ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠮᠣᠩᠭᠤᠯᠴᠤᠳ ᠪᠠ ᠡᠷᠲᠡᠨ᠎ᠦ ᠰᠢᠨᠵᠢᠯᠡᠬᠦ ᠤᠬᠠᠭᠠᠨ

ᠯᠢ ᠳ᠋ᠢ

ᠮᠠᠨ᠎ᠤ ᠤᠯᠤᠰ ᠪᠣᠯ ᠣᠯᠠᠨ ᠦᠨᠳᠦᠰᠦᠲᠡᠨ᠎ᠢᠶᠡᠷ ᠪᠦᠷᠢᠯᠳᠦᠭᠰᠡᠨ ᠶᠡᠬᠡ ᠭᠡᠷ ᠪᠦᠯᠢ᠎ᠶᠦᠮ᠃ ᠡᠨᠡ ᠶᠡᠬᠡ ᠭᠡᠷ ᠪᠦᠯᠢ᠎ᠳᠦ᠂ ᠬᠢᠲᠠᠳ ᠦᠨᠳᠦᠰᠦᠲᠡᠨ᠎ᠡᠴᠡ ᠭᠠᠳᠠᠨ᠎ᠠ᠂ ᠪᠠᠰᠠ ᠬᠡᠳᠦᠨ ᠠᠷᠪᠠᠨ ᠴᠥᠭᠡᠨ ᠲᠣᠭᠠᠲᠤ ᠦᠨᠳᠦᠰᠦᠲᠡᠨ ᠪᠠᠢᠨ᠎ᠠ᠃ ᠲᠡᠳᠡ ᠰᠣᠶᠤᠯ ᠪᠣᠯᠪᠠᠰᠤᠷᠠᠯ᠎ᠤᠨ ᠬᠥᠭᠵᠢᠯ᠎ᠦᠨ ᠬᠡᠮᠵᠢᠶ᠎ᠡ᠎ᠪᠡᠷ ᠠᠳᠠᠯᠢ ᠪᠤᠰᠤ ᠪᠣᠯᠪᠠᠴᠤ ᠴᠥᠮ ᠤᠷᠲᠤ ᠤᠳᠠᠭᠠᠨ ᠲᠡᠦᠬᠡ᠎ᠲᠡᠢ᠎ᠶᠦᠮ᠃ ᠦᠨᠳᠦᠰᠦᠲᠡᠨ ᠪᠦᠷᠢ ᠰᠣᠶᠤᠯ ᠰᠢᠨᠵᠢᠯᠡᠬᠦ ᠤᠬᠠᠭᠠᠨ᠎ᠤ ᠲᠠᠯ᠎ᠠ᠎ᠳᠤ ᠴᠥᠮ ᠬᠤᠪᠢ ᠨᠡᠮᠡᠷᠢ᠎ᠪᠡᠨ ᠣᠷᠤᠭᠤᠯᠵᠤ᠂ ᠡᠬᠡ ᠣᠷᠤᠨ᠎ᠤ᠎ᠪᠠᠨ᠂ ᠳᠡᠯᠡᠬᠡᠢ᠎ᠶᠢᠨ ᠰᠢᠨᠵᠢᠯᠡᠬᠦ ᠤᠬᠠᠭᠠᠨ᠎ᠤ ᠡᠷᠳᠡᠨᠢᠰ᠎ᠦᠨ ᠰᠠᠩ᠎ᠢ ᠪᠠᠶᠠᠯᠢᠭᠵᠢᠭᠤᠯᠤᠭᠰᠠᠨ᠎ᠶᠤᠮ᠃ ᠮᠣᠩᠭᠤᠯ ᠦᠨᠳᠦᠰᠦᠲᠡᠨ ᠪᠣᠯ ᠮᠠᠨ᠎ᠤ ᠤᠯᠤᠰ᠎ᠤᠨ ᠴᠥᠭᠡᠨ ᠲᠣᠭᠠᠲᠤ ᠦᠨᠳᠦᠰᠦᠲᠡᠨ ᠨᠤᠭᠦᠳ᠎ᠦᠨ ᠳᠣᠲᠤᠷᠠᠬᠢ ᠨᠡᠯᠢᠶᠡᠳ ᠶᠡᠬᠡ ᠦᠨᠳᠦᠰᠦᠲᠡᠨ ᠪᠣᠯᠬᠤ ᠪᠥᠭᠡᠳ ᠰᠢᠨᠵᠢᠯᠡᠬᠦ ᠤᠬᠠᠭᠠᠨ᠎ᠤ ᠲᠠᠯ᠎ᠠ᠎ᠪᠠᠷ ᠬᠢ ᠬᠤᠪᠢ ᠨᠡᠮᠡᠷᠢ᠎ᠨᠢ᠎ᠴᠦ ᠮᠥᠨ ᠨᠡᠯᠢᠶᠡᠳ ᠶᠡᠬᠡ ᠪᠠᠢᠳᠠᠭ᠎ᠶᠤᠮ᠃

ᠰᠢᠨᠵᠢᠯᠡᠬᠦ ᠤᠬᠠᠭᠠᠨ᠎ᠢ ᠬᠥᠭᠵᠢᠭᠦᠯᠦᠭᠰᠡᠨ ᠲᠠᠯ᠎ᠠ᠎ᠪᠠᠷ ᠮᠣᠩᠭᠤᠯ ᠦᠨᠳᠦᠰᠦᠲᠡᠨ ᠣᠯᠠᠨ ᠲᠠᠯ᠎ᠠ᠎ᠶᠢᠨ ᠬᠤᠪᠢ ᠨᠡᠮᠡᠷᠢ᠎ᠲᠡᠢ ᠪᠠᠢᠬᠤ ᠲᠤᠬᠠᠢ ᠪᠢᠳᠡ ᠲᠣᠪᠴᠢ ᠲᠠᠨᠢᠯᠴᠠᠭᠤᠯᠭ᠎ᠠ ᠬᠢᠶ᠎ᠡ᠃

ᠴᠢᠩᠭᠢᠰ ᠬᠠᠭᠠᠨ᠎ᠤ ᠣᠴᠢ ᠬᠥᠪᠡᠭᠦᠨ ᠮᠥᠩᠬᠡ ᠪᠣᠯ ᠡᠷᠳᠡᠮ᠎ᠲᠡᠢ ᠬᠥᠮᠦᠨ ᠪᠠᠢᠵᠠᠢ᠃ 《ᠭᠧᠣᠮᠸᠲᠷᠢ᠎ᠶᠢᠨ ᠤᠭ ᠵᠣᠬᠢᠶᠠᠯ》 ᠭᠡᠳᠡᠭ ᠨᠣᠮ ᠲᠡᠷᠡ ᠦᠶ᠎ᠡ᠎ᠳᠦ ᠠᠷᠠᠪ᠎ᠠᠴᠠ ᠮᠠᠨ᠎ᠤ ᠤᠯᠤᠰ᠎ᠲᠤ ᠤᠯᠠᠮᠵᠢᠯᠠᠭᠳᠠᠵᠤ ᠢᠷᠡᠵᠡᠢ᠃ ᠡᠨᠡ ᠨᠣᠮ᠎ᠢ ᠤᠭ᠎ᠨᠢ ᠡᠷᠲᠡᠨ᠎ᠦ ᠭᠷᠧᠭ᠎ᠦᠨ ᠡᠸᠦᠺᠯᠢᠳᠧ ᠪᠢᠴᠢᠭᠰᠡᠨ᠎ᠶᠦᠮ᠃ ᠠᠭᠤᠯᠭ᠎ᠠ᠎ᠨᠢ ᠠᠩᠬ᠎ᠠ ᠵᠡᠷᠭᠡ᠎ᠶᠢᠨ ᠭᠧᠣᠮᠸᠲᠷᠢ ᠪᠣᠯᠤᠨ᠎ᠠ᠃ ᠡᠨᠡ ᠨᠣᠮ ᠳᠤᠮᠳᠠᠳᠤ ᠵᠠᠭᠤᠨ᠎ᠤ ᠦᠶ᠎ᠡ᠎ᠳᠦ ᠠᠷᠠᠪ ᠪᠠ ᠢᠷᠠᠨ ᠵᠡᠷᠭᠡ ᠭᠠᠵᠠᠷ ᠣᠷᠤᠨ᠎ᠢᠶᠠᠷ ᠤᠯᠠᠮᠵᠢᠯᠠᠭᠳᠠᠵᠤ᠂ ᠪᠠᠰᠠ ᠠᠷᠠᠪ ᠬᠡᠯᠡ ᠳᠡᠭᠡᠷ᠎ᠡ ᠣᠷᠴᠢᠭᠤᠯᠤᠭᠳᠠᠭᠰᠠᠨ᠂ ᠳᠠᠷᠠᠭ᠎ᠠ᠎ᠨᠢ ᠮᠠᠨ᠎ᠤ ᠤᠯᠤᠰ᠎ᠲᠤ ᠤᠯᠠᠮᠵᠢᠯᠠᠭᠳᠠᠵᠤ ᠢᠷᠡᠭᠰᠡᠨ ᠪᠠᠢᠵᠠᠢ᠃ ᠮᠠᠨ᠎ᠤ ᠤᠯᠤᠰ᠎ᠲᠤ᠂ ᠮᠥᠩᠬᠡ ᠡᠨᠡ ᠨᠣᠮ᠎ᠢ ᠬᠠᠮᠤᠭ ᠲᠡᠷᠢᠭᠦᠨ᠎ᠳᠦ ᠰᠤᠷᠤᠯᠴᠠᠨ ᠰᠤᠳᠤᠯᠵᠤ᠂ ᠲᠡᠭᠦᠨ᠎ᠦ ᠳᠣᠲᠤᠷᠠᠬᠢ ᠡᠳᠦᠢ ᠲᠡᠳᠦᠢ ᠵᠢᠷᠤᠭ ᠢᠯᠡᠷᠬᠡᠢᠯᠡᠯ᠎ᠳᠦ ᠲᠠᠢᠯᠪᠤᠷᠢ ᠬᠢᠭᠡᠳ᠂ ᠮᠠᠨ᠎ᠤ ᠤᠯᠤᠰ᠎ᠤᠨ 《ᠭᠧᠣᠮᠸᠲᠷᠢ᠎ᠶᠢᠨ ᠤᠭ ᠵᠣᠬᠢᠶᠠᠯ》᠎ᠢ ᠰᠤᠳᠤᠯᠤᠭᠰᠠᠨ ᠠᠩᠬᠠᠳᠠᠭᠴᠢ ᠬᠥᠮᠦᠨ ᠪᠣᠯᠵᠠᠢ᠃

ᠮᠣᠩᠭᠤᠯᠴᠤᠳ᠎ᠤᠨ ᠳᠣᠲᠤᠷ᠎ᠠ ᠬᠠᠮᠤᠭ ᠰᠢᠯᠭᠠᠷᠠᠭᠰᠠᠨ ᠰᠢᠨᠵᠢᠯᠡᠬᠦ ᠤᠬᠠᠭᠠᠨᠲᠠᠨ ᠪᠣᠯ ᠠᠷᠪᠠᠨ ᠨᠠᠢ᠍ᠮᠠᠳᠤᠭᠠᠷ ᠵᠠᠭᠤᠨ᠎ᠤ ᠦᠶ᠎ᠡ᠎ᠶᠢᠨ ᠮᠢᠩᠭᠠᠨᠲᠤ ᠪᠣᠯᠤᠨ᠎ᠠ᠃ ᠡᠨᠡ ᠬᠥᠮᠦᠨ ᠬᠣᠷᠢᠨ ᠬᠡᠳᠦᠲᠡᠢ᠎ᠡᠴᠡ᠎ᠪᠡᠨ ᠠᠪᠤᠭᠠᠳ᠂ ᠴᠢᠩ ᠤᠯᠤᠰ᠎ᠤᠨ ᠵᠠᠰᠠᠭ᠎ᠤᠨ ᠭᠠᠵᠠᠷ᠎ᠠᠴᠠ ᠪᠠᠢᠭᠤᠯᠤᠭᠰᠠᠨ ᠣᠳᠤᠨ ᠣᠷᠤᠨ᠎ᠤ ᠤᠬᠠᠭᠠᠨ ᠪᠠ ᠵᠢᠷᠤᠬᠠᠢ ᠵᠡᠷᠭᠡ᠎ᠶᠢ ᠰᠤᠳᠤᠯᠬᠤ ᠪᠠᠢᠭᠤᠯᠭ᠎ᠠ᠎ᠳᠤ ᠠᠯᠪᠠ ᠬᠠᠭᠠᠵᠤ᠂ ᠡᠩᠬᠡ ᠠᠮᠤᠭᠤᠯᠠᠩ᠎ᠤᠨ ᠲᠠᠪᠢᠨ ᠬᠣᠶᠠᠳᠤᠭᠠᠷ ᠣᠨ (1713 ᠣᠨ)᠎ᠡᠴᠡ ᠲᠡᠭᠷᠢ ᠲᠡᠳᠭᠦᠭᠴᠢ᠎ᠶᠢᠨ ᠠᠷᠪᠠᠨ ᠳᠣᠯᠤᠳᠤᠭᠠᠷ ᠣᠨ (1752 ᠣᠨ) ᠬᠦᠷᠲᠡᠯ᠎ᠡ ᠴᠢᠩ ᠤᠯᠤᠰ᠎ᠤᠨ ᠵᠠᠰᠠᠭ᠎ᠤᠨ ᠭᠠᠵᠠᠷ᠎ᠠᠴᠠ ᠰᠢᠨᠵᠢᠯᠡᠬᠦ ᠤᠬᠠᠭᠠᠨ᠎ᠤ ᠭᠤᠷᠪᠠᠨ ᠨᠣᠮ - 《ᠬᠥᠭᠵᠢᠮ ᠤᠯᠠᠷᠢᠯ᠎ᠤᠨ ᠰᠤᠷᠪᠤᠯᠵᠢ》᠂ 《 ᠣᠳᠤᠨ ᠣᠷᠤᠨ᠎ᠤ ᠬᠥᠳᠡᠯᠭᠡᠭᠡᠨ᠎ᠦ ᠰᠤᠳᠤᠯᠤᠯ᠎ᠤᠨ ᠬᠤᠷᠢᠶᠠᠩᠭᠤᠢ᠎ᠶᠢᠨ ᠵᠠᠯᠭᠠᠮᠵᠢ》 ᠪᠠ 《ᠣᠳᠤᠨ ᠣᠷᠤᠨ᠎ᠤ ᠬᠡᠮᠵᠢᠯ᠎ᠦᠨ ᠰᠤᠳᠤᠯᠤᠯ》᠎ᠢ ᠡᠷᠬᠢᠯᠡᠨ ᠨᠠᠢᠷᠠᠭᠤᠯᠬᠤ ᠠᠵᠢᠯ᠎ᠳᠤ ᠣᠷᠤᠯᠴᠠᠵᠤ ᠤᠳᠤᠷᠢᠳᠤᠭᠰᠠᠨ ᠪᠥᠭᠡᠳ ᠵᠠᠷᠢᠮ ᠣᠳᠤᠨ ᠣᠷᠤᠨ᠎ᠤ ᠬᠦᠰᠦᠨᠦᠭᠲᠦ᠎ᠶᠢ ᠵᠣᠬᠢᠶᠠᠬᠤ ᠤᠭ ᠶᠣᠰᠤ ᠪᠠ ᠬᠡᠷᠡᠭᠯᠡᠬᠦ ᠠᠷᠭ᠎ᠠ᠎ᠶᠢᠨ ᠲᠠᠯ᠎ᠠ᠎ᠪᠠᠷ ᠬᠠᠮᠤᠭ᠎ᠤᠨ ᠶᠡᠬᠡ ᠮᠡᠳᠡᠯᠭᠡ᠎ᠲᠡᠢ᠂ ᠬᠠᠮᠤᠭ᠎ᠤᠨ ᠴᠠᠭᠠᠷᠠᠭᠰᠠᠨ ᠬᠥᠮᠦᠨ ᠪᠠᠢᠵᠠᠢ᠃ ᠲᠡᠭᠷᠢ ᠲᠡᠳᠭᠦᠭᠴᠢ᠎ᠶᠢᠨ ᠬᠣᠷᠢᠨ ᠳᠥᠷᠪᠡᠳᠦᠭᠡᠷ ᠣᠨ (1759 ᠣᠨ)᠎ᠳᠤ ᠮᠢᠩᠭᠠᠨᠲᠤ ᠣᠨᠴᠠ᠎ᠪᠠᠷ ᠳᠡᠪᠰᠢᠭᠦᠯᠦᠭᠳᠡᠵᠦ ᠣᠳᠤᠨ ᠣᠷᠤᠨ᠎ᠢ ᠰᠢᠨᠵᠢᠯᠡᠬᠦ ᠶᠠᠮᠤᠨ᠎ᠤ ᠰᠠᠢᠳ (ᠭᠣᠣᠯ ᠡᠷᠬᠢᠯᠡᠭᠴᠢ)᠎ᠪᠡᠷ ᠲᠣᠮᠢᠯᠠᠭᠳᠠᠭᠠᠳ ᠣᠳᠤᠨ ᠣᠷᠤᠨ᠎ᠤ ᠰᠢᠨᠵᠢᠯᠡᠯ᠎ᠦᠨ ᠰᠤᠳᠤᠯᠭ᠎ᠠ᠎ᠶᠢᠨ ᠬᠠᠮᠤᠭ ᠠᠵᠢᠯ᠎ᠢ ᠤᠳᠤᠷᠢᠳᠬᠤ ᠪᠣᠯᠵᠠᠢ᠃ ᠲᠡᠭᠷᠢ ᠲᠡᠳᠭᠦᠭᠴᠢ᠎ᠶᠢᠨ ᠬᠣᠷᠢᠨ ᠨᠢᠭᠡᠳᠦᠭᠡᠷ ᠣᠨ (1756 ᠣᠨ) ᠪᠠ ᠬᠣᠷᠢᠨ ᠳᠥᠷᠪᠡᠳᠦᠭᠡᠷ ᠣᠨ(1759 ᠣᠨ)᠎ᠳᠤ ᠴᠢᠩ ᠤᠯᠤᠰ᠎ᠤᠨ ᠵᠠᠰᠠᠭ᠎ᠤᠨ ᠭᠠᠵᠠᠷ᠎ᠠᠴᠠ ᠬᠣᠶᠠᠷ ᠤᠳᠠᠭ᠎ᠠ ᠬᠡᠮᠵᠢᠨ ᠵᠢᠷᠤᠬᠤ ᠠᠩᠭᠢ ᠪᠠᠢᠭᠤᠯᠵᠤ᠂ ᠰᠢᠨᠵᠢᠶᠠᠩ᠎ᠳᠤ ᠣᠴᠢᠭᠤᠯᠤᠭᠠᠳ ᠭᠠᠵᠠᠷ᠎ᠤᠨ ᠵᠢᠷᠤᠭ ᠵᠢᠷᠤᠭᠤᠯᠵᠤ᠂ ᠪᠠᠰᠠ ᠨᠡᠯᠢᠶᠡᠳ ᠬᠡᠳᠦᠨ ᠭᠠᠵᠠᠷ᠎ᠤᠨ 《ᠨᠠᠷᠠᠨ ᠮᠠᠨᠳᠤᠬᠤ᠂ ᠨᠠᠷᠠᠨ ᠵᠢᠷᠭᠠᠬᠤ᠂ ᠡᠳᠦᠷ ᠰᠥᠨᠢ᠂ ᠤᠯᠠᠷᠢᠯ᠎ᠤᠨ ᠭᠡᠮ》 ᠵᠡᠷᠭᠡ᠎ᠶᠢ ᠬᠡᠮᠵᠢᠭᠦᠯᠵᠡᠢ᠃ ᠡᠨᠡ ᠬᠣᠶᠠᠷ ᠤᠳᠠᠭ᠎ᠠ᠎ᠶᠢᠨ ᠭᠣᠣᠯᠯᠠᠭᠴᠢ ᠪᠣᠯᠵᠤ᠂ ᠰᠢᠨᠵᠢᠯᠡᠭᠡᠨ᠎ᠦ ᠠᠩᠭᠢ᠎ᠶᠢᠨ ᠳᠣᠲᠤᠷ᠎ᠠ᠎ᠪᠠᠨ ᠭᠣᠣᠯ ᠬᠠᠷᠢᠭᠤᠴᠠᠯᠭᠠᠲᠠᠨ ᠾᠧ ᠭᠦᠸᠧ ᠽᠦᠩ᠎ᠢ ᠭᠠᠷᠭᠠᠪᠠᠯ ᠳᠠᠷᠠᠭ᠎ᠠ᠎ᠳᠤᠨᠢ ᠮᠢᠩᠭᠠᠨᠲᠤ ᠪᠠᠢᠵᠠᠢ᠃ ᠡᠨᠡ ᠡᠷᠳᠡᠮᠲᠡᠨ ᠪᠦᠬᠦ ᠰᠢᠨᠵᠢᠯᠡᠭᠡᠨ᠎ᠦ ᠠᠩᠭᠢ᠎ᠪᠠᠨ ᠳᠠᠭᠠᠭᠤᠯᠵᠤ ᠬᠣᠶᠠᠳᠠᠬᠢ ᠤᠳᠠᠭ᠎ᠠ ᠰᠢᠨᠵᠢᠶᠠᠩ ᠣᠷᠤᠭᠰᠠᠨ᠎ᠶᠤᠮ᠃ ᠲᠡᠷᠡ ᠦᠶᠡᠰ ᠮᠢᠩᠭᠠᠨᠲᠤ ᠨᠢᠭᠡᠨᠲᠡ ᠳᠠᠯᠠ ᠬᠦᠷᠦᠭᠰᠡᠨ ᠨᠠᠰᠤᠲᠠᠨ ᠪᠠᠢᠭᠰᠠᠨ ᠪᠣᠯᠪᠠᠴᠤ ᠰᠠᠯᠬᠢᠨ ᠰᠢᠭᠤᠷᠭᠠᠨ᠎ᠳᠤ ᠬᠠᠯᠠᠰᠢᠷᠠᠯ᠎ᠦᠭᠡᠢ᠂ ᠡᠬᠡ ᠣᠷᠤᠨ᠎ᠤ᠎ᠪᠠᠨ ᠪᠠᠷᠠᠭᠤᠨ ᠪᠡᠶ᠎ᠡ᠎ᠶᠢᠨ ᠥᠷᠭᠡᠨ ᠠᠭᠤᠳᠠᠮ ᠬᠢᠵᠠᠭᠠᠷ ᠨᠤᠲᠤᠭ᠎ᠢᠶᠠᠷ ᠲᠣᠭᠤᠷᠢᠨ ᠶᠠᠪᠤᠵᠤ᠂ ᠬᠠᠮᠲᠤ ᠣᠯᠠᠨ᠎ᠲᠠᠢ᠎ᠪᠠᠨ ᠴᠤᠭᠭᠠᠷ᠂ ᠡᠳᠦᠢ ᠲᠡᠳᠦᠢ ᠬᠦᠴᠢᠷ ᠪᠡᠷᠬᠡᠰᠢᠶᠡᠯ᠎ᠢ ᠳᠠᠪᠠᠵᠤ᠂ ᠬᠡᠮᠵᠢᠨ ᠵᠢᠷᠤᠬᠤ ᠡᠭᠦᠷᠭᠡ᠎ᠪᠡᠨ ᠢᠯᠠᠯᠲᠠ᠎ᠲᠠᠢ᠎ᠪᠠᠷ ᠪᠡᠶᠡᠯᠡᠭᠦᠯᠵᠡᠢ᠃

ᠬᠣᠶᠠᠷ ᠤᠳᠠᠭ᠎ᠠ᠎ᠶᠢᠨ ᠪᠣᠳᠠᠲᠤ ᠬᠡᠮᠵᠢᠯᠲᠡ᠎ᠪᠡᠷ ᠰᠢᠨᠵᠢᠶᠠᠩ ᠣᠷᠤᠨ᠎ᠤ ᠪᠦᠬᠦ ᠵᠢᠷᠤᠭ ᠵᠢᠷᠤᠭᠳᠠᠵᠤ᠂ ᠮᠢᠩᠭᠠᠨᠲᠤ᠎ᠶᠢᠨ ᠶᠡᠬᠡ ᠵᠢᠳᠭᠦᠯ᠎ᠴᠦ ᠡᠭᠦᠨ᠎ᠳᠦ ᠪᠠᠭᠲᠠᠯᠴᠠᠵᠠᠢ᠃

ᠮᠢᠩᠭᠠᠨᠲᠤ ᠮᠠᠨ᠎ᠤ ᠤᠯᠤᠰ᠎ᠤᠨ ᠲᠣᠭᠠᠨ᠎ᠤ ᠤᠬᠠᠭᠠᠨ᠎ᠤ ᠲᠡᠦᠬᠡᠨ᠎ᠳᠦ ᠪᠠᠰᠠ ᠵᠣᠬᠢᠬᠤ ᠪᠠᠢᠷᠢ᠎ᠶᠢ ᠡᠵᠡᠯᠡᠬᠦ ᠶᠣᠰᠤᠲᠠᠢ᠃ ᠮᠠᠨ᠎ᠤ ᠤᠯᠤᠰ᠎ᠤᠨ ᠠᠷᠪᠠᠨ ᠨᠠᠢ᠍ᠮᠠᠳᠤᠭᠠᠷ ᠵᠠᠭᠤᠨ᠎ᠤ ᠦᠶ᠎ᠡ᠎ᠶᠢᠨ ᠲᠣᠭᠠᠨ᠎ᠤ ᠤᠬᠠᠭᠠᠨ᠎ᠤ ᠰᠢᠯᠭᠠᠷᠠᠭᠰᠠᠨ ᠡᠷᠳᠡᠮᠲᠡᠨ ᠪᠠᠢᠭᠰᠠᠨ᠎ᠶᠤᠮ᠃ ᠲᠤᠬᠠᠢ᠎ᠶᠢᠨ ᠦᠶ᠎ᠡ᠎ᠳᠦ᠂ ᠧᠦ᠋ᠷᠣᠫᠠ᠎ᠠᠴᠠ ᠲᠣᠭᠠᠨ᠎ᠤ ᠤᠬᠠᠭᠠᠨ᠎ᠤ ᠭᠤᠷᠪᠠᠨ ᠲᠣᠮᠢᠶ᠎ᠠ ᠤᠯᠠᠮᠵᠢᠯᠠᠭᠳᠠᠵᠤ ᠢᠷᠡᠭᠰᠡᠨ ᠪᠣᠯᠪᠠᠴᠤ ᠡᠳᠡᠭᠡᠷ᠎ᠨᠢ ᠣᠨᠤᠯ᠎ᠤᠨ ᠪᠠᠲᠤᠯᠠᠯᠲᠠ᠎ᠦᠭᠡᠢ ᠪᠠᠢᠵᠠᠢ᠃ ᠣᠨᠤᠯ᠎ᠤᠨ ᠪᠠᠲᠤᠯᠠᠯᠲᠠ᠎ᠦᠭᠡᠢ ᠪᠣᠯ ᠲᠡᠭᠦᠨ᠎ᠦ ᠵᠥᠪ ᠡᠰᠡᠬᠦ᠎ᠶᠢ ᠬᠥᠮᠦᠰ᠎ᠲᠦ ᠢᠲᠡᠭᠡᠭᠦᠯᠵᠦ ᠴᠢᠳᠠᠬᠤ᠎ᠦᠭᠡᠢ ᠭᠡᠵᠦ ᠦᠵᠡᠭᠡᠳ᠂ ᠮᠢᠩᠭᠠᠨᠲᠤ ᠡᠨᠡ ᠭᠤᠷᠪᠠᠨ ᠲᠣᠮᠢᠶ᠎ᠠ᠎ᠶᠢ ᠪᠠᠲᠤᠯᠠᠬᠤ᠎ᠪᠠᠷ ᠴᠢᠷᠮᠠᠢᠪᠠ᠃ ᠢᠯᠭᠠᠷᠠᠯ ᠴᠣᠮᠬᠠᠳᠭᠠᠯ᠎ᠤᠨ ᠠᠷᠭ᠎ᠠ᠎ᠪᠠᠷ ᠪᠣᠯ ᠡᠳᠡᠭᠡᠷ ᠲᠣᠮᠢᠶ᠎ᠠ᠎ᠶᠢ ᠨᠡᠯᠢᠶᠡᠳ ᠠᠮᠠᠷᠬᠠᠨ ᠪᠠᠲᠤᠯᠠᠵᠤ ᠴᠢᠳᠠᠨ᠎ᠠ᠃ ᠭᠡᠲᠡᠯ᠎ᠡ ᠢᠯᠭᠠᠷᠠᠯ ᠴᠣᠮᠬᠠᠳᠭᠠᠯ᠎ᠤᠨ ᠠᠷᠭ᠎ᠠ ᠲᠡᠷᠡ ᠦᠶ᠎ᠡ᠎ᠳᠦ ᠮᠠᠨ᠎ᠤ ᠤᠯᠤᠰ᠎ᠲᠤ ᠪᠠᠰᠠ ᠤᠯᠠᠮᠵᠢᠯᠠᠭᠳᠠᠵᠤ ᠢᠷᠡᠭᠡᠳᠦᠢ ᠪᠠᠢᠭᠰᠠᠨ᠎ᠶᠤᠮ᠃ ᠴᠢᠩᠭᠢᠭᠡᠳ ᠡᠨᠡ ᠡᠷᠳᠡᠮᠲᠡᠨ ᠭᠤᠴᠢᠭᠠᠳ ᠵᠢᠯ ᠰᠢᠬᠠᠭᠤ ᠰᠤᠳᠤᠯᠵᠤ᠂ ᠡᠴᠦᠰ᠎ᠲᠡᠭᠡᠨ 《ᠲᠣᠭᠤᠷᠢᠭ᠎ᠤᠨ ᠣᠭᠲᠤᠯᠤᠯ᠎ᠤᠨ ᠦᠷᠭᠦᠯᠵᠢᠯᠡᠮᠡᠯ ᠬᠠᠷᠢᠴᠠᠭᠠᠲᠤ᠎ᠶᠢᠨ ᠠᠷᠭ᠎ᠠ》 ᠭᠡᠳᠡᠭ ᠨᠢᠭᠡᠨ ᠵᠦᠢᠯ᠎ᠦᠨ ᠠᠷᠭ᠎ᠠ᠎ᠶᠢ ᠰᠤᠳᠤᠯᠤᠨ ᠣᠯᠵᠤ᠂ ᠡᠭᠦᠨ᠎ᠢᠶᠡᠷ᠎ᠢᠶᠡᠨ ᠥᠨᠥᠬᠢ ᠭᠤᠷᠪᠠᠨ ᠲᠣᠮᠢᠶ᠎ᠠ᠎ᠶᠢ ᠬᠦᠷᠦᠯᠴᠡᠬᠦᠢᠴᠡ ᠨᠠᠷᠢᠨ ᠨᠢᠭᠲᠠ᠎ᠪᠠᠷ ᠪᠠᠲᠤᠯᠠᠵᠤ ᠴᠢᠳᠠᠭᠰᠠᠨ᠎ᠢᠶᠠᠷ ᠪᠠᠷᠠᠬᠤ᠎ᠦᠭᠡᠢ᠂ ᠪᠠᠲᠤᠯᠠᠬᠤ ᠶᠠᠪᠤᠴᠠ᠎ᠳᠠᠭᠠᠨ ᠪᠠᠰᠠ ᠥᠭᠡᠷ᠎ᠡ ᠵᠢᠷᠭᠤᠭᠠᠨ ᠲᠣᠮᠢᠶ᠎ᠠ᠎ᠶᠢ ᠡᠭᠦᠳᠴᠡᠢ᠃ ᠲᠡᠭᠦᠨ᠎ᠦ ᠡᠭᠦᠳᠦᠭᠰᠡᠨ ᠵᠠᠷᠢᠮ ᠲᠣᠮᠢᠶ᠎ᠠ᠎ᠨᠢ ᠲᠡᠷᠡ ᠦᠶ᠎ᠡ᠎ᠶᠢᠨ ᠡᠸᠦᠷᠦ᠋ᠫᠡ᠎ᠡᠴᠡ ᠬᠣᠵᠢᠭᠳᠠᠭᠰᠠᠨ᠎ᠦᠭᠡᠢ ᠪᠠᠢᠨ᠎ᠠ᠃ ᠮᠢᠩᠭᠠᠨᠲᠤ ᠥᠪᠡᠷ᠎ᠦᠨ ᠰᠤᠳᠤᠯᠭ᠎ᠠ᠎ᠶᠢᠨ ᠪᠦᠲᠦᠭᠡᠯ᠎ᠢᠶᠡᠨ ᠡᠮᠬᠢᠯᠡᠨ ᠪᠢᠴᠢᠵᠦ᠂ ᠡᠬᠡ ᠨᠣᠣᠷᠠᠭ᠎ᠢ᠎ᠨᠢ ᠲᠤᠭᠤᠷᠪᠢᠨ ᠭᠠᠷᠭᠠᠭᠰᠠᠨ ᠪᠣᠯᠪᠠᠴᠤ ᠪᠦᠷᠢᠨ ᠭᠦᠢᠴᠡᠳᠭᠡᠵᠦ ᠵᠠᠪᠳᠤᠭᠰᠠᠨ᠎ᠦᠭᠡᠢ᠎ᠪᠠᠷ ᠶᠢᠷᠲᠢᠨᠴᠦ᠎ᠡᠴᠡ ᠠᠩᠭᠢᠵᠢᠷᠠᠵᠠᠢ᠃ ᠨᠠᠰᠤ ᠪᠠᠷᠠᠬᠤ᠎ᠠᠴᠠ᠎ᠪᠠᠨ ᠡᠮᠦᠨᠡᠬᠡᠨ ᠬᠥᠪᠡᠭᠦᠨ ᠮᠢᠩ ᠰᠢᠨ᠎ᠢᠶᠡᠨ ᠳᠡᠷᠭᠡᠳᠡ᠎ᠪᠡᠨ ᠳᠠᠭᠤᠳᠠᠵᠤ ᠠᠪᠴᠢᠷᠠᠭᠠᠳ: 《ᠴᠢ ᠬᠠᠮᠲᠤ ᠰᠤᠷᠤᠭᠴᠢ ᠴᠧᠨ ᠵᠢᠢ ᠰᠢᠨ᠎ᠲᠡᠢ᠎ᠪᠡᠨ ᠬᠠᠮᠵᠢᠯᠴᠠᠭᠠᠳ᠂ ᠡᠭᠦᠨ᠎ᠢ ᠡᠷᠬᠡᠪᠰᠢ ᠵᠠᠯᠭᠠᠨ ᠭᠦᠢᠴᠡᠳᠭᠡᠭᠡᠷᠡᠢ》 ᠭᠡᠵᠦ ᠭᠡᠷᠢᠶᠡᠰᠯᠡᠵᠡᠢ᠃ ᠮᠢᠩ ᠰᠢᠨ ᠪᠣᠯᠤᠨ ᠴᠧᠨ ᠵᠢᠢ ᠰᠢᠨ ᠵᠡᠷᠭᠡ ᠰᠤᠷᠤᠭᠴᠢᠳ ᠡᠨᠡ᠎ᠬᠦ ᠭᠡᠷᠢᠶᠡᠰ᠎ᠢ ᠦᠨᠳᠦᠰᠦᠯᠡᠨ᠂ ᠤᠭ ᠵᠣᠬᠢᠶᠠᠯ᠎ᠢ ᠭᠦᠢᠴᠡᠳᠭᠡᠨ ᠪᠢᠴᠢᠵᠦ᠂ ᠮᠢᠩᠭᠠᠨᠲᠤ᠎ᠶᠢᠨ ᠤᠭ ᠰᠠᠨᠠᠭ᠎ᠠ᠎ᠪᠠᠷ 《ᠲᠣᠭᠤᠷᠢᠭ᠎ᠤᠨ ᠣᠭᠲᠤᠯᠤᠯ᠎ᠤᠨ ᠨᠢᠭᠲᠠ ᠬᠡᠮᠵᠢᠶᠡᠨ᠎ᠦ ᠳᠥᠲᠡ ᠠᠷᠭ᠎ᠠ》 ᠭᠡᠰᠡᠨ ᠨᠡᠷ᠎ᠡ᠎ᠪᠡᠷ ᠬᠡᠪᠯᠡᠭᠦᠯᠵᠡᠢ᠃ ᠡᠨᠡ ᠨᠣᠮ ᠦᠶ᠎ᠡ ᠤᠯᠠᠷᠢᠨ ᠤᠯᠠᠮᠵᠢᠯᠠᠭᠳᠠᠭᠰᠠᠭᠠᠷ ᠡᠳᠦᠭᠡ᠎ᠳᠦᠷ ᠬᠦᠷᠴᠡᠢ᠃

ᠮᠢᠩᠭᠠᠨᠲᠤ᠎ᠶᠢᠨ ᠡᠭᠦᠳᠦᠭᠰᠡᠨ 《ᠲᠣᠭᠤᠷᠢᠭ᠎ᠤᠨ ᠣᠭᠲᠤᠯᠤᠯ᠎ᠤᠨ ᠦᠷᠭᠦᠯᠵᠢᠯᠡᠮᠡᠯ ᠬᠠᠷᠢᠴᠠᠭᠠᠲᠤ᠎ᠶᠢᠨ ᠠᠷᠭ᠎ᠠ》᠎ᠨᠢ 18 _ 19 ᠳ᠋ᠤᠭᠡᠷ ᠵᠠᠭᠤᠨ᠎ᠠ ᠮᠠᠨ᠎ᠤ ᠤᠯᠤᠰ᠎ᠲᠤ ᠮᠠᠰᠢ ᠶᠡᠬᠡ ᠨᠥᠯᠦᠭᠡ ᠦᠵᠡᠭᠦᠯᠵᠦ᠂ ᠲᠤᠭᠲᠠᠭᠰᠠᠨ ᠬᠡᠮᠵᠢᠶᠡᠨ ᠳᠣᠲᠤᠷ᠎ᠠ ᠢᠯᠭᠠᠷᠠᠯ ᠴᠣᠮᠬᠠᠳᠭᠠᠯ᠎ᠤᠨ ᠦᠢᠯᠡᠳᠦᠯ᠎ᠢ ᠭᠠᠷᠭᠠᠭᠰᠠᠨ ᠪᠠᠢᠨ᠎ᠠ᠃

ᠮᠣᠩᠭᠤᠯᠴᠤᠳ ᠣᠳᠤᠨ ᠣᠷᠤᠨ᠎ᠤ ᠰᠤᠳᠤᠯᠤᠯ᠎ᠤᠨ ᠲᠠᠯ᠎ᠠ᠎ᠪᠠᠷ ᠶᠡᠬᠡᠬᠡᠨ ᠠᠵᠢᠯ ᠬᠢᠵᠦ᠂ ᠬᠤᠪᠢ ᠨᠡᠮᠡᠷᠢ ᠣᠷᠤᠭᠤᠯᠤᠭᠰᠠᠨ᠎ᠶᠤᠮ᠃ ᠶᠤᠸᠠᠨ ᠤᠯᠤᠰ᠎ᠤᠨ ᠦᠶ᠎ᠡ᠎ᠳᠦ᠂ ᠲᠡᠳᠡ ᠣᠳᠤᠨ ᠣᠷᠤᠨ᠎ᠤ ᠰᠤᠳᠤᠯᠤᠯ᠎ᠳᠤ ᠠᠩᠬᠠᠷᠤᠯ ᠲᠠᠯᠪᠢᠵᠤ ᠶᠤᠸᠠᠨ ᠤᠯᠤᠰ᠎ᠤᠨ ᠱ᠌ᠢᠽᠦ ᠬᠠᠭᠠᠨ ᠬᠤᠪᠢᠯᠠᠢ᠎ᠶᠢᠨ ᠴᠣᠬᠤᠯᠠᠪᠤᠷᠢ᠎ᠲᠠᠢ᠎ᠪᠠᠷ ᠳᠡᠭᠡᠳᠦ ᠨᠡᠢᠰᠯᠡᠯ (ᠣᠳᠣ᠎ᠶᠢᠨ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠰᠢᠯᠤᠭᠤᠨ ᠬᠥᠬᠡ ᠬᠣᠰᠢᠭᠤᠨ᠎ᠳᠤ ᠪᠠᠢᠵᠠᠢ) ᠪᠠ ᠶᠡᠬᠡ ᠨᠡᠢᠰᠯᠡᠯ (ᠣᠳᠣ᠎ᠶᠢᠨ ᠪᠡᠭᠡᠵᠢᠩ ᠬᠣᠲᠠ᠎ᠳᠤ ᠪᠠᠢᠵᠠᠢ) ᠡᠨᠡ ᠬᠣᠶᠠᠷ᠎ᠲᠤ ᠣᠳᠤᠨ ᠣᠷᠤᠨ᠎ᠤ ᠰᠢᠨᠵᠢᠯᠡᠭᠡᠨ᠎ᠦ ᠬᠣᠷᠢᠶ᠎ᠠ ᠪᠠᠢᠭᠤᠯᠵᠠᠢ᠃ ᠡᠭᠦᠨ᠎ᠡ ᠶᠡᠬᠡ ᠨᠡᠢᠰᠯᠡᠯ᠎ᠳᠡᠬᠢ ᠬᠣᠷᠢᠶ᠎ᠠ᠎ᠨᠢ ᠬᠡᠮᠵᠢᠶ᠎ᠡ᠎ᠪᠡᠷ ᠲᠤᠩ ᠶᠡᠬᠡ᠂ ᠪᠡᠯᠡᠳᠭᠡᠮᠵᠢ᠎ᠪᠡᠷ ᠪᠦᠷᠢᠨ ᠲᠡᠭᠦᠯᠳᠡᠷ ᠪᠠᠢᠭᠰᠠᠨ᠎ᠶᠤᠮ᠃ ᠲᠣᠭᠲᠠᠬᠤ᠎ᠶᠢᠨ ᠡᠷᠬᠢᠯᠡᠨ ᠨᠠᠢᠷᠠᠭᠤᠯᠤᠭᠰᠠᠨ 《ᠶᠤᠸᠠᠨ ᠤᠯᠤᠰ᠎ᠤᠨ ᠲᠡᠦᠬᠡ》 ᠵᠡᠷᠭᠡ ᠨᠣᠮ ᠪᠢᠴᠢᠭ᠎ᠲᠦ ᠣᠳᠤᠨ ᠣᠷᠤᠨ᠎ᠤ ᠰᠤᠳᠤᠯᠤᠯ᠎ᠤᠨ ᠲᠤᠬᠠᠢ ᠠᠭᠤᠯᠭ᠎ᠠ ᠮᠠᠰᠢ ᠨᠠᠷᠢᠨ ᠪᠢᠴᠢᠭᠳᠡᠭᠰᠡᠨ ᠪᠠᠢᠨ᠎ᠠ᠃ ᠴᠢᠩ ᠤᠯᠤᠰ᠎ᠤᠨ ᠣᠳᠤᠨ ᠣᠷᠤᠨ᠎ᠢ ᠰᠢᠨᠵᠢᠯᠡᠬᠦ ᠶᠠᠮᠤᠨ᠎ᠳᠤ ᠣᠳᠤᠨ ᠣᠷᠤᠨ᠎ᠤ ᠰᠤᠳᠤᠯᠤᠯ᠂ ᠤᠯᠠᠷᠢᠯ ᠬᠤᠪᠢᠶᠠᠬᠤ ᠠᠷᠭ᠎ᠠ᠎ᠶᠢᠨ ᠲᠠᠯ᠎ᠠ᠎ᠶᠢᠨ ᠰᠤᠳᠤᠯᠭᠠᠨ᠎ᠤ ᠠᠵᠢᠯ ᠬᠢᠵᠦ ᠪᠠᠢᠭᠰᠠᠨ ᠮᠣᠩᠭᠤᠯᠴᠤᠳ ᠮᠢᠩᠭᠠᠨᠲᠤ᠎ᠠᠴᠠ ᠭᠠᠳᠠᠨ᠎ᠠ ᠪᠠᠰᠠ ᠴᠥᠭᠡᠨ ᠪᠤᠰᠤ ᠪᠠᠢᠭᠰᠠᠨ ᠪᠥᠭᠡᠳ ᠵᠠᠷᠢᠮ᠎ᠨᠢ ᠲᠡᠨᠳᠡ ᠬᠡᠳᠦᠨ ᠠᠷᠪᠠᠨ ᠵᠢᠯ ᠠᠵᠢᠯᠯᠠᠵᠠᠢ᠃

ᠬᠥᠬᠡᠬᠣᠲᠠ᠎ᠶᠢᠨ ᠲᠠᠪᠤᠨ ᠰᠤᠪᠤᠷᠭᠠᠲᠤ ᠰᠦᠮ᠎ᠡ᠎ᠶᠢᠨ ᠠᠷᠤ ᠬᠠᠨᠠᠨ᠎ᠳᠤ ᠣᠳᠤᠨ ᠣᠷᠤᠨ᠎ᠤ ᠮᠣᠩᠭᠤᠯ ᠵᠢᠷᠤᠭ ᠰᠡᠢᠯᠦᠭᠰᠡᠨ ᠨᠢᠭᠡᠨ ᠴᠢᠯᠠᠭᠤᠨ ᠰᠡᠢᠯᠦᠮᠡᠯ ᠪᠠᠢᠨ᠎ᠠ᠃ ᠪᠠᠷᠤᠭᠴᠠᠭᠠᠯᠠᠵᠤ ᠪᠣᠳᠤᠪᠠᠯ᠂ ᠡᠨᠡ ᠵᠢᠷᠤᠭ ᠴᠢᠩ ᠤᠯᠤᠰ᠎ᠤᠨ ᠲᠡᠭᠷᠢ ᠲᠡᠳᠭᠦᠭᠴᠢ᠎ᠶᠢᠨ ᠡᠬᠢᠨ᠎ᠦ ᠦᠶ᠎ᠡ᠎ᠳᠦ ᠰᠡᠢᠯᠦᠭᠳᠡᠭᠰᠡᠨ ᠪᠣᠯᠤᠯᠲᠠᠢ᠃ ᠡᠨᠡ ᠵᠢᠷᠤᠭ ᠠᠭᠤᠯᠭ᠎ᠠ᠎ᠪᠠᠷ ᠮᠠᠰᠢ ᠪᠠᠶᠠᠯᠢᠭ᠂ ᠤᠮᠠᠷᠠᠳᠤ ᠲᠤᠢᠯ᠎ᠢᠶᠠᠷ ᠲᠥᠪ ᠪᠣᠯᠭᠠᠨ᠂ ᠤᠯᠠᠭᠠᠨ ᠵᠠᠮ᠎ᠢ ᠲᠣᠭᠤᠷᠢᠭ ᠬᠡᠯᠪᠡᠷᠢᠲᠡᠢ᠎ᠪᠡᠷ ᠵᠢᠷᠤᠭ᠎ᠤᠨ ᠲᠥᠪ᠎ᠲᠦ ᠵᠢᠷᠤᠵᠤ᠂ ᠰᠢᠷ᠎ᠠ ᠵᠠᠮ᠎ᠢ ᠵᠤᠤᠪᠠᠩ ᠬᠡᠯᠪᠡᠷᠢᠲᠡᠢ᠎ᠪᠡᠷ ᠵᠢᠷᠤᠵᠤ᠂ ᠤᠯᠠᠭᠠᠨ ᠵᠠᠮ᠎ᠲᠠᠢ ᠣᠭᠲᠤᠯᠤᠯᠴᠠᠭᠤᠯᠵᠠᠢ᠃ ᠰᠢᠷ᠎ᠠ ᠵᠠᠮ᠎ᠢ ᠡᠢᠮᠦ ᠬᠡᠯᠪᠡᠷᠢᠲᠡᠢ ᠵᠢᠷᠤᠬᠤ᠎ᠨᠢ ᠲᠤᠰᠭᠠᠯᠲᠠ᠎ᠶᠢᠨ ᠶᠣᠰᠤᠨ᠎ᠲᠠᠢ ᠨᠡᠢᠴᠡᠬᠦ ᠪᠥᠭᠡᠳ ᠮᠠᠨ᠎ᠤ ᠤᠯᠤᠰ᠎ᠤᠨ ᠲᠡᠦᠬᠡᠨ ᠳᠡᠭᠡᠷ᠎ᠡ ᠬᠣᠪᠤᠷ ᠲᠣᠬᠢᠶᠠᠯᠳᠤᠨ᠎ᠠ᠃

ᠡᠭᠦᠨ᠎ᠡᠴᠡ ᠭᠠᠳᠠᠨ᠎ᠠ᠂ ᠪᠠᠰᠠ ᠬᠣᠷᠢᠨ ᠨᠠᠢ᠍ᠮᠠᠨ ᠣᠳᠤᠨ ᠣᠷᠤᠨ᠎ᠤ ᠬᠤᠪᠢᠶᠠᠷᠢᠯᠠᠯ ᠪᠠ ᠲᠡᠭᠷᠢ᠎ᠶᠢᠨ ᠣᠶᠤᠳᠠᠯ᠎ᠢ ᠵᠢᠷᠤᠵᠤ ᠭᠠᠷᠭᠠᠭᠰᠠᠨ ᠪᠥᠭᠡᠳ ᠬᠣᠷᠢᠨ ᠨᠠᠢ᠍ᠮᠠᠨ ᠣᠳᠤᠨ᠂ ᠰᠢᠷ᠎ᠠ ᠵᠠᠮ᠎ᠤᠨ ᠠᠷᠪᠠᠨ ᠬᠣᠶᠠᠷ ᠣᠷᠳᠤᠨ᠂ ᠬᠣᠷᠢᠨ ᠳᠥᠷᠪᠡᠨ ᠤᠯᠠᠷᠢᠯ᠎ᠤᠨ ᠨᠡᠷ᠎ᠡ᠎ᠶᠢ ᠬᠠᠳᠠᠨ ᠰᠡᠢᠯᠦᠭᠰᠡᠨ ᠪᠠᠢᠨ᠎ᠠ᠃ ᠨᠡᠩ ᠴᠢᠬᠤᠯᠠ᠎ᠨᠢ ᠠᠰᠢᠳᠠ᠎ᠶᠢᠨ ᠣᠳᠤᠳ᠎ᠢ ᠰᠡᠢᠯᠦᠨ ᠲᠡᠮᠳᠡᠭᠯᠡᠭᠰᠡᠨ ᠶᠠᠪᠤᠳᠠᠯ ᠪᠣᠯᠤᠨ᠎ᠠ᠃ ᠲᠡᠦᠬᠡᠨ ᠳᠡᠭᠡᠷ᠎ᠡ ᠨᠢᠭᠡᠨᠲᠡ ᠮᠡᠳᠡᠭᠳᠡᠭᠡᠳ ᠪᠠᠢᠭᠰᠠᠨ ᠠᠰᠢᠳᠠ᠎ᠶᠢᠨ ᠣᠳᠤᠳ ᠪᠠ ᠠᠷᠪᠠᠨ ᠳᠣᠯᠤᠳᠤᠭᠠᠷ ᠵᠠᠭᠤᠨ᠎ᠤ ᠦᠶ᠎ᠡ᠎ᠶᠢᠨ ᠣᠳᠤᠨ ᠳᠡᠰ᠎ᠦᠨ ᠵᠢᠷᠤᠬᠤ ᠠᠷᠭ᠎ᠠ᠎ᠶᠢ ᠲᠡᠮᠳᠡᠭᠯᠡᠵᠦ ᠭᠠᠷᠭᠠᠭᠰᠠᠨ᠎ᠠᠴᠠ ᠭᠠᠳᠠᠨ᠎ᠠ᠂ ᠲᠡᠭᠷᠢ ᠲᠡᠳᠭᠦᠭᠴᠢ᠎ᠶᠢᠨ ᠡᠬᠢᠨ᠎ᠦ ᠵᠢᠯ᠎ᠦᠳ᠎ᠲᠦ ᠬᠡᠮᠵᠢᠨ ᠲᠣᠳᠤᠷᠬᠠᠢᠯᠠᠭᠰᠠᠨ ᠮᠢᠩᠭ᠎ᠠ ᠭᠠᠷᠤᠢ ᠠᠰᠢᠳᠠ᠎ᠶᠢᠨ ᠣᠳᠤᠳ᠎ᠢ ᠨᠡᠮᠡᠵᠦ ᠣᠷᠤᠭᠤᠯᠤᠭᠠᠳ᠂ ᠲᠡᠷᠡ ᠦᠶ᠎ᠡ᠎ᠶᠢᠨ ᠮᠠᠨ᠎ᠤ ᠤᠯᠤᠰ᠎ᠤᠨ ᠣᠳᠤᠨ ᠣᠷᠤᠨ᠎ᠤ ᠰᠤᠳᠤᠯᠤᠯ᠎ᠤᠨ ᠰᠢᠨ᠎ᠡ ᠠᠮᠵᠢᠯᠲᠠ ᠪᠦᠲᠦᠭᠡᠯ᠎ᠢ ᠬᠠᠷᠠᠭᠤᠯᠪᠠ᠃ ᠡᠨᠡ ᠵᠢᠷᠤᠭ᠎ᠲᠤ ᠬᠠᠳᠠᠯᠲᠠ ᠬᠢᠬᠦ᠎ᠳᠡᠭᠡᠨ ᠴᠥᠮ ᠮᠣᠩᠭᠤᠯ ᠥᠰᠦᠭ᠎ᠢ ᠬᠡᠷᠡᠭᠯᠡᠵᠦ᠂ ᠥᠨᠴᠦᠭ᠎ᠢ ᠭᠷᠡᠲᠦ᠋ᠰᠯᠡᠬᠦ᠂ ᠥᠷᠭᠡᠷᠢᠭ᠎ᠢ ᠳ᠋ᠤᠭᠠᠷᠯᠠᠬᠤ ᠵᠡᠷᠭᠡ᠎ᠳᠡᠭᠡᠨ ᠲᠥᠪᠡᠳ ᠲᠣᠭᠠᠨ᠎ᠤ ᠥᠰᠦᠭ᠎ᠢ ᠬᠡᠷᠡᠭᠯᠡᠵᠡᠢ᠃ ᠡᠨᠡ ᠪᠣᠯ ᠮᠠᠨ᠎ᠤ ᠤᠯᠤᠰ᠎ᠲᠤ ᠣᠯᠳᠠᠭᠰᠠᠨ ᠮᠣᠩᠭᠤᠯ ᠥᠰᠦᠭ᠎ᠲᠡᠢ ᠴᠤᠷ᠎ᠤᠨ ᠭᠠᠭᠴᠠ ᠣᠳᠤᠨ ᠣᠷᠤᠨ᠎ᠤ ᠵᠢᠷᠤᠭ ᠪᠣᠯᠤᠨ᠎ᠠ᠃

ᠮᠣᠩᠭᠤᠯ᠎ᠢᠶᠠᠷ ᠨᠠᠢᠷᠠᠭᠤᠯᠤᠨ ᠪᠢᠴᠢᠭᠰᠡᠨ ᠪᠤᠶᠤ ᠥᠭᠡᠷ᠎ᠡ ᠬᠡᠯᠡ ᠳᠡᠭᠡᠷ᠎ᠡ᠎ᠡᠴᠡ ᠣᠷᠴᠢᠭᠤᠯᠤᠭᠰᠠᠨ ᠣᠳᠤᠨ ᠣᠷᠤᠨ᠎ᠤ ᠰᠤᠳᠤᠯᠤᠯ᠎ᠤᠨ ᠲᠤᠬᠠᠢ ᠨᠣᠮ ᠥᠨᠥ ᠪᠣᠯᠲᠠᠯ᠎ᠠ ᠴᠥᠭᠡᠨ ᠪᠤᠰᠤ ᠤᠯᠠᠮᠵᠢᠯᠠᠭᠳᠠᠵᠤ ᠢᠷᠡᠵᠡᠢ᠃ ᠵᠢᠱ᠌ᠢᠶᠠᠯᠠᠪᠠᠯ ᠮᠢᠩᠭᠠᠨᠲᠤ᠎ᠶᠢᠨ ᠣᠷᠤᠯᠴᠠᠭ᠎ᠠ᠎ᠲᠠᠢ᠎ᠪᠠᠷ ᠨᠠᠢᠷᠠᠭᠤᠯᠤᠭᠰᠠᠨ 《ᠬᠥᠭᠵᠢᠮ ᠤᠯᠠᠷᠢᠯ᠎ᠤᠨ ᠤᠭ ᠰᠤᠷᠪᠤᠯᠵᠢ》᠎ᠳᠡᠬᠢ ᠣᠳᠤᠨ ᠣᠷᠤᠨ᠎ᠤ ᠰᠤᠳᠤᠯᠤᠯ᠎ᠤᠨ ᠬᠡᠰᠡᠭ ᠪᠠ ᠲᠣᠭᠠᠨ᠎ᠤ ᠤᠬᠠᠭᠠᠨ᠎ᠤ ᠬᠡᠰᠡᠭ (ᠨᠡᠢᠲᠡ ᠭᠤᠷᠪᠠᠨ ᠬᠡᠰᠡᠭ᠂ ᠨᠥᠭᠦᠭᠡ ᠨᠢᠭᠡ ᠬᠡᠰᠡᠭ᠎ᠨᠢ ᠬᠥᠭᠵᠢᠮ᠎ᠦᠨ ᠣᠨᠤᠯ)᠎ᠨᠢ ᠮᠣᠩᠭᠤᠯ ᠬᠡᠯᠡ ᠳᠡᠭᠡᠷ᠎ᠡ ᠣᠷᠴᠢᠭᠤᠯᠤᠭᠳᠠᠵᠠᠢ᠃ ᠥᠪᠦᠷ ᠮᠣᠩᠭᠤᠯ᠎ᠤᠨ ᠨᠣᠮ᠎ᠤᠨ ᠰᠠᠩ ᠵᠡᠷᠭᠡ ᠭᠠᠵᠠᠷ᠎ᠲᠤ ᠨᠡᠯᠢᠶᠡᠳ ᠬᠡᠳᠦᠨ ᠵᠦᠢᠯ᠎ᠦᠨ ᠮᠣᠩᠭᠤᠯ ᠣᠳᠤᠨ ᠣᠷᠤᠨ᠎ᠤ ᠰᠤᠳᠤᠯᠤᠯ᠎ᠤᠨ ᠨᠣᠮ ᠬᠠᠳᠠᠭᠠᠯᠠᠭᠳᠠᠵᠤ ᠪᠠᠢᠨ᠎ᠠ᠃ ᠲᠡᠳᠡᠭᠡᠷ᠎ᠦᠨ ᠳᠣᠲᠤᠷ᠎ᠠ 《ᠣᠳᠤᠨ ᠣᠷᠤᠨ᠎ᠤ ᠰᠤᠳᠤᠯᠤᠯ》 ᠬᠡᠮᠡᠬᠦ ᠨᠣᠮ ᠨᠡᠢᠲᠡ ᠬᠣᠶᠠᠷ ᠳᠡᠪᠲᠡᠷ ᠪᠠᠢᠨ᠎ᠠ᠃ ᠨᠢᠭᠡᠳᠦᠭᠡᠷ ᠳᠡᠪᠲᠡᠷ᠎ᠨᠢ 《ᠲᠡᠭᠷᠢ᠎ᠳᠦᠷ ᠵᠣᠷᠴᠢᠬᠤᠢ ᠳᠠᠭᠤᠯᠠᠯ》 ᠪᠣᠯᠤᠨ᠎ᠠ᠃ ᠡᠭᠦᠨ᠎ᠢ ᠮᠠᠨ᠎ᠤ ᠤᠯᠤᠰ᠎ᠤᠨ ᠤᠯᠠᠮᠵᠢᠯᠠᠯᠲᠤ 《ᠭᠤᠷᠪᠠᠨ ᠬᠦᠷᠢᠶ᠎ᠡ ᠬᠣᠷᠢᠨ ᠨᠠᠢ᠍ᠮᠠᠨ ᠣᠳᠤᠨ》᠎ᠤ ᠵᠢᠭᠰᠠᠭᠠᠯᠲᠠ᠎ᠶᠢᠨ ᠠᠷᠭ᠎ᠠ᠎ᠪᠠᠷ ᠪᠢᠴᠢᠵᠡᠢ᠃ ᠪᠠᠰᠠ ᠮᠣᠩᠭᠤᠯ ᠬᠠᠳᠠᠯᠲᠠ᠎ᠲᠠᠢ ᠣᠳᠤᠳ᠎ᠤᠨ ᠵᠢᠷᠤᠭ᠎ᠤᠳ ᠪᠠᠢᠨ᠎ᠠ᠃ ᠲᠡᠳᠡᠭᠡᠷ᠎ᠦᠨ ᠳᠣᠲᠤᠷ᠎ᠠ ᠪᠦᠬᠦ ᠲᠡᠭᠷᠢ᠎ᠶᠢᠨ ᠣᠳᠤᠳ᠎ᠤᠨ ᠵᠢᠷᠤᠭ᠎ᠨᠢ ᠬᠠᠮᠤᠭ᠎ᠤᠨ ᠦᠨ᠎ᠡ ᠴᠡᠨ᠎ᠡ᠎ᠲᠡᠢ ᠠᠭᠤᠯᠭ᠎ᠠ᠎ᠨᠤᠭᠤᠳ᠎ᠤᠨ ᠬᠢᠨᠢ ᠨᠢᠭᠡ ᠪᠣᠯᠤᠨ᠎ᠠ᠃ ᠪᠦᠬᠦ ᠲᠡᠭᠷᠢ᠎ᠶᠢᠨ ᠣᠳᠤᠳ᠎ᠤᠨ ᠵᠢᠷᠤᠭ᠎ᠢ ᠰᠢᠷ᠎ᠠ ᠵᠠᠮ᠎ᠢᠶᠠᠷ ᠵᠠᠭᠠᠭ ᠪᠣᠯᠭᠠᠨ ᠡᠮᠦᠨᠡᠲᠦ ᠤᠮᠠᠷᠠᠳᠤ ᠬᠣᠶᠠᠷ ᠬᠠᠭᠠᠰ ᠪᠥᠮᠪᠦᠷᠴᠡᠭ᠎ᠲᠦ ᠬᠤᠪᠢᠶᠠᠨ ᠵᠢᠷᠤᠵᠠᠢ᠃ ᠡᠨᠡ ᠰᠢᠷ᠎ᠠ ᠵᠠᠮ᠎ᠤᠨ ᠪᠠᠢᠷᠢᠰᠢᠯ᠎ᠤᠨ ᠰᠢᠰᠲᠧᠮ ᠪᠣᠯᠬᠤ᠎ᠨᠢ ᠢᠯᠡᠬᠡᠨ ᠪᠤᠢ᠃ ᠡᠭᠦᠨ᠎ᠦ ᠬᠠᠮᠲᠤ᠂ ᠵᠢᠷᠤᠭ ᠪᠦᠷᠢ ᠳᠡᠭᠡᠷ᠎ᠡ᠎ᠨᠢ ᠪᠠᠰᠠ ᠤᠯᠠᠭᠠᠨ ᠤᠷᠲᠤᠷᠢᠭ ᠪᠠ ᠤᠯᠠᠭᠠᠨ ᠲᠤᠢᠯ ᠵᠢᠷᠤᠭᠳᠠᠭᠰᠠᠨ ᠪᠠᠢᠨ᠎ᠠ᠃ ᠡᠨᠡ᠎ᠴᠦ ᠰᠢᠨ᠎ᠡ ᠣᠨᠴᠠᠯᠢᠭ ᠪᠣᠯᠤᠨ᠎ᠠ᠃

ᠮᠣᠩᠭᠤᠯ ᠦᠨᠳᠦᠰᠦᠲᠡᠨ ᠡᠮ ᠡᠮᠨᠡᠯᠭᠡ᠎ᠶᠢᠨ ᠲᠠᠯ᠎ᠠ᠎ᠪᠠᠷ ᠮᠠᠰᠢ ᠣᠯᠠᠨ ᠬᠤᠪᠢ ᠨᠠᠮᠠᠢ ᠣᠷᠤᠭᠤᠯᠵᠠᠢ᠃ ᠲᠡᠳᠡ᠂ ᠲᠤᠰ ᠦᠨᠳᠦᠰᠦᠲᠡᠨ᠎ᠦ᠎ᠪᠡᠨ ᠠᠮᠢᠳᠤᠷᠠᠯ᠎ᠤᠨ ᠣᠨᠴᠠᠯᠢᠭ᠎ᠲᠠᠢ ᠤᠶᠠᠯᠳᠤᠭᠤᠯᠤᠨ᠂ ᠴᠥᠭᠡᠨ ᠪᠤᠰᠤ ᠡᠭᠦᠳᠦᠯᠲᠡ ᠬᠢᠭᠰᠡᠨ᠎ᠶᠦᠮ᠃ ᠲᠡᠭᠦᠨ᠎ᠦ ᠳᠣᠲᠤᠷ᠎ᠠ ᠭᠠᠳᠠᠷ ᠡᠮᠨᠡᠯᠭᠡ ᠪᠠ ᠶᠠᠰᠤᠨ᠎ᠤ ᠡᠮᠨᠡᠯᠭᠡ᠎ᠶᠢᠨ ᠲᠠᠯ᠎ᠠ᠎ᠪᠠᠷ᠎ᠬᠢ ᠪᠦᠲᠦᠭᠡᠯ᠎ᠨᠢ ᠭᠣᠣᠯ ᠪᠣᠯᠵᠤ ᠪᠠᠢᠨ᠎ᠠ᠃ ᠮᠣᠩᠭᠤᠯᠴᠤᠳ᠂ ᠠᠯᠢ ᠬᠡᠳᠦᠢᠨ ᠠᠷᠪᠠᠨ ᠭᠤᠷᠪᠠᠳᠤᠭᠠᠷ ᠵᠠᠭᠤᠨ᠎ᠤ ᠳᠡᠭᠡᠳᠦ ᠬᠠᠭᠠᠰ᠎ᠲᠤ᠂ ᠭᠠᠳᠠᠷ ᠰᠢᠷᠬ᠎ᠠ᠎ᠠᠴᠠ ᠪᠣᠯᠵᠤ ᠤᠬᠠᠭᠠᠨ ᠠᠯᠳᠠᠭᠰᠠᠨ ᠬᠥᠮᠦᠨ᠎ᠢ ᠲᠡᠮᠡᠭᠡ ᠵᠡᠷᠭᠡ ᠪᠣᠳᠠ ᠮᠠᠯ᠎ᠤᠨ ᠬᠡᠪᠡᠯᠢ᠎ᠳᠦ ᠬᠢᠵᠦ ᠲᠦᠷᠭᠡᠨ ᠠᠪᠤᠷᠠᠬᠤ ᠠᠷᠭ᠎ᠠ᠎ᠶᠢ ᠬᠡᠷᠡᠭᠯᠡᠵᠦ ᠪᠠᠢᠭᠰᠠᠨ ᠪᠥᠭᠡᠳ ᠡᠨᠡ᠎ᠨᠢ ᠬᠣᠵᠢᠮ ᠤᠷᠲᠤ ᠤᠳᠠᠭᠠᠨ ᠤᠯᠠᠮᠵᠢᠯᠠᠭᠳᠠᠵᠠᠢ᠃ 17 ᠳ᠋ᠤᠭᠠᠷ ᠵᠠᠭᠤᠨ᠎ᠤ ᠠᠯᠳᠠᠷᠲᠤ ᠮᠣᠩᠭᠤᠯ ᠡᠮᠴᠢ ᠮᠡᠷᠭᠡᠨ ᠭᠠᠳᠠᠷ ᠡᠮᠨᠡᠯᠭᠡ᠎ᠳᠦ ᠣᠨᠴᠠ ᠭᠠᠷᠮᠠᠭᠠᠢ ᠪᠠᠢᠭᠰᠠᠨ᠎ᠶᠤᠮ᠃ ᠠᠲᠤᠭᠠᠷ ᠲᠠᠬᠢᠷ ᠪᠣᠯᠤᠭᠰᠠᠨ ᠭᠡᠮ᠎ᠢ ᠵᠠᠰᠠᠬᠤ᠎ᠳᠠᠭᠠᠨ ᠡᠨᠡ ᠡᠮᠴᠢ ᠤᠷᠢᠳᠠᠪᠠᠷ ᠬᠠᠯᠠᠭᠤᠨ ᠤᠰᠤᠨ ᠠᠭᠤᠷ᠎ᠢᠶᠠᠷ ᠵᠢᠩ ᠪᠠᠷᠢᠵᠤ ᠳᠠᠷᠠᠭ᠎ᠠ᠎ᠨᠢ ᠭᠡᠮᠲᠦᠭᠰᠡᠨ ᠭᠠᠵᠠᠷ᠎ᠢ ᠵᠢᠵᠢᠭ ᠠᠯᠤᠬ᠎ᠠ᠎ᠪᠠᠷ ᠲᠣᠭᠰᠢᠬᠤ᠎ᠶᠢᠨ ᠬᠠᠮᠲᠤ᠂ ᠱᠠᠷᠴᠢᠭᠢᠨᠠᠬᠤ ᠳᠠᠭᠤ ᠭᠠᠷᠳᠠᠯ᠎ᠠ ᠪᠠᠷᠢᠵᠤ ᠥᠭᠬᠦ ᠠᠷᠭ᠎ᠠ᠎ᠶᠢ ᠬᠡᠷᠡᠭᠯᠡᠨ᠂ ᠡᠳᠡᠭᠡᠭᠡᠴᠢᠬᠡᠳᠡᠭ ᠪᠠᠢᠵᠠᠢ᠃ ᠮᠡᠷᠭᠡᠨ ᠡᠮᠨᠡᠯᠭᠡ᠎ᠶᠢᠨ ᠮᠡᠷᠭᠡᠵᠢᠯ᠎ᠢᠶᠡᠷ ᠮᠠᠰᠢ ᠥᠨᠳᠦᠷ ᠪᠠᠢᠭᠰᠠᠨ᠎ᠢᠶᠠᠷ᠎ᠢᠶᠠᠨ 《ᠴᠣᠷᠵᠢ》 (ᠠᠯᠳᠠᠷᠲᠤ ᠡᠷᠳᠡᠮᠲᠡᠨ ᠭᠡᠰᠡᠨ ᠤᠳᠭ᠎ᠠ᠎ᠲᠠᠢ) ᠴᠣᠯᠠ ᠣᠯᠵᠠᠢ᠃ ᠡᠯ᠎ᠡ ᠦᠨᠳᠦᠰᠦᠲᠡᠨ᠎ᠦ ᠣᠯᠠᠨ ᠲᠦᠮᠡᠨ ᠪᠠᠰᠠ ᠲᠡᠭᠦᠨ᠎ᠢ 《ᠪᠤᠷᠬᠠᠨ ᠡᠮᠴᠢ ᠬᠤᠸᠠ ᠲᠦᠸᠧ》 ᠬᠡᠮᠡᠨ ᠮᠠᠭᠲᠠᠵᠠᠭᠠᠵᠤ ᠪᠠᠢᠵᠠᠢ᠃ ᠴᠢᠩ ᠤᠯᠤᠰ᠎ᠤᠨ ᠦᠶ᠎ᠡ᠎ᠶᠢᠨ ᠵᠠᠷᠢᠮ ᠮᠣᠩᠭᠤᠯ ᠡᠮᠴᠢ ᠴᠢᠮᠦᠭᠡᠨ ᠶᠠᠰᠤᠨ᠎ᠤ ᠪᠡᠷᠳᠡᠯ᠎ᠢ ᠵᠠᠰᠠᠬᠤ᠎ᠳᠠᠭᠠᠨ ᠮᠥᠰᠦ᠎ᠪᠡᠷ ᠮᠢᠨᠴᠦᠷᠡᠭᠦᠯᠬᠦ ᠠᠷᠭ᠎ᠠ᠎ᠶᠢ ᠬᠡᠷᠡᠭᠯᠡᠭᠰᠡᠨ᠎ᠨᠢ ᠮᠠᠨ᠎ᠤ ᠤᠯᠤᠰ᠎ᠤᠨ ᠡᠮᠨᠡᠯᠭᠡ᠎ᠶᠢᠨ ᠲᠡᠦᠬᠡᠨ ᠳᠡᠭᠡᠷᠡᠬᠢ ᠪᠠᠰᠠ᠎ᠴᠤ ᠨᠢᠭᠡᠨ ᠴᠢᠬᠤᠯᠠ ᠪᠦᠲᠦᠭᠡᠯ ᠪᠣᠯᠤᠨ᠎ᠠ᠃

ᠮᠣᠩᠭᠤᠯ ᠬᠡᠯᠡ᠎ᠪᠡᠷ ᠬᠡᠪᠯᠡᠭᠳᠡᠭᠰᠡᠨ ᠡᠮᠨᠡᠯᠭᠡ᠎ᠶᠢᠨ ᠨᠣᠮ ᠮᠠᠰᠢ ᠠᠷᠪᠢᠨ ᠪᠠᠢᠳᠠᠭ᠃ ᠥᠨᠥ ᠪᠢᠳᠡᠨ᠎ᠦ ᠮᠡᠳᠡᠵᠦ ᠪᠠᠢᠬᠤ᠎ᠪᠠᠷ ᠬᠡᠳᠦᠨ ᠠᠷᠪᠠᠨ ᠵᠦᠢᠯ ᠪᠠᠢᠨ᠎ᠠ᠃ ᠡᠳᠡᠭᠡᠷ᠎ᠦᠨ ᠳᠣᠲᠤᠷ᠎ᠠ 《ᠠᠨᠠᠭᠠᠬᠤ ᠤᠬᠠᠭᠠᠨ᠎ᠤ ᠪᠦᠷᠢᠨ ᠪᠢᠴᠢᠭ》᠂ 《ᠡᠮ᠎ᠦᠨ ᠵᠣᠷ》᠂ 《ᠰᠤᠳᠠᠯ ᠪᠠᠷᠢᠬᠤ》 ᠵᠡᠷᠭᠡ᠎ᠨᠢ ᠮᠠᠰᠢ ᠠᠯᠳᠠᠷᠲᠠᠢ ᠪᠦᠲᠦᠭᠡᠯ᠎ᠦᠳ ᠪᠣᠯᠤᠨ᠎ᠠ᠃ ᠡᠳᠡᠭᠡᠷ᠎ᠨᠢ ᠮᠣᠩᠭᠤᠯ ᠡᠮ ᠡᠮᠨᠡᠯᠭᠡ᠎ᠶᠢᠨ ᠲᠤᠷᠰᠢᠯᠭ᠎ᠠ᠎ᠶᠢᠨ ᠳ᠋ᠦᠩᠨᠡᠯᠲᠡ ᠪᠠ ᠣᠨᠤᠯ᠎ᠤᠨ ᠰᠤᠳᠤᠯᠤᠯ ᠪᠣᠯᠬᠤ ᠪᠥᠭᠡᠳ ᠮᠠᠨ᠎ᠤ ᠤᠯᠤᠰ᠎ᠤᠨ ᠡᠷᠲᠡᠨ᠎ᠦ ᠡᠮ ᠡᠮᠨᠡᠯᠭᠡ᠎ᠶᠢᠨ ᠨᠣᠮ ᠪᠢᠴᠢᠭ᠎ᠦᠳ᠎ᠦᠨ ᠳᠣᠲᠤᠷᠠᠬᠢ ᠴᠢᠬᠤᠯᠠ ᠪᠦᠷᠢᠯᠳᠦᠬᠦᠨ᠎ᠨᠢ ᠪᠣᠯᠵᠤ ᠪᠠᠢᠨ᠎ᠠ᠃ ᠮᠣᠩᠭᠤᠯᠴᠤᠳ ᠪᠠᠰᠠ ᠠᠬ᠎ᠠ ᠳᠡᠭᠦᠦ ᠦᠨᠳᠦᠰᠦᠲᠡᠨ ᠨᠤᠭᠦᠳ᠎ᠦᠨ᠎ᠢᠶᠡᠨ ᠡᠮ ᠡᠮᠨᠡᠯᠭᠡ᠎ᠶᠢᠨ ᠲᠠᠯ᠎ᠠ᠎ᠶᠢᠨ ᠪᠦᠲᠦᠭᠡᠯ᠎ᠢ ᠰᠤᠷᠴᠤ ᠠᠪᠬᠤ᠎ᠶᠢ ᠬᠢᠴᠢᠶᠡᠵᠦ 《ᠮᠣᠩᠭᠤᠯ ᠲᠥᠪᠡᠳ᠎ᠢ ᠬᠠᠷᠢᠴᠠᠭᠤᠯᠤᠭᠰᠠᠨ ᠠᠨᠠᠭᠠᠬᠤ ᠤᠬᠠᠭᠠᠨ》᠎ᠢ ᠨᠠᠢᠷᠠᠭᠤᠯᠵᠤ ᠭᠠᠷᠭᠠᠭᠰᠠᠨ ᠪᠥᠭᠡᠳ ᠲᠥᠪᠡᠳ ᠡᠮᠨᠡᠯᠭᠡ᠎ᠶᠢᠨ ᠠᠯᠳᠠᠷᠲᠤ ᠪᠦᠲᠦᠭᠡᠯ 《ᠠᠨᠠᠭᠠᠬᠤ ᠤᠬᠠᠭᠠᠨ᠎ᠤ ᠳᠥᠷᠪᠡᠨ ᠦᠨᠳᠦᠰᠦ》 ᠪᠠ ᠬᠢᠲᠠᠳ ᠦᠨᠳᠦᠰᠦᠲᠡᠨ᠎ᠦ ᠯᠢ ᠱᠢ ᠵᠧᠨ᠎ᠦ ᠠᠯᠳᠠᠷᠲᠤ ᠪᠦᠲᠦᠭᠡᠯ 《ᠬᠢᠲᠠᠳ ᠡᠮ᠎ᠦᠨ ᠲᠣᠪᠴᠢᠶ᠎ᠠ》᠎ᠶᠢ ᠤᠷᠢᠳ ᠬᠣᠵᠢᠳ ᠮᠣᠩᠭᠤᠯ ᠬᠡᠯᠡᠨ ᠳᠡᠭᠡᠷ᠎ᠡ ᠣᠷᠴᠢᠭᠤᠯᠵᠤ ᠭᠠᠷᠭᠠᠵᠠᠢ᠃ ᠮᠣᠩᠭᠤᠯᠴᠤᠳ ᠮᠠᠯ ᠡᠮᠨᠡᠯᠭᠡ᠎ᠳᠦ ᠨᠡᠩ᠎ᠴᠦ ᠳᠡᠮᠲᠡᠢ᠃ ᠡᠮᠨᠡᠬᠦ ᠪᠠ ᠵᠠᠰᠠᠬᠤ ᠲᠠᠯ᠎ᠠ᠎ᠪᠠᠷ ᠬᠢ ᠮᠡᠷᠭᠡᠵᠢᠯ᠎ᠢᠶᠡᠷ ᠮᠠᠰᠢ ᠥᠨᠳᠦᠷ ᠲᠤᠯᠠ ᠡᠮᠨᠡᠵᠦ ᠲᠤᠰᠠᠯᠠᠬᠤ᠎ᠳᠤ ᠶᠡᠬᠡ ᠰᠠᠢᠨ ᠪᠠᠢᠵᠠᠢ᠃

ᠮᠧᠬᠠᠨᠢᠭ ᠲᠣᠨᠤᠭ ᠦᠢᠯᠡᠳᠬᠦ ᠲᠠᠯ᠎ᠠ᠎ᠪᠠᠷ ᠮᠣᠩᠭᠤᠯᠴᠤᠳ ᠪᠠᠰᠠ ᠪᠦᠲᠦᠭᠡᠯ᠎ᠦᠳ᠎ᠲᠡᠢ᠃ ᠴᠢᠩᠭᠢᠰ ᠬᠠᠭᠠᠨ᠎ᠤ ᠦᠶ᠎ᠡ᠎ᠳᠦ᠂ ᠮᠣᠩᠭᠤᠯ ᠳᠠᠷᠬᠠᠴᠤᠳ᠎ᠤᠨ ᠬᠢᠭᠰᠡᠨ ᠨᠤᠮᠤ ᠰᠤᠮᠤ ᠪᠡᠬᠢ ᠨᠠᠷᠢᠯᠢᠭ ᠪᠠᠢᠵᠠᠢ᠃ ᠶᠤᠸᠠᠨ ᠤᠯᠤᠰ᠎ᠤᠨ ᠱ᠌ᠢᠽᠦ ᠬᠠᠭᠠᠨ᠎ᠤ ᠦᠶ᠎ᠡ᠎ᠶᠢᠨ ᠨᠠᠮᠬᠠᠢ ᠭᠡᠳᠡᠭ ᠮᠣᠩᠭᠤᠯ ᠨᠣᠶᠠᠨ ᠣᠳᠤᠨ ᠣᠷᠤᠨ᠎ᠤ ᠰᠢᠨᠵᠢᠯᠡᠭᠡᠨ᠎ᠦ ᠬᠡᠳᠦ ᠬᠡᠳᠦᠨ ᠪᠠᠭᠠᠵᠢ᠎ᠶᠢ ᠦᠢᠯᠡᠳᠬᠦ᠎ᠳᠦ ᠣᠷᠤᠯᠴᠠᠵᠠᠢ᠃ ᠶᠤᠸᠠᠨ ᠤᠯᠤᠰ᠎ᠤᠨ ᠱᠦᠨ ᠳ᠋ᠢ ᠬᠠᠭᠠᠨ ᠲᠣᠭᠤᠨᠲᠡᠮᠦᠷ ᠪᠠᠰᠠ ᠮᠧᠬᠠᠨᠢᠭ ᠲᠣᠨᠤᠭ ᠦᠢᠯᠡᠳᠬᠦ ᠮᠡᠳᠡᠯᠭᠡ᠎ᠲᠡᠢ ᠬᠥᠮᠦᠨ ᠪᠠᠢᠭᠰᠠᠨ᠎ᠶᠤᠮ᠃ ᠲᠡᠭᠦᠨ᠎ᠦ ᠲᠥᠯᠦᠪᠯᠡᠨ ᠵᠣᠬᠢᠶᠠᠭᠰᠠᠨ 《ᠭᠣᠭᠤᠵᠢᠭᠤᠷ ᠴᠠᠭ》᠎ᠨᠢ ᠵᠢᠷᠭᠤᠭ᠎ᠠ ᠳᠣᠯᠤᠭᠠᠨ ᠲᠣᠬᠤᠢ ᠥᠨᠳᠦᠷ ᠪᠠᠢᠳᠠᠭ᠂ ᠳᠠᠭᠠᠯᠳᠤᠪᠤᠷᠢ ᠲᠥᠬᠦᠭᠡᠷᠦᠮᠵᠢ᠎ᠨᠢ 《ᠴᠠᠭ ᠮᠥᠴᠡ᠎ᠶᠢᠨ ᠬᠥᠪᠦᠭᠦᠷ》 - 《ᠬᠠᠰ ᠥᠬᠢᠨ》᠎ᠢ ᠴᠠᠭ ᠲᠤᠬᠠᠢ᠎ᠳᠤᠨᠢ ᠬᠥᠪᠦᠭᠦᠯᠦᠨ ᠭᠠᠷᠭᠠᠵᠤ ᠴᠢᠳᠠᠳᠠᠭ ᠪᠠᠢᠭᠰᠠᠨ᠃ ᠡᠭᠦᠨ᠎ᠡᠴᠡ ᠭᠠᠳᠠᠨ᠎ᠠ ᠪᠠᠰᠠ ᠬᠥᠭᠦᠷᠭᠡ᠎ᠶᠢᠨ ᠳᠣᠬᠢᠭᠤᠷ ᠵᠡᠷᠭᠡ ᠴᠠᠭ᠎ᠤᠨ ᠳᠣᠬᠢᠶᠠᠨ᠎ᠤ ᠲᠥᠬᠦᠭᠡᠷᠦᠮᠵᠢ ᠪᠠᠢᠭᠰᠠᠨ᠎ᠶᠤᠮ᠃ ᠡᠳᠡᠭᠡᠷ᠎ᠨᠢ ᠴᠥᠮ ᠳᠡᠭᠡᠷ᠎ᠡ ᠦᠶ᠎ᠡ᠎ᠶᠢᠨ᠎ᠢᠶᠡᠨ ᠣᠳᠤᠨ ᠣᠷᠤᠨ᠎ᠤ ᠰᠢᠨᠵᠢᠯᠡᠭᠡᠨ᠎ᠦ ᠪᠠᠭᠠᠵᠢ᠎ᠨᠤᠭᠤᠳ᠎ᠤᠨ ᠰᠠᠭᠤᠷᠢ ᠳᠡᠭᠡᠷ᠎ᠡ ᠵᠣᠬᠢᠶᠠᠭᠳᠠᠭᠰᠠᠨ ᠴᠠᠭ᠎ᠤᠨ ᠳᠣᠬᠢᠶᠠᠨ᠎ᠤ ᠠᠦ᠋ᠲ᠋ᠣ᠋ ᠲᠥᠬᠦᠭᠡᠷᠦᠮᠵᠢ ᠨᠤᠭᠦᠳ᠎ᠶᠦᠮ᠃

ᠮᠣᠩᠭᠤᠯᠴᠤᠳ ᠪᠤᠰᠤᠳ ᠲᠠᠯ᠎ᠠ᠎ᠪᠠᠷ ᠪᠠᠰᠠ ᠣᠯᠠᠨ ᠰᠤᠳᠤᠯᠤᠯᠲᠠ ᠬᠢᠵᠦ᠂ ᠴᠥᠭᠡᠨ ᠪᠤᠰᠤ ᠪᠦᠲᠦᠭᠡᠯ ᠭᠠᠷᠭᠠᠵᠠᠢ᠃ ᠵᠢᠱ᠌ᠢᠶᠠᠯᠠᠪᠠᠯ᠂ ᠦᠵᠦᠮ᠎ᠦᠨ ᠠᠷᠢᠬᠢ ᠨᠡᠷᠡᠬᠦ ᠮᠡᠷᠭᠡᠵᠢᠯ᠎ᠢ ᠵᠦᠩᠶᠤᠸᠠᠨ ᠣᠷᠤᠨ᠎ᠳᠤ ᠳᠡᠯᠭᠡᠷᠡᠭᠦᠯᠵᠡᠢ᠃ ᠠᠯᠳᠠᠷᠲᠤ ᠤᠷᠠᠨ ᠵᠣᠬᠢᠶᠠᠯᠴᠢ ᠫᠦ ᠰᠦᠩ ᠯᠢᠩ ᠲᠠᠷᠢᠶᠠᠯᠠᠩ᠎ᠤᠨ ᠤᠯᠠᠷᠢᠯ᠎ᠤᠨ ᠲᠤᠬᠠᠢ ᠵᠣᠬᠢᠶᠠᠯ᠎ᠢ ᠵᠣᠬᠢᠶᠠᠭᠰᠠᠨ ᠪᠠᠢᠨ᠎ᠠ᠃ ᠪᠠᠰᠠ ᠵᠢᠱ᠌ᠢᠶᠠᠯᠠᠪᠠᠯ ᠭᠡᠷ ᠪᠠᠷᠢᠯᠭ᠎ᠠ᠂ ᠤᠰᠤᠨ ᠠᠰᠢᠭᠯᠠᠯᠲᠠ᠂ ᠨᠣᠣᠰᠤᠨ ᠨᠡᠬᠡᠮᠡᠯ᠎ᠦᠨ ᠮᠡᠷᠭᠡᠵᠢᠯ ᠵᠡᠷᠭᠡ ᠲᠠᠯ᠎ᠠ᠎ᠪᠠᠷ ᠮᠣᠩᠭᠤᠯᠴᠤᠳ ᠴᠥᠮ ᠬᠤᠪᠢ ᠨᠡᠮᠡᠷᠢ᠎ᠪᠡᠨ ᠣᠷᠤᠭᠤᠯᠤᠭᠰᠠᠨ᠎ᠶᠤᠮ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082