ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠲᠠᠩᠭᠠᠷᠢᠭ

ᠸ᠂ ᠢ᠊᠂ ᠰᠲ᠋ᠠᠯᠢᠨ

(1924 ᠣᠨ᠎ᠤ ᠨᠢᠭᠡᠳᠦᠭᠡᠷ ᠰᠠᠷ᠎ᠠ᠎ᠶᠢᠨ ᠬᠣᠷᠢᠨ ᠵᠢᠷᠭᠤᠭᠠᠨ᠎ᠤ ᠡᠳᠦᠷ ᠪᠦᠬᠦ ᠬᠣᠯᠪᠤᠭᠠᠲᠤ᠎ᠶᠢᠨ ᠵᠥᠪᠯᠡᠯ᠎ᠦᠨ ᠬᠣᠶᠠᠳᠤᠭᠠᠷ ᠤᠳᠠᠭᠠᠨ᠎ᠤ ᠲᠥᠯᠦᠭᠡᠯᠡᠭᠴᠢᠳ᠎ᠦᠨ ᠶᠡᠬᠡ ᠬᠤᠷᠠᠯ ᠳᠡᠭᠡᠷ᠎ᠡ ᠬᠡᠯᠡᠭᠰᠡᠨ ᠦᠭᠡ )

ᠨᠥᠬᠦᠳ ᠡ! ᠮᠠᠨ᠎ᠤ ᠡᠪ ᠬᠠᠮᠲᠤᠴᠤᠳ ᠪᠣᠯ ᠣᠨᠴᠤᠭᠤᠢ ᠴᠢᠨᠠᠷ᠎ᠲᠠᠢ ᠬᠥᠮᠦᠰ᠎ᠶᠦᠮ᠃ ᠪᠢᠳᠡ ᠪᠣᠯ ᠣᠨᠴᠤᠭᠤᠢ ᠮᠠᠲᠧᠷᠢᠶᠠᠯ᠎ᠠᠴᠠ ᠪᠦᠲᠦᠭᠰᠡᠨ᠎ᠶᠦᠮ᠃ ᠦᠭᠡᠭᠦᠦ ᠠᠩᠭᠢ᠎ᠶᠢᠨ ᠠᠭᠤᠤ ᠶᠡᠬᠡ ᠪᠠᠢᠯᠳᠤᠭᠴᠢ ᠪᠣᠳᠤᠯᠭᠠᠲᠠᠨ᠎ᠤ ᠴᠡᠷᠢᠭ᠃ ᠨᠥᠬᠦᠷ ᠯᠧᠨᠢᠨ᠎ᠦ ᠴᠡᠷᠢᠭ ᠪᠣᠯ ᠪᠢᠳᠡᠨ᠎ᠡᠴᠡ ᠪᠦᠷᠢᠳᠦᠭᠰᠡᠨ᠎ᠶᠦᠮ᠃ ᠡᠨᠡ ᠴᠡᠷᠢᠭ᠎ᠲᠦ ᠪᠠᠢᠬᠤ᠎ᠠᠴᠠ ᠢᠯᠡᠭᠦᠦ ᠡᠷᠬᠢᠮ ᠨᠠᠨᠳᠢᠨ ᠨᠡᠷ᠎ᠡ ᠲᠥᠷᠦ ᠣᠭᠲᠤ ᠠᠯᠠᠭ᠎ᠠ᠃ ᠡᠭᠦᠰᠭᠡᠨ ᠪᠠᠢᠭᠤᠯᠤᠭᠴᠢ ᠪᠥᠭᠡᠳ ᠤᠳᠤᠷᠢᠳᠤᠭᠴᠢ᠎ᠨᠢ ᠨᠥᠬᠦᠷ ᠯᠧᠨᠢᠨ ᠮᠥᠨ᠃ ᠡᠨᠡ ᠨᠠᠮ᠎ᠤᠨ ᠭᠡᠰᠢᠭᠦᠨ ᠪᠠᠢᠬᠤ ᠠᠯᠳᠠᠷ᠎ᠠᠴᠠ ᠢᠯᠡᠭᠦᠦ ᠳᠡᠭᠡᠳᠦ ᠶᠠᠭᠤᠮ᠎ᠠ ᠣᠭᠲᠤ ᠠᠯᠠᠭ᠎ᠠ᠃ ᠡᠢᠮᠦ ᠨᠠᠮ᠎ᠤᠨ ᠭᠡᠰᠢᠭᠦᠨ ᠬᠡᠨ ᠪᠦᠬᠦᠨ ᠪᠣᠯᠵᠤ ᠴᠢᠳᠠᠬᠤ ᠪᠢᠰᠢ᠎ᠶᠦᠮ᠃ ᠡᠢᠮᠦ ᠨᠠᠮ᠎ᠤᠨ ᠭᠡᠰᠢᠭᠦᠳ᠎ᠦᠨ ᠡᠷᠬᠡᠪᠰᠢ ᠳᠠᠪᠠᠵᠤ ᠲᠠᠭᠤᠯᠤᠨ ᠭᠠᠷᠬᠤ ᠵᠦᠢᠯ ᠪᠦᠷᠢ᠎ᠶᠢᠨ ᠬᠦᠨᠳᠦ ᠪᠡᠷᠬᠡᠰᠢᠶᠡᠯ ᠪᠠ ᠰᠢᠷᠦᠭᠦᠨ ᠲᠤᠯᠤᠯᠳᠤᠭᠠᠨ᠎ᠢ ᠬᠡᠨ ᠪᠦᠬᠦᠨ ᠲᠡᠰᠪᠦᠷᠢᠯᠡᠵᠦ ᠴᠢᠳᠠᠬᠤ ᠪᠢᠰᠢ᠎ᠶᠦᠮ᠃ ᠬᠡᠨ ᠶᠠᠭᠤᠨ᠎ᠤ ᠤᠷᠢᠳ ᠡᠢᠮᠦ ᠨᠠᠮ᠎ᠤᠨ ᠭᠡᠰᠢᠭᠦᠨ ᠪᠠᠢᠬᠤ ᠶᠣᠰᠤᠲᠠᠢ ᠪᠤᠢ? ᠭᠡᠪᠡᠯ ᠠᠵᠢᠯᠴᠢᠨ ᠠᠩᠭᠢ᠎ᠶᠢᠨ ᠬᠥᠪᠡᠭᠦᠳ᠂ ᠭᠠᠴᠢᠭᠳᠠᠯ ᠪᠠ ᠲᠡᠮᠡᠴᠡᠯ᠎ᠢᠶᠡᠷ ᠬᠠᠲᠠᠭᠤᠵᠢᠨ ᠪᠣᠢᠵᠢᠭᠰᠠᠨ ᠬᠥᠪᠡᠭᠦᠳ ᠥᠬᠢᠳ᠂ ᠴᠠᠭᠯᠠᠰᠢ᠎ᠦᠭᠡᠢ ᠶᠡᠬᠡ ᠵᠣᠪᠠᠯ ᠵᠦᠳᠡᠷᠡᠯ ᠪᠠ ᠪᠠᠭᠠᠲᠤᠷᠯᠢᠭ ᠴᠢᠷᠮᠠᠢᠯᠲᠠ᠎ᠪᠠᠷ ᠬᠠᠲᠠᠭᠤᠵᠢᠨ ᠪᠣᠢᠵᠢᠭᠰᠠᠨ ᠬᠥᠪᠡᠭᠦᠳ ᠥᠬᠢᠳ ᠪᠠᠢᠬᠤ ᠶᠣᠰᠤᠲᠠᠢ᠎ᠶᠤᠮ᠃ ᠴᠣᠬᠤᠮ ᠡᠢᠮᠦ ᠤᠴᠢᠷ᠎ᠠᠴᠠ ᠯᠧᠨᠢᠨ᠎ᠦ ᠦᠵᠡᠯᠲᠡ᠎ᠶᠢᠨ ᠨᠠᠮ᠂ ᠡᠪ ᠬᠠᠮᠲᠤᠴᠤᠳ᠎ᠤᠨ ᠨᠠᠮ ᠪᠣᠯ ᠪᠠᠰᠠ ᠠᠵᠢᠯᠴᠢᠨ ᠠᠩᠭᠢ᠎ᠶᠢᠨ ᠨᠠᠮ ᠭᠡᠵᠦ ᠨᠡᠷᠡᠢᠳᠦᠭᠳᠡᠳᠡᠭ᠎ᠶᠦᠮ᠃

ᠨᠥᠬᠦᠷ ᠯᠧᠨᠢᠨ ᠪᠢᠳᠡᠨ᠎ᠡᠴᠡ ᠰᠠᠯᠵᠤ ᠣᠳᠬᠤ᠎ᠳᠠᠭᠠᠨ ᠨᠠᠮ᠎ᠤᠨ ᠭᠡᠰᠢᠭᠦᠨ᠎ᠦ ᠠᠭᠤᠤ ᠶᠡᠬᠡ ᠠᠯᠳᠠᠷ᠎ᠢ ᠡᠷᠬᠢᠮᠯᠡᠨ ᠬᠦᠨᠳᠦᠳᠭᠡᠵᠦ᠂ ᠠᠷᠢᠭᠤᠨ᠎ᠢᠶᠠᠷ ᠬᠠᠳᠠᠭᠠᠯᠠ ᠭᠡᠵᠦ ᠭᠡᠷᠢᠶᠡᠰᠯᠡᠭᠰᠡᠨ᠂ ᠴᠢᠨᠦ ᠡᠨᠡ ᠭᠡᠷᠢᠶᠡᠰ᠎ᠢ ᠪᠢᠳᠡ ᠨᠡᠷ᠎ᠡ ᠲᠥᠷᠦ᠎ᠲᠡᠢ ᠪᠡᠶᠡᠯᠡᠭᠦᠯᠬᠦ᠎ᠶᠢ ᠨᠥᠬᠦᠷ ᠯᠧᠨᠢᠨ ᠴᠢᠮ᠎ᠠ᠎ᠳᠠᠭᠠᠨ ᠲᠠᠩᠭᠠᠷᠢᠭᠯᠠᠶ᠎ᠠ!

ᠨᠥᠬᠦᠷ ᠯᠧᠨᠢᠨ ᠮᠠᠨ᠎ᠤ ᠨᠠᠮ᠎ᠢ ᠬᠣᠷᠢᠨ ᠲᠠᠪᠤᠨ ᠵᠢᠯ ᠪᠣᠢᠵᠢᠭᠤᠯᠬᠤ᠎ᠳᠠᠭᠠᠨ ᠳᠡᠯᠡᠬᠡᠢ ᠳᠡᠭᠡᠷ᠎ᠡ ᠬᠠᠮᠤᠭ᠎ᠤᠨ ᠪᠠᠲᠤ᠂ ᠬᠠᠮᠤᠭ᠎ᠤᠨ ᠬᠠᠲᠠᠭᠤᠵᠢᠭᠰᠠᠨ ᠠᠵᠢᠯᠴᠢᠨ᠎ᠤ ᠨᠠᠮ ᠪᠣᠯᠭᠠᠨ ᠪᠣᠢᠵᠢᠭᠤᠯᠪᠠ᠃ ᠣᠷᠤᠰ᠎ᠤᠨ ᠴᠠᠭᠠᠨ᠎ᠤ ᠵᠠᠰᠠᠭ᠎ᠤᠨ ᠭᠠᠵᠠᠷ ᠪᠠ ᠲᠡᠭᠦᠨ᠎ᠦ ᠨᠣᠬᠠᠢ᠎ᠨᠤᠭᠤᠳ᠎ᠤᠨ ᠴᠣᠬᠢᠯᠲᠠ᠂ ᠬᠥᠷᠦᠩᠭᠡᠲᠡᠨ ᠠᠩᠭᠢ ᠪᠠ ᠭᠠᠵᠠᠷ᠎ᠤᠨ ᠡᠵᠡᠳ᠎ᠦᠨ ᠤᠯᠠᠩᠭᠠᠰᠤᠭᠰᠠᠨ ᠪᠠᠯᠠᠮᠠᠳᠯᠠᠯ᠂ ᠺᠤᠯᠴᠠᠺ ᠪᠠ ᠲᠧᠨᠢᠺᠢᠨ᠎ᠦ ᠵᠡᠪᠰᠡᠭᠲᠦ ᠳᠣᠪᠲᠤᠯᠭ᠎ᠠ᠂ ᠠᠩᠭᠯᠢ ᠹᠷᠠᠨᠼᠢ᠎ᠶᠢᠨ ᠵᠡᠪᠰᠡᠭᠲᠦ ᠬᠠᠯᠳᠠᠯᠭ᠎ᠠ᠂ ᠬᠥᠷᠦᠩᠭᠡᠲᠡᠨ ᠠᠩᠭᠢ᠎ᠶᠢᠨ ᠴᠠᠯᠴᠢᠶ᠎ᠠ ᠬᠡᠪᠯᠡᠯ᠎ᠦᠨ ᠬᠤᠳᠠᠯ ᠴᠤᠤᠷᠬᠠᠯ ᠪᠠ ᠭᠦᠳᠭᠡᠯᠭᠡ ᠊᠊ ᠡᠨᠡ ᠪᠦᠬᠦ ᠬᠣᠣᠷᠲᠤ ᠳᠠᠭᠠᠷᠢᠯᠲᠠ ᠬᠣᠷᠢᠨ ᠲᠠᠪᠤᠨ ᠵᠢᠯ᠎ᠦᠨ ᠲᠤᠷᠰᠢ ᠮᠠᠨ᠎ᠤ ᠨᠠᠮ᠎ᠤᠨ ᠲᠣᠯᠤᠭᠠᠢ ᠳᠡᠭᠡᠷ᠎ᠡ ᠳᠤᠰᠴᠤ ᠪᠠᠢᠭᠰᠠᠨ᠎ᠶᠤᠮ᠃ ᠭᠡᠪᠡᠴᠦ ᠮᠠᠨ᠎ᠤ ᠤᠯᠤᠰ ᠨᠠᠮ᠂ ᠳᠠᠢᠰᠤᠨ᠎ᠨᠤᠭᠤᠳ᠎ᠤᠨ ᠲᠣᠭ᠎ᠠ ᠲᠣᠮᠰᠢ᠎ᠦᠭᠡᠢ ᠳᠠᠭᠠᠷᠢᠯᠲᠠ᠎ᠶᠢ ᠨᠢᠴᠤᠭᠠᠨ᠂ ᠠᠵᠢᠯᠴᠢᠨ ᠠᠩᠭᠢ᠎ᠶᠢ ᠤᠷᠤᠭᠰᠢ᠎ᠪᠠᠨ ᠢᠯᠠᠯᠲᠠ ᠥᠭᠡᠳᠡ ᠵᠢᠯᠤᠭᠤᠳᠤᠨ᠂ ᠬᠠᠳᠠ ᠠᠰᠭ᠎ᠠ ᠮᠡᠲᠦ ᠵᠣᠭᠰᠤᠵᠤ ᠪᠠᠢᠪᠠ᠃ ᠮᠠᠨ᠎ᠤ ᠨᠠᠮ ᠰᠢᠷᠦᠭᠦᠨ ᠲᠤᠯᠤᠯᠳᠤᠭᠠᠨ᠎ᠳᠤ ᠥᠪᠡᠷ᠎ᠦᠨ ᠡᠩᠨᠡᠭᠡᠨ᠎ᠦ ᠨᠢᠭᠡᠳᠦᠯ᠂ ᠪᠦᠯᠬᠦᠮᠳᠡᠯ᠎ᠢ ᠬᠠᠲᠠᠭᠤᠵᠢᠭᠤᠯᠪᠠ᠃ ᠲᠤᠰ ᠨᠠᠮ᠂ ᠨᠢᠭᠡᠳᠦᠯ ᠪᠦᠯᠬᠦᠮᠳᠡᠯ᠎ᠲᠡᠢ ᠪᠠᠢᠭᠰᠠᠨ᠎ᠢᠶᠠᠷ᠎ᠢᠶᠠᠨ ᠠᠵᠢᠯᠴᠢᠨ ᠠᠩᠭᠢ᠎ᠶᠢᠨ ᠳᠠᠢᠰᠤᠨ᠎ᠨᠤᠭᠤᠳ᠎ᠢ ᠢᠯᠠᠵᠤ ᠴᠢᠳᠠᠪᠠ᠃

ᠨᠥᠬᠦᠷ ᠯᠧᠨᠢᠨ ᠪᠢᠳᠡᠨ᠎ᠡᠴᠡ ᠰᠠᠯᠵᠤ ᠣᠳᠬᠤ᠎ᠳᠠᠭᠠᠨ ᠮᠠᠨ᠎ᠤ ᠨᠠᠮ᠎ᠤᠨ ᠨᠢᠭᠡᠳᠦᠯ᠎ᠢ ᠨᠢᠳᠦᠨ᠎ᠦ ᠴᠡᠴᠡᠭᠡᠢ ᠮᠡᠲᠦ ᠬᠠᠮᠠᠭᠠᠯᠠ ᠭᠡᠵᠦ ᠪᠢᠳᠡᠨ᠎ᠳᠦ ᠭᠡᠷᠢᠶᠡᠰᠯᠡᠭᠰᠡᠨ᠃ ᠴᠢᠨᠦ ᠡᠨᠡ ᠭᠡᠷᠢᠶᠡᠰ᠎ᠢ ᠪᠢᠳᠡ ᠮᠥᠨ ᠨᠡᠷ᠎ᠡ ᠲᠥᠷᠦ᠎ᠲᠡᠢ ᠪᠡᠶᠡᠯᠡᠭᠦᠯᠬᠦ᠎ᠶᠢ ᠨᠥᠬᠦᠷ ᠯᠧᠨᠢᠨ ᠴᠢᠮ᠎ᠠ᠎ᠳᠠᠭᠠᠨ ᠲᠠᠩᠭᠠᠷᠢᠭᠯᠠᠶ᠎ᠠ!

ᠠᠵᠢᠯᠴᠢᠨ ᠠᠩᠭᠢ᠎ᠶᠢᠨ ᠬᠤᠪᠢ ᠵᠠᠶᠠᠭ᠎ᠠ ᠲᠡᠰᠪᠦᠷᠢᠯᠡᠰᠢ᠎ᠦᠭᠡᠢ ᠬᠦᠨᠳᠦ ᠵᠣᠪᠠᠭᠤᠷᠢᠲᠠᠢ ᠪᠠᠢᠨ᠎ᠠ᠃ ᠬᠥᠳᠡᠯᠮᠦᠷᠢᠴᠢᠨ ᠵᠣᠪᠠᠯᠠᠩ ᠰᠢᠨᠠᠯᠭ᠎ᠠ ᠪᠦᠬᠦᠨ᠎ᠢ ᠠᠮᠰᠠᠵᠤ ᠪᠠᠢᠨ᠎ᠠ᠃ ᠶᠢᠷᠲᠢᠨᠴᠦ᠎ᠨᠢ ᠦᠶ᠎ᠡ᠎ᠶᠢᠨ ᠦᠶᠡᠰ ᠪᠣᠭᠤᠯᠴᠤᠳ ᠪᠠ ᠪᠣᠭᠤᠯ ᠡᠵᠡᠮᠰᠢᠭᠴᠢᠳ᠂ ᠬᠠᠮᠵᠢᠯᠭᠠᠴᠤᠳ ᠪᠠ ᠬᠠᠮᠵᠢᠯᠭ᠎ᠠ᠎ᠶᠢᠨ ᠡᠵᠡᠳ᠂ ᠲᠠᠷᠢᠶᠠᠴᠢᠳ ᠪᠠ ᠭᠠᠵᠠᠷ᠎ᠤᠨ ᠡᠵᠡᠳ᠂ ᠠᠵᠢᠯᠴᠢᠳ ᠪᠠ ᠬᠥᠷᠦᠩᠭᠡᠲᠡᠳ᠂ ᠳᠠᠷᠤᠯᠠᠭᠳᠠᠭᠴᠢᠳ ᠪᠠ ᠳᠠᠷᠤᠯᠠᠭᠴᠢᠳ ᠪᠠᠢᠬᠤ᠎ᠪᠠᠷ ᠵᠣᠬᠢᠶᠠᠭᠳᠠᠨ ᠢᠷᠡᠭᠰᠡᠨ᠂ ᠣᠳᠣ᠎ᠴᠤ ᠭᠡᠰᠡᠨ ᠠᠰᠤᠷᠤ ᠣᠯᠠᠩᠬᠢ ᠣᠷᠤᠨ᠎ᠳᠤ ᠡᠨᠡ ᠪᠠᠢᠳᠠᠯ ᠲᠡᠷᠡ ᠬᠡᠪ᠎ᠢᠶᠡᠷ᠎ᠢᠶᠡᠨ ᠦᠯᠡᠳᠡᠵᠦ ᠪᠠᠢᠨ᠎ᠠ᠃ ᠬᠥᠳᠡᠯᠮᠦᠷᠢᠴᠢᠨ᠎ᠨᠢ ᠳᠠᠷᠤᠯᠠᠭᠴᠢᠳ᠎ᠢ ᠮᠥᠷᠦᠨ ᠳᠡᠭᠡᠷ᠎ᠡ᠎ᠡᠴᠡ᠎ᠪᠡᠨ ᠠᠪᠴᠤ ᠬᠠᠶᠠᠵᠤ᠂ ᠥᠪᠡᠷ᠎ᠦᠨ᠎ᠢᠶᠡᠨ ᠠᠮᠢᠳᠤᠷᠠᠯ᠎ᠤᠨ ᠡᠵᠡᠨ ᠪᠣᠯᠬᠤ ᠭᠡᠵᠦ ᠣᠯᠠᠨ ᠦᠶ᠎ᠡ᠎ᠶᠢᠨ ᠲᠤᠷᠰᠢ ᠮᠢᠩᠭ᠎ᠠ ᠲᠦᠮᠡᠨ ᠳᠠᠬᠢᠨ ᠣᠷᠤᠯᠳᠤᠭᠰᠠᠨ᠎ᠶᠤᠮ᠃ ᠭᠡᠲᠡᠯ᠎ᠡ ᠡᠳᠡ ᠳᠠᠩᠳᠠ ᠴᠣᠬᠢᠭᠳᠠᠨ ᠲᠠᠯᠬᠢᠭᠳᠠᠵᠤ ᠠᠷᠭ᠎ᠠ ᠪᠤᠰᠤ ᠤᠬᠤᠷᠢᠨ᠂ ᠬᠢᠯᠢᠰᠳᠡᠯ ᠪᠠ ᠳᠣᠷᠤᠮᠵᠢᠯᠠᠯ᠂ ᠬᠢᠯᠢᠩᠨᠡᠯ ᠪᠠ ᠴᠥᠬᠦᠷᠡᠯ᠎ᠢ ᠰᠡᠳᠭᠢᠯ᠎ᠳᠡᠭᠡᠨ ᠬᠠᠳᠠᠭᠠᠯᠠᠨ᠂ ᠵᠠᠬ᠎ᠠ ᠬᠢᠵᠠᠭᠠᠷ᠎ᠦᠭᠡᠢ ᠣᠭᠲᠠᠷᠭᠤᠢ᠎ᠶᠢ ᠰᠢᠷᠲᠡᠨ᠂ ᠠᠪᠤᠷᠠᠬᠤ ᠪᠣᠯᠪᠠ᠎ᠤᠤ ᠭᠡᠵᠦ ᠨᠠᠢᠳᠠᠳᠠᠭ ᠪᠠᠢᠪᠠ᠃ ᠪᠣᠭᠤᠯᠴᠢᠯᠠᠯ᠎ᠤᠨ ᠭᠢᠨᠵᠢ ᠬᠥᠨᠳᠡᠭᠳᠡᠯ᠎ᠦᠭᠡᠢ ᠬᠡᠪ᠎ᠢᠶᠡᠷ ᠦᠯᠡᠳᠡᠵᠦ᠂ ᠡᠰᠡᠬᠦᠯ᠎ᠡ ᠬᠠᠭᠤᠴᠢᠨ ᠭᠢᠨᠵᠢ᠎ᠨᠢ ᠠᠳᠠᠯᠢ ᠬᠦᠨᠳᠦ᠂ ᠠᠳᠠᠯᠢ ᠳᠣᠷᠤᠮᠵᠢᠯᠠᠭᠴᠢ ᠰᠢᠨ᠎ᠡ ᠭᠢᠨᠵᠢ᠎ᠪᠡᠷ ᠰᠣᠯᠢᠭᠳᠠᠵᠤ ᠪᠠᠢᠪᠠ᠃ ᠵᠥᠪᠬᠡᠨ ᠮᠠᠨ᠎ᠤ ᠣᠷᠤᠨ᠎ᠳᠤ ᠳᠠᠷᠤᠯᠠᠭᠳᠠᠵᠤ ᠲᠠᠯᠬᠢᠭᠳᠠᠭᠰᠠᠨ ᠬᠥᠳᠡᠯᠮᠦᠷᠢᠴᠢᠨ ᠣᠯᠠᠨ ᠲᠦᠮᠡᠨ᠂ ᠭᠠᠵᠠᠷ᠎ᠤᠨ ᠡᠵᠡᠨ ᠪᠠ ᠬᠥᠷᠦᠩᠭᠡᠲᠡᠨ᠎ᠨᠡᠷ᠎ᠦᠨ ᠨᠣᠶᠠᠷᠬᠠᠯ᠎ᠢ ᠲᠦᠯᠬᠢᠨ ᠤᠨᠠᠭᠠᠭᠠᠳ ᠠᠵᠢᠯᠴᠢᠳ ᠪᠠ ᠲᠠᠷᠢᠶᠠᠴᠢᠳ᠎ᠤᠨ ᠨᠣᠶᠠᠷᠬᠠᠯ᠎ᠢ ᠪᠠᠢᠭᠤᠯᠵᠤ ᠴᠢᠳᠠᠭᠰᠠᠨ᠎ᠶᠤᠮ᠃ ᠡᠨᠡ ᠠᠪᠤᠷᠭᠤ ᠲᠡᠮᠡᠴᠡᠯ᠎ᠢ ᠨᠥᠬᠦᠷ ᠯᠧᠨᠢᠨ ᠪᠠ ᠲᠡᠭᠦᠨ᠎ᠦ ᠨᠠᠮ ᠤᠳᠤᠷᠢᠳᠤᠭᠰᠠᠨ᠎ᠢ ᠲᠠ ᠨᠥᠬᠦᠳ ᠮᠡᠳᠡᠵᠦ ᠪᠠᠢᠭ᠎ᠠ ᠪᠥᠭᠡᠳ ᠣᠳᠣ᠎ᠴᠤ ᠪᠦᠬᠦ ᠳᠡᠯᠡᠬᠡᠢ ᠡᠭᠦᠨ᠎ᠢ ᠵᠥᠪᠰᠢᠶᠡᠷᠡᠵᠦ ᠪᠠᠢᠨ᠎ᠠ᠃ ᠯᠧᠨᠢᠨ᠎ᠦ ᠠᠭᠤᠤ ᠶᠡᠬᠡ᠎ᠨᠢ ᠶᠠᠭᠤᠨ᠎ᠤ ᠤᠷᠢᠳ ᠵᠥᠪᠯᠡᠯᠲᠦ ᠪᠦᠭᠦᠳᠡ ᠨᠠᠢᠷᠠᠮᠳᠠᠬᠤ ᠤᠯᠤᠰ᠎ᠢ ᠪᠠᠢᠭᠤᠯᠵᠤ᠂ ᠪᠦᠬᠦ ᠳᠡᠯᠡᠬᠡᠢ᠎ᠶᠢᠨ ᠳᠠᠷᠤᠯᠠᠭᠳᠠᠭᠰᠠᠨ ᠣᠯᠠᠨ ᠲᠦᠮᠡᠨ᠎ᠳᠦ: ᠠᠪᠤᠷᠠᠭᠳᠠᠬᠤ ᠨᠠᠢᠳᠠᠪᠤᠷᠢ ᠭᠣᠷᠢ᠎ᠦᠭᠡᠢ ᠪᠣᠯᠤᠭᠠᠳᠤᠢ᠂ ᠭᠠᠵᠠᠷ᠎ᠤᠨ ᠡᠵᠡᠨ ᠪᠠ ᠬᠥᠷᠦᠩᠭᠡᠲᠡᠨ᠎ᠨᠡᠷ᠎ᠦᠨ ᠨᠣᠶᠠᠷᠬᠠᠯ ᠮᠥᠩᠬᠡ ᠪᠢᠰᠢ᠂ ᠬᠥᠳᠡᠯᠮᠦᠷᠢ᠎ᠶᠢᠨ ᠨᠣᠶᠠᠷᠬᠠᠯ᠎ᠢ ᠬᠥᠳᠡᠯᠮᠦᠷᠢᠴᠢᠳ᠂ ᠥᠪᠡᠷᠰᠡᠳ᠎ᠦᠨ᠎ᠢᠶᠡᠨ ᠴᠢᠷᠮᠠᠢᠯᠲᠠ᠎ᠪᠠᠷ ᠪᠤᠢ ᠪᠣᠯᠭᠠᠵᠤ ᠪᠣᠯᠤᠨ᠎ᠠ᠃ ᠬᠥᠳᠡᠯᠮᠦᠷᠢ᠎ᠶᠢᠨ ᠨᠣᠶᠠᠷᠬᠠᠯ᠎ᠢ ᠣᠭᠲᠠᠷᠭᠤᠢ ᠳᠡᠭᠡᠷ᠎ᠡ ᠪᠢᠰᠢ᠂ ᠭᠠᠵᠠᠷ ᠳᠡᠭᠡᠷ᠎ᠡ ᠪᠤᠢ ᠪᠣᠯᠭᠠᠬᠤ ᠬᠡᠷᠡᠭᠲᠡᠢ ᠭᠡᠳᠡᠭ᠎ᠢ ᠪᠣᠳᠠᠲᠤ ᠬᠡᠷᠡᠭ ᠳᠡᠭᠡᠷ᠎ᠡ ᠦᠵᠡᠭᠦᠯᠦᠭᠰᠡᠨ᠎ᠳᠦ ᠣᠷᠤᠰᠢᠨ᠎ᠠ᠃ ᠯᠧᠨᠢᠨ᠂ ᠡᠭᠦᠨ᠎ᠢᠶᠡᠷ᠎ᠢᠶᠡᠨ ᠪᠦᠬᠦ ᠳᠡᠯᠡᠬᠡᠢ᠎ᠶᠢᠨ ᠠᠵᠢᠯᠴᠢᠳ ᠪᠠ ᠲᠠᠷᠢᠶᠠᠴᠢᠳ᠎ᠤᠨ ᠴᠢᠯᠦᠭᠡᠯᠡᠭᠳᠡᠬᠦ ᠬᠠᠯᠠᠭᠤᠨ ᠵᠣᠷᠢᠭ᠎ᠢ ᠪᠠᠳᠠᠷᠠᠭᠤᠯᠤᠭᠰᠠᠨ᠎ᠶᠤᠮ᠃ ᠯᠧᠨᠢᠨ᠎ᠦ ᠨᠡᠷ᠎ᠡ᠂ ᠮᠥᠯᠵᠢᠭᠳᠡᠭᠴᠢ ᠬᠥᠳᠡᠯᠮᠦᠷᠢᠴᠢᠨ ᠣᠯᠠᠨ ᠲᠦᠮᠡᠨ᠎ᠦ ᠬᠠᠮᠤᠭ᠎ᠤᠨ ᠬᠠᠢᠷᠠᠲᠠᠢ ᠨᠡᠷ᠎ᠡ ᠪᠣᠯᠤᠭᠰᠠᠨ ᠪᠠᠷᠢᠮᠲᠠ ᠡᠭᠦᠨ᠎ᠢᠶᠡᠷ ᠲᠠᠢᠯᠪᠤᠷᠢᠯᠠᠭᠳᠠᠨ᠎ᠠ᠃

ᠨᠥᠬᠦᠷ ᠯᠧᠨᠢᠨ ᠪᠢᠳᠡᠨ᠎ᠡᠴᠡ ᠰᠠᠯᠵᠤ ᠣᠳᠬᠤ᠎ᠳᠠᠭᠠᠨ ᠦᠭᠡᠭᠦᠦ ᠠᠩᠭᠢ᠎ᠶᠢᠨ ᠳᠠᠷᠤᠩᠭᠤᠢᠯᠠᠬᠤ ᠵᠠᠰᠠᠭ᠎ᠢ ᠪᠡᠬᠢᠵᠢᠭᠦᠯ ᠭᠡᠵᠦ ᠪᠢᠳᠡᠨ᠎ᠳᠦ ᠭᠡᠷᠢᠶᠡᠰᠯᠡᠭᠰᠡᠨ᠃ ᠴᠢᠨᠦ ᠡᠨᠡ ᠭᠡᠷᠢᠶᠡᠰ᠎ᠢ ᠪᠢᠳᠡ ᠮᠥᠨ ᠨᠡᠷ᠎ᠡ ᠲᠥᠷᠦ᠎ᠲᠡᠢ ᠪᠡᠶᠡᠯᠡᠭᠦᠯᠬᠦ᠎ᠶᠢᠨ ᠲᠤᠯᠠᠳᠠ ᠬᠦᠴᠦ᠎ᠪᠡᠨ ᠦᠯᠦ ᠬᠠᠢᠷᠠᠯᠠᠬᠤ᠎ᠶᠢ ᠨᠥᠬᠦᠷ ᠯᠧᠨᠢᠨ ᠴᠢᠮ᠎ᠠ᠎ᠳᠠᠭᠠᠨ ᠲᠠᠩᠭᠠᠷᠢᠭᠯᠠᠶ᠎ᠠ!

ᠮᠠᠨ᠎ᠤ ᠤᠯᠤᠰ᠎ᠲᠤ ᠦᠭᠡᠭᠦᠦ ᠠᠩᠭᠢ᠎ᠶᠢᠨ ᠳᠠᠷᠤᠩᠭᠤᠢᠯᠠᠬᠤ ᠵᠠᠰᠠᠭ ᠠᠵᠢᠯᠴᠢᠳ ᠪᠠ ᠲᠠᠷᠢᠶᠠᠴᠢᠳ᠎ᠤᠨ ᠬᠣᠯᠪᠤᠭ᠎ᠠ᠎ᠪᠠᠷ ᠰᠠᠭᠤᠷᠢᠯᠠᠭᠳᠠᠨ ᠪᠠᠢᠭᠤᠯᠤᠭᠳᠠᠪᠠ᠃ ᠡᠨᠡ ᠪᠣᠯ ᠵᠥᠪᠯᠡᠯᠲᠦ ᠪᠦᠭᠦᠳᠡ ᠨᠠᠢᠷᠠᠮᠳᠠᠬᠤ ᠤᠯᠤᠰ᠎ᠤᠨ ᠠᠩᠬᠠᠨ᠎ᠤ ᠪᠥᠭᠡᠳ ᠭᠣᠣᠯ ᠰᠠᠭᠤᠷᠢ᠎ᠶᠤᠮ᠃ ᠡᠢᠮᠦ ᠬᠣᠯᠪᠤᠭ᠎ᠠ ᠪᠠᠢᠭᠤᠯᠬᠤ᠎ᠦᠭᠡᠢ᠎ᠪᠠᠷ ᠬᠥᠷᠦᠩᠭᠡᠲᠡᠨ ᠪᠠ ᠭᠠᠵᠠᠷ᠎ᠤᠨ ᠡᠵᠡᠨ᠎ᠢ ᠠᠵᠢᠯᠴᠢᠳ ᠪᠠ ᠲᠠᠷᠢᠶᠠᠴᠢᠳ ᠢᠯᠠᠵᠤ ᠴᠢᠳᠠᠬᠤ᠎ᠦᠭᠡᠢ ᠪᠠᠢᠭᠰᠠᠨ᠃ ᠲᠠᠷᠢᠶᠠᠴᠢᠳ ᠣᠨ ᠳᠡᠮᠵᠢᠯᠭᠡ᠎ᠦᠭᠡᠢ᠎ᠪᠡᠷ ᠠᠵᠢᠯᠴᠢᠳ ᠬᠥᠷᠦᠩᠭᠡᠲᠡᠨ ᠨᠤᠭᠦᠳ᠎ᠢ ᠪᠣᠳᠠ ᠴᠣᠬᠢᠵᠤ ᠴᠢᠳᠠᠬᠤ᠎ᠦᠭᠡᠢ ᠪᠠᠢᠭᠰᠠᠨ᠃ ᠮᠠᠨ᠎ᠤ ᠤᠯᠤᠰ᠎ᠤᠨ ᠳᠣᠲᠤᠭᠠᠳᠤ᠎ᠶᠢᠨ ᠳᠠᠢᠨ᠎ᠤ ᠪᠦᠬᠦ ᠲᠡᠦᠬᠡ ᠡᠭᠦᠨ᠎ᠢ ᠲᠣᠳᠤᠷᠬᠠᠢᠯᠠᠵᠤ ᠪᠠᠢᠨ᠎ᠠ᠃ ᠭᠡᠪᠡᠴᠦ ᠵᠥᠪᠯᠡᠯᠲᠦ ᠪᠦᠭᠦᠳᠡ ᠨᠠᠢᠷᠠᠮᠳᠠᠬᠤ ᠤᠯᠤᠰ᠎ᠢ ᠪᠡᠬᠢᠵᠢᠭᠦᠯᠬᠦ ᠲᠡᠮᠡᠴᠡᠯ ᠳᠠᠭᠤᠰᠬᠤ᠎ᠨᠢ ᠶᠠᠭᠠᠬᠢᠭ᠎ᠠ᠎ᠴᠤ᠎ᠦᠭᠡᠢ ᠪᠥᠭᠡᠳ ᠡᠨᠡ᠎ᠨᠢ ᠵᠥᠪᠬᠡᠨ ᠰᠢᠨ᠎ᠡ ᠬᠡᠯᠪᠡᠷᠢ᠎ᠶᠢ ᠣᠯᠵᠠᠢ᠃ ᠤᠷᠢᠳ ᠠᠵᠢᠯᠴᠢᠳ ᠪᠠ ᠲᠠᠷᠢᠶᠠᠴᠢᠳ᠎ᠤᠨ ᠬᠣᠯᠪᠤᠭ᠎ᠠ᠎ᠨᠢ ᠴᠡᠷᠢᠭ᠎ᠦᠨ ᠬᠣᠯᠪᠤᠭᠠᠨ᠎ᠤ ᠬᠡᠯᠪᠡᠷᠢ᠎ᠲᠡᠢ ᠪᠠᠢᠭᠰᠠᠨ᠃ ᠤᠴᠢᠷ᠎ᠨᠢ ᠡᠨᠡ ᠬᠣᠯᠪᠤᠭ᠎ᠠ ᠪᠣᠯ ᠺᠤᠯᠴᠠᠺ᠂ ᠲᠧᠨᠢᠺᠢᠨ᠎ᠨᠡᠷ᠎ᠦᠨ ᠡᠰᠡᠷᠭᠦ ᠴᠢᠭᠯᠡᠭᠳᠡᠭᠰᠡᠨ ᠪᠠᠢᠪᠠ᠃ ᠣᠳᠣ ᠠᠵᠢᠯᠴᠢᠳ ᠪᠠ ᠲᠠᠷᠢᠶᠠᠴᠢᠳ᠎ᠤᠨ ᠬᠣᠯᠪᠤᠭ᠎ᠠ᠎ᠨᠢ ᠬᠣᠲᠠ ᠪᠠ ᠲᠣᠰᠭᠤᠨ᠂ ᠠᠵᠢᠯᠴᠢᠳ ᠪᠠ ᠲᠠᠷᠢᠶᠠᠴᠢᠳ ᠬᠣᠭᠤᠷᠤᠨᠳᠤ᠎ᠪᠠᠨ ᠠᠵᠤ ᠠᠬᠤᠢ᠎ᠶᠢᠨ ᠲᠠᠯ᠎ᠠ᠎ᠪᠠᠷ ᠬᠠᠮᠲᠤᠷᠠᠨ ᠠᠵᠢᠯᠯᠠᠬᠤ ᠬᠡᠯᠪᠡᠷᠢ᠎ᠶᠢ ᠣᠯᠬᠤ ᠶᠣᠰᠤᠲᠠᠢ᠃ ᠤᠴᠢᠷ᠎ᠨᠢ ᠡᠨᠡ ᠬᠣᠯᠪᠤᠭ᠎ᠠ ᠪᠣᠯ ᠬᠤᠳᠠᠯᠳᠤᠭᠠᠴᠢᠨ ᠪᠠ ᠪᠠᠶᠠᠨ ᠲᠠᠷᠢᠶᠠᠴᠢᠳ᠎ᠤᠨ ᠡᠰᠡᠷᠭᠦ ᠴᠢᠭᠯᠡᠭᠳᠡᠭᠰᠡᠨ ᠪᠥᠭᠡᠳ ᠡᠨᠡ ᠬᠣᠯᠪᠤᠭ᠎ᠠ᠎ᠨᠢ ᠠᠵᠢᠯᠴᠢᠳ ᠪᠠ ᠲᠠᠷᠢᠶᠠᠴᠢᠳ ᠠᠯᠢᠪᠠ ᠴᠢᠬᠤᠯᠠ ᠵᠦᠢᠯ᠎ᠢᠶᠡᠨ ᠬᠠᠷᠢᠯᠴᠠᠨ ᠬᠠᠩᠭᠠᠬᠤ ᠭᠡᠰᠡᠨ ᠵᠣᠷᠢᠯᠭ᠎ᠠ᠎ᠲᠠᠢ᠎ᠶᠤᠮ᠃ ᠡᠨᠡ ᠵᠣᠷᠢᠯᠲᠠ᠎ᠶᠢ ᠨᠥᠬᠦᠷ ᠯᠧᠨᠢᠨ᠎ᠰᠢᠭ ᠲᠡᠢᠮᠦ ᠰᠢᠷᠭᠠᠭᠤ᠎ᠪᠠᠷ ᠬᠡᠨ᠎ᠴᠦ ᠶᠠᠪᠤᠭᠤᠯᠤᠭ᠎ᠠ᠎ᠦᠭᠡᠢ᠎ᠶᠢ ᠲᠠ᠎ᠨᠠᠷ ᠮᠡᠳᠡᠨ᠎ᠡ᠃

ᠨᠥᠬᠦᠷ ᠯᠧᠨᠢᠨ ᠪᠢᠳᠡᠨ᠎ᠡᠴᠡ ᠰᠠᠯᠵᠤ ᠣᠳᠬᠤ᠎ᠳᠠᠭᠠᠨ ᠠᠵᠢᠯᠴᠢᠳ ᠪᠠ ᠲᠠᠷᠢᠶᠠᠴᠢᠳ᠎ᠤᠨ ᠬᠣᠯᠪᠤᠭ᠎ᠠ᠎ᠶᠢ ᠪᠦᠬᠦ ᠬᠦᠴᠦ᠎ᠪᠡᠷ᠎ᠢᠶᠡᠨ ᠪᠡᠬᠢᠵᠢᠭᠦᠯ ᠭᠡᠵᠦ ᠪᠢᠳᠡᠨ᠎ᠳᠦ ᠭᠡᠷᠢᠶᠡᠰᠯᠡᠭᠰᠡᠨ᠃ ᠴᠢᠨᠦ ᠡᠨᠡ ᠭᠡᠷᠢᠶᠡᠰ᠎ᠢ ᠪᠢᠳᠡ ᠮᠥᠨ ᠨᠡᠷ᠎ᠡ ᠲᠥᠷᠦ᠎ᠲᠡᠢ ᠪᠡᠶᠡᠯᠡᠭᠦᠯᠬᠦ᠎ᠶᠢ ᠨᠥᠬᠦᠷ ᠯᠧᠨᠢᠨ ᠴᠢᠮ᠎ᠠ᠎ᠳᠠᠭᠠᠨ ᠲᠠᠩᠭᠠᠷᠢᠭᠯᠠᠶ᠎ᠠ!

ᠵᠥᠪᠯᠡᠯᠲᠦ ᠪᠦᠭᠦᠳᠡ ᠨᠠᠢᠷᠠᠮᠳᠠᠬᠤ ᠤᠯᠤᠰ᠎ᠤᠨ ᠬᠣᠶᠠᠳᠤᠭᠠᠷ ᠰᠠᠭᠤᠷᠢ᠎ᠨᠢ ᠮᠠᠨ᠎ᠤ ᠤᠯᠤᠰ᠎ᠤᠨ ᠦᠨᠳᠦᠰᠦᠲᠡᠨ ᠨᠤᠭᠦᠳ᠎ᠦᠨ ᠬᠥᠳᠡᠯᠮᠦᠷᠢᠴᠢᠳ᠎ᠦᠨ ᠬᠣᠯᠪᠤᠭ᠎ᠠ ᠮᠥᠨ᠃ ᠣᠷᠤᠰᠴᠤᠳ ᠪᠠ ᠦᠺᠷᠠᠢᠨᠴᠦᠳ᠂ ᠪᠠᠱᠺᠢᠷᠴᠤᠳ᠂ ᠪᠧᠯᠣᠷᠤᠰᠴᠤᠳ᠂ ᠭᠷᠦᠽᠢᠶᠠᠴᠦᠳ ᠪᠠ ᠠᠽᠧᠷᠪᠠᠢᠵᠠᠨᠴᠤᠳ᠂ ᠠᠷᠮᠧᠨᠢᠶᠠᠴᠤᠳ ᠪᠠ ᠲᠠᠵᠢᠺᠴᠤᠳ᠂ ᠲᠠᠲ᠋ᠠᠷᠴᠤᠳ ᠪᠠ ᠺᠢᠷᠭᠢᠽᠴᠤᠳ᠂ ᠦᠽᠪᠧᠺᠴᠦᠳ ᠪᠠ ᠲᠦᠷᠺᠮᠧᠡᠴᠦᠳ᠂ ᠡᠳᠡ ᠪᠦᠬᠦᠨ ᠦᠭᠡᠭᠦᠦ ᠠᠩᠭᠢ᠎ᠶᠢᠨ ᠳᠠᠷᠤᠩᠭᠤᠢᠯᠠᠬᠤ ᠵᠠᠰᠠᠭ᠎ᠢ ᠪᠡᠬᠢᠵᠢᠭᠦᠯᠬᠦ᠎ᠶᠢ ᠨᠢᠭᠡᠨ ᠠᠳᠠᠯᠢ ᠡᠷᠬᠢᠮᠯᠡᠵᠦ ᠪᠠᠢᠭ᠎ᠠ᠎ᠶᠤᠮ᠃ ᠵᠥᠪᠬᠡᠨ ᠦᠭᠡᠭᠦᠦ ᠠᠩᠭᠢ᠎ᠶᠢᠨ ᠳᠠᠷᠤᠩᠭᠤᠢᠯᠠᠬᠤ ᠵᠠᠰᠠᠭ ᠡᠳᠡᠭᠡᠷ ᠠᠷᠠᠳ ᠲᠦᠮᠡᠨ᠎ᠢ ᠭᠢᠨᠵᠢ ᠪᠠ ᠳᠠᠷᠤᠯᠠᠭᠳᠠᠯ᠎ᠠᠴᠠ ᠠᠪᠤᠷᠠᠵᠤ ᠪᠠᠢᠭ᠎ᠠ᠎ᠪᠠᠷ ᠪᠠᠷᠠᠬᠤ᠎ᠦᠭᠡᠢ᠂ ᠲᠡᠭᠦᠨ᠎ᠦ ᠲᠥᠯᠦᠭᠡ ᠦᠷᠡᠭᠳᠡᠬᠦ᠎ᠳᠦ ᠪᠡᠯᠡᠬᠡᠨ ᠪᠠᠢᠭ᠎ᠠ᠎ᠪᠠᠷ᠎ᠢᠶᠠᠨ ᠠᠵᠢᠯᠴᠢᠨ ᠠᠩᠭᠢ᠎ᠶᠢᠨ ᠳᠠᠢᠰᠤᠨ᠎ᠨᠤᠭᠤᠳ᠎ᠤᠨ ᠬᠣᠣᠷᠲᠤ ᠶᠠᠪᠤᠭᠤᠯᠤᠯᠭ᠎ᠠ ᠪᠠ ᠳᠠᠭᠠᠷᠢᠯᠲᠠ᠎ᠠᠴᠠ ᠮᠠᠨ᠎ᠤ ᠣᠷᠤᠨ᠎ᠤ ᠠᠷᠠᠳ ᠲᠦᠮᠡᠨ᠎ᠦ ᠰᠠᠢᠨ ᠳᠤᠷ᠎ᠠ᠎ᠶᠢᠨ ᠬᠣᠯᠪᠤᠭᠠᠨ᠎ᠤ ᠴᠢᠬᠤᠯᠠ ᠴᠢᠨᠠᠷ ᠪᠣᠯᠤᠨ ᠬᠣᠯᠪᠤᠭᠠᠲᠤ ᠪᠦᠭᠦᠳᠡ ᠨᠠᠢᠷᠠᠮᠳᠠᠬᠤ ᠤᠯᠤᠰ᠎ᠤᠨ ᠬᠦᠷᠢᠶᠡᠨ᠎ᠳᠦ ᠡᠳᠡᠭᠡᠷ ᠦᠨᠳᠦᠰᠦᠲᠡᠨ ᠠᠬ᠎ᠠ ᠳᠡᠭᠦᠦ ᠶᠣᠰᠤᠭᠠᠷ ᠬᠠᠮᠲᠤᠷᠠᠨ ᠠᠵᠢᠯᠯᠠᠬᠤ᠎ᠶᠢᠨ ᠴᠢᠬᠤᠯᠠ ᠴᠢᠨᠠᠷ᠎ᠤᠨ ᠲᠤᠬᠠᠢ ᠨᠥᠬᠦᠷ ᠯᠧᠨᠢᠨ ᠪᠢᠳᠡᠨ᠎ᠳᠦ ᠴᠤᠴᠠᠯᠲᠠ᠎ᠦᠭᠡᠢ ᠶᠠᠷᠢᠵᠤ ᠪᠠᠢᠭᠰᠠᠨ᠎ᠶᠤᠮ᠃

ᠨᠥᠬᠦᠷ ᠯᠧᠨᠢᠨ ᠪᠢᠳᠡᠨ᠎ᠡᠴᠡ ᠰᠠᠯᠵᠤ ᠣᠳᠬᠤ᠎ᠳᠠᠭᠠᠨ ᠬᠣᠯᠪᠤᠭᠠᠲᠤ ᠪᠦᠭᠦᠳᠡ ᠨᠠᠢᠷᠠᠮᠳᠠᠬᠤ ᠤᠯᠤᠰ᠎ᠢ ᠪᠡᠬᠢᠵᠢᠭᠦᠯ᠂ ᠥᠷᠭᠡᠳᠭᠡ ᠭᠡᠵᠦ ᠪᠢᠳᠡᠨ᠎ᠳᠦ ᠭᠡᠷᠢᠶᠡᠰᠯᠡᠭᠰᠡᠨ᠃ ᠴᠢᠨᠦ ᠡᠨᠡ ᠭᠡᠷᠢᠶᠡᠰ᠎ᠢ ᠪᠢᠳᠡ ᠮᠥᠨ ᠨᠡᠷ᠎ᠡ ᠲᠥᠷᠦ᠎ᠲᠡᠢ ᠪᠡᠶᠡᠯᠡᠭᠦᠯᠬᠦ᠎ᠶᠢ ᠨᠥᠬᠦᠷ ᠯᠧᠨᠢᠨ ᠴᠢᠮ᠎ᠠ᠎ᠳᠠᠭᠠᠨ ᠲᠠᠩᠭᠠᠷᠢᠭᠯᠠᠶ᠎ᠠ!

ᠦᠭᠡᠭᠦᠦ ᠠᠩᠭᠢ᠎ᠶᠢᠨ ᠳᠠᠷᠤᠩᠭᠤᠢᠯᠠᠬᠤ ᠵᠠᠰᠠᠭ᠎ᠤᠨ ᠭᠤᠷᠪᠠᠳᠤᠭᠠᠷ ᠰᠠᠭᠤᠷᠢ᠎ᠨᠢ ᠮᠠᠨ᠎ᠤ ᠤᠯᠠᠭᠠᠨ ᠴᠡᠷᠢᠭ᠂ ᠮᠠᠨ᠎ᠤ ᠳᠠᠯᠠᠢ᠎ᠶᠢᠨ ᠤᠯᠠᠭᠠᠨ ᠴᠡᠷᠢᠭ ᠮᠥᠨ᠃ ᠬᠥᠷᠦᠩᠭᠡᠲᠦ ᠤᠯᠤᠰ᠎ᠤᠳ᠎ᠠᠴᠠ ᠪᠢᠳᠡᠨ᠎ᠦ ᠪᠠᠢᠯᠳᠤᠨ ᠠᠪᠤᠭᠰᠠᠨ ᠲᠦᠷ ᠠᠮᠢᠰᠭᠤᠯ᠎ᠨᠢ ᠣᠬᠤᠷᠬᠠᠨ ᠬᠤᠭᠤᠴᠠᠭᠠᠨ᠎ᠤ ᠪᠣᠯᠵᠤ ᠮᠠᠭᠠᠳ᠎ᠦᠭᠡᠢ ᠭᠡᠵᠦ ᠯᠧᠨᠢᠨ ᠪᠢᠳᠡᠨ᠎ᠳᠦ ᠴᠥᠭᠡᠨ᠎ᠦᠭᠡᠢ ᠬᠡᠯᠡᠭᠰᠡᠨ᠃ ᠤᠯᠠᠭᠠᠨ ᠴᠡᠷᠢᠭ᠎ᠢ ᠪᠡᠬᠢᠵᠢᠭᠦᠯᠬᠦ ᠪᠠ ᠲᠡᠭᠦᠨ᠎ᠦ ᠪᠠᠢᠳᠠᠯ᠎ᠢ ᠰᠠᠢᠵᠢᠷᠠᠭᠤᠯᠬᠤ᠎ᠨᠢ ᠮᠠᠨ᠎ᠤ ᠨᠠᠮ᠎ᠤᠨ ᠴᠢᠬᠤᠯᠠ ᠡᠭᠦᠷᠭᠡ ᠨᠤᠭᠦᠳ᠎ᠦᠨ ᠨᠢᠭᠡ ᠮᠥᠨ ᠭᠡᠵᠦ ᠯᠧᠨᠢᠨ ᠪᠢᠳᠡᠨ᠎ᠳᠦ ᠴᠥᠭᠡᠨ᠎ᠦᠭᠡᠢ ᠵᠢᠭᠠᠭᠰᠠᠨ᠃ ᠺᠧᠷᠽᠦᠨ᠎ᠦ ᠲᠤᠯᠭᠠᠨ ᠱᠠᠭᠠᠷᠳᠠᠭᠰᠠᠨ ᠪᠢᠴᠢᠭ ᠪᠠ ᠭᠧᠷᠮᠠᠨ᠎ᠳᠠᠬᠢ ᠬᠢᠮᠤᠷᠠᠯ᠎ᠲᠠᠢ ᠬᠣᠯᠪᠤᠭᠳᠠᠨ ᠭᠠᠷᠤᠭᠰᠠᠨ ᠶᠠᠪᠤᠳᠠᠯ᠎ᠤᠳ ᠯᠧᠨᠢᠨ᠎ᠦ ᠬᠡᠵᠢᠶᠡᠳᠡ ᠦᠷᠭᠦᠯᠵᠢ ᠵᠥᠪ ᠪᠠᠢᠭᠰᠠᠨ᠎ᠢ ᠪᠠᠰᠠ ᠳᠠᠬᠢᠨ ᠪᠠᠲᠤᠯᠠᠪᠠ᠃ ᠨᠥᠬᠦᠳ ᠡ᠂ ᠮᠠᠨ᠎ᠤ ᠤᠯᠠᠭᠠᠨ ᠴᠡᠷᠢᠭ᠂ ᠮᠠᠨ᠎ᠤ ᠳᠠᠯᠠᠢ᠎ᠶᠢᠨ ᠤᠯᠠᠭᠠᠨ ᠴᠡᠷᠢᠭ᠎ᠢ ᠪᠡᠬᠢᠵᠢᠭᠦᠯᠬᠦ᠎ᠶᠢᠨ ᠲᠤᠯᠠᠳᠠ ᠪᠢᠳᠡ ᠬᠦᠴᠦ᠎ᠪᠡᠨ ᠦᠯᠦ ᠬᠠᠢᠷᠠᠯᠠᠬᠤ᠎ᠶᠢ ᠲᠠᠩᠭᠠᠷᠢᠭᠯᠠᠶ᠎ᠠ!

ᠬᠥᠷᠦᠩᠭᠡᠲᠦ ᠤᠯᠤᠰ᠎ᠤᠳ᠎ᠤᠨ ᠳᠠᠯᠠᠢ᠎ᠳᠤ ᠪᠦᠰᠡᠯᠡᠭᠳᠡᠭᠰᠡᠨ ᠮᠠᠨ᠎ᠤ ᠣᠷᠤᠨ ᠠᠰᠤᠷᠤ ᠶᠡᠬᠡ ᠬᠠᠳᠠ ᠠᠰᠭ᠎ᠠ ᠪᠣᠯᠤᠨ ᠵᠣᠭᠰᠤᠵᠤ ᠪᠠᠢᠨ᠎ᠠ᠃ ᠡᠭᠦᠨ᠎ᠢ ᠵᠢᠪᠦᠭᠦᠯᠵᠦ᠂ ᠤᠭᠢᠶᠠᠨ ᠠᠷᠢᠯᠭᠠᠬᠤ᠎ᠪᠠᠷ ᠵᠠᠨᠤᠨ ᠬᠦᠷᠬᠢᠷᠡᠭᠰᠡᠨ ᠳᠠᠪᠠᠯᠭᠠᠨ᠎ᠨᠤᠭᠤᠳ ᠳᠠᠷᠠᠭ᠎ᠠ ᠳᠠᠷᠠᠭ᠎ᠠ᠎ᠪᠠᠷ᠎ᠨᠢ ᠴᠣᠬᠢᠵᠤ ᠪᠠᠢᠨ᠎ᠠ᠃ ᠭᠡᠲᠡᠯ᠎ᠡ ᠬᠠᠳᠠ ᠠᠰᠭ᠎ᠠ ᠭᠤᠢᠪᠢᠰᠢ᠎ᠦᠭᠡᠢ᠎ᠪᠠᠷ ᠵᠣᠭᠰᠤᠭᠰᠠᠭᠠᠷ ᠪᠠᠢᠨ᠎ᠠ᠃ ᠮᠠᠨ᠎ᠤ ᠤᠯᠤᠰ ᠶᠠᠭᠠᠬᠢᠭᠠᠳ ᠡᠢᠮᠦ ᠬᠦᠴᠦᠨ ᠴᠢᠳᠠᠯ᠎ᠲᠠᠢ ᠪᠤᠢ? ᠭᠡᠪᠡᠯ᠂ ᠮᠠᠨ᠎ᠤ ᠤᠯᠤᠰ ᠵᠥᠪᠬᠡᠨ ᠠᠵᠢᠯᠴᠢᠨ ᠲᠠᠷᠢᠶᠠᠴᠢᠨ᠎ᠤ ᠬᠣᠯᠪᠤᠭ᠎ᠠ ᠳᠡᠭᠡᠷ᠎ᠡ ᠪᠠᠢᠭᠤᠯᠤᠭᠳᠠᠭᠰᠠᠨ ᠡᠷᠬᠡ ᠴᠢᠯᠦᠭᠡ ᠣᠯᠠᠨ ᠦᠨᠳᠦᠰᠦᠲᠡᠨ᠎ᠦ ᠬᠣᠯᠪᠤᠭ᠎ᠠ᠎ᠶᠢ ᠪᠡᠶᠡᠯᠡᠭᠦᠯᠵᠦ᠂ ᠤᠯᠠᠭᠠᠨ ᠴᠡᠷᠢᠭ ᠪᠠ ᠳᠠᠯᠠᠢ᠎ᠶᠢᠨ ᠤᠯᠠᠭᠠᠨ ᠴᠡᠷᠢᠭ᠎ᠢᠶᠡᠷ ᠬᠦᠴᠦᠲᠡᠢ ᠬᠠᠮᠠᠭᠠᠯᠠᠭᠤᠯᠤᠭᠰᠠᠨ᠎ᠳᠤ ᠣᠷᠤᠰᠢᠬᠤ᠎ᠪᠠᠷ ᠪᠠᠷᠠᠬᠤ᠎ᠦᠭᠡᠢ ᠮᠥᠨ ᠪᠦᠬᠦ ᠳᠡᠯᠡᠬᠡᠢ᠎ᠶᠢᠨ ᠠᠵᠢᠯᠴᠢᠨ ᠪᠠ ᠲᠠᠷᠢᠶᠠᠴᠢᠨ᠎ᠤ ᠭᠦᠨ ᠬᠠᠯᠠᠮᠵᠢ ᠬᠢᠭᠡᠳ ᠡᠷᠡᠰ ᠳᠡᠮᠵᠢᠯᠭᠡ᠎ᠲᠡᠢ ᠪᠠᠢᠭᠰᠠᠨ ᠤᠴᠢᠷ᠎ᠠᠴᠠ ᠮᠠᠨ᠎ᠤ ᠤᠯᠤᠰ ᠡᠢᠮᠦ ᠬᠦᠴᠦᠷᠬᠡᠭ᠂ ᠡᠢᠮᠦ ᠪᠠᠲᠤ ᠪᠡᠬᠢ ᠪᠠᠢᠭ᠎ᠠ᠎ᠶᠤᠮ᠃ ᠪᠦᠬᠦ ᠳᠡᠯᠡᠬᠡᠢ᠎ᠶᠢᠨ ᠠᠵᠢᠯᠴᠢᠳ᠂ ᠲᠠᠷᠢᠶᠠᠴᠢᠳ᠂ ᠵᠥᠪᠯᠡᠯᠲᠦ ᠪᠦᠭᠦᠳᠡ ᠨᠠᠢᠷᠠᠮᠳᠠᠬᠤ ᠤᠯᠤᠰ᠎ᠢ ᠨᠥᠬᠦᠷ ᠯᠧᠨᠢᠨ ᠥᠪᠡᠷ᠎ᠦᠨ ᠮᠡᠷᠭᠡᠨ ᠭᠠᠷ᠎ᠢᠶᠠᠷ᠎ᠢᠶᠠᠨ ᠳᠠᠢᠰᠤᠨ᠎ᠤ ᠵᠢᠭᠰᠠᠭᠠᠯ ᠤᠷᠤᠭᠤ ᠬᠠᠷᠪᠤᠭᠰᠠᠨ ᠨᠢᠭᠡᠨ ᠰᠤᠮᠤ᠂ ᠳᠠᠷᠤᠯᠠᠭᠳᠠᠯ ᠮᠥᠯᠵᠢᠭᠳᠡᠯ᠎ᠡᠴᠡ ᠠᠪᠤᠷᠠᠭᠳᠠᠬᠤ ᠨᠠᠢᠳᠠᠪᠤᠷᠢᠲᠤ ᠲᠦᠰᠢᠭ᠂ ᠡᠷᠬᠡ ᠴᠢᠯᠦᠭᠡ᠎ᠪᠡᠨ ᠣᠯᠬᠤ ᠵᠠᠮ᠎ᠢ ᠵᠢᠭᠠᠭᠴᠢ ᠭᠡᠷᠡᠯᠲᠦ ᠴᠠᠮᠬᠠᠭ ᠮᠥᠨ ᠭᠡᠵᠦ ᠦᠵᠡᠵᠦ᠂ ᠬᠠᠮᠠᠭᠠᠯᠠᠨ ᠬᠠᠳᠠᠭᠠᠯᠠᠬᠤ᠎ᠶᠢ ᠬᠦᠰᠡᠵᠡᠭᠡᠵᠦ ᠪᠠᠢᠨ᠎ᠠ᠃ ᠵᠥᠪᠯᠡᠯᠲᠦ ᠪᠦᠭᠦᠳᠡ ᠨᠠᠢᠷᠠᠮᠳᠠᠬᠤ ᠤᠯᠤᠰ᠎ᠢ ᠬᠥᠷᠦᠩᠭᠡᠲᠡᠨ ᠨᠤᠭᠦᠳ ᠪᠠ ᠭᠠᠵᠠᠷ᠎ᠤᠨ ᠡᠵᠡᠳ᠎ᠲᠦ ᠡᠪᠳᠡᠭᠦᠯᠬᠦ᠎ᠦᠭᠡᠢ᠎ᠪᠡᠷ ᠬᠠᠮᠠᠭᠠᠯᠠᠨ ᠬᠠᠳᠠᠭᠠᠯᠠᠬᠤ᠎ᠶᠢ ᠬᠦᠰᠡᠵᠡᠭᠡᠵᠦ ᠪᠠᠢᠨ᠎ᠠ᠃ ᠮᠠᠨ᠎ᠤ ᠬᠦᠴᠦ ᠡᠭᠦᠨ᠎ᠳᠦ ᠣᠷᠤᠰᠢᠨ᠎ᠠ᠃ ᠪᠦᠬᠦ ᠳᠡᠯᠡᠬᠡᠢ᠎ᠶᠢᠨ ᠬᠥᠳᠡᠯᠮᠦᠷᠢᠴᠢᠳ᠎ᠦᠨ ᠬᠦᠴᠦ ᠡᠭᠦᠨ᠎ᠳᠦ ᠣᠷᠤᠰᠢᠨ᠎ᠠ᠃ ᠪᠦᠬᠦ ᠳᠡᠯᠡᠬᠡᠢ᠎ᠶᠢᠨ ᠬᠥᠷᠦᠩᠭᠡᠲᠡᠨ ᠨᠤᠭᠦᠳ᠎ᠦᠨ ᠳᠣᠷᠤᠢ ᠴᠢᠨᠠᠷ ᠮᠥᠨ ᠡᠭᠦᠨ᠎ᠳᠦ ᠣᠷᠤᠰᠢᠨ᠎ᠠ᠃

ᠵᠥᠪᠯᠡᠯᠲᠦ ᠪᠦᠭᠦᠳᠡ ᠨᠠᠢᠷᠠᠮᠳᠠᠬᠤ ᠤᠯᠤᠰ᠎ᠢ ᠬᠠᠮᠤᠭ᠎ᠤᠨ ᠵᠣᠷᠢᠯᠭ᠎ᠠ ᠭᠡᠵᠦ ᠯᠧᠨᠢᠨ ᠬᠡᠵᠢᠶ᠎ᠡ᠎ᠴᠦ ᠦᠵᠡᠵᠦ ᠪᠠᠢᠭ᠎ᠠ᠎ᠦᠭᠡᠢ᠎ᠶᠤᠮ᠃ ᠯᠧᠨᠢᠨ ᠡᠭᠦᠨ᠎ᠢ ᠥᠷᠦᠨ᠎ᠡ ᠪᠠ ᠳᠣᠷᠤᠨ᠎ᠠ ᠵᠦᠭ᠎ᠦᠨ ᠣᠷᠤᠨ᠎ᠨᠤᠭᠤᠳ᠎ᠲᠠᠬᠢ ᠬᠤᠪᠢᠰᠭᠠᠯᠲᠤ ᠬᠥᠳᠡᠯᠭᠡᠭᠡᠨ᠎ᠢ ᠬᠦᠴᠦᠷᠬᠡᠭᠵᠢᠭᠦᠯᠬᠦ ᠴᠢᠬᠤᠯᠠ ᠱᠠᠲᠤ᠂ ᠪᠦᠬᠦ ᠳᠡᠯᠡᠬᠡᠢ᠎ᠶᠢᠨ ᠬᠥᠳᠡᠯᠮᠦᠷᠢᠴᠢᠳ᠂ ᠬᠥᠷᠦᠩᠭᠡ᠎ᠶᠢ ᠢᠯᠠᠬᠤ ᠶᠠᠪᠤᠳᠠᠯ᠎ᠢ ᠬᠢᠯᠪᠠᠷ ᠪᠣᠯᠭᠠᠬᠤ ᠴᠢᠬᠤᠯᠠ ᠱᠠᠲᠤ ᠮᠥᠨ ᠭᠡᠵᠦ ᠦᠷᠭᠦᠯᠵᠢ ᠦᠵᠡᠵᠦ ᠪᠠᠢᠪᠠ᠃ ᠭᠠᠭᠴᠠ᠎ᠬᠦ ᠳᠡᠯᠡᠬᠡᠢ ᠳ᠋ᠠᠭᠢᠨ᠎ᠤ ᠡᠭᠦᠳᠡᠨ᠎ᠡᠴᠡ᠎ᠴᠦ ᠪᠢᠰᠢ᠂ ᠬᠠᠷᠢᠨ ᠪᠠᠰᠠ ᠵᠥᠪᠯᠡᠯᠲᠦ ᠪᠦᠭᠦᠳᠡ ᠨᠠᠢᠷᠠᠮᠳᠠᠬᠤ ᠤᠯᠤᠰ᠎ᠤᠨ ᠥᠪᠡᠷ᠎ᠢ᠎ᠨᠢ ᠬᠠᠮᠠᠭᠠᠯᠠᠬᠤ ᠡᠭᠦᠳᠡᠨ᠎ᠡᠴᠡ ᠦᠵᠡᠬᠦ᠎ᠳᠦ ᠡᠢᠮᠦ ᠦᠵᠡᠯᠲᠡ᠎ᠯᠡ ᠵᠥᠪ ᠪᠣᠯᠬᠤ᠎ᠶᠢ ᠯᠧᠨᠢᠨ ᠮᠡᠳᠡᠭᠰᠡᠨ᠎ᠶᠦᠮ᠃ ᠭᠠᠭᠴᠠ᠎ᠬᠦ ᠡᠢᠮᠦ ᠵᠠᠮ᠎ᠢᠶᠠᠷ ᠡᠷᠬᠡ ᠴᠢᠯᠦᠭᠡᠨ᠎ᠦ ᠲᠥᠯᠦᠭᠡ ᠰᠢᠢᠳᠪᠦᠷᠢᠲᠡᠢ ᠲᠤᠯᠤᠯᠳᠤᠭᠠᠨ᠎ᠳᠤ ᠪᠦᠬᠦ ᠳᠡᠯᠡᠬᠡᠢ᠎ᠶᠢᠨ ᠬᠥᠳᠡᠯᠮᠦᠷᠢᠴᠢᠳ᠎ᠦᠨ ᠵᠣᠷᠢᠭ᠎ᠢ ᠪᠠᠳᠠᠷᠠᠭᠤᠯᠵᠤ ᠪᠣᠯᠤᠨ᠎ᠠ ᠭᠡᠵᠦ ᠯᠧᠨᠢᠨ ᠮᠡᠳᠡᠭᠰᠡᠨ᠎ᠶᠦᠮ᠃ ᠴᠣᠬᠤᠮ ᠡᠢᠮᠦ ᠤᠴᠢᠷ᠎ᠠᠴᠠ ᠦᠭᠡᠭᠦᠦ ᠠᠩᠭᠢ᠎ᠶᠢᠨ ᠰᠣᠳᠤ ᠵᠢᠯᠤᠭᠤᠳᠤᠭᠴᠢᠳ᠎ᠤᠨ ᠳᠣᠲᠤᠷ᠎ᠠ᠎ᠠᠴᠠ ᠬᠠᠮᠤᠭ᠎ᠤᠨ ᠰᠣᠳᠤ ᠯᠧᠨᠢᠨ᠂ ᠦᠭᠡᠭᠦᠦ ᠠᠩᠭᠢ᠎ᠶᠢᠨ ᠳᠠᠷᠤᠩᠭᠤᠢᠯᠠᠬᠤ ᠵᠠᠰᠠᠭ ᠲᠤᠭᠲᠠᠭᠰᠠᠨ᠎ᠤ ᠮᠠᠷᠭᠠᠰᠢ ᠡᠳᠦᠷ᠎ᠨᠢ ᠠᠵᠢᠯᠴᠢᠳ᠎ᠤᠨ ᠢᠨᠲᠧᠷᠨᠠᠼᠢᠤᠨᠠᠯ᠎ᠤᠨ ᠰᠠᠭᠤᠷᠢ᠎ᠶᠢ ᠲᠠᠯᠪᠢᠭᠰᠠᠨ᠎ᠶᠤᠮ᠃ ᠴᠣᠬᠤᠮ ᠡᠢᠮᠦ ᠤᠴᠢᠷ᠎ᠠᠴᠠ ᠪᠦᠬᠦ ᠳᠡᠯᠡᠬᠡᠢ᠎ᠶᠢᠨ ᠬᠥᠳᠡᠯᠮᠦᠷᠢᠴᠢᠳ᠎ᠦᠨ ᠬᠣᠯᠪᠤᠭ᠎ᠠ ᠡᠪ ᠬᠠᠮᠲᠤ ᠢᠨᠲᠧᠷᠨᠠᠼᠢᠤᠨᠠᠯ᠎ᠢ ᠥᠷᠭᠡᠳᠭᠡᠵᠦ᠂ ᠪᠡᠬᠢᠵᠢᠭᠦᠯᠬᠦ᠎ᠳᠦ ᠯᠧᠨᠢᠨ ᠴᠤᠴᠠᠯᠲᠠ᠎ᠦᠭᠡᠢ ᠵᠢᠳᠭᠦᠭᠰᠡᠨ᠎ᠶᠦᠮ᠃

ᠡᠳᠡᠭᠡᠷ ᠡᠳᠦᠷ᠎ᠦᠳ᠎ᠦᠨ ᠳᠣᠲᠤᠷ᠎ᠠ ᠨᠥᠬᠦᠷ ᠯᠧᠨᠢᠨ᠎ᠦ ᠣᠩᠭᠤᠨ ᠳᠡᠭᠡᠷ᠎ᠡ ᠲᠦᠮᠡ ᠪᠤᠮᠠᠨ ᠬᠥᠳᠡᠯᠮᠦᠷᠢᠴᠢᠨ ᠬᠦᠨᠳᠦᠳᠭᠡᠨ ᠢᠷᠡᠭᠰᠡᠨ᠎ᠢ ᠲᠠ᠎ᠨᠠᠷ ᠦᠵᠡᠭᠰᠡᠨ᠃ ᠤᠳᠠᠬᠤ᠎ᠦᠭᠡᠢ ᠨᠥᠬᠦᠷ ᠯᠧᠨᠢᠨ᠎ᠦ ᠣᠩᠭᠤᠨ ᠳᠡᠭᠡᠷ᠎ᠡ ᠣᠯᠠᠨ ᠰᠠᠶ᠎ᠠ ᠬᠥᠳᠡᠯᠮᠦᠷᠢᠴᠢᠨ᠎ᠦ ᠲᠥᠯᠦᠭᠡᠯᠡᠭᠴᠢᠳ ᠬᠦᠨᠳᠦᠳᠭᠡᠨ ᠢᠷᠡᠬᠦ᠎ᠶᠢ ᠲᠠ᠎ᠨᠠᠷ ᠦᠵᠡᠨ᠎ᠡ᠃ ᠯᠧᠨᠢᠨ ᠪᠣᠯ ᠵᠥᠪᠬᠡᠨ ᠣᠷᠤᠰ᠎ᠤᠨ ᠦᠭᠡᠭᠦᠦ ᠠᠩᠭᠢ᠎ᠶᠢᠨ ᠤᠳᠤᠷᠢᠳᠤᠭᠴᠢ ᠵᠥᠪᠬᠡᠨ ᠧᠦ᠋ᠷᠣᠫᠠ᠎ᠶᠢᠨ ᠠᠵᠢᠯᠴᠢᠳ᠎ᠤᠨ ᠤᠳᠤᠷᠢᠳᠤᠭᠴᠢ᠂ ᠵᠥᠪᠬᠡᠨ ᠺᠣᠯᠣᠨᠢᠴᠢᠯᠠᠭᠳᠠᠭᠴᠢ ᠳᠣᠷᠤᠨᠠᠳᠠᠬᠢᠨ᠎ᠤ ᠤᠳᠤᠷᠢᠳᠤᠭᠴᠢ ᠪᠢᠰᠢ᠂ ᠬᠠᠷᠢᠨ ᠳᠡᠯᠡᠬᠡᠢ᠎ᠶᠢᠨ ᠪᠥᠮᠪᠦᠷᠴᠡᠭ᠎ᠦᠨ ᠪᠦᠬᠦ ᠬᠥᠳᠡᠯᠮᠦᠷᠢᠴᠢᠨ᠎ᠦ ᠵᠢᠯᠤᠭᠤᠳᠤᠭᠴᠢ ᠮᠥᠨ᠎ᠢ ᠭᠡᠷᠡᠴᠢᠯᠡᠬᠦ᠎ᠪᠡᠷ ᠣᠯᠠᠨ ᠰᠠᠶ᠎ᠠ ᠬᠥᠳᠡᠯᠮᠦᠷᠢᠴᠢᠨ᠎ᠦ ᠲᠥᠯᠦᠭᠡᠯᠡᠭᠴᠢᠳ᠎ᠦᠨ ᠬᠣᠢᠨ᠎ᠠ᠎ᠠᠴᠠ ᠮᠢᠩᠭ᠎ᠠ ᠲᠦᠮᠡᠨ ᠬᠥᠳᠡᠯᠮᠦᠷᠢᠴᠢᠳ᠎ᠦᠨ ᠲᠥᠯᠦᠭᠡᠯᠡᠭᠴᠢᠳ ᠶᠢᠷᠲᠢᠨᠴᠦ᠎ᠶᠢᠨ ᠵᠦᠭ ᠪᠦᠷᠢ᠎ᠡᠴᠡ ᠲᠠᠰᠤᠷᠠᠯ᠎ᠦᠭᠡᠢ ᠴᠤᠪᠤᠨ ᠢᠷᠡᠬᠦ᠎ᠶᠢ ᠡᠷᠡᠭᠡᠯᠵᠡᠬᠦ ᠬᠡᠷᠡᠭ᠎ᠦᠭᠡᠢ᠃

ᠨᠥᠬᠦᠷ ᠯᠧᠨᠢᠨ ᠪᠢᠳᠡᠨ᠎ᠡᠴᠡ ᠰᠠᠯᠵᠤ ᠣᠳᠬᠤ᠎ᠳᠠᠭᠠᠨ ᠡᠪ ᠬᠠᠮᠲᠤ ᠢᠨᠲᠧᠷᠨᠠᠼᠢᠤᠨᠠᠯ᠎ᠤᠨ ᠵᠠᠷᠴᠢᠮ᠎ᠳᠤ ᠦᠨᠡᠨᠴᠢ ᠪᠠᠢ ᠭᠡᠵᠦ ᠪᠢᠳᠡᠨ᠎ᠳᠦ ᠭᠡᠷᠢᠶᠡᠰᠯᠡᠭᠰᠡᠨ᠃ ᠪᠦᠬᠦ ᠳᠡᠯᠡᠬᠡᠢ᠎ᠶᠢᠨ ᠬᠥᠳᠡᠯᠮᠦᠷᠢᠴᠢᠳ᠎ᠦᠨ ᠬᠣᠯᠪᠤᠭ᠎ᠠ - ᠡᠪ ᠬᠠᠮᠲᠤ ᠢᠨᠲᠧᠷᠨᠠᠼᠢᠤᠨᠠᠯ᠎ᠢ ᠪᠡᠬᠢᠵᠢᠭᠦᠯᠬᠦ᠂ ᠥᠷᠭᠡᠳᠭᠡᠬᠦ᠎ᠶᠢᠨ ᠲᠥᠯᠦᠭᠡ ᠪᠢᠳᠡ ᠠᠮᠢ ᠪᠡᠶ᠎ᠡ᠎ᠪᠡᠨ ᠦᠯᠦ ᠬᠠᠢᠷᠠᠯᠠᠬᠤ᠎ᠶᠢ ᠨᠥᠬᠦᠷ ᠯᠧᠨᠢᠨ ᠴᠢᠮ᠎ᠠ᠎ᠳᠠᠭᠠᠨ ᠲᠠᠩᠭᠠᠷᠢᠭᠯᠠᠶ᠎ᠠ!

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082