ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠮᠠᠷᠺᠰ᠎ᠤᠨ ᠪᠤᠩᠬᠤᠨ ᠳᠡᠭᠡᠷᠡᠬᠢ ᠶᠠᠷᠢᠶ᠎ᠠ

ᠡᠩᠭᠧᠯᠰ

ᠭᠤᠷᠪᠠᠳᠤᠭᠠᠷ ᠰᠠᠷ᠎ᠠ᠎ᠶᠢᠨ ᠠᠷᠪᠠᠨ ᠳᠥᠷᠪᠡᠨ᠎ᠦ ᠦᠳᠡ᠎ᠶᠢᠨ ᠬᠣᠢᠨᠠᠬᠢ ᠬᠣᠶᠠᠷ ᠴᠠᠭ ᠭᠤᠷᠪᠠᠨ ᠮᠥᠴᠡ᠎ᠳᠦ ᠣᠳᠣ ᠦᠶ᠎ᠡ᠎ᠶᠢᠨ ᠬᠠᠮᠤᠭ᠎ᠤᠨ ᠠᠭᠤᠤ ᠶᠡᠬᠡ ᠪᠣᠳᠤᠯᠭᠠᠲᠠᠨ ᠰᠡᠳᠭᠢᠬᠦ᠎ᠪᠡᠨ ᠵᠣᠭᠰᠤᠪᠠ᠃ ᠲᠡᠭᠦᠨ᠎ᠢ ᠭᠠᠭᠴᠠᠭᠠᠷ᠎ᠢ ᠭᠡᠷ᠎ᠲᠦ ᠣᠷᠬᠢᠭᠠᠳ ᠬᠣᠶᠠᠷᠬᠠᠨ ᠮᠢᠨ᠋ᠦ᠋ᠲ᠎ᠦᠨ ᠵᠠᠪ ᠪᠣᠯᠤᠯ᠎ᠦᠭᠡᠢ᠎ᠪᠠᠷ ᠪᠢᠳᠡ ᠪᠤᠴᠠᠨ ᠣᠷᠤᠬᠤ᠎ᠳᠤ ᠬᠡᠪᠲᠡᠭᠡ ᠲᠦᠰᠢᠯᠭᠡᠲᠦ ᠰᠠᠨᠳᠠᠯᠢ ᠳᠡᠭᠡᠷ᠎ᠡ᠎ᠪᠡᠨ ᠲᠠᠢᠪᠤᠭᠤᠬᠠᠨ ᠨᠣᠢᠷᠰᠤᠭᠰᠠᠨ ᠪᠠᠢᠯ᠎ᠠ - ᠮᠥᠩᠬᠡ ᠨᠣᠢᠷᠰᠤᠵᠠᠢ᠃

ᠡᠨᠡ ᠬᠥᠮᠦᠨ᠎ᠦ ᠨᠥᠭᠴᠢᠭᠰᠡᠨ ᠶᠠᠪᠤᠳᠠᠯ᠎ᠨᠢ ᠧᠦ᠋ᠷᠣᠫᠠ ᠲᠢᠪ᠎ᠦᠨ ᠪᠠᠢᠯᠳᠤᠵᠤ ᠪᠠᠢᠭ᠎ᠠ ᠦᠭᠡᠭᠦᠦ ᠠᠩᠭᠢ᠎ᠳᠤ᠂ ᠲᠡᠦᠬᠡ᠎ᠶᠢᠨ ᠰᠢᠨᠵᠢᠯᠡᠬᠦ ᠤᠬᠠᠭᠠᠨ᠎ᠳᠤ ᠪᠦᠷ ᠬᠡᠮᠵᠢᠶᠡᠯᠡᠰᠢ᠎ᠦᠭᠡᠢ ᠬᠣᠬᠢᠷᠠᠯ ᠪᠣᠯᠬᠤ᠎ᠶᠤᠮ᠃ ᠤᠴᠢᠷ᠎ᠨᠢ ᠡᠨᠡ ᠠᠪᠤᠷᠭᠤ ᠬᠥᠮᠦᠨ᠎ᠦ ᠨᠠᠰᠤ ᠪᠠᠷᠠᠭᠰᠠᠨ᠎ᠠᠴᠠ ᠪᠣᠯᠤᠭᠰᠠᠨ ᠭᠡᠩᠰᠡᠷᠡᠯ ᠬᠣᠭᠤᠰᠤᠷᠠᠯ᠎ᠢ ᠬᠥᠮᠦᠰ ᠤᠳᠠᠯ᠎ᠦᠭᠡᠢ ᠮᠡᠳᠡᠬᠦ᠎ᠶᠦᠮ᠃

ᠳ᠋ᠠᠷᠸᠢᠨ ᠣᠷᠭᠠᠨᠢᠭ ᠶᠢᠷᠲᠢᠨᠴᠦ᠎ᠶᠢᠨ ᠬᠥᠭᠵᠢᠯ᠎ᠦᠨ ᠵᠢᠮ᠎ᠡ ᠶᠣᠰᠤ᠎ᠶᠢ ᠮᠡᠳᠡᠭᠰᠡᠨ᠎ᠲᠡᠢ ᠠᠳᠠᠯᠢ ᠮᠠᠷᠺᠰ ᠬᠥᠮᠦᠨ ᠲᠥᠷᠦᠯᠬᠢᠲᠡᠨ᠎ᠦ ᠲᠡᠦᠬᠡᠨ ᠬᠥᠭᠵᠢᠯ᠎ᠦᠨ ᠵᠢᠮ᠎ᠡ ᠶᠣᠰᠤ᠎ᠶᠢ ᠮᠡᠳᠡᠭᠰᠡᠨ᠎ᠶᠦᠮ᠃ ᠲᠤᠬᠠᠢᠯᠠᠪᠠᠯ ᠵᠦᠢᠯ ᠵᠢᠰᠦᠮ᠎ᠦᠨ ᠦᠵᠡᠯ ᠰᠠᠨᠠᠭᠠᠨ᠎ᠳᠤ ᠳᠠᠪᠬᠤᠷ ᠳᠠᠪᠬᠤᠷ ᠳᠠᠯᠳᠠᠯᠠᠭᠳᠠᠨ ᠬᠤᠴᠢᠭᠳᠠᠭᠰᠠᠭᠠᠷ ᠢᠷᠡᠭᠰᠡᠨ ᠨᠢᠭᠡᠨ ᠳᠥᠭᠦᠮᠬᠡᠨ ᠪᠣᠳᠠᠲᠤ ᠬᠡᠷᠡᠭ ᠪᠣᠯᠬᠤ: ᠬᠥᠮᠦᠰ ᠡᠩ ᠲᠡᠷᠢᠭᠦᠨ᠎ᠳᠦ ᠡᠷᠬᠡᠪᠰᠢ ᠬᠣᠭᠤᠯᠠ ᠤᠮᠳᠠ᠂ ᠬᠤᠪᠴᠠᠰᠤ ᠬᠤᠨᠠᠷ᠂ ᠣᠷᠤᠨ ᠰᠠᠭᠤᠴᠠ᠎ᠲᠠᠢ ᠪᠠᠢᠮᠠᠨᠵᠢᠨ ᠳᠠᠷᠠᠭ᠎ᠠ᠎ᠨᠢ ᠤᠯᠤᠰ ᠲᠥᠷᠦ᠂ ᠰᠢᠨᠵᠢᠯᠡᠬᠦ ᠤᠬᠠᠭᠠᠨ᠂ ᠤᠷᠠᠯᠢᠭ᠂ ᠱᠠᠰᠢᠨ ᠰᠢᠲᠦᠯᠭᠡ ᠵᠡᠷᠭᠡ ᠬᠥᠳᠡᠯᠭᠡᠭᠡᠨ᠎ᠢ ᠬᠢᠳᠡᠭ᠃ ᠲᠡᠢᠮᠦ᠎ᠡᠴᠡ ᠠᠮᠢᠳᠤᠷᠠᠯ᠎ᠳᠤ ᠰᠢᠭᠤᠳ ᠱᠠᠭᠠᠷᠳᠠᠭᠳᠠᠬᠤ ᠪᠣᠳᠠᠰ᠎ᠤᠨ ᠬᠡᠷᠡᠭᠰᠡᠯ᠎ᠢ ᠦᠢᠯᠡᠳᠪᠦᠷᠢᠯᠡᠳᠡᠭ ᠪᠠ ᠵᠢᠴᠢ ᠲᠡᠭᠦᠨ᠎ᠢᠶᠡᠷ ᠰᠢᠢᠳᠪᠦᠷᠢᠯᠡᠭᠳᠡᠬᠦ ᠨᠢᠭᠡᠨ ᠦᠨᠳᠦᠰᠦᠲᠡᠨ᠎ᠦ ᠪᠤᠶᠤ ᠨᠢᠭᠡᠨ ᠴᠠᠭ ᠦᠶ᠎ᠡ᠎ᠶᠢᠨ ᠵᠣᠬᠢᠬᠤ ᠬᠡᠮᠵᠢᠶᠡᠨ᠎ᠦ ᠠᠵᠤ ᠠᠬᠤᠢ᠎ᠶᠢᠨ ᠬᠥᠭᠵᠢᠯ᠎ᠦᠨ ᠱᠠᠲᠤ ᠪᠦᠷᠢ᠎ᠨᠢ ᠰᠠᠭᠤᠷᠢ ᠪᠣᠯᠤᠨ ᠪᠦᠷᠢᠯᠳᠦᠳᠡᠭ᠃ ᠬᠥᠮᠦᠰ᠎ᠦᠨ ᠲᠥᠷᠦ᠎ᠶᠢᠨ ᠪᠠᠢᠭᠤᠯᠤᠮᠵᠢ᠂ ᠬᠠᠤᠯᠢ᠎ᠶᠢᠨ ᠦᠵᠡᠯᠲᠡ᠂ ᠤᠷᠠᠯᠢᠭ ᠪᠣᠯᠤᠨ ᠱᠠᠰᠢᠨ ᠰᠢᠲᠦᠯᠭᠡ᠎ᠶᠢᠨ ᠦᠵᠡᠯ ᠤᠬᠠᠮᠰᠠᠷ᠎ᠨᠢ ᠪᠦᠷ᠎ᠯᠡ ᠡᠨᠡ᠎ᠬᠦ ᠰᠠᠭᠤᠷᠢ ᠳᠡᠭᠡᠷ᠎ᠡ ᠭᠥᠭᠵᠢᠵᠦ ᠢᠷᠡᠭᠰᠡᠨ᠎ᠶᠦᠮ᠃ ᠡᠢᠮᠦ᠎ᠡᠴᠡ ᠵᠠᠪᠠᠯ ᠡᠨᠡ᠎ᠬᠦ ᠰᠠᠭᠤᠷᠢ᠎ᠠᠴᠠ ᠲᠡᠳᠡᠭᠡᠷ᠎ᠢ ᠲᠠᠢᠯᠪᠤᠷᠢᠯᠠᠬᠤ᠎ᠠᠴᠠ ᠪᠢᠰᠢ᠂ ᠬᠠᠷᠢᠨ ᠥᠩᠭᠡᠷᠡᠭᠰᠡᠨ᠎ᠦ ᠮᠡᠲᠦ ᠡᠭᠦᠨ᠎ᠦ ᠡᠰᠡᠷᠭᠦ᠎ᠪᠡᠷ ᠲᠠᠢᠯᠪᠤᠷᠢᠯᠠᠵᠤ ᠪᠣᠯᠬᠤ᠎ᠦᠭᠡᠢ ᠭᠡᠳᠡᠭ᠎ᠢ ᠮᠡᠳᠡᠵᠡᠢ᠃

ᠡᠭᠦᠪᠡᠷ ᠦᠯᠦ ᠪᠠᠷᠠᠨ᠂ ᠮᠠᠷᠺᠰ ᠪᠠᠰᠠ ᠣᠳᠣ ᠦᠶ᠎ᠡ᠎ᠶᠢᠨ ᠬᠥᠷᠦᠩᠭᠡᠲᠦ ᠶᠣᠰᠤᠨ᠎ᠤ ᠦᠢᠯᠡᠳᠪᠦᠷᠢᠯᠡᠯ᠎ᠦᠨ ᠬᠡᠯᠪᠡᠷᠢ ᠮᠠᠶᠢ᠍ᠭ ᠪᠣᠯᠤᠨ ᠲᠡᠭᠦᠨ᠎ᠢᠶᠡᠷ ᠪᠦᠷᠢᠯᠳᠦᠭᠰᠡᠨ ᠬᠥᠷᠦᠩᠭᠡᠲᠦ ᠨᠡᠢᠭᠡᠮ᠎ᠦᠨ ᠣᠨᠴᠤᠭᠤᠢ ᠬᠥᠳᠡᠯᠭᠡᠭᠡᠨ᠎ᠦ ᠵᠢᠮ᠎ᠡ ᠶᠣᠰᠤ᠎ᠶᠢ ᠮᠡᠳᠡᠭᠰᠡᠨ᠎ᠶᠦᠮ᠃ ᠨᠡᠮᠡᠭᠦᠦ ᠥᠷᠲᠡᠭ᠎ᠢ ᠮᠡᠳᠡᠭᠰᠡᠨ᠎ᠢ ᠳᠠᠭᠠᠯᠳᠤᠨ ᠡᠨᠡ᠎ᠬᠦ ᠬᠦᠷᠢᠶ᠎ᠡ ᠭᠡᠨᠡᠳᠲᠡᠬᠡᠨ ᠭᠡᠢᠭᠦᠯᠦᠭᠳᠡᠪᠡ᠃ ᠬᠥᠷᠦᠩᠭᠡᠲᠡᠨ ᠠᠩᠭᠢ᠎ᠶᠢᠨ ᠠᠵᠤ ᠠᠬᠤᠢ᠎ᠶᠢᠨ ᠤᠬᠠᠭᠠᠨᠲᠠᠨ ᠪᠤᠶᠤ ᠨᠡᠢᠭᠡᠮ ᠵᠢᠷᠤᠮ᠎ᠤᠨ ᠰᠢᠭᠦᠮᠵᠢᠯᠡᠭᠴᠢᠳ᠎ᠦᠨ ᠠᠯᠢᠨ᠎ᠤ ᠬᠢᠨᠢ᠎ᠴᠦ ᠥᠩᠭᠡᠷᠡᠭᠰᠡᠨ᠎ᠦ ᠠᠯᠢᠪᠠ ᠰᠤᠳᠤᠯᠤᠯ᠎ᠨᠢ ᠪᠦᠷ᠎ᠯᠡ ᠲᠦᠨᠡᠷ ᠬᠠᠷᠠᠩᠭᠤᠢ᠎ᠶᠢᠨ ᠳᠣᠲᠤᠷ᠎ᠠ ᠲᠡᠮᠲᠡᠷᠬᠢᠯᠡᠵᠦ ᠪᠠᠢᠵᠠᠢ᠃

ᠬᠥᠮᠦᠨ ᠨᠢᠭᠡ ᠨᠠᠰᠤᠨ᠎ᠳᠠᠭᠠᠨ ᠡᠢᠮᠦ ᠬᠣᠶᠠᠷᠬᠠᠨ ᠵᠦᠢᠯ᠎ᠦᠨ ᠨᠡᠭᠡᠭᠡᠯᠲᠡ᠎ᠲᠡᠢ ᠪᠣᠯ ᠡᠨᠡ ᠨᠠᠰᠤ᠎ᠪᠠᠨ ᠬᠣᠭᠤᠰᠤᠭᠠᠷ ᠥᠩᠭᠡᠷᠡᠭᠦᠯᠦᠭᠰᠡᠨ᠎ᠦᠭᠡᠢ ᠭᠡᠵᠦ ᠬᠡᠯᠡᠵᠦ ᠪᠣᠯᠤᠨ᠎ᠠ᠃ ᠴᠢᠨᠠᠭᠰᠢᠯᠠᠭᠠᠳ ᠵᠥᠪᠬᠡᠨ ᠨᠢᠭᠡ ᠵᠦᠢᠯ᠎ᠦᠨ ᠡᠢᠮᠦᠷᠬᠦᠦ ᠨᠡᠭᠡᠭᠡᠯᠲᠡ᠎ᠲᠡᠢ ᠪᠣᠯᠤᠭᠰᠠᠨ᠎ᠴᠤ ᠲᠤᠩ ᠵᠣᠯ ᠵᠢᠷᠭᠠᠯᠲᠠᠢ ᠬᠡᠷᠡᠭ ᠪᠣᠯᠬᠤ᠎ᠶᠤᠮ᠃ ᠭᠡᠲᠡᠯ᠎ᠡ ᠮᠠᠷᠺᠰ ᠰᠤᠳᠤᠯᠤᠭᠰᠠᠨ ᠵᠦᠢᠯ ᠪᠣᠯᠭᠠᠨ᠎ᠳᠠᠭᠠᠨ (ᠲᠣᠭᠠᠨ᠎ᠤ ᠤᠬᠠᠭᠠᠨ᠎ᠤ ᠲᠠᠯ᠎ᠠ᠎ᠪᠠᠷ᠎ᠴᠤ ᠭᠡᠰᠡᠨ) ᠴᠥᠮ ᠣᠯᠠᠨ᠎ᠠᠴᠠ ᠬᠡᠲᠦᠢᠳᠦᠭᠰᠡᠨ ᠨᠡᠭᠡᠭᠡᠯᠲᠡ᠎ᠲᠡᠢ᠂ ᠲᠡᠭᠦᠨ᠎ᠦ ᠰᠤᠳᠤᠯᠤᠯ᠎ᠤᠨ ᠬᠦᠷᠢᠶ᠎ᠡ ᠬᠡᠪᠴᠢᠶ᠎ᠡ᠎ᠨᠢ ᠮᠠᠰᠢ ᠥᠷᠭᠡᠨ ᠪᠥᠭᠡᠳ ᠠᠯᠢ ᠨᠢᠭᠡ ᠰᠤᠳᠤᠯᠤᠯ᠎ᠨᠢ᠎ᠴᠤ ᠭᠡᠳ ᠮᠥᠴᠢᠳ ᠮᠡᠬᠦᠰ ᠪᠢᠰᠢ᠎ᠶᠦᠮ᠃

ᠰᠢᠨᠵᠢᠯᠡᠬᠦ ᠤᠬᠠᠭᠠᠨ᠎ᠤ ᠠᠪᠤᠷᠭᠤ ᠭᠠᠷ ᠡᠢᠮᠦ᠎ᠯᠡ ᠪᠠᠢᠵᠠᠢ᠃ ᠭᠡᠪᠡᠴᠦ ᠡᠳᠡᠭᠡᠷ᠎ᠨᠢ ᠶᠠᠭᠠᠬᠢᠭᠰᠠᠨ᠎ᠴᠤ ᠲᠡᠭᠦᠨ᠎ᠦ ᠴᠢᠬᠤᠯᠠ ᠵᠦᠢᠯ᠎ᠨᠢ ᠪᠢᠰᠢ᠎ᠶᠦᠮ᠃ ᠮᠠᠷᠺᠰ ᠰᠢᠨᠵᠢᠯᠡᠬᠦ ᠤᠬᠠᠭᠠᠨ ᠪᠣᠯ ᠲᠡᠦᠬᠡ᠎ᠶᠢ ᠲᠦᠯᠬᠢᠨ ᠤᠷᠤᠭᠰᠢᠯᠠᠭᠤᠯᠬᠤ ᠬᠤᠪᠢᠰᠭᠠᠯ᠎ᠤᠨ ᠬᠦᠴᠦᠨ ᠭᠡᠵᠦ ᠦᠵᠡᠳᠡᠭ᠃ ᠬᠡᠳᠦᠢᠪᠡᠷ ᠪᠣᠳᠠᠲᠤ ᠬᠡᠷᠡᠭᠴᠡᠭᠡᠨ᠎ᠦ ᠳ᠋ᠦᠩ᠎ᠨᠢ ᠬᠠᠷᠠᠬᠠᠨ ᠮᠡᠳᠡᠭᠳᠡᠭᠡᠳᠦᠢ ᠪᠠᠢᠭᠰᠠᠨ᠎ᠴᠤ ᠣᠨᠤᠯ᠎ᠤᠨ ᠰᠢᠨᠵᠢᠯᠡᠬᠦ ᠤᠬᠠᠭᠠᠨ᠎ᠤ ᠰᠢᠨ᠎ᠡ ᠨᠡᠭᠡᠭᠡᠯᠲᠡ ᠨᠢᠭᠡᠪᠦᠷᠢ ᠲᠡᠭᠦᠨ᠎ᠦ ᠰᠡᠳᠭᠢᠯ᠎ᠢ ᠣᠨᠴᠠ ᠪᠠᠶᠠᠷᠯᠠᠭᠤᠯᠵᠤ ᠪᠠᠢᠳᠠᠭ᠃ ᠢᠯᠠᠩᠭᠤᠶ᠎ᠠ ᠠᠵᠤ ᠦᠢᠯᠡᠳᠪᠦᠷᠢ ᠪᠤᠶᠤ ᠪᠦᠬᠦᠢᠯᠡ ᠲᠡᠦᠬᠡᠨ ᠬᠥᠭᠵᠢᠯᠲᠡ᠎ᠳᠦ ᠨᠥᠯᠦᠭᠡ ᠦᠵᠡᠭᠦᠯᠳᠡᠭ ᠨᠡᠭᠡᠭᠡᠯᠲᠡ ᠪᠤᠢ ᠪᠣᠯᠬᠤ ᠦᠶ᠎ᠡ᠎ᠳᠦ ᠲᠡᠭᠦᠨ᠎ᠦ ᠪᠠᠶᠠᠷ ᠪᠠᠬᠠᠳᠤᠯ ᠪᠦᠷᠢᠮᠦᠰᠦᠨ ᠣᠨᠳᠣᠣ ᠪᠣᠯᠳᠠᠭ ᠪᠢᠯᠡ᠃ ᠵᠢᠱ᠌ᠢᠶᠠᠯᠠᠪᠠᠯ᠂ ᠮᠠᠷᠺᠰ ᠴᠠᠬᠢᠯᠭᠠᠨ᠎ᠤ ᠤᠬᠠᠭᠠᠨ᠎ᠤ ᠡᠯ᠎ᠡ ᠵᠦᠢᠯ᠎ᠦᠨ ᠨᠡᠭᠡᠭᠡᠯᠲᠡ᠎ᠶᠢᠨ ᠠᠬᠢᠴᠠ᠎ᠶᠢ ᠨᠠᠷᠢᠨ ᠠᠩᠬᠠᠷᠴᠤ ᠪᠠᠢᠭᠰᠠᠨ ᠪᠥᠭᠡᠳ ᠣᠢᠷ᠎ᠠ᠎ᠳᠤ ᠮᠠᠷᠰᠸᠧ ᠲᠧᠫᠢᠤᠯᠸᠧᠷ᠎ᠦᠨ ᠨᠡᠭᠡᠭᠡᠯᠲᠡ᠎ᠶᠢ ᠪᠠᠰᠠ ᠠᠩᠬᠠᠷᠴᠤ ᠪᠠᠢᠯ᠎ᠠ᠃

ᠮᠠᠷᠺᠰ ᠪᠣᠯ ᠡᠩ ᠲᠡᠷᠢᠭᠦᠨ᠎ᠳᠦ ᠨᠢᠭᠡᠨ ᠬᠤᠪᠢᠰᠭᠠᠯᠴᠢ ᠮᠥᠨ᠃ ᠡᠢᠮᠦ᠎ᠡᠴᠡ ᠲᠡᠷᠡ ᠬᠥᠷᠦᠩᠭᠡᠲᠦ ᠶᠣᠰᠤ ᠪᠠ ᠬᠥᠷᠦᠩᠭᠡᠲᠦ ᠶᠣᠰᠤᠨ᠎ᠤ ᠲᠥᠷᠦ᠎ᠶᠢᠨ ᠪᠠᠢᠭᠤᠯᠤᠮᠵᠢ᠎ᠶᠢ ᠲᠦᠯᠬᠢᠨ ᠤᠨᠠᠭᠠᠬᠤ ᠦᠢᠯᠡᠰ᠎ᠲᠦ ᠣᠯᠠᠨ ᠵᠦᠢᠯ᠎ᠦᠨ ᠬᠡᠯᠪᠡᠷᠢ᠎ᠪᠡᠷ ᠣᠷᠤᠯᠴᠠᠵᠤ ᠪᠠᠢᠭᠰᠠᠨ ᠪᠠ ᠣᠷᠤᠰᠢᠵᠤ ᠪᠦᠬᠦᠢ ᠨᠡᠢᠭᠡᠮ᠎ᠳᠡᠬᠢ ᠥᠪᠡᠷ᠎ᠦᠨ ᠪᠠᠢᠷᠢ ᠰᠠᠭᠤᠷᠢ ᠪᠣᠯᠤᠨ ᠱᠠᠭᠠᠷᠳᠠᠯᠭ᠎ᠠ᠎ᠶᠢ ᠠᠩᠬ᠎ᠠ ᠤᠳᠠᠭ᠎ᠠ ᠮᠡᠳᠡᠷᠡᠵᠦ᠂ ᠣᠳᠣ ᠦᠶ᠎ᠡ᠎ᠶᠢᠨ ᠦᠭᠡᠭᠦᠦ ᠠᠩᠭᠢ᠎ᠶᠢᠨ ᠴᠢᠯᠦᠭᠡᠯᠡᠯᠲᠡ᠎ᠶᠢᠨ ᠨᠥᠬᠦᠴᠡᠯ ᠪᠣᠯᠬᠤ᠎ᠶᠢ ᠮᠡᠳᠡᠵᠡᠢ - ᠡᠳᠡᠭᠡᠷ᠎ᠨᠢ ᠦᠨᠡᠨ᠎ᠳᠡᠭᠡᠨ ᠲᠡᠭᠦᠨ᠎ᠦ ᠨᠢᠭᠡ ᠨᠠᠰᠤᠨ᠎ᠤ ᠡᠭᠦᠷᠭᠡ ᠪᠣᠯᠵᠠᠢ᠃ ᠲᠡᠮᠡᠴᠡᠯ ᠪᠣᠯ ᠲᠡᠭᠦᠨ᠎ᠦ ᠰᠤᠷᠮᠠᠭᠠᠢ ᠵᠦᠢᠯ ᠮᠥᠨ᠃ ᠲᠡᠭᠦᠨ᠎ᠰᠢᠭ ᠣᠷᠭᠢᠯᠤᠮ᠎ᠠ ᠰᠡᠳᠭᠢᠯᠭᠡ᠎ᠲᠡᠢ ᠬᠠᠲᠠᠭᠤ ᠰᠢᠷᠭᠠᠭᠤ ᠪᠥᠭᠡᠳ ᠳᠣᠪᠤᠢᠭᠰᠠᠨ ᠪᠦᠲᠦᠭᠡᠯ ᠣᠯᠲᠠᠯ᠎ᠠ ᠲᠡᠮᠡᠴᠡᠭᠰᠡᠨ ᠬᠥᠮᠦᠨ ᠮᠠᠰᠢ ᠬᠣᠪᠤᠷ᠎ᠶᠤᠮ᠃ 1842 ᠣᠨ᠎ᠳᠤ ᠬᠠᠭᠤᠴᠢᠨ 《 ᠷᠧᠢᠨ ᠰᠣᠨᠢᠨ》᠎ᠤ ᠨᠠᠢᠷᠠᠭᠤᠯᠤᠭᠴᠢ ᠪᠣᠯᠵᠠᠢ᠃ 1844 ᠣᠨ᠎ᠳᠤ ᠫᠠᠷᠢᠰ᠎ᠲᠤ ᠬᠡᠪᠯᠡᠭᠦᠯᠦᠭᠰᠡᠨ 《ᠤᠷᠤᠭᠰᠢᠯᠠᠯᠲᠠ ᠰᠣᠨᠢᠨ》᠎ᠤ ᠨᠠᠢᠷᠠᠭᠤᠯᠬᠤ ᠠᠵᠢᠯ᠎ᠳᠤ ᠣᠷᠤᠯᠴᠠᠵᠠᠢ᠃ 1847 ᠣᠨ᠎ᠳᠤ 《 ᠭᠧᠷᠮᠠᠨ - ᠪᠧᠦᠰᠧᠯ ᠰᠣᠨᠢᠨ》᠎ᠳᠤ ᠵᠣᠬᠢᠶᠠᠯ ᠪᠢᠴᠢᠵᠦ ᠪᠠᠢᠪᠠ᠃ 1848 ᠣᠨ᠎ᠠᠴᠠ 1849 ᠣᠨ ᠬᠦᠷᠲᠡᠯ᠎ᠡ 《 ᠰᠢᠨ᠎ᠡ ᠷᠧᠢᠨ ᠰᠣᠨᠢᠨ》᠎ᠢ ᠬᠡᠪᠯᠡᠭᠦᠯᠪᠡ᠃ 1852 ᠣᠨ᠎ᠠᠴᠠ 1861 ᠣᠨ ᠬᠦᠷᠲᠡᠯ᠎ᠡ 《ᠨᠢᠦ᠋ ᠶᠣᠷᠺ᠎ᠤᠨ ᠡᠳᠦᠷ ᠪᠦᠷᠢ᠎ᠶᠢᠨ ᠶᠠᠷᠢᠶ᠎ᠠ ᠥᠭᠦᠯᠡᠯ ᠰᠣᠨᠢᠨ》᠎ᠳᠤ ᠵᠣᠬᠢᠶᠠᠯ ᠪᠢᠴᠢᠵᠦ ᠪᠠᠢᠪᠠ᠃ ᠪᠠᠰᠠ ᠪᠠᠢᠯᠳᠤᠭᠴᠢ ᠴᠢᠨᠠᠷ᠎ᠢᠶᠠᠷ ᠮᠠᠰᠢ ᠣᠯᠠᠨ ᠲᠣᠪᠬᠢᠮᠠᠯ ᠪᠢᠴᠢᠵᠡᠢ᠃ ᠫᠠᠷᠢᠰ᠂ ᠪᠧᠦᠰᠧᠯ᠂ ᠯᠤᠨᠳᠤᠨ᠎ᠤ ᠡᠯ᠎ᠡ ᠵᠣᠬᠢᠶᠠᠨ ᠪᠠᠢᠭᠤᠯᠤᠯᠲᠠ᠎ᠶᠢᠨ ᠠᠵᠢᠯ᠎ᠳᠤ ᠣᠷᠤᠯᠴᠠᠭᠰᠠᠨ ᠪᠠ ᠬᠣᠵᠢᠮ᠎ᠨᠢ ᠠᠭᠤᠤ ᠶᠡᠬᠡ ᠠᠴᠢ ᠬᠣᠯᠪᠤᠭᠳᠠᠯ᠎ᠲᠠᠢ ᠳᠡᠯᠡᠬᠡᠢ᠎ᠶᠢᠨ ᠠᠵᠢᠯᠴᠢᠨ᠎ᠤ ᠡᠪᠯᠡᠯ᠎ᠢ ᠰᠠᠳᠤᠨ ᠪᠠᠢᠭᠤᠯᠪᠠ᠃ ᠡᠳᠡᠭᠡᠷ ᠣᠯᠠᠨ ᠠᠵᠢᠯ᠎ᠢ ᠪᠡᠶᠡᠯᠡᠭᠦᠯᠦᠭᠰᠡᠨ᠎ᠨᠢ - ᠴᠣᠬᠤᠮ᠎ᠳᠠᠭᠠᠨ᠂ ᠡᠪᠯᠡᠯ᠎ᠢ ᠰᠠᠳᠤᠨ ᠪᠠᠢᠭᠤᠯᠤᠭᠴᠢ ᠡᠨᠡ ᠬᠥᠮᠦᠨ ᠣᠨᠳᠣᠣ ᠶᠠᠭᠤ᠎ᠴᠤ ᠬᠢᠭᠡ᠎ᠦᠭᠡᠢ ᠭᠡᠵᠦ ᠰᠠᠨᠠᠬᠤ᠎ᠳᠤ ᠭᠠᠭᠴᠠ ᠡᠨᠡ᠎ᠬᠦ ᠦᠷ᠎ᠡ ᠪᠦᠲᠦᠭᠡᠯ᠎ᠨᠢ ᠪᠠᠰᠠ ᠣᠮᠤᠭᠰᠢᠨ ᠪᠠᠬᠠᠳᠤᠵᠤ ᠪᠣᠯᠤᠮᠠᠷ᠎ᠶᠤᠮ᠃

ᠡᠨᠡ ᠪᠣᠯ ᠮᠠᠷᠺᠰ ᠲᠤᠬᠠᠢ᠎ᠶᠢᠨ ᠦᠶ᠎ᠡ᠎ᠳᠡᠭᠡᠨ ᠬᠠᠮᠤᠭ᠎ᠤᠨ ᠭᠦᠨ ᠵᠠᠨᠤᠯ᠂ ᠬᠠᠮᠤᠭ᠎ᠤᠨ ᠬᠦᠨᠳᠦ ᠭᠦᠳᠭᠡᠯ᠎ᠳᠦ ᠤᠴᠠᠷᠠᠵᠤ ᠪᠠᠢᠭᠰᠠᠨ᠎ᠤ ᠬᠢᠨᠢ ᠰᠢᠯᠲᠠᠭᠠᠨ ᠪᠣᠯᠤᠨ᠎ᠠ᠃ ᠡᠯ᠎ᠡ ᠤᠯᠤᠰ᠎ᠤᠨ ᠡᠵᠡᠷᠬᠡᠬᠦ ᠵᠠᠰᠠᠭ᠎ᠤᠨ ᠣᠷᠳᠤᠨ ᠪᠤᠶᠤ ᠪᠦᠭᠦᠳᠡ ᠨᠠᠢᠷᠠᠮᠳᠠᠬᠤ ᠵᠠᠰᠠᠭ᠎ᠤᠨ ᠣᠷᠳᠤᠨ᠎ᠤ ᠠᠯᠢ᠎ᠨᠢ᠎ᠴᠤ ᠴᠥᠮ ᠲᠡᠭᠦᠨ᠎ᠢ ᠬᠢᠯᠢ᠎ᠡᠴᠡ᠎ᠪᠡᠨ ᠦᠯᠳᠡᠨ ᠭᠠᠷᠭᠠᠵᠤ᠂ ᠬᠡᠪᠰᠢᠮᠡᠯ ᠬᠥᠷᠦᠩᠭᠡᠲᠡᠨ ᠪᠤᠶᠤ ᠲᠤᠢᠯ᠎ᠤᠨ ᠠᠷᠠᠳᠴᠢᠯᠠᠭᠰᠠᠨ ᠬᠥᠷᠦᠩᠭᠡᠲᠡᠨ ᠴᠥᠮ ᠵᠡᠷᠭᠡ ᠵᠡᠷᠭᠡ᠎ᠪᠡᠷ ᠲᠡᠭᠦᠨ᠎ᠢ ᠭᠦᠵᠢᠷᠯᠡᠨ ᠭᠦᠳᠭᠡᠵᠦ᠂ ᠬᠠᠷᠢᠶᠠᠨ ᠵᠦᠬᠡᠳᠡᠭ ᠪᠠᠢᠯ᠎ᠠ᠃ ᠡᠳᠡᠭᠡᠷ᠎ᠢ ᠮᠠᠷᠺᠰ ᠥᠴᠦᠬᠡᠨ᠎ᠴᠦ ᠣᠢᠰᠢᠶᠠᠳᠠᠭ᠎ᠦᠭᠡᠢ᠂ ᠬᠠᠷᠢᠨ ᠠᠭᠠᠯᠵᠢᠨ ᠰᠢᠯᠦᠰᠦ᠎ᠰᠢᠭ ᠠᠶᠠᠷᠬᠠᠨ ᠰᠠᠵᠢᠨ ᠶᠠᠪᠤᠭᠤᠯᠤᠭᠠᠳ ᠭᠠᠭᠴᠠ᠎ᠬᠦ ᠣᠨᠴᠠ ᠴᠢᠬᠤᠯᠠᠲᠠᠢ ᠪᠠᠢᠳᠠᠯ᠎ᠤᠨ ᠳᠣᠣᠷ᠎ᠠ ᠬᠠᠷᠢᠭᠤ ᠥᠭᠳᠡᠭ᠃ ᠣᠳᠣ ᠮᠠᠷᠺᠰ ᠨᠠᠰᠤ ᠪᠠᠷᠠᠵᠠᠢ᠃ ᠪᠦᠬᠦ ᠧᠦ᠋ᠷᠣᠫᠠ ᠲᠢᠪ ᠪᠠ ᠠᠮᠧᠷᠢᠺᠠ ᠲᠢᠪ᠎ᠲᠦ᠂ ᠰᠢᠪᠧᠷᠢᠶ᠎ᠠ᠎ᠶᠢᠨ ᠠᠭᠤᠷᠬᠠᠢ᠎ᠶᠢᠨ ᠬᠤᠳᠳᠤᠭ᠎ᠠᠴᠠ ᠺᠠᠯᠢᠹᠤᠷᠨᠢᠶ᠎ᠠ ᠬᠦᠷᠲᠡᠯᠡᠬᠢ ᠰᠠᠶ᠎ᠠ ᠵᠢᠤ᠎ᠠ ᠬᠤᠪᠢᠰᠭᠠᠯᠲᠤ ᠳᠠᠢᠴᠢᠨ ᠬᠠᠨᠢ ᠨᠥᠬᠦᠳ ᠬᠦᠨᠳᠦᠳᠭᠡᠨ ᠪᠢᠰᠢᠷᠡᠬᠦ᠎ᠦᠭᠡᠢ ᠬᠥᠮᠦᠨ᠂ ᠬᠠᠢᠷᠠᠯᠠᠨ ᠬᠠᠯᠠᠮᠵᠢᠯᠠᠬᠤ᠎ᠦᠭᠡᠢ ᠬᠥᠮᠦᠨ᠂ ᠭᠠᠰᠢᠭᠤᠳᠠᠨ ᠳᠤᠷᠠᠳᠭᠠᠬᠤ᠎ᠦᠭᠡᠢ ᠬᠥᠮᠦᠨ ᠨᠢᠭᠡ᠎ᠴᠦ ᠪᠠᠢᠬᠤ᠎ᠦᠭᠡᠢ᠃ ᠲᠡᠭᠦᠨ᠎ᠦ ᠳᠠᠢᠰᠤᠨ ᠮᠠᠰᠢ ᠣᠯᠠᠨ ᠪᠠᠢᠭᠰᠠᠨ ᠪᠠᠢᠵᠤ ᠮᠡᠳᠡᠨ᠎ᠡ᠃ ᠭᠡᠪᠡᠴᠦ ᠬᠤᠪᠢ᠎ᠶᠢᠨ ᠳᠠᠢᠰᠤᠨ ᠨᠢᠭᠡ᠎ᠴᠦ ᠪᠠᠢᠬᠤ᠎ᠦᠭᠡᠢ᠎ᠶᠤᠮ ᠭᠡᠵᠦ ᠪᠢ ᠵᠣᠷᠢᠭᠲᠠᠢ᠎ᠪᠠᠷ ᠬᠡᠯᠡᠵᠦ ᠴᠢᠳᠠᠨ᠎ᠠ᠃

ᠲᠡᠭᠦᠨ᠎ᠦ ᠠᠯᠳᠠᠷ ᠨᠡᠷ᠎ᠡ ᠪᠣᠯᠤᠨ ᠠᠵᠢᠯ ᠦᠢᠯᠡᠰ ᠥᠨᠢᠳᠡ ᠮᠥᠩᠬᠡᠷᠡᠬᠦ ᠪᠣᠯᠤᠨ᠎ᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082