ᠮᠣᠩᠭᠣᠯ ᠪᠢᠴᠢᠭ᠌

ᠡᠷᠢᠶ᠎ᠡ  
ᠪᠤᠴᠠᠬᠤ

ᠬᠣᠷᠴᠢᠨ ᠨᠤᠲᠤᠭ ᠤᠨ ᠬᠦᠮᠦᠰ

ᠮᠠᠯᠴᠢᠨᠬᠦᠦ

ᠨᠠᠢᠮᠠᠳᠤᠭᠠᠷ ᠰᠠᠷ᠎ᠠ ᠶᠢᠨ ᠬᠣᠷᠴᠢᠨ ᠨᠤᠲᠤᠭ ᠲᠤ ᠲᠡᠭᠷᠢ ᠭᠠᠵᠠᠷ ᠳᠣᠩᠰᠤᠯᠤᠮ᠎ᠠ ᠨᠢᠭᠡ ᠬᠡᠷᠡᠭ᠌ ᠭᠠᠷᠪᠠ᠃

ᠦᠳᠡᠰᠢ ᠶᠢᠨ ᠨᠠᠷᠠ ᠬᠥᠷᠦᠰᠦᠲᠦ ᠳᠡᠯᠡᠬᠡᠢ ᠶᠢᠨ ᠬᠥᠪᠡᠭᠡᠨ ᠦ ᠴᠠᠭᠠᠭᠤᠷ ᠣᠷᠤᠯ᠎ᠠ᠃ ᠪᠠᠷᠠᠭᠤᠨ ᠬᠣᠢᠨ᠎ᠠ ᠡᠴᠡ ᠰᠠᠯᠬᠢ ᠰᠡᠪᠢᠭᠡᠨᠡᠵᠦ ᠬᠥᠳᠡᠭᠡ ᠨᠤᠳᠤᠭ ᠤᠨ ᠡᠪᠡᠰᠦ ᠤᠷᠭᠤᠮᠠᠯ ᠬᠠᠯᠢᠭᠤᠷᠠᠨ ᠳᠠᠪᠠᠯᠭᠠᠯᠠᠬᠤ ᠨᠢ ᠬᠦᠪᠡᠭᠡ ᠬᠢᠵᠠᠭᠠᠷ ᠦᠭᠡᠢ ᠳᠠᠯᠠᠢ ᠶᠢᠨ ᠳᠣᠯᠭᠢᠶᠠᠨ ᠮᠡᠲᠦ ᠬᠠᠷᠠᠭᠳᠠᠨ᠎ᠠ᠃ ᠥᠨᠳᠦᠷ ᠣᠭᠲᠠᠷᠭᠤᠢ ᠶᠢ ᠪᠠᠷᠠᠭᠠᠨ ᠡᠭᠦᠯᠡ ᠥᠪᠴᠢ ᠪᠦᠷᠬᠦᠭᠰᠡᠨ ᠨᠢ ᠵᠤᠵᠠᠭᠠᠨ ᠬᠠᠷ᠎ᠠ ᠳᠠᠪᠤᠤ ᠪᠠᠷ ᠬᠥᠰᠢᠭᠡ ᠲᠠᠲᠠᠭᠰᠠᠨ ᠮᠡᠲᠦ ᠰᠠᠨᠠᠭᠳᠠᠨ᠎ᠠ᠃ ᠬᠥᠳᠡᠭᠡ ᠨᠤᠳᠤᠭ ᠤᠨ ᠨᠠᠮᠤᠷ ᠤᠨ ᠪᠣᠷᠤᠭᠠᠨ ᠤ ᠪᠠᠭᠤᠬᠤ ᠭᠡᠵᠦ ᠪᠠᠢᠬᠤ ᠶᠢ ᠬᠦᠮᠦᠨ ᠪᠦᠬᠦᠨ ᠮᠡᠳᠡᠵᠦ ᠪᠠᠢᠯ᠎ᠠ᠃

ᠰᠠᠷᠠᠩᠭᠤᠤ᠎ᠠ ᠬᠠᠷᠠᠭᠠᠨ ᠦᠵᠦᠭᠦᠷ ᠦᠨ ᠲᠡᠷᠲᠡᠭᠡ ᠬᠣᠯᠠ ᠡᠴᠡ ᠦᠬᠡᠷ ᠤᠨ ᠰᠦᠷᠦᠭ ᠢᠶᠡᠨ ᠬᠤᠷᠢᠶᠠᠨ ᠠᠢᠰᠤᠢ᠃ ᠤᠯᠠᠭᠠᠨ ᠬᠡᠭᠡᠷ ᠮᠣᠷᠢᠲᠠᠢ ᠡᠨᠡ ᠬᠡᠦᠬᠡᠨ ᠦ ᠠᠷᠤ ᠡᠴᠡ ᠥᠪᠡᠷ ᠦᠨ ᠬᠢᠨᠢ ᠮᠠᠰᠢ ᠬᠠᠢᠷᠠᠲᠤ ᠪᠢᠴᠢᠬᠠᠨ ᠲᠠᠢᠭ᠎ᠠ«ᠭᠠᠯᠠᠭᠤ» ᠨᠢ ᠳᠠᠭᠠᠭᠰᠠᠨ ᠪᠠᠢᠪᠠ᠃ ᠲᠡᠷᠡ ᠪᠢᠴᠢᠬᠠᠨ ᠲᠠᠢᠭ᠎ᠠ ᠨᠢ ᠡᠵᠡᠨ ᠢᠶᠡᠨ ᠬᠠᠮᠢᠭ᠎ᠠ ᠶᠠᠪᠤᠪᠠᠴᠤ ᠮᠣᠷᠢᠨ ᠤ ᠬᠢᠨᠢ ᠵᠦᠪ ᠪᠤᠷᠤᠭᠤ ᠲᠠᠯ᠎ᠠ ᠳᠤ ᠭᠠᠷᠴᠤ ᠰᠠᠯᠳᠠᠭ ᠦᠭᠡᠢ ᠠᠵᠢ᠃ ᠪᠡᠯᠴᠢᠭᠡᠷᠯᠡᠨ ᠴᠠᠳᠤᠭᠰᠠᠨ ᠦᠬᠡᠷ ᠦᠳ ᠨᠢ ᠰᠠᠯᠬᠢ ᠰᠦᠷᠦᠨ ᠠᠯᠬᠤᠬᠤ ᠳᠤ ᠶᠡᠬᠡᠲᠡ ᠵᠦᠳᠡᠭᠦᠷᠢᠲᠡᠢ ᠪᠠᠢᠬᠤ ᠶᠢ ᠰᠠᠷᠠᠩᠭᠤᠤ᠎ᠠ ᠲᠤᠩᠭᠠᠯ ᠦᠭᠡᠢ ᠪᠠᠢᠨ ᠳᠠᠬᠢᠨ ᠰᠢᠪᠠᠳᠠᠭᠤᠯᠵᠤ ᠰᠢᠯᠪᠢᠭᠦᠷ ᠳᠠᠯᠠᠢᠨ«ᠭᠦᠦᠭ ᠴᠦᠬᠦ︕» ᠭᠡᠵᠦ ᠬᠠᠰᠭᠢᠷᠤᠨ᠎ᠠ᠃ ᠭᠡᠪᠡᠴᠦ ᠡᠵᠡᠨ ᠨᠢ ᠡᠨᠡ ᠡᠳᠦᠷ ᠠᠮᠠᠷᠠᠭ ᠬᠣᠩᠭᠤᠷ ᠲᠠᠢ ᠪᠠᠨ ᠠᠭᠤᠯᠵᠠᠬᠤ ᠪᠣᠯᠵᠤᠭ᠎ᠠ ᠲᠣᠭᠲᠠᠴᠢᠬᠠᠭᠠᠳ ᠲᠡᠢᠨ ᠬᠦ ᠰᠢᠪᠠᠳᠠᠭᠤᠯᠵᠤ ᠪᠠᠢᠬᠤ ᠶᠢ ᠦᠬᠡᠷ ᠤᠨ ᠰᠦᠷᠦᠭ ᠨᠢ ᠬᠡᠷᠬᠢᠨ ᠮᠡᠳᠡᠬᠦ ᠪᠢᠯᠡ᠃

ᠰᠠᠷᠠᠩᠭᠤᠤ᠎ᠠ ᠦᠬᠡᠷ ᠤᠨ ᠰᠦᠷᠦᠭ ᠢᠶᠡᠨ ᠠᠢᠯ ᠡᠴᠡ ᠣᠢᠷᠠᠬᠠᠨ ᠨᠢᠭᠡᠨ ᠮᠠᠩᠬᠠᠨ ᠳᠡᠭᠡᠷ᠎ᠡ ᠠᠪᠠᠴᠢᠭᠠᠳ᠂ ᠵᠢᠯᠤᠭᠤ ᠪᠠᠨ ᠲᠠᠲᠠᠵᠤ ᠵᠣᠭᠰᠤᠭᠠᠳ ᠤᠷᠮ᠎ᠠ ᠦᠭᠡᠢᠬᠡᠨ ᠬᠠᠷᠠᠴᠠ ᠪᠠᠷ ᠡᠷᠭᠢᠨ ᠲᠣᠭᠤᠷᠢᠨ ᠢ ᠪᠠᠬᠠᠨ ᠠᠵᠢᠭᠯᠠᠵᠤ᠂ ᠳᠠᠷᠠᠭ᠎ᠠ ᠨᠢ«ᠰᠠᠮᠪᠤᠤ ᠡ︕ ᠰᠠᠮᠪᠤᠤ︕» ᠭᠡᠵᠦ ᠬᠡᠳᠦᠨᠲᠡ ᠳᠠᠭᠤᠳᠠᠭᠰᠠᠨ ᠪᠣᠯᠪᠠᠴᠤ ᠨᠢᠭᠡ ᠴᠦ ᠬᠦᠮᠦᠨ ᠦᠵᠡᠭᠳᠡᠭᠰᠡᠨ ᠦᠭᠡᠢ᠃ ᠡᠢᠮᠦ ᠳᠦ ᠰᠠᠷᠠᠩᠭᠤᠤ᠎ᠠ ᠦᠬᠡᠷ ᠦᠳ ᠢᠶᠡᠨ ᠮᠠᠩᠬᠠᠨ ᠤ ᠬᠠᠵᠠᠭᠤ ᠳᠤ ᠲᠤᠭᠲᠠᠭᠠᠵᠤ ᠰᠠᠯᠬᠢ ᠰᠢᠷᠤᠢ ᠶᠢᠨ ᠳᠤᠮᠳᠠ ᠰᠠᠮᠪᠤᠤ ᠶᠢ ᠬᠦᠯᠢᠶᠡᠨ ᠰᠠᠭᠤᠬᠤ ᠯᠠ ᠬᠡᠷᠡᠭᠲᠡᠢ ᠪᠣᠯᠪᠠ᠃

ᠲᠡᠭᠡᠵᠦ ᠪᠠᠢᠲᠠᠯ᠎ᠠ ᠵᠡᠭᠦᠨᠲᠡᠢ ᠡᠴᠡ ᠨᠢ ᠨᠢᠭᠡ ᠰᠠᠷᠠᠯ ᠮᠣᠷᠢᠲᠠᠢ ᠬᠦᠮᠦᠨ ᠬᠠᠷᠪᠤᠭᠰᠠᠨ ᠰᠣᠮᠤ ᠮᠡᠲᠦ ᠳᠠᠪᠬᠢᠨ ᠭᠠᠷᠴᠤ ᠢᠷᠡᠬᠦ ᠳᠦ ᠰᠠᠷᠠᠩᠭᠤᠤ᠎ᠠ ᠶᠢᠨ ᠵᠢᠷᠦᠬᠡ ᠲᠦᠭ ᠲᠦᠭ ᠳᠣᠭᠳᠤᠯᠤᠨ ᠴᠣᠮᠣᠷᠯᠢᠭ ᠵᠢᠡᠠ ᠵᠠᠳᠠᠯᠤᠨ ᠳᠡᠯᠭᠡᠷᠡᠬᠦ ᠴᠡᠴᠡᠭ ᠮᠡᠲᠦ ᠪᠠᠶᠠᠰᠤᠨ ᠢᠨᠢᠶᠡᠵᠦ᠂ ᠮᠣᠷᠢᠨ ᠡᠴᠡ ᠪᠠᠨ ᠦᠰᠦᠷᠦᠨ ᠪᠠᠭᠤᠭᠠᠳ ᠡᠪᠦᠷ ᠡᠴᠡ ᠪᠡᠨ ᠤᠷᠲᠤ ᠪᠦᠴᠡᠲᠡᠢ ᠶᠠᠭᠠᠨ ᠲᠣᠷᠭᠠᠨ ᠲᠠᠮᠠᠬᠢᠨ ᠤ ᠤᠭᠤᠲᠠ ᠶᠢ ᠳᠡᠭᠡᠭᠰᠢ ᠡᠷᠭᠦᠨ ᠲᠠᠰᠤᠷᠠᠯᠲᠠ ᠦᠭᠡᠢ ᠬᠤᠷᠤᠢᠯᠠᠨ ᠪᠡᠶ᠎ᠡ ᠤᠷᠤᠭᠤ ᠪᠠᠨ ᠠᠢᠰᠤᠢ ᠬᠦᠮᠦᠨ ᠳᠦ ᠬᠠᠯᠠᠭᠤᠨ ᠰᠡᠳᠭᠢᠯ ᠦᠨ ᠤᠭᠲᠤᠯᠲᠠ ᠪᠠᠨ ᠢᠯᠡᠳᠭᠡᠵᠦ ᠡᠬᠢᠯᠡᠪᠡ᠃ ᠭᠡᠪᠡᠴᠦ ᠲᠡᠷᠡ ᠠᠢᠰᠤᠢ ᠬᠦᠮᠦᠨ ᠢ ᠣᠢᠷᠠᠳᠬᠤ ᠲᠤᠲᠤᠮ ᠲᠡᠭᠦᠨ ᠦ ᠪᠠᠶᠠᠷᠯᠠᠭᠰᠠᠨ ᠰᠡᠳᠭᠢᠯ ᠤᠯᠠᠮ ᠢᠶᠡᠷ ᠪᠠᠭᠤᠷᠠᠵᠤ ᠢᠷᠡᠯ᠎ᠡ᠃

ᠲᠡᠷᠡ ᠬᠦᠮᠦᠨ ᠪᠣᠯ ᠰᠠᠷᠠᠩᠭᠤᠤ᠎ᠠ ᠶᠢᠨ ᠬᠦᠯᠢᠶᠡᠭᠰᠡᠨ ᠰᠠᠮᠪᠤᠤ ᠪᠢᠰᠢ ᠪᠠᠢᠭᠰᠠᠨ ᠠᠵᠢ᠃

ᠪᠢᠲᠡᠭᠦᠦ ᠬᠤᠤᠵᠠᠲᠠᠢ ᠡᠪᠦᠭᠡᠨ ᠬᠦᠮᠦᠨ ᠰᠠᠷᠠᠩᠭᠤᠤ᠎ᠠ ᠶᠢᠨ ᠡᠨᠳᠡ ᠵᠣᠭᠰᠤᠵᠤ ᠪᠠᠢᠭ᠎ᠠ ᠤᠴᠢᠷ ᠰᠢᠯᠲᠠᠭᠠᠨ ᠢ ᠮᠡᠳᠡᠵᠦ ᠪᠠᠢᠭᠰᠠᠨ ᠪᠣᠯᠪᠠᠴᠤ ᠲᠡᠭᠦᠨ ᠢ ᠢᠴᠢᠭᠡᠬᠦ ᠭᠡᠵᠦ«ᠵᠢᠭᠠᠯ ᠬᠡᠦᠬᠡᠨ ᠴᠢ ᠡᠨᠳᠡ ᠶᠠᠭᠤ ᠬᠢᠵᠤ ᠵᠣᠭᠰᠤᠵᠤ ᠪᠠᠢᠭ᠎ᠠ ᠶᠤᠮ ᠪᠤᠢ︖» ᠭᠡᠵᠦ ᠠᠰᠠᠭᠤᠪᠠ᠃

ᠰᠠᠷᠠᠩᠭᠤᠤ᠎ᠠ᠄«ᠠᠪᠤ ᠲᠠ ᠶᠠᠮᠠᠷ ᠶᠡᠬᠡ ᠶᠠᠭᠠᠷᠠᠤ ᠤᠴᠢᠷ ᠢᠶᠡᠷ ᠢᠩᠭᠢᠵᠦ ᠮᠣᠷᠢᠨ ᠤ ᠪᠠᠨ ᠬᠠᠷ᠎ᠠ ᠬᠥᠯᠦᠰᠦ ᠶᠢ ᠭᠠᠷᠭᠠᠨ ᠳᠠᠪᠬᠢᠵᠤ ᠶᠠᠪᠤᠭ᠎ᠠ ᠶᠤᠮ ᠪᠤᠢ︖» ᠭᠡᠵᠦ ᠡᠪᠦᠭᠡᠨ ᠦ ᠠᠩᠬᠠᠷᠤᠯ ᠢ ᠦᠭᠡᠷ᠎ᠡ ᠲᠡᠰᠢ ᠰᠢᠯᠵᠢᠭᠦᠯᠦᠨ ᠠᠰᠠᠭᠤᠯ᠎ᠠ᠃

«ᠨᠢᠭᠡᠨ ᠪᠠᠴᠢᠮ ᠠᠵᠢᠯ ᠭᠠᠷᠤᠭᠰᠠᠨ ᠲᠤᠯᠠ ᠣᠯᠠᠨ ᠲᠦᠮᠡᠨ ᠦ ᠬᠤᠷᠠᠯ ᠬᠢᠵᠤ ᠮᠡᠳᠡᠭᠳᠡᠶ᠎ᠡ ᠭᠡᠰᠡᠨ ᠶᠤᠮ᠃»

«ᠣᠷᠤᠢ ᠬᠤᠷᠠᠯ ᠲᠡᠭᠦᠰᠦᠭᠰᠡᠨ ᠦ ᠳᠠᠷᠠᠭ᠎ᠠ ᠲᠠ ᠪᠠᠰᠠ ᠥᠴᠦᠭᠡᠳᠦᠷ ᠣᠷᠤᠢ ᠬᠡᠯᠡᠵᠦ ᠳᠠᠭᠤᠰᠤᠭᠠᠳᠤᠢ ᠦᠯᠢᠭᠡᠷ ᠢᠶᠡᠨ ᠪᠢᠳᠡᠨ ᠳᠦ ᠵᠠᠯᠭᠠᠭᠠᠳ ᠶᠠᠷᠢᠵᠤ ᠥᠭᠭᠦᠭᠡᠷᠡᠢ︕»

«ᠲᠡᠷᠡ ᠴᠦ ᠭᠣᠷᠢ ᠦᠭᠡᠢ ᠪᠠᠢᠬᠤ᠃ ᠪᠢ ᠰᠠᠶᠢ ᠴᠢᠮ᠎ᠠ ᠳᠤ ᠪᠠᠴᠢᠮ ᠠᠵᠢᠯ ᠭᠠᠷᠪᠠ ᠭᠡᠵᠦ ᠬᠡᠯᠡᠭᠰᠡᠨ ᠪᠢᠵᠡ ᠳ᠋ᠠ᠃»

«ᠶᠠᠮᠠᠷ ᠯᠠ ᠪᠠᠴᠢᠮ ᠠᠵᠢᠯ ᠪᠠᠢᠳᠠᠭ ᠶᠤᠮ︕ ᠲᠠ ᠲᠡᠭᠡᠵᠦ ᠰᠢᠯᠲᠠᠭ ᠡᠷᠢᠬᠦ ᠡᠴᠡ ᠬᠠᠷᠢᠨ ᠶᠠᠷᠢᠵᠤ ᠥᠭᠬᠦ ᠦᠭᠡᠢ ᠭᠡᠵᠦ ᠰᠢᠭᠤᠳ ᠬᠡᠯᠡᠴᠢᠬᠡᠪᠡᠯ ᠳᠡᠭᠡᠷ᠎ᠡ᠃»

«ᠦᠨᠡᠨ ᠰᠢᠤ᠂ ᠪᠢ ᠬᠤᠳᠠᠯ ᠬᠡᠯᠡᠭᠡᠳᠦᠢ᠃ ᠵᠠ ᠪᠢ ᠶᠠᠪᠤᠯ᠎ᠠ᠃ ᠵᠢᠭᠠᠯ ᠬᠡᠦᠬᠡᠨ ᠮᠢᠨᠢ ᠴᠢ ᠴᠦ ᠪᠠᠰᠠ ᠡᠷᠲᠡᠬᠡᠨ ᠬᠠᠷᠢᠬᠤ ᠪᠢᠵᠡ ᠳ᠋ᠠ︖»

ᠡᠪᠦᠭᠡᠨ ᠳᠥᠷᠦᠭᠡ ᠵᠢᠭᠢᠨ ᠥᠨᠳᠡᠢᠮᠡᠭᠴᠡ ᠮᠣᠷᠢ ᠨᠢ ᠤᠬᠤᠰᠬᠢᠨ ᠳᠠᠪᠬᠢᠯ᠎ᠠ᠃

ᠡᠨᠡ ᠡᠪᠦᠭᠡᠨ ᠦ ᠨᠡᠷ᠎ᠡ ᠠᠮᠤᠭᠤᠯᠠᠩ ᠶᠤᠮ᠃ ᠭᠠᠴᠠᠭᠠᠨ ᠤ ᠳᠠᠷᠤᠭ᠎ᠠ ᠪᠦᠭᠡᠳ ᠠᠬᠠᠮᠠᠳ ᠨᠠᠮ ᠤᠨ ᠭᠡᠰᠢᠭᠦᠨ ᠠᠵᠢ᠃ ᠡᠨᠡ ᠬᠦᠮᠦᠨ ᠪᠣᠯ ᠰᠢᠯᠤᠭᠤᠨ ᠰᠢᠳᠤᠷᠭᠤ ᠵᠠᠩ ᠲᠠᠢ ᠪᠦᠭᠡᠳ ᠣᠯᠠᠨ ᠲᠦᠮᠡᠨ ᠦ ᠦᠢᠯᠡᠰ ᠦᠨ ᠲᠥᠯᠦᠭᠡ ᠬᠡᠵᠢᠶᠡᠳᠡ ᠵᠦᠳᠡᠷᠡᠯ ᠢ ᠪᠣᠰᠤᠳ ᠡᠴᠡ ᠡᠮᠦᠨ᠎ᠡ ᠠᠮᠰᠠᠵᠤ᠂ ᠵᠢᠷᠭᠠᠯ ᠢ ᠪᠣᠰᠤᠳ ᠡᠴᠡ ᠬᠣᠢᠨ᠎ᠠ ᠡᠳ᠋ᠯᠡᠵᠦ ᠶᠠᠪᠤᠳᠠᠭ ᠪᠣᠯᠬᠣᠷ ᠣᠯᠠᠨ ᠲᠦᠮᠡᠨ ᠲᠡᠭᠦᠨ ᠢ ᠢᠲᠡᠭᠡᠵᠦ ᠨᠠᠢᠳᠠᠨ ᠬᠠᠢᠷᠠᠯᠠᠨ ᠬᠦᠨᠳᠦᠳᠭᠡᠵᠦ᠂ ᠠᠢᠯ ᠤᠨ ᠬᠢᠨ ᠤ ᠡᠷᠡᠭᠲᠡᠢ ᠡᠮᠡᠭᠲᠡᠢ ᠬᠥᠭᠰᠢᠨ ᠵᠠᠯᠠᠭᠤᠴᠤᠳ ᠴᠥᠮ ᠢᠶᠡᠷ«ᠠᠮᠤᠭᠤᠯᠠᠩ ᠭᠤᠸᠠᠢ» ᠭᠡᠵᠦ ᠳᠠᠭᠤᠳᠠᠳᠠᠭ ᠠᠵᠢ ᠁

ᠰᠠᠷᠠᠩᠭᠤᠤ᠎ᠠ ᠲᠡᠢᠨ ᠬᠦ ᠲᠡᠨᠳᠡ ᠪᠡᠨ ᠤᠳᠠᠲᠠᠯ᠎ᠠ ᠬᠦᠯᠢᠶᠡᠭᠰᠡᠭᠡᠷ ᠪᠠᠢᠯ᠎ᠠ᠃«ᠨᠥᠬᠦᠷ ᠡ᠂ ᠰᠠᠢᠨ ᠪᠠᠢᠨ᠎ᠠ ᠤᠤ︖ ᠡᠨᠡ ᠡᠮᠦᠨᠡᠬᠢ ᠠᠢᠯ ᠶᠠᠮᠠᠷ ᠠᠢᠯ ᠪᠤᠢ︖» ᠭᠡᠵᠦ ᠳᠣᠷᠤᠢ ᠳᠠᠭᠤᠨ ᠰᠠᠷᠠᠩᠭᠤᠤ᠎ᠠ ᠶᠢᠨ ᠠᠷᠤ ᠡᠴᠡ ᠰᠣᠨᠤᠰᠳᠠᠬᠤ ᠳᠤ ᠡᠷᠭᠢᠵᠦ ᠬᠠᠷᠠᠪᠠᠯ᠂ ᠰᠠᠮᠵᠠ ᠰᠢᠭ ᠲᠤᠷᠠᠩᠬᠠᠢ ᠬᠦᠮᠦᠨ ᠵᠣᠭᠰᠤᠵᠤ ᠪᠠᠢᠪᠠ᠃ ᠲᠡᠭᠦᠨ ᠦ ᠤᠷᠲᠤ ᠤᠷᠭᠤᠭᠰᠠᠨ ᠰᠡᠭᠰᠡᠭᠡᠷ ᠭᠡᠵᠢᠭᠡ ᠦᠰᠦᠨ ᠳᠤᠨᠢ ᠪᠥᠭᠡᠰᠦ ᠬᠢᠭᠤᠷᠰᠤ ᠠᠷᠪᠠᠭᠠᠨᠠᠬᠤ ᠮᠡᠲᠦ ᠬᠠᠷᠠᠭᠳᠠᠵᠤ ᠴᠣᠬᠤᠷ ᠨᠢᠭᠤᠷ ᠲᠤᠨᠢ ᠬᠥᠯᠦᠰᠦ ᠵᠤᠩᠭᠠᠭ ᠬᠠᠯᠲᠠᠩᠳᠤᠨ ᠦᠵᠡᠭᠳᠡᠬᠦ ᠪᠦᠭᠡᠳ ᠰᠢᠷ᠎ᠠ ᠲᠠᠩᠽᠢ ᠨᠥᠮᠦᠷᠦᠭᠰᠡᠨ ᠪᠠᠢᠯ᠎ᠠ᠃

ᠰᠠᠷᠠᠩᠭᠤᠤ᠎ᠠ ᠡᠨᠡ ᠬᠦ ᠵᠢᠰᠦ ᠪᠤᠷᠤᠭᠤ ᠬᠦᠮᠦᠨ ᠢ ᠦᠵᠡᠭᠡᠳ ᠶᠡᠬᠡ ᠰᠡᠵᠢᠭ᠌ ᠲᠥᠷᠦᠨ ᠰᠣᠴᠢᠨ ᠬᠡᠯᠮᠡᠭᠳᠡᠭᠰᠡᠨ ᠳᠠᠭᠤᠨ ᠢᠶᠡᠷ᠄

«ᠴᠢ ᠬᠡᠨ ᠭᠡᠳᠡᠭ᠌ ᠬᠦᠮᠦᠨ ᠪᠤᠢ᠂ ᠬᠠᠮᠢᠭ᠎ᠠ ᠡᠴᠡ ᠢᠷᠡᠭᠡ ᠪᠤᠢ︖» ᠭᠡᠵᠦ ᠠᠰᠠᠭᠤᠯ᠎ᠠ᠃

«ᠵᠠᠷᠤᠳ ᠬᠤᠰᠢᠭᠤᠨ ᠡᠴᠡ ᠢᠷᠡᠯ᠎ᠡ᠃ ᠮᠠᠨᠠᠢ ᠲᠡᠨᠳᠡ ᠶᠡᠬᠡ ᠭᠠᠩ ᠭᠠᠮᠰᠢᠭ ᠪᠣᠯᠤᠭᠰᠠᠨ ᠶᠤᠮ» ᠭᠡᠵᠦ ᠲᠡᠷᠡ ᠬᠦᠮᠦᠨ ᠥᠪᠡᠷ ᠦᠨ ᠨᠡᠷ᠎ᠡ ᠪᠡᠨ ᠵᠣᠷᠢᠭᠤᠳᠠ ᠬᠡᠯᠡᠬᠦ ᠦᠭᠡᠢ ᠪᠠᠢᠯ᠎ᠠ᠃

«ᠴᠢ ᠶᠠᠮᠠᠷ ᠭᠠᠵᠠᠷ ᠤᠨ ᠬᠡᠨ ᠦ ᠳᠦ ᠣᠴᠢᠬᠤ ᠭᠡᠵᠦ ᠶᠠᠪᠤᠵᠤ ᠪᠠᠢᠭ᠎ᠠ ᠶᠤᠮ︖»

«ᠨᠠᠮᠠᠢ ᠨᠠᠰᠢ ᠭᠠᠷᠴᠤ ᠢᠷᠡᠬᠦ ᠳᠤ ᠮᠠᠨ ᠤ ᠠᠢᠯ ᠤᠨ ᠮᠠᠯᠬ᠎ᠠ ᠬᠣᠷᠴᠢᠨ ᠬᠤᠰᠢᠭᠤᠨ ᠤ ᠪᠠᠶᠠᠨ ᠥᠨᠳᠦᠷ ᠠᠢᠯ ᠤᠨ ᠭᠠᠯᠰᠠᠩ ᠭᠡᠳᠡᠭ᠌ ᠬᠦᠮᠦᠨ ᠳᠦ ᠦᠭᠡ ᠬᠡᠯᠡᠭᠦᠯᠦᠭᠰᠡᠨ ᠶᠤᠮ᠃ ᠪᠠᠶᠠᠨ ᠥᠨᠳᠦᠷ ᠠᠢᠯ ᠡᠨᠳᠡ ᠡᠴᠡ ᠬᠡᠳᠦᠢ ᠬᠣᠯᠠ ᠪᠠᠢᠬᠤ ᠶᠢ ᠲᠠ ᠨᠠᠳᠠ ᠬᠡᠯᠡᠵᠦ ᠥᠭᠭᠦᠨ᠎ᠡ ᠦᠦ︖» ᠭᠡᠳ ᠲᠡᠷᠡ ᠬᠦᠮᠦᠨ ᠰᠠᠷᠠᠩᠭᠤᠤ᠎ᠠ ᠤᠷᠤᠭᠤ ᠰᠢᠬᠢᠭᠡᠷ ᠨᠢᠳᠦ ᠪᠡᠷ ᠢᠶᠡᠨ ᠬᠠᠷᠠᠵᠤ ᠬᠠᠷᠢᠭᠤ ᠬᠦᠯᠢᠶᠡᠨ᠎ᠡ ᠁

«ᠪᠠᠶᠠᠨ ᠥᠨᠳᠦᠷ ᠠᠢᠯ ᠤᠤ︖ ᠣᠢᠷᠠᠬᠠᠨ» ᠭᠡᠵᠦ ᠰᠠᠷᠠᠩᠭᠤᠤ᠎ᠠ ᠦᠭᠡ ᠪᠡᠨ ᠤᠷᠲᠤᠯᠠᠭᠤᠯᠤᠨ᠄«ᠭᠡᠪᠡᠴᠦ ᠮᠠᠨ ᠤ ᠬᠣᠷᠴᠢᠨ ᠨᠤᠲᠤᠭ ᠲᠤ ᠨᠢᠭᠡᠨ ᠵᠦᠢᠯ ᠦᠨ ᠶᠣᠰᠤ ᠳᠦᠷᠢᠮ ᠪᠠᠢᠳᠠᠭ ᠶᠤᠮ᠄ ᠵᠠᠮ ᠦᠨ ᠬᠦᠮᠦᠨ ᠪᠣᠯ ᠵᠠᠪᠠᠯ ᠤᠷᠢᠳᠠᠪᠠᠷ<ᠵᠠᠮ ᠦᠨ ᠭᠡᠷᠡᠴᠢ> ᠪᠡᠨ ᠭᠠᠷᠭᠠᠨ ᠦᠵᠡᠭᠦᠯᠵᠦ᠂ ᠳᠠᠷᠠᠭ᠎ᠠ ᠨᠢ ᠵᠠᠮ ᠠᠰᠠᠭᠤᠬᠤ ᠡᠷᠬᠡ ᠣᠯᠳᠠᠭ ᠶᠤᠮ᠃ ᠢᠩᠭᠢᠪᠠᠯ ᠬᠦᠮᠦᠰ ᠲᠡᠭᠦᠨ ᠳᠦ ᠵᠠᠮ ᠵᠢᠭᠠᠵᠤ ᠥᠭᠳᠡᠭ ᠶᠤᠮ» ᠬᠡᠪᠡ᠃

«ᠠ︕» ᠭᠡᠳ ᠲᠡᠷᠡ ᠬᠦᠮᠦᠨ ᠵᠠᠯᠢᠯᠠᠨ ᠢᠨᠢᠶᠡᠮᠰᠦᠭᠯᠡᠵᠦ ᠠᠪᠤᠭᠠᠳ᠄«ᠵᠠᠮ ᠦᠨ ᠭᠡᠷᠡᠴᠢ ᠦᠦ︖ ᠪᠠᠢᠨ᠎ᠠ᠂ ᠪᠠᠢᠨ᠎ᠠ᠂ ᠪᠠᠢᠨ᠎ᠠ᠃ ᠭᠡᠪᠡᠴᠦ ᠨᠠᠮᠠᠢ ᠭᠡᠷ ᠡᠴᠡ ᠭᠠᠷᠬᠤ ᠦᠶᠡᠰ ᠡᠬᠡᠨᠡᠷ ᠮᠢᠨᠢ ᠨᠠᠮᠠᠢ ᠵᠠᠮ ᠦᠨ ᠭᠡᠷᠡᠴᠢ ᠪᠡᠨ ᠭᠡᠭᠡᠴᠢᠬᠡᠬᠦ ᠡᠴᠡ ᠪᠣᠯᠭᠤᠮᠵᠢᠯᠠᠨ ᠳᠣᠲᠤᠷ᠎ᠠ ᠦᠮᠦᠳᠦᠨ ᠳᠦ ᠪᠠᠷᠢᠵᠤ ᠵᠢᠭᠤᠷᠠᠲᠠᠯ᠎ᠠ ᠬᠠᠳᠠᠭᠰᠠᠨ ᠲᠤᠯᠠ ᠭᠠᠷᠭᠠᠬᠤ ᠳᠤ ᠪᠠᠬᠠᠨ ᠶᠠᠷᠰᠢᠭᠲᠠᠢ ᠯᠠ ᠪᠠᠢᠨ᠎ᠠ᠃ ᠵᠠ ᠪᠣᠯᠵᠠᠢ᠂ ᠣᠷᠤᠢ ᠪᠣᠯᠵᠤ ᠪᠠᠢᠨ᠎ᠠ᠂ ᠪᠢ ᠪᠠᠰᠠ ᠵᠠᠮ ᠬᠥᠭᠡᠭᠡᠨ᠎ᠡ᠂ ᠪᠠᠶᠠᠷᠲᠠᠢ︕» ᠭᠡᠵᠦ ᠬᠡᠯᠡᠬᠦ ᠶᠢᠨ ᠢᠶᠡᠨ  ᠳᠠᠭᠠᠤ ᠴᠠᠰᠢ ᠪᠤᠴᠠᠨ ᠶᠠᠪᠤᠯ᠎ᠠ ᠁

ᠰᠠᠷᠠᠩᠭᠤᠤ᠎ᠠ ᠲᠡᠷᠡ ᠬᠦᠮᠦᠨ ᠢ ᠯᠠᠪ ᠰᠠᠢᠨ ᠬᠦᠮᠦᠨ ᠪᠢᠰᠢ ᠭᠡᠵᠦ ᠦᠵᠡᠭᠡᠳ«ᠪᠢ ᠡᠭᠦᠨ ᠢ ᠶᠠᠭᠠᠬᠢᠵᠤ ᠡᠢᠵᠦ ᠪᠠᠢᠭᠠᠳ ᠠᠢᠯ ᠳᠡᠭᠡᠷ᠎ᠡ ᠠᠪᠴᠤ ᠣᠴᠢᠬᠤ ᠤᠤ︖ ᠪᠣᠯᠬᠤ ᠦᠭᠡᠢ᠂ ᠪᠣᠯᠬᠤ ᠦᠭᠡᠢ᠂ ᠳᠠᠢᠰᠤᠨ ᠭᠡᠳᠡᠭ᠌ ᠪᠣᠯ ᠮᠠᠰᠢ ᠵᠠᠯᠢ ᠮᠡᠬᠡ ᠲᠠᠢ ᠪᠠᠢᠳᠠᠭ᠃ ᠡᠨᠡ ᠮᠠᠭᠤ ᠠᠮᠢᠲᠠᠨ ᠮᠢᠨᠦ ᠤᠬᠠᠭᠠᠨ ᠢ ᠮᠡᠳᠡᠴᠢᠬᠡᠬᠦ ᠪᠣᠯ ᠳᠡᠮᠡᠢ ᠴᠠᠭ ᠢ ᠰᠠᠭᠠᠲᠠᠭᠠᠬᠤ ᠳᠤ ᠬᠦᠷᠦᠨ᠎ᠡ᠃ ᠣᠳᠣ ᠲᠡᠭᠦᠨ ᠢ ᠲᠡᠭᠷᠢ ᠶᠢᠨ ᠪᠠᠢᠳᠠᠯ ᠢ ᠠᠵᠢᠭᠯᠠᠵᠤ ᠪᠠᠢᠬᠤ ᠰᠠᠨᠠᠮᠰᠠᠷ ᠦᠭᠡᠢ ᠦᠶᠡᠰ ᠲᠤᠨᠢ ᠫᠤᠤ ᠶᠢ ᠨᠢ ᠪᠤᠯᠢᠶᠠᠨ ᠠᠪᠤᠶ᠎ᠠ︕ ᠁» ᠭᠡᠵᠦ ᠰᠢᠢᠳᠪᠡ᠃

ᠢᠩᠭᠢᠭᠡᠳ ᠰᠠᠷᠠᠩᠭᠤᠤ᠎ᠠ ᠤᠬᠤᠰᠬᠢᠨ ᠣᠴᠢᠵᠤ ᠲᠡᠭᠦᠨ ᠦ ᠫᠤᠤ ᠶᠢ ᠪᠠᠷᠢᠵᠤ ᠠᠪᠤᠯ᠎ᠠ᠃

ᠲᠡᠷᠡ ᠮᠠᠭᠤ ᠵᠣᠯᠢᠭ ᠭᠡᠳᠡᠷᠭᠦ ᠡᠷᠭᠢᠨ ᠰᠠᠷᠠᠩᠭᠤᠤ᠎ᠠ ᠲᠠᠢ ᠠᠮᠢ ᠭᠦᠵᠢᠷᠡᠨ ᠨᠣᠴᠤᠯᠳᠤᠪᠠ᠃ ᠭᠡᠪᠡᠴᠦ ᠰᠠᠷᠠᠩᠭᠤᠤ᠎ᠠ ᠲᠡᠭᠦᠨ ᠦ ᠫᠤᠤ ᠶᠢᠨ ᠪᠠᠷᠢᠭᠤᠯ ᠡᠴᠡ ᠰᠠᠯᠤᠰᠢ ᠦᠭᠡᠢ ᠵᠢᠭᠤᠷᠠᠭᠰᠠᠨ ᠲᠤᠯᠠ ᠲᠡᠷᠡ ᠬᠣᠶᠠᠭᠤᠯᠠ ᠴᠠᠰᠢ ᠨᠠᠰᠢ ᠤᠭᠵᠠᠷᠠᠯᠳᠤᠨ ᠰᠠᠯᠬᠤ ᠦᠭᠡᠢ ᠨᠣᠴᠤᠯᠳᠤᠵᠤ ᠪᠠᠢᠯ᠎ᠠ ᠁

ᠰᠠᠷᠠᠩᠭᠤᠤ᠎ᠠ ᠶᠢᠨ ᠪᠤᠯᠢᠶᠠᠨ ᠠᠪᠤᠭᠰᠠᠨ ᠫᠣᠣ ᠪᠣᠯ ᠴᠸᠬᠤ᠋ ᠬᠢᠴᠡᠲᠡᠢ ᠫᠣᠣ ᠪᠠᠢᠵᠠᠢ᠃ ᠭᠠᠭᠴᠠ ᠬᠦ ᠠᠪᠠ ᠶᠢᠨ ᠫᠣᠣ ᠬᠡᠷᠡᠭᠯᠡᠵᠦ ᠰᠤᠷᠤᠭᠰᠠᠨ ᠰᠠᠷᠠᠩᠭᠤᠤ᠎ᠠ ᠡᠨᠡ ᠫᠤᠤ ᠶᠢᠨ ᠵᠠᠮᠤᠭ ᠢ ᠨᠡᠭᠡᠭᠡᠵᠦ ᠴᠢᠳᠠᠯ ᠦᠭᠡᠢ ᠪᠠᠴᠢᠮᠳᠠᠨ ᠰᠠᠨᠳᠤᠷᠴᠤ᠂ ᠲᠡᠭᠦᠨ ᠦ ᠠᠷᠤ ᠡᠴᠡ ᠨᠡᠬᠡᠵᠦ ᠬᠡᠳᠦᠬᠡᠨ ᠠᠯᠬᠤᠮ ᠭᠦᠶᠦᠭᠡᠳ ᠪᠦᠳᠦᠷᠢᠨ ᠤᠨᠠᠵᠠᠢ᠃ ᠭᠡᠲᠡᠯ᠎ᠡ ᠪᠢᠴᠢᠬᠠᠨ«ᠭᠠᠯᠠᠭᠤ» ᠲᠡᠷᠡ ᠵᠣᠯᠢᠭ ᠢ ᠨᠡᠬᠡᠵᠦ ᠭᠦᠢᠴᠡᠭᠡᠳ ᠤᠯᠠᠭᠠᠨ ᠬᠡᠭᠡᠷ ᠮᠣᠷᠢᠨ ᠤ ᠬᠣᠩᠭᠤ ᠤᠷᠤᠭᠤ ᠨᠢ ᠦᠰᠦᠷᠦᠨ ᠬᠠᠵᠠᠭᠰᠠᠨ᠎ᠠ ᠤᠯᠠᠭᠠᠨ ᠬᠡᠭᠡᠷ ᠮᠣᠷᠢ ᠭᠠᠯᠵᠠᠭᠤᠷᠠᠭᠰᠠᠨ ᠮᠡᠲᠦ ᠪᠤᠯᠭᠢᠬᠤ ᠳᠤ ᠲᠡᠷᠡ ᠵᠣᠯᠢᠭ ᠪᠠᠯᠢᠳᠠᠨ ᠳᠠᠪᠠᠵᠤ ᠬᠥᠰᠡᠷ ᠰᠢᠳᠡᠭᠳᠡᠭᠡᠳ ᠰᠠᠩᠳᠡ ᠮᠡᠩᠳᠡ ᠳᠠᠪᠬᠢᠨ ᠪᠣᠰᠴᠤ ᠮᠣᠷᠢ ᠶᠢ ᠬᠥᠭᠡᠭᠡᠬᠦ ᠪᠠᠢᠲᠤᠭᠠᠢ ᠨᠥᠭᠦᠭᠡ ᠰᠢᠷ᠎ᠠ ᠲᠠᠩᠽᠢ ᠪᠠᠨ ᠴᠤ ᠠᠪᠬᠤ ᠶᠢᠨ ᠵᠠᠪ ᠦᠭᠡᠢ ᠴᠠᠰᠢ ᠭᠦᠶᠦᠯ᠎ᠡ᠃ ᠪᠢᠴᠢᠬᠠᠨ«ᠭᠠᠯᠠᠭᠤ» ᠪᠠᠰᠠ ᠲᠡᠭᠦᠨ ᠢ ᠨᠢᠭᠡ ᠬᠡᠰᠡᠭ᠌ ᠨᠡᠬᠡᠵᠦ ᠪᠠᠢᠭᠠᠳ ᠡᠷᠭᠢᠵᠦ ᠬᠠᠷᠠᠬᠤ ᠳᠤ ᠡᠵᠡᠨ ᠨᠢ ᠦᠭᠡᠢ ᠪᠠᠢᠭᠰᠠᠨ ᠲᠤᠯᠠ ᠴᠠᠰᠢ ᠨᠡᠬᠡᠭᠰᠡᠨ ᠦᠭᠡᠢ᠃

ᠲᠡᠷᠡ ᠵᠣᠯᠢᠭ ᠬᠡᠳᠦ ᠬᠡᠳᠦᠨ ᠬᠣᠨᠤᠭ ᠪᠡᠯᠴᠢᠭᠡᠷ ᠲᠠᠯ᠎ᠠ᠂ ᠮᠠᠩᠬ᠎ᠠ ᠡᠯᠡᠰᠦ᠂ ᠲᠠᠷᠢᠶᠠᠨ ᠳᠣᠲᠤᠭᠤᠷ ᠬᠥᠳᠡᠭᠡ ᠤᠨᠲᠠᠵᠤ ᠨᠣᠢᠷ ᠬᠣᠭᠤᠯᠠ ᠦᠭᠡᠢ ᠶᠠᠪᠤᠭᠰᠠᠨ ᠤ ᠳᠡᠭᠡᠷ᠎ᠡ ᠪᠠᠰᠠ ᠰᠠᠶᠢ ᠶᠢᠨ ᠲᠡᠷᠡ ᠬᠦ ᠰᠢᠷᠦᠭᠦᠨ ᠨᠣᠴᠤᠯᠳᠤᠭᠠᠨ ᠳᠤ ᠬᠡᠲᠦᠷᠬᠡᠢ ᠪᠠᠴᠢᠮᠳᠠᠭᠰᠠᠨ ᠡᠴᠡ ᠪᠣᠯᠵᠤ ᠨᠢᠭᠡ ᠮᠠᠩᠬ᠎ᠠ ᠶᠢ ᠳᠠᠪᠠᠮᠠᠭᠴᠠ ᠲᠣᠯᠤᠭᠠᠢ ᠨᠢ ᠡᠪ ᠦᠭᠡᠢ ᠪᠣᠯᠵᠤ ᠡᠬᠢᠯᠡᠪᠡ᠃ ᠴᠢᠩᠭᠢᠭᠡᠳ ᠴᠠᠰᠢ ᠲᠠᠷ ᠮᠡᠳᠡᠨ ᠭᠦᠶᠦᠵᠦ ᠶᠠᠪᠤᠭᠠᠳ ᠨᠢᠭᠡ ᠠᠵᠢᠭᠯᠠᠬᠤ ᠳᠤ ᠡᠮᠦᠨ᠎ᠡ ᠨᠢ ᠨᠢᠭᠡ ᠬᠡᠰᠡᠭ᠌ ᠢᠭᠴᠢ ᠤᠷᠭᠤᠭᠰᠠᠨ ᠵᠡᠭᠡᠰᠦ ᠬᠤᠯᠤᠰᠤ ᠪᠦᠷᠦᠭ ᠪᠠᠷᠤᠭ ᠤᠨ ᠳᠤᠮᠳᠠ ᠶᠡᠬᠡ ᠰᠠᠯᠬᠢᠨ᠎ᠠ ᠳᠠᠯᠠᠢ ᠶᠢᠨ ᠳᠠᠪᠠᠯᠭᠠᠨ ᠮᠡᠲᠦ ᠬᠠᠯᠢᠭᠤᠷᠠᠨ ᠬᠡᠢᠰᠴᠦ ᠪᠠᠢᠯ᠎ᠠ᠃ ᠲᠡᠷᠡ ᠮᠠᠭᠤ ᠵᠣᠯᠢᠭ ᠲᠣᠣᠷ᠎ᠠ ᠪᠠᠨ ᠵᠣᠭᠰᠤᠰᠬᠢᠨ᠂ ᠬᠠᠷᠮᠠᠨ ᠡᠴᠡ ᠪᠠᠨ ᠬᠠᠢᠷᠴᠠᠭ ᠴᠦᠢᠳᠡᠩ ᠭᠠᠷᠭᠠᠵᠤ ᠠᠪᠤᠭᠠᠳ ᠵᠡᠭᠡᠰᠦ ᠬᠤᠯᠤᠰᠤ ᠤᠷᠤᠭᠤ ᠭᠦᠶᠦᠪᠡ᠃

ᠵᠡᠭᠡᠰᠦ ᠬᠤᠯᠤᠰᠤ ᠪᠣᠯ ᠬᠥᠳᠡᠭᠡ ᠨᠤᠳᠤᠭ ᠤᠨ ᠡᠷᠳᠡᠨᠢ ᠶᠤᠮ᠃ ᠡᠨᠡ ᠬᠠᠪᠢ ᠶᠢᠨ ᠠᠷᠠᠳ ᠣᠯᠠᠨ ᠡᠨᠡ ᠬᠦ ᠵᠡᠭᠡᠰᠦ ᠬᠤᠯᠤᠰᠤ ᠪᠠᠨ ᠬᠠᠳᠤᠵᠤ ᠵᠢᠯ ᠪᠦᠷᠢ ᠬᠣᠲᠠ ᠪᠠᠯᠭᠠᠰᠤᠨ ᠡᠴᠡ ᠵᠦᠢᠯ ᠵᠢᠰᠦᠮ ᠦᠨ ᠪᠦᠰ ᠪᠠᠷᠠᠭ᠎ᠠ᠂ ᠲᠣᠷᠭ᠎ᠠ ᠳᠤᠷᠳᠤᠩ᠂ ᠮᠣᠩᠭᠤᠯ ᠭᠤᠲᠤᠯ᠂ ᠴᠠᠢ ᠲᠠᠮᠠᠬᠢ ᠰᠣᠯᠢᠵᠤ ᠠᠪᠴᠢᠷᠠᠳᠠᠭ ᠡᠴᠡ ᠭᠠᠳᠠᠨ᠎ᠠ ᠵᠠᠷᠢᠮ ᠬᠦᠮᠦᠰ ᠪᠦᠬᠦ ᠵᠢᠯ ᠦᠨ ᠢᠶᠡᠨ ᠠᠮᠤ ᠬᠦᠨᠡᠰᠦ ᠶᠢ ᠮᠦᠨ ᠡᠨᠡ ᠵᠡᠭᠡᠰᠦ ᠬᠤᠯᠤᠰᠤᠨ ᠳᠤ ᠲᠦᠰᠢᠭᠯᠡᠨ ᠵᠠᠯᠭᠠᠭᠤᠯᠳᠠᠭ ᠪᠢᠯᠡ᠃ ᠭᠡᠲᠡᠯ᠎ᠡ ᠣᠳᠣ ᠲᠡᠷᠡ ᠢᠭᠴᠢ ᠵᠡᠭᠡᠰᠦ ᠨᠢ ᠬᠠᠷᠠᠩᠭᠤᠢ ᠲᠦᠢᠮᠡᠷ ᠪᠣᠯᠤᠨ ᠬᠤᠪᠢᠷᠠᠪᠠ᠃ ᠮᠣᠩᠭᠤᠯ ᠦᠭᠡᠨ ᠳᠦ«ᠲᠦᠢᠮᠡᠷ ᠲᠠᠯᠪᠢᠪᠠᠯ ᠲᠦᠮᠡᠨ ᠨᠢᠭᠦᠯ︕» ᠭᠡᠵᠦ ᠪᠠᠢᠳᠠᠭ ᠶᠤᠮ᠃

«ᠡᠨᠡ ᠲᠦᠢᠮᠡᠷ ᠢ ᠯᠠᠪ ᠲᠡᠷᠡ ᠰᠠᠶᠢ ᠶᠢᠨ ᠵᠣᠯᠢᠭ ᠲᠠᠯᠪᠢᠯ᠎ᠠ ᠰᠢᠤ᠃ ᠭᠡᠪᠡᠴᠦ ᠴᠢ ᠲᠠᠰᠢᠶ᠎ᠠ ᠤᠬᠠᠭᠠᠨ ᠭᠠᠷᠭᠠᠵᠠᠢ᠃ ᠴᠢᠮ᠎ᠠ ᠪᠠᠷ ᠶᠠᠭᠠᠬᠢᠭᠰᠠᠨ ᠴᠤ ᠲᠡᠭᠡᠭᠦᠯᠬᠦ ᠦᠭᠡᠢ︕» ᠭᠡᠵᠦ ᠪᠣᠳᠤᠭᠰᠠᠨ ᠰᠠᠷᠠᠩᠭᠤᠤ᠎ᠠ ᠮᠣᠷᠢ ᠪᠠᠨ ᠲᠠᠰᠢᠭᠤᠷᠳᠠᠨ ᠲᠦᠢᠮᠡᠷ ᠤᠷᠤᠭᠤ ᠤᠬᠤᠰᠬᠢᠨ ᠳᠠᠭᠠᠷᠢᠨ ᠣᠴᠢᠪᠠ ᠁

ᠭᠡᠭᠡ ᠲᠠᠰᠤᠷᠠᠬᠤ ᠦᠶᠡᠰ ᠰᠠᠯᠬᠢᠨ ᠨᠠᠮᠳᠠᠵᠤ ᠡᠬᠢᠯᠡᠯ᠎ᠡ᠃ ᠰᠠᠷᠠᠩᠭᠤᠤ᠎ᠠ᠂ ᠵᠢᠷᠭᠤᠭᠠᠨ ᠰᠠᠷ᠎ᠠ ᠶᠢᠨ ᠠᠭᠠᠭᠢᠮ᠎ᠠ ᠬᠠᠯᠠᠭᠤᠨ ᠳᠤ ᠨᠡᠬᠡᠢ ᠳᠡᠪᠡᠯ ᠲᠠᠢ ᠬᠠᠯᠠᠭᠤᠴᠠᠵᠤ ᠪᠠᠢᠭᠰᠠᠨ ᠬᠦᠮᠦᠨ ᠳᠡᠪᠡᠯ ᠢᠶᠡᠨ ᠲᠠᠢᠯᠤᠭᠠᠳ ᠭᠣᠣᠯ ᠤᠨ ᠬᠦᠢᠲᠡᠨ ᠤᠰᠤᠨ ᠳᠤ ᠦᠰᠦᠷᠦᠨ ᠣᠷᠤᠭᠰᠠᠨ ᠶᠤᠮ ᠰᠢᠭ ᠳᠣᠲᠤᠷ᠎ᠠ ᠡᠴᠡ ᠪᠠᠨ ᠰᠡᠷᠢᠭᠦᠦ ᠲᠡᠳᠡᠨ ᠰᠡᠷᠭᠦᠪᠡ᠃ ᠲᠡᠭᠡᠭᠡᠳ ᠨᠢᠳᠦ ᠨᠢ ᠰᠤᠯᠠᠬᠠᠨ ᠨᠡᠭᠡᠭᠡᠭᠳᠡᠵᠦ ᠠᠪᠤᠭᠠᠳ ᠳᠠᠬᠢᠨ ᠠᠨᠢᠯ᠎ᠠ᠃ ᠭᠡᠪᠡᠴᠦ ᠲᠡᠭᠦᠨ ᠳᠦ ᠰᠡᠳᠭᠢᠯ ᠳᠦ᠂ ᠬᠤᠪᠢᠰᠭᠠᠯ ᠤᠨ ᠡᠰᠡᠷᠭᠦᠦ ᠡᠲᠡᠭᠡᠳ ᠢ ᠬᠥᠭᠡᠭᠡᠵᠦ ᠶᠠᠪᠤᠭ᠎ᠠ ᠨᠢ ᠭᠡᠨᠡᠳᠲᠡ ᠪᠣᠳᠤᠭᠳᠠᠭᠰᠠᠨ ᠲᠤᠯᠠ ᠲᠣᠣᠷ᠎ᠠ ᠪᠠᠨ ᠳᠠᠪᠬᠢᠨ ᠪᠣᠰᠬᠤ ᠳᠤ ᠴᠸᠬᠤ᠋ ᠬᠢᠴᠡᠲᠡᠢ ᠨᠥᠭᠦᠭᠡ ᠬᠦᠨᠳᠦ ᠫᠣᠣ ᠮᠦᠨ ᠯᠠ ᠲᠤᠬᠤᠢ ᠳᠤᠨᠢ ᠡᠯᠭᠦᠭᠡᠲᠡᠢ ᠪᠠᠢᠯ᠎ᠠ᠃ ᠢᠩᠭᠢᠭᠡᠳ ᠨᠢᠭᠤᠷ ᠨᠢ ᠴᠢᠮᠴᠢᠬᠢᠨᠡᠨ ᠡᠪᠡᠳᠴᠦ ᠪᠠᠢᠬᠤ ᠪᠠᠨ ᠰᠡᠷᠡᠵᠦ᠂ ᠵᠦᠭᠡᠯᠡᠨ ᠢᠯᠪᠢᠭᠰᠡᠨ ᠳᠦ ᠬᠦᠢᠲᠡᠨ ᠨᠣᠢᠲᠠᠨ ᠶᠠᠭᠤᠮ᠎ᠠ ᠲᠡᠮᠲᠡᠷᠢᠭᠳᠡᠬᠦ ᠳᠦ ᠦᠵᠡᠬᠦᠯ᠎ᠡ ᠬᠤᠷᠤᠭᠤ ᠶᠢ ᠨᠢ ᠴᠢᠰᠤ ᠪᠢᠯᠳᠠᠭᠰᠠᠨ ᠪᠠᠢᠯ᠎ᠠ᠃ ᠡᠭᠦᠨ ᠳᠦ ᠰᠠᠷᠠᠩᠭᠤᠤ᠎ᠠ᠄«ᠤᠯᠠᠭᠠᠨ ᠬᠡᠭᠡᠷ ᠮᠣᠷᠢ ᠮᠢᠨᠢ ᠲᠦᠢᠮᠡᠷ ᠲᠦ ᠬᠤᠢᠬᠠᠯᠠᠭᠳᠠᠨ ᠬᠠᠯᠠᠭᠠᠳ᠂ ᠪᠢ ᠪᠠᠰᠠ ᠲᠣᠯᠤᠭᠠᠢ ᠡᠷᠭᠢᠵᠦ ᠨᠢᠳᠦ ᠡᠷᠢᠶᠡᠯᠵᠢᠵᠦ ᠪᠠᠢᠭ᠎ᠠ ᠲᠤᠯᠠ ᠤᠷᠢᠳᠠᠪᠠᠷ<ᠭᠠᠯᠠᠭᠤ> ᠪᠡᠨ ᠲᠠᠯᠪᠢᠵᠤ ᠶᠠᠪᠤᠭᠤᠯᠬᠤ ᠬᠡᠷᠡᠭᠲᠡᠢ ᠪᠠᠢᠨ᠎ᠠ» ᠭᠡᠵᠦ ᠪᠣᠳᠤᠭᠠᠳ«ᠭᠠᠯᠠᠭᠤ» ᠪᠡᠨ ᠲᠡᠪᠡᠷᠢ ᠡᠴᠡ ᠪᠡᠨ ᠭᠠᠷᠭᠠᠵᠤ«ᠲᠤᠤ︕ ᠲᠤᠤ︕» ᠭᠡᠵᠦ ᠳᠣᠬᠢᠷᠠᠬᠤ ᠳᠤ ᠥᠴᠦᠬᠡᠨ ᠴᠦ ᠰᠢᠷᠬᠠᠳᠤᠭᠠᠳᠤᠢ«ᠭᠠᠯᠠᠭᠤ» ᠦᠰᠦᠷᠦᠨ ᠪᠠᠭᠤᠵᠤ ᠡᠵᠡᠨ ᠦ ᠪᠡᠨ ᠳᠣᠬᠢᠷᠠᠯᠲᠠ ᠶᠢᠨ ᠶᠣᠰᠤᠭᠠᠷ ᠤᠷᠤᠭᠰᠢ ᠱᠤᠩᠭᠤᠨ ᠣᠷᠤᠯ᠎ᠠ᠃

ᠳᠠᠷᠠᠭ᠎ᠠ ᠨᠢ ᠰᠠᠷᠠᠩᠭᠤᠤ᠎ᠠ ᠴᠤ ᠮᠣᠷᠢᠨ ᠡᠴᠡ ᠦᠰᠦᠷᠦᠨ ᠪᠠᠭᠤᠵᠤ ᠪᠡᠶ᠎ᠡ ᠳᠡᠭᠡᠷᠡᠬᠢ ᠭᠠᠯ ᠢᠶᠡᠨ ᠤᠨᠲᠠᠷᠠᠭᠠᠵᠤ ᠬᠤᠪᠴᠠᠰᠤ ᠬᠤᠨᠠᠷ ᠢᠶᠡᠨ ᠵᠠᠰᠠᠭᠠᠳ᠂ ᠮᠣᠷᠢ ᠪᠠᠨ ᠬᠥᠲᠦᠯᠦᠨ ᠬᠡᠳᠦ ᠠᠯᠬᠤᠭᠤᠯᠤᠭᠠᠳ ᠳᠠᠬᠢᠨ ᠮᠣᠷᠳᠠᠵᠤ ᠬᠦᠪᠡᠭᠡ ᠬᠢᠵᠠᠭᠠᠷ ᠦᠭᠡᠢ ᠬᠥᠳᠡᠭᠡ ᠲᠠᠯ᠎ᠠ ᠶᠢ ᠥᠪᠴᠢ ᠪᠦᠷᠬᠦᠭᠰᠡᠨ ᠬᠠᠷᠠᠩᠭᠤᠢ ᠶᠢᠨ ᠳᠤᠮᠳᠠᠭᠤᠷ ᠳᠣᠪᠲᠤᠯᠵᠠᠢ᠃

ᠡᠨᠡ ᠦᠶᠡᠰ᠂ ᠫᠠᠳ ᠬᠠᠷᠠᠩᠭᠤᠢ ᠣᠭᠲᠠᠷᠭᠤᠢ ᠡᠴᠡ ᠪᠣᠷᠤᠭᠠᠨ ᠤ ᠳᠤᠰᠤᠯ ᠡᠪᠡᠰᠦᠨ ᠦ ᠲᠣᠯᠤᠭᠠᠢ ᠳᠡᠭᠡᠷ᠎ᠡ ᠤᠨᠠᠵᠤ ᠱᠠᠷ ᠱᠠᠷ ᠬᠢᠬᠦ ᠴᠢᠮᠡᠭᠡ ᠭᠠᠷᠴᠤ ᠡᠬᠢᠯᠡᠪᠡ᠃

ᠡᠨᠡ ᠡᠳᠦᠷ ᠰᠠᠮᠪᠤᠤ ᠬᠣᠲᠠ ᠣᠷᠤᠵᠤ ᠮᠣᠷᠢ ᠪᠠᠨ ᠳᠠᠭᠠᠭᠤᠯᠤᠨ ᠣᠷᠤᠢᠬᠠᠨ ᠪᠤᠴᠠᠵᠤ ᠢᠷᠡᠭᠰᠡᠨ ᠲᠤᠯᠠ ᠰᠠᠷᠠᠩᠭᠤᠤ᠎ᠠ ᠶᠢ ᠤᠳᠠᠭᠠᠨ ᠬᠦᠯᠢᠶᠡᠯᠭᠡᠴᠢᠬᠡᠯ᠎ᠡ ᠭᠡᠵᠦ ᠰᠠᠨᠳᠤᠷᠴᠤ ᠬᠣᠭᠤᠯᠠ ᠪᠠᠨ ᠲᠤᠲᠠᠭᠤ ᠬᠡᠲᠡᠭᠦᠦ ᠢᠳᠡᠭᠡᠳ ᠮᠣᠷᠳᠠᠵᠤ ᠳᠠᠪᠬᠢᠪᠠ᠃ ᠲᠡᠭᠦᠨ ᠦ ᠤᠨᠤᠭᠰᠠᠨ«ᠵᠢᠭᠠᠬᠠᠨ ᠰᠠᠷᠠᠯ» ᠭᠡᠳᠡᠭ᠌ ᠬᠤᠷᠳᠤᠨ ᠬᠦᠯ ᠲᠠᠢ ᠭᠠᠪᠰᠢᠭᠠᠢ ᠬᠥᠳᠡᠯᠭᠡᠭᠡᠨ ᠲᠠᠢ ᠴᠠᠭᠠᠨ ᠮᠣᠷᠢ ᠨᠢ ᠲᠦᠳᠡᠬᠡᠨ ᠵᠠᠭᠤᠷ᠎ᠠ ᠪᠣᠯᠵᠤᠭᠠᠲᠤ ᠮᠠᠩᠬᠠᠨ ᠳᠡᠭᠡᠷ᠎ᠡ ᠬᠦᠷᠦᠯ᠎ᠡ᠃ ᠦᠨᠡᠬᠡᠷ ᠰᠣᠨᠢᠨ ᠡ᠂ ᠰᠠᠷᠠᠩᠭᠤᠤ᠎ᠠ ᠪᠠᠢᠬᠤ ᠦᠭᠡᠢ ᠰᠢᠤ︕«ᠡᠨᠡ ᠮᠠᠭᠤ ᠵᠣᠯᠢᠭ ᠦᠭᠡᠨ ᠳᠡᠭᠡᠨ ᠰᠠᠭᠤᠭᠰᠠᠨ ᠦᠭᠡᠢ ᠰᠢᠤ︕» ᠭᠡᠵᠦ ᠪᠣᠳᠤᠭᠠᠳ ᠰᠠᠮᠪᠤᠤ ᠭᠡᠷ ᠤᠷᠤᠭᠤ ᠨᠢ ᠳᠠᠪᠬᠢᠯ᠎ᠠ᠃ ᠮᠠᠩᠬ᠎ᠠ ᠶᠢ ᠳᠠᠪᠠᠮᠠᠭᠴᠠ ᠬᠣᠢᠲᠤ ᠲᠠᠯ᠎ᠠ ᠳᠤ ᠬᠠᠷ᠎ᠠ ᠤᠲᠤᠭ᠎ᠠ ᠪᠣᠰᠴᠤ ᠲᠦᠢᠮᠡᠷ ᠦᠨ ᠭᠠᠯ ᠤᠯᠠᠯᠵᠠᠨ ᠨᠡᠭᠦᠬᠦ ᠦᠵᠡᠭᠳᠡᠬᠦ ᠳᠦ ᠰᠠᠮᠪᠤᠤ᠂ ᠰᠠᠷᠠᠩᠭᠤᠤ᠎ᠠ ᠲᠠᠢ ᠠᠭᠤᠯᠵᠠᠬᠤ ᠭᠡᠰᠡᠨ ᠪᠣᠯᠵᠤᠭ᠎ᠠ ᠪᠠᠨ ᠣᠷᠬᠢᠵᠤ᠂ ᠮᠣᠷᠢ ᠪᠠᠨ ᠡᠷᠭᠢᠭᠦᠯᠦᠨ ᠠᠮᠤᠭᠤᠯᠠᠩ ᠭᠤᠸᠠᠢ ᠳᠤ ᠮᠡᠳᠡᠭᠦᠯᠬᠦ ᠪᠡᠷ ᠳᠠᠪᠬᠢᠵᠠᠢ᠃

ᠰᠠᠮᠪᠤᠤ ᠠᠢᠯ ᠳᠤ ᠣᠷᠤᠮᠠᠭᠴᠠ ᠪᠠᠨ᠄«ᠬᠣᠢᠨ᠎ᠠ ᠲᠦᠢᠮᠡᠷ ᠭᠠᠷᠴᠠᠢ︕ ᠵᠡᠭᠡᠰᠦ ᠬᠤᠯᠤᠰᠤᠨ ᠳᠤ ᠲᠦᠢᠮᠡᠷ ᠭᠠᠷᠴᠠᠢ︕ ᠪᠦᠭᠦᠳᠡᠭᠡᠷ ᠢᠶᠡᠨ ᠲᠦᠢᠮᠡᠷ ᠤᠨᠲᠠᠷᠠᠭᠠᠬᠤ ᠪᠠᠷ ᠮᠣᠷᠳᠠᠵᠠᠭ᠎ᠠ︕» ᠭᠡᠵᠦ ᠬᠠᠰᠭᠢᠷᠪᠠ᠃

ᠡᠨᠡ ᠦᠶᠡᠰ᠂ ᠠᠮᠤᠭᠤᠯᠠᠩ ᠭᠤᠸᠠᠢ ᠣᠯᠠᠨ ᠲᠦᠮᠡᠨ ᠢ ᠬᠤᠷᠠᠯᠳᠤᠭᠤᠯᠵᠤ ᠪᠠᠴᠢᠮ ᠮᠡᠳᠡᠭᠳᠡᠯ ᠤᠯᠠᠮᠵᠢᠯᠠᠵᠤ ᠪᠠᠢᠯ᠎ᠠ᠃

ᠠᠮᠤᠭᠤᠯᠠᠩ ᠰᠠᠮᠪᠤᠤ ᠶᠢᠨ ᠮᠡᠳᠡᠭᠡ ᠶᠢ ᠰᠣᠨᠤᠰᠤᠭᠠᠳ ᠬᠥᠮᠦᠰᠭᠡ ᠪᠡᠨ ᠵᠠᠩᠭᠢᠳᠤᠨ ᠨᠠᠰᠢ ᠴᠠᠰᠢ ᠬᠡᠳᠦ ᠠᠯᠬᠤᠯᠠᠭᠰᠠᠨ ᠢᠶᠡᠨ᠂ ᠭᠡᠨᠡᠳᠲᠡ ᠨᠢᠭᠡ ᠶᠠᠭᠤᠮ᠎ᠠ ᠰᠠᠨᠠᠭᠠᠨ ᠳᠤ ᠣᠷᠤᠭᠰᠠᠨ ᠪᠣᠯᠤᠯᠲᠠᠢ᠂ ᠣᠯᠠᠨ ᠤ ᠵᠦᠭ᠌ ᠬᠠᠷᠠᠨ ᠵᠣᠭᠰᠤᠭᠠᠳ᠄

«ᠡᠨᠡ ᠡᠳᠦᠷ ᠦᠨ ᠬᠤᠷᠠᠯ ᠢ ᠲᠦᠷ ᠵᠣᠭᠰᠤᠵᠤ ᠤᠷᠢᠳᠠᠪᠠᠷ ᠲᠦᠢᠮᠡᠷ ᠤᠨᠲᠠᠷᠠᠭᠠᠶ᠎ᠠ᠂ ᠪᠦᠭᠦᠳᠡᠭᠡᠷ ᠢᠶᠡᠨ ᠳᠠᠷᠤᠢ ᠲᠦᠷᠭᠡᠨ ᠪᠠᠭᠠᠵᠢ ᠵᠡᠪᠰᠡᠭ ᠢᠶᠡᠨ ᠪᠡᠯᠡᠳᠭᠡᠵᠡᠭᠡ᠂ ᠮᠥᠳᠳᠦ ᠬᠣᠩᠬ᠎ᠠ ᠳᠤᠤᠭᠠᠷᠤᠮᠠᠭᠴᠠ ᠠᠢᠯ ᠤᠨ ᠵᠡᠭᠦᠨ ᠵᠠᠬ᠎ᠠ ᠶᠢᠨ ᠪᠦᠳᠦᠭᠦᠨ ᠬᠠᠢᠯᠠᠰᠤᠨ ᠤ ᠳᠡᠷᠭᠡᠲᠡ ᠴᠤᠭᠯᠠᠵᠠᠭ᠎ᠠ᠂ ᠵᠠ ᠶᠠᠪᠤᠵᠠᠭ᠎ᠠ︕» ᠬᠡᠪᠡ᠃

ᠬᠤᠷᠠᠯᠳᠤᠭᠰᠠᠳ ᠲᠠᠷᠬᠠᠪᠠ᠃

ᠠᠮᠤᠭᠤᠯᠠᠩ ᠭᠠᠴᠠᠭᠠᠨ ᠤ ᠺᠠᠲᠷ ᠨᠠᠷ ᠪᠠ ᠬᠡᠳᠦᠨ ᠡᠷᠦᠬᠡ ᠶᠢᠨ ᠴᠡᠷᠢᠭ᠌ ᠲᠠᠢ ᠪᠠᠴᠢᠮ ᠬᠤᠷᠠᠯ ᠬᠢᠵᠤ᠄

«ᠮᠠᠨ ᠤ ᠬᠣᠷᠴᠢᠨ ᠨᠤᠲᠤᠭ ᠲᠤ ᠭᠤᠷᠪᠠ ᠳᠥᠷᠪᠡᠨ ᠵᠢᠯ ᠶᠡᠷᠦ ᠨᠢ ᠲᠦᠢᠮᠡᠷ ᠭᠠᠷᠤᠭᠠᠳᠤᠢ ᠪᠢᠵᠡ︖ ᠶᠠᠭᠤᠨ ᠤ ᠤᠴᠢᠷ ᠡᠴᠡ ᠡᠨᠡ ᠡᠳᠦᠷ - ᠪᠢᠳᠡ ᠬᠤᠰᠢᠭᠤᠨ ᠤ ᠳᠣᠲᠤᠭᠠᠳᠤ ᠶᠢ ᠬᠠᠮᠠᠭᠠᠯᠠᠬᠤ ᠲᠣᠪᠴᠢᠶᠠᠨ ᠤ ᠪᠠᠴᠢᠮ ᠮᠡᠳᠡᠭᠳᠡᠯ ᠢ ᠬᠦᠯᠢᠶᠡᠨ ᠠᠪᠤᠭᠰᠠᠨ ᠡᠨᠡ ᠦᠶᠡᠰ ᠭᠡᠨᠡᠳᠲᠡ ᠡᠢᠮᠦ ᠠᠢᠬᠤᠪᠲᠤᠷ ᠲᠦᠢᠮᠡᠷ ᠭᠠᠷᠴᠤ ᠪᠠᠢᠨ᠎ᠠ ᠪᠤᠢ︖ ᠡᠭᠦᠨ ᠳᠦ ᠯᠠᠪ ᠨᠢᠭᠡ ᠤᠴᠢᠷ ᠪᠠᠢᠨ᠎ᠠ᠃ ᠲᠡᠢᠮᠦ ᠡᠴᠡ ᠪᠢᠳᠡ ᠰᠣᠨᠤᠷ ᠰᠡᠷᠡᠮᠵᠢ ᠪᠡᠨ ᠰᠠᠢᠲᠤᠷ ᠳᠡᠭᠡᠭᠰᠢᠯᠡᠭᠦᠯᠬᠦ ᠬᠡᠷᠡᠭᠲᠡᠢ᠃ ᠵᠠ᠂ ᠡᠢᠮᠦ ᠪᠠᠢᠨ᠎ᠠ ᠳ᠋ᠠ» ᠭᠡᠵᠦ ᠬᠡᠯᠡᠪᠡ᠃

ᠲᠡᠳᠡ ᠠᠮᠤᠭᠤᠯᠠᠩ ᠭᠤᠸᠠᠢ ᠶᠢᠨ ᠦᠭᠡ ᠶᠢ ᠵᠥᠪᠰᠢᠶᠡᠷᠡᠵᠦ ᠲᠣᠣᠷ᠎ᠠ ᠪᠠᠨ ᠠᠢᠯ ᠤᠨ ᠬᠣᠢᠭᠤᠷ ᠤᠷᠳᠤᠭᠤᠷ ᠬᠠᠷᠠᠭᠤᠯ ᠮᠠᠨᠠᠭ᠎ᠠ ᠪᠠᠢᠷᠢᠯᠠᠭᠤᠯᠪᠠ᠃ ᠠᠮᠤᠭᠤᠯᠠᠩ ᠭᠤᠸᠠᠢ ᠪᠠᠰᠠ ᠪᠢᠷ ᠢᠶᠡᠨ ᠭᠠᠷᠭᠠᠨ ᠡᠳᠦᠷ ᠦᠨ ᠲᠡᠮᠳᠡᠭᠯᠡᠯ ᠦᠨ ᠳᠡᠪᠲᠡᠷ ᠳᠡᠭᠡᠷ᠎ᠡ ᠪᠡᠨ ᠬᠡᠳᠦᠨ ᠦᠰᠦᠭ ᠪᠢᠴᠢᠭᠡᠳ ᠤᠷᠠᠵᠤ ᠠᠪᠤᠨ ᠵᠦᠷᠢᠭᠦᠯᠡᠨ ᠡᠪᠬᠡᠵᠦ ᠰᠠᠮᠪᠤᠤ ᠳᠤ ᠥᠭᠭᠦᠭᠡᠳ᠄

«ᠴᠢ ᠡᠭᠦᠨ ᠢ ᠨᠤᠲᠤᠭ ᠳᠡᠭᠡᠷ᠎ᠡ ᠠᠪᠠᠴᠢᠵᠤ ᠥᠭᠭᠦᠭᠡᠳ ᠬᠠᠷᠢᠭᠤ ᠪᠠᠷᠢᠮᠲᠠ ᠠᠪᠴᠢᠷᠠ» ᠭᠡᠳ ᠨᠥᠭᠦᠭᠡ ᠨᠢᠭᠡ ᠡᠷᠦᠬᠡ ᠶᠢᠨ ᠴᠡᠷᠢᠭ᠌ ᠲᠦ᠄«ᠴᠢ ᠣᠴᠢᠵᠤ ᠬᠣᠩᠬ᠎ᠠ ᠴᠣᠬᠢ» ᠬᠡᠪᠡ ᠁

ᠰᠠᠮᠪᠤᠤ ᠠᠭᠠᠳᠠᠷ ᠪᠣᠷᠤᠭᠠᠨ ᠤ ᠳᠤᠮᠳᠠᠭᠤᠷ ᠳᠠᠪᠬᠢᠵᠤ ᠨᠤᠲᠤᠭ ᠳᠡᠭᠡᠷ᠎ᠡ ᠴᠢᠮᠡᠭᠡ ᠬᠦᠷᠭᠡᠪᠡ᠃ ᠴᠢᠩᠭᠢᠭᠡᠳ ᠬᠤᠷᠳᠤᠨ ᠪᠤᠴᠠᠵᠤ ᠲᠦᠢᠮᠡᠷ ᠤᠨᠲᠠᠷᠠᠭᠠᠬᠤ ᠭᠡᠵᠦ ᠶᠠᠭᠠᠷᠠᠵᠤ ᠪᠠᠢᠭᠰᠠᠨ ᠲᠤᠯᠠ ᠬᠠᠷᠢᠭᠤ ᠪᠠᠷᠢᠮᠲᠠ ᠠᠪᠬᠤ ᠪᠠᠨ ᠮᠠᠷᠲᠠᠵᠠᠢ᠃

ᠰᠠᠮᠪᠤᠤ«ᠵᠢᠭᠠᠬᠠᠨ ᠰᠠᠷᠠᠯ» ᠤᠨ ᠵᠢᠯᠤᠭᠤ ᠶᠢ ᠲᠠᠯᠪᠢᠨ᠂ ᠰᠢᠪᠠᠷ ᠤᠰᠤᠨ ᠤ ᠳᠤᠮᠳᠠᠭᠤᠷ ᠳᠠᠪᠬᠢᠨ ᠳᠠᠪᠬᠢᠭᠰᠠᠭᠠᠷ ᠪᠠᠢᠯ᠎ᠠ︕ ᠴᠢᠩᠭᠢᠭᠡᠳ ᠵᠡᠭᠦᠨ ᠮᠠᠩᠬᠠᠨ ᠳᠣᠯᠤᠭᠠᠳ ᠢ ᠳᠠᠪᠠᠵᠤ ᠭᠠᠷᠤᠭᠠᠳ ᠬᠣᠢᠰᠢ ᠡᠷᠭᠢᠮᠡᠭᠴᠡ«ᠵᠢᠭᠠᠬᠠᠨ ᠰᠠᠷᠠᠯ» ᠨᠢ ᠬᠦᠮᠦᠨ ᠡᠴᠡ ᠦᠷᠭᠦᠭᠰᠡᠨ ᠮᠡᠲᠦ ᠬᠣᠶᠠᠷ ᠴᠢᠬᠢ ᠪᠡᠨ ᠭᠣᠷᠤᠢᠯᠭᠠᠵᠤ ᠵᠣᠭᠬᠢᠨ ᠵᠣᠭᠰᠤᠪᠠ᠃ ᠰᠠᠮᠪᠤᠤ ᠡᠮᠦᠨᠡᠰᠢ ᠬᠠᠷᠠᠭᠰᠠᠨ ᠳᠤ ᠨᠢᠭᠡ ᠨᠡᠪᠰᠡᠭᠡᠷ ᠬᠠᠷ᠎ᠠ ᠶᠠᠭᠤᠮ᠎ᠠ ᠦᠵᠡᠭᠳᠡᠬᠦᠯᠡᠷ ᠨᠢ ᠮᠣᠷᠢᠨ ᠡᠴᠡ ᠪᠠᠨ ᠪᠠᠭᠤᠵᠤ ᠤᠷᠤᠭᠰᠢ ᠬᠡᠳᠦ ᠠᠯᠬᠤᠨ ᠠᠵᠢᠭᠯᠠᠬᠤ ᠳᠤ ᠨᠢᠭᠡ ᠰᠢᠷ᠎ᠠ ᠲᠠᠩᠽᠢ ᠪᠣᠷᠤᠭᠠᠨ ᠤ ᠤᠰᠤᠨ ᠳᠤ ᠨᠡᠪᠲᠡᠷᠡᠨ ᠬᠡᠪᠲᠡᠵᠦ ᠪᠠᠢᠵᠠᠢ᠃ ᠰᠠᠮᠪᠤᠤ ᠲᠡᠷᠡ ᠰᠢᠷ᠎ᠠ ᠲᠠᠩᠽᠢ ᠶᠢ ᠠᠪᠴᠤ ᠴᠠᠰᠢ ᠬᠣᠶᠠᠷ ᠠᠯᠬᠤᠲᠠᠯ᠎ᠠ ᠪᠠᠰᠠ ᠪᠢᠴᠢᠬᠠᠨ ᠶᠠᠭᠤᠮ᠎ᠠ ᠬᠠᠷᠠᠭᠳᠠᠬᠤ ᠳᠤ ᠭᠠᠷ ᠳ᠋ᠧᠩ ᠳᠤᠰᠭᠠᠨ ᠦᠵᠡᠪᠡᠯ ᠨᠣᠭᠤᠭᠠᠨ ᠤᠷᠲᠤ ᠲᠣᠷᠭᠠᠨ ᠪᠦᠴᠡᠨ ᠳᠡᠭᠡᠷ᠎ᠡ ᠨᠢ ᠣᠷᠢᠶᠠᠴᠠᠯᠳᠤᠩᠭᠤ ᠬᠤᠨᠳᠠᠭᠠᠨ ᠴᠡᠴᠡᠭ ᠢ ᠬᠠᠳᠭᠤᠮᠠᠯᠯᠠᠭᠰᠠᠨ ᠶᠠᠭᠠᠨ ᠲᠣᠷᠭᠠᠨ ᠲᠠᠮᠠᠬᠢᠨ ᠤ ᠤᠭᠤᠲᠠ ᠪᠠᠢᠵᠠᠢ᠃ ᠰᠠᠮᠪᠤᠤ ᠲᠡᠭᠦᠨ ᠢ ᠦᠵᠡᠭᠡᠳ ᠭᠠᠢᠬᠠᠨ ᠢᠨᠢᠶᠡᠮᠰᠦᠭᠯᠡᠵᠦ᠄

«ᠶᠠᠮᠠᠷ ᠤᠯᠤᠰ ᠡᠨᠳᠡ ᠢᠨᠠᠭ ᠬᠠᠢᠷ᠎ᠠ ᠪᠠᠨ ᠰᠣᠯᠢᠯᠴᠠᠵᠤ ᠰᠠᠭᠤᠭᠠᠳ ᠡᠭᠦᠨ ᠢᠶᠡᠨ ᠭᠡᠭᠡᠴᠢᠬᠡᠭᠰᠡᠨ ᠶᠤᠮ ᠪᠣᠯ ᠳ᠋ᠠ︖ ᠵᠠ ᠪᠣᠯᠵᠠᠢ᠂ ᠠᠯᠢ ᠴᠤ ᠨᠢᠭᠡᠨ ᠭᠤᠤ᠎ᠠ ᠬᠡᠦᠬᠡᠨ ᠤᠷᠠᠯᠠᠨ ᠣᠶᠤᠭᠰᠠᠨ ᠴᠤ ᠲᠡᠷᠡ᠂ ᠣᠳᠣ ᠪᠣᠯ ᠨᠠᠳᠠ ᠯᠠ ᠡᠳ᠋ᠯᠡᠭᠦᠯᠬᠦ ᠳᠦ ᠬᠦᠷᠴᠡᠢ᠃ ᠭᠡᠪᠡᠴᠦ ᠮᠢᠨᠦ ᠰᠠᠷᠠᠩᠭᠤᠤ᠎ᠠ ᠤᠷᠠᠯᠠᠬᠤ ᠶᠤᠮ ᠪᠣᠯ ᠡᠭᠦᠨ ᠦ ᠳᠡᠷᠭᠡᠲᠡ ᠴᠡᠴᠡᠭ ᠨᠠᠪᠴᠢ ᠳᠡᠯᠭᠡᠷᠡᠭᠦᠯᠴᠢᠬᠡᠨ᠎ᠡ ᠳ᠋ᠠ» ᠭᠡᠵᠦ ᠪᠣᠳᠤᠭᠰᠠᠨ ᠢᠶᠡᠨ ᠪᠠᠰᠠ«ᠲᠦᠢᠮᠡᠷ ᠤᠨᠲᠠᠷᠠᠭᠠᠬᠤ ᠨᠢ ᠶᠠᠭᠤᠨ ᠡᠴᠡ ᠴᠤ ᠴᠢᠬᠤᠯᠠ» ᠭᠡᠵᠦ ᠪᠣᠳᠤᠩᠭᠤᠳᠠ ᠪᠠᠨ ᠲᠡᠷᠡ ᠲᠠᠩᠽᠢ ᠪᠣᠯᠤᠨ ᠲᠠᠮᠠᠬᠢᠨ ᠤᠭᠤᠲᠠ ᠶᠢ ᠬᠤᠢᠯᠠᠨ ᠠᠪᠴᠤ ᠭᠠᠨᠵᠤᠭᠠᠯᠠᠭᠠᠳ ᠴᠠᠰᠢ ᠳᠠᠪᠬᠢᠯ᠎ᠠ ᠁

«ᠵᠢᠭᠠᠬᠠᠨ ᠰᠠᠷᠠᠯ» ᠨᠢ ᠲᠦᠢᠮᠡᠷ ᠦᠨ ᠭᠠᠯ ᠤᠨ ᠵᠠᠬ᠎ᠠ ᠳᠤ ᠲᠤᠯᠵᠤ ᠣᠴᠢᠭᠠᠳ ᠡᠵᠡᠨ ᠦ ᠪᠡᠨ ᠰᠢᠪᠲᠤᠯᠤᠨ ᠣᠷᠤᠬᠤ ᠶᠢ ᠲᠡᠪᠴᠢᠵᠦ ᠶᠠᠳᠠᠨ ᠬᠦᠯᠢᠶᠡᠨ᠎ᠡ᠃

ᠰᠠᠮᠪᠤᠤ ᠪᠣᠯ ᠪᠠᠭᠠᠲᠤᠷᠯᠢᠭ ᠡᠷ᠎ᠡ ᠶᠤᠮ᠂ ᠭᠡᠬᠦ ᠳᠡᠭᠡᠨ ᠣᠳᠣ ᠲᠦᠢᠮᠡᠷ ᠦᠨ ᠭᠠᠯ ᠤᠨ ᠵᠠᠬ᠎ᠠ ᠶᠢ ᠰᠢᠪᠲᠤᠯᠤᠨ ᠣᠷᠤᠬᠤ ᠳ᠋ᠠᠭᠠᠨ ᠶᠠᠭᠤ ᠪᠣᠳᠤᠪᠠ ᠳ᠋ᠠ︖ ᠭᠠᠯᠵᠠᠭᠤ ᠰᠣᠯᠢᠶᠠᠲᠠᠢ ᠳ᠋ᠠᠭᠠᠨ ᠭᠠᠯ ᠳᠤ ᠣᠷᠤᠵᠤ ᠦᠬᠦᠬᠦ ᠭᠡᠵᠦ ᠪᠠᠢᠬᠤ ᠤᠤ︖ ᠦᠭᠡᠢ᠂ ᠲᠡᠢᠮᠦ ᠪᠢᠰᠢ᠃ ᠰᠠᠮᠪᠤᠤ ᠪᠣᠯ ᠡᠷᠡᠭᠦᠯ ᠰᠠᠷᠠᠭᠤᠯ ᠤᠬᠠᠭᠠᠨ ᠲᠠᠢ ᠰᠡᠴᠡᠨ ᠰᠡᠷᠭᠦᠯᠡᠩ ᠬᠦᠮᠦᠨ ᠶᠤᠮ᠃ ᠴᠢᠩᠭᠢᠪᠡᠯ ᠬᠣᠷᠢᠨ ᠬᠣᠶᠠᠷ ᠨᠠᠰᠤᠲᠠᠢ ᠡᠪᠯᠡᠯ ᠦᠨ ᠭᠡᠰᠢᠭᠦᠨ ᠴᠣᠬᠤᠮ ᠶᠠᠭᠤ ᠪᠣᠳᠤᠭᠰᠠᠨ ᠪᠤᠢ ᠳ᠋ᠠ︖ ᠳᠣᠭᠰᠢᠨ ᠰᠢᠷᠦᠭᠦᠨ ᠲᠦᠢᠮᠡᠷ ᠦᠨ ᠤᠯᠠᠭᠠᠨ ᠬᠡᠯᠡ ᠨᠤᠭᠦᠳ ᠬᠣᠣᠷᠲᠤ ᠮᠣᠭᠠᠢ ᠮᠡᠲᠦ ᠭᠤᠷᠠᠪᠠᠯᠵᠠᠨ ᠬᠠᠳᠤᠯᠠᠩ ᠪᠡᠯᠴᠢᠭᠡᠷ ᠤᠷᠤᠭᠤ ᠳᠠᠭᠠᠷᠢᠨ ᠣᠷᠤᠵᠤ᠂ ᠲᠡᠳᠡᠭᠡᠷ ᠠᠭᠤᠯᠠ ᠮᠡᠲᠦ ᠴᠣᠮᠤᠭᠯᠠᠭᠰᠠᠨ ᠠᠯᠢᠰᠤᠨ ᠳᠤ ᠲᠦᠢᠮᠡᠷ ᠣᠷᠤᠬᠤ ᠭᠡᠵᠦ ᠪᠠᠢᠭ᠎ᠠ ᠡᠨᠡ ᠦᠶᠡᠰ᠂ ᠰᠠᠮᠪᠤᠤ ᠴᠣᠬᠤᠮ ᠶᠠᠮᠠᠷ ᠠᠷᠭ᠎ᠠ ᠤᠬᠠᠭᠠᠨ ᠭᠠᠷᠭᠠᠬᠤ ᠪᠣᠯ︖ ᠡᠭᠦᠨ ᠳᠦ ᠰᠠᠮᠪᠤᠤ ᠶᠠᠭᠤ ᠶᠢ ᠴᠤ ᠲᠤᠩᠭᠠᠯ ᠦᠭᠡᠢ ᠲᠦᠢᠮᠡᠷ ᠦᠨ ᠵᠠᠬ᠎ᠠ ᠳᠤ ᠰᠢᠪᠲᠤᠯᠤᠨ ᠣᠷᠤᠯ᠎ᠠ᠃

ᠨᠣᠢᠲᠠᠨ ᠲᠠᠩᠽᠢ ᠪᠣᠯ ᠲᠦᠢᠮᠡᠷ ᠴᠣᠬᠢᠬᠤ ᠳᠤ ᠬᠠᠮᠤᠭ ᠤᠨ ᠰᠠᠢᠨ ᠪᠠᠭᠠᠵᠢ ᠵᠡᠪᠰᠡᠭ ᠪᠢᠵᠡ᠃ ᠰᠠᠮᠪᠤᠤ ᠲᠡᠭᠦᠪᠡᠷ ᠢᠶᠡᠨ ᠪᠠᠷᠠᠭᠤᠨᠰᠢ ᠵᠡᠭᠦᠨᠰᠢ ᠴᠣᠬᠢᠯᠠᠨ ᠲᠦᠢᠮᠡᠷ ᠤᠨᠲᠠᠷᠠᠭᠠᠨ᠎ᠠ᠃ ᠭᠡᠪᠡᠴᠦ ᠲᠦᠢᠮᠡᠷ ᠴᠣᠬᠢᠬᠤ ᠠᠵᠢᠯ ᠪᠣᠯ ᠲᠡᠢᠮᠦ ᠬᠢᠯᠪᠠᠷ ᠪᠢᠰᠢ ᠶᠤᠮ᠃ ᠭᠠᠰᠢᠭᠤᠨ ᠬᠠᠷ᠎ᠠ ᠤᠲᠤᠭ᠎ᠠ ᠰᠠᠮᠪᠤᠤ ᠶᠢᠨ ᠠᠮᠢᠰᠭᠤᠯ ᠢ ᠪᠠᠭᠲᠠᠷᠠᠭᠤᠯᠵᠤ᠂ ᠭᠠᠯ ᠤᠨ ᠢᠯᠴᠢ ᠬᠠᠮᠤᠭ ᠪᠡᠶ᠎ᠡ ᠶᠢ ᠨᠢ ᠲᠥᠭᠡᠨᠡᠨ ᠴᠢᠮᠴᠢᠭᠢᠨᠡᠭᠦᠯᠦᠨ᠎ᠡ᠃ ᠭᠡᠪᠡᠴᠦ ᠰᠠᠮᠪᠤᠤ ᠡᠨᠡ ᠪᠦᠬᠦᠨ ᠢ ᠬᠠᠢᠬᠤᠷᠤᠯ ᠦᠭᠡᠢ᠂«ᠡᠨᠡ ᠬᠡᠰᠡᠭ᠌ ᠲᠦᠢᠮᠡᠷ ᠢ ᠤᠨᠲᠠᠷᠠᠭᠠᠵᠤ ᠴᠢᠳᠠᠪᠠᠯ ᠪᠢ ᠥᠪᠡᠷ ᠢᠶᠡᠨ ᠰᠢᠲᠠᠵᠤ ᠦᠬᠦᠪᠡᠴᠦ ᠭᠣᠮᠤᠳᠠᠯ ᠦᠭᠡᠢ» ᠭᠡᠵᠦ ᠪᠣᠳᠤᠨ᠎ᠠ᠃

ᠰᠠᠮᠪᠤᠤ ᠶᠢᠨ ᠬᠦᠴᠦ ᠴᠢᠳᠠᠯ ᠪᠠᠷᠠᠭᠳᠠᠭᠰᠠᠭᠠᠷ ᠪᠠᠢᠬᠤ ᠶᠢᠨ ᠳᠠᠭᠠᠤ ᠭᠠᠰᠢᠭᠤᠨ ᠬᠠᠷ᠎ᠠ ᠤᠳᠤᠭᠠᠨ ᠳᠤ ᠬᠡᠰᠡᠭ᠌ ᠮᠠᠩᠰᠢᠭᠤᠷᠠᠨ ᠬᠡᠰᠡᠭ᠌ ᠰᠡᠷᠭᠦᠵᠦ ᠶᠠᠪᠤᠭᠰᠠᠭᠠᠷ ᠭᠡᠨᠡᠳᠲᠡ ᠨᠢᠳᠦ ᠨᠢ ᠬᠠᠷᠠᠯᠠᠵᠤ᠂ ᠬᠡᠳᠦ ᠲᠦᠢᠳᠦᠷᠢᠵᠦ ᠠᠪᠤᠭᠠᠳ ᠰᠠᠪᠠᠵᠤ ᠤᠨᠠᠪᠠ᠃ ᠲᠦᠢᠮᠡᠷ ᠲᠡᠭᠦᠨ ᠦ ᠬᠠᠵᠠᠭᠤ ᠪᠠᠷ ᠥᠷᠭᠦᠯᠵᠢᠯᠡᠨ ᠫᠢᠰ ᠫᠢᠰ ᠬᠢᠵᠤ ᠰᠢᠲᠠᠵᠤ ᠪᠠᠢᠯ᠎ᠠ᠃

ᠠᠮᠤᠭᠤᠯᠠᠩ ᠭᠤᠸᠠᠢ ᠵᠡᠭᠦᠨ ᠵᠠᠬ᠎ᠠ ᠡᠴᠡ ᠪᠠᠷᠠᠭᠤᠨ ᠵᠠᠬ᠎ᠠ ᠳᠤ᠂ ᠳᠠᠬᠢᠨ ᠪᠠᠷᠠᠭᠤᠨ ᠵᠠᠬ᠎ᠠ ᠡᠴᠡ ᠵᠡᠭᠦᠨ ᠵᠠᠬ᠎ᠠ ᠳᠤ ᠭᠦᠶᠦᠨ ᠣᠴᠢᠵᠤ᠂ ᠣᠯᠠᠨ ᠲᠦᠮᠡᠨ ᠢ ᠴᠠᠭ ᠢᠮᠠᠭᠳᠠ ᠵᠣᠷᠢᠭᠵᠢᠭᠤᠯᠵᠤ᠂ ᠳᠤᠭᠤᠢᠯᠠᠩ ᠤᠳ ᠤᠨ ᠠᠵᠢᠯᠯᠠᠭ᠎ᠠ ᠶᠢ ᠬᠢᠨᠠᠨ ᠪᠠᠢᠴᠠᠭᠠᠵᠤ ᠶᠠᠪᠤᠬᠤ ᠳ᠋ᠠᠭᠠᠨ ᠶᠠᠳᠠᠷᠠᠵᠤ ᠵᠦᠳᠡᠷᠡᠬᠦ ᠶᠢᠨ ᠲᠤᠢᠯ ᠳᠤ ᠬᠦᠷᠴᠦ ᠪᠠᠢᠯ᠎ᠠ᠃ ᠣᠯᠠᠨ ᠲᠦᠮᠡᠨ ᠦ ᠴᠣᠬᠢᠯᠠᠭᠠᠨ ᠪᠠ ᠪᠣᠷᠤᠭᠠᠨ ᠤ ᠤᠰᠤᠨ ᠳᠤ ᠲᠦᠢᠮᠡᠷ ᠤᠨᠲᠠᠷᠠᠯ᠎ᠠ ᠁

ᠪᠤᠴᠠᠬᠤ ᠵᠠᠮ ᠳ᠋ᠠᠭᠠᠨ ᠰᠠᠮᠪᠤᠤ ᠭᠦᠢᠴᠡᠳ ᠰᠡᠷᠭᠦᠯ᠎ᠡ᠃ ᠴᠢᠩᠭᠢᠭᠡᠳ ᠴᠢᠮᠡᠭᠡ ᠬᠦᠷᠭᠡᠭᠡᠳ ᠪᠤᠴᠠᠬᠤ ᠵᠠᠮ ᠳ᠋ᠠᠭᠠᠨ ᠲᠠᠩᠽᠢ ᠪᠠ ᠲᠠᠮᠠᠬᠢᠨ ᠤ ᠤᠭᠤᠲᠠ ᠣᠯᠤᠭᠰᠠᠨ᠂ ᠳᠠᠷᠠᠭ᠎ᠠ ᠨᠢ ᠬᠡᠷᠬᠢᠨ ᠲᠦᠢᠮᠡᠷ ᠤᠨᠲᠠᠷᠠᠭᠠᠵᠤ ᠡᠬᠢᠯᠡᠭᠰᠡᠨ ᠶᠠᠪᠤᠴᠠ ᠪᠠᠨ ᠠᠮᠤᠭᠤᠯᠠᠩ ᠪᠠᠶᠠᠷ ᠬᠣᠶᠠᠷ ᠲᠤ ᠨᠢᠭᠡᠳ ᠨᠢᠭᠡ ᠪᠡᠷ ᠶᠠᠷᠢᠵᠤ ᠥᠭᠪᠡ᠃

«ᠲᠡᠭᠡᠪᠡᠯ ᠴᠢ ᠡᠨᠡ ᠲᠠᠩᠽᠢ ᠡᠴᠡ ᠭᠠᠳᠠᠨ᠎ᠠ ᠪᠠᠰᠠ ᠨᠢᠭᠡ ᠲᠠᠮᠠᠬᠢᠨ ᠤᠭᠤᠲᠠ ᠣᠯᠤᠭᠰᠠᠨ ᠶᠤᠮ ᠤᠤ︖»

«ᠴᠢ ᠦᠵᠡ᠂ ᠡᠨᠡ ᠪᠠᠢᠨ᠎ᠠ» ᠭᠡᠳ ᠰᠠᠮᠪᠤᠤ ᠡᠪᠦᠷ ᠡᠴᠡ ᠪᠡᠨ ᠲᠠᠮᠠᠬᠢᠨ ᠤ ᠤᠭᠤᠲᠠ ᠭᠠᠷᠭᠠᠵᠤ ᠠᠮᠤᠭᠤᠯᠠᠩ ᠳᠤ ᠦᠵᠡᠭᠦᠯᠪᠡ᠃

ᠠᠮᠤᠭᠤᠯᠠᠩ ᠲᠠᠮᠠᠬᠢᠨ ᠤ ᠤᠭᠤᠲᠠ ᠶᠢ ᠨᠢ ᠲᠣᠰᠤᠨ ᠠᠪᠴᠤ ᠠᠭᠤᠳᠠᠯᠤᠨ ᠦᠵᠡᠬᠦ ᠶᠢᠨ ᠢᠶᠡᠨ ᠳᠠᠭᠠᠤ᠄«ᠵᠠ︕ ᠡᠨᠡ ᠴᠢᠨᠢ ᠶᠡᠬᠡᠯ᠎ᠡ ᠤᠳᠭ᠎ᠠ ᠤᠴᠢᠷ ᠲᠠᠢ ᠶᠠᠪᠤᠳᠠᠯ ᠪᠠᠢᠨ᠎ᠠ ᠳ᠋ᠠ᠃ ᠳᠣᠲᠤᠷ᠎ᠠ ᠨᠢ ᠪᠠᠰᠠ ᠴᠠᠭᠠᠰᠤ ᠪᠠᠢᠬᠤ ᠨᠢ ᠶᠠᠭᠤ ᠪᠢᠯᠡ᠃ ᠬᠦᠶᠢ᠂ ᠡᠨᠡ ᠬᠠᠷᠢᠨ ᠵᠠᠬᠢᠳᠠᠯ ᠶᠤᠮ ᠪᠠᠢᠨ᠎ᠠ︕» ᠬᠡᠪᠡ᠃

«ᠬᠡᠨ ᠦ ᠵᠠᠬᠢᠳᠠᠯ ᠪᠤᠢ︖ ᠶᠠᠭᠤ ᠭᠡᠵᠦ ᠪᠢᠴᠢᠭᠰᠡᠨ ᠪᠠᠢᠨ᠎ᠠ ᠪᠤᠢ︖» ᠭᠡᠵᠦ ᠰᠠᠮᠪᠤᠤ ᠪᠠᠶᠠᠷ ᠬᠣᠶᠠᠷ ᠵᠡᠷᠭᠡ ᠠᠰᠠᠭᠤᠯ᠎ᠠ᠃

ᠠᠮᠤᠭᠤᠯᠠᠩ ᠲᠡᠷᠡ ᠵᠠᠬᠢᠳᠠᠯ ᠢ ᠦᠵᠡᠵᠦ ᠳᠠᠭᠤᠰᠤᠭᠠᠳ ᠮᠡᠯᠡᠷᠡᠨ ᠭᠠᠢᠬᠠᠪᠠ᠃

«ᠰᠣᠨᠢᠨ ᠡ᠂ ᠰᠣᠨᠢᠨ ᠡ︕ ᠡᠨᠡ ᠴᠢᠨᠢ ᠶᠠᠮᠠᠷ ᠤᠴᠢᠷ ᠪᠣᠯᠪᠠ︖ ᠲᠠᠩᠽᠢ᠂ ᠵᠠᠬᠢᠳᠠᠯ ᠁ ᠪᠠᠰᠠ ᠡᠢᠮᠦ ᠪᠣᠷᠤᠭ᠎ᠠ ᠰᠢᠷᠤᠢ ᠲᠠᠢ ᠬᠠᠷᠠᠩᠭᠤᠢ ᠳᠤ᠃ ᠲᠤᠩ ᠰᠣᠨᠢᠨ ᠶᠠᠪᠤᠳᠠᠯ ᠪᠠᠢᠨ᠎ᠠ ᠳ᠋ᠠ︕» ᠭᠡᠵᠦ ᠠᠮᠤᠭᠤᠯᠠᠩ ᠲᠡᠷᠡ ᠵᠠᠬᠢᠳᠠᠯ ᠢ ᠰᠠᠮᠪᠤᠤ ᠳᠤ ᠭᠠᠷᠳᠠᠭᠤᠯᠪᠠ᠃

«ᠶᠠᠭᠠᠬᠢᠭᠠᠳ ᠁ ᠰᠠᠷᠠᠩᠭᠤᠤ᠎ᠠ ᠨᠠᠳᠠ ᠁︖» ᠁

ᠰᠠᠮᠪᠤᠤ ᠠᠬ᠎ᠠ ᠲᠠᠨ᠎ᠠ᠄

ᠡᠨᠡ ᠲᠠᠮᠠᠬᠢᠨ ᠤᠭᠤᠲᠠ ᠶᠢ ᠶᠡᠬᠡ ᠮᠠᠭᠤᠬᠠᠢ ᠣᠶᠤᠯ᠎ᠠ᠃ ᠭᠡᠪᠡᠴᠦ ᠪᠢ ᠡᠭᠦᠨ ᠢ ᠣᠶᠤᠬᠤ ᠭᠡᠵᠦ ᠬᠤᠷᠤᠭᠤᠨ ᠤ ᠥᠨᠳᠡᠭᠡ ᠪᠡᠨ ᠨᠡᠯᠢᠶᠡᠳ ᠰᠢᠪᠡᠭᠦᠯᠦᠭᠰᠡᠨ ᠶᠤᠮ ᠡ᠃ ᠣᠳᠣ ᠲᠠᠨ ᠳ᠋ᠠᠭᠠᠨ ᠥᠭᠴᠦ ᠡᠳ᠋ᠯᠡᠭᠦᠯᠦᠶ᠎ᠡ︕

ᠰᠠᠷᠠᠩᠭᠤᠤ᠎ᠠ

ᠨᠠᠢᠮᠠᠳᠤᠭᠠᠷ ᠰᠠᠷ᠎ᠠ ᠶᠢᠨ ᠬᠣᠷᠢᠨ ᠨᠢᠭᠡᠨ᠎ᠡ

ᠰᠠᠮᠪᠤᠤ ᠡᠨᠡ ᠵᠠᠬᠢᠳᠠᠯ ᠢ ᠤᠩᠰᠢᠵᠤ ᠳᠠᠭᠤᠰᠤᠭᠠᠳ ᠭᠠᠢᠬᠠᠨ ᠮᠡᠯᠡᠷᠡᠵᠦ ᠣᠢᠯᠠᠭᠠᠭᠳᠠᠰᠢ ᠦᠭᠡᠢ ᠣᠨᠢᠰᠤᠭ᠎ᠠ ᠳᠤ ᠲᠤᠯᠭᠠᠷᠠᠵᠠᠢ᠃

«ᠴᠢ ᠪᠣᠳᠤᠬᠤ ᠳᠤ ᠰᠣᠨᠢᠨ ᠶᠠᠪᠤᠳᠠᠯ ᠪᠢᠰᠢ ᠦᠦ︖» ᠭᠡᠵᠦ ᠠᠮᠤᠭᠤᠯᠠᠩ ᠠᠰᠠᠭᠤᠯ᠎ᠠ᠃

«ᠦᠨᠡᠬᠡᠷ ᠰᠣᠨᠢᠨ ᠪᠠᠢᠨ᠎ᠠ᠃ ᠠᠶᠤᠮᠠᠷ ᠰᠣᠨᠢᠨ ᠶᠠᠪᠤᠳᠠᠯ ᠪᠠᠢᠨ᠎ᠠ︕»

«ᠪᠢ ᠪᠣᠳᠤᠬᠤ ᠳᠤ᠂ ᠰᠣᠨᠢᠨ ᠶᠠᠪᠤᠳᠠᠯ ᠨᠢ ᠡᠨᠡ ᠵᠠᠬᠢᠳᠠᠯ ᠳᠤ ᠪᠠᠢᠬᠤ ᠪᠢᠰᠢ᠂ ᠬᠠᠷᠢᠨ ᠡᠨᠡ ᠵᠠᠬᠢᠳᠠᠯ ᠬᠢᠭᠡᠳ ᠡᠨᠡ ᠵᠢᠭᠲᠡᠢᠬᠡᠨ ᠲᠠᠩᠽᠢ ᠬᠣᠶᠠᠷ ᠢ ᠬᠠᠮᠲᠤ ᠭᠡᠭᠡᠭᠰᠡᠨ ᠨᠢ ᠲᠤᠩ ᠰᠣᠨᠢᠨ ᠶᠠᠪᠤᠳᠠᠯ ᠪᠣᠯᠤᠨ᠎ᠠ᠃»

«ᠨᠠᠳᠠ ᠴᠤ ᠪᠣᠬᠢᠨᠢᠳᠤᠵᠤ ᠦᠬᠦᠮᠡᠷ ᠰᠠᠨᠠᠭᠳᠠᠵᠤ ᠪᠠᠢᠨ᠎ᠠ» ᠭᠡᠵᠦ ᠬᠡᠯᠡᠬᠦ ᠳᠦ ᠰᠠᠮᠪᠤᠤ ᠶᠢᠨ ᠬᠥᠯᠦᠰᠦ ᠨᠢ ᠪᠠᠳᠭᠤᠨ᠎ᠠ᠃

ᠰᠠᠷᠠᠩᠭᠤᠤ᠎ᠠ ᠨᠥᠭᠦᠭᠡ ᠬᠤᠪᠢᠰᠭᠠᠯ ᠤᠨ ᠡᠰᠡᠷᠭᠦᠦ ᠡᠲᠡᠭᠡᠳ ᠢ ᠥᠷᠭᠦᠯᠵᠢᠯᠡᠨ ᠨᠡᠬᠡᠭᠰᠡᠭᠡᠷ ᠪᠠᠢᠯ᠎ᠠ ᠁

«ᠯᠠᠪ ᠮᠢᠨᠦ<ᠭᠠᠯᠠᠭᠤ> ᠲᠡᠷᠡ ᠮᠠᠭᠤ ᠬᠤᠪᠢᠰᠭᠠᠯ ᠤᠨ ᠡᠰᠡᠷᠭᠦᠦ ᠡᠲᠡᠭᠡᠳ ᠲᠠᠢ ᠨᠣᠴᠤᠯᠳᠤᠵᠤ ᠪᠠᠢᠨ᠎ᠠ» ᠭᠡᠵᠦ ᠰᠠᠷᠠᠩᠭᠤᠤ᠎ᠠ ᠪᠣᠳᠤᠯ᠎ᠠ᠃

ᠴᠢᠩᠭᠢᠭᠡᠳ ᠰᠠᠷᠠᠩᠭᠤᠤ᠎ᠠ ᠳᠣᠪᠤᠴᠠᠭ ᠤᠷᠤᠭᠤ ᠮᠣᠷᠢ ᠪᠠᠨ ᠵᠦᠭᠡᠯᠡᠨ ᠠᠯᠬᠤᠭᠤᠯᠵᠤ ᠬᠠᠷᠠᠭ᠎ᠠ ᠪᠠᠨ ᠬᠤᠷᠴᠠᠯᠠᠨ ᠣᠢᠷ᠎ᠠ ᠣᠷᠴᠢᠮ ᠢᠶᠡᠷ ᠢᠶᠡᠨ ᠬᠠᠢᠨ ᠠᠵᠢᠭᠯᠠᠨ᠎ᠠ᠃ ᠢᠩᠭᠢᠵᠦ ᠶᠠᠪᠤᠬᠤ ᠳ᠋ᠠᠭᠠᠨ«ᠭᠠᠯᠠᠭᠤ» ᠮᠢᠨᠢ ᠳᠠᠬᠢᠭᠠᠳ ᠨᠢᠭᠡ ᠴᠢᠮᠡᠭᠡ ᠵᠠᠯᠭᠠᠭᠤᠯᠤᠭᠠᠰᠠᠢ ᠭᠡᠵᠦ ᠪᠣᠳᠤᠭᠰᠠᠨ ᠪᠣᠯᠪᠠᠴᠤ« ᠭᠠᠯᠠᠭᠤ» ᠡᠨᠡ ᠬᠦᠰᠡᠯ ᠢ ᠨᠢ ᠬᠠᠩᠭᠠᠵᠤ ᠦᠭᠭᠦᠭᠰᠡᠨ ᠦᠭᠡᠢ᠃

«ᠵᠠ︕ ᠴᠢ ᠳᠠᠬᠢᠭᠠᠳ ᠨᠠᠮᠠᠢ ᠬᠠᠵᠠᠬᠤ ᠶᠢ ᠴᠢᠨᠢ ᠦᠵᠡᠶ᠎ᠡ᠂ ᠮᠠᠭᠤ ᠤᠯᠢᠶᠠᠨ ᠴᠢ︕» ᠭᠡᠵᠦ ᠬᠣᠷᠢᠭᠠᠳ ᠠᠯᠬᠤᠮ ᠤᠨ ᠳᠡᠷᠭᠡᠲᠡᠬᠢ ᠳᠣᠪᠤᠴᠠᠭ ᠤᠨ ᠬᠠᠵᠠᠭᠤ ᠳᠡᠭᠡᠷ᠎ᠡ ᠡᠴᠡ ᠡᠷᠡᠭᠲᠡᠢ ᠬᠦᠮᠦᠨ ᠦ ᠣᠮᠤᠭᠲᠠᠢᠬᠠᠨ ᠲᠣᠣᠷ᠎ᠠ ᠳᠠᠭᠤᠨ ᠰᠣᠨᠤᠰᠳᠠᠪᠠ᠃ ᠰᠠᠷᠠᠩᠭᠤᠤ᠎ᠠ ᠰᠠᠢᠲᠤᠷ ᠠᠵᠢᠭᠯᠠᠨ ᠬᠠᠷᠠᠬᠤᠯ᠎ᠠ᠂ ᠨᠢᠭᠡ ᠬᠦᠮᠦᠨ ᠳᠣᠪᠤᠴᠠᠭ ᠥᠭᠡᠳᠡ ᠶᠠᠪᠤᠬᠤ ᠬᠠᠷᠠᠭᠳᠠᠬᠤ ᠶᠢᠨ ᠳᠠᠭᠠᠤ ᠬᠠᠷᠢᠨ ᠲᠡᠭᠦᠨ ᠦ ᠠᠷᠤ ᠳᠤ ᠪᠠᠰᠠ ᠨᠢᠭᠡ ᠬᠠᠷ᠎ᠠ ᠶᠠᠭᠤᠮ᠎ᠠ ᠬᠡᠪᠲᠡᠵᠦ ᠦᠵᠡᠭᠳᠡᠵᠡᠢ᠃«ᠲᠡᠷᠡ ᠮᠠᠭᠤ ᠬᠤᠪᠢᠰᠭᠠᠯ ᠤᠨ ᠡᠰᠡᠷᠭᠦᠦ ᠡᠲᠡᠭᠡᠳ<ᠭᠠᠯᠠᠭᠤ> ᠶᠢ ᠮᠢᠨᠢ ᠴᠣᠬᠢᠵᠤ ᠠᠯᠠᠭᠰᠠᠨ ᠪᠣᠯᠤᠯᠲᠠᠢ» ᠭᠡᠵᠦ ᠪᠣᠳᠤᠮᠠᠭᠴᠠ᠂ ᠰᠠᠷᠠᠩᠭᠤᠤ᠎ᠠ ᠳᠤ ᠭᠡᠨᠡᠳᠲᠡ ᠬᠦᠴᠦᠨ ᠨᠡᠮᠡᠭᠳᠡᠵᠦ ᠤᠬᠤᠰᠬᠢᠨ ᠳᠥᠷᠦᠭᠡ ᠢᠰᠭᠦᠯᠵᠦ᠂ ᠲᠡᠷᠡ ᠬᠦᠮᠦᠨ ᠦ ᠳᠡᠷᠭᠡᠲᠡ ᠬᠦᠷᠦᠭᠡᠳ ᠫᠤᠤ ᠪᠠᠨ«ᠳᠠᠩ» ᠬᠢᠯᠭᠡᠪᠡ᠃ ᠲᠡᠷᠡ ᠬᠦᠮᠦᠨ ᠴᠠᠰᠢ ᠴᠢᠳᠭᠦᠷ ᠮᠡᠲᠦ ᠬᠤᠷᠳᠤᠨ ᠭᠦᠶᠦᠯ᠎ᠡ᠃ ᠰᠠᠷᠠᠩᠭᠤᠤ᠎ᠠ᠄«ᠡᠨᠡ ᠮᠡᠲᠦ ᠬᠤᠪᠢᠰᠭᠠᠯ ᠤᠨ ᠡᠰᠡᠷᠭᠦᠦ ᠡᠲᠡᠭᠡᠳ ᠫᠣᠣ ᠦᠭᠡᠢ ᠪᠣᠯᠤᠭᠰᠠᠨ᠂ ᠪᠢ ᠲᠡᠭᠦᠨ ᠢ ᠵᠠᠪᠠᠯ ᠠᠯᠠᠬᠤ ᠴᠢᠬᠤᠯᠠ ᠦᠭᠡᠢ᠂ ᠠᠮᠢᠳᠤ ᠪᠠᠷ ᠨᠢ ᠪᠠᠷᠢᠪᠠᠯ ᠳᠡᠭᠡᠷ᠎ᠡ» ᠭᠡᠵᠦ ᠪᠣᠳᠤᠭᠠᠳ ᠭᠦᠢᠴᠡᠨ ᠣᠴᠢᠵᠤ ᠫᠤᠤ ᠶᠢᠨ ᠢᠶᠡᠨ ᠪᠥᠭᠰᠡ ᠪᠡᠷ ᠲᠣᠯᠤᠭᠠᠢ ᠤᠷᠤᠭᠤ ᠨᠢ«ᠳᠠᠩ» ᠬᠢᠯᠭᠡᠭᠰᠡᠨ ᠳᠦ ᠨᠥᠭᠦᠭᠡ ᠮᠠᠭᠤ ᠬᠤᠪᠢᠰᠭᠠᠯ ᠤᠨ ᠡᠰᠡᠷᠭᠦᠦ ᠡᠲᠡᠭᠡᠳ«ᠶᠣ᠋» ᠭᠡᠵᠦ ᠠᠪᠤᠭᠠᠳ ᠰᠠᠪᠠᠵᠤ ᠣᠢᠴᠢᠯ᠎ᠠ᠃ ᠰᠠᠷᠠᠩᠭᠤᠤ᠎ᠠ ᠲᠣᠣᠷ᠎ᠠ ᠪᠠᠨ ᠫᠤᠤ ᠶᠢᠨ ᠢᠶᠡᠨ ᠵᠠᠮᠤᠭ ᠢ ᠲᠠᠴᠢᠭᠢᠨᠠᠭᠤᠯᠤᠨ᠄«ᠪᠢᠲᠡᠬᠡᠢ ᠬᠥᠳᠡᠯ︕» ᠭᠡᠵᠦ ᠬᠠᠰᠭᠢᠷᠤᠯ᠎ᠠ (ᠪᠠᠢᠯᠳᠤᠭᠴᠢᠳ ᠢᠩᠭᠢᠵᠦ ᠬᠠᠰᠭᠢᠷᠳᠠᠭ ᠢ ᠰᠠᠷᠠᠩᠭᠤᠤ᠎ᠠ ᠴᠡᠭᠡᠵᠢᠯᠡᠵᠦ ᠪᠠᠢᠪᠠ)᠃ ᠡᠭᠦᠨ ᠳᠦ ᠲᠡᠷᠡ ᠬᠦᠮᠦᠨ ᠦᠬᠦᠭᠰᠡᠨ ᠮᠡᠲᠦ ᠦᠭᠡ ᠳᠠᠭᠤᠨ ᠦᠭᠡᠢ ᠬᠡᠪᠲᠡᠯ᠎ᠡ᠃ ᠰᠠᠷᠠᠩᠭᠤᠤ᠎ᠠ«ᠯᠠᠪ ᠮᠠᠨᠠᠷᠠᠵᠠᠢ» ᠭᠡᠵᠦ ᠪᠣᠳᠤᠭᠠᠳ ᠮᠣᠷᠢᠨ ᠡᠴᠡ ᠪᠠᠨ ᠦᠰᠦᠷᠦᠨ ᠪᠠᠭᠤᠭᠠᠳ ᠬᠦᠯᠢᠬᠦ ᠭᠡᠵᠦ ᠣᠴᠢᠲᠠᠯ᠎ᠠ ᠠᠷᠤ ᠳᠤᠨᠢ ᠫᠤᠤ ᠶᠢᠨ ᠵᠠᠮᠤᠭ ᠲᠠᠴᠢᠭᠢᠨᠠᠨ ᠨᠢᠭᠡ ᠬᠦᠮᠦᠨ᠄

«ᠪᠢᠲᠡᠬᠡᠢ ᠬᠥᠳᠡᠯ᠂ ᠳᠠᠬᠢᠭᠠᠳ ᠬᠥᠳᠡᠯᠪᠡᠯ ᠫᠤᠤᠳᠠᠯ᠎ᠠ︕» ᠭᠡᠵᠦ ᠬᠠᠰᠭᠢᠷᠪᠠ᠃

ᠰᠠᠷᠠᠩᠭᠤᠤ᠎ᠠ ᠶᠢᠨ ᠪᠦᠬᠦ ᠪᠡᠶ᠎ᠡ ᠴᠡᠴᠡᠷᠡᠨ᠄

«ᠣᠳᠣ ᠴᠤ ᠳᠠᠭᠤᠰᠤᠯ᠎ᠠ︕ ᠠᠷᠭ᠎ᠠ ᠮᠡᠬᠡ ᠳᠤᠨᠢ ᠠᠪᠲᠠᠭᠳᠠᠨ ᠪᠦᠰᠡᠯᠡᠭᠳᠡᠵᠡᠢ︕ ᠵᠠ ᠲᠡᠢᠮᠦ ᠪᠣᠯ ᠪᠢ ᠲᠠ ᠨᠠᠷ ᠲᠤ᠂ ᠶᠣᠰᠤᠲᠠᠢ ᠬᠤᠭᠤᠷᠠᠬᠤ ᠡᠴᠡ ᠪᠢᠰᠢ ᠨᠤᠭᠤᠷᠠᠳᠠᠭ ᠦᠭᠡᠢ ᠵᠢᠩᠬᠢᠨᠢ ᠮᠣᠩᠭᠤᠯ ᠬᠡᠦᠬᠡᠨ ᠭᠡᠳᠡᠭ ᠢᠶᠡᠨ ᠦᠵᠡᠭᠦᠯᠦᠶ᠎ᠡ︕» ᠭᠡᠵᠦ ᠪᠣᠳᠤᠯ᠎ᠠ᠃

«ᠲᠠ ᠨᠠᠷ ᠶᠠᠮᠠᠷ ᠬᠦᠮᠦᠨ ᠪᠤᠢ︖ ᠳᠠᠬᠢᠭᠠᠳ ᠨᠠᠳᠠ ᠤᠷᠤᠭᠤ ᠣᠢᠷᠠᠳᠪᠠᠯ ᠪᠢ ᠪᠠᠰᠠ ᠫᠤᠤᠳᠠᠯ᠎ᠠ ᠰᠢᠤ︕» ᠭᠡᠵᠦ ᠰᠠᠷᠠᠩᠭᠤᠤ᠎ᠠ ᠬᠣᠭᠤᠯᠠᠢ ᠮᠡᠳᠡᠨ ᠬᠠᠰᠭᠢᠷᠤᠯ᠎ᠠ᠃

«ᠬᠦᠶᠢ︕ ᠰᠠᠷᠠᠩᠭᠤᠤ᠎ᠠ ᠶᠤᠮ ᠤᠤ︖» ᠭᠡᠬᠦ ᠰᠠᠷᠠᠩᠭᠤᠤ᠎ᠠ ᠳᠤ ᠬᠠᠮᠤᠭ ᠤᠨ ᠳᠠᠰᠤᠯ ᠲᠠᠨᠢᠯ ᠪᠣᠯᠤᠭᠰᠠᠨ ᠲᠤᠢᠯ ᠦᠨ ᠳᠣᠲᠤᠨᠤ ᠪᠦᠳᠦᠭᠦᠨ ᠳᠠᠭᠤᠨ ᠰᠣᠨᠤᠰᠳᠠᠵᠤ ᠲᠡᠭᠦᠨ ᠦ ᠤᠰᠤ ᠰᠢᠪᠠᠷ ᠪᠣᠯᠤᠭᠰᠠᠨ ᠪᠡᠶ᠎ᠡ ᠳᠡᠭᠡᠷ᠎ᠡ ᠭᠠᠷ ᠳ᠋ᠸᠩ ᠤᠨ ᠬᠤᠷᠴᠠ ᠭᠡᠷᠡᠯ ᠳᠤᠰᠪᠠ᠃

ᠠᠮᠤᠭᠤᠯᠠᠩ᠄«ᠦᠨᠡᠬᠡᠷ ᠰᠠᠷᠠᠩᠭᠤᠤ᠎ᠠ ᠬᠡᠦᠬᠡᠨ ᠪᠠᠢᠨ᠎ᠠ ᠰᠢᠤ︕» ᠭᠡᠵᠦ ᠬᠡᠯᠡᠬᠦ ᠶᠢᠨ ᠢᠶᠡᠨ  ᠳᠠᠭᠠᠤ ᠮᠣᠷᠢᠨ ᠡᠴᠡ ᠪᠠᠨ ᠦᠰᠦᠷᠦᠨ ᠪᠠᠭᠤᠬᠤ ᠳᠤ ᠲᠡᠭᠦᠨ ᠦ ᠴᠠᠭᠠᠨ᠎ᠠ ᠪᠠᠰᠠ ᠬᠡᠳᠦᠨ ᠬᠦᠮᠦᠨ ᠬᠠᠷᠠᠭᠳᠠᠨ᠎ᠠ᠃ ᠁

ᠥᠰᠢᠶᠡᠲᠦ ᠳᠠᠢᠰᠤᠨ ᠤ ᠬᠦᠯᠢᠭᠳᠡᠨ ᠳᠠᠭᠵᠢᠷᠠᠵᠤ ᠪᠠᠢᠬᠤ ᠶᠢ ᠦᠵᠡᠭᠡᠳ ᠰᠠᠷᠠᠩᠭᠤᠤ᠎ᠠ ᠬᠢᠵᠠᠭᠠᠯᠠᠰᠢ ᠦᠭᠡᠢ ᠪᠠᠶᠠᠷᠯᠠᠪᠠ᠃ ᠰᠠᠮᠪᠤᠤ ᠲᠡᠭᠦᠨ ᠲᠠᠢ ᠭᠠᠷ ᠠᠳᠬᠤᠯᠴᠠᠵᠤ᠄

«ᠰᠠᠷᠠᠩᠭᠤᠤ᠎ᠠ᠂ ᠴᠢ ᠲᠤᠩ ᠶᠡᠬᠡ ᠵᠦᠳᠡᠭᠦᠷᠢ ᠠᠮᠰᠠᠯ᠎ᠠ︕» ᠭᠡᠵᠦ ᠬᠡᠯᠡᠪᠡ᠃

«ᠬᠠᠮᠢᠶ᠎ᠠ ᠦᠭᠡᠢ᠂ ᠡᠨᠡ ᠪᠣᠯ ᠮᠢᠨᠦ ᠬᠠᠷᠢᠭᠤᠴᠠᠯᠭ᠎ᠠ ᠶᠤᠮ᠃»

ᠰᠠᠮᠪᠤᠤ ᠰᠠᠷᠠᠩᠭᠤᠤ᠎ᠠ ᠬᠣᠶᠠᠭᠤᠯᠠ ᠪᠠᠶᠠᠰᠤᠩᠭᠤᠢ ᠰᠠᠢᠬᠠᠨ ᠢᠨᠢᠶᠡᠵᠡᠭᠡᠯ᠎ᠡ᠃

«ᠰᠠᠷᠠᠩᠭᠤᠤ᠎ᠠ ᠶᠢᠨ ᠦᠭᠡ ᠵᠦᠪ᠂ ᠡᠨᠡ ᠪᠣᠯ ᠲᠠᠯ᠎ᠠ ᠨᠤᠳᠤᠭ ᠤᠨ ᠬᠦᠮᠦᠨ ᠨᠢᠭᠡ ᠪᠦᠷᠢ ᠶᠢᠨ ᠬᠠᠷᠢᠭᠤᠴᠠᠯᠭ᠎ᠠ ᠶᠤᠮ᠃»

«ᠠᠮᠤᠭᠤᠯᠠᠩ ᠭᠤᠸᠠᠢ︕ᠮᠢᠨᠦ ᠪᠢᠴᠢᠬᠠᠨ< ᠭᠠᠯᠠᠭᠤ> ᠁ ᠮᠣᠷᠢᠨ ᠤ ᠡᠮᠦᠨ᠎ᠡ ᠬᠣᠢᠨ᠎ᠠ ᠨᠠᠮᠠᠢ ᠭᠤᠷᠪᠠ ᠳᠥᠷᠪᠡᠨ ᠵᠢᠯ ᠳᠠᠭᠠᠭᠰᠠᠨ ᠶᠤᠮ ᠳ᠋ᠠ᠃ ᠪᠠᠰᠠ ᠬᠣᠲᠠᠨ ᠳ᠋ᠡᠬᠢ ᠦᠬᠡᠷ ᠤᠨ ᠰᠦᠷᠦᠭ ᠲᠤ ᠣᠷᠤᠭᠰᠠᠨ ᠴᠢᠨᠤ᠎ᠠ ᠶᠢ ᠭᠤᠷᠪᠠ ᠪᠠᠷᠢᠭᠰᠠᠨ ᠶᠤᠮ᠃ ᠭᠡᠲᠡᠯ᠎ᠡ ᠡᠨᠡ ᠡᠳᠦᠷ ᠁» ᠭᠡᠳ ᠰᠠᠷᠠᠩᠭᠤᠤ᠎ᠠ ᠶᠢᠨ ᠬᠣᠭᠤᠯᠠᠢ ᠨᠢ ᠲᠦᠭᠳᠡᠷᠡᠪᠡ᠃

ᠠᠮᠤᠭᠤᠯᠠᠩ ᠭᠤᠸᠠᠢ ᠰᠠᠷᠠᠩᠭᠤᠤ᠎ᠠ ᠶᠢᠨ ᠭᠡᠵᠢᠭᠡ ᠶᠢ ᠢᠯᠪᠢᠨ ᠪᠠᠢᠵᠤ᠄

«ᠬᠡᠦᠬᠡ᠂ ᠪᠢ ᠴᠢᠮᠠᠢ ᠲᠤᠩ ᠶᠡᠬᠡ ᠥᠷᠦ ᠡᠪᠡᠳᠴᠦ ᠪᠠᠢᠨ᠎ᠠ᠃ ᠭᠡᠵᠢᠭᠡ ᠦᠰᠦ ᠴᠢᠨᠢ ᠲᠦᠢᠮᠡᠷ ᠲᠦ ᠬᠤᠢᠬᠠᠯᠠᠭᠳᠠᠵᠤ ᠨᠢᠭᠤᠷ ᠴᠢᠷᠠᠢ ᠴᠢᠨᠢ ᠬᠠᠯᠠᠵᠤ ᠬᠠᠪᠤᠳᠤᠭᠰᠠᠨ ᠪᠠᠢᠨ᠎ᠠ᠃ ᠪᠠᠰᠠ ᠴᠢᠨᠦ ᠬᠠᠮᠤᠭ ᠤᠨ ᠬᠠᠢᠷᠠᠲᠠᠢ ᠪᠢᠴᠢᠬᠠᠨ<ᠭᠠᠯᠠᠭᠤ> ᠶᠢ ᠴᠢᠨᠢ ᠬᠤᠪᠢᠰᠭᠠᠯ ᠤᠨ ᠡᠰᠡᠷᠭᠦᠦ ᠡᠲᠡᠭᠡᠳ ᠴᠣᠬᠢᠵᠤ ᠠᠯᠠᠪᠠ᠃ ᠭᠡᠪᠡᠴᠦ ᠡᠨᠡ ᠪᠣᠯ ᠲᠡᠢᠮᠦ ᠭᠠᠰᠢᠭᠤᠳᠠᠯ ᠲᠠᠢ ᠶᠠᠪᠤᠳᠠᠯ ᠪᠢᠰᠢ ᠭᠡᠵᠦ ᠪᠢ ᠦᠵᠡᠵᠦ ᠪᠠᠢᠨ᠎ᠠ᠃ ᠴᠢᠨᠦ ᠪᠠᠷᠢᠪᠴᠢᠯᠠᠭᠰᠠᠨ ᠡᠲᠡᠭᠡᠳ ᠪᠣᠯ ᠵᠠᠷᠤᠳ ᠬᠤᠰᠢᠭᠤᠨ ᠤ᠂ ᠬᠣᠷᠴᠢᠨ ᠨᠤᠳᠤᠭ ᠤᠨ᠂ ᠪᠦᠬᠦ ᠥᠪᠦᠷ ᠮᠤᠩᠭᠤᠯ ᠤᠨ ᠨᠡᠢᠲᠡ ᠲᠦᠮᠡᠨ ᠦ ᠬᠠᠮᠤᠭ ᠤᠨ ᠵᠠᠨᠤᠯᠲᠤ ᠳᠠᠢᠰᠤᠨ ᠬᠤᠪᠢᠰᠭᠠᠯ ᠤᠨ ᠡᠰᠡᠷᠭᠦᠦ ᠡᠲᠡᠭᠡᠳ ᠪᠣᠯᠤ ᠭᠡᠳᠡᠭ᠌ ᠬᠦᠮᠦᠨ ᠶᠤᠮ᠃ ᠲᠡᠢᠮᠦ ᠡᠴᠡ ᠴᠢ ᠲᠠᠯ᠎ᠠ ᠨᠤᠲᠤᠭ ᠤᠨ ᠢᠶᠡᠨ ᠠᠷᠠᠳ ᠲᠦᠮᠡᠨ ᠦ ᠵᠠᠨᠤᠯᠲᠤ ᠳᠠᠢᠰᠤᠨ ᠢ ᠳᠠᠷᠤᠭᠰᠠᠨ ᠢᠶᠡᠷ ᠦᠯᠦ ᠪᠠᠷᠠᠮ ᠲᠠᠯ᠎ᠠ ᠨᠤᠲᠤᠭ ᠤᠨ ᠢᠶᠡᠨ ᠢᠷᠠᠭᠤ ᠠᠯᠳᠠᠷ ᠲᠤ ᠵᠣᠬᠢᠬᠤ ᠬᠤᠪᠢ ᠨᠡᠮᠡᠭᠦᠷᠢ ᠪᠡᠨ ᠣᠷᠤᠭᠤᠯᠤᠭᠰᠠᠨ ᠪᠠᠢᠨ᠎ᠠ︕» ᠭᠡᠵᠦ ᠬᠡᠯᠡᠭᠡᠳ ᠵᠣᠭᠰᠤᠰᠬᠢᠵᠤ ᠴᠠᠰᠢ ᠨᠢ᠄«ᠡᠨᠳᠡ ᠪᠢ ᠴᠢᠮ᠎ᠠ ᠳᠤ ᠪᠠᠰᠠ ᠨᠢᠭᠡ ᠤᠴᠢᠷ ᠬᠡᠯᠡᠵᠦ ᠥᠭᠭᠦᠶ᠎ᠡ᠃ ᠴᠢᠨᠦ ᠨᠠᠢᠵᠠ ᠰᠠᠮᠪᠤᠤ ᠮᠦᠨ ᠲᠠᠯ᠎ᠠ ᠨᠤᠳᠤᠭ ᠤᠨ ᠬᠢᠨ ᠳᠡᠭᠡᠨ ᠶᠡᠷᠦ ᠪᠣᠰᠤ ᠶᠢᠨ ᠦᠢᠯᠡᠰ ᠪᠦᠳᠦᠭᠡᠭᠰᠡᠨ ᠰᠢᠤ᠄ ᠰᠠᠮᠪᠤᠤ ᠲᠦᠢᠮᠡᠷ ᠴᠣᠬᠢᠬᠤ ᠶᠠᠪᠤᠴᠠ ᠶᠢᠨ ᠳᠤᠮᠳᠠ ᠲᠦᠢᠮᠡᠷ ᠦᠨ ᠵᠠᠬ᠎ᠠ ᠶᠢ ᠰᠢᠪᠲᠤᠯᠤᠨ ᠣᠷᠤᠵᠤ ᠭᠠᠪᠰᠢᠭᠠᠢᠯᠠᠨ ᠴᠣᠬᠢᠭᠰᠠᠭᠠᠷ ᠪᠠᠢᠵᠤ ᠤᠳᠤᠭᠠᠨ ᠳᠤ ᠤᠲᠤᠭᠳᠠᠨ ᠭᠠᠯ ᠳᠣᠲᠤᠷ᠎ᠠ ᠮᠠᠩᠰᠢᠭᠤᠷᠠᠨ ᠤᠨᠠᠵᠠᠢ᠃ ᠪᠢ ᠲᠠ ᠨᠠᠷ ᠢ ᠡᠨᠡ ᠡᠳᠦᠷ᠂ ᠮᠠᠤ ᠽᠧ ᠳ᠋ᠦᠩ ᠤᠨ ᠴᠠᠭ ᠦᠶ᠎ᠡ ᠶᠢᠨ ᠵᠢᠩᠬᠢᠨᠢ ᠮᠣᠩᠭᠤᠯ ᠬᠦᠮᠦᠨ ᠭᠡᠵᠦ ᠣᠮᠤᠭ ᠪᠠᠷᠳᠠᠮ ᠦᠨᠡᠯᠡᠶ᠎ᠡ᠃ ᠤᠵᠤᠭᠤᠷ ᠵᠢᠶᠠᠩ ᠵᠢᠶᠧ ᠱᠢ ᠶᠢᠨ ᠳᠡᠭᠡᠷᠡᠮ ᠦᠨ ᠪᠦᠯᠦᠭ ᠮᠠᠨ ᠤ ᠮᠣᠩᠭᠤᠯ ᠬᠥᠮᠦᠰ ᠢ<ᠦᠬᠡᠷ ᠬᠣᠨᠢᠨ ᠤ ᠪᠠᠨ ᠰᠢᠭᠡᠭ᠌ ᠥᠲᠦᠭ᠌ ᠲᠠᠢ ᠪᠡᠨ ᠬᠤᠳᠭᠤᠯᠳᠤᠭᠰᠠᠨ ᠵᠡᠷᠯᠢᠭ᠌ ᠬᠦᠮᠦᠰ> ᠭᠡᠵᠦ ᠳᠣᠷᠤᠮᠵᠢᠯᠠᠨ ᠬᠡᠯᠡᠳᠡᠭ ᠶᠤᠮ᠃ ᠭᠡᠲᠡᠯ᠎ᠡ ᠣᠳᠣ ᠡᠳᠡᠭᠡᠷ<ᠵᠡᠷᠯᠢᠭ᠌ ᠬᠦᠮᠦᠰ> ᠮᠠᠤ ᠽᠧ ᠳ᠋ᠦᠩ ᠬᠢᠭᠡᠳ ᠡᠪ ᠬᠠᠮᠲᠤ ᠨᠠᠮ ᠤᠨ ᠤᠳᠤᠷᠢᠳᠤᠯᠭ᠎ᠠ ᠬᠥᠮᠦᠵᠢᠭᠦᠯᠭᠡ ᠪᠡᠷ ᠰᠢᠨ᠎ᠡ ᠬᠦᠮᠦᠰ᠂ ᠳᠠᠪᠰᠢᠩᠭᠤᠢ ᠬᠦᠮᠦᠰ᠂ ᠪᠣᠯᠤᠳ ᠮᠡᠲᠦ ᠬᠠᠳᠠᠨ ᠵᠣᠷᠢᠭᠲᠠᠢ ᠬᠦᠮᠦᠰ ᠪᠣᠯᠤᠨ ᠬᠤᠪᠢᠷᠠᠵᠠᠢ᠃ ᠪᠢᠳᠡ ᠡᠬᠡ ᠣᠷᠤᠨ ᠤ ᠪᠠᠨ ᠬᠢᠯᠢ ᠬᠢᠵᠠᠭᠠᠷ ᠳᠠᠭᠠᠤ ᠬᠢ ᠦᠵᠡᠰᠭᠦᠯᠡᠩ ᠰᠠᠢᠬᠠᠨ ᠥᠪᠦᠷ ᠮᠣᠩᠭᠤᠯ ᠢᠶᠡᠨ ᠪᠦᠲᠦᠭᠡᠨ ᠪᠠᠢᠭᠤᠯᠵᠤ ᠴᠢᠳᠠᠬᠤ ᠪᠠᠷ ᠦᠯᠦ ᠪᠠᠷᠠᠮ ᠪᠠᠰᠠ ᠡᠨᠡ ᠬᠢᠯᠢ ᠬᠢᠵᠠᠭᠠᠷ ᠢᠶᠡᠨ ᠬᠡᠷᠬᠢᠨ ᠪᠠᠲᠤᠯᠠᠨ ᠬᠠᠮᠠᠭᠠᠯᠠᠬᠤ ᠪᠠᠨ ᠰᠠᠢᠬᠠᠨ ᠮᠡᠳᠡᠳᠡᠭ ᠬᠦᠮᠦᠰ ᠶᠤᠮ᠃ ᠁ ᠲᠠᠯ᠎ᠠ ᠨᠤᠲᠤᠭ ᠪᠣᠯ ᠨᠢᠭᠡᠨᠲᠡ ᠲᠡᠳᠡᠨ ᠦ ᠮᠡᠳᠡᠳᠡᠭ ᠲᠠᠯ᠎ᠠ ᠨᠤᠲᠤᠭ ᠪᠢᠰᠢ ᠪᠣᠯᠵᠠᠢ᠃ ᠠᠭᠤᠳᠠᠮ ᠥᠷᠭᠡᠨ ᠲᠠᠯ᠎ᠠ ᠨᠤᠲᠤᠭ ᠲᠤ ᠴᠤ ᠲᠡᠳᠡᠨ ᠢ ᠪᠣᠭᠤᠮᠢᠯᠠᠬᠤ ᠤᠷᠠᠬ᠎ᠠ ᠶᠢ ᠭᠠᠵᠠᠷ ᠰᠠᠢ ᠦᠭᠡᠢ ᠪᠡᠯᠡᠳᠭᠡᠴᠢᠬᠡᠭᠰᠡᠨ ᠶᠤᠮ︕» ᠭᠡᠵᠦ ᠬᠡᠯᠡᠪᠡ᠃

ᠪᠣᠯᠤ ᠠᠮᠤᠭᠤᠯᠠᠩ ᠤᠨ ᠡᠮᠦᠨ᠎ᠡ ᠲᠣᠯᠤᠭᠠᠢ ᠪᠥᠬᠦᠢᠪᠡ᠃

ᠬᠥᠬᠡ ᠣᠭᠲᠠᠷᠭᠤᠢ ᠳᠤ ᠥᠪᠴᠢ ᠪᠦᠷᠬᠦᠭᠰᠡᠨ ᠪᠠᠷᠠᠭᠠᠨ ᠡᠭᠦᠯᠡᠰ ᠬᠡᠰᠡᠭ᠌ ᠪᠦᠯᠦᠭ ᠢᠶᠡᠷ ᠢᠶᠡᠨ ᠨᠡᠭᠦᠳᠡᠯᠯᠡᠭᠡᠳ᠂ ᠬᠥᠳᠡᠭᠡ ᠨᠤᠳᠤᠭ ᠤᠨ ᠳᠣᠷᠤᠨ᠎ᠠ ᠵᠠᠬ᠎ᠠ ᠡᠴᠡ ᠦᠷ ᠦᠨ ᠲᠤᠶᠠᠭ᠎ᠠ ᠴᠠᠢᠷᠠᠵᠤ᠂ ᠬᠥᠷᠦᠰᠦᠲᠦ ᠭᠠᠵᠠᠷ ᠤᠨ ᠥᠨᠢᠷ ᠴᠡᠴᠡᠭ᠌ ᠦᠳ ᠪᠣᠯᠪᠠᠷᠠᠢ ᠴᠣᠮᠣᠷᠯᠢᠭ ᠵᠢᠡᠠ ᠳᠡᠯᠭᠡᠨ ᠮᠦᠰᠢᠶᠡᠵᠡᠭᠡᠵᠦ᠂ ᠬᠥᠬᠡᠷᠡᠬᠦ ᠠᠭᠠᠷ ᠤᠨ ᠭᠦᠨ᠎ᠡ ᠬᠤᠨ ᠭᠠᠯᠠᠭᠤ ᠭᠠᠩᠭᠠᠷ ᠭᠤᠩᠭᠠᠷ ᠳᠣᠩᠭᠤᠳᠤᠨ ᠨᠢᠰᠴᠡᠭᠡᠨ᠎ᠡ᠃

ᠨᠠᠷᠠ ᠮᠠᠨᠳᠤᠯ᠎ᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082