ᠮᠣᠩᠭᠣᠯ ᠪᠢᠴᠢᠭ᠌

ᠡᠷᠢᠶ᠎ᠡ  
ᠪᠤᠴᠠᠬᠤ

ᠪᠠᠷᠢᠴᠠᠭᠠᠨ ᠤ ᠠᠵᠢᠯᠴᠢᠳ

ᠰᠢᠶᠠ ᠶᠠᠨ

ᠪᠢᠯᠢᠭ᠌ ᠦᠨ ᠳᠥᠷᠪᠡᠳᠦᠭᠡᠷ ᠰᠠᠷ᠎ᠠ ᠶᠢᠨ ᠠᠷᠪᠠᠳ ᠢᠶᠡᠷ ᠨᠢᠭᠡᠨ ᠥᠷᠯᠦᠭᠡ ᠦᠷ ᠡᠴᠡ ᠡᠮᠦᠨ᠎ᠡ ᠳᠥᠷᠪᠡᠨ ᠴᠠᠭ ᠠᠷᠪᠠᠨ ᠲᠠᠪᠤᠨ ᠮᠢᠨ᠋ᠦ᠋ᠲ ᠲᠤ᠂ ᠠᠵᠢᠯᠴᠢᠳ ᠤᠨ ᠪᠠᠢᠷᠢ ᠳᠤ ᠴᠢᠬᠢᠯᠳᠤᠨ ᠬᠡᠪᠲᠡᠭᠰᠡᠳ᠂ ᠬᠦᠮᠦᠨ ᠳᠦ ᠵᠠᠩᠳᠤᠷᠤᠭᠳᠠᠨ ᠪᠣᠰᠴᠠᠭᠠᠯ᠎ᠠ᠃ ᠴᠠᠭ ᠤᠯᠠᠷᠢᠯ ᠤᠨ ᠪᠠᠢᠳᠠᠯ ᠳᠤ ᠦᠯᠦ ᠳᠣᠬᠢᠷᠠᠬᠤ ᠺᠤᠴᠸᠤ ᠲᠣᠷᠭᠠᠨ ᠥᠮᠦᠳᠦ ᠭᠥᠷᠮ᠎ᠡ ᠲᠠᠢ ᠨᠢᠭᠡ ᠡᠷᠡᠭᠲᠡᠢ᠄«ᠨᠦᠳᠦᠯ᠎ᠡ ᠰᠢᠤ︕ ᠪᠣᠰᠴᠠᠭ᠎ᠠ︕» ᠭᠡᠵᠦ ᠬᠠᠰᠭᠢᠷᠤᠭᠠᠳ ᠪᠠᠰᠠ᠄«ᠲᠤᠷᠤᠰᠭ᠎ᠠ᠂ ᠬᠤᠷᠳᠤᠨ ᠭᠠᠯ ᠲᠦᠯᠡ᠂ ᠪᠠᠰᠠ ᠯᠠ ᠬᠡᠪᠲᠡᠭᠡᠳ ᠪᠠᠢᠬᠤ ᠴᠢᠨᠢ᠂ ᠭᠠᠬᠠᠢ︕» ᠭᠡᠵᠦ ᠵᠠᠩᠳᠤᠷᠤᠨ ᠲᠠᠭᠤᠪᠠ᠃

ᠦᠷᠭᠡᠭᠡᠰᠢ ᠪᠡᠨ ᠳᠣᠯᠤᠭᠠᠨ ᠲᠤᠬᠤᠢ᠂ ᠤᠷᠳᠤᠭᠠᠰᠢ ᠪᠡᠨ ᠠᠷᠪᠠᠨ ᠬᠣᠶᠠᠷ ᠲᠤᠬᠤᠢ ᠪᠠᠢᠬᠤ ᠠᠰᠠᠷ ᠤᠨ ᠳᠣᠤᠷᠠᠬᠢ ᠠᠵᠢᠯᠴᠢᠨ ᠤ ᠪᠠᠢᠷᠢ ᠳᠤ«ᠭᠠᠬᠠᠢ» ᠭᠡᠭᠡᠳᠡᠭᠴᠢ ᠠᠷᠪᠠᠨ ᠵᠢᠷᠭᠤᠭ᠎ᠠ ᠳᠣᠯᠤᠭᠠᠨ ᠬᠦᠮᠦᠨ ᠴᠢᠬᠢᠯᠳᠤᠨ ᠬᠡᠪᠲᠡᠵᠦ ᠪᠠᠢᠵᠠᠢ᠃ ᠢᠩᠭᠢᠵᠦ ᠵᠠᠩᠳᠤᠷᠬᠤ ᠳᠠᠭᠤᠨ ᠤ ᠳᠠᠭᠠᠤ᠂ ᠬᠥᠯᠦᠰᠦᠨ ᠦ ᠡᠭᠡᠭᠦᠨ ᠦᠨᠦᠷ ᠬᠠᠩᠬᠤᠯᠤᠨ᠂ ᠪᠠᠭᠠᠰᠤ ᠰᠢᠭᠡᠰᠦᠨ ᠤ ᠮᠠᠭᠤᠬᠠᠢ ᠦᠨᠦᠷ ᠭᠠᠷᠴᠤ᠂ ᠴᠢᠭᠢᠭ᠌ ᠲᠠᠲᠠᠭᠰᠠᠨ ᠪᠠᠢᠷᠢ ᠳᠣᠲᠤᠷ᠎ᠠ ᠬᠦᠮᠦᠰ ᠪᠤᠵᠢᠭᠢᠨᠠᠯᠳᠤᠯ᠎ᠠ᠃ ᠡᠪᠰᠢᠶᠡᠬᠦ᠂ ᠰᠡᠭᠦᠷᠡᠰᠦ ᠠᠯᠳᠠᠬᠤ᠂ ᠳᠠᠭᠤᠳᠠᠯᠴᠠᠬᠤ ᠶᠢᠨ ᠵᠡᠷᠭᠡᠴᠡᠭᠡ ᠪᠡᠷ ᠬᠤᠪᠴᠠᠰᠤ ᠪᠠᠨ ᠡᠷᠢᠬᠦ᠂ ᠪᠤᠰᠤᠳ ᠤᠨ ᠱᠠᠬᠠᠢ ᠶᠢ ᠠᠨᠳᠠᠭᠤᠷᠠᠨ ᠡᠮᠦᠰᠬᠦ᠂ ᠬᠦᠮᠦᠨ ᠦ ᠳᠡᠭᠡᠷ᠎ᠡ ᠭᠢᠰᠭᠢᠬᠦ᠂ ᠲᠣᠯᠤᠭᠠᠢ ᠶᠢᠨ ᠲᠡᠨᠳᠡ ᠲᠠᠯᠪᠢᠭᠰᠠᠨ ᠰᠢᠭᠡᠰᠦᠨ ᠰᠠᠭᠤᠯᠠᠭᠠᠨ ᠳᠤ ᠬᠣᠷᠴᠢᠭᠢᠨᠠᠲᠠᠯ᠎ᠠ ᠰᠢᠭᠡᠬᠦ ᠵᠡᠷᠭᠡ ᠪᠡᠷ ᠦᠢᠮᠡᠯᠳᠦᠨ᠎ᠡ᠃ ᠡᠮᠡᠭᠲᠡᠢ ᠬᠦᠮᠦᠨ ᠦ ᠢᠴᠢᠭᠦᠷᠢ ᠭᠡᠭᠴᠢ ᠨᠢ« ᠭᠠᠬᠠᠢ» ᠭᠡᠭᠳᠡᠭᠴᠢ ᠡᠳᠡᠭᠡᠷ ᠬᠦᠮᠦᠰ ᠲᠦ ᠦᠭᠡᠢ ᠪᠣᠯᠤᠭᠰᠠᠨ ᠪᠣᠯᠤᠯᠲᠠᠢ᠃ ᠲᠡᠳᠡ ᠥᠮᠦᠳᠦ ᠪᠡᠷ ᠵᠢᠡᠠ ᠪᠣᠰᠴᠤ ᠢᠷᠠᠨ᠂ ᠬᠠᠭᠠᠯᠭ᠎ᠠ ᠪᠠᠨ ᠨᠡᠬᠡᠭᠡᠬᠦ ᠪᠠ ᠦᠮᠦᠳᠦᠨ ᠤ ᠵᠠᠬ᠎ᠠ ᠡᠴᠡ ᠪᠡᠨ ᠪᠠᠷᠢᠭᠰᠠᠭᠠᠷ ᠵᠣᠭᠰᠤᠵᠤ ᠰᠢᠭᠡᠰᠦᠨ ᠰᠠᠭᠤᠯᠠᠭ᠎ᠠ ᠳᠡᠭᠡᠷ᠎ᠡ ᠰᠢᠭᠡᠬᠦ ᠭᠡᠵᠦ ᠣᠪᠤᠭᠠᠷᠠᠯᠳᠤᠬᠤ ᠪᠦᠭᠡᠳ ᠡᠷᠡᠭᠲᠡᠢ ᠬᠦᠮᠦᠨ ᠦ ᠳᠡᠷᠭᠡᠲᠡ ᠭᠡᠰᠡᠨ ᠴᠦ ᠪᠠᠭ᠎ᠠ ᠵᠢᠰᠢᠭᠦᠦ ᠬᠠᠷᠠᠵᠤ ᠵᠣᠭᠰᠤᠮᠠᠭᠴᠠ ᠬᠤᠪᠴᠠᠰᠤ ᠪᠠᠨ ᠰᠤᠯᠢᠬᠤ ᠠᠵᠢ᠃

ᠨᠥᠭᠦᠭᠡ ᠡᠷᠡᠭᠲᠡᠢ ᠠᠭᠰᠤᠷᠬᠢᠯᠠᠨ ᠵᠠᠩᠨᠠᠵᠤ᠂ ᠪᠠᠬᠠᠨ ᠠᠭᠠᠵᠢᠭᠰᠠᠳ ᠢ ᠢᠰᠭᠦᠯᠦᠨ᠎ᠡ᠃ ᠢᠩᠭᠢᠭᠡᠳ ᠥᠷᠭᠡᠨ ᠵᠢᠨᠷ ᠵᠢᠡᠠ ᠬᠣᠶᠠᠷ ᠲᠤᠬᠤᠢ ᠴᠤ ᠦᠭᠡᠢ ᠱᠠᠲᠤᠨ ᠳᠡᠭᠡᠷ᠎ᠡ ᠵᠣᠭᠰᠤᠵᠤ᠂ ᠳᠠᠪᠬᠤᠷ ᠳᠡᠭᠡᠷ᠎ᠡ ᠬᠡᠪᠲᠡᠵᠦ ᠪᠠᠢᠭ᠎ᠠ ᠬᠦᠮᠦᠰ ᠲᠡᠰᠢ«ᠪᠣᠰᠬᠤ ᠦᠭᠡᠢ ᠦᠦ︖ ᠵᠠᠯᠬᠠᠭᠤ ᠠᠮᠢᠲᠠᠳ︕ ᠨᠠᠷᠠ ᠭᠠᠷᠳᠠᠯ᠎ᠠ ᠬᠡᠪᠲᠡᠬᠦ ᠶᠤᠮ ᠤᠤ︖» ᠭᠡᠵᠦ ᠲᠠᠭᠤᠳᠠᠯ᠎ᠠ᠃ ᠭᠡᠵᠢᠭᠡ ᠪᠡᠨ ᠰᠡᠭᠰᠡᠢᠯᠭᠡᠨ ᠬᠥᠯ ᠨᠢᠴᠦᠭᠦᠨ ᠬᠡᠳᠦᠨ«ᠵᠠᠯᠬᠠᠭᠤ ᠠᠮᠢᠲᠠᠳ» ᠡᠩᠭᠡᠷ ᠵᠢᠡᠠ ᠶᠠᠪᠤᠭᠤᠳᠠ ᠳᠣᠪᠴᠢᠯᠠᠭᠰᠠᠭᠠᠷ ᠱᠠᠲᠤ ᠤᠷᠤᠭᠤ ᠨᠣᠢᠷᠮᠤᠭ ᠪᠠᠭᠤᠪᠠ᠃ ᠤᠰᠤᠨ ᠤ ᠴᠣᠷᠭᠤ ᠶᠢᠨ ᠳᠡᠷᠭᠡᠲᠡ ᠬᠦᠮᠦᠰ ᠣᠪᠤᠭᠠᠷᠠᠯᠳᠤᠨ ᠤᠰᠤ ᠪᠢᠳᠡᠭᠦᠯᠡᠨ ᠠᠪᠴᠤ᠂ ᠨᠢᠭᠤᠷ ᠢᠶᠡᠨ ᠪᠤᠯᠬᠠᠨ᠎ᠠ᠃«ᠳᠣᠷᠤᠰᠭ᠎ᠠ» ᠶᠡᠬᠡ ᠲᠣᠭᠤᠭᠠᠳᠠᠢ ᠰᠢᠩᠭᠡᠨ ᠪᠤᠳᠠᠭ᠎ᠠ ᠶᠢ ᠪᠣᠴᠠᠯᠭᠠᠬᠤ ᠭᠡᠵᠦ ᠶᠠᠭᠠᠷᠠᠨ᠎ᠠ᠃ ᠭᠡᠲᠡᠯ᠎ᠡ ᠵᠤᠤᠬᠠᠨ ᠤ ᠠᠮᠠᠰᠠᠷ ᠵᠢᠨᠷ ᠭᠠᠳᠠᠭᠰᠢ ᠦᠯᠢᠶᠡᠭᠰᠡᠨ ᠤᠳᠤᠭᠠᠨ ᠳᠤ ᠬᠠᠬᠠᠵᠤ ᠬᠠᠨᠢᠶᠠᠯᠭᠠᠪᠠ᠃ ᠡᠨᠡ ᠪᠣᠯ ᠠᠷᠪᠠᠨ ᠲᠠᠪᠤ ᠵᠢᠷᠭᠤᠭᠠᠲᠠᠢ ᠥᠬᠢᠨ ᠶᠤᠮ᠃ ᠲᠡᠭᠦᠨ ᠦ ᠣᠪᠤᠭ ᠨᠡᠷ᠎ᠡ ᠶᠢ ᠵᠠᠩᠭᠤᠢᠳᠠ ᠡᠴᠡ ᠣᠨᠳᠣᠣ ᠮᠡᠳᠡᠬᠦ ᠬᠦᠮᠦᠨ ᠲᠤᠩ ᠴᠥᠬᠡᠨ ᠪᠠᠢᠬᠤ ᠡ᠃ ᠡᠴᠡᠵᠦ ᠲᠤᠷᠠᠭᠠᠳ ᠭᠠᠷ ᠬᠥᠯ ᠨᠢ ᠨᠠᠪ ᠨᠠᠷᠢᠬᠠᠨ ᠪᠣᠯᠤᠭᠰᠠᠨ ᠲᠤᠯᠠ ᠬᠦᠮᠦᠰ ᠲᠡᠭᠦᠨ ᠢ«ᠳᠣᠷᠤᠰᠭ᠎ᠠ» ᠭᠡᠵᠦ ᠨᠡᠷᠡᠯᠡᠵᠡᠢ᠃

ᠡᠨᠡ ᠪᠣᠯ ᠱᠠᠩᠬᠠᠢ ᠶᠢᠨ ᠶᠠᠩ ᠱᠣ ᠫᠦ ᠲᠣᠭᠤᠷᠢᠭ ᠤᠨ ᠹᠦ ᠯᠢᠨ ᠯᠦ ᠭᠤᠳᠤᠮᠵᠢ ᠶᠢᠨ«ᠳ᠋ᠦᠩᠶᠡᠩ» ᠱᠠ ᠶᠢᠨ ᠦᠢᠯᠡᠳᠪᠦᠷᠢ ᠶᠢᠨ ᠠᠵᠢᠯᠴᠢᠨ ᠤ ᠪᠠᠢᠷᠢ ᠶᠤᠮ᠃ ᠤᠯᠠᠭᠠᠨ ᠲᠣᠭᠤᠰᠬᠠᠨ ᠬᠡᠷᠡᠮ ᠵᠢᠨᠷ ᠪᠦᠰᠡᠯᠡᠭᠳᠡᠭᠰᠡᠨ ᠤᠷᠲᠤ ᠳᠥᠷᠪᠡᠯᠵᠢᠨ ᠠᠵᠢᠯᠴᠢᠳ ᠤᠨ ᠪᠠᠢᠷᠢ ᠶᠢᠨ ᠲᠣᠭᠤᠷᠢᠭ ᠤᠨ ᠭᠣᠣᠯ ᠳᠤᠮᠳᠠᠭᠤᠷ ᠨᠢ ᠼᠸᠮᠸᠨ᠋ᠲ ᠵᠢᠨᠷ ᠴᠠᠷᠳᠠᠭᠰᠠᠨ ᠨᠠᠷᠢᠬᠠᠨ ᠭᠤᠳᠤᠮᠵᠢ ᠭᠠᠷᠭᠠᠵᠤ ᠬᠣᠶᠠᠷ ᠬᠡᠰᠡᠭ᠌ ᠲᠤ ᠬᠤᠪᠢᠶᠠᠵᠠᠢ᠃ ᠡᠨᠡ ᠬᠣᠶᠠᠷ ᠲᠠᠯ᠎ᠠ ᠳ᠋ᠡᠬᠢ ᠰᠢᠪᠠᠭᠤᠨ ᠤ ᠰᠢᠩᠭᠡᠯᠢᠭ᠌ ᠮᠠᠶᠢ᠍ᠭᠲᠠᠢ ᠲᠠᠯ᠎ᠠ ᠪᠦᠷᠢ ᠳᠤ ᠨᠠᠢᠮᠠᠨ ᠮᠦᠷ᠂ ᠮᠦᠷ ᠪᠦᠷᠢ ᠳᠤ ᠲᠠᠪᠤᠨ ᠲᠠᠰᠤᠯᠭ᠎ᠠ ᠪᠠᠢᠬᠤ ᠪᠦᠭᠡᠳ ᠲᠠᠰᠤᠯᠭ᠎ᠠ ᠪᠦᠷᠢ ᠶᠢᠨ ᠳᠡᠭᠡᠳᠦ ᠳᠣᠣᠷᠠᠳᠤ ᠳᠠᠪᠬᠤᠷ ᠲᠤ ᠳᠣᠮᠳᠠᠴᠢ ᠪᠡᠷ ᠭᠤᠴᠢ ᠭᠠᠷᠤᠢ ᠬᠦᠮᠦᠨ ᠰᠠᠭᠤᠨ᠎ᠠ᠃ ᠡᠢᠮᠦ ᠡᠴᠡ ᠡᠨᠡ ᠬᠦ ᠠᠵᠢᠯᠴᠢᠨ ᠤ ᠪᠠᠢᠷᠢ ᠶᠢᠨ ᠲᠣᠭᠤᠷᠢᠭ ᠲᠤ« ᠪᠠᠷᠢᠴᠠᠭᠠᠯᠠᠨ ᠠᠪᠤᠭᠴᠢ»᠂ ᠵᠠᠩᠭᠤᠢᠳᠠ (ᠪᠠᠷᠢᠴᠠᠭᠠᠨ ᠤ ᠠᠵᠢᠯᠴᠢᠳ ᠢ ᠵᠠᠬᠢᠷᠤᠭᠴᠢᠳ)᠂ ᠵᠠᠩᠭᠤᠢᠳᠠ ᠶᠢᠨ ᠬᠠᠲᠤᠭᠲᠠᠢ᠂ ᠲᠡᠳᠡᠨ ᠦ ᠲᠥᠷᠦᠯ ᠰᠠᠳᠤᠨ ᠬᠢᠭᠡᠳ ᠺᠤᠴᠸᠤ ᠲᠣᠷᠭᠠᠨ ᠥᠮᠦᠳᠦ ᠭᠥᠷᠮ᠎ᠡ ᠲᠠᠢ ᠭᠦᠶᠦᠭᠦᠯᠴᠦᠦᠯ᠂«ᠵᠠᠯᠠᠭᠠᠨ ᠤ ᠴᠠᠭᠳᠠᠭ᠎ᠠ»ᠡᠴᠡ ᠭᠠᠳᠠᠨ᠎ᠠ᠂ᠥᠪᠡᠷ ᠢᠶᠡᠨ ᠤᠷᠠᠭᠳᠠᠵᠤ ᠨᠠᠪᠲᠠᠷᠠᠭᠰᠠᠨ ᠬᠤᠪᠴᠠᠰᠤ ᠡᠮᠦᠰᠦᠭᠡᠳ ᠪᠣᠰᠤᠳ ᠤᠨ ᠲᠥᠯᠦᠭᠡ ᠪᠦᠰ ᠨᠡᠬᠡᠵᠦ ᠪᠠᠢᠭ᠎ᠠ ᠬᠣᠶᠠᠷ ᠮᠢᠩᠭᠠᠭᠠᠳ«ᠭᠠᠬᠠᠢ» ᠰᠠᠭᠤᠨ᠎ᠠ᠃

ᠭᠡᠪᠡᠴᠦ ᠲᠡᠳᠡᠨ ᠦ ᠵᠢᠩᠬᠢᠨᠢ ᠳᠠᠭᠤᠳᠠᠯᠭ᠎ᠠ ᠨᠢ ᠬᠠᠷᠢᠨ« ᠪᠠᠷᠢᠴᠠᠭᠠᠨ ᠤ ᠠᠵᠢᠯᠴᠢᠳ» ᠶᠤᠮ᠃ ᠲᠡᠳᠡᠨ ᠢ«ᠪᠠᠷᠢᠴᠠᠭᠠᠯᠠᠨ ᠠᠪᠤᠭᠴᠢ» ᠵᠠᠩᠭᠤᠢᠳᠠ ᠨᠠᠷ ᠤᠷᠠᠨ ᠠᠷᠭ᠎ᠠ ᠪᠠᠷ ᠪᠠᠷᠢᠴᠠᠭᠠᠨ ᠳᠤ ᠠᠪᠤᠭᠰᠠᠨ ᠶᠤᠮ᠃ ᠵᠢᠯ ᠪᠦᠷᠢ᠂ ᠢᠯᠠᠩᠭᠤᠶ᠎ᠠ ᠦᠶᠡᠷ ᠭᠠᠩ ᠤᠨ ᠭᠠᠮᠰᠢᠭ ᠲᠠᠢ ᠦᠶᠡᠰ ᠡᠳᠡᠭᠡᠷ ᠶᠠᠫᠤᠨ ᠦᠢᠯᠡᠳᠪᠦᠷᠢ ᠶᠢᠨ ᠭᠠᠵᠠᠷ ᠲᠤ ᠲᠠᠨᠢᠯ ᠲᠠᠯ᠎ᠠ ᠲᠠᠢ ᠵᠠᠩᠭᠤᠢᠳᠠ ᠨᠠᠷ ᠨᠤᠲᠤᠭ ᠲᠠᠭᠠᠨ ᠪᠤᠶᠤ ᠭᠠᠮᠰᠢᠭ ᠲᠤ ᠳᠠᠭᠠᠷᠢᠭᠳᠠᠭᠰᠠᠨ ᠣᠷᠤᠨ ᠳᠤ ᠪᠡᠶ᠎ᠡ ᠪᠡᠷ ᠢᠶᠡᠨ ᠣᠴᠢᠬᠤ ᠪᠤᠶᠤ ᠡᠰᠡᠬᠦᠯ᠎ᠡ ᠬᠦᠮᠦᠨ ᠶᠠᠪᠤᠭᠤᠯᠤᠭᠠᠳ᠂ ᠬᠡᠦᠬᠡᠳ ᠢᠶᠡᠨ«ᠲᠡᠵᠢᠭᠡᠬᠦ» ᠶᠢᠨ ᠲᠡᠩᠬᠡᠭᠡ ᠦᠭᠡᠢ ᠪᠠᠢᠭᠰᠠᠨ ᠴᠤ ᠥᠯᠦᠰᠭᠡᠵᠦ ᠥᠯᠪᠡᠷᠭᠡᠬᠦ ᠶᠢ ᠦᠯᠦ ᠲᠦᠪᠳᠡᠬᠦ ᠬᠦᠮᠦᠰ ᠲᠦ ᠬᠠᠷ᠎ᠠ ᠤᠰᠤᠨ ᠳᠡᠭᠡᠭᠦᠷ ᠥᠷᠦᠮ᠎ᠡ ᠭᠠᠷᠳᠠᠯ᠎ᠠ ᠶᠠᠷᠢᠳᠠᠭ ᠴᠠᠭᠠᠷᠠᠭᠰᠠᠨ ᠬᠡᠯᠡ ᠬᠣᠩᠰᠢᠶᠠᠷ ᠢᠶᠡᠨ ᠬᠥᠳᠡᠯᠭᠡᠵᠦ᠄«ᠬᠡᠯᠡᠭᠡᠳ ᠶᠠᠭᠠᠬᠢᠬᠤ ᠪᠤᠢ︖ ᠺᠤᠮᠫᠠᠨᠢ ᠶᠢᠨ ᠡᠸᠦ᠋ᠷᠦᠫᠡ ᠮᠠᠶᠢ᠍ᠭ ᠤᠨ ᠪᠠᠢᠰᠢᠩ ᠳᠤ ᠰᠠᠭᠤᠵᠤ᠂ ᠵᠢᠭᠠᠰᠤᠨ ᠤ ᠮᠢᠬ᠎ᠠ᠂ ᠵᠠᠭᠤᠰᠢ ᠱᠥᠯᠦ ᠢᠳᠡᠭᠦᠯᠦᠨ᠎ᠡ᠃ ᠰᠠᠷ᠎ᠠ ᠳᠤ ᠬᠣᠶᠠᠷ ᠡᠳᠦᠷ ᠠᠮᠠᠷᠠᠭᠤᠯᠤᠨ᠎ᠠ᠃ ᠪᠢᠳᠡ ᠵᠠᠰᠠᠮᠠᠯ ᠵᠠᠮ ᠳᠡᠭᠡᠷ᠎ᠡ ᠳᠠᠭᠠᠭᠤᠯᠤᠨ ᠵᠤᠭᠠᠴᠠᠭᠤᠯᠤᠨ᠎ᠠ᠃ ᠲᠡᠨᠳᠡ ᠬᠡᠳᠦᠨ ᠠᠷᠪᠠᠨ ᠳᠠᠪᠬᠤᠷ ᠠᠰᠠᠷ᠂ ᠬᠣᠶᠠᠷ ᠳᠡᠭᠳᠡᠷ ᠲᠠᠢ ᠮᠠᠰᠢᠨ ᠲᠡᠷᠭᠡ᠂ ᠭᠠᠳᠠᠭᠠᠳᠤ ᠶᠢᠨ ᠡᠯᠳᠡᠪ ᠰᠠᠢᠨ ᠡᠳ᠋ ᠪᠠᠷᠠᠭ᠎ᠠ ᠪᠤᠢ᠃ ᠠᠢᠯ ᠨᠤᠳᠤᠭ ᠤᠨ ᠬᠢᠨ ᠲᠠ ᠨᠠᠷ ᠮᠢᠨᠢ︕ ᠴᠢ ᠴᠦ ᠭᠡᠰᠡᠨ ᠣᠴᠢᠵᠤ ᠦᠵᠡᠨ ᠨᠢᠳᠦ ᠪᠡᠨ ᠣᠩᠭᠤᠢᠯᠭᠠᠬᠤ ᠬᠡᠷᠡᠭᠲᠡᠢ ᠰᠢᠤ︕ ᠭᠤᠷᠪᠠᠨ ᠵᠢᠯ ᠭᠦᠢᠴᠡᠭᠰᠡᠨ ᠬᠣᠢᠨ᠎ᠠ ᠣᠯᠬᠤ ᠵᠣᠭᠤᠰ ᠴᠢᠨᠢ ᠠᠮᠢᠨ ᠤ ᠬᠢ ᠪᠣᠯᠤᠨ᠎ᠠ ᠰᠢᠤ︕ ᠪᠢᠳᠡ ᠪᠣᠯ ᠨᠢᠭᠡ ᠨᠤᠳᠤᠭ ᠤᠨ ᠬᠢᠨ᠂ ᠨᠠᠢᠷ ᠲᠠᠯ᠎ᠠ ᠲᠠᠢ ᠤᠯᠤᠰ᠂ ᠨᠠᠮᠠᠢ ᠳᠠᠭᠠᠭᠤᠯᠤᠭᠠᠳ ᠶᠠᠪᠤᠭᠤᠯᠴᠢᠬ᠎ᠠ᠂ ᠡᠯᠳᠡᠪ ᠬᠣᠶᠠᠷ ᠣᠰᠤᠯ ᠡᠨᠳᠡᠭᠦᠦ ᠭᠠᠷᠭᠠᠴᠢᠬᠠᠪᠠᠯ ᠪᠢ ᠶᠠᠭᠠᠬᠢᠵᠤ ᠨᠤᠲᠤᠭ ᠲᠠᠭᠠᠨ ᠣᠷᠤᠵᠤ ᠢᠷᠡᠬᠦ ᠪᠢᠯᠡ︖» ᠭᠡᠳᠡᠭ᠌᠃

ᠢᠩᠭᠢᠵᠦ ᠬᠡᠯᠡᠬᠦ ᠳᠦ᠂ ᠡᠪᠡᠰᠦᠨ ᠦ ᠦᠨᠳᠦᠰᠦ᠂ ᠮᠣᠳᠤᠨ ᠤ ᠬᠠᠯᠢᠰᠤ ᠬᠡᠮᠡᠯᠢᠵᠦ ᠪᠠᠢᠭ᠎ᠠ ᠥᠬᠢᠳ ᠪᠠᠢᠲᠤᠭᠠᠢ᠂ ᠠᠪᠤ ᠡᠵᠢ ᠨᠢ ᠪᠣᠯᠪᠠᠴᠤ ᠳᠠᠭᠠᠵᠤ ᠣᠴᠢᠨ ᠴᠡᠩᠭᠡᠬᠦ ᠬᠤᠪᠢ ᠵᠠᠶᠠᠭ᠎ᠠ ᠦᠭᠡᠢ ᠳᠡᠭᠡᠨ ᠭᠣᠮᠤᠳᠠᠨ᠎ᠠ᠃ᠡᠢᠨ ᠬᠦ ᠪᠡᠯᠡᠨ ᠠᠪᠴᠤ ᠶᠠᠪᠤᠭ᠎ᠠ«ᠪᠡᠶ᠎ᠡ ᠶᠢᠨ ᠪᠠᠷᠢᠴᠠᠭᠠᠨ ᠤ ᠭᠡᠷ᠎ᠡ» ᠳᠡᠭᠡᠷ᠎ᠡ ᠨᠢ ᠲᠣᠨᠤᠯᠵᠢᠨ ᠲᠡᠮᠳᠡᠭ ᠵᠢᠷᠤᠳᠠᠭ ᠪᠠᠢᠨ᠎ᠠ᠃ ᠪᠡᠶ᠎ᠡ ᠪᠠᠷᠢᠴᠠᠭᠠᠨ ᠤ ᠦᠷᠳᠡᠭ ᠶᠡᠷᠦᠩᠬᠡᠢ ᠳᠡᠭᠡᠨ ᠬᠣᠷᠢᠨ ᠶᠠᠩᠴᠢᠶᠠᠨ ᠪᠦᠭᠡᠳ ᠬᠤᠭᠤᠴᠠᠭ᠎ᠠ ᠨᠢ ᠭᠤᠷᠪᠠᠨ ᠵᠢᠯ᠃ᠭᠤᠷᠪᠠᠨ ᠵᠢᠯ ᠦᠨ ᠳᠣᠲᠤᠷ᠎ᠠ ᠢᠳᠡᠬᠦ ᠬᠣᠭᠤᠯᠠ᠂ ᠣᠷᠤᠨ ᠰᠠᠭᠤᠴᠠ ᠶᠢ ᠨᠢ ᠪᠠᠷᠢᠴᠠᠭᠠᠯᠠᠨ ᠠᠪᠤᠭᠴᠢ ᠣᠯᠭᠤᠬᠤ ᠪᠦᠭᠡᠳ ᠠᠵᠢᠯ ᠳᠤ ᠲᠠᠨᠢᠯᠴᠠᠭᠤᠯᠤᠨ᠎ᠠ᠃ ᠲᠡᠳᠡᠨ ᠦ ᠠᠵᠢᠯ ᠬᠢᠵᠤ ᠣᠯᠬᠤ ᠵᠣᠭᠤᠰ ᠨᠢ ᠪᠠᠷᠢᠴᠠᠭᠠᠯᠠᠨ ᠠᠪᠤᠭᠰᠠᠳ ᠤᠨ ᠬᠢ ᠪᠣᠯᠤᠨ᠎ᠠ᠃ ᠡᠪᠡᠳᠴᠢᠨ ᠵᠣᠪᠠᠯᠠᠩ ᠲᠣᠬᠢᠶᠠᠯᠳᠤᠪᠠᠯ ᠵᠠᠶᠠᠭ᠎ᠠ ᠪᠠᠨ ᠬᠠᠷᠠᠬᠤ ᠯᠠ ᠬᠡᠷᠡᠭ᠌᠃ ᠢᠩᠭᠢᠵᠦ ᠬᠥᠯᠦᠰᠦᠯᠡᠨ ᠠᠪᠬᠤ ᠳᠤ ᠤᠷᠢᠳᠠᠪᠠᠷ ᠠᠷᠪᠠᠨ ᠶᠠᠩᠴᠢᠶᠠᠨ ᠥᠭᠴᠦ᠂ ᠪᠠᠷᠢᠴᠠᠭᠠᠨ ᠤ ᠬᠦᠮᠦᠨ ᠢᠶᠡᠨ ᠠᠪᠠᠴᠢᠬᠤ ᠪᠦᠭᠡᠳ«ᠬᠣᠭᠤᠰᠤᠨ ᠬᠡᠯᠡᠯᠴᠡᠪᠡᠯ ᠬᠣᠵᠢᠮ ᠪᠠᠷᠢᠮᠲᠠ ᠦᠭᠡᠢ ᠪᠣᠯᠬᠤ ᠲᠤᠯᠠ ᠡᠨᠡ ᠬᠦ ᠪᠡᠶ᠎ᠡ ᠶᠢᠨ ᠪᠠᠷᠢᠴᠠᠭᠠᠨ ᠤ ᠭᠡᠷ᠎ᠡ ᠪᠠᠢᠭᠤᠯᠵᠤ ᠭᠡᠷᠡᠴᠢ ᠪᠣᠯᠭᠠᠪᠠ︕» ᠭᠡᠰᠡᠨ ᠪᠢᠴᠢᠭᠡᠰᠦᠲᠡᠢ ᠭᠡᠷ᠎ᠡ ᠪᠡᠷ ᠭᠡᠷᠡᠴᠢ ᠪᠠᠷᠢᠮᠲᠠ ᠪᠣᠯᠭᠠᠨ᠎ᠠ᠃

ᠹᠦ ᠯᠢᠨ ᠯᠦ ᠭᠤᠳᠤᠮᠵᠢ ᠶᠢᠨ ᠠᠵᠢᠯᠴᠢᠨ ᠤ ᠪᠠᠢᠷᠢ ᠳᠤ ᠪᠠᠢᠭ᠎ᠠ ᠬᠣᠶᠠᠷ ᠮᠢᠩᠭᠠᠭᠠᠳ ᠪᠠᠷᠢᠴᠠᠭᠠᠨ ᠤ ᠠᠵᠢᠯᠴᠢᠳ ᠪᠣᠯ ᠲᠠᠪᠢ ᠭᠠᠷᠤᠢ«ᠪᠠᠷᠢᠴᠠᠭᠠᠯᠠᠨ ᠠᠪᠤᠭᠴᠢ» ᠳᠤ ᠬᠠᠷᠢᠶᠠᠯᠠᠭᠳᠠᠨ᠎ᠠ᠃ ᠲᠡᠳᠡ ᠪᠣᠯ ᠪᠠᠷᠢᠴᠠᠭᠠᠯᠠᠨ ᠠᠪᠤᠭᠴᠢᠳ ᠲᠤ ᠨᠣᠮᠤᠬᠠᠨ ᠢᠶᠡᠷ ᠵᠣᠭᠤᠰ ᠣᠯᠵᠤ ᠥᠭᠬᠦ«ᠮᠠᠰᠢᠨ᠎ᠠ» ᠪᠣᠯᠤᠨ᠎ᠠ᠃ ᠡᠢᠮᠦ ᠡᠴᠡ ᠪᠠᠷᠢᠴᠠᠭᠠᠨ ᠤ ᠠᠵᠢᠯᠴᠢᠨ ᠤ ᠲᠣᠭ᠎ᠠ ᠪᠡᠷ«ᠪᠠᠷᠢᠴᠠᠭᠠᠯᠠᠨ ᠠᠪᠤᠭᠴᠢ» ᠨᠢᠭᠡᠪᠦᠷᠢ ᠶᠢᠨ ᠡᠷᠬᠡ ᠶᠠᠩᠪᠠ᠂ ᠡᠳ᠋ ᠬᠥᠷᠦᠩᠭᠡ ᠶᠢ ᠵᠢᠰᠢᠵᠤ ᠮᠡᠳᠡᠨ᠎ᠡ᠃ ᠴᠦᠬᠡᠨᠲᠡᠢ ᠨᠢ ᠳᠥᠴᠢ ᠲᠠᠪᠢ ᠶᠢ᠂ ᠣᠯᠠᠨᠲᠠᠢ ᠨᠢ ᠵᠠᠭᠤ ᠲᠠᠪᠢ ᠭᠠᠷᠤᠢ ᠶᠢ ᠪᠠᠷᠢᠴᠠᠭᠠᠯᠠᠳᠠᠭ᠃ ᠡᠷᠬᠡ ᠶᠠᠩᠪᠠ ᠶᠡᠬᠡᠲᠡᠢ«ᠪᠠᠷᠢᠴᠠᠭᠠᠨ ᠤ ᠡᠵᠡᠳ» ᠨᠢ ᠬᠦᠦ ᠲᠠᠢ ᠵᠢᠭᠡᠯᠡᠯᠭᠡ ᠲᠠᠯᠪᠢᠵᠤ᠂ ᠭᠠᠵᠠᠷ ᠲᠠᠷᠢᠶ᠎ᠠ ᠬᠤᠳᠠᠯᠳᠤᠨ ᠠᠪᠴᠤ᠂ ᠭᠡᠷ ᠲᠡᠷᠭᠡ ᠪᠠᠢᠭᠤᠯᠵᠤ ᠴᠢᠳᠠᠬᠤ ᠪᠠᠷ ᠪᠠᠷᠠᠬᠤ ᠦᠭᠡᠢ ᠴᠠᠢ ᠶᠢᠨ ᠮᠣᠬᠤᠯᠠᠭ᠂ ᠪᠡᠶ᠎ᠡ ᠤᠭᠢᠶᠠᠬᠤ ᠭᠠᠵᠠᠷ᠂ ᠦᠰᠦ ᠵᠠᠰᠠᠬᠤ ᠭᠠᠵᠠᠷ ᠴᠤ ᠭᠠᠷᠭᠠᠵᠤ ᠴᠢᠳᠠᠨ᠎ᠠ᠃

ᠳᠥᠷᠪᠡᠨ ᠴᠠᠭ ᠬᠠᠭᠠᠰ ᠤᠨ ᠳᠠᠷᠠᠭ᠎ᠠ᠂ ᠦᠷ ᠭᠡᠭᠡᠷᠡᠬᠦ ᠦᠶᠡᠰ᠂ ᠼᠸᠮᠸᠨ᠋ᠲ ᠵᠢᠨᠷ ᠴᠠᠷᠳᠠᠭᠰᠠᠨ ᠵᠠᠮ ᠳᠡᠭᠡᠭᠦᠷ᠂ ᠭᠤᠳᠤᠮᠵᠢᠨ ᠳᠣᠲᠤᠷ᠎ᠠ ᠬᠥᠯ ᠨᠢᠴᠦᠭᠦᠨ ᠬᠡᠦᠬᠡᠨᠴᠦᠳ ᠪᠠᠭᠰᠢᠷᠠᠲᠠᠯ᠎ᠠ ᠵᠣᠭᠰᠤᠪᠠ᠃ ᠤᠰᠤᠨ ᠤ ᠴᠣᠷᠭᠤ ᠡᠴᠡ ᠤᠰᠤ ᠠᠪᠬᠤ ᠨᠢ ᠠᠪᠴᠤ᠂ ᠭᠡᠵᠢᠭᠡᠨ ᠳᠡᠭᠡᠨ ᠰᠢᠷᠢᠯᠳᠦᠭᠰᠡᠨ ᠤᠩᠭᠠᠷᠢᠯ ᠢ ᠬᠤᠭᠤᠷᠬᠠᠢ ᠰᠠᠮ ᠢᠶᠡᠷ ᠰᠠᠮᠨᠠᠬᠤ ᠨᠢ ᠰᠠᠮᠨᠠᠨ᠎ᠠ᠃ ᠳᠦᠭᠦᠷᠡᠩ ᠰᠢᠭᠡᠰᠦᠲᠡᠢ ᠰᠠᠭᠤᠯᠠᠭ᠎ᠠ ᠶᠢ ᠬᠣᠶᠠᠷ ᠬᠦᠮᠦᠨ ᠳᠠᠮᠨᠠᠵᠤ ᠬᠦᠶᠢ ᠬᠠᠶᠢ ᠭᠡᠭᠰᠡᠭᠡᠷ ᠬᠦᠮᠦᠰ ᠦᠨ ᠳᠤᠮᠳᠠᠭᠤᠷ ᠭᠠᠷᠴᠠᠭᠠᠨ᠎ᠠ᠃ ᠵᠠᠩᠭᠤᠢᠳᠠ ᠪᠤᠶᠤ ᠭᠦᠶᠦᠭᠦᠯᠴᠦᠦᠯ ᠨᠢ ᠨᠡᠷᠡᠰ ᠦᠨ ᠳᠡᠪᠲᠠᠷ ᠦᠳ ᠢ ᠲᠡᠪᠡᠷᠢᠨ ᠢᠷᠡᠵᠦ᠂ ᠭᠣᠣᠯ ᠬᠠᠭᠠᠯᠭᠠᠨ ᠤ ᠭᠠᠳᠠᠨᠠᠬᠢ ᠊᠊᠊ ᠭᠠᠯ ᠲᠡᠷᠭᠡᠨ ᠦ ᠥᠷᠲᠡᠭᠡᠨ ᠦ ᠫᠢᠶᠣᠣ ᠬᠠᠢᠴᠢᠯᠠᠬᠤ ᠭᠠᠵᠠᠷ ᠰᠢᠭ ᠱᠥᠷᠭᠡᠨ ᠬᠠᠰᠢᠶᠠᠨ ᠤ ᠡᠮᠦᠨ᠎ᠡ ᠨᠠᠪᠰᠠᠢᠯᠴᠠᠨ ᠵᠣᠭᠰᠤᠨ᠎ᠠ᠃ ᠳᠠᠪᠬᠤᠷ ᠤᠨ ᠳᠣᠤᠷᠠᠬᠢ ᠲᠡᠳᠡᠭᠡᠷ ᠴᠢᠭᠢᠷᠰᠦ᠂ ᠮᠠᠭᠤ ᠬᠥᠨᠵᠢᠯᠡ ᠵᠡᠷᠭᠡ ᠶᠢ ᠨᠢᠭᠡ ᠲᠡᠰᠢ ᠪᠣᠯᠭᠠᠭᠰᠠᠨ ᠬᠣᠢᠨ᠎ᠠ᠂ ᠰᠦᠨᠢ ᠳᠡᠭᠡᠨ ᠬᠠᠶᠠᠭᠠᠨ ᠳᠡᠭᠡᠷ᠎ᠡ ᠡᠯᠭᠦᠴᠢᠬᠡᠳᠡᠭ ᠬᠣᠶᠠᠷ ᠰᠢᠷᠡᠭᠡ ᠶᠢ ᠪᠠᠭᠤᠯᠭᠠᠨ᠂ ᠠᠷᠪᠠᠨ ᠬᠡᠳᠦᠨ ᠠᠶᠠᠭ᠎ᠠ᠂ ᠠᠳᠬᠤ ᠬᠤᠯᠤᠰᠤᠨ ᠰᠠᠪᠬ᠎ᠠ ᠠᠪᠴᠢᠷᠠᠵᠤ ᠳᠡᠭᠡᠷ᠎ᠡ ᠨᠢ ᠬᠠᠶᠠᠯᠠᠨ᠎ᠠ᠃ ᠰᠢᠩᠭᠡᠨ ᠪᠤᠳᠠᠭ᠎ᠠ ᠪᠡᠯᠡᠳᠭᠡᠳᠡᠭ ᠵᠢᠵᠢᠭᠦᠷ ᠨᠢ ᠡᠭᠡᠳᠡᠩ ᠰᠢᠭ᠌ ᠰᠢᠩᠭᠡᠨ ᠪᠤᠳᠠᠭ᠎ᠠ ᠶᠢ ᠨᠢᠭᠡ ᠲᠡᠮᠦᠷ ᠰᠠᠭᠤᠯᠠᠭ᠎ᠠ ᠠᠪᠴᠢᠷᠠᠵᠤ ᠰᠢᠷᠡᠭᠡᠨ ᠳᠡᠭᠡᠷ᠎ᠡ ᠲᠠᠯᠪᠢᠨ᠎ᠠ᠃ ᠲᠡᠳᠡᠨ ᠦ ᠲᠣᠭᠲᠠᠮᠠᠯ ᠬᠣᠭᠤᠯᠠ ᠨᠢ ᠬᠣᠶᠠᠷ ᠴᠠᠭ ᠤᠨ ᠰᠢᠩᠭᠡᠨ ᠪᠤᠳᠠᠭ᠎ᠠ᠂ ᠨᠢᠭᠡ ᠴᠠᠭ ᠤᠨ ᠠᠭᠰᠢᠭᠤᠨ ᠪᠤᠳᠠᠭ᠎ᠠ ᠪᠠᠢᠳᠠᠭ᠃ ᠥᠷᠯᠦᠭᠡ ᠦᠳᠡᠰᠢ ᠳᠡᠭᠡᠨ ᠰᠢᠩᠭᠡᠨ ᠪᠤᠳᠠᠭ᠎ᠠ ᠢᠳᠠᠨ᠎ᠠ᠃ ᠦᠳᠡ ᠳᠦ ᠢᠳᠡᠬᠦ ᠠᠭᠰᠢᠭᠤᠨ ᠪᠤᠳᠠᠭ᠎ᠠ ᠶᠢ ᠵᠠᠩᠭᠤᠢᠳᠠ ᠨᠢ ᠬᠦᠮᠦᠨ ᠢᠶᠡᠷ ᠦᠢᠯᠡᠳᠪᠦᠷᠢ ᠶᠢᠨ ᠭᠠᠵᠠᠷ ᠲᠤ ᠬᠦᠷᠭᠡᠭᠦᠯᠦᠨ᠎ᠡ᠃ ᠰᠢᠩᠭᠡᠨ ᠪᠤᠳᠠᠭ᠎ᠠ ᠭᠡᠳᠡᠭ ᠨᠢ ᠬᠥᠳᠡᠭᠡ ᠶᠢᠨ ᠬᠢᠨ ᠭᠠᠬᠠᠢ ᠲᠡᠵᠢᠭᠡᠳᠡᠭ ᠳ᠋ᠸᠤᠹᠦ᠋ ᠶᠢᠨ ᠰᠢᠭᠠᠷᠤ ᠶᠢ ᠵᠢᠭᠠᠬᠠᠨ ᠪᠤᠳᠠᠭᠠᠨ ᠤ ᠬᠡᠮᠬᠡᠳᠡᠭ᠂ ᠬᠤᠰᠤᠮ ᠲᠠᠢ ᠬᠣᠯᠢᠵᠤ ᠴᠢᠨᠠᠭᠰᠠᠨ ᠪᠠᠢᠳᠠᠭ᠃ ᠵᠠᠭᠤᠰᠢ ᠨᠣᠭᠤᠭ᠎ᠠ ᠲᠠᠢ ᠤᠤ︖ ᠭᠡᠪᠡᠯ᠂ ᠪᠠᠢᠳᠠᠭ ᠦᠭᠡᠢ ᠬᠡᠷᠡᠭ᠌᠃ ᠵᠠᠷᠢᠮ ᠨᠢᠭᠡ«ᠥᠭᠯᠢᠭᠡᠴᠢ» ᠵᠠᠩᠭᠤᠢᠳᠠ᠂ ᠨᠣᠭᠤᠭᠠᠨ ᠤ ᠳᠡᠯᠭᠡᠭᠦᠷ ᠳᠡᠭᠡᠷ᠎ᠡ ᠡᠴᠡ ᠨᠣᠭᠤᠭ᠎ᠠ ᠶᠢᠨ ᠨᠠᠪᠴᠢ ᠰᠡᠯᠳᠡ ᠶᠢ ᠲᠡᠭᠦᠵᠦ ᠠᠪᠴᠢᠷᠠᠭᠠᠳ᠂ ᠳᠠᠪᠤᠰᠤᠲᠠᠢ ᠤᠰᠤᠨ ᠳᠤ ᠳᠡᠪᠲᠦᠭᠡᠭᠡᠳ ᠥᠭᠪᠡᠯ ᠲᠡᠳᠡᠨ ᠳᠦ ᠣᠯᠳᠠᠰᠢ ᠦᠭᠡᠢ ᠠᠮᠲᠠᠲᠤ ᠵᠠᠭᠤᠰᠢ ᠪᠣᠯᠬᠤ ᠨᠢ ᠲᠡᠷᠡ᠃

ᠬᠣᠶᠠᠷᠬᠠᠨ ᠪᠠᠨᠳᠡᠩ ᠲᠠᠢ᠃ ᠬᠡᠷᠡᠭ᠌ ᠳᠡᠭᠡᠷ᠎ᠡ ᠪᠡᠨ ᠪᠠᠨᠳᠡᠩ ᠣᠯᠠᠨ ᠪᠠᠢᠯ᠎ᠠ ᠴᠤ ᠭᠡᠰᠡᠨ ᠡᠨᠡ ᠭᠡᠷ ᠲᠦ ᠭᠤᠴᠢᠨ ᠬᠦᠮᠦᠨ ᠴᠤᠭᠭᠠᠷ ᠰᠠᠭᠤᠵᠤ ᠪᠤᠳᠠᠭ᠎ᠠ ᠢᠳᠡᠵᠦ ᠪᠠᠭᠲᠠᠬᠤ ᠦᠭᠡᠢ᠃ ᠲᠡᠳᠡ ᠪᠤᠳᠠᠭᠠᠨ ᠳᠡᠭᠡᠷ᠎ᠡ ᠪᠡᠨ ᠣᠪᠤᠭᠠᠷᠠᠯᠳᠤᠨ ᠨᠢᠭᠡ ᠨᠢᠭᠡ ᠠᠶᠠᠭ᠎ᠠ ᠪᠤᠳᠠᠭ᠎ᠠ ᠣᠯᠵᠤ ᠠᠪᠤᠭᠠᠳ ᠠᠶᠠᠭᠠᠨ ᠤ ᠪᠠᠨ ᠭᠠᠳᠠᠭᠤᠷ ᠭᠤᠭᠤᠵᠢᠭᠰᠠᠨ ᠰᠦᠮᠦᠰᠦ ᠶᠢ ᠲᠣᠯᠤᠭᠠᠢ ᠪᠠᠨ ᠭᠢᠯᠵᠢᠢᠯᠭᠡᠨ ᠳᠣᠯᠢᠶᠠᠵᠠᠭᠠᠬᠤ ᠪᠦᠭᠡᠳ ᠵᠠᠮ ᠳᠡᠭᠡᠭᠦᠷ ᠪᠤᠶᠤ ᠡᠭᠦᠳᠡᠨ ᠲᠤᠰᠢᠶ᠎ᠠ ᠣᠴᠢᠵᠤ ᠶᠠᠪᠠᠭᠠᠨ ᠰᠠᠭᠤᠬᠤ ᠪᠤᠶᠤ ᠵᠣᠭᠰᠤᠨ᠎ᠠ᠃ ᠣᠨᠴᠠ ᠡᠳᠦᠷ᠂ ᠵᠢᠱᠢᠶᠠᠯᠠᠪᠠᠯ ᠵᠠᠩᠭᠤᠢᠳᠠ ᠶᠢᠨ ᠬᠠᠲᠤᠭᠲᠠᠢ ᠶᠢᠨ ᠲᠥᠷᠦᠭᠰᠡᠨ ᠣᠢ ᠪᠤᠶᠤ ᠴᠠᠯᠢᠩ ᠥᠭᠬᠦ ᠡᠳᠦᠷ ᠡᠴᠡ ᠪᠣᠰᠤᠳ ᠡᠳᠦᠷ ᠤᠳ ᠲᠦ ᠰᠢᠩᠭᠡᠨ ᠪᠤᠳᠠᠭ᠎ᠠ ᠨᠡᠮᠡᠵᠦ ᠥᠭᠭᠦᠨ᠎ᠡ ᠭᠡᠭᠴᠢ ᠪᠠᠢᠳᠠᠭ ᠦᠭᠡᠢ ᠬᠡᠷᠡᠭ᠌᠃ ᠱᠠᠯᠠ ᠵᠦᠯᠭᠦᠬᠦ᠂ ᠰᠢᠭᠡᠰᠦ ᠠᠰᠭᠠᠬᠤ ᠡᠭᠡᠯᠵᠢᠨ ᠦ ᠡᠳᠦᠷ ᠲᠦ ᠨᠢᠭᠡ ᠠᠶᠠᠭ᠎ᠠ ᠰᠦᠮᠦᠰᠦ ᠴᠦ ᠣᠯᠵᠤ ᠣᠭᠤᠴᠢᠬᠤ ᠦᠭᠡᠢ ᠬᠣᠴᠤᠷᠬᠤ ᠤᠳᠠᠭ᠎ᠠ ᠭᠠᠷᠳᠠᠭ᠃ ᠲᠡᠮᠦᠷ ᠰᠠᠭᠤᠯᠠᠭ᠎ᠠ ᠬᠣᠭᠤᠰᠤᠷᠠᠲᠠᠯ᠎ᠠ ᠨᠢᠭᠡ ᠠᠶᠠᠭ᠎ᠠ ᠴᠤ ᠣᠯᠵᠤ ᠢᠳᠡᠭᠡ ᠦᠭᠡᠢ ᠬᠦᠮᠦᠰ ᠬᠣᠭᠤᠰᠤᠨ ᠠᠶᠠᠭ᠎ᠠ ᠪᠠᠨ ᠪᠠᠷᠢᠭᠰᠠᠭᠠᠷ ᠬᠣᠴᠤᠷᠳᠠᠭ᠃ ᠡᠨᠡ ᠦᠶᠡᠰ ᠲᠦ ᠵᠠᠩᠭᠤᠢᠳᠠ ᠶᠢᠨ ᠬᠠᠲᠤᠭᠲᠠᠢ ᠲᠡᠮᠦᠷ ᠰᠠᠭᠤᠯᠠᠭ᠎ᠠ ᠶᠢ ᠲᠣᠭᠤᠭᠠᠨ ᠳᠡᠭᠡᠷ᠎ᠡ ᠠᠪᠴᠤ ᠣᠴᠢᠨ ᠬᠤᠰᠤᠮ᠂ ᠰᠢᠪᠬᠠᠷᠤᠤ ᠵᠡᠷᠭᠡ ᠶᠢ ᠬᠤᠰᠤᠵᠤ ᠮᠠᠯᠲᠠᠨ ᠬᠢᠭᠰᠡᠨ ᠦ ᠳᠠᠷᠠᠭ᠎ᠠ ᠤᠰᠤᠨ ᠤ ᠴᠣᠷᠭᠤ ᠶᠢᠨ ᠳᠡᠷᠭᠡᠲᠡ ᠠᠪᠠᠴᠢᠨ ᠬᠦᠢᠲᠡᠨ ᠤᠰᠤ ᠬᠣᠯᠢᠵᠤ᠂ ᠰᠠᠶᠢ᠍ᠬᠠᠨ ᠭᠡᠵᠢᠭᠡ ᠪᠡᠨ ᠳᠤᠰᠤᠯᠠᠭᠰᠠᠨ ᠲᠣᠰᠤ ᠲᠠᠢ ᠭᠠᠷ ᠢᠶᠡᠷ ᠢᠶᠡᠨ ᠬᠤᠳᠬᠤᠯᠠᠭᠠᠳ᠂ ᠬᠢᠮᠠᠭᠠᠳᠠᠵᠤ ᠵᠠᠰᠠᠬᠤ ᠵᠠᠷᠤᠳᠠᠯ ᠭᠡᠵᠦ ᠳᠡᠮᠡᠢ ᠣᠷᠤᠬᠤ ᠦᠭᠡᠢ ᠡᠳᠡᠭᠡᠷ ᠬᠢᠮᠳᠠ«ᠮᠠᠰᠢᠨ᠎ᠠ» ᠶᠢᠨ ᠳᠡᠷᠭᠡᠲᠡ ᠠᠭᠤᠷᠲᠠᠢ ᠭᠡᠭᠴᠢ ᠠᠪᠴᠢᠷᠠᠵᠤ ᠲᠠᠯᠪᠢᠭᠠᠳ᠄«ᠵᠠᠯᠬᠠᠭᠤ ᠮᠢᠬ᠎ᠠ ᠨᠤᠭᠤᠳ︕ ᠤᠨᠲᠠᠪᠠᠯ ᠦᠬᠦᠴᠢᠬᠡᠭᠰᠡᠨ ᠶᠤᠮ ᠰᠢᠭ ᠪᠣᠰᠬᠤ ᠦᠭᠡᠢ᠂ ᠱᠣᠷᠤ ᠨᠢ ᠲᠡᠷᠡ︕» ᠭᠡᠵᠦ ᠬᠠᠷᠢᠶᠠᠨ᠎ᠠ᠃

ᠠᠷᠪᠠᠨ ᠨᠢᠭᠡᠨ ᠵᠢᠯ ᠦᠨ ᠡᠮᠦᠨ᠎ᠡ«ᠨᠧᠢ ᠸᠠᠢ» ᠬᠥᠪᠦᠩ ᠨᠡᠬᠡᠮᠡᠯ ᠦᠨ ᠦᠢᠯᠡᠳᠪᠦᠷᠢ ᠳᠦ ᠭᠦ ᠵᠧᠩ ᠾᠦ᠋ᠩ ᠤᠨ ᠬᠡᠷᠡᠭ᠌᠂ (1925 ᠣᠨ ᠤ ᠲᠠᠪᠤᠳᠤᠭᠠᠷ ᠰᠠᠷ᠎ᠠ ᠳᠤ ᠱᠠᠩᠬᠠᠢ ᠳ᠋ᠡᠬᠢ ᠶᠠᠫᠤᠨ ᠤ«ᠨᠧᠢ ᠸᠠᠢ» ᠬᠥᠪᠦᠩ ᠨᠡᠬᠡᠮᠡᠯ ᠦᠨ ᠦᠢᠯᠡᠳᠪᠦᠷᠢ ᠶᠢᠨ ᠬᠥᠷᠦᠩᠭᠡᠲᠡᠨ᠂ ᠠᠵᠢᠯᠴᠢᠨ ᠤ ᠠᠵᠢᠯ ᠬᠠᠶᠠᠯᠲᠠ ᠶᠢ ᠳᠠᠷᠤᠩᠭᠤᠢᠯᠠᠵᠤ᠂ ᠠᠵᠢᠯ ᠬᠠᠶᠠᠭᠰᠠᠨ ᠠᠵᠢᠯᠴᠢᠳ ᠤᠨ ᠤᠳᠤᠷᠢᠳᠤᠭᠴᠢ᠂ ᠡᠪ ᠬᠠᠮᠲᠤ ᠨᠠᠮ ᠤᠨ ᠭᠡᠰᠢᠭᠦᠨ ᠭᠦ ᠵᠧᠩ ᠾᠦ᠋ᠩ ᠢ ᠫᠤᠤᠳᠠᠵᠤ ᠠᠯᠠᠭᠠᠳ«ᠲᠠᠪᠤᠳᠤᠭᠠᠷ ᠰᠠᠷ᠎ᠠ ᠶᠢᠨ ᠭᠤᠴᠢᠨ» ᠤ ᠬᠠᠷᠠᠰᠠᠯᠲᠤ ᠬᠡᠷᠡᠭ ᠢ ᠭᠠᠷᠭᠠᠪᠠ) ᠢᠯᠠᠩᠭᠤᠶ᠎ᠠ ᠲᠠᠪᠤᠨ ᠵᠢᠯ ᠦᠨ ᠡᠮᠦᠨᠡᠬᠢ«ᠨᠢᠭᠡᠳᠦᠭᠡᠷ ᠰᠠᠷ᠎ᠠ ᠶᠢᠨ ᠬᠣᠷᠢᠨ ᠨᠠᠢᠮᠠᠨ» ᠤ ᠳᠠᠢᠨ ᠡᠴᠡ ᠬᠣᠢᠰᠢ ᠶᠠᠫᠤᠨ ᠤ ᠦᠢᠯᠡᠳᠪᠦᠷᠢ ᠶᠢᠨ ᠡᠵᠡᠳ ᠦᠨ ᠡᠨᠡ ᠬᠦ ᠦᠨ᠎ᠡ ᠬᠢᠮᠳᠠ ᠣᠨᠴᠤᠭᠤᠢ«ᠮᠠᠰᠢᠨ᠎ᠠ» ᠶᠢ ᠬᠡᠷᠡᠭᠰᠡᠬᠦ ᠬᠡᠷᠡᠭᠴᠡᠭᠡ ᠨᠢ ᠶᠡᠬᠡᠪᠡᠷ ᠨᠡᠮᠡᠭᠳᠡᠪᠡ᠃ ᠰᠣᠨᠤᠰᠬᠤᠯ᠎ᠠ ᠡᠨᠡ ᠨᠢ ᠠᠵᠤ ᠠᠬᠤᠢ ᠶᠢᠨ ᠦᠨᠳᠦᠰᠦᠯᠡᠯ ᠪᠠ ᠡᠵᠡᠩᠨᠡᠯᠲᠡ ᠶᠢᠨ ᠵᠠᠷᠴᠢᠮ ᠳᠤ ᠶᠡᠬᠡ ᠳᠣᠬᠢᠷᠠᠬᠤ ᠠᠷᠭ᠎ᠠ ᠭᠡᠨ᠎ᠡ᠃ ᠲᠡᠳᠡ ᠦᠨ᠎ᠡ ᠬᠢᠮᠳᠠ ᠳᠡᠭᠡᠷ᠎ᠡ ᠪᠡᠨ«ᠪᠦᠯᠬᠦᠮᠳᠡᠯ ᠦᠨ ᠬᠦᠴᠦᠨ» ᠦᠭᠡᠢ ᠣᠯᠠᠨ ᠲᠣᠭᠠᠨ ᠤ«ᠪᠠᠷᠢᠴᠠᠭᠠᠨ ᠤ ᠠᠵᠢᠯᠴᠢᠨ» ᠢᠶᠡᠷ ᠵᠢᠷ ᠦᠨ ᠴᠢᠯᠦᠭᠡᠲᠦ ᠬᠥᠳᠡᠯᠮᠦᠷᠢᠴᠢᠨ ᠢ ᠣᠷᠤᠯᠠᠭᠤᠯᠵᠠᠢ᠃

ᠨᠢᠭᠡᠳᠦᠭᠡᠷ ᠲᠦ᠂ ᠪᠠᠷᠢᠴᠠᠭᠠᠨ ᠤ ᠠᠵᠢᠯᠴᠢᠨ ᠪᠣᠯ ᠪᠠᠷᠢᠴᠠᠭᠠᠨ ᠠᠪᠤᠭᠰᠠᠨ ᠵᠠᠩᠭᠤᠢᠳᠠ ᠳᠤ ᠪᠦᠷᠢᠨ ᠬᠠᠷᠢᠶᠠᠯᠠᠭᠳᠠᠬᠤ ᠲᠤᠯᠠ ᠠᠵᠢᠯ«ᠬᠢᠬᠦ» ᠪᠤᠶᠤ«ᠪᠣᠯᠢᠬᠤ» ᠡᠷᠬᠡ ᠴᠢᠯᠦᠭᠡ ᠲᠡᠳᠡᠨ ᠳᠦ ᠣᠭᠲᠤ ᠪᠠᠢᠬᠤ ᠦᠭᠡᠢ᠃ ᠲᠡᠳᠡᠨ ᠦ ᠡᠳᠦᠷ ᠪᠦᠷᠢ ᠶᠢᠨ ᠬᠥᠯᠦᠰᠦ ᠨᠢ ᠵᠠᠩᠭᠤᠢᠳᠠ ᠶᠢᠨ ᠠᠰᠢᠭ ᠣᠷᠤᠯᠭ᠎ᠠ ᠪᠣᠯᠳᠠᠭ ᠤᠴᠢᠷ ᠡᠴᠡ ᠵᠠᠩᠭᠤᠢᠳᠠ ᠨᠠᠷ ᠪᠠᠷᠢᠴᠠᠭᠠᠨ ᠤ ᠠᠵᠢᠯᠴᠢᠳ ᠢ ᠡᠪᠡᠳᠴᠢᠯᠡᠭᠰᠡᠨ ᠦᠶᠡᠰ ᠲᠦ ᠴᠦ ᠭᠡᠰᠡᠨ ᠦᠢᠯᠡᠳᠪᠦᠷᠢ ᠶᠢᠨ ᠡᠵᠡᠳ ᠲᠦ ᠰᠠᠢᠲᠤᠷ ᠦᠢᠯᠡᠴᠢᠯᠡᠭᠦᠯᠬᠦ ᠶᠢᠨ ᠲᠥᠯᠦᠭᠡ ᠨᠢᠳᠤᠷᠭ᠎ᠠ᠂ ᠰᠢᠳᠠᠮ ᠣᠷᠤᠭᠤᠯᠬᠤ ᠪᠤᠶᠤ ᠬᠦᠢᠲᠡᠨ ᠤᠰᠤ ᠴᠢᠳᠬᠤᠵᠤ ᠪᠠᠢᠭᠠᠳ ᠠᠯᠪᠠᠳᠠᠨ ᠬᠥᠳᠡᠯᠮᠦᠷᠢᠯᠡᠭᠦᠯᠵᠦ ᠪᠠᠢᠳᠠᠭ᠃ ᠡᠭᠦᠨ ᠳᠦ ᠳᠡᠭᠡᠷ᠎ᠡ ᠳᠤᠷᠠᠳᠤᠭᠰᠠᠨ«ᠳᠣᠷᠤᠰᠭ᠎ᠠ» ᠪᠡᠷ ᠵᠢᠱᠢᠶ᠎ᠡ ᠠᠪᠤᠶ᠎ᠠ (ᠬᠡᠷᠡᠭ᠌ ᠳᠡᠭᠡᠷ᠎ᠡ ᠪᠡᠨ ᠡᠢᠮᠦ ᠶᠠᠪᠤᠳᠠᠯ ᠪᠠᠷᠢᠴᠠᠭᠠᠨ ᠤ ᠠᠵᠢᠯᠴᠢᠨ ᠨᠢᠭᠡᠪᠦᠷᠢ ᠳᠦ ᠲᠣᠬᠢᠶᠠᠯᠳᠤᠬᠤ ᠶᠤᠮ)᠃ ᠶᠡᠬᠡ ᠬᠦᠢᠲᠡᠨ ᠨᠢᠭᠡ ᠥᠷᠯᠦᠭᠡ«ᠳᠣᠷᠤᠰᠭ᠎ᠠ» ᠲᠣᠮᠤᠭᠤ ᠬᠦᠷᠦᠭᠡᠳ ᠣᠷᠤ (ᠬᠡᠷᠡᠭ᠌ ᠳᠡᠭᠡᠷ᠎ᠡ ᠪᠡᠨ ᠣᠷᠤ ᠬᠡᠮᠡᠷ ᠴᠦ ᠶᠠᠭᠤᠮ᠎ᠠ ᠪᠢᠰᠢ) ᠳᠡᠭᠡᠷ᠎ᠡ ᠬᠡᠪᠲᠡᠵᠦ ᠪᠠᠢᠪᠠ᠃ ᠲᠡᠳᠡᠨ ᠦ ᠬᠡᠪᠲᠡᠳᠡᠭ᠌ ᠪᠠᠢᠷᠢ ᠨᠢ ᠰᠢᠩᠭᠡᠨ ᠪᠤᠳᠠᠭ᠎ᠠ ᠢᠳᠡᠬᠦ ᠴᠠᠭ ᠲᠤ ᠰᠤᠯᠠᠯᠠᠵᠤ ᠥᠭᠬᠦ ᠦᠭᠡᠢ ᠪᠡᠷ ᠬᠡᠷᠬᠢᠪᠡᠴᠦ ᠦᠯᠦ ᠪᠣᠯᠬᠤ ᠭᠠᠵᠠᠷ ᠲᠤ ᠪᠠᠢᠳᠠᠭ᠃ ᠭᠡᠲᠡᠯ᠎ᠡ ᠲᠡᠷᠡ ᠡᠳᠦᠷ«ᠳᠣᠷᠤᠰᠭ᠎ᠠ» ᠨᠡᠭᠡᠷᠡᠨ ᠪᠣᠰᠴᠤ ᠬᠦᠴᠦᠷᠡᠬᠦ ᠦᠭᠡᠢ ᠪᠣᠯᠵᠠᠢ᠃ ᠭᠡᠪᠡᠴᠦ ᠲᠡᠷᠡ᠂ ᠪᠠᠢᠳᠠᠯ ᠳᠤ ᠨᠡᠢᠴᠡᠭᠦᠯᠦᠨ ᠬᠡᠪᠲᠡᠭᠡ ᠪᠡᠷ ᠢᠶᠡᠨ ᠢᠳᠡᠭ ᠢᠳᠡᠭ ᠰᠢᠯᠵᠢᠭᠰᠡᠭᠡᠷ ᠭᠡᠷ ᠦᠨ ᠪᠣᠯᠤᠩ ᠳᠤ ᠣᠷᠤᠵᠤ ᠭᠠᠵᠠᠷ ᠦᠯᠦ ᠡᠵᠡᠯᠡᠭᠦ ᠶᠢ ᠠᠯᠢ ᠴᠢᠳᠠᠬᠤ ᠪᠠᠷ ᠬᠢᠴᠢᠶᠡᠨ᠂ ᠠᠭᠲᠤᠢᠬᠤ ᠪᠠᠷ ᠢᠶᠡᠨ ᠠᠭᠲᠤᠢᠭᠠᠳ ᠬᠡᠪᠲᠡᠪᠡ᠃ ᠭᠡᠪᠡᠴᠦ ᠡᠢᠮᠦᠷᠬᠦᠦ ᠠᠵᠢᠯᠴᠢᠨ ᠤ ᠪᠠᠢᠰᠢᠩ ᠳᠣᠲᠤᠷ᠎ᠠ ᠡᠪᠡᠳᠴᠢᠲᠡᠢ ᠬᠦᠮᠦᠨ ᠲᠠᠪᠠ ᠪᠠᠷ ᠢᠶᠡᠨ ᠬᠡᠪᠲᠡᠬᠦ ᠵᠢᠱᠢᠶ᠎ᠠ ᠶᠢ ᠬᠡᠨ ᠬᠦᠮᠦᠨ ᠳᠤᠷ᠎ᠠ ᠪᠠᠷ ᠢᠶᠡᠨ ᠡᠭᠦᠰᠭᠡᠵᠦ ᠴᠢᠳᠠᠬᠤ ᠦᠭᠡᠢ ᠪᠢᠯᠡ᠃ ᠲᠡᠭᠦᠨ ᠤᠷᠤᠭᠤ ᠨᠢᠭᠡ ᠭᠦᠶᠦᠭᠦᠯ ᠮᠠᠰᠢ ᠲᠦᠷᠭᠡᠨ ᠠᠯᠬᠤᠵᠤ ᠢᠷᠡᠪᠡ᠃ ᠡᠢᠮᠦ ᠠᠵᠢᠯ ᠬᠢᠭ᠍ᠴᠢᠳ ᠦᠨ ᠣᠯᠠᠩᠬᠢ ᠨᠢ ᠠᠵᠢᠯᠴᠢᠨ ᠪᠠᠷᠢᠴᠠᠭᠠᠯᠠᠨ ᠠᠪᠤᠭᠴᠢᠳ ᠤᠨ ᠲᠥᠷᠦᠯ ᠰᠠᠳᠤᠨ ᠪᠤᠶᠤ«ᠲᠤᠬᠠᠢ ᠶᠢᠨ ᠭᠠᠵᠠᠷ» ᠲᠠᠭᠠᠨ ᠡᠷᠬᠡ ᠳᠠᠷᠬ᠎ᠠ ᠪᠦᠬᠦᠢ ᠯᠤᠢᠪᠠᠷᠴᠢᠳ ᠪᠣᠯᠤᠨ᠎ᠠ᠃ ᠡᠢᠮᠦ ᠡᠴᠡ ᠡᠳᠡᠨ ᠳᠦ ᠪᠠᠷᠤᠭ ᠠᠯᠠᠬᠤ ᠪᠠ ᠠᠪᠤᠷᠠᠬᠤ ᠶᠢ ᠵᠣᠷᠢᠭ ᠮᠡᠳᠡᠨ ᠬᠢᠬᠦ ᠡᠷᠬᠡ ᠲᠠᠢ ᠪᠠᠢᠳᠠᠭ᠃«ᠳᠣᠷᠤᠰᠭ᠎ᠠ» ᠶᠢᠨ ᠬᠣᠭᠤᠯᠠᠢ ᠨᠢ ᠰᠥᠭᠡᠭᠰᠡᠨ ᠲᠤᠯᠠ ᠭᠠᠷ ᠢᠶᠡᠷ ᠢᠶᠡᠨ ᠳᠣᠬᠢᠵᠤ᠂ ᠪᠣᠰᠬᠤ ᠲᠡᠩᠬᠡᠭᠡ ᠦᠭᠡᠢ᠂ ᠨᠢᠭᠦᠯᠡᠰᠬᠦ ᠪᠣᠯᠪᠠ ᠤᠤ ᠭᠡᠵᠦ ᠭᠤᠶᠤᠯ᠎ᠠ᠃«ᠡᠪᠡᠳᠴᠢᠨ ᠢᠶᠡᠷ ᠠᠷᠭᠠᠯᠠᠵᠤ ᠪᠠᠢᠨ᠎ᠠ︕ ᠡᠴᠢᠭᠡ ᠴᠢᠨᠢ ᠪᠢ ᠡᠮᠨᠡᠵᠦ ᠥᠭᠭᠦᠶ᠎ᠡ︕» ᠭᠡᠳ ᠭᠦᠶᠦᠭᠦᠯ ᠳᠠᠷᠤᠢ«ᠳᠣᠷᠤᠰᠭ᠎ᠠ» ᠶᠢ ᠭᠡᠵᠢᠭᠡᠳᠡᠨ ᠡᠷᠭᠦᠵᠦ ᠭᠠᠵᠠᠷ ᠳᠡᠭᠡᠷ᠎ᠡ ᠬᠦᠴᠦᠲᠡᠢ ᠭᠡᠭᠴᠢ ᠰᠠᠪᠠᠬᠤ ᠳᠤ ᠲᠡᠷᠡ ᠳᠡᠷᠡᠢᠨ ᠤᠨᠠᠯ᠎ᠠ᠃ ᠰᠠᠪᠠᠴᠢᠬᠠᠭᠠᠳ ᠳᠡᠭᠡᠷ᠎ᠡ ᠡᠴᠡ ᠨᠢ ᠬᠡᠳᠦ ᠢᠰᠭᠦᠯᠦᠭᠰᠡᠨ ᠢᠶᠡᠨ ᠲᠣᠣᠷ᠎ᠠ ᠪᠠᠨ ᠵᠣᠭᠰᠤᠪᠠ᠃ ᠰᠡᠭᠦᠯ ᠳᠤᠨᠢ ᠰᠣᠨᠤᠰᠬᠤᠯ᠎ᠠ«ᠳᠣᠷᠤᠰᠭ᠎ᠠ» ᠶᠢᠨ ᠲᠤᠷᠠᠩᠬᠠᠢ ᠬᠥᠯ ᠦᠨ ᠬᠢᠨᠢ ᠶᠣᠷᠳᠤᠢᠭᠰᠠᠨ ᠶᠠᠰᠤ ᠲᠡᠭᠦᠨ ᠦ ᠬᠥᠯ ᠦᠨ ᠬᠤᠷᠤᠭᠤ ᠶᠢ ᠡᠪᠡᠳᠭᠡᠭᠰᠡᠨ ᠲᠤᠯᠠ ᠵᠠᠯᠭᠠᠭᠠᠳ ᠢᠰᠭᠦᠯᠦᠭᠰᠡᠨ ᠦᠭᠡᠢ ᠭᠡᠨ᠎ᠡ᠃ ᠭᠦᠶᠦᠭᠦᠯ ᠦᠨ ᠠᠭᠤᠷ ᠨᠢ ᠬᠦᠷᠦᠭᠡᠳ᠂ ᠨᠢᠭᠡ ᠪᠠᠷᠢᠴᠠᠭᠠᠨ ᠤ ᠠᠵᠢᠯᠴᠢᠨ ᠤ ᠰᠢᠷᠡᠭᠡ ᠵᠦᠯᠭᠦᠵᠦ ᠪᠠᠢᠭᠰᠠᠨ ᠲᠦᠩᠫᠧᠩ ᠲᠠᠢ ᠬᠦᠢᠲᠡᠨ ᠤᠰᠤ ᠶᠢ ᠰᠢᠭᠦᠷᠦᠨ ᠠᠪᠴᠤ«ᠳᠣᠷᠤᠰᠭ᠎ᠠ» ᠶᠢᠨ ᠲᠣᠯᠤᠭᠠᠢ ᠤᠷᠤᠭᠤ ᠠᠰᠬᠠᠪᠠ᠃ ᠰᠠᠯᠬᠢ ᠰᠦᠩᠭᠢᠨᠡᠭᠰᠡᠨ ᠬᠥᠬᠡᠭᠡ ᠡᠪᠦᠯ ᠤᠨ ᠬᠦᠢᠲᠡᠨ ᠡᠳᠦᠷ ᠰᠠᠨᠠᠭᠠᠨ ᠳᠤ ᠦᠭᠡᠢ ᠪᠡᠷ ᠭᠡᠨᠡᠳᠲᠡ ᠬᠦᠢᠲᠡᠨ ᠤᠰᠤ ᠴᠢᠳᠬᠤᠭᠤᠯᠤᠭᠰᠠᠨ«ᠳᠣᠷᠤᠰᠭ᠎ᠠ» ᠴᠣᠴᠢᠶᠠᠨ ᠳ᠋ᠠᠭᠠᠨ ᠤᠬᠤᠰᠬᠢᠨ ᠪᠣᠰᠪᠠ᠃ ᠡᠭᠦᠨ ᠳᠦ ᠡᠭᠦᠳᠡᠨ ᠳᠡᠭᠡᠷ᠎ᠡ ᠰᠢᠳᠦ ᠤᠭᠢᠶᠠᠵᠤ ᠪᠠᠢᠭᠰᠠᠨ ᠵᠠᠩᠭᠤᠢᠳᠠ ᠶᠢᠨ ᠬᠠᠲᠤᠭᠲᠠᠢ ᠢᠨᠢᠶᠡᠭᠡᠳ᠄«ᠦᠵᠡᠵᠡᠭᠡ︕ ᠨᠡᠭᠡᠷᠡᠨ ᠡᠪᠡᠳᠴᠢᠨ ᠢᠶᠡᠷ ᠠᠷᠭᠠᠯᠠᠭᠰᠠᠨ ᠪᠢᠰᠢ ᠦᠦ᠂ ᠨᠢᠭᠡ ᠲᠦᠩᠫᠧᠩ ᠬᠦᠢᠲᠡᠨ ᠤᠰᠤ ᠪᠠᠷ ᠡᠮᠨᠡᠭᠡᠳ ᠡᠳᠡᠭᠡᠭᠡᠴᠢᠬᠡᠯ᠎ᠡ︕» ᠬᠡᠪᠡ᠃

ᠡᠨᠡ ᠪᠣᠯ ᠪᠠᠢᠩᠭᠤ ᠭᠠᠷᠬᠤ ᠶᠠᠪᠤᠳᠠᠯ ᠶᠤᠮ᠃

ᠬᠣᠶᠠᠳᠤᠭᠠᠷ ᠲᠦ᠂ ᠪᠠᠷᠢᠴᠠᠭᠠᠨ ᠤ ᠠᠵᠢᠯᠴᠢᠨ ᠪᠣᠯ ᠰᠠᠶᠢ᠍ᠬᠠᠨ ᠬᠥᠳᠡᠭᠡ ᠡᠴᠡ ᠢᠷᠡᠭᠰᠡᠳ ᠪᠦᠭᠡᠳ ᠣᠯᠠᠩᠬᠢ ᠨᠢ ᠵᠠᠩᠭᠤᠢᠳᠠ ᠶᠢᠨ ᠨᠤᠳᠤᠭ ᠤᠨ ᠬᠢᠨ ᠪᠣᠯᠬᠤ ᠲᠤᠯᠠ« ᠵᠠᠬᠢᠷᠬᠤ» ᠲᠠᠯ᠎ᠠ ᠪᠠᠷ ᠶᠡᠬᠡ ᠠᠰᠢᠭᠲᠠᠢ ᠨᠥᠬᠦᠴᠡᠯ ᠪᠤᠢ ᠪᠢᠯᠡ᠃ ᠦᠢᠯᠡᠳᠪᠦᠷᠢ ᠶᠢᠨ ᠡᠵᠡᠳ᠂ ᠠᠵᠢᠯᠴᠢᠳ ᠤᠨ ᠪᠠᠢᠷᠢ ᠶᠢᠨ ᠭᠠᠳᠠᠭᠤᠷ ᠬᠡᠷᠡᠮ ᠪᠠᠷᠢᠵᠤ᠂ ᠡᠭᠦᠳᠡᠨ ᠦ ᠪᠠᠢᠰᠢᠩ ᠳᠤ ᠵᠠᠯᠠᠭᠠᠨ ᠤ ᠴᠠᠭᠳᠠᠭ᠎ᠠ ᠰᠠᠭᠤᠯᠭᠠᠨ᠂ ᠬᠠᠭᠠᠯᠭᠠᠨ ᠳᠡᠭᠡᠷ᠎ᠡ ᠨᠢ«ᠠᠵᠢᠯᠴᠢᠨ ᠤ ᠪᠠᠢᠷᠢ ᠶᠢᠨ ᠴᠢᠬᠤᠯᠠ ᠭᠠᠵᠠᠷ ᠲᠤ ᠬᠠᠮᠢᠶ᠎ᠠ ᠦᠭᠡᠢ ᠬᠦᠮᠦᠨ ᠣᠷᠤᠵᠤ ᠪᠣᠯᠬᠤ ᠦᠭᠡᠢ» ᠭᠡᠰᠡᠨ ᠫᠠᠢᠰᠠ ᠡᠯᠭᠦᠵᠦ᠂ ᠡᠳᠡᠭᠡᠷ«ᠬᠥᠳᠡᠭᠡ ᠶᠢᠨ ᠬᠡᠦᠬᠡᠨ» ᠢ ᠶᠢᠷᠲᠢᠨᠴᠦ ᠡᠴᠡ ᠲᠤᠰᠠᠭᠠᠷᠯᠠᠬᠤ ᠶᠠᠪᠤᠳᠠᠯ ᠢ ᠥᠪᠡᠷᠰᠡᠳ ᠢᠶᠡᠨ ᠬᠢᠵᠤ᠂ ᠡᠭᠦᠨ ᠡᠴᠡ ᠪᠣᠰᠤᠳ ᠵᠠᠬᠢᠷᠬᠤ ᠡᠷᠬᠡ ᠶᠢ ᠪᠣᠯ ᠠᠵᠢᠯᠴᠢᠨ ᠢ ᠪᠠᠷᠢᠴᠠᠭᠠᠯᠠᠨ ᠠᠪᠤᠭᠰᠠᠨ ᠵᠠᠩᠭᠤᠢᠳᠠ ᠨᠠᠷ ᠲᠤ ᠪᠦᠷᠢᠨ ᠲᠤᠰᠢᠶᠠᠳᠠᠭ ᠪᠠᠢᠨ᠎ᠠ᠃ ᠲᠡᠳᠡᠨ ᠢ ᠥᠷᠯᠦᠭᠡ ᠡᠷᠲᠡ ᠶᠢᠨ ᠲᠠᠪᠤᠨ ᠴᠠᠭ ᠲᠤ ᠭᠦᠶᠦᠭᠦᠯᠴᠦᠦᠯ ᠪᠤᠶᠤ ᠵᠠᠩᠭᠤᠢᠳᠠ ᠨᠢ ᠦᠢᠯᠡᠳᠪᠦᠷᠢ ᠶᠢᠨ ᠭᠠᠵᠠᠷ ᠲᠤ ᠬᠦᠷᠭᠡᠵᠦ᠂ ᠣᠷᠤᠢ ᠶᠢᠨ ᠵᠢᠷᠭᠤᠭᠠᠨ ᠴᠠᠭ ᠲᠤ ᠪᠤᠴᠠᠭᠠᠵᠤ ᠠᠪᠴᠢᠷᠠᠨ᠎ᠠ᠃ ᠭᠠᠳᠠᠨᠠᠬᠢ ᠬᠦᠮᠦᠨ ᠲᠠᠢ ᠠᠭᠤᠯᠵᠠᠬᠤ ᠲᠣᠬᠢᠶᠠᠯ ᠲᠡᠳᠡᠨ ᠳᠦ ᠶᠡᠷᠦ ᠡᠴᠡ ᠪᠠᠢᠬᠤ ᠦᠭᠡᠢ ᠪᠢᠯᠡ᠃ ᠡᠢᠮᠦ ᠤᠴᠢᠷ ᠡᠴᠡ ᠪᠠᠷᠢᠴᠠᠭᠠᠨ ᠤ ᠠᠵᠢᠯᠴᠢᠨ ᠪᠣᠯ ᠨᠢᠭᠡᠨ ᠵᠦᠢᠯ ᠦᠨ«ᠯᠠᠵᠠᠯᠠᠭᠰᠠᠨ ᠬᠥᠳᠡᠯᠮᠦᠷᠢ ᠬᠦᠴᠦᠨ» ᠪᠣᠯᠬᠣᠷ«ᠠᠶᠤᠯ ᠦᠭᠡᠢ» ᠬᠠᠳᠠᠭᠠᠯᠠᠵᠤ ᠰᠠᠨᠠᠭᠠᠨ ᠲᠠᠪᠠ ᠪᠠᠷ ᠢᠶᠡᠨ ᠵᠠᠷᠤᠵᠤ ᠪᠣᠯᠤᠨ᠎ᠠ᠃ ᠭᠠᠳᠠᠨ᠎ᠠ ᠶᠢᠨ ᠨᠥᠯᠦᠭᠡ ᠪᠡᠷ ᠬᠤᠪᠢᠷᠠᠯ ᠭᠠᠷᠬᠤ ᠠᠶᠤᠮᠰᠢᠭ ᠣᠭᠲᠤ ᠦᠭᠡᠢ ᠠᠵᠢ᠃

ᠭᠤᠷᠪᠠᠳᠤᠭᠠᠷ ᠳᠤ᠂ ᠲᠡᠳᠡᠨ ᠦ ᠬᠦᠴᠦ ᠬᠥᠯᠦᠰᠦ ᠶᠡᠬᠡ ᠬᠢᠮᠳᠠ ᠨᠢ ᠮᠡᠳᠡᠭᠡᠵᠢ ᠪᠢᠯᠡ᠃ ᠪᠠᠷᠢᠴᠠᠭᠠᠨ ᠤ ᠠᠵᠢᠯᠴᠢᠳ ᠢ ᠪᠠᠷᠢᠴᠠᠭᠠᠯᠠᠨ ᠠᠪᠤᠭᠴᠢᠳ ᠲᠡᠳᠡ ᠢ«ᠲᠤᠷᠰᠢᠯᠲᠠ ᠶᠢᠨ ᠠᠵᠢᠯᠴᠢᠨ» ᠪᠤᠶᠤ«ᠪᠡᠯᠡᠳᠭᠡᠯ ᠠᠵᠢᠯᠴᠢᠨ» ᠭᠡᠨ᠎ᠡ᠃ ᠲᠤᠷᠰᠢᠯᠲᠠ ᠶᠢᠨ ᠬᠤᠭᠤᠴᠠᠭᠠᠨ ᠳᠤ ᠡᠨᠡ ᠬᠦ ᠠᠵᠢᠯᠴᠢᠨ ᠳᠤ ᠠᠵᠢᠯ ᠤᠨ ᠴᠢᠳᠠᠪᠤᠷᠢ ᠪᠠᠢᠬᠤ ᠡᠰᠡᠬᠦ ᠶᠢ ᠦᠢᠯᠡᠳᠪᠦᠷᠢ ᠶᠢᠨ ᠡᠵᠡᠳ ᠰᠢᠯᠭᠠᠵᠤ ᠦᠵᠡᠨ᠎ᠡ᠃ ᠪᠡᠯᠡᠳᠭᠡᠯ ᠦᠨ ᠬᠤᠭᠤᠴᠠᠭᠠᠨ ᠳᠤ«ᠴᠠᠭᠠᠷᠠᠩᠭᠤᠢ ᠪᠣᠰᠤ» ᠪᠠᠢᠭᠰᠠᠨ ᠡᠴᠡ ᠨᠢ«ᠴᠠᠭᠠᠷᠠᠩᠭᠤᠢ» ᠪᠣᠯᠭᠠᠬᠤ ᠪᠣᠯᠤᠨ᠎ᠠ᠃ ᠡᠬᠢᠨ ᠦ ᠦᠶᠡᠰ ᠦᠨ ᠬᠥᠯᠦᠰᠦ ᠨᠢ ᠨᠢᠭᠡ ᠡᠳᠦᠷ ᠦᠨ ᠠᠷᠪᠠᠨ ᠬᠣᠶᠠᠷ ᠴᠠᠭ ᠲᠤ ᠠᠷᠪᠠ ᠡᠴᠡ ᠠᠷᠪᠠᠨ ᠲᠠᠪᠤᠨ ᠮᠥᠩᠭᠦ ᠪᠣᠯᠤᠨ᠎ᠠ᠃ ᠡᠬᠢᠨ ᠦ ᠦᠶᠡᠰ ᠦᠨ ᠠᠵᠢᠯ ᠨᠢ ᠭᠠᠵᠠᠷ ᠱᠦᠭᠦᠷᠳᠡᠬᠦ᠂ ᠬᠥᠪᠦᠩ ᠦᠨ ᠪᠠᠭᠯᠠᠭ᠎ᠠ ᠵᠠᠳᠠᠯᠬᠤ᠂ ᠬᠥᠪᠦᠩ ᠵᠥᠭᠡᠭᠡᠬᠦ᠂ ᠬᠥᠪᠦᠩ ᠬᠥᠪᠰᠦᠷᠦᠭᠦᠯᠬᠦ ᠵᠡᠷᠭᠡ ᠶᠠᠮᠠᠷ ᠴᠤ ᠮᠡᠷᠭᠡᠵᠢᠯ ᠱᠠᠭᠠᠷᠳᠠᠭᠳᠠᠬᠤ ᠦᠭᠡᠢ ᠠᠵᠢᠯ ᠪᠣᠯᠤᠨ᠎ᠠ᠃ ᠬᠡᠳᠦᠨ ᠭᠠᠷᠠᠭ ᠤᠨ ᠳᠠᠷᠠᠭ᠎ᠠ ᠰᠠᠮᠨᠠᠬᠤ᠂ ᠰᠡᠮᠡᠳᠡᠰᠦᠯᠡᠬᠦ᠂ ᠱᠠ ᠨᠡᠬᠡᠬᠦ ᠲᠠᠰᠤᠭ ᠲᠤ ᠰᠢᠯᠵᠢᠭᠦᠯᠵᠦ ᠠᠵᠢᠯᠯᠠᠭᠤᠯᠤᠨ᠎ᠠ᠂ ᠶᠠᠫᠤᠨ ᠳᠤ ᠡᠷᠡᠭᠲᠡᠢ ᠠᠵᠢᠯᠴᠢᠨ ᠤ ᠬᠢᠬᠦ ᠵᠠᠷᠢᠮ ᠠᠵᠢᠯ ᠢ ᠡᠳᠡᠭᠡᠷ ᠪᠠᠷᠢᠴᠠᠭᠠᠨ ᠤ ᠠᠵᠢᠯᠴᠢᠳ ᠡᠷᠡᠭᠲᠡᠢ ᠠᠵᠢᠯᠴᠢᠨ ᠤ ᠬᠥᠯᠦᠰᠦᠨ ᠦ ᠭᠤᠷᠪᠠᠨ ᠤ ᠨᠢᠭᠡ ᠴᠦ ᠬᠦᠷᠬᠦ ᠦᠭᠡᠢ ᠵᠣᠭᠤᠰ ᠢᠶᠡᠷ ᠡᠭᠦᠷᠭᠡᠯᠡᠨ ᠠᠪᠤᠭᠠᠳ ᠬᠢᠵᠤ ᠪᠤᠢ᠃

ᠨᠢᠭᠡ ᠨᠢᠭᠡ ᠰᠢᠷᠬᠡᠭ ᠢᠶᠡᠷ ᠨᠡᠬᠡᠭᠰᠡᠨ ᠪᠦᠰ ᠬᠤᠪᠴᠠᠰᠤ ᠪᠠ ᠨᠢᠭᠡ ᠨᠢᠭᠡ ᠤᠲᠠᠰᠤ ᠪᠠᠷ ᠰᠦᠯᠵᠢᠭᠰᠡᠨ ᠣᠢᠮᠤᠰᠤ ᠶᠢ ᠡᠮᠦᠰᠬᠦ ᠳᠦ ᠲᠠᠪᠠᠳᠠᠢ ᠰᠠᠢᠬᠠᠨ ᠪᠠᠢᠳᠠᠭ᠃ ᠭᠡᠲᠡᠯ᠎ᠡ ᠬᠥᠪᠦᠩ ᠢ ᠪᠣᠯᠪᠠᠰᠤᠷᠠᠭᠤᠯᠵᠤ ᠰᠢᠷᠬᠡᠭ ᠪᠣᠯᠭᠠᠬᠤ ᠨᠢ ᠬᠤᠪᠴᠠᠰᠤ ᠡᠮᠦᠰᠬᠦ ᠲᠠᠢ ᠠᠳᠠᠯᠢ ᠲᠠᠪᠠᠳᠠᠢ ᠰᠠᠢᠬᠠᠨ ᠪᠢᠰᠢ ᠪᠢᠯᠡ᠃ ᠱᠠ ᠨᠡᠬᠡᠮᠡᠯ ᠦᠨ ᠦᠢᠯᠡᠳᠪᠦᠷᠢ ᠶᠢᠨ ᠠᠵᠢᠯᠴᠢᠨ ᠤ ᠭᠤᠷᠪᠠᠨ ᠶᠡᠬᠡ ᠠᠶᠤᠯ ᠵᠠᠨᠤᠯ ᠨᠢ ᠳᠠᠭᠤ ᠱᠤᠤᠭᠢᠶᠠᠨ᠂ ᠬᠣᠭ ᠲᠣᠭᠤᠰᠤ᠂ ᠠᠭᠤᠷ ᠴᠢᠭᠢᠭ᠌ ᠶᠤᠮ︕

ᠲᠡᠳᠡᠨ ᠦ ᠬᠥᠳᠡᠯᠮᠦᠷᠢ ᠶᠢᠨ ᠨᠥᠬᠦᠴᠡᠯ ᠳᠦ ᠰᠡᠳᠭᠢᠯ ᠲᠠᠯᠪᠢᠬᠤ ᠬᠦᠮᠦᠨ ᠭᠡᠵᠦ ᠪᠠᠢᠬᠤ ᠦᠭᠡᠢ︕ ᠡᠨᠡ ᠨᠢ ᠠᠶᠠᠨᠳᠠᠭᠠᠨ ᠪᠠᠢᠭ᠎ᠠ ᠦᠵᠡᠭᠳᠡᠯ ᠪᠣᠯᠤᠯᠲᠠᠢ᠃ ᠡᠨᠡ ᠬᠦ ᠭᠤᠷᠪᠠᠨ ᠵᠦᠢᠯ ᠦᠨ ᠠᠶᠤᠯ ᠤᠨ ᠳᠤᠮᠳᠠ ᠠᠵᠢᠯᠯᠠᠭᠴᠢᠳ ᠤᠳᠠᠯ ᠦᠭᠡᠢ ᠶᠠᠳᠠᠷᠠᠨ᠎ᠠ᠃ ᠭᠡᠲᠡᠯ᠎ᠡ ᠬᠦᠮᠦᠨ ᠦ ᠦᠨᠦᠷ ᠦᠭᠡᠢ ᠲᠡᠳᠡᠭᠡᠷ ᠲᠦᠷᠦᠭᠦᠴᠦᠳ ᠪᠠ ᠵᠠᠬᠢᠷᠤᠭᠴᠢᠳ ᠴᠢᠮᠠᠢ ᠬᠢᠨᠠᠵᠤ ᠪᠤᠢ᠃ ᠲᠠᠰᠤᠷᠠᠭᠰᠠᠨ ᠤᠲᠠᠰᠤ ᠶᠢ ᠵᠠᠯᠭᠠᠬᠤ ᠦᠭᠡᠢ ᠪᠤᠶᠤ ᠡᠭᠡᠷᠡᠦᠯ ᠣᠨ ᠬᠤᠯᠬᠤᠪᠴᠢ ᠶᠢ ᠬᠠᠮᠰᠢᠢᠯᠭᠠᠬᠤ᠂ ᠡᠷᠭᠢᠪᠴᠢ ᠶᠢ ᠪᠤᠷᠤᠭᠤ ᠤᠭᠰᠠᠷᠠᠬᠤ ᠪᠠ ᠮᠠᠰᠢᠨ᠎ᠠ ᠡᠷᠭᠢᠨᠡᠭ ᠳᠡᠭᠡᠷ᠎ᠡ ᠶᠠᠭᠤᠮ᠎ᠠ ᠬᠡᠦᠮ᠎ᠡ ᠣᠪᠤᠭᠠᠯᠠᠬᠤ ᠳᠤ ᠬᠦᠷᠪᠡᠯ ᠲᠡᠳᠡᠨ ᠳᠦ ᠠᠯᠢ ᠮᠠᠭᠤ ᠪᠠᠷ ᠬᠠᠷᠢᠶᠠᠭᠳᠠᠬᠤ᠂ ᠨᠢᠪᠰᠢᠷᠡᠲᠡᠯ᠎ᠡ ᠵᠣᠳᠤᠭᠳᠠᠬᠤ ᠠᠶᠤᠯ ᠲᠠᠢ ᠪᠢᠯᠡ᠃ ᠪᠠᠷᠢᠴᠠᠭᠠᠨ ᠤ ᠠᠵᠢᠯᠴᠢᠳ ᠪᠣᠯ ᠲᠦᠷᠦᠭᠦᠴᠦᠳ ᠪᠠ ᠵᠠᠬᠢᠷᠤᠭᠴᠢᠳ ᠤᠨ ᠠᠮᠠᠨ ᠵᠠᠭᠤᠰᠢ ᠶᠤᠮ᠃ ᠱᠠ ᠨᠡᠬᠡᠮᠡᠯ ᠦᠨ ᠦᠢᠯᠡᠳᠪᠦᠷᠢ ᠳᠦ ᠠᠵᠢᠯ ᠮᠠᠭᠤ ᠬᠢᠭᠰᠡᠨ ᠳᠤᠨᠢ ᠶᠡᠬᠡ ᠲᠥᠯᠦᠪ ᠵᠣᠳᠤᠬᠤ᠂ ᠲᠣᠷᠭᠠᠭᠤᠯᠢ ᠶᠢᠨ ᠵᠣᠭᠤᠰ ᠠᠪᠬᠤ᠂ ᠠᠵᠢᠯ ᠡᠴᠡ ᠨᠢ ᠵᠣᠭᠰᠤᠭᠠᠬᠤ ᠵᠡᠷᠭᠡ ᠭᠤᠷᠪᠠᠨ ᠵᠦᠢᠯ ᠦᠨ ᠵᠠᠯᠬᠠᠭᠠᠯᠲᠠ ᠦᠵᠡᠭᠦᠯᠦᠨ᠎ᠡ᠃ ᠭᠡᠬᠦ ᠳᠡᠭᠡᠨ ᠪᠠᠷᠢᠴᠠᠭᠠᠨ ᠤ ᠠᠵᠢᠯᠴᠢᠳ ᠢ ᠥᠮᠴᠢᠯᠡᠭᠴᠢ - ᠪᠠᠷᠢᠴᠠᠭᠠᠯᠠᠨ ᠠᠪᠤᠭᠰᠠᠨ ᠵᠠᠩᠭᠤᠢᠳᠠ ᠪᠠᠷ ᠠᠪᠴᠤ ᠦᠵᠡᠪᠡᠯ᠂ ᠰᠡᠭᠦᠯᠴᠢ ᠶᠢᠨ ᠬᠣᠶᠠᠷ ᠵᠦᠢᠯ ᠲᠡᠭᠦᠨ ᠳᠦ ᠠᠰᠢᠭ ᠦᠭᠡᠢ ᠨᠢ ᠮᠡᠳᠡᠭᠡᠵᠢ ᠶᠢᠨ ᠬᠡᠷᠡᠭ᠌ ᠡ᠃ ᠬᠥᠯᠦᠰᠦᠨ ᠵᠣᠭᠤᠰ ᠡᠴᠡ ᠲᠣᠷᠭᠠᠭᠤᠯᠢ ᠠᠪᠳᠠᠭ ᠪᠣᠯ ᠲᠡᠳᠡᠨ ᠦ ᠠᠰᠢᠭ ᠬᠣᠨᠵᠢᠪᠤᠷᠢ ᠲᠤᠲᠠᠭᠤ ᠪᠣᠯᠤᠨ᠎ᠠ᠃ ᠠᠵᠢᠯ ᠵᠣᠭᠰᠤᠭᠠᠳᠠᠭ ᠪᠣᠯ ᠵᠣᠭᠤᠰ ᠣᠯᠬᠤ ᠦᠭᠡᠢ ᠳᠡᠭᠡᠷ᠎ᠡ ᠪᠡᠨ ᠡᠳᠦᠷ ᠦᠨ ᠬᠣᠶᠠᠷ ᠴᠠᠭ ᠤᠨ ᠰᠢᠩᠭᠡᠨ ᠪᠤᠳᠠᠭ᠎ᠠ᠂ ᠨᠢᠭᠡ ᠴᠠᠭ ᠤᠨ ᠠᠭᠰᠢᠭᠤᠨ ᠪᠤᠳᠠᠭ᠎ᠠ ᠭᠠᠷᠭᠠᠬᠤ ᠳᠤ ᠬᠦᠷᠦᠨ᠎ᠡ᠃ ᠡᠢᠮᠦ ᠡᠴᠡ᠂ ᠪᠠᠷᠢᠴᠠᠭᠠᠯᠠᠨ ᠠᠪᠤᠭᠰᠠᠨ ᠵᠠᠩᠭᠤᠢᠳᠠ ᠨᠢ ᠵᠣᠳᠤᠬᠤ ᠠᠷᠭ᠎ᠠ ᠶᠢ ᠡᠷᠬᠢᠮᠯᠡᠳᠡᠭ᠃ ᠲᠠᠪᠤᠳᠤᠭᠠᠷ ᠰᠠᠷ᠎ᠠ ᠶᠢᠨ ᠲᠠᠪᠤᠨ ᠪᠤᠶᠤ ᠵᠢᠯ ᠴᠠᠭᠠᠨ ᠰᠠᠷ᠎ᠠ ᠪᠣᠯᠬᠤ ᠪᠦᠷᠢ ᠠᠵᠢᠯᠴᠢᠨ ᠢ ᠪᠠᠷᠢᠴᠠᠭᠠᠯᠠᠨ ᠠᠪᠤᠭᠴᠢᠳ᠂ ᠲᠦᠷᠦᠭᠦᠴᠦᠳ ᠲᠦ ᠪᠡᠯᠡᠭ ᠬᠦᠷᠭᠡᠵᠦ᠄«ᠲᠠᠨ ᠤ ᠬᠠᠪᠰᠤᠷᠴᠤ ᠬᠠᠷᠠᠭᠠᠯᠵᠠᠬᠤ ᠶᠢ ᠬᠦᠰᠡᠨ᠎ᠡ᠃ ᠮᠠᠨ ᠤ ᠬᠡᠦᠬᠡᠨᠴᠦᠳ ᠣᠰᠤᠯ ᠭᠠᠷᠭᠠᠳᠠᠭ ᠪᠣᠯ ᠵᠣᠳᠤᠭᠠᠷᠠᠢ᠂ ᠵᠣᠳᠤᠵᠤ ᠪᠠᠢᠭᠠᠳ ᠠᠯᠠᠴᠢᠬᠠᠭᠰᠠᠨ ᠴᠤ ᠬᠠᠮᠢᠶ᠎ᠠ ᠦᠭᠡᠢ᠃ ᠬᠥᠯᠦᠰᠦᠨ ᠵᠣᠭᠤᠰ ᠡᠴᠡ ᠲᠣᠷᠭᠠᠭᠤᠯᠢ ᠠᠪᠬᠤ ᠦᠭᠡᠢ᠂ ᠠᠵᠢᠯ ᠡᠴᠡ ᠨᠢ ᠵᠣᠭᠰᠤᠭᠠᠬᠤ ᠦᠭᠡᠢ ᠯᠡ ᠪᠣᠯ ᠪᠣᠯᠴᠢᠬᠠᠨ᠎ᠠ︕» ᠭᠡᠵᠦ ᠪᠢᠯᠪᠢᠭᠦᠷᠳᠡᠳᠡᠭ᠃

ᠣᠨᠴᠠ«ᠬᠠᠷᠠᠭᠠᠯᠵᠠᠯ» ᠤᠨ ᠬᠠᠮᠠᠭᠠᠯᠠᠯᠲᠠ ᠲᠣᠣᠷ᠎ᠠ᠂ ᠬᠢᠮᠳᠠ ᠬᠥᠳᠡᠯᠮᠦᠷᠢ ᠬᠦᠴᠦ ᠵᠠᠷᠤᠬᠤ ᠪᠣᠯᠤᠭᠰᠠᠨ ᠢᠶᠡᠷ ᠳᠣᠮᠳᠠᠳᠤ ᠤᠯᠤᠰ ᠳᠡᠬᠢ ᠶᠠᠫᠤᠨ ᠤ ᠱᠠ ᠨᠡᠬᠡᠮᠡᠯ ᠦᠨ ᠦᠢᠯᠡᠳᠪᠦᠷᠢ ᠦᠳᠲᠡᠷ ᠲᠦᠷᠭᠡᠨ ᠥᠷᠭᠡᠵᠢᠪᠡ᠃ ᠭᠠᠭᠴᠠᠬᠠᠨ ᠡᠨᠡ ᠬᠦ ᠹᠦ ᠯᠢᠨ ᠯᠦ ᠭᠤᠳᠤᠮᠵᠢᠨ ᠳ᠋ᠡᠬᠢ ᠶᠠᠫᠤᠨ ᠤ ᠦᠢᠯᠡᠳᠪᠦᠷᠢ ᠪᠡᠷ ᠠᠪᠤᠭᠠᠳ ᠬᠡᠯᠡᠭᠰᠡᠨ ᠴᠦ᠂ 1902 ᠣᠨ ᠤ ᠶᠠᠫᠤᠨ ᠤ ᠲᠣᠮᠤ ᠬᠥᠷᠦᠩᠭᠡᠲᠡᠨ ᠮᠢᠼᠢᠶᠢ ᠶᠢᠨ ᠬᠢᠨ«ᠳ᠋ᠠ ᠴᠦᠨ» ᠱᠠ ᠨᠡᠬᠡᠮᠡᠯ ᠦᠨ ᠦᠢᠯᠡᠳᠪᠦᠷᠢ ᠶᠢᠨ ᠭᠠᠵᠠᠷ ᠢ ᠠᠪᠴᠤ ᠠᠩᠬᠠᠳᠤᠭᠠᠷ ᠦᠢᠯᠡᠳᠪᠦᠷᠢ ᠪᠠᠢᠭᠤᠯᠬᠤ ᠦᠶᠡᠰ ᠲᠦ ᠡᠭᠡᠷᠡᠦᠯ ᠨᠢ ᠬᠣᠶᠠᠷ ᠲᠦᠮᠡ ᠬᠦᠷᠬᠦ ᠦᠭᠡᠢ ᠪᠠᠢᠭᠰᠠᠨ ᠶᠤᠮ᠃ ᠭᠡᠲᠡᠯ᠎ᠡ ᠭᠤᠴᠢᠨ ᠵᠢᠯ ᠦᠨ ᠳᠠᠷᠠᠭ᠎ᠠ ᠲᠡᠳᠡ ᠱᠠ ᠨᠡᠬᠡᠮᠡᠯ ᠦᠨ ᠵᠢᠷᠭᠤᠭᠠᠨ ᠦᠢᠯᠡᠳᠪᠦᠷᠢ᠂ ᠪᠦᠰ ᠨᠡᠬᠡᠬᠦ ᠲᠠᠪᠤᠨ ᠦᠢᠯᠡᠳᠪᠦᠷᠢ᠂ ᠬᠣᠷᠢᠨ ᠲᠠᠪᠤᠨ ᠲᠦᠮᠡᠨ ᠡᠭᠡᠷᠡᠦᠯ᠂ ᠪᠦᠰ ᠨᠡᠬᠡᠬᠦ ᠭᠤᠷᠪᠠᠨ ᠮᠢᠩᠭᠠᠨ ᠰᠠᠤᠷᠢ ᠮᠠᠰᠢᠨ᠎ᠠ᠂ ᠨᠠᠢᠮᠠ ᠮᠢᠩᠭᠠᠨ ᠠᠵᠢᠯᠴᠢᠨ᠂ ᠮᠢᠩᠭ᠎ᠠ ᠬᠣᠶᠠᠷ ᠵᠠᠭᠤᠨ ᠲᠦᠮᠡᠨ ᠲᠥᠭᠦᠷᠢᠭ᠌ ᠦᠨ ᠬᠥᠷᠦᠩᠭᠡ ᠲᠠᠢ ᠪᠣᠯᠵᠠᠢ᠃ ᠠᠮᠧᠷᠢᠺᠠ ᠶᠢᠨ ᠵᠣᠬᠢᠶᠠᠯᠴᠢ ᠰᠤᠷᠸᠶᠠᠤ᠂ ᠨᠢᠭᠡ ᠵᠣᠬᠢᠶᠠᠯ ᠳ᠋ᠠᠭᠠᠨ ᠠᠮᠧᠷᠢᠺᠠ ᠶᠢᠨ ᠲᠡᠮᠦᠷ ᠵᠠᠮ ᠦᠨ ᠳᠡᠷ᠎ᠡ ᠮᠣᠳᠤ ᠪᠦᠷᠢ ᠶᠢᠨ ᠲᠣᠣᠷ᠎ᠠ ᠨᠢᠭᠡ ᠠᠢᠷᠯᠠᠨᠳ᠋ ᠤᠨ ᠠᠵᠢᠯᠴᠢᠨ ᠤ ᠬᠡᠭᠦᠷ ᠬᠡᠪᠲᠡᠵᠦ ᠪᠤᠢ ᠭᠡᠵᠦ ᠪᠢᠴᠢᠭᠰᠡᠨ ᠪᠠᠢᠳᠠᠭ ᠪᠢᠯᠡ᠃ ᠲᠡᠭᠦᠨᠴᠢᠯᠡᠨ ᠶᠠᠫᠤᠨ ᠤ ᠦᠢᠯᠡᠳᠪᠦᠷᠢ ᠶᠢᠨ ᠭᠠᠵᠠᠷ ᠤᠨ ᠡᠭᠡᠷᠡᠦᠯ ᠨᠢᠭᠡ ᠪᠦᠷᠢ ᠳᠡᠭᠡᠷ᠎ᠡ ᠳᠣᠮᠳᠠᠳᠤ ᠤᠯᠤᠰ ᠤᠨ ᠪᠣᠭᠤᠯᠴᠤᠳ ᠤᠨ ᠵᠠᠭᠤᠷᠠᠲᠤ ᠶᠢᠨ ᠰᠦᠨᠡᠰᠦ ᠡᠷᠭᠢᠴᠡᠵᠦ ᠪᠤᠢ︕ ᠭᠡᠵᠦ ᠪᠢ ᠦᠵᠡᠨ᠎ᠡ᠃

ᠡᠨᠳᠡ ᠢᠩᠭᠢᠵᠦ ᠳᠠᠷᠤᠯᠠᠭᠳᠠᠵᠤ ᠪᠠᠢᠭ᠎ᠠ ᠣᠯᠠᠨ ᠮᠢᠩᠭᠠᠨ ᠬᠦᠮᠦᠨ ᠳᠣᠲᠤᠷ᠎ᠠ ᠭᠡᠷᠡᠯ᠂ ᠢᠯᠴᠢ᠂ ᠥᠷᠦᠪᠳᠦᠯ᠂ ᠬᠦᠰᠡᠯ᠂ ᠨᠠᠢᠳᠠᠪᠤᠷᠢ ᠁ ᠬᠠᠤᠯᠢ ᠴᠠᠭᠠᠵᠠ ᠭᠡᠵᠦ ᠪᠠᠢᠬᠤ ᠦᠭᠡᠢ᠃ ᠡᠨᠳᠡ ᠬᠣᠷᠢᠳᠤᠭᠠᠷ ᠵᠠᠭᠤᠨ ᠤ ᠪᠣᠯᠪᠠᠰᠤᠷᠠᠩᠭᠤᠢ ᠲᠧᠭᠨᠢᠭ᠌᠂ ᠮᠧᠬᠠᠨᠢᠭ᠂ ᠬᠡᠪ ᠵᠢᠷᠤᠮ ᠪᠠ ᠡᠨᠡ ᠬᠦ ᠬᠡᠪ ᠵᠢᠷᠤᠮ ᠳᠤ ᠰᠢᠳᠤᠷᠭᠤ ᠪᠠᠷ ᠦᠢᠯᠡᠴᠢᠯᠡᠵᠦ ᠪᠠᠢᠭ᠎ᠠ ᠠᠷᠪᠠᠨ ᠵᠢᠷᠭᠤᠳᠤᠭᠠᠷ ᠵᠠᠭᠤᠨ ᠤ ᠦᠶ᠎ᠡ ᠶᠢᠨ ᠹᠧᠣᠳᠠᠯ ᠤᠨ ᠪᠠᠢᠭᠤᠯᠤᠯ ᠳᠣᠤᠷᠠᠬᠢ ᠪᠣᠭᠤᠯᠴᠤᠳ ᠳᠦᠭᠦᠷᠡᠩ ᠪᠠᠢᠨ᠎ᠠ︕

ᠬᠠᠷᠠᠩᠭᠤᠢ ᠰᠦᠨᠢ᠂ ᠬᠠᠮᠤᠭ ᠪᠦᠬᠦᠨ ᠬᠠᠷᠠᠯᠠᠭᠠᠳ ᠰᠦᠨᠦᠴᠢᠬᠡᠭᠰᠡᠨ ᠮᠡᠲᠦ ᠢᠪ ᠴᠢᠪ ᠬᠠᠷᠠᠩᠭᠤᠢ ᠰᠦᠨᠢ ᠪᠠᠢᠨ᠎ᠠ᠃ ᠭᠡᠪᠡᠴᠦ ᠡᠴᠦᠰ ᠲᠡᠭᠡᠨ ᠦᠷ ᠴᠠᠢᠵᠤ ᠭᠡᠭᠡ ᠣᠷᠤᠬᠤ ᠶᠢ ᠬᠣᠷᠢᠭᠯᠠᠵᠤ ᠵᠣᠭᠰᠤᠭᠠᠬᠤ ᠠᠷᠭ᠎ᠠ ᠦᠭᠡᠢ ᠳ᠋ᠠ᠃ ᠳᠡᠷ᠎ᠡ ᠮᠣᠳᠤᠨ ᠲᠣᠣᠷ᠎ᠠ ᠬᠡᠪᠲᠡᠵᠦ ᠪᠠᠢᠭ᠎ᠠ ᠬᠡᠭᠦᠷ ᠦᠳ ᠢ ᠬᠢᠴᠢᠶᠡᠨ ᠰᠡᠷᠭᠡᠢᠯᠡᠬᠦ ᠬᠡᠷᠡᠭᠲᠡᠢ ᠭᠡᠵᠦ ᠠᠮᠧᠷᠢᠺᠠᠴᠤᠳ ᠲᠤ ᠰᠤᠷᠸᠶᠠᠤ ᠰᠡᠷᠡᠮᠵᠢ ᠦᠬᠦᠭᠰᠡᠨᠴᠢᠯᠡᠨ᠂ ᠡᠭᠡᠷᠡᠦᠯ ᠳᠡᠭᠡᠭᠦᠷ ᠡᠷᠭᠢᠴᠡᠨ ᠰᠢᠨᠠᠯᠵᠤ ᠪᠠᠢᠭ᠎ᠠ ᠵᠠᠭᠤᠷᠠᠲᠤ ᠶᠢᠨ ᠰᠦᠨᠡᠰᠦ ᠨᠤᠭᠦᠳ ᠡᠴᠡ ᠬᠢᠴᠢᠶᠡᠨ ᠰᠡᠷᠭᠡᠢᠯᠡᠬᠦ ᠬᠡᠷᠡᠭᠲᠡᠢ ᠭᠡᠵᠦ ᠵᠠᠷᠢᠮ ᠬᠦᠮᠦᠰ ᠲᠦ ᠪᠢ ᠰᠡᠷᠡᠮᠵᠢ ᠥᠭᠭᠦᠶ᠎ᠡ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082