ᠮᠣᠩᠭᠣᠯ ᠪᠢᠴᠢᠭ᠌

ᠡᠷᠢᠶ᠎ᠡ  
ᠪᠤᠴᠠᠬᠤ

ᠡᠮ

ᠯᠦ ᠰᠢᠶᠦ᠋ᠨ

ᠨᠢᠭᠡ

ᠨᠠᠮᠤᠷ ᠤᠨ ᠨᠢᠭᠡᠨ ᠰᠦᠨᠢ ᠪᠢᠯᠡ᠃ ᠰᠦᠨᠢ ᠳᠦᠯᠢ ᠥᠩᠭᠡᠷᠡᠵᠦ᠂ ᠰᠠᠷᠠ ᠰᠢᠩᠭᠡᠭᠡᠳ ᠨᠠᠷᠠᠨ ᠪᠠᠰᠠ ᠭᠠᠷᠤᠭᠠᠳᠤᠢ ᠲᠤᠯᠠ ᠪᠠᠷᠠᠭᠠᠨ ᠬᠥᠬᠡ ᠣᠭᠲᠠᠷᠭᠤᠢ ᠭᠠᠵᠠᠷ ᠳᠡᠯᠡᠬᠡᠢ ᠶᠢ ᠪᠦᠷᠬᠦᠵᠦ᠂ ᠰᠦᠨᠢ ᠲᠣᠭᠤᠷᠢᠳᠠᠭ ᠠᠮᠢᠲᠠᠳ ᠡᠴᠡ ᠪᠣᠰᠤᠳ ᠨᠢ ᠴᠦᠮ ᠤᠨᠲᠠᠵᠤ ᠪᠠᠢᠯ᠎ᠠ᠃ ᠬᠤᠸᠠ ᠯᠣᠣ ᠱᠤᠸᠠᠨ᠂ ᠭᠡᠨᠡᠳᠲᠡ ᠥᠨᠳᠡᠢᠵᠦ ᠴᠦᠢᠳᠡᠩ ᠵᠤᠷᠠᠵᠤ᠂ ᠲᠣᠰᠤ ᠵᠤᠩᠭᠠᠭ ᠢᠶᠡᠷ ᠪᠢᠯᠳᠠᠭᠳᠠᠭᠰᠠᠨ ᠳ᠋ᠧᠩ ᠵᠢᠡᠠ ᠠᠰᠠᠭᠠᠮᠠᠭᠴᠠ ᠴᠠᠢ ᠶᠢᠨ ᠮᠣᠬᠤᠯᠠᠭ ᠤᠨ ᠬᠣᠶᠠᠷ ᠲᠠᠰᠤᠯᠭ᠎ᠠ ᠭᠡᠷ ᠲᠦ ᠪᠣᠳᠤᠩᠭᠤᠢ ᠴᠠᠭᠠᠨ ᠭᠡᠷᠡᠯ ᠰᠦᠮᠡᠯᠵᠡᠪᠡ᠃

«ᠰᠢᠶᠣᠣ ᠱᠤᠸᠠᠨ ᠤ ᠠᠪᠤ ᠨᠢ ᠶᠠᠪᠤᠬᠤ ᠭᠡᠵᠦ ᠪᠠᠢᠬᠤ ᠶᠤᠮ ᠤᠤ︖» ᠭᠡᠬᠦ ᠬᠥᠭᠰᠢᠨ ᠪᠦᠰᠡᠭᠦᠢ ᠶᠢᠨ ᠳᠠᠭᠤᠨ ᠰᠣᠨᠤᠰᠳᠠᠯ᠎ᠠ᠃ ᠳᠣᠲᠤᠷ᠎ᠠ ᠲᠠᠰᠤᠯᠭ᠎ᠠ ᠡᠴᠡ ᠨᠢ ᠪᠠᠰᠠ ᠬᠠᠨᠢᠶᠠᠯᠭᠠᠬᠤ ᠳᠠᠭᠤ ᠭᠠᠷᠤᠨ᠎ᠠ᠃

ᠯᠣᠣ ᠱᠤᠸᠠᠨ᠄«ᠠ︕» ᠭᠡᠵᠦ ᠬᠠᠷᠢᠭᠤᠯᠬᠤ ᠶᠢᠨ ᠵᠡᠷᠭᠡᠴᠡᠭᠡ ᠪᠡᠷ ᠳᠡᠪᠡᠯ ᠢᠶᠡᠨ ᠲᠣᠪᠴᠢᠯᠠᠵᠤ᠂«ᠠᠯᠢ» ᠭᠡᠵᠦ ᠭᠠᠷ ᠢᠶᠡᠨ ᠰᠠᠷᠪᠠᠢᠪᠠ᠃

ᠬᠤᠸᠠ ᠳ᠋ᠠ ᠮᠠ ᠡᠵᠢ ᠳᠡᠷ᠎ᠡ ᠳᠣᠭᠤᠤᠷ ᠢᠶᠡᠨ ᠰᠤᠢᠯᠠᠵᠤ ᠲᠡᠮᠲᠡᠷᠢᠭᠡᠳ ᠨᠢᠭᠡ ᠪᠤᠭᠤᠳᠠᠯ ᠲᠠᠢ ᠮᠥᠩᠭᠦ ᠠᠪᠴᠤ ᠯᠣᠣ ᠱᠤᠸᠠᠨ ᠳᠤ ᠥᠭᠭᠦᠨ᠎ᠡ᠃ ᠯᠣᠣ ᠱᠤᠸᠠᠨ ᠰᠠᠯᠭᠠᠨᠠᠨ ᠴᠡᠴᠡᠷᠡᠭᠰᠡᠨ ᠭᠠᠷ ᠢᠶᠡᠷ ᠲᠣᠰᠤᠨ ᠠᠪᠴᠤ ᠡᠪᠦᠷᠯᠡᠭᠡᠳ ᠭᠠᠳᠠᠨ᠎ᠠ ᠡᠴᠡ ᠨᠢ ᠪᠠᠰᠠ ᠬᠡᠳᠦ ᠳᠠᠷᠤᠯᠬᠢᠯᠠᠵᠤ ᠳ᠋ᠧᠩᠯᠦ ᠠᠰᠠᠭᠠᠵᠤ ᠳ᠋ᠧᠩ ᠵᠢᠡᠠ ᠦᠯᠢᠶᠡᠭᠡᠳ ᠳᠣᠲᠤᠷ᠎ᠠ ᠲᠠᠰᠤᠯᠭᠠᠨ ᠳᠤ ᠣᠷᠤᠪᠠ᠃ ᠲᠡᠷᠡ ᠲᠠᠰᠤᠯᠭᠠᠨ ᠳᠤ ᠱᠤᠤᠬᠢᠲᠤᠨᠠᠨ ᠱᠠᠭᠠᠬᠢᠲᠤᠨᠠᠵᠤ ᠪᠠᠢᠭᠰᠠᠨ ᠴᠢᠮᠡᠭᠡ᠂ ᠤᠳᠠᠯ ᠦᠭᠡᠢ ᠬᠠᠨᠢᠶᠠᠳᠤ ᠪᠣᠯᠤᠯ᠎ᠠ᠃ ᠯᠣᠣ ᠱᠤᠸᠠᠨ ᠲᠡᠭᠦᠨ ᠦ ᠨᠠᠮᠳᠠᠬᠤ ᠶᠢ ᠬᠦᠯᠢᠶᠡᠨ ᠪᠠᠢᠵᠤ ᠲᠣᠣᠷ᠎ᠠ ᠳᠠᠭᠤᠨ ᠢᠶᠡᠷ« ᠰᠢᠶᠣᠣ ᠱᠤᠸᠠᠨ ᠁ ᠴᠢ ᠪᠣᠰᠬᠤ ᠬᠡᠷᠡᠭ᠌ ᠦᠭᠡᠢ᠃ ᠁ ᠮᠣᠬᠤᠯᠠᠭ ᠤᠨ ᠶᠠᠪᠤᠳᠠᠯ ᠢ ᠮᠥᠮᠦ ᠴᠢᠨᠢ ᠡᠪᠯᠡᠭᠦᠯᠬᠦ ᠶᠤᠮ» ᠬᠡᠪᠡ᠃

ᠬᠦᠦ ᠨᠢ ᠦᠭᠡ ᠳᠤᠤᠭᠠᠷᠤᠯ ᠦᠭᠡᠢ ᠰᠠᠢᠬᠠᠨ ᠤᠨᠲᠠᠭᠰᠠᠨ ᠬᠣᠢᠨ᠎ᠠ ᠯᠣᠣ ᠱᠤᠸᠠᠨ ᠬᠦᠷᠢᠶᠡᠨ ᠦ ᠡᠭᠦᠳᠡ ᠪᠡᠷ ᠭᠤᠳᠤᠮᠵᠢᠨ ᠳᠤ ᠭᠠᠷᠤᠯ᠎ᠠ᠃ ᠭᠤᠳᠤᠮᠵᠢᠨ ᠳᠤ ᠵᠠᠮ ᠴᠠᠢᠷᠠᠨ ᠮᠡᠳᠡᠭᠳᠡᠬᠦ ᠡᠴᠡ ᠦᠭᠡᠷ᠎ᠡ ᠶᠠᠭᠤ ᠴᠤ ᠦᠭᠡᠢ᠂ ᠫᠠᠳ ᠬᠠᠷᠠᠩᠭᠤᠢ ᠪᠠᠢᠪᠠ᠃ ᠳ᠋ᠧᠩᠯᠦ ᠶᠢᠨ ᠭᠡᠷᠡᠯ ᠳᠦ ᠡᠭᠡᠯᠵᠢᠯᠡᠨ ᠠᠯᠬᠤᠬᠤ ᠬᠣᠶᠠᠷ ᠬᠥᠯ ᠨᠢ ᠦᠵᠡᠭᠳᠡᠵᠦ ᠪᠠᠢᠯ᠎ᠠ᠃ ᠨᠣᠬᠠᠢ ᠬᠠᠶᠠ ᠲᠠᠭᠠᠷᠢᠯᠳᠤᠭᠰᠠᠨ ᠪᠣᠯᠪᠠᠴᠤ ᠶᠡᠷᠦ ᠬᠤᠴᠠᠭᠰᠠᠨ ᠦᠭᠡᠢ᠃ ᠣᠷᠤᠢ ᠶᠢᠨ ᠵᠢᠪᠠᠷ ᠨᠡᠯᠢᠶᠡᠳ ᠬᠦᠢᠲᠡᠨ ᠪᠣᠯᠪᠠᠴᠤ ᠯᠣᠣ ᠱᠤᠸᠠᠨ ᠤ ᠳᠣᠲᠤᠷ᠎ᠠ ᠶᠡᠬᠡ ᠣᠩᠭᠤᠢᠵᠤ᠂ ᠭᠡᠨᠡᠳᠲᠡ ᠵᠠᠯᠠᠭᠤᠵᠢᠭᠠᠳ ᠬᠦᠮᠦᠨ ᠦ ᠠᠮᠢ ᠶᠢ ᠠᠪᠤᠷᠠᠬᠤ ᠷᠢᠳᠢ ᠰᠢᠳᠢ ᠣᠯᠤᠭᠰᠠᠨ ᠮᠡᠲᠦ ᠰᠠᠨᠠᠭᠳᠠᠵᠤ᠂ ᠬᠥᠯ ᠨᠢ ᠶᠡᠬᠡ ᠬᠥᠩᠭᠡᠷᠡᠭᠰᠡᠨ ᠢᠶᠡᠷ ᠪᠠᠷᠠᠬᠤ ᠦᠭᠡᠢ ᠵᠠᠮ ᠴᠤ ᠤᠯᠠᠮ ᠢᠶᠡᠷ ᠲᠣᠳᠤᠷᠠᠵᠤ᠂ ᠲᠡᠭᠷᠢ ᠴᠦ ᠤᠯᠠᠮ ᠭᠡᠭᠡᠷᠡᠯ᠎ᠡ᠃

ᠯᠣᠣ ᠱᠤᠸᠠᠨ ᠢᠩᠭᠢᠵᠦ ᠠᠵᠢᠭ ᠦᠭᠡᠢ ᠶᠠᠪᠤᠭᠰᠠᠭᠠᠷ ᠭᠡᠨᠡᠳᠲᠡ ᠡᠮᠦᠨ᠎ᠡ ᠨᠢ ᠨᠡᠯᠢᠶᠡᠳ ᠬᠣᠯᠠ ᠭᠠᠵᠠᠷ ᠨᠢᠭᠡ ᠴᠢᠭᠳᠠᠨ ᠭᠤᠳᠤᠮᠵᠢ ᠲᠣᠪ ᠲᠣᠳᠤᠷᠬᠠᠢ ᠬᠥᠨᠳᠡᠯᠢᠳᠦᠨ ᠪᠠᠢᠬᠤ ᠶᠢ ᠬᠠᠷᠠᠭᠠᠳ ᠶᠡᠬᠡ ᠰᠣᠴᠢᠪᠠ᠃ ᠢᠩᠭᠢᠭᠡᠳ ᠲᠡᠷᠡ ᠬᠡᠳᠦᠨ ᠠᠯᠬᠤᠮ ᠤᠬᠤᠷᠢᠵᠤ ᠬᠠᠭᠠᠯᠭ᠎ᠠ ᠨᠢ ᠲᠦᠭᠵᠢᠭᠡᠲᠡᠢ ᠨᠢᠭᠡ ᠫᠦᠰᠡᠨ ᠦ ᠰᠠᠷᠠᠪᠴᠢᠨ ᠲᠣᠣᠷ᠎ᠠ ᠰᠢᠷᠭᠤᠵᠤ ᠣᠷᠤᠭᠠᠳ ᠬᠠᠭᠠᠯᠭ᠎ᠠ ᠶᠢ ᠲᠦᠰᠢᠨ ᠵᠣᠭᠰᠤᠪᠠ᠃ ᠨᠡᠯᠢᠶᠡᠳ ᠤᠳᠠᠲᠠᠯ᠎ᠠ ᠵᠣᠭᠰᠤᠭᠠᠳ᠂ ᠪᠡᠶ᠎ᠡ ᠨᠢ ᠵᠢᠩᠭᠢᠨᠡᠬᠦ ᠰᠢᠭ᠌ ᠰᠠᠨᠠᠭᠲᠠᠯ᠎ᠠ᠃

«ᠮᠠᠭᠤ ᠵᠥᠨᠦᠭ︕»

«ᠬᠠᠷᠢᠨ ᠬᠡᠴᠡᠭᠦᠦ ᠪᠠᠶᠠᠷᠲᠠᠢ ᠪᠠᠢᠬᠤ ᠨᠢ ᠡ ᠁» ᠭᠡᠬᠦ ᠳᠠᠭᠤᠨ ᠰᠣᠨᠤᠰᠳᠠᠯ᠎ᠠ᠃

ᠯᠣᠣ ᠱᠤᠸᠠᠨ ᠪᠠᠰᠠ ᠶᠡᠬᠡ ᠰᠣᠴᠢᠨ ᠬᠠᠷᠠᠵᠤ ᠦᠵᠡᠬᠦᠯ᠎ᠡ ᠡᠮᠦᠨᠡᠭᠦᠷ ᠨᠢ ᠬᠡᠳᠦᠨ ᠬᠦᠮᠦᠨ ᠭᠠᠷᠪᠠ᠃ ᠡᠷᠭᠢᠵᠦ ᠬᠠᠷᠠᠭᠰᠠᠨ ᠨᠢᠭᠡᠨ ᠦ ᠬᠢᠨᠢ ᠴᠢᠷᠠᠢ ᠳᠡᠮᠡᠢ ᠲᠣᠳᠤ ᠦᠵᠡᠭᠳᠡᠭᠰᠡᠨ ᠦᠭᠡᠢ ᠪᠣᠯᠪᠠᠴᠤ ᠨᠢᠳᠦᠨ ᠳᠤᠨᠢ ᠥᠭᠶᠦᠭᠡ ᠣᠯᠵᠤ ᠦᠵᠡᠭᠰᠡᠨ ᠥᠯᠦᠨ ᠠᠮᠢᠲᠠᠨ ᠮᠡᠲᠦ ᠬᠣᠪᠳᠤᠭ ᠰᠢᠨᠤᠬᠠᠢ ᠭᠡᠷᠡᠯ ᠭᠢᠯᠠᠯᠵᠠᠨ᠎ᠠ᠃ ᠯᠣᠣ ᠱᠤᠸᠠᠨ ᠤ ᠳ᠋ᠧᠩᠯᠦ ᠨᠢᠭᠡᠨᠲᠡ ᠤᠨᠲᠠᠷᠠᠵᠠᠢ᠃ ᠡᠪᠦᠷ ᠢᠶᠡᠨ ᠳᠠᠷᠤᠵᠤ ᠦᠵᠡᠬᠦ ᠳᠦ ᠬᠡᠪ ᠢᠶᠡᠷ ᠬᠠᠪ ᠬᠠᠲᠠᠭᠤ ᠪᠣᠮᠪᠠᠢᠵᠤ ᠪᠠᠢᠨ᠎ᠠ᠃ ᠬᠣᠶᠠᠷ ᠲᠡᠰᠢ ᠠᠵᠢᠭᠯᠠᠪᠠᠯ ᠨᠡᠯᠢᠶᠡᠳ ᠣᠯᠠᠨ ᠬᠠᠴᠢᠨ ᠵᠢᠭᠲᠡᠢ ᠬᠦᠮᠦᠰ ᠬᠣᠶᠠᠷ ᠭᠤᠷᠪᠠ ᠪᠠᠷ ᠢᠶᠡᠨ ᠲᠡᠷᠡ ᠬᠠᠪᠢ ᠪᠠᠷ ᠴᠢᠳᠭᠦᠷ ᠮᠡᠲᠦ ᠲᠥᠪᠦᠭᠡᠨᠡᠵᠦ ᠪᠠᠢᠨ᠎ᠠ᠃ ᠯᠠᠪᠯᠠᠨ ᠠᠵᠢᠭᠯᠠᠬᠤ ᠳᠤ ᠪᠠᠰᠠ ᠳᠡᠮᠡᠢ ᠶᠡᠬᠡ ᠰᠣᠨᠢᠨ ᠶᠠᠭᠤᠮ᠎ᠠ ᠭᠡᠵᠦ ᠦᠵᠡᠭᠳᠡᠬᠦ ᠦᠭᠡᠢ᠃

ᠤᠳᠠᠯ ᠦᠭᠡᠢ᠂ ᠪᠠᠰᠠ ᠬᠡᠳᠦᠨ ᠴᠡᠷᠢᠭ᠌ ᠠᠯᠬᠤᠵᠤ ᠪᠠᠢᠬᠤ ᠦᠵᠡᠭᠳᠡᠪᠡ᠃ ᠬᠠᠨᠵᠢᠶᠠᠷ ᠤᠨ ᠬᠢᠨᠢ ᠠᠷᠤ ᠥᠪᠦᠷ ᠳᠡᠬᠢ ᠲᠥᠭᠦᠷᠢᠭ᠌ ᠴᠠᠭᠠᠨ ᠲᠣᠯᠪᠤ ᠬᠣᠯᠠ ᠡᠴᠡ ᠲᠣᠪ ᠲᠣᠳᠤᠷᠬᠠᠢ ᠦᠵᠡᠭᠳᠡᠯ᠎ᠡ᠃ ᠲᠦᠷᠦᠭᠦᠨ ᠳᠤᠨᠢ ᠶᠠᠪᠤᠭ᠎ᠠ ᠶᠢᠨ ᠬᠢᠨᠢ ᠬᠠᠨᠵᠢᠶᠠᠷ ᠤᠨ ᠬᠦᠷᠡᠩ ᠤᠯᠠᠭᠠᠨ ᠡᠮᠵᠢᠶᠡᠷᠢ ᠨᠢ ᠬᠦᠷᠲᠡᠯ᠎ᠡ ᠬᠠᠷᠠᠭᠳᠠᠵᠤ ᠪᠠᠢᠯ᠎ᠠ᠃ ᠬᠥᠯ ᠦᠨ ᠴᠢᠮᠡᠭᠡ ᠨᠢᠭᠡ ᠵᠡᠷᠭᠡ ᠰᠣᠨᠤᠰᠳᠠᠭᠠᠳ᠂ ᠨᠢᠭᠡ ᠪᠦᠬᠡᠮ ᠬᠦᠮᠦᠰ ᠨᠢᠳᠦ ᠴᠠᠪᠴᠢᠬᠤ ᠶᠢᠨ ᠵᠠᠭᠤᠷ᠎ᠠ ᠥᠩᠭᠡᠷᠡᠨ ᠭᠠᠷᠤᠯ᠎ᠠ᠃ ᠥᠨᠥ ᠬᠣᠶᠠᠷ ᠭᠤᠷᠪᠠ ᠪᠠᠷ ᠶᠠᠪᠤᠵᠤ ᠪᠠᠢᠭᠰᠠᠨ ᠬᠦᠮᠦᠰ ᠭᠡᠨᠡᠳᠲᠡ ᠪᠥᠭᠡᠮᠨᠡᠷᠡᠨ ᠬᠤᠷᠠᠵᠤ᠂ ᠮᠥᠷᠡᠨ ᠦ ᠳᠣᠯᠭᠢᠶᠠᠨ ᠮᠡᠲᠦ ᠤᠷᠤᠭᠰᠢᠯᠠᠭᠰᠠᠭᠠᠷ ᠴᠢᠭᠳᠠᠨ ᠭᠤᠳᠤᠮᠵᠢ ᠶᠢᠨ ᠠᠮᠠᠰᠠᠷ ᠲᠤ ᠬᠦᠷᠦᠮᠡᠭᠴᠡ ᠵᠣᠭᠰᠤᠵᠤ᠂ ᠲᠠᠯ᠎ᠠ ᠲᠣᠭᠤᠷᠢᠭ ᠪᠣᠯᠤᠨ ᠵᠢᠭᠰᠠᠪᠠ᠃

ᠯᠣᠣ ᠱᠤᠸᠠᠨ ᠳᠤ ᠲᠡᠳᠡᠨ ᠦ ᠠᠷᠤ ᠯᠠ ᠬᠠᠷᠠᠭᠳᠠᠬᠤ ᠪᠦᠭᠡᠳ ᠬᠦᠵᠦᠭᠦᠦ ᠨᠢ ᠶᠠᠭ ᠦᠯᠦ ᠦᠵᠡᠭᠳᠡᠬᠦ ᠭᠠᠷ ᠢᠶᠡᠷ ᠪᠠᠵᠠᠭᠤᠯᠤᠭᠰᠠᠨ ᠣᠯᠠᠨ ᠨᠤᠭᠤᠰᠤ ᠮᠡᠲᠦ ᠳᠡᠭᠡᠭᠰᠢ ᠰᠤᠨᠤᠭᠰᠠᠨ ᠪᠠᠢᠪᠠ᠃ ᠲᠦᠷ ᠨᠠᠮ ᠪᠠᠢᠵᠤ ᠠᠪᠤᠭᠠᠳ ᠪᠠᠬᠠᠨ ᠴᠢᠮᠡᠭᠡ ᠭᠠᠷᠴᠤ ᠬᠥᠳᠡᠯᠵᠡᠭᠡᠨ ᠭᠡᠨᠡᠳᠲᠡ«ᠲᠦᠩ︕» ᠭᠡᠵᠦ ᠴᠢᠮᠡᠭᠡ ᠭᠠᠷᠤᠮᠠᠭᠴᠠ ᠪᠦᠷ ᠬᠣᠢᠰᠢ ᠤᠬᠤᠷᠢᠵᠠᠭᠠᠵᠤ᠂ ᠯᠣᠣ ᠱᠤᠸᠠᠨ ᠤ ᠵᠣᠭᠰᠤᠵᠤ ᠪᠠᠢᠭ᠎ᠠ ᠣᠷᠤᠨ ᠳᠤ ᠰᠢᠬᠠᠯᠴᠠᠨ ᠣᠷᠤᠵᠤ ᠢᠷᠡᠭᠡᠳ ᠪᠠᠷᠤᠭ ᠲᠡᠭᠦᠨ ᠢ ᠲᠦᠯᠬᠢᠵᠦ ᠣᠢᠴᠢᠭᠤᠯᠬᠤ ᠳᠤ ᠬᠦᠷᠦᠯ᠎ᠡ᠃

«ᠬᠦᠶᠢ︕ ᠮᠥᠩᠭᠦ ᠪᠡᠨ ᠠᠪᠴᠢᠷᠠ᠂ ᠪᠠᠷᠠᠭᠤᠨ ᠵᠡᠭᠦᠨ ᠭᠠᠷ ᠢᠶᠡᠷ ᠰᠣᠯᠢᠨ᠎ᠠ︕» ᠭᠡᠵᠦ ᠨᠢᠭᠡ ᠬᠠᠪ ᠬᠠᠷ᠎ᠠ ᠬᠦᠮᠦᠨ ᠯᠣᠣ ᠱᠤᠸᠠᠨ ᠤ ᠡᠮᠦᠨ᠎ᠡ ᠵᠣᠭᠰᠤᠵᠤ ᠬᠤᠷᠴᠠ ᠮᠡᠰᠡ ᠮᠡᠲᠦ ᠭᠢᠯᠠᠯᠵᠠᠭᠰᠠᠨ ᠨᠢᠳᠦ ᠪᠡᠷ ᠬᠠᠷᠠᠬᠤ ᠳᠤ ᠯᠣᠣ ᠱᠤᠸᠠᠨ ᠥᠪᠡᠷ ᠦᠨ ᠡᠷᠬᠡ ᠦᠭᠡᠢ ᠰᠦᠷᠳᠡᠭᠳᠡᠨ ᠳᠣᠲᠤᠷ᠎ᠠ ᠨᠢ ᠰᠢᠷ ᠬᠢᠵᠤ ᠠᠪᠤᠭᠠᠳ ᠲᠡᠭᠦᠨ ᠤᠷᠤᠭᠤ ᠣᠴᠢᠪᠠ᠃ ᠲᠡᠷᠡ ᠬᠦᠮᠦᠨ ᠨᠢᠭᠡ ᠭᠠᠷ ᠢᠶᠡᠨ ᠲᠡᠭᠦᠨ ᠦ ᠵᠦᠭ᠌ ᠰᠠᠷᠪᠠᠢᠵᠤ᠂ ᠨᠢᠭᠡ ᠭᠠᠷ ᠲᠠᠭᠠᠨ ᠤᠯᠠᠭᠠᠨ ᠳᠤᠰᠤᠯᠠᠭᠰᠠᠨ ᠴᠢᠰ ᠤᠯᠠᠭᠠᠨ ᠮᠠᠨᠲᠠᠤ ᠠᠳᠬᠤᠵᠠᠢ᠃

ᠯᠣᠣ ᠱᠤᠸᠠᠨ᠂ ᠰᠠᠩᠳᠡ ᠮᠡᠩᠳᠡ ᠮᠥᠩᠭᠦ ᠪᠡᠨ ᠭᠠᠷᠭᠠᠵᠤ᠂ ᠰᠠᠯᠭᠠᠨᠠᠨ ᠴᠡᠴᠡᠷᠡᠭᠰᠡᠭᠡᠷ ᠲᠡᠭᠦᠨ ᠳᠦ ᠥᠭᠬᠦ ᠭᠡᠰᠡᠨ ᠪᠣᠯᠪᠠᠴᠤ ᠲᠡᠭᠦᠨ ᠦ ᠶᠠᠭᠤᠮ᠎ᠠ ᠶᠢ ᠲᠤᠰᠴᠤ ᠠᠪᠬᠤ ᠵᠣᠷᠢᠭ ᠬᠦᠷᠦᠭᠰᠡᠨ ᠦᠭᠡᠢ᠃ ᠡᠭᠦᠨ ᠳᠦ ᠲᠡᠷᠡ ᠬᠦᠮᠦᠨ ᠶᠡᠬᠡ ᠤᠴᠠᠭᠠᠷᠯᠠᠵᠤ᠄«ᠶᠠᠭᠤᠨ ᠡᠴᠡ ᠨᠢ ᠠᠶᠤᠭᠰᠠᠨ ᠶᠤᠮ ᠪᠤᠢ︖ ᠶᠠᠭᠤᠨ ᠳᠤ ᠠᠪᠬᠤ ᠦᠭᠡᠢ ᠪᠤᠢ︖» ᠭᠡᠵᠦ ᠪᠠᠷᠬᠢᠷᠠᠯ᠎ᠠ᠃ ᠯᠣᠣ ᠱᠤᠸᠠᠨ ᠮᠦᠨ ᠬᠦ ᠲᠠᠳᠠᠭᠠᠯᠵᠠᠵᠤ ᠪᠠᠢᠲᠠᠯ᠎ᠠ᠂ ᠬᠠᠷ᠎ᠠ ᠬᠦᠮᠦᠨ ᠬᠡᠳᠦᠢᠨ ᠳ᠋ᠧᠩᠯᠦ ᠶᠢ ᠨᠢ ᠪᠤᠯᠢᠶᠠᠨ ᠠᠪᠤᠭᠠᠳ ᠪᠦᠷᠬᠦᠭᠦᠯ ᠦᠨ ᠴᠠᠭᠠᠰᠤ ᠶᠢ ᠤᠷᠠᠵᠤ ᠮᠠᠨᠲᠠᠤ ᠪᠠᠨ ᠪᠣᠭᠤᠵᠤ ᠯᠣᠣ ᠱᠤᠸᠠᠨ ᠳᠤ ᠥᠭᠭᠦᠭᠡᠳ᠂ ᠮᠥᠩᠭᠦ ᠶᠢ ᠨᠢ ᠠᠪᠴᠤ ᠪᠠᠷᠢᠯᠬᠢᠯᠠᠨ ᠦᠵᠡᠭᠡᠳ ᠴᠢᠨᠠᠭᠰᠢ ᠡᠷᠭᠢᠵᠦ«ᠡᠨᠡ ᠦᠬᠦᠭᠰᠡᠨ ᠵᠥᠨᠦᠭ ᠁» ᠭᠡᠵᠦ ᠳᠦᠳᠦᠨᠡᠭᠰᠡᠭᠡᠷ ᠶᠠᠪᠤᠪᠠ᠃

«ᠡᠭᠦᠪᠡᠷ ᠬᠡᠨ ᠢ ᠡᠮᠨᠡᠭᠦᠯᠬᠦ ᠶᠤᠮ ᠪᠤᠢ︖» ᠭᠡᠬᠦ ᠠᠰᠠᠭᠤᠯᠲᠠ᠂ ᠯᠣᠣ ᠱᠤᠸᠠᠨ ᠤ ᠴᠢᠬᠢᠨ ᠳᠤ ᠰᠣᠨᠤᠰᠳᠠᠬᠤ ᠮᠡᠲᠦ ᠰᠠᠨᠠᠭᠳᠠᠭᠰᠠᠨ ᠪᠣᠯᠪᠠᠴᠤ ᠶᠡᠷᠦ ᠬᠠᠷᠢᠭᠤᠯᠲᠠ ᠣᠯᠤᠭᠰᠠᠨ ᠦᠭᠡᠢ᠃ ᠠᠷᠪᠠᠨ ᠦᠶ᠎ᠡ ᠭᠠᠭᠴᠠ ᠦᠷ᠎ᠡ ᠪᠡᠷ ᠰᠤᠷᠪᠤᠯᠵᠢ ᠵᠠᠯᠭᠠᠵᠤ ᠢᠷᠡᠭᠰᠡᠨ ᠤᠳᠤᠮᠲᠤ ᠠᠯᠠᠭ ᠦᠷ᠎ᠡ ᠪᠡᠨ ᠲᠡᠪᠡᠷᠢᠵᠦ ᠶᠠᠪᠤᠭ᠎ᠠ ᠮᠡᠲᠦ ᠪᠦᠬᠦ ᠠᠩᠬᠠᠷᠤᠯ ᠨᠢ ᠡᠨᠡ ᠪᠣᠭᠤᠳᠠᠯ ᠳᠡᠭᠡᠷ᠎ᠡ ᠲᠥᠪᠯᠡᠷᠡᠵᠦ ᠦᠭᠡᠷ᠎ᠡ ᠬᠡᠷᠡᠭ ᠦᠳ ᠢ ᠪᠦᠷ ᠲᠠᠭ ᠮᠠᠷᠲᠠᠵᠠᠢ᠃ ᠯᠣᠣ ᠱᠤᠸᠠᠨ ᠣᠳᠣ ᠡᠨᠡ ᠪᠣᠭᠤᠳᠠᠯ ᠳᠣᠲᠤᠷᠠᠬᠢ ᠰᠢᠨ᠎ᠡ ᠠᠮᠢ ᠶᠢ ᠭᠡᠷ ᠲᠡᠭᠡᠨ ᠠᠪᠠᠴᠢᠵᠤ ᠴᠠᠭᠯᠠᠰᠢ ᠦᠭᠡᠢ ᠶᠡᠬᠡ ᠵᠤᠯ ᠵᠢᠷᠭᠠᠯ ᠡᠳ᠋ᠯᠡᠬᠦ ᠭᠡᠵᠦ ᠰᠠᠨᠠᠵᠤ ᠪᠠᠢᠨ᠎ᠠ᠃ ᠨᠠᠷᠠᠨ ᠮᠠᠨᠳᠤᠯ᠎ᠠ᠃ ᠲᠡᠭᠦᠨ ᠦ ᠡᠮᠦᠨ᠎ᠡ᠂ ᠭᠡᠷ ᠲᠤᠨᠢ ᠬᠦᠷᠲᠡᠯ᠎ᠡ ᠥᠷᠭᠦᠯᠵᠢᠯᠡᠭᠰᠡᠨ ᠳᠠᠷᠳᠠᠩ ᠴᠠᠭᠠᠨ ᠵᠠᠮ ᠳᠤᠷᠠᠢᠵᠤ ᠦᠵᠡᠭᠳᠡᠪᠡ᠃ ᠥᠨᠥ ᠴᠢᠭᠳᠠᠨ ᠭᠤᠳᠤᠮᠵᠢ ᠶᠢᠨ ᠠᠰᠠᠷ ᠤᠨ ᠦᠵᠢᠷᠡᠭᠰᠡᠨ ᠫᠠᠢᠰᠠ ᠳᠡᠭᠡᠷᠡᠬᠢ«ᠬᠦ᠋ ᠲᠢᠩ ᠺᠧᠦ» ᠭᠡᠰᠡᠨ ᠵᠢᠪᠠᠷᠡᠵᠦ ᠬᠤᠪᠠᠬᠠᠢᠷᠠᠭᠰᠠᠨ ᠳᠥᠷᠪᠡᠨ ᠠᠯᠲᠠᠨ ᠦᠰᠦᠭ ᠠᠷᠤ ᠳᠤᠨᠢ ᠬᠠᠷᠠᠭᠳᠠᠭᠰᠠᠭᠠᠷ ᠪᠠᠢᠪᠠ᠃

 

ᠬᠣᠶᠠᠷ

ᠯᠣᠣ ᠱᠤᠸᠠᠨ ᠢ ᠬᠠᠷᠢᠵᠤ ᠢᠷᠡᠬᠦ ᠳᠤᠨᠢ ᠮᠣᠬᠤᠯᠠᠭ ᠤᠨ ᠲᠠᠰᠤᠯᠭ᠎ᠠ ᠨᠤᠭᠤᠳ ᠢ ᠬᠡᠵᠢᠶᠡᠨᠡᠢ ᠪᠦᠷ ᠭᠢᠯᠠᠢᠲᠠᠯ᠎ᠠ ᠱᠦᠭᠦᠷᠳᠡᠵᠦ ᠴᠡᠪᠡᠷᠯᠡᠭᠡᠳ ᠮᠦᠷᠯᠡᠭᠦᠯᠦᠨ ᠲᠠᠯᠪᠢᠭᠰᠠᠨ ᠴᠠᠢ ᠶᠢᠨ ᠰᠢᠷᠡᠭᠡ ᠨᠤᠭᠦᠳ ᠢ ᠭᠥᠯᠲᠡᠭᠡᠨᠡᠳᠡᠯ᠎ᠡ ᠵᠦᠯᠭᠦᠭᠰᠡᠨ ᠪᠠᠢᠵᠠᠢ᠃ ᠭᠡᠪᠡᠴᠦ ᠵᠣᠴᠢᠨ ᠭᠡᠵᠦ ᠨᠢᠭᠡ ᠴᠦ ᠦᠭᠡᠢ᠃ ᠰᠢᠶᠣᠣ ᠱᠤᠸᠠᠨ ᠭᠠᠭᠴᠠᠭᠠᠷ ᠳᠣᠲᠤᠭᠠᠳᠤ ᠮᠦᠷ ᠦᠨ ᠰᠢᠷᠡᠭᠡᠨ ᠦ ᠡᠮᠦᠨ᠎ᠡ ᠰᠠᠭᠤᠵᠤ ᠬᠣᠭᠤᠯᠠ ᠢᠳᠡᠬᠦ ᠪᠦᠭᠡᠳ ᠬᠥᠯᠦᠰᠦᠨ ᠦ ᠲᠣᠮᠤ ᠳᠤᠰᠤᠯ ᠤᠳ ᠮᠠᠩᠨᠠᠢ ᠳᠡᠭᠡᠭᠦᠷ ᠨᠢ ᠪᠥᠮᠪᠦᠷᠢᠵᠦ᠂ ᠲᠡᠷᠯᠢᠭ᠌ ᠨᠢ ᠨᠢᠷᠤᠭᠤᠨ ᠳᠡᠭᠡᠷ᠎ᠡ ᠨᠢ ᠨᠠᠭᠠᠯᠳᠤᠭᠠᠳ ᠬᠣᠶᠠᠷ ᠲᠣᠮᠤ ᠳᠠᠯᠤ ᠨᠢ ᠥᠨᠳᠦᠷ ᠭᠡᠭᠴᠢ ᠭᠣᠵᠤᠢᠵᠤ ᠵᠠᠯᠪᠠᠷᠢᠭᠰᠠᠨ ᠭᠠᠷ ᠮᠡᠲᠦ ᠳᠤᠷᠠᠢᠵᠤ ᠪᠠᠢᠪᠠ᠃ ᠡᠭᠦᠨ ᠢ ᠦᠵᠡᠭᠰᠡᠨ ᠯᠣᠣ ᠱᠤᠸᠠᠨ ᠤ ᠲᠡᠨᠢᠢᠭᠰᠡᠨ ᠮᠠᠩᠨᠠᠢ ᠥᠪᠡᠷ ᠦᠨ ᠡᠷᠬᠡ ᠦᠭᠡᠢ ᠦᠷᠴᠢᠰᠬᠢᠪᠡ᠃ ᠡᠬᠡᠨᠡᠷ ᠨᠢ ᠭᠠᠯ ᠲᠣᠭᠤᠭᠠᠨ ᠤ ᠲᠠᠰᠤᠯᠭ᠎ᠠ ᠡᠴᠡ ᠪᠠᠨ ᠲᠦᠷᠭᠡᠬᠡᠨ ᠭᠠᠷᠴᠤ ᠢᠷᠡᠭᠡᠳ ᠨᠢᠳᠦ ᠪᠡᠨ ᠪᠦᠯᠲᠡᠢᠯᠭᠡᠵᠦ ᠤᠷᠤᠭᠤᠯ ᠢᠶᠡᠨ ᠴᠡᠴᠡᠷᠡᠭᠦᠯᠦᠭᠰᠡᠭᠡᠷ᠄

«ᠣᠯᠤᠭᠰᠠᠨ ᠤᠤ︖» ᠭᠡᠵᠦ ᠠᠰᠠᠭᠤᠬᠤ ᠳ᠋ᠤᠨᠢ᠂

«ᠣᠯᠤᠯ᠎ᠠ» ᠭᠡᠵᠦ ᠬᠠᠷᠢᠭᠤᠯᠤᠭᠰᠠᠭᠠᠷ ᠬᠣᠶᠠᠭᠤᠯᠠ ᠭᠠᠯ ᠲᠣᠭᠤᠭᠠᠨ ᠤ ᠪᠠᠨ ᠲᠠᠰᠤᠯᠭ᠎ᠠ ᠳᠤ ᠣᠷᠤᠵᠤ ᠶᠠᠷᠢᠯᠴᠠᠭᠠᠳ᠂ ᠬᠤᠸᠠ ᠳ᠋ᠠ ᠮᠠ ᠡᠵᠢ ᠭᠠᠷᠴᠤ ᠤᠳᠠᠯ ᠦᠭᠡᠢ ᠨᠢᠭᠡ ᠬᠡᠰᠡᠭ᠌ ᠯᠢᠩᠬᠤ᠎ᠠ ᠶᠢᠨ ᠨᠠᠪᠴᠢ ᠠᠪᠴᠢᠷᠠᠵᠤ ᠰᠢᠷᠡᠭᠡᠨ ᠳᠡᠭᠡᠷ᠎ᠡ ᠲᠠᠯᠪᠢᠪᠠ᠃ ᠯᠣᠣ ᠱᠤᠸᠠᠨ ᠳ᠋ᠧᠩᠯᠦ ᠶᠢᠨ ᠪᠦᠷᠬᠦᠭᠦᠯ ᠢ ᠳᠡᠯᠭᠡᠵᠦ ᠥᠨᠥ ᠤᠯᠠᠭᠠᠨ ᠮᠠᠨᠲᠠᠤ ᠪᠠᠨ ᠯᠢᠩᠬᠤ᠎ᠠ ᠶᠢᠨ ᠨᠠᠪᠴᠢ ᠪᠠᠷ ᠳᠠᠬᠢᠨ ᠪᠣᠭᠤᠪᠠ᠃ ᠰᠢᠶᠣᠣ ᠱᠤᠸᠠᠨ ᠴᠤ ᠬᠣᠭᠤᠯᠠ ᠪᠠᠨ ᠢᠳᠡᠵᠦ ᠳᠠᠭᠤᠰᠤᠭᠰᠠᠨ ᠲᠤᠯᠠ ᠡᠵᠢ ᠨᠢ᠄«ᠰᠢᠶᠣᠣ ᠱᠤᠸᠠᠨ︕ ᠲᠡᠨᠳᠡ ᠪᠡᠨ ᠰᠠᠭᠤᠵᠤ ᠪᠠᠢ᠂ ᠡᠨᠳᠡ ᠪᠢᠲᠡᠬᠡᠢ ᠢᠷ᠎ᠠ» ᠭᠡᠵᠦ ᠰᠠᠩᠳᠡ ᠮᠡᠩᠳᠡ ᠬᠡᠯᠡᠭᠡᠳ ᠭᠠᠯ ᠢᠶᠡᠷ ᠢᠶᠡᠨ ᠣᠷᠤᠯᠳᠤᠵᠤ ᠪᠠᠢᠲᠠᠯ᠎ᠠ ᠯᠣᠣ ᠱᠤᠸᠠᠨ ᠨᠣᠪ ᠨᠣᠭᠤᠭᠠᠨ ᠪᠣᠭᠤᠳᠠᠯ ᠢ ᠤᠯᠠᠭᠠᠨ ᠴᠠᠭᠠᠨ ᠬᠤᠸᠠᠷᠲᠠᠢ ᠳ᠋ᠧᠩᠯᠦ ᠲᠠᠢ ᠴᠣᠭ ᠵᠤᠤᠬᠠᠨ ᠳ᠋ᠠᠭᠠᠨ ᠴᠢᠬᠢᠵᠤ ᠣᠷᠤᠭᠤᠯᠤᠮᠠᠭᠴᠠ ᠨᠢᠭᠡᠨ ᠵᠤᠷᠪᠤᠰ ᠬᠦᠷᠡᠩ ᠤᠯᠠᠭᠠᠨ ᠭᠠᠯ ᠳᠦᠷᠡᠯᠵᠡᠵᠦ ᠮᠣᠬᠤᠯᠠᠭ ᠤᠨ ᠪᠦᠬᠦ ᠲᠠᠰᠤᠯᠭ᠎ᠠ ᠳᠤ ᠬᠠᠴᠢᠨ ᠦᠨᠦᠷ ᠬᠠᠩᠬᠤᠯᠤᠨ᠎ᠠ᠃

«ᠬᠠ︕ ᠶᠠᠮᠠᠷ ᠰᠠᠢᠬᠠᠨ ᠦᠨᠦᠷ ᠭᠡᠭᠴᠢ ᠪᠤᠢ︕ ᠲᠠ ᠨᠠᠷ ᠶᠠᠮᠠᠷ ᠪᠣᠭᠤᠷᠰᠤᠭ ᠢᠳᠡᠵᠦ ᠪᠠᠢᠭ᠎ᠠ ᠶᠤᠮ ᠪᠤᠢ︖» ᠭᠡᠬᠦ ᠳᠠᠭᠤ ᠰᠣᠨᠤᠰᠳᠠᠬᠤ ᠨᠢ᠂ ᠦᠵᠡᠰᠡ ᠪᠥᠭᠲᠦᠷ ᠡᠦ ᠱᠣᠣ ᠶᠧ ᠢᠷᠡᠭᠰᠡᠨ ᠠᠵᠢ᠃ ᠡᠨᠡ ᠬᠦᠮᠦᠨ ᠪᠣᠯ ᠴᠠᠢ ᠶᠢᠨ ᠮᠣᠬᠤᠯᠠᠭ ᠲᠤ ᠡᠳᠦᠷ ᠥᠩᠭᠡᠷᠡᠭᠡᠵᠦ᠂ ᠬᠠᠮᠤᠭ ᠤᠨ ᠡᠷᠲᠡ ᠢᠷᠡᠭᠡᠳ ᠬᠠᠮᠤᠭ ᠤᠨ ᠣᠷᠤᠢ ᠬᠠᠷᠢᠳᠠᠭ ᠬᠦᠮᠦᠨ ᠶᠤᠮ᠃ ᠡᠳᠦᠭᠡ ᠡᠨᠡ ᠬᠦᠮᠦᠨ ᠪᠠᠰᠠ ᠯᠠ ᠪᠦᠭᠴᠦᠭᠡᠨᠡᠨ ᠢᠷᠡᠵᠦ ᠭᠤᠳᠤᠮᠵᠢᠨ ᠤ ᠲᠠᠯ᠎ᠠ ᠶᠢᠨ ᠪᠣᠯᠤᠩ ᠤᠨ ᠰᠠᠨᠳᠠᠯᠢ ᠳᠡᠭᠡᠷ᠎ᠡ ᠰᠠᠭᠤᠮᠠᠭᠴᠠ ᠠᠰᠠᠭᠤᠯᠲᠠ ᠲᠠᠯᠪᠢᠬᠤ ᠨᠢ ᠡᠨᠡ᠃ ᠭᠡᠪᠡᠴᠦ ᠬᠠᠷᠢᠭᠤᠯᠲᠠ ᠭᠡᠵᠦ ᠠᠯᠠᠭ᠎ᠠ᠃« ᠬᠠᠭᠤᠷᠤᠭᠰᠠᠨ ᠪᠤᠳᠠᠭᠠᠨ ᠤ ᠰᠥᠮᠦᠰᠦ ᠶᠤᠮ ᠪᠣᠯᠪᠠ ᠤᠤ︖» ᠭᠡᠰᠡᠨ ᠠᠰᠠᠭᠤᠯᠲᠠ ᠨᠢ ᠮᠦᠨ ᠬᠠᠷᠢᠭᠤᠯᠲᠠ ᠦᠭᠡᠢ ᠬᠠᠶᠠᠭᠳᠠᠪᠠ᠃ ᠯᠣᠣ ᠱᠤᠸᠠᠨ ᠶᠠᠭᠠᠷᠠᠨ ᠭᠠᠷᠴᠤ ᠢᠷᠡᠭᠡᠳ ᠴᠠᠢ ᠪᠦᠷᠢᠵᠦ ᠥᠭᠪᠡ᠃

«ᠰᠢᠶᠣᠣ ᠱᠤᠸᠠᠨ ᠣᠷᠤᠭᠠᠳ ᠢᠷ᠎ᠠ︕» ᠭᠡᠵᠦ ᠬᠤᠸᠠ ᠳ᠋ᠠ ᠮᠠ ᠡᠵᠢ ᠰᠢᠶᠣᠣ ᠱᠤᠸᠠᠨ ᠵᠢᠡᠠ ᠳᠣᠲᠤᠷ᠎ᠠ ᠲᠠᠰᠤᠯᠭᠠᠨ ᠳ᠋ᠠᠭᠠᠨ ᠠᠪᠠᠴᠢᠵᠤ᠂ ᠭᠠᠵᠠᠷ ᠳᠣᠮᠳᠠᠬᠢ ᠰᠠᠨᠳᠠᠯᠢ ᠳᠡᠭᠡᠷ᠎ᠡ ᠪᠡᠨ ᠰᠠᠭᠤᠯᠭᠠᠭᠠᠳ ᠪᠢᠴᠢᠬᠠᠨ ᠲᠠᠪᠠᠭ ᠲᠤ ᠫᠠᠳ ᠬᠠᠷ᠎ᠠ ᠪᠥᠭᠡᠷᠡᠩᠬᠡᠢ ᠶᠠᠭᠤᠮ᠎ᠠ ᠬᠢᠵᠤ ᠠᠪᠴᠢᠷᠠᠭᠠᠳ᠄

«ᠢᠳᠡᠴᠢᠬᠡ᠂ - ᠡᠪᠡᠳᠴᠢᠨ ᠴᠢᠨᠢ ᠡᠲᠡᠭᠡᠬᠦ ᠶᠤᠮ» ᠭᠡᠵᠦ ᠠᠶᠠᠷᠬᠠᠨ ᠬᠡᠯᠡᠪᠡ᠃

ᠰᠢᠶᠣᠣ ᠱᠤᠸᠠᠨ ᠲᠡᠷᠡ ᠬᠠᠷ᠎ᠠ ᠶᠠᠭᠤᠮ᠎ᠠ ᠶᠢ ᠠᠪᠴᠤ ᠪᠠᠬᠠᠨ ᠰᠢᠨᠵᠢᠭᠡᠳ ᠠᠮᠢ ᠪᠠᠨ ᠭᠠᠷ ᠲᠠᠭᠠᠨ ᠠᠳᠬᠤᠭᠰᠠᠨ ᠮᠡᠲᠦ ᠠᠢᠬᠤᠪᠲᠤᠷ ᠶᠡᠬᠡ ᠭᠠᠢᠬᠠᠪᠠ᠃ ᠢᠩᠭᠢᠭᠡᠳ ᠮᠠᠰᠢ ᠪᠣᠯᠭᠤᠮᠵᠢᠲᠠᠢ ᠪᠠᠷ ᠳᠤᠮᠳᠠᠭᠤᠷ ᠨᠢ ᠬᠠᠭᠠᠯᠤᠮᠠᠭᠴᠠ ᠰᠢᠲᠠᠩᠬᠠᠢ ᠬᠠᠯᠢᠰᠤᠨ ᠳᠣᠲᠤᠷ᠎ᠠ ᠡᠴᠡ ᠨᠢ ᠨᠢᠭᠡᠨ ᠵᠤᠷᠪᠤᠰ ᠴᠠᠭᠠᠨ ᠠᠭᠤᠷ ᠪᠤᠷᠭᠢᠵᠤ ᠭᠠᠷᠤᠭᠠᠳ ᠤᠳᠠᠯ ᠦᠭᠡᠢ ᠵᠠᠮᠬᠠᠷᠠᠯ᠎ᠠ᠃ ᠦᠵᠡᠰᠡ᠂ ᠴᠠᠭᠠᠨ ᠭᠤᠯᠢᠷ ᠤᠨ ᠮᠠᠨᠲᠠᠤ ᠶᠢᠨ ᠬᠣᠶᠠᠷ ᠲᠠᠯ᠎ᠠ ᠪᠠᠢᠯ᠎ᠠ᠃ ᠭᠱᠠᠨ ᠵᠠᠭᠤᠷ᠎ᠠ ᠲᠡᠷᠡ ᠨᠢ ᠪᠦᠷ ᠭᠡᠳᠡᠰᠦᠨ ᠳᠦ ᠣᠷᠤᠵᠤ ᠠᠮᠲᠠ ᠶᠢ ᠨᠢ ᠴᠤ ᠪᠦᠷ ᠮᠠᠷᠲᠠᠭᠠᠳ ᠬᠣᠭᠤᠰᠤᠨ ᠲᠠᠪᠠᠭ ᠡᠮᠦᠨ᠎ᠡ ᠨᠢ ᠬᠡᠪᠲᠡᠨ᠎ᠡ᠃ ᠠᠪᠤ ᠨᠢ ᠨᠢᠭᠡ ᠲᠠᠯ᠎ᠠ ᠳᠤᠨᠢ ᠵᠣᠭᠰᠤᠵᠤ᠂ ᠡᠵᠢ ᠨᠢ ᠪᠠᠰᠠ ᠨᠢᠭᠡ ᠲᠠᠯ᠎ᠠ ᠳᠤᠨᠢ ᠵᠣᠭᠰᠤᠭᠠᠳ᠂ ᠲᠡᠭᠦᠨ ᠦ ᠪᠡᠶ᠎ᠡ ᠳᠤᠨᠢ ᠶᠠᠮᠠᠷ ᠨᠢᠭᠡᠨ ᠶᠠᠭᠤᠮ᠎ᠠ ᠶᠢ ᠰᠢᠩᠭᠡᠭᠡᠨ ᠣᠷᠤᠭᠤᠯᠵᠤ ᠪᠠᠰᠠ ᠶᠠᠮᠠᠷ ᠨᠢᠭᠡᠨ ᠵᠦᠢᠯ ᠢ ᠲᠡᠳᠡᠨ ᠭᠠᠷᠭᠠᠬᠤ ᠮᠡᠲᠦ ᠬᠠᠷᠠᠵᠤ ᠪᠠᠢᠪᠠ᠃ ᠢᠩᠭᠢᠵᠦ ᠪᠠᠢᠲᠠᠯ᠎ᠠ ᠰᠢᠶᠣᠣ ᠱᠤᠸᠠᠨ ᠤ ᠵᠢᠷᠦᠬᠡ ᠨᠢ ᠲᠦᠭᠰᠢᠵᠦ᠂ ᠥᠷᠦᠴᠡ ᠪᠡᠨ ᠳᠠᠷᠤᠭᠠᠳ ᠪᠠᠰᠠ ᠨᠢᠭᠡ ᠪᠣᠯᠤᠩ ᠬᠠᠨᠢᠶᠠᠯᠭᠠᠪᠠ᠃

«ᠲᠦᠷ ᠳᠤᠭᠬᠢᠭᠡᠳ ᠠᠪ᠂ - ᠤᠳᠠᠬᠤ ᠦᠭᠡᠢ ᠡᠲᠡᠭᠡᠬᠦ ᠶᠤᠮ»

ᠰᠢᠶᠣᠣ ᠱᠤᠸᠠᠨ᠂ ᠡᠵᠢ ᠶᠢᠨ ᠢᠶᠡᠨ ᠦᠭᠡ ᠪᠡᠷ ᠬᠠᠨᠢᠶᠠᠯᠭᠠᠭᠰᠠᠭᠠᠷ ᠬᠡᠪᠲᠡᠯ᠎ᠡ᠃ ᠬᠤᠸᠠ ᠳ᠋ᠠ ᠮᠠ ᠡᠵᠢ ᠠᠮᠢᠰᠭᠤᠭ᠎ᠠ ᠨᠢ ᠠᠭᠤᠵᠢᠷᠠᠬᠤ ᠶᠢ ᠬᠦᠯᠢᠶᠡᠵᠦ ᠪᠠᠢᠭᠠᠳ ᠲᠡᠯᠡᠨ ᠨᠥᠬᠦᠭᠡᠰᠦ ᠲᠠᠢ ᠳᠠᠪᠬᠤᠷ ᠬᠥᠨᠵᠢᠯᠡ ᠨᠥᠮᠦᠷᠭᠡᠪᠡ᠃

 

ᠭᠤᠷᠪᠠ

ᠮᠣᠬᠤᠯᠠᠭ ᠤᠨ ᠥᠷᠦᠭᠡᠨ ᠳᠦ ᠮᠠᠰᠢ ᠣᠯᠠᠨ ᠬᠦᠮᠦᠨ ᠰᠠᠭᠤᠵᠤ᠂ ᠯᠣᠣ ᠱᠤᠸᠠᠨ ᠪᠠᠰᠠ ᠶᠡᠬᠡᠯ᠎ᠡ ᠶᠠᠭᠠᠷᠠᠵᠤ ᠴᠦᠯᠬᠦᠭᠡᠷ ᠲᠣᠮᠤ ᠭᠠᠤᠯᠢᠨ ᠳᠡᠪᠤᠷ᠎ᠠ ᠪᠠᠷᠢᠵᠤ ᠵᠣᠴᠢᠳ ᠲᠤ ᠨᠢᠭᠡ ᠨᠢᠭᠡ ᠪᠡᠷ ᠤᠰᠤ ᠨᠡᠮᠡᠵᠦ ᠥᠭᠬᠦ ᠪᠦᠭᠡᠳ ᠬᠣᠶᠠᠷ ᠨᠢᠳᠦᠨ ᠦ ᠬᠢᠨᠢ ᠤᠬᠤᠷᠬᠠᠢ ᠬᠠᠷ᠎ᠠ ᠵᠢᠷᠤᠭᠠᠰᠤ ᠪᠠᠷ ᠬᠦᠷᠢᠶᠡᠯᠡᠭᠳᠡᠭᠰᠡᠨ ᠪᠠᠢᠯ᠎ᠠ᠃

«ᠯᠣᠣ ᠱᠤᠸᠠᠨ᠂ ᠪᠡᠶ᠎ᠡ ᠴᠢᠨᠢ ᠠᠶᠡᠭᠦᠢ ᠪᠠᠢᠨ᠎ᠠ ᠤᠤ︖ᠴᠢ ᠡᠪᠡᠳᠴᠢᠯᠡᠭᠰᠡᠨ ᠦᠦ︖» ᠭᠡᠵᠦ ᠪᠤᠭᠤᠷᠤᠯ ᠰᠠᠬᠠᠯ ᠲᠠᠢ ᠨᠢᠭᠡ ᠬᠦᠮᠦᠨ ᠠᠰᠠᠭᠤᠭᠰᠠᠨ ᠳᠤ ᠯᠣᠣ ᠱᠤᠸᠠᠨ᠄«ᠵᠦᠭᠡᠷ ᠵᠦᠭᠡᠷ» ᠭᠡᠵᠦ ᠬᠠᠷᠢᠭᠤᠯᠤᠯ᠎ᠠ᠃

«ᠵᠦᠭᠡᠷ ᠡ︖ ᠬᠥᠭᠵᠢᠯᠲᠡᠢ ᠴᠣᠪᠤᠭᠤ ᠯᠠ ᠪᠠᠢᠭ᠎ᠠ ᠬᠦᠮᠦᠨ ᠶᠤᠮᠰᠠᠨ᠂ ᠶᠡᠷᠦ ᠨᠢ ᠡᠢᠮᠦ ᠁» ᠭᠡᠵᠦ ᠪᠤᠭᠤᠷᠤᠯ ᠰᠠᠬᠠᠯᠲᠤ ᠴᠢᠨᠠᠭᠰᠢ ᠬᠡᠯᠡᠬᠦ ᠭᠡᠰᠡᠨ ᠢᠶᠡᠨ ᠪᠣᠯᠢᠪᠠ᠃

«ᠯᠣᠣ ᠱᠤᠸᠠᠨ ᠵᠠᠪ ᠦᠭᠡᠢ ᠪᠠᠢᠬᠤ ᠶᠤᠮ᠂ ᠬᠡᠷᠪᠡ ᠬᠦᠦ ᠨᠢ ᠁» ᠭᠡᠵᠦ ᠪᠥᠭᠲᠦᠷ ᠡᠦ ᠱᠣᠣ ᠶᠧ ᠶᠢ ᠶᠠᠷᠢᠵᠤ ᠳᠠᠭᠤᠰᠬᠤ ᠶᠢᠨ ᠤᠷᠢᠳ᠂ ᠬᠠᠷ᠎ᠠ ᠴᠠᠮᠴᠠ ᠶᠢᠨ ᠡᠩᠭᠡᠷ ᠦᠨ ᠲᠣᠪᠴᠢ ᠶᠢ ᠲᠠᠯᠪᠢᠭᠰᠠᠨ᠂ ᠳᠠᠪᠤᠰᠠᠩ ᠢᠶᠡᠷ ᠢᠶᠡᠨ ᠥᠷᠭᠡᠨ ᠬᠠᠷ᠎ᠠ ᠪᠦᠰᠡ ᠬᠠᠮᠢᠶ᠎ᠠ ᠦᠭᠡᠢ ᠣᠷᠢᠶᠠᠭᠰᠠᠨ ᠬᠥᠨᠳᠡᠯᠡᠨ ᠮᠢᠬᠠᠨ ᠰᠢᠷᠬᠡᠭ ᠲᠠᠢ ᠬᠦᠮᠦᠨ ᠬᠠᠲᠠᠪᠴᠢ ᠠᠯᠬᠤᠨ ᠣᠷᠤᠵᠤ ᠢᠷᠡᠮᠡᠭᠴᠡ ᠯᠣᠣ ᠱᠤᠸᠠᠨ ᠤ ᠵᠦᠭ᠌᠄

«ᠢᠳᠡᠭᠦᠯᠪᠡ ᠦᠦ︖ ᠭᠠᠢᠭᠤᠢ ᠤᠤ︖ ᠯᠣᠣ ᠱᠤᠸᠠᠨ ᠴᠢ ᠬᠤᠪᠢ ᠲᠠᠢ ᠬᠦᠮᠦᠨ︕ ᠨᠠᠳᠠ ᠰᠢᠭ ᠰᠤᠷᠠᠭ ᠴᠢᠮᠡᠭᠡ ᠰᠠᠢᠨ ᠰᠣᠨᠤᠰᠳᠠᠭ ᠬᠦᠮᠦᠨ ᠪᠠᠢᠭᠰᠠᠨ ᠦᠭᠡᠢ ᠪᠣᠯ ᠁» ᠭᠡᠵᠦ ᠶᠡᠬᠡ ᠳᠠᠭᠤᠨ ᠢᠶᠡᠷ ᠬᠡᠯᠡᠬᠦ ᠳᠦ ᠯᠣᠣ ᠱᠤᠸᠠᠨ ᠨᠢᠭᠡ ᠭᠠᠷ ᠢᠶᠡᠷ ᠢᠶᠡᠨ ᠳᠡᠪᠦᠷ᠎ᠡ ᠪᠡᠨ ᠠᠳᠭᠤᠵᠤ᠂ᠨᠥᠭᠦᠭᠡ ᠭᠠᠷ ᠢᠶᠡᠨ ᠳᠣᠷᠤᠭᠰᠢ ᠰᠤᠭᠤᠢᠲᠠᠯ᠎ᠠ ᠲᠠᠯᠪᠢᠵᠤ ᠢᠨᠢᠶᠡᠮᠰᠦᠭᠯᠠᠨ ᠰᠣᠨᠤᠰᠤᠨ᠎ᠠ᠃ ᠭᠡᠷ ᠳᠦᠭᠦᠷᠡᠩ ᠬᠦᠮᠦᠰ ᠴᠦ ᠲᠡᠭᠦᠨ ᠦ ᠦᠭᠡ ᠶᠢ ᠪᠦᠷ ᠰᠣᠨᠤᠰᠤᠨ᠎ᠠ᠃ ᠬᠤᠸᠠ ᠳ᠋ᠠ ᠮᠠ ᠡᠵᠢ ᠪᠠᠰᠠ ᠤᠬᠤᠷᠬᠠᠢ ᠨᠢ ᠰᠢᠷᠭᠢᠭᠰᠡᠨ ᠨᠢᠳᠦ ᠪᠡᠷ ᠢᠶᠡᠨ ᠢᠨᠢᠶᠡᠮᠰᠦᠭᠯᠡᠵᠦ᠂ ᠴᠠᠢ ᠴᠣᠮᠣ ᠭᠠᠷᠭᠠᠵᠤ ᠨᠢᠭᠡ ᠮᠦᠬᠦᠯᠢᠭ᠌ ᠨᠠᠩᠭᠢᠶᠠᠳ ᠠᠷᠤᠷ᠎ᠠ ᠬᠢᠭᠰᠡᠨ ᠳᠦ ᠯᠣᠣ ᠱᠤᠸᠠᠨ ᠤᠰᠤ ᠬᠢᠵᠤ ᠥᠭᠪᠡ᠃

«ᠯᠠᠪ ᠡᠲᠡᠭᠡᠬᠦ ᠶᠤᠮ︕ ᠡᠨᠡ ᠭᠡᠭᠴᠢ ᠦᠭᠡᠷ᠎ᠡ ᠶᠠᠭᠤᠮ᠎ᠠ ᠲᠠᠢ ᠲᠠᠭᠠᠷᠠᠬᠤ ᠦᠭᠡᠢ᠂ ᠬᠠᠯᠠᠭᠤᠨ ᠢᠶᠡᠷ ᠨᠢ ᠠᠪᠴᠢᠷᠠᠵᠤ ᠬᠠᠯᠠᠭᠤᠨ ᠢᠶᠡᠷ ᠨᠢ ᠢᠳᠡᠭᠦᠯᠦᠭᠰᠡᠨ ᠰᠢᠤ ᠳ᠋ᠠ» ᠭᠡᠵᠦ ᠬᠥᠨᠳᠡᠯᠡᠨ ᠮᠢᠬᠠᠨ ᠰᠢᠷᠬᠡᠭᠲᠦ ᠬᠦᠮᠦᠨ ᠶᠡᠬᠡ ᠳᠠᠭᠤ ᠪᠠᠷ ᠶᠠᠷᠢᠭᠰᠠᠭᠠᠷ ᠯᠠ ᠪᠠᠢᠪᠠ᠃

«ᠦᠨᠡᠬᠡᠷ ᠲᠡᠢᠮᠦ ᠰᠢᠤ᠂ ᠬᠡᠷᠪᠡ ᠺᠠᠩ ᠠᠪᠠᠭ᠎ᠠ ᠨᠢ ᠬᠠᠢᠷ᠎ᠠ ᠬᠠᠯᠠᠮᠵᠢ ᠦᠵᠡᠭᠦᠯᠦᠭᠰᠡᠨ ᠦᠭᠡᠢ ᠪᠣᠯ ᠶᠠᠭᠠᠬᠢᠵᠤ ᠢᠩᠭᠢᠵᠦ ᠴᠢᠳᠠᠬᠤ ᠁» ᠭᠡᠵᠦ ᠬᠤᠸᠠ ᠳ᠋ᠠ ᠮᠠ ᠡᠵᠢ ᠲᠡᠭᠦᠨ ᠳᠦ ᠰᠡᠳᠭᠢᠯ ᠬᠥᠳᠡᠯᠦᠭᠰᠡᠨ ᠪᠠᠢᠳᠠᠯ ᠢᠶᠡᠷ ᠲᠠᠯᠠᠷᠬᠠᠵᠤ ᠪᠠᠢᠯ᠎ᠠ᠃

«ᠡᠲᠡᠭᠡᠬᠦ ᠶᠤᠮ᠂ ᠡᠲᠡᠭᠡᠬᠦ ᠶᠤᠮ᠂ ᠢᠩᠭᠢᠵᠦ ᠬᠠᠯᠠᠭᠤᠨ ᠳᠡᠭᠡᠷ᠎ᠡ ᠨᠢ ᠢᠳᠡᠭᠦᠯᠦᠭᠰᠡᠨ ᠶᠤᠮ ᠴᠢᠨᠢ᠂ ᠬᠦᠮᠦᠨ ᠦ ᠴᠢᠰᠤᠲᠠᠢ ᠮᠠᠨᠲᠠᠤ ᠶᠠᠮᠠᠷ ᠵᠡᠷᠭᠡ ᠶᠢᠨ ᠠᠭᠤᠰᠭᠢᠨ ᠤ ᠰᠦᠷᠢᠶ᠎ᠡ ᠶᠢ ᠪᠦᠷ ᠡᠲᠡᠭᠡᠭᠡᠬᠦ ᠶᠤᠮ︕» ᠬᠡᠪᠡ᠃

ᠬᠤᠸᠠ ᠳ᠋ᠠ ᠮᠠ ᠡᠵᠢ«ᠠᠭᠤᠰᠭᠢᠨ ᠰᠦᠷᠢᠶ᠎ᠡ» ᠭᠡᠰᠡᠨ ᠦᠭᠡ ᠶᠢ ᠰᠣᠨᠤᠰᠤᠮᠠᠭᠴᠠ ᠴᠢᠷᠠᠢ ᠨᠢ ᠪᠠᠬᠠᠨ ᠪᠠᠷᠤᠢᠵᠤ ᠤᠷᠮ᠎ᠠ ᠦᠭᠡᠢ ᠮᠡᠲᠦ ᠪᠣᠯᠪᠠ᠃ ᠭᠡᠪᠡᠴᠦ ᠲᠣᠣᠷ᠎ᠠ ᠪᠠᠨ ᠢᠨᠢᠶᠡᠮᠰᠦᠭᠯᠡᠬᠦ ᠴᠢᠷᠠᠢ ᠭᠠᠷᠭᠠᠵᠤ ᠠᠷᠭ᠎ᠠ ᠪᠠᠨ ᠪᠠᠷᠠᠭᠰᠠᠨ ᠪᠠᠢᠳᠠᠯ ᠲᠠᠢ ᠪᠣᠯᠤᠭᠠᠳ ᠭᠠᠷᠪᠠ᠃ ᠭᠡᠲᠡᠯ᠎ᠡ ᠺᠠᠩ ᠠᠪᠠᠭ᠎ᠠ ᠲᠡᠭᠦᠨ ᠢ ᠳᠡᠮᠡᠢ ᠬᠠᠢᠬᠤᠷᠤᠭᠰᠠᠨ ᠴᠤ ᠦᠭᠡᠢ᠂ ᠮᠦᠨ ᠬᠦ ᠬᠣᠭᠤᠯᠠᠢ ᠪᠠᠨ ᠰᠢᠬᠠᠵᠤ ᠶᠡᠬᠡ ᠳᠠᠭᠤᠨ ᠢᠶᠡᠷ ᠶᠠᠷᠢᠭᠰᠠᠭᠠᠷ ᠪᠠᠢᠭᠠᠳ ᠤᠨᠲᠠᠵᠤ ᠪᠠᠢᠭᠰᠠᠨ ᠰᠢᠶᠣᠣ ᠱᠤᠸᠠᠨ ᠢ ᠪᠠᠰᠠ ᠰᠡᠷᠢᠭᠡᠭᠡᠳ ᠬᠠᠨᠢᠶᠠᠳᠤ ᠶᠢ ᠨᠢ ᠬᠥᠳᠡᠯᠭᠡᠪᠡ᠃

«ᠦᠵᠡᠰᠡ᠂ ᠲᠠᠨ ᠤ ᠰᠢᠶᠣᠣ ᠱᠤᠸᠠᠨ ᠴᠢᠨᠢ ᠡᠢᠮᠦ ᠶᠡᠬᠡ ᠬᠤᠪᠢ ᠲᠠᠢ ᠠᠵᠢ᠃ ᠡᠨᠡ ᠡᠪᠡᠳᠴᠢᠨ ᠵᠠᠪᠠᠯ ᠬᠣᠭ ᠦᠭᠡᠢ ᠡᠲᠡᠭᠡᠬᠦ ᠶᠤᠮ᠃ ᠯᠣᠣ ᠱᠤᠸᠠᠨ ᠡᠳᠦᠷ ᠲᠤᠷᠰᠢ ᠪᠠᠶᠠᠷᠲᠠᠢ ᠪᠠᠢᠭ᠎ᠠ ᠶᠢ ᠨᠢ ᠦᠵᠡᠬᠦ ᠦᠭᠡᠢ ᠦᠦ» ᠭᠡᠵᠦ ᠪᠤᠭᠤᠷᠤᠯ ᠰᠠᠬᠠᠯᠲᠤ ᠶᠠᠷᠢᠭᠰᠠᠭᠠᠷ ᠺᠠᠩ ᠠᠪᠠᠭ᠎ᠠ ᠶᠢᠨ ᠳᠡᠷᠭᠡᠲᠡ ᠣᠴᠢᠵᠤ ᠲᠣᠣᠷ᠎ᠠ ᠳᠠᠭᠤᠨ ᠢᠶᠡᠷ᠄«ᠺᠠᠩ ᠠᠪᠠᠭ᠎ᠠ ᠡ - ᠰᠣᠨᠤᠰᠬᠤᠯ᠎ᠠ ᠥᠨᠥᠳᠦᠷ ᠦᠨ ᠰᠢᠳᠭᠡᠭᠰᠡᠨ ᠲᠡᠷᠡ ᠶᠠᠯᠠᠲᠠᠨ ᠴᠢᠨᠢ ᠰᠢᠶᠠ ᠣᠪᠤᠭᠲᠤ ᠶᠢᠨ ᠬᠡᠦᠬᠡᠳ ᠶᠤᠮ ᠭᠡᠨ᠎ᠡ᠃ ᠲᠡᠷᠡ ᠴᠢᠨᠢ ᠬᠡᠨ ᠦ ᠬᠢᠨᠢ ᠬᠦᠦ ᠪᠤᠢ︖ ᠶᠠᠮᠠᠷ ᠬᠡᠷᠡᠭ ᠢᠶᠡᠷ ᠪᠤᠢ︖» ᠭᠡᠰᠡᠨ ᠳᠦ᠂

«ᠬᠡᠨ︖ ᠰᠢᠶᠠ ᠰᠧ ᠨᠠᠢ ᠨᠠᠢ ᠶᠢᠨ ᠬᠦᠦ ᠪᠢᠰᠢ ᠦᠦ᠂ ᠲᠡᠷᠡ ᠮᠠᠭᠤ ᠴᠢᠰᠤ︕» ᠭᠡᠵᠦ ᠺᠠᠩ ᠠᠪᠠᠭ᠎ᠠ᠂ ᠬᠦᠮᠦᠰ ᠪᠦᠷ ᠲᠡᠭᠦᠨ ᠦ ᠦᠭᠡ ᠶᠢ ᠰᠣᠨᠢᠷᠬᠠᠯᠲᠠᠢ ᠰᠣᠨᠤᠰᠴᠤ ᠪᠠᠢᠭ᠎ᠠ ᠶᠢ ᠦᠵᠡᠭᠡᠳ ᠨᠡᠩ ᠪᠠᠶᠠᠷᠯᠠᠵᠤ᠂ ᠮᠢᠬᠠᠨ ᠰᠢᠷᠬᠡᠭ ᠨᠢ ᠬᠡᠰᠡᠭ᠌ ᠬᠡᠰᠡᠭ ᠢᠶᠡᠷ ᠲᠠᠰᠤᠷᠬᠠᠢᠳᠠᠵᠤ ᠤᠯᠠᠮ ᠶᠡᠬᠡ ᠳᠠᠭᠤ ᠪᠠᠷ᠄«ᠡᠨᠡ ᠮᠠᠭᠤ ᠴᠢᠰᠤ ᠦᠨᠡᠬᠡᠷ ᠠᠮᠢᠳᠤ ᠶᠠᠪᠤᠬᠤ ᠳᠤᠷ᠎ᠠ ᠦᠭᠡᠢ ᠪᠠᠢᠨ᠎ᠠ᠃ ᠪᠢ ᠡᠨᠡ ᠤᠳᠠᠭ᠎ᠠ ᠬᠠᠷᠢᠨ ᠶᠠᠭᠤ ᠴᠤ ᠣᠯᠤᠭᠰᠠᠨ ᠦᠭᠡᠢ᠂ ᠬᠠᠭᠤᠯᠵᠤ ᠠᠪᠤᠭᠰᠠᠨ ᠬᠤᠪᠴᠠᠰᠤ ᠶᠢ ᠨᠢ ᠴᠦᠮ ᠱᠣᠷᠤᠩ ᠮᠠᠨᠠᠭᠴᠢ ᠤᠯᠠᠭᠠᠨ ᠨᠢᠳᠦᠨ᠎ᠡ ᠢ ᠠᠪᠴᠢᠬᠠᠯ᠎ᠠ᠃ - ᠲᠡᠷᠢᠭᠦᠨ ᠳᠤᠨᠢ ᠮᠠᠨ ᠤ ᠱᠤᠸᠠᠨ ᠠᠪᠠᠭ᠎ᠠ ᠬᠤᠪᠢ ᠳᠠᠭᠠᠷᠢᠵᠠᠢ᠃ ᠬᠣᠶᠠᠳᠤᠭᠠᠷ ᠲᠤᠨᠢ ᠰᠢᠶᠠ ᠰᠠᠨ ᠶᠧ ᠬᠣᠷᠢᠨ ᠲᠠᠪᠤᠨ ᠯᠠᠩ ᠴᠠᠰᠤ ᠴᠠᠭᠠᠨ ᠮᠥᠩᠭᠦ ᠪᠡᠷ ᠱᠠᠩᠨᠠᠭᠳᠠᠪᠠ᠃ ᠲᠡᠷᠡ ᠨᠢ ᠰᠣᠬᠤᠷ ᠵᠣᠭᠤᠰ ᠤᠨ ᠬᠣᠷᠤᠭᠳᠠᠯ ᠴᠤ ᠦᠭᠡᠢ ᠪᠡᠷ ᠴᠦᠮ ᠲᠡᠭᠦᠨ ᠦ ᠡᠪᠦᠷ ᠲᠦ ᠣᠷᠤᠯ᠎ᠠ» ᠬᠡᠪᠡ᠃

ᠰᠢᠶᠣᠣ ᠱᠤᠸᠠᠨ ᠪᠢᠴᠢᠬᠠᠨ ᠲᠠᠰᠤᠯᠭᠠᠨ ᠡᠴᠡ ᠪᠠᠨ ᠭᠡᠯᠳᠦᠷᠬᠢᠯᠡᠨ ᠭᠠᠷᠴᠤ ᠢᠷᠡᠭᠡᠳ ᠬᠣᠶᠠᠷ ᠭᠠᠷ ᠢᠶᠡᠷ ᠢᠶᠡᠨ ᠥᠷᠦᠴᠡ ᠪᠡᠨ ᠳᠠᠷᠤᠵᠤ ᠪᠦᠭᠰᠢᠨ ᠬᠠᠨᠢᠶᠠᠭᠰᠠᠭᠠᠷ᠂ ᠲᠣᠭᠤᠭᠠᠨ ᠡᠴᠡ ᠪᠠᠨ ᠨᠢᠭᠡ ᠠᠶᠠᠭ᠎ᠠ ᠬᠦᠢᠲᠡᠨ ᠪᠤᠳᠠᠭ᠎ᠠ ᠠᠶᠠᠭᠠᠯᠠᠵᠤ ᠳᠡᠭᠡᠷ᠎ᠡ ᠨᠢ ᠪᠤᠴᠠᠯᠤᠭᠰᠠᠨ ᠤᠰᠤ ᠬᠢᠭᠡᠳ ᠢᠳᠡᠯ᠎ᠡ᠃ ᠬᠤᠸᠠ ᠳ᠋ᠠ ᠮᠠ ᠡᠵᠢ ᠲᠡᠭᠦᠨ ᠦ ᠳᠡᠷᠭᠡᠲᠡ ᠢᠷᠡᠭᠡᠳ ᠨᠠᠮ ᠳᠠᠭᠤ ᠪᠠᠷ᠄«ᠰᠢᠶᠣᠣ ᠱᠤᠸᠠᠨ᠂ ᠪᠠᠬᠠᠨ ᠭᠠᠢᠭᠤᠢ ᠪᠠᠢᠨ᠎ᠠ ᠤᠤ︖ ᠮᠦᠨ ᠯᠠ ᠥᠯᠦᠰᠴᠦ ᠪᠠᠢᠨ᠎ᠠ ᠤᠤ︖» ᠭᠡᠵᠦ ᠠᠰᠠᠭᠤᠯ᠎ᠠ᠃

«ᠡᠲᠡᠭᠡᠬᠦ ᠶᠤᠮ᠂ ᠯᠠᠪ ᠡᠲᠡᠭᠡᠬᠦ ᠶᠤᠮ︕» ᠭᠡᠵᠦ ᠺᠠᠩ ᠠᠪᠠᠭ᠎ᠠ ᠰᠢᠶᠣᠣ ᠱᠤᠸᠠᠨ ᠢ ᠬᠠᠷᠠᠵᠤ ᠠᠪᠤᠭᠠᠳ ᠮᠦᠨ ᠬᠦ ᠣᠯᠠᠨ ᠤ ᠵᠦᠭ᠌ ᠬᠠᠨᠳᠤᠵᠤ᠄«ᠰᠢᠶᠠ ᠰᠠᠨ ᠶᠧ ᠦᠨᠡᠬᠡᠷ ᠰᠤᠷᠭᠤᠭ ᠬᠦᠮᠦᠨ᠂ ᠬᠡᠷᠪᠡ ᠲᠡᠷᠡ ᠵᠠᠪᠳᠤᠵᠤ ᠵᠠᠭᠠᠯᠳᠤᠭᠰᠠᠨ ᠦᠭᠡᠢ ᠪᠣᠯ ᠭᠡᠷ ᠢᠶᠡᠷ ᠢᠶᠡᠨ ᠬᠦᠢᠰᠦ ᠲᠡᠮᠲᠡᠷᠢᠭᠳᠡᠬᠦ ᠪᠣᠯᠤᠨ᠎ᠠ᠃ ᠣᠳᠣ ᠶᠠᠮᠠᠷ ᠪᠠᠢᠨ᠎ᠠ ᠪᠤᠢ︖ ᠮᠥᠩᠭᠦ︕ - ᠡᠨᠡ ᠵᠢᠭᠠᠯ ᠦᠨᠡᠬᠡᠷ ᠬᠦᠮᠦᠨ ᠦ ᠵᠤᠯᠵᠠᠭ᠎ᠠ ᠪᠢᠰᠢ᠂ ᠱᠣᠷᠤᠩ ᠳᠤ ᠬᠣᠷᠢᠭᠳᠠᠵᠤ ᠪᠠᠢᠬᠤ ᠳ᠋ᠠᠭᠠᠨ ᠪᠠᠰᠠ ᠱᠣᠷᠤᠩ ᠤᠨ ᠲᠦᠷᠦᠭᠦᠦ ᠳᠦ ᠤᠷᠪᠠᠬᠤ ᠶᠢ ᠵᠢᠭᠠᠳᠠᠭ ᠭᠡᠨ᠎ᠡ᠃»

«ᠬᠦᠶᠢ︕ ᠴᠢᠩᠭᠢᠵᠤ ᠶᠠᠭᠠᠬᠢᠵᠤ ᠪᠣᠯᠳᠠᠭ ᠶᠤᠮ︖» ᠭᠡᠵᠦ ᠳᠣᠲᠤᠭᠠᠳᠤ ᠮᠥᠷ ᠲᠦ ᠰᠠᠭᠤᠭ᠎ᠠ ᠬᠣᠷᠢ ᠭᠠᠷᠤᠢ ᠨᠠᠰᠤᠨ ᠤ ᠨᠢᠭᠡ ᠬᠦᠮᠦᠨ ᠬᠢᠯᠢᠩᠨᠡᠭᠰᠡᠨ ᠪᠠᠢᠳᠠᠯ ᠲᠠᠢ ᠶᠠᠷᠢᠵᠤ ᠰᠠᠭᠤᠨ᠎ᠠ᠃

«ᠤᠯᠠᠭᠠᠨ ᠨᠢᠳᠦᠨ᠎ᠡ ᠢ ᠲᠡᠭᠦᠨ ᠦ ᠴᠣᠬᠤᠮ ᠪᠠᠢᠳᠠᠯ ᠢ ᠨᠢ ᠮᠡᠳᠡᠬᠦ ᠪᠡᠷ ᠣᠴᠢᠭᠰᠠᠨ ᠳᠤ ᠬᠠᠷᠢᠨ ᠲᠡᠭᠦᠨ ᠢ ᠪᠡᠶ᠎ᠡ ᠳᠡᠭᠡᠨ ᠲᠠᠲᠠᠬᠤ ᠭᠡᠵᠦ᠄<ᠲᠠᠢᠴᠢᠩ ᠤᠯᠤᠰ ᠤᠨ ᠲᠥᠷᠦ ᠪᠣᠯ ᠮᠠᠨ ᠤ ᠣᠯᠠᠨ ᠨᠡᠢᠲᠡ ᠶᠢᠨ ᠶᠤᠮ> ᠭᠡᠵᠦ ᠭᠡᠨ᠎ᠡ᠂ ᠡᠨᠡ ᠴᠢᠨᠢ ᠦᠭᠡ ᠦᠦ︖ ᠤᠯᠠᠭᠠᠨ ᠨᠢᠳᠦᠨ᠎ᠡ ᠢ ᠤᠭ ᠡᠴᠡ ᠲᠡᠭᠦᠨ ᠦ ᠭᠡᠷ ᠲᠦ ᠭᠠᠭᠴᠠ ᠡᠵᠢ ᠪᠠᠢᠬᠤ ᠶᠢ ᠮᠡᠳᠡᠳᠡᠭ ᠪᠣᠯᠪᠠᠴᠤ ᠲᠡᠭᠦᠨ ᠢ ᠬᠠᠷᠢᠨ ᠲᠡᠢᠮᠦ ᠤᠯᠠᠭᠠᠨ ᠨᠢᠴᠦᠭᠦᠨ ᠶᠠᠳᠠᠭᠤ ᠭᠡᠳᠡᠭ ᠢ ᠮᠡᠳᠡᠭᠰᠡᠨ ᠦᠭᠡᠢ᠂ ᠴᠢᠩᠭᠢᠭᠡᠳ ᠣᠳᠣ ᠳᠤᠰᠤᠯ ᠲᠣᠰᠤ ᠴᠤ ᠰᠢᠬᠠᠵᠤ ᠣᠯᠤᠭᠰᠠᠨ ᠦᠭᠡᠢ ᠳᠡᠭᠡᠨ ᠴᠡᠭᠡᠵᠢ ᠪᠡᠨ ᠳᠡᠯᠪᠡᠷᠡᠲᠡᠯ᠎ᠡ ᠠᠭᠤᠷᠯᠠᠵᠠᠢ᠃ ᠲᠡᠷᠡ ᠬᠠᠷᠢᠨ ᠪᠠᠷᠰ ᠤᠨ ᠲᠣᠯᠤᠭᠠᠢ ᠶᠢ ᠮᠠᠭᠠᠵᠢᠵᠤ ᠥᠭᠬᠦ ᠭᠡᠵᠦ ᠪᠠᠢᠭᠠᠳ ᠬᠣᠶᠠᠷ ᠠᠯᠠᠭᠠᠳᠠᠭᠤᠯᠵᠤ ᠭᠡᠨ᠎ᠡ︕»

«ᠠ ᠢ ᠠᠬ᠎ᠠ ᠪᠣᠯ ᠨᠢᠳᠤᠷᠭᠠᠨ ᠤ ᠡᠷᠳᠡᠮ ᠲᠠᠢ ᠶᠤᠮ ᠴᠢᠨᠢ᠂ ᠬᠣᠶᠠᠷ ᠠᠯᠠᠭ᠎ᠠ ᠨᠢ ᠲᠡᠭᠦᠨ ᠳᠡᠭᠡᠨ ᠵᠦᠪ ᠪᠠᠢᠯ ᠦᠭᠡᠢ ᠳ᠋ᠠ» ᠭᠡᠵᠦ ᠪᠣᠯᠤᠩ ᠳᠤ ᠰᠠᠭᠤᠭ᠎ᠠ ᠪᠥᠭᠲᠦᠷ ᠭᠡᠨᠡᠳᠲᠡ ᠪᠠᠶᠠᠷᠲᠠᠢ ᠶᠠᠷᠢᠯ᠎ᠠ᠃

«ᠡᠨᠡ ᠮᠣᠨᠳᠢ ᠵᠣᠳᠤᠭᠳᠠᠬᠤ ᠡᠴᠡ ᠠᠶᠤᠬᠤ ᠦᠭᠡᠢ᠂ ᠬᠠᠷᠢᠨ ᠬᠥᠭᠡᠷᠦᠬᠦᠢ ᠳ᠋ᠠ ᠭᠡᠵᠦ ᠪᠠᠢᠯ᠎ᠠ ᠭᠡᠨ᠎ᠡ᠃»

ᠪᠤᠭᠤᠷᠤᠯ ᠰᠠᠬᠠᠯᠲᠤ᠄«ᠡᠨᠡ ᠠᠳᠤᠭᠤᠰᠤ ᠶᠢ ᠵᠣᠳᠤᠬᠤ ᠳᠤ ᠬᠥᠭᠡᠷᠦᠬᠦᠢᠯᠡᠬᠦ ᠶᠠᠭᠤ ᠪᠠᠢᠬᠤ ᠪᠤᠢ︕» ᠭᠡᠬᠦ ᠳᠦ᠂

ᠺᠠᠩ ᠠᠪᠠᠭ᠎ᠠ ᠲᠡᠭᠦᠨ ᠢ ᠲᠣᠭᠤᠮᠰᠠᠷᠯᠠᠬᠤ ᠦᠭᠡᠢ ᠪᠠᠢᠳᠠᠯ ᠲᠠᠢ ᠬᠦᠢᠲᠡᠨ ᠢᠶᠡᠷ ᠢᠨᠢᠶᠠᠨ᠄«ᠴᠢ ᠮᠢᠨᠦ ᠦᠭᠡ ᠶᠢ ᠣᠢᠯᠠᠭᠠᠭᠰᠠᠨ ᠦᠭᠡᠢ ᠰᠢᠪ ᠳ᠋ᠠ᠂ ᠲᠡᠷᠡ ᠴᠢᠨᠢ ᠰᠠᠨᠠᠭᠠᠨ ᠳ᠋ᠠᠭᠠᠨ᠎ᠠ ᠢ ᠶᠢ ᠬᠥᠭᠡᠷᠦᠬᠦᠢ ᠭᠡᠵᠦ ᠰᠢᠤ» ᠬᠡᠪᠡ᠃

ᠰᠣᠨᠤᠰᠴᠤ ᠪᠠᠢᠭᠰᠠᠨ ᠬᠦᠮᠦᠰ ᠦᠨ ᠨᠢᠳᠦᠨ ᠦ ᠬᠠᠷᠠᠴᠠ ᠭᠡᠨᠡᠳᠲᠡ ᠭᠥᠯᠢᠷᠡᠬᠦ ᠲᠥᠯᠦᠪᠲᠡᠢ ᠪᠣᠯᠵᠤ᠂ ᠦᠭᠡ ᠪᠡᠨ ᠪᠠᠰᠠ ᠵᠣᠭᠰᠤᠪᠠ᠃ ᠰᠢᠶᠣᠣ ᠱᠤᠸᠠᠨ ᠬᠣᠭᠤᠯᠠ ᠪᠠᠨ ᠢᠳᠡᠵᠦ ᠳᠠᠭᠤᠰᠪᠠ᠃ ᠪᠦᠬᠦ ᠪᠡᠶ᠎ᠡ ᠡᠴᠡ ᠨᠢ ᠬᠥᠯᠦᠰᠦ ᠠᠰᠭᠠᠷᠠᠵᠤ ᠲᠣᠯᠤᠭᠠᠢ ᠡᠴᠡ ᠨᠢ ᠠᠭᠤᠷ ᠪᠠᠭᠠᠭᠢᠵᠤ ᠪᠠᠢᠯ᠎ᠠ᠃

«ᠠ ᠢ ᠬᠥᠭᠡᠷᠦᠬᠦᠢ ᠭᠡᠨ᠎ᠡ - ᠰᠣᠯᠢᠶᠠᠷᠠᠵᠤ ᠪᠠᠢᠨ᠎ᠠ᠂ ᠶᠠᠭ ᠰᠣᠯᠢᠶᠠᠷᠠᠵᠤ ᠪᠠᠢᠨ᠎ᠠ» ᠭᠡᠵᠦ ᠪᠤᠭᠤᠷᠤᠯ ᠰᠠᠬᠠᠯᠲᠤ ᠭᠡᠨᠡᠳᠲᠡ ᠤᠬᠠᠭ᠎ᠠ ᠣᠷᠤᠭᠰᠠᠨ ᠮᠡᠲᠦ ᠬᠡᠯᠡᠪᠡ᠃

«ᠰᠣᠯᠢᠶᠠᠷᠠᠵᠤ ᠪᠠᠢᠨ᠎ᠠ» ᠭᠡᠵᠦ ᠬᠣᠷᠢ ᠭᠠᠷᠤᠢ ᠨᠠᠰᠤᠨ ᠤ ᠬᠦᠮᠦᠨ ᠴᠦ ᠭᠡᠨᠡᠳᠲᠡ ᠤᠬᠠᠭ᠎ᠠ ᠣᠷᠤᠭᠰᠠᠨ ᠮᠡᠲᠦ ᠬᠡᠯᠡᠪᠡ᠃

ᠮᠣᠬᠤᠯᠠᠭ ᠲᠤ ᠰᠠᠭᠤᠵᠤ ᠪᠠᠢᠭᠰᠠᠨ ᠵᠣᠴᠢᠳ ᠳᠠᠬᠢᠨ ᠨᠡᠮᠡᠷᠢ ᠣᠷᠤᠭᠰᠠᠨ ᠮᠡᠲᠦ ᠢᠨᠢᠶᠡᠯᠴᠡᠵᠦ ᠶᠠᠷᠢᠯᠴᠠᠵᠤ ᠡᠬᠢᠯᠡᠪᠡ᠃ ᠰᠢᠶᠣᠣ ᠱᠤᠸᠠᠨ ᠪᠠᠰᠠ ᠡᠨᠡ ᠦᠢᠮᠡᠭᠡᠨ ᠲᠠᠢ ᠳᠠᠭᠤ ᠨᠡᠢᠯᠡᠭᠦᠯᠵᠦ ᠪᠦᠭᠰᠢᠨ ᠬᠠᠨᠢᠶᠠᠯᠭᠠᠵᠤ ᠪᠠᠢᠯ᠎ᠠ᠃ ᠺᠠᠩ ᠠᠪᠠᠭ᠎ᠠ ᠳᠡᠷᠭᠡᠲᠡ ᠨᠢ ᠣᠴᠢᠵᠤ ᠮᠥᠷᠦ ᠶᠢ ᠨᠢ ᠠᠯᠠᠭᠠᠳᠠᠵᠤ᠄

«ᠰᠢᠶᠣᠣ ᠱᠤᠸᠠᠨ᠂ ᠡᠲᠡᠭᠡᠬᠦ ᠶᠤᠮ - ᠪᠤᠤ ᠢᠩᠭᠢᠵᠦ ᠬᠠᠨᠢᠶᠠ᠂ ᠡᠲᠡᠭᠡᠬᠦ ᠶᠤᠮ -» ᠬᠡᠪᠡ᠃

ᠪᠥᠭᠲᠦᠷ ᠡᠦ ᠱᠣᠣ ᠶᠧ᠄«ᠰᠣᠯᠢᠶᠠᠷᠠᠵᠤ ᠪᠠᠢᠨ᠎ᠠ» ᠭᠡᠵᠦ ᠲᠣᠯᠤᠭᠠᠢ ᠪᠠᠨ ᠳᠣᠬᠢᠯᠵᠠᠭᠰᠠᠭᠠᠷ ᠬᠡᠯᠡᠪᠡ᠃

 

ᠳᠦᠷᠪᠡ

ᠪᠠᠷᠠᠭᠤᠨ ᠲᠡᠭᠦᠷᠭᠡ ᠶᠢᠨ ᠬᠣᠲᠠ ᠶᠢᠨ ᠬᠡᠷᠡᠮ ᠢ ᠨᠠᠭᠠᠯᠳᠤᠵᠤ ᠪᠠᠢᠭ᠎ᠠ ᠬᠡᠰᠡᠭ᠌ ᠭᠠᠵᠠᠷ ᠪᠣᠯ ᠠᠯᠪᠠᠨ ᠤ ᠭᠠᠵᠠᠷ ᠶᠤᠮ᠃ ᠳᠤᠮᠳᠠᠭᠤᠷ ᠨᠢ ᠭᠠᠷᠤᠭᠰᠠᠨ ᠮᠣᠷᠤᠢ ᠰᠠᠷᠤᠢ ᠴᠤᠪᠤᠭ᠎ᠠ ᠨᠢ ᠳᠥᠲᠡ ᠵᠠᠮ ᠢ ᠡᠷᠢᠭᠰᠡᠨ ᠤᠯᠤᠰ ᠤᠨ ᠭᠤᠲᠤᠯ ᠤᠨ ᠤᠯᠠ ᠪᠠᠷ ᠪᠤᠢ ᠪᠣᠯᠤᠭᠰᠠᠨ ᠪᠦᠭᠡᠳ ᠡᠨᠡ ᠨᠢ ᠶᠠᠪᠤᠨ ᠶᠠᠪᠤᠭᠰᠠᠭᠠᠷ ᠬᠠᠷᠢᠨ ᠨᠢᠭᠡ ᠠᠶᠠᠨᠳᠠᠭᠠᠨ ᠪᠦᠲᠦᠭᠰᠡᠨ ᠵᠠᠭᠠᠭ ᠪᠣᠯᠵᠠᠢ᠃ ᠵᠠᠮ ᠦᠨ ᠵᠡᠭᠦᠨ ᠭᠠᠷ ᠲᠠᠯ᠎ᠠ ᠳᠤᠨᠢ ᠴᠠᠭᠠᠵᠠ ᠪᠠᠷ ᠠᠪᠠᠴᠢᠭᠳᠠᠭᠰᠠᠳ ᠪᠠ ᠭᠢᠨᠳᠠᠨ ᠳᠤ ᠦᠬᠦᠭᠰᠡᠳ ᠦᠨ ᠪᠤᠯᠠᠰᠢ ᠶᠢ᠂ ᠪᠠᠷᠠᠭᠤᠨ ᠭᠠᠷ ᠲᠠᠯ᠎ᠠ ᠳᠤᠨᠢ ᠦᠭᠡᠢᠭᠦᠴᠦᠳ ᠦᠨ ᠪᠤᠯᠠᠰᠢ ᠶᠢ ᠪᠠᠶᠠᠴᠤᠳ ᠤᠨ ᠨᠠᠰᠤᠨ ᠤ ᠪᠠᠶᠠᠷ ᠲᠤ ᠪᠡᠯᠡᠳᠭᠡᠳᠡᠭ ᠮᠠᠨᠲᠠᠤ ᠶᠢᠨ ᠣᠪᠤᠭ᠎ᠠ ᠰᠢᠭ ᠶᠠᠭᠰᠢᠷᠠᠲᠠᠯ᠎ᠠ ᠣᠪᠤᠭᠠᠯᠠᠵᠠᠢ᠃

ᠡᠨᠡ ᠵᠢᠯ ᠦᠨ ᠬᠠᠩᠰᠢ ᠶᠢᠨ ᠦᠶ᠎ᠡ ᠪᠡᠷ ᠣᠨᠴᠤᠭᠤᠢ ᠵᠢᠬᠡᠭᠦᠨ᠂ ᠤᠳᠠ ᠤᠯᠢᠶᠠᠰᠤ ᠳᠥᠩᠭᠡᠵᠢ ᠲᠠᠯ᠎ᠠ ᠪᠣᠷᠤᠭᠠᠨ ᠤ ᠴᠢᠨᠡᠭᠡᠬᠡᠨ ᠨᠠᠬᠢᠶᠠᠯᠠᠭᠰᠠᠨ ᠪᠠᠢᠯ᠎ᠠ᠃ ᠦᠷ ᠴᠠᠢᠮᠠᠭᠴᠠ᠂ ᠬᠤᠸᠠ ᠳ᠋ᠠ ᠮᠠ ᠡᠵᠢ ᠪᠠᠷᠠᠭᠤᠨ ᠭᠠᠷ ᠲᠠᠯ᠎ᠠ ᠶᠢᠨ ᠰᠢᠨᠡᠬᠡᠨ ᠪᠣᠯᠠᠰᠢᠨ ᠤ ᠡᠮᠦᠨ᠎ᠡ ᠳᠥᠷᠪᠡᠨ ᠲᠠᠪᠠᠭ ᠵᠠᠭᠤᠰᠢ ᠨᠢᠭᠡ ᠠᠶᠠᠭ᠎ᠠ ᠪᠤᠳᠠᠭ᠎ᠠ ᠦᠷᠦᠭᠡᠳ᠂ ᠨᠢᠭᠡ ᠵᠡᠷᠭᠡ ᠤᠬᠢᠯᠠᠪᠠ᠃ ᠴᠠᠭᠠᠰᠤ ᠰᠢᠲᠠᠭᠠᠵᠤ ᠳᠠᠭᠤᠰᠤᠭᠠᠳ ᠲᠣᠪ ᠳᠤᠭᠤᠢ ᠪᠠᠬᠠᠨ ᠰᠠᠭᠤᠵᠤ ᠶᠠᠮᠠᠷ ᠨᠢᠭᠡᠨ ᠵᠦᠢᠯ ᠢ ᠬᠦᠯᠢᠶᠡᠬᠦ ᠮᠡᠲᠦ ᠪᠣᠯᠪᠠᠴᠤ ᠥᠪᠡᠷ ᠢᠶᠡᠨ ᠪᠠᠰᠠ ᠦᠯᠦ ᠮᠡᠳᠡᠨ᠎ᠡ᠃ ᠵᠦᠭᠡᠯᠡᠨ ᠰᠠᠯᠬᠢᠨ ᠳᠤ ᠰᠠᠷᠪᠠᠯᠵᠠᠨ ᠬᠡᠢᠰᠦᠭᠰᠡᠨ ᠰᠠᠨᠴᠢᠭ ᠤᠨ ᠦᠰᠦ ᠨᠢ ᠨᠢᠳᠤᠨᠤᠨ ᠡᠴᠡ ᠬᠣᠯᠠ ᠢᠯᠡᠭᠦᠦ ᠴᠠᠢᠵᠠᠢ᠃

ᠴᠤᠪᠤᠭ᠎ᠠ ᠵᠠᠮ ᠢᠶᠡᠷ ᠪᠠᠰᠠ ᠬᠠᠭᠠᠰ ᠪᠤᠭᠤᠷᠤᠯᠳᠤᠭᠰᠠᠨ ᠲᠣᠯᠤᠭᠠᠢ ᠲᠠᠢ᠂ ᠬᠠᠭᠤᠴᠢᠨ ᠬᠤᠪᠴᠠᠰᠤ ᠲᠠᠢ ᠨᠢᠭᠡᠨ ᠪᠦᠰᠡᠭᠦᠢ᠂ ᠬᠠᠭᠤᠴᠢᠨ ᠤᠯᠠᠭᠠᠨ ᠲᠣᠭᠤᠷᠢᠭ ᠰᠠᠭᠰᠤ ᠲᠣᠬᠤᠢᠯᠠᠵᠤ᠂ ᠭᠤᠷᠪᠠ ᠠᠯᠬᠤᠨ ᠨᠢᠭᠡ ᠠᠮᠠᠷᠠᠭᠰᠠᠭᠠᠷ ᠠᠢᠰᠤᠢ᠃ ᠲᠡᠷᠡ ᠪᠦᠰᠡᠭᠦᠢ ᠬᠤᠸᠠ ᠳ᠋ᠠ ᠮᠠ ᠡᠵᠢ ᠶᠢᠨ ᠭᠠᠵᠠᠷ ᠰᠠᠭᠤᠭᠠᠳ ᠲᠡᠭᠦᠨ ᠢ ᠬᠠᠷᠠᠵᠤ ᠪᠠᠢᠬᠤ ᠶᠢ ᠭᠡᠨᠡᠳᠲᠡ ᠦᠵᠡᠭᠡᠳ ᠪᠠᠬᠠᠨ ᠲᠦᠳᠡᠭᠡᠯᠵᠡᠵᠦ᠂ ᠵᠡᠪᠡᠬᠡᠢ ᠴᠠᠭᠠᠨ ᠴᠢᠷᠠᠢ ᠳᠡᠭᠡᠷ᠎ᠡ ᠨᠢ ᠢᠴᠢᠵᠦ ᠰᠢᠷᠪᠡᠭᠡᠲᠦᠬᠦ ᠪᠠᠢᠳᠠᠯ ᠢᠯᠡᠷᠡᠭᠰᠡᠨ ᠪᠣᠯᠪᠠᠴᠤ ᠠᠷᠭ᠎ᠠ ᠪᠤᠶᠤ ᠨᠢᠭᠤᠷ ᠢᠶᠡᠨ ᠰᠢᠷᠢᠯᠡᠨ ᠵᠡᠭᠦᠨ ᠭᠠᠷ ᠲᠠᠯ᠎ᠠ ᠶᠢᠨ ᠨᠢᠭᠡᠨ ᠰᠢᠨᠡᠬᠡᠨ ᠪᠣᠯᠠᠰᠢᠨ ᠤ ᠳᠡᠷᠭᠡᠲᠡ ᠠᠯᠬᠤᠵᠤ ᠣᠴᠢᠭᠠᠳ ᠰᠠᠭᠰᠤ ᠪᠠᠨ ᠲᠠᠯᠪᠢᠪᠠ᠃

ᠲᠡᠷᠡ ᠪᠤᠯᠠᠰᠢ᠂ ᠰᠢᠶᠣᠣ ᠱᠤᠸᠠᠨ ᠤ ᠪᠤᠯᠠᠰᠢ ᠲᠠᠢ ᠨᠢᠭᠡᠨ ᠱᠤᠭᠤᠮ ᠳᠡᠭᠡᠷ᠎ᠡ ᠵᠡᠷᠭᠡᠴᠡᠵᠦ᠂ ᠵᠥᠪᠬᠡᠨ ᠨᠢᠭᠡ ᠴᠤᠪᠤᠭ᠎ᠠ ᠵᠠᠮ ᠢ ᠬᠠᠪᠴᠢᠵᠤ ᠪᠠᠢᠨ᠎ᠠ᠃ ᠬᠤᠸᠠ ᠳ᠋ᠠ ᠮᠠ ᠡᠵᠢ ᠲᠡᠭᠦᠨ ᠢ ᠳᠥᠷᠪᠡᠨ ᠲᠠᠪᠠᠭ ᠵᠠᠭᠤᠰᠢ᠂ ᠨᠢᠭᠡ ᠠᠶᠠᠭ᠎ᠠ ᠪᠤᠳᠠᠭ᠎ᠠ ᠪᠠᠨ ᠥᠷᠦᠭᠡᠦᠨ ᠨᠢᠭᠡ ᠪᠦᠯᠦᠭ ᠤᠬᠢᠯᠠᠵᠤ ᠴᠠᠭᠠᠰᠤᠨ ᠵᠣᠭᠤᠰ ᠢᠶᠡᠨ ᠰᠢᠲᠠᠭᠠᠬᠤ ᠶᠢ ᠦᠵᠡᠭᠡᠳ«ᠡᠨᠡ ᠪᠣᠯᠠᠰᠢᠨ ᠳᠣᠲᠤᠷ᠎ᠠ ᠪᠠᠰᠠ ᠬᠦᠦ ᠨᠢ ᠪᠠᠢᠨ᠎ᠠ» ᠭᠡᠵᠦ ᠰᠡᠮᠡᠭᠡᠷ ᠪᠣᠳᠤᠨ᠎ᠠ᠃ ᠲᠡᠷᠡ ᠪᠦᠰᠡᠭᠦᠢ ᠡᠰᠢ ᠲᠡᠰᠢ ᠪᠠᠬᠠᠨ ᠠᠵᠢᠭᠯᠠᠭᠠᠳ᠂ ᠬᠥᠯ ᠭᠠᠷ ᠨᠢ ᠭᠡᠨᠡᠳᠲᠡ ᠴᠡᠴᠡᠷᠡᠵᠦ ᠬᠠᠢᠪᠠᠩ ᠳᠠᠢᠪᠠᠩ ᠬᠢᠵᠤ ᠬᠡᠳᠦᠨ ᠠᠯᠬᠤᠮ ᠤᠬᠤᠷᠢᠭᠠᠳ ᠨᠢᠳᠦ ᠪᠡᠨ ᠪᠦᠯᠲᠡᠢᠯᠭᠡᠵᠦ ᠪᠠᠬᠠᠨ ᠠᠶᠤᠭᠰᠠᠨ ᠪᠠᠢᠳᠠᠯ ᠭᠠᠷᠭᠠᠨ᠎ᠠ᠃

ᠬᠤᠸᠠ ᠳᠠ ᠮᠠ ᠡᠵᠢ᠂ ᠡᠨᠡ ᠪᠠᠢᠳᠠᠯ ᠢ ᠦᠵᠡᠭᠡᠳ ᠲᠡᠭᠦᠨ ᠢ ᠬᠡᠲᠦᠷᠬᠡᠢ ᠵᠣᠪᠠᠵᠤ ᠰᠣᠯᠢᠶᠠᠷᠠᠬᠤ ᠡᠴᠡ ᠪᠣᠯᠭᠤᠮᠵᠢᠯᠠᠨ ᠲᠡᠰᠭᠡᠯ ᠦᠭᠡᠢ ᠪᠣᠰᠴᠤ ᠵᠣᠭᠰᠤᠭᠠᠳ ᠴᠤᠪᠤᠭ᠎ᠠ ᠵᠠᠮ ᠢ ᠣᠭᠲᠤᠯᠵᠤ ᠳᠡᠷᠭᠡᠲᠡ ᠨᠢ ᠣᠴᠢᠭᠠᠳ ᠲᠣᠣᠷ᠎ᠠ ᠳᠠᠭᠤᠨ ᠢᠶᠡᠷ᠄«ᠨᠠᠰᠤᠲᠠᠢ ᠡᠵᠢ ᠲᠠ ᠪᠤᠤ ᠶᠡᠬᠡ ᠵᠣᠪᠠ᠂ ᠬᠠᠷᠢᠵᠠᠭᠠᠶ᠎ᠠ ᠣᠳᠣ» ᠬᠡᠪᠡ᠃

ᠲᠡᠷᠡ ᠬᠦᠮᠦᠨ ᠲᠣᠯᠤᠭᠠᠢ ᠪᠠᠨ ᠳᠣᠬᠢᠭᠰᠠᠨ ᠪᠣᠯᠪᠠᠴᠤ ᠨᠢᠳᠦ ᠪᠡᠨ ᠮᠦᠨ ᠪᠦᠯᠲᠡᠢᠯᠭᠡᠵᠦ ᠲᠣᠣᠷ᠎ᠠ ᠳᠠᠭᠤ ᠪᠠᠷ ᠡᠭᠡᠷᠡᠵᠦ ᠲᠡᠬᠡᠳᠡᠭᠰᠡᠭᠡᠷ᠄«ᠴᠢ ᠦᠵᠡ - ᠡᠨᠡ ᠴᠢᠨᠢ ᠶᠠᠭᠤ ᠭᠡᠭᠴᠢ ᠪᠤᠢ︖» ᠬᠡᠪᠡ᠃

ᠬᠤᠸᠠ ᠲᠠ ᠮᠠ ᠡᠵᠢ ᠲᠡᠭᠦᠨ ᠦ ᠬᠤᠷᠤᠭᠤ ᠪᠠᠷ ᠵᠢᠭᠠᠭᠰᠠᠨ ᠴᠢᠭ᠌ ᠲᠦ ᠬᠠᠷᠠᠬᠤᠯ᠎ᠠ ᠬᠠᠷᠠᠴᠠ ᠨᠢ ᠡᠮᠦᠨᠡᠬᠢ ᠲᠡᠷᠡ ᠪᠣᠯᠠᠰᠢᠨ ᠳᠡᠭᠡᠷ᠎ᠡ ᠳᠣᠰᠤᠯ᠎ᠠ᠃ ᠡᠨᠡ ᠪᠣᠯᠠᠰᠢᠨ ᠤ ᠳᠡᠭᠡᠷᠡᠬᠢ ᠡᠪᠡᠰᠦᠨ ᠦ ᠦᠨᠳᠦᠰᠦ ᠨᠢ ᠭᠦᠢᠴᠡᠳ ᠡᠳᠡᠭᠡᠷᠡᠭᠡᠳᠦᠢ ᠲᠤᠯᠠ ᠬᠡᠰᠡᠭ᠌ ᠬᠡᠰᠡᠭ᠌ ᠰᠢᠷ᠎ᠠ ᠰᠢᠷᠤᠢ ᠨᠤᠭᠤᠳ ᠠᠷᠵᠠᠢᠵᠤ ᠮᠠᠰᠢ ᠦᠵᠡᠮᠵᠢ ᠦᠭᠡᠢ ᠪᠠᠢᠪᠠ᠃ ᠭᠡᠲᠡᠯ᠎ᠡ ᠳᠠᠬᠢᠨ ᠯᠠᠪᠳᠠᠭᠤᠯᠠᠨ ᠦᠵᠡᠭᠡᠳ ᠶᠡᠬᠡ ᠯᠡ ᠰᠣᠴᠢᠪᠠ᠂᠃ ᠤᠴᠢᠷ ᠨᠢ᠂ ᠤᠯᠠᠭᠠᠨ ᠴᠠᠭᠠᠨ ᠨᠢ ᠢᠯᠭᠠᠷᠠᠭᠰᠠᠨ ᠰᠠᠢᠬᠠᠨ ᠴᠡᠴᠡᠭ ᠦᠨ ᠴᠠᠭᠠᠷᠢᠭ ᠲᠡᠷᠡ ᠪᠣᠯᠠᠰᠢᠨ ᠤ ᠱᠣᠪᠤᠭᠤᠷ ᠣᠷᠤᠢ ᠶᠢ ᠪᠦᠰᠡᠯᠡᠭᠰᠡᠨ ᠪᠠᠢᠪᠠ᠃

ᠲᠡᠳᠡᠨ ᠦ ᠨᠢᠳᠦᠨ ᠦ ᠭᠠᠯ ᠮᠠᠭᠤᠲᠠᠭᠰᠠᠨ ᠪᠣᠯᠪᠠᠴᠤ ᠡᠨᠡ ᠤᠯᠠᠭᠠᠨ ᠴᠠᠭᠠᠨ ᠴᠡᠴᠡᠭ᠌ ᠦᠳ ᠨᠢᠳᠦᠨ ᠳᠤᠨᠢ ᠲᠣᠳᠤ ᠬᠠᠷᠠᠭᠳᠠᠨ᠎ᠠ᠂ ᠴᠡᠴᠡᠭ ᠨᠢ ᠲᠡᠳᠦᠢ ᠠᠷᠪᠢᠨ ᠪᠢᠰᠢ ᠪᠦᠭᠡᠳ ᠴᠣᠭ ᠰᠦᠯᠳᠡ ᠮᠠᠭᠤᠲᠠᠢ ᠪᠣᠯᠪᠠᠴᠤ ᠲᠥᠪ ᠲᠦᠭᠦᠷᠢᠭ᠌ ᠴᠠᠭᠠᠷᠢᠭ ᠪᠣᠯᠵᠤ ᠮᠠᠰᠢ ᠵᠢᠭᠳᠡ ᠴᠡᠪᠡᠷᠬᠡᠨ ᠪᠠᠢᠯ᠎ᠠ᠃ ᠬᠤᠸᠠ ᠳ᠋ᠠ ᠮᠠ ᠡᠵᠢ ᠬᠦᠦ ᠶᠢᠨ ᠢᠶᠡᠨ ᠪᠠ ᠪᠤᠰᠤᠳ ᠤᠨ ᠪᠤᠯᠠᠰᠢ ᠶᠢ ᠶᠠᠭᠠᠷᠠᠨ ᠠᠵᠢᠭᠯᠠᠪᠠᠯ ᠬᠠᠷᠢᠨ ᠬᠥᠬᠡᠪᠲᠦᠷ ᠴᠠᠭᠠᠨ ᠥᠩᠭᠡᠲᠡᠢ ᠬᠡᠳᠦᠨ ᠪᠢᠴᠢᠬᠠᠨ ᠥᠯᠴᠢᠷ ᠴᠡᠴᠡᠭ᠌ ᠦᠳ ᠡᠨᠳᠡ ᠲᠡᠨᠳᠡ ᠳᠡᠯᠭᠡᠷᠡᠭᠰᠡᠨ ᠬᠠᠷᠠᠭᠳᠠᠨ᠎ᠠ᠃ ᠡᠭᠦᠨ ᠢ ᠦᠵᠡᠭᠡᠳ ᠳᠣᠲᠤᠷ᠎ᠠ ᠨᠢ ᠡᠪ ᠦᠭᠡᠢ ᠣᠷᠬᠢᠵᠤ ᠨᠠᠷᠢᠪᠴᠢᠯᠠᠨ ᠠᠵᠢᠭᠯᠠᠬᠤ ᠳᠤᠷ᠎ᠠ ᠦᠭᠡᠢ ᠪᠣᠯᠪᠠ᠃ ᠲᠡᠷᠡ ᠪᠦᠰᠡᠭᠦᠢ ᠪᠠᠰᠠ ᠤᠷᠤᠭᠰᠢ ᠪᠠᠨ ᠬᠡᠳᠦ ᠠᠯᠬᠤᠨ ᠣᠴᠢᠵᠤ ᠠᠵᠢᠭᠯᠠᠭᠠᠳ᠄«ᠡᠨᠡ ᠴᠡᠴᠡᠭ᠌ ᠦᠳ ᠦᠨᠳᠦᠰᠦ ᠦᠭᠡᠢ᠂ ᠥᠪᠡᠷ ᠢᠶᠡᠨ ᠳᠡᠯᠭᠡᠷᠡᠭᠰᠡᠨ ᠶᠠᠩᠵᠤ ᠦᠭᠡᠢ᠃ - ᠡᠨᠳᠡ ᠬᠡᠨ ᠢᠷᠡᠬᠦ ᠪᠤᠢ︖ ᠬᠡᠦᠬᠡᠳ ᠢᠷᠡᠵᠦ ᠨᠠᠭᠠᠳᠬᠤ ᠦᠭᠡᠢ᠃ - ᠲᠥᠷᠦᠯ ᠰᠠᠳᠤᠨ ᠴᠤ ᠬᠡᠳᠦᠢᠨ ᠢᠷᠡᠬᠦ ᠪᠡᠨ ᠪᠣᠯᠢᠭᠰᠠᠨ᠃ - ᠴᠣᠬᠤᠮ ᠶᠠᠭᠤ ᠭᠡᠭᠴᠢ ᠨᠢ ᠡᠨᠡ ᠪᠤᠢ︖» ᠭᠡᠵᠦ ᠪᠣᠳᠤᠵᠤ ᠪᠠᠢᠭᠠᠳ ᠭᠡᠨᠡᠳᠲᠡ ᠨᠢᠯᠪᠤᠰᠤ ᠤᠨᠠᠭᠠᠵᠤ ᠶᠡᠬᠡ ᠳᠠᠭᠤᠨ ᠢᠶᠡᠷ᠄

«ᠢᠦᠢ ᠡᠯ ᠮᠢᠨᠢ ᠡ᠂ ᠲᠡᠳᠡ ᠴᠢᠮᠠᠢ ᠬᠢᠯᠢᠰ ᠮᠤᠰᠭᠢᠵᠠᠢ᠃ ᠴᠢ ᠲᠡᠭᠦᠨ ᠢ ᠮᠠᠷᠲᠠᠬᠤ ᠦᠭᠡᠢ ᠭᠤᠨᠢᠭᠯᠠᠵᠤ ᠲᠡᠰᠬᠦ ᠦᠭᠡᠢ ᠳᠡᠭᠡᠨ ᠡᠨᠡ ᠡᠳᠦᠷ ᠣᠨᠴᠤᠭᠤᠢᠯᠠᠨ ᠨᠠᠳᠠ ᠨᠢᠭᠡ ᠲᠡᠮᠳᠡᠭ ᠮᠡᠳᠡᠭᠳᠡᠪᠡ ᠦᠦ︖» ᠬᠡᠪᠡ᠃ ᠴᠢᠩᠭᠢᠭᠡᠳ ᠳᠥᠷᠪᠡᠨ ᠲᠡᠰᠢ ᠠᠵᠢᠭᠯᠠᠵᠤ ᠭᠠᠭᠴᠠᠬᠠᠨ ᠬᠠᠷ᠎ᠠ ᠬᠡᠷᠢᠶ᠎ᠡ ᠬᠤᠪᠠᠬᠠᠢ ᠮᠣᠳᠤᠨ ᠳᠡᠭᠡᠷ᠎ᠡ ᠰᠠᠭᠤᠵᠤ ᠪᠠᠢᠬᠤ ᠶᠢ ᠦᠵᠡᠭᠡᠳ«ᠪᠢ ᠮᠡᠳᠡᠯ᠎ᠡ᠃ - ᠢᠦᠢ ᠡᠯ ᠮᠢᠨᠢ ᠡ᠂ ᠬᠥᠭᠡᠷᠦᠬᠦᠢ ᠴᠢᠮᠠᠢ ᠲᠡᠳᠡ ᠦᠭᠡᠢ ᠬᠢᠯ᠎ᠠ ᠰᠢᠤ᠃ ᠬᠣᠵᠢᠮ ᠲᠡᠳᠡ ᠡᠨᠡ ᠨᠢᠭᠦᠯ ᠢᠶᠡᠨ ᠶᠠᠭᠠᠬᠢᠪᠠᠴᠤ ᠠᠮᠰᠠᠬᠤ ᠶᠤᠮ ᠡ᠃ ᠲᠡᠭᠷᠢ ᠮᠡᠳᠡᠭ᠃ ᠴᠢ ᠨᠢᠭᠡᠨᠲᠡ ᠨᠢᠳᠦ ᠠᠨᠢᠵᠠᠢ᠃ - ᠴᠢ ᠦᠨᠡᠬᠡᠷ ᠡᠨᠳᠡ ᠪᠠᠢᠵᠤ ᠮᠢᠨᠦ ᠳᠠᠭᠤ ᠶᠢ ᠰᠣᠨᠤᠰᠴᠤ ᠪᠠᠢᠪᠠᠯ - ᠲᠡᠷᠡ ᠬᠡᠷᠢᠶ᠎ᠡ ᠶᠢ ᠪᠣᠯᠠᠰᠢᠨ ᠳᠡᠭᠡᠷ᠎ᠡ ᠪᠡᠨ ᠢᠷᠡᠭᠦᠯᠵᠦ ᠨᠠᠳᠠ ᠦᠵᠡᠭᠦᠯ» ᠬᠡᠪᠡ᠃

ᠵᠢᠪᠠᠷ ᠨᠠᠮᠳᠠᠭᠠᠳ ᠬᠤᠪᠠᠬᠠᠢ ᠡᠪᠡᠰᠦ ᠨᠤᠭᠦᠳ ᠵᠡᠰ ᠤᠲᠠᠰᠤ ᠮᠡᠲᠦ ᠭᠣᠵᠤᠢᠯᠴᠠᠨ᠎ᠠ᠃ ᠨᠢᠭᠡ ᠵᠤᠷᠪᠤᠰ ᠴᠡᠴᠡᠷᠬᠢᠯᠡᠭᠰᠡᠨ ᠠᠪᠢᠶ᠎ᠠ᠂ ᠬᠥᠨᠳᠡᠢ ᠣᠭᠲᠠᠷᠭᠤᠢ ᠳᠤ ᠵᠢᠩᠭᠢᠨᠡᠭᠰᠡᠭᠡᠷ ᠤᠯᠠᠮ ᠢᠶᠡᠷ ᠨᠠᠷᠢᠰᠴᠤ ᠠᠯᠠᠭ᠎ᠠ ᠪᠣᠯᠤᠯ᠎ᠠ᠃ ᠡᠷᠭᠢᠨ ᠲᠣᠭᠤᠷᠢᠨ ᠦᠬᠦᠭᠰᠡᠨ ᠮᠡᠲᠦ ᠴᠢᠮᠡᠭᠡ ᠠᠨᠢᠷ ᠦᠭᠡᠢ ᠪᠣᠯᠪᠠ᠃ ᠬᠤᠪᠠᠬᠠᠢ ᠡᠪᠡᠰᠦᠨ ᠳᠣᠲᠤᠷ᠎ᠠ ᠬᠣᠶᠠᠷ ᠡᠮᠡᠭᠡᠨ ᠲᠡᠷᠢᠭᠦᠨ ᠢᠶᠡᠨ ᠡᠷᠭᠦᠵᠦ ᠬᠡᠷᠢᠶ᠎ᠡ ᠶᠢ ᠠᠵᠢᠭᠯᠠᠨ ᠵᠣᠭᠰᠤᠬᠤ ᠳᠤ ᠲᠡᠷᠡ ᠬᠡᠷᠢᠶ᠎ᠡ ᠮᠦᠨ ᠬᠦ ᠮᠣᠳᠤᠨ ᠤ ᠬᠤᠪᠠᠬᠠᠢ ᠰᠠᠯᠠᠭ᠎ᠠ ᠨᠤᠭᠤᠳ ᠤᠨ ᠳᠤᠮᠳᠠ ᠰᠢᠷᠡᠮᠦ ᠪᠡᠷ ᠴᠢᠳᠬᠤᠭᠰᠠᠨ ᠮᠡᠲᠦ ᠬᠦᠵᠦᠭᠦᠦ ᠪᠡᠨ ᠠᠲᠤᠷᠢᠭᠤᠯᠵᠤ ᠬᠥᠳᠡᠯᠦᠯ ᠦᠭᠡᠢ ᠰᠠᠭᠤᠨ᠎ᠠ᠃

ᠪᠠᠬᠠᠨ ᠤᠳᠠᠬᠤ ᠳᠤ᠂ ᠪᠣᠯᠠᠰᠢᠨ ᠳᠡᠭᠡᠷ᠎ᠡ ᠢᠷᠡᠬᠦ ᠬᠦᠮᠦᠰ ᠤᠯᠠᠮ ᠢᠶᠡᠷ ᠣᠯᠠᠰᠢᠷᠠᠵᠤ᠂ ᠡᠪᠦᠭᠡᠳ ᠬᠡᠦᠬᠡᠳ ᠪᠤᠯᠠᠰᠢ ᠨᠤᠭᠤᠳ ᠤᠨ ᠳᠤᠮᠳᠠᠭᠤᠷ ᠦᠵᠡᠭᠳᠡᠭᠰᠡᠭᠡᠷ ᠪᠠᠢᠯ᠎ᠠ᠃ ᠬᠤᠸᠠ ᠳ᠋ᠠ ᠮᠠ ᠡᠵᠢ ᠬᠡᠷᠬᠢᠭᠰᠡᠨ ᠢ ᠪᠤᠤ ᠮᠡᠳᠡ᠂ ᠶᠠᠭ ᠬᠦᠨᠳᠦ ᠠᠴᠢᠶ᠎ᠠ ᠪᠠᠨ ᠪᠠᠭᠤᠯᠭᠠᠭᠰᠠᠨ ᠮᠡᠲᠦ ᠬᠥᠩᠭᠡᠷᠡᠨ«ᠣᠳᠣ ᠬᠠᠷᠢᠵᠠᠭᠠᠶ᠎ᠠ» ᠭᠡᠵᠦ ᠢᠳᠬᠠᠵᠤ ᠪᠠᠢᠯ᠎ᠠ᠃

ᠲᠡᠷᠡ ᠪᠦᠰᠡᠭᠦᠢ ᠰᠠᠨᠠᠭ᠎ᠠ ᠠᠯᠳᠠᠵᠤ᠂ ᠨᠣᠭᠤᠭ᠎ᠠ ᠪᠤᠳᠠᠭ᠎ᠠ ᠪᠠᠨ ᠤᠷᠮ᠎ᠠ ᠦᠭᠡᠢ ᠬᠤᠷᠢᠶᠠᠨ ᠠᠪᠴᠤ᠂ ᠪᠠᠬᠠᠨ ᠲᠦᠳᠡᠭᠡᠯᠵᠡᠰᠬᠢᠭᠡᠳ ᠠᠮᠠᠨ ᠳ᠋ᠠᠭᠠᠨ ᠪᠠᠰᠠ᠄«ᠴᠣᠬᠤᠮ ᠶᠠᠭᠤ ᠭᠡᠭᠴᠢ ᠨᠢ ᠡᠨᠡ ᠪᠤᠢ︖ ᠁» ᠭᠡᠵᠦ ᠳᠦᠳᠦᠨᠡᠭᠰᠡᠭᠡᠷ ᠭᠤᠨᠢᠷᠠᠨ ᠪᠤᠴᠠᠯ᠎ᠠ᠃

ᠲᠡᠳᠡ ᠬᠣᠶᠠᠷ ᠢ ᠬᠣᠷᠢ ᠭᠤᠴᠢᠨ ᠠᠯᠬᠤᠮ ᠶᠠᠪᠤᠭᠠᠳᠤᠢ ᠪᠠᠢᠬᠤ ᠳᠤ ᠭᠡᠨᠡᠳᠲᠡ ᠠᠷᠤ ᠳ᠋ᠤᠨᠢ«ᠭᠤᠸᠠᠳ» ᠭᠡᠬᠦ ᠳᠠᠭᠤ ᠭᠠᠷᠤᠯ᠎ᠠ᠃ ᠡᠷᠭᠢᠵᠦ ᠬᠠᠷᠠᠬᠤᠯ᠎ᠠ ᠥᠨᠥ ᠬᠡᠷᠢᠶ᠎ᠡ ᠵᠢᠭᠦᠷ ᠢᠶᠡᠨ ᠳᠡᠯᠭᠡᠨ᠂ ᠬᠣᠶᠠᠷ ᠬᠥᠯ ᠢᠶᠡᠨ ᠬᠣᠢᠰᠢ ᠲᠡᠢᠷᠦᠮᠡᠭᠴᠡ ᠠᠯᠤᠰ ᠤᠨ ᠣᠭᠲᠠᠷᠭᠤᠢ ᠶᠢ ᠴᠢᠭᠯᠡᠨ ᠬᠠᠷᠪᠤᠭᠰᠠᠨ ᠰᠣᠮᠤ ᠮᠡᠲᠦ ᠨᠢᠰᠤᠨ ᠣᠳᠤᠯ᠎ᠠ᠃

1919 ᠣᠨ ᠤ ᠳᠥᠷᠪᠡᠳᠦᠭᠡᠷ ᠰᠠᠷ᠎ᠠ

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082