ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠰᠠᠢᠨ ᠬᠥᠮᠦᠨ᠎ᠦ ᠦᠷ᠎ᠡ ᠰᠣᠳᠤ ᠭᠡᠭᠦᠨ᠎ᠦ ᠤᠨᠠᠭ᠎ᠠ

᠎ᠢ ᠵᠢᠶᠠᠨ ᠿᠦ

-ᠦᠯᠦ ᠰᠢᠲᠠᠬᠤ ᠰᠢᠷ ᠪᠦᠲᠦᠭᠡᠭᠴᠢ ᠦᠬᠡᠷ᠎ᠦᠨ ᠲᠤᠬᠠᠢ

ᠪᠦᠬᠦ ᠤᠯᠤᠰ᠎ᠤᠨ ᠰᠢᠨᠵᠢᠯᠡᠬᠦ ᠤᠬᠠᠭᠠᠨ᠎ᠤ ᠶᠡᠬᠡ ᠬᠤᠷᠠᠯ᠎ᠤᠨ ᠱᠠᠩᠨᠠᠯ ᠥᠭᠬᠦ ᠶᠣᠰᠤᠯᠠᠯ ᠳᠡᠭᠡᠷ᠎ᠡ᠂ ᠰᠢᠨᠵᠢᠯᠡᠬᠦ ᠤᠬᠠᠭᠠᠨ᠎ᠤ ᠣᠷᠭᠢᠯ᠎ᠳᠤ ᠠᠪᠠᠷᠢᠭᠴᠢ ᠪᠠᠭᠠᠲᠤᠷ᠎ᠤᠳ ᠴᠡᠭᠡᠵᠢ ᠳᠦᠭᠦᠷᠡᠩ ᠪᠠᠶᠠᠷᠲᠠᠢ ᠪᠠᠢᠨ᠎ᠠ᠃ ᠮᠣᠩᠭᠤᠯ ᠳᠡᠪᠡᠯ ᠡᠮᠦᠰᠦᠭᠰᠡᠨ ᠢᠳᠡᠷ ᠨᠠᠰᠤᠨ᠎ᠤ ᠡᠷᠡᠭᠲᠡᠢ ᠪᠠᠶᠠᠰᠭᠤᠯᠠᠩᠲᠤ ᠰᠠᠢᠬᠠᠨ ᠬᠥᠭᠵᠢᠮ᠎ᠦᠨ ᠠᠶᠠᠯᠭᠤᠨ ᠳᠤᠮᠳᠠᠭᠤᠷ ᠲᠡᠷᠢᠭᠦᠯᠡᠭᠴᠢ᠎ᠶᠢᠨ ᠲᠠᠢᠰᠠᠨ ᠳᠡᠭᠡᠷ᠎ᠡ ᠭᠠᠷᠴᠤ ᠱᠠᠩᠨᠠᠯ ᠠᠪᠬᠤ ᠦᠶ᠎ᠡ᠎ᠳᠦ᠂ ᠠᠯᠠᠭ᠎ᠠ ᠲᠠᠰᠢᠬᠤ ᠳᠠᠭᠤ ᠳᠠᠯᠠᠢ᠎ᠶᠢᠨ ᠳᠠᠪᠠᠯᠭᠠᠨ ᠮᠡᠲᠦ ᠨᠢᠵᠢᠭᠢᠨᠡᠪᠡ᠃ ᠲᠡᠷᠢᠭᠦᠯᠡᠭᠴᠢᠳ᠎ᠦᠨ ᠲᠠᠢᠰᠠᠨ᠎ᠤ ᠡᠮᠦᠨ᠎ᠡ ᠮᠥᠷ᠎ᠲᠦ ᠰᠠᠭᠤᠵᠤ ᠪᠠᠢᠭᠰᠠᠨ ᠨᠢᠭᠡ ᠤᠳᠤᠷᠢᠳᠤᠭᠴᠢ ᠨᠥᠬᠦᠷ ᠰᠡᠩᠳᠡ ᠮᠡᠩᠳᠡ ᠨᠢᠳᠦ᠎ᠪᠡᠨ ᠨᠤᠬᠤᠯᠠᠵᠤ ᠱᠠᠩ ᠬᠦᠷᠲᠡᠭᠴᠢ᠎ᠶᠢ ᠳᠠᠬᠢᠨ ᠳᠠᠬᠢᠨ ᠠᠵᠢᠭᠯᠠᠭᠠᠳ ᠲᠣᠯᠤᠭᠠᠢ᠎ᠪᠠᠨ ᠳᠣᠬᠢᠪᠠ᠃

ᠡᠨᠡ ᠤᠤᠭᠠᠨ ᠺᠠᠳ᠋ᠷ ᠬᠡᠨ ᠪᠤᠢ? ᠭᠡᠪᠡᠯ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠤᠯᠤᠰ ᠲᠥᠷᠦ᠎ᠶᠢᠨ ᠲᠣᠪᠴᠢᠶᠠᠨ᠎ᠤ ᠭᠡᠰᠢᠭᠦᠨ᠂ ᠳᠡᠳ᠋ ᠶᠡᠷᠦᠩᠬᠡᠢ ᠰᠠᠢᠳ ᠨᠥᠬᠦᠷ ᠤᠯᠠᠭᠠᠨᠬᠦᠦ᠎ᠶᠦᠮ᠃

ᠲᠡᠷᠡ ᠮᠣᠩᠭᠤᠯ ᠳᠡᠪᠡᠯ᠎ᠲᠡᠢ᠎ᠨᠢ ᠤᠯᠠᠭᠠᠨᠬᠦᠦ᠎ᠶᠢᠨ ᠬᠦᠦ ᠦᠬᠡᠷ ᠪᠠᠢᠵᠠᠢ᠃

ᠦᠬᠡᠷ ᠱᠠᠩᠨᠠᠯ᠎ᠤᠨ ᠪᠢᠴᠢᠭ᠎ᠢᠶᠡᠨ ᠪᠠᠷᠢᠭᠠᠳ᠂ ᠴᠡᠭᠡᠵᠢ ᠳᠦᠭᠦᠷᠡᠩ ᠪᠠᠶᠠᠷᠯᠠᠵᠤ᠂ ᠰᠢᠷᠭᠠᠭᠤ ᠬᠥᠳᠡᠯᠮᠦᠷᠢ᠎ᠶᠢᠨ ᠳᠤᠮᠳᠠ ᠤᠷᠤᠰᠤᠭᠰᠠᠭᠠᠷ ᠢᠷᠡᠭᠰᠡᠨ ᠬᠥᠯᠦᠰᠦ᠎ᠨᠢ ᠪᠠᠶᠠᠷ᠎ᠤᠨ ᠨᠢᠯᠪᠤᠰᠤ ᠪᠣᠯᠤᠨ ᠳᠤᠰᠤᠯᠠᠪᠠ ᠁

 

ᠤᠯᠠᠭᠠᠨ ᠥᠯᠦᠭᠡᠢ᠎ᠳᠦ ᠥᠰᠦᠭᠰᠡᠨ 《ᠲᠤᠭᠤᠯ》

ᠦᠬᠡᠷ ᠭᠡᠳᠡᠭ ᠨᠡᠷ᠎ᠡ᠎ᠶᠢ ᠡᠨᠡ ᠬᠥᠮᠦᠨ ᠲᠥᠬᠦᠭᠡ ᠣᠷᠤᠭᠰᠠᠨ ᠬᠣᠢᠨ᠎ᠠ᠎ᠪᠠᠨ ᠥᠪᠡᠷ᠎ᠢᠶᠡᠨ ᠠᠪᠤᠭᠰᠠᠨ᠎ᠶᠤᠮ᠃

1939 ᠣᠨ᠎ᠤ ᠡᠪᠦᠯ᠂ ᠵᠢᠷᠭᠤᠭᠠᠨ ᠨᠠᠰᠤᠲᠠᠢ ᠦᠬᠡᠷ᠂ ᠡᠯᠵᠢᠭᠡ ᠤᠨᠤᠵᠤ ᠥᠨᠳᠦᠷ ᠠᠭᠤᠯᠠ᠎ᠶᠢ ᠳᠠᠪᠠᠵᠤ ᠥᠷᠭᠡᠨ ᠡᠯᠡᠰᠦ᠎ᠶᠢ ᠲᠤᠭᠤᠯᠵᠤ᠂ ᠥᠪᠦᠷ ᠮᠣᠩᠭᠤᠯ᠎ᠤᠨ ᠶᠡᠬᠡ ᠵᠤᠤ ᠠᠢᠮᠠᠭ᠎ᠠᠴᠠ ᠬᠤᠪᠢᠰᠭᠠᠯ᠎ᠤᠨ ᠠᠷᠢᠭᠤᠨ ᠭᠣᠯᠤᠮᠲᠠ ᠶᠠᠨ ᠠᠨ᠎ᠳᠤ ᠣᠴᠢᠵᠠᠢ᠃

ᠡᠨᠡ ᠪᠢᠴᠢᠬᠠᠨ 《ᠲᠤᠭᠤᠯ》 ᠬᠢᠲᠠᠳ ᠦᠭᠡᠨ᠎ᠳᠦ ᠲᠤᠩ ᠠᠨᠠᠢ ᠪᠠᠢᠭᠰᠠᠨ ᠪᠣᠯᠪᠠᠴᠤ ᠨᠥᠬᠦᠷ ᠰᠦᠩ ᠴᠢᠩ ᠯᠢᠩ᠎ᠦᠨ ᠳᠡᠮᠵᠢᠯᠭᠡ᠎ᠪᠡᠷ ᠪᠠᠢᠭᠤᠯᠤᠭᠳᠠᠭᠰᠠᠨ ᠠᠨ ᠰᠢ ᠰᠢᠶᠠᠨ᠎ᠤ ᠥᠰᠭᠡᠨ ᠬᠥᠮᠦᠵᠢᠭᠦᠯᠬᠦ ᠰᠤᠷᠭᠠᠭᠤᠯᠢ᠎ᠳᠤ ᠠᠪᠢᠶᠠᠰ᠎ᠢᠶᠠᠨ ᠭᠠᠢᠬᠠᠭᠤᠯᠵᠠᠢ᠃ ᠪᠠᠭ᠎ᠠ ᠰᠤᠷᠭᠠᠭᠤᠯᠢ᠎ᠳᠤ ᠪᠣᠯᠤᠭᠰᠠᠨ ᠨᠢᠭᠡ ᠤᠳᠠᠭᠠᠨ᠎ᠤ ᠵᠣᠬᠢᠶᠠᠨ ᠪᠢᠴᠢᠯᠭᠡ᠎ᠶᠢᠨ ᠤᠷᠤᠯᠳᠤᠭᠠᠨ᠎ᠳᠤ᠂ 《ᠮᠢᠨᠦ ᠡᠬᠡ ᠰᠤᠷᠭᠠᠭᠤᠯᠢ》 ᠭᠡᠳᠡᠭ ᠨᠠᠶᠠ ᠶᠡᠷᠡᠨ ᠮᠥᠷ᠎ᠲᠡᠢ ᠤᠷᠲᠤ ᠰᠢᠯᠦᠭ ᠪᠢᠴᠢᠭᠡᠳ ᠪᠠᠭᠰᠢ᠎ᠶᠢᠨ᠎ᠢᠶᠠᠨ ᠠᠩᠬᠠᠷᠤᠯ᠎ᠢ ᠲᠠᠲᠠᠵᠠᠢ᠃ ᠪᠠᠭᠰᠢ᠎ᠨᠢ ᠳᠠᠬᠢᠨ ᠤᠩᠰᠢᠭᠠᠳ᠂ 《 ᠰᠢᠯᠦᠭᠴᠢᠨ》 ᠭᠡᠳᠡᠭ᠎ᠴᠢᠨᠢ ᠪᠠᠭ᠎ᠠ ᠰᠤᠷᠭᠠᠭᠤᠯᠢ᠎ᠶᠢᠨ ᠬᠣᠶᠠᠳᠤᠭᠠᠷ ᠣᠨ᠎ᠤ ᠰᠤᠷᠤᠭᠴᠢ ᠪᠠᠢᠳᠠᠭ᠎ᠶᠤᠮ᠎ᠤᠤ? ᠭᠡᠵᠦ ᠭᠠᠢᠬᠠᠰᠢ ᠠᠯᠲᠠᠨ ᠨᠢᠳᠦ᠎ᠪᠡᠨ ᠢᠲᠡᠭᠡᠬᠦ᠎ᠦᠭᠡᠢ ᠪᠠᠢᠯ᠎ᠠ᠃

ᠲᠡᠷᠡ ᠦᠶ᠎ᠡ᠎ᠳᠦ ᠪᠢᠴᠢᠬᠠᠨ ᠦᠬᠡᠷ ᠮᠡᠳᠡᠶ᠎ᠡ ᠰᠤᠷᠤᠶ᠎ᠠ ᠭᠡᠵᠦ ᠠᠢᠬᠤᠪᠲᠤᠷ ᠶᠡᠬᠡ ᠬᠦᠰᠡᠵᠦ ᠪᠠᠢᠵᠠᠢ᠃ ᠰᠤᠷᠭᠠᠭᠤᠯᠢ᠎ᠶᠢᠨ ᠥᠭᠭᠦᠭᠰᠡᠨ ᠰᠤᠷᠬᠤ ᠪᠢᠴᠢᠭ᠎ᠨᠢ ᠪᠠᠭᠠᠳᠠᠭᠠᠳ᠂ ᠪᠠᠭᠰᠢ᠎ᠶᠢᠨ ᠥᠭᠭᠦᠭᠰᠡᠨ ᠳᠠᠰᠭᠠᠯ ᠳᠠᠭᠠᠭᠠᠯᠭᠠᠪᠤᠷᠢ᠎ᠨᠢ᠎ᠴᠤ ᠬᠤᠷᠤᠭᠤᠨ ᠦᠵᠦᠭᠦᠷ ᠬᠤᠮ ᠫᠠᠳ᠃ ᠠᠷᠪᠠᠨ ᠨᠢᠭᠡ ᠬᠣᠶᠠᠷᠲᠠᠢ᠎ᠠᠴᠠ᠎ᠪᠠᠨ ᠡᠬᠢᠯᠡᠭᠡᠳ 《ᠱᠦᠢ ᠾᠦ᠎ᠶᠢᠨ ᠦᠯᠢᠭᠡᠷ》᠂ 《ᠠᠷᠢᠭᠤᠨ ᠵᠢᠷᠤᠮᠲᠠᠨ᠎ᠤ ᠦᠯᠢᠭᠡᠷ》᠂ 《ᠯᠦᠸᠧ ᠲᠦᠩ ᠤᠮᠠᠷᠠᠰᠢ ᠳᠠᠢᠯᠠᠭᠰᠠᠨ》 ᠵᠡᠷᠭᠡ᠎ᠶᠢᠨ ᠡᠷᠲᠡᠨ᠎ᠦ ᠪᠢᠴᠢᠭ᠎ᠢ ᠴᠤᠭᠯᠠᠭᠤᠯᠤᠭᠠᠳ ᠲᠣᠯᠤᠭᠠᠢ ᠥᠨᠳᠡᠢᠯ᠎ᠦᠭᠡᠢ ᠦᠵᠡᠳᠡᠭ ᠪᠠᠢᠵᠠᠢ᠃ ᠢᠩᠭᠢᠭᠡᠳ ᠡᠨᠡ ᠵᠣᠬᠢᠶᠠᠯ᠎ᠤᠳ᠎ᠢ ᠳᠠᠭᠤᠷᠢᠶᠠᠵᠤ 《ᠲᠤᠭᠤᠯ ᠪᠡᠬᠢᠯᠡᠯᠲᠡ ᠡᠪᠳᠡᠭᠰᠡᠨ》 ᠭᠡᠳᠡᠭ ᠵᠣᠬᠢᠶᠠᠯ ᠪᠢᠴᠢᠭᠰᠡᠨ᠎ᠳᠦ ᠡᠴᠢᠭᠡ᠎ᠨᠢ ᠬᠦᠷᠲᠡᠯ᠎ᠡ ᠶᠡᠬᠡ ᠭᠠᠢᠬᠠᠭᠰᠠᠨ ᠪᠢᠯᠡ᠃

ᠳᠠᠢᠨ᠎ᠤ ᠦᠶ᠎ᠡ᠎ᠳᠦ ᠦᠬᠡᠷ ᠨᠢᠭᠡ ᠤᠷᠲᠤ ᠫᠤᠤ ᠮᠥᠷᠦᠯᠡᠵᠦ᠂ ᠨᠢᠭᠡ ᠳᠡᠪᠲᠡᠷ ᠨᠣᠮ ᠪᠠᠷᠢᠭᠠᠳ᠂ ᠴᠡᠷᠢᠭ ᠠᠮᠠᠷᠠᠮᠠᠭᠴᠠ᠂ ᠡᠨᠡ 《ᠪᠢᠴᠢᠬᠠᠨ ᠫᠠᠷᠲ᠋ᠢᠽᠠᠨ》 ᠲᠣᠪ ᠳᠤᠭᠤᠢ ᠨᠣᠮ᠎ᠢᠶᠠᠨ ᠤᠩᠰᠢᠵᠤ ᠰᠠᠭᠤᠳᠠᠭ᠎ᠶᠤᠮ᠃

ᠪᠡᠭᠡᠵᠢᠩ᠎ᠢ ᠴᠢᠯᠦᠭᠡᠯᠡᠭᠰᠡᠨ ᠬᠣᠢᠨ᠎ᠠ᠂ ᠦᠬᠡᠷ ᠪᠡᠭᠡᠵᠢᠩ ᠬᠣᠲᠠ᠎ᠶᠢᠨ ᠵᠠᠭᠤ ᠨᠢᠭᠡᠳᠦᠭᠡᠷ ᠳᠤᠮᠳᠠᠳᠤ ᠰᠤᠷᠭᠠᠭᠤᠯᠢ᠎ᠳᠤ ᠰᠢᠯᠭᠠᠭᠤᠯᠵᠤ ᠣᠷᠤᠵᠠᠢ᠃ ᠠᠷᠪᠠᠨ ᠵᠢᠷᠭᠤᠭᠠᠲᠠᠢ ᠦᠬᠡᠷ ᠡᠩᠬᠡ ᠲᠠᠢᠪᠤᠩ ᠴᠠᠭ ᠢᠷᠠᠨ᠎ᠠ ᠭᠡᠭᠴᠢ ᠲᠤᠩ ᠠᠮᠠᠷ᠎ᠦᠭᠡᠢ ᠭᠡᠳᠡᠭ᠎ᠢ ᠪᠠᠭ᠎ᠠ᠎ᠠᠴᠠ᠎ᠪᠠᠨ ᠰᠠᠢᠨ ᠮᠡᠳᠡᠳᠡᠭ ᠲᠤᠯᠠ ᠳᠠᠢᠨ᠎ᠤ ᠵᠢᠯ᠎ᠦᠳ᠎ᠲᠦ ᠠᠯᠳᠠᠵᠤ ᠶᠠᠪᠤᠭᠤᠯᠤᠭᠰᠠᠨ ᠠᠯᠲᠠᠨ ᠮᠢᠨ᠋ᠦ᠋ᠲ᠎ᠢᠶᠡᠨ ᠤᠷᠲᠤ ᠡᠭᠡᠭᠦᠯᠵᠦ ᠠᠪᠤᠨ᠎ᠠ ᠭᠡᠵᠦ ᠵᠣᠷᠢᠭ ᠰᠢᠭᠤᠳᠪᠠ᠃ ᠦᠬᠡᠷ ᠶᠠᠨ ᠠᠨ᠎ᠤ ᠪᠠᠭ᠎ᠠ ᠰᠤᠷᠭᠠᠭᠤᠯᠢ᠎ᠳᠤ ᠳᠥᠷᠪᠡᠬᠡᠨ ᠵᠢᠯ ᠪᠢᠴᠢᠭ ᠦᠵᠡᠭᠰᠡᠨ ᠲᠤᠯᠠ ᠠᠩᠬ᠎ᠠ ᠵᠡᠷᠭᠡ᠎ᠶᠢᠨ ᠳᠤᠮᠳᠠᠳᠤ ᠰᠤᠷᠭᠠᠭᠤᠯᠢ᠎ᠶᠢᠨ ᠬᠣᠶᠠᠳᠤᠭᠠᠷ ᠣᠨ᠎ᠳᠤ ᠣᠷᠤᠭᠠᠳ ᠪᠠᠬᠠᠨ ᠵᠦᠳᠡᠷᠡᠯ᠎ᠡ᠃ ᠪᠠᠶᠠᠷ ᠨᠠᠢᠷ ᠪᠤᠶᠤ ᠠᠮᠠᠷᠠᠯᠲᠠ᠎ᠶᠢᠨ ᠡᠳᠦᠷ ᠪᠣᠯᠬᠤ ᠪᠦᠷᠢ ᠣᠯᠠᠩᠬᠢ ᠨᠥᠬᠦᠳ᠎ᠨᠢ ᠭᠡᠷ᠎ᠲᠡᠭᠡᠨ ᠬᠠᠷᠢᠭᠰᠠᠨ ᠪᠠᠢᠬᠤ᠎ᠳᠤ᠂ ᠦᠬᠡᠷ ᠰᠤᠷᠭᠠᠭᠤᠯᠢ᠎ᠳᠠᠭᠠᠨ ᠦᠯᠡᠳᠡᠭᠡᠳ ᠬᠢᠴᠢᠶᠡᠨ ᠰᠢᠮᠳᠠᠨ ᠰᠤᠷᠤᠯᠴᠠᠵᠤ᠂ ᠨᠥᠬᠦᠳ᠎ᠢᠶᠡᠨ ᠬᠥᠭᠡᠭᠡᠵᠦ ᠭᠦᠢᠴᠡᠬᠦ᠎ᠪᠡᠷ ᠴᠢᠷᠮᠠᠢᠳᠠᠭ ᠪᠠᠢᠵᠠᠢ᠃

ᠳᠡᠭᠡᠳᠦ ᠵᠡᠷᠭᠡ᠎ᠶᠢᠨ ᠳᠤᠮᠳᠠᠳᠤ ᠰᠤᠷᠭᠠᠭᠤᠯᠢ᠎ᠶᠢᠨ ᠬᠣᠶᠠᠳᠤᠭᠠᠷ ᠣᠨ ᠪᠣᠯᠬᠤ᠎ᠳᠤ᠂ ᠣᠷᠤᠰ ᠬᠡᠯᠡ ᠳᠡᠭᠡᠷ᠎ᠡ ᠤᠷᠠᠨ ᠵᠣᠬᠢᠶᠠᠯ ᠤᠩᠰᠢᠵᠤ᠂ ᠣᠷᠤᠰ᠎ᠢᠶᠠᠷ ᠰᠢᠯᠦᠭ ᠵᠠᠬᠢᠳᠠᠯ ᠪᠢᠴᠢᠵᠦ ᠴᠢᠳᠠᠬᠤ ᠪᠣᠯᠵᠠᠢ᠃ ᠳᠡᠭᠡᠳᠦ ᠵᠡᠷᠭᠡ᠎ᠶᠢᠨ ᠳᠤᠮᠳᠠᠳᠤ ᠰᠤᠷᠭᠠᠭᠤᠯᠢ᠎ᠠᠴᠠ ᠲᠡᠭᠦᠰᠬᠦ ᠦᠶ᠎ᠡ᠎ᠳᠦ ᠦᠬᠡᠷ᠎ᠦᠨ ᠣᠷᠤᠰ ᠬᠡᠯᠡ᠎ᠨᠢ ᠠᠩᠭᠢ᠎ᠳᠠᠭᠠᠨ ᠣᠷᠤᠢᠯᠠᠭᠰᠠᠨ ᠪᠠᠢᠨ᠎ᠠ᠃ ᠲᠡᠭᠦᠨ᠎ᠦ ᠲᠣᠭ᠎ᠠ᠂ ᠬᠢᠮᠢ᠂ ᠹᠢᠽᠢᠺ ᠪᠠ ᠬᠡᠯᠡ ᠪᠢᠴᠢᠭ ᠪᠦᠷ ᠲᠠᠪᠤᠨ ᠬᠤᠪᠢ᠂ ᠲᠡᠦᠬᠡ ᠭᠠᠵᠠᠷ ᠵᠦᠢ᠎ᠨᠢ ᠳᠥᠷᠪᠡᠨ ᠬᠤᠪᠢ᠂ ᠳᠠᠭᠤᠤ᠎ᠨᠢ ᠳᠥᠩᠭᠡᠵᠢ ᠭᠤᠷᠪᠠᠨ ᠬᠤᠪᠢ ᠣᠯᠵᠠᠢ᠃ ᠪᠠᠭᠰᠢ ᠪᠠ ᠨᠥᠬᠦᠳ᠎ᠨᠢ ᠲᠡᠭᠦᠨ᠎ᠢ 《ᠭᠤᠷᠪᠠᠨ ᠰᠠᠢᠨᠲᠠᠢ》 ᠰᠤᠷᠤᠭᠴᠢ ᠪᠣᠯᠵᠤ ᠴᠢᠳᠠᠭᠰᠠᠨ᠎ᠦᠭᠡᠢ ᠭᠡᠵᠦ ᠬᠠᠷᠠᠮᠰᠠᠵᠤ ᠪᠠᠢᠬᠤ᠎ᠳᠤ ᠦᠬᠡᠷ ᠪᠢᠯᠢᠭ ᠲᠡᠭᠦᠰ ᠬᠥᠮᠦᠨ ᠭᠡᠵᠦ ᠪᠠᠢᠳᠠᠭ᠎ᠦᠭᠡᠢ ᠭᠡᠳᠡᠭ᠎ᠢ ᠪᠠᠲᠤ ᠢᠲᠡᠭᠡᠳᠡᠭ ᠪᠣᠯᠬᠣᠷ ᠬᠠᠷᠢᠨ ᠠᠵᠢᠭ᠎ᠴᠤ᠎ᠦᠭᠡᠢ ᠪᠠᠢᠯ᠎ᠠ᠃

ᠦᠬᠡᠷ᠎ᠢ ᠤᠯᠤᠰ᠎ᠠᠴᠠ ᠣᠷᠤᠰ ᠬᠡᠯᠡᠨ᠎ᠦ ᠮᠡᠷᠭᠡᠵᠢᠯᠲᠡᠨ ᠪᠣᠯᠤᠭᠠᠰᠠᠢ ᠭᠡᠵᠦ ᠬᠦᠰᠡᠳᠡᠭ ᠪᠠᠢᠲᠠᠯ᠎ᠠ ᠦᠬᠡᠷ᠂ ᠭᠠᠳᠠᠭᠠᠳᠤ ᠬᠡᠯᠡ᠎ᠶᠢ ᠵᠥᠪᠬᠡᠨ ᠬᠢᠵᠠᠭᠠᠷ᠎ᠦᠭᠡᠢ ᠡᠷᠳᠡᠮ᠎ᠦᠨ ᠳᠠᠯᠠᠢ᠎ᠳᠤ ᠨᠡᠪᠲᠡᠷᠡᠬᠦ ᠬᠥᠭᠦᠷᠭᠡ᠎ᠯᠡ ᠭᠡᠵᠦ ᠦᠵᠡᠳᠡᠭ ᠪᠠᠢᠭᠰᠠᠨ᠎ᠶᠤᠮ᠃

 

ᠡᠭᠦᠯᠡ ᠪᠣᠷᠤᠭᠠᠨ᠎ᠢ ᠤᠷᠢᠭᠴᠢ 《ᠪᠢᠯᠢᠭᠦᠨ ᠫᠤᠤᠵᠢᠩ》

ᠦᠬᠡᠷ ᠪᠣᠯ ᠪᠠᠭ᠎ᠠ᠎ᠠᠴᠠ᠎ᠪᠠᠨ ᠦᠯᠢᠭᠡᠷ ᠳᠣᠮᠤᠭ᠎ᠲᠤ ᠶᠡᠬᠡ ᠳᠤᠷᠠᠲᠠᠢ᠃ ᠰᠣᠨᠢᠨ ᠰᠡᠪᠡᠬᠦᠨ ᠦᠯᠢᠭᠡᠷ᠎ᠢ ᠤᠬᠠᠭ᠎ᠠ ᠠᠯᠳᠠᠲᠠᠯ᠎ᠠ ᠪᠠᠬᠠᠷᠬᠠᠳᠠᠭ᠎ᠶᠤᠮ᠃ ᠲᠠᠩᠰᠤᠭ ᠯᠠᠮᠠ ᠪᠠᠷᠠᠭᠤᠨ ᠭᠠᠵᠠᠷ᠎ᠠᠴᠠ ᠨᠣᠮ ᠵᠠᠯᠠᠬᠤ᠎ᠪᠠᠷ ᠶᠠᠪᠤᠭᠠᠳ᠂ ᠲᠡᠭᠷᠢ᠎ᠶᠢᠨ ᠣᠷᠤᠨ᠎ᠤ ᠠᠷᠰᠢ᠎ᠶᠢᠨ ᠨᠤᠲᠤᠭ᠎ᠲᠤ ᠬᠦᠷᠦᠭᠰᠡᠨ᠎ᠳᠦ᠂ ᠲᠡᠨᠳᠡ ᠭᠤᠷᠪᠠᠨ ᠵᠢᠯ ᠭᠠᠩᠳᠠᠭᠠᠳ ᠡᠪᠡᠰᠦ ᠬᠤᠯᠤᠰᠤ ᠬᠠᠲᠠᠵᠤ᠂ ᠲᠠᠪᠤᠨ ᠲᠠᠷᠢᠶ᠎ᠠ ᠦᠷ᠎ᠡ ᠲᠠᠰᠤᠷᠠᠭᠠᠳ᠂ ᠬᠠᠮᠤᠭ ᠠᠮᠢᠲᠠᠨ ᠭᠠᠴᠢᠭᠳᠠᠵᠤ ᠪᠠᠢᠭᠰᠠᠨ᠎ᠳᠤ᠂ ᠪᠡᠴᠢᠨ ᠪᠠᠭᠰᠢ ᠡᠭᠦᠯᠡ ᠬᠥᠯᠭᠡᠯᠡᠨ ᠶᠠᠪᠤᠵᠤ᠂ ᠬᠣᠪᠤᠷ ᠲᠠᠷᠨᠢ ᠤᠩᠰᠢᠵᠤ ᠬᠤᠷ᠎ᠠ ᠪᠣᠷᠤᠭᠠᠨ ᠤᠷᠢᠵᠠᠢ᠃ ᠢᠩᠭᠢᠭᠰᠡᠨ᠎ᠳᠦ ᠰᠠᠯᠬᠢ᠂ ᠡᠭᠦᠯᠡ᠂ ᠪᠣᠷᠤᠭᠠᠨ᠎ᠤ ᠣᠯᠠᠨ ᠪᠤᠷᠬᠠᠳ ᠭᠠᠷᠴᠤ ᠢᠷᠠᠨ ᠡᠭᠦᠯᠡ ᠪᠥᠬᠦᠭᠦᠯᠦᠨ ᠠᠶᠤᠩᠭ᠎ᠠ ᠨᠢᠵᠢᠭᠢᠨᠡᠭᠦᠯᠵᠦ᠂ ᠭᠤᠷᠪᠠᠨ ᠲᠣᠬᠤᠢ ᠭᠦᠨ ᠪᠣᠷᠤᠭ᠎ᠠ ᠣᠷᠤᠭᠤᠯᠵᠠᠢ᠃ ᠢᠩᠭᠢᠭᠰᠡᠨ᠎ᠡᠴᠡ ᠲᠠᠷᠢᠶ᠎ᠠ ᠲᠥᠮᠦᠰᠦ ᠲᠥᠷᠦᠵᠦ ᠠᠮᠢᠲᠠᠨ ᠭᠣᠣᠯᠲᠠᠨ ᠦᠷᠡᠵᠢᠵᠡᠢ᠃

ᠦᠬᠡᠷ ᠡᠭᠦᠨ᠎ᠢ ᠰᠣᠨᠤᠰᠬᠤ ᠪᠦᠷᠢ ᠡᠢᠮᠦ ᠶᠡᠬᠡ ᠴᠢᠳᠠᠯ᠎ᠲᠠᠢ ᠪᠣᠯᠪᠠᠯ ᠬᠡᠳᠦᠢ ᠰᠠᠢᠬᠠᠨ ᠪᠤᠢ ᠭᠡᠵᠦ ᠪᠣᠳᠤᠳᠠᠭ ᠪᠠᠢᠵᠠᠢ᠃

1954 ᠣᠨ᠎ᠳᠤ ᠦᠬᠡᠷ ᠳᠡᠭᠡᠳᠦ ᠵᠡᠷᠭᠡ᠎ᠶᠢᠨ ᠳᠤᠮᠳᠠᠳᠤ ᠰᠤᠷᠭᠠᠭᠤᠯᠢ᠎ᠠᠴᠠ ᠲᠡᠭᠦᠰᠦᠭᠡᠳ᠂ ᠬᠠᠷᠪᠢᠨ᠎ᠤ ᠴᠡᠷᠢᠭ ᠳᠠᠢᠨ᠎ᠤ ᠠᠵᠤ ᠦᠢᠯᠡᠳᠪᠦᠷᠢ᠎ᠶᠢᠨ ᠳᠡᠭᠡᠳᠦ ᠰᠤᠷᠭᠠᠭᠤᠯᠢ᠎ᠳᠤ ᠣᠷᠤᠵᠤ ᠠᠭᠠᠷ᠎ᠤᠨ ᠵᠡᠪᠰᠡᠭ᠎ᠦᠨ ᠮᠡᠷᠭᠡᠵᠢᠯ ᠰᠤᠷᠴᠠᠢ᠃ 1958 ᠣᠨ᠎ᠳᠤ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠮᠡᠷᠭᠡᠵᠢᠯ᠎ᠦᠨ ᠶᠡᠬᠡ ᠰᠤᠷᠭᠠᠭᠤᠯᠢ ᠪᠠᠢᠭᠤᠯᠤᠭᠳᠠᠬᠤ᠎ᠳᠤ᠂ ᠡᠨᠡ ᠰᠤᠷᠭᠠᠭᠤᠯᠢ᠎ᠳᠤ ᠰᠣᠩᠭᠤᠭᠳᠠᠨ ᠣᠷᠤᠵᠤ᠂ ᠠᠭᠠᠷ᠎ᠤᠨ ᠬᠦᠴᠦᠨ᠎ᠦ ᠤᠬᠠᠭᠠᠨ᠎ᠤ ᠰᠠᠯᠪᠤᠷᠢ᠎ᠳᠤ ᠭᠦᠨᠵᠡᠭᠡᠢᠷᠡᠨ ᠰᠤᠷᠤᠯᠴᠠᠵᠤ᠂ ᠰᠢᠨᠵᠢᠯᠡᠬᠦ ᠤᠬᠠᠭᠠᠨ᠎ᠤ ᠡᠨᠡ᠎ᠬᠦ ᠤᠤᠭᠠᠨ ᠥᠯᠦᠭᠡᠢ᠎ᠳᠦ᠂ ᠦᠬᠡᠷ ᠵᠣᠷᠢᠭᠲᠠᠢ ᠰᠢᠨᠵᠢᠯᠡᠭᠡ᠎ᠪᠡᠨ ᠡᠬᠢᠯᠡᠵᠡᠢ᠃

ᠰᠢᠨᠵᠢᠯᠡᠬᠦ ᠤᠬᠠᠭᠠᠨ᠎ᠤ ᠶᠡᠬᠡ ᠰᠤᠷᠭᠠᠭᠤᠯᠢ ᠪᠣᠷᠤᠭ᠎ᠠ ᠣᠷᠤᠭᠤᠯᠬᠤ ᠫᠤᠤᠵᠢᠩ ᠬᠢᠵᠦ ᠬᠥᠳᠡᠭᠡ ᠠᠵᠤ ᠠᠬᠤᠢ᠎ᠳᠤ ᠦᠢᠯᠡᠴᠢᠯᠡᠬᠦ ᠬᠡᠷᠡᠭᠲᠡᠢ ᠭᠡᠵᠦ ᠰᠤᠷᠭᠠᠭᠤᠯᠢ᠎ᠶᠢᠨ ᠨᠠᠮ᠎ᠤᠨ ᠬᠣᠷᠢᠶ᠎ᠠ ᠳᠤᠷᠠᠳᠤᠯ᠎ᠠ᠃ ᠲᠡᠷᠡ ᠦᠶ᠎ᠡ᠎ᠳᠦ ᠠᠮᠧᠷᠢᠺᠠ ᠵᠥᠪᠯᠡᠯᠲᠦ ᠮᠡᠲᠦ᠎ᠶᠢᠨ ᠶᠡᠬᠡ ᠤᠯᠤᠰ᠎ᠤᠳ ᠪᠦᠷ ᠡᠭᠦᠨ᠎ᠢ ᠰᠤᠳᠤᠯᠵᠤ ᠣᠷᠤᠯᠳᠤᠵᠤ ᠪᠠᠢᠭᠰᠠᠨ ᠪᠥᠭᠡᠳ ᠶᠠᠫᠤᠨ ᠪᠣᠯ ᠡᠬᠢᠯᠡᠭᠡ᠎ᠴᠦ᠎ᠦᠭᠡᠢ ᠪᠠᠢᠯ᠎ᠠ᠃ ᠭᠡᠲᠡᠯ᠎ᠡ ᠦᠬᠡᠷ ᠨᠥᠬᠦᠳ᠎ᠲᠡᠢ᠎ᠪᠡᠨ ᠡᠨᠡ ᠬᠦᠨᠳᠦ ᠡᠭᠦᠷᠭᠡ᠎ᠶᠢ ᠬᠦᠯᠢᠶᠡᠨ ᠠᠪᠴᠤ᠂ ᠮᠡᠷᠭᠡᠵᠢᠯ᠎ᠦᠨ ᠳᠤᠭᠤᠢᠯᠠᠩ᠎ᠢ ᠬᠠᠷᠢᠭᠤᠴᠠᠵᠤ᠂ ᠬᠦᠴᠦᠨ᠎ᠦ ᠮᠠᠰᠢᠨ᠎ᠠ᠎ᠶᠢ ᠲᠥᠯᠦᠪᠯᠡᠵᠦ᠂ ᠥᠨᠳᠦᠷ ᠳᠤᠯᠠᠭᠠᠨ᠎ᠳᠤ ᠢᠯᠴᠢ ᠬᠥᠨᠳᠡᠢᠷᠡᠭᠦᠯᠬᠦ ᠰᠢᠷ᠎ᠢ ᠪᠣᠯᠪᠠᠰᠤᠷᠠᠭᠤᠯᠬᠤ᠎ᠪᠠᠷ ᠪᠣᠯᠵᠠᠢ᠃

ᠲᠡᠷᠡ ᠦᠶ᠎ᠡ᠎ᠳᠦ ᠶᠠᠭᠤ᠎ᠴᠤ᠎ᠦᠭᠡᠢ᠂ ᠯᠠᠪᠯᠠᠯᠲᠠ᠎ᠶᠢᠨ ᠮᠠᠲᠧᠷᠢᠶᠠᠯ ᠭᠡᠵᠦ ᠫᠠᠳ᠃ ᠵᠢᠷᠤᠭ ᠲᠥᠯᠦᠪᠯᠡᠭᠡ᠎ᠶᠢ ᠥᠪᠡᠷ᠎ᠢᠶᠡᠨ ᠵᠣᠬᠢᠶᠠᠬᠤ᠎ᠠᠴᠠ ᠭᠠᠳᠠᠨ᠎ᠠ᠂ ᠨᠠᠢᠷᠠᠭᠤᠯᠬᠤ ᠪᠣᠯᠪᠠᠰᠤᠷᠠᠭᠤᠯᠬᠤ ᠮᠡᠷᠭᠡᠵᠢᠯ ᠭᠡᠪᠡᠯ ᠨᠡᠩ᠎ᠴᠦ ᠠᠷᠭ᠎ᠠ᠎ᠦᠭᠡᠢ ᠪᠠᠢᠵᠠᠢ᠃ ᠨᠢᠭᠡ ᠤᠳᠠᠭ᠎ᠠ ᠫᠤᠤᠵᠢᠩ ᠬᠢᠵᠦ ᠣᠷᠤᠯᠳᠤᠵᠤ ᠪᠠᠢᠲᠠᠯ᠎ᠠ 《 ᠲᠦᠩ!》 ᠬᠢᠵᠦ ᠶᠡᠬᠡ ᠳᠤᠤᠭᠠᠷᠤᠭᠠᠳ᠂ ᠪᠥᠭᠡᠮ ᠬᠠᠷ᠎ᠠ ᠤᠲᠤᠭ᠎ᠠ ᠮᠠᠨᠠᠷᠠᠨ ᠪᠣᠰᠪᠠ᠃ ᠡᠨᠡ ᠳᠠᠭᠤᠨ᠎ᠤ ᠬᠠᠮᠲᠤ ᠨᠢᠭᠡ ᠨᠥᠬᠦᠷ᠎ᠨᠢ ᠰᠠᠪᠠᠵᠤ ᠤᠨᠠᠭᠠᠳ᠂ ᠭᠤᠷᠪᠠᠨ ᠬᠤᠷᠤᠭᠤ᠎ᠨᠢ ᠲᠠᠰᠤ ᠦᠰᠦᠷᠴᠦ᠂ ᠭᠠᠷ᠎ᠠᠴᠠ᠎ᠨᠢ ᠴᠢᠰᠤ ᠰᠠᠳᠠᠭᠠᠨᠠᠵᠤ ᠪᠠᠢᠯ᠎ᠠ᠃

ᠰᠠᠭᠠᠳ ᠬᠠᠷᠰᠢ ᠰᠠᠷᠠᠭᠤᠯ ᠨᠢᠳᠦ᠎ᠶᠢ᠎ᠨᠢ ᠬᠠᠯᠬᠠᠯᠠᠪᠠ᠃ ᠣᠳᠣ ᠶᠠᠭᠠᠬᠢᠬᠤ ᠪᠢᠯᠡ?

ᠰᠠᠯᠪᠤᠷᠢ᠎ᠶᠢᠨ ᠡᠷᠬᠢᠯᠡᠭᠴᠢ ᠴᠢᠶᠠᠨ ᠰᠢᠤᠸᠠᠢ ᠰᠧᠨ ᠲᠡᠳᠡᠨ᠎ᠦ ᠳᠡᠷᠭᠡᠳᠡ ᠢᠷᠡᠭᠡᠳ᠂ ᠥᠪᠡᠷ᠎ᠦᠨ ᠰᠤᠷᠴᠤ ᠮᠡᠳᠡᠭᠰᠡᠨ ᠲᠤᠷᠰᠢᠯᠭ᠎ᠠ᠎ᠪᠠᠷ᠎ᠢᠶᠠᠨ ᠰᠤᠷᠤᠭᠴᠢ᠎ᠪᠠᠨ ᠵᠣᠷᠢᠭᠵᠢᠭᠤᠯᠵᠤ: ᠬᠦᠴᠢᠷ ᠪᠡᠷᠬᠡ᠎ᠶᠢᠨ ᠥᠭᠡᠳᠡ᠎ᠡᠴᠡ ᠳᠠᠭᠠᠷᠢᠭᠠᠳ ᠭᠠᠷᠪᠠᠯ ᠢᠯᠠᠯᠲᠠ ᠪᠣᠯᠤᠨ᠎ᠠ᠂ ᠤᠬᠤᠷᠢᠭᠠᠳ ᠪᠤᠴᠠᠪᠠᠯ ᠣᠯᠤᠯᠲᠠ ᠠᠮᠵᠢᠯᠲᠠ᠎ᠪᠠᠨ ᠣᠷᠤ᠎ᠦᠭᠡᠢ ᠪᠣᠯᠭᠠᠨ᠎ᠠ ᠭᠡᠵᠡᠢ᠃

ᠡᠨᠡ ᠦᠶ᠎ᠡ᠎ᠳᠦ ᠦᠬᠡᠷ᠎ᠲᠦ᠂ ᠤᠷᠢᠳᠤ᠎ᠶᠢᠨ ᠡᠯᠡᠰᠦ ᠮᠠᠩᠬ᠎ᠠ ᠡᠭᠡᠷᠡᠮ᠎ᠡ ᠲᠠᠯ᠎ᠠ᠎ᠶᠢ ᠲᠠᠭᠤᠯᠤᠭᠰᠠᠨ ᠲᠡᠦᠬᠡ᠎ᠨᠢ ᠰᠠᠨᠠᠭᠳᠠᠯ᠎ᠠ:

1946 ᠣᠨ᠎ᠤ ᠵᠤᠨ᠂ ᠴᠢᠭᠤᠯᠤᠯᠲᠤ ᠬᠠᠭᠠᠯᠭ᠎ᠠ᠎ᠠᠴᠠ ᠤᠬᠤᠷᠢᠨ ᠭᠠᠷᠤᠭᠰᠠᠨ ᠨᠢᠭᠡ ᠪᠦᠯᠦᠭ 《ᠬᠡᠦᠬᠡᠳ᠎ᠦᠨ ᠠᠩᠭᠢ》 ᠡᠯᠡᠰᠦᠨ ᠳᠠᠯᠠᠢ᠎ᠳᠤ ᠣᠷᠤᠵᠤ ᠣᠴᠢᠯ᠎ᠠ᠃ ᠠᠷᠪᠠᠨ ᠭᠤᠷᠪᠠᠨ ᠨᠠᠰᠤᠲᠠᠢ ᠦᠬᠡᠷ ᠬᠡᠳᠦᠨ ᠠᠷᠪᠠᠨ ᠬᠡᠦᠬᠡᠳ᠎ᠦᠨ ᠬᠠᠮᠲᠤ᠂ ᠦᠬᠡᠷ ᠲᠡᠷᠭᠡ᠎ᠪᠡᠷ ᠬᠣᠶᠠᠷ ᠭᠤᠷᠪᠠᠨ ᠡᠳᠦᠷ ᠮᠤᠩᠭᠠᠨᠢᠭᠰᠠᠨ ᠪᠣᠯᠪᠠᠴᠤ ᠡᠯᠡᠰᠦᠨ᠎ᠡᠴᠡ ᠭᠠᠷᠴᠤ ᠴᠢᠳᠠᠭᠰᠠᠨ᠎ᠦᠭᠡᠢ᠃ ᠡᠯᠡᠰᠦᠨ᠎ᠳᠦ ᠳᠤᠰᠤᠯ ᠤᠰᠤ᠎ᠴᠤ ᠣᠯᠳᠠᠬᠤ᠎ᠦᠭᠡᠢ ᠴᠠᠩᠭᠠᠭᠠᠳ ᠰᠠᠨᠳᠤᠷᠴᠠᠭᠠᠪᠠ᠃ ᠲᠡᠷᠭᠡᠨ ᠦᠬᠡᠷ᠎ᠨᠢ ᠰᠢᠭᠡᠬᠦᠯᠡᠷ ᠲᠡᠳᠡ ᠰᠡᠩᠳᠡ ᠮᠡᠩᠳᠡ ᠠᠶᠠᠭ᠎ᠠ᠎ᠪᠠᠷ᠎ᠢᠶᠠᠨ ᠲᠤᠰᠴᠤ ᠠᠪᠤᠭᠠᠳ᠂ ᠬᠤᠩᠬᠤᠭᠤᠨ ᠮᠠᠭᠤᠬᠠᠢ ᠰᠢᠭᠡᠰᠦ᠎ᠶᠢ ᠬᠣᠶᠠᠷ ᠭᠤᠷᠪᠠ ᠣᠭᠤᠴᠢᠵᠠᠭᠠᠵᠤ ᠶᠠᠪᠤᠵᠠᠢ᠃ ᠨᠢᠭᠡ ᠡᠳᠦᠷ ᠭᠡᠨᠡᠳᠲᠡ ᠪᠣᠷᠤᠭ᠎ᠠ ᠣᠷᠤᠭᠰᠠᠨ᠎ᠳᠤ ᠪᠦᠭᠦᠳᠡᠭᠡᠷ ᠪᠠᠢᠳᠠᠭ ᠬᠤᠪᠴᠠᠰᠤ ᠪᠠ ᠬᠥᠨᠵᠢᠯᠡ ᠳᠡᠪᠢᠰᠭᠡᠷ᠎ᠢᠶᠡᠨ ᠳᠡᠯᠭᠡᠵᠦ ᠪᠣᠷᠤᠭᠠᠨ᠎ᠤ ᠤᠰᠤ᠎ᠶᠢ ᠲᠤᠰᠴᠤ ᠠᠪᠤᠭᠠᠳ᠂ ᠮᠤᠰᠭᠢᠨ ᠰᠢᠪᠬᠠᠵᠤ ᠤᠤᠭᠤᠴᠢᠬᠠᠵᠠᠢ᠃ ᠁ ᠦᠬᠡᠷ ᠣᠯᠠᠨ ᠵᠢᠯ᠎ᠦᠨ ᠠᠮᠢᠳᠤᠷᠠᠯ᠎ᠠᠴᠠ᠎ᠪᠠᠨ: ᠪᠡᠷᠬᠡᠰᠢᠶᠡᠯ᠎ᠦᠨ ᠡᠮᠦᠨ᠎ᠡ ᠡᠪᠦᠳᠦᠭ ᠨᠤᠭᠤᠷᠠᠵᠤ ᠪᠣᠯᠬᠤ᠎ᠦᠭᠡᠢ ᠭᠡᠳᠡᠭ ᠢᠲᠡᠭᠡᠯ᠎ᠲᠡᠢ ᠪᠣᠯᠵᠠᠢ᠃ ᠦᠬᠡᠷ ᠨᠥᠬᠦᠳ᠎ᠲᠡᠢ᠎ᠪᠡᠨ ᠳᠠᠬᠢᠵᠤ ᠡᠷᠴᠢ ᠵᠣᠷᠢᠭ᠎ᠢᠶᠠᠨ ᠬᠥᠪᠴᠢᠯᠡᠵᠦ᠂ ᠲᠤᠷᠰᠢᠯᠲᠠ᠎ᠪᠠᠨ ᠦᠷᠭᠦᠯᠵᠢᠯᠡᠭᠦᠯᠦᠭᠰᠡᠭᠡᠷ ᠪᠠᠢᠭᠠᠳ᠂ ᠣᠯᠠᠨ ᠣᠯᠠᠨ ᠪᠡᠷᠬᠡ ᠠᠰᠠᠭᠤᠳᠠᠯ᠎ᠢ ᠰᠢᠢᠳᠪᠦᠷᠢᠯᠡᠭᠰᠡᠨ ᠪᠠᠢᠨ᠎ᠠ᠃

ᠠᠭᠤᠯᠠᠨ᠎ᠤ ᠴᠠᠭᠠᠨ᠎ᠠ ᠤᠰᠤ᠂ ᠤᠰᠤᠨ᠎ᠤ ᠴᠠᠭᠠᠨ᠎ᠠ ᠠᠭᠤᠯᠠ᠃ ᠫᠤᠤᠵᠢᠩ ᠦᠢᠯᠡᠳᠬᠦ᠎ᠶᠢᠨ ᠪᠠᠰᠠ ᠨᠢᠭᠡ ᠪᠡᠷᠬᠡ ᠪᠣᠭᠤᠮᠲᠠ ᠪᠣᠯ ᠫᠤᠤᠵᠢᠩ᠎ᠢ ᠥᠨᠳᠦᠷ ᠨᠢᠰᠭᠡᠬᠦ᠎ᠳᠦ ᠲᠦᠯᠬᠢᠬᠦ ᠬᠦᠴᠦ᠎ᠶᠢ ᠶᠡᠬᠡ ᠪᠠᠢᠯᠭᠠᠵᠤ᠂ ᠲᠦᠯᠡᠰᠢ ᠶᠡᠬᠡᠬᠡᠨ ᠰᠠᠪᠠᠯᠠᠬᠤ ᠬᠡᠷᠡᠭᠲᠡᠢ ᠪᠠᠢᠵᠠᠢ᠃ ᠫᠤᠤᠵᠢᠩ ᠭᠤᠷᠪᠠᠨ ᠮᠢᠩᠭᠠᠨ ᠮᠧᠲᠷ᠎ᠡᠴᠡ ᠳᠡᠭᠡᠭᠰᠢ ᠥᠨᠳᠦᠷ᠎ᠲᠦ ᠭᠠᠷᠪᠠᠯ ᠬᠥᠳᠡᠯᠭᠡᠭᠦᠷ᠎ᠦᠨ ᠬᠠᠲᠠᠭᠤ ᠲᠦᠯᠡᠰᠢ᠎ᠡᠴᠡ ᠮᠢᠩᠭ᠎ᠠ ᠨᠠᠢ᠍ᠮᠠᠨ ᠵᠠᠭᠤ᠎ᠠᠴᠠ ᠬᠣᠶᠠᠷ ᠮᠢᠩᠭ᠎ᠠ ᠭᠤᠷᠪᠠᠨ ᠵᠠᠭᠤᠨ ᠭᠷᠡᠳ᠋ᠦ᠋ᠰ᠎ᠦᠨ ᠶᠡᠬᠡ ᠢᠯᠴᠢ ᠡᠭᠦᠰᠦᠨ᠎ᠡ᠃ ᠭᠡᠲᠡᠯ᠎ᠡ ᠬᠥᠳᠡᠯᠭᠡᠭᠦᠷ᠎ᠦᠨ ᠲᠡᠮᠦᠷᠯᠢᠭ ᠭᠠᠳᠠᠷ᠎ᠨᠢ ᠮᠢᠩᠭ᠎ᠠ ᠵᠢᠷᠭᠤᠭᠠᠨ ᠵᠠᠭᠤᠨ ᠭᠷᠡᠳ᠋ᠦ᠋ᠰ ᠬᠦᠷᠪᠡᠯ ᠬᠠᠢᠯᠴᠢᠬᠠᠨ᠎ᠠ᠃ ᠡᠨᠡ ᠵᠥᠷᠢᠴᠡᠯ᠎ᠢ ᠰᠢᠢᠳᠪᠦᠷᠢᠯᠡᠬᠦ᠎ᠳᠦ ᠰᠢᠷ ᠲᠦᠷᠬᠢᠵᠦ ᠢᠯᠴᠢ ᠬᠥᠨᠳᠡᠢᠷᠡᠭᠦᠯᠬᠦ᠎ᠡᠴᠡ ᠥᠭᠡᠷ᠎ᠡ ᠠᠷᠭ᠎ᠠ ᠪᠠᠢᠬᠤ᠎ᠦᠭᠡᠢ᠃

ᠦᠬᠡᠷ ᠨᠥᠬᠦᠳ᠎ᠲᠡᠢ᠎ᠪᠡᠨ ᠨᠠᠶᠠ ᠶᠡᠷᠡᠨ ᠵᠦᠢᠯ᠎ᠦᠨ ᠣᠷᠭᠠᠨᠢᠭ ᠪᠤᠰᠤ ᠬᠦᠳᠡᠷ᠎ᠦᠨ ᠨᠤᠨᠲᠠᠭ ᠣᠯᠵᠤ ᠠᠪᠴᠢᠷᠠᠨ ᠨᠠᠢᠷᠠᠭᠤᠯᠤᠨ᠂ ᠮᠣᠳᠤᠨ ᠬᠠᠪᠲᠠᠰᠤ᠂ ᠬᠥᠩᠭᠡᠨ ᠴᠠᠭᠠᠨ᠂ ᠪᠣᠯᠤᠳ ᠬᠠᠪᠲᠠᠰᠤᠨ ᠳᠡᠭᠡᠷ᠎ᠡ ᠲᠦᠷᠬᠢᠭᠡᠳ ᠲᠤᠷᠰᠢᠯᠲᠠ ᠬᠢᠵᠡᠢ᠃ ᠦᠬᠡᠷ᠎ᠦᠨ ᠪᠠᠷᠢᠭᠰᠠᠨ ᠴᠣᠷᠭᠢᠭᠤᠯ ᠳ᠋ᠧᠩ᠎ᠡᠴᠡ ᠭᠠᠯ ᠯᠣᠣ ᠣᠯᠤᠭᠤᠢᠳᠴᠤ᠂ ᠭᠠᠯ᠎ᠳᠤ ᠬᠠᠢᠯᠴᠢᠬᠠᠪᠠᠯ ᠳᠠᠬᠢᠭᠠᠳ ᠨᠠᠢᠷᠠᠭᠤᠯᠵᠤ ᠰᠢᠲᠠᠭᠠᠬᠤ ᠮᠡᠲᠦ᠎ᠪᠡᠷ ᠣᠯᠠᠨ ᠳᠠᠬᠢᠨ ᠣᠷᠤᠯᠳᠤᠵᠤ ᠦᠵᠡᠪᠡ᠃ ᠰᠢᠷ᠎ᠦᠨ ᠬᠠᠮᠠᠷ ᠭᠠᠳᠠᠮ᠎ᠠ ᠮᠠᠭᠤᠬᠠᠢ ᠦᠨᠦᠷ᠎ᠲᠦ ᠨᠢᠯᠪᠤᠰᠤ ᠠᠰᠭᠠᠷᠠᠨ᠎ᠠ᠃ ᠦᠬᠡᠷ ᠡᠨᠡ ᠪᠦᠬᠦᠨ᠎ᠢ ᠲᠡᠰᠪᠦᠷᠢᠯᠡᠵᠦ ᠲᠤᠷᠰᠢᠯᠲᠠ᠎ᠪᠠᠨ ᠦᠷᠭᠦᠯᠵᠢᠯᠡᠭᠦᠯᠦᠨ᠎ᠡ᠃ ᠭᠤᠨᠠᠨ ᠦᠬᠡᠷ᠎ᠦᠨ ᠡᠪᠡᠷ ᠬᠠᠭ᠎ᠠ ᠬᠥᠯᠳᠡᠬᠦ ᠭᠤᠷᠪᠠ ᠶᠢᠰᠦ᠎ᠶᠢᠨ ᠬᠦᠢᠲᠡᠨ᠎ᠳᠦ᠂ ᠭᠠᠳᠠᠨ᠎ᠠ ᠬᠦᠢᠲᠡᠨ ᠰᠢᠭᠤᠷᠭ᠎ᠠ ᠲᠠᠴᠢᠭᠢᠨᠠᠵᠤ ᠪᠠᠢᠬᠤ᠎ᠳᠤ᠂ ᠭᠡᠷ᠎ᠲᠦ ᠬᠠᠷᠢᠨ ᠠᠮᠢᠰᠭᠤᠯ ᠪᠦᠲᠡᠮ᠎ᠡ ᠬᠠᠯᠠᠭᠤᠨ ᠪᠠᠢᠳᠠᠭ᠃ ᠬᠡᠴᠢᠨᠡᠨ ᠰᠥᠨᠢ᠎ᠶᠢ ᠨᠢᠳᠦ ᠴᠠᠪᠴᠢᠯ᠎ᠦᠭᠡᠢ ᠥᠩᠭᠡᠷᠡᠭᠦᠯᠵᠦ᠂ ᠲᠠᠮᠢᠷ ᠲᠡᠩᠬᠡᠭᠡ ᠪᠠᠷᠠᠭᠳᠠᠯ᠎ᠠ᠃ ᠦᠬᠡᠷ ᠬᠠᠶᠠ ᠲᠦᠭᠡᠭᠡᠯ ᠤᠰᠤᠨ᠎ᠤ ᠴᠣᠷᠭᠤ᠎ᠶᠢ ᠮᠤᠰᠭᠢᠵᠤ ᠶᠠᠰᠤ ᠶᠠᠩᠭᠢᠨᠠᠮ᠎ᠠ ᠬᠦᠢᠲᠡᠨ ᠤᠰᠤ᠎ᠪᠠᠷ ᠴᠢᠯᠡᠭᠡ᠎ᠪᠡᠨ ᠭᠠᠷᠭᠠᠵᠤ ᠨᠣᠢᠷ᠎ᠢᠶᠠᠨ ᠰᠡᠷᠭᠦᠭᠡᠭᠡᠳ ᠠᠵᠢᠯ᠎ᠢᠶᠠᠨ ᠥᠷᠭᠦᠯᠵᠢᠯᠡᠭᠦᠯᠳᠡᠭ ᠪᠠᠢᠯ᠎ᠠ᠃

ᠡᠨᠡ ᠡᠳᠦᠷ ᠫᠷᠣᠹᠧᠰᠰᠣᠷ ᠴᠢᠶᠠᠨ ᠰᠢᠤᠸᠠᠢ ᠰᠧᠨ᠎ᠴᠦ ᠮᠥᠨ ᠰᠤᠷᠤᠭᠴᠢ᠎ᠲᠠᠢ᠎ᠪᠠᠨ ᠠᠳᠠᠯᠢ᠎ᠪᠠᠷ ᠬᠡᠳᠦᠨ ᠮᠠᠨᠲᠠᠤ᠂ ᠬᠡᠳᠦᠨ ᠬᠡᠰᠡᠭ ᠳᠠᠪᠤᠰᠤᠲᠠᠢ ᠨᠣᠭᠤᠭ᠎ᠠ ᠰᠠᠪᠠᠯᠠᠭᠠᠳ ᠳᠤᠭᠤᠢ᠎ᠪᠠᠷ ᠬᠣᠯᠠ᠎ᠶᠢᠨ ᠲᠡᠭᠦᠷᠭᠡ᠎ᠳᠦ ᠢᠷᠡᠵᠦ ᠲᠤᠷᠰᠢᠯᠲᠠ ᠦᠵᠡᠪᠡ᠃ ᠲᠡᠳᠡ ᠪᠦᠭᠦᠳᠡᠭᠡᠷ ᠭᠠᠩ ᠳᠤᠭᠤᠯᠠᠭ᠎ᠠ ᠡᠮᠦᠰᠴᠦ᠂ ᠬᠣᠷᠢ ᠭᠠᠷᠤᠢ ᠮᠧᠲᠷ ᠬᠣᠯᠠ᠎ᠶᠢᠨ ᠭᠤᠤ ᠳᠣᠲᠤᠷ᠎ᠠ ᠬᠡᠪᠲᠡᠵᠦ ᠫᠤᠤᠵᠢᠩ ᠬᠠᠷᠪᠤᠬᠤ᠎ᠶᠢ ᠬᠦᠯᠢᠶᠡᠵᠦ ᠪᠠᠢᠯ᠎ᠠ᠃

《ᠪᠡᠯᠡᠳᠭᠡᠭᠡᠳ - ᠨᠣᠴᠤᠭ᠎ᠠ!》 ᠭᠡᠵᠦ ᠲᠤᠰᠢᠶᠠᠮᠠᠭᠴᠠ᠂ ᠭᠠᠷᠳᠠᠨ ᠠᠵᠢᠯᠯᠠᠭᠴᠢ ᠨᠡᠭᠡᠭᠡᠯᠭᠡ᠎ᠶᠢ ᠳᠠᠷᠤᠯ᠎ᠠ᠃ ᠪᠦᠭᠦᠳᠡᠭᠡᠷ ᠠᠮᠢᠰᠭᠤᠯ᠎ᠢᠶᠠᠨ ᠳᠠᠷᠤᠨ ᠴᠢᠩᠨᠠᠵᠤ ᠪᠠᠢᠲᠠᠯ᠎ᠠ᠂ ᠫᠤᠤᠵᠢᠩ᠎ᠤᠨ ᠭᠠᠯ᠎ᠤᠨ ᠱᠠᠷᠴᠢᠭᠢᠨᠠᠨ ᠨᠣᠴᠤᠬᠤ ᠳᠠᠭᠤ᠎ᠨᠢ ᠲᠣᠳᠤᠬᠠᠨ ᠰᠣᠨᠤᠰᠳᠠᠯ᠎ᠠ᠃ ᠭᠱᠠᠨ ᠵᠠᠭᠤᠷ᠎ᠠ ᠫᠤᠤᠵᠢᠩ ᠠᠶᠤᠩᠭ᠎ᠠ ᠮᠡᠲᠦ ᠨᠢᠵᠢᠭᠢᠨᠡᠵᠦ᠂ ᠠᠭᠠᠷ᠎ᠲᠤ ᠬᠠᠷᠪᠤᠨ ᠭᠠᠷᠬᠤ᠎ᠳᠤ᠂ ᠫᠤᠤᠵᠢᠩ᠎ᠤᠨ ᠣᠯᠤᠭᠤᠢᠳᠤᠭᠤᠯᠤᠨ ᠬᠠᠷᠪᠤᠭᠰᠠᠨ ᠤᠷᠲᠤ᠎ᠠᠴᠠ ᠤᠷᠲᠤ ᠭᠠᠯ᠎ᠤᠨ ᠳᠥᠯᠦ᠎ᠳᠦ ᠭᠠᠵᠠᠷ ᠳᠡᠯᠡᠬᠡᠢ ᠤᠪ ᠤᠯᠠᠭᠠᠨ ᠪᠣᠯᠪᠠ᠃

ᠡᠭᠦᠨ᠎ᠲᠡᠢ ᠵᠡᠷᠭᠡ ᠠᠭᠠᠷ᠎ᠤᠨ ᠴᠡᠷᠢᠭ᠎ᠦᠨ ᠷᠠᠳᠠᠷ ᠬᠡᠮᠵᠢᠯᠲᠡ᠎ᠶᠢᠨ ᠠᠩᠭᠢ ᠫᠤᠤᠵᠢᠩ᠎ᠤᠨ ᠬᠥᠭᠡᠷᠦᠯᠲᠡ᠎ᠶᠢᠨ ᠬᠡᠮᠵᠢᠶ᠎ᠡ᠎ᠶᠢ ᠳ᠋ᠢᠶᠠᠩᠬᠤᠸᠠ᠎ᠪᠠᠷ: 《ᠮᠢᠩᠭᠠᠨ ᠮᠧᠲᠷ᠂ ᠬᠣᠶᠠᠷ ᠮᠢᠩᠭᠠᠨ ᠮᠧᠲᠷ᠂ ᠲᠠᠪᠤᠨ ᠮᠢᠩᠭᠠᠨ ᠮᠧᠲᠷ᠂ ᠨᠠᠢ᠍ᠮᠠᠨ ᠮᠢᠩᠭᠠᠨ ᠮᠧᠲᠷ ᠁》 ᠭᠡᠵᠦ ᠲᠠᠰᠤᠷᠠᠯ᠎ᠦᠭᠡᠢ ᠮᠡᠳᠡᠭᠦᠯᠵᠦ ᠪᠠᠢᠯ᠎ᠠ᠃

ᠬᠠᠷᠠᠮᠰᠠᠯᠲᠠᠢ᠎ᠨᠢ ᠲᠡᠷᠡ ᠦᠶ᠎ᠡ᠎ᠶᠢᠨ ᠮᠠᠨ᠎ᠤ ᠠᠭᠠᠷ᠎ᠤᠨ ᠴᠡᠷᠢᠭ᠎ᠦᠨ 《ᠳᠤᠷᠠᠨ》᠎ᠤ ᠬᠠᠷᠠᠬᠤ ᠲᠤᠢᠯ᠎ᠨᠢ ᠨᠠᠢ᠍ᠮᠠᠬᠠᠨ ᠮᠢᠩᠭᠠᠨ ᠮᠧᠲᠷ ᠪᠠᠢᠵᠠᠢ᠃ ᠫᠤᠤᠵᠢᠩ ᠡᠨᠡ ᠥᠨᠳᠦᠷ᠎ᠦᠨ ᠬᠡᠮᠵᠢᠶ᠎ᠡ᠎ᠡᠴᠡ ᠳᠠᠪᠠᠭᠰᠠᠨ ᠲᠤᠯᠠ ᠮᠥᠷᠳᠡᠨ ᠳᠠᠭᠠᠵᠤ ᠳᠡᠢᠯᠦᠭᠰᠡᠨ᠎ᠦᠭᠡᠢ᠂ ᠠᠷᠤ ᠠᠷᠤ᠎ᠠᠴᠠ᠎ᠨᠢ ᠳᠥᠷᠪᠡᠨ ᠫᠤᠤᠵᠢᠩ ᠬᠠᠷᠪᠤᠭᠰᠠᠨ᠎ᠨᠢ ᠪᠦᠷ ᠨᠠᠢ᠍ᠮᠠᠨ ᠮᠢᠩᠭᠠᠨ ᠮᠧᠲᠷ᠎ᠡᠴᠡ ᠳᠡᠭᠡᠭᠰᠢ ᠭᠠᠷᠤᠭᠰᠠᠨ ᠪᠠᠢᠯ᠎ᠠ᠃ ᠭᠡᠲᠡᠯ᠎ᠡ ᠶᠡᠷᠦ᠎ᠶᠢᠨ ᠬᠢᠮᠡᠯ ᠪᠣᠷᠤᠭᠠᠨ ᠣᠷᠤᠭᠤᠯᠬᠤ᠎ᠳᠤ᠂ ᠬᠣᠶᠠᠷ ᠭᠤᠷᠪᠠᠨ ᠮᠢᠩᠭᠠᠨ ᠮᠧᠲᠷ᠎ᠦᠨ ᠥᠨᠳᠦᠷ᠎ᠲᠦ ᠭᠠᠷᠪᠠᠯ ᠪᠣᠯᠴᠢᠬᠠᠬᠤ᠎ᠶᠤᠮ᠃

ᠰᠢᠨᠵᠢᠯᠡᠬᠦ ᠤᠬᠠᠭᠠᠨ᠎ᠤ ᠮᠡᠷᠭᠡᠵᠢᠯ᠎ᠦᠨ ᠶᠡᠬᠡ ᠰᠤᠷᠭᠠᠭᠤᠯᠢ᠂ ᠰᠤᠷᠭᠠᠭᠤᠯᠢ ᠪᠠᠢᠭᠤᠯᠤᠭᠳᠠᠭᠰᠠᠨ ᠨᠢᠭᠡ ᠵᠢᠯ᠎ᠦᠨ ᠣᠢ᠎ᠪᠠᠨ ᠪᠡᠯᠭᠡᠯᠡᠬᠦ ᠶᠡᠬᠡ ᠬᠤᠷᠠᠯ ᠬᠢᠪᠡ᠃ ᠰᠤᠷᠤᠭᠴᠢᠳ᠂ ᠠᠭᠠᠷ᠎ᠲᠤ ᠭᠤᠷᠪᠠᠨ ᠫᠤᠤᠵᠢᠩ ᠬᠠᠷᠪᠤᠵᠤ ᠭᠠᠷᠭᠠᠨ᠂ ᠶᠡᠬᠡ ᠬᠤᠷᠠᠯ᠎ᠳᠤ ᠪᠡᠯᠡᠭᠯᠡᠭᠰᠡᠨ᠎ᠳᠦ᠂ ᠰᠤᠷᠭᠠᠭᠤᠯᠢ᠎ᠶᠢᠨ ᠳᠠᠷᠤᠭ᠎ᠠ ᠭᠦᠸᠧ ᠮᠦᠸᠧ ᠿᠦᠸᠧ ᠪᠣᠯᠤᠨ ᠰᠠᠯᠪᠤᠷᠢ᠎ᠶᠢᠨ ᠡᠷᠬᠢᠯᠡᠭᠴᠢ ᠴᠢᠶᠠᠨ ᠰᠢᠤᠸᠠᠢ ᠰᠧᠨ ᠪᠠᠶᠠᠷᠲᠠᠢ ᠢᠨᠢᠶᠡᠮᠰᠦᠭᠯᠡᠵᠦ᠂ ᠨᠢᠵᠢᠭᠢᠨᠡᠲᠡᠯ᠎ᠡ ᠠᠯᠠᠭ᠎ᠠ ᠲᠠᠰᠢᠵᠤ ᠪᠠᠶᠠᠷ ᠬᠦᠷᠭᠡᠪᠡ᠃

1959 ᠣᠨ᠎ᠤ ᠨᠠᠮᠤᠷ᠂ ᠭᠠᠨᠰᠦ ᠮᠤᠵᠢ ᠶᠡᠬᠡ ᠭᠠᠩᠳᠠᠪᠠ᠃ ᠭᠠᠵᠠᠷ ᠬᠠᠭᠠᠷᠠᠵᠤ ᠲᠠᠷᠢᠶ᠎ᠠ ᠲᠥᠮᠦᠰᠦ ᠬᠣᠷᠪᠤᠢᠨ᠂ ᠠᠮᠠᠨ᠎ᠤ ᠤᠰᠤ᠎ᠴᠤ ᠣᠯᠳᠠᠬᠤ᠎ᠦᠭᠡᠢ ᠰᠠᠨᠳᠤᠷᠴᠠᠭᠠᠪᠠ᠃ ᠠᠷᠠᠳ ᠣᠯᠠᠨ ᠠᠭᠠᠷ ᠲᠡᠭᠷᠢ᠎ᠶᠢ ᠪᠠᠷᠠᠯᠠᠵᠤ ᠬᠤᠷ᠎ᠠ ᠪᠣᠷᠤᠭᠠᠨ ᠬᠠᠢᠷᠠᠯᠠᠬᠤ ᠪᠣᠯᠤᠭᠠᠰᠠᠢ ᠭᠡᠵᠦ ᠵᠠᠯᠪᠠᠷᠢᠨ᠎ᠠ᠃ ᠰᠠᠯᠪᠤᠷᠢ ᠠᠩᠭᠢ ᠡᠨᠳᠡ ᠢᠷᠡᠵᠦ ᠦᠢᠯᠡᠳᠦᠯᠭᠡ ᠳᠡᠭᠡᠷ᠎ᠡ ᠲᠤᠷᠰᠢᠯᠲᠠ ᠬᠢᠬᠦ ᠪᠣᠯᠪᠠ᠃ ᠪᠥᠭᠡᠮ ᠬᠠᠷ᠎ᠠ ᠡᠭᠦᠯᠡ ᠬᠦᠷᠴᠦ ᠢᠷᠡᠭᠰᠡᠨ᠎ᠳᠦ᠂ ᠦᠬᠡᠷ ᠨᠥᠬᠦᠳ᠎ᠲᠡᠢ᠎ᠪᠡᠨ ᠡᠨᠡ ᠲᠣᠬᠢᠶᠠᠯ᠎ᠢ ᠠᠯᠳᠠᠯ᠎ᠦᠭᠡᠢ ᠵᠠᠪᠳᠤᠵᠤ᠂ ᠫᠤᠤᠵᠢᠩ᠎ᠢᠶᠠᠨ ᠪᠣᠰᠭᠠᠨ ᠬᠠᠷ᠎ᠠ ᠡᠭᠦᠯᠡ᠎ᠶᠢ ᠬᠠᠷᠠᠭᠤᠯᠵᠤ᠂ ᠬᠡᠳᠦᠨᠲᠡ ᠬᠠᠷᠪᠤᠭᠰᠠᠨ᠎ᠳᠤ᠂ ᠫᠤᠤᠵᠢᠩ ᠳᠡᠭᠳᠡᠵᠦ ᠭᠠᠷᠤᠭᠠᠳ ᠡᠭᠦᠯᠡ᠎ᠶᠢ ᠣᠨᠤᠲᠠᠯ᠎ᠠ᠂ ᠴᠠᠬᠢᠯᠭᠠᠨ ᠴᠠᠬᠢᠯᠵᠤ ᠠᠶᠤᠩᠭ᠎ᠠ ᠨᠢᠵᠢᠭᠢᠨᠡᠨ᠂ ᠭᠱᠠᠨ ᠵᠠᠭᠤᠷ᠎ᠠ ᠶᠡᠬᠡ ᠪᠣᠷᠤᠭᠠᠨ ᠱᠠᠭᠢᠨ ᠪᠠᠭᠤᠪᠠ᠃

ᠤᠳᠠᠲᠠᠯ᠎ᠠ ᠭᠠᠩᠳᠠᠭᠠᠳ ᠷᠠᠰᠢᠶᠠᠨ ᠬᠤᠷ᠎ᠠ᠎ᠲᠠᠢ ᠵᠣᠯᠭᠠᠭᠰᠠᠨ ᠠᠷᠠᠳ᠎ᠤᠳ ᠰᠠᠷᠠᠪᠴᠢᠨ ᠳᠣᠭᠤᠤᠷ ᠭᠦᠶᠦᠯᠳᠦᠨ ᠭᠠᠷᠴᠤ᠂ ᠡᠷᠡᠭᠲᠡᠢᠴᠦᠳ᠎ᠨᠢ ᠭᠠᠷᠴᠤ ᠢᠷᠡᠭᠡᠳ ᠪᠡᠶ᠎ᠡ ᠤᠭᠢᠶᠠᠬᠤ᠎ᠳᠤ ᠡᠮᠡᠭᠲᠡᠢᠴᠦᠳ᠎ᠴᠦ ᠪᠣᠷᠤᠭᠠᠨ ᠳᠤᠮᠳᠠ ᠪᠠᠶᠠᠷᠯᠠᠨ ᠦᠢᠮᠡᠯᠳᠦᠵᠦ᠂ ᠬᠡᠦᠬᠡᠳ᠎ᠦᠳ ᠨᠡᠩ᠎ᠴᠦ ᠤᠰᠤ᠎ᠪᠠᠷ ᠠᠯᠢᠶᠠᠷᠬᠠᠨ ᠨᠠᠭᠠᠳᠴᠠᠭᠠᠨ᠎ᠠ᠃ ᠡᠪᠦᠭᠡᠨ ᠲᠠᠷᠢᠶᠠᠴᠢᠳ ᠥᠨᠳᠦᠷ ᠲᠡᠭᠷᠢ᠎ᠶᠢ ᠬᠠᠷᠠᠵᠤ: 《ᠯᠤᠤᠰ᠎ᠤᠨ ᠬᠠᠭᠠᠨ ᠦᠨᠡᠬᠡᠷ ᠪᠢᠳᠡᠨ᠎ᠢ ᠥᠷᠦᠰᠢᠶᠡᠯ᠎ᠡ!》 ᠭᠡᠵᠦ ᠵᠠᠯᠪᠠᠷᠢᠨ᠎ᠠ᠃

ᠦᠬᠡᠷ ᠳᠠᠢᠴᠢᠨ ᠨᠥᠬᠦᠳ᠎ᠲᠡᠢ᠎ᠪᠡᠨ ᠨᠢᠩᠰᠢᠶᠠ᠂ ᠰᠧᠴᠤᠸᠠᠨ᠂ ᠯᠢᠶᠣᠣᠨᠢᠩ ᠵᠡᠷᠭᠡ ᠭᠠᠵᠠᠷ᠎ᠤᠳ᠎ᠢᠶᠠᠷ ᠶᠠᠪᠤᠵᠤ ᠲᠤᠷᠰᠢᠯᠲᠠ ᠬᠢᠭᠡᠳ ᠪᠦᠷ ᠳᠦᠭᠦᠷᠡᠩ ᠠᠮᠵᠢᠯᠲᠠ ᠣᠯᠵᠠᠢ᠃

ᠡᠭᠦᠯᠡ ᠪᠣᠷᠤᠭᠠᠨ ᠤᠷᠢᠳᠠᠭ ᠡᠷᠲᠡᠨ᠎ᠦ ᠳᠣᠮᠤᠭ ᠣᠳᠣ ᠳᠤᠮᠳᠠᠳᠤ ᠤᠯᠤᠰ᠎ᠤᠨ ᠡᠬᠡ ᠭᠠᠵᠠᠷ᠎ᠲᠤ ᠪᠣᠳᠠᠲᠤ ᠦᠨᠡᠨ ᠶᠠᠪᠤᠳᠠᠯ ᠪᠣᠯᠤᠭᠠᠳ᠂ ᠦᠬᠡᠷ ᠨᠥᠬᠦᠷ ᠰᠡᠯᠲᠡ᠎ᠶᠢᠨ ᠬᠠᠮᠲᠤ ᠡᠭᠦᠯᠡ ᠪᠣᠷᠤᠭᠠᠨ᠎ᠢ ᠤᠷᠢᠨ ᠳᠠᠯᠠᠯᠵᠤ᠂ ᠠᠷᠠᠳ ᠣᠯᠠᠨ᠎ᠳᠠᠭᠠᠨ ᠥᠭᠭᠢᠶᠡᠮᠦᠷ ᠬᠤᠷ᠎ᠠ ᠢᠪᠡᠭᠡᠭᠴᠢ 《ᠪᠢᠯᠢᠭᠦᠨ ᠵᠠᠩᠵᠤᠨ》 ᠪᠣᠯᠵᠠᠢ᠃

 

ᠰᠢᠩᠭᠡᠯᠢᠭ᠎ᠲᠦ ᠬᠣᠷᠢᠭᠳᠠᠭᠰᠠᠨ 《ᠠᠯ ᠰᠡᠭᠦᠯ》

1963 ᠣᠨ᠎ᠳᠤ ᠰᠢᠨᠵᠢᠯᠡᠬᠦ ᠤᠬᠠᠭᠠᠨ᠎ᠤ ᠮᠡᠷᠭᠡᠵᠢᠯ᠎ᠦᠨ ᠶᠡᠬᠡ ᠰᠤᠷᠭᠠᠭᠤᠯᠢ᠎ᠠᠴᠠ ᠲᠡᠭᠦᠰᠦᠭᠰᠡᠨ ᠦᠬᠡᠷ ᠮᠦᠭᠳᠡᠨ᠎ᠦ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠰᠢᠨᠵᠢᠯᠡᠬᠦ ᠤᠬᠠᠭᠠᠨ᠎ᠤ ᠺᠣᠮᠢᠰ᠎ᠤᠨ ᠵᠢᠷᠤᠭ ᠲᠥᠯᠦᠪᠯᠡᠭᠡᠨ᠎ᠦ ᠭᠠᠵᠠᠷ ᠣᠴᠢᠵᠤ ᠠᠵᠢᠯᠯᠠᠵᠠᠢ᠃ ᠲᠡᠭᠡᠭᠡᠳ ᠰᠥᠨᠦᠭᠡᠭᠴᠢ ᠭᠣᠳᠤᠯᠢ ᠬᠡᠯᠪᠡᠢᠵᠦ ᠪᠠᠢᠯᠳᠤᠭᠠᠨ᠎ᠤ ᠨᠢᠰᠬᠦ ᠣᠩᠭᠤᠴᠠᠨ᠎ᠤ ᠲᠧᠭᠨᠢᠭ᠎ᠦᠨ ᠮᠠᠭᠠᠳᠯᠠᠯ᠎ᠳᠤ ᠣᠷᠤᠯᠴᠠᠭᠠᠳ᠂ ᠤᠳᠠᠭᠰᠠᠨ᠎ᠦᠭᠡᠢ ᠲᠧᠭᠨᠢᠭ᠎ᠦᠨ ᠳᠤᠭᠤᠢᠯᠠᠩ᠎ᠤᠨ ᠳᠠᠷᠤᠭ᠎ᠠ᠎ᠶᠢᠨ ᠠᠵᠢᠯ᠎ᠢ ᠬᠠᠷᠢᠭᠤᠴᠠᠪᠠ᠃ ᠲᠡᠭᠦᠨ᠎ᠢ ᠬᠥᠬᠡ ᠮᠥᠩᠭᠦᠨ ᠲᠡᠭᠷᠢ᠎ᠳᠦ ᠬᠦᠯᠦᠭ᠎ᠦᠨ ᠵᠢᠭᠦᠷ ᠳᠡᠯᠭᠡᠬᠦ ᠭᠡᠵᠦ ᠪᠠᠢᠲᠠᠯ᠎ᠠ᠂ ᠭᠡᠨᠡᠳᠲᠡ ᠤᠭᠠᠯᠵᠠ ᠰᠢᠭᠤᠷᠭ᠎ᠠ ᠤᠤᠯᠭᠠᠯᠠᠨ ᠳᠠᠭᠠᠷᠢᠯ᠎ᠠ᠃

ᠡᠬᠢᠨ᠎ᠦ ᠦᠶ᠎ᠡ᠎ᠳᠦ ᠣᠯᠠᠨ᠎ᠢᠶᠠᠷ᠎ᠢᠶᠠᠨ ᠦᠬᠡᠷ᠎ᠢ 《 ᠰᠣᠶᠤᠯ᠎ᠤᠨ ᠬᠤᠪᠢᠰᠭᠠᠯ᠎ᠤᠨ ᠠᠯᠪᠠᠨ ᠭᠡᠷ》᠎ᠤᠨ ᠳᠡᠳ᠋ ᠡᠷᠬᠢᠯᠡᠭᠴᠢ᠎ᠪᠡᠷ ᠰᠣᠩᠭᠤᠪᠠ᠃ ᠤᠳᠠᠭᠰᠠᠨ᠎ᠦᠭᠡᠢ ᠣᠯᠠᠨ᠎ᠢᠶᠠᠷ᠎ᠢᠶᠠᠨ ᠬᠣᠶᠠᠷ ᠪᠦᠯᠦᠭ ᠪᠣᠯᠤᠨ ᠬᠠᠭᠠᠷᠠᠭᠰᠠᠨ ᠲᠤᠯᠠ ᠡᠨᠡ 《ᠬᠠᠷ᠎ᠠ ᠪᠦᠯᠦᠭ》᠎ᠤᠨ ᠦᠷ᠎ᠡ ᠠᠴᠢᠷ ᠠᠷᠭ᠎ᠠ᠎ᠦᠭᠡᠢ 《 ᠬᠤᠪᠢ᠎ᠪᠠᠨ ᠬᠥᠭᠡᠭᠡᠬᠦ》᠎ᠳᠦ ᠬᠦᠷᠴᠡᠢ᠃ ᠦᠬᠡᠷ ᠦᠵᠡᠯ ᠵᠣᠷᠢᠯᠭ᠎ᠠ ᠨᠢᠭᠡᠲᠡᠢ ᠬᠡᠳᠦᠨ ᠨᠥᠬᠦᠳ᠎ᠲᠡᠢ᠎ᠪᠡᠨ ᠨᠡᠢᠯᠡᠭᠡᠳ ᠪᠡᠭᠡᠵᠢᠩ᠎ᠦᠨ ᠠᠭᠠᠷ᠎ᠤᠨ ᠠᠶᠠᠯᠠᠯ᠎ᠤᠨ ᠳᠡᠭᠡᠳᠦ ᠰᠤᠷᠭᠠᠭᠤᠯᠢ᠎ᠳᠤ ᠣᠴᠢᠵᠤ ᠪᠠᠢᠴᠠᠭᠠᠨ ᠰᠤᠳᠤᠯᠤᠯᠲᠠ ᠬᠢᠵᠦ᠂ ᠲᠤᠰᠭᠠᠢ ᠮᠡᠷᠭᠡᠵᠢᠯᠲᠡᠨ᠎ᠢ ᠵᠠᠯᠠᠵᠤ ᠭᠠᠳᠠᠭᠠᠳᠤ᠎ᠶᠢᠨ ᠣᠩᠭᠤᠴᠠᠨ᠎ᠤ ᠬᠡᠯᠪᠡᠷᠢ᠎ᠶᠢᠨ ᠬᠥᠭᠵᠢᠯᠲᠡ᠎ᠶᠢ ᠰᠤᠳᠤᠯᠪᠠ᠃

ᠦᠬᠡᠷ ᠨᠥᠬᠦᠳ᠎ᠲᠡᠢ᠎ᠪᠡᠨ ᠵᠣᠷᠢᠭ ᠲᠡᠭᠦᠯᠳᠡᠷ ᠠᠵᠢᠯᠯᠠᠵᠤ ᠪᠠᠢᠲᠠᠯ᠎ᠠ ᠪᠠᠢᠭᠤᠯᠭ᠎ᠠ᠎ᠶᠢᠨ ᠬᠢᠨᠢ ᠤᠷᠪᠠᠯᠭ᠎ᠠ ᠭᠠᠷᠭᠠᠭᠴᠢᠳ ᠴᠠᠬᠢᠯᠭᠠᠨ ᠮᠡᠳᠡᠭᠡ ᠢᠷᠡᠭᠦᠯᠵᠦ᠂ ᠬᠠᠷᠢᠵᠤ ᠠᠵᠢᠯ᠎ᠢᠶᠠᠨ ᠮᠡᠳᠡᠭᠦᠯ ᠭᠡᠵᠦ ᠳᠠᠭᠤᠳᠠᠪᠠ᠃ ᠦᠬᠡᠷ ᠭᠠᠯ ᠲᠡᠷᠭᠡ᠎ᠪᠡᠷ ᠮᠦᠭᠳᠡᠨ᠎ᠳᠦ ᠬᠦᠷᠴᠦ ᠲᠡᠷᠭᠡᠨ᠎ᠡᠴᠡ ᠪᠠᠭᠤᠲᠠᠯ᠎ᠠ ᠤᠯᠤᠰ ᠭᠦᠶᠦᠯᠳᠦᠨ ᠢᠷᠡᠵᠦ ᠭᠠᠷ᠎ᠢ᠎ᠨᠢ ᠠᠷᠤ᠎ᠳᠤᠨᠢ ᠬᠦᠯᠢᠴᠢᠬᠡᠪᠡ᠃

《ᠪᠢ ᠶᠠᠮᠠᠷ ᠶᠠᠯ᠎ᠠ ᠬᠢᠴᠢᠬᠡᠪᠡ?》

《ᠴᠢ ᠤᠷᠪᠠᠭᠴᠢ ᠡᠴᠢᠭᠡ᠎ᠪᠡᠨ ᠥᠮᠦᠭᠯᠡᠭᠰᠡᠨ᠃ 》

ᠤᠴᠢᠷ ᠵᠦᠢ᠎ᠶᠢ ᠠᠰᠠᠭᠤᠯ᠎ᠦᠭᠡᠢ᠎ᠪᠠᠷ ᠦᠬᠡᠷ᠎ᠢ ᠪᠠᠷᠢᠵᠤ ᠬᠣᠷᠢᠪᠠ᠃

《ᠴᠠᠭ ᠮᠥᠴᠡ᠎ᠶᠢ ᠲᠠᠯᠠᠭᠠᠷ ᠨᠥᠭᠴᠢᠭᠡᠬᠦ᠎ᠡᠴᠡ ᠢᠯᠡᠭᠦᠦ ᠵᠣᠪᠠᠯᠠᠩ ᠭᠡᠵᠦ ᠪᠠᠢᠬᠤ᠎ᠦᠭᠡᠢ》 ᠭᠡᠳᠡᠭ ᠲᠦᠷᠭᠧᠨ᠋ᠸᠧ᠎ᠶᠢᠨ ᠠᠯᠳᠠᠷᠲᠤ ᠰᠤᠷᠭᠠᠯ᠎ᠢ ᠦᠬᠡᠷ ᠣᠯᠠᠨ ᠵᠢᠯ ᠮᠠᠷᠲᠠᠯ᠎ᠦᠭᠡᠢ ᠴᠡᠭᠡᠵᠢᠯᠡᠭᠰᠡᠭᠡᠷ ᠢᠷᠡᠭᠰᠡᠨ ᠲᠤᠯᠠ ᠡᠨᠡ ᠦᠭᠡ᠎ᠪᠡᠷ ᠠᠵᠢᠯ ᠰᠤᠷᠤᠯᠭ᠎ᠠ᠎ᠪᠠᠨ ᠰᠢᠪᠠᠳᠠᠭᠰᠠᠭᠠᠷ ᠢᠷᠡᠭᠰᠡᠨ᠎ᠶᠦᠮ᠃ 《ᠲᠡᠦᠬᠡ᠎ᠶᠢᠨ ᠡᠨᠳᠡᠭᠦᠷᠡᠯ᠎ᠳᠦ ᠬᠤᠮᠤᠷᠭᠠᠯᠠᠭᠳᠠᠬᠤ ᠦᠶ᠎ᠡ᠎ᠳᠦ ᠲᠥᠪ ᠵᠣᠷᠢᠭ ᠰᠢᠨᠲᠠᠷᠠᠵᠤ ᠪᠣᠯᠬᠤ᠎ᠦᠭᠡᠢ》 ᠭᠡᠵᠦ ᠦᠬᠡᠷ ᠰᠡᠳᠭᠢᠯ᠎ᠢᠶᠡᠨ ᠴᠢᠩᠭᠠᠯᠠᠭᠠᠳ᠂ ᠡᠨᠡ ᠭᠢᠨᠳᠠᠨ᠎ᠤ ᠪᠤᠯᠤᠩ᠎ᠳᠤ ᠶᠠᠭᠤ ᠬᠢᠬᠦ ᠬᠡᠷᠡᠭᠲᠡᠢ ᠪᠤᠢ ᠭᠡᠵᠦ ᠡᠷᠭᠢᠴᠡᠭᠦᠯᠵᠦ ᠪᠣᠳᠤᠯ᠎ᠠ᠃ ᠦᠬᠡᠷ᠎ᠦᠨ ᠭᠠᠷ ᠳᠣᠣᠷ᠎ᠠ᠎ᠨᠢ ᠨᠢᠭᠡ ᠳᠡᠪᠲᠡᠷ ᠭᠧᠷᠮᠠᠨ ᠬᠡᠯᠡᠨ᠎ᠦ ᠦᠭᠡ᠎ᠶᠢᠨ ᠲᠡᠭᠦᠪᠦᠷᠢ᠂ ᠪᠠᠰᠠ ᠨᠢᠭᠡ ᠳᠡᠪᠲᠡᠷ ᠰᠤᠷᠤᠭᠴᠢ᠎ᠶᠢᠨ ᠲᠣᠯᠢ ᠪᠢᠴᠢᠭ ᠪᠠᠢᠭᠰᠠᠨ ᠲᠤᠯᠠ ᠡᠳᠦᠷ᠎ᠨᠢ ᠲᠡᠮᠦᠷ ᠰᠠᠷᠠᠯᠵᠢ ᠴᠣᠩᠬᠤ᠎ᠪᠠᠷ ᠳᠣᠰᠤᠭᠰᠠᠨ ᠪᠦᠳᠡᠭᠢ ᠭᠡᠷᠡᠯ᠎ᠳᠦ ᠭᠧᠷᠮᠠᠨ ᠬᠡᠯᠡ ᠪᠣᠯᠪᠠᠰᠤᠷᠠᠵᠤ᠂ ᠰᠥᠨᠢ᠎ᠶᠢᠨ ᠬᠠᠷᠠᠩᠭᠤᠢ᠎ᠳᠤ ᠬᠠᠷ᠎ᠠ ᠴᠡᠭᠡᠵᠢ᠎ᠪᠡᠷ ᠳᠠᠪᠲᠠᠨ ᠪᠢᠰᠢᠯᠭᠠᠳᠠᠭ ᠪᠠᠢᠯ᠎ᠠ᠃

ᠦᠬᠡᠷ ᠦᠯᠦ ᠰᠢᠲᠠᠬᠤ ᠰᠢᠷ᠎ᠦᠨ ᠲᠤᠷᠰᠢᠯᠲᠠ ᠬᠢᠵᠦ ᠦᠵᠡᠭᠰᠡᠨ ᠨᠢᠭᠡ ᠮᠧᠩ ᠴᠢᠩ ᠫᠢᠩ ᠭᠡᠳᠡᠭ ᠬᠥᠮᠦᠨ᠎ᠲᠡᠢ ᠲᠠᠨᠢᠯᠴᠠᠭᠠᠳ᠂ ᠬᠣᠶᠠᠭᠤᠯᠠ ᠦᠭᠡ ᠲᠠᠭᠠᠷᠠᠨ ᠶᠠᠷᠢᠯᠴᠠᠵᠠᠢ᠃ ᠡᠨᠡ ᠬᠣᠷᠢᠭᠤᠯ᠎ᠤᠨ ᠭᠠᠵᠠᠷ᠎ᠨᠢ ᠡᠷᠳᠡᠮ ᠮᠡᠳᠡᠯᠭᠡ᠎ᠪᠡᠨ ᠰᠣᠯᠢᠯᠴᠠᠬᠤ ᠡᠩᠬᠡᠵᠢᠨ᠎ᠦ ᠣᠷᠤᠨ ᠪᠣᠯᠵᠠᠢ᠃ ᠡᠨᠡ ᠭᠠᠵᠠᠷ ᠲᠤᠷᠰᠢᠯᠲᠠ ᠬᠢᠬᠦ ᠪᠣᠯᠤᠯᠴᠠᠭ᠎ᠠ᠎ᠦᠭᠡᠢ᠂ ᠪᠣᠳᠤᠯᠭ᠎ᠠ ᠪᠣᠳᠤᠬᠤ᠎ᠳᠤ ᠴᠠᠭᠠᠰᠤ᠎ᠦᠭᠡᠢ᠂ ᠭᠠᠭᠴᠠᠬᠠᠨ ᠡᠰᠢ᠎ᠦᠭᠡᠢ ᠲᠣᠰᠤᠨ ᠪᠢᠷ᠎ᠦᠨ ᠭᠣᠣᠯ᠎ᠯᠠ ᠪᠠᠢᠭᠰᠠᠨ ᠲᠤᠯᠠ 《ᠡᠷᠳᠡᠮ ᠰᠢᠨᠵᠢᠯᠡᠭᠡ᠎ᠶᠢᠨ ᠰᠣᠯᠢᠯᠴᠠᠭ᠎ᠠ》 ᠬᠢᠬᠦ᠎ᠳᠦ ᠵᠥᠪᠬᠡᠨ ᠠᠮᠠ᠎ᠪᠠᠷ ᠬᠡᠯᠡᠵᠦ ᠭᠠᠷ᠎ᠢᠶᠠᠷ ᠵᠠᠩᠭᠠᠬᠤ᠎ᠠᠴᠠ ᠥᠭᠡᠷ᠎ᠡ ᠠᠷᠭ᠎ᠠ ᠠᠯᠠᠭ᠎ᠠ᠃ ᠲᠡᠨᠳᠡ ᠡᠳᠦᠷ᠎ᠲᠦ ᠬᠥᠮᠦᠨ ᠨᠢᠭᠡᠪᠦᠷᠢ᠎ᠳᠦ ᠨᠣᠶᠠᠨ ᠰᠢᠰᠢ᠎ᠶᠢᠨ ᠪᠠᠵᠠᠮᠠᠯ ᠬᠣᠶᠠᠷ᠂ ᠳᠠᠪᠤᠰᠤᠲᠠᠢ ᠨᠣᠭᠤᠭ᠎ᠠ ᠬᠣᠶᠠᠷ ᠬᠡᠰᠡᠭ᠂ ᠨᠢᠭᠡ ᠴᠣᠮᠣ ᠤᠰᠤ᠎ᠯᠠ ᠥᠭᠳᠡᠭ ᠪᠠᠢᠭᠰᠠᠨ ᠲᠤᠯᠠ ᠪᠡᠶ᠎ᠡ ᠪᠢᠯᠳᠠᠷ ᠶᠡᠬᠡᠲᠡᠢ ᠦᠬᠡᠷ ᠥᠯᠦᠰᠴᠦ ᠤᠮᠳᠠᠭᠠᠰᠤᠭᠠᠳ᠂ ᠳᠡᠮᠡᠢ ᠬᠡᠳᠦᠨ ᠦᠭᠡ ᠶᠠᠷᠢᠯ᠎ᠦᠭᠡᠢ᠎ᠪᠠᠷ ᠨᠢᠳᠦ᠎ᠨᠢ ᠬᠠᠷᠠᠯᠠᠨ᠂ ᠤᠷᠤᠭᠤᠯ ᠲᠠᠩᠨᠠᠢ᠎ᠨᠢ ᠬᠠᠲᠠᠵᠤ ᠠᠭᠤᠰᠭᠢ ᠵᠢᠷᠦᠬᠡᠨ᠎ᠡᠴᠡ᠎ᠨᠢ ᠤᠲᠤᠭ᠎ᠠ ᠮᠠᠨᠠᠷᠠᠳᠠᠭ ᠪᠠᠢᠵᠠᠢ᠃ ᠦᠬᠡᠷ ᠦᠷᠭᠦᠯᠵᠢ ᠤᠷᠤᠭᠤᠯ᠎ᠢᠶᠠᠨ ᠲᠠᠰᠤ ᠬᠠᠮᠬᠢᠨ ᠨᠢᠳᠦ᠎ᠪᠡᠨ ᠠᠨᠢᠵᠤ᠂ ᠰᠠᠭᠤᠵᠤ ᠰᠠᠭᠤᠭᠠᠳ ᠠᠷᠠᠭ᠎ᠠ ᠰᠢᠳᠦᠨ᠎ᠡᠴᠡ᠎ᠨᠢ ᠳᠤᠰᠤᠯ᠎ᠤᠨ ᠲᠡᠳᠦᠢ ᠰᠢᠯᠦᠰᠦ ᠬᠤᠷᠠᠪᠠᠯ 《ᠡᠷᠳᠡᠮ ᠰᠢᠨᠵᠢᠯᠡᠭᠡ᠎ᠶᠢᠨ ᠰᠣᠯᠢᠯᠴᠠᠭ᠎ᠠ》 ᠶᠠᠪᠤᠭᠤᠯᠳᠠᠭ ᠪᠠᠢᠵᠠᠢ᠃

ᠡᠳᠡ ᠬᠣᠶᠠᠭᠤᠯᠠ ᠬᠣᠷᠢᠭᠤᠯ᠎ᠤᠨ ᠭᠠᠵᠠᠷ ᠬᠠᠭᠠᠰ ᠵᠢᠯ ᠬᠠᠮᠲᠤ ᠰᠠᠭᠤᠬᠤ᠎ᠳᠠᠭᠠᠨ᠂ 《ᠡᠷᠳᠡᠮ ᠰᠢᠨᠵᠢᠯᠡᠭᠡ᠎ᠶᠢᠨ ᠰᠣᠯᠢᠯᠴᠠᠭ᠎ᠠ》᠎ᠪᠡᠨ ᠡᠨᠡ ᠮᠡᠲᠦ᠎ᠪᠡᠷ ᠬᠠᠭᠠᠰ ᠵᠢᠯ ᠦᠷᠭᠦᠯᠵᠢᠯᠡᠭᠦᠯᠵᠡᠢ᠃ 1969 ᠣᠨ᠎ᠤ ᠲᠠᠪᠤᠳᠤᠭᠠᠷ ᠰᠠᠷ᠎ᠠ᠎ᠳᠤ᠂ ᠦᠬᠡᠷ ᠡᠨᠡ ᠭᠢᠨᠳᠠᠨ᠎ᠠᠴᠠ ᠠᠶᠠᠷᠯᠠᠨ ᠰᠠᠯᠬᠤ ᠦᠶ᠎ᠡ᠎ᠳᠦ᠂ ᠥᠨᠳᠦᠷ ᠢᠯᠴᠢᠲᠦ ᠰᠢᠷᠦᠭᠦᠨ ᠭᠠᠯ᠎ᠲᠠᠢ ᠵᠣᠯᠭᠠᠵᠤ ᠪᠣᠯᠪᠠᠰᠤᠷᠠᠭᠰᠠᠨ ᠬᠣᠶᠠᠷ ᠬᠣᠣᠰ ᠬᠦᠳᠡᠷ ᠭᠠᠷ ᠴᠢᠩᠭ᠎ᠠ ᠠᠳᠭᠤᠯᠴᠠᠵᠠᠢ᠃

 

ᠠᠷᠭ᠎ᠠ ᠮᠤᠬᠤᠷᠳᠠᠭᠰᠠᠨ 《ᠭᠠᠯ ᠯᠣᠣ》

ᠦᠬᠡᠷ ᠬᠣᠷᠢᠭᠤᠯ᠎ᠤᠨ ᠭᠠᠵᠠᠷ᠎ᠠᠴᠠ ᠭᠠᠷᠤᠭᠰᠠᠨ᠎ᠤ ᠳᠠᠷᠠᠭ᠎ᠠ 《ᠣᠯᠠᠨ ᠲᠦᠮᠡᠨ᠎ᠦ ᠳᠠᠷᠤᠩᠭᠤᠢᠯᠠᠯ᠎ᠤᠨ ᠠᠩᠭᠢ》᠎ᠳᠤ ᠬᠣᠷᠢᠭᠳᠠᠵᠤ᠂ ᠲᠠᠷᠢᠶᠠᠯᠠᠩ᠎ᠤᠨ ᠲᠠᠯᠠᠪᠠᠢ᠎ᠳᠤ ᠣᠴᠢᠵᠤ ᠬᠥᠳᠡᠯᠮᠦᠷᠢᠯᠡᠬᠦ᠎ᠪᠡᠷ ᠪᠣᠯᠵᠠᠢ᠃

ᠨᠢᠭᠡ ᠡᠳᠦᠷ ᠵᠢᠷᠤᠭ ᠲᠥᠯᠦᠪᠯᠡᠭᠡ᠎ᠶᠢᠨ ᠭᠠᠵᠠᠷ᠎ᠠᠴᠠ ᠣᠨᠴᠤᠭᠤᠢ ᠴᠠᠬᠢᠯᠭᠠᠨ ᠮᠡᠳᠡᠭᠡ ᠢᠷᠡᠪᠡ: 《ᠪᠢ ᠵᠧᠦ ᠶᠡᠷᠦᠩᠬᠡᠢ ᠰᠠᠢᠳ᠎ᠲᠠᠢ ᠠᠭᠤᠯᠵᠠᠯ᠎ᠠ᠂ ᠬᠤᠷᠳᠤᠨ ᠪᠡᠭᠡᠵᠢᠩ᠎ᠳᠦ ᠢᠷᠡᠵᠦ ᠠᠪᠤ ᠡᠵᠢ᠎ᠲᠡᠢ ᠠᠭᠤᠯᠵᠠ᠃ 》 ᠡᠨᠡ ᠴᠠᠬᠢᠯᠭᠠᠨ ᠮᠡᠳᠡᠭᠡ᠎ᠶᠢ ᠦᠬᠡᠷ᠎ᠦᠨ ᠳᠡᠭᠦᠦ ᠶᠠᠪᠤᠭᠤᠯᠤᠭᠰᠠᠨ ᠪᠠᠢᠵᠠᠢ᠃ ᠲᠡᠷᠡ ᠵᠧᠦ ᠶᠡᠷᠦᠩᠬᠡᠢ ᠰᠠᠢᠳ᠎ᠲᠠᠢ ᠠᠭᠤᠯᠵᠠᠬᠤ᠎ᠳᠠᠭᠠᠨ ᠠᠬ᠎ᠠ᠎ᠶᠢᠨ᠎ᠢᠶᠠᠨ ᠪᠠᠢᠳᠠᠯ᠎ᠢ ᠶᠠᠷᠢᠵᠤ ᠥᠭᠭᠦᠭᠰᠡᠨ᠎ᠳᠦ᠂ ᠵᠧᠦ ᠶᠡᠷᠦᠩᠬᠡᠢ ᠰᠠᠢᠳ ᠲᠡᠭᠦᠨ᠎ᠳᠦ ᠨᠥᠬᠦᠷ ᠤᠯᠠᠭᠠᠨᠬᠦᠦ ᠠᠰᠠᠭᠤᠳᠠᠯ᠎ᠦᠭᠡᠢ᠂ ᠦᠬᠡᠷ᠎ᠲᠦ ᠴᠢᠷᠦᠭᠳᠡᠯ ᠪᠣᠯᠬᠤ ᠶᠣᠰᠤ᠎ᠦᠭᠡᠢ ᠭᠡᠵᠦ ᠬᠡᠯᠡᠵᠦ ᠥᠭᠴᠡᠢ᠃

ᠦᠬᠡᠷ ᠵᠢᠷᠤᠭ ᠲᠥᠯᠦᠪᠯᠡᠭᠡ᠎ᠶᠢᠨ ᠭᠠᠵᠠᠷ᠎ᠲᠠᠭᠠᠨ ᠡᠷᠭᠢᠵᠦ ᠢᠷᠡᠬᠦ᠎ᠳᠦ᠂ ᠤᠯᠤᠰ᠎ᠤᠨ ᠰᠡᠳᠭᠢᠯ ᠰᠠᠮᠠᠭᠤᠷᠠᠵᠤ᠂ ᠠᠭᠠᠷ᠎ᠤᠨ ᠵᠡᠪᠰᠡᠭ ᠲᠥᠯᠦᠪᠯᠡᠨ ᠰᠤᠳᠤᠯᠬᠤ ᠠᠵᠢᠯ ᠶᠠᠪᠤᠭᠳᠠᠬᠤ᠎ᠶᠢᠨ ᠠᠷᠭ᠎ᠠ᠎ᠦᠭᠡᠢ ᠪᠠᠢᠭᠰᠠᠨ ᠲᠤᠯᠠ ᠦᠬᠡᠷ ᠦᠯᠦ ᠰᠢᠲᠠᠬᠤ ᠰᠢᠷ᠎ᠦᠨ ᠲᠤᠷᠰᠢᠯᠲᠠ ᠬᠢᠵᠦ᠂ ᠬᠠᠮᠲᠤᠷᠠᠯ᠎ᠤᠨ ᠦᠢᠯᠡᠳᠪᠦᠷᠢ ᠪᠠᠢᠭᠤᠯᠤᠭᠠᠳ᠂ ᠠᠵᠢᠯ᠎ᠦᠭᠡᠢ ᠵᠠᠯᠠᠭᠤᠴᠤᠳ᠎ᠲᠤ ᠠᠵᠢᠯ ᠣᠯᠭᠤᠬᠤ ᠭᠡᠵᠦ ᠰᠠᠨᠠᠯ ᠳᠤᠷᠠᠳᠪᠠ᠃ ᠭᠡᠲᠡᠯ᠎ᠡ ᠡᠨᠡ᠎ᠨᠢ 《ᠦᠢᠯᠡᠳᠪᠦᠷᠢᠯᠡᠬᠦ ᠬᠦᠴᠦᠨ᠎ᠢ᠎ᠯᠡ ᠡᠷᠬᠢᠮᠯᠡᠬᠦ ᠣᠨᠤᠯ》 ᠭᠡᠵᠦ ᠪᠤᠷᠤᠭᠤᠰᠢᠶᠠᠭᠳᠠᠭᠰᠠᠨ ᠪᠠᠢᠨ᠎ᠠ᠃

ᠦᠬᠡᠷ ᠥᠪᠡᠷ᠎ᠢᠶᠡᠨ ᠨᠢᠭᠡ ᠵᠠᠮ ᠡᠷᠢᠵᠦ᠂ ᠠᠷᠠᠳ ᠲᠦᠮᠡᠨ᠎ᠳᠦ ᠪᠤᠶᠠᠨ ᠦᠢᠯᠡᠳᠬᠦ᠎ᠪᠡᠷ ᠵᠣᠷᠢᠭ ᠰᠢᠭᠤᠳᠪᠠ᠃ ᠲᠡᠭᠡᠭᠡᠳ ᠥᠪᠡᠷ᠎ᠢᠶᠡᠨ ᠵᠠᠮ᠎ᠤᠨ ᠵᠠᠷᠤᠳᠠᠯ ᠭᠠᠷᠭᠠᠵᠤ ᠬᠥᠬᠡᠬᠣᠲᠠ᠎ᠳᠤ ᠬᠦᠷᠦᠭᠰᠡᠨ᠎ᠳᠦ᠂ ᠭᠠᠳᠠᠭᠠᠳᠤ ᠠᠷᠠᠯᠵᠢᠶᠠᠨ᠎ᠤ ᠲᠣᠪᠴᠢᠶᠠᠨ᠎ᠤ ᠳᠠᠷᠤᠭ᠎ᠠ ᠲᠡᠭᠦᠨ᠎ᠢ ᠳᠠᠭᠠᠭᠤᠯᠤᠨ ᠲᠣᠭᠤᠷᠢᠨ ᠦᠵᠡᠭᠦᠯᠬᠦ᠎ᠳᠡᠭᠡᠨ ᠠᠭᠤᠯᠠ ᠮᠡᠲᠦ ᠣᠪᠤᠭᠠᠯᠠᠭᠰᠠᠨ ᠴᠠᠭᠠᠰᠤᠨ ᠬᠠᠢᠷᠴᠠᠭ᠎ᠢ ᠵᠢᠭᠠᠭᠠᠳ: 《ᠢᠩᠭᠢᠵᠦ ᠶᠡᠬᠡ ᠣᠪᠤᠭᠠᠯᠠᠪᠠᠯ ᠳᠣᠣᠷᠠᠬᠢ᠎ᠨᠢ ᠪᠦᠷ ᠡᠪᠳᠡᠷᠡᠴᠢᠬᠡᠨ᠎ᠡ》 ᠭᠡᠵᠦ ᠬᠡᠯᠡᠵᠦ ᠥᠭᠴᠡᠢ᠃

《ᠠᠷᠭ᠎ᠠ ᠪᠠᠢᠨ᠎ᠠ᠂ ᠭᠠᠳᠠᠭᠤᠷ᠎ᠨᠢ 〈ᠴᠢᠯᠠᠭᠤᠨ ᠬᠠᠯᠢᠰᠤ〉 ᠲᠠᠭᠠᠷᠠᠭᠤᠯᠴᠢᠬᠠᠪᠠᠯ᠂ ᠬᠠᠲᠠᠭᠤ ᠪᠡᠬᠢ ᠪᠣᠯᠬᠤ ᠮᠥᠷᠲᠡᠭᠡᠨ ᠭᠠᠯ᠎ᠳᠤ ᠰᠢᠲᠠᠬᠤ᠎ᠦᠭᠡᠢ᠃ 》

ᠲᠣᠪᠴᠢᠶᠠᠨ᠎ᠤ ᠳᠠᠷᠤᠭ᠎ᠠ ᠶᠡᠬᠡ ᠪᠠᠶᠠᠷᠯᠠᠪᠠ᠃

ᠭᠢᠨᠳᠠᠨ᠎ᠳᠤ ᠲᠠᠨᠢᠯᠴᠠᠭᠰᠠᠨ ᠮᠧᠩ ᠴᠢᠩ ᠫᠢᠩ᠎ᠨᠢ ᠤᠳᠠᠯ᠎ᠦᠭᠡᠢ ᠬᠥᠬᠡᠬᠣᠲᠠ᠎ᠳᠤ ᠢᠷᠡᠵᠦ ᠦᠬᠡᠷ᠎ᠲᠡᠢ ᠠᠭᠤᠯᠵᠠᠪᠠ᠃ ᠮᠦᠭᠳᠡᠨ ᠬᠣᠲᠠ᠎ᠶᠢᠨ ᠱᠢ ᠬᠠᠢ ᠴᠢᠩ ᠭᠡᠳᠡᠭ ᠠᠬᠠᠮᠠᠳ ᠠᠵᠢᠯᠴᠢᠨ ᠰᠢᠷ ᠨᠠᠢᠷᠠᠭᠤᠯᠬᠤ ᠣᠷᠭᠠᠨᠢᠭ ᠪᠤᠰᠤ ᠬᠦᠳᠡᠷ ᠠᠪᠤᠭᠠᠳ ᠬᠦᠷᠴᠦ ᠢᠷᠡᠭᠡᠳ ᠰᠢᠷᠦᠭᠦᠨ ᠭᠠᠯ᠎ᠲᠠᠢ ᠦᠵᠡᠯᠴᠡᠬᠦ ᠳᠠᠢᠨ᠎ᠤ ᠬᠥᠰᠢᠭᠡ᠎ᠶᠢ ᠰᠡᠬᠦᠯ᠎ᠡ᠃

ᠳᠥᠭᠦᠮᠬᠡᠨ ᠲᠤᠷᠰᠢᠯᠲᠠ᠎ᠶᠢᠨ ᠭᠠᠵᠠᠷ᠎ᠲᠤᠨᠢ ᠦᠯᠦ ᠰᠢᠲᠠᠬᠤ ᠬᠦᠳᠡᠷ᠎ᠢ ᠬᠡᠮᠬᠡᠯᠬᠦ ᠮᠠᠰᠢᠨ᠎ᠠ ᠪᠠᠢᠭᠰᠠᠨ᠎ᠦᠭᠡᠢ ᠲᠤᠯᠠ ᠦᠬᠡᠷ ᠪᠦᠳᠦᠭᠦᠨ ᠯᠠᠨᠲᠤᠤ᠎ᠪᠠᠷ ᠪᠠᠯᠪᠠᠯ᠎ᠠ᠃ ᠰᠢᠷ ᠨᠠᠢᠷᠠᠭᠤᠯᠬᠤ᠎ᠳᠤ ᠬᠡᠷᠡᠭᠯᠡᠬᠦ ᠰᠠᠪᠠ ᠰᠠᠭᠠᠯᠢ ᠪᠠᠢᠭᠰᠠᠨ᠎ᠦᠭᠡᠢ ᠲᠤᠯᠠ ᠬᠡᠳᠦᠨ ᠪᠦᠳᠦᠭᠦᠨ ᠲᠣᠭᠤᠭ᠎ᠠ ᠣᠯᠵᠤ ᠢᠷᠡᠭᠡᠳ᠂ ᠦᠨᠡᠰᠦ ᠲᠣᠭᠤᠰᠤ ᠮᠠᠨᠠᠷᠠᠭᠤᠯᠵᠤ ᠬᠠᠮᠠᠷ ᠭᠠᠳᠠᠮ᠎ᠠ ᠮᠠᠭᠤᠬᠠᠢ ᠦᠨᠦᠷ᠎ᠢ᠎ᠴᠦ ᠬᠠᠢᠬᠤᠷᠤᠯ᠎ᠦᠭᠡᠢ ᠭᠠᠷ᠎ᠢᠶᠠᠷ᠎ᠢᠶᠠᠨ ᠵᠢᠭᠤᠷᠠᠯ᠎ᠠ᠃

ᠦᠬᠡᠷ᠎ᠢ ᠴᠢᠳᠠᠯ ᠮᠡᠳᠡᠨ ᠲᠤᠷᠰᠢᠯᠲᠠ ᠬᠢᠵᠦ ᠪᠠᠢᠲᠠᠯ᠎ᠠ᠂ ᠭᠡᠨᠡᠳᠲᠡ ᠨᠢᠭᠡ ᠮᠠᠭᠤ ᠢᠷᠤ᠎ᠠ᠎ᠶᠢᠨ ᠴᠢᠮᠡᠭᠡ ᠭᠠᠷᠴᠠᠢ᠃ ᠥᠪᠦᠷ ᠮᠣᠩᠭᠤᠯ᠎ᠤᠨ 《ᠠᠢᠮᠠᠭ ᠪᠦᠯᠦᠭ᠎ᠦᠨ ᠡᠲᠡᠭᠡᠳ》 ᠮᠦᠭᠳᠡᠨ᠎ᠳᠦ ᠰᠡᠮᠡᠭᠡᠷᠬᠡᠨ ᠣᠴᠢᠵᠤ 《 ᠨᠢᠭᠤᠴᠠ᠎ᠪᠠᠷ ᠪᠠᠢᠴᠠᠭᠠᠭᠠᠳ》᠂ ᠲᠤᠷᠰᠢᠯᠲᠠ᠎ᠶᠢᠨ ᠳᠤᠭᠤᠢᠯᠠᠩ᠎ᠳᠤ ᠨᠡᠯᠢᠶᠡᠳ ᠬᠡᠳᠦᠨ 《ᠶᠠᠯᠠᠲᠠᠨ》 ᠪᠠᠢᠬᠤ ᠪᠥᠭᠡᠳ ᠡᠳᠡᠨ ᠣᠯᠠᠨ ᠲᠦᠮᠡᠨ᠎ᠦ 《ᠬᠢᠨᠠᠯᠲᠠ》᠎ᠡᠴᠡ ᠵᠠᠢᠯᠠᠵᠤ᠂ 《ᠠᠮᠤᠷ ᠲᠠᠢᠪᠤᠩ ᠣᠷᠤᠨ》᠎ᠢᠶᠡᠷ 《ᠪᠤᠯᠲᠠᠵᠤ ᠶᠠᠪᠤᠵᠤ》 ᠪᠠᠢᠨ᠎ᠠ ᠭᠡᠵᠦ ᠵᠠᠭᠠᠯᠳᠤᠵᠠᠢ᠃

ᠥᠪᠦᠷ ᠮᠣᠩᠭᠤᠯ᠎ᠤᠨ ᠭᠠᠳᠠᠭᠠᠳᠤ ᠠᠷᠠᠯᠵᠢᠶᠠᠨ᠎ᠤ ᠲᠣᠪᠴᠢᠶ᠎ᠠ ᠪᠠ ᠰᠢᠨᠵᠢᠯᠡᠬᠦ ᠤᠬᠠᠭᠠᠨ᠎ᠤ ᠺᠣᠮᠢᠰ᠎ᠤᠨ ᠤᠳᠤᠷᠢᠳᠬᠤ ᠺᠠᠳ᠋ᠷᠴᠤᠳ ᠴᠡᠭᠡᠵᠢ ᠲᠦᠷᠢᠨ ᠪᠣᠰᠴᠤ᠂ ᠡᠨᠡ ᠮᠠᠭᠤ ᠢᠷᠤ᠎ᠠ᠎ᠶᠢᠨ ᠴᠢᠮᠡᠭᠡ᠎ᠶᠢ ᠡᠰᠡᠷᠭᠦᠴᠡᠪᠡ᠃

ᠦᠬᠡᠷ᠎ᠦᠨ ᠵᠣᠷᠢᠭ ᠤᠯᠠᠮ ᠴᠢᠩᠭᠠᠷᠠᠵᠤ᠂ ᠰᠠᠭᠤᠯᠭᠠᠭᠰᠠᠨ ᠰᠢᠷ᠎ᠢᠶᠡᠨ ᠭᠠᠯ ᠯᠤᠤ᠎ᠪᠠᠷ ᠳᠠᠬᠢᠨ ᠳᠠᠬᠢᠨ ᠳᠣᠯᠢᠶᠠᠯᠭᠠᠵᠤ᠂ ᠰᠢᠷ᠎ᠢᠶᠡᠨ ᠡᠷᠭᠢᠨ ᠡᠷᠭᠢᠨ ᠰᠣᠯᠢᠵᠤ ᠭᠠᠯ ᠯᠤᠤ᠎ᠲᠠᠢ ᠦᠵᠡᠯᠴᠡᠭᠦᠯᠵᠦ᠂ ᠬᠠᠯᠠᠭᠤᠨ ᠭᠠᠯ᠎ᠠᠴᠠ ᠬᠠᠯᠠᠰᠢᠷᠠᠯ᠎ᠦᠭᠡᠢ ᠠᠵᠢᠯᠯᠠᠵᠠᠢ᠃ ᠲᠤᠷᠰᠢᠯᠲᠠ ᠶᠠᠭ ᠢᠳᠡ ᠳᠤᠮᠳᠠ᠎ᠳᠠᠭᠠᠨ ᠶᠠᠪᠤᠭᠳᠠᠵᠤ ᠪᠠᠢᠲᠠᠯ᠎ᠠ᠂ ᠦᠬᠡᠷ᠎ᠲᠦ ᠪᠠᠰᠠ ᠨᠢᠭᠡ ᠵᠣᠪᠠᠯᠠᠩ ᠲᠤᠯᠭᠠᠷᠠᠵᠤ᠂ 《ᠡᠵᠢ ᠨᠠᠰᠤ ᠪᠠᠷᠠᠪᠠ》 ᠭᠡᠰᠡᠨ ᠭᠤᠷᠪᠠᠨ ᠲᠣᠮᠤ ᠦᠰᠦᠭ ᠦᠬᠡᠷ᠎ᠦᠨ ᠵᠢᠷᠦᠬᠡᠨ ᠳᠡᠭᠡᠷ᠎ᠡ ᠨᠢᠳᠤᠷᠭ᠎ᠠ ᠮᠡᠲᠦ ᠪᠠᠭᠤᠪᠠ᠃ ᠶᠠᠮᠠᠷ ᠰᠠᠢᠨ ᠡᠵᠢ ᠪᠠᠢᠵᠠᠢ ᠪᠢᠯᠡ᠃ ᠲᠦᠷᠦᠭᠦᠬᠡᠨ᠂ ᠬᠦᠦ᠎ᠶᠢᠨ᠎ᠢᠶᠡᠨ ᠡᠮᠦᠰᠴᠦ ᠢᠳᠡᠬᠦ᠎ᠪᠡᠨ ᠠᠷᠪᠢᠯᠠᠵᠤ ᠪᠠᠢᠬᠤ᠎ᠶᠢ ᠦᠵᠡᠭᠡᠳ ᠭᠠᠴᠢᠭ ᠵᠣᠪᠠᠯᠠᠩ ᠳᠤᠮᠳᠠᠭᠤᠷ ᠬᠤᠷᠢᠶᠠᠵᠤ ᠬᠠᠳᠠᠭᠠᠯᠠᠵᠤ ᠢᠷᠡᠭᠰᠡᠨ ᠵᠣᠭᠤᠰ᠎ᠢᠶᠠᠨ ᠦᠬᠡᠷ᠎ᠦᠨ ᠡᠪᠦᠷ᠎ᠲᠦ ᠬᠦᠴᠦᠯᠡᠨ ᠴᠢᠬᠢᠵᠦ ᠵᠠᠮ᠎ᠤᠨ ᠵᠠᠷᠤᠳᠠᠯ ᠪᠣᠯᠭᠠᠨ᠂ ᠰᠢᠷ᠎ᠦᠨ ᠲᠤᠷᠰᠢᠯᠲᠠ ᠬᠢᠬᠦ᠎ᠶᠢ᠎ᠨᠢ ᠳᠡᠮᠵᠢᠵᠦ ᠪᠠᠢᠵᠠᠢ᠃

ᠦᠬᠡᠷ ᠬᠡᠷᠪᠡ ᠲᠣᠭᠤᠰ ᠰᠢᠪᠠᠭᠤ ᠪᠣᠯᠤᠭᠰᠠᠨ ᠪᠣᠯ ᠲᠦᠩᠯᠢᠶᠣᠣ ᠬᠣᠲᠠ᠎ᠳᠤ ᠨᠢᠰᠴᠦ ᠣᠴᠢᠭᠠᠳ ᠡᠵᠢ᠎ᠲᠡᠢ᠎ᠪᠡᠨ ᠨᠢᠭᠡ ᠠᠭᠤᠯᠵᠠᠬᠤ ᠪᠠᠢᠭᠰᠠᠨ᠎ᠶᠤᠮ᠃ ᠭᠡᠲᠡᠯ᠎ᠡ ᠣᠳᠣ ᠶᠠᠭ 《ᠠᠰ ᠲᠤᠯᠤᠨ ᠠᠪᠤᠯᠴᠠᠵᠤ》 ᠪᠠᠢᠭ᠎ᠠ ᠲᠤᠯᠠ ᠶᠠᠭᠠᠬᠢᠵᠤ ᠤᠬᠤᠷᠢᠵᠤ ᠪᠣᠯᠬᠤ ᠪᠤᠢ᠃ ᠬᠠᠲᠠᠭᠤ ᠪᠡᠷᠬᠡ ᠦᠶ᠎ᠡ᠎ᠳᠦ᠂ ᠭᠠᠴᠢᠭ ᠵᠣᠪᠠᠯᠠᠩ ᠳᠤᠮᠳᠠ ᠨᠢᠯᠪᠤᠰᠤ ᠤᠨᠠᠭᠠᠵᠤ ᠦᠵᠡᠭᠡᠳᠦᠢ ᠡᠨᠡ ᠰᠠᠢᠨ ᠡᠷ᠎ᠡ᠂ ᠣᠳᠣ ᠲᠡᠰᠭᠡᠯ᠎ᠦᠭᠡᠢ ᠨᠢᠯᠪᠤᠰᠤ ᠪᠥᠮᠪᠦᠷᠢᠭᠦᠯᠪᠡ᠃ ᠦᠬᠡᠷ ᠣᠢ ᠭᠠᠰᠢᠭᠤ᠎ᠪᠠᠨ ᠠᠶᠤᠤᠯᠢᠬᠠᠢ ᠴᠡᠭᠡᠵᠢᠨ᠎ᠳᠡᠭᠡᠨ ᠳᠠᠷᠤᠭᠠᠳ ᠰᠢᠷ᠎ᠦᠨ ᠲᠤᠷᠰᠢᠯᠲᠠ᠎ᠪᠠᠨ ᠦᠷᠭᠦᠯᠵᠢᠯᠡᠭᠦᠯᠪᠡ᠃

ᠤᠳᠠᠭᠠᠨ ᠳᠠᠭᠠᠭᠠᠮᠠᠭᠠᠢ ᠪᠠᠢᠯᠳᠤᠵᠤ᠂ ᠣᠯᠠᠨ ᠵᠠᠭᠤᠨ ᠤᠳᠠᠭ᠎ᠠ ᠲᠤᠷᠰᠢᠯᠲᠠ ᠬᠢᠵᠦ᠂ ᠬᠡᠳᠦᠨ ᠵᠠᠭᠤᠨ ᠵᠦᠢᠯ᠎ᠦᠨ ᠰᠢᠷ ᠨᠠᠢᠷᠠᠭᠤᠯᠵᠤ ᠣᠷᠤᠯᠳᠤᠭᠰᠠᠨ᠎ᠤ ᠡᠴᠦᠰ᠎ᠲᠦ᠂ ᠭᠠᠢᠬᠠᠮᠰᠢᠭᠲᠤ ᠵᠣᠷ ᠵᠣᠬᠢᠶᠠᠵᠤ ᠶᠡᠬᠡ ᠢᠯᠴᠢᠨ᠎ᠳᠦ ᠦᠯᠦ ᠰᠢᠲᠠᠬᠤ ᠣᠷᠭᠠᠨᠢᠭ ᠪᠤᠰᠤ ᠰᠢᠷ᠎ᠢ ᠪᠦᠲᠦᠭᠡᠵᠡᠢ᠃

1974 ᠣᠨ᠎ᠤ ᠬᠣᠶᠠᠳᠤᠭᠠᠷ ᠰᠠᠷ᠎ᠠ᠎ᠳᠤ᠂ ᠥᠪᠦᠷ ᠮᠣᠩᠭᠤᠯ᠎ᠤᠨ ᠰᠢᠨᠵᠢᠯᠡᠬᠦ ᠤᠬᠠᠭᠠᠨ᠎ᠤ ᠺᠣᠮᠢᠰ ᠡᠨᠡ ᠰᠢᠷ᠎ᠲᠦ ᠮᠡᠷᠭᠡᠵᠢᠯ᠎ᠦᠨ ᠲᠠᠯ᠎ᠠ᠎ᠪᠠᠷ ᠬᠢᠨᠠᠯᠲᠠ ᠶᠠᠪᠤᠭᠤᠯᠤᠭᠠᠳ᠂ ᠮᠢᠩᠭ᠎ᠠ ᠬᠣᠶᠠᠷ ᠵᠠᠭᠤ ᠭᠷᠡᠳ᠋ᠦ᠋ᠰ᠎ᠦᠨ ᠭᠠᠰ᠎ᠤᠨ ᠭᠠᠯ᠎ᠢᠶᠠᠷ ᠬᠣᠷᠢᠨ ᠮᠢᠨ᠋ᠦ᠋ᠲ ᠰᠢᠭᠤᠳ ᠴᠣᠷᠭᠢᠬᠤ᠎ᠶᠢ ᠳᠠᠭᠠᠭᠠᠨ᠎ᠠ ᠭᠡᠳᠡᠭ᠎ᠢ ᠭᠡᠷᠡᠴᠢᠯᠡᠪᠡ᠃ ᠬᠢᠨᠠᠯᠲᠠ᠎ᠶᠢᠨ ᠬᠤᠷᠠᠯ ᠳᠡᠭᠡᠷ᠎ᠡ ᠦᠬᠡᠷ ᠲᠤᠰᠭᠠᠢ ᠮᠡᠷᠭᠡᠵᠢᠯ᠎ᠦᠨ ᠶᠠᠷᠢᠶ᠎ᠠ ᠲᠠᠯᠪᠢᠵᠤ᠂ ᠡᠷᠳᠡᠮ ᠰᠢᠨᠵᠢᠯᠡᠭᠡᠨ᠎ᠦ ᠰᠢᠭᠦᠯᠲᠡ ᠬᠢᠵᠡᠢ᠃ ᠮᠡᠷᠭᠡᠵᠢᠯ᠎ᠦᠨ ᠬᠢᠨᠠᠯᠲᠠ ᠬᠢᠬᠦ᠎ᠳᠦ ᠢᠷᠡᠵᠦ ᠣᠷᠤᠯᠴᠠᠭᠰᠠᠨ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠦᠨ ᠲᠥᠯᠦᠭᠡᠯᠡᠭᠴᠢ ᠳᠣᠲᠤᠷ᠎ᠠ᠂ ᠦᠬᠡᠷ᠎ᠲᠡᠢ ᠬᠠᠮᠲᠤ ᠰᠢᠨᠵᠢᠯᠡᠬᠦ ᠤᠬᠠᠭᠠᠨ᠎ᠤ ᠮᠡᠷᠭᠡᠵᠢᠯ᠎ᠦᠨ ᠶᠡᠬᠡ ᠰᠤᠷᠭᠠᠭᠤᠯᠢ᠎ᠳᠤ ᠰᠤᠷᠤᠯᠴᠠᠭᠰᠠᠨ ᠬᠥᠮᠦᠨ ᠬᠣᠶᠠᠷ ᠪᠠᠢᠪᠠ᠃ ᠲᠡᠳᠡ ᠦᠬᠡᠷ᠎ᠦᠨ ᠭᠠᠷ᠎ᠢ ᠴᠢᠩᠭ᠎ᠠ ᠠᠳᠭᠤᠵᠤ: 《ᠴᠢᠮᠠᠢ ᠴᠢᠩᠭᠢᠵᠦ ᠦᠢᠯᠡ ᠲᠠᠮᠤ᠎ᠪᠠᠨ ᠦᠵᠡᠭᠰᠡᠨ ᠪᠠᠢᠲᠠᠯ᠎ᠠ᠎ᠪᠠᠨ ᠡᠢᠮᠦ ᠭᠠᠢᠬᠠᠮᠰᠢᠭᠲᠤ ᠦᠢᠯᠡ᠎ᠶᠢ ᠪᠦᠲᠦᠭᠡᠬᠦ᠎ᠳᠦ ᠣᠷᠤᠯᠴᠠᠵᠤ ᠴᠢᠳᠠᠨ᠎ᠠ ᠭᠡᠵᠦ ᠰᠠᠨᠠᠭᠰᠠᠨ᠎ᠦᠭᠡᠢ》 ᠭᠡᠵᠦ ᠱᠠᠭᠰᠢᠨ ᠭᠠᠢᠬᠠᠯ᠎ᠠ᠃

1975 ᠣᠨ᠎ᠤ ᠶᠢᠰᠦᠳᠦᠭᠡᠷ ᠰᠠᠷ᠎ᠠ᠎ᠶᠢᠨ ᠨᠢᠭᠡ ᠡᠳᠦᠷ᠂ ᠦᠬᠡᠷ ᠴᠠᠩᠴᠦ᠋ᠨ ᠬᠣᠲᠠ᠎ᠳᠤ ᠮᠡᠷᠭᠡᠵᠢᠯ᠎ᠦᠨ ᠰᠢᠯᠭᠠᠯᠲᠠ ᠬᠢᠵᠦ ᠦᠵᠡᠭᠦᠯᠪᠡ᠃ ᠭᠠᠵᠠᠷ ᠰᠢᠨᠵᠢᠯᠡᠭᠡᠨ᠎ᠦ ᠣᠷᠳᠤᠨ᠎ᠤ ᠠᠭᠤᠳᠠᠮ ᠲᠠᠯᠠᠪᠠᠢ᠎ᠳᠤ᠂ ᠮᠠᠰᠢ ᠣᠯᠠᠨ ᠬᠥᠮᠦᠨ ᠴᠤᠭᠯᠠᠷᠠᠵᠤ᠂ ᠠᠮᠤᠷ ᠬᠠᠮᠠᠭᠠᠯᠠᠬᠤ ᠶᠠᠮᠤᠨ ᠪᠠ ᠭᠢᠷᠢᠨ ᠮᠤᠵᠢ᠎ᠶᠢᠨ ᠨᠠᠮ ᠵᠠᠰᠠᠭ᠎ᠤᠨ ᠪᠠᠢᠭᠤᠯᠭ᠎ᠠ᠂ ᠮᠤᠵᠢ᠎ᠶᠢᠨ ᠠᠮᠤᠷ᠎ᠢ ᠬᠠᠮᠠᠭᠠᠯᠠᠬᠤ ᠲᠣᠪᠴᠢᠶᠠᠨ᠎ᠤ ᠤᠳᠤᠷᠢᠳᠤᠭᠴᠢᠳ ᠪᠦᠷ ᠢᠷᠡᠵᠡᠢ᠃

ᠣᠯᠠᠨ᠎ᠤ ᠨᠢᠳᠦ ᠨᠢᠭᠡ ᠮᠠᠰᠢᠨ ᠲᠡᠷᠭᠡᠨ᠎ᠦ ᠠᠷᠤ᠎ᠳᠠᠬᠢ ᠴᠢᠷᠭᠡᠦᠯ ᠲᠡᠷᠭᠡᠨ ᠳᠡᠭᠡᠷ᠎ᠡ ᠲᠥᠪᠯᠡᠷᠡᠪᠡ᠃ ᠴᠢᠷᠭᠡᠦᠯ ᠲᠡᠷᠭᠡᠨ ᠳᠡᠭᠡᠷ᠎ᠡ ᠵᠢᠷᠭᠤᠭᠠᠨ ᠮᠣᠳᠤᠨ ᠠᠪᠳᠠᠷ᠎ᠠ ᠪᠠ ᠴᠠᠭᠠᠰᠤᠨ ᠬᠠᠢᠷᠴᠠᠭ ᠲᠠᠯᠪᠢᠵᠠᠢ᠃ ᠲᠠᠢᠯᠪᠤᠷᠢᠯᠠᠭᠴᠢ᠎ᠠᠴᠠ: ᠮᠣᠳᠤᠨ ᠠᠪᠳᠠᠷ᠎ᠠ ᠳᠣᠲᠤᠷ᠎ᠠ ᠣᠶᠤᠳᠠᠯ᠎ᠤᠨ ᠮᠠᠰᠢᠨ᠂ ᠬᠤᠪᠴᠠᠰᠤ᠂ ᠭᠤᠲᠤᠯ ᠱᠠᠬᠠᠢ᠂ ᠪᠢᠴᠢᠭ ᠮᠠᠲᠧᠷᠢᠶᠠᠯ ᠪᠠᠢᠬᠤ᠎ᠠᠴᠠ ᠭᠠᠳᠠᠨ᠎ᠠ᠂ ᠪᠠᠰᠠ ᠨᠢᠭᠡ ᠠᠪᠳᠠᠷ᠎ᠠ ᠭᠠᠷᠨᠠᠲᠠ᠂ ᠨᠢᠭᠡ ᠲᠦᠩᠰᠡ ᠴᠢᠯᠠᠭᠤᠨ ᠲᠣᠰᠤ ᠪᠠᠢᠨ᠎ᠠ ᠭᠡᠵᠦ ᠬᠡᠯᠡᠲᠡᠯ᠎ᠡ᠂ ᠴᠤᠭᠯᠠᠷᠠᠭᠰᠠᠨ ᠣᠯᠠᠨ ᠬᠥᠮᠦᠨ ᠳᠠᠯᠠᠢ᠎ᠶᠢᠨ ᠳᠠᠪᠠᠯᠭᠠᠨ ᠮᠡᠲᠦ ᠦᠢᠮᠡᠯᠳᠦᠵᠦ᠂ ᠵᠠᠷᠢᠮ᠎ᠨᠢ ᠬᠡᠯᠡ᠎ᠪᠡᠨ ᠭᠠᠷᠭᠠᠨ ᠬᠣᠢᠰᠢ ᠤᠬᠤᠷᠢᠨ᠎ᠠ᠃ ᠤᠳᠤᠷᠢᠳᠬᠤ ᠨᠥᠬᠦᠳ: 《ᠢᠲᠡᠭᠡᠯ᠎ᠲᠡᠢ᠎ᠦᠦ?》 ᠭᠡᠵᠦ ᠳᠠᠬᠢᠨ ᠳᠠᠬᠢᠨ ᠠᠰᠠᠭᠤᠯ᠎ᠠ᠃

《ᠢᠲᠡᠭᠡᠯ᠎ᠲᠡᠢ!》 ᠭᠡᠵᠦ ᠦᠬᠡᠷ ᠪᠠᠲᠤᠲᠠᠢ ᠬᠠᠷᠢᠭᠤ ᠥᠭᠪᠡ᠃

ᠮᠠᠰᠢᠨ ᠠᠯᠭᠤᠷᠬᠠᠨ ᠬᠦᠷᠴᠦ ᠢᠷᠡᠲᠡᠯ᠎ᠡ᠂ ᠴᠢᠯᠦᠭᠡᠯᠡᠬᠦ ᠴᠡᠷᠢᠭ᠎ᠦᠨ ᠨᠠᠢ᠍ᠮᠠᠨ ᠪᠠᠢᠯᠳᠤᠭᠴᠢ ᠰᠦᠷᠴᠢᠭᠦᠷ᠎ᠢᠶᠡᠷ ᠴᠢᠷᠭᠡᠦᠯ ᠲᠡᠷᠭᠡ᠎ᠶᠢ ᠬᠣᠶᠠᠷ ᠲᠠᠯ᠎ᠠ᠎ᠠᠴᠠ᠎ᠨᠢ ᠬᠠᠪᠴᠢᠨ ᠭᠠᠯᠯᠠᠪᠠ᠃ ᠬᠡᠳᠦᠨ ᠠᠷᠪᠠᠨ ᠭᠠᠯ ᠯᠣᠣ ᠴᠢᠷᠭᠡᠦᠯ ᠲᠡᠷᠭᠡ᠎ᠶᠢ ᠨᠥᠮᠦᠷᠦᠨ ᠠᠪᠴᠤ᠂ ᠲᠡᠯᠡᠨ ᠺᠢᠯᠤᠮᠧᠲᠷ ᠬᠠᠲᠠᠭᠤ ᠲᠣᠰᠤᠨ᠎ᠤ ᠶᠡᠬᠡ ᠭᠠᠯ ᠲᠡᠭᠷᠢ ᠲᠤᠯᠲᠠᠯ᠎ᠠ ᠳᠤᠸᠠᠯᠠᠪᠠ᠃ ᠴᠢᠷᠭᠡᠦᠯ ᠲᠡᠷᠭᠡ ᠶᠡᠬᠡ ᠭᠠᠯ ᠤᠲᠤᠭᠠᠨ ᠳᠤᠮᠳᠠ ᠦᠵᠡᠭᠳᠡᠬᠦ᠎ᠦᠭᠡᠢ ᠪᠣᠯᠵᠠᠢ᠃ ᠶᠡᠬᠡ ᠭᠠᠯ ᠬᠣᠷᠢᠨ ᠮᠢᠨ᠋ᠦ᠋ᠲ ᠦᠷᠭᠦᠯᠵᠢᠯᠡᠨ ᠠᠭᠠᠵᠢᠮ᠎ᠢᠶᠠᠷ ᠤᠨᠲᠠᠷᠠᠵᠤ᠂ ᠴᠢᠷᠭᠡᠦᠯ ᠲᠡᠷᠭᠡ ᠢᠯᠡ ᠭᠠᠷᠴᠤ ᠢᠷᠡᠬᠦ᠎ᠳᠦ᠂ ᠲᠡᠷᠭᠡ ᠪᠠ ᠠᠪᠳᠠᠷ᠎ᠠ ᠬᠠᠢᠷᠴᠠᠭ᠎ᠤᠳ ᠬᠡᠪ᠎ᠢᠶᠡᠷ᠎ᠢᠶᠡᠨ ᠪᠠᠢᠯ᠎ᠠ᠃ ᠲᠠᠢᠯᠪᠤᠷᠢᠯᠠᠭᠴᠢ ᠠᠪᠳᠠᠷ᠎ᠠ᠎ᠶᠢ ᠰᠡᠬᠦᠬᠦ᠎ᠳᠦ ᠣᠶᠤᠳᠠᠯ᠎ᠤᠨ ᠮᠠᠰᠢᠨ᠎ᠠ ᠭᠢᠯᠠᠯᠵᠠᠵᠤ᠂ ᠳᠡᠪᠡᠯ ᠬᠤᠪᠴᠠᠰᠤ᠂ ᠭᠤᠲᠤᠯ ᠱᠠᠬᠠᠢ᠂ ᠪᠢᠴᠢᠭ ᠮᠠᠲᠧᠷᠢᠶᠠᠯ ᠮᠥᠨ ᠬᠡᠪ᠎ᠢᠶᠡᠷ᠎ᠢᠶᠡᠨ ᠪᠠᠢᠵᠤ᠂ ᠭᠠᠷᠨᠠᠲᠠ ᠪᠣᠯᠤᠨ ᠴᠢᠯᠠᠭᠤᠨ ᠲᠣᠰᠤᠨ᠎ᠤ ᠲᠦᠩᠰᠡ᠎ᠨᠢ ᠶᠠᠭᠠᠬᠢᠭᠰᠠᠨ᠎ᠴᠤ᠎ᠦᠭᠡᠢ ᠪᠠᠢᠯ᠎ᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082