᠬᠡ ᠡᠪᠦᠭᠡᠨ ᠬᠥᠭᠰᠢᠨ ᠬᠣᠶᠠᠷ᠂ ᠪᠠᠳᠮ᠎ᠠ ᠪᠢᠴᠢᠬᠠᠨ ᠴᠢᠮᠡᠳ ᠲᠠᠢ ᠪᠡᠨ ᠰᠢᠷᠬ᠎ᠠ ᠪᠠᠨ ᠡᠳᠡᠭᠡᠭᠡᠳ ᠶᠠᠪᠤᠭᠠᠷᠠᠢ︕ ᠭᠡᠵᠦ ᠬᠣᠷᠢᠭᠯᠠᠭᠰᠠᠨ ᠪᠣᠯᠪᠠᠴᠤ ᠶᠡᠷᠦ ᠪᠣᠯᠤᠭᠰᠠᠨ ᠦᠭᠡᠢ᠃ ᠲᠡᠷᠡ᠂ ᠥᠨᠥ ᠥᠷᠯᠦᠭᠡ ᠭᠡᠭᠡᠷᠡᠬᠦ ᠶᠢᠨ ᠬᠢᠷᠢ ᠳᠦ ᠮᠣᠷᠢᠨ ᠳᠠᠭᠠᠨ ᠡᠮᠡᠭᠡᠯ ᠳᠠᠷᠤᠭᠠᠳ᠂ ᠰᠣᠯᠢᠶ᠎ᠠ ᠲᠠᠢ ᠬᠥᠮᠦᠨ ᠰᠢᠭ᠌ ᠭᠦᠶᠦᠨ ᠭᠦᠶᠦᠨ ᠪᠣᠰᠴᠤ ᠪᠠᠢᠪᠠ᠃

ᠡᠪᠦᠭᠡᠨ ᠬᠥᠭᠰᠢᠨ ᠬᠣᠶᠠᠷ ᠬᠣᠨᠢ ᠪᠠᠨ ᠲᠠᠪᠠᠭᠯᠠᠵᠤ ᠬᠦᠦ ᠪᠠᠲᠤᠰᠦ᠋ᠭᠡ ᠪᠡᠨ ᠳᠠᠢᠯᠠᠪᠠ᠃ ᠪᠥᠬᠡ ᠡᠪᠦᠭᠡᠨ᠂ ᠮᠥᠩᠭᠦᠨ ᠠᠶᠠᠭᠠᠨ ᠳᠠᠭᠠᠨ ᠰᠠᠭᠠᠯᠢ ᠶᠢᠨ ᠠᠷᠢᠬᠢ ᠪᠠᠨ ᠳᠦᠭᠦᠷᠭᠡᠵᠦ ᠪᠠᠲᠤᠰᠦ᠋ᠬᠡ ᠳᠦ ᠥᠭᠬᠦ ᠳᠡᠭᠡᠨ᠄«ᠳᠠᠢᠰᠤᠨ ᠢᠶᠡᠨ ᠳᠠᠷᠤᠭᠠᠳ᠂ ᠳᠠᠷᠬᠠᠨ ᠴᠣᠯᠠ ᠶᠢ ᠣᠯᠤᠭᠠᠳ᠂ ᠳᠠᠭᠠᠷᠢᠭᠠᠳ ᠢᠷᠡᠬᠦ ᠳᠦ ᠴᠢᠨᠢ ᠳᠠᠬᠢᠵᠤ ᠪᠠᠶᠠᠷ ᠲᠠᠢ ᠠᠭᠤᠯᠵᠠᠵᠠᠭᠠᠶ᠎ᠠ» ᠭᠡᠵᠦ ᠠᠪᠤ ᠬᠥᠮᠦᠨ ᠦ ᠵᠠᠩᠰᠢᠯ ᠢᠶᠡᠷ ᠢᠷᠦᠭᠡᠲᠡᠯ᠎ᠡ᠂ ᠬᠥᠭᠰᠢᠨ ᠡᠵᠢ ᠨᠢ ᠪᠠᠰᠠ ᠴᠠᠪᠠ ᠦᠭᠡᠢ ᠴᠠᠭᠠᠨ ᠱᠠᠵᠠᠩ ᠳᠠᠭᠠᠨ ᠠᠷᠢᠭᠤᠨ ᠰᠦ᠋ ᠪᠡᠨ ᠳᠦᠭᠦᠷᠭᠡᠭᠡᠳ᠄«ᠬᠡᠢ ᠮᠣᠷᠢ ᠴᠢᠨᠢ ᠳᠡᠭᠳᠡᠵᠦ᠂ ᠬᠠᠨᠳᠤᠭᠰᠠᠨ ᠵᠦᠭ᠌ ᠲᠡᠭᠡᠨ ᠳᠡᠢᠯᠦᠭᠡᠳ᠂ ᠬᠡᠰᠢᠭ᠌ ᠪᠤᠶᠠᠨ ᠴᠢᠨᠢ ᠨᠡᠮᠡᠭᠳᠡᠵᠦ᠂ ᠬᠡᠵᠢᠶ᠎ᠡ ᠳᠡᠭᠡᠨ ᠮᠡᠨᠳᠦ ᠶᠠᠪᠤ ᠳ᠋ᠠ ᠬᠦᠦ ᠮᠢᠨᠢ» ᠭᠡᠵᠦ ᠢᠷᠦᠭᠡᠭᠡᠳ ᠨᠢᠯᠪᠤᠰᠤ ᠪᠠᠨ ᠠᠷᠴᠢᠵᠤ ᠰᠠᠭᠤᠨ᠎ᠠ᠃

ᠪᠠᠲᠤᠰᠦ᠋ᠬᠡ ᠥᠪᠡᠷ ᠦᠨ ᠲᠥᠷᠦᠭᠰᠡᠨ ᠢᠶᠡᠨ ᠰᠢᠭ᠌ ᠰᠠᠨᠠᠭᠰᠠᠨ ᠡᠵᠢ᠂ ᠠᠪᠤ᠂ ᠳᠡᠭᠦᠦ ᠨᠠᠷ ᠤᠨ ᠢᠶᠡᠨ ᠦᠨᠡᠨ ᠵᠢᠷᠦᠬᠡᠨ ᠦ ᠡᠨᠡᠷᠢᠯ ᠬᠠᠢᠷ᠎ᠠ ᠳᠤᠨᠢ ᠰᠡᠳᠭᠢᠯ ᠬᠥᠳᠡᠯᠵᠦ᠄

«ᠠᠷᠢᠭᠤᠨ ᠴᠠᠭᠠᠨ ᠰᠦ᠋ ᠪᠡᠨ ᠰᠢᠮᠡᠭᠦᠯᠦᠨ ᠥᠰᠭᠡᠭᠰᠡᠨ ᠡᠬᠡ ᠣᠷᠤᠨ ᠠᠷᠠᠳ ᠲᠦᠮᠡᠨ ᠦ ᠪᠡᠨ ᠲᠥᠯᠦᠭᠡ᠂ ᠡᠴᠢᠭᠡ ᠡᠬᠡ ᠲᠠᠢ ᠮᠢᠨᠢ ᠠᠳᠠᠯᠢ ᠡᠨᠡᠷᠢᠨ ᠬᠠᠢᠷᠠᠯᠠᠭᠰᠠᠨ ᠲᠠ ᠨᠠᠷ ᠤᠨ ᠢᠶᠡᠨ ᠡᠭᠦᠷᠢᠳᠡ ᠶᠢᠨ ᠵᠤᠯ ᠵᠢᠷᠭᠠᠯ ᠤᠨ ᠲᠥᠯᠦᠭᠡ᠂ ᠤᠯᠠᠭᠠᠨ ᠴᠢᠰᠤ ᠪᠠᠨ ᠬᠠᠢᠷᠠᠯᠠᠬᠤ ᠦᠭᠡᠢ ᠪᠡᠷ ᠵᠢᠳᠭᠦᠨ᠎ᠡ» ᠭᠡᠵᠦ ᠬᠡᠯᠡᠬᠦ ᠳᠡᠭᠡᠨ ᠨᠢᠳᠦᠨ ᠳᠤᠨᠢ ᠨᠢᠯᠪᠤᠰᠤ ᠪᠦᠷᠬᠦᠵᠦ ᠪᠠᠢᠪᠠ᠃ ᠭᠡᠲᠡᠯ᠎ᠡ ᠵᠡᠭᠦᠨ ᠪᠠᠷᠠᠭᠤᠨ ᠭᠡᠷ ᠦᠨ ᠬᠢᠨᠢ ᠡᠪᠦᠭᠡᠳ ᠬᠥᠭᠰᠢᠳ ᠢᠷᠡᠵᠦ᠂ ᠬᠣᠢᠲᠤ ᠤᠷᠲᠤ ᠠᠢᠯ ᠤᠳ ᠤᠨ ᠦᠶ᠎ᠡ ᠶᠢᠨ ᠵᠠᠯᠠᠭᠤᠴᠤᠳ ᠴᠤᠭᠯᠠᠷᠠᠵᠤ᠂ ᠥᠪᠡᠷ ᠦᠨ ᠦᠷ᠎ᠡ ᠬᠡᠦᠬᠡᠳ ᠢᠶᠡᠨ ᠦᠳᠡᠵᠦ ᠮᠣᠷᠳᠠᠭᠤᠯᠬᠤ ᠪᠠᠷ ᠰᠠᠭᠤᠯᠴᠠᠪᠠ᠃

ᠪᠠᠳᠮ᠎ᠠ᠂ ᠪᠠᠲᠤᠰᠦ᠋ᠬᠡ ᠶᠢᠨ ᠵᠠᠮ ᠦᠨ ᠬᠦᠨᠡᠰᠦ᠂ ᠴᠠᠭᠠᠨ ᠢᠳᠡᠭᠡ ᠵᠡᠷᠭᠡ ᠶᠢ ᠪᠠᠭᠯᠠᠵᠤ ᠬᠤᠪᠴᠠᠰᠤ ᠬᠤᠨᠠᠷ ᠢ ᠨᠢ ᠤᠭᠠᠵᠤ ᠨᠥᠬᠦᠭᠡᠳ ᠴᠢᠪ ᠴᠠᠪ ᠬᠢᠲᠠᠯ᠎ᠠ ᠪᠡᠯᠡᠳᠭᠡᠪᠡ᠃ ᠨᠠᠷᠠᠨ ᠦᠳᠡ ᠰᠢᠬᠠᠪᠠ᠃ ᠪᠠᠲᠤᠰᠦ᠋ᠬᠡ᠂ ᠴᠡᠷᠢᠭ᠌ ᠲᠦ ᠣᠷᠤᠬᠤ ᠪᠠᠷ ᠣᠴᠢᠬᠤ ᠠᠷᠪᠠᠨ ᠬᠡᠳᠦᠨ ᠵᠠᠯᠠᠭᠤᠴᠤᠳ ᠲᠠᠢ ᠪᠠᠨ ᠮᠣᠷᠳᠠᠪᠠ᠃ ᠠᠢᠯ ᠤᠨ ᠣᠯᠠᠨ ᠢᠶᠡᠷ ᠢᠶᠡᠨ ᠳᠠᠭᠠᠵᠤ ᠭᠠᠵᠠᠷ ᠢᠯᠡᠭᠦᠦ ᠶᠠᠪᠤᠭᠰᠠᠨ ᠪᠣᠯᠪᠠᠴᠤ ᠮᠦᠨ ᠴᠦ ᠪᠤᠴᠠᠬᠤ ᠦᠭᠡᠢ᠂ ᠵᠠᠮ ᠣᠷᠴᠢᠮ ᠤᠨ ᠠᠢᠯ ᠤᠨ ᠬᠥᠭᠰᠢᠳ ᠬᠤᠷᠤᠳ ᠲᠣᠰᠤ ᠪᠠᠨ ᠪᠠᠷᠢᠵᠤ᠂ ᠲᠣᠰᠤᠨ ᠲᠣᠰᠤᠨ ᠢᠷᠡᠵᠦ ᠬᠤᠪᠢ ᠬᠤᠪᠢ ᠪᠠᠷ ᠢᠶᠡᠨ ᠢᠷᠦᠭᠡᠵᠦ᠂ ᠲᠤᠰ ᠲᠤᠰ ᠢᠶᠡᠷ ᠢᠶᠡᠨ ᠪᠠᠯᠠᠭᠯᠠᠨ᠎ᠠ᠃ ᠪᠠᠲᠤᠰᠦ᠋ᠬᠡ᠂ ᠪᠢᠴᠢᠬᠠᠨ ᠴᠢᠮᠡᠳ ᠢ ᠲᠡᠪᠡᠷᠢᠬᠦ ᠳᠦ ᠲᠡᠷᠡ᠂ ᠪᠠᠲᠤᠰᠦ᠋ᠬᠡ ᠶᠢᠨ ᠬᠦᠵᠦᠭᠦᠦ ᠪᠡᠷ ᠨᠢ ᠴᠢᠩᠭ᠎ᠠ ᠲᠡᠪᠡᠷᠢᠵᠦ ᠪᠤᠮᠪᠠᠭᠠᠷ ᠤᠯᠠᠭᠠᠨ ᠬᠠᠴᠠᠷ ᠢᠶᠡᠨ ᠵᠠᠪᠰᠠᠷ ᠦᠭᠡᠢ ᠨᠠᠭᠠᠯᠳᠤᠭᠤᠯᠪᠠ᠃ ᠪᠠᠲᠤᠰᠦ᠋ᠬᠡ ᠪᠠᠢᠨ ᠪᠠᠢᠨ ᠵᠣᠭᠰᠤᠵᠤ᠄«ᠪᠠᠭ᠎ᠠ ᠬᠣᠯᠠ ᠶᠠᠪᠤᠭᠰᠠᠨ ᠦᠭᠡᠢ᠂ ᠣᠳᠣ ᠪᠤᠴᠠ᠂ ᠣᠳᠣ ᠪᠤᠴᠠᠭᠠᠷᠠᠢ︕» ᠭᠡᠵᠦ ᠱᠠᠯᠠᠪᠠᠴᠤ᠂ ᠬᠥᠮᠦᠰ ᠶᠡᠷᠦ ᠰᠠᠯᠬᠤ ᠳᠤᠷ᠎ᠠ ᠦᠭᠡᠢ ᠰᠢᠭ᠌ ᠶᠠᠪᠤᠭᠰᠠᠭᠠᠷ ᠪᠠᠰᠠ ᠬᠠᠭᠠᠰ ᠭᠠᠵᠠᠷ ᠬᠢᠷᠢ ᠲᠠᠢ ᠦᠳᠡᠪᠡ᠃ ᠬᠥᠭᠰᠢᠨ ᠡᠵᠢ ᠭᠦᠶᠦᠨ ᠢᠷᠡᠵᠦ᠂ ᠪᠠᠲᠤᠰᠦ᠋ᠬᠡ ᠶᠢᠨ ᠬᠦᠵᠦᠭᠦᠦ ᠪᠡᠷ ᠨᠢ ᠲᠡᠪᠡᠷᠢᠨ᠄

«ᠬᠦᠦ ᠮᠢᠨᠢ︕» ᠭᠡᠳ ᠦᠭᠡ ᠬᠡᠯᠡᠵᠦ ᠭᠠᠷᠬᠤ ᠦᠭᠡᠢ ᠨᠡᠯᠢᠶᠡᠳ ᠤᠳᠠᠭᠠᠳ᠄«ᠮᠡᠨᠳᠦ ᠰᠠᠢᠨ ᠶᠠᠪᠤᠭᠠᠷᠠᠢ» ᠭᠡᠳ ᠤᠬᠢᠯᠠᠭᠰᠠᠭᠠᠷ ᠦᠨᠦᠰᠦᠨ᠎ᠡ᠃ ᠪᠠᠳᠮ᠎ᠠ ᠶᠢᠨ ᠴᠢᠷᠠᠢ ᠤᠪ ᠤᠯᠠᠭᠠᠨ ᠪᠣᠯᠤᠭᠠᠳ ᠨᠢᠳᠦᠨ ᠳᠤᠨᠢ ᠨᠢᠯᠪᠤᠰᠤ ᠪᠦᠷᠬᠦᠪᠡ᠃ ᠬᠦᠮᠦᠰ ᠬᠠᠮᠤᠭ ᠤᠨ ᠰᠡᠭᠦᠯ ᠳᠤᠨᠢ ᠳᠠᠬᠢᠨ ᠨᠢᠭᠡ ᠤᠳᠠᠭ᠎ᠠ ᠢᠷᠦᠭᠡᠯᠴᠡᠵᠦ ᠰᠠᠯᠪᠠ᠃

ᠠᠢᠯ ᠤᠨ ᠣᠯᠠᠨ ᠬᠡᠳᠦ ᠬᠡᠳᠦ ᠪᠡᠷ ᠢᠶᠡᠨ ᠪᠣᠲᠠᠷᠠᠨ ᠭᠡᠷ ᠭᠡᠷ ᠵᠦᠭ ᠢᠶᠡᠨ ᠶᠠᠪᠤᠪᠠ᠃ ᠪᠠᠳᠮ᠎ᠠ ᠭᠠᠭᠴᠠᠭᠠᠷ ᠦᠯᠡᠳᠡᠵᠦ ᠪᠠᠰᠠ ᠬᠠᠮᠲᠤ ᠠᠯᠬᠤᠭᠰᠠᠭᠠᠷ᠃ ᠲᠡᠷᠡ ᠦᠶ᠎ᠡ ᠳᠦ᠂ ᠲᠡᠭᠦᠨ ᠦ ᠵᠢᠷᠦᠬᠡ ᠨᠢ ᠲᠦᠭ ᠲᠦᠭ ᠴᠣᠬᠢᠯᠠᠨ ᠳᠣᠲᠤᠷ᠎ᠠ ᠨᠢ ᠬᠠᠯᠠᠭᠤᠨ ᠣᠷᠭᠢᠪᠠ᠃ ᠪᠠᠰᠠ ᠨᠡᠯᠢᠶᠡᠳ ᠶᠠᠪᠤᠭᠠᠳ ᠪᠠᠲᠤᠰᠦ᠋ᠬᠡ ᠶᠠᠭ ᠮᠣᠷᠳᠠᠬᠤ ᠦᠶᠡᠰ ᠲᠦ᠂ ᠪᠠᠳᠮ᠎ᠠ ᠡᠪᠦᠷ ᠡᠴᠡ ᠪᠡᠨ ᠨᠢᠭᠡᠨ ᠬᠠᠳᠭᠤᠮᠠᠯ ᠬᠤᠸᠠᠷ ᠲᠠᠢ ᠲᠠᠮᠠᠬᠢᠨ ᠤ ᠤᠭᠤᠲᠠ ᠭᠠᠷᠭᠠᠵᠤ ᠪᠠᠲᠤᠰᠦ᠋ᠬᠡ ᠳᠦ ᠥᠭᠭᠦᠭᠡᠳ᠄

«ᠰᠦᠬᠡ ᠡ︕» ᠭᠡᠳ ᠬᠡᠯᠡᠵᠦ ᠭᠠᠷᠤᠭᠰᠠᠨ ᠦᠭᠡᠢ᠂ ᠴᠢᠷᠠᠢ ᠨᠢ ᠴᠢᠰᠤ ᠮᠡᠲᠦ ᠤᠯᠠᠢᠵᠤ ᠢᠴᠡᠩᠭᠦᠷᠡᠭᠰᠡᠨ ᠰᠢᠭ᠌ ᠳᠣᠷᠤᠭᠰᠢ ᠬᠠᠷᠠᠭᠠᠳ᠄

«ᠪᠢ ᠠᠮᠢᠳᠤ ᠪᠠᠢᠭᠰᠠᠨ ᠴᠠᠭ ᠲᠤ ᠴᠢᠮᠠᠢ ᠶᠠᠭᠠᠬᠢᠪᠠᠴᠤ ᠮᠠᠷᠲᠠᠬᠤ ᠦᠭᠡᠢ᠂ ᠴᠢ ᠪᠠᠰᠠ ᠨᠠᠮᠠᠢ ᠪᠤᠤ ᠮᠠᠷᠲᠠᠭᠠᠷᠠᠢ» ᠭᠡᠳ ᠮᠡᠯᠲᠡᠭᠡᠨᠡᠵᠦ ᠪᠠᠢᠭ᠎ᠠ ᠨᠢᠯᠪᠤᠰᠤ ᠪᠠᠨ ᠬᠣᠷᠢᠭᠯᠠᠬᠤ ᠭᠡᠵᠦ ᠡᠭᠦᠯᠡᠨ ᠦ ᠲᠣᠯᠤᠭᠠᠢ ᠶᠢ ᠬᠠᠷᠠᠪᠠ᠃ ᠭᠡᠪᠡᠴᠦ ᠨᠢᠯᠪᠤᠰᠤ ᠨᠢ ᠲᠡᠭᠦᠨ ᠦ ᠰᠠᠨᠠᠭ᠎ᠠ ᠶᠢ ᠳᠠᠭᠠᠭᠰᠠᠨ ᠦᠭᠡᠢ ᠤᠯᠠᠭᠠᠨ ᠬᠠᠴᠠᠷ ᠤᠷᠤᠭᠤ ᠨᠢ ᠪᠥᠮᠪᠦᠷᠢᠪᠡ᠃

ᠪᠠᠲᠤᠰᠦ᠋ᠬᠡ᠂ ᠪᠠᠳᠮ᠎ᠠ ᠶᠢᠨ ᠭᠠᠷ ᠢ ᠴᠢᠩᠭ᠎ᠠ ᠠᠳᠬᠤᠵᠤ᠂ ᠨᠥᠭᠦᠭᠡ ᠭᠠᠷ ᠢᠶᠡᠷ ᠢᠶᠡᠨ ᠮᠥᠷᠦᠨ ᠳᠡᠭᠡᠷ᠎ᠡ ᠨᠢ ᠳᠠᠷᠤᠵᠤ᠄

«ᠪᠠᠳᠮ᠎ᠠ ᠡ᠂ ᠪᠢ ᠴᠢᠮᠠᠢ ᠪᠠᠨ ᠦᠬᠦᠪᠡᠴᠦ ᠮᠠᠷᠲᠠᠬᠤ ᠦᠭᠡᠢ» ᠬᠡᠪᠡ᠃

ᠬᠣᠶᠠᠭᠤᠯᠠ ᠭᠠᠷ ᠭᠠᠷ ᠢᠶᠡᠨ ᠴᠢᠩᠭ᠎ᠠ ᠠᠳᠭᠤᠯᠴᠠᠨ ᠠᠯᠬᠤᠬᠤ ᠳᠤ᠂ ᠲᠡᠳᠡᠨ ᠦ ᠡᠮᠦᠨ᠎ᠡ ᠬᠢᠵᠠᠭᠠᠷ ᠦᠭᠡᠢ ᠠᠭᠤᠳᠠᠮ ᠰᠠᠷᠠᠭᠤᠯ ᠵᠡᠭᠡᠷᠭᠡᠨᠡᠲᠡᠢ ᠶᠢᠨ ᠲᠠᠯ᠎ᠠ ᠤᠨᠢᠶᠠᠷᠲᠤᠨ᠂ ᠠᠷᠢᠭᠤᠨ ᠲᠤᠩᠭᠠᠯᠠᠭ ᠭᠦᠩᠭᠡᠷ ᠦᠨ ᠭᠣᠣᠯ ᠤᠨ ᠤᠰᠤ ᠴᠠᠢᠯᠵᠠᠨ ᠬᠠᠷᠠᠭᠳᠠᠵᠤ᠂ ᠥᠩᠭᠡ ᠪᠦᠷᠢ ᠶᠢᠨ ᠴᠡᠴᠡᠭ ᠬᠤᠸᠠᠷ ᠭᠣᠣᠯ ᠤᠨ ᠲᠣᠬᠤᠢ ᠶᠢ ᠳᠠᠭᠠᠵᠤ ᠳᠡᠯᠭᠡᠷᠡᠭᠡᠳ ᠬᠠᠯᠠᠭᠤᠨ ᠵᠢᠪᠠᠷ ᠲᠤ ᠰᠠᠢᠬᠠᠨ ᠦᠨᠦᠷ ᠠᠩᠭᠢᠯᠤᠨ᠎ᠠ᠃ ᠳᠡᠨᠵᠢ ᠳᠠᠭᠠᠵᠤ ᠰᠠᠭᠤᠭᠰᠠᠨ ᠵᠤᠰᠠᠯᠠᠩ ᠤᠨ ᠠᠢᠯ ᠤᠨ ᠥᠨᠳᠡᠭᠡᠨ ᠴᠠᠭᠠᠨ ᠭᠡᠷ ᠦᠳ ᠵᠢᠭᠳᠡᠯᠡᠨ ᠬᠠᠷᠠᠭᠳᠠᠭᠠᠳ᠂ ᠠᠳᠤᠭᠤ ᠬᠣᠨᠢᠨ ᠰᠦᠷᠦᠭ ᠡᠪᠡᠰᠦᠲᠦ ᠲᠠᠯ᠎ᠠ ᠶᠢ ᠳᠦᠭᠦᠷᠡᠩ ᠴᠢᠮᠡᠭᠯᠡᠵᠡᠢ᠃

ᠪᠠᠲᠤᠰᠦ᠋ᠬᠡ᠂ ᠪᠠᠳᠮ᠎ᠠ ᠬᠣᠶᠠᠷ ᠲᠤ ᠲᠡᠳᠡᠨ ᠦ ᠲᠥᠷᠦᠭᠰᠡᠨ ᠨᠤᠲᠤᠭ᠂ ᠮᠤᠩᠭᠤᠯ ᠤᠨ ᠰᠠᠢᠬᠠᠨ ᠣᠷᠤᠨ ᠨᠢ ᠶᠠᠭᠤᠨ ᠡᠴᠡ ᠴᠤ ᠬᠠᠯᠠᠭᠤᠨ᠂ ᠶᠠᠭᠤᠨ ᠡᠴᠡ ᠴᠤ ᠢᠨᠠᠭ ᠪᠣᠳᠤᠭᠳᠠᠵᠠᠢ᠃

ᠵᠠᠮ ᠦᠨ ᠨᠥᠬᠦᠳ ᠨᠢ ᠦᠵᠡᠵᠦ ᠪᠠᠢᠲᠠᠯ᠎ᠠ ᠬᠣᠯᠠᠳᠪᠠ᠃ ᠲᠡᠷᠡ ᠬᠣᠶᠠᠷ ᠨᠢᠭᠡᠨ ᠦ ᠪᠡᠨ ᠭᠠᠷ ᠢ ᠴᠢᠩᠭ᠎ᠠ ᠠᠳᠬᠤᠵᠤ ᠬᠡᠨ ᠠᠯᠢᠨ ᠴᠤ ᠲᠠᠯᠪᠢᠬᠤ ᠳᠤᠷ᠎ᠠ ᠦᠭᠡᠢ ᠨᠡᠯᠢᠶᠡᠳ ᠤᠳᠠᠪᠠ᠃

ᠪᠠᠲᠤᠰᠦ᠋ᠬᠡ᠂ ᠲᠠᠷᠭᠤᠨ ᠰᠠᠷᠠᠯ ᠮᠣᠷᠢᠨ ᠳᠠᠭᠠᠨ ᠮᠣᠷᠳᠠᠬᠤ ᠦᠶᠡᠰ ᠲᠦ᠂ ᠲᠡᠭᠦᠨ ᠦ ᠡᠩᠭᠡᠷ ᠳᠡᠭᠡᠷ᠎ᠡ ᠪᠡᠨ ᠵᠡᠭᠦᠭᠰᠡᠨ ᠣᠳᠤᠨ ᠨᠢ ᠨᠠᠷᠠᠨ ᠳᠤ ᠭᠢᠯᠠᠯᠵᠠᠨ ᠰᠢᠵᠢᠷ ᠭᠡᠷᠡᠯ ᠰᠠᠴᠤᠷᠠᠪᠠ᠃ ᠲᠡᠭᠦᠨ ᠦ ᠥᠷᠭᠡᠨ ᠰᠠᠢᠬᠠᠨ ᠮᠥᠷᠦ᠂ ᠲᠥᠷᠦᠯᠬᠢ ᠲᠠᠮᠢᠷᠯᠢᠭ ᠪᠡᠶ᠎ᠡ᠂ ᠮᠣᠢᠯ ᠬᠠᠷ᠎ᠠ ᠬᠥᠮᠦᠰᠭᠡ ᠨᠢ ᠬᠣᠢᠨ᠎ᠠ ᠡᠴᠡ ᠨᠢ ᠪᠠᠬᠠᠷᠬᠠᠨ ᠰᠢᠷᠲᠡᠵᠦ ᠪᠠᠢᠭ᠎ᠠ ᠪᠠᠳᠮ᠎ᠠ ᠳᠤ ᠲᠤᠢᠯ ᠦᠨ ᠰᠠᠢᠬᠠᠨ ᠰᠠᠨᠠᠭᠳᠠᠪᠠ᠃

ᠮᠣᠷᠢ ᠲᠠᠢ ᠬᠦᠮᠦᠨ ᠤᠯᠠᠮ ᠬᠣᠯᠠᠳᠴᠤ ᠮᠠᠩᠬᠠᠨ ᠤ ᠬᠥᠲᠦᠯ ᠢ ᠳᠠᠪᠠᠪᠠ᠃ ᠪᠠᠲᠤᠰᠦ᠋ᠬᠡ᠂ ᠪᠠᠢᠨ ᠪᠠᠢᠨ ᠡᠷᠭᠢᠵᠦ ᠬᠠᠷᠠᠬᠤ ᠳᠤ ᠪᠠᠳᠮ᠎ᠠ ᠶᠢᠨ ᠴᠡᠩᠬᠡᠷ ᠬᠥᠬᠡ ᠪᠦᠰ ᠴᠠᠮᠴᠠ ᠶᠢᠨ ᠬᠢᠨᠢ ᠬᠣᠷᠮᠤᠢ ᠬᠣᠲᠠ ᠬᠣᠩᠭᠤᠷ ᠰᠠᠯᠬᠢᠨ ᠳᠤ ᠳᠠᠷᠪᠠᠯᠵᠠᠵᠤ ᠤᠯᠠᠭᠠᠨ ᠳᠤᠷᠳᠤᠩ ᠠᠯᠴᠢᠭᠤᠷ ᠨᠢ ᠰᠠᠨᠴᠢᠭ ᠤᠨ ᠦᠰᠦ ᠲᠠᠢ ᠨᠢ ᠬᠡᠢᠰᠦᠭᠡᠳ᠂ ᠴᠠᠭᠠᠨ ᠲᠣᠷᠭᠠᠨ ᠭᠠᠷ ᠠᠯᠴᠢᠭᠤᠷ ᠢᠶᠡᠷ ᠢᠶᠡᠨ ᠨᠢᠳᠦ ᠪᠡᠨ ᠠᠷᠴᠢᠵᠤ ᠪᠠᠢᠬᠤ ᠨᠢ ᠢᠪ ᠢᠯᠡᠬᠡᠨ ᠬᠠᠷᠠᠭᠳᠠᠪᠠ᠃

1954. 3

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082